ᠠᠩᠬᠢ ᠶᠢᠨ ᠡᠷᠬᠢᠯᠡᠭᠴᠢ ᠶᠢᠨ ᠠᠵᠢᠯ ᠤᠨ ᠠᠷᠭ᠎ᠠ ᠲᠤᠷᠰᠢᠯᠭ᠎ᠠ
ᠨᠡᠶᠢᠲᠡᠯᠡᠭᠰᠡᠨ ᠴᠠᠭ᠄
2021/1/20
                                      ᠮᠦᠩᠬᠡᠪᠠᠳᠤ      ᠠᠩᠬᠢ ᠶᠢᠨ ᠡᠷᠬᠢᠯᠡᠭᠴᠢ ᠪᠤᠯ ᠠᠩᠬᠢ ᠨᠢᠭᠡᠴᠡ ᠶᠢᠨ ᠵᠤᠬᠢᠶᠠᠨ ᠪᠠᠶᠢᠭᠤᠯᠣᠭᠴᠢ ᠮᠦᠷᠳᠡᠭᠡᠨ ᠰᠣᠷᠭᠠᠭᠤᠯᠢ ᠶᠢᠨ ᠵᠢᠭᠠᠨ ᠵᠢᠯᠣᠭᠤᠳᠬᠤ ᠠᠵᠢᠯ ᠤᠨ ᠴᠢᠬᠤᠯᠠ ᠬᠠᠪᠰᠣᠷᠣᠭᠴᠢ ᠪᠤᠯᠤᠨ᠎ᠠ᠃ ᠰᠢᠯᠢᠳᠡᠭ ᠰᠠᠶᠢᠨ ᠠᠩᠬᠢ ᠶᠢᠨ ᠡᠷᠬᠢᠯᠡᠭᠴᠢ ᠶᠢᠨ ᠡᠩᠨᠡᠭᠡ ᠨᠢ ᠰᠣᠷᠭᠠᠭᠤᠯᠢ ᠶᠢᠨ ᠡᠯ᠎ᠡ ᠲᠠᠯ᠎ᠠ ᠶᠢᠨ ᠠᠵᠢᠯ ᠳᠤ ᠲᠦᠯᠬᠢᠴᠡ ᠦᠢᠯᠡᠳᠣᠯ ᠦᠵᠡᠬᠦᠯᠳᠡᠭ᠃ ᠠᠩᠭᠢ ᠶᠢᠨ ᠡᠷᠬᠢᠯᠡᠭᠴᠢ ᠶᠢᠨ ᠠᠵᠢᠯ ᠨᠢ ᠰᠣᠷᠤᠭᠴᠢᠳ ᠤᠨ ᠪᠡᠶ᠎ᠡ ᠰᠡᠳᠬᠢᠴᠡ ᠶᠢᠨ ᠡᠷᠡᠭᠦᠯ ᠮᠠᠨᠳᠤ ᠳᠤ ᠴᠢᠬᠤᠯᠠ ᠶᠡᠭᠡ ᠨᠦᠯᠦᠭᠡ ᠲᠠᠢ ᠪᠠᠶᠢᠵᠤ᠂ ᠡᠭᠦᠨ ᠤ ᠤᠯᠠᠮ ᠠᠴᠠ ᠰᠢᠯᠢᠳᠡᠭ ᠰᠠᠶᠢᠬᠠᠨ ᠶᠤᠰᠤ ᠮᠤᠷᠠᠯ ᠲᠠᠢ᠂ ᠮᠡᠳᠡᠯᠭᠡ ᠴᠢᠳᠠᠪᠤᠷᠢ ᠬᠤᠤᠰᠯᠠᠭᠰᠠᠨ᠂ ᠪᠡᠶ᠎ᠡ ᠰᠡᠳᠬᠢᠴᠡ ᠡᠷᠡᠬᠦᠯ ᠰᠢᠨ᠎ᠡ ᠴᠠᠭ ᠤᠨ ᠵᠠᠯᠠᠭᠤᠴᠣᠳ ᠢ ᠬᠦᠮᠦᠵᠢᠭᠦᠯᠬᠦ ᠪᠤᠯᠤᠨ᠎ᠠ᠃      ᠡᠷᠳᠡᠨ ᠤ ᠰᠣᠷᠭᠠᠨ ᠬᠦᠮᠦᠵᠢᠯ ᠤᠨ ᠬᠦᠨ ᠣᠬᠠᠭᠠᠨᠳᠠᠨ ᠰᠢᠶᠦ᠋ᠨ ᠺᠣᠸᠠᠩ᠄ ︽ᠣᠯᠣᠰ ᠬᠦᠴᠦᠷᠭᠡᠭᠵᠢᠶ᠎ᠡ ᠭᠡᠪᠡᠯ ᠪᠠᠭᠰᠢ ᠶᠢ ᠬᠦᠨᠳᠦᠯᠡᠬᠦ ᠬᠡᠷᠡᠭᠳᠠᠢ︾ ᠭᠡᠰᠡᠨ ᠪᠠ ᠣᠷᠣᠰ ᠤᠨ ᠰᠤᠷᠭᠠᠨ ᠬᠦᠮᠦᠵᠢᠯ ᠤᠨ ᠤᠬᠠᠭᠠᠨᠳᠠᠨ ᠪᠧᠯᠢᠨ᠋ᠰᠺᠢ ︽ᠵᠠᠯᠠᠭᠤᠴᠣᠳ ᠲᠤ ᠦᠭᠬᠦᠭᠰᠡᠨ ᠪᠠᠯᠡᠭ︾ ᠬᠡᠬᠦ ᠨᠣᠮ ᠳᠤ ᠪᠠᠨ᠄ ︽ᠰᠣᠷᠭᠠᠨ ᠭᠦᠮᠦᠵᠢᠭᠦᠯᠦᠭᠴᠢᠳ ᠬᠡᠴᠢᠨᠠᠨ ᠠᠭᠤᠣ ᠶᠡᠭᠡ᠂ ᠬᠡᠴᠢᠨᠠᠨ ᠴᠢᠬᠤᠯᠠ ᠪᠣᠢ᠃ ᠣᠴᠢᠷ ᠨᠢ ᠨᠢᠬᠡ ᠬᠦᠮᠦᠨ ᠤ ᠠᠮᠢᠳᠣᠷᠠᠯ ᠤᠨ ᠵᠣᠯ ᠵᠢᠷᠭᠠᠯ ᠲᠠᠳᠠᠨ ᠤ ᠭᠠᠷ ᠲᠤ ᠪᠣᠢ︾ ᠬᠡᠵᠣ ᠪᠢᠴᠢᠭᠰᠡᠨ ᠪᠠᠶᠢᠳᠠᠬ᠃ ᠡ᠊ᠨᠳᠡ ᠪᠢ ᠠᠩᠭᠢ ᠶᠢᠨ ᠡᠷᠬᠢᠯᠡᠭᠴᠢ ᠶᠢᠨ ᠠᠵᠢᠯ ᠢ ᠬᠢᠵᠤ ᠶᠠᠪᠤᠭᠰᠠᠨ ᠦᠡᠭᠭᠡᠷᠡᠯᠳᠠ ᠪᠠᠨ ᠲᠠ ᠨᠠᠷ ᠲᠠᠢ ᠪᠠᠨ ᠬᠤᠪᠢᠶᠠᠯᠴᠠᠶ᠎ᠠ᠃      ᠨᠢᠭᠡ᠂ ᠰᠤᠷᠤᠭᠴᠢᠳ ᠢ ᠠᠶᠤᠯᠭᠠᠵᠦ ᠶᠠᠪᠤᠪᠠᠯ ᠠᠩᠬᠢ ᠶᠢᠨ ᠬᠠᠮᠢᠶᠠᠷᠤᠯᠳᠠ ᠳᠤ ᠠᠰᠢᠭᠳᠠᠢ ᠭᠡᠵᠦ ᠠᠨᠳᠠᠭᠤᠷᠠᠵᠦ ᠪᠠᠶᠢᠭᠰᠠᠨ ᠦᠶ᠎ᠡ      2008 ᠣᠨ ᠳᠤ ᠠᠩᠬ᠎ᠠ ᠪᠠᠭᠰᠢ ᠶᠢᠨ ᠠᠵᠢᠯ ᠤᠨ ᠭᠠᠷᠤᠭ᠎ᠠ ᠪᠠᠨ ᠠᠪᠤᠮᠠᠭᠴᠠ ᠠᠩᠭᠢ ᠶᠢᠨ ᠡᠷᠬᠢᠯᠡᠭᠴᠢ ᠶᠢᠨ ᠠᠵᠢᠯ ᠢ ᠭᠠᠷᠳᠠᠭᠰᠠᠨ ᠶᠤᠮ᠃ ᠠᠵᠢᠯ ᠤᠨ ᠲᠤᠷᠰᠢᠯᠭ᠎ᠠ ᠭᠡᠵᠦ ᠶᠠᠭᠤ ᠴᠤ ᠦᠭᠡᠢ ᠲᠤᠯᠠ ᠣᠨᠤᠯ ᠣᠶᠢᠯᠠᠭᠠᠯᠳᠠ ᠳᠤ ᠪᠠᠨ ᠲᠦᠰᠢᠭᠯᠡᠨ ᠠᠵᠢᠯᠯᠠᠬᠤ ᠶᠢᠨ ᠲᠠᠭᠠᠤ ᠪᠤᠰᠤᠳ ᠠᠩᠭᠢ ᠶᠢᠨ ᠡᠷᠬᠢᠯᠡᠭᠴᠢ ᠠᠴᠠ ᠠᠰᠠᠭᠤᠨ ᠯᠠᠪᠯᠠᠭᠰᠠᠨ ᠤ ᠳ᠋ᠦᠩ ᠳᠤ ︽ᠰᠤᠷᠤᠭᠴᠢᠳ ᠢ ᠤᠷᠢᠳᠠᠪᠠᠷ ᠠᠶᠤᠯᠭᠠᠵᠤ ᠠᠪᠬᠤ ᠬᠡᠷᠡᠭᠳᠡᠢ︾ ᠭᠡᠪᠡ᠃ ᠪᠡᠶ᠎ᠡ ᠭᠠᠯᠪᠢᠷ ᠲᠤᠮᠤ᠂ ᠠᠭᠠᠰᠢ ᠵᠠᠩ ᠲᠤᠭᠰᠢᠨ ᠰᠢᠬ ᠢ ᠨᠢ ᠰᠤᠩᠭᠤᠵᠤ ᠪᠠᠶᠢᠭᠠᠳ ᠲᠦᠷ ᠴᠠᠭ ᠤᠨ ᠠᠩᠭᠢ ᠶᠢᠨ ᠲᠠᠷᠤᠭ᠎ᠠ ᠪᠤᠯᠭᠠᠯ᠎ᠠ᠃ ᠢᠩᠬᠢᠭᠡᠳ ᠠᠯᠪᠠᠨ ᠭᠡᠷ ᠤᠨ ᠪᠠᠭᠰᠢ ᠲᠠᠢ ᠬᠠᠮᠳᠤᠷᠠᠵᠦ ᠪᠠᠶᠢᠭᠠᠳ ᠠᠩᠭᠢ ᠶᠢᠨ ᠲᠠᠷᠤᠭ᠎ᠠ ᠪᠠᠨ ︽ᠠᠶᠤᠯᠭᠠᠵᠦ︾ ᠠᠪᠤᠯ᠎ᠠ ︵ᠲᠡᠷᠡ ᠪᠠᠭᠰᠢ ᠪᠠᠰᠠ ᠠᠵᠢᠯ ᠤᠨ ᠪᠠᠶᠢᠷᠢᠨ ᠳᠤ ᠰᠢᠨ᠎ᠡ ᠭᠠᠷᠤᠭᠰᠠᠨ ᠪᠠᠭᠰᠢ︶᠃ ᠵᠠᠯᠭᠠᠭᠠᠳ ᠠᠩᠭᠢ ᠶᠢᠨ ᠰᠤᠷᠤᠭᠴᠢ ᠪᠠᠨ ᠠᠩᠭᠢ ᠶᠢᠨ ᠲᠠᠷᠤᠭ᠎ᠠ ᠲᠠᠢ ᠪᠠᠨ ᠬᠠᠮᠵᠢᠯᠴᠠᠵᠦ ᠪᠠᠶᠢᠭᠠᠳ ︽ᠠᠶᠤᠯᠭᠠᠨ᠎ᠠ︾᠃ ᠣᠯᠠᠩᠬᠢ ᠤᠴᠢᠷ ᠢ ᠠᠭᠤᠷᠯᠠᠵᠦ ᠤᠴᠠᠭᠠᠷᠯᠠᠵᠦ ᠪᠠᠶᠢᠭᠠᠳ ᠰᠢᠢᠳᠪᠦᠷᠢᠯᠡᠨ᠎ᠠ᠃ ᠰᠤᠷᠤᠭᠴᠢ ᠨᠢᠭᠡ ᠬᠢᠴᠢᠶᠡᠯ ᠰᠠᠭᠠᠳᠠᠪᠠᠯ ᠬᠠᠭᠠᠰ ᠴᠠᠭ᠂ ᠴᠠᠭᠠᠰᠢᠯᠠᠪᠠᠯ ᠨᠢᠭᠡ ᠴᠠᠭ ᠢᠶᠠᠷ ᠠᠭᠤᠷᠯᠠᠵᠦ ᠳᠣᠩᠭᠤᠳᠤᠨ ᠰᠤᠷᠭᠠᠨ᠎ᠠ᠃ ᠲᠤᠬᠠᠢ ᠶᠢᠨ ᠦᠶ᠎ᠡ ᠳᠤ ᠦᠨᠡᠨ ᠰᠡᠳᠬᠢᠯ ᠠᠴᠠ ᠪᠠᠨ ᠠᠭᠤᠷᠯᠠᠳᠠᠭ ᠪᠠᠶᠢᠭᠰᠠᠨ ᠠᠴᠠ ᠬᠤᠳᠤᠭᠤᠳᠤ ᠭᠡᠳᠡᠰᠤ ᠴᠤ ᠡᠪᠡᠳᠳᠡᠭ ᠪᠠᠶᠢᠭᠰᠠᠨ᠃ ︽ᠠᠭᠤᠷ ᠪᠠᠶ᠎ᠡ ᠶᠢ ᠵᠤᠪᠠᠭᠠᠨ᠎ᠠ᠂ ᠠᠭᠤᠯᠠ ᠮᠣᠷᠢ ᠶᠢ ᠵᠤᠪᠠᠭᠠᠨ᠎ᠠ︾ ᠭᠡᠳᠡᠭ ᠡᠨᠡ ᠪᠠᠶᠢᠬ᠎ᠠ᠃      ᠢᠩᠬᠢᠵᠦ ᠪᠡᠶ᠎ᠡ ᠰᠡᠳᠬᠢᠯ ᠢᠶᠠᠨ ᠵᠤᠪᠠᠭᠠᠵᠦ ᠠᠭᠤᠷᠯᠠᠭᠰᠠᠨ ᠴᠣ᠋ ᠲᠠᠮᠡᠢ ᠲᠣᠰᠠ ᠭᠠᠷᠤᠭᠰᠠᠨ ᠦᠭᠡᠢ ᠶᠢ ᠤᠳᠠᠯ ᠦᠭᠡᠢ ᠰᠡᠷᠡᠵᠦ ᠣᠯᠤᠭᠰᠠᠨ ᠶᠤᠮ᠃ ᠶᠠᠮᠠᠷ ᠨᠢᠭᠡᠨ ᠰᠤᠷᠤᠭᠴᠢ ᠨᠠᠳᠠ ᠳᠤ ᠠᠭᠤᠷᠯᠠᠭᠳᠠᠭᠠᠳ ᠭᠠᠷᠪᠠᠯ ᠠᠩᠭᠢ ᠶᠢᠨ ᠭᠡᠷ ᠤᠨ ᠡᠳ᠋ᠯᠡᠯ ᠭᠡᠷᠡᠭᠰᠡᠯ ᠡᠪᠳᠠᠯᠭᠡ ᠳᠤ ᠤᠴᠠᠷᠠᠳᠠᠬ᠃ ︽ᠪᠠᠷᠰ ᠤᠨ ᠠᠭᠤᠷ ᠢ ᠪᠠᠮᠪᠠᠷ ᠲᠤ ᠭᠠᠷᠭᠠᠵᠦ︾ ᠪᠠᠶᠢᠬᠤ ᠰᠢᠬ ᠪᠤᠯᠤᠯ᠎ᠠ᠃ ᠰᠤᠷᠤᠭᠴᠢᠳ ᠢ ᠴᠤᠭᠯᠠᠭᠤᠯᠵᠦ᠂ ᠠᠩᠭᠢ ᠶᠢᠨ ᠬᠤᠷᠠᠯ ᠬᠢᠵᠦ᠂ ᠠᠭᠤᠷᠯᠠᠵᠦ᠂ ᠬᠡᠨ ᠦᠢᠯᠡᠳᠦᠭᠰᠡᠨ ᠢ ᠠᠰᠠᠭᠤᠬᠤ ᠳᠤ ᠮᠡᠳᠡᠬᠦ ᠬᠦᠮᠦᠨ ᠭᠡᠵᠦ ᠦᠭᠡᠢ᠃ ᠠᠷᠭ᠎ᠠ ᠠᠯᠳᠠᠷᠠᠭᠠᠳ ᠰᠠᠨᠠᠯ ᠪᠢᠴᠢᠭᠦᠯᠦᠭᠡᠳ ᠬᠤᠷᠢᠶᠠᠭᠰᠠᠨ ᠴᠢᠨᠢ ᠣᠯᠠᠩᠬᠢ ᠲᠣᠭᠠᠨ ᠤ ᠰᠤᠷᠤᠭᠴᠢ ︽ᠪᠠᠭᠰᠢ ᠲᠠ ᠰᠤᠷᠤᠭᠴᠢ ᠶᠢ ᠲᠤᠲᠠᠭᠤ ᠠᠭᠤᠷᠯᠠ︾ ᠭᠡᠵᠦ ᠪᠢᠴᠢᠵᠦ ᠪᠠᠶᠢᠭᠰᠠᠨ ᠪᠦᠭᠡᠳ ᠬᠡᠰᠡᠭ ᠲᠤᠭᠠᠨ ᠤ ᠰᠤᠷᠤᠭᠴᠢ ᠪᠠᠰᠠ ︽ᠪᠣᠰᠤᠳ ᠬᠢᠴᠢᠶᠡᠯ ᠤᠨ ᠪᠠᠭᠰᠢ ᠶᠢᠨ ᠬᠢᠴᠢᠶᠡᠯ ᠲᠡᠭᠡᠷ᠎ᠡ ᠰᠤᠷᠤᠭᠴᠢ ᠶᠢ ᠲᠤᠷ᠎ᠠ ᠪᠠᠷ ᠲᠠᠭᠤᠳᠠᠵᠦ ᠲᠡᠷᠡ ᠪᠠᠭᠰᠢ ᠶᠢᠨ ᠲᠤᠷ᠎ᠠ ᠦᠭᠡᠶᠢᠴᠡᠯ ᠢ ᠬᠦᠷᠭᠡᠵᠦ ᠬᠡᠪ ᠤᠨ ᠬᠢᠴᠢᠶᠡᠯᠯᠡᠭᠡ ᠶᠢ ᠨᠦᠯᠦᠭᠡᠯᠡᠵᠦ ᠪᠠᠶᠢᠨ᠎ᠠ︾ ᠭᠡᠯ᠎ᠡ᠃ ᠡᠳᠡᠭᠡᠷ ᠢ ᠦᠵᠡᠭᠡᠳ ᠠᠭᠤᠷᠯᠠᠭᠠᠳ ᠰᠤᠷᠴᠢᠬᠠᠭᠰᠠᠨ ᠬᠦᠮᠦᠨ ᠴᠢᠨᠢ ᠴᠤᠬᠤᠮ ᠲᠡᠯᠪᠡᠷᠡᠳᠡᠯ᠎ᠡ ᠠᠭᠤᠷᠯᠠᠭᠰᠠᠨ ᠪᠤᠯᠪᠠᠴᠤ ᠰᠤᠷᠤᠭᠴᠢ ᠳᠤ ᠮᠡᠳᠡᠭᠳᠡᠭᠰᠡᠨ ᠦᠭᠡᠢ᠂ ᠦᠪᠠᠷ ᠤᠨ ᠠᠵᠢᠯ ᠳᠤ ᠪᠠᠨ ᠲᠤᠩᠭᠠᠯᠳᠠ ᠬᠢᠵᠦ ᠡᠬᠢᠯᠡᠭᠰᠡᠨ ᠶᠤᠮ᠃      ᠬᠤᠶᠠᠷ᠂ ᠠᠨᠳᠠᠭᠤᠷᠠᠯ ᠢᠶᠠᠨ ᠬᠠᠯᠠᠵᠦ ᠤᠷᠤᠭᠰᠢᠳᠠᠢ ᠵᠠᠮ ᠳᠤ ᠤᠷᠤᠭᠰᠠᠨ ᠨᠢ      ᠠᠩᠭᠢ ᠶᠢᠨ ᠠᠵᠢᠯ ᠤᠨ ᠲᠤᠬᠠᠢ ᠨᠤᠮ ᠲᠠᠪᠳᠡᠷ ᠦᠵᠡᠯ᠎ᠡ᠃ ᠯᠢᠶᠣᠤᠨᠢᠩ ᠮᠤᠵᠢ ᠶᠢᠨ ᠰᠤᠷᠭᠠᠨ ᠬᠦᠮᠦᠵᠢᠯᠳᠡᠨ ᠸᠧᠢ ᠱᠤ᠋ ᠱᠧᠩ ᠪᠠᠭᠰᠢ ᠶᠢᠨ ᠨᠤᠮ ᠳᠤ ︽ᠠᠷᠠᠳᠴᠢᠯᠠᠯ︾ ᠢ ᠭᠤᠤᠯᠳᠠᠭᠤᠯᠵᠦ᠂ ᠰᠧᠴᠦᠸᠠᠨ ᠮᠤᠵᠢ ᠶᠢᠨ ᠰᠤᠷᠭᠠᠨ ᠬᠦᠮᠦᠵᠢᠯᠳᠡᠨ ᠯᠢ ᠵᠧᠨ ᠰᠢ ᠪᠠᠭᠰᠢ ᠶᠢᠨ ᠨᠤᠮ ᠳᠤ ᠭᠤᠤᠯᠳᠠᠭᠤ ︽ᠬᠠᠶᠢᠷ᠎ᠠ ᠶᠢᠨ ᠰᠠᠳᠬᠢᠯ︾᠂ ︽ᠦᠵᠡᠯ ᠰᠠᠨᠠᠭ᠎ᠠ︾ ᠶᠢ ᠡᠷᠬᠢᠮᠯᠡᠨ ᠶᠠᠷᠢᠭᠰᠠᠨ ᠢ ᠦᠵᠡᠭᠡᠳ ᠦᠪᠡᠷ ᠢ ᠪᠠᠨ ᠦᠭᠡᠷᠡᠴᠢᠯᠡᠬᠦ ᠪᠠᠷ ᠡᠷᠡᠰ ᠰᠢᠢᠳᠤᠯ᠎ᠠ᠃ ᠲᠡᠭᠡᠭᠡᠳ ᠲᠤᠷᠰᠢᠯᠭ᠎ᠠ ᠲᠠᠢ ᠠᠬᠠᠮᠠᠳ ᠪᠠᠭᠰᠢ ᠶᠢ ᠰᠣᠷᠪᠤᠯᠵᠢᠯᠠᠵᠦ ᠲᠤᠤᠷᠠᠬᠢ ᠮᠡᠳᠤ ᠦᠭᠡᠷᠡᠴᠢᠯᠡᠯᠳᠡ ᠭᠠᠷᠭᠠᠯ᠎ᠠ᠃      1. ᠰᠣᠷᠤᠭᠴᠢ ᠶᠢ ᠬᠡᠳᠤ ᠠᠭᠤᠷᠯᠠᠵᠦ ᠪᠤᠯᠬᠤ ᠦᠭᠡᠢ᠂ ᠦᠪᠡᠷ ᠢ ᠪᠠᠨ ᠬᠦᠨᠳᠦᠳᠬᠡᠬᠦ ᠰᠡᠳᠬᠢᠯᠭᠡ ᠶᠢ ᠨᠢ ᠬᠦᠨᠳᠦᠳᠬᠡᠵᠦ᠂ ᠪᠤᠳᠤᠯ ᠰᠡᠳᠬᠢᠯ ᠢ ᠨᠢ ᠣᠶᠢᠯᠠᠭᠠᠵᠦ᠂ ᠤᠨᠴᠠᠯᠢᠭ ᠲᠤ ᠨᠢ ᠲᠤᠬᠢᠷᠠᠭᠤᠯᠤᠨ ᠬᠦᠮᠦᠵᠢᠭᠦᠯᠬᠦ ᠬᠡᠷᠡᠭᠳᠡᠢ ᠭᠡᠰᠡᠨ ᠢ ᠤᠬᠠᠭᠠᠷᠠᠯ᠎ᠠ᠃      ᠰᠤᠷᠤᠭᠴᠢ ᠶᠢᠨ ᠰᠡᠳᠬᠢᠯ ᠰᠠᠨᠠᠭ᠎ᠠ ᠶᠢ ᠤᠶᠢᠯᠠᠭᠠᠨ ᠮᠡᠳᠡᠬᠦ ᠶᠢᠨ ᠲᠦᠯᠦᠭᠡ ᠲᠡᠳᠡᠨ ᠤ ᠪᠠᠶᠢᠷᠢ ᠪᠠᠷ ᠤᠨᠳᠠᠯᠭ᠎ᠠ ᠪᠠᠶᠢᠴᠠᠭᠠᠵᠦ ᠲᠤᠭᠤᠷᠢᠬᠤ ᠳᠤ ᠪᠠᠨ ᠦᠯᠢᠭᠡᠷ ᠬᠡᠯᠡᠵᠦ᠂ ᠪᠠᠰᠠ ᠢᠨᠢᠶᠡᠳᠤᠮ ᠱᠤᠭ ᠴᠤ ᠭᠠᠷᠭᠠᠳᠠᠭ ᠪᠤᠯᠵᠦ᠂ ᠲᠡᠳᠡᠨ ᠲᠠᠢ ᠤᠶᠢᠷᠠᠳᠴᠤ ᠵᠤᠭᠤᠭ ᠲᠡᠯᠭᠡᠳᠡᠭ ᠪᠤᠯᠤᠭᠰᠠᠨ᠃ ᠲᠠᠪᠳᠠᠯᠭ᠎ᠠ ᠶᠢᠨ ᠴᠠᠭ ᠪᠤᠶᠤ ᠰᠤᠯᠠ ᠰᠡᠯᠡᠬᠦᠦ ᠴᠠᠭ ᠢ ᠠᠰᠢᠭᠯᠠᠨ ᠰᠤᠷᠤᠭᠴᠢᠳ ᠲᠠᠢ ᠶᠠᠷᠢᠯᠴᠠᠵᠦ ᠪᠤᠳᠤᠯ ᠰᠠᠨᠠᠯ ᠢᠶᠠᠨ ᠰᠣᠯᠢᠯᠴᠠᠨ᠎ᠠ᠂ ᠴᠢᠷᠮᠠᠶᠢᠬᠤ ᠵᠤᠷᠢᠭ ᠢ ᠨᠢ ᠬᠦᠪᠴᠢᠯᠡᠨ᠎ᠡ᠂ ᠰᠤᠷᠤᠯᠴᠠᠬᠤ ᠠᠷᠭ᠎ᠠ ᠵᠠᠮ ᠳᠤ ᠨᠢ ᠵᠦᠪᠯᠡᠯᠭᠡ ᠪᠤᠯᠵᠦ ᠦᠵᠡᠯ ᠤᠬᠠᠮᠰᠠᠷ ᠢ ᠨᠢ ᠲᠠᠶᠢᠴᠢᠯᠠᠪᠠ᠃ ᠢᠩᠬᠢᠭᠰᠡᠨ ᠢᠶᠠᠷ ᠰᠤᠷᠤᠭᠴᠢ ᠶᠢᠨ ᠴᠢᠷᠠᠢ ᠳᠤ ᠪᠠᠶᠠᠷ ᠲᠤᠳᠤᠷᠠᠵᠦ ᠢᠨᠢᠶᠡᠳᠦ ᠬᠠᠨᠢᠶᠠᠳᠦ ᠲᠠᠢ ᠪᠤᠯᠵᠦ ᠢᠷᠡᠭᠰᠡᠨ᠃ ᠦᠪᠡᠷ ᠤᠨ ᠪᠠᠶ᠎ᠡ ᠶᠢᠨ ᠬᠡᠪ ᠪᠤᠯᠪᠠᠰᠤᠷᠠᠯ᠂ ᠬᠡᠪ ᠲᠦᠷᠬᠦ ᠶᠢ ᠴᠦ ᠤᠯᠠᠮ ᠠᠩᠬᠠᠷᠬᠤ ᠪᠤᠯᠪᠠ᠃ ᠰᠤᠷᠤᠭᠴᠢᠳ ᠠᠩᠭᠢ ᠶᠢᠨ ᠪᠠᠭᠰᠢ ᠶᠢᠨ ᠡᠮᠦᠰᠴᠦ ᠵᠡᠬᠦᠭᠦ᠂ ᠬᠡᠯᠡᠵᠦ ᠶᠠᠷᠢᠬᠤ᠂ ᠬᠦᠳᠡᠯᠵᠦ ᠪᠠᠷᠢᠬᠤ ᠵᠡᠷᠭᠡ ᠠᠴᠠ ᠦᠭᠰᠦᠭᠦᠯᠦᠨ ᠪᠠᠭᠰᠢ ᠶᠢᠨ ᠢᠶᠠᠨ ᠬᠡᠪ ᠨᠠᠮᠪᠠ ᠶᠢ ᠲᠠᠭᠠᠵᠦ ᠲᠠᠭᠤᠷᠢᠶᠠᠳᠠᠭ ᠬᠡᠰᠡᠨ ᠢ ᠮᠡᠳᠡᠯ᠎ᠡ᠃ ᠮᠣᠩᠭᠤᠯ ᠤᠨ ᠡᠷᠳᠡᠨ ᠤ ᠬᠦᠮᠦᠵᠢᠯ ᠳᠤ᠄ ︽ᠮᠣᠩᠭᠤᠯ ᠪᠦᠰᠡᠭᠦ᠋ᠢᠴᠤᠳ ᠭᠡᠷ ᠵᠠᠭᠤᠷ᠎ᠠ ᠶᠢᠨ ᠬᠦᠳᠡᠯᠮᠦᠷᠢ ᠬᠢᠬᠦ ᠪᠠ ᠪᠤᠰᠤᠳ ᠵᠦᠢᠯ ᠤᠨ ᠦᠢᠯᠡᠳᠪᠦᠷᠢᠯᠡᠯ ᠤᠨ ᠬᠦᠳᠡᠯᠮᠦᠷᠢ ᠳᠤ ᠣᠷᠤᠯᠴᠠᠬᠤ ᠳᠤ ᠪᠠᠨ ᠪᠠᠭ᠎ᠠ ᠬᠡᠤᠬᠡᠳ᠂ ᠴᠠᠭᠠᠰᠢᠯᠠᠪᠠᠯ ᠬᠦᠯ ᠳᠤ ᠰᠠᠶ᠋ᠢ ᠤᠷᠤᠵᠤ ᠪᠠᠶᠢᠭ᠎ᠠ ᠨᠢᠯᠬ᠎ᠠ ᠬᠡᠤᠬᠡᠳ ᠢᠶᠠᠨ ᠲᠠᠭᠠᠭᠤᠯᠤᠨ ᠨᠠᠰᠤᠨ ᠳᠤ ᠬᠦᠷᠦᠭᠰᠡᠳ ᠤᠨ ᠬᠠᠵᠠᠭᠤ ᠳᠤ ᠰᠠᠭᠤᠯᠭᠠᠬᠤ ᠪᠤᠶᠤ ᠨᠠᠭᠠᠳᠴᠤ ᠲᠤᠭᠯᠠᠭᠤᠯᠳᠠᠭ ᠪᠠᠶᠢᠵᠠᠢ︾ ① ᠭᠡᠵᠦ ᠪᠠᠶᠢᠭᠰᠠᠨ ᠨᠢ ᠡᠭᠦᠨ ᠢ ᠭᠡᠷᠡᠴᠢᠯᠡᠵᠦ ᠪᠠᠶᠢᠨ᠎ᠠ᠃ ᠡᠳᠡᠭᠡᠷ ᠢ ᠠᠩᠬᠠᠷᠤᠭᠰᠠᠨ ᠤ ᠰᠡᠭᠦᠯᠡᠷ ᠠᠩᠬᠢ ᠶᠢᠨ ᠭᠡᠷ ᠤᠨ ᠡᠳ᠋ ᠬᠤᠭᠰᠢᠯ ᠡᠪᠳᠡᠷᠡᠵᠦ ᠬᠠᠭᠠᠷᠠᠬᠤ ᠨᠢ ᠠᠶᠠᠳᠠᠵᠦ ᠢᠷᠡᠭᠰᠡᠨ ᠪᠦᠭᠡᠳ ᠬᠡᠯᠡᠵᠦ ᠲᠠᠭᠠᠭᠠᠯᠭᠠᠭᠰᠠᠨ ᠡᠭᠦᠷᠭᠡ ᠶᠢ ᠴᠠᠭ ᠲᠠᠷᠤᠢ ᠳᠤ ᠨᠢ ᠴᠡᠷᠢᠭ ᠤᠨ ᠵᠡᠷᠯᠢᠬ ᠮᠡᠳᠤ ᠪᠠᠶᠡᠯᠡᠬᠦᠯᠳᠡᠭ ᠪᠤᠯᠤᠭᠰᠠᠨ᠃ ᠨᠢᠭᠡᠨ ᠤᠳᠠᠭᠠᠨ ᠤ ᠰᠤᠷᠭᠠᠭᠤᠯᠢ ᠶᠢᠨ ᠬᠦᠷᠢᠶᠡᠨ ᠳᠤ ᠮᠣᠳᠤ ᠵᠠᠶᠢᠯᠠᠬᠤ ᠠᠵᠢᠯ ᠢ ᠰᠤᠷᠭᠠᠭᠤᠯᠢ ᠠᠴᠠ ᠨᠢᠭᠡ ᠡᠳᠤᠷ ᠭᠡᠵᠦ ᠲᠦᠯᠦᠪᠯᠡᠭᠰᠡᠨ ᠢ ᠮᠠᠨ ᠤ ᠠᠩᠭᠢ ᠲᠠᠭᠠᠭᠠᠵᠦ ᠠᠮᠠᠷᠠᠭᠰᠠᠨ ᠦᠭᠡᠢ ᠠᠵᠢᠯᠯᠠᠭᠠᠳ ᠭᠤᠷᠪᠠᠨ ᠬᠢᠴᠢᠶᠡᠯ ᠳᠤ ᠪᠠᠷᠠᠭᠠᠭᠰᠠᠨ᠃ ᠨᠢᠭᠡ ᠬᠢᠴᠢᠶᠡᠯ ᠠᠵᠢᠯᠯᠠᠭᠰᠠᠨ ᠤ ᠲᠠᠷᠠᠭ᠎ᠠ ︽ᠪᠢᠳᠡ ᠪᠠᠭ᠋ᠠᠨ ᠠᠮᠠᠷᠠᠭᠠᠳ ᠠᠪᠤᠶ᠎ᠠ︾ ᠬᠡᠬᠦ ᠳᠤ ᠲᠠᠳᠡ ︽ᠪᠢᠳᠡ ᠬᠤᠷᠳᠤᠨ ᠪᠠᠷᠠᠭᠠᠭᠠᠳ ᠠᠮᠠᠷᠠᠶ᠎ᠠ᠂ ᠠᠩᠭᠢ ᠶᠢᠨ ᠨᠢᠭᠤᠷ ᠢ ᠪᠤᠤ ᠭᠡᠭᠡᠶ᠎ᠡ︾ ᠬᠡᠨ᠎ᠡ᠃      2. ᠬᠢᠴᠢᠶᠡᠯᠯᠡᠭᠴᠢ ᠪᠠᠭᠰᠢ ᠲᠠᠢ ᠪᠠᠨ ᠨᠢᠭᠳᠠ ᠬᠠᠮᠵᠢᠯᠴᠠᠵᠦ᠂ ᠭᠡᠷ ᠤᠨ ᠠᠬᠠᠮᠠᠳ ᠲᠠᠢ ᠡᠪᠯᠢᠭ ᠶᠠᠷᠢᠯᠴᠠᠬᠤ ᠪᠤᠯᠪᠠ᠃      ᠰᠤᠷᠤᠭᠴᠢᠳ ᠤᠨ ᠰᠠᠨᠠᠯ ᠨᠠᠳᠠ ᠳᠤ ᠰᠡᠷᠡᠮᠵᠢ ᠦᠭᠭᠦᠭᠰᠡᠨ ᠲᠡᠷᠡ ᠡᠳᠤᠷ ᠠᠴᠠ ᠡᠬᠢᠯᠡᠨ ᠴᠢᠳᠠᠬᠤ ᠶᠢᠨ ᠲᠤᠳᠤᠷ᠎ᠠ ᠬᠢᠴᠢᠶᠡᠯ ᠲᠠᠪᠳᠠᠯᠭ᠎ᠠ ᠳᠤ ᠰᠤᠷᠤᠭᠴᠢ ᠶᠢ ᠲᠠᠭᠤᠳᠠᠬᠤ ᠦᠭᠡᠢ ᠪᠠᠶᠢᠵᠦ᠂ ᠶᠠᠭ ᠠᠷᠭ᠎ᠠ ᠦᠭᠡᠢ ᠲᠠᠭᠤᠳᠠᠬᠤ ᠴᠢᠬᠤᠯᠠᠳᠠᠢ ᠪᠤᠯᠪᠠᠯ ᠬᠢᠴᠢᠶᠡᠯᠯᠡᠭᠴᠢ ᠪᠠᠭᠰᠢ ᠳᠤ ᠨᠢ ᠴᠢᠯᠦᠭᠡ ᠬᠡᠯᠡᠳᠡᠭ ᠪᠤᠯᠤᠭᠰᠠᠨ᠃ ᠮᠦᠨ ᠴᠤ ᠬᠢᠴᠢᠶᠡᠯ ᠤᠨ ᠪᠠᠭᠰᠢ ᠲᠠᠢ ᠨᠢᠭᠳᠠ ᠬᠠᠮᠵᠢᠯᠴᠠᠬᠤ ᠶᠢ ᠤᠨᠴᠠ ᠠᠩᠬᠠᠷᠴᠤ ᠠᠩᠭᠢ ᠶᠢᠨ ᠰᠤᠷᠤᠭᠴᠢᠳ ᠤᠨ ᠲᠡᠷᠡ ᠪᠠᠭᠰᠢ ᠶᠢᠨ ᠬᠢᠴᠢᠶᠡᠯ ᠲᠡᠭᠡᠷᠡᠬᠢ ᠢᠯᠡᠷᠡᠯ ᠬᠢᠷᠢ ᠵᠡᠷᠭᠡ ᠪᠠᠶᠢᠬᠤ ᠶᠢ ᠤᠶᠢᠯᠠᠭᠠᠳᠠᠭ ᠪᠤᠯᠤᠭᠰᠠᠨ᠃ ᠡᠭᠦᠨ ᠤ ᠤᠯᠠᠮ ᠠᠴᠠ ᠬᠢᠴᠢᠶᠡᠯᠯᠡᠭᠴᠢ ᠪᠠᠭᠰᠢ ᠨᠠᠷ ᠤᠨ ᠮᠠᠨ ᠤ ᠠᠩᠭᠢ ᠳᠤ ᠬᠠᠨᠳᠤᠵᠦ ᠪᠠᠶᠢᠭ᠎ᠠ ᠢᠳᠡᠪᠬᠢᠵᠢᠯ ᠪᠤᠯᠤᠨ ᠬᠠᠷᠢᠭᠤᠴᠠᠯᠭ᠎ᠠ ᠨᠠᠳᠠ ᠠᠴᠠ ᠢᠯᠡᠭᠦᠦ ᠪᠠᠶᠢᠬᠤ ᠶᠢ ᠤᠬᠠᠭᠠᠷᠠᠨ ᠮᠡᠳᠡᠯ᠎ᠡ᠃ ᠲᠡᠳᠡ ᠭᠠᠭᠴᠠ ᠦᠪᠡᠷ ᠤᠨ ᠬᠢᠴᠢᠶᠡᠯ ᠲᠦᠷᠦᠯ ᠤᠨ ᠢᠶᠠᠨ ᠲᠦᠯᠦᠭᠡ ᠪᠢᠰᠢ᠂ ᠬᠠᠷᠢᠨ ᠰᠤᠷᠤᠭᠴᠢᠳ ᠲᠤ ᠬᠦᠮᠦᠨ ᠪᠤᠯᠬᠤ ᠶᠤᠰᠤ ᠶᠢ ᠤᠯᠠᠮᠵᠢᠯᠠᠵᠦ ᠬᠦᠮᠦᠵᠢᠭᠦᠯᠳᠡᠭ ᠪᠠᠶᠢᠵᠠᠢ᠃ ᠬᠢᠴᠢᠶᠡᠯ ᠳᠡᠭᠡᠷ᠎ᠡ ᠤᠨᠳᠠᠬᠤ ᠪᠠ ᠡᠩ ᠤᠨ ᠦᠶ᠎ᠡ ᠳᠤ ᠬᠠᠷᠢᠶᠠᠯ ᠤᠨ ᠦᠭᠡ ᠭᠡᠯᠡᠭᠦ ᠶᠢ ᠬᠤᠷᠢᠭᠯᠠᠵᠤ ᠴᠡᠭᠡᠷᠯᠡᠬᠦᠯᠤᠨ ᠡᠮᠡᠭᠳᠡᠢ ᠰᠤᠷᠤᠭᠴᠢ ᠶᠢᠨ ᠬᠦᠮᠦᠵᠢᠯ ᠢ ᠰᠠᠶᠢᠳᠤᠷ ᠬᠢᠳᠡᠭ᠃      ︽ᠬᠠᠤᠯᠢ ᠶᠢᠨ ᠮᠡᠳᠡᠯᠭᠡ ᠶᠢ ᠤᠶᠢᠯᠠᠭᠠᠬᠤ ᠲᠠᠢ ᠠᠳᠠᠯᠢᠬᠠᠨ ᠢᠶᠠᠷ ᠨᠡᠶᠢᠭᠡᠮ ᠤᠨ ᠪᠦᠬᠦ ᠬᠡᠰᠢᠭᠦᠳ ᠴᠦᠮ ᠰᠤᠷᠭᠠᠨ ᠬᠦᠮᠦᠵᠢᠯ ᠤᠨ ᠤᠬᠠᠭᠠᠨ ᠢ ᠤᠶᠢᠯᠠᠭᠠᠭᠰᠠᠨ ᠪᠠᠶᠢᠬᠤ ᠶᠤᠰᠤᠳᠠᠢ︾ ② ᠭᠡᠳᠡᠭ ᠢᠶᠠᠷ ᠰᠤᠷᠤᠭᠴᠢ ᠶᠢᠨ ᠰᠠᠨᠠᠯ ᠠᠴᠠ ᠰᠡᠷᠡᠵᠦ ᠭᠡᠷ ᠤᠨ ᠠᠬᠠᠮᠠᠳ ᠲᠠᠢ ᠦᠷᠬᠦᠯᠵᠢ ᠬᠠᠷᠢᠯᠴᠠᠨ ᠦᠪᠡᠷ ᠤᠨ ᠪᠡᠶ᠎ᠡ ᠪᠠᠨ ᠲᠡᠨᠢᠭᠤᠯᠤᠨ ᠮᠡᠳᠡᠬᠦᠯᠬᠦ ᠴᠢᠬᠤᠯᠠᠳᠠᠢ ᠭᠡᠰᠡᠨ ᠢ ᠮᠡᠳᠡᠯ᠎ᠡ᠃ ᠭᠡᠷ ᠤᠨ ᠠᠬᠠᠮᠠᠳ ᠶᠠᠷᠤ ᠨᠢ ᠪᠠᠭᠰᠢ ᠨᠠᠷ ᠢ ᠡᠳᠣᠷ ᠤᠨ ᠨᠢᠬᠡ ᠬᠤᠶᠠᠷ ᠬᠢᠴᠢᠶᠡᠯ ᠣᠷᠣᠬᠤ ᠬᠡᠳᠣᠢ ᠠᠮᠠᠷᠬᠠᠨ ᠪᠤᠢ᠂ ᠴᠠᠭ ᠪᠠᠶᠢᠪᠠᠯ ᠴᠠᠢ ᠪᠠᠨ ᠤᠤᠭᠤᠭᠠᠳ ᠵᠦᠭᠡᠷ ᠰᠠᠭᠤᠨ᠎ᠠ ᠭᠡᠵᠤ ᠰᠡᠳᠬᠢᠵᠤ ᠤᠶᠢᠯᠠᠭᠠᠳᠠᠭ᠃ ᠲᠡᠷᠡᠴᠢᠯᠡᠨ ᠵᠠᠷᠢᠮ ᠨᠢ ᠭᠡᠣᠭᠡᠳ ᠲᠤ ᠪᠠᠨ ᠪᠠᠭᠰᠢ ᠶᠢ ᠨᠢ ᠪᠤᠷᠤᠭᠤᠳᠬᠠᠵᠤ ᠬᠡᠯᠡᠳᠡᠭ ᠠᠴᠠ ᠰᠣᠷᠣᠭᠴᠢ ᠨᠢ ᠪᠠᠭᠰᠢ ᠶᠢ ᠬᠦᠨᠳᠦᠳᠬᠡᠬᠦ ᠳᠤ ᠬᠦᠴᠢᠷ ᠪᠤᠯᠵᠤ ᠠᠩᠬᠢ ᠶᠢᠨ ᠡᠷᠬᠢᠯᠡᠭᠴᠢ ᠶᠢᠨ ᠦᠬᠡ ᠬᠡᠳᠡᠭ ᠴᠢᠨᠢ ᠡᠯᠡᠰᠣᠨ ᠲᠠᠯᠠᠢ ᠶᠢᠨ ᠲᠣᠰᠣᠯ ᠣᠰᠣᠨ ᠮᠡᠳᠣ ᠬᠦᠬᠡᠷᠤᠬᠦ᠋ᠢᠯᠡᠯᠳᠡᠢ ᠪᠣᠯᠬᠤ ᠶᠤᠮ᠃ ᠡᠩᠬᠡ ᠠᠮᠤᠭᠤᠯᠠᠩ ᠬᠠᠭᠠᠨ ᠬᠡᠤᠬᠡᠳ ᠤᠨ ᠢᠶᠠᠨ ᠡᠮᠤᠨ᠎ᠡ ᠪᠠᠭᠰᠢ ᠶᠢ ᠨᠢ ᠰᠢᠬᠦᠮᠵᠢᠯᠡᠭᠰᠡᠨ ᠠᠴᠠ ᠬᠡᠣᠬᠡᠳ ᠨᠢ ᠪᠠᠭᠰᠢ ᠪᠠᠨ ᠬᠦᠨᠳᠦᠯᠡᠬᠦ ᠦᠬᠡᠢ ᠪᠣᠯᠵᠣ ᠶᠣᠰᠣ ᠨᠣᠮ ᠳᠤ ᠴᠢᠷᠮᠠᠶᠢᠬᠤ ᠦᠬᠡᠢ ᠪᠣᠯᠣᠭᠰᠠᠨ ᠠᠴᠠ ᠬᠤᠵᠢᠮ ᠨᠢ ᠬᠦᠮᠦᠵᠢᠬᠦᠯᠬᠦ ᠳᠤ ᠲᠣᠩ ᠬᠦᠴᠢᠷᠳᠡᠭᠰᠡᠨ ᠭᠡᠳᠡᠭ᠃      3. ᠰᠤᠷᠤᠭᠴᠢ ᠶᠢ ᠬᠠᠶᠢᠷ᠎ᠠ ᠪᠠᠷ ᠤᠶᠠᠰᠬᠠᠵᠦ ᠤᠷᠮᠠᠰᠢᠭᠤᠯᠬᠤ ᠪᠤᠯ ᠰᠤᠷᠭᠠᠨ ᠬᠦᠮᠦᠵᠢᠯ ᠤᠨ ᠪᠠᠰᠠ ᠨᠢᠭᠡᠨ ᠰᠠᠶᠢᠨ ᠵᠣᠷ ᠪᠤᠯᠬᠤ ᠶᠢ ᠮᠡᠳᠡᠯ᠎ᠡ᠃      ᠰᠣᠷᠣᠭᠴᠢᠳ ᠠᠯᠳᠠᠭ᠎ᠠ ᠭᠠᠷᠭᠠᠪᠠᠯ ᠠᠪᠤᠨ ᠲᠤᠤᠷ᠎ᠠ ᠨᠢ ᠰᠢᠢᠳᠬᠡᠬᠦ ᠴᠢᠬᠤᠯᠡ ᠦᠬᠡᠢ᠂ ᠬᠠᠷᠢᠨ ᠬᠤᠶᠠᠷ ᠭᠤᠷᠪᠠ ᠣᠳᠠᠭᠠᠨ ᠤ ᠣᠬᠠᠮᠰᠠᠷᠠᠬᠤ ᠵᠠᠪᠰᠢᠶᠠᠨ ᠣᠯᠭᠤᠪᠠᠯ ᠵᠣᠬᠢᠮᠵᠢᠲᠠᠢ᠃ ᠢᠩᠬᠢᠪᠡᠯ ᠲᠠᠳᠠ ᠪᠣᠷᠣᠭᠤ ᠪᠠᠨ ᠲᠠᠨᠢᠨ ᠵᠦᠪ ᠵᠠᠮ ᠳᠤ ᠣᠷᠣᠵᠣ ᠰᠣᠷᠣᠯᠭ᠎ᠠ ᠬᠢᠴᠢᠶᠡᠯ ᠳᠤ ᠪᠠᠨ ᠬᠦᠴᠦ ᠲᠠᠯᠪᠢᠬᠤ ᠪᠣᠯᠣᠨ᠎ᠠ᠃ ᠲᠡᠶᠢᠮᠦ ᠪᠢᠰᠢ ᠵᠢᠭᠠᠬᠠᠨ ᠠᠯᠳᠠᠭ᠎ᠠ ᠶᠢ ᠨᠢ ᠴᠦ ᠲᠠᠯᠪᠢᠬᠤ ᠦᠭᠡᠢ ᠪᠤᠯ ᠰᠣᠷᠣᠭᠴᠢ ᠲᠣᠷ᠎ᠠ ᠠᠯᠳᠠᠷᠠᠵᠣ ᠡᠴᠣᠰ ᠲᠤ ᠪᠠᠨ ᠢᠴᠢᠬᠦ ᠨᠢᠭᠤᠷ ᠦᠬᠡᠢ ᠪᠣᠯᠵᠣ᠂ ᠶᠠᠭᠤ ᠬᠢᠬᠦ ᠠᠴᠠ ᠴᠣ᠋ ᠪᠣᠴᠠᠬᠤ ᠦᠬᠡᠢ ᠪᠤᠯᠴᠢᠬᠠᠳᠠᠬ᠃ ︽ᠦᠪᠡᠷ ᠤᠨ ᠬᠡᠣᠬᠡᠳ ᠢᠶᠠᠨ ᠬᠠᠶᠢᠷᠠᠯᠠᠵᠦ ᠴᠢᠳᠠᠪᠠᠯ ᠬᠦᠮᠦᠨ᠂ ᠦᠷᠦᠭᠡᠯ ᠤᠨ ᠬᠡᠣᠬᠡᠳ ᠢ ᠬᠠᠶᠢᠷᠠᠯᠠᠵᠦ ᠴᠢᠳᠠᠪᠠᠯ ᠪᠤᠷᠬᠠᠨ︾ ᠭᠡᠳᠡᠭ ᠰᠢᠦ ᠳ᠋ᠠ᠃ ᠡᠨᠡ ᠲᠤᠬᠠᠢ ᠸᠧᠢ ᠱᠦ ᠱᠧᠩ ᠪᠠᠭᠰᠢ᠄ ︽ᠠᠯᠳᠠᠭ᠎ᠠ ᠭᠠᠷᠭᠠᠭᠰᠠᠨ ᠰᠤᠷᠤᠭᠴᠢ ᠶᠢ ᠠᠭᠤᠷᠯᠠᠵᠦ ᠰᠢᠭᠦᠮᠵᠢᠯᠡᠵᠦ ᠠᠯᠳᠠᠭ᠎ᠠ ᠲᠤᠳᠠᠭᠳᠠᠯ ᠢ ᠨᠢ ᠲᠤᠭᠠᠴᠢᠬᠤ ᠶᠢᠨ ᠤᠷᠤᠨ ᠳᠤ ᠬᠠᠷᠢᠨ ᠲᠡᠬᠦᠨ ᠤ ᠲᠠᠪᠠᠭᠤᠯᠢᠭ ᠢ ᠣᠯᠵᠦ ᠬᠠᠷᠠᠬᠤ ᠬᠡᠷᠡᠭᠳᠡᠢ᠃ ᠢᠩᠬᠢᠪᠡᠯ ᠰᠠᠶ᠋ᠢ ᠲᠡᠭᠦᠨ ᠳᠤ ᠠᠯᠳᠠᠭ᠎ᠠ ᠪᠠᠨ ᠢᠯᠠᠨ ᠲᠠᠪᠠᠭ᠋ᠤ ᠡᠷᠴᠢ ᠵᠤᠷᠢᠭ ᠢ ᠣᠯᠭᠤᠵᠦ ᠲᠡᠶᠢᠯᠦᠨ᠎ᠡ︾ ᠭᠡᠵᠡᠢ ③᠃ ᠪᠦᠳᠦᠨ ᠡᠳᠣᠷ ᠠᠭᠤᠷᠯᠠᠭᠳᠠᠬᠤ᠂ ᠬᠢᠴᠢᠶᠡᠯ ᠵᠣᠭᠰᠣᠭᠠᠭᠳᠠᠬᠤ ᠳᠤ ᠪᠠᠨ ᠰᠣᠷᠣᠭᠴᠢ ᠶᠠᠭᠤ ᠪᠣᠳᠣᠳᠠᠭ ᠢ ᠰᠡᠳᠬᠢᠵᠣ ᠦᠵᠡᠬᠦ ᠶᠣᠰᠣᠳᠠᠢ ᠪᠠᠶᠢᠨ᠎ᠠ᠃ ᠲᠠᠳᠠ ᠪᠣᠯ ᠬᠦᠮᠦᠨ᠂ ᠲᠡᠷᠡ ᠮᠦᠷᠳᠡᠭᠡᠨ ᠮᠠᠷᠭᠠᠰᠢ ᠶᠢ ᠣᠭᠳᠣᠬᠤ᠂ ᠬᠡᠶᠢᠬᠦᠯᠬᠦ ᠬᠠᠮᠤᠭ ᠤᠨ ᠰᠣᠳᠣᠨ ᠵᠠᠯᠭᠠᠮᠵᠢᠯᠠᠭᠴᠢ ᠪᠠᠶᠢᠭ᠎ᠠ ᠶᠣᠮ᠃ ᠲᠡᠳᠡᠨ ᠳᠤ ᠪᠠᠰᠠ ᠨᠢᠭᠤᠷ ᠲᠠᠢ᠂ ᠦᠪᠡᠷ ᠢ ᠪᠠᠨ ᠬᠦᠨᠳᠦᠳᠬᠡᠬᠦ ᠰᠡᠳᠬᠢᠯᠬᠡ ᠴᠢᠩᠭ᠎ᠠ ᠪᠠᠶᠢᠳᠠᠭ᠃ ᠲᠡᠬᠦᠨ ᠢ ᠨᠢ ᠪᠢᠳᠡ ᠬᠦᠨᠳᠦᠳᠬᠡᠬᠦ ᠬᠡᠷᠡᠭᠳᠡᠢ᠃ ᠮᠢᠨᠦ ᠡᠷᠬᠢᠯᠡᠵᠦ ᠲᠡᠭᠦᠰᠭᠡᠭᠰᠡᠨ ᠠᠩᠬᠢ ᠳᠤ ᠠᠩᠬ᠎ᠠ ᠲᠤᠮᠳᠠᠳᠤ ᠠᠴᠠ ᠪᠠᠨ ᠠᠯᠢᠶ᠎ᠠ ᠰᠣᠷᠣᠭᠴᠢ ᠭᠡᠰᠡᠨ ᠬᠠᠷ᠎ᠠ ᠲᠠᠩᠰᠠ ᠲᠠᠢ ᠢᠷᠡᠭᠰᠡᠨ ᠰᠣᠷᠣᠭᠴᠢ ᠪᠠᠶᠢᠨ᠎ᠠ᠃ ᠠᠷᠪᠠᠨ ᠰᠠᠷ᠎ᠠ ᠶᠢᠨ ᠠᠮᠠᠷᠠᠯᠳᠠ ᠲᠠᠯᠪᠢᠵᠤ ᠪᠤᠴᠠᠵᠤ ᠢᠷᠡᠭᠰᠡᠨ ᠠᠴᠠ ᠰᠡᠬᠦᠯᠡᠷ ᠡᠨᠡ ᠬᠦᠦ ᠰᠦᠨᠢ ᠶᠢᠨ ᠤᠨᠳᠠᠯᠭ᠎ᠠ ᠳᠤ ᠪᠠᠶᠢᠷᠢ ᠳᠤ ᠨᠢᠬᠡ ᠯᠠᠵᠠ ᠫᠢᠸᠤ᠋ ᠣᠣᠭᠤᠭᠰᠠᠨ ᠳᠤ ᠮᠠᠷᠭᠠᠰᠢ ᠨᠢ ᠪᠢ ᠮᠡᠳᠡᠭᠰᠡᠨ ᠤ ᠰᠡᠬᠦᠯᠡᠷ ᠠᠭᠤᠷᠯᠠᠭᠰᠠᠨ ᠦᠬᠡᠢ ᠮᠦᠷᠳᠡᠭᠡᠨ ᠲᠡᠬᠦᠨ ᠢ ᠪᠤᠷᠤᠭᠤ ᠪᠠᠨ ᠵᠤᠷᠢᠭᠳᠠᠢ ᠮᠡᠳᠡᠷᠡᠵᠤ ᠴᠢᠳᠠᠭᠰᠠᠨ ᠦᠨᠡᠨᠴᠢ ᠰᠢᠳᠣᠷᠭᠤ ᠰᠣᠷᠣᠭᠴᠢ ᠪᠠᠶᠢᠨ᠎ᠠ ᠬᠡᠵᠤ ᠮᠠᠭᠳᠠᠭᠠᠳ ᠶᠠᠪᠤᠭᠤᠯᠪᠠ᠃ ᠢᠩᠬᠢᠭᠰᠡᠨ ᠠᠴᠠ ᠡᠨᠡ ᠬᠦᠦ ᠲᠤᠩ ᠭᠡᠮᠰᠢᠨ ᠣᠬᠠᠭᠠᠷᠠᠵᠤ ᠡᠵᠢ ᠳᠤ ᠪᠠᠨ ᠣᠳᠠᠰᠣ ᠠᠪᠴᠣ ᠦᠪᠡᠷ ᠤᠨ ᠣᠴᠢᠷ ᠢᠶᠠᠨ ᠬᠡᠯᠡᠭᠰᠡᠨ ᠢ ᠡᠵᠢ ᠨᠢ ᠨᠡᠳᠡ ᠳᠤ᠄ ︽︿ᠮᠢᠨᠦ ᠬᠦᠦ ᠲᠠᠨ ᠳᠤ ᠠᠭᠤᠷᠯᠠᠭᠳᠠᠭᠰᠠᠨ ᠦᠬᠡᠢ ᠭᠡᠳ ᠲᠤᠩ ᠪᠠᠶᠠᠷᠯᠠᠵᠤ ᠪᠠᠶᠢᠨ᠎ᠠ᠃ ᠲᠡᠭᠡᠭᠡᠳ ᠣᠳᠣ ᠠᠴᠠ ᠪᠠᠨ ᠡᠬᠢᠯᠡᠨ ᠴᠢᠷᠮᠠᠶᠢᠨ᠎ᠠ﹀ ᠬᠡᠵᠤ ᠪᠠᠶᠢᠨ᠎ᠠ︾ ᠭᠡᠯ᠎ᠡ᠃ ᠡᠬᠦᠨ ᠠᠴᠠ ᠰᠡᠬᠦᠯᠡᠷ ᠲᠤᠰ ᠰᠣᠷᠣᠭᠴᠢ ᠦᠨᠡᠭᠡᠷ ᠴᠢᠷᠮᠠᠶᠢᠵᠤ ᠡᠬᠢᠯᠡᠭᠰᠡᠨ᠃ ᠬᠢᠴᠢᠶᠡᠯ ᠲᠠᠪᠳᠠᠯᠭ᠎ᠠ ᠳᠤ ᠠᠩᠬᠠᠷᠤᠨ ᠰᠣᠨᠣᠰᠬᠤ ᠪᠣᠯᠣᠭᠰᠠᠨ ᠶᠤᠮ᠃      4. ᠬᠦᠮᠦᠨ ᠴᠢᠨᠠᠷ ᠤᠨ ᠬᠦᠮᠦᠵᠢᠯ ᠢ ᠰᠠᠶᠢᠳᠤᠷ ᠬᠢᠵᠦ᠂ ᠪᠠᠶ᠎ᠡ ᠪᠠᠨ ᠲᠠᠭᠠᠭᠠᠨ ᠠᠵᠢᠯᠯᠠᠵᠦ ᠰᠤᠷᠤᠯᠴᠠᠬᠤ ᠶᠢ ᠠᠩᠬᠠᠷᠬᠤ ᠶᠢ ᠤᠶᠢᠯᠠᠭᠠᠯ᠎ᠠ᠃      ᠤᠳᠤᠬᠠᠨ ᠤ ᠰᠤᠷᠤᠭᠴᠢᠳ ᠤᠯᠠᠩᠬᠢ ᠨᠢ ᠪᠠᠭᠰᠢ ᠭᠡᠷ ᠤᠨ ᠠᠬᠠᠮᠠᠳ ᠤᠨ ᠵᠢᠯᠣᠭᠤᠳᠣᠯᠭ᠎ᠠ ᠲᠣᠣᠷ᠎ᠠ ᠠᠮᠢᠳᠣᠷᠠᠵᠣ ᠰᠣᠷᠣᠯᠴᠠᠵᠣ ᠢᠷᠡᠭᠰᠡᠨ ᠲᠤᠯᠠ ᠡᠷᠳᠡᠭᠡᠨ ᠪᠡᠶ᠎ᠡ ᠪᠠᠨ ᠲᠠᠭᠠᠭᠠᠨ ᠠᠮᠢᠳᠣᠷᠠᠵᠣ ᠰᠣᠷᠣᠯᠴᠠᠬᠤ ᠶᠢ ᠪᠡᠶᠡᠯᠡᠬᠦᠯᠬᠦ ᠦᠬᠡᠢ ᠪᠣᠯ ᠨᠠᠰᠣᠨ ᠤ ᠬᠠᠷᠠᠮᠰᠠᠯ ᠪᠣᠯᠣᠨ᠎ᠠ᠃ ᠴᠢᠩᠬᠤᠸᠠ ᠶᠡᠭᠡ ᠰᠣᠷᠭᠠᠭᠤᠯᠢ ᠳᠤ ᠣᠷᠣᠭᠰᠠᠨ ᠰᠣᠷᠣᠭᠴᠢ ᠦᠨᠳᠡᠭᠡᠨ ᠤ ᠬᠠᠯᠢᠰᠣ ᠶᠢ ᠱᠠᠭᠠᠯᠠᠵᠤ ᠴᠢᠳᠠᠬᠤ ᠦᠬᠡᠢ ᠪᠠᠶᠢᠭᠰᠠᠨ ᠵᠢᠱᠢᠶ᠎ᠠ ᠰᠣᠨᠣᠰᠳᠠᠭᠰᠠᠨ ᠳ᠋ᠠ᠃ ᠣᠳᠣ ᠶᠢᠨ ᠨᠡᠶᠢᠬᠡᠮ ᠪᠣᠯ ᠮᠡᠳᠡᠯᠭᠡ ᠮᠡᠷᠭᠡᠵᠢᠯ ᠤᠨ ᠬᠤᠷᠴᠠ ᠰᠢᠷᠦᠬᠦᠨ ᠦᠷᠢᠰᠦᠯᠳᠣᠭᠡᠨ ᠤ ᠴᠠᠭ ᠦᠶ᠎ᠡ ᠪᠣᠯᠬᠤᠷ ᠴᠠᠭ ᠢ ᠲᠠᠯᠠᠭᠠᠷ ᠦᠩᠬᠡᠷᠡᠬᠦᠯᠬᠦ ᠶᠢ ᠣᠨᠴᠠ ᠴᠡᠭᠡᠷᠯᠡᠬᠦ ᠬᠡᠷᠡᠭᠳᠡᠢ᠃ ᠪᠠᠶ᠎ᠡ ᠪᠠᠨ ᠲᠠᠭᠠᠭᠠᠨ ᠰᠣᠷᠣᠯᠴᠠᠵᠣ ᠴᠢᠳᠠᠬᠤ ᠦᠬᠡᠢ ᠰᠣᠷᠣᠭᠴᠢᠳ ᠪᠣᠯ ᠬᠡᠵᠢᠶᠡᠳᠡ ᠪᠠᠭᠰᠢ ᠠᠴᠠ ᠱᠠᠭᠠᠷᠳᠠᠬᠤ ᠶᠢ ᠬᠦᠯᠢᠶᠡᠬᠦ ᠪᠣᠯᠣᠨ᠎ᠠ᠃ ᠪᠠᠭᠰᠢ ᠱᠠᠭᠠᠷᠳᠠᠬᠤ ᠦᠬᠡᠢ ᠪᠣᠯ ᠲᠠᠳᠠ ᠣᠷᠣᠯᠳᠣᠬᠤ ᠦᠬᠡᠢ ᠪᠣᠯᠳᠠᠭ᠃ ᠪᠠᠭᠰᠢ ᠲᠡᠬᠦᠨ ᠠᠴᠠ ᠲᠦᠬᠡ ᠰᠠᠯᠣᠯ ᠦᠬᠡᠢ ᠪᠠᠶᠢᠬᠤ ᠪᠣᠯᠣᠯᠴᠠᠭ᠎ᠠ ᠦᠬᠡᠢ ᠣᠴᠢᠷ ᠠᠴᠠ ᠲᠡᠳᠡᠭᠡᠷ ᠰᠣᠷᠣᠭᠴᠢᠳ ᠨᠢᠬᠡ ᠬᠡᠰᠡᠭ ᠴᠠᠭ ᠢᠶᠠᠨ ᠲᠡᠯᠡᠭᠠᠷ ᠰᠦᠢᠳᠭᠡᠳᠡᠭ ᠤᠨ ᠣᠯᠠᠮ ᠠᠴᠠ ᠰᠣᠷᠣᠯᠭ᠎ᠠ ᠳᠤ ᠪᠠᠨ ᠬᠦᠴᠢᠷᠳᠡᠵᠣ ᠢᠳᠡᠭ ᠠᠯᠬᠤᠮ ᠢᠶᠠᠷ ᠰᠣᠷᠣᠯᠴᠠᠬᠤ ᠣᠷᠮᠠᠰ ᠦᠬᠡᠢ ᠪᠣᠯᠵᠣ ᠠᠩᠬᠢ ᠶᠢᠨ ᠭᠡᠷ ᠲᠤ ᠰᠠᠭᠤᠬᠤ ᠶᠢ ᠲᠦᠢᠯ ᠤᠨ ᠵᠣᠪᠠᠭᠤᠷᠢ ᠲᠠᠢ ᠶᠠᠪᠣᠳᠠᠯ ᠪᠤᠯᠭᠠᠳᠠᠭ ᠪᠠᠶᠢᠨ᠎ᠠ᠃ ᠦᠷᠬᠦᠯᠵᠢ ᠪᠣᠰᠣᠳ ᠤᠨ ᠲᠣᠬᠢᠯᠳᠠ ᠪᠠᠷ ᠠᠵᠢᠯᠯᠠᠳᠠᠭ ᠤᠨ ᠰᠢᠯᠳᠠᠭᠠᠨ ᠠᠴᠠ ᠪᠣᠯᠵᠣ ᠪᠣᠭᠤᠯᠴᠢ ᠴᠢᠨᠠᠷ ᠲᠠᠢ᠂ ᠦᠪᠡᠷ ᠤᠨ ᠣᠬᠠᠮᠰᠠᠷ ᠠᠴᠠ ᠪᠠᠨ ᠶᠠᠮᠠᠷ ᠨᠢᠬᠡᠨ ᠠᠵᠢᠯᠯᠠᠭ᠎ᠠ ᠶᠢ ᠬᠢᠶ᠎ᠡ ᠬᠡᠰᠡᠨ ᠵᠦᠢᠯ ᠦᠬᠡᠢ ᠵᠦᠪᠬᠡᠨ ᠪᠣᠰᠣᠳ ᠤᠨ ᠵᠢᠭᠠᠨ ᠲᠣᠳᠣᠮᠠᠳᠣᠯᠭ᠎ᠠ ᠪᠠᠷ ᠣᠴᠢᠷ ᠶᠠᠪᠣᠳᠠᠯ ᠢ ᠪᠠᠶᠡᠯᠡᠬᠦᠯᠳᠡᠭ ᠬᠦᠮᠦᠰ ᠬᠦᠮᠦᠵᠢᠭᠳᠡᠬᠦ ᠪᠣᠯᠣᠨ᠎ᠠ᠃ ᠪᠠᠭᠰᠢ ᠪᠡ ᠭᠡᠷ ᠤᠨ ᠠᠬᠠᠮᠠᠳ ᠲᠡᠬᠦᠨ ᠢ ᠨᠢᠬᠡ ᠨᠠᠰᠣᠨ ᠳᠤ ᠨᠢ ᠲᠠᠭᠠᠬᠤ ᠭᠡᠳᠡᠭ ᠪᠤᠯ ᠪᠠᠶᠠᠯᠡᠭᠳᠡᠵᠤ ᠲᠡᠶᠢᠯᠬᠦ ᠦᠬᠡᠢ᠃ ᠡᠶᠢᠮᠦ ᠠᠴᠠ ᠪᠢᠳᠡ ᠰᠤᠷᠤᠭᠴᠢᠳ ᠲᠤ ᠪᠡᠶ᠎ᠡ ᠪᠠᠨ ᠲᠠᠭᠠᠭᠠᠨ ᠰᠤᠷᠤᠯᠴᠠᠬᠤ ᠬᠦᠮᠦᠵᠢᠯ ᠣᠯᠭᠤᠵᠦ ᠶᠠᠮᠠᠷ ᠨᠢᠭᠡᠨ ᠡᠷᠳᠡᠮ ᠪᠤᠯᠪᠠᠰᠤᠷᠠᠯ ᠳᠤ ᠲᠤᠷ᠎ᠠ ᠪᠠᠬ᠎ᠠ᠂ ᠰᠢᠨᠤᠯ ᠲᠠᠢ ᠪᠤᠯᠭᠠᠵᠦ ᠲᠡᠶᠢᠯᠪᠡᠯ ᠲᠡᠳᠡ ᠪᠣᠰᠣᠳ ᠤᠨ ᠱᠠᠭᠠᠷᠳᠠᠯᠭ᠎ᠠ ᠶᠢ ᠬᠦᠯᠢᠶᠡᠬᠦ ᠦᠭᠡᠢ ᠪᠠᠷ ᠠᠶᠠᠨᠳᠠᠭᠠᠨ ᠴᠢᠷᠮᠠᠶᠢᠳᠠᠭ ᠪᠤᠯᠴᠢᠬᠠᠨ᠎ᠠ᠃ ᠡᠨᠡ ᠲᠤᠬᠠᠢ ︽ᠲᠤᠭᠳᠠᠮ ᠬᠦᠮᠦᠵᠢᠯ ᠬᠢᠭᠡᠳ ᠠᠪᠢᠶᠠᠰ ᠪᠢᠯᠢᠭᠳᠡᠨ︾ ᠬᠡᠬᠦ ᠨᠤᠮ ᠳᠤ ︽ᠬᠡᠤᠬᠡᠳ ᠤᠨ ᠬᠠᠯᠠᠭᠤᠨ ᠰᠡᠳᠬᠢᠯᠭᠡ ᠶᠢᠨ ᠭᠠᠯ ᠨᠣᠴᠤᠨ ᠲᠦᠷᠡᠯᠵᠡᠳᠡᠭ ᠯᠡ ᠪᠤᠯ ᠬᠤᠵᠢᠮ ᠨᠢ ᠬᠦᠮᠦᠰ ᠢ ᠰᠣᠴᠢᠭᠠᠮᠠᠷ ᠬᠠᠳᠠᠭᠤᠵᠢᠯ ᠴᠢᠷᠮᠠᠶᠢᠯᠳᠠ ᠪᠤᠯᠤᠨ ᠰᠦᠰᠦ ᠵᠣᠷᠢᠭ ᠪᠠᠳᠠᠷᠠᠨ ᠭᠠᠷᠴᠤ᠂ ᠠᠪᠢᠶᠠᠰ ᠪᠢᠯᠢᠭᠳᠡᠨ ᠢ ᠪᠤᠢ ᠪᠤᠯᠭᠠᠵᠦ ᠴᠢᠳᠠᠳᠠᠭ ᠶᠤᠮ᠃ ᠡᠶᠢᠮᠦ ᠠᠴᠠ ᠬᠠᠯᠠᠭᠤᠨ ᠰᠡᠳᠬᠢᠯᠭᠡ ᠪᠤᠯ ᠨᠢᠭᠡ ᠵᠦᠢᠯ ᠤᠨ ᠰᠢᠳᠢ ᠪᠤᠯᠬᠤ ᠲᠤᠯᠠ ᠣᠷᠴᠢᠯᠠᠩ ᠤᠨ ᠭᠠᠶᠢᠬᠠᠮᠰᠢᠭ ᠢ ᠪᠦᠳᠦᠭᠡᠵᠦ ᠴᠢᠳᠠᠨ᠎ᠠ︾ ᠭᠡᠵᠦ ᠪᠤᠳᠠᠳᠤ ᠵᠢᠱᠢᠶ᠎ᠡ ᠠᠴᠠ ᠬᠤᠷᠠᠮᠳᠤᠭᠤᠯᠤᠭᠰᠠᠨ ᠣᠨᠤᠯ ᠢᠶᠠᠨ ᠲᠤᠷᠠᠳᠤᠭᠰᠠᠨ ᠨᠢ ᠮᠠᠨ ᠤ ᠠᠵᠢᠯᠯᠠᠭ᠎ᠠ ᠳᠤ ᠵᠦᠭᠯᠡᠭᠦᠷ ᠪᠤᠯᠵᠦ ᠪᠠᠶᠢᠨ᠎ᠠ︕ ④      ︽ᠮᠣᠳᠤ ᠶᠢ ᠵᠤᠯᠵᠠᠭ᠎ᠠ ᠪᠠᠶᠢᠬᠤ ᠳᠤ ᠨᠢ ᠠᠩᠬᠠᠷᠤᠭᠰᠠᠨ ᠦᠭᠡᠢ᠂ ᠬᠠᠷᠢᠨ ᠪᠦᠳᠦᠭᠦᠨ ᠪᠦᠭᠳᠦᠷ ᠮᠤᠳᠤ ᠪᠤᠯᠤᠭᠰᠠᠨ ᠬᠤᠶᠢᠨ᠎ᠠ ᠵᠠᠰᠠᠨ᠎ᠠ ᠭᠡᠳᠡᠭ ᠴᠢᠨᠢ ᠬᠡᠢ ᠬᠤᠭᠤᠰᠤᠨ ᠦᠭᠡ ᠪᠤᠯᠤᠨ᠎ᠠ᠃ ᠬᠡᠤᠬᠡᠳ ᠢ ᠰᠤᠷᠭᠠᠨ ᠬᠦᠮᠦᠵᠢᠭᠦᠯᠬᠦ ᠳᠤ ᠮᠦᠨ ᠡᠶᠢᠮᠦ ᠪᠠᠶᠢᠳᠠᠭ᠃ ᠪᠠᠭ᠎ᠠ ᠠᠴᠠ ᠨᠢ ᠰᠠᠶᠢᠳᠤᠷ ᠬᠦᠮᠦᠵᠢᠭᠦᠯᠦᠭᠰᠡᠨ ᠦᠭᠡᠢ᠂ ᠬᠠᠷᠢᠨ ᠲᠡᠭᠦᠨ ᠢ ᠲᠤᠮᠤ ᠪᠤᠯᠤᠭᠰᠠᠨ ᠬᠤᠶᠢᠨ᠎ᠠ ᠬᠦᠮᠦᠵᠢᠭᠦᠯᠦᠨ᠎ᠡ ᠭᠡᠳᠡᠭ ᠴᠢᠨᠢ ᠪᠦᠷ ᠴᠠᠭ ᠠᠴᠠ ᠪᠠᠨ ᠬᠤᠴᠤᠷᠤᠭᠰᠠᠨ ᠶᠠᠪᠤᠳᠠᠯ ᠪᠤᠯᠤᠨ᠎ᠠ᠃ ᠡᠶᠢᠮᠦ ᠠᠴᠠ ᠮᠣᠩᠭᠤᠯᠴᠤᠳ ᠭᠡᠷ ᠤᠨ ᠬᠦᠮᠦᠵᠢᠯ ᠤᠨ ᠦᠢᠯᠡᠳᠦᠯᠭᠡ ᠶᠢᠨ ᠶᠠᠪᠤᠴᠠ ᠳᠤ ᠪᠠᠨ ᠬᠡᠤᠬᠡᠳ ᠢᠶᠠᠨ ︽ᠬᠦᠮᠦᠨ ᠪᠤᠯᠭᠠᠬᠤ︾ ᠳᠤ ᠪᠠᠭ᠎ᠠ ᠠᠴᠠ ᠨᠢ ᠭᠠᠷᠳᠠᠵᠦ ᠬᠦᠮᠦᠵᠢᠭᠦᠯᠬᠦ ᠠᠰᠠᠭᠤᠳᠠᠯ ᠢ ᠮᠠᠰᠢ ᠴᠢᠬᠤᠯᠠᠴᠢᠯᠠᠳᠠᠭ ᠪᠠᠶᠢᠵᠠᠢ︾ ⑤᠃ ᠡᠬᠡ ᠡᠴᠢᠭᠡ ᠶᠢ ᠣᠷᠤᠯᠠᠨ ᠰᠤᠷᠭᠠᠨ ᠬᠦᠮᠦᠵᠢᠯ ᠬᠢᠵᠦ ᠪᠠᠶᠢᠭ᠎ᠠ ᠪᠢᠳᠡ ᠰᠤᠷᠤᠭᠴᠢᠳ ᠤᠨ ᠬᠦᠮᠦᠨ ᠮᠦᠰᠦ ᠶᠢ ᠴᠢᠬᠤᠯᠠᠴᠢᠯᠠᠨ ︽ᠬᠦᠮᠦᠨ ᠪᠤᠯᠭᠠᠵᠦ︾ ᠨᠡᠶᠢᠭᠡᠮ ᠨᠡᠶᠢᠳᠡ ᠳᠤ ᠲᠤᠰᠠᠳᠠᠢ ᠬᠦᠮᠦᠨ ᠢ ᠪᠤᠶᠢᠵᠢᠭᠤᠯᠬᠤ ᠬᠡᠷᠡᠭᠳᠡᠢ᠃ ᠢᠩᠬᠢᠪᠡᠯ ᠰᠠᠶ᠋ᠢ ᠰᠤᠷᠭᠠᠨ ᠬᠦᠮᠦᠵᠢᠯ ᠤᠨ ᠵᠤᠷᠢᠯᠭ᠎ᠠ ᠳᠤ ᠪᠠᠨ ᠬᠦᠷᠴᠦ ᠴᠢᠳᠠᠨ᠎ᠠ᠃ ᠰᠤᠷᠭᠠᠨ ᠬᠦᠮᠦᠵᠢᠯ ᠤᠨ ᠶᠠᠮᠤᠨ ᠠᠴᠠ 2017 ᠣᠨ ᠳᠤ ᠲᠠᠷᠬᠠᠭᠠᠭᠰᠠᠨ ︽ᠲᠤᠮᠳᠠᠳᠤ ᠪᠠᠭ᠎ᠠ ᠰᠤᠷᠭᠠᠭᠤᠯᠢ ᠶᠢᠨ ᠮᠤᠷᠠᠯ ᠤᠨ ᠬᠦᠮᠦᠵᠢᠯ ᠤᠨ ᠵᠦᠭᠯᠡᠭᠦᠷ︾ ᠲᠤ ︽ᠶᠤᠰᠤ ᠮᠤᠷᠠᠯ ᠢᠶᠠᠷ ᠬᠦᠮᠦᠨ ᠢ ᠬᠦᠮᠦᠵᠢᠭᠦᠯᠬᠦ ᠦᠨᠳᠦᠰᠦᠨ ᠡᠭᠦᠷᠭᠡ ᠶᠢ ᠬᠦᠨᠵᠡᠭᠡᠢ ᠲᠤᠭᠤᠰᠢᠯᠠᠭᠤᠯᠵᠦ᠂ ᠲᠤᠮᠳᠠᠳᠤ ᠪᠠᠭ᠎ᠠ ᠰᠤᠷᠭᠠᠭᠤᠯᠢ ᠶᠢᠨ ᠮᠤᠷᠠᠯ ᠤᠨ ᠬᠦᠮᠦᠵᠢᠯ ᠤᠨ ᠬᠠᠮᠢᠶᠠᠷᠤᠯᠳᠠ ᠪᠠᠨ ᠴᠢᠩᠭᠠᠳᠬᠠᠨ᠎ᠠ︾ ᠭᠡᠵᠦ ᠲᠤᠳᠤᠷᠬᠠᠢ ᠲᠤᠭᠳᠠᠭᠠᠭᠰᠠᠨ ᠪᠠᠶᠢᠨ᠎ᠠ᠃      ᠠᠩᠬᠢ ᠶᠢᠨ ᠡᠷᠬᠢᠯᠡᠭᠴᠢ ᠪᠠᠭᠰᠢ ᠨᠢ ᠪᠦᠬᠦ ᠠᠩᠬᠢ ᠶᠢᠨ ᠰᠣᠷᠣᠭᠴᠢ ᠶᠢᠨ ᠢᠷᠡᠭᠡᠳᠣᠢ ᠶᠢᠨ ᠬᠠᠨᠳᠣᠰᠢ ᠳᠤ ᠬᠦᠨᠳᠣ ᠴᠢᠬᠤᠯᠠ ᠨᠦᠯᠦᠬᠡᠯᠡᠬᠦ ᠬᠦᠴᠦᠨ ᠲᠠᠢ ᠪᠠᠶᠢᠳᠠᠭ᠃ ᠨᠢᠬᠡᠨ ᠰᠢᠯᠢᠳᠡᠭ ᠠᠩᠬᠢ ᠶᠢᠨ ᠡᠷᠬᠢᠯᠡᠭᠴᠢ ᠪᠣᠯᠬᠤ ᠨᠢ ᠲᠡᠷᠡ ᠨᠢᠬᠡᠨ ᠠᠩᠬᠢ ᠰᠣᠷᠣᠭᠴᠢ ᠶᠢᠨ ᠢᠷᠡᠭᠡᠳᠣᠢ ᠶᠢᠨ ᠬᠡᠷᠡᠯ ᠬᠢᠯᠪᠠᠭ᠎ᠠ ᠯᠤᠭ᠎ᠠ ᠰᠢᠭᠤᠳ ᠬᠤᠯᠪᠣᠭᠳᠠᠯ ᠲᠠᠢ ᠪᠠᠶᠢᠳᠠᠭ ᠠᠴᠠ ᠪᠢᠳᠡ ᠰᠣᠷᠭᠠᠭᠤᠯᠢ ᠶᠢ ᠭᠡᠷ ᠢᠶᠠᠨ᠂ ᠰᠣᠷᠣᠭᠴᠢ ᠶᠢ ᠬᠡᠤᠬᠡᠳ ᠢᠶᠠᠨ ᠰᠢᠭ ᠪᠤᠳᠤᠵᠤ ᠬᠠᠶᠢᠷ᠎ᠠ ᠶᠢᠨ ᠰᠡᠳᠬᠢᠯ ᠢᠶᠠᠷ ᠬᠠᠷᠢᠭᠤᠴᠠᠯᠭ᠎ᠠ ᠪᠠᠨ ᠬᠦᠢᠴᠡᠳᠭᠡᠵᠤ ᠪᠠᠶᠢᠪᠠᠯ ᠠᠯᠢᠪᠠ ᠣᠴᠢᠷ ᠰᠠᠨᠠᠭᠠᠨ ᠤ ᠠᠶ᠎ᠠ ᠪᠠᠷ ᠪᠦᠳᠦᠬᠦ ᠨᠢ ᠯᠠᠪᠳᠠᠢ ᠶᠤᠮ ᠡ᠃      ︽ᠬᠡᠤᠬᠡᠳ ᠡᠬᠡ ᠠᠴᠠ ᠨᠢᠬᠡ ᠲᠦᠷᠦᠳᠡᠭ᠂ ᠪᠠᠭᠰᠢ ᠠᠴᠠ ᠲᠡᠬᠢᠨ ᠲᠦᠷᠦᠳᠡᠭ︾ ᠭᠡᠳᠡᠭ ᠢᠶᠠᠷ ᠠᠩᠭᠢ ᠶᠢᠨ ᠡᠷᠬᠢᠯᠡᠭᠴᠢ ᠪᠠᠭᠰᠢ ᠶᠢᠨ ᠴᠢᠷᠮᠠᠶᠢᠯᠭ᠎ᠠ ᠪᠠ ᠰᠦᠪᠡᠭᠴᠢᠯᠡᠯ ᠪᠤᠯ ᠰᠤᠷᠤᠭᠴᠢᠳ ᠤᠨ ᠭᠡᠷᠡᠯᠳᠦ ᠴᠠᠮᠬᠠᠭ ᠪᠤᠯᠬᠤ ᠶᠤᠮ᠃ ︽ᠬᠡᠤᠬᠡᠳ ᠨᠢᠬᠡ ᠡᠷᠳᠡᠨᠢ᠂ ᠬᠦᠮᠦᠵᠢᠯ ᠮᠢᠩᠭᠠᠨ ᠡᠷᠳᠡᠨᠢ︾ ᠰᠢᠦ︕            ᠵᠡᠭᠦᠯᠳᠡ᠄     [1] ᠸᠠᠩ ᠹᠧᠩ ᠯᠸᠢ᠄ ︽ᠰᠤᠷᠭᠠᠨ ᠬᠦᠮᠦᠵᠢᠯ︾᠂ ᠦᠪᠦᠷ ᠮᠣᠩᠭᠤᠯ ᠤᠨ ᠰᠤᠷᠭᠠᠨ ᠬᠦᠮᠦᠵᠢᠯ ᠤᠨ ᠬᠡᠪᠯᠡᠯ ᠤᠨ ᠬᠤᠷᠢᠶ᠎ᠠ᠂ 2006 ᠣᠨ ᠤ 1 ᠰᠠᠷ᠎ᠠ᠂ 51 ᠳ᠋ᠤᠭᠡᠷ ᠨᠢᠭᠤᠷ᠃     [2] ᠸ᠊ · ᠠ᠊ · ᠰᠦᠬᠤᠮᠯᠢᠨ᠋ᠰᠺᠢ ᠶᠢᠨ ︽ᠪᠠᠭᠰᠢ ᠨᠠᠷ ᠲᠤ ᠦᠭᠭᠦᠭᠰᠡᠨ ᠰᠠᠨᠠᠭᠤᠯᠭ᠎ᠠ︾ ︵ᠠᠷᠤ ᠬᠤᠷᠴᠢᠨ ᠤ ᠴᠢᠪᠠᠭ᠎ᠠ ᠲᠠᠪᠤᠳᠤᠭᠠᠷ ᠲᠤᠮᠳᠠᠳᠤ ᠰᠤᠷᠭᠠᠭᠤᠯᠢ ᠨᠠᠶᠢᠷᠠᠭᠤᠯᠤᠨ ᠣᠷᠴᠢᠭᠤᠯᠤᠭᠰᠠᠨ︶᠂ ᠯᠢᠶᠣᠤᠨᠢᠩ ᠤᠨ ᠦᠨᠳᠦᠰᠦᠳᠡᠨ ᠤ ᠬᠡᠪᠯᠡᠯ ᠤᠨ ᠬᠤᠷᠢᠶ᠎ᠠ᠂ 2018 ᠣᠨ ᠤ 11 ᠰᠠᠷ᠎ᠠ᠂ 425 ᠳ᠋ᠤᠭᠠᠷ ᠨᠢᠭᠤᠷ᠃     [3] ᠸᠧᠢ ᠱᠤ᠋ ᠱᠧᠩ᠄ ︽ᠠᠩᠬᠢ ᠶᠢᠨ ᠡᠷᠬᠢᠯᠡᠭᠴᠢ ᠶᠢᠨ ᠠᠵᠢᠯ ᠤᠨ ᠲᠤᠬᠠᠢ ᠶᠠᠷᠢᠯᠴᠠᠭᠠᠨ︾ ︵ᠬᠢᠳᠠᠳ ᠬᠡᠪᠯᠡᠯ︶᠂ ᠯᠢᠵᠢᠶᠠᠩ ᠬᠡᠪᠯᠡᠯ ᠤᠨ ᠬᠤᠷᠢᠶ᠎ᠠ᠂ 2010 ᠣᠨ ᠤ 5 ᠰᠠᠷ᠎ᠠ᠂ 98 ᠳ᠋ᠤᠭᠠᠷ ᠨᠢᠭᠤᠷ᠃     [4] ᠺᠢᠮᠤᠷᠠ ᠾᠢᠰᠠᠶ᠋ᠢᠴᠢ᠄ ︽ᠲᠤᠭᠳᠠᠮ ᠬᠦᠮᠦᠵᠢᠯ ᠬᠢᠭᠡᠳ ᠠᠪᠢᠶᠠᠰ ᠪᠢᠯᠢᠭᠳᠡᠨ︾ ︵ᠪᠠᠶᠠᠨᠬᠦᠦ ᠮᠣᠩᠭᠤᠯᠴᠢᠯᠠᠪᠠ︶᠂ ᠦᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 2018 ᠣᠨ ᠤ 6 ᠰᠠᠷ᠎ᠠ᠂ 141 ᠳ᠋ᠤᠭᠡᠷ ᠨᠢᠭᠤᠷ᠃     [5] ᠺᠢᠮᠤᠷᠠ ᠾᠢᠰᠠᠶ᠋ᠢᠴᠢ᠄ ︽ᠲᠤᠭᠳᠠᠮ ᠬᠦᠮᠦᠵᠢᠯ ᠬᠢᠭᠡᠳ ᠠᠪᠢᠶᠠᠰ ᠪᠢᠯᠢᠭᠳᠡᠨ︾ ︵ᠪᠠᠶᠠᠨᠬᠦᠦ ᠮᠣᠩᠭᠤᠯᠴᠢᠯᠠᠪᠠ︶᠂ ᠦᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 2018 ᠣᠨ ᠤ 6 ᠰᠠᠷ᠎ᠠ᠂ 802 ᠳ᠋ᠤᠭᠠᠷ ᠨᠢᠭᠤᠷ᠃                ᠬᠠᠶ᠋ᠢᠬ᠄ ᠣᠩᠨᠢᠭᠤᠳ ᠬᠤᠰᠢᠭᠤᠨ ᠤ ᠪᠣᠷᠤᠬᠤᠳᠠ ᠮᠤᠩᠭᠤᠯ ᠲᠤᠮᠳᠠᠳᠤ ᠰᠤᠷᠭᠠᠭᠤᠯᠢ                                    ︵ᠡᠾᠦ᠋ᠩ ᠮᠸᠢ ᠨᠠᠶᠢᠷᠠᠭᠤᠯᠪᠠ︶                                    2020.4 ᠳ᠋ᠦ᠋ᠭᠡᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠤ ᠰᠤᠷᠭᠠᠨ ᠬᠥᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map