ᠠᠩᠬ᠎ᠠ ᠳᠤᠮᠳᠠᠳᠤ ᠶᠢᠨ ᠰᠤᠷᠤᠭᠴᠢ ᠶᠢᠨ ᠰᠥᠷᠬᠦ ᠰᠡᠳᠬᠢᠴᠡ ᠳᠤ ᠬᠡᠷᠬᠢᠨ ᠬᠠᠨᠳᠤᠬᠤ ᠪᠤᠢ
ᠨᠡᠶᠢᠲᠡᠯᠡᠭᠰᠡᠨ ᠴᠠᠭ᠄
2021/2/19
                                           ᠡᠩᠬᠡᠳᠦ᠋ᠪᠰᠢᠨ      ᠬᠥᠮᠥᠨ ᠠᠩᠭ᠎ᠠ ᠪᠠᠭ᠎ᠠ ᠨᠠᠰᠤᠨ ᠠᠴᠠ ᠡᠷ᠎ᠡ ᠶᠢᠨ ᠬᠤᠩᠭᠤᠨ ᠳᠤ ᠲᠤᠯᠲᠠᠯ᠎ᠠ ᠪᠡᠶ᠎ᠡ ᠰᠡᠳᠬᠢᠴᠡ ᠶᠢᠨ ᠲᠠᠯ᠎ᠠ ᠪᠠᠷ ᠮᠠᠰᠢ ᠶᠡᠭᠡ ᠬᠤᠪᠢᠷᠠᠯᠲᠠ ᠬᠥᠭᠵᠢᠯᠲᠡ ᠲᠠᠢ ᠶᠠᠪᠤᠴᠠ ᠶᠢ ᠲᠤᠭᠤᠯᠳᠠᠬ ᠰᠠᠨ᠃ ︽ᠡᠷ᠎ᠡ ᠥᠰᠴᠦ ᠢᠰᠡᠭᠡᠢ ᠰᠤᠨᠳᠠᠭ︾ ᠤᠨ ᠶᠣᠰᠣᠭᠠᠷ ᠭᠡᠤᠭᠡᠳ ᠤᠨ ᠪᠡᠶ᠎ᠡ ᠥᠰᠴᠦ᠂ ︽ᠡᠯᠢᠭᠡᠨ ᠳᠤ ᠪᠠᠨ ᠠᠷᠭᠠᠳᠠᠭᠤᠯᠳᠠᠭ ᠡᠵᠢ ᠪᠠᠨ ᠥᠨᠳᠡᠶᠢᠯᠭᠡᠵᠦ ᠦᠨᠦᠰᠦᠭᠦᠯᠳᠡᠭ︾ ᠪᠣᠯᠳᠠᠭ ᠮᠥᠷᠲᠡᠭᠡᠨ ︽ᠬᠤᠷᠢ ᠬᠦᠷᠴᠦ ᠬᠤᠩᠭᠤᠨ ᠳᠤ ᠪᠠᠨ ᠲᠤᠯᠤᠭᠰᠠᠨ︾ ᠤ ᠰᠢᠨᠵᠢ ᠮᠠᠰᠢ ᠢᠯᠡᠷᠬᠡᠢ ᠪᠣᠯᠵᠤ᠂ ᠰᠠᠷᠠᠯ ᠰᠡᠳᠬᠢᠭᠦᠢ᠂ ᠡᠷᠬᠡᠲᠡᠨ ᠮᠠᠬᠠᠪᠤᠳ᠂ ᠵᠠᠩ ᠠᠷᠠᠨᠰᠢᠨ ᠬᠠᠷᠢᠴᠠᠯᠠᠰᠢᠭᠦᠢ ᠦᠭᠡᠢ ᠬᠤᠪᠢᠷᠠᠯᠳᠠ ᠭᠠᠷᠳᠠᠬ᠃      ᠡᠨᠡ ᠬᠦ ᠬᠤᠭᠤᠴᠠᠭ᠎ᠠ ᠨᠢ ᠰᠤᠷᠭᠠᠨ ᠬᠥᠮᠥᠵᠢᠯ ᠬᠦᠷᠲᠡᠬᠦ ᠶᠠᠪᠤᠴᠠ ᠳᠤ ᠪᠣᠯ ᠶᠡᠭᠡ ᠲᠥᠯᠥᠪ ᠭᠡᠤᠭᠡᠳ ᠤᠨ ᠴᠡᠴᠡᠷᠯᠢᠭ ᠠᠴᠠ ᠲᠡᠭᠡᠳᠤ ᠲᠤᠮᠳᠠᠳᠤ ᠳᠤ ᠰᠤᠷᠤᠯᠴᠠᠬᠤ ᠱᠠᠳᠤᠨ ᠳᠤ ᠲᠣᠬᠢᠶᠠᠯᠳᠤᠬᠤ᠂ ᠲᠠᠷᠤᠢ ᠮᠠᠨ ᠤ ᠤᠯᠤᠰ ᠤᠨ ᠰᠤᠷᠭᠠᠨ ᠬᠥᠮᠥᠵᠢᠯ ᠤᠨ ᠦᠶᠡᠯᠡᠯ ᠢᠶᠠᠷ ᠴᠡᠴᠡᠷᠯᠢᠭ᠂ ᠪᠠᠭ᠎ᠠ ᠰᠤᠷᠭᠠᠭᠤᠯᠢ᠂ ᠠᠩᠬ᠎ᠠ ᠳᠤᠮᠳᠠᠳᠤ᠂ ᠳᠡᠭᠡᠳᠤ ᠳᠤᠮᠳᠠᠳᠤ ᠭᠡᠬᠦ ᠲᠦᠷᠪᠡᠨ ᠱᠠᠲᠤ ᠶᠢ ᠥᠩᠭᠡᠷᠡᠭᠦᠯᠳᠡᠭ᠃ ᠲᠡᠭᠡᠪᠡᠯ ᠭᠡᠤᠭᠡᠳ ᠤᠨ ᠦᠰᠤᠨ ᠪᠤᠶᠢᠵᠢᠯᠳᠠ ᠶᠢᠨ ᠡᠨᠡ ᠭᠦ ᠳᠦᠷᠪᠡᠨ ᠱᠠᠳᠤᠨ ᠳᠤ ᠪᠡᠶ᠎ᠡ ᠰᠡᠳᠬᠢᠴᠡ ᠶᠢᠨ ᠬᠤᠪᠢᠷᠠᠯᠳᠠ ᠪᠠᠷ ᠬᠠᠮᠤᠭ ᠤᠨ ᠣᠨᠴᠠᠭᠠᠢ ᠪᠠᠶᠢᠳᠠᠬ ᠨᠢ ᠠᠯᠢ ᠱᠠᠲᠤ ᠪᠤᠢ︖ ᠭᠡᠪᠡᠯ᠂ ᠮᠢᠨᠦ ᠠᠵᠢᠭᠯᠠᠭᠰᠠᠨ ᠪᠠ ᠰᠦᠪᠡᠭᠴᠢᠯᠡᠭᠰᠡᠨ ᠢᠶᠠᠷ ᠠᠩᠬ᠎ᠠ ᠳᠤᠮᠳᠠᠳᠤ ᠶᠢᠨ ᠱᠠᠳᠤ ᠪᠤᠯᠤᠨ᠎ᠠ᠃ ᠠᠩᠬ᠎ᠠ ᠳᠤᠮᠳᠠᠳᠤ ᠶᠢᠨ ᠱᠠᠲᠤᠨ ᠳᠤ ᠬᠡᠦᠬᠡᠳ ᠤᠨ ᠪᠡᠶ᠎ᠡ ᠰᠡᠳᠬᠢᠴᠠ ᠶᠢᠨ ᠬᠤᠪᠢᠷᠠᠯᠳᠠ ᠨᠢ ᠬᠠᠮᠤᠭ ᠤᠨ ᠲᠥᠪᠯᠡᠷᠡᠩᠭᠦᠢ᠂ ᠬᠠᠮᠤᠭ ᠤᠨ ᠢᠯᠠᠷᠭᠡᠢ ᠲᠤᠰᠬᠠᠯ ᠢᠶᠠᠨ ᠤᠯᠳᠠᠬ᠃ ᠠᠩᠬ᠎ᠠ ᠲᠤᠮᠳᠠᠳᠤ ᠶᠢᠨ ᠭᠤᠷᠪᠠᠨ ᠵᠢᠯ ᠤᠨ ᠰᠤᠷᠤᠯᠴᠠᠯᠭ᠎ᠠ ᠶᠢᠨ ᠬᠤᠭᠤᠴᠠᠭᠠᠨ ᠳᠤ ᠪᠡᠶ᠎ᠡ ᠭᠠᠳᠠᠷ ᠤᠨ ᠥᠰᠦᠯᠲᠡ ᠨᠢ ᠬᠠᠮᠤᠭ ᠤᠨ ᠲᠦᠷᠭᠡᠨ᠂ ᠹᠢᠽᠢᠣᠯᠣᠭᠢ ᠶᠢᠨ ᠬᠤᠪᠢᠷᠠᠯᠳᠠ ᠨᠢ ᠬᠠᠮᠤᠭ ᠤᠨ ᠢᠯᠡᠷᠭᠡᠢ᠂ ᠰᠡᠳᠬᠢᠴᠡ ᠶᠢᠨ ᠬᠤᠪᠢᠷᠠᠯᠳᠠ ᠨᠢ ᠴᠦ ᠬᠠᠮᠤᠭ ᠤᠨ ᠣᠨᠴᠠᠭᠠᠢ ᠪᠠᠶᠢᠳᠠᠭ᠃      ᠠᠩᠬ᠎ᠠ ᠲᠤᠮᠳᠠᠳᠤ ᠶᠢᠨ ᠨᠢᠭᠡᠳᠦᠭᠡᠷ ᠣᠨ ᠤ ᠰᠤᠷᠤᠭᠴᠢᠳ ᠪᠤᠯ ᠪᠠᠭ᠎ᠠ ᠰᠤᠷᠭᠠᠭᠤᠯᠢ ᠶᠢᠨ ᠨᠢᠯᠬᠠᠰᠠᠬ ᠵᠠᠩ ᠠᠴᠠ ᠪᠠᠨ ᠰᠠᠯᠤᠭᠠᠳᠤᠢ ᠪᠠᠭᠠᠴᠤᠤᠯ ᠪᠠᠶᠢᠵᠤ ᠭᠤᠳ ᠱᠣᠳ ᠭᠦᠶᠦᠯᠳᠦᠵᠦ᠂ ᠭᠤᠳᠣᠷ ᠱᠣᠳᠣᠷ ᠠᠯᠢᠶᠠᠷᠬᠠᠵᠤ ᠪᠠᠶᠢᠭᠰᠠᠭᠠᠷ᠂ ᠠᠩᠬ᠎ᠠ ᠭᠤᠷᠪᠠ ᠪᠣᠯᠣᠭᠠᠳ ᠢᠷᠡᠭᠦᠯᠡᠷ ᠰᠤᠷᠤᠭᠴᠢᠳ ᠮᠠᠨᠢ ᠡᠮᠦᠰᠴᠦ ᠵᠡᠭᠦᠬᠦ ᠪᠠᠨ ᠰᠢᠨᠵᠢᠵᠦ᠂ ᠦᠰᠦ ᠭᠡᠵᠢᠭᠡ ᠪᠠᠨ ᠠᠩᠬᠠᠷᠴᠤ᠂ ᠵᠠᠰᠠᠵᠤ ᠭᠠᠩᠭᠠᠯᠠᠬᠤ ᠶᠢ ᠬᠢᠴᠢᠶᠡᠵᠦ᠂ ᠦᠭᠡ ᠵᠤᠭᠤᠭ ᠤᠨ ᠰᠡᠳᠦᠪ ᠨᠢ ᠣᠨᠳᠣᠣ᠂ ᠤᠴᠢᠷ ᠶᠠᠪᠤᠳᠠᠯ ᠤᠨ ᠬᠢᠨᠢ ᠬᠠᠷᠠᠭᠠᠰᠤ ᠨᠢ ᠠᠰᠲᠠᠭᠠᠨ ᠪᠣᠯᠤᠭᠠᠳ ᠢᠷᠡᠳᠡᠭ᠃      ᠡᠳᠡᠭᠡᠷ ᠬᠤᠪᠢᠷᠠᠯᠳᠠ ᠶᠢᠨ ᠳᠤᠲᠤᠷ᠎ᠠ ᠠᠴᠠ ᠬᠠᠮᠤᠭ ᠤᠨ ᠴᠢᠬᠤᠯᠠ ᠨᠢ ᠪᠠᠶ᠎ᠠ ᠮᠠᠬᠠᠪᠤᠳ ᠤᠨ ᠦᠰᠦᠯᠳᠠ ᠲᠠᠭᠠᠤ ᠳᠤ ᠬᠢ ᠰᠡᠳᠬᠢᠴᠡ ᠶᠢᠨ ᠬᠤᠪᠢᠷᠠᠯᠳᠠ ᠪᠣᠯᠬᠤ ᠶᠤᠮ᠃ ᠠᠵᠢᠭᠯᠠᠪᠠᠯ᠂ ᠠᠩᠬ᠎ᠠ ᠳᠤᠮᠳᠠᠳᠤ ᠶᠢᠨ ᠰᠡᠭᠦᠯᠴᠢ ᠶᠢᠨ ᠱᠠᠲᠤᠨ ᠳᠤ ᠬᠡᠦᠬᠡᠳ ᠨᠠᠰᠤᠨ ᠠᠴᠠ ᠤᠷᠢ ᠵᠠᠯᠠᠭᠤ ᠨᠠᠰᠤᠨ ᠳᠤ ᠰᠢᠯᠵᠢᠨ ᠣᠷᠤᠬᠤ ᠮᠠᠰᠢ ᠵᠠᠩᠭᠢᠯᠠᠭ᠎ᠠ ᠶᠢᠨ ᠰᠢᠯᠵᠢᠯᠲᠡ ᠲᠣᠬᠢᠶᠠᠯᠳᠤᠵᠤ᠂ ᠶᠡᠭᠡ ᠲᠤᠯᠬᠢᠰᠤᠯ ᠤᠨ ᠱᠠᠳᠤ ᠳᠤ ᠤᠷᠤᠳᠠᠬ᠃ ᠡᠶᠢᠨ ᠭᠦ ᠹᠢᠽᠢᠤᠯᠤᠬᠢ ᠪᠠ ᠰᠡᠳᠬᠢᠴᠡ ᠶᠢᠨ ᠡᠨᠡ ᠬᠦ ᠰᠢᠯᠵᠢᠯᠲᠡ ᠶᠢᠨ ᠬᠤᠭᠤᠴᠠᠭᠠᠨ ᠳᠤ ᠠᠩᠬᠠᠷᠤᠭᠤᠰᠢᠳᠠᠢ ᠨᠢ ᠳᠠᠷᠤᠢ ᠰᠤᠷᠤᠭᠴᠢᠳ ᠤᠨ ᠰᠥᠷᠬᠦ ᠰᠡᠳᠬᠢᠴᠡ ᠶᠢᠨ ᠢᠯᠡᠷᠡᠯ ᠪᠤᠯᠤᠨ᠎ᠠ᠃ ᠰᠥᠷᠬᠦ ᠰᠡᠳᠬᠢᠴᠡ ᠶᠢ ᠰᠡᠳᠬᠢᠴᠠ ᠶᠢᠨ ᠵᠦᠢᠴᠢᠳ ᠪᠠᠷ ︽ᠬᠦᠮᠦᠨ ᠪᠣᠯᠭᠠᠨ ᠳᠤ ᠵᠠᠪᠠᠯ ᠲᠣᠬᠢᠶᠠᠯᠳᠤᠬᠤ ᠰᠡᠳᠬᠢᠴᠡ ᠶᠢᠨ ᠢᠯᠡᠷᠡᠯ︾ ᠭᠡᠵᠦ ᠵᠢᠭᠠᠭᠰᠠᠨ ᠪᠠᠶᠢᠳᠠᠬ᠃ ᠰᠡᠳᠬᠢᠴᠠ ᠶᠢᠨ ᠵᠦᠢ ᠶᠢᠨ ᠰᠤᠳᠤᠯᠭᠠᠨ ᠢ ᠦᠨᠳᠤᠰᠤᠯᠡᠪᠡᠯ᠂ ᠰᠥᠷᠬᠦ ᠰᠡᠳᠬᠢᠴᠡ ᠨᠢ ᠭᠦᠮᠦᠨ ᠤ ᠨᠢᠭᠡ ᠨᠠᠰᠤᠨ ᠤ ᠭᠤᠷᠪᠠᠨ ᠱᠠᠳᠤ᠂ ᠲᠤᠬᠠᠢᠢᠯᠠᠪᠠᠯ 3~5 ᠨᠠᠰᠤ᠂ 7~8 ᠨᠠᠰᠤ᠂ 13~18 ᠨᠠᠰᠤᠨ ᠳᠤ ᠢᠯᠡᠷᠡᠳᠡᠭ ᠪᠦᠭᠡᠳ 13~18 ᠨᠠᠰᠤᠨ ᠳᠤ ᠲᠣᠬᠢᠶᠠᠯᠳᠤᠬᠤ ᠰᠥᠷᠬᠦ ᠰᠡᠳᠬᠢᠴᠡ ᠨᠢ ᠬᠠᠮᠤᠭ ᠤᠨ ᠴᠢᠬᠤᠯᠠ᠂ ᠬᠠᠮᠤᠭ ᠤᠨ ᠢᠯᠡᠷᠬᠡᠢ᠂ ᠬᠠᠮᠤᠭ ᠤᠨ ᠣᠨᠴᠠᠭᠠᠢ ᠪᠠᠶᠢᠳᠠᠬ᠃ 13~18 ᠨᠠᠰᠤᠨ ᠤ ᠦᠶ᠎ᠡ ᠪᠣᠯ ᠶᠠᠭ ᠰᠠᠶᠢᠬᠠᠨ ᠮᠠᠨ ᠤ ᠤᠯᠤᠰ ᠤᠨ ᠰᠤᠷᠭᠠᠨ ᠬᠥᠮᠥᠵᠢᠯ ᠤᠨ ᠳᠦᠷᠢᠮ ᠳᠤ ᠬᠢ ᠠᠩᠬ᠎ᠠ ᠳᠤᠮᠳᠠᠳᠤ ᠶᠢᠨ ᠱᠠᠲᠤᠨ ᠳᠤ ᠲᠤᠬᠢᠶᠠᠯᠳᠤᠬᠤ ᠶᠤᠮ᠃      13~18 ᠨᠠᠰᠤᠨ ᠤ ᠰᠤᠷᠤᠭᠴᠢᠳ ᠤᠨ ᠰᠥᠷᠬᠦ ᠰᠡᠳᠬᠢᠴᠡ ᠨᠢ ᠤᠯᠠᠨ ᠶᠠᠩᠵᠦ ᠶᠢᠨ ᠢᠯᠡᠷᠡᠯ ᠲᠠᠢ ᠪᠠᠶᠢᠳᠠᠭ ᠪᠣᠯᠪᠠᠴᠤ ᠬᠠᠮᠤᠭ ᠠᠴᠠ ᠲᠦᠭᠡᠮᠡᠯ ᠲᠤᠬᠢᠶᠠᠯᠳᠤᠳᠠᠭ ᠢᠯᠡᠷᠡᠯ ᠨᠢ ᠠᠪᠤ ᠡᠵᠢ᠂ ᠪᠠᠭᠰᠢ᠂ ᠠᠬᠠᠮᠠᠳ ᠲᠠᠢ ᠪᠠᠨ ᠦᠭᠡ ᠶᠠᠷᠢᠶ᠎ᠠ᠂ ᠦᠢᠯᠡ ᠠᠵᠢᠯᠯᠠᠭ᠎ᠠ ᠪᠠᠷ ᠢᠶᠠᠨ ᠡᠰᠡᠷᠭᠦᠴᠡᠯᠳᠤᠨ ᠰᠥᠷᠬᠦ ᠢᠯᠡᠷᠡᠯ ᠪᠣᠯᠤᠨ᠎ᠠ᠃ ᠳᠠᠷᠤᠢ ᠲᠡᠳᠡ ᠠᠪᠤ ᠡᠵᠢ᠂ ᠪᠠᠭᠰᠢ᠂ ᠠᠬᠠᠮᠠᠳ ᠤᠨ ᠢᠶᠠᠨ ᠰᠠᠨᠠᠯ ᠰᠠᠨᠠᠭᠤᠯᠭ᠎ᠠ᠂ ᠱᠠᠭᠠᠷᠳᠠᠯᠭ᠎ᠠ ᠲᠠᠢ ᠦᠵᠡᠯᠳᠡ ᠨᠢᠭᠡᠳᠬᠦ ᠦᠭᠡᠢ ᠪᠠᠶᠢᠳᠠᠯ ᠨᠢ ᠣᠯᠠᠰᠢᠷᠠᠵᠤ᠂ ᠥᠪᠡᠷ ᠤᠨ ᠦᠵᠡᠯᠳᠡ ᠪᠠᠨ ᠴᠢᠩᠭ᠎ᠠ ᠪᠠᠷᠢᠮᠲᠠᠯᠠᠬᠤ ᠮᠥᠷᠳᠡᠭᠡᠨ ᠡᠷᠡᠰ ᠢᠯᠡᠷᠬᠡᠶᠢᠯᠡᠬᠦ ᠦᠵᠡᠭᠳᠡᠯ ᠪᠤᠯᠤᠨ᠎ᠠ᠃ ᠪᠠᠭ᠎ᠠ ᠰᠤᠷᠭᠠᠭᠤᠯᠢ ᠳᠤ ᠪᠠᠶᠢᠬᠤ ᠳᠤ ᠯᠡ ᠠᠪᠤ ᠡᠵᠢ᠂ ᠠᠶᠢᠯ ᠭᠦᠷᠰᠢ᠂ ᠪᠠᠭᠰᠢ ᠨᠠᠷ ᠤᠨ ᠨᠢᠳᠦᠨ ᠳᠤ ᠬᠢ ᠤᠬᠠᠭᠠᠨ ᠲᠠᠢ ᠬᠡᠦᠬᠡᠳ ᠨᠢ ᠨᠢᠳᠦ ᠢᠷᠮᠡᠬᠦ ᠶᠢᠨ ᠵᠠᠭᠤᠷ᠎ᠠ ᠬᠡᠳᠡᠷ ᠶᠠᠳᠠᠷ ᠨᠢ ᠬᠡᠴᠡᠭᠦᠦ᠂ ᠠᠭᠤᠷ ᠠᠭᠠᠰᠢ ᠨᠢ ᠲᠦᠢᠮᠤ ᠦᠭᠡᠢ ᠪᠣᠯᠵᠤ᠂ ᠤᠬᠢᠯᠠᠵᠤ ᠤᠨᠵᠢᠨ᠂ ᠠᠭᠤᠷᠯᠠᠵᠤ ᠬᠢᠯᠢᠩᠨᠡᠨ᠂ ᠪᠤᠰᠤᠳ ᠤᠨ ᠪᠠᠭ᠎ᠠ ᠯᠡ ᠵᠢᠮᠡᠯᠡᠭᠦ ᠶᠢ ᠲᠠᠭᠠᠭᠠᠬᠤ ᠦᠭᠡᠢ᠂ ᠪᠠᠷᠢᠨ ᠭᠡᠳᠡᠷᠯᠡᠨ ᠲᠤᠯᠬᠤ᠂ ᠡᠭᠦᠳᠡ ᠬᠠᠭᠠᠯᠭ᠎ᠠ ᠰᠠᠪᠠᠭ᠋ᠤ ᠮᠠᠳᠤᠴᠢᠯᠠᠨ ᠠᠭᠠᠰᠢ ᠠᠷᠠᠨᠰᠢᠨ ᠨᠢ ᠭᠠᠶᠢᠬᠠᠰᠢ ᠠᠯᠳᠠᠮ᠎ᠠ ᠬᠤᠪᠢᠷᠠᠵᠤ᠂ ᠴᠠᠭᠠᠰᠢᠯᠠᠨ ᠲᠠᠨᠢᠭᠳᠠᠰᠢ ᠦᠭᠡᠢ ᠪᠣᠯᠵᠤ᠂ ᠭᠡᠷ ᠤᠨ ᠠᠬᠠᠮᠠᠳ᠂ ᠰᠤᠷᠭᠠᠭᠤᠯᠢ ᠶᠢᠨ ᠪᠠᠭᠰᠢ ᠨᠠᠷ ᠢᠶᠠᠨ ᠭᠠᠷ ᠨᠤᠬᠤᠯᠠᠵᠤ ᠭᠠᠴᠢᠭᠳᠠᠭᠤᠯᠳᠠᠭ ᠨᠢ ᠵᠥᠩᠳᠡᠭᠡᠨ᠃ ᠵᠠᠷᠢᠮ ᠰᠤᠷᠤᠭᠴᠢ ᠨᠢ ᠵᠣᠵᠢᠭ ᠵᠦᠷᠢᠭᠦᠳ᠂ ᠭᠠᠭᠴᠠᠭᠠᠷᠳᠠᠩᠭᠤᠢ᠂ ᠤᠢᠢᠳᠤᠩᠭᠤᠢ ᠪᠤᠯᠵᠦ᠂ ᠦᠭᠡ ᠳᠠᠭᠤ ᠨᠢ ᠴᠥᠭᠡᠷᠡᠵᠦ᠂ ᠥᠷᠥᠭᠡᠯ ᠪᠤᠰᠤᠳ ᠠᠴᠠ ᠵᠠᠶᠢᠯᠠᠬᠤ᠂ ᠴᠠᠭᠠᠰᠢᠯᠠᠨ ᠠᠪᠤ ᠡᠵᠢ᠂ ᠲᠥᠷᠥᠯ ᠰᠠᠳᠤᠨ ᠲᠠᠢ ᠪᠠᠨ ᠴᠦ ᠦᠭᠡ ᠶᠠᠷᠢᠬᠤ ᠳᠤᠷ᠎ᠠ ᠦᠭᠡᠢ᠂ ᠪᠠᠷᠤᠭ ᠬᠦᠮᠦᠨ ᠦᠵᠡᠪᠡᠯ ᠵᠠᠶᠢᠯᠠᠵᠤ ᠳᠤᠲᠠᠭᠠᠵᠤ ᠯᠡ ᠪᠠᠶᠢᠳᠠᠭ᠃ ᠡᠳᠡᠭᠡᠷ ᠪᠣᠯ ᠪᠦᠷ ᠰᠡᠳᠬᠢᠴᠡ ᠶᠢᠨ ᠬᠤᠪᠢᠷᠠᠯᠳᠠ ᠲᠠᠢ ᠬᠤᠯᠪᠣᠭᠳᠠᠬᠤ ᠶᠤᠮ᠃ ᠡᠳᠡᠭᠡᠷ ᠬᠤᠪᠢᠷᠠᠯᠳᠠ ᠨᠢ ᠶᠠᠭᠠᠬᠢᠵᠤ ᠪᠤᠢ ᠪᠣᠯᠣᠭᠰᠠᠨ ᠪᠤᠢ︖ ᠭᠡᠪᠡᠯ᠄      1. ᠠᠩᠬ᠎ᠠ ᠲᠤᠮᠳᠠᠳᠤ ᠶᠢᠨ ᠱᠠᠳᠤᠨ ᠳᠤ ᠭᠠᠳᠠᠭᠠᠳᠤ ᠣᠷᠴᠢᠨ ᠤ ᠲᠤᠬᠠᠢ ᠰᠤᠷᠤᠭᠴᠢᠳ ᠤᠨ ᠤᠢᠢᠯᠠᠭᠠᠯᠳᠠ ᠶᠢᠨ ᠦᠷᠭᠡᠵᠢᠯᠳᠠ᠂ ᠭᠦᠨᠵᠡᠭᠡᠶᠢᠷᠡᠯᠳᠠ ᠲᠠᠢ ᠬᠤᠯᠪᠤᠭᠳᠠᠳᠠᠬ᠃ ᠦᠵᠡᠵᠦ ᠰᠣᠨᠣᠰᠤᠭᠰᠠᠨ ᠨᠢ ᠨᠡᠮᠡᠭᠳᠡᠬᠦ᠂ ᠠᠮᠢᠳᠤᠷᠠᠯ ᠤᠨ ᠥᠩᠭᠡᠷᠡᠭᠡᠯᠲᠡ ᠨᠢ ᠪᠠᠶᠠᠯᠢᠬᠵᠢᠬᠤ ᠶᠢ ᠲᠠᠭᠠᠯᠳᠤᠨ᠂ ᠲᠠᠳᠠᠨ ᠤ ᠪᠤᠳᠤᠵᠤ ᠰᠡᠳᠬᠢᠭᠦ᠂ ᠭᠦᠰᠠᠵᠤ ᠰᠠᠨᠠᠬᠤ ᠭᠦᠭᠡᠭᠡᠴᠡᠯᠳᠤᠯ ᠨᠢ ᠦᠪᠠᠷᠮᠢᠴᠠ ᠰᠢᠨᠵᠢ ᠪᠠᠷ ᠬᠤᠷᠴᠠ ᠲᠤᠳᠤᠷᠬᠠᠢ ᠪᠤᠯᠵᠤ ᠢᠷᠡᠳᠡᠭ᠃ ᠢᠯᠠᠩᠭᠤᠶ᠎ᠠ ᠮᠡᠳᠡᠭᠡ ᠵᠠᠩᠭᠢ ᠨᠢᠰᠬᠦ ᠮᠡᠲᠦ ᠬᠥᠭᠵᠢᠵᠤ ᠪᠠᠶᠢᠭ᠎ᠠ ᠥᠨᠥᠳᠥᠷ ᠲᠡᠳᠡ ᠭᠠᠷ ᠤᠲᠠᠰᠤ᠂ ᠰᠦᠯᠵᠢᠶ᠎ᠠ᠂ ᠤᠯᠠᠨ ᠨᠠᠶᠢᠳᠠ ᠶᠢᠨ ᠵᠠᠭᠤᠴᠢᠯᠠᠭᠤᠷ ᠢᠶᠠᠷ ᠳᠠᠮᠵᠢᠨ ᠮᠠᠰᠢ ᠤᠯᠠᠨ ᠮᠡᠳᠡᠭᠡ ᠵᠠᠩᠭᠢ ᠶᠢ ᠣᠯᠵᠤ ᠬᠦᠷᠲᠡᠨ᠂ ᠵᠠᠷᠢᠮ ᠲᠠᠯ᠎ᠠ ᠪᠠᠷ ᠲᠣᠮᠣᠴᠤᠳ ᠠᠴᠠ ᠴᠦ ᠬᠤᠯᠠ ᠠᠬᠠᠳᠠᠵᠤ ᠪᠠᠶᠢᠭ᠎ᠠ ᠦᠵᠡᠭᠳᠡᠯ ᠮᠤᠩ ᠦᠭᠡᠢ ᠪᠠᠶᠢᠨ᠎ᠠ᠃      2. ᠠᠩᠬ᠎ᠠ ᠲᠤᠮᠳᠠᠳᠤ ᠶᠢᠨ ᠰᠤᠷᠤᠭᠴᠢᠳ ᠤᠨ ᠪᠡᠶ᠎ᠡ ᠪᠠᠨ ᠳᠠᠭᠠᠭᠠᠬᠤ ᠴᠢᠳᠠᠪᠤᠷᠢ ᠨᠢ ᠲᠦᠷᠭᠡᠨ ᠨᠡᠮᠡᠭᠳᠡᠳᠡᠭ᠃ ᠠᠪᠤ ᠡᠵᠢ ᠠᠴᠠ ᠪᠠᠨ ᠠᠯᠬᠤᠮ ᠴᠦ ᠬᠤᠯᠠᠳᠴᠤ ᠴᠢᠳᠠᠬᠤ ᠦᠭᠡᠢ ᠪᠠᠶᠢᠳᠠᠭ ᠵᠢᠭᠠᠯᠴᠤᠳ ᠭᠡᠷ ᠢᠶᠠᠨ ᠰᠠᠬᠢᠵᠤ ᠭᠠᠭᠴᠠᠭᠠᠷ ᠰᠠᠭᠤᠬᠤ᠂ ᠠᠷᠰᠠᠷ ᠠᠵᠢᠯ ᠳᠤ ᠶᠠᠪᠤᠬᠤ᠂ ᠭᠠᠭᠴᠠ ᠬᠤᠶᠠᠷ ᠢᠶᠠᠷ ᠵᠤᠭᠠᠴᠠᠬᠤ ᠠᠶᠢᠯᠴᠢᠯᠠᠵᠤ ᠶᠠᠪᠤᠬᠤ ᠵᠡᠷᠭᠡ ᠳᠤ ᠠᠵᠢᠭ ᠦᠭᠡᠢ ᠪᠠᠶᠢᠳᠠᠭ ᠪᠣᠯᠣᠭᠰᠠᠨ ᠮᠥᠷᠳᠡᠭᠡᠨ ᠤᠷᠮ᠎ᠠ ᠲᠠᠢ ᠪᠠᠬ᠎ᠠ ᠲᠠᠢ ᠪᠣᠯᠳᠠᠭ᠃ ᠦᠶ᠎ᠡ ᠶᠢᠨ ᠨᠦᠬᠦᠳ ᠲᠠᠢ ᠪᠠᠨ ᠬᠡᠳᠦᠭᠦᠯᠡ ᠨᠡᠶᠢᠯᠡᠵᠦ ᠬᠤᠳᠠ ᠬᠥᠳᠡᠭᠡ ᠭᠡᠰᠡᠨ ᠦᠭᠡᠢ ᠤᠷᠮ᠎ᠠ ᠲᠡᠭᠦᠯᠳᠡᠷ ᠨᠠᠭᠠᠳᠴᠤ ᠲᠣᠭᠤᠷᠢᠵᠤ ᠪᠠᠶᠢᠬᠤ ᠳᠤ ᠪᠠᠨ ᠮᠠᠰᠢ ᠬᠠᠩᠬᠠᠯᠤᠭᠤᠨ ᠪᠠᠶᠢᠳᠠᠭ᠃      3. ᠠᠩᠬ᠎ᠠ ᠲᠤᠮᠳᠠᠳᠤ ᠶᠢᠨ ᠰᠤᠷᠤᠭᠴᠢᠳ ᠤᠨ ᠪᠡᠶ᠎ᠡ ᠮᠠᠬᠠᠪᠤᠳ ᠤᠨ ᠦᠰᠤᠯᠳᠠ ᠬᠤᠪᠢᠷᠠᠯᠳᠠ ᠴᠦ ᠶᠡᠭᠡ ᠪᠠᠶᠢᠳᠠᠭ᠃      ᠡᠳᠡᠭᠡᠷ ᠪᠠᠶᠢᠳᠠᠯ ᠠᠴᠠ ᠪᠣᠯᠵᠤ ᠲᠡᠳᠡ ᠥᠪᠡᠷ ᠢ ᠪᠠᠨ ᠨᠢᠭᠡᠨᠲᠡ ᠥᠰᠴᠦ ᠲᠣᠮᠣ ᠪᠣᠯᠣᠯ᠎ᠠ᠂ ᠲᠣᠮᠣᠴᠤᠤᠯ ᠤᠨ ᠡᠩᠨᠡᠭᠡᠨ ᠳᠤ ᠣᠷᠣᠯ᠎ᠠ ᠭᠡᠵᠦ ᠦᠵᠡᠨ᠂ ᠣᠮᠣᠭᠰᠢᠯᠲᠤ ᠰᠡᠳᠬᠢᠯᠭᠡ ᠲᠥᠷᠥᠭᠳᠡᠵᠦ ᠪᠠᠶᠢᠳᠠᠭ ᠤᠨ ᠤᠯᠠᠮ ᠠᠴᠠ ᠳᠠᠷᠤᠢ ᠲᠦᠷᠭᠡᠨ ᠠᠪᠤ ᠡᠵᠢ᠂ ᠪᠠᠭᠰᠢ᠂ ᠠᠬᠠᠮᠠᠳ ᠤᠨ ᠬᠢᠨᠠᠯᠲᠠ ᠠᠴᠠ ᠰᠠᠯᠬᠤ᠂ ᠳᠠᠷᠤᠢ ᠭᠡᠷ ᠪᠦᠯᠢ᠂ ᠰᠤᠷᠭᠠᠭᠤᠯᠢ ᠶᠢᠨ ︽ᠬᠦᠯᠢᠶᠡᠰᠦᠯᠡᠯ︾ ᠠᠴᠠ ᠮᠣᠯᠲᠣᠷᠠᠨ᠂ ᠦᠪᠡᠷ ᠤᠨ ᠪᠡᠶ᠎ᠠ ᠳᠤ ᠪᠠᠨ ᠡᠵᠡᠨ ᠪᠤᠯᠵᠤ᠂ ᠰᠣᠨᠢᠷᠬᠠᠯ ᠢ ᠲᠠᠲᠠᠮ᠎ᠠ ᠭᠠᠳᠠᠭᠠᠳᠤ ᠶᠢᠷᠲᠢᠨᠴᠦ ᠳᠤ ᠰᠠᠨᠠᠭᠠᠨ ᠵᠣᠷᠢᠭ ᠢᠶᠠᠷ ᠨᠢᠰᠦᠨ ᠳᠡᠭᠦᠯᠢᠵᠦ ᠪᠠᠶᠢᠬᠤ ᠶᠢ ᠲᠡᠰᠬᠡᠯ ᠦᠭᠡᠢ ᠬᠦᠰᠡᠨ ᠮᠦᠷᠦᠭᠡᠳᠭᠦ ᠶᠢᠨ ᠤᠯᠠᠮ ᠢᠶᠠᠷ ᠦᠪᠠᠷ ᠢ ᠪᠠᠨ ᠨᠡᠶᠢᠭᠡᠮ ᠤᠨ ᠭᠦᠮᠦᠨ ᠪᠤᠶᠤ ᠨᠠᠶᠢᠭᠡᠮ ᠤᠨ ᠷᠤᠯᠢ ᠭᠦᠢᠴᠡᠳᠭᠡᠭᠦ ᠶᠢ ᠵᠠᠶᠢᠯᠠᠰᠢ ᠦᠭᠡᠢ ᠪᠤᠳᠤᠯᠬᠢᠯᠠᠳᠠᠬ᠃      ᠡᠨᠡ ᠬᠦ ᠦᠵᠡᠯᠳᠡ ᠪᠠ ᠮᠥᠷᠥᠭᠡᠳᠦᠯ ᠨᠢ ᠲᠡᠳᠡᠨ ᠢ ᠲᠡᠰᠦᠰᠢ ᠦᠭᠡᠢ ᠰᠠᠨᠳᠤᠷᠭᠠᠵᠤ ᠪᠠᠶᠢᠳᠠᠭ ᠤᠨ ᠤᠯᠠᠮ ᠠᠴᠠ ᠲᠡᠳᠡᠨ ᠤ ᠦᠢᠯᠡ ᠬᠥᠳᠡᠯᠦᠯ᠂ ᠤᠴᠢᠷ ᠶᠠᠪᠤᠳᠠᠯ ᠪᠣᠯᠭᠠᠨ ᠢ ᠨᠢ ᠬᠢᠨᠠᠨ ᠠᠩᠬᠠᠷᠴᠤ᠂ ᠬᠡᠯᠡᠵᠦ ᠰᠠᠨᠠᠭᠤᠯᠵᠤ ᠪᠠᠶᠢᠭ᠎ᠠ ᠠᠪᠤ ᠡᠵᠢ᠂ ᠪᠠᠭᠰᠢ ᠨᠠᠷ ᠲᠤ ᠪᠠᠨ ᠳᠤᠷ᠎ᠠ ᠦᠭᠡᠶᠢᠴᠡᠳᠡᠭ᠃ ᠬᠡᠦᠬᠡᠳ ᠤᠨ ᠢᠶᠠᠨ ᠡᠳᠡᠭᠡᠷ ᠬᠤᠪᠢᠷᠠᠯᠲᠠ ᠶᠢ ᠠᠩᠬᠠᠷᠬᠤ ᠦᠭᠡᠢ ᠪᠤᠶᠤ ᠡᠨᠡ ᠲᠠᠯ᠎ᠠ ᠶᠢᠨ ᠠᠵᠢᠭᠯᠠᠯᠲᠠ ᠤᠢᠢᠯᠠᠭᠠᠯᠲᠠ ᠦᠭᠡᠢ ᠭᠡᠷ ᠤᠨ ᠠᠬᠠᠮᠠᠳ ᠪᠤᠯ ᠬᠡᠦᠬᠡᠳ ᠤᠨ ᠢᠶᠠᠨ ᠪᠠᠶᠢᠳᠠᠯ ᠳᠤ ᠭᠠᠶᠢᠬᠠᠰᠢ ᠲᠠᠰᠤᠷᠠᠨ ᠠᠯᠮᠠᠶᠢᠷᠠᠳᠠᠬ᠃ ︽ᠡᠵᠢ ᠶᠢᠨ ᠰᠡᠳᠬᠢᠯ ᠳᠤ ᠦᠷ᠎ᠡ ᠨᠢ ᠬᠡᠵᠢᠶᠡᠳᠡ ᠨᠢᠯᠬ᠎ᠠ ᠪᠠᠷ ᠢᠶᠠᠨ︾ ᠭᠡᠳᠡᠭᠴᠢᠯᠡᠨ ᠠᠪᠤ ᠡᠵᠢ ᠨᠢ ᠬᠡᠵᠢᠶᠡᠳᠡ ᠯᠡ ᠦᠷ᠎ᠡ ᠬᠡᠦᠬᠡᠳ ᠤᠨ ᠢᠶᠠᠨ ᠲᠦᠯᠦᠭᠡ ᠰᠠᠨᠠᠭᠠᠰᠢᠷᠠᠵᠤ ᠵᠣᠪᠠᠳᠠᠭ ᠬᠤᠶᠢᠨ᠎ᠠ᠂ ᠳᠡᠷᠭᠡᠳᠡ ᠠᠴᠠ ᠪᠠᠨ ᠰᠠᠯᠭᠠᠯ ᠦᠭᠡᠢ ᠰᠢᠬᠠᠮ ᠥᠰᠬᠡᠵᠦ ᠡᠳᠦᠢ ᠬᠦᠷᠭᠡᠭᠰᠡᠨ ᠬᠡᠦᠬᠡᠳ ᠨᠢ ᠪᠡᠶ᠎ᠡ ᠪᠠᠨ ᠳᠠᠭᠠᠭᠠᠵᠤ ᠢᠩᠭᠢᠨ᠎ᠡ ᠴᠢᠩᠭᠢᠨ᠎ᠡ ᠭᠡᠬᠦ ᠳᠤ ᠢᠲᠡᠭᠡᠵᠦ ᠶᠠᠳᠠᠬᠤ ᠳᠤ ᠪᠠᠨ ᠴᠤ᠂ ᠪᠣᠯᠭᠤᠮᠵᠢᠯᠠᠬᠤ ᠳᠤ ᠪᠠᠨ ᠴᠦ ᠳᠠᠬᠢᠨ ᠳᠠᠪᠲᠠᠨ ᠵᠠᠬᠢᠵᠤ ᠰᠠᠨᠠᠭᠤᠯᠬᠤ ᠨᠢ ᠯᠠᠪᠲᠠᠢ᠃ ᠭᠡᠪᠡᠴᠦ ᠡᠳᠡᠭᠡᠷ ᠰᠠᠨᠠᠭᠤᠯᠭ᠎ᠠ ᠨᠢ ᠲᠡᠳᠡᠨ ᠤ ᠴᠢᠬᠢᠨ ᠳᠤ ᠶᠠᠩᠰᠢᠶ᠎ᠠ ᠪᠣᠯᠣᠨ ᠰᠣᠨᠣᠰᠳᠠᠵᠤ᠂ ︽ᠪᠢ ᠮᠡᠳᠡᠨ᠎ᠡ᠂ ᠪᠢ ᠴᠢᠳᠠᠨ᠎ᠠ︾ ᠭᠡᠬᠦ ᠰᠡᠳᠬᠢᠴᠡ ᠲᠠᠢ ᠨᠢ ᠵᠥᠷᠢᠴᠡᠯᠳᠦᠨ᠂ ᠤᠭ ᠵᠦᠷᠢᠴᠡᠯᠳᠤᠭᠡᠨ ᠨᠢ ᠬᠠᠶᠠ ᠳᠤ ᠪᠠᠨ ᠭᠡᠤᠭᠡᠳ ᠤᠨ ᠡᠭ᠍ᠳᠡᠭᠦᠦ ᠶᠢ ᠬᠦᠷᠭᠡᠳᠡᠭ᠃      4. ᠠᠩᠬ᠎ᠠ ᠲᠤᠮᠳᠠᠳᠤ ᠶᠢᠨ ᠰᠤᠷᠤᠭᠴᠢᠳ ᠤᠨ ᠠᠮᠢᠳᠤᠷᠠᠯ ᠤᠨ ᠲᠤᠷᠰᠢᠯᠭ᠎ᠠ ᠮᠠᠰᠢ ᠬᠤᠮᠰᠠ ᠪᠠᠶᠢᠳᠠᠭ ᠨᠢ ᠮᠠᠳᠠᠭ ᠦᠭᠡᠢ᠃ ᠶᠠᠭ ᠡᠶᠢᠮᠦ ᠠᠴᠠ ᠮᠠᠰᠢ ᠤᠯᠠᠨ ᠤᠴᠢᠷ ᠶᠠᠪᠤᠳᠠᠯ ᠢ ᠡᠷᠭᠢᠭᠦᠯᠵᠦ ᠬᠥᠷᠪᠡᠭᠦᠯᠦᠨ ᠰᠡᠳᠬᠢᠬᠦ ᠦᠭᠡᠢ᠂ ᠡᠮᠦᠨ᠎ᠠ ᠬᠤᠶᠢᠨᠠᠬᠢ ᠶᠢ ᠪᠤᠳᠤᠯᠬᠢᠯᠠᠬᠤ ᠦᠭᠡᠢ᠂ ᠨᠠᠭᠠᠨ᠎ᠠ ᠴᠠᠭᠠᠨ᠎ᠠ ᠶᠢ ᠪᠣᠳᠣᠬᠤ ᠦᠭᠡᠢ᠂ ᠵᠥᠪᠬᠡᠨ ᠥᠪᠡᠷ ᠤᠨ ᠰᠢᠭᠤᠳ ᠰᠡᠷᠡᠯ᠂ ᠬᠡᠰᠡᠭ ᠲᠠᠯ᠎ᠠ ᠶᠢᠨ ᠦᠵᠡᠯᠳᠡ ᠪᠠᠷ ᠢᠶᠠᠨ ᠠᠮᠢᠳᠤᠷᠠᠯ᠂ ᠰᠤᠷᠤᠯᠴᠠᠯᠭ᠎ᠠ ᠳᠤ ᠪᠠᠨ ᠲᠤᠬᠢᠶᠠᠯᠳᠤᠳᠠᠬ ᠠᠰᠠᠭᠤᠳᠠᠯ ᠳᠤ ᠬᠠᠭᠤᠳᠠᠮ ᠰᠢᠢᠳᠪᠦᠷᠢ ᠭᠠᠷᠭᠠᠬᠤ ᠨᠢ ᠤᠯᠠᠨ ᠪᠠᠶᠢᠳᠠᠭ᠃ ᠡᠭᠦᠨ ᠠᠴᠠ ᠪᠣᠯᠵᠤ ᠲᠡᠳᠡ ᠬᠠᠷᠠᠵᠤ ᠬᠠᠯᠠᠮᠵᠢᠯᠠᠵᠤ᠂ ᠬᠡᠯᠡᠵᠦ ᠰᠠᠨᠠᠭᠤᠯᠵᠤ ᠪᠠᠶᠢᠭ᠎ᠠ ᠬᠥᠮᠥᠰ ᠤᠨ ᠡᠰᠡᠷᠭᠦ ᠮᠠᠰᠢ ᠬᠢᠯᠪᠠᠷᠬᠠᠨ ᠡᠰᠡᠷᠭᠦᠴᠡᠨ ᠲᠤᠯᠵᠤ᠂ ᠰᠢᠭᠤᠳ ᠵᠥᠷᠢᠴᠡᠯᠳᠦᠬᠦ ᠪᠠᠶᠢᠳᠠᠯ ᠢᠶᠠᠷ ᠬᠠᠨᠳᠤᠵᠤ ᠪᠠᠶᠢᠳᠠᠭ᠃      ᠲᠡᠭᠡᠪᠡᠯ ᠭᠡᠷ ᠤᠨ ᠠᠬᠠᠮᠠᠳ᠂ ᠪᠠᠭᠰᠢ ᠨᠠᠷ ᠠᠴᠠ ᠡᠨᠡ ᠬᠦ ᠰᠦᠷᠭᠦ ᠰᠡᠳᠬᠢᠴᠠ ᠶᠢᠨ ᠠᠰᠠᠭᠤᠳᠠᠯ ᠳᠤ ᠬᠡᠷᠬᠢᠨ ᠬᠠᠨᠳᠤᠬᠤ ᠪᠣᠢ︖ ᠡᠨᠡ ᠲᠤᠬᠠᠢ ᠳᠤ ᠭᠤᠣᠯᠳᠠᠭᠤ ᠳᠠᠷᠠᠭᠠᠬᠢ ᠬᠡᠳᠦᠨ ᠲᠠᠯ᠎ᠠ ᠶᠢᠨ ᠰᠠᠨᠠᠭᠤᠯᠭ᠎ᠠ ᠶᠢ ᠦᠭᠭᠦᠶ᠎ᠡ᠃      1. ᠬᠡᠦᠬᠡᠳ ᠤᠨ ᠦᠰᠦᠨ ᠪᠦᠵᠢᠯᠲᠠ ᠶᠢ ᠮᠡᠳᠡᠷᠡᠨ᠂ ᠬᠦᠨᠳᠦᠳᠬᠡᠬᠦ ᠬᠡᠷᠡᠭᠳᠡᠢ᠃ ᠲᠡᠳᠡᠨ ᠤ ᠥᠰᠴᠦ ᠲᠣᠮᠣᠭᠠᠵᠢᠵᠤ ᠪᠠᠶᠢᠭ᠎ᠠ ᠶᠢ ᠮᠡᠳᠡᠷᠡᠬᠦ ᠬᠡᠷᠡᠭᠲᠡᠢ᠃ ︽ᠮᠢᠨᠤ ᠬᠡᠦᠬᠡᠳ ᠥᠭᠡᠯᠡᠢ ᠪᠣᠯᠴᠢᠬᠠᠯ᠎ᠠ᠂ ᠥᠰᠴᠦ ᠲᠣᠮᠣᠭᠠᠵᠢᠵᠤ ᠪᠠᠶᠢᠨ᠎ᠠ︾ ᠭᠡᠳᠡᠭ ᠢ ᠲᠠ ᠦᠷᠭᠦᠯᠵᠢ ᠥᠪᠡᠷ ᠤᠨ ᠪᠡᠶ᠎ᠡ ᠳᠤ ᠪᠠᠨ ᠪᠠ ᠬᠡᠦᠬᠡᠳ ᠲᠤ ᠪᠠᠨ ᠬᠡᠯᠡᠵᠦ ᠪᠠᠶᠢᠭᠠᠷᠠᠢ᠃ ᠳᠠᠷᠤᠢ ᠬᠡᠦᠬᠡᠳ ᠢᠶᠠᠨ ᠦᠰᠦᠨ ᠪᠦᠵᠢᠵᠤ ᠪᠠᠶᠢᠨ᠎ᠠ᠂ ᠥᠭᠡᠯᠡᠢ ᠪᠣᠯᠵᠤ ᠪᠠᠶᠢᠨ᠎ᠠ ᠭᠡᠳᠡᠭ ᠢ ᠮᠡᠳᠡᠷᠡᠬᠦ ᠶᠢᠨ ᠵᠡᠷᠭᠡ ᠪᠠᠷ ᠬᠡᠦᠬᠡᠳ ᠲᠤ ᠪᠠᠨ ᠨᠤᠲᠠᠯᠠᠵᠤ ᠥᠭᠭᠦᠭᠡᠷᠡᠢ ᠭᠡᠰᠡᠨ ᠦᠭᠡ ᠶᠤᠮ᠃      ᠬᠡᠦᠬᠡᠳ ᠤᠨ ᠢᠶᠠᠨ ᠥᠰᠴᠦ ᠪᠦᠵᠢᠵᠤ ᠪᠠᠶᠢᠭ᠎ᠠ ᠶᠢ ᠮᠡᠳᠡᠷᠡᠳᠡᠭ ᠭᠡᠷ ᠤᠨ ᠠᠬᠠᠮᠠᠳ ᠲᠡᠳᠡᠨ ᠤ ᠪᠠᠶᠢᠳᠠᠯ ᠳᠤ ᠨᠢ ᠵᠣᠬᠢᠴᠠᠭᠰᠠᠨ ᠠᠵᠢᠯ ᠡᠭᠦᠷᠭᠡ ᠥᠭᠴᠦ᠂ ᠠᠷᠰᠠᠷ ᠶᠠᠪᠤᠳᠠᠯ ᠤᠴᠢᠷ ᠲᠤ ᠵᠠᠷᠤᠵᠤ ᠪᠠᠶᠢᠳᠠᠭ᠂ ᠠᠶᠠᠭ᠎ᠠ ᠰᠢᠨᠠᠭ᠎ᠠ ᠤᠬᠢᠶᠠᠬᠤ᠂ ᠭᠡᠷ ᠲᠡᠷᠭᠡ ᠴᠡᠪᠡᠷᠯᠡᠬᠦ᠂ ᠮᠠᠯ ᠤᠨᠤᠭᠠᠨ ᠳᠤ ᠶᠠᠪᠤᠬᠤ᠂ ᠠᠳᠡ ᠲᠡᠨᠳᠡ ᠵᠠᠷᠤᠭᠠᠳ ᠁ ᠢᠩᠭᠢᠬᠦ ᠳᠤ ᠪᠠᠨ ︽ᠮᠢᠨᠤ ᠬᠡᠦᠬᠡᠳ ᠥᠭᠡᠯᠡᠢ ᠪᠣᠯᠴᠢᠬᠠᠯ᠎ᠠ᠂ ᠥᠰᠴᠦ ᠲᠣᠮᠣᠭᠠᠵᠢᠵᠤ ᠪᠠᠶᠢᠨ᠎ᠠ︾᠂ ︽ᠠᠪᠤ ᠡᠵᠢ ᠪᠠᠨ ᠬᠠᠪᠰᠤᠷᠬᠤ ᠪᠣᠯᠴᠢᠬᠠᠯ᠎ᠠ᠂ ᠪᠢ ᠶᠣᠰᠣᠲᠠᠢ ᠪᠠᠶᠠᠷᠯᠠᠵᠤ ᠪᠠᠶᠢᠨ᠎ᠠ ᠁︾ ᠭᠡᠬᠦ ᠵᠡᠷᠭᠡ ᠪᠠᠷ ᠮᠠᠭᠲᠠᠨ ᠤᠷᠮᠠᠰᠢᠭᠤᠯᠵᠤ ᠪᠠᠶᠢᠳᠠᠭ᠂ ᠡᠨᠡ ᠨᠢ ᠶᠠᠭ ᠰᠠᠶᠢᠬᠠᠨ ᠬᠡᠦᠬᠡᠳ ᠤᠨ ︽ᠪᠢ ᠲᠣᠮᠣ ᠪᠣᠯᠣᠭᠰᠠᠨ︾ ᠭᠡᠬᠦ ᠰᠡᠳᠬᠢᠴᠡ ᠲᠠᠢ ᠨᠢ ᠠᠮᠠ ᠰᠡᠭᠡᠷ ᠵᠣᠯᠭᠠᠵᠤ ᠪᠠᠶᠢᠳᠠᠭ᠃      ᠬᠡᠦᠬᠡᠳ ᠤᠨ ᠥᠰᠴᠦ ᠲᠣᠮᠣᠭᠠᠵᠢᠵᠤ ᠪᠠᠶᠢᠭ᠎ᠠ ᠶᠢ ᠮᠡᠳᠡᠷᠡᠬᠦ ᠳᠤ ᠪᠠᠰᠠ ᠨᠢᠭᠡ ᠮᠠᠰᠢ ᠰᠠᠶᠢᠨ ᠠᠵᠢᠯᠯᠠᠭ᠎ᠠ ᠪᠣᠯ ᠲᠡᠳᠡᠨ ᠢ ᠠᠶᠢᠯ ᠭᠡᠷ ᠤᠨ ᠢᠶᠠᠨ ᠤᠴᠢᠷ ᠶᠠᠪᠤᠳᠠᠯ ᠢ ᠰᠢᠢᠳᠪᠦᠷᠢᠯᠡᠬᠦ ᠵᠥᠪᠳᠡᠯᠴᠡᠭᠡᠨ ᠤ ︽ᠬᠤᠷᠠᠯ︾ ᠳᠤ ᠣᠷᠣᠯᠴᠠᠭᠤᠯᠬᠤ ᠶᠠᠪᠤᠳᠠᠯ ᠪᠣᠯᠣᠨ᠎ᠠ᠃ ᠵᠢᠱᠢᠶᠡᠯᠡᠬᠦ ᠳᠤ ᠨᠢᠭᠡᠨ ᠭᠡᠷ ᠤᠨ ᠬᠡᠷᠡᠭᠰᠡᠯ ᠬᠤᠳᠠᠯᠳᠤᠨ ᠠᠪᠬᠤ ᠤᠴᠢᠷ ᠲᠤ ᠬᠡᠦᠬᠡᠳ ᠤᠨ ᠰᠠᠨᠠᠯ ᠢ ᠠᠰᠠᠭᠤᠵᠤ ᠪᠣᠯᠣᠨ᠎ᠠ᠂ ᠭᠡᠬᠦ ᠳᠤ ᠪᠠᠨ ᠬᠠᠰᠢ ᠶᠠᠰᠢ ᠠᠰᠠᠭᠤᠵᠤ᠂ ᠬᠠᠶᠢᠨ ᠳᠤ ᠨᠢ ᠬᠠᠶᠠᠬᠤ ᠪᠢᠰᠢ᠂ ᠪᠠᠰᠠ ᠶᠠᠭᠤ ᠭᠡᠪᠡᠯ ᠶᠠᠭᠤ ᠶᠢ ᠨᠢ ᠵᠥᠪᠰᠢᠶᠡᠷᠡᠬᠦ ᠪᠢᠰᠢ᠂ ᠬᠠᠷᠢᠨ ᠵᠣᠭᠤᠰ ᠮᠥᠩᠭᠦᠨ ᠤ ᠬᠡᠪᠴᠢᠶ᠎ᠡ᠂ ᠬᠡᠷᠡᠭᠴᠡᠭᠡ ᠴᠢᠬᠤᠯᠠᠴᠢᠯᠠᠭ᠎ᠠ ᠵᠡᠷᠭᠡ ᠶᠢ ᠨᠠᠷᠢᠨ ᠲᠣᠳᠣᠷᠬᠠᠢᠢᠯᠠᠵᠤ᠂ ᠬᠢᠨᠠᠮᠠᠭᠠᠢ ᠲᠠᠶᠢᠯᠪᠤᠷᠢᠯᠠᠵᠤ᠂ ᠲᠡᠳᠡᠨ ᠢᠶᠠᠷ ᠵᠥᠪ ᠰᠣᠩᠭᠤᠯᠲᠠ ᠭᠠᠷᠭᠠᠯᠭᠠᠬᠤ ᠪᠠᠷ ᠴᠢᠷᠮᠠᠶᠢᠵᠤ ᠪᠠᠶᠢᠬᠤ ᠴᠢᠬᠤᠯᠠ ᠲᠠᠢ᠂ ᠰᠠᠨᠠᠯ ᠠᠳᠠᠯᠢ ᠪᠤᠰᠤ ᠪᠣᠯᠴᠢᠬᠠᠭᠰᠠᠨ ᠪᠣᠯ ᠭᠡᠷ ᠤᠨ ᠠᠬᠠᠮᠠᠳ ᠨᠢ ᠶᠠᠭᠠᠬᠢᠭᠠᠳ ᠢᠩᠭᠢᠵᠦ ᠰᠣᠩᠭᠤᠵᠤ ᠪᠠᠶᠢᠭ᠎ᠠ ᠶᠢ ᠨᠢ ᠬᠢᠨᠠᠮᠠᠭᠠᠢ ᠲᠠᠶᠢᠯᠪᠤᠷᠢᠯᠠᠭᠤᠯᠵᠤ ᠪᠤᠯᠤᠨ᠎ᠠ᠃      2. ᠭᠡᠤᠭᠡᠳ ᠤᠨ ᠦᠰᠦᠨ ᠪᠤᠶᠢᠵᠢᠯᠳᠠ ᠳᠤ ᠣᠷᠣᠨ ᠵᠠᠢ ᠶᠢ ᠣᠯᠭᠤᠬᠤ ᠬᠡᠷᠡᠭᠳᠡᠢ᠃ ᠠᠩᠬ᠎ᠠ ᠲᠤᠮᠳᠠᠳᠤ ᠶᠢᠨ ᠰᠤᠷᠤᠭᠴᠢ ᠨᠢᠭᠡ ᠪᠦᠷᠢ ᠨᠢ ᠪᠦᠷ ᠥᠪᠡᠷ ᠤᠨ ᠭᠡᠰᠡᠨ ᠴᠢᠯᠦᠭᠡᠳᠤ ᠣᠷᠣᠨ ᠵᠠᠶᠢᠳᠠᠢ ᠪᠠᠶᠢᠬᠤ ᠶᠢ ᠱᠠᠭᠠᠷᠳᠠᠳᠠᠭ᠂ ᠵᠠᠷᠢᠮ ᠭᠡᠷ ᠤᠨ ᠠᠬᠠᠮᠠᠳ ᠡᠭᠦᠨ ᠢ ᠣᠮᠳᠤᠭᠠᠢᠢᠯᠠᠵᠤ᠂ ᠬᠦᠦ ᠬᠥᠮᠥᠨ ᠬᠠᠮᠢᠶ᠎ᠠ ᠦᠭᠡᠢ ᠭᠡᠬᠦ ᠪᠤᠶᠤ ᠡᠵᠢ ᠨᠢ ᠥᠬᠢᠨ ᠲᠠᠢ ᠪᠠᠨ᠂ ᠠᠪᠤ ᠨᠢ ᠬᠦᠦ ᠲᠠᠢ ᠪᠠᠨ ᠪᠣᠯ ᠨᠢᠭᠤᠵᠤ ᠬᠠᠪᠴᠢᠬᠤ ᠵᠦᠢᠯ ᠦᠭᠡᠢ ᠭᠡᠵᠦ ᠦᠵᠡᠨ ᠶᠠᠭᠤ ᠪᠦᠬᠦᠨ ᠢ ᠨᠢ ᠬᠠᠮᠢᠶᠠᠷᠴᠤ᠂ ᠨᠢᠭᠤᠴᠠ ᠪᠦᠬᠦᠨ ᠢ ᠨᠢ ᠤᠬᠤᠴᠢᠯᠠᠵᠤ ᠪᠠᠶᠢᠳᠠᠭ᠂ ᠡᠨᠡ ᠪᠣᠯ ᠮᠠᠰᠢ ᠪᠤᠷᠤᠭᠤ ᠠᠵᠢᠯᠯᠠᠭ᠎ᠠ ᠮᠥᠨ᠃ ᠭᠡᠪᠡᠴᠦ ᠶᠠᠭ ᠬᠠᠮᠢᠶᠠᠷᠬᠤ ᠦᠭᠡᠢ ᠭᠡᠰᠡᠨ ᠪᠢᠰᠢ᠂ ᠬᠠᠷᠢᠨ ᠲᠡᠳᠡᠨ ᠳᠤ ᠵᠥᠪᠯᠡᠮᠵᠢ ᠥᠭᠬᠦ ᠵᠣᠭᠰᠣᠴᠠ ᠠᠴᠠ ᠬᠠᠷᠢᠯᠴᠠᠪᠠᠯ ᠵᠣᠬᠢᠨ᠎ᠠ᠃ ᠡᠭᠦᠨ ᠠᠴᠠ ᠭᠠᠳᠠᠨ᠎ᠠ ᠲᠡᠳᠡᠨ ᠤ ᠵᠠᠬᠢᠳᠠᠯ ᠴᠢᠮᠡᠭᠡ᠂ ᠤᠲᠠᠰᠤ ᠨᠡᠪᠲᠡᠷᠡᠯᠴᠡᠭᠡ᠂ ᠣᠬᠤᠷ ᠵᠠᠬᠢᠶ᠎ᠠ᠂ ᠸᠢᠴᠠᠲ ᠴᠢᠮᠡᠭᠡ ᠵᠡᠷᠭᠡ ᠬᠤᠪᠢ ᠶᠢᠨ ᠨᠢᠭᠤᠴᠠ ᠳᠤ ᠶᠠᠭᠠᠬᠢᠭᠰᠠᠨ ᠴᠦ ᠬᠠᠯᠳᠠᠵᠤ ᠪᠣᠯᠬᠤ ᠦᠭᠡᠢ ᠪᠠᠶᠢᠳᠠᠭ᠃ ᠡᠨᠡ ᠨᠢ ᠬᠠᠤᠯᠢ ᠠᠴᠠ ᠵᠥᠷᠢᠴᠡᠭᠰᠡᠨ ᠠᠵᠢᠯᠯᠠᠭ᠎ᠠ ᠪᠣᠯᠬᠤ ᠪᠠᠷ ᠪᠠᠷᠠᠬᠤ ᠦᠭᠡᠢ ᠬᠡᠦᠬᠡᠳ ᠤᠨ ᠡᠷᠡᠰ ᠡᠰᠡᠷᠭᠦᠴᠡᠯ ᠢ ᠣᠯᠵᠤ ᠬᠡᠦᠬᠡᠳ ᠪᠠ ᠭᠡᠷ ᠤᠨ ᠠᠬᠠᠮᠠᠳ ᠤᠨ ᠬᠤᠭᠤᠷᠣᠨᠳᠤᠬᠢ ᠬᠠᠷᠢᠴᠠᠭ᠎ᠠ ᠶᠢ ᠰᠢᠭᠤᠳ ᠳᠠᠶᠢᠰᠤᠩᠨᠠᠬᠤ ᠬᠡᠮᠵᠢᠶᠡᠨ ᠳᠤ ᠴᠦ ᠬᠦᠷᠭᠡᠵᠤ ᠮᠠᠳᠠᠨ᠎ᠠ᠃      ᠡᠶᠢᠮᠦ ᠠᠴᠠ ᠲᠡᠳᠡᠨ ᠳᠤ ᠨᠠᠶᠢᠵᠠᠯᠠᠬᠤ ᠪᠠ ᠦᠶ᠎ᠡ ᠶᠢᠨ ᠨᠠᠶᠢᠵᠠ ᠨᠠᠷ ᠲᠠᠢ ᠪᠠᠨ ᠶᠠᠪᠤᠯᠴᠠᠬᠤ᠂ ᠤᠴᠢᠷ ᠶᠠᠪᠤᠳᠠᠯ ᠳᠤ ᠰᠣᠩᠭᠤᠯᠲᠠ ᠬᠢᠬᠦ ᠵᠡᠷᠭᠡ ᠨᠠᠶᠢᠭᠡᠮ ᠪᠠ ᠭᠡᠷ ᠪᠦᠯᠢ ᠶᠢᠨ ᠵᠣᠬᠢᠬᠤ ᠴᠢᠯᠦᠭᠡᠳᠤ ᠣᠷᠣᠨ ᠵᠠᠢ ᠣᠯᠭᠤᠬᠤ ᠬᠡᠷᠡᠭᠳᠡᠢ᠃ ᠭᠡᠯᠡᠯᠭᠡᠨ ᠦᠭᠡᠢ᠂ ᠲᠡᠳᠡᠨ ᠤ ᠰᠣᠩᠭᠤᠯᠲᠠ ᠪᠤᠷᠤᠭᠤ ᠪᠠᠶᠢᠪᠠᠯ ᠡᠴᠢᠭᠡ ᠡᠭᠡ ᠨᠢ ᠡᠷᠬᠡᠪᠰᠢ ᠶᠠᠭᠠᠬᠢᠭᠠᠳ ᠡᠶᠢᠮᠦ ᠭᠡᠳᠡᠭ ᠢ ᠬᠡᠯᠡᠵᠦ ᠥᠭᠭᠦᠭᠡᠳ ᠰᠠᠶ᠋ᠢ ᠥᠪᠡᠷ ᠤᠨ ᠰᠢᠢᠳᠪᠦᠷᠢ ᠪᠠᠨ ᠬᠡᠷᠡᠭᠵᠢᠭᠦᠯᠵᠦ ᠪᠠᠶᠢᠪᠠᠯ ᠵᠦᠢᠲᠠᠢ᠃      ᠤᠨᠴᠠᠭᠠᠢᠢᠯᠠᠨ ᠡᠨᠡ ᠬᠦ ᠨᠠᠰᠤᠨ ᠤ ᠬᠡᠦᠬᠡᠳ ᠢᠵᠢᠯ ᠪᠤᠰᠤ ᠬᠦᠢᠰᠦᠲᠡᠨ ᠢ ᠡᠬᠢᠯᠡᠨ ᠠᠩᠬᠠᠷᠴᠤ᠂ ᠨᠠᠶᠢᠵᠠᠯᠠᠳᠠᠭ᠃ ᠡᠨᠡ ᠦᠶ᠎ᠡ ᠳᠤ ᠭᠡᠷ ᠤᠨ ᠠᠬᠠᠮᠠᠳ ᠪᠠ ᠪᠠᠭᠰᠢ ᠨᠠᠷ ᠬᠡᠲᠦᠷᠬᠡᠢ ᠰᠣᠷᠭᠤᠭ ᠪᠠᠶᠢᠵᠤ ᠤᠬᠤᠴᠢᠯᠠᠵᠤ ᠠᠰᠠᠭᠤᠬᠤ ᠨᠢ ᠲᠡᠳᠡᠨ ᠤ ᠳᠤᠷ᠎ᠠ ᠦᠭᠡᠶᠢᠴᠡᠯ ᠢ ᠬᠦᠷᠭᠡᠳᠡᠭ᠂ ᠨᠡᠩ ᠢᠯᠠᠩᠭᠤᠶ᠎ᠠ ᠡᠷᠲᠡ ᠢᠨᠠᠭᠯᠠᠯ᠎ᠠ ᠶᠠᠭᠠᠬᠢᠯ᠎ᠠ ᠭᠡᠵᠦ ᠶᠠᠷᠢᠵᠤ ᠵᠢᠮᠡᠯᠡᠭᠦ ᠨᠢ ᠰᠢᠭᠤᠳ ᠡᠭ᠍ᠳᠡᠭᠦᠴᠡᠯ ᠵᠢᠭᠰᠢᠯ ᠢ ᠨᠢ ᠲᠦᠷᠦᠭᠦᠯᠬᠦ ᠬᠡᠮᠵᠢᠶᠡᠨ ᠳᠤ ᠬᠦᠷᠭᠡᠳᠡᠭ ᠪᠠᠶᠢᠨ᠎ᠠ᠃      3. ᠭᠡᠤᠭᠡᠳ ᠲᠤ ᠵᠤᠬᠢᠬᠤ ᠪᠠᠶᠢᠷᠢ ᠰᠠᠭᠤᠷᠢ ᠣᠯᠭᠤᠬᠤ ᠬᠡᠷᠡᠭᠳᠡᠢ᠃ ᠲᠡᠳᠡᠨ ᠢ ᠭᠡᠷ ᠪᠦᠯᠢ ᠶᠢᠨ ᠨᠢᠭᠡᠨ ᠭᠡᠰᠢᠭᠦᠨ ᠪᠣᠯᠣᠯ᠎ᠠ ᠭᠡᠳᠡᠭ ᠢ ᠮᠡᠳᠡᠷᠡᠵᠦ᠂ ᠭᠡᠷ ᠪᠦᠯᠢ ᠶᠢᠨ ᠤᠴᠢᠷ ᠶᠠᠪᠤᠳᠠᠯ ᠢᠶᠠᠨ ᠵᠥᠪᠯᠡᠬᠦ ᠳᠤ ᠰᠠᠨᠠᠯ ᠢ ᠨᠢ ᠰᠣᠨᠣᠰᠬᠤ ᠬᠡᠷᠡᠭᠳᠡᠢ᠃ ᠨᠠᠶᠢᠵᠠ ᠨᠦᠬᠦᠳ ᠤᠨ ᠬᠢᠨ ᠳᠡᠷᠭᠡᠳᠡ ᠲᠡᠳᠡᠨ ᠤ ᠰᠠᠨᠠᠯ ᠢ ᠠᠰᠠᠭᠤᠵᠤ᠂ ᠱᠠᠭᠠᠷᠳᠠᠯᠭ᠎ᠠ ᠰᠠᠨᠠᠭᠤᠯᠭ᠎ᠠ ᠲᠠᠢ ᠪᠣᠯ ᠵᠥᠪᠯᠡᠮᠵᠢ ᠶᠢᠨ ᠮᠠᠶ᠋ᠢᠭ ᠢᠶᠠᠷ ᠶᠠᠷᠢᠬᠤ ᠶᠢ ᠠᠩᠬᠠᠷᠤᠨ᠎ᠠ᠃ ᠰᠠᠨᠠᠯ ᠵᠥᠷᠢᠯᠳᠦᠪᠡᠯ ᠶᠠᠷᠢᠯᠴᠠᠨ ᠵᠦᠪᠳᠠᠯᠴᠠᠵᠤ ᠲᠠᠶᠢᠯᠪᠤᠷᠢᠯᠠᠵᠤ ᠤᠬᠠᠭᠤᠯᠤᠨ᠂ ᠰᠢᠭᠦᠮᠵᠢᠯᠡᠨ ᠰᠤᠷᠭᠠᠵᠤ ᠪᠣᠯᠣᠨ᠎ᠠ᠂ ᠶᠠᠭᠠᠬᠢᠭᠰᠠᠨ ᠴᠦ ᠨᠠᠶᠢᠵᠠ ᠨᠦᠬᠦᠳ ᠤᠨ ᠬᠢᠨ ᠳᠡᠷᠭᠡᠳᠡ ᠤᠯᠠᠶᠢᠵᠤ ᠴᠠᠶᠢᠲᠠᠯ᠎ᠠ ᠲᠣᠩᠭᠤᠳᠴᠦ ᠪᠣᠯᠬᠤ ᠦᠭᠡᠢ᠃      ᠰᠤᠷᠤᠯᠴᠠᠯᠭ᠎ᠠ ᠪᠣᠯ ᠬᠡᠦᠬᠡᠳ ᠤᠨ ᠥᠪᠡᠷ ᠤᠨ ᠬᠢᠨᠢ ᠤᠴᠢᠷ ᠮᠥᠨ᠂ ᠰᠤᠷᠤᠯᠴᠠᠯᠭ᠎ᠠ ᠳᠡᠭᠡᠷ᠎ᠡ᠂ ᠢᠯᠠᠩᠭᠤᠶ᠎ᠠ ᠬᠢᠴᠢᠶᠡᠯ ᠤᠨ ᠭᠠᠳᠠᠭᠤᠷᠬᠢ ᠳᠤᠷ᠎ᠠ ᠪᠠᠬ᠎ᠠ ᠶᠢᠨ ᠰᠣᠩᠭᠤᠯᠲᠠ ᠶᠢᠨ ᠠᠰᠠᠭᠤᠳᠠᠯ ᠳᠡᠭᠡᠷ᠎ᠡ ᠭᠡᠷ ᠤᠨ ᠠᠬᠠᠮᠠᠳ ᠶᠠᠭᠠᠬᠢᠭᠰᠠᠨ ᠴᠦ ᠬᠡᠦᠬᠡᠳ ᠢᠶᠠᠨ ᠣᠷᠣᠯᠠᠨ ᠰᠣᠩᠭᠤᠯᠲᠠ ᠬᠢᠵᠦ ᠪᠣᠯᠬᠤ ᠦᠭᠡᠢ᠂ ᠲᠡᠳᠡᠨ ᠤ ᠰᠣᠩᠭᠤᠯᠲᠠ ᠢᠯᠡᠷᠬᠡᠢ ᠪᠣᠷᠣᠭᠤᠳᠠᠭᠰᠠᠨ ᠪᠠᠶᠢᠪᠠᠯ ᠮᠥᠨ ᠯᠡ ᠬᠠᠮᠲᠤ ᠪᠠᠷ ᠤᠴᠢᠷ ᠶᠠᠪᠤᠳᠠᠯ ᠢ ᠵᠠᠳᠠᠯᠤᠨ ᠶᠠᠷᠢᠯᠴᠠᠵᠤ᠂ ᠵᠥᠪ ᠪᠤᠷᠤᠭᠤ ᠶᠢ ᠬᠠᠮᠲᠤ ᠪᠠᠷ ᠲᠤᠩᠭᠠᠬᠤ ᠬᠡᠷᠡᠭᠳᠡᠢ᠃      4. ᠬᠡᠦᠬᠡᠳ ᠲᠠᠢ ᠪᠠᠨ ᠢᠯᠡᠭᠦᠬᠡᠨ ᠬᠠᠮᠲᠤ ᠪᠠᠶᠢᠯᠴᠠᠬᠤ ᠬᠡᠷᠡᠭᠳᠡᠢ᠃ ᠡᠨᠡ ᠬᠦ ᠨᠠᠰᠤᠨ ᠤ ᠬᠡᠦᠬᠡᠳ ᠤᠨ ᠭᠡᠷ ᠪᠦᠯᠢ ᠶᠢᠨ ᠲᠤᠬᠠᠢ ᠦᠵᠡᠯᠳᠡ ᠨᠢ ᠬᠤᠪᠢᠷᠠᠯᠲᠠ ᠭᠠᠷᠤᠭᠰᠠᠨ ᠪᠠᠶᠢᠳᠠᠭ᠂ ᠲᠡᠳᠡ ᠨᠢᠭᠡ ᠭᠡᠷ ᠢᠶᠠᠷ ᠢᠶᠠᠨ ᠬᠠᠮᠲᠤ ᠵᠤᠭᠠᠴᠠᠨ ᠲᠣᠭᠤᠷᠢᠬᠤ᠂ ᠠᠶᠢᠯᠴᠢᠯᠠᠬᠤ ᠵᠡᠷᠭᠡ ᠭᠡᠷ ᠪᠦᠯᠢ ᠶᠢᠨ ᠠᠵᠢᠯᠯᠠᠭᠠᠨ ᠳᠤ ᠤᠷᠮ᠎ᠠ ᠰᠣᠨᠢᠷᠬᠠᠯ ᠲᠠᠢ ᠪᠣᠯᠳᠠᠭ᠃ ᠭᠡᠬᠦ ᠳᠤ ᠪᠠᠨ ᠪᠦᠬᠦᠯᠢ ᠪᠦᠲᠦᠨ ᠭᠡᠷ ᠪᠦᠯᠢ ᠪᠠᠷ ᠢᠶᠠᠨ ᠪᠠᠶᠢᠬᠤ ᠨᠢ ᠲᠡᠳᠡᠨ ᠢ ᠮᠠᠰᠢ ᠶᠡᠭᠡ ᠪᠠᠶᠠᠷ ᠬᠦᠷ ᠲᠠᠢ ᠪᠠᠶᠢᠯᠭᠠᠳᠠᠭ᠂ ᠢᠯᠠᠩᠭᠤᠶ᠎ᠠ ᠡᠶ᠎ᠡ ᠡᠪᠲᠡᠢ ᠭᠡᠷ ᠪᠦᠯᠢ ᠶᠢᠨ ᠣᠷᠴᠢᠨ ᠨᠢ ᠲᠡᠳᠡᠨ ᠳᠤ ᠬᠠᠯᠠᠭᠤᠨ ᠳᠤᠯᠠᠭᠠᠨ ᠪᠠᠶᠠᠷ ᠵᠢᠷᠭᠠᠯᠲᠤ ᠰᠡᠳᠬᠢᠭᠳᠡᠯ ᠣᠯᠭᠤᠳᠠᠭ ᠠᠴᠠ ᠰᠥᠷᠬᠦ ᠰᠡᠳᠬᠢᠴᠡ ᠶᠢ ᠨᠢ ᠡᠶᠡᠷᠡᠭᠦᠯᠵᠦ ᠪᠠᠶᠢᠳᠠᠭ᠃          ᠬᠠᠶ᠋ᠢᠬ᠄ ᠠᠷᠤ ᠬᠤᠷᠴᠢᠨ ᠬᠤᠰᠢᠭᠤᠨ ᠤ ᠴᠢᠪᠠᠭ᠎ᠠ ᠲᠠᠪᠤᠳᠤᠭᠠᠷ ᠳᠤᠮᠳᠠᠳᠤ ᠰᠤᠷᠭᠠᠭᠤᠯᠢ                                ︵ᠠᠯᠳᠠᠨᠰᠦ᠋ᠭᠡ ᠨᠠᠶᠢᠷᠠᠭᠤᠯᠪᠠ︶                                2020 ᠣᠨ ᠤ 5 ᠳ᠋ᠤᠭᠠᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠤ ᠰᠤᠷᠭᠠᠨ ᠬᠥᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map