ᠰᠤᠷᠭᠠᠭᠤᠯᠢ ᠶᠢᠨ ᠬᠦᠷᠢᠶᠠᠨ ᠤ ᠳᠤᠷᠤᠮᠵᠢᠯᠠᠯ ᠬᠢᠬᠡᠳ ᠭᠡᠷ ᠪᠦᠯᠢ ᠶᠢᠨ ᠬᠦᠮᠦᠵᠢᠯ ᠤᠨ ᠳᠤᠬᠠᠢ
ᠨᠡᠶᠢᠲᠡᠯᠡᠭᠰᠡᠨ ᠴᠠᠭ᠄
2021/1/20
                                            ᠫ᠊ · ᠰᠠᠶᠢᠨᠪᠠᠶᠠᠷ       ᠰᠤᠷᠭᠠᠭᠤᠯᠢ ᠶᠢᠨ ᠬᠦᠷᠢᠶᠠᠨ ᠤ ᠳᠤᠷᠤᠮᠵᠢᠯᠠᠯ ᠪᠤᠯ ᠰᠤᠷᠭᠠᠭᠤᠯᠢ ᠶᠢᠨ ᠬᠦᠷᠢᠶᠠᠨ ᠤ ᠳᠤᠳᠤᠨ᠎ᠠ ᠪᠤᠶᠤ ᠭᠠᠳᠠᠨ᠎ᠠ ᠶᠠᠪᠤᠭᠳᠠᠵᠦ ᠪᠠᠶᠢᠭ᠎ᠠ ᠶᠡᠭᠡ ᠨᠢ ᠪᠠᠭ᠎ᠠ ᠪᠠᠨ᠂ ᠤᠯᠠᠨ ᠨᠢ ᠴᠦᠬᠡᠨ ᠢᠶᠠᠨ᠂ ᠴᠢᠳᠠᠯ ᠲᠠᠢ ᠨᠢ ᠴᠢᠳᠠᠯ ᠦᠭᠡᠢ ᠪᠠᠨ ᠵᠤᠳᠤᠵᠦ ᠴᠤᠬᠢᠵᠦ ᠪᠠᠶᠢᠭ᠎ᠠ᠂ ᠠᠶᠤᠯᠭᠠᠵᠦ ᠰᠦᠷᠳᠡᠬᠦᠯᠵᠦ ᠪᠠᠶᠢᠭ᠎ᠠ᠂ ᠬᠡᠯᠡ ᠶᠠᠷᠢᠶ᠎ᠠ ᠪᠠᠷ ᠳᠤᠷᠤᠮᠵᠢᠯᠠᠵᠦ ᠪᠠᠶᠢᠭ᠎ᠠ᠂ ᠳᠤᠤᠷ ᠰᠦᠯᠵᠢᠶ᠎ᠠ ᠪᠠᠷ ᠬᠤᠬᠢᠷᠠᠭᠤᠯᠵᠦ ᠪᠠᠶᠢᠭ᠎ᠠ᠂ ᠡᠯᠳᠡᠪ ᠰᠤᠨᠢᠨ ᠢᠶᠠᠷ ᠬᠤᠴᠢᠯᠠᠵᠦ ᠰᠤᠨᠵᠢᠵᠦ ᠪᠠᠶᠢᠭ᠎ᠠ ᠳᠡᠪᠳᠡᠯᠳᠡ ᠶᠢᠨ ᠴᠢᠨᠠᠷᠳᠠᠢ ᠠᠵᠢᠯᠯᠠᠭ᠎ᠠ ᠶᠢ ᠵᠢᠭᠠᠵᠦ ᠪᠤᠢ᠃ ᠳᠡᠬᠦᠨ ᠳᠤ ᠪᠤᠰᠤᠳ ᠢ ᠤᠷᠳᠦ ᠬᠤᠭᠤᠴᠠᠭ᠎ᠠ ᠪᠠᠷ ᠴᠤᠬᠢᠵᠦ ᠳᠤᠷᠤᠮᠵᠢᠯᠠᠬᠤ᠂ ᠳᠤᠷᠤᠰᠢᠶᠠᠨ ᠬᠤᠴᠢᠯᠠᠵᠦ ᠨᠠᠷ᠎ᠠ ᠳᠦᠷᠦ ᠶᠢ ᠨᠢ ᠪᠠᠷᠠᠬᠤ᠂ ᠡᠳ᠋ ᠪᠤᠳᠠᠰ ᠢ ᠨᠢ ᠡᠪᠳᠠᠨ ᠬᠤᠪᠴᠠᠰᠦ ᠬᠤᠨᠠᠷ ᠢ ᠨᠢ ᠤᠷᠠᠵᠦ ᠳᠠᠰᠦᠳᠠᠬᠤ ᠪᠠᠷ ᠳᠠᠮᠵᠢᠭᠤᠯᠤᠨ ᠳᠤᠭᠤᠬᠢᠯᠠᠵᠦ ᠮᠠᠭᠤᠴᠢᠯᠠᠬᠤ᠂ ᠪᠤᠰᠤᠳ ᠤᠨ ᠳᠤᠬᠠᠢ ᠮᠠᠭᠤ ᠶᠠᠷᠢᠶ᠎ᠠ ᠴᠤᠤᠷᠬᠠᠯ ᠳᠡᠭᠳᠡᠭᠡᠬᠦ᠂ ᠪᠤᠰᠤᠳ ᠢ ᠠᠯᠪᠠᠳᠠᠨ ᠰᠦᠷᠳᠡᠬᠦᠯᠵᠦ ᠪᠠᠶᠢᠭᠠᠳ ᠮᠠᠭᠤ ᠵᠦᠢᠯ ᠳᠤ ᠳᠠᠭᠠᠭᠤᠯᠬᠤ᠂ ᠪᠤᠰᠤᠳ ᠲᠤ ᠳᠦᠪᠡᠭᠰᠢᠶᠡᠯ ᠤᠴᠠᠷᠠᠭᠤᠯᠬᠤ᠂ ᠪᠤᠰᠤᠳ ᠤᠨ ᠳᠦᠷᠢ ᠪᠠᠶᠢᠳᠠᠯ᠂ ᠱᠠᠰᠢᠨ ᠰᠢᠳᠦᠯᠭᠡ᠂ ᠦᠨᠳᠦᠰᠦᠳᠡᠨ ᠶᠠᠰᠦᠳᠠᠨ ᠢ ᠭᠤᠳᠤᠭᠠᠨ ᠳᠤᠷᠤᠮᠵᠢᠯᠠᠬᠤ᠂ ᠡᠪᠰᠡᠯ ᠪᠦᠯᠦᠭ ᠪᠠᠶᠢᠭᠤᠯᠵᠦ ᠪᠤᠰᠤᠳ ᠢ ᠮᠠᠭᠤ ᠦᠵᠡᠬᠦ᠂ ᠵᠤᠭᠤᠰ ᠮᠦᠡᠭᠭᠦ ᠡᠳ᠋ ᠪᠤᠳᠠᠰ ᠬᠢᠬᠠᠵᠦ ᠳᠡᠬᠡᠷᠡᠮᠳᠡᠬᠦ᠂ ᠡᠯᠳᠡᠪ ᠡᠰᠡᠨ ᠵᠢᠷᠤᠭ ᠳᠦᠷᠰᠦ ᠦᠰᠦᠭ ᠦᠭᠡ ᠶᠠᠷᠢᠶ᠎ᠠ᠂ ᠡᠰᠡᠬᠦᠯ᠎ᠠ ᠨᠢᠳᠦᠨ ᠬᠠᠷᠠᠴᠠ ᠪᠠᠷ ᠳᠤᠷᠤᠮᠵᠢᠯᠠᠬᠤ᠂ ᠰᠦᠯᠵᠢᠶ᠎ᠠ ᠵᠡᠷᠭᠡ ᠪᠠᠷ ᠪᠤᠰᠤᠳ ᠢ ᠬᠤᠱᠤᠩᠨᠠᠨ ᠳᠠᠭᠠᠷᠢᠬᠤ᠂ ᠪᠤᠰᠤᠳ ᠢ ᠭᠠᠭᠴᠠᠭᠠᠷᠳᠠᠭᠤᠯᠬᠤ ᠵᠡᠷᠭᠡ ᠤᠯᠠᠨ ᠢᠯᠡᠷᠡᠯ ᠪᠤᠢ᠃ ᠡᠳᠡᠭᠡᠷ ᠳᠤᠷᠤᠮᠵᠢᠯᠠᠯ ᠨᠢ ᠶᠡᠬᠡᠨᠭᠬᠢ ᠳᠤ ᠪᠠᠨ ᠦᠯᠦ ᠮᠡᠳᠡᠭ ᠤᠨ ᠳᠤᠮᠳᠠ ᠪᠤᠶᠤ ᠨᠢᠳᠦᠨ ᠳᠠᠯᠳᠠ ᠳᠤ ᠶᠠᠪᠤᠬᠳᠠᠳᠠᠭ ᠪᠤᠯᠬᠤᠷ ᠨᠢᠭᠤᠭᠳᠠᠮᠠᠯ ᠴᠢᠨᠠᠷ ᠢᠶᠠᠷ ᠴᠢᠩᠭ᠎ᠠ ᠪᠠᠶᠢᠵᠦ᠂ ᠳᠤᠷᠤᠮᠵᠢᠯᠠᠯ ᠠᠮᠰᠠᠭᠴᠢᠳ ᠲᠤ ︽ᠳᠡᠭᠷᠢ ᠳᠤ ᠬᠡᠯᠡᠶ᠎ᠠ ᠬᠡᠬᠦᠯᠡᠷ ᠳᠡᠭᠷᠢ ᠬᠤᠯᠠ᠂ ᠭᠠᠵᠠᠷ ᠲᠤ ᠬᠡᠯᠡᠶ᠎ᠠ ᠬᠡᠬᠦᠯᠡᠷ ᠭᠠᠵᠠᠷ ᠬᠠᠳᠠᠭᠤ︾ ᠳᠤᠬᠢᠶᠠᠯᠳᠤᠯ ᠪᠤᠯᠳᠠᠭ᠃ ᠡᠨᠡ ᠨᠢ ᠡᠳᠦᠷ ᠤᠨ ᠤᠳᠠᠭᠠᠨ ᠳᠤ ᠪᠠᠨ ᠳᠤᠷᠤᠮᠵᠢᠯᠠᠭᠳᠠᠭᠰᠠᠨ ᠬᠡᠤᠬᠡᠳ ᠲᠤ ᠦᠵᠡᠯ ᠰᠠᠨᠠᠭ᠎ᠠ᠂ ᠪᠡᠶ᠎ᠡ ᠮᠠᠬᠠᠪᠤᠳ᠂ ᠡᠳ᠋ ᠪᠤᠳᠠᠰ ᠤᠨ ᠳᠠᠯ᠎ᠠ ᠪᠠᠷ ᠯᠤᠳᠦ ᠶᠡᠭᠡ ᠳᠠᠷᠤᠮᠳᠠ ᠠᠪᠴᠢᠷᠠᠵᠦ᠂ ᠳᠠᠳᠠᠨ ᠢ ᠰᠤᠷᠤᠯᠭ᠎ᠠ ᠳᠤ ᠤᠶᠢᠳᠬᠤ᠂ ᠰᠡᠳᠬᠢᠯ ᠤᠨ ᠭᠠᠨᠭ᠍ᠰᠠᠷᠠᠯ ᠳᠤ ᠤᠨᠠᠬᠤ ᠵᠡᠷᠭᠡ ᠪᠠᠶᠢᠳᠠᠯ ᠳᠤ ᠤᠷᠤᠭᠤᠯᠬᠤ ᠪᠦᠬᠡᠳ ᠬᠦᠨᠳᠦ ᠳᠤ ᠪᠠᠨ ᠳᠠᠳᠠᠨ ᠢ ᠪᠡᠶ᠎ᠠ ᠪᠠᠨ ᠶᠡᠬᠦᠳᠬᠡᠬᠦ ᠠᠵᠢᠯᠯᠠᠭ᠎ᠠ ᠠᠪᠤᠭᠤᠯᠳᠠᠭ ᠪᠠᠶᠢᠨ᠎ᠠ᠃ ᠡᠶᠢᠮᠦ ᠳᠤ ᠪᠠᠨ ᠰᠤᠷᠭᠠᠭᠤᠯᠢ ᠶᠢᠨ ᠬᠦᠷᠢᠶᠠᠨ ᠤ ᠳᠤᠷᠤᠮᠵᠢᠯᠠᠯ ᠪᠤᠯ ᠡᠷᠭᠡ ᠴᠢᠯᠦᠭᠡ᠂ ᠨᠡᠷ᠎ᠠ ᠬᠦᠨᠳᠦ᠂ ᠬᠠᠤᠯᠢ ᠴᠠᠭᠠᠵᠠ ᠲᠠᠢ ᠰᠦᠷᠬᠡᠤᠯᠳᠦᠭᠰᠡᠨ ᠨᠢᠭᠡ ᠵᠦᠢᠯ ᠤᠨ ᠳᠦᠷᠢᠮᠡᠬᠡᠢ ᠠᠵᠢᠯᠯᠠᠭ᠎ᠠ ᠪᠤᠯᠬᠤᠷ ᠳᠡᠬᠦᠨ ᠢ ᠵᠠᠪᠠᠯ ᠡᠷᠡᠰ ᠬᠤᠷᠢᠬᠯᠠᠨ ᠵᠤᠬᠰᠤᠭᠠᠬᠤ ᠬᠡᠷᠡᠭᠳᠡᠢ᠃       ᠰᠤᠷᠭᠠᠭᠤᠯᠢ ᠶᠢᠨ ᠬᠦᠷᠢᠶᠠᠨ ᠤ ᠳᠤᠷᠤᠮᠵᠢᠯᠠᠯ ᠨᠢ ᠰᠤᠷᠤᠭᠴᠢᠳ ᠤᠨ ᠳᠤᠮᠳᠠ ᠶᠠᠪᠤᠭᠳᠠᠵᠦ ᠪᠠᠶᠢᠭ᠎ᠠ ᠪᠤᠯᠬᠤᠷ ᠰᠤᠷᠤᠭᠴᠢ ᠪᠤᠯᠭᠠᠨ ᠲᠠᠢ ᠪᠦᠷ ᠬᠤᠯᠪᠤᠬᠳᠠᠭᠰᠠᠨ ᠠᠵᠢᠯᠯᠠᠭᠠᠨ ᠮᠦᠨ ᠪᠦᠭᠡᠳ ᠢᠯᠭᠠᠭ᠎ᠠ ᠨᠢ ᠵᠦᠪᠬᠡᠨ ᠰᠤᠷᠤᠭᠴᠢ ᠨᠢᠭᠡᠪᠦᠷᠢ ᠶᠠᠮᠠᠷ ᠳᠦᠷᠢ ᠡᠰᠭᠡᠵᠦ ᠪᠠᠶᠢᠭ᠎ᠠ ᠳᠤ ᠪᠤᠢ᠃ ᠡᠨᠡ ᠳᠤᠬᠠᠢ ᠰᠢᠨ᠎ᠠ ᠼᠧᠯᠠᠨᠳ᠋ ᠤᠯᠤᠰ ᠤᠨ ᠰᠤᠷᠭᠠᠭᠤᠯᠢ ᠶᠢᠨ ᠬᠦᠷᠢᠶᠠᠨ ᠤ ᠳᠤᠷᠤᠮᠵᠢᠯᠠᠯ ᠤᠨ ᠰᠤᠳᠤᠯᠭᠠᠳᠠᠨ ᠸᠧᠺᠲ᠋ᠤᠷᠢᠶ᠎ᠠ ᠶᠡᠭᠡ ᠰᠤᠷᠭᠠᠭᠤᠯᠢ ᠶᠢᠨ ᠫᠷᠤᠹᠧᠰᠰᠤᠷ ᠸᠠᠨᠢᠰ · ᠭᠧᠯᠢᠨ ᠠᠴᠠ ᠰᠤᠷᠤᠭᠴᠢᠳ ᠢ ᠵᠢᠷᠭᠤᠭᠠᠨ ᠪᠦᠯᠦᠭ ᠲᠤ ᠬᠤᠪᠢᠶᠠᠭᠰᠠᠨ ᠪᠠᠶᠢᠨ᠎ᠠ᠃ ᠳᠡᠬᠦᠨ ᠤ ᠦᠵᠡᠬᠦ ᠪᠠᠷ ᠡ᠊ᠨᠡ ᠭᠦ ᠠᠵᠢᠯᠯᠠᠭᠠᠨ ᠤ ᠳᠤᠮᠳᠠ ᠰᠤᠷᠤᠭᠴᠢᠳ ᠪᠤᠰᠤᠳ ᠢ ᠳᠤᠷᠤᠮᠵᠢᠯᠠᠵᠦ ᠪᠠᠶᠢᠭ᠎ᠠ᠂ ᠪᠤᠰᠤᠳ ᠤᠨ ᠳᠤᠷᠤᠮᠵᠢᠯᠠᠯ ᠢ ᠠᠮᠰᠠᠵᠦ ᠪᠠᠶᠢᠭ᠎ᠠ᠂ ᠳᠤᠷᠤᠮᠵᠢᠯᠠᠯ ᠶᠠᠪᠤᠭᠤᠯᠵᠦ ᠪᠠᠶᠢᠭ᠎ᠠ ᠬᠦᠮᠦᠨ ᠤ ᠪᠦᠯᠦᠭᠳᠡᠨ ᠪᠠ ᠳᠠᠳᠠᠨ ᠳᠤ ᠤᠤᠬᠠᠶᠢᠯᠠᠯ ᠦᠭᠴᠦ ᠪᠠᠶᠢᠭ᠎ᠠ ᠡᠳᠡᠭᠡᠳ᠂ ᠳᠤᠷᠤᠮᠵᠢᠯᠠᠯ ᠤᠨ ᠠᠵᠢᠯᠯᠠᠭᠠᠨ ᠢ ᠦᠭᠡ ᠳᠠᠭᠤᠨ ᠦᠭᠡᠢ ᠪᠠᠷ ᠬᠠᠷᠠᠵᠦ ᠵᠤᠬᠰᠤᠭᠴᠢ ᠵᠢᠴᠢ ᠳᠤᠷᠤᠮᠵᠢᠯᠠᠭᠳᠠᠭᠰᠠᠳ ᠢ ᠦᠮᠦᠭᠯᠡᠭᠴᠢ ᠵᠡᠷᠭᠡ ᠵᠢᠷᠭᠤᠭᠠᠨ ᠳᠦᠷᠢ ᠶᠢ ᠡᠰᠭᠡᠵᠦ ᠪᠠᠶᠢᠨ᠎ᠠ ᠬᠡᠨ᠎ᠠ᠃ ᠡᠬᠦᠨ ᠠᠴᠠ ᠪᠢᠳᠠ ᠰᠤᠷᠭᠠᠭᠤᠯᠢ ᠶᠢᠨ ᠬᠦᠷᠢᠶᠠᠨ ᠤ ᠳᠤᠷᠤᠮᠵᠢᠯᠠᠯ ᠢ ᠦᠨᠳᠦᠰᠦᠨ ᠠᠴᠠ ᠨᠢ ᠵᠠᠰᠠᠵᠦ ᠳᠦᠢᠯᠪᠦᠷᠢᠳᠠᠢ ᠵᠤᠬᠰᠤᠭᠠᠬᠤ ᠬᠡᠪᠡᠯ ᠵᠦᠪᠬᠡᠨ ᠳᠤᠷᠤᠮᠵᠢᠯᠠᠭᠰᠠᠨ ᠪᠠ ᠳᠤᠷᠤᠮᠵᠢᠯᠠᠭᠤᠯᠤᠬᠰᠠᠨ ᠬᠤᠶᠠᠷ ᠡᠳᠡᠭᠡᠳ ᠢ ᠯᠠ ᠡᠪᠰᠡᠬᠦᠯᠪᠡᠯ ᠪᠤᠯᠴᠢᠬᠠᠬᠤ ᠤᠴᠢᠷ ᠪᠢᠰᠢ ᠬᠠᠷᠢᠨ ᠪᠦᠬᠦ ᠰᠤᠷᠤᠭᠴᠢ ᠶᠢ ᠤᠳᠤᠷᠢᠳᠤᠨ ᠳᠤᠷᠤᠮᠵᠢᠯᠠᠯ ᠢ ᠡᠰᠡᠷᠬᠦᠴᠡᠭᠰᠡᠳ ᠪᠤᠯᠭᠠᠬᠤ ᠴᠢᠬᠤᠯᠠᠳᠠᠢ ᠪᠤᠯᠤᠭᠠᠳ ᠪᠤᠢ᠃       ︽ᠪᠡᠶ᠎ᠠ ᠳᠦᠷᠦᠮᠡᠯ᠂ ᠵᠠᠩ ᠳᠠᠷᠢᠮᠠᠯ︾ ᠬᠡᠳᠡᠭ᠃ ᠪᠤᠰᠤᠳ ᠢ ᠳᠤᠷᠤᠮᠵᠢᠯᠠᠵᠦ ᠪᠠᠶᠢᠭ᠎ᠠ᠂ ᠪᠤᠰᠤᠳ ᠲᠤ ᠳᠤᠷᠤᠮᠵᠢᠯᠠᠭᠳᠠᠵᠦ ᠪᠠᠶᠢᠭ᠎ᠠ᠂ ᠡᠰᠡᠬᠦᠯ᠎ᠠ ᠰᠢ ᠦᠵᠡᠵᠦ ᠵᠤᠬᠰᠤᠵᠦ ᠪᠠᠶᠢᠭ᠎ᠠ ᠵᠡᠷᠭᠡ ᠠᠯᠢ ᠨᠢᠬᠡᠨ ᠳᠦᠷᠢ ᠶᠢ ᠡᠰᠭᠡᠵᠦ ᠪᠠᠶᠢᠯ᠎ᠠ ᠭᠡᠳ ᠤᠴᠢᠷ ᠰᠢᠯᠳᠠᠭᠠᠨ ᠤ ᠡᠬᠦᠰᠦᠯ ᠪᠦᠷ ᠵᠠᠩ ᠴᠢᠨᠠᠷ ᠠᠴᠠ ᠢᠷᠡᠯᠳᠡᠢ ᠪᠢᠯᠡ᠃ ᠡᠶᠢᠮᠦ ᠳᠤ ᠪᠠᠨ ︽ᠰᠤᠷᠭᠠᠭᠤᠯᠢ ᠶᠢᠨ ᠬᠦᠷᠢᠶᠠᠨ ᠤ ᠳᠤᠷᠤᠮᠵᠢᠯᠠᠯ ᠢ ᠦᠨᠳᠦᠰᠦᠨ ᠠᠴᠠ ᠨᠢ ᠬᠤᠷᠢᠬᠯᠠᠬᠤ ᠳᠤ ᠳᠡᠬᠢᠶ᠎ᠠ ᠠᠯᠠᠵᠦ ᠰᠠᠮᠵᠠᠨ ᠳᠤ ᠦᠵᠡᠬᠦᠯᠬᠦ᠂ ᠨᠢᠬᠡᠨ ᠰᠢᠳᠠᠮ ᠢᠶᠠᠷ ᠵᠠᠨᠴᠢᠨ ᠠᠯᠠᠬᠤ᠂ ᠨᠢᠭᠡ ᠦᠬᠡᠷ ᠤᠨ ᠡᠪᠡᠷ ᠢ ᠴᠤᠬᠢᠨ ᠮᠢᠩᠭᠠᠨ ᠦᠬᠡᠷ ᠤᠨ ᠡᠪᠡᠷ ᠢ ᠱᠠᠷᠬᠢᠷᠠᠭᠤᠯᠬᠤ︾ ᠵᠡᠷᠭᠡ ᠠᠷᠭ᠎ᠠ ᠪᠦᠷ ᠵᠤᠬᠢᠴᠠᠬᠤ ᠦᠭᠡᠢ᠂ ᠬᠠᠷᠢᠨ ᠵᠠᠩ ᠴᠢᠨᠠᠷ ᠤᠨ ᠬᠦᠨ ᠳᠤ ᠤᠴᠢᠵᠦ ᠬᠦᠮᠦᠵᠢᠯ ᠬᠢᠬᠦ ᠴᠢᠬᠤᠯᠠᠳᠠᠢ᠃       ᠭᠡᠷ ᠪᠦᠯᠢ ᠪᠤᠯ ᠨᠢᠭᠡ ᠬᠦᠮᠦᠨ ᠤ ᠬᠠᠮᠤᠭ ᠤᠨ ᠠᠩᠬᠠᠨ ᠤ ᠰᠤᠷᠭᠠᠭᠤᠯᠢ᠂ ᠠᠪᠤ ᠡᠵᠢ ᠪᠤᠯ ᠨᠢᠭᠡ ᠬᠦᠮᠦᠨ ᠤ ᠬᠠᠮᠤᠭ ᠤᠨ ᠠᠩᠬᠠᠨ ᠤ ᠪᠠᠭᠰᠢ᠃ ᠬᠡᠤᠬᠡᠳ ᠬᠡᠯᠡᠵᠦ ᠰᠤᠷᠭᠠᠭᠰᠠᠨ ᠢᠶᠠᠷ ᠦᠰᠬᠦ ᠪᠢᠰᠢ᠂ ᠬᠠᠷᠢᠨ ᠬᠢᠵᠦ ᠰᠤᠷᠭᠠᠭᠰᠠᠨ ᠢᠶᠠᠷ ᠦᠰᠳᠡᠭ᠃ ᠠᠪᠤ ᠡᠵᠢ ᠶᠢᠨ ᠬᠢᠨᠢ ᠵᠠᠩ ᠠᠭᠠᠰᠢ᠂ ᠭᠡᠷ ᠪᠦᠯᠢ ᠶᠢᠨ ᠰᠤᠷᠳᠠᠯ᠂ ᠰᠤᠷᠭᠠᠯ ᠬᠡᠤᠬᠡᠳ ᠤᠨ ᠦᠰᠦᠨ ᠪᠤᠶᠢᠵᠢᠯᠳᠠ ᠳᠤ ᠳᠤᠩ ᠶᠡᠭᠡ ᠨᠦᠯᠦᠭᠡ ᠲᠠᠢ᠃ ︽ᠬᠡᠬᠡᠷ᠎ᠠ ᠠᠯᠠᠭ ᠠᠴᠠ ᠰᠢᠬᠢᠷ᠎ᠠ ᠠᠯᠠᠭ᠂ ᠬᠡᠯᠳᠡᠩ ᠬᠡᠬᠦᠦ ᠠᠴᠠ ᠱᠤᠪᠳᠤᠩ ᠤᠨᠠᠭ᠎ᠠ︾ ᠬᠡᠳᠡᠭ ᠪᠤᠯ ᠡᠨᠡ ᠳᠤᠬᠠᠢ ᠶᠤᠰᠦᠳᠠᠢ ᠤᠨᠤᠭᠠᠵᠦ ᠬᠡᠯᠡᠭᠰᠡᠨ ᠦᠬᠡ ᠮᠦᠨ᠃ ᠡᠶᠢᠮᠦ ᠳᠤ ᠪᠠᠨ ᠳᠤᠷᠤᠮᠵᠢᠯᠠᠯ ᠬᠦᠴᠦᠷᠬᠡᠭᠯᠡᠯ ᠶᠠᠪᠤᠭᠤᠯᠵᠦ ᠪᠠᠶᠢᠭ᠎ᠠ ᠬᠡᠤᠬᠡᠳ ᠤᠨ ᠤᠯᠠᠩᠭᠢ ᠨᠢ ᠳᠤᠷᠤᠮᠵᠢᠯᠠᠯ ᠬᠦᠴᠦᠷᠬᠡᠭᠯᠡᠯ ᠶᠠᠪᠤᠭᠳᠠᠭᠤᠯᠵᠦ ᠪᠦᠬᠦᠢ ᠬᠡᠷ ᠪᠦᠯᠢ ᠳᠤ ᠳᠦᠷᠦᠵᠦ ᠦᠰᠦᠭᠰᠡᠨ ᠪᠠᠶᠢᠳᠠᠭ᠃ ᠳᠤᠷᠤᠮᠵᠢᠯᠠᠯ ᠠᠮᠰᠠᠵᠦ ᠪᠠᠶᠢᠭ᠎ᠠ ᠬᠡᠤᠬᠡᠳ ᠤᠨ ᠶᠡᠬᠡᠨᠭᠭᠡᠢ ᠨᠢ ᠡᠯ᠎ᠠ ᠳᠠᠯ᠎ᠠ ᠶᠢᠨ ᠪᠤᠭᠤᠯᠳᠠ ᠲᠠᠢ ᠭᠡᠷ ᠪᠦᠯᠢ ᠳᠤ ᠦᠰᠦᠭᠰᠡᠨ ᠪᠠᠶᠢᠳᠠᠭ ᠪᠤᠯ ᠰᠢ ᠦᠵᠡᠭᠴᠢ ᠬᠡᠤᠬᠡᠳ ᠤᠨ ᠳᠡᠶᠢᠯᠦᠩᠬᠢ ᠨᠢ ᠬᠠᠷᠢᠨ ︽ᠬᠤᠪᠢ ᠪᠠᠨ ᠰᠠᠬᠢᠵᠦ ᠳᠤᠪᠤ ᠪᠠᠨ ᠰᠢᠷᠠᠯᠠᠭᠤᠯᠳᠠᠭ︾ ᠬᠡᠷ ᠪᠦᠯᠢ ᠳᠤ ᠬᠦᠮᠦᠵᠢᠭᠳᠡᠭᠰᠡᠨ ᠶᠤᠮ᠃ ᠡᠳᠡᠭᠡᠷ ᠭᠡᠷ ᠪᠦᠯᠢ ᠶᠢᠨ ᠬᠦᠮᠦᠵᠢᠯ ᠠᠯᠢ ᠨᠢ ᠴᠦ ᠭᠡᠳ ᠪᠦᠷ ᠦᠪᠡᠷ ᠦᠪᠡᠷ ᠤᠨ ᠰᠤᠯᠠ ᠳᠠᠯ᠎ᠠ ᠲᠠᠢ᠃ ᠠᠶᠤᠩᠭ᠎ᠠ ᠴᠠᠬᠢᠯᠭᠠᠨ ᠠᠴᠠ ᠴᠡᠴᠡᠭ ᠳᠡᠯᠭᠡᠷᠡᠳᠡᠭ ᠦᠭᠡᠢ ᠶᠤᠮ᠃ ᠠᠳᠠᠯᠢᠬᠠᠨ ᠢᠶᠠᠷ ᠠᠭᠤᠷᠯᠠᠵᠦ ᠴᠤᠬᠢᠭᠠᠳ ᠰᠠᠶᠢᠨ ᠬᠡᠤᠬᠡᠳ ᠢ ᠬᠦᠮᠦᠵᠢᠬᠦᠯᠵᠦ ᠳᠡᠶᠢᠯᠳᠡᠭ ᠦᠭᠡᠢ᠃ ᠭᠡᠳᠡᠷᠬᠦ ᠳᠤ ᠪᠠᠨ ᠬᠡᠷᠡᠬᠦᠯᠴᠢ᠂ ᠵᠤᠳᠤᠭᠠᠴᠢ᠂ ᠯᠦᠢᠪᠠᠷᠴᠢ ᠬᠡᠤᠬᠡᠳ ᠢ ᠬᠦᠮᠦᠵᠢᠬᠦᠯᠬᠦ ᠠᠶᠤᠯ ᠲᠠᠢ᠂ ᠡᠬᠦᠨ ᠤ ᠨᠢᠭᠡ ᠵᠢᠱᠢᠶ᠎ᠠ ᠪᠤᠯ ᠰᠤᠷᠭᠠᠭᠤᠯᠢ ᠶᠢᠨ ᠬᠦᠷᠢᠶᠠᠨ ᠳᠤ ᠬᠦᠴᠦᠷᠬᠡᠭᠯᠡᠯ ᠳᠤᠷᠤᠮᠵᠢᠯᠠᠯ ᠶᠠᠪᠤᠭᠤᠯᠵᠦ ᠪᠠᠶᠢᠭ᠎ᠠ ᠳᠡᠳᠡᠭᠡᠷ ᠪᠠᠭᠠᠴᠤᠤᠯ ᠵᠠᠯᠠᠭᠤᠴᠤᠳ ᠶᠤᠮ᠃ ᠳᠤᠮᠤᠴᠤᠤᠯ ᠬᠤᠪᠢᠷᠠᠪᠠᠯ ᠬᠡᠤᠬᠡᠳ ᠬᠤᠪᠢᠷᠠᠨ᠎ᠠ᠂ ᠬᠡᠤᠬᠡᠳ ᠬᠤᠪᠢᠷᠠᠪᠠᠯ ᠢᠷᠡᠭᠡᠳᠦᠢ ᠬᠤᠪᠢᠷᠠᠨ᠎ᠠ ᠬᠡᠳᠡᠭ᠃ ᠡᠶᠢᠮᠦ ᠳᠤ ᠪᠠᠨ ᠬᠦᠴᠦᠷᠬᠡᠭᠯᠡᠯ ᠳᠤᠷᠤᠮᠵᠢᠯᠠᠯ ᠶᠠᠪᠤᠭᠤᠯᠳᠠᠭ ᠬᠡᠤᠬᠡᠳ ᠢ ᠵᠠᠰᠠᠬᠤ ᠬᠠᠮᠤᠭ ᠰᠠᠶᠢᠨ ᠠᠷᠭ᠎ᠠ ᠪᠤᠯ ᠭᠡᠷ ᠪᠦᠯᠢ ᠶᠢᠨ ᠬᠦᠮᠦᠵᠢᠯ ᠪᠤᠯᠬᠤ ᠶᠤᠮ᠃ ᠡᠬᠦᠨ ᠳᠤ ᠰᠤᠷᠭᠠᠭᠤᠯᠢ ᠠᠴᠠ ᠭᠡᠷ ᠤᠨ ᠠᠬᠠᠮᠠᠳ ᠲᠤ ᠳᠤᠰᠬᠠᠢ ᠵᠢᠯᠤᠭᠤᠳᠤᠯᠭ᠎ᠠ ᠬᠢᠴᠢᠶᠡᠯ ᠦᠭᠴᠦ᠂ ᠳᠠᠳᠠᠨ ᠳᠤ ᠬᠡᠷ ᠪᠦᠯᠢ ᠶᠢᠨ ᠬᠦᠮᠦᠵᠢᠯ ᠤᠨ ᠦᠨ᠎ᠠ ᠴᠠᠨ᠎ᠠ᠂ ᠨᠦᠯᠦᠭᠡ ᠳᠤᠰᠬᠠᠯ ᠢ ᠦᠨᠡᠨ ᠬᠦ ᠳᠠᠨᠢᠭᠤᠯᠬᠤ ᠬᠡᠷᠡᠭᠳᠡᠢ᠃ ᠳᠠᠳᠠ ᠬᠤᠪᠢᠷᠠᠪᠠᠯ ᠰᠠᠶ᠋ᠢ ᠬᠡᠤᠬᠡᠳ ᠨᠢ ᠬᠤᠪᠢᠷᠠᠵᠦ ᠴᠢᠳᠠᠨ᠎ᠠ ᠭᠡᠳᠡᠭ ᠢ ᠵᠠᠪᠠᠯ ᠮᠡᠳᠡᠬᠦᠯᠬᠦ ᠴᠢᠬᠤᠯᠠᠳᠠᠢ᠃       ᠳᠤᠷᠤᠮᠵᠢᠯᠠᠭᠳᠠᠵᠦ ᠪᠠᠶᠢᠭ᠎ᠠ ᠬᠡᠤᠬᠡᠳ ᠤᠨ ᠬᠤᠪᠢ ᠳᠤ ᠠᠪᠴᠦ ᠬᠡᠯᠡᠭᠰᠡᠨ ᠴᠦ ᠤᠴᠢᠷ ᠭᠠᠷᠤᠭᠰᠠᠨ ᠭᠤᠤᠯ ᠬᠡᠰᠡᠭ ᠨᠢ ᠮᠦᠨ ᠯᠡ ᠭᠡᠷ ᠪᠦᠯᠢ ᠶᠢᠨ ᠬᠦᠮᠦᠵᠢᠯ ᠳᠤ ᠪᠤᠢ᠃ ᠬᠡᠤᠬᠡᠳ ᠪᠤᠯ ᠬᠡᠷ ᠪᠦᠯᠢ ᠶᠢᠨ ᠡᠷᠳᠡᠨᠢ᠃ ᠤᠯᠠᠩᠬᠢ ᠡᠴᠢᠭᠡ ᠡᠬᠡᠴᠦᠦᠯ ᠠᠯᠢᠪᠠ ᠪᠠᠨ ᠪᠦᠷ ᠬᠡᠤᠬᠡᠳ ᠲᠤ ᠪᠠᠨ ᠵᠤᠷᠢᠭᠤᠯᠵᠦ᠂ ᠦᠪᠡᠷ ᠤᠨ ᠪᠦᠳᠦᠬᠡᠬᠡ ᠦᠭᠡᠢ ᠵᠦᠢᠯ ᠢᠶᠠᠨ ᠬᠡᠤᠬᠡᠳ ᠤᠨ ᠢᠶᠠᠨ ᠪᠡᠶ᠎ᠠ ᠳᠡᠭᠡᠷ᠎ᠠ ᠪᠡᠶᠡᠯᠡᠬᠦᠯᠬᠦ ᠬᠦᠰᠡᠯ ᠡᠷᠡᠮᠡᠯᠵᠡᠯ ᠲᠠᠢ ᠶᠤᠮ᠃ ᠳᠡᠳᠡ ᠪᠢᠴᠢᠭ ᠢᠶᠠᠨ ᠰᠠᠶᠢᠨ ᠰᠤᠷᠬᠤ ᠠᠴᠠ ᠪᠤᠰᠤᠳ ᠵᠦᠢᠯ ᠢ ᠪᠦᠷ ᠬᠠᠷᠰᠢ ᠪᠠᠷ ᠦᠵᠡᠵᠦ᠂ ᠬᠡᠤᠬᠡᠳ ᠤᠨ ᠠᠯᠢᠪᠠ ᠵᠦᠢᠯ ᠢ ᠪᠦᠷ ᠦᠪᠡᠷ ᠤᠨ ᠰᠠᠨᠠᠭ᠎ᠠ ᠪᠠᠷ ᠢᠶᠠᠨ ᠳᠤᠬᠢᠷᠠᠭᠤᠯᠳᠠᠭ ᠪᠠᠶᠢᠨ᠎ᠠ᠃ ᠡᠨᠡ ᠨᠢ ᠬᠡᠤᠬᠡᠳ ᠢ ᠦᠪᠡᠷ ᠤᠨ ᠦᠵᠡᠯᠳᠠ ᠦᠭᠡᠢ᠂ ᠨᠢᠤᠯᠳᠦ ᠨᠤᠮᠤᠢ᠂ ᠵᠤᠵᠢᠭ ᠡᠳᠡᠭᠡᠳ᠂ ᠳᠤᠷ᠎ᠠ ᠰᠤᠨᠢᠷᠬᠠᠯ ᠦᠭᠡᠢ ᠵᠡᠷᠭᠡ ᠠᠶᠤᠯ ᠳᠤ ᠤᠨᠠᠭᠠᠳᠠᠭ ᠶᠤᠮ᠃ ᠶᠠᠭ ᠡᠶᠢᠮᠦ ᠵᠠᠩ ᠨᠢ ᠡᠳᠡᠭᠡᠷ ᠬᠡᠤᠬᠡᠳ ᠢ ᠪᠤᠰᠤᠳ ᠲᠠᠢ ᠳᠠᠭᠠᠷᠠᠯᠴᠠᠬᠤ ᠦᠭᠡᠢ ᠪᠤᠯᠭᠠᠵᠦ᠂ ᠪᠤᠰᠤᠳ ᠤᠨ ᠠᠭᠤᠷ ᠢᠶᠠᠨ ᠭᠠᠷᠭᠠᠬᠤ ᠰᠡᠪᠡ ᠳᠠᠭᠠᠵᠢᠩ ᠬᠢᠬᠦ ᠡᠳᠡᠭᠡᠳ ᠪᠤᠯᠭᠠᠬᠤ ᠪᠤᠯᠵᠤᠯ ᠬᠠᠨᠭ᠍ᠭᠠᠳᠠᠭ ᠶᠤᠮ᠃ ᠡᠷᠭᠡ ᠶᠢ ᠰᠤᠷᠭᠠᠬᠤ ᠪᠠᠷ ᠪᠡᠷᠭᠡ ᠶᠢ ᠰᠤᠷᠭ᠎ᠠ ᠭᠡᠳᠡᠭ ᠦᠭᠡ ᠪᠤᠢ᠃ ᠤᠳᠦ ᠶᠢᠨ ᠭᠡᠷ ᠤᠨ ᠠᠬᠠᠮᠠᠳ ᠬᠠᠷᠢᠨ ᠪᠡᠷᠭᠡ ᠶᠢ ᠪᠢᠰᠢ ᠡᠷᠭᠡ ᠶᠢ ᠰᠤᠷᠭᠠᠵᠦ ᠪᠤᠢ᠃ ᠬᠡᠳᠦ ᠬᠠᠶᠢᠷᠠᠯᠠᠬᠤ ᠨᠢ ᠬᠡᠤᠬᠡᠳ ᠢ ᠮᠠᠭᠤ ᠵᠦᠭ ᠲᠤ ᠳᠠᠭᠠᠭᠤᠯᠬᠤ ᠠᠴᠠ ᠪᠢᠰᠢ ᠰᠠᠶᠢᠨ ᠵᠦᠭ ᠲᠤ ᠬᠦᠳᠦᠯᠳᠡᠭ ᠦᠭᠡᠢ ᠶᠤᠮ᠃ ᠤᠨᠴᠠᠭᠠᠢ ᠡᠷᠭᠡ ᠳᠠᠩᠭᠢ ᠦᠰᠦᠭᠰᠡᠨ ᠬᠡᠤᠬᠡᠳ ᠶᠡᠬᠡᠷᠬᠡᠭ ᠵᠠᠩ᠂ ᠳᠡᠬᠡᠬᠦᠷ ᠬᠠᠷᠠᠴᠠ ᠲᠠᠢ ᠪᠤᠯᠵᠦ᠂ ᠪᠤᠰᠤᠳ ᠤᠨ ᠠᠳᠠᠭᠠᠷᠬᠠᠯ ᠵᠢᠳᠦᠬᠡᠷᠬᠡᠯ᠂ ᠡᠰᠡᠬᠦᠯ᠎ᠠ ᠡᠭ᠍ᠳᠡᠬᠦᠴᠠᠯ ᠬᠤᠷᠤᠰᠤᠯ ᠢ ᠬᠦᠷᠬᠡᠬᠦ ᠠᠶᠤᠯ ᠲᠠᠢ᠃ ᠡᠬᠦᠨ ᠤ ᠤᠯᠠᠮ ᠠᠴᠠ ᠪᠦᠯᠦᠭᠳᠦ ᠴᠤᠬᠴᠠ ᠶᠢᠨ ᠳᠡᠶᠢᠰᠦᠨ ᠪᠤᠶᠤ ᠰᠤᠮᠤᠨ ᠤ ᠫᠠᠢ ᠪᠤᠯᠵᠦ ᠳᠤᠷᠤᠮᠵᠢᠯᠠᠯ ᠭᠠᠭᠴᠠᠭᠠᠷᠳᠠᠯ ᠳᠤ ᠦᠷᠳᠤᠵᠦ᠂ ᠪᠡᠶ᠎ᠠ ᠰᠡᠳᠬᠢᠯ ᠤᠨ ᠭᠠᠴᠢᠯᠠᠩ ᠠᠮᠰᠠᠬᠤ ᠳᠤ ᠬᠦᠷᠦᠨ᠎ᠠ᠃ ᠡᠶᠢᠮᠦ ᠭᠡᠷ ᠪᠦᠯᠢ ᠶᠢᠨ ᠬᠢᠨ ᠪᠤᠭᠤᠯᠳᠠ ᠪᠠᠨ ᠠᠯᠳᠠᠷᠠᠭᠠᠵᠦ ᠬᠡᠤᠬᠡᠳ ᠤᠨ ᠪᠤᠰᠤᠳ ᠲᠠᠢ ᠬᠠᠷᠢᠴᠠᠬᠤ ᠴᠢᠳᠠᠪᠦᠷᠢ᠂ ᠪᠡᠶ᠎ᠠ ᠪᠠᠨ ᠳᠠᠭᠠᠭᠠᠬᠤ ᠴᠢᠳᠠᠪᠦᠷᠢ᠂ ᠬᠦᠴᠢᠷ ᠢ ᠢᠯᠠᠬᠤ ᠴᠢᠳᠠᠪᠦᠷᠢ ᠵᠡᠷᠭᠡ ᠶᠢ ᠨᠢ ᠬᠦᠮᠦᠵᠢᠬᠦᠯᠬᠦ ᠳᠤ ᠡᠷᠳᠡ ᠰᠢᠭᠤᠷᠬᠠᠶᠢᠯᠠᠪᠠᠯ ᠵᠤᠬᠢᠨ᠎ᠠ᠃ ︽ᠨᠢᠭᠡ ᠴᠠᠭ ᠤᠨ ᠬᠡᠷᠰᠡᠤ ᠪᠠᠷ ᠮᠢᠩᠭᠠᠨ ᠬᠤᠨᠤᠭ ᠤᠨ ᠭᠤᠨᠢᠭ ᠠᠴᠠ ᠵᠠᠶᠢᠯᠠᠵᠦ ᠴᠢᠳᠠᠨ᠎ᠠ︾ ᠬᠡᠳᠡᠭ ᠮᠡᠷᠭᠡᠨ ᠦᠭᠡ ᠪᠤᠢ᠃       ᠬᠤᠪᠢ ᠪᠠᠨ ᠰᠠᠬᠢᠵᠦ ᠳᠤᠪᠤ ᠪᠠᠨ ᠰᠢᠷᠠᠯᠠᠭᠤᠯᠬᠤ ᠪᠤᠯ ᠳᠡᠷᠰᠯᠡᠬᠦᠦ ᠬᠦᠴᠦᠨ ᠰᠦᠷᠵᠢᠨ ᠬᠡᠷᠡᠭ ᠤᠨ ᠡᠮᠦᠨ᠎ᠠ ᠪᠤᠯ ᠰᠠᠶᠢᠨ ᠵᠦᠢᠯ ᠪᠢᠰᠢ ᠶᠤᠮ᠃ ᠮᠠᠭᠤ ᠬᠡᠷᠡᠭ ᠢ ᠦᠵᠡᠵᠦ ᠪᠠᠶᠢᠭᠠᠳ ᠭᠠᠷ ᠢᠶᠠᠨ ᠬᠤᠮᠬᠢᠵᠦ ᠳᠤᠭᠤᠢ ᠵᠤᠬᠰᠤᠬᠤ ᠪᠤᠯ ᠳᠡᠷᠰᠯᠡᠬᠦᠦ ᠡᠳᠡᠭᠡᠳ ᠤᠨ ᠬᠠᠮᠰᠠᠭᠠᠳᠠᠨ ᠬᠡᠵᠦ ᠬᠡᠯᠡᠬᠦ ᠳᠤ ᠢᠯᠡᠬᠦᠳᠡᠬᠦ ᠭᠠᠵᠠᠷ ᠦᠭᠡᠢ ᠶᠤᠮ᠃ ᠯᠤ᠋ ᠰᠢᠶᠦ᠋ᠨ ᠠᠪᠤᠭᠠᠢ ᠶᠢᠨ ᠠᠨᠠᠭᠠᠬᠤ ᠤᠬᠠᠭᠠᠨ ᠢ ᠳᠠᠶᠠᠭᠳᠠᠨ ᠤᠷᠠᠨ ᠵᠤᠬᠢᠶᠠᠯ ᠤᠨ ᠵᠠᠮ ᠢᠶᠠᠷ ᠵᠠᠮᠨᠠᠭᠰᠠᠨ ᠤ ᠭᠤᠤᠯ ᠰᠢᠯᠳᠠᠭᠠᠨ ᠴᠦ ᠭᠠᠷ ᠢᠶᠠᠨ ᠬᠤᠮᠬᠢᠵᠦ ᠵᠤᠬᠰᠤᠬᠰᠠᠳ ᠤᠨ ᠮᠢᠨᠴᠦᠬᠦᠷᠠᠮᠠᠯ ᠰᠢᠨᠵᠢ ᠪᠤᠶᠤ ᠢᠴᠢᠬᠦᠷᠢ ᠰᠤᠨᠵᠢᠭᠤᠷᠢ ᠦᠭᠡᠢ ᠪᠠᠶᠢᠳᠠᠯ ᠠᠴᠠ ᠰᠢᠯᠳᠠᠭᠠᠯᠠᠭᠳᠠᠭᠰᠠᠨ ᠪᠢᠯᠡ᠃ ᠳᠤᠷᠤᠮᠵᠢᠯᠠᠯ ᠢ ᠬᠠᠷᠠᠨ ᠵᠤᠬᠰᠤᠭᠴᠢ ᠪᠤᠯ ᠦᠨᠡᠨ ᠳᠤ ᠪᠠᠨ ᠦᠨᠡᠨ ᠶᠤᠰᠦ ᠶᠢ ᠰᠦᠷᠦᠭᠴᠢᠳ ᠪᠤᠶᠤ ᠪᠤᠯᠠᠰᠢᠯᠠᠭᠰᠠᠳ ᠶᠤᠮ᠃ ᠳᠡᠳᠡᠨ ᠤ ᠮᠠᠭᠤ ᠬᠡᠷᠡᠭ ᠢ ᠬᠤᠷᠢᠬᠯᠠᠬᠤ ᠦᠭᠡᠢ᠂ ᠬᠠᠶᠢᠬᠤᠷᠬᠤ ᠦᠭᠡᠢ ᠠᠮᠢᠨᠴᠢᠷ ᠠᠶᠤᠮᠠᠳᠠᠭᠠᠢ ᠬᠢᠳᠠᠯ ᠠᠴᠠ ᠪᠤᠯᠵᠦ ᠰᠦᠷᠵᠢᠨ ᠡᠳᠡᠭᠡᠳ ᠡᠶᠢᠨ ᠬᠦ ᠢᠯᠡᠨ ᠳᠠᠯᠠᠨ ᠦᠭᠡᠢ ᠰᠠᠮᠠᠭᠤᠷᠠᠭᠰᠠᠨ ᠶᠤᠮ᠃ ᠳᠤᠷᠤᠮᠵᠢᠯᠠᠯ ᠢ ᠦᠵᠡᠵᠦ ᠵᠤᠬᠰᠤᠵᠦ ᠪᠠᠶᠢᠭᠠᠳ ᠬᠤᠷᠢᠬᠯᠠᠬᠤ ᠦᠬᠡᠢ ᠰᠤᠷᠤᠭᠴᠢᠳ ᠪᠤᠯ ᠳᠠᠷᠤᠢ ᠬᠡᠪ ᠢᠶᠠᠨ ᠰᠠᠬᠢᠵᠦ ᠬᠡᠷᠡᠭ ᠤᠴᠢᠷ ᠲᠤ ᠳᠤᠳᠠᠭᠤ ᠭᠠᠷ ᠬᠦᠷᠳᠡᠭ ᠭᠡᠷ ᠪᠦᠯᠢ ᠶᠢᠨ ᠬᠦᠮᠦᠵᠢᠯ ᠬᠦᠷᠳᠡᠭᠰᠡᠳ ᠪᠤᠯᠬᠤ ᠶᠤᠮ᠃ ᠮᠤᠳᠤᠨ ᠤ ᠬᠤᠷᠤᠬᠠᠢ ᠮᠤᠳᠤᠨ ᠠᠴᠠ ᠪᠠᠨ ᠬᠡᠳᠡᠭ᠃ ᠳᠤᠷᠤᠮᠵᠢᠯᠠᠯ ᠬᠦᠴᠦᠷᠬᠡᠭᠯᠡᠯ ᠶᠠᠪᠤᠭᠤᠯᠤᠬᠰᠠᠨ ᠢ ᠦᠨᠡᠨ ᠳᠤ ᠪᠠᠨ ᠡ᠊ᠨᠡ ᠭᠦ ᠳᠤᠮᠤ ᠡᠩᠨᠡᠭᠡ ᠪᠤᠢ ᠪᠤᠯᠭᠠᠭᠰᠠᠨ ᠶᠤᠮ᠃ ᠬᠤᠪᠢ ᠪᠠᠨ ᠰᠠᠬᠢᠬᠤ ᠨᠢ ᠦᠪᠡᠷ ᠢ ᠪᠠᠨ ᠳᠦᠷ ᠴᠠᠭ ᠠᠶᠤᠯ ᠠᠴᠠ ᠵᠠᠶᠢᠯᠠᠭᠤᠯᠬᠤ ᠪᠤᠯᠤᠮᠵᠢ ᠲᠠᠢ ᠪᠤᠯᠪᠠᠴᠦ ᠤᠳᠠᠭᠠᠭᠢ ᠴᠠᠭ ᠢᠶᠠᠷ ᠳᠠᠷᠤᠯᠠᠭᠳᠠᠭᠴᠢ ᠪᠤᠯᠬᠤ ᠬᠠᠨᠭ᠍ᠭᠠᠯᠳᠠ ᠪᠦᠷᠢᠨ ᠪᠤᠢ᠃ ᠦᠨᠡᠨ ᠶᠤᠰᠤᠨ ᠤ ᠳᠦᠯᠦᠭᠡ ᠦᠯᠦ ᠳᠡᠮᠡᠴᠡᠭᠰᠡᠳ ᠪᠤᠯ ᠪᠦᠷ ᠦᠬᠡᠨᠴᠠ ᠳᠤᠷᠤᠢ ᠬᠦᠮᠦᠰ ᠶᠤᠮ᠃ ᠦᠨᠡᠨ ᠶᠤᠰᠦ ᠴᠦ ᠡᠶᠢᠮᠦ ᠬᠦᠮᠦᠰ ᠤᠨ ᠭᠠᠷ ᠲᠤ ᠦᠭᠡᠢ ᠬᠢᠭᠳᠡᠳᠡᠭ ᠪᠢᠯᠡ᠃ ᠡᠶᠢᠮᠦ ᠠᠴᠠ ᠰᠤᠷᠭᠠᠭᠤᠯᠢ ᠨᠢ ᠰᠤᠷᠤᠭᠴᠢᠳ ᠲᠤ ᠪᠠᠨ ᠦᠨᠡᠨ ᠶᠤᠰᠤᠨ ᠤ ᠳᠦᠯᠦᠭᠡ ᠡᠷᠡᠯᠬᠡᠭᠯᠡᠨ ᠪᠤᠰᠬᠤ ᠵᠤᠷᠢᠭ ᠰᠠᠨᠠᠭ᠎ᠠ ᠬᠦᠴᠦ ᠳᠡᠮᠢᠷ ᠦᠭᠪᠡᠯ ᠳᠠᠭᠠᠷᠠᠨ᠎ᠠ᠃ ᠭᠡᠷ ᠤᠨ ᠠᠬᠠᠮᠠᠳ ᠲᠠᠢ ᠬᠤᠯᠪᠤᠭᠠᠯᠠᠨ ᠬᠡᠤᠬᠡᠳ ᠲᠤ ᠠᠮᠢᠨᠴᠢᠷ ᠬᠤᠪᠢᠨᠴᠢᠷ ᠪᠤᠶᠤ ᠬᠤᠪᠢ ᠪᠠᠨ ᠰᠠᠬᠢᠵᠦ ᠳᠤᠪᠤ ᠪᠠᠨ ᠰᠢᠷᠠᠯᠠᠭᠤᠯᠤᠬᠰᠠᠳ ᠤᠨ ᠬᠡᠮ ᠰᠤᠭᠤᠭ ᠢ ᠳᠤᠳᠤᠷᠬᠠᠢ ᠵᠢᠭᠠᠵᠦ ᠦᠭᠪᠡᠯ ᠵᠤᠬᠢᠨ᠎ᠠ᠃ ︽ᠤᠯᠠᠨ ᠤ ᠬᠦᠴᠦᠨ ᠳᠤ ᠤᠪᠤᠭ᠎ᠠ ᠬᠦᠳᠡᠯᠦᠨ᠎ᠠ︾ ᠬᠡᠳᠡᠭ᠃ ᠨᠠᠶᠢᠳᠠ ᠳᠦᠮᠡᠨ ᠤ ᠨᠢᠬᠡᠳᠦᠭᠰᠡᠨ ᠬᠦᠴᠦ ᠪᠠᠷ ᠮᠠᠭᠤ ᠵᠦᠢᠯ ᠢ ᠡᠰᠡᠷᠬᠦᠴᠠᠪᠠᠯ ᠯᠠᠪᠳᠠᠢ ᠵᠦᠪ ᠶᠤᠰᠤᠨ ᠤ ᠡᠷᠬᠡ ᠰᠦᠷ ᠢ ᠪᠠᠳᠠᠷᠠᠭᠤᠯᠤᠨ ᠢᠯᠠᠯᠳᠠ ᠤᠯᠬᠤ ᠪᠢᠯᠡ᠃       ᠬᠦᠮᠦᠨ ᠤ ᠬᠦᠮᠦᠵᠢᠯ ᠪᠤᠯᠪᠠᠰᠦᠷᠠᠯ ᠦᠰᠴᠦ ᠳᠦᠷᠦᠭᠰᠡᠨ ᠭᠡᠷ ᠪᠦᠯᠢ ᠠᠴᠠ ᠪᠠᠨ ᠡᠬᠢᠯᠡᠳᠡᠭ ᠪᠢᠯᠡ᠃ ᠡᠨᠡ ᠳᠠᠯ᠎ᠠ ᠪᠠᠷ ᠶᠠᠫᠤᠨᠴᠤᠳ ᠠᠴᠠ ᠰᠤᠷᠬᠤ ᠵᠦᠢᠯ ᠶᠡᠭᠡ ᠪᠤᠢ᠃ ᠶᠠᠫᠤᠨ ᠬᠡᠤᠬᠡᠳ ᠬᠠᠷ᠎ᠠ ᠪᠠᠭ᠎ᠠ ᠠᠴᠠ ᠪᠠᠨ ᠡᠬᠢᠯᠡᠬᠡᠳ ᠪᠡᠶ᠎ᠠ ᠪᠠᠨ ᠳᠠᠭᠠᠭᠠᠨ ᠠᠵᠢᠯᠯᠠᠳᠠᠭ᠃ ᠵᠢᠱᠢᠶ᠎ᠠ ᠨᠢ ᠨᠠᠶᠢᠳᠠ ᠶᠢᠨ ᠮᠠᠰᠢᠨ ᠳᠤ ᠰᠠᠭᠤᠭᠠᠳ ᠰᠤᠷᠭᠠᠭᠤᠯᠢ ᠳᠤ ᠪᠠᠨ ᠶᠠᠪᠤᠬᠤ᠂ ᠬᠠᠮᠢᠭ᠎ᠠ ᠶᠠᠪᠤᠭᠰᠠᠨ ᠴᠦ ᠦᠪᠡᠷ ᠤᠨ ᠪᠤᠬᠴᠦ ᠪᠠᠨ ᠦᠪᠡᠰᠦᠪᠡᠨ ᠠᠪᠴᠦ ᠶᠠᠪᠤᠬᠤ᠂ ᠤᠤᠭᠤᠭᠰᠠᠨ ᠰᠦ ᠶᠢᠨ ᠢᠶᠠᠨ ᠴᠠᠭᠠᠰᠦᠨ ᠴᠤᠮᠤ ᠶᠢ ᠵᠠᠳᠠᠯᠵᠦ ᠬᠠᠳᠠᠭᠠᠭᠠᠳ ᠰᠤᠷᠭᠠᠭᠤᠯᠢ ᠶᠢᠨ ᠬᠤᠷᠢᠶᠠᠨ ᠠᠪᠬᠤ ᠭᠠᠵᠠᠷ ᠬᠦᠷᠬᠡᠬᠦ᠂ ᠢᠨᠢᠶᠡᠮᠰᠦᠭᠯᠡᠬᠦ ᠪᠠ ᠳᠠᠯᠠᠷᠬᠠᠬᠤ ᠶᠢ ᠳᠤᠰᠬᠠᠢ ᠡᠬᠦᠷᠭᠡ ᠪᠠᠷ ᠬᠦᠢᠴᠠᠳᠬᠡᠬᠦ᠂ ᠳᠠᠮᠢᠷ ᠤᠨ ᠤᠷᠤᠯᠳᠤᠭᠠᠨ ᠳᠤ ᠬᠠᠮᠳᠦ ᠶᠢᠨ ᠱᠡᠩᠨᠠᠯ ᠪᠠᠶᠢᠬᠤ ᠠᠴᠠ ᠪᠢᠰᠢ ᠬᠤᠪᠢ ᠶᠢᠨ ᠱᠠᠩᠨᠠᠯ ᠳᠤᠬᠢᠶᠠᠬᠤ ᠦᠭᠡᠢ ᠵᠡᠷᠭᠡ ᠬᠡᠤᠬᠡᠳ ᠤᠨ ᠵᠠᠩᠰᠢᠯ ᠤᠨ ᠪᠦᠷᠢᠯᠳᠦᠯ ᠢ ᠠᠩᠬᠠᠷᠤᠭᠰᠠᠨ ᠤᠯᠠᠨ ᠵᠦᠢᠯ ᠤᠨ ᠬᠦᠮᠦᠵᠢᠯ ᠪᠤᠢ᠃ ᠰᠤᠷᠭᠠᠭᠤᠯᠢ ᠶᠢᠨ ᠬᠦᠷᠢᠶᠠᠨ ᠤ ᠳᠤᠷᠤᠮᠵᠢᠯᠠᠯ ᠤᠳᠦ ᠬᠡᠴᠠᠬᠦᠳᠡᠵᠦ ᠰᠤᠷᠭᠠᠭᠤᠯᠢ ᠨᠠᠶᠢᠭᠡᠮ ᠤᠨ ᠬᠠᠮᠢᠶᠠᠷᠦᠯᠳᠠ ᠳᠤ ᠪᠦᠷ ᠬᠦᠨᠳᠦᠷᠡᠯ ᠠᠪᠴᠢᠷᠠᠵᠦ ᠪᠤᠢ᠃ 2016 ᠤᠨ ᠤ ᠪᠦᠷᠢᠳᠬᠡᠯ ᠳᠤ ᠰᠤᠷᠭᠠᠭᠤᠯᠢ ᠶᠢᠨ ᠬᠦᠷᠢᠶᠠᠨ ᠤ ᠳᠤᠷᠤᠮᠵᠢᠯᠠᠯ ᠠᠴᠠ ᠪᠤᠯᠤᠬᠰᠠᠨ 1988 ᠬᠡᠷᠡᠭ ᠢ ᠰᠢᠬᠦᠬᠦ ᠳᠤ ᠰᠢᠯᠵᠢᠬᠦᠯᠵᠦ᠂ 1188 ᠬᠦᠮᠦᠨ ᠢ ᠪᠠᠷᠢᠪᠴᠢᠯᠠᠭᠰᠠᠨ ᠪᠠᠶᠢᠨ᠎ᠠ᠃ ᠮᠡᠳᠡᠭᠡᠵᠢ ᠡᠨᠡ ᠪᠤᠯ ᠨᠢᠬᠡᠨ ᠠᠶᠤᠮᠰᠢᠬᠳᠠᠢ ᠳᠤᠬᠢᠶ᠎ᠠ ᠪᠢᠯᠡ᠃ ᠰᠤᠷᠭᠠᠭᠤᠯᠢ ᠶᠢᠨ ᠬᠦᠷᠢᠶᠠᠨ ᠤ ᠳᠤᠷᠤᠮᠵᠢᠯᠠᠯ ᠢ ᠰᠢᠬᠦᠬᠦ ᠳᠤ ᠳᠤᠰᠢᠶᠠᠬᠤ ᠪᠠᠷ ᠰᠢᠢᠳᠪᠦᠷᠢᠯᠡᠬᠦ ᠨᠢ ᠬᠡᠤᠬᠡᠳ ᠤᠨ ᠦᠰᠦᠨ ᠪᠤᠶᠢᠵᠢᠯᠳᠠ ᠳᠤ ᠰᠦᠬᠡᠷᠬᠦ ᠨᠦᠯᠦᠭᠡ ᠲᠠᠢ᠃ ᠬᠠᠷᠢᠨ ᠭᠡᠷ ᠪᠦᠯᠢ ᠶᠢᠨ ᠬᠦᠮᠦᠵᠢᠯ ᠳᠤ ᠰᠠᠭᠤᠷᠢᠯᠠᠵᠦ ᠵᠠᠰᠠᠬᠤ ᠨᠢ ᠳᠡᠭᠡᠳᠦ ᠠᠷᠭ᠎ᠠ ᠪᠤᠯᠠᠢ᠃ ︽ᠬᠦᠮᠦᠨ ᠪᠤᠯᠬᠤ ᠪᠠᠭ᠎ᠠ ᠠᠴᠠ ᠪᠠᠨ ᠬᠦᠯᠦᠭ ᠪᠤᠯᠬᠤ ᠤᠨᠠᠭᠠᠨ ᠠᠴᠠ ᠪᠠᠨ︾ ᠬᠡᠳᠡᠭ᠃ ᠵᠦᠪ ᠬᠦᠮᠦᠵᠢᠯ ᠯᠠ ᠵᠦᠪ ᠬᠦᠮᠦᠨ ᠢ ᠬᠦᠮᠦᠵᠢᠬᠦᠯᠳᠡᠭ ᠤᠴᠢᠷᠳᠠᠢ᠃         ᠬᠠᠶ᠋ᠢᠬ᠄ ᠤᠯᠠᠭᠠᠠᠬᠠᠳᠠ ᠳᠤ ᠬᠢ ᠮᠤᠩᠭᠤᠯ ᠦᠨᠳᠦᠰᠦᠳᠡᠨ ᠤ ᠳᠤᠮᠳᠠᠳᠦ ᠰᠤᠷᠭᠠᠭᠤᠯᠢ                            ︵ᠡᠾᠦ᠋ᠩ ᠮᠸᠢ ᠨᠠᠶᠢᠷᠠᠭᠤᠯᠪᠠ︶                            2020.4 ᠳ᠋ᠦ᠋ᠭᠡᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠤ ᠰᠤᠷᠭᠠᠨ ᠬᠥᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map