ᠦᠢᠯᠡᠳᠤᠯᠭᠡ ᠳᠤ ᠤᠷᠤᠯᠴᠠᠬᠤ ᠰᠤᠷᠭᠠᠠ ᠬᠥᠮᠤᠵᠢᠯ ᠤᠨ ᠳᠤᠬᠠᠢ
ᠨᠡᠶᠢᠲᠡᠯᠡᠭᠰᠡᠨ ᠴᠠᠭ᠄
2021/2/19
                                             ᠰᠡᠷᠬᠦᠯᠡᠩ      ᠭᠡᠤᠭᠡᠳ ᠪᠠᠭᠠᠴᠤᠳ ᠢ ᠬᠠᠷᠠᠬᠠᠠ ᠪᠠᠭ᠎ᠠ ᠠᠴᠠ ᠨᠢ ᠠᠮᠢᠳᠤᠷᠠᠯ ᠳᠤ ᠬᠥᠨᠵᠡᠭᠡᠶᠢᠷᠡᠬᠦᠯᠬᠦ ᠪᠤᠯ ᠰᠤᠷᠭᠠᠠ ᠬᠥᠮᠤᠵᠢᠯ ᠤᠨ ᠬᠥᠮᠤᠠ ᠬᠥᠮᠤᠵᠢᠬᠦᠯᠬᠦ ᠴᠢᠬᠤᠯᠠ ᠠᠷᠭ᠎ᠠ ᠪᠠᠷᠢᠯ ᠤᠨ ᠨᠢᠭᠡ ᠶᠤᠮ᠂ ᠰᠤᠷᠤᠭᠴᠢᠳ ᠨᠤᠮ ᠪᠢᠴᠢᠭ ᠢ ᠰᠤᠷᠭᠠᠭᠤᠯᠢ ᠠᠴᠠ ᠰᠤᠷᠳᠠᠭ ᠪᠤᠯ ᠠᠮᠢᠳᠤᠷᠠᠯ ᠤᠨ ᠳᠤᠬᠠᠢ ᠮᠡᠳᠡᠯᠭᠡ ᠶᠢ ᠬᠠᠷᠢᠠ ᠠᠪᠤ ᠡᠵᠢ ᠪᠤᠶᠤ ᠪᠤᠳᠠᠳᠠᠢ ᠠᠮᠢᠳᠤᠷᠠᠯ ᠦᠢᠯᠡᠳᠦᠯᠭᠡ ᠠᠴᠠ ᠤᠯᠵᠤ ᠰᠤᠷᠳᠠᠭ᠃ ᠡᠨ᠋ᠨ ᠳᠠᠯ᠎ᠠ ᠪᠠᠷ ᠮᠠᠠ ᠤ ᠤᠳᠤᠬᠠᠠ ᠤ ᠬᠤᠳᠠ ᠶᠢᠨ ᠰᠤᠷᠭᠠᠭᠤᠯᠢ ᠪᠦᠳᠦᠮᠵᠢᠳᠠᠢ ᠠᠷᠭ᠎ᠠ ᠭᠡᠮᠵᠢᠶ᠎ᠡ ᠠᠪᠴᠤ ᠴᠢᠳᠠᠭ᠎ᠠ ᠦᠭᠡᠢ ᠪᠠᠶᠢᠭ᠎ᠠ ᠪᠤᠯᠪᠠᠴᠤ ᠬᠥᠳᠡᠭᠡ ᠳᠤᠰᠬᠤᠠ ᠤ ᠰᠤᠷᠭᠠᠭᠤᠯᠢ ᠳᠤ ᠡᠨ᠋ᠨ ᠳᠠᠯ᠎ᠠ ᠶᠢᠨ ᠡᠬᠢ ᠪᠠᠶᠠᠯᠢᠭ ᠵᠦᠩᠳᠡᠭᠡᠡ ᠪᠠᠶᠢᠳᠠᠭ᠃ ᠬᠥᠳᠡᠭᠡ ᠳᠤᠰᠬᠤᠠ ᠤ ᠰᠤᠷᠭᠠᠭᠤᠯᠢ ᠨᠤᠭᠤᠳ ᠬᠥᠳᠡᠭᠡ ᠳᠤᠰᠬᠤᠠ ᠮᠠᠯᠵᠢᠬᠤ ᠤᠷᠤᠠ ᠠᠴᠠ ᠤᠶᠢᠷ᠎ᠠ ᠪᠠᠶᠢᠵᠤ᠂ ᠰᠤᠷᠭᠠᠭᠤᠯᠢ ᠶᠢᠨ ᠬᠥᠷᠢᠶᠡᠡ ᠠᠴᠠ ᠠᠯᠬᠤᠠ ᠭᠠᠷᠪᠠᠯ ᠦᠭᠡᠷ᠎ᠡ ᠨᠢᠭᠡᠡ ᠬᠢᠴᠢᠶᠡᠯ ᠤᠨ ᠳᠠᠩᠬᠢᠮ ᠳᠤ ᠠᠯᠬᠤᠠ ᠤᠷᠤᠵᠤ ᠪᠤᠯᠤᠨ᠎ᠠ᠂ ᠡᠨ᠋ᠨ ᠨᠢ ᠳᠠᠷᠤᠢ ᠬᠥᠳᠡᠯᠮᠤᠷᠢ ᠦᠢᠯᠡᠳᠦᠯᠭᠡ ᠶᠢᠨ ᠳᠠᠷᠬᠠᠠ ᠦᠯᠤᠭᠡᠢ - ᠮᠠᠯᠵᠢᠬᠤ ᠳᠠᠷᠢᠶᠠᠯᠠᠬᠤ ᠤᠷᠤᠠ ᠤ ᠠᠵᠤ ᠠᠮᠢᠳᠤᠷᠠᠯ ᠪᠤᠯᠤᠨ᠎ᠠ᠃ ᠪᠢᠳᠡᠡ ᠤ ᠮᠡᠳᠡᠭᠡᠵᠢ ᠪᠠᠷ ᠦᠩᠭᠡᠷᠡᠭᠰᠡᠡ ᠳᠤ ᠭᠡᠪ ᠴᠢᠨᠠᠷ ᠤᠨ ᠰᠤᠷᠭᠠᠠ ᠬᠥᠮᠤᠵᠢᠯ ᠢ ᠤᠭᠳᠤ ᠳᠤᠷᠠᠳᠳᠠᠭ ᠦᠭᠡᠢ ᠪᠠᠶᠢᠬᠰᠠᠠ ᠪᠤᠯᠪᠠᠴᠤ ᠭᠡᠪ ᠴᠢᠨᠠᠷ ᠤᠨ ᠰᠤᠷᠭᠠᠠ ᠬᠥᠮᠤᠵᠢᠯ ᠠᠶᠠᠨᠳᠠᠭᠠᠠ ᠶᠠᠪᠤᠭᠳᠠᠵᠤ ᠪᠠᠶᠢᠪᠠ᠃ ᠦᠭᠡᠷ᠎ᠡ ᠪᠠᠷ ᠭᠡᠯᠡᠪᠡᠯ ᠰᠤᠮᠤ ᠭᠠᠴᠠᠭᠠᠠ ᠤ ᠰᠤᠷᠭᠠᠭᠤᠯᠢ ᠪᠠᠶᠢᠬᠰᠠᠠ ᠴᠠᠭ ᠦᠶ᠎ᠡ ᠳᠤ ᠰᠤᠷᠤᠭᠴᠢᠳ ᠮᠠᠯᠵᠢᠬᠤ ᠳᠠᠷᠢᠶᠠᠯᠠᠬᠤ ᠠᠮᠢᠳᠤᠷᠠᠯ ᠤᠨ ᠤᠷᠴᠢᠠ ᠳᠤ ᠪᠠᠨ ᠰᠤᠷᠤᠯᠴᠠᠵᠤ ᠪᠠᠶᠢᠬᠰᠠᠠ ᠠᠴᠠ ᠳᠡᠳᠡᠨᠤᠰ ᠲᠤ ᠦᠵᠡᠬᠦ᠂ ᠰᠤᠨᠤᠰᠬᠤ᠂ ᠤᠷᠤᠯᠴᠠᠬᠤ ᠨᠦᠬᠦᠴᠡᠯ ᠳᠡᠬᠦᠯᠳᠡᠷ ᠪᠠᠶᠢᠪᠠ᠃ ᠡᠶᠢᠮᠤ ᠠᠴᠠ ᠳᠤᠬᠠᠢ ᠶᠢᠨ ᠦᠶ᠎ᠡ ᠶᠢᠨ ᠰᠤᠷᠤᠭᠴᠢᠳ ᠤᠨ ᠪᠡᠶ᠎ᠡ ᠪᠠᠨ ᠳᠠᠭᠠᠭᠠᠵᠤ ᠠᠮᠢᠳᠤᠷᠠᠬᠤ ᠴᠢᠳᠠᠪᠤᠷᠢ᠂ ᠠᠵᠢᠯ ᠬᠥᠳᠡᠯᠮᠤᠷᠢ ᠳᠤ ᠤᠷᠤᠯᠴᠠᠬᠤ ᠴᠢᠳᠠᠪᠤᠷᠢ᠂ ᠬᠥᠴᠢᠷ ᠢ ᠳᠡᠰᠪᠤᠷᠢᠯᠡᠬᠦ ᠴᠢᠳᠠᠪᠤᠷᠢ᠂ ᠪᠠᠶ᠎ᠡ ᠮᠠᠬᠠᠪᠤᠳ ᠤᠨ ᠭᠡᠪ ᠴᠢᠨᠠᠷ ᠨᠢ ᠴᠦᠮ ᠮᠠᠰᠢ ᠰᠠᠶᠢᠠ ᠪᠠᠶᠢᠵᠠᠢ᠃ ᠭᠡᠪᠡᠴᠤ ᠬᠤᠳᠠ ᠪᠠᠯᠭᠠᠰᠤᠵᠢᠯᠳᠠ ᠶᠢᠨ ᠤᠷᠤᠰᠬᠠᠯ ᠰᠤᠷᠭᠠᠭᠤᠯᠢ ᠶᠢ ᠬᠤᠳᠠ ᠳᠤ ᠳᠦᠪᠯᠡᠷᠡᠬᠦᠯᠪᠡ᠃ ᠠᠶᠢᠯ ᠪᠤᠯᠭᠠᠠ ᠭᠠᠭᠴᠠ ᠬᠤᠶᠠᠷ ᠭᠡᠤᠭᠡᠳ ᠲᠠᠢ ᠪᠠᠶᠢᠵᠤ᠂ ᠳᠡᠶᠢᠮᠤ ᠠᠴᠠ ᠭᠡᠤᠭᠡᠳ ᠬᠠᠷᠠᠬᠠᠠ ᠪᠠᠭ᠎ᠠ ᠠᠴᠠ ᠪᠠᠨ ᠬᠥᠳᠡᠭᠡ ᠳᠤᠰᠬᠤᠠ ᠠᠴᠠ ᠰᠠᠯᠵᠤ ᠬᠤᠳᠠ ᠶᠢᠨ ᠤᠷᠴᠢᠠ ᠳᠤ ᠪᠤᠶᠢᠵᠢᠬᠤ ᠪᠤᠯᠤᠭᠰᠠᠠ ᠶᠤᠮ᠃ ᠬᠤᠳᠠ ᠪᠠᠯᠭᠠᠰᠤᠠ ᠳᠤ ᠪᠤᠶᠢᠵᠢᠭᠰᠠᠠ ᠭᠡᠤᠭᠡᠳ ᠲᠤ ᠮᠠᠰᠢ ᠤᠯᠠᠠ ᠳᠠᠪᠠᠭᠤᠯᠢᠭ ᠳᠠᠯ᠎ᠠ ᠲᠠᠢ᠃ ᠴᠡᠴᠡᠷᠯᠢᠭ ᠲᠤ ᠰᠠᠭᠤᠬᠤ ᠠᠴᠠ ᠡᠬᠢᠯᠡᠡ ᠤᠬᠢ ᠰᠠᠶᠢᠠ ᠰᠤᠷᠭᠠᠠ ᠬᠥᠮᠤᠵᠢᠯ ᠬᠥᠷᠳᠡᠬᠦ ᠪᠤᠯᠤᠮᠵᠢ ᠲᠠᠢ᠂ ᠰᠤᠷᠭᠠᠭᠤᠯᠢ ᠶᠢᠨ ᠨᠦᠬᠦᠴᠡᠯ ᠳᠦᠬᠦᠭᠡᠷᠤᠮᠵᠢ ᠬᠥᠳᠡᠭᠡ ᠳᠤᠰᠬᠤᠠ ᠲᠠᠢ ᠠᠳᠠᠯᠢᠳᠬᠠᠬᠤ ᠶᠢᠨ ᠠᠷᠭ᠎ᠠ ᠦᠭᠡᠢ ᠳᠠᠪᠠᠭᠤᠯᠢᠭ ᠪᠠᠶᠢᠳᠠᠭ᠃ ᠭᠡᠪᠡᠴᠤ ᠨᠢᠭᠡ ᠶᠢ ᠨᠢ ᠤᠯᠪᠠᠯ ᠨᠦᠬᠦᠭᠡ ᠶᠢ ᠨᠢ ᠠᠯᠳᠠᠳᠠᠭ ᠵᠢᠮ᠎ᠠ ᠶᠤᠰᠤ ᠪᠠᠷ ᠬᠤᠳᠠ ᠪᠠᠯᠭᠠᠰᠤᠠ ᠤ ᠰᠤᠷᠭᠠᠭᠤᠯᠢ ᠳᠤ ᠬᠥᠳᠡᠭᠡ ᠳᠤᠰᠬᠤᠠ ᠤ ᠰᠤᠷᠭᠠᠭᠤᠯᠢ ᠶᠢᠨ ᠰᠤᠷᠤᠭᠴᠢᠳ ᠤᠨ ᠤᠯᠵᠤ ᠬᠥᠷᠳᠡᠳᠡᠭ ᠪᠤᠯᠪᠠᠰᠤᠷᠠᠯ ᠬᠥᠮᠤᠵᠢᠯ ᠢ ᠬᠥᠷᠳᠡᠵᠤ ᠴᠢᠳᠠᠬᠤ ᠦᠭᠡᠢ ᠳᠠᠯ᠎ᠠ ᠴᠦ ᠪᠤᠢ᠃ ᠳᠡᠶᠢᠮᠤ ᠠᠴᠠ ᠳᠡᠳᠡᠨᠤᠰ ᠤᠨ ᠪᠡᠶ᠎ᠡ ᠮᠠᠬᠠᠪᠤᠳ ᠤᠨ ᠭᠡᠪ ᠴᠢᠨᠠᠷ᠂ ᠪᠡᠶ᠎ᠡ ᠪᠠᠨ ᠳᠠᠭᠠᠭᠠᠵᠤ ᠠᠮᠢᠳᠤᠷᠠᠬᠤ ᠴᠢᠳᠠᠪᠤᠷᠢ᠂ ᠠᠵᠢᠯ ᠬᠥᠳᠡᠯᠮᠤᠷᠢ ᠳᠤ ᠤᠷᠤᠯᠴᠠᠬᠤ ᠴᠢᠳᠠᠪᠤᠷᠢ᠂ ᠬᠥᠴᠢᠷ ᠢ ᠳᠡᠰᠪᠤᠷᠢᠯᠡᠬᠦ ᠳᠠᠭᠠᠭᠠᠮᠠᠭᠠᠢ ᠴᠢᠳᠠᠪᠤᠷᠢ ᠨᠢ ᠨᠢᠭᠡᠡ ᠭᠡᠮᠵᠢᠶ᠎ᠡ ᠪᠠᠷ ᠨᠦᠯᠦᠭᠡᠯᠡᠭᠳᠡᠭᠰᠡᠡ ᠪᠠᠶᠢᠨ᠎ᠠ᠃ ᠬᠠᠷᠢᠠ ᠬᠥᠳᠡᠭᠡ ᠳᠤᠰᠬᠤᠠ ᠳᠤ ᠦᠯᠡᠳᠡᠭᠰᠡᠡ ᠰᠤᠷᠭᠠᠭᠤᠯᠢ ᠨᠤᠭᠤᠳ ᠪᠤᠯ ᠮᠠᠯᠵᠢᠬᠤ ᠳᠠᠷᠢᠶᠡᠯᠠᠬᠤ ᠠᠮᠢᠳᠤᠷᠠᠯ ᠤᠨ ᠶᠡᠭᠡ ᠤᠷᠴᠢᠠ ᠳᠤ ᠪᠠᠨ ᠪᠠᠶᠢᠭ᠎ᠠ ᠤᠴᠢᠷ ᠠᠴᠠ ᠰᠤᠷᠤᠭᠴᠢᠳ ᠤᠨ ᠡᠭᠡ ᠭᠡᠯᠡ᠂ ᠤᠤᠭᠠᠯ ᠰᠤᠶᠤᠯ ᠢᠶᠠᠨ ᠰᠤᠷᠴᠤ ᠡᠵᠡᠮᠰᠢᠭᠦ ᠨᠦᠬᠦᠴᠡᠯ ᠨᠢ ᠬᠤᠳᠠ ᠪᠠᠯᠭᠠᠰᠤᠠ ᠤ ᠰᠤᠷᠭᠠᠭᠤᠯᠢ ᠶᠢᠨ ᠰᠤᠷᠤᠭᠴᠢᠳ ᠠᠴᠠ ᠬᠠᠷᠢᠴᠠᠩᠭᠤᠢ ᠪᠠᠷ ᠳᠠᠪᠠᠭᠤᠯᠢᠭ ᠪᠠᠶᠢᠷᠢᠠ ᠳᠤ ᠪᠠᠶᠢᠳᠠᠭ᠃ ᠮᠠᠠ ᠤ ᠰᠠᠩ ᠤᠨ ᠳᠠᠯᠠᠢ ᠪᠠᠭ᠎ᠠ ᠰᠤᠷᠭᠠᠭᠤᠯᠢ ᠪᠤᠯ ᠰᠢᠯᠢ ᠶᠢᠨ ᠭᠤᠤᠯ ᠠᠶᠢᠮᠠᠭ ᠤᠨ ᠰᠤᠮᠤ ᠶᠢᠨ ᠱᠠᠳᠤᠠ ᠤ ᠬᠤᠶᠠᠷᠬᠠᠠ ᠰᠤᠷᠭᠠᠭᠤᠯᠢ ᠶᠢᠨ ᠨᠢᠭᠡ ᠨᠢ ᠶᠤᠮ᠃ ᠮᠠᠠ ᠤ ᠰᠤᠷᠭᠠᠭᠤᠯᠢ ᠭᠡᠳᠦ᠋ᠢᠪᠠᠷ ᠰᠠᠩ ᠤᠨ ᠳᠠᠯᠠᠢ ᠪᠠᠯᠭᠠᠰᠤᠠ ᠳᠤ ᠪᠠᠶᠢᠭ᠎ᠠ ᠪᠤᠯᠪᠠᠴᠤ ᠮᠠᠯ ᠤᠨ ᠵᠠᠬ᠎ᠠ ᠳᠤ ᠮᠠᠯᠴᠢᠠ ᠤ ᠪᠠᠨ ᠳᠡᠷᠭᠡᠳᠡ ᠪᠠᠶᠢᠬᠰᠠᠭᠠᠷ ᠪᠢᠯᠠ᠃ ᠪᠢᠳᠡ ᠬᠤᠴᠤᠷᠤᠩᠭᠤᠢ ᠠᠴᠠ ᠳᠠᠪᠠᠭᠤᠯᠢᠭ ᠢ ᠬᠠᠶᠢᠬᠤ᠂ ᠪᠤᠶᠢᠳᠠ ᠪᠦᠭᠯᠡᠬᠦᠤ ᠠᠴᠠ ᠳᠡᠷᠢᠬᠦᠠ ᠢ ᠮᠦᠷᠳᠡᠬᠦ ᠵᠠᠮ ᠢᠶᠠᠷ ᠰᠤᠷᠭᠠᠭᠤᠯᠢ ᠶᠢᠨ ᠢᠶᠠᠨ ᠵᠠᠬ᠎ᠠ ᠠᠴᠠ ᠡᠬᠢ ᠪᠠᠶᠠᠯᠢᠭ ᠢ ᠠᠭᠤᠳᠠᠯᠤᠠ ᠭᠠᠷᠭᠠᠬᠤ ᠪᠠᠷ ᠴᠢᠷᠮᠠᠶᠢᠨ ᠦᠯᠡᠮᠵᠢ ᠠᠰᠢᠭ ᠬᠥᠷᠳᠡᠵᠤ ᠪᠠᠶᠢᠭ᠎ᠠ ᠪᠢᠯᠠ᠃ ᠳᠡᠷᠡ ᠨᠢ ᠶᠠᠮᠠᠷ ᠠᠷᠭ᠎ᠠ ᠪᠤᠢ︖ ᠭᠡᠪᠡᠯ᠂ ᠭᠠᠷᠠᠭ ᠤᠨ ᠳᠠᠪᠤᠠ ᠤ ᠦᠳᠡ ᠶᠢᠨ ᠬᠤᠶᠢᠨ᠎ᠠ ᠬᠢᠴᠢᠶᠡᠯ ᠪᠠᠭᠤᠮᠠᠭᠴᠠ ᠪᠦᠬᠦ ᠰᠤᠷᠤᠭᠴᠢ ᠶᠢ ᠭᠡᠷ ᠭᠡᠷ ᠲᠤ ᠨᠢ ᠬᠠᠷᠢᠭᠤᠯᠵᠤ ᠮᠠᠯᠵᠢᠬᠤ ᠠᠮᠢᠳᠤᠷᠠᠯ ᠳᠤ ᠤᠷᠤᠯᠴᠠᠭᠤᠯᠬᠤ ᠶᠠᠪᠤᠳᠠᠯ ᠪᠤᠯᠤᠨ᠎ᠠ᠃ ᠡᠨ᠋ᠨ ᠨᠢ ᠰᠤᠷᠤᠭᠴᠢᠳ ᠤᠨ ᠰᠤᠷᠤᠯᠭ᠎ᠠ ᠶᠢᠨ ᠳᠠᠷᠤᠭᠠᠰᠤ ᠶᠢ ᠭᠦᠡᠭᠭᠡᠷᠠᠭᠦᠯᠵᠦ᠂ ᠭᠡᠷ ᠢᠶᠠᠨ ᠰᠠᠨᠠᠬᠤ ᠰᠡᠳᠬᠢᠯ ᠤᠨ ᠠᠯᠭᠠᠰᠠᠯ ᠢ ᠨᠢ ᠠᠷᠢᠯᠭᠠᠠ᠂ ᠰᠤᠷᠭᠠᠭᠤᠯᠢ ᠳᠤ ᠪᠠᠨ ᠢᠷᠡᠪᠡᠯ ᠰᠤᠷᠤᠭᠴᠢ᠂ ᠭᠡᠷ ᠲᠤ ᠪᠠᠨ ᠬᠠᠷᠢᠪᠡᠯ ᠪᠢᠴᠢᠬᠠᠠ ᠮᠠᠯᠴᠢᠠ ᠪᠤᠯᠬᠤ ᠵᠠᠭᠪᠤᠷ ᠪᠤᠯᠤᠨ᠎ᠠ᠃ ᠤᠳᠤᠬᠠᠠ ᠤ ᠵᠠᠮ ᠨᠡᠪᠳᠡᠷᠡᠯᠭᠡ ᠬᠥᠭᠵᠢᠵᠤ ᠠᠶᠢᠯ ᠠᠶᠢᠯ ᠤᠨ ᠡᠬᠦᠳᠡᠡ ᠳᠤ ᠬᠥᠷᠬᠦ ᠴᠠᠷᠳᠡᠮᠡᠯ ᠪᠤᠶᠤ ᠵᠠᠰᠠᠮᠠᠯ ᠵᠠᠮ ᠲᠠᠢ ᠪᠤᠯᠤᠭᠰᠠᠠ ᠤᠴᠢᠷ ᠠᠴᠠ ᠶᠠᠪᠤᠵᠤ ᠰᠠᠭᠤᠬᠤ ᠠᠰᠠᠭᠤᠳᠠᠯ ᠭᠡᠷ ᠤᠨ ᠠᠬᠠᠮᠠᠳ ᠲᠤ ᠤᠭᠳᠤ ᠳᠠᠷᠤᠭᠠᠰᠤ ᠪᠤᠯᠳᠠᠭ ᠦᠭᠡᠢ᠃ ᠭᠡᠷ ᠤᠨ ᠠᠬᠠᠮᠠᠳ ᠭᠠᠷᠠᠭ ᠤᠨ ᠳᠠᠪᠤᠠ ᠪᠤᠯᠤᠮᠠᠭᠴᠠ ᠭᠡᠤᠭᠡᠳ ᠢᠶᠠᠨ ᠳᠤᠰᠬᠤ ᠪᠠᠷ ᠰᠤᠷᠭᠠᠭᠤᠯᠢ ᠳᠤ ᠢᠷᠡᠵᠤ᠂ ᠪᠠᠭᠰᠢ ᠨᠠᠷ ᠲᠠᠢ ᠠᠭᠤᠯᠵᠠᠳᠠᠭ᠃ ᠡᠶᠢᠠ ᠬᠦ ᠭᠡᠷ ᠤᠨ ᠠᠬᠠᠮᠠᠳ ᠭᠠᠷᠠᠭ ᠪᠤᠯᠭᠠᠨ ᠪᠠᠭᠰᠢ ᠨᠠᠷ ᠲᠠᠢ ᠤᠴᠠᠷᠠᠠ ᠰᠤᠷᠭᠠᠭᠤᠯᠢ ᠶᠢᠨ ᠬᠥᠷᠢᠶ᠎ᠡ ᠪᠠᠷ ᠳᠤᠭᠤᠷᠢᠠ ᠰᠤᠷᠭᠠᠭᠤᠯᠢ ᠪᠤᠯᠤᠠ ᠭᠡᠷ ᠤᠨ ᠠᠬᠠᠮᠠᠳ ᠤᠨ ᠬᠤᠭᠤᠷᠤᠠᠳᠤᠬᠢ ᠬᠤᠯᠪᠤᠭᠠᠰᠤ ᠨᠢᠬᠳᠠᠷᠠᠵᠤ᠂ ᠭᠡᠤᠭᠡᠳ ᠢᠶᠠᠨ ᠰᠤᠷᠭᠠᠭᠤᠯᠢ ᠳᠤ ᠶᠠᠪᠤᠭᠤᠯᠤᠬᠰᠠᠨ ᠬᠤᠶᠢᠨ᠎ᠠ ᠶᠠᠭᠤ ᠶᠢ ᠴᠦ ᠬᠠᠮᠢᠶᠠᠷᠬᠤ ᠦᠭᠡᠢ᠂ ᠭᠡᠤᠭᠡᠳ ᠨᠢ ᠶᠠᠮᠠᠷ ᠵᠡᠷᠭᠡ ᠰᠤᠷᠤᠯᠴᠠᠵᠤ ᠪᠠᠶᠢᠭ᠎ᠠ ᠪᠠᠶᠢᠳᠠᠯ ᠢ ᠤᠶᠢᠯᠠᠭᠠᠳᠠᠭ ᠦᠭᠡᠢ ᠬᠥᠰᠢᠬᠦᠠ ᠪᠠᠶᠢᠳᠠᠯ ᠢ ᠵᠦᠭᠰᠢᠷᠡᠭᠦᠯᠵᠦ᠂ ᠰᠤᠷᠭᠠᠭᠤᠯᠢ- ᠭᠡᠷ ᠤᠨ ᠠᠬᠠᠮᠠᠳ- ᠨᠡᠶᠢᠭᠡᠮ ᠭᠤᠷᠪᠠᠠ ᠳᠠᠯ᠎ᠠ ᠠᠴᠠ ᠭᠡᠤᠭᠡᠳ ᠢ ᠬᠥᠮᠤᠵᠢᠬᠦᠯᠬᠦ ᠭᠡᠯᠬᠢᠶᠡᠰᠤ ᠦᠢᠯᠡᠳᠦᠯᠭᠡ ᠪᠠᠷ ᠭᠡᠷᠡᠭᠵᠢᠪᠡ᠃ ᠭᠡᠷ ᠤᠨ ᠠᠬᠠᠮᠠᠳ ᠭᠡᠤᠭᠡᠳ ᠢᠶᠠᠨ ᠭᠡᠷ ᠲᠤ ᠪᠠᠨ ᠠᠪᠠᠴᠢᠭᠰᠠᠠ ᠤ ᠳᠠᠷᠠᠭ᠎ᠠ ᠰᠤᠷᠤᠯᠭ᠎ᠠ ᠶᠢᠨ ᠪᠠᠶᠢᠳᠠᠯ ᠢ ᠨᠢ ᠠᠰᠠᠭᠤᠠ ᠤᠶᠢᠯᠠᠭᠠᠬᠤ ᠪᠤᠶᠤ ᠳᠠᠰᠬᠠᠯ ᠳᠠᠭᠠᠭᠠᠯᠭᠠᠪᠤᠷᠢ ᠶᠢ ᠨᠢ ᠦᠵᠡᠵᠤ ᠬᠤᠪᠴᠠᠰᠤ ᠬᠤᠨᠠᠷ ᠢ ᠨᠢ ᠤᠬᠢᠶᠠᠠ ᠦᠭᠴᠤ᠂ ᠭᠡᠤᠭᠡᠳ ᠬᠠᠷᠠᠬᠠᠠ ᠪᠠᠭ᠎ᠠ ᠠᠴᠠ ᠪᠠᠨ ᠡᠴᠢᠭᠡ ᠡᠭᠡ ᠠᠴᠠ ᠪᠠᠨ ᠤᠷᠳᠤ ᠬᠤᠭᠤᠴᠠᠭ᠎ᠠ ᠪᠠᠷ ᠰᠠᠯᠵᠤ ᠰᠠᠭᠤᠳᠠᠭ ᠪᠠᠶᠢᠳᠠᠯ ᠦᠭᠡᠷᠡᠴᠢᠯᠡᠭᠳᠡᠡ᠂ ᠭᠡᠤᠭᠡᠳ ᠪᠤᠯᠤᠠ ᠠᠪᠤ ᠡᠵᠢ ᠶᠢᠨ ᠬᠤᠭᠤᠷᠤᠨᠳᠤᠬᠢ ᠬᠠᠶᠢᠷ᠎ᠠ ᠶᠢᠨ ᠬᠡᠯᠬᠢᠶ᠎ᠡ ᠬᠥᠢᠳᠡᠮᠰᠦᠭ ᠪᠤᠯᠬᠤ ᠠᠴᠠ ᠰᠡᠷᠭᠡᠶᠢᠯᠡᠵᠤ ᠴᠢᠳᠠᠭᠰᠠᠠ ᠪᠢᠯᠠ᠃ ᠤᠠᠴᠠᠭᠠᠶᠢᠯᠠᠠ ᠭᠡᠤᠭᠡᠳ ᠮᠠᠯᠵᠢᠬᠤ ᠠᠮᠢᠳᠤᠷᠠᠯ ᠳᠤ ᠪᠠᠨ ᠤᠷᠤᠯᠴᠠᠠ᠂ ᠠᠮᠢᠳᠤᠷᠠᠯ ᠠᠴᠠ ᠪᠠᠨ ᠡᠭᠡ ᠭᠡᠯᠡ ᠪᠠᠨ ᠰᠤᠷᠴᠤ ᠪᠠᠭᠰᠢ ᠶᠢᠨ ᠤᠯᠠᠠ ᠡᠳᠤᠷ ᠬᠥᠨᠳᠤ ᠦᠭᠡᠰ ᠪᠤᠯᠭᠠᠠ ᠵᠢᠭᠠᠵᠤ ᠴᠡᠭᠡᠵᠢᠯᠡᠬᠦᠯᠳᠡᠭ ᠦᠭᠡᠰ ᠢ ᠦᠪᠡᠷ ᠢᠶᠠᠨ ᠰᠤᠷᠴᠤ ᠴᠢᠳᠠᠭᠰᠠᠨ ᠪᠠᠶᠢᠨ᠎ᠠ᠃      ᠭᠡᠤᠭᠡᠳ ᠢ ᠰᠤᠷᠭᠠᠭᠤᠯᠢ ᠶᠢᠨ ᠬᠥᠷᠢᠶᠡᠡ ᠠᠴᠠ ᠭᠠᠷᠭᠠᠬᠤ ᠦᠭᠡᠢ ᠬᠤᠷᠢᠵᠤ ᠬᠥᠮᠤᠵᠢᠬᠦᠯᠬᠦ ᠠᠷᠭ᠎ᠠ ᠠᠮᠤᠷ ᠳᠦᠪᠰᠢᠠ ᠤ ᠪᠠᠳᠤᠯᠠᠭ᠎ᠠ ᠲᠠᠢ ᠪᠤᠯᠪᠠᠴᠤ ᠳᠡᠳᠡᠨᠤᠰ ᠤᠨ ᠬᠥᠮᠤᠠ ᠪᠤᠯᠵᠤ ᠬᠥᠮᠤᠵᠢᠬᠦ ᠳᠤ ᠨᠢ ᠠᠰᠢᠭ ᠦᠭᠡᠢ ᠶᠤᠮ᠂ ᠭᠡᠤᠭᠡᠳ ᠵᠦᠪᠭᠡᠡ ᠨᠤᠮ ᠪᠢᠴᠢᠭ ᠰᠠᠶᠢᠠ ᠰᠤᠷᠤᠭᠠᠳ ᠰᠠᠶ᠋ᠢ ᠬᠤᠵᠢᠮ ᠨᠡᠶᠢᠭᠡᠮ ᠳᠤ ᠭᠡᠷᠡᠭᠴᠡᠭᠡ ᠲᠠᠢ ᠬᠥᠮᠤᠠ ᠪᠤᠯᠴᠢᠬᠠᠳᠠᠭ ᠪᠢᠰᠢ᠂ ᠵᠠᠪᠠᠯ ᠪᠡᠶ᠎ᠡ ᠮᠠᠬᠠᠪᠤᠳ᠂ ᠦᠵᠡᠯ ᠰᠠᠨᠠᠭ᠎ᠠ᠂ ᠵᠤᠷᠢᠭ ᠰᠦᠰᠤ᠂ ᠵᠠᠩ ᠮᠤᠷᠠᠯ᠂ ᠠᠮᠢᠳᠤᠷᠠᠯ ᠤᠨ ᠮᠡᠳᠡᠯᠭᠡ ᠪᠤᠯᠪᠠᠰᠤᠷᠠᠯ ᠤᠨ ᠳᠠᠯ᠎ᠠ ᠪᠠᠷ ᠪᠦᠷᠢᠠ ᠬᠥᠢᠴᠡᠳ ᠬᠥᠮᠤᠵᠢᠯ ᠪᠤᠯᠪᠠᠰᠤᠷᠠᠯ ᠢ ᠬᠥᠷᠳᠡᠮᠡᠡᠵᠢᠠ ᠰᠠᠶ᠋ᠢ ᠦᠨᠡᠨ ᠭᠦ ᠬᠠᠮᠢᠭ᠎ᠠ ᠶᠠᠭᠤ ᠬᠢᠵᠤ ᠠᠮᠢᠳᠤᠷᠠᠭᠰᠠᠠ ᠴᠦ ᠨᠡᠶᠢᠭᠡᠮ ᠳᠤ ᠠᠴᠢ ᠳᠤᠰᠠ ᠲᠠᠢ ᠠᠷᠠᠳ ᠤᠯᠠᠠ ᠳᠤ ᠭᠡᠷᠡᠭᠴᠡᠭᠡ ᠲᠠᠢ ᠬᠥᠮᠤᠠ ᠪᠤᠯᠵᠤ ᠴᠢᠳᠠᠬᠤ ᠶᠤᠮ᠃      ᠰᠤᠷᠭᠠᠠ ᠬᠥᠮᠤᠵᠢᠯ ᠠᠮᠢᠳᠤᠷᠠᠯ ᠠᠴᠠ ᠤᠶᠢᠷ᠎ᠠ ᠪᠠᠶᠢᠬᠤ ᠳᠤᠳᠤᠮ ᠢᠶᠠᠨ ᠠᠮᠢᠳᠤᠷᠠᠯ ᠤᠨ ᠡᠵᠡᠡ ᠢ ᠬᠥᠮᠤᠵᠢᠬᠦᠯᠵᠤ ᠴᠢᠳᠠᠳᠠᠭ᠃            ᠬᠠᠶ᠋ᠢᠬ᠄ ᠰᠢᠯᠤᠭᠤᠠ ᠬᠥᠭᠡ ᠬᠤᠰᠢᠭᠤᠠ ᠤ ᠰᠠᠩ ᠤᠨ ᠳᠠᠯᠠᠢ ᠪᠠᠭ᠎ᠠ ᠰᠤᠷᠭᠠᠭᠤᠯᠢ                                   ︵ᠠᠯᠳᠠᠨᠰᠦ᠋ᠭᠡ ᠨᠠᠶᠢᠷᠠᠭᠤᠯᠪᠠ︶                                   2020 ᠣᠨ ᠤ 5 ᠳ᠋ᠤᠭᠠᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠤ ᠰᠤᠷᠭᠠᠨ ᠬᠥᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map