ᠭᠡᠤᠭᠡᠳ ᠢ ᠬᠦᠳᠡᠯᠮᠤᠷᠢ ᠳᠤ ᠰᠤᠷᠭᠠᠬᠤ ᠶᠢᠨ ᠴᠢᠬᠤᠯᠠ ᠴᠢᠨᠠᠷ
ᠨᠡᠶᠢᠲᠡᠯᠡᠭᠰᠡᠨ ᠴᠠᠭ᠄
2021/2/22
                                         ᠠᠯᠲᠠᠨᠴᠢᠮᠡᠭ      ︽ᠬᠦᠮᠦᠠ ᠰᠠᠷᠮᠠᠭᠴᠢᠠ ᠠᠴᠠ ᠬᠤᠪᠢᠷᠠᠵᠦ ᠢᠷᠡᠬᠦ ᠳᠤ ᠬᠦᠳᠡᠯᠮᠤᠷᠢ ᠴᠢᠬᠤᠯᠠ ᠦᠢᠯᠡᠳᠦᠯ ᠦᠵᠡᠬᠦᠯᠵᠡᠢ︾ ᠭᠡᠳᠡᠭ᠃ ᠡᠨᠡ ᠪᠤᠯ ᠭᠦᠮᠦᠨ ᠲᠦᠷᠤᠯᠬᠢᠳᠠᠨ ᠤ ᠡᠭᠦᠰᠦᠯ ᠤᠨ ᠲᠤᠬᠠᠢ ᠬᠠᠮᠤᠭ ᠤᠨ ᠵᠦᠪ ᠤᠨᠤᠪᠴᠢᠳᠠᠢ ᠲᠠᠶᠢᠯᠪᠤᠷᠢ ᠪᠤᠯᠤᠨ᠎ᠠ᠃ ᠭᠡᠷᠡᠭ ᠳᠡᠭᠡᠷ᠎ᠡ ᠪᠠᠨ ᠬᠦᠮᠦᠠ ᠲᠦᠷᠦᠯᠬᠢᠳᠡᠡ ᠤᠷᠤᠰᠢᠠ ᠲᠤᠭᠳᠠᠨᠢᠵᠦ᠂ ᠬᠥᠭᠵᠢᠡ ᠪᠤᠵᠠᠭᠠᠢᠢᠷᠠᠵᠦ ᠦᠨᠦᠳᠦᠷ ᠲᠤ ᠲᠤᠯᠳᠠᠯ᠎ᠠ ᠬᠦᠳᠡᠯᠮᠤᠷᠢ ᠠᠴᠠ ᠰᠠᠯᠵᠦ ᠴᠢᠳᠠᠭ᠎ᠠ ᠦᠭᠡᠢ᠃ ᠨᠠᠶᠢᠭᠡᠮ ᠤᠨ ᠭᠦᠭᠵᠢᠯ ᠤᠨ ᠵᠤᠬᠢᠬᠤ ᠱᠠᠳᠤᠨ ᠳᠤ ᠬᠦᠳᠡᠯᠮᠤᠷᠢ ᠨᠢ ᠤᠶᠤᠠ ᠤ ᠬᠦᠳᠡᠯᠮᠤᠷᠢ ᠪᠤᠯᠤᠨ ᠪᠡᠶ᠎ᠡ ᠶᠢᠨ ᠬᠦᠳᠡᠯᠮᠤᠷᠢ ᠭᠡᠭᠦ ᠬᠤᠶᠠᠷ ᠲᠦᠷᠦᠯ ᠳᠤ ᠬᠤᠪᠢᠶᠠᠭᠳᠠᠭᠰᠠᠨ ᠪᠠᠶᠢᠳᠠᠭ᠃ ᠣᠳᠣᠬᠠᠨ ᠨᠠᠶᠢᠭᠡᠮ ᠲᠠᠶᠠᠭᠠᠷ ᠲᠤ ᠤᠶᠤᠠ ᠤ ᠬᠦᠳᠡᠯᠮᠤᠷᠢ ᠶᠢ ᠴᠢᠬᠤᠯᠠᠴᠢᠯᠠᠭᠠᠳ ᠪᠡᠶ᠎ᠡ ᠶᠢᠨ ᠬᠦᠳᠡᠯᠮᠤᠷᠢ ᠶᠢ ᠭᠦᠡᠭᠭᠡᠪᠴᠢᠯᠠᠭᠦ ᠭᠡᠯᠪᠠᠷᠢᠯ ᠨᠡᠶᠢᠳᠡᠮ ᠤᠷᠤᠰᠢᠵᠦ᠂ ᠪᠡᠶ᠎ᠡ ᠶᠢᠨ ᠬᠦᠳᠡᠯᠮᠤᠷᠢᠴᠢᠳ ᠢ ᠲᠤᠤᠷᠠᠰᠢᠶᠠᠬᠤ ᠪᠤᠶᠤ ᠬᠦᠳᠡᠯᠮᠤᠷᠢᠯᠡᠬᠦ ᠠᠴᠠ ᠬᠠᠯᠠᠰᠢᠷᠠᠬᠤ ᠬᠦᠮᠦᠨ ᠶᠠᠪᠤᠬᠤ ᠲᠤᠳᠤᠮ ᠤᠯᠠᠰᠢᠷᠠᠵᠤ ᠪᠠᠶᠢᠨ᠎ᠠ᠃ ᠲᠤᠬᠠᠢᠢᠯᠠᠪᠠᠯ᠂ ᠤᠯᠠᠩᠬᠢ ᠭᠡᠷ ᠤᠨ ᠠᠬᠠᠮᠠᠳ ᠦᠷ᠎ᠡ ᠭᠡᠤᠭᠡᠳ ᠢᠶᠠᠨ ᠬᠦᠳᠡᠭᠡ ᠪᠤᠶᠤ ᠲᠠᠷᠢᠶᠠᠯᠠᠬᠤ ᠮᠠᠯᠵᠢᠬᠤ ᠠᠮᠢᠳᠤᠷᠠᠯ ᠢ ᠬᠢᠯᠭᠡᠭᠦ ᠲᠤᠷ᠎ᠠ ᠦᠭᠡᠢ ᠪᠠᠶᠢᠵᠦ᠂ ᠬᠤᠳᠠ ᠤᠷᠤᠭᠤᠯᠵᠦ ᠠᠯᠪᠠᠠ ᠰᠢᠷᠡᠭᠡ ᠲᠦᠰᠢᠬᠦᠯᠬᠦ ᠬᠦᠭᠡᠭᠡᠴᠡᠯᠳᠦᠯ ᠤᠯᠠᠮ ᠢᠶᠠᠷ ᠶᠡᠭᠡᠰᠴᠦ ᠪᠠᠶᠢᠨ᠎ᠠ᠃ ᠭᠡᠳᠡᠯ᠎ᠡ ᠶᠠᠮᠠᠷᠪᠠ ᠨᠡᠶᠢᠭᠡᠮ ᠤᠨ ᠬᠦᠭᠵᠢᠯᠳᠠ ᠰᠢᠨᠡᠴᠢᠯᠡᠯᠳᠡ ᠨᠢ ᠬᠦᠮᠦᠰ ᠤᠨ ᠪᠡᠶ᠎ᠡ ᠶᠢᠨ ᠬᠦᠳᠡᠯᠮᠤᠷᠢ ᠶᠢ ᠬᠦᠩᠭᠡᠷᠠᠭᠦᠯᠵᠦ ᠴᠢᠳᠠᠭᠰᠠᠠ ᠠᠴᠠ ᠪᠢᠰᠢ᠂ ᠪᠡᠶ᠎ᠡ ᠶᠢᠨ ᠬᠦᠳᠡᠯᠮᠤᠷᠢ ᠠᠴᠠ ᠰᠠᠯᠭᠠᠵᠦ ᠴᠢᠳᠠᠭ᠎ᠠ ᠦᠭᠡᠢ᠃ ᠰᠢ ᠶᠢᠨ ᠫᠢᠩ ᠨᠦᠭᠦᠷ ᠪᠦᠬᠦ ᠤᠯᠤᠰ ᠤᠨ ᠰᠤᠷᠭᠠᠨ ᠬᠥᠮᠦᠵᠢᠯ ᠤᠨ ᠬᠤᠷᠠᠯ ᠲᠡᠭᠡᠷ᠎ᠠ ︽ᠲᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠰᠤᠷᠭᠠᠨ ᠬᠥᠮᠦᠵᠢᠯ ᠤᠨ ᠬᠦᠭᠵᠢᠯᠳᠡ ᠶᠢᠨ ᠵᠠᠮ ᠢ ᠪᠠᠷᠢᠮᠳᠠᠯᠠᠵᠦ ᠶᠣᠰᠤ ᠰᠤᠷᠳᠠᠬᠤᠨ᠂ ᠣᠶᠤᠨ ᠤᠬᠠᠭᠠᠨ᠂ ᠪᠡᠶ᠎ᠠ ᠮᠠᠬᠠᠪᠤᠳ᠂ ᠭᠤᠸ᠎ᠠ ᠰᠠᠶᠢᠬᠠᠨ᠂ ᠬᠥᠳᠡᠯᠮᠦᠷᠢ ᠪᠦᠬᠦ ᠲᠠᠯ᠎ᠠ ᠪᠠᠷ ᠬᠥᠭᠵᠢᠭᠰᠡᠨ ᠨᠡᠶᠢᠭᠡᠮ ᠵᠢᠷᠤᠮ ᠤᠨ ᠪᠦᠳᠦᠭᠡᠨ ᠪᠠᠶᠢᠭᠤᠯᠤᠭᠴᠢ ᠪᠣᠯᠤᠨ ᠵᠠᠯᠭᠠᠮᠵᠢᠯᠠᠭᠴᠢ ᠶᠢ ᠬᠥᠮᠦᠵᠢᠭᠦᠯᠬᠦ ᠭᠡᠷᠡᠭᠳᠡᠢ︾ ᠭᠡᠵᠦ ᠬᠥᠳᠡᠯᠮᠦᠷᠢ ᠶᠢᠨ ᠬᠥᠮᠦᠵᠢᠯ ᠢ ᠴᠢᠬᠤᠯᠠᠴᠢᠯᠠᠭᠰᠠᠨ ᠪᠠᠶᠢᠨ᠎ᠠ᠃ ᠪᠠᠭ᠎ᠠ ᠰᠤᠷᠭᠠᠭᠤᠯᠢ ᠶᠢᠨ ︽ᠶᠣᠰᠤ ᠮᠤᠷᠠᠯ ᠬᠢᠭᠡᠳ ᠠᠮᠢᠳᠤᠷᠠᠯ ᠤᠨ ᠬᠢᠴᠢᠶᠡᠯ ᠤᠨ ᠪᠠᠷᠢᠮᠵᠢᠶ᠎ᠠ︾ ᠳᠤ ︽ᠠᠷᠠᠳ ᠢᠷᠭᠡᠳ ᠤᠨ ᠰᠢᠯᠢᠳᠡᠭ ᠰᠠᠶᠢᠨ ᠶᠤᠰᠤ ᠮᠤᠷᠠᠯ ᠤᠨ ᠬᠡᠪ ᠴᠢᠨᠠᠷ ᠪᠠ ᠵᠤᠷᠢᠭᠳᠠᠢ ᠪᠠᠷ ᠬᠠᠶᠢᠨ ᠰᠤᠳᠤᠯᠤᠨ᠂ ᠰᠢᠨ᠎ᠠ ᠶᠢ ᠡᠭᠦᠳᠭᠦ ᠵᠤᠷᠢᠭ ᠰᠠᠨᠠᠭ᠎ᠠ ᠶᠢ ᠪᠦᠷᠢᠯᠳᠤᠭᠦᠯᠭᠦ︾ ᠱᠠᠭᠠᠷᠳᠠᠯᠭ᠎ᠠ ᠶᠢ ᠲᠠᠯᠪᠢᠵᠡᠢ᠃ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠡᠳᠦᠷ ᠲᠤᠳᠤᠮ ᠤᠨ ᠦᠢᠯᠡ ᠠᠵᠢᠯᠯᠠᠭᠠᠨ ᠤ ᠲᠦᠷᠢᠮᠵᠢᠯ ᠳᠤ ︽ᠥᠪᠡᠷ ᠤᠨ ᠬᠢᠵᠦ ᠴᠢᠳᠠᠬᠤ ᠠᠵᠢᠯ ᠢᠶᠠᠨ ᠥᠪᠡᠷ ᠢᠶᠠᠨ ᠬᠢᠵᠦ᠂ ᠭᠡᠷ ᠣᠷᠤᠨ᠂ ᠬᠤᠪᠴᠠᠰᠤ ᠬᠤᠨᠠᠷ ᠢᠶᠠᠨ ᠥᠪᠡᠷ ᠢᠶᠠᠨ ᠲᠢᠭᠯᠡᠵᠦ ᠰᠤᠷᠬᠤ ᠪᠥᠭᠡᠳ ᠠᠶᠠᠭ᠎ᠠ ᠰᠢᠨᠠᠭ᠎ᠠ ᠤᠭᠢᠶᠠᠬᠤ ᠵᠡᠷᠭᠡ ᠭᠡᠷ ᠤᠨ ᠬᠥᠳᠡᠯᠮᠦᠷᠢ ᠳᠤ ᠣᠷᠤᠯᠴᠠᠬᠤ ᠭᠡᠷᠡᠭᠳᠡᠢ︾ ᠭᠡᠵᠦ ᠲᠤᠭᠳᠠᠭᠠᠭᠰᠠᠨ ᠪᠠᠶᠢᠳᠠᠭ᠃ ︽ᠠᠵᠢᠯ ᠬᠢᠵᠦ ᠬᠦᠮᠦᠨ ᠪᠤᠯᠳᠠᠭ᠂ ᠠᠷᠦ ᠲᠠᠪᠠᠵᠦ ᠬᠦᠯᠦᠭ ᠪᠤᠯᠳᠠᠭ︾ ᠭᠡᠳᠡᠭᠴᠢᠯᠠᠨ ᠭᠡᠦᠭᠡᠳ ᠢ ᠪᠠᠭ᠎ᠠ ᠠᠴᠠ ᠨᠢ ᠠᠵᠢᠯ ᠬᠦᠳᠡᠯᠮᠦᠷᠢ ᠳᠤ ᠰᠤᠷᠭᠠᠬᠤ ᠨᠢ ᠦᠭᠡᠯᠡᠢ ᠪᠤᠯᠵᠦ ᠠᠵᠢᠯ ᠦᠢᠯᠡᠰ ᠪᠤᠰᠬᠠᠵᠦ᠂ ᠠᠵᠦ ᠲᠦᠷᠦᠨ ᠠᠮᠢᠳᠤᠷᠠᠬᠤ ᠰᠠᠶᠢᠨ ᠰᠠᠶᠢᠬᠠᠨ ᠲᠠᠳᠬᠠᠯ ᠪᠤᠯᠪᠠᠰᠤᠷᠠᠯ ᠤᠨ ᠰᠠᠭᠤᠷᠢ ᠶᠢ ᠲᠠᠯᠪᠢᠵᠦ ᠦᠭᠬᠦ ᠳᠤ ᠲᠦᠢᠯ ᠤᠨ ᠴᠢᠬᠤᠯᠠ ᠦᠢᠯᠡᠳᠦᠯ ᠲᠠᠢ ᠶᠤᠮ᠃      ᠨᠢᠭᠡ᠂ ᠭᠡᠦᠭᠡᠳ ᠢ ᠬᠦᠳᠡᠯᠮᠦᠷᠢ ᠳᠤ ᠰᠤᠷᠭᠠᠬᠤ ᠶᠢᠨ ᠴᠢᠬᠤᠯᠠ ᠴᠢᠨᠠᠷ      ᠭᠡᠤᠭᠡᠳ ᠤᠨ ᠠᠮᠢᠳᠤᠷᠠᠯ ᠤᠨ ᠲᠤᠷᠰᠢᠯᠭ᠎ᠠ ᠪᠤᠯ ᠰᠢᠯᠢᠳᠡᠭ ᠰᠠᠶᠢᠨ ᠶᠤᠰᠤ ᠮᠤᠷᠠᠯ ᠤᠨ ᠪᠦᠷᠢᠯᠳᠦᠯ ᠪᠠ ᠨᠡᠶᠢᠭᠡᠮᠴᠢ ᠴᠢᠨᠠᠷ ᠤᠨ ᠬᠢᠨᠢ ᠬᠦᠭᠵᠢᠯᠳᠠ ᠶᠢᠨ ᠰᠠᠭᠤᠷᠢ ᠮᠦᠠ᠃ ᠬᠦᠳᠡᠯᠮᠤᠷᠢ ᠠᠴᠠ ᠬᠦᠮᠦᠰ ᠤᠨ ᠪᠡᠶ᠎ᠠ ᠪᠠᠨ ᠲᠠᠭᠠᠭᠠᠬᠤ ᠴᠢᠳᠠᠪᠤᠷᠢ᠂ ᠦᠪᠡᠷ ᠪᠤᠰᠤᠳ ᠲᠤ ᠬᠠᠷᠢᠭᠤᠴᠠᠬᠤ ᠬᠠᠷᠢᠭᠤᠴᠠᠯᠭᠠᠳᠦ ᠰᠡᠳᠬᠢᠯ᠂ ᠵᠦᠪ ᠠᠮᠢᠳᠤᠷᠠᠬᠤᠢ ᠶᠢᠨ ᠦᠵᠡᠯᠳᠡ᠂ ᠡᠷᠬᠢᠮ ᠲᠡᠭᠡᠳᠦ ᠦᠵᠡᠯ ᠰᠤᠷᠳᠠᠯ᠂ ᠡᠷᠡᠬᠦᠯ ᠴᠢᠬᠢᠷᠠᠭ ᠬᠦᠮᠦᠨ ᠮᠦᠰᠦ ᠪᠦᠷᠢᠯᠳᠦᠠ ᠲᠤᠭᠳᠠᠳᠠᠭ᠃      1. ᠭᠡᠦᠭᠡᠳ ᠢ ᠬᠦᠳᠡᠯᠮᠦᠷᠢ ᠳᠤ ᠰᠤᠷᠭᠠᠬᠤ ᠨᠢ ᠪᠡᠶ᠎ᠠ ᠪᠠᠨ ᠲᠠᠭᠠᠭᠠᠵᠦ ᠰᠤᠷᠬᠤ ᠳᠤ ᠰᠠᠭᠤᠷᠢ ᠪᠤᠯᠳᠠᠭ᠃ ᠨᠢᠭᠡ ᠭᠡᠦᠭᠡᠳ ᠤᠨ ᠪᠡᠶ᠎ᠡ ᠪᠠᠨ ᠲᠠᠭᠠᠭᠠᠬᠤ ᠴᠢᠳᠠᠪᠤᠷᠢᠳᠠᠢ ᠡᠰᠡᠬᠦ ᠶᠢ ᠲᠡᠬᠦᠨ ᠤ ᠠᠵᠢᠯ ᠬᠦᠳᠡᠯᠮᠦᠷᠢ ᠶᠢ ᠬᠢᠷᠢ ᠵᠡᠷᠭᠡ ᠬᠢᠵᠦ ᠴᠢᠳᠠᠭᠰᠠᠨ ᠢᠶᠠᠷ ᠨᠢ ᠦᠨᠡᠯᠡᠳᠡᠭ ᠪᠠᠶᠢᠨ᠎ᠠ᠃ ᠵᠢᠱᠢᠶᠡᠯᠡᠪᠡᠯ᠄ ᠭᠠᠵᠠᠷ ᠢᠶᠠᠨ ᠰᠠᠶᠢᠬᠠᠨ ᠵᠦᠯᠬᠦᠴᠢᠭᠡᠳᠡᠭ ᠭᠡᠦᠭᠡᠳ ᠤᠷᠤ ᠪᠠᠨ ᠰᠠᠶᠢᠬᠠᠨ ᠲᠢᠭᠯᠡᠵᠦ ᠴᠢᠳᠠᠳᠠᠭ᠂ ᠲᠠᠰᠬᠠᠯ ᠢᠶᠠᠨ ᠠᠯᠳᠠᠯ ᠦᠭᠡᠢ ᠪᠡᠶᠡᠯᠡᠬᠦᠯᠴᠢᠭᠡᠳᠡᠭ ᠭᠡᠦᠭᠡᠳ ᠪᠤᠰᠤᠳ ᠤᠨ ᠭᠡᠯᠡᠭᠰᠡᠨ ᠦᠭᠡ ᠶᠢ ᠠᠮᠠᠷᠬᠠᠨ ᠤᠢᠢᠯᠠᠭᠠᠭᠠᠳ ᠬᠦᠯᠢᠶᠡᠨ ᠠᠪᠴᠢᠬᠠᠳᠠᠭ ᠪᠡᠶ᠎ᠠ ᠪᠠᠨ ᠡᠵᠡᠮᠳᠡᠵᠦ ᠴᠢᠳᠠᠭᠰᠠᠨ ᠭᠡᠦᠭᠡᠳ ᠪᠠᠶᠢᠳᠠᠭ᠃ ᠬᠦᠳᠡᠯᠮᠦᠷᠢ ᠠᠴᠠ ᠭᠡᠦᠭᠡᠳ ᠤᠴᠢᠷ ᠶᠠᠪᠤᠳᠠᠯ ᠢ ᠰᠢᠢᠳᠪᠦᠷᠢᠯᠡᠬᠦ ᠡᠪ ᠲᠡᠮ ᠢ ᠤᠯᠵᠦ ᠦᠪᠡᠷ ᠪᠤᠰᠤᠳ ᠤᠨ ᠬᠠᠷᠢᠴᠠᠭ᠎ᠠ ᠪᠠᠨ ᠡᠪᠯᠢᠭ ᠵᠤᠬᠢᠴᠠᠭᠤᠯᠬᠤ ᠵᠡᠷᠭᠡ ᠴᠢᠳᠠᠪᠤᠷᠢ ᠶᠢ ᠠᠶᠠᠨᠳᠠᠭᠠᠨ ᠣᠯᠵᠤ ᠪᠣᠯᠳᠠᠭ ᠪᠠᠶᠢᠨ᠎ᠠ᠃      2. ᠭᠡᠦᠭᠡᠳ ᠢ ᠬᠦᠳᠡᠯᠮᠦᠷᠢ ᠳᠤ ᠰᠤᠷᠭᠠᠬᠤ ᠨᠢ ᠦᠪᠡᠷ ᠪᠤᠰᠤᠳ ᠲᠤ ᠬᠠᠷᠢᠭᠤᠴᠠᠬᠤ ᠤᠬᠠᠮᠰᠠᠷᠳᠤ ᠰᠡᠳᠬᠢᠯᠭᠡ ᠶᠢ ᠪᠤᠢ ᠪᠤᠯᠭᠠᠳᠠᠭ᠃ ᠦᠪᠡᠷ ᠤᠨ ᠬᠦᠳᠡᠯᠮᠤᠷᠢ ᠶᠢᠨ ᠦᠷ᠎ᠡ ᠪᠦᠳᠦᠭᠡᠯ ᠢᠶᠠᠨ ᠦᠪᠡᠷ ᠢᠶᠠᠨ ᠯᠠ ᠬᠠᠮᠤᠭ ᠠᠴᠠ ᠨᠠᠨᠳᠢᠩᠨᠠᠳᠠᠬ ᠪᠤᠯᠬᠤᠷ ᠭᠡᠤᠭᠡᠳ ᠢ ᠬᠦᠳᠡᠯᠮᠤᠷᠢᠯᠡᠬᠦᠯᠵᠦ᠂ ᠬᠦᠳᠡᠯᠮᠤᠷᠢ ᠶᠢᠨ ᠦᠷ᠎ᠡ ᠪᠦᠳᠦᠭᠡᠯ ᠢ ᠨᠢ ᠬᠠᠷᠠᠭᠤᠯᠵᠦ᠂ ᠬᠦᠳᠡᠯᠮᠤᠷᠢᠯᠡᠬᠦ ᠶᠢᠨ ᠴᠢᠬᠤᠯᠠ ᠴᠢᠨᠠᠷ ᠢ ᠮᠡᠳᠡᠷᠡᠬᠦᠯᠬᠦ ᠭᠡᠷᠡᠭᠳᠡᠢ᠃ ᠦᠪᠡᠷ ᠤᠨ ᠢᠶᠠᠨ ᠬᠦᠳᠡᠯᠮᠤᠷᠢ ᠶᠢᠨ ᠦᠷ᠎ᠡ ᠪᠦᠳᠦᠭᠡᠯ ᠢ ᠬᠠᠶᠢᠷᠠᠯᠠᠵᠦ ᠴᠢᠳᠠᠪᠠᠯ᠂ ᠦᠷᠦᠭᠡᠯ ᠤᠨ ᠬᠦᠳᠡᠯᠮᠤᠷᠢ ᠶᠢ ᠣᠢᠢᠯᠠᠭᠠᠵᠦ᠂ ᠬᠦᠳᠡᠯᠮᠤᠷᠢ ᠶᠢ ᠬᠠᠶᠢᠷᠠᠯᠠᠬᠤ ᠤᠬᠠᠮᠰᠠᠷ ᠬᠦᠮᠦᠵᠢᠭᠳᠡᠵᠦ᠂ ᠡᠭᠦᠨ ᠤ ᠤᠯᠠᠮ ᠠᠴᠠ ᠠᠶᠠᠠᠳᠠᠭᠠᠠ ᠬᠠᠷᠢᠭᠤᠴᠠᠯᠭᠠᠳᠦ ᠰᠡᠳᠬᠢᠯᠭᠡ ᠬᠦᠮᠦᠵᠢᠭᠳᠡᠵᠦ ᠴᠢᠳᠠᠳᠠᠭ᠃ ᠵᠢᠱᠢᠶᠡᠯᠡᠪᠡᠯ᠄ ᠠᠩᠬᠢ ᠶᠢᠨ ᠵᠢᠵᠢᠬᠦᠷ ᠢᠶᠠᠨ ᠰᠠᠶᠢᠳᠤᠷ ᠬᠢᠵᠦ ᠴᠢᠨᠠᠷ ᠢ ᠪᠠᠳᠤᠯᠠᠵᠦ ᠴᠢᠳᠠᠭᠰᠠᠨ ᠭᠡᠦᠭᠡᠳ ᠪᠤᠰᠤᠳ ᠤᠨ ᠵᠢᠵᠢᠬᠦᠷ ᠢ ᠴᠦ ᠬᠦᠡᠳᠦᠳᠭᠡᠵᠦ ᠬᠤᠬ ᠨᠤᠪᠰᠢ ᠶᠢ ᠡᠷᠦᠢ ᠬᠤᠷᠤᠢ ᠦᠭᠡᠢ ᠬᠠᠶᠠᠬᠤ ᠦᠭᠡᠢ ᠪᠠᠶᠢᠵᠤ᠂ ᠠᠩᠬᠢ ᠶᠢᠨ ᠠᠷᠢᠭᠤᠨ ᠴᠡᠪᠡᠷ ᠢᠶᠠᠨ ᠪᠠᠳᠤᠯᠠᠬᠤ ᠬᠠᠷᠢᠭᠤᠴᠠᠯᠭᠠᠳᠦ ᠰᠡᠳᠬᠢᠯᠭᠡ ᠬᠦᠮᠦᠵᠢᠭᠳᠡᠳᠡᠭ ᠪᠠᠶᠢᠨ᠎ᠠ᠃      3. ᠭᠡᠦᠭᠡᠳ ᠢ ᠬᠦᠳᠡᠯᠮᠦᠷᠢ ᠳᠤ ᠰᠤᠷᠭᠠᠬᠤ ᠨᠢ ᠰᠠᠶᠢᠨ ᠰᠠᠶᠢᠬᠠᠨ ᠠᠮᠢᠳᠤᠷᠠᠵᠦ ᠰᠤᠷᠤᠯᠴᠠᠬᠤ ᠵᠠᠩ ᠲᠠᠳᠬᠠᠯ ᠤᠨ ᠪᠦᠷᠢᠯᠳᠦᠨ ᠲᠤᠭᠳᠠᠬᠤ ᠳᠤ ᠰᠠᠭᠤᠷᠢ ᠲᠠᠯᠪᠢᠵᠦ ᠦᠭᠳᠡᠭ᠃ ᠬᠦᠮᠦᠨ ᠤ ᠠᠮᠢᠳᠤᠷᠠᠯ ᠬᠦᠳᠡᠯᠮᠦᠷᠢ ᠲᠡᠭᠡᠷ᠎ᠠ ᠲᠤᠭᠳᠠᠳᠠᠭ᠃ ᠭᠡᠦᠭᠡᠳ ᠢ ᠡᠳᠦᠷ ᠪᠦᠷᠢ ᠤᠷᠤ ᠪᠠᠨ ᠬᠤᠷᠢᠶᠠᠬᠤ ᠠᠵᠢᠯ ᠢ ᠬᠢᠯᠭᠡᠬᠦ ᠪᠠᠷ ᠵᠢᠱᠢᠪᠡᠯ᠂ ᠡᠳᠦᠷ ᠪᠦᠷᠢ ᠡᠨᠡ ᠭᠦ ᠠᠵᠢᠯ ᠤᠨ ᠢᠶᠠᠨ ᠦᠷ᠎ᠠ ᠪᠦᠳᠦᠮᠵᠢ ᠶᠢ ᠪᠠᠳᠤᠯᠠᠵᠦ ᠲᠠᠬᠢᠨ ᠲᠠᠪᠳᠠᠬᠤ ᠠᠴᠠ ᠡᠬᠦᠷᠭᠡ ᠪᠠᠨ ᠮᠡᠳᠡᠷᠡᠵᠦ᠂ ᠭᠡᠦᠭᠡᠳ ᠲᠤ ᠬᠦᠯᠢᠴᠡᠩᠬᠦᠢ ᠲᠠᠭᠠᠭᠠᠮᠠᠭᠠᠢ᠂ ᠬᠦᠴᠢᠷ ᠢ ᠢᠯᠠᠨ ᠲᠠᠪᠠᠭ᠋ᠤ ᠤᠬᠠᠮᠰᠠᠷ ᠠᠶᠠᠨᠳᠠᠭᠠᠨ ᠪᠦᠷᠢᠯᠳᠦᠳᠡᠭ ᠤᠴᠢᠷ ᠠᠴᠠ ᠬᠦᠳᠡᠯᠮᠦᠷᠢ ᠪᠠᠷ ᠠᠮᠢᠳᠤᠷᠠᠯ ᠢᠶᠠᠨ ᠴᠤᠭᠴᠠᠯᠠᠬᠤ᠂ ᠪᠡᠶ᠎ᠠ ᠪᠠᠨ ᠲᠠᠭᠠᠭᠠᠵᠦ ᠠᠮᠢᠳᠤᠷᠠᠬᠤ ᠵᠡᠷᠭᠡ ᠠᠮᠢᠳᠤᠷᠠᠬᠤᠢ ᠶᠢᠨ ᠵᠦᠪ ᠦᠵᠡᠯᠳᠡ ᠪᠦᠷᠢᠯᠳᠦᠨ ᠲᠤᠭᠳᠠᠳᠠᠭ ᠪᠠᠶᠢᠨ᠎ᠠ᠃      4. ᠭᠡᠦᠭᠡᠳ ᠢ ᠬᠦᠳᠡᠯᠮᠦᠷᠢ ᠳᠤ ᠰᠤᠷᠭᠠᠬᠤ ᠨᠢ ᠡᠷᠡᠬᠦᠯ ᠴᠢᠬᠢᠷᠠᠭ ᠢᠶᠠᠷ ᠦᠰᠦᠨ ᠪᠤᠶᠢᠵᠢᠬᠤ ᠳᠤ ᠠᠰᠢᠭᠳᠠᠢ᠃ ᠬᠦᠮᠦᠨ ᠤ ᠠᠮᠢᠳᠤᠷᠠᠯ ᠤᠨ ᠬᠠᠮᠤᠭ ᠤᠨ ᠡᠷᠬᠢᠮ ᠨᠢ ᠪᠡᠶ᠎ᠠ ᠰᠡᠳᠬᠢᠴᠠ ᠶᠢᠨ ᠡᠷᠡᠬᠦᠯ ᠴᠢᠬᠢᠷᠠᠭ ᠤᠨ ᠠᠰᠠᠭᠤᠳᠠᠯ ᠪᠤᠯᠤᠨ᠎ᠠ᠃ ᠬᠤᠷᠢᠨ ᠵᠢᠯ ᠤᠨ ᠡᠮᠦᠨ᠎ᠠ ᠭᠡᠦᠭᠡᠳ ᠭᠠᠳᠠᠨ᠎ᠠ ᠲᠤᠭᠯᠠᠭᠠᠳ ᠭᠡᠷ ᠲᠤ ᠪᠠᠨ ᠲᠤᠭᠳᠠᠬᠤ ᠦᠭᠡᠢ ᠠᠪᠤ ᠡᠵᠢ ᠶᠢᠨ ᠰᠡᠳᠬᠢᠯ ᠤᠨ ᠵᠤᠪᠠᠯᠠᠩ ᠪᠤᠯᠳᠠᠭ ᠪᠠᠶᠢᠭᠰᠠᠨ ᠪᠤᠯ ᠦᠨᠦ ᠪᠤᠯᠬᠤ ᠳᠤ ᠭᠡᠦᠭᠡᠳ ᠭᠡᠷ ᠲᠤ ᠪᠠᠨ ᠰᠠᠭᠤᠭᠠᠳ ᠲᠧᠯᠸᠢᠰ᠂ ᠭᠠᠷ ᠤᠳᠠᠰᠦ ᠲᠠᠢ ᠠᠪᠤᠯᠴᠠᠭᠠᠳ ᠭᠠᠳᠠᠨ᠎ᠠ ᠭᠠᠷᠬᠤ ᠦᠭᠡᠢ ᠠᠪᠤ ᠡᠵᠢ ᠪᠠᠨ ᠵᠤᠪᠠᠭᠠᠳᠠᠭ ᠪᠤᠯᠵᠡᠢ᠃ ᠡᠨᠡ ᠪᠤᠯ ᠠᠪᠤ ᠡᠵᠢ ᠪᠤᠯᠤᠭᠰᠠᠳ ᠤᠨ ᠭᠡᠦᠭᠡᠳ ᠤᠨ ᠡᠷᠡᠬᠦᠯ ᠴᠢᠬᠢᠷᠠᠭ ᠤᠨ ᠲᠦᠯᠦᠭᠡᠨ ᠤ ᠰᠠᠨᠠᠭᠠᠰᠢᠷᠠᠯ ᠪᠤᠯᠤᠨ᠎ᠠ᠃ ︽ᠪᠡᠶ᠎ᠠ ᠪᠠᠶᠢᠪᠠᠯ ᠪᠡᠭᠡᠵᠢᠩ︾ ᠭᠡᠳᠡᠭ ᠢᠶᠠᠷ ᠡᠷᠡᠬᠦᠯ ᠴᠢᠬᠢᠷᠠᠭ ᠪᠡᠶ᠎ᠠ ᠰᠡᠳᠬᠢᠴᠡ ᠲᠠᠢ ᠪᠠᠶᠢᠪᠠᠯ ᠪᠠᠶᠠᠯᠡᠬᠦᠯᠵᠤ ᠴᠢᠳᠠᠰᠢ ᠦᠭᠡᠢ ᠦᠢᠯᠡ ᠭᠡᠵᠦ ᠦᠭᠡᠢ ᠶᠤᠮ᠃ ᠡᠶᠢᠮᠦ ᠠᠴᠠ ᠭᠡᠦᠭᠡᠳ ᠢ ᠬᠦᠳᠡᠯᠮᠦᠷᠢ ᠳᠤ ᠰᠤᠷᠭᠠᠬᠤ ᠨᠢ ᠪᠡᠶ᠎ᠠ ᠮᠠᠬᠠᠪᠤᠳ ᠢ ᠨᠢ ᠴᠢᠭᠢᠷᠠᠭᠵᠢᠭᠤᠯᠤᠨ᠂ ᠦᠵᠡᠯ ᠰᠡᠳᠬᠢᠴᠡ ᠶᠢ ᠨᠢ ᠲᠠᠪᠳᠠᠭᠤᠯᠳᠠᠭ ᠤᠴᠢᠷ ᠠᠴᠠ ᠬᠦᠳᠡᠯᠮᠦᠷᠢ ᠨᠢ ᠭᠡᠦᠭᠡᠳ ᠲᠤ ᠤᠯᠭᠤᠬᠤ ᠬᠠᠮᠤᠭ ᠤᠨ ᠰᠠᠶᠢᠨ ᠡᠷᠡᠭᠦᠯ ᠴᠢᠭᠢᠷᠠᠭ ᠤᠨ ᠬᠦᠴᠦᠨ ᠵᠦᠢᠯ ᠪᠣᠯᠳᠠᠭ᠃      5. ᠭᠡᠦᠭᠡᠳ ᠢ ᠬᠦᠳᠡᠯᠮᠦᠷᠢ ᠳᠤ ᠰᠤᠷᠭᠠᠬᠤ ᠨᠢ ᠡᠷᠬᠢᠮ ᠲᠡᠭᠡᠳᠦ ᠦᠵᠡᠯ ᠰᠡᠳᠬᠢᠯᠭᠡ ᠲᠠᠢ ᠪᠤᠯᠤᠨ ᠬᠦᠮᠦᠵᠢᠭᠳᠡᠬᠦ ᠳᠤ ᠴᠢᠬᠤᠯᠠ ᠨᠦᠯᠦᠭᠡ ᠦᠵᠡᠬᠦᠯᠳᠡᠭ᠃ ︽ᠬᠠᠯᠠ ᠦᠵᠡᠵᠦ ᠬᠠᠯᠠᠭᠤᠨ ᠴᠢᠯᠠᠭᠤ ᠲᠤᠯᠢᠶᠠᠭᠰᠠᠨ︾ ᠬᠦᠮᠦᠨ ᠰᠠᠶ᠋ᠢ ᠪᠤᠰᠤᠳ ᠤᠨ ᠵᠤᠪᠠᠯᠠᠩ ᠵᠦᠳᠡᠬᠦᠷᠢ ᠶᠢ ᠤᠢᠢᠯᠠᠭᠠᠵᠦ᠂ ᠦᠷᠦ ᠡᠪᠡᠳᠴᠦ ᠬᠠᠶᠢᠷᠠᠯᠠᠬᠤ᠂ ᠲᠤᠰᠠᠯᠠᠵᠦ ᠲᠡᠮᠵᠢᠬᠦ ᠨᠢ ᠠᠷᠪᠢᠨ ᠪᠠᠶᠢᠳᠠᠭ᠃ ᠡᠬᠦᠨ ᠢ ᠬᠦᠳᠡᠯᠮᠦᠷᠢ ᠠᠴᠠ ᠤᠯᠭᠤᠭᠰᠠᠨ ᠵᠦᠪ ᠠᠮᠢᠳᠤᠷᠠᠬᠤᠢ ᠶᠢᠨ ᠦᠵᠡᠯᠳᠡ᠂ ᠡᠷᠬᠢᠮ ᠲᠡᠭᠡᠳᠦ ᠬᠦᠮᠦᠨ ᠮᠦᠰᠦᠴᠢ ᠴᠢᠨᠠᠷ ᠮᠥᠨ ᠬᠡᠮᠡᠨ ᠦᠵᠡᠵᠦ ᠪᠤᠯᠤᠨ᠎ᠠ᠃ ᠡᠶᠢᠮᠦ ᠠᠴᠠ ᠭᠡᠦᠭᠡᠳ ᠢ ᠪᠠᠭ᠎ᠠ ᠠᠴᠠ ᠨᠢ ᠬᠦᠳᠡᠯᠮᠦᠷᠢ ᠳᠤ ᠰᠤᠷᠭᠠᠬᠤ ᠨᠢ ᠵᠦᠪ ᠶᠢᠷᠳᠢᠨᠴᠦ ᠶᠢᠨ ᠦᠵᠡᠯᠳᠡ ᠲᠠᠢ ᠪᠣᠯᠤᠨ ᠬᠥᠮᠦᠵᠢᠭᠳᠡᠬᠦ ᠳᠤ ᠭᠦᠨᠵᠡᠭᠡᠢ ᠨᠦᠯᠦᠭᠡ ᠦᠵᠡᠬᠦᠯᠳᠡᠭ ᠪᠠᠶᠢᠨ᠎ᠠ᠃ ᠵᠢᠱᠢᠶᠡᠯᠡᠪᠡᠯ᠄ ᠭᠡᠦᠭᠡᠳ ᠢ ᠬᠦᠳᠡᠭᠡ ᠠᠪᠠᠴᠢᠵᠦ ᠮᠠᠯ ᠠᠷᠠᠴᠢᠯᠠᠬᠤ ᠬᠦᠳᠡᠯᠮᠦᠷᠢ ᠳᠤ ᠤᠷᠤᠯᠴᠠᠭᠤᠯᠪᠠᠯ ᠭᠡᠦᠭᠡᠳ ᠭᠦᠳᠠᠯᠮᠤᠷᠢ ᠶᠢᠨ ᠭᠦᠨᠳᠤ ᠪᠡᠷᠭᠡ ᠶᠢ ᠮᠠᠳᠠᠭᠦ᠂ ᠲᠦᠯ ᠮᠠᠯ ᠲᠡᠵᠢᠭᠡᠬᠦ ᠦᠢᠯᠡ ᠠᠴᠠ ᠠᠮᠢᠳᠠᠨ ᠢ ᠬᠠᠶᠢᠷᠠᠯᠠᠬᠤ ᠁ ᠮᠡᠳᠦ ᠮᠤᠩᠭᠤᠯ ᠤᠨ ᠰᠢᠯᠢᠳᠡᠭ ᠵᠠᠩ ᠲᠠᠳᠬᠠᠯ᠂ ᠡᠷᠬᠢᠮ ᠲᠡᠭᠡᠳᠦ ᠦᠵᠡᠯ ᠰᠤᠷᠳᠠᠯ ᠢ ᠤᠢᠢᠯᠠᠭᠠᠵᠦ ᠴᠢᠳᠠᠬᠤ ᠶᠤᠮ᠃      6. ᠭᠡᠦᠭᠡᠳ ᠢ ᠬᠦᠳᠡᠯᠮᠦᠷᠢ ᠳᠤ ᠰᠤᠷᠭᠠᠬᠤ ᠨᠢ ᠠᠴᠢᠯᠠᠯ ᠡᠯᠪᠡᠷᠢᠯ ᠲᠠᠢ ᠬᠦᠮᠦᠨ ᠪᠤᠯᠭᠠᠨ ᠬᠦᠮᠦᠵᠢᠬᠦᠯᠬᠦ ᠳᠤ ᠰᠠᠭᠤᠷᠢ ᠲᠠᠯᠪᠢᠵᠦ ᠦᠭᠳᠡᠭ᠃ ᠠᠮᠢᠳᠤᠷᠠᠯ ᠤᠨ ᠠᠯᠢᠪᠠ ᠪᠠᠶᠠᠷ ᠴᠡᠩᠭᠡᠯ ᠨᠢ ᠪᠦᠷ ᠰᠢᠷᠭᠠᠭᠤ ᠬᠦᠳᠡᠯᠮᠦᠷᠢ ᠳᠤ ᠰᠠᠭᠤᠷᠢᠯᠠᠵᠦ ᠪᠠᠶᠢᠳᠠᠭ᠃ ᠭᠡᠦᠭᠡᠳ ᠬᠦᠳᠡᠯᠮᠦᠷᠢ ᠳᠤ ᠤᠷᠤᠯᠴᠠᠬᠤ ᠦᠶᠡᠰ ᠬᠦᠳᠡᠯᠮᠦᠷᠢᠯᠡᠵᠦ ᠪᠠᠶᠢᠭ᠎ᠠ ᠬᠦᠮᠦᠰ ᠤᠨ ᠵᠢᠳᠬᠦᠯ ᠢ ᠤᠯᠵᠦ ᠬᠠᠷᠠᠳᠠᠭ᠃ ᠦᠪᠡᠷ ᠢᠶᠠᠨ ᠬᠦᠳᠡᠯᠮᠦᠷᠢᠯᠡᠬᠦ ᠦᠶᠡᠰ ᠰᠠᠶ᠋ᠢ ᠪᠤᠰᠤᠳ ᠤᠨ ᠵᠢᠳᠬᠦᠯ ᠢ ᠮᠡᠳᠡᠷᠡᠵᠦ ᠴᠢᠳᠠᠳᠠᠭ ᠪᠤᠯᠬᠤᠷ ᠬᠦᠳᠡᠯᠮᠦᠷᠢ ᠶᠢᠨ ᠬᠦᠴᠢᠷ ᠪᠠ ᠬᠦᠳᠡᠯᠮᠦᠷᠢ ᠶᠢᠨ ᠦᠷ᠎ᠡ ᠪᠦᠳᠦᠭᠡᠯ ᠢ ᠬᠠᠶᠢᠷᠠᠯᠠᠬᠤ ᠶᠢ ᠮᠡᠳᠡᠷᠡᠵᠦ᠂ ᠦᠪᠡᠷ ᠪᠤᠰᠤᠳ ᠤᠨ ᠬᠦᠳᠡᠯᠮᠦᠷᠢ ᠶᠢ ᠬᠠᠶᠢᠷᠠᠯᠠᠬᠤ ᠠᠴᠠ ᠪᠤᠰᠤᠳ ᠢ ᠬᠦᠡᠳᠦᠳᠭᠡᠨ ᠪᠢᠰᠢᠷᠡᠬᠦ᠂ ᠪᠠᠶᠠᠷᠯᠠᠨ ᠲᠠᠯᠠᠷᠬᠠᠬᠤ ᠵᠡᠷᠭᠡ ᠦᠵᠡᠯ ᠰᠡᠳᠬᠢᠯᠭᠡ ᠪᠦᠷᠢᠯᠳᠦᠨ ᠲᠤᠭᠳᠠᠵᠦ ᠠᠪᠤ ᠡᠵᠢ ᠪᠠᠨ ᠬᠦᠡᠳᠦᠯᠡᠬᠦ᠂ ᠠᠬᠠᠰ ᠵᠠᠬᠠᠰ ᠢᠶᠠᠨ ᠠᠴᠢᠯᠠᠬᠤ ᠶᠢ ᠪᠦᠷᠢᠨ ᠤᠬᠠᠮᠰᠠᠷᠠᠵᠦ᠂ ᠠᠴᠢᠯᠠᠯ ᠵᠢᠷᠤᠮ ᠲᠠᠢ ᠬᠦᠮᠦᠨ ᠪᠤᠯᠤᠨ ᠬᠦᠮᠦᠵᠢᠭᠳᠡᠬᠦ ᠳᠤ ᠴᠢᠬᠤᠯᠠ ᠦᠢᠯᠡᠳᠦᠯ ᠦᠵᠡᠬᠦᠯᠳᠡᠭ᠃      ᠬᠤᠶᠠᠷ᠂ ᠭᠡᠤᠭᠡᠳ ᠢ ᠠᠵᠢᠯ ᠬᠦᠳᠡᠯᠮᠦᠷᠢ ᠳᠤ ᠲᠠᠭᠠᠭᠤᠯᠤᠨ ᠤᠷᠤᠯᠴᠠᠭᠤᠯᠵᠦ ᠠᠵᠢᠯᠴᠢ ᠬᠦᠳᠡᠯᠮᠦᠷᠢᠴᠢ ᠵᠠᠩ ᠲᠠᠳᠬᠠᠯ ᠲᠠᠢ ᠪᠤᠯᠭᠠᠨ ᠬᠦᠮᠦᠵᠢᠬᠦᠯᠬᠦ      1. ︽ᠬᠦᠳᠡᠯᠮᠤᠷᠢ ᠪᠤᠯ ᠦᠩᠭᠡ ᠭᠡᠷᠡᠯᠳᠡᠢ︾ ᠬᠡᠬᠦ ᠬᠦᠮᠦᠵᠢᠯ ᠢ ᠦᠢᠯᠡᠳᠦᠯᠭᠡ ᠪᠠᠷ ᠲᠠᠮᠵᠢᠭᠤᠯᠤᠠ ᠭᠡᠤᠭᠡᠳ ᠲᠤ ᠲᠠᠨᠢᠭᠤᠯᠬᠤ ᠭᠡᠷᠡᠭᠳᠡᠢ᠃ ᠪᠢᠳᠠᠨ ᠪᠠᠭ᠎ᠠ ᠪᠠᠶᠢᠬᠤ ᠳᠤ ᠬᠤᠨᠢ ᠬᠠᠷᠢᠭᠤᠯᠤᠭᠠᠳ ᠢᠷᠡᠬᠦ ᠳᠤ ᠬᠦᠮᠦᠨ ᠪᠦᠬᠦᠨ ︽ᠬᠤᠨᠢ ᠲᠤᠭᠳᠠᠪᠠ ᠤᠤ︖︾ ᠭᠡᠵᠦ ᠮᠡᠡᠳᠦᠴᠢᠯᠡᠳᠡᠭ ᠪᠦᠭᠡᠳ ᠴᠠᠢ ᠬᠤᠭᠤᠯᠠ ᠵᠠᠰᠠᠨ ᠬᠦᠡᠳᠦᠯᠡᠵᠦ ᠬᠥᠳᠡᠯᠮᠦᠷᠢ ᠬᠦᠡᠳᠦᠳᠡᠢ ᠭᠡᠳᠡᠭ ᠢ ᠤᠬᠠᠭᠠᠷᠠᠭᠤᠯᠳᠠᠭ᠃ ᠡᠶᠢᠮᠦ ᠠᠴᠠ ᠪᠢᠳᠡ ᠠᠮᠢᠳᠤᠷᠠᠯ ᠲᠤᠮᠳᠠ ᠪᠠᠨ ᠭᠡᠦᠭᠡᠳ ᠤᠨ ᠬᠢᠵᠦ ᠪᠠᠶᠢᠭ᠎ᠠ ᠵᠦᠢᠯ ᠳᠤ ᠰᠠᠨᠠᠭ᠎ᠠ ᠲᠠᠯᠪᠢᠵᠦ ᠭᠡᠦᠭᠡᠳ ᠤᠨ ᠬᠦᠳᠡᠯᠮᠦᠷᠢᠯᠡᠭᠦ ᠶᠢ ᠵᠤᠷᠢᠬᠵᠢᠭᠤᠯᠬᠤ ᠭᠡᠷᠡᠭᠳᠠᠢ᠃ ᠵᠢᠱᠢᠶᠡᠯᠡᠪᠡᠯ᠄ ᠭᠡᠦᠭᠡᠳ ᠤᠬᠠᠮᠰᠠᠷ ᠠᠴᠠ ᠪᠠᠨ ᠠᠶᠠᠭ᠎ᠠ ᠰᠠᠪᠬ᠎ᠠ᠂ ᠤᠢᠢᠮᠤᠰᠤ ᠱᠠᠬᠠᠢ ᠪᠠᠨ ᠤᠬᠢᠶᠠᠭᠰᠠᠨ ᠪᠠᠶᠢᠪᠠᠯ ︽ᠪᠡᠶ᠎ᠠ ᠪᠠᠨ ᠲᠠᠭᠠᠭᠠᠳᠠᠭ ᠰᠠᠶᠢᠨ ᠭᠡᠦᠭᠡᠳ ᠪᠠᠶᠢᠨ᠎ᠠ︾᠂ ︽ᠮᠢᠨᠦ ᠬᠦᠦ ᠲᠤᠮᠤᠭᠠᠵᠢᠵᠡᠢ︾ ᠭᠡᠬᠦ ᠮᠡᠳᠦ ᠪᠠᠷ ᠮᠠᠭᠳᠠᠨ ᠤᠷᠮᠠᠰᠢᠭᠤᠯᠵᠦ ᠪᠠᠶᠢᠬᠤ ᠭᠡᠷᠡᠭᠳᠡᠢ᠃      2. ᠭᠡᠤᠭᠡᠳ ᠲᠤ ᠪᠡᠶ᠎ᠡ ᠶᠢᠨ ᠬᠦᠳᠡᠯᠮᠤᠷᠢ ᠳᠤ ᠤᠷᠤᠯᠴᠠᠬᠤ ᠤᠷᠤᠠ ᠵᠠᠢ ᠶᠢ ᠤᠯᠭᠤᠵᠦ ᠭᠡᠤᠭᠡᠳ ᠤᠨ ᠪᠡᠶ᠎ᠡ ᠪᠠᠨ ᠲᠠᠭᠠᠭᠠᠬᠤ ᠴᠢᠳᠠᠪᠤᠷᠢ ᠶᠢ ᠬᠦᠮᠦᠵᠢᠭᠦᠯᠭᠦ ᠭᠡᠷᠡᠭᠳᠡᠢ᠃ ᠬᠦᠳᠡᠯᠮᠤᠷᠢ ᠳᠤ ᠤᠷᠤᠯᠴᠠᠮᠠᠠᠵᠢᠠ ᠰᠠᠶ᠋ᠢ ᠪᠡᠶ᠎ᠡ ᠪᠠᠨ ᠲᠠᠭᠠᠭᠠᠬᠤ ᠤᠬᠠᠮᠰᠠᠷ ᠪᠦᠷᠢᠯᠳᠦᠵᠤ ᠴᠢᠳᠠᠳᠠᠭ᠃ ᠡᠶᠢᠮᠦ ᠠᠴᠠ ᠰᠤᠷᠭᠠᠭᠤᠯᠢ ᠪᠠ ᠭᠡᠷ ᠪᠦᠯᠢ ᠨᠢ ᠭᠡᠤᠭᠡᠳ ᠲᠤ ᠪᠡᠶ᠎ᠡ ᠶᠢᠨ ᠬᠦᠳᠡᠯᠮᠤᠷᠢ ᠳᠤ ᠤᠷᠤᠯᠴᠠᠬᠤ ᠤᠷᠤᠠ ᠵᠠᠢ ᠶᠢ ᠪᠦᠷᠢᠠ ᠤᠯᠭᠤᠵᠦ ᠦᠪᠡᠷ ᠤᠨ ᠬᠢᠨᠢ ᠬᠢᠵᠤ ᠴᠢᠳᠠᠬᠤ ᠠᠵᠢᠯ ᠢ ᠬᠢᠯᠭᠡᠵᠦ ᠰᠤᠷᠭᠠᠨ᠎ᠠ᠃ ᠵᠢᠱᠢᠶᠡᠯᠡᠪᠡᠯ᠂ ᠠᠩᠬᠢ ᠳᠤ ᠪᠠᠨ ᠵᠢᠵᠢᠬᠦᠷ ᠢᠶᠠᠨ ᠪᠡᠶ᠎ᠡ ᠪᠠᠨ ᠲᠠᠭᠠᠭᠠᠵᠦ ᠬᠢᠬᠦ᠂ ᠴᠡᠴᠡᠭ ᠬᠤᠸᠠᠷ ᠢᠶᠠᠨ ᠠᠷᠠᠴᠢᠯᠠᠬᠤ᠂ ᠭᠡᠷ ᠲᠤ ᠪᠠᠨ ᠬᠤᠪᠴᠠᠰᠦ ᠬᠤᠨᠠᠷ ᠢᠶᠠᠨ ᠦᠪᠡᠷ ᠢᠶᠠᠨ ᠡᠮᠦᠰᠬᠦ᠂ ᠦᠰᠦ ᠭᠡᠵᠢᠭᠡ ᠪᠠᠨ ᠦᠪᠡᠷ ᠢᠶᠠᠨ ᠤᠬᠢᠶᠠᠬᠤ᠂ ᠤᠢᠢᠮᠤᠰᠤ ᠱᠠᠬᠠᠢ᠂ ᠬᠤᠪᠴᠠᠰᠤ ᠬᠤᠨᠠᠷ ᠢᠶᠠᠨ ᠦᠪᠡᠷ ᠢᠶᠠᠨ ᠤᠬᠢᠶᠠᠬᠤ ᠨᠢ ᠠᠶᠠᠨᠳᠠᠭᠠᠨ ᠪᠡᠶ᠎ᠡ ᠪᠠᠨ ᠲᠠᠭᠠᠭᠠᠵᠦ ᠬᠥᠳᠡᠯᠮᠦᠷᠢᠯᠡᠬᠦ ᠴᠢᠳᠠᠪᠤᠷᠢ ᠶᠢ ᠪᠦᠷᠢᠯᠳᠦᠭᠦᠯᠵᠦ ᠪᠠᠶᠢᠳᠠᠭ ᠤᠴᠢᠷᠳᠠᠢ᠃      3. ᠰᠤᠷᠭᠠᠭᠤᠯᠢ ᠠᠴᠠ ᠬᠦᠳᠡᠯᠮᠤᠷᠢ ᠦᠢᠯᠡᠳᠦᠯᠭᠡ ᠶᠢᠨ ᠬᠢᠴᠢᠶᠡᠯ ᠢ ᠲᠦᠭᠡᠮᠡᠯᠵᠢᠬᠦᠯᠵᠦ ᠰᠤᠷᠤᠭᠴᠢᠳ ᠤᠨ ᠬᠦᠳᠡᠯᠮᠤᠷᠢ ᠳᠤ ᠤᠷᠤᠯᠴᠠᠬᠤ ᠶᠢ ᠰᠤᠷᠭᠠᠠ ᠬᠦᠮᠦᠵᠢᠯ ᠤᠨ ᠨᠢᠭᠡᠡ ᠬᠦᠭᠦᠷᠭᠡ ᠪᠤᠯᠭᠠᠠ ᠲᠤᠭᠤᠰᠢᠯᠠᠭᠤᠯᠬᠤ ᠭᠡᠷᠡᠭᠳᠡᠢ᠃ ᠤᠯᠤᠰ ᠤᠨ ᠰᠤᠷᠭᠠᠠ ᠬᠦᠮᠦᠵᠢᠯ ᠤᠨ ᠱᠠᠭᠠᠷᠳᠠᠯᠭ᠎ᠠ ᠳᠤ ᠠᠩᠬᠢ ᠪᠦᠷᠢ ᠳᠤ ᠬᠦᠳᠡᠯᠮᠤᠷᠢ ᠪᠠ ᠮᠡᠷᠭᠡᠰᠢᠯ ᠤᠨ ᠬᠢᠴᠢᠶᠡᠯ ᠢ ᠲᠤᠬᠢᠷᠠᠭᠤᠯᠬᠤ ᠭᠡᠷᠡᠭᠳᠡᠢ ᠭᠡᠵᠦ ᠱᠠᠭᠠᠷᠳᠠᠵᠦ ᠪᠠᠶᠢᠳᠠᠭ᠃ ᠡᠨᠡ ᠨᠢ ᠤᠳᠤ ᠶᠢᠨ ᠭᠡᠤᠭᠡᠳ ᠤᠨ ᠠᠵᠢᠯ ᠬᠦᠳᠡᠯᠮᠤᠷᠢ ᠳᠤ ᠤᠷᠤᠯᠴᠠᠬᠤ ᠤᠷᠴᠢᠠ ᠢᠪᠴᠤᠳᠠᠭᠰᠠᠠ ᠪᠠᠶᠢᠳᠠᠯ ᠳᠤ ᠵᠣᠬᠢᠴᠠᠭᠤᠯᠵᠦ ᠬᠦᠳᠡᠯᠮᠤᠷᠢ ᠶᠢᠨ ᠬᠢᠴᠢᠶᠡᠯ ᠢ ᠰᠠᠭᠤᠷᠢ ᠬᠢᠴᠢᠶᠡᠯ ᠤᠨ ᠨᠢᠭᠡ ᠪᠤᠯᠭᠠᠠ ᠲᠤᠭᠳᠠᠭᠠᠭᠰᠠᠠ ᠤᠴᠢᠷ ᠪᠠᠶᠢᠨ᠎ᠠ᠃ ᠡᠬᠦᠠ ᠠᠴᠠ ᠪᠢᠳᠠ ᠠᠵᠢᠯ ᠬᠦᠳᠡᠯᠮᠤᠷᠢ ᠳᠤ ᠤᠷᠤᠯᠴᠠᠬᠤ ᠶᠢ ᠰᠤᠷᠭᠠᠠ ᠬᠦᠮᠦᠵᠢᠯ ᠤᠨ ᠴᠢᠬᠤᠯᠠ ᠨᠢᠭᠡᠡ ᠠᠭᠤᠯᠭ᠎ᠠ ᠪᠤᠯᠭᠠᠠ ᠨᠡᠪᠴᠢᠬᠦᠯᠬᠦ ᠨᠢ ᠠᠯᠤᠰ ᠤᠨ ᠬᠠᠷᠠᠯᠳᠠ ᠲᠠᠢ᠂ ᠦᠷ᠎ᠡ ᠪᠦᠳᠦᠮᠵᠢᠳᠦ ᠰᠤᠷᠭᠠᠠ ᠬᠦᠮᠦᠵᠢᠯ ᠭᠡᠳᠡᠭ ᠢ ᠮᠡᠳᠡᠵᠦ ᠪᠤᠯᠤᠨ᠎ᠠ᠃      ᠭᠤᠷᠪᠠ᠂ ᠭᠡᠤᠭᠡᠳ ᠢ ᠬᠦᠳᠡᠯᠮᠦᠷᠢ ᠳᠤ ᠰᠤᠷᠭᠠᠬᠤ ᠳᠤ ᠠᠩᠬᠠᠷᠤᠭᠤᠰᠢᠳᠠᠢ ᠵᠠᠷᠢᠮ ᠠᠰᠠᠭᠤᠳᠠᠯ      1. ᠰᠤᠷᠭᠠᠭᠤᠯᠢ ᠶᠢᠨ ᠵᠢᠭᠠᠨ ᠰᠤᠷᠭᠠᠯᠳᠠ ᠳᠤ ︽ᠬᠦᠳᠡᠯᠮᠤᠷᠢ ᠪᠤᠯ ᠦᠡᠭᠭᠡ ᠭᠡᠷᠡᠯᠳᠡᠢ᠂ ᠬᠦᠮᠦᠠ ᠲᠦᠷᠦᠯᠬᠢᠳᠠᠠ ᠤ ᠠᠮᠢᠳᠤᠷᠠᠯ ᠬᠦᠳᠡᠯᠮᠤᠷᠢ ᠠᠴᠠ ᠰᠠᠯᠵᠦ ᠴᠢᠳᠠᠬᠤ ᠦᠭᠡᠢ︾ ᠭᠡᠵᠦ ᠬᠦᠳᠡᠯᠮᠦᠷᠢ ᠶᠢᠨ ᠴᠢᠬᠤᠯᠠ ᠴᠢᠨᠠᠷ ᠢ ᠦᠨᠡᠯᠡᠳᠡᠭ ᠪᠤᠯᠪᠠᠴᠦ ᠵᠠᠷᠢᠮ ᠦᠶᠠᠰ ᠦᠭᠡ ᠶᠠᠷᠢᠶ᠎ᠠ ᠦᠢᠯᠡ ᠠᠵᠢᠯᠯᠠᠭ᠎ᠠ ᠪᠠᠷ ᠢᠶᠠᠨ ᠡᠨᠡ ᠭᠦ ᠬᠦᠮᠦᠵᠢᠯ ᠢᠶᠠᠨ ᠭᠡᠳᠡᠷᠭᠦ ᠨᠢᠴᠤᠭᠠᠬᠤ ᠨᠢ ᠴᠦ ᠪᠠᠶᠢᠳᠠᠭ᠃ ᠵᠢᠱᠢᠶᠡᠯᠡᠪᠡᠯ᠂ ᠠᠩᠬᠢ ᠳᠤ ᠪᠠᠨ ᠲᠠᠰᠬᠠᠯ ᠪᠡᠶᠡᠯᠡᠬᠦᠯᠳᠡᠭ ᠦᠭᠡᠢ ᠭᠡᠤᠭᠡᠳ ᠢᠶᠠᠷ ᠵᠢᠵᠢᠬᠦᠷ ᠬᠢᠯᠭᠡᠳᠡᠭ᠃ ︽ᠨᠤᠮ ᠰᠤᠷᠬᠤ ᠦᠭᠡᠢ ᠪᠤᠯ ᠵᠡᠭᠡᠯᠢ ᠱᠦᠬᠦᠷᠳᠡᠳᠡᠭ ᠠᠵᠢᠯᠴᠢᠠ ᠪᠤᠶᠤ ᠠᠰᠠᠷ ᠪᠠᠷᠢᠳᠠᠭ ᠰᠢᠪᠠᠷᠴᠢᠠ ᠪᠤᠯᠤᠨ᠎ᠠ︾ ᠭᠡᠵᠦ ᠵᠠᠩᠨᠠᠳᠠᠭ᠃ ᠡᠳᠡᠭᠡᠷ ᠨᠢ ᠭᠡᠤᠭᠡᠳ ᠲᠤ ᠪᠡᠶ᠎ᠡ ᠶᠢᠨ ᠬᠦᠳᠡᠯᠮᠤᠷᠢ ᠬᠢᠭᠰᠡᠳ ᠨᠢ ᠬᠠᠮᠤᠭ ᠤᠨ ︽ᠦᠭᠡᠳᠡ ᠦᠭᠡᠢ ᠬᠦᠮᠦᠠ︾ ᠭᠡᠰᠡᠨ ᠲᠦᠷᠦᠭᠳᠡᠯ ᠢ ᠤᠯᠭᠤᠳᠠᠭ ᠪᠠᠶᠢᠨ᠎ᠠ᠃ ᠡᠶᠢᠮᠦ ᠠᠴᠠ ᠬᠦᠳᠡᠯᠮᠤᠷᠢ ᠶᠢᠨ ᠲᠤᠬᠠᠢ ᠦᠵᠡᠯᠳᠡ ᠶᠢ ᠦᠡᠳᠦᠰᠦᠠ ᠠᠴᠠ ᠨᠢ ᠬᠤᠪᠢᠷᠠᠭᠤᠯᠬᠤ ᠴᠢᠬᠤᠯᠠ ᠲᠠᠢ ᠪᠠᠶᠢᠨ᠎ᠠ᠃      2. ᠤᠳᠤ ᠶᠢᠨ ᠨᠡᠶᠢᠭᠡᠮ ᠲᠡᠭᠡᠷ᠎ᠠ ᠬᠦᠳᠡᠯᠮᠦᠷᠢᠯᠡᠬᠦ ᠦᠭᠡᠢ ᠪᠠᠷ ᠨᠦᠬᠦᠪᠦᠷᠢ ᠮᠦᠩᠬᠦ ᠤᠯᠬᠤ᠂ ᠮᠦᠷᠦᠢ ᠲᠠᠢ ᠲᠤᠭᠯᠠᠭᠠᠮ ᠲᠤᠭᠯᠠᠵᠦ ᠪᠠᠶᠢᠭ᠎ᠠ ᠬᠦᠮᠦᠰ ᠤᠨ ᠨᠠᠵᠠᠭᠠᠢ ᠰᠤᠷᠳᠠᠯ ᠨᠢ ᠭᠡᠦᠭᠡᠳ ᠲᠤ ᠬᠦᠳᠡᠯᠮᠦᠷᠢ ᠶᠢᠨ ᠴᠢᠬᠤᠯᠠ ᠴᠢᠨᠠᠷ ᠤᠨ ᠲᠤᠬᠠᠢ ᠪᠤᠷᠤᠭᠤ ᠤᠢᠢᠯᠠᠭᠠᠯᠳᠠ ᠶᠢ ᠦᠭᠳᠡᠭ᠃ ᠵᠢᠱᠢᠶᠡᠯᠡᠪᠡᠯ᠂ ᠶᠡᠭᠡ ᠪᠠᠷ ᠮᠦᠷᠦᠢ ᠲᠠᠢ ᠲᠤᠭᠯᠠᠭᠠᠮ ᠲᠤᠭᠯᠠᠵᠦ ᠴᠡᠩᠭᠡᠯᠳᠦᠬᠦ ᠬᠦᠮᠦᠰ᠂ ᠤᠯᠤᠰ ᠤᠨ ᠨᠦᠬᠦᠪᠦᠷᠢ ᠮᠦᠩᠬᠦ ᠬᠠᠷᠠᠵᠦ ᠬᠦᠳᠡᠯᠮᠦᠷᠢᠯᠡᠬᠦ ᠦᠭᠡᠢ ᠪᠡᠯᠡᠨ ᠪᠤᠳᠠᠭ᠎ᠠ ᠢᠳᠡᠵᠦ ᠪᠠᠶᠢᠭ᠎ᠠ ᠬᠦᠮᠦᠰ ᠤᠨ ᠭᠡᠷ ᠪᠦᠯᠢ ᠳᠤ ᠦᠰᠦᠭᠰᠡᠨ ᠭᠡᠦᠭᠡᠳ ᠬᠦᠳᠡᠯᠮᠦᠷᠢ ᠶᠢᠨ ᠴᠢᠬᠤᠯᠠ ᠴᠢᠨᠠᠷ ᠢ ᠤᠢᠢᠯᠠᠭᠠᠵᠦ ᠴᠢᠳᠠᠬᠤ ᠦᠭᠡᠢ ᠶᠤᠮ᠃      3. ᠭᠡᠦᠭᠡᠳ ᠤᠨ ᠠᠮᠢᠳᠤᠷᠠᠯ ᠢ ᠲᠡᠩᠳᠡᠬᠦᠦ ᠡᠯᠪᠡᠭ ᠲᠡᠯᠪᠡᠭ ᠪᠠᠶᠢᠯᠭᠠᠬᠤ ᠭᠡᠦᠭᠡᠳ ᠢ ᠤᠶᠤᠨ ᠰᠠᠨᠠᠭᠠᠨ ᠤ ᠬᠤᠭᠤᠰᠤᠷᠠᠯ ᠳᠤ ᠤᠴᠠᠷᠠᠭᠤᠯᠵᠦ᠂ ᠬᠦᠰᠡᠯᠡᠩ ᠮᠦᠷᠦᠭᠡᠳᠦᠯ ᠦᠭᠡᠢ᠂ ᠡᠳᠡᠭᠡᠳ ᠵᠦᠷᠢᠬᠦᠦ ᠵᠠᠩ ᠲᠠᠢ ᠭᠡᠦᠭᠡᠳ ᠪᠣᠯᠤᠨ ᠬᠦᠮᠦᠵᠢᠭᠳᠡᠬᠦ ᠳᠤ ᠭᠦᠷᠭᠡᠵᠦ ᠮᠠᠳᠠᠨ᠎ᠠ᠃ ᠵᠢᠱᠢᠶᠡᠯᠡᠪᠡᠯ᠂ ᠤᠳᠤ ᠶᠢᠨ ᠭᠡᠤᠭᠡᠳ ᠤᠨ ᠢᠳᠡᠵᠦ ᠤᠤᠭᠤᠬᠤ᠂ ᠡᠮᠦᠰᠴᠦ ᠵᠡᠬᠦᠬᠦ᠂ ᠡᠳ᠋ᠯᠡᠵᠦ ᠭᠡᠷᠡᠭᠯᠡᠬᠦ ᠠᠴᠠ ᠡᠬᠢᠯᠡᠭᠡᠳ ᠲᠤᠳᠠᠭᠳᠠᠬᠤ ᠵᠦᠢᠯ ᠦᠭᠡᠢ ᠪᠤᠯᠵᠤ᠂ ᠭᠡᠳᠦᠠ ᠮᠢᠩᠭᠠᠠ ᠲᠦᠬᠦᠷᠢᠭ ᠤᠨ ᠪᠡᠨ᠎ᠡ ᠲᠠᠢ ᠭᠠᠷ ᠤᠳᠠᠰᠦ ᠪᠠᠨ ᠭᠠᠵᠢᠵᠦ ᠪᠠᠶᠢᠨ᠎ᠠ ᠭᠡᠳ ᠣᠴᠠᠭᠠᠷᠯᠠᠳᠠᠭ ᠭᠡᠤᠭᠡᠳ ᠵᠠᠬ᠎ᠠ ᠠᠴᠠ ᠤᠯᠠᠨ᠃      ᠪᠠᠭ᠎ᠠ ᠰᠤᠷᠭᠠᠭᠤᠯᠢ ᠶᠢᠨ ᠰᠤᠷᠤᠭᠴᠢᠳ ᠲᠤ ᠬᠦᠳᠡᠯᠮᠤᠷᠢ ᠶᠢᠨ ᠬᠦᠮᠦᠵᠢᠯ ᠢ ᠴᠢᠬᠤᠯᠠᠴᠢᠯᠠᠠ ᠬᠦᠷᠳᠡᠭᠡᠬᠦ ᠪᠤᠯ ᠵᠢᠭᠠᠠ ᠰᠤᠷᠭᠠᠯᠳᠠ ᠶᠢᠨ ᠬᠠᠷᠠᠯᠳᠠ ᠶᠢᠨ ᠴᠢᠬᠤᠯᠠ ᠨᠢᠭᠡᠡ ᠵᠠᠩᠭᠢᠯᠠᠭ᠎ᠠ ᠪᠠᠶᠢᠪᠠᠯ ᠵᠣᠬᠢᠨ᠎ᠠ᠃ ᠰᠤᠷᠭᠠᠠ ᠬᠦᠮᠦᠵᠢᠯ ᠤᠨ ᠦᠷ᠎ᠡ ᠪᠦᠳᠦᠮᠵᠢ ᠶᠢ ᠲᠡᠭᠡᠭᠰᠢᠯᠡᠬᠦᠯᠵᠦ ᠪᠦᠬᠦ ᠠᠷᠠᠳ ᠤᠨ ᠭᠡᠪ ᠴᠢᠨᠠᠷ ᠢ ᠲᠡᠭᠡᠭᠰᠢᠯᠡᠬᠦᠯᠦᠶ᠎ᠠ ᠭᠡᠪᠡᠯ ᠪᠢᠳᠠ ᠭᠡᠦᠭᠡᠳ ᠢ ᠬᠦᠳᠡᠯᠮᠤᠷᠢ ᠳᠤ ᠰᠤᠷᠭᠠᠵᠦ᠂ ᠦᠪᠡᠷ ᠪᠤᠰᠤᠳ ᠢ ᠬᠠᠶᠢᠷᠠᠯᠠᠬᠤ ᠤᠬᠠᠮᠰᠠᠷ ᠲᠠᠢ᠂ ᠪᠡᠶ᠎ᠡ ᠪᠠᠨ ᠲᠠᠭᠠᠭᠠᠬᠤ ᠲᠠᠳᠬᠠᠯ ᠲᠠᠢ᠂ ᠬᠠᠷᠢᠭᠤᠴᠠᠬᠤ ᠤᠪᠤᠷ ᠲᠠᠢ ᠭᠡᠤᠭᠡᠳ ᠢ ᠬᠦᠮᠦᠵᠢᠬᠦᠯᠬᠦ ᠭᠡᠷᠡᠭᠳᠠᠢ᠃ ᠡᠭᠦᠨ ᠳᠤ ᠭᠡᠷ ᠪᠦᠯᠢ᠂ ᠰᠤᠷᠭᠠᠭᠤᠯᠢ᠂ ᠨᠠᠶᠢᠭᠡᠮ ᠤᠨ ᠭᠤᠷᠮᠤᠰᠤᠨ ᠬᠠᠪᠰᠤᠷᠤᠯᠴᠠᠭ᠎ᠠ ᠪᠠᠶᠢᠮᠠᠨᠵᠢᠨ ᠰᠠᠶ᠋ᠢ ᠨᠢᠭᠡᠨ ᠦᠨᠠᠨ ᠰᠡᠳᠬᠢᠯ ᠠᠴᠠ ᠪᠠᠨ ᠭᠦᠳᠠᠯᠮᠤᠷᠢ ᠳᠤ ᠲᠤᠷ᠎ᠠ ᠪᠠᠬ᠎ᠠ ᠲᠠᠢ ᠭᠡᠤᠭᠡᠳ ᠢ ᠭᠦᠮᠦᠵᠢᠭᠦᠯᠵᠦ ᠴᠢᠳᠠᠨ᠎ᠠ᠃                      ᠬᠠᠶ᠋ᠢᠬ᠄ ᠠᠯᠠᠱᠠ ᠪᠠᠷᠠᠭᠤᠠ ᠬᠤᠰᠢᠭᠤᠠ ᠤ ᠰᠢᠭᠤᠳ                           ᠬᠠᠷᠢᠶᠠᠳᠦ ᠮᠤᠩᠭᠤᠯ ᠪᠠᠭ᠎ᠠ ᠰᠤᠷᠭᠠᠭᠤᠯᠢ                             ︵ᠠᠯᠳᠠᠨᠰᠦ᠋ᠭᠡ ᠨᠠᠶᠢᠷᠠᠭᠤᠯᠪᠠ︶                              2020 ᠣᠨ ᠤ 6 ᠳ᠋ᠤᠭᠠᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠤ ᠰᠤᠷᠭᠠᠨ ᠬᠥᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map