ᠠᠩᠭᠢ ᠶᠢᠨ ᠡᠷᠬᠢᠯᠡᠭᠴᠢ ᠶᠢᠨ ᠠᠵᠢᠯ ᠤᠨ ᠠᠮᠵᠢᠯᠲᠠ ᠤᠯᠬᠤ ᠶᠢᠨ ᠤᠷᠢᠳᠠᠯ ᠨᠢ ᠬᠠᠶᠢᠷ᠎ᠠ ᠮᠦᠨ
ᠨᠡᠶᠢᠲᠡᠯᠡᠭᠰᠡᠨ ᠴᠠᠭ᠄
2020/5/22
                                                          ᠪᠤᠤ ᠲᠤᠶᠠᠭ᠎ᠠ      ᠪᠢ ᠪᠤᠯ ᠨᠢᠭᠡᠨ ᠡᠭᠡᠯ ᠵᠢᠷ ᠤᠨ ᠮᠤᠩᠭᠤᠯ ᠪᠠᠭ᠎ᠠ ᠰᠤᠷᠭᠠᠭᠤᠯᠢ ᠶᠢᠨ ᠬᠢᠳᠠᠳ ᠬᠡᠯᠡᠨ ᠤ ᠪᠠᠭᠰᠢ ᠶᠤᠮ᠃ ᠡᠨᠡ ᠬᠦ ᠬᠠᠳᠠᠭᠤᠵᠢᠯᠲᠠᠢ ᠪᠤᠯᠪᠠᠴᠦ ᠦᠩᠭᠡ ᠭᠡᠷᠡᠯ ᠲᠠᠢ ᠠᠵᠢᠯ ᠤᠨ ᠪᠠᠶᠢᠷᠢᠨ ᠳᠡᠭᠡᠷ᠎ᠡ ᠪᠠᠨ ᠠᠵᠢᠯᠯᠠᠭᠠᠳ ᠨᠢᠭᠡᠨᠳᠡ ᠬᠤᠷᠢᠨ ᠭᠡᠳᠦᠨ ᠵᠢᠯ ᠪᠤᠯᠴᠢᠬᠠᠯ᠎ᠠ᠃ ᠶᠡᠷᠦ ᠨᠢ ᠰᠠᠶ᠋ᠢ ᠠᠵᠢᠯ ᠳᠤ ᠭᠠᠷᠤᠭᠰᠠᠨ ᠲᠡᠷᠡ ᠬᠡᠳᠦᠨ ᠵᠢᠯ ᠳᠤ ᠬᠢᠳᠠᠳ ᠬᠡᠯᠡᠨ ᠤ ᠪᠠᠭᠰᠢ ᠳᠤᠲᠠᠳᠠᠭ ᠰᠢᠯᠳᠠᠭᠠᠨ ᠠᠴᠠ ᠶᠤᠮ ᠤᠤ᠂ ᠪᠢ ᠭᠤᠷᠪᠠᠨ ᠠᠩᠭᠢ ᠶᠢᠨ ᠵᠠᠭᠤ ᠭᠠᠷᠤᠢ ᠰᠤᠷᠤᠭᠴᠢᠳ ᠲᠤ ᠬᠢᠳᠠᠳ ᠬᠡᠯᠡᠨ ᠤ ᠬᠢᠴᠢᠶᠡᠯ ᠵᠢᠭᠠᠳᠠᠬ ᠪᠠᠶᠢᠯ᠎ᠠ᠃ ᠠᠵᠢᠯ ᠤᠨ ᠡᠬᠦᠷᠭᠡ ᠨᠡᠯᠢᠶᠡᠳ ᠬᠦᠨᠳᠦ ᠪᠠᠶᠢᠭᠰᠠᠨ ᠲᠤᠯᠠ ᠰᠤᠷᠭᠠᠭᠤᠯᠢ ᠠᠴᠠ ᠨᠠᠳᠠ ᠳᠤ ᠠᠩᠭᠢ ᠶᠢᠨ ᠡᠷᠬᠢᠯᠡᠭᠴᠢ ᠶᠢᠨ ᠠᠵᠢᠯ ᠢ ᠶᠡᠷᠦ ᠲᠤᠬᠢᠷᠠᠭᠤᠯᠤᠭᠰᠠᠨ ᠦᠭᠡᠢ᠃ ᠭᠡᠪᠡᠴᠦ ᠰᠤᠷᠭᠠᠭᠤᠯᠢ ᠶᠢᠨ ᠠᠵᠢᠯ ᠤᠨ ᠴᠢᠬᠤᠯᠠᠴᠢᠯᠠᠭ᠎ᠠ ᠠᠴᠠ ᠪᠤᠯᠵᠦ᠂ 2008 ᠤᠨ ᠤ ᠨᠠᠮᠤᠷ ᠠᠴᠠ ᠡᠬᠢᠯᠡᠵᠦ ᠠᠩᠭᠢ ᠶᠢᠨ ᠡᠷᠬᠢᠯᠡᠭᠴᠢ ᠶᠢᠨ ᠠᠵᠢᠯ ᠢ ᠡᠬᠦᠷᠭᠡᠯᠡᠭᠡᠳ ᠨᠢᠭᠡᠨᠳᠡ 12 ᠵᠢᠯ ᠤᠨ ᠨᠢᠭᠤᠷ ᠢ ᠦᠵᠡᠴᠢᠬᠡᠯ᠎ᠡ᠃ ᠦᠨᠦ ᠨᠢᠭᠡᠨᠳᠡ ᠬᠤᠶᠠᠷ ᠡᠭᠡᠯᠵᠢ ᠶᠢᠨ ᠠᠩᠭᠢ ᠶᠢ ᠲᠡᠭᠦᠰᠭᠡᠭᠡᠳ᠂ ᠠᠩᠭᠢ ᠶᠢᠨ ᠡᠷᠬᠢᠯᠡᠭᠴᠢ ᠶᠢᠨ ᠠᠵᠢᠯ ᠳᠤ ᠤᠷᠬᠢᠯᠤᠮ᠎ᠠ ᠬᠠᠯᠠᠭᠤᠨ ᠬᠠᠶᠢᠷ᠎ᠠ ᠰᠡᠳᠬᠢᠯᠭᠡ ᠲᠠᠢ ᠪᠤᠯᠪᠠ᠃ ᠬᠦᠮᠦᠰ ᠬᠡᠷᠪᠡ ᠠᠷᠠᠳ ᠤᠨ ᠪᠠᠭᠰᠢ ᠶᠢᠨ ᠠᠵᠢᠯ ᠦᠢᠯᠡᠰ ᠢ ᠲᠦᠢᠯ ᠤᠨ ᠦᠩᠭᠡ ᠭᠡᠷᠡᠯᠲᠡᠢ ᠭᠡᠳᠡᠭ ᠶᠤᠮ ᠪᠤᠯ ᠮᠢᠨᠤ ᠦᠵᠡᠬᠦ ᠪᠠᠷ᠂ ᠠᠩᠭᠢ ᠶᠢᠨ ᠡᠷᠬᠢᠯᠡᠭᠴᠢ ᠪᠤᠯᠬᠤ ᠨᠢ ᠨᠡᠩ ᠦᠩᠭᠡ ᠭᠡᠷᠡᠯᠲᠡᠢ ᠮᠦᠷᠳᠡᠭᠡᠨ ᠵᠤᠯ ᠵᠢᠷᠭᠠᠯ ᠲᠠᠢ ᠶᠠᠪᠤᠳᠠᠯ ᠶᠤᠮ᠃ ᠬᠦᠮᠦᠰ ᠨᠠᠳᠠ ᠠᠴᠠ᠄ ︽ᠠᠩᠭᠢ ᠶᠢᠨ ᠡᠷᠬᠢᠯᠡᠭᠴᠢ ᠶᠢᠨ ᠠᠵᠢᠯ ᠤᠨ ᠠᠮᠵᠢᠯᠲᠠ ᠤᠯᠬᠤ ᠶᠢᠨ ᠤᠷᠢᠳᠠᠯ ᠨᠢ ᠶᠠᠭᠤ ᠪᠤᠢ︖︾ ᠭᠡᠵᠦ ᠠᠰᠠᠭᠤᠪᠠᠯ ᠨᠢ ᠪᠢ ᠲᠡᠬᠦᠨ ᠳᠤ᠄ ︽ᠬᠠᠶᠢᠷ᠎ᠠ︾ ᠭᠡᠵᠦ ᠪᠠᠳᠤᠲᠠᠢ ᠬᠠᠷᠢᠭᠤᠯᠵᠦ ᠦᠭᠬᠦᠨ᠎ᠡ᠃ ᠬᠡᠷᠪᠡ ᠠᠩᠭᠢ ᠶᠢᠨ ᠡᠷᠬᠢᠯᠡᠭᠴᠢ ᠪᠤᠯᠤᠭᠰᠠᠳ ᠬᠠᠷᠢᠭᠤᠴᠠᠯᠭᠠᠲᠦ ᠰᠡᠳᠬᠢᠯᠭᠡ ᠪᠠᠷ ᠠᠩᠭᠢ ᠪᠠᠨ ᠳᠤᠳᠤᠮᠳᠠᠵᠦ᠂ ᠴᠢᠩ ᠦᠨᠡᠨ ᠰᠡᠳᠬᠢᠯ ᠠᠴᠠ ᠪᠠᠨ ᠬᠡᠤᠬᠡᠳ ᠪᠤᠯᠭᠠᠨ ᠳᠤ ᠡᠷᠭᠡ ᠲᠡᠭᠰᠢ ᠬᠠᠨᠳᠦᠨ᠂ ᠬᠢᠴᠢᠶᠡᠯ ᠲᠦᠷᠦᠯ ᠤᠨ ᠪᠠᠭᠰᠢ ᠨᠠᠷ ᠲᠠᠢ ᠰᠡᠳᠬᠢᠯ ᠨᠢᠭᠡᠳᠦᠨ᠂ ᠬᠡᠷ ᠤᠨ ᠠᠬᠠᠮᠠᠳ ᠪᠤᠯᠭᠠᠨ ᠲᠠᠢ ᠡᠶ᠎ᠡ ᠵᠤᠬᠢᠴᠠᠩᠭᠤᠢ ᠬᠠᠷᠢᠴᠠᠵᠦ᠂ ᠳᠡᠳᠡᠨ ᠤ ᠢᠳᠡᠭᠡᠯ ᠨᠠᠶᠢᠳᠠᠪᠤᠷᠢ ᠶᠢ ᠬᠦᠯᠢᠶᠡᠵᠦ ᠴᠢᠳᠠᠳᠠᠭ ᠲᠤ ᠯᠡ ᠬᠦᠷᠪᠡᠯ ᠯᠠᠪᠳᠠᠢ ᠰᠢᠯᠢᠳᠡᠭ ᠰᠠᠶᠢᠨ ᠠᠩᠭᠢ ᠨᠡᠶᠢᠳᠡ ᠶᠢ ᠪᠠᠶᠢᠭᠤᠯᠵᠦ ᠴᠢᠳᠠᠨ᠎ᠠ᠃ ᠳᠤᠤᠷ᠎ᠠ ᠪᠢ ᠪᠠᠭ᠎ᠠ ᠰᠤᠷᠭᠠᠭᠤᠯᠢ ᠶᠢᠨ ᠠᠩᠭᠢ ᠶᠢᠨ ᠡᠷᠬᠢᠯᠡᠭᠴᠢ ᠶᠢᠨ ᠠᠵᠢᠯ ᠤᠨ ᠭᠤᠤᠯ ᠪᠤᠯᠬᠤ ᠬᠡᠳᠦᠨ ᠬᠡᠯᠬᠢᠶ᠎ᠡ ᠶᠢ ᠳᠤᠷᠠᠳᠴᠦ᠂ ᠦᠪᠡᠷ ᠤᠨ ᠪᠤᠲᠠᠲᠦ ᠦᠩᠭᠡᠷᠡᠯᠲᠡ ᠪᠠᠨ ᠳᠡᠯᠭᠡᠶ᠎ᠡ᠃      ᠨᠢᠭᠡ᠂ ᠠᠩᠭᠢ ᠶᠢᠨ ᠬᠠᠮᠢᠶᠠᠷᠤᠯᠲᠠ ᠪᠠᠨ ᠴᠢᠩᠭ᠎ᠠ ᠨᠢᠮᠪᠠᠢ ᠪᠠᠶᠢᠯᠭᠠᠬᠤ ᠬᠡᠷᠡᠭᠳᠡᠢ᠃      ᠠᠷᠪᠠᠨ ᠬᠡᠳᠦᠨ ᠵᠢᠯ ᠤᠨ ᠲᠤᠷᠰᠢᠬᠢ ᠠᠩᠭᠢ ᠶᠢᠨ ᠬᠠᠮᠢᠶᠠᠷᠤᠯᠲᠠ ᠶᠢᠨ ᠠᠵᠢᠯ ᠢᠶᠠᠨ ᠡᠷᠬᠢᠴᠡᠭᠦᠯᠪᠡᠯ᠂ ᠠᠩᠭᠢ ᠪᠠᠨ ᠰᠠᠶᠢᠳᠤᠷ ᠬᠠᠮᠢᠶᠠᠷᠤᠶ᠎ᠠ ᠬᠡᠪᠡᠯ ᠶᠡᠭᠡ ᠤᠶᠤᠨ ᠤᠬᠠᠭᠠᠨ ᠬᠡᠷᠡᠭᠰᠡᠬᠦ ᠦᠭᠡᠢ᠂ ᠵᠦᠪᠬᠡᠨ ᠨᠢᠭᠡ ᠯᠡ ᠵᠤᠷᠪᠤᠰ ᠢ ᠴᠡᠭᠡᠵᠢᠯᠡᠪᠡᠯ ᠪᠤᠯᠴᠢᠬᠠᠨ᠎ᠠ᠂ ᠲᠡᠷᠡ ᠨᠢ ᠳᠠᠷᠤᠢ ︽ᠪᠠᠷᠢᠮᠳᠠᠯᠠᠬᠤ︾ ᠶᠠᠪᠤᠳᠠᠯ ᠪᠤᠯᠤᠨ᠎ᠠ᠃ ᠠᠩᠭᠢ ᠶᠢᠨ ᠡᠷᠬᠢᠯᠡᠭᠴᠢ ᠪᠠᠶᠢᠭᠰᠠᠨ ᠪᠠᠭᠰᠢ ᠨᠠᠷ ᠪᠤᠯ ᠠᠩᠭᠢ ᠶᠢᠨ ᠠᠵᠢᠯ ᠢ ᠰᠢᠢᠳᠪᠤᠷᠢᠯᠡᠭᠡᠳ ᠪᠠᠷᠠᠰᠢ ᠦᠭᠡᠢ ᠤᠯᠠᠨ ᠠᠰᠠᠭᠤᠳᠠᠯ ᠤᠷᠤᠰᠢᠳᠠᠭ ᠬᠡᠰᠡᠨ ᠢ ᠪᠡᠶᠡᠴᠢᠯᠡᠨ ᠤᠶᠢᠯᠠᠭᠠᠨ᠎ᠠ᠃ ᠤᠴᠢᠷ ᠨᠢ ᠮᠠᠨ ᠤ ᠠᠵᠢᠯ ᠪᠤᠯ ᠨᠢᠭᠡ ᠠᠩᠭᠢ ᠶᠢᠨ ᠬᠡᠤᠬᠡᠳ ᠢ ᠰᠠᠶᠢᠳᠤᠷ ᠳᠠᠭᠠᠭᠤᠯᠵᠦ᠂ ᠰᠠᠶᠢᠳᠤᠷ ᠬᠦᠮᠦᠵᠢᠬᠦᠯᠬᠦ ᠶᠠᠪᠤᠳᠠᠯ ᠪᠤᠯᠤᠨ᠎ᠠ᠃ ᠡᠬᠦᠨ ᠳᠤ ᠰᠤᠷᠤᠭᠴᠢ ᠶᠢᠨ ᠵᠦᠪ ᠰᠠᠶᠢᠨ ᠳᠠᠳᠬᠠᠯ ᠢ ᠬᠦᠮᠦᠵᠢᠬᠦᠯᠴᠢᠭᠡᠪᠡᠯ ᠠᠩᠭᠢ ᠶᠢᠨ ᠬᠠᠮᠢᠶᠠᠷᠤᠯᠲᠠ ᠠᠶᠠᠨᠳᠠᠭᠠᠨ ᠰᠢᠯᠢᠳᠡᠭᠵᠢᠨ᠎ᠡ᠃      1. ᠰᠠᠶᠢᠨ ᠰᠠᠶᠢᠬᠠᠨ ᠳᠠᠳᠬᠠᠯ ᠢ ᠬᠦᠮᠦᠵᠢᠬᠦᠯᠬᠦ      ᠨᠢᠭᠡᠳᠦᠭᠡᠷ ᠤᠨ ᠠᠴᠠ ᠨᠢ ᠡᠬᠢᠯᠡᠨ ᠰᠤᠷᠤᠭᠴᠢᠳ ᠤᠨ ᠢᠶᠠᠨ ᠰᠠᠶᠢᠨ ᠰᠠᠶᠢᠬᠠᠨ ᠠᠮᠢᠳᠤᠷᠠᠵᠦ ᠰᠤᠷᠤᠯᠴᠠᠬᠤ ᠳᠠᠳᠬᠠᠯ ᠢ ᠬᠦᠮᠦᠵᠢᠬᠦᠯᠬᠦ ᠬᠡᠷᠡᠭᠳᠡᠢ᠃ ᠡᠬᠦᠨ ᠳᠤ ᠰᠠᠶᠢᠨ ᠰᠠᠶᠢᠬᠠᠨ ᠦᠢᠯᠡ ᠠᠵᠢᠯᠯᠠᠭᠠᠨ ᠤ ᠳᠠᠳᠬᠠᠯ ᠢ ᠬᠦᠮᠦᠵᠢᠬᠦᠯᠬᠦ ᠨᠢ ᠨᠡᠩ ᠴᠢᠬᠤᠯᠠ ᠪᠠᠶᠢᠳᠠᠭ᠃ ᠰᠤᠷᠤᠭᠴᠢᠳ ᠤᠨ ᠢᠶᠠᠨ ᠰᠠᠨᠳᠠᠯᠢ ᠳᠤ ᠳᠡᠭᠰᠢ ᠰᠠᠭᠤᠬᠤ᠂ ᠪᠢᠷ ᠢᠶᠠᠨ ᠵᠦᠪ ᠪᠠᠷᠢᠬᠤ᠂ ᠬᠢᠴᠢᠶᠡᠯ ᠢᠶᠠᠨ ᠠᠩᠬᠠᠷᠤᠯ ᠲᠠᠢ ᠰᠤᠨᠤᠰᠬᠤ᠂ ᠪᠠᠭᠰᠢ ᠠᠴᠠ ᠦᠭᠡ ᠠᠰᠠᠭᠤᠬᠤ᠂ ᠨᠠᠶᠢᠵᠢ ᠨᠠᠷ ᠲᠠᠢ ᠪᠠᠨ ᠡᠪᠳᠡᠢ ᠬᠠᠷᠢᠯᠴᠠᠬᠤ᠂ ᠠᠩᠭᠢ ᠶᠢᠨ ᠵᠢᠵᠢᠬᠦᠷ ᠢᠶᠠᠨ ᠰᠠᠶᠢᠳᠦᠷ ᠬᠢᠬᠦ ᠁ ᠵᠡᠷᠭᠡ ᠦᠭᠡ ᠶᠠᠷᠢᠶ᠎ᠠ᠂ ᠬᠦᠳᠡᠯᠦᠯ ᠪᠠᠷᠢᠯ ᠢ ᠨᠢ ᠴᠦᠮ ᠬᠦᠯᠢᠴᠡᠩᠬᠦᠢ ᠵᠢᠭᠠᠵᠦ ᠪᠠᠶᠢᠭᠠᠳ ᠲᠦᠷᠢᠮᠵᠢᠬᠦᠯᠬᠦ ᠬᠡᠷᠡᠭᠳᠡᠢ᠃ ᠡᠳᠦᠷ ᠪᠤᠯᠭᠠᠨ ᠮᠦᠷᠳᠡᠨ ᠪᠠᠶᠢᠴᠠᠭᠠᠵᠦ᠂ ᠳᠠᠰᠬᠠᠬᠤ ᠶᠢ ᠪᠠᠷᠢᠮᠳᠠᠯᠠᠬᠤ ᠬᠡᠷᠡᠭᠳᠡᠢ᠃ ᠬᠠᠷᠢᠨ ᠬᠠᠶᠠ ᠨᠢᠭᠡ ᠴᠢᠩᠭᠠᠷᠠᠭᠠᠳ᠂ ᠬᠠᠶᠠ ᠨᠢᠭᠡ ᠰᠤᠯᠠᠷᠠᠵᠦ ᠤᠭᠲᠦ ᠪᠤᠯᠬᠤ ᠦᠭᠡᠢ᠃ ᠬᠡᠷᠪᠡ ᠠᠩᠭᠢ ᠳᠤ ᠪᠠᠨ ᠶᠠᠮᠠᠷ ᠨᠢᠭᠡᠨ ᠲᠤᠭᠳᠠᠭᠠᠯ ᠭᠠᠷᠭᠠᠬᠤ ᠪᠤᠶᠤ ᠱᠠᠭᠠᠷᠳᠠᠯᠭ᠎ᠠ ᠲᠤᠷᠠᠳᠤᠭᠰᠠᠨ ᠪᠤᠯ ᠵᠠᠪᠠᠯ ᠡᠴᠦᠰ ᠲᠤ ᠨᠢ ᠲᠤᠯᠳᠠᠯ᠎ᠠ ᠪᠠᠷᠢᠮᠳᠠᠯᠠᠬᠤ ᠬᠡᠷᠡᠭᠳᠡᠢ᠃ ︽ᠨᠢᠭᠡ ᠰᠠᠶᠢᠨ ᠳᠠᠳᠬᠠᠯ ᠢ ᠪᠦᠷᠢᠳᠦᠬᠦᠯᠬᠦ ᠳᠤ 21 ᠡᠳᠦᠷ ᠪᠠᠷᠢᠮᠳᠠᠯᠠᠨ᠎ᠠ︾ ᠭᠡᠳᠡᠭ ᠢᠶᠠᠷ ᠢᠩᠬᠢᠵᠦ ᠤᠷᠳᠦ ᠬᠤᠭᠤᠴᠠᠭ᠎ᠠ ᠪᠠᠷ ᠴᠦᠬᠦᠷᠡᠰᠢ ᠦᠭᠡᠢ ᠪᠠᠷᠢᠮᠳᠠᠯᠠᠪᠠᠯ ᠰᠠᠶ᠋ᠢ ᠳᠡᠳᠡᠨ ᠢ ᠬᠠᠪᠰᠤᠷᠴᠦ ᠰᠠᠶᠢᠨ ᠰᠠᠶᠢᠬᠠᠨ ᠵᠠᠩ ᠳᠠᠳᠬᠠᠯ ᠲᠠᠢ ᠪᠤᠯᠭᠠᠵᠦ ᠴᠢᠳᠠᠨ᠎ᠠ᠃ ᠡᠶᠢᠮᠦ ᠠᠴᠠ ᠠᠩᠭᠢ ᠶᠢᠨ ᠡᠷᠬᠢᠯᠡᠭᠴᠢ ᠶᠢᠨ ᠬᠠᠮᠢᠶᠠᠷᠤᠯᠲᠠ ᠶᠢ ᠨᠢᠭᠡ ᠯᠡ ᠦᠭᠡ ᠪᠠᠷ ᠬᠤᠷᠢᠶᠠᠩᠭᠤᠶᠢᠯᠠᠪᠠᠯ ︽ᠪᠠᠷᠢᠮᠳᠠᠯᠠᠬᠤ︾᠃ ᠪᠤᠲᠠᠲᠠᠢ ᠳᠤᠷᠠᠳᠪᠠᠯ᠂ ᠪᠢ ᠠᠩᠭᠢ ᠶᠢᠨ ᠰᠤᠷᠤᠭᠴᠢ ᠪᠠᠨ ᠭᠤᠳᠤᠮᠵᠢᠨ ᠳᠤ ᠠᠯᠬᠤᠬᠤ ᠳᠤ ᠪᠠᠨ ᠪᠠᠷᠠᠭᠤᠨ ᠮᠦᠷ ᠢᠶᠠᠨ ᠳᠠᠭᠠᠵᠦ ᠠᠯᠬᠤᠨ᠎ᠠ᠂ ᠱᠠᠳᠤ ᠪᠠᠷ ᠭᠠᠷᠴᠦ ᠪᠠᠭᠤᠬᠤ ᠳᠤ ᠪᠠᠨ ᠬᠦᠩᠭᠡᠨ ᠬᠦᠩᠭᠡᠨ ᠠᠯᠬᠤᠨ᠎ᠠ᠂ ᠡᠳᠦᠷ ᠪᠤᠯᠭᠠᠨ ᠤᠯᠠᠭᠠᠨ ᠪᠦᠴᠡ ᠪᠠᠨ ᠡᠷᠬᠡᠪᠰᠢ ᠵᠡᠬᠦᠨ᠎ᠡ ᠭᠡᠵᠦ ᠬᠠᠯᠠᠰᠢᠷᠠᠯ ᠦᠭᠡᠢ ᠪᠠᠷ ᠶᠠᠷᠢᠵᠦ ᠰᠤᠷᠭᠠᠭᠰᠠᠭᠠᠷ ᠪᠠᠶᠢᠵᠦ ᠳᠠᠳᠬᠠᠯᠵᠢᠭᠤᠯᠪᠠ᠃ ᠶᠤᠰᠤᠲᠠᠢ ᠯᠡ ︽ᠤᠷᠤᠯᠳᠤᠭᠰᠠᠭᠠᠷ ᠤᠷᠤᠯᠳᠤᠭᠰᠠᠭᠠᠷ ᠳᠠᠷᠬᠠᠨ ᠪᠤᠯᠤᠨ᠎ᠠ᠂ ᠤᠶᠤᠭᠰᠠᠭᠠᠷ ᠤᠶᠤᠭᠰᠠᠭᠠᠷ ᠤᠷᠠᠨ ᠪᠤᠯᠤᠨ᠎ᠠ︾ ᠬᠡᠬᠦᠴᠢᠯᠡᠨ ︽ᠪᠠᠷᠢᠮᠳᠠᠯᠠᠭᠰᠠᠭᠠᠷ ᠪᠠᠷᠢᠮᠳᠠᠯᠠᠭᠰᠠᠭᠠᠷ ᠳᠠᠳᠬᠠᠯ ᠲᠠᠢ ᠪᠤᠯᠭᠠᠨ᠎ᠠ︾ ᠭᠡᠳᠡᠭ ᠢ ᠠᠵᠢᠯ ᠤᠨ ᠳᠤᠮᠳᠠ ᠪᠠᠨ ᠠᠴᠠ ᠤᠶᠢᠯᠠᠭᠠᠵᠠᠢ᠃      2. ᠪᠡᠶ᠎ᠡ ᠪᠠᠨ ᠪᠠᠷᠢᠬᠤ ᠴᠢᠳᠠᠪᠤᠷᠢ ᠶᠢ ᠬᠦᠮᠦᠵᠢᠬᠦᠯᠬᠦ      ᠭᠠᠷᠠᠭ ᠪᠦᠷᠢ ᠶᠢᠨ ᠠᠩᠭᠢ ᠶᠢᠨ ᠬᠤᠷᠠᠯ ᠢ ᠰᠠᠶᠢᠳᠤᠷ ᠠᠰᠢᠭᠯᠠᠵᠦ᠂ ᠰᠤᠷᠤᠭᠴᠢᠳ ᠢ ᠦᠪᠡᠷ ᠢᠶᠠᠷ ᠨᠢ ᠠᠰᠠᠭᠤᠳᠠᠯ ᠢ ᠨᠢ ᠢᠯᠡᠷᠡᠬᠦᠯᠦᠨ᠂ ᠦᠪᠡᠷ ᠢᠶᠠᠷ ᠨᠢ ᠠᠰᠠᠭᠤᠳᠠᠯ ᠢ ᠨᠢ ᠰᠢᠢᠳᠪᠤᠷᠢᠯᠡᠬᠦ ᠠᠷᠭ᠎ᠠ ᠶᠢ ᠡᠷᠢᠬᠦᠯᠳᠡᠭ᠃ ᠨᠢᠭᠡ ᠬᠤᠭᠤᠴᠠᠭ᠎ᠠ ᠪᠢ ᠭᠠᠷᠠᠭ ᠪᠦᠷᠢ ᠠᠩᠭᠢ ᠶᠢᠨ ᠳᠠᠷᠤᠭ᠎ᠠ ᠪᠠᠨ ᠰᠤᠯᠢᠵᠦ᠂ ᠰᠤᠷᠤᠭᠴᠢ ᠪᠤᠯᠭᠠᠨ ᠳᠤ ᠠᠩᠭᠢ ᠶᠢᠨ ᠳᠠᠷᠤᠭ᠎ᠠ ᠪᠤᠯᠵᠦ ᠠᠩᠭᠢ ᠪᠠᠨ ᠬᠠᠮᠢᠶᠠᠷᠬᠤ ᠵᠠᠪᠰᠢᠶᠠᠨ ᠢ ᠤᠯᠭᠤᠬᠤ ᠪᠠᠷ ᠳᠠᠮᠵᠢᠨ᠂ ᠳᠡᠳᠡᠨ ᠳᠤ ᠠᠩᠭᠢ ᠶᠢᠨ ᠠᠵᠢᠯ ᠤᠨ ᠬᠦᠴᠢᠷᠳᠡᠯ ᠢ ᠮᠡᠳᠡᠷᠡᠬᠦᠯᠵᠦ᠂ ᠠᠩᠭᠢ ᠶᠢᠨ ᠠᠵᠢᠯ ᠢ ᠳᠡᠮᠵᠢᠬᠦ ᠪᠠ ᠤᠶᠢᠯᠠᠭᠠᠳᠠᠭ ᠵᠦᠪ ᠰᠠᠶᠢᠬᠠᠨ ᠪᠡᠶ᠎ᠡ ᠪᠠᠨ ᠪᠠᠷᠢᠬᠤ ᠴᠢᠳᠠᠪᠤᠷᠢ ᠲᠠᠢ ᠪᠤᠯᠭᠠᠭᠰᠠᠨ ᠶᠤᠮ᠃ ᠪᠠᠰᠠ ᠳᠤᠷᠠᠳᠪᠠᠯ᠂ ᠪᠢ ᠰᠤᠷᠤᠯᠭ᠎ᠠ ᠶᠢᠨ ᠬᠤᠭᠤᠴᠠᠭ᠎ᠠ ᠡᠬᠢᠯᠡᠬᠦ ᠪᠦᠷᠢ ᠰᠤᠷᠤᠭᠴᠢᠳ ᠲᠠᠢ ᠪᠠᠨ ᠶᠠᠷᠢᠯᠴᠠᠵᠦ ᠪᠠᠶᠢᠭᠠᠳ ᠲᠤᠰ ᠬᠤᠭᠤᠴᠠᠭᠠᠨ ᠤ ᠠᠩᠭᠢ ᠨᠢᠭᠡᠴᠢ ᠶᠢᠨ ᠢᠶᠠᠨ ᠬᠠᠮᠳᠦ ᠶᠢᠨ ᠬᠠᠷᠠᠯᠲᠠ ᠪᠠᠨ ᠲᠤᠭᠳᠠᠭᠠᠳᠠᠭ᠃ ᠨᠢᠭᠡ ᠤᠳᠠᠭ᠎ᠠ ᠮᠠᠨ ᠤ ᠠᠩᠭᠢ ᠶᠢᠨ ᠬᠠᠮᠳᠦ ᠶᠢᠨ ᠬᠠᠷᠠᠯᠲᠠ ᠪᠠᠨ ᠲᠤᠰ ᠬᠤᠭᠤᠴᠠᠭᠠᠨ ᠤ ︽ᠰᠤᠷᠭᠠᠭᠤᠯᠢ ᠶᠢᠨ ᠳᠠᠷᠤᠭ᠎ᠠ ᠬᠤᠨᠳᠠᠭᠠᠲᠦ ᠬᠦᠯ ᠪᠦᠮᠪᠦᠭᠡ ᠶᠢᠨ ᠤᠷᠤᠯᠳᠤᠭᠠᠨ︾ ᠳᠤ ᠨᠢᠭᠡᠳᠦᠭᠡᠷ ᠲᠠᠰ ᠲᠤ ᠤᠷᠤᠬᠤ ᠪᠠᠷ ᠴᠢᠷᠮᠠᠶᠢᠨ᠎ᠠ ᠬᠡᠵᠦ ᠲᠤᠭᠳᠠᠪᠠ᠃ ᠲᠤᠰ ᠬᠠᠷᠠᠯᠲᠠ ᠪᠠᠨ ᠪᠡᠶᠡᠯᠡᠬᠦᠯᠬᠦ ᠶᠢᠨ ᠲᠦᠯᠦᠭᠡ ᠬᠠᠮᠳᠦ ᠪᠠᠷ ᠴᠢᠷᠮᠠᠶᠢᠭᠰᠠᠨ ᠤ ᠳ᠋ᠦᠩ ᠳᠤ᠂ ᠦᠨᠡᠬᠡᠷ 2018 ᠤᠨ ᠳᠤ ᠰᠤᠷᠭᠠᠭᠤᠯᠢ ᠶᠢᠨ ᠢᠶᠠᠨ ︽ᠬᠦᠯ ᠪᠦᠮᠪᠦᠭᠡ ᠶᠢᠨ ᠤᠷᠤᠯᠳᠤᠭᠠᠨ︾ ᠳᠤ ᠡᠷᠡᠭᠳᠡᠢ ᠡᠮᠡᠭᠳᠡᠢ ᠶᠢᠨ ᠳᠤᠭᠤᠶᠢᠯᠠᠩ ᠴᠦᠮ ᠲᠦᠷᠦᠭᠦᠯᠡᠵᠦ᠂ ︽ᠬᠤᠤᠰ ᠲᠦᠷᠦᠬᠦᠦ︾ ᠶᠢᠨ ᠬᠤᠨᠳᠠᠭ᠎ᠠ ᠶᠢ ᠭᠠᠷᠳᠠᠵᠦ᠂ ᠬᠦᠯ ᠭᠠᠵᠠᠷ ᠲᠤᠯᠬᠤ ᠦᠭᠡᠢ ᠪᠤᠯᠳᠠᠯ᠎ᠠ ᠪᠠᠶᠠᠷᠯᠠᠨ ᠵᠤᠷᠢᠬᠵᠢᠭᠰᠠᠨ ᠪᠢᠯᠡ᠃ ᠪᠠᠰᠠ ᠨᠢᠭᠡ ᠬᠤᠭᠤᠴᠠᠭ᠎ᠠ ᠡᠬᠢᠯᠡᠬᠦ ᠳᠤ ᠪᠢᠳᠡ ᠪᠦᠬᠦᠳᠡᠭᠡᠷ ᠢᠶᠠᠨ ᠳᠠᠭᠤᠨ ᠬᠤᠭᠤᠯᠠᠢ ᠨᠢᠭᠡᠳᠡᠢ ᠪᠠᠷ ︽ᠲᠤᠰ ᠬᠤᠭᠤᠴᠠᠭᠠᠨ ᠳᠤ ᠭᠠᠷᠠᠭ ᠪᠦᠷᠢ ︿ᠰᠢᠯᠵᠢᠮᠡᠯ ᠤᠯᠠᠭᠠᠨ ᠲᠤᠭ﹀ ᠢ ᠠᠯᠳᠠᠯ ᠦᠭᠡᠢ ᠤᠯᠬᠤ ᠪᠠᠷ ᠴᠢᠷᠮᠠᠶᠢᠨ᠎ᠠ︾ ᠭᠡᠵᠦ ᠶᠠᠷᠢᠯᠴᠠᠨ ᠲᠤᠭᠳᠠᠪᠠ᠃ ᠶᠠᠷᠢᠯᠴᠠᠭᠠᠨ ᠤ ᠳᠤᠮᠳᠠ ᠬᠦᠮᠦᠨ ᠪᠦᠬᠦᠨ ᠶᠠᠭᠠᠬᠢᠵᠦ ᠴᠢᠷᠮᠠᠶᠢᠬᠤ ᠲᠤᠬᠠᠢ ᠵᠤᠷᠢᠭ ᠢᠶᠠᠨ ᠢᠯᠡᠳᠬᠡᠵᠡᠭᠡᠪᠡ᠃ ᠢᠩᠬᠢᠭᠰᠡᠨ ᠠᠴᠠ ᠠᠩᠭᠢ ᠳᠤ ᠪᠠᠨ ᠦᠢᠮᠡᠯᠳᠦᠬᠦ ᠦᠵᠡᠭᠳᠡᠯ ᠴᠦᠬᠡᠷᠡᠵᠦ᠂ ᠠᠩᠭᠢ ᠶᠢᠨ ᠠᠷᠢᠭᠤᠨ ᠴᠡᠪᠡᠷ ᠴᠦ ᠮᠡᠳᠡᠭᠳᠡᠮ᠎ᠡ ᠰᠠᠶᠢᠵᠢᠷᠠᠭᠰᠠᠨ ᠪᠢᠯᠡ᠃ ᠰᠤᠷᠤᠭᠴᠢ ᠪᠦᠷᠢ ᠶᠢᠨ ᠤᠬᠠᠮᠰᠠᠷ ᠠᠴᠠ ᠪᠠᠨ ᠪᠡᠶ᠎ᠡ ᠪᠠᠨ ᠪᠠᠷᠢᠬᠤ ᠳᠠᠳᠬᠠᠯ ᠢ ᠢᠩᠬᠢᠵᠦ ᠬᠦᠮᠦᠵᠢᠬᠦᠯᠵᠠᠢ᠃ ᠡᠬᠦᠨ ᠤ ᠤᠯᠠᠮ ᠳᠤ ᠮᠠᠨ ᠤ ᠠᠩᠭᠢ ᠶᠢᠨ ᠬᠠᠮᠳᠦ ᠨᠡᠶᠢᠳᠡᠴᠢ ᠢᠷᠠᠭᠤ ᠠᠯᠳᠠᠷᠲᠦ ᠰᠡᠳᠬᠢᠯᠭᠡ ᠮᠠᠰᠢ ᠴᠢᠩᠭ᠎ᠠ ᠪᠤᠯᠤᠭᠰᠠᠨ ᠮᠦᠷᠳᠡᠭᠡᠨ ᠰᠤᠷᠤᠭᠴᠢ ᠨᠢᠭᠡᠪᠦᠷᠢ ᠴᠦᠮ ᠠᠩᠭᠢ ᠶᠢᠨ ᠢᠶᠠᠨ ᠲᠦᠯᠦᠭᠡ ᠪᠤᠳᠤᠵᠦ᠂ ᠡᠳᠦᠷ ᠪᠤᠯᠭᠠᠨ ᠤ ᠠᠵᠢᠯᠯᠠᠭᠠᠨ ᠳᠤ ᠬᠠᠮᠤᠭ ᠤᠨ ᠰᠠᠶᠢᠨ ᠪᠡᠶᠡᠯᠡᠬᠦᠯᠬᠦ ᠪᠠᠷ ᠴᠢᠷᠮᠠᠶᠢᠳᠠᠭ ᠪᠤᠯᠵᠠᠭᠠᠭᠰᠠᠨ ᠶᠤᠮ᠃ ᠤᠯᠠᠨ ᠤ ᠴᠢᠷᠮᠠᠶᠢᠯᠭ᠎ᠠ ᠪᠠᠷ ᠵᠢᠷᠭᠤᠭᠠᠨ ᠵᠢᠯ ᠤᠨ ᠲᠤᠷᠰᠢ᠂ ᠰᠤᠷᠤᠯᠭ᠎ᠠ ᠶᠢᠨ ᠬᠤᠭᠤᠴᠠᠭ᠎ᠠ ᠪᠦᠷᠢ ᠳᠤ ᠴᠦᠮ ᠰᠤᠷᠭᠠᠭᠤᠯᠢ ᠶᠢᠨ ᠤᠯᠠᠭᠠᠨ ᠲᠤᠭᠴᠢ ᠲᠡᠷᠢᠬᠦᠨ ᠤ ᠠᠩᠭᠢ ᠨᠢᠭᠡᠴᠡ ᠪᠤᠯᠵᠦ᠂ ᠵᠢᠯ ᠪᠦᠷᠢ ᠰᠢᠯᠢᠳᠡᠭ ᠠᠩᠭᠢ ᠨᠡᠶᠢᠳᠡ ᠪᠠᠷ ᠦᠨᠡᠯᠡᠭᠳᠡᠭᠰᠡᠭᠡᠷ ᠢᠷᠡᠵᠡᠢ᠃ ︽ᠤᠯᠠᠨ ᠤ ᠬᠦᠴᠦᠨ ᠳᠤ ᠤᠪᠤᠭ᠎ᠠ ᠪᠤᠰᠤᠨ᠎ᠠ︾ ᠭᠡᠳᠡᠭ ᠢᠶᠠᠷ ᠠᠩᠭᠢ ᠮᠠᠨᠢ ᠰᠢᠯᠢᠳᠡᠭ ᠰᠠᠶᠢᠨ ᠠᠮᠵᠢᠯᠲᠠ ᠤᠯᠵᠦ ᠶᠠᠪᠤᠭ᠎ᠠ ᠶᠢᠨ ᠦᠨᠳᠦᠰᠦ ᠨᠢ ᠮᠢᠨᠤ ᠬᠡᠤᠬᠡᠳ ᠤᠳ ᠮᠢᠨᠤ ᠠᠵᠢᠯ ᠢ ︽ᠤᠷᠤᠯᠠᠭᠰᠠᠨ︾ ᠤ ᠬᠢ ᠶᠤᠮ᠃      ᠬᠤᠶᠠᠷ᠂ ᠰᠤᠷᠤᠭᠴᠢ ᠶᠢᠨ ︽ᠰᠡᠳᠬᠢᠯ ᠢ ᠮᠡᠳᠡᠭᠴᠢ︾ ᠪᠤᠯᠬᠤ ᠬᠡᠷᠡᠭᠳᠡᠢ᠃      2008 ᠤᠨ ᠤ 9 ᠰᠠᠷ᠎ᠠ ᠳᠤ ᠲᠤᠰᠤᠭᠰᠠᠨ ᠠᠩᠭᠢ ᠪᠤᠯ ᠮᠢᠨᠤ ᠠᠩᠬᠠᠨ ᠤ ᠠᠩᠭᠢ ᠪᠠᠶᠢᠭᠰᠠᠨ ᠶᠤᠮ᠃ ᠡᠨᠡ ᠠᠩᠭᠢ ᠳᠤ 35 ᠰᠤᠷᠤᠭᠴᠢ ᠲᠠᠢ᠂ 21 ᠡᠷᠡᠭᠳᠡᠢ ᠰᠤᠷᠤᠭᠴᠢ᠂ 14 ᠡᠮᠡᠭᠳᠡᠢ ᠰᠤᠷᠤᠭᠴᠢ ᠲᠠᠢ ᠪᠠᠶᠢᠪᠠ᠃ ᠡᠷᠡᠭᠳᠡᠢ ᠰᠤᠷᠤᠭᠴᠢ ᠶᠢᠨ ᠲᠤᠭ᠎ᠠ ᠤᠯᠠᠨ ᠪᠠᠶᠢᠭᠰᠠᠨ ᠪᠤᠯᠬᠤᠷ ᠲᠦᠢᠳᠭᠡᠷ ᠨᠢ ᠴᠦ ᠤᠯᠠᠨ ᠪᠠᠶᠢᠵᠠᠢ᠃ ᠳᠡᠯᠡᠬᠡᠢ ᠳᠡᠭᠡᠷᠡᠬᠢ ᠳᠤᠷ᠎ᠠ ᠶᠢᠨ ᠨᠢᠭᠡ ᠡᠬᠡ ᠬᠦᠮᠦᠨ ᠦᠪᠡᠷ ᠤᠨ ᠬᠡᠤᠬᠡᠳ ᠢᠶᠠᠨ ᠪᠦᠷ ᠬᠠᠮᠤᠭ ᠤᠨ ᠰᠠᠶᠢᠬᠠᠨ ᠬᠡᠵᠦ ᠪᠤᠳᠤᠳᠠᠭ ᠲᠠᠢ ᠡᠬᠡᠬᠡ ᠠᠳᠠᠯᠢ ᠪᠠᠷ ᠮᠢᠨᠤ ᠨᠢᠳᠦᠨ ᠳᠤ ᠠᠩᠬᠢ ᠶᠢᠨ ᠮᠢᠨᠢ ᠬᠡᠤᠬᠡᠳ ᠨᠢᠭᠡᠪᠦᠷᠢ ᠴᠦᠮ ᠲᠡᠶᠢᠮᠦ ᠴᠦ ᠬᠦᠭᠡᠷᠦᠬᠦᠨ᠂ ᠲᠡᠶᠢᠮᠦ ᠴᠦ ᠰᠡᠷᠬᠦᠯᠡᠩ᠂ ᠲᠡᠶᠢᠮᠦ ᠴᠦ ᠪᠠᠭ᠋ᠠᠷᠬᠠᠯ ᠢ ᠳᠠᠳᠠᠮᠠᠷ ᠬᠠᠷᠠᠭᠳᠠᠨ᠎ᠠ᠃ ᠮᠢᠨᠤ ᠰᠤᠷᠤᠭᠴᠢᠳ ᠢ ᠮᠠᠭᠤᠰᠢᠶᠠᠬᠤ ᠬᠦᠮᠦᠨ ᠭᠠᠷᠬᠤ ᠦᠶ᠎ᠡ ᠳᠤ ᠪᠢ ᠲᠤᠩ ᠴᠦ ᠲᠠᠭ᠎ᠠ ᠦᠭᠡᠢ ᠪᠤᠯᠳᠠᠭ᠃ ᠤᠴᠢᠷ ᠨᠢ ᠪᠢ ᠨᠢᠭᠡᠨᠳᠡ ᠳᠡᠳᠡᠨ ᠢ ᠦᠪᠡᠷ ᠤᠨ ᠬᠡᠤᠬᠡᠳ ᠲᠠᠢ ᠪᠠᠨ ᠠᠳᠠᠯᠢᠬᠠᠨ ᠪᠤᠳᠤᠴᠢᠬᠠᠭᠰᠠᠨ ᠠᠴᠠ ᠪᠤᠯᠤᠭᠰᠠᠨ ᠪᠠᠶᠢᠬ᠎ᠠ᠃ ︽ᠠᠪᠤ ᠶᠢᠨ ᠬᠡᠤᠬᠡᠳ ᠠᠳᠠᠯᠢ ᠦᠭᠡᠢ᠂ ᠠᠷᠪᠠᠨ ᠬᠤᠷᠤᠭᠤ ᠳᠡᠭᠰᠢ ᠦᠭᠡᠢ︾ ᠭᠡᠳᠡᠭ ᠢᠶᠠᠷ ᠬᠡᠤᠬᠡᠳ ᠪᠤᠯᠭᠠᠨ ᠰᠡᠴᠡᠨ ᠰᠡᠷᠭᠦᠯᠡᠩ ᠪᠠᠶᠢᠬᠤ ᠪᠢᠰᠢ᠂ ᠮᠦᠨ ᠴᠦ ᠬᠡᠤᠬᠡᠳ ᠪᠤᠯᠭᠠᠨ ᠨᠤᠮᠤᠬᠠᠨ ᠰᠢᠳᠤᠷᠭᠤ ᠪᠠᠶᠢᠵᠦ ᠴᠢᠳᠠᠬᠤ ᠦᠭᠡᠢ᠃ ᠠᠩᠭᠢ ᠶᠢᠨ ᠡᠷᠬᠢᠯᠡᠭᠴᠢ ᠪᠤᠯᠤᠭᠰᠠᠳ ᠬᠡᠤᠬᠡᠳ ᠤᠳ ᠤᠨ ᠳᠠᠪᠠᠭᠤᠯᠢᠭ ᠲᠠᠯ᠎ᠠ ᠶᠢ ᠢᠳᠡᠪᠬᠢᠳᠡᠢ ᠢᠯᠡᠷᠡᠬᠦᠯᠦᠨ᠂ ᠬᠡᠤᠬᠡᠳ ᠪᠤᠯᠭᠠᠨ ᠤ ᠪᠤᠰᠤᠳ ᠠᠴᠠ ᠤᠨᠴᠠᠯᠢᠭᠳᠠᠬᠤ ᠲᠠᠯ᠎ᠠ ᠶᠢ ᠤᠶᠢᠯᠠᠭᠠᠵᠦ ᠠᠪᠤᠪᠠᠯ ᠳᠡᠳᠡᠨ ᠢ ᠬᠠᠮᠢᠶᠠᠷᠬᠤ ᠳᠤ ᠲᠦᠬᠦᠮ ᠪᠤᠯᠴᠢᠬᠠᠨ᠎ᠠ᠃ ᠡᠶᠢᠮᠦ ᠠᠴᠠ ᠬᠡᠤᠬᠡᠳ ᠪᠤᠯᠭᠠᠨ ᠤ ︽ᠰᠡᠳᠬᠢᠯ ᠢ ᠮᠡᠳᠡᠭᠴᠢ︾ ᠪᠤᠯᠤᠶ᠎ᠠ ᠭᠡᠪᠡᠯ ᠳᠤᠤᠷᠠᠬᠢ ᠬᠡᠳᠦᠨ ᠲᠠᠯ᠎ᠠ ᠶᠢ ᠠᠩᠬᠠᠷᠪᠠᠯ ᠵᠦᠢᠳᠡᠢ᠃      1. ᠬᠡᠤᠬᠡᠳ ᠨᠢᠭᠡᠪᠦᠷᠢ ᠶᠢ ᠤᠶᠢᠯᠠᠭᠠᠬᠤ      ᠡᠩ ᠤᠨ ᠦᠶ᠎ᠡ ᠳᠤ ᠪᠢ ᠳᠠᠩᠳᠠ ᠬᠡᠤᠬᠡᠳ ᠤᠳ ᠲᠠᠢ ᠪᠠᠨ ᠴᠤᠭ ᠲᠤᠭᠯᠠᠳᠠᠭ᠃ ᠦᠷᠯᠦᠭᠡ ᠪᠤᠯᠭᠠᠨ ᠬᠡᠤᠬᠡᠳ ᠤᠳ ᠢᠶᠠᠨ ᠲᠤᠰᠴᠦ ᠠᠪᠤᠮᠠᠭᠴᠠ ᠪᠢ ᠳᠡᠳᠡᠨ ᠲᠠᠢ ᠬᠠᠮᠳᠦ ᠰᠤᠷᠭᠠᠭᠤᠯᠢ ᠶᠢᠨ ᠬᠦᠷᠢᠶ᠎ᠡ᠂ ᠲᠠᠮᠢᠷ ᠤᠨ ᠲᠠᠯᠠᠪᠠᠢ᠂ ᠠᠩᠭᠢ ᠶᠢᠨ ᠬᠡᠷ᠂ ᠬᠢᠴᠢᠶᠡᠯ ᠤᠨ ᠵᠠᠪᠰᠠᠷ ᠤᠨ ᠲᠠᠮᠢᠷ ᠤᠨ ᠬᠦᠳᠡᠯᠭᠡᠭᠡᠨ ᠁ ᠵᠡᠷᠭᠡ ᠳᠤ ᠬᠡᠤᠬᠡᠳ ᠬᠠᠮᠢᠭ᠎ᠠ ᠪᠠᠶᠢᠪᠠᠯ ᠪᠢ ᠳᠡᠨᠳᠡ ᠳᠠᠭᠠᠵᠦ ᠶᠠᠪᠤᠳᠠᠭ᠃ ᠳᠡᠳᠡᠨ ᠲᠠᠢ ᠴᠤᠭ ᠪᠠᠶᠢᠵᠦ ᠯᠠ ᠪᠠᠶᠢᠪᠠᠯ ᠠᠯᠢ ᠨᠢᠭᠡ ᠲᠠᠢ ᠨᠢ ᠵᠤᠭᠤᠭᠳᠠᠬᠤ ᠪᠤᠶᠤ ᠬᠠᠮᠳᠦ ᠲᠤᠭᠯᠠᠭᠠᠮ ᠬᠢᠳᠡᠭ᠃ ᠢᠩᠬᠢᠵᠦ ᠲᠤᠭᠯᠠᠭᠠᠮ ᠤᠨ ᠳᠤᠮᠳᠠ᠂ ᠰᠤᠷᠤᠯᠴᠠᠯᠭ᠎ᠠ ᠶᠢᠨ ᠳᠤᠮᠳᠠ᠂ ᠪᠠᠶᠠᠷ ᠢᠨᠢᠶᠡᠳᠦ ᠶᠢᠨ ᠳᠤᠮᠳᠠ ᠬᠡᠤᠬᠡᠳ ᠨᠢᠭᠡᠪᠦᠷᠢ ᠶᠢ ᠤᠶᠢᠯᠠᠭᠠᠵᠦ᠂ ᠠᠯᠢ ᠨᠢ ᠰᠡᠳᠬᠢᠯ ᠳᠤ ᠪᠠᠨ ᠪᠤᠳᠤᠯᠭ᠎ᠠ ᠲᠠᠢ ᠪᠠᠶᠢᠬᠤ᠂ ᠠᠯᠢ ᠨᠢ ᠠᠶᠤᠮᠠᠳᠠᠭᠠᠢ ᠪᠠᠶᠢᠬᠤ᠂ ᠠᠯᠢ ᠨᠢ ᠬᠡᠷᠡᠭ ᠦᠳᠦᠭᠡᠭᠴᠢ ᠪᠠᠶᠢᠭ᠎ᠠ᠂ ᠠᠯᠢ ᠨᠢ ᠵᠤᠷᠢᠮᠠᠭ᠂ ᠠᠯᠢ ᠨᠢ ᠱᠠᠯᠠᠮᠠᠭ᠂ ᠠᠯᠢ ᠨᠢ ᠵᠤᠬᠢᠶᠠᠨ ᠪᠠᠶᠢᠭᠤᠯᠬᠤ ᠳᠤ ᠪᠠᠨ ᠰᠦᠷᠡᠭᠡᠢ ᠁ ᠵᠡᠷᠭᠡ ᠶᠢ ᠤᠶᠢᠯᠠᠭᠠᠭᠠᠳ ᠠᠪᠴᠢᠬᠠᠳᠠᠭ᠃ ᠨᠢᠭᠡᠳᠦᠭᠡᠷ ᠤᠨ ᠤ ᠬᠡᠤᠬᠡᠳ ᠴᠤᠪᠤᠭᠤ ᠳᠡᠭᠵᠢᠨ᠂ ᠬᠡᠨᠡᠨ ᠴᠠᠶᠢᠯᠭᠠᠨ ᠪᠠᠶᠢᠳᠠᠭ ᠪᠦᠭᠡᠳ ᠡᠷᠬᠡᠯᠡᠵᠦ ᠠᠯᠢᠶᠠᠯᠠᠬᠤ ᠳᠤᠷᠠᠳᠠᠢ ᠪᠠᠶᠢᠳᠠᠭ᠃ ᠳᠡᠭᠡᠭᠡᠳ ᠯᠡ ᠪᠢ ᠡᠳᠡᠭᠡᠷ ᠬᠦᠭᠡᠷᠦᠬᠦᠨ ︽ᠠᠮᠢᠳᠠᠳ︾ ᠲᠤ ᠪᠠᠨ ᠡᠷᠬᠡᠯᠡᠬᠦ ᠵᠠᠪᠰᠢᠶᠠᠨ ᠦᠭᠳᠡᠭ ᠪᠤᠯᠵᠠᠢ᠃      ᠮᠢᠨᠤ ᠠᠩᠭᠢ ᠳᠤ × × ᠭᠡᠳᠡᠭ ᠨᠡᠷ᠎ᠡ ᠳᠤ ᠭᠠᠷᠤᠭᠰᠠᠨ ᠠᠯᠢᠶ᠎ᠡ ᠲᠦᠢᠳᠬᠡᠷ ᠬᠦᠦ ᠪᠠᠶᠢᠭᠰᠠᠨ᠃ ᠲᠡᠷᠡ ᠮᠦᠷᠳᠡᠭᠡᠨ ᠡᠵᠢ ᠨᠢ ᠭᠡᠳᠦᠷᠬᠡᠢ ᠡᠩᠬᠦᠷᠡᠶᠢᠯᠡᠨ ᠡᠷᠬᠡᠯᠡᠬᠦᠯᠦᠭᠰᠡᠨ ᠠᠴᠠ ᠪᠤᠯᠵᠦ ᠶᠠᠭᠤᠨ ᠠᠴᠠ ᠴᠦ ᠠᠶᠤᠬᠤ ᠦᠭᠡᠢ᠂ ᠬᠡᠨ ᠤ ᠬᠡᠯᠡᠭᠰᠡᠨ ᠦᠭᠡ ᠶᠢ ᠴᠦ ᠰᠤᠨᠤᠰᠬᠤ ᠦᠭᠡᠢ᠃ ᠡᠶᠢᠮᠦ ᠬᠡᠤᠬᠡᠳ ᠲᠠᠢ ᠶᠤᠰᠤ ᠶᠠᠷᠢᠬᠤ ᠨᠢ ︽ᠡᠯᠵᠢᠬᠡᠨ ᠴᠢᠬᠢᠨ ᠳᠤ ᠠᠯᠳᠠᠨ ᠬᠢᠪᠡᠴᠦ ᠰᠠᠵᠢᠨ᠎ᠠ᠂ ᠠᠷᠭᠠᠯ ᠬᠢᠪᠡᠴᠦ ᠰᠠᠵᠢᠨ᠎ᠠ︾ ᠭᠡᠳᠡᠭ ᠲᠠᠢ ᠠᠳᠠᠯᠢ ᠪᠢᠯᠡ᠃ ᠡᠨᠡ ᠪᠠᠶᠢᠳᠠᠯ ᠳᠤ ᠪᠢ ᠲᠤᠰ ᠰᠤᠷᠤᠭᠴᠢ ᠶᠢ ︽ᠨᠤᠮᠬᠠᠳᠬᠠᠬᠤ︾ ᠶᠢᠨ ᠲᠦᠯᠦᠭᠡ ᠲᠡᠬᠦᠨ ᠲᠠᠢ ᠰᠠᠨᠠᠭ᠎ᠠ ᠪᠠᠨ ᠤᠯᠤᠯᠴᠠᠬᠤ ᠠᠷᠭ᠎ᠠ ᠶᠢ ᠰᠤᠩᠭᠤᠪᠠ᠃ ᠲᠤᠰ ᠰᠤᠷᠤᠭᠴᠢ ᠶᠢᠨ ᠠᠪᠤ ᠨᠢ ᠡᠷᠳᠡ ᠨᠠᠰᠦ ᠪᠠᠷᠠᠵᠦ᠂ ᠡᠵᠢ ᠨᠢ ᠪᠤᠰᠤᠳ ᠲᠤ ᠴᠤᠩᠬᠤ ᠵᠦᠯᠬᠦᠵᠦ ᠬᠠᠷᠠᠮᠵᠢ ᠤᠯᠤᠨ ᠠᠮᠢᠳᠤᠷᠠᠵᠦ ᠪᠠᠶᠢᠬᠤ ᠶᠢ ᠤᠶᠢᠯᠠᠭᠠᠵᠦ ᠮᠡᠳᠡᠭᠡᠳ᠂ ᠪᠢ ᠲᠡᠬᠦᠨ ᠤ ᠳᠡᠷᠭᠡᠳᠡᠬᠢ ᠪᠤᠰᠤᠳ ᠦᠯᠢᠭᠡᠷ ᠵᠢᠱᠢᠶ᠎ᠡ ᠪᠠᠷ ᠲᠡᠬᠦᠨ ᠤ ᠡᠵᠢ ᠲᠦᠢᠯ ᠤᠨ ᠬᠢᠯᠪᠠᠷ ᠦᠭᠡᠢ ᠭᠡᠳᠡᠭ ᠢ ᠮᠡᠳᠡᠬᠦᠯᠪᠡ᠃ ᠲᠡᠬᠦᠨ ᠳᠤ ᠶᠠᠭᠠᠬᠢᠵᠦ ᠬᠢᠬᠦ ᠨᠢ ᠰᠠᠶ᠋ᠢ ᠡᠵᠢ ᠪᠠᠨ ᠠᠴᠢᠯᠠᠵᠦ ᠪᠠᠶᠢᠬᠤ ᠳᠤ ᠲᠤᠭᠠᠴᠢᠭᠳᠠᠨ᠎ᠠ ᠭᠡᠳᠡᠭ ᠢ ᠵᠢᠩᠬᠢᠨᠢ ᠮᠡᠳᠡᠬᠦᠯᠵᠡᠢ᠃ ᠲᠡᠷᠡ ᠬᠡᠤᠬᠡᠳ ᠡᠵᠢ ᠳᠤ ᠪᠠᠨ ᠲᠤᠩ ᠬᠠᠶᠢᠷᠠᠲᠠᠢ ᠪᠤᠯᠬᠤᠷ ᠮᠢᠨᠤ ᠡᠨᠡᠬᠦ ᠵᠢᠯᠤᠭᠤᠳᠤᠯᠭ᠎ᠠ ᠳᠤ ᠤᠶᠠᠷᠠᠨ ᠤᠬᠠᠭᠠᠷᠠᠵᠦ᠂ ᠲᠡᠬᠦᠨ ᠠᠴᠠ ᠬᠤᠶᠢᠰᠢ ᠡᠵᠢ ᠶᠢᠨ ᠢᠶᠠᠨ ᠦᠭᠡ ᠶᠢ ᠨᠡᠯᠢᠶᠡᠳ ᠰᠤᠨᠤᠰᠳᠠᠭ ᠪᠤᠯᠵᠠᠢ᠃      ᠢᠩᠬᠢᠵᠦ ᠬᠡᠤᠬᠡᠳ ᠪᠤᠯᠭᠠᠨ ᠤ ᠵᠠᠩ ᠠᠪᠤᠷᠢ ᠶᠢ ᠤᠶᠢᠯᠠᠭᠠᠵᠦ ᠠᠪᠬᠤ ᠨᠢ ᠳᠠᠷᠠᠭ᠎ᠠ ᠪᠠᠷ ᠬᠡᠤᠬᠡᠳ ᠢᠶᠠᠨ ᠬᠠᠨᠳᠤᠯᠭ᠎ᠠ ᠲᠠᠢ ᠰᠤᠷᠭᠠᠵᠦ ᠬᠦᠮᠦᠵᠢᠬᠦᠯᠬᠦ ᠳᠤ ᠡᠯᠪᠡᠭ ᠪᠠᠶᠠᠯᠢᠭ ︽ᠡᠬᠢ ᠰᠤᠷᠪᠤᠯᠵᠢ︾ ᠪᠤᠯᠳᠠᠭ ᠮᠦᠷᠳᠡᠭᠡᠨ ᠬᠡᠤᠬᠡᠳ ᠪᠤᠯᠭᠠᠨ ᠤ ᠤᠨᠴᠠᠯᠢᠭ ᠲᠤ ᠨᠢ ᠵᠤᠬᠢᠴᠠᠭᠤᠯᠤᠨ ᠠᠵᠢᠯ ᠲᠤᠬᠢᠷᠠᠭᠤᠯᠬᠤ ᠳᠤ ᠴᠦ ᠠᠰᠢᠬᠲᠡᠢ ᠪᠠᠶᠢᠳᠠᠭ᠃      2. ᠬᠡᠤᠬᠡᠳ ᠪᠤᠯᠭᠠᠨ ᠳᠤ ᠢᠳᠡᠭᠡᠯ ᠤᠯᠭᠤᠬᠤ      2012 ᠤᠨ ᠤ ᠦᠶ᠎ᠡ ᠳᠤ ᠮᠢᠨᠤ ᠠᠩᠭᠢ ᠲᠦᠷᠪᠡᠳᠦᠭᠡᠷ ᠤᠨ ᠪᠠᠶᠢᠭᠰᠠᠨ᠃ ᠮᠠᠨ ᠤ ᠠᠩᠭᠢ ᠳᠤ ᠲᠦᠩᠯᠢᠶᠤᠤ ᠬᠤᠲᠠ ᠶᠢᠨ ᠬᠦᠳᠡᠭᠡ ᠲᠤᠰᠬᠤᠨ ᠠᠴᠠ × × ᠭᠡᠳᠡᠭ ᠬᠦᠦ ᠰᠤᠷᠤᠭᠴᠢ ᠰᠢᠯᠵᠢᠨ ᠢᠷᠡᠵᠡᠢ᠃ ᠡᠨᠡ ᠬᠦᠦ ᠶᠢᠨ ᠡᠴᠢᠬᠡ ᠡᠬᠡ ᠨᠢ ᠤᠷᠳᠤ ᠬᠤᠭᠤᠴᠠᠭ᠎ᠠ ᠪᠠᠷ ᠭᠠᠳᠠᠭᠰᠢ ᠪᠠᠨ ᠬᠦᠴᠦᠨ ᠤ ᠠᠵᠢᠯ ᠬᠢᠵᠦ᠂ ᠲᠠᠷᠡ ᠡᠪᠦᠭᠡ ᠡᠮᠡᠭᠡ ᠲᠠᠢ ᠪᠠᠨ ᠬᠡᠷ ᠲᠤ ᠪᠠᠨ ᠠᠮᠢᠳᠤᠷᠠᠳᠠᠭ ᠪᠠᠶᠢᠪᠠ᠂ ᠭᠡᠪᠡᠴᠦ ᠲᠤᠰ ᠰᠤᠷᠤᠭᠴᠢ ᠡᠪᠦᠭᠡ ᠡᠮᠡᠭᠡ ᠶᠢᠨ ᠢᠶᠠᠨ ᠦᠭᠡᠨ ᠳᠤ ᠳᠡᠮᠡᠢ ᠤᠷᠤᠳᠠᠭ ᠦᠭᠡᠢ ᠪᠠᠶᠢᠭᠰᠠᠨ ᠪᠤᠯᠬᠤᠷ ᠰᠤᠷᠤᠯᠭ᠎ᠠ ᠪᠠᠨ ᠵᠤᠭᠰᠤᠭᠠᠳ ᠬᠤᠶᠠᠷ ᠵᠢᠯ ᠪᠤᠯᠵᠠᠢ᠃ ᠰᠢᠯᠵᠢᠵᠦ ᠢᠷᠡᠬᠦ ᠳᠤ ᠪᠠᠨ ᠮᠠᠨ ᠤ ᠲᠦᠷᠪᠡᠳᠦᠭᠡᠷ ᠤᠨ ᠳᠤ ᠳᠠᠭᠠᠷᠠᠴᠢᠬᠠᠪᠠ᠂ ᠦᠨᠡᠨ ᠳᠤ ᠪᠠᠨ 14 ᠨᠠᠰᠤᠯᠠᠭᠰᠠᠨ ᠡᠨᠡ ᠬᠦᠦ ᠵᠢᠷᠭᠤᠳᠤᠭᠠᠷ ᠤᠨ ᠳᠤ ᠤᠷᠤᠪᠠᠯ ᠵᠤᠬᠢᠬᠤ ᠪᠠᠶᠢᠭᠰᠠᠨ᠃ ᠨᠠᠰᠦ ᠨᠢ ᠬᠡᠳᠦᠷᠡᠭᠰᠡᠨ ᠢᠶᠠᠷ ᠪᠠᠷᠠᠬᠤ ᠦᠭᠡᠢ ᠰᠢᠨ᠎ᠡ ᠨᠢᠭᠡᠨ ᠤᠷᠴᠢᠨ ᠳᠤ ᠢᠷᠡᠭᠰᠡᠨ ᠳᠤ ᠪᠠᠨ ᠲᠡᠷᠡ ᠶᠠᠭ ᠳᠠᠰᠬᠤ ᠦᠭᠡᠢ ᠪᠠᠶᠢᠯ᠎ᠠ᠃ ᠰᠠᠶ᠋ᠢ ᠡᠬᠢᠯᠡᠬᠦ ᠳᠤ ᠪᠠᠨ ᠮᠠᠨ ᠤ ᠠᠩᠭᠢ ᠶᠢᠨ ᠰᠤᠷᠤᠯᠭ᠎ᠠ ᠠᠮᠢᠳᠤᠷᠠᠯ ᠤᠨ ᠠᠶᠢᠵᠠᠮ ᠴᠤᠬᠢᠯᠭ᠎ᠠ ᠶᠢ ᠶᠠᠭ ᠳᠠᠭᠠᠵᠦ ᠲᠡᠶᠢᠯᠬᠦ ᠦᠭᠡᠢ ᠮᠦᠷᠳᠡᠭᠡᠨ ᠪᠤᠰᠤᠳ ᠨᠦᠬᠦᠳ ᠲᠠᠢ ᠪᠠᠨ ᠴᠤᠭ ᠲᠤᠭᠯᠠᠬᠤ ᠦᠭᠡᠢ᠂ ᠦᠭᠡ ᠴᠦ ᠬᠡᠯᠡᠬᠦ ᠳᠤᠷ᠎ᠠ ᠦᠭᠡᠢ ᠳᠤᠲᠤᠭᠠᠲᠦ ᠰᠡᠳᠬᠢᠯ ᠨᠢ ᠲᠤᠩ ᠬᠡᠪᠡᠷᠡᠭ ᠭᠡᠤᠭᠡᠳ ᠪᠠᠶᠢᠪᠠ᠃ ᠲᠤᠰ ᠬᠡᠤᠬᠡᠳ ᠢ ᠡᠷᠳᠡ ᠨᠢᠭᠡᠨ ᠡᠳᠦᠷ ᠬᠠᠮᠳᠤ ᠶᠢᠨ ᠠᠮᠢᠳᠤᠷᠠᠯ ᠳᠤ ᠲᠠᠰᠬᠠᠬᠤ ᠶᠢᠨ ᠲᠦᠯᠦᠭᠡ ᠶᠠᠭᠤᠨ ᠤ ᠲᠦᠷᠦᠬᠦᠨ ᠳᠤ ᠠᠩᠭᠢ ᠶᠢᠨ ᠬᠤᠷᠠᠯ ᠤᠨ ᠴᠠᠭ ᠢ ᠠᠰᠢᠭᠯᠠᠨ ᠨᠢᠭᠡ ᠤᠳᠠᠭᠠᠨ ᠤ ᠰᠡᠳᠬᠢᠯᠭᠡ ᠶᠢᠨ ᠰᠤᠯᠢᠯᠴᠠᠭᠠᠨ ᠤ ᠠᠵᠢᠯᠯᠠᠭ᠎ᠠ ᠦᠷᠨᠢᠬᠦᠯᠵᠡᠢ᠃ ᠠᠩᠭᠢ ᠶᠢᠨ ᠬᠤᠷᠠᠯ ᠡᠬᠢᠯᠡᠮᠡᠭᠴᠡ ᠪᠢ ᠬᠡᠤᠬᠡᠳ ᠤᠳ ᠲᠤ ᠪᠠᠨ᠄ ︽ᠪᠠᠭᠰᠢ ᠨᠢ ᠲᠤᠰ ᠬᠤᠭᠤᠴᠠᠭ᠎ᠠ ᠡᠬᠢᠯᠡᠭᠰᠡᠨ ᠠᠴᠠ ᠲᠤᠩ ᠪᠠᠶᠠᠷᠳᠠᠢ ᠪᠠᠶᠢᠭ᠎ᠠ ᠶᠢ ᠲᠠ ᠨᠠᠷ ᠠᠵᠢᠵᠦ ᠮᠡᠳᠡᠭᠰᠡᠨ ᠤᠤ᠂ ᠶᠠᠮᠠᠷ ᠨᠢᠭᠡᠨ ᠤᠴᠢᠷ ᠪᠠᠭᠰᠢ ᠶᠢ ᠨᠢ ᠢᠩᠬᠢᠵᠦ ᠪᠠᠶᠠᠷᠯᠠᠭᠤᠯᠵᠦ ᠪᠠᠶᠢᠭ᠎ᠠ ᠶᠢ ᠲᠠ ᠨᠠᠷ ᠳᠠᠭᠠᠵᠦ ᠦᠵᠡ︾ ᠬᠡᠬᠦ ᠲᠠᠢ ᠵᠡᠷᠭᠡ ᠬᠡᠤᠭᠡᠳ ᠤᠳ ᠪᠦᠷ ᠶᠠᠩᠵᠦ ᠪᠦᠷᠢ ᠪᠠᠷ ᠳᠠᠭᠠᠮᠠᠭᠯᠠᠵᠦ ᠡᠬᠢᠯᠡᠯ᠎ᠡ᠃ ᠡᠨᠡ ᠦᠶ᠎ᠡ ᠳᠤ ᠪᠢ ᠰᠤᠷᠤᠭᠴᠢᠳ ᠢᠶᠠᠨ ᠨᠠᠮ ᠪᠤᠯᠭᠠᠵᠦ᠄ ︽ᠲᠤᠰ ᠰᠤᠷᠤᠯᠭ᠎ᠠ ᠶᠢᠨ ᠬᠤᠭᠤᠴᠠᠭ᠎ᠠ ᠡᠬᠢᠯᠡᠮᠡᠭᠴᠡ ᠮᠠᠨ ᠤ ᠠᠩᠭᠢ ᠳᠤ ᠤᠬᠠᠭᠠᠨ ᠲᠤᠮᠤᠭ᠎ᠠ ᠲᠠᠢ ᠨᠢᠭᠡ ᠰᠤᠷᠤᠭᠴᠢ ᠨᠡᠮᠡᠭᠳᠡᠯ᠎ᠡ ᠭᠡᠵᠦ ᠪᠠᠭᠰᠢ ᠨᠢ ᠲᠦᠢᠯ ᠢᠶᠠᠷ ᠪᠠᠶᠠᠷᠯᠠᠵᠦ ᠪᠠᠶᠢᠨ᠎ᠠ ᠰᠢᠤ᠂ ᠲᠠ ᠨᠠᠷ ᠬᠡᠯᠡᠪᠡᠯ ᠪᠠᠭᠰᠢ ᠨᠢ ᠪᠠᠶᠠᠷᠯᠠᠬᠤ ᠶᠤᠰᠤᠲᠡᠢ ᠤᠤ᠂            ᠦᠭᠡᠢ ᠤᠤ︖︾ ᠬᠡᠵᠦ ᠬᠡᠤᠬᠡᠳ ᠤᠳ ᠤᠨ ᠪᠤᠳᠤᠵᠦ ᠤᠯᠤᠭ᠎ᠠ ᠦᠭᠡᠢ ᠵᠦᠢᠯ ᠢ ᠨᠢ ᠶᠠᠷᠢᠴᠢᠬᠠᠯ᠎ᠠ᠃ ᠡᠳᠡᠭᠡᠷ ᠦᠭᠡᠨ ᠳᠤ ᠰᠢᠨ᠎ᠠ ᠰᠢᠯᠵᠢᠵᠤ ᠢᠷᠡᠭᠰᠡᠨ ᠰᠤᠷᠤᠭᠴᠢ ᠶᠢᠨ ᠰᠡᠳᠬᠢᠯ ᠰᠠᠷᠭᠦᠵᠤ ᠨᠢᠳᠦ ᠨᠢ ᠬᠡᠷᠡᠯᠳᠦᠵᠦ ᠪᠠᠶᠢᠯ᠎ᠠ᠃ ᠲᠡᠷᠡ ᠴᠠᠭ ᠠᠴᠠ ᠬᠤᠶᠢᠰᠢ ᠠᠩᠭᠢ ᠶᠢᠨ ᠬᠡᠤᠬᠡᠳ ᠤᠳ ᠰᠢᠨ᠎ᠡ ᠪᠠᠷ ᠰᠢᠯᠵᠢᠵᠦ ᠢᠷᠡᠭᠰᠡᠨ ᠬᠠᠮᠳᠦ ᠰᠤᠷᠤᠯᠭᠠᠳᠠᠨ ᠢᠶᠠᠨ ᠠᠩᠬᠠᠷᠴᠦ ᠡᠬᠢᠯᠡᠪᠡ᠃ ᠮᠦᠨ ᠴᠦ ᠲᠡᠬᠦᠨ ᠲᠠᠢ ᠢᠯᠡᠬᠦᠦ ᠵᠤᠭᠤᠭᠳᠠᠵᠦ᠂ ᠬᠠᠮᠳᠦ ᠲᠤᠭᠯᠠᠳᠠᠭ ᠪᠤᠯᠵᠠᠭᠠᠪᠠ᠃ ᠪᠢ ᠴᠦ ᠵᠠᠪᠰᠢᠶᠠᠨ ᠢ ᠠᠯᠳᠠᠯ ᠦᠭᠡᠢ ᠲᠠᠬᠦᠨ ᠤ ᠪᠡᠶ᠎ᠡ ᠳᠡᠭᠡᠷᠡᠬᠢ ᠳᠠᠪᠠᠭᠤᠯᠢᠭ ᠲᠠᠯ᠎ᠠ ᠶᠢ ᠵᠤᠷᠢᠯᠭ᠎ᠠ ᠲᠠᠢ ᠬᠠᠶᠢᠵᠦ ᠡᠬᠢᠯᠡᠪᠡ᠃ ᠨᠢᠭᠡ ᠤᠳᠠᠭᠠᠨ ᠤ ᠰᠤᠷᠭᠠᠭᠤᠯᠢ ᠠᠴᠠ ᠲᠤᠬᠢᠷᠠᠭᠤᠯᠤᠭᠰᠠᠨ ᠬᠤᠷᠠᠯ ᠤᠨ ᠭᠡᠷ ᠤᠨ ᠰᠢᠷᠡᠭᠡ ᠰᠠᠨᠳᠠᠯᠢ ᠶᠢ ᠵᠦᠭᠡᠭᠡᠬᠦ ᠠᠵᠢᠯ ᠢ ᠬᠦᠢᠴᠡᠳᠬᠡᠬᠦ ᠶᠠᠪᠤᠴᠠ ᠳᠤ ᠡᠨᠡ ᠬᠡᠤᠬᠡᠳ ᠪᠤᠰᠤᠳ ᠠᠴᠠ ᠬᠤᠯᠠ ᠬᠦᠨᠳᠦ ᠡᠬᠦᠷᠭᠡ ᠶᠢ ᠭᠠᠷᠮᠠᠭᠠᠶᠢᠯᠠᠨ ᠬᠦᠢᠴᠡᠳᠬᠡᠭᠰᠡᠨ ᠪᠤᠯᠬᠤᠷ ᠨᠢ ᠤᠯᠠᠨ ᠢᠶᠠᠷ ᠢᠶᠠᠨ ᠲᠡᠬᠦᠨ ᠢ ︽ᠠᠪᠤᠷᠭᠤ ᠬᠦᠴᠦᠳᠡᠨ × ×︾ ᠭᠡᠵᠦ ᠨᠡᠷᠡᠯᠡᠵᠡᠢ᠃ ᠪᠠᠭᠰᠢ ᠪᠤᠯᠤᠨ ᠨᠦᠬᠦᠳ ᠤᠨ ᠢᠶᠠᠨ ᠮᠠᠭᠳᠠᠬᠤ ᠶᠢ ᠰᠤᠨᠤᠰᠤᠭᠠᠳ ᠲᠡᠬᠦᠨ ᠤ ᠴᠢᠷᠡᠢ ᠨᠢ ᠤᠯᠠᠶᠢᠵᠦ᠂ ᠡᠪ ᠦᠭᠡᠶᠢᠷᠡᠭᠰᠡᠨ ᠪᠤᠯᠪᠠᠴᠦ ᠪᠡᠶ᠎ᠡ ᠳᠤ ᠪᠠᠨ ᠢᠳᠡᠭᠡᠯ ᠲᠠᠢ ᠪᠤᠯᠤᠭᠰᠠᠨ ᠨᠢ ᠢᠯᠡᠷᠬᠡᠢ ᠪᠠᠶᠢᠯ᠎ᠠ᠃ ᠳᠠᠷᠠᠭ᠎ᠠ ᠬᠤᠭᠤᠴᠠᠭ᠎ᠠ ᠨᠢ ᠪᠢ ᠲᠡᠬᠦᠨ ᠤ ᠪᠡᠶ᠎ᠡ ᠪᠢᠯᠳᠠᠷ ᠴᠢᠬᠢᠷᠠᠭ ᠪᠠᠶᠢᠬᠤ ᠳᠠᠪᠠᠭᠤᠯᠢᠭ ᠲᠠᠯ᠎ᠠ ᠶᠢ ᠦᠨᠳᠦᠰᠦᠯᠡᠨ᠂ ᠪᠡᠶ᠎ᠡ ᠲᠠᠮᠢᠷ ᠤᠨ ᠬᠡᠰᠢᠬᠦᠨ ᠪᠤᠯᠭᠠᠵᠦ᠂ ᠪᠠᠭᠰᠢ ᠪᠠᠨ ᠬᠠᠪᠰᠤᠷᠤᠨ ᠠᠩᠭᠢ ᠪᠠᠨ ᠰᠠᠶᠢᠳᠤᠷ ᠬᠠᠮᠢᠶᠠᠷᠬᠤ ︽ᠡᠬᠦᠷᠭᠡ︾ ᠶᠢ ᠲᠡᠬᠦᠨ ᠳᠤ ᠲᠤᠰᠢᠶᠠᠪᠠ᠃ ᠢᠩᠬᠢᠵᠦ ᠢᠳᠡᠭᠡᠯ ᠤᠨ ᠡᠷᠴᠢ ᠨᠢ ᠴᠢᠩᠭᠠᠷᠠᠭᠰᠠᠨ × × ᠬᠦᠦ᠂ ᠠᠯᠭᠤᠷ ᠠᠭᠠᠵᠢᠮ ᠳᠤ ᠪᠠᠨ ᠴᠤᠪᠤᠭᠤ ᠳᠡᠭᠵᠢᠨ ᠪᠤᠯᠤᠭᠰᠠᠨ ᠮᠦᠷᠳᠡᠭᠡᠨ ᠰᠤᠷᠤᠯᠭ᠎ᠠ ᠳᠤ ᠪᠠᠨ ᠴᠦ ᠴᠢᠷᠮᠠᠶᠢᠳᠠᠭ ᠪᠤᠯᠵᠠᠢ᠃ ᠨᠡᠩ ᠮᠠᠭᠳᠠᠭᠤᠰᠢᠲᠡᠢ ᠨᠢ ᠮᠢᠨᠤ ᠰᠠᠶᠢᠨ ᠬᠠᠪᠰᠤᠷᠤᠭᠴᠢ ᠪᠤᠯᠵᠦ ᠠᠩᠭᠢ ᠪᠠᠨ ᠰᠠᠶᠢᠨ ᠬᠠᠮᠢᠶᠠᠷᠳᠠᠭ ᠪᠤᠯᠪᠠ᠃ ᠡᠳᠡᠭᠡᠷ ᠵᠢᠵᠢᠭ ᠰᠠᠵᠢᠭ ᠵᠦᠢᠯ ᠤᠳ ᠨᠢ ᠭᠡᠳᠦ᠋ᠢᠪᠡᠷ ᠶᠠᠯᠢᠮ ᠦᠭᠡᠢ ᠶᠠᠪᠤᠳᠠᠯ ᠤᠳ        ᠪᠤᠯᠪᠠᠴᠦ᠂ ᠨᠢᠭᠡ ᠨᠢᠭᠡ ᠪᠠᠷ ᠢᠶᠠᠨ ᠬᠡᠤᠬᠡᠳ ᠤᠨ ᠰᠡᠳᠬᠢᠯ ᠳᠤ ᠬᠠᠶᠢᠷ᠎ᠠ ᠶᠢᠨ ᠬᠦᠮᠦᠵᠢᠯ ᠪᠤᠯᠤᠭᠰᠠᠨ ᠪᠠᠶᠢᠬ᠎ᠠ ᠭᠡᠵᠦ ᠪᠢ ᠰᠡᠮ ᠪᠤᠳᠤᠨ᠂ ︽ᠢᠳᠡᠭᠡᠯ ᠤᠨ ᠲᠦᠷᠦᠭᠡᠨ ᠳᠤ ᠢᠷᠡᠭᠡᠳᠦᠢ ᠪᠤᠰᠤᠨ᠎ᠠ︾ ᠭᠡᠳᠡᠭ ᠦᠭᠡ ᠶᠢ ᠬᠦᠨᠵᠡᠭᠡᠢ ᠤᠶᠢᠯᠠᠭᠠᠵᠠᠢ᠃      3. ᠦᠨᠦᠴᠢᠨ ᠦᠷᠦᠭᠡᠰᠦᠨ ᠬᠡᠤᠬᠡᠳ ᠲᠤ ᠤᠨᠴᠠᠭᠠᠢ ᠬᠠᠯᠠᠮᠵᠢ ᠦᠭᠬᠦ      ᠬᠡᠤᠬᠡᠳ ᠪᠤᠯᠭᠠᠨ ᠤ ᠳᠤᠳᠠᠵᠦ ᠪᠠᠶᠢᠭ᠎ᠠ ᠬᠠᠶᠢᠷ᠎ᠠ ᠪᠦᠷ ᠠᠳᠠᠯᠢ ᠦᠭᠡᠢ᠃ ᠵᠠᠷᠢᠮ ᠬᠡᠤᠭᠡᠳ‌‍ᠤᠨ ᠠᠪᠤ ᠡᠵᠢ ᠨᠢ ᠤᠷᠤᠭ ᠰᠠᠯᠤᠭᠰᠠᠨ ᠠᠴᠠ ᠬᠡᠤᠬᠡᠳ ᠨᠢ ᠰᠡᠳᠬᠢᠯ ᠤᠨ ᠵᠤᠪᠠᠭᠤᠷᠢ ᠳᠤ ᠤᠷᠤᠭᠰᠠᠨ ᠪᠠᠶᠢᠳᠠᠭ᠂ ᠵᠠᠷᠢᠮ ᠬᠡᠤᠭᠡᠳ ᠢ ᠬᠡᠳᠦᠷᠬᠡᠢ ᠴᠢᠩᠭ᠎ᠠ ᠪᠠᠷᠢᠵᠦ᠂ ᠵᠤᠳᠤᠵᠦ ᠵᠠᠨᠴᠢᠵᠤ ᠰᠤᠷᠭᠠᠳᠠᠭ ᠠᠴᠠ ᠵᠤᠷᠢᠭ ᠵᠢᠷᠦᠭᠡ ᠦᠭᠡᠢ ᠠᠶᠤᠮᠠᠳᠠᠭᠠᠢ ᠪᠤᠯᠤᠭᠰᠠᠨ ᠪᠠᠶᠢᠳᠠᠭ ᠁ ᠡᠨᠡ ᠮᠡᠳᠦ ᠶᠢᠨ ᠠᠰᠠᠭᠤᠳᠠᠯ ᠢ ᠠᠩᠭᠢ ᠶᠢᠨ ᠡᠷᠬᠢᠯᠡᠭᠴᠢ ᠪᠠᠭᠰᠢ ᠠᠴᠠ ᠬᠡᠷ ᠤᠨ ᠠᠬᠠᠮᠠᠳ ᠲᠠᠢ ᠬᠠᠮᠵᠢᠵᠦ ᠪᠠᠶᠢᠭᠠᠳ᠂ ᠵᠦᠪ ᠵᠢᠯᠤᠭᠤᠳᠤᠯᠭ᠎ᠠ ᠪᠤᠶᠤ ᠰᠠᠨᠠᠭᠤᠯᠭ᠎ᠠ ᠦᠭᠴᠦ᠂ ᠬᠡᠤᠬᠡᠳ ᠤᠨ ᠤᠶᠤᠨ ᠰᠠᠨᠠᠭᠠᠨ ᠤ ᠲᠠᠯ᠎ᠠ‌‍ᠶᠢᠨ ᠬᠤᠭᠤᠰᠤᠷᠠᠯ ᠪᠤᠶᠤ ᠳᠤᠳᠠᠭᠰᠠᠨ ᠬᠠᠶᠢᠷ᠎ᠠ ᠶᠢ ᠨᠢ ᠨᠦᠬᠦᠪᠦᠷᠢᠯᠡᠵᠦ ᠪᠤᠯᠤᠨ᠎ᠠ᠃ ᠬᠡᠪᠡᠴᠦ ᠠᠮᠢᠳᠤᠷᠠᠯ ᠨᠢ ᠲᠦᠢᠯ ᠤᠨ ᠬᠦᠴᠢᠷᠳᠡᠢ ᠮᠦᠷᠳᠡᠭᠡᠨ ᠠᠪᠤ ᠡᠵᠢ ᠦᠭᠡᠢ ᠦᠨᠦᠴᠢᠷᠡᠭᠰᠡᠨ ᠬᠡᠤᠬᠡᠳ ᠲᠤ ᠬᠠᠶᠢᠷ᠎ᠠ ᠨᠦᠬᠦᠪᠦᠷᠢᠯᠡᠬᠦ ᠳᠤ ᠲᠤᠩ ᠬᠦᠴᠢᠷᠳᠡᠢ ᠪᠠᠶᠢᠳᠠᠭ᠃ ᠡᠶᠢᠮᠦ ᠠᠴᠠ ᠪᠢ ᠠᠩᠭᠢ ᠶᠢᠨ ᠬᠡᠤᠬᠡᠳ ᠤᠨ ᠲᠤᠳᠤᠷ᠎ᠠ ᠬᠡᠷᠪᠡ ᠦᠨᠦᠴᠢᠨ ᠦᠷᠦᠭᠡᠰᠦᠨ ᠬᠡᠤᠬᠡᠳ ᠪᠠᠶᠢᠪᠠᠯ ᠳᠡᠳᠡᠨ ᠳᠤ ᠠᠯᠢ ᠴᠢᠳᠠᠬᠤ ᠪᠠᠷ ᠪᠤᠯᠤᠮᠵᠢ ᠤᠯᠭᠤᠨ᠂ ᠢᠯᠡᠬᠦᠬᠡᠨ ᠬᠠᠶᠢᠷ᠎ᠠ ᠬᠠᠯᠠᠮᠵᠢ ᠦᠭᠬᠦ ᠶᠢ ᠴᠢᠬᠤᠯᠠᠴᠢᠯᠠᠨ ᠦᠵᠡᠳᠡᠭ᠃      ᠮᠢᠨᠤ ᠳᠡᠭᠡᠷ᠎ᠡ ᠡᠭᠡᠯᠵᠢ ᠶᠢᠨ ᠠᠩᠭᠢ ᠳᠤ ᠰᠤᠷᠤᠯᠴᠠᠳᠠᠭ ᠨᠢᠭᠡᠨ ᠬᠡᠤᠬᠡᠨ ᠰᠤᠷᠤᠭᠴᠢ ᠶᠢ × × ᠭᠡᠳᠡᠭ᠃ ᠲᠤᠰ ᠰᠤᠷᠤᠭᠴᠢ ᠤᠢ ᠪᠢᠯᠢᠭ ᠤᠨ ᠨᠡᠭᠡᠭᠡᠭᠳᠡᠯ ᠲᠤᠳᠠᠮᠠᠭ ᠠᠴᠠ ᠰᠤᠷᠤᠯᠭ᠎ᠠ ᠳᠤ ᠪᠠᠨ ᠲᠤᠩ ᠬᠦᠴᠢᠷᠳᠡᠳᠡᠭ᠂ ᠬᠡᠷ ᠪᠦᠯᠢ ᠶᠢᠨ ᠠᠮᠢᠳᠤᠷᠠᠯ ᠨᠢ ᠴᠦ ᠮᠠᠰᠢ ᠬᠦᠴᠢᠷᠳᠡᠢ ᠪᠠᠶᠢᠪᠠ᠃ ᠤᠴᠢᠷ ᠨᠢ ᠡᠨᠡ ᠬᠡᠤᠬᠡᠳ ᠤᠨ ᠠᠪᠤ ᠡᠵᠢ ᠨᠢ ᠡᠷᠳᠡ ᠨᠠᠰᠤ ᠪᠠᠷᠠᠵᠦ ᠦᠨᠦᠴᠢᠨ ᠬᠡᠤᠬᠡᠳ ᠪᠤᠯᠴᠢᠬᠠᠪᠠ᠃ ᠡᠪᠦᠭᠡ ᠡᠮᠡᠭᠡ ᠨᠢ ᠬᠤᠭ ᠨᠤᠪᠰᠢ ᠲᠡᠬᠦᠵᠦ ᠠᠮᠢᠳᠤᠷᠠᠯ ᠢᠶᠠᠨ ᠠᠷᠭᠠᠴᠠᠭᠠᠳᠠᠭ ᠪᠠᠶᠢᠯ᠎ᠠ᠃ ᠠᠩᠭᠢ ᠶᠢᠨ ᠬᠡᠤᠬᠡᠳ ᠤᠳ ᠴᠦ ᠲᠡᠬᠦᠨ ᠢ ᠲᠤᠤᠷ᠎ᠠ ᠦᠵᠡᠬᠦ ᠪᠤᠶᠤ ᠲᠤᠷᠤᠮᠵᠢᠯᠠᠬᠤ ᠮᠡᠳᠦ ᠶᠢᠨ ᠦᠵᠡᠭᠳᠡᠯ ᠲᠠᠢ ᠪᠠᠶᠢᠪᠠ᠃ ᠠᠩᠭᠢ ᠶᠢᠨ ᠡᠷᠬᠢᠯᠡᠭᠴᠢ ᠪᠤᠯᠤᠭᠰᠠᠨ ᠪᠢ ᠡᠳᠡᠭᠡᠷ ᠪᠠᠶᠢᠳᠠᠯ ᠢ ᠤᠶᠢᠯᠠᠭᠠᠭᠰᠠᠨ ᠰᠠᠭᠤᠷᠢᠨ ᠳᠤ ᠨᠢᠭᠡ ᠤᠳᠠᠭᠠᠨ ᠤ ︽ᠬᠦᠮᠦᠨ ᠪᠦᠬᠦᠨ ᠨᠢᠭᠡᠨ ᠭᠡᠷᠡᠯᠲᠦ ᠤᠳᠤᠨ ᠮᠦᠨ︾ ᠬᠡᠬᠦ ᠭᠤᠤᠯ ᠰᠡᠳᠦᠪᠲᠦ ᠠᠩᠭᠢ ᠶᠢᠨ ᠬᠤᠷᠠᠯ ᠬᠢᠪᠡ᠃ ᠡᠨᠡ ᠬᠤᠷᠠᠯ ᠨᠢ ᠬᠡᠤᠬᠡᠳ ᠪᠤᠯᠭᠠᠨ ᠤ ᠴᠢᠳᠠᠮᠠᠭᠠᠢ ᠲᠠᠯ᠎ᠠ ᠪᠠᠨ ᠭᠠᠶᠢᠬᠠᠭᠤᠯᠵᠦ᠂ ᠵᠢᠩᠬᠢᠨᠢ ︽ᠬᠡᠷᠡᠯᠲᠦ ᠤᠳᠤᠨ︾ ᠪᠤᠯᠬᠤ ᠶᠢ ᠵᠤᠷᠢᠬᠵᠢᠭᠤᠯᠤᠭᠰᠠᠨ ᠦᠢᠯᠡ ᠠᠵᠢᠯᠯᠠᠭ᠎ᠠ ᠪᠤᠯᠤᠭᠰᠠᠨ ᠶᠤᠮ᠃ ᠬᠦᠳᠡᠯᠭᠡᠭᠡᠨ ᠳᠡᠭᠡᠷ᠎ᠡ ᠬᠦᠮᠦᠨ ᠪᠦᠬᠦᠨ ᠦᠪᠡᠷ ᠤᠨ ᠴᠢᠳᠠᠮᠠᠭᠠᠢ ᠲᠠᠯ᠎ᠠ ᠪᠠᠨ ᠠᠳᠠᠯᠢ ᠪᠤᠰᠤ ᠠᠷᠭ᠎ᠠ ᠪᠠᠷ ᠤᠯᠠᠨ ᠤ ᠡᠮᠦᠨ᠎ᠡ ᠢᠯᠡᠷᠡᠬᠦᠯᠵᠡᠢ᠃ ᠭᠡᠪᠡᠴᠦ ᠦᠨᠦ ᠬᠦᠭᠡᠷᠦᠬᠦᠢ × × ᠮᠢᠨᠢ ᠶᠠᠭᠤ ᠴᠦ ᠲᠤᠤᠭᠠᠷᠬᠤ ᠦᠭᠡᠢ ᠰᠠᠭᠤᠵᠦ ᠪᠠᠶᠢᠯ᠎ᠠ᠃ ᠲᠡᠭᠡᠭᠡᠳ ᠪᠢ ᠲᠡᠬᠦᠨ ᠤ ᠳᠠᠪᠠᠭᠤᠯᠢᠭ ᠲᠠᠯ᠎ᠠ ᠶᠢ ᠨᠢ ᠢᠯᠠᠷᠠᠭᠦᠯᠵᠦ ᠤᠯᠠᠨ ᠳᠤ ᠦᠵᠡᠭᠦᠯᠪᠡ᠃      ︽ᠶᠠᠳᠠᠭᠤ ᠠᠶᠢᠯ ᠤᠨ ᠬᠡᠤᠬᠡᠳ ᠡᠷᠳᠡ ᠤᠠᠭᠭᠠᠵᠢᠳᠠᠭ︾ ᠬᠡᠰᠡᠨ ᠦᠭᠡ ᠨᠢᠭᠡ ᠴᠦ ᠪᠤᠷᠤᠭᠤ ᠦᠭᠡᠢ᠂ ᠲᠤᠰ ᠰᠤᠷᠤᠭᠴᠢ ᠬᠡᠳᠦ᠋ᠢᠪᠡᠷ ᠰᠤᠷᠤᠯᠭ᠎ᠠ ᠠᠨᠠᠢ ᠪᠤᠯᠪᠠᠴᠦ ᠠᠵᠢᠯᠯᠠᠵᠦ ᠬᠦᠳᠡᠯᠮᠦᠷᠢᠯᠡᠬᠦ ᠴᠢᠳᠠᠪᠤᠷᠢ ᠨᠢ ᠤᠨᠴᠠᠭᠠᠢ ᠰᠠᠶᠢᠨ ᠪᠠᠶᠢᠵᠦ᠂ ᠬᠠᠷᠠᠬᠠᠨ ᠪᠠᠭ᠎ᠠ ᠠᠴᠠ ᠪᠠᠨ ᠬᠡᠷ ᠤᠨ ᠠᠵᠢᠯ ᠳᠤ ᠭᠠᠷᠰᠢᠭᠰᠠᠨ ᠪᠠᠶᠢᠪᠠ᠃ ᠲᠡᠬᠦᠨ ᠤ ᠭᠠᠵᠠᠷ ᠱᠦᠬᠦᠷᠳᠡᠬᠦ᠂ ᠰᠢᠷᠡᠭᠡ ᠰᠠᠨᠳᠠᠯᠢ ᠳᠡᠭᠰᠢᠯᠡᠬᠦ᠂ ᠱᠠᠯᠠ ᠵᠦᠯᠬᠦᠬᠦ ᠵᠡᠷᠭᠡ ᠴᠢᠳᠠᠪᠤᠷᠢ ᠨᠢ ᠪᠤᠰᠤᠳ ᠬᠡᠤᠬᠡᠳ ᠤᠳ ᠠᠴᠠ ᠪᠦᠷ ᠳᠠᠪᠠᠭᠰᠠᠨ ᠪᠠᠶᠢᠳᠠᠭ᠃ ᠪᠢ ᠡᠬᠦᠨ ᠢ ᠨᠢ ᠠᠳᠬᠤᠵᠦ ᠠᠩᠭᠢ ᠶᠢᠨ ᠰᠤᠷᠤᠭᠴᠢᠳ ᠲᠤ ᠬᠠᠨᠳᠦᠨ᠄      — ᠮᠠᠨ ᠤ ᠠᠩᠭᠢ ᠶᠢᠨ ᠬᠡᠤᠬᠡᠳ ᠪᠤᠯᠭᠠᠨ ᠴᠦᠮ ︽ᠬᠡᠷᠡᠯᠲᠦ ᠤᠳᠤᠨ︾ ᠮᠦᠨ ᠪᠠᠶᠢᠭ᠎ᠠ ᠳᠤ ᠪᠠᠭᠰᠢ ᠨᠢ ᠲᠤᠩ ᠪᠠᠶᠠᠷᠯᠠᠨ ᠤᠮᠤᠭᠰᠢᠵᠦ ᠪᠠᠶᠢᠨ᠎ᠠ᠃ ᠮᠠᠨ ᠤ × × ᠴᠦ ᠲᠠ ᠨᠠᠷ ᠲᠠᠢ ᠠᠳᠠᠯᠢᠬᠠᠨ ᠠᠩᠭᠢ ᠶᠢᠨ ᠢᠶᠠᠨ ᠨᠢᠭᠡᠨ ︽ᠬᠡᠷᠡᠯᠲᠦ ᠤᠳᠤᠨ︾ ᠰᠢᠤ᠃ ᠬᠦᠮᠦᠨ ᠪᠦᠬᠦᠨ ᠦᠪᠡᠷ ᠤᠨ ᠬᠡᠰᠡᠨ ᠳᠠᠪᠠᠭᠤᠯᠢᠭ ᠲᠠᠯ᠎ᠠ ᠪᠠᠷ ᠢᠶᠠᠨ ᠡᠨᠡ ᠠᠩᠭᠢ ᠪᠠᠨ ᠬᠡᠷᠡᠯᠳᠦᠬᠦᠯᠵᠦ ᠪᠠᠶᠢᠨ᠎ᠠ᠃ ᠬᠤᠵᠢᠮ ᠬᠡᠤᠬᠡᠳ ᠤᠳ ᠮᠢᠨᠢ ᠪᠤᠰᠤᠳ ᠢ ᠦᠨᠡᠯᠡᠬᠦ ᠳᠤ ᠪᠠᠨ ᠪᠤᠰᠤᠳ ᠤᠨ ᠳᠠᠪᠠᠭᠤᠯᠢᠭ ᠲᠠᠯ᠎ᠠ ᠶᠢ ᠵᠤᠷᠢᠭᠳᠠᠢ ᠢᠯᠡᠷᠡᠬᠦᠯᠵᠦ᠂ ᠳᠤᠳᠠᠭᠳᠠᠯ ᠢ ᠨᠢ ᠪᠠᠭᠠᠰᠬᠠᠨ ᠦᠵᠡᠬᠦ ᠶᠤᠰᠤ ᠶᠢ ᠵᠠᠪᠠᠯ ᠤᠶᠢᠯᠠᠭᠠᠬᠤ ᠬᠡᠷᠡᠭᠳᠡᠢ ᠰᠢᠤ ᠬᠡᠵᠦ ᠰᠤᠷᠭᠠᠵᠦ ᠬᠦᠮᠦᠵᠢᠬᠦᠯᠦᠭᠰᠡᠨ ᠠᠴᠠ ᠬᠤᠶᠢᠰᠢ ᠬᠡᠤᠭᠡᠳ ᠤᠳ ᠵᠦᠪ ᠬᠦᠮᠦᠨ ᠪᠤᠯᠬᠤ ᠪᠠᠷ ᠴᠢᠷᠮᠠᠶᠢᠵᠦ ᠡᠬᠢᠯᠡᠵᠡᠭᠡᠭᠰᠡᠨ ᠪᠢᠯᠡ᠃      ᠦᠨᠦᠴᠢᠨ ᠬᠡᠤᠬᠡᠳ ᠤᠳ ᠢ ᠶᠠᠷᠢᠭᠰᠠᠭᠠᠷ ᠪᠤᠳᠤᠯ ᠨᠢᠭᠡ ᠯᠡ ᠬᠦᠨᠳᠦᠷᠡᠬᠦ ᠶᠤᠮ᠃ ᠮᠢᠨᠤ ᠦᠨᠦ ᠶᠢᠨ ᠡᠷᠬᠢᠯᠡᠵᠦ ᠪᠠᠶᠢᠭ᠎ᠠ ᠠᠩᠭᠢ ᠳᠤ ᠬᠡᠯᠡ ᠶᠡᠷᠢᠶᠠᠨ ᠤ ᠵᠡᠷᠡᠮᠳᠡᠭ ᠲᠠᠢ ᠬᠦᠦ ᠰᠤᠷᠤᠭᠴᠢ ᠪᠠᠶᠢᠳᠠᠭ᠂ ᠬᠦᠭᠡᠷᠦᠬᠦᠢ ᠡᠨᠡ ᠬᠦᠦ ᠮᠦᠨ ᠨᠢᠭᠡᠨ ᠦᠨᠦᠴᠢᠨ ᠬᠡᠤᠬᠡᠳ ᠪᠢᠯᠡ᠃ ᠡᠨᠡ ᠬᠦᠦ ᠶᠢᠨ ᠪᠠᠶ᠎ᠠ ᠮᠠᠬᠠᠪᠤᠳ ᠨᠢ ᠳᠠᠩᠴᠦ ᠡᠴᠡᠩᠬᠡᠢ ᠲᠤᠷᠠᠩᠬᠠᠢ ᠪᠤᠯᠬᠤᠷ ᠪᠤᠭᠴᠦ ᠪᠠᠨ ᠴᠦ ᠡᠷᠬᠦᠵᠦ ᠳᠠᠭᠠᠭᠠᠬᠤ ᠦᠭᠡᠢ᠃ ᠡᠬᠡ ᠶᠢᠨ ᠢᠶᠠᠨ ᠬᠡᠪᠡᠯᠢ ᠳᠤ ᠶᠡᠭᠡ ᠬᠡᠮᠵᠢᠶᠡᠨ ᠤ ᠰᠢᠮ᠎ᠡ ᠳᠡᠵᠢᠭᠡᠯ ᠳᠤᠳᠠᠭᠰᠠᠨ ᠠᠴᠠ ᠪᠤᠯᠪᠠᠤ ᠬᠡᠤᠬᠡᠨ ᠬᠡᠯᠡ ᠨᠢ ᠬᠦᠭᠵᠢᠬᠡ ᠦᠭᠡᠢ᠂ ᠦᠭᠡ ᠶᠠᠷᠢᠬᠤ ᠳᠤ ᠪᠠᠨ ᠴᠦ ᠲᠤᠳᠤ ᠦᠭᠡᠢ ᠪᠠᠶᠢᠳᠠᠭ ᠶᠤᠮ᠃ ᠬᠡᠳᠦ᠋ᠢᠪᠡᠷ ᠪᠡᠶ᠎ᠡ ᠮᠠᠬᠠᠪᠤᠳ ᠨᠢ ᠲᠤᠷᠤᠢ ᠪᠠᠭᠤᠷᠠᠢ᠂ ᠬᠦᠴᠦ ᠲᠡᠩᠬᠡᠭᠡ ᠮᠠᠭᠤᠳᠠᠢ᠂ ᠦᠰᠦᠯᠲᠡ ᠨᠢ ᠤᠳᠠᠭᠠᠨ ᠪᠤᠯᠪᠠᠴᠦ ᠤᠶᠤᠨ ᠤᠬᠠᠭᠠᠨ ᠨᠢ ᠪᠦᠳᠦᠨ᠂ ᠰᠤᠷᠤᠯᠭ᠎ᠠ ᠬᠢᠴᠢᠶᠡᠯ ᠳᠤ ᠪᠠᠨ ᠲᠦᠢᠯ ᠤᠨ ᠴᠢᠷᠮᠠᠶᠢᠯᠳᠠ ᠲᠠᠢ ᠶᠤᠮ᠃ ᠡᠪᠦᠭᠡ ᠡᠮᠡᠭᠡ ᠲᠠᠢ ᠪᠠᠨ ᠭᠤᠷᠪᠠᠭᠤᠯᠠ ᠠᠮᠢᠳᠤᠷᠠᠵᠦ ᠪᠠᠶᠢᠭ᠎ᠠ ᠳᠡᠳᠡᠨ ᠤ ᠬᠢᠨ ᠳᠤ ᠨᠡᠶᠢᠭᠡᠮ ᠤᠨ ᠡᠯ᠎ᠡ ᠡᠳᠡᠭᠡᠳ ᠠᠴᠠ ᠬᠠᠪᠰᠤᠷᠤᠯᠭ᠎ᠠ ᠦᠵᠡᠬᠦᠯᠦᠭᠰᠡᠭᠡᠷ ᠢᠷᠡᠵᠡᠢ᠃ ᠪᠢ ᠲᠡᠬᠦᠨ ᠤ ᠠᠩᠭᠢ ᠶᠢᠨ ᠡᠷᠬᠢᠯᠡᠭᠴᠢ ᠪᠤᠯᠤᠭᠰᠠᠨ ᠤ ᠬᠤᠪᠢ ᠳᠤ ᠬᠡᠷ ᠤᠨ ᠠᠬᠠᠮᠠᠳ ᠢᠶᠠᠨ ᠵᠤᠬᠢᠶᠠᠨ ᠪᠠᠶᠢᠭᠤᠯᠵᠦ᠂ ᠵᠢᠯ ᠪᠤᠯᠭᠠᠨ ᠠᠮᠢᠳᠤᠷᠠᠯ ᠳᠤ ᠨᠢ ᠲᠤᠰᠠᠯᠠᠮᠵᠢ ᠦᠵᠡᠬᠦᠯᠳᠡᠭ᠃ ᠡᠬᠦᠨ ᠠᠴᠠ ᠭᠠᠳᠠᠨ᠎ᠠ ᠪᠢ ᠠᠩᠭᠢ ᠶᠢᠨ ᠰᠤᠷᠤᠭᠴᠢ ᠪᠠᠨ ᠳᠠᠶᠢᠴᠢᠯᠠᠨ᠂ ᠲᠤᠰ ᠰᠤᠷᠤᠭᠴᠢ ᠶᠢ ᠬᠠᠪᠰᠤᠷᠴᠦ ᠬᠠᠯᠠᠮᠵᠢᠯᠠᠬᠤ ᠠᠵᠢᠯᠯᠠᠭ᠎ᠠ ᠶᠢ ᠪᠠᠶᠢᠩᠭᠤ ᠶᠢᠨ ᠴᠢᠨᠠᠷᠲᠡᠢ ᠪᠠᠷᠢᠮᠳᠠᠯᠠᠭᠰᠠᠭᠠᠷ ᠢᠷᠡᠵᠡᠢ᠃ ᠬᠡᠤᠬᠡᠳ ᠤᠳ ᠮᠠᠨᠢ ᠡᠳᠦᠷ ᠪᠤᠯᠭᠠᠨ ᠡᠭᠡᠯᠵᠢᠯᠡᠨ ᠲᠡᠭᠦᠨ ᠤ ᠪᠢᠷ ᠨᠤᠮ ᠢ ᠨᠢ ᠪᠤᠭᠴᠤᠨ ᠠᠴᠠ ᠨᠢ ᠭᠠᠷᠭᠠᠬᠤ᠂ ᠭᠠᠳᠠᠷ ᠬᠦᠷᠮ᠎ᠡ ᠶᠢ ᠨᠢ ᠡᠮᠦᠰᠬᠡᠬᠦ᠂ ᠪᠤᠭᠴᠦ ᠶᠢ ᠨᠢ ᠡᠬᠦᠷᠴᠦ ᠪᠠᠭᠤᠬᠤ᠂ ᠠᠰᠠᠷ ᠤᠨ ᠱᠠᠳᠤ ᠪᠠᠷ ᠬᠦᠳᠦᠯᠦᠨ ᠠᠯᠬᠤᠬᠤ ᠁ ᠵᠡᠷᠭᠡ ᠬᠠᠯᠠᠮᠵᠢᠯᠠᠬᠤ ᠠᠵᠢᠯᠯᠠᠭ᠎ᠠ ᠶᠢ ᠬᠡᠪ ᠤᠨ ᠵᠤᠷᠰᠢᠯ ᠪᠤᠯᠭᠠᠨ ᠬᠢᠭᠰᠡᠭᠡᠷ ᠢᠷᠡᠵᠡᠢ᠃ ᠡᠶᠢᠨᠬᠦ ᠡᠨᠡ ᠬᠦᠦ ᠡᠪᠦᠭᠡ ᠡᠮᠡᠭᠡ ᠶᠢᠨ ᠳᠤᠲᠤᠮᠳᠠᠯᠭ᠎ᠠ ᠪᠡ ᠠᠩᠭᠢ ᠶᠢᠨ ᠨᠠᠶᠢᠵᠠ ᠨᠦᠬᠦᠳ ᠤᠨ ᠢᠶᠠᠨ ᠬᠠᠯᠠᠮᠵᠢᠯᠠᠯ ᠲᠤᠤᠷ᠎ᠠ ᠲᠠᠪᠤᠨ ᠵᠢᠯ ᠤᠨ ᠬᠢᠴᠢᠶᠡᠯ ᠰᠤᠷᠤᠯᠭ᠎ᠠ ᠪᠠᠨ ᠠᠮᠵᠢᠯᠲᠠ ᠲᠠᠢ ᠦᠩᠭᠡᠷᠡᠭᠦᠯᠵᠡᠢ᠃ ᠬᠡᠳᠡᠯ᠎ᠡ ︽ᠭᠠᠢ ᠭᠠᠵᠠᠷ ᠲᠤᠤᠷ᠎ᠠ ᠠᠴᠠ︾ ᠭᠡᠳᠡᠭ ᠢᠶᠠᠷ 2019 ᠤᠨ ᠤ 5 ᠰᠠᠷ᠎ᠠ ᠳᠤ ᠲᠡᠷᠡ ᠡᠩ ᠤᠨ ᠬᠠᠨᠢᠶᠠᠳᠦ ᠲᠠᠭᠰᠢᠭᠤᠷ ᠭᠦᠷᠴᠦ ᠰᠠᠭᠦᠯᠠᠷ ᠨᠢ ᠭᠦᠨᠳᠤᠷᠡᠭᠡᠳ᠂ ᠠᠮᠢᠰᠬᠤᠯ ᠤᠨ ᠰᠠᠭᠠᠳ ᠲᠤ ᠤᠴᠠᠷᠠᠪᠠ᠃ ᠬᠦᠨᠳᠦ ᠡᠪᠡᠳᠴᠢᠳᠡᠨ ᠤ ᠦᠷᠦᠭᠡᠨ ᠳᠤ ᠡᠮᠴᠢᠯᠡᠬᠦᠯᠵᠦ ᠪᠠᠶᠢᠬᠤ ᠬᠤᠭᠤᠴᠠᠭᠠᠨ ᠳᠤ ᠨᠢ ᠪᠢ ᠡᠳᠦᠷ ᠪᠤᠯᠭᠠᠨ ᠡᠮᠨᠡᠯᠭᠡ ᠶᠢᠨ ᠬᠤᠷᠢᠶ᠎ᠠ ᠳᠤ ᠤᠴᠢᠳᠠᠭ᠃ ᠤᠴᠢᠷ ᠨᠢ ᠲᠡᠬᠦᠨ ᠤ ᠡᠪᠦᠭᠡ ᠡᠮᠡᠭᠡ ᠨᠢ ᠨᠠᠰᠤ ᠠᠬᠢᠬᠰᠡᠨ ᠢᠶᠠᠷ ᠪᠠᠷᠠᠬᠤ ᠦᠭᠡᠢ ᠦᠰᠦᠭ ᠪᠢᠴᠢᠭ ᠲᠠᠨᠢᠬᠤ ᠦᠭᠡᠢ ᠪᠤᠯᠬᠤᠷ ᠡᠮᠴᠢ ᠲᠠᠢ ᠬᠠᠷᠢᠯᠴᠠᠵᠦ᠂ ᠶᠠᠭᠠᠬᠢᠵᠦ ᠡᠮᠨᠡᠬᠦᠯᠬᠦ ᠲᠤᠬᠠᠢ ᠪᠠᠨ ᠶᠠᠷᠢᠯᠴᠠᠨ ᠵᠦᠪᠯᠠᠵᠦ ᠴᠢᠳᠠᠬᠤ ᠦᠭᠡᠢ ᠪᠤᠯᠬᠤᠷ ᠪᠢ ᠡᠷᠬᠡᠪᠰᠢ ᠲᠤᠬᠠᠢ ᠶᠢᠨ ᠲᠠᠯᠠᠪᠤᠷ ᠲᠤ ᠨᠢ ᠬᠦᠷᠬᠦ ᠴᠢᠬᠤᠯᠠ ᠲᠠᠢ ᠪᠠᠶᠢᠯ᠎ᠠ᠃ ᠲᠤᠬᠠᠢ ᠶᠢᠨ ᠦᠶ᠎ᠡ ᠳᠤ ᠠᠮᠢᠰᠬᠤᠯ ᠤᠨ ᠡᠷᠭᠡᠳᠡᠨ ᠨᠢ ᠤᠯᠠᠮ ᠢᠶᠠᠷ ᠮᠠᠭᠤᠳᠠᠵᠦ᠂ ᠪᠠᠴᠢᠮ ᠠᠪᠤᠷᠠᠯᠳᠠ ᠳᠤ ᠤᠷᠤᠭᠠᠳ᠂ ᠯᠤᠳᠤ ᠶᠡᠭᠡ ᠡᠮᠨᠡᠯᠭᠡ ᠶᠢᠨ ᠰᠦᠢᠳᠭᠡᠯ ᠲᠤᠰᠢᠶᠠᠬᠤ ᠬᠡᠷᠡᠭᠳᠡᠢ ᠪᠤᠯᠤᠭᠰᠠᠨ ᠦᠶ᠎ᠡ ᠳᠤ ᠨᠢ ᠪᠢ ᠶᠠᠭ ᠯᠡ ᠲᠡᠬᠦᠨ ᠤ ᠬᠡᠷ ᠤᠨ ᠬᠦᠮᠦᠨ ᠨᠢ ᠰᠢᠭ ᠰᠠᠨᠳᠤᠷᠤᠨ ᠳᠡᠪᠡᠳᠠᠬᠦ ᠶᠢᠨ ᠵᠡᠷᠭᠡ ᠪᠠᠷ ᠲᠤᠰᠠᠯᠠᠮᠵᠢ ᠦᠭᠴᠦ ᠲᠡᠶᠢᠯᠬᠦ ᠪᠠᠶᠢᠭᠤᠯᠤᠮᠵᠢ ᠲᠠᠢ ᠴᠦᠮ ᠬᠤᠯᠪᠤᠭ᠎ᠠ ᠠᠪᠴᠦ ᠪᠠᠶᠢᠭᠠᠳ ᠬᠡᠤᠬᠡᠳ ᠤᠨ ᠠᠮᠢ ᠶᠢ ᠠᠪᠤᠷᠠᠬᠤ ᠪᠠᠷ ᠬᠦᠴᠦᠯᠡᠭᠰᠡᠨ ᠪᠢᠯᠡ᠃ ︽ᠲᠤᠰᠤᠯ ᠢ ᠬᠤᠷᠢᠶᠠᠪᠠᠯ ᠳᠠᠯᠠᠢ ᠪᠤᠯᠤᠨ᠎ᠠ︾ ᠭᠡᠳᠡᠭ ᠳᠠᠪᠴᠠᠩ ᠢᠶᠠᠷ ᠳᠠᠮᠵᠢᠨ᠂ ᠬᠠᠯᠠᠭᠤᠨ ᠰᠡᠳᠬᠢᠯᠲᠦ ᠬᠦᠮᠦᠰ ᠤᠨ ᠳᠡᠮᠵᠢᠯᠭᠡ ᠲᠤᠤᠷ᠎ᠠ ᠪᠢᠰᠢᠬᠦᠢ ᠤᠯᠠᠨ ᠡᠮᠨᠡᠬᠦᠯᠬᠦ ᠵᠤᠭᠤᠰ ᠴᠤᠭᠯᠠᠭᠤᠯᠤᠭᠠᠳ᠂ ᠳᠠᠷᠤᠢ ᠲᠤᠤᠷ᠎ᠠ ᠨᠢ ᠡᠮᠴᠢᠯᠡᠬᠦᠯᠦᠭᠰᠡᠨ ᠠᠴᠠ ᠬᠠᠭᠠᠰ ᠵᠢᠯ ᠭᠠᠷᠤᠢ ᠶᠢᠨ ᠵᠠᠰᠠᠯᠭ᠎ᠠ ᠪᠠᠷ ᠦᠨᠦ ᠨᠡᠯᠢᠶᠡᠳ ᠢᠯᠡᠷᠢ ᠪᠤᠯᠤᠭᠰᠠᠨ ᠪᠠᠶᠢᠨ᠎ᠠ᠃ ᠲᠤᠰ ᠰᠤᠷᠤᠭᠴᠢ ᠶᠢᠨ ᠡᠮᠨᠡᠯᠭᠡ ᠳᠤ ᠰᠠᠭᠤᠵᠦ ᠪᠠᠶᠢᠭ᠎ᠠ ᠬᠤᠭᠤᠴᠠᠭᠠᠨ ᠳᠤ ᠨᠢ ᠪᠢ ᠲᠤᠭ᠎ᠠ ᠦᠭᠡᠢ ᠤᠯᠠᠨ ᠤᠳᠠᠭ᠎ᠠ ᠬᠡᠷ ᠤᠨ ᠬᠤᠭᠤᠯᠠ ᠪᠠᠨ ᠬᠦᠷᠭᠡᠵᠦ ᠬᠠᠷᠠᠭᠠᠯᠵᠠᠭᠰᠠᠨ ᠠᠴᠠ ᠲᠡᠬᠦᠨ ᠤ ᠨᠠᠳᠠ ᠳᠤ ᠨᠠᠶᠢᠳᠠᠮᠠᠳᠠᠭᠠᠢ ᠰᠡᠳᠬᠢᠯ ᠨᠢ ᠡᠪᠦᠭᠡ ᠡᠮᠡᠭᠡ ᠠᠴᠠ ᠪᠠᠨ ᠳᠠᠪᠠᠴᠢᠬᠠᠭᠰᠠᠨ ᠪᠠᠶᠢᠯ᠎ᠠ᠃      ᠠᠯᠢ ᠨᠢᠭᠡᠨ ᠠᠩᠭᠢ ᠶᠢᠨ ᠡᠷᠬᠢᠯᠡᠭᠴᠢ ᠪᠠᠭᠰᠢ ᠳᠤ ᠴᠦ ᠦᠨᠦᠴᠢᠨ ᠦᠷᠦᠭᠡᠰᠦᠨ ᠬᠡᠤᠬᠡᠳ ᠳᠠᠭᠠᠷᠠᠯᠳᠤᠬᠤ ᠨᠢ ᠡᠩ ᠤᠨ ᠶᠠᠪᠤᠳᠠᠯ ᠡ᠃ ᠡᠳᠡᠭᠡᠷ ᠬᠡᠤᠬᠡᠳ ᠲᠤ ᠪᠢᠳᠡ ᠢᠯᠡᠬᠦᠬᠡᠨ ᠬᠠᠶᠢᠷ᠎ᠠ ᠬᠠᠯᠠᠮᠵᠢ ᠪᠠᠨ ᠬᠦᠷᠳᠡᠭᠡᠵᠦ᠂ ᠵᠦᠪ ᠵᠠᠮ ᠢᠶᠠᠷ ᠰᠠᠶᠢᠬᠠᠨ ᠬᠦᠳᠦᠯᠬᠦ ᠳᠤ ᠬᠦᠷᠪᠡᠯ ᠬᠤᠵᠢᠮ ᠢᠷᠡᠭᠡᠳᠦᠢ ᠳᠤ ᠨᠡᠶᠢᠭᠡᠮ ᠨᠡᠶᠢᠳᠡ ᠳᠤ ᠪᠠᠨ ᠲᠤᠰᠠᠲᠠᠢ ᠬᠦᠮᠦᠨ ᠪᠤᠯᠬᠤ ᠨᠢ ᠳᠠᠮᠵᠢᠭ ᠦᠭᠡᠢ᠃ ᠡᠶᠢᠮᠦ ᠠᠴᠠ ᠪᠢᠳᠡ ᠨᠡᠶᠢᠭᠡᠮ ᠨᠡᠶᠢᠳᠡ ᠶᠢᠨ ᠡᠶ᠎ᠡ ᠵᠤᠬᠢᠴᠠᠩᠭᠤᠢ ᠬᠦᠭᠵᠢᠯ ᠤᠨ ᠲᠦᠯᠦᠭᠡ ᠬᠠᠶᠢᠷ᠎ᠠ ᠲᠤᠳᠠᠭᠰᠠᠨ ᠬᠡᠤᠬᠡᠳ ᠲᠤ ᠶᠡᠬᠡᠬᠡᠨ ᠬᠠᠯᠠᠮᠵᠢ ᠪᠠᠨ ᠬᠦᠷᠳᠡᠭᠡᠵᠦ ᠪᠠᠶᠢᠶ᠎ᠠ᠃      ᠭᠤᠷᠪᠠ᠂ ᠬᠢᠴᠢᠶᠡᠯ ᠲᠦᠷᠦᠯ ᠤᠨ ᠪᠠᠭᠰᠢ ᠨᠠᠷ ᠲᠠᠢ ᠰᠠᠶᠢᠳᠤᠷ ᠬᠠᠮᠵᠢᠯᠴᠠᠬᠤ ᠬᠡᠷᠡᠭᠳᠡᠢ᠃      ᠠᠩᠭᠢ ᠶᠢᠨ ᠡᠷᠬᠢᠯᠡᠭᠴᠢ ᠪᠤᠯᠤᠭᠰᠠᠨ ᠪᠠᠭᠰᠢ ᠦᠪᠡᠷ ᠤᠨ ᠵᠢᠭᠠᠵᠦ ᠪᠠᠶᠢᠭ᠎ᠠ ᠬᠢᠴᠢᠶᠡᠯ ᠲᠦᠷᠦᠯ ᠢᠶᠠᠨ ᠰᠠᠶᠢᠨ ᠵᠢᠭᠠᠭᠠᠳ ᠯᠡ ᠪᠤᠯᠬᠤ ᠦᠭᠡᠢ᠂ ᠦᠪᠡᠷ ᠤᠨ ᠴᠢᠨᠢ ᠠᠩᠭᠢ ᠡᠷᠭᠡᠪᠰᠢ ᠡᠯ᠎ᠡ ᠬᠢᠴᠢᠶᠡᠯ ᠲᠦᠷᠦᠯ ᠳᠤ ᠪᠠᠨ ᠪᠦᠷ ᠰᠢᠯᠢᠳᠡᠭ ᠰᠠᠶᠢᠨ ᠪᠠᠶᠢᠪᠠᠯ ᠵᠤᠬᠢᠨ᠎ᠠ ᠭᠡᠵᠦ ᠪᠢ ᠪᠤᠳᠤᠳᠠᠭ᠃ ᠡᠶᠢᠮᠦ ᠠᠴᠠ ᠰᠢᠯᠢᠳᠡᠭ ᠠᠩᠭᠢ ᠨᠢᠭᠡᠴᠢ ᠶᠢ ᠪᠠᠶᠢᠭᠤᠯᠬᠤ ᠨᠢ ᠠᠩᠭᠢ ᠶᠢᠨ ᠡᠷᠬᠢᠯᠡᠭᠴᠢ ᠪᠠᠭᠰᠢ ᠶᠢᠨ ᠭᠠᠭᠴᠠ ᠬᠦᠮᠦᠨ ᠤ ᠤᠴᠢᠷ ᠪᠢᠰᠢ᠂ ᠠᠩᠭᠢ ᠶᠢᠨ ᠡᠷᠬᠢᠯᠡᠭᠴᠢ ᠪᠠᠭᠰᠢ ᠡᠷᠬᠡᠪᠰᠢ ᠦᠪᠡᠷ ᠤᠨ ᠠᠩᠭᠢ ᠳᠤ ᠪᠠᠨ ᠬᠢᠴᠢᠶᠡᠯ ᠤᠷᠤᠵᠦ ᠪᠠᠶᠢᠭ᠎ᠠ ᠡᠯ᠎ᠡ ᠬᠢᠴᠢᠶᠡᠯ ᠲᠦᠷᠦᠯ ᠤᠨ ᠪᠠᠭᠰᠢ ᠨᠠᠷ ᠲᠠᠢ ᠰᠠᠶᠢᠳᠦᠷ ᠬᠠᠮᠵᠢᠯᠴᠠᠵᠦ᠂ ᠬᠦᠴᠦᠨ ᠢᠶᠠᠨ ᠨᠢᠭᠡᠳᠬᠡᠪᠡᠯ ᠠᠩᠭᠢ ᠪᠠᠨ ᠨᠡᠩ ᠰᠢᠯᠢᠳᠡᠭ ᠪᠤᠯᠭᠠᠵᠦ ᠴᠢᠳᠠᠨ᠎ᠠ᠃       2014 ᠤᠨ ᠤ ᠨᠠᠮᠤᠷ ᠠᠴᠠ ᠪᠢ ᠬᠤᠶᠠᠳᠤᠭᠠᠷ ᠡᠭᠡᠯᠵᠢ ᠶᠢᠨ ᠠᠩᠭᠢ ᠪᠠᠨ ᠲᠤᠰᠪᠠ᠃ ᠮᠡᠳᠡᠭᠡᠵᠢ ᠪᠠᠷ᠂ ᠨᠡᠶᠢᠭᠡᠮ ᠤᠨ ᠬᠡᠯᠡ ᠤᠷᠴᠢᠨ ᠤ ᠨᠦᠯᠦᠭᠡ ᠠᠴᠠ ᠪᠤᠯᠵᠦ ᠮᠠᠨ ᠤ ᠮᠤᠩᠭᠤᠯ ᠰᠤᠷᠭᠠᠭᠤᠯᠢ ᠳᠤ ᠤᠷᠤᠵᠦ ᠢᠷᠡᠭᠰᠡᠨ ᠬᠡᠤᠬᠡᠳ ᠤᠳ ᠤᠨ ᠲᠤᠳᠤᠷ᠎ᠠ ᠮᠤᠩᠭᠤᠯ ᠦᠭᠡ ᠪᠠᠨ ᠪᠦᠷᠢᠨ ᠪᠦᠳᠦᠨ ᠶᠠᠷᠢᠵᠦ ᠴᠢᠳᠠᠳᠠᠭ ᠨᠢ ᠳᠡᠮᠡᠢ ᠬᠡᠳᠦ ᠦᠭᠡᠢ ᠪᠠᠶᠢᠯ᠎ᠠ᠃ ᠤᠨᠴᠠᠭᠠᠶᠢᠯᠠᠨ᠂ ᠮᠠᠨ ᠤ ᠡᠨᠡᠬᠦ ᠡᠸᠡᠩᠬᠢ᠂ ᠳᠠᠭᠤᠷ᠂ ᠬᠤᠷᠴᠢᠨ ᠮᠤᠩᠭᠤᠯ᠂ ᠪᠤᠷᠢᠶᠠᠳ ᠮᠤᠩᠭᠤᠯ᠂ ᠦᠭᠡᠯᠡᠳ ᠮᠤᠩᠭᠤᠯ ᠁ ᠵᠡᠷᠭᠡ ᠠᠳᠠᠯᠢ ᠪᠤᠰᠤ ᠦᠨᠳᠦᠰᠦᠲᠡᠨ ᠶᠠᠰᠤᠳᠠᠨ ᠲᠦᠪᠯᠡᠷᠡᠨ ᠰᠠᠭᠤᠭᠰᠠᠨ ᠬᠤᠰᠢᠭᠤᠨ ᠳᠤ ᠠᠪᠴᠦ ᠬᠡᠯᠡᠪᠡᠯ ᠮᠤᠩᠭᠤᠯ ᠬᠡᠯᠡ ᠪᠢᠴᠢᠭ ᠤᠨ ᠬᠢᠴᠢᠶᠡᠯ ᠢ ᠵᠢᠭᠠᠨ ᠰᠤᠷᠭᠠᠬᠤ ᠨᠢ ᠮᠠᠰᠢ ᠬᠦᠴᠢᠷᠳᠡᠢ ᠬᠢᠴᠢᠶᠡᠯ ᠲᠦᠷᠦᠯ ᠪᠤᠯᠤᠭᠠᠳ ᠪᠠᠶᠢᠪᠠ᠃ ᠡᠨᠡ ᠪᠠᠶᠢᠳᠠᠯ ᠳᠤ ᠴᠢᠭᠯᠡᠬᠦᠯᠦᠨ ᠪᠢ ᠮᠤᠩᠭᠤᠯ ᠬᠡᠯᠡ ᠪᠢᠴᠢᠭ ᠤᠨ ᠬᠢᠴᠢᠶᠡᠯ ᠤᠷᠤᠳᠠᠭ ᠪᠠᠭᠰᠢ ᠶᠢ ᠬᠠᠪᠰᠤᠷᠤᠨ ᠳᠡᠮᠵᠢᠵᠦ ᠡᠬᠢᠯᠡᠪᠡ᠃      ᠶᠠᠭᠤᠨ ᠤ ᠲᠦᠷᠦᠬᠦᠨ ᠳᠤ ᠪᠢ ᠰᠤᠷᠤᠭᠴᠢ ᠬᠤᠭᠤᠷᠤᠨᠳᠦ ᠪᠠᠨ ᠮᠤᠩᠭᠤᠯ ᠢᠶᠠᠷ ᠶᠠᠷᠢᠬᠤ ᠶᠢ ᠨᠢ ᠴᠢᠩᠭ᠎ᠠ ᠱᠠᠭᠠᠷᠳᠠᠵᠦ᠂ ᠦᠪᠡᠷ ᠢᠶᠠᠨ ᠬᠡᠳᠦ᠋ᠢᠪᠡᠷ ᠬᠢᠳᠠᠳ ᠬᠡᠯᠡᠨ ᠤ ᠪᠠᠭᠰᠢ ᠪᠤᠯᠪᠠᠴᠦ ᠰᠤᠷᠤᠭᠴᠢᠳ ᠲᠤ ᠪᠠᠨ ᠳᠠᠭᠤᠷᠢᠶᠠᠯ ᠪᠤᠯᠬᠤ ᠶᠢᠨ ᠲᠦᠯᠦᠭᠡ ᠳᠡᠳᠡᠨ ᠲᠠᠢ ᠮᠤᠩᠭᠤᠯ ᠢᠶᠠᠷ ᠶᠠᠷᠢᠬᠤ ᠶᠢ ᠪᠠᠷᠢᠮᠳᠠᠯᠠᠵᠦ ᠡᠬᠢᠯᠡᠪᠡ᠃ ᠡᠬᠦᠨ ᠤ ᠬᠠᠮᠳᠦ ᠦᠷᠯᠦᠭᠡ ᠶᠢᠨ ᠤᠩᠰᠢᠯᠭ᠎ᠠ ᠪᠦᠷᠢ ᠳᠤ ᠡᠷᠳᠡᠯᠡᠨ ᠢᠷᠡᠵᠦ᠂ ᠰᠢᠨ᠎ᠡ ᠰᠤᠷᠤᠭᠰᠠᠨ ᠦᠭᠡᠰ ᠢ ᠨᠢ ᠰᠤᠨᠤᠰᠴᠦ ᠪᠢᠴᠢᠨ᠂ ᠠᠯᠳᠠᠵᠦ ᠲᠠᠰᠢᠶᠠᠷᠠᠭᠰᠠᠨ ᠢ ᠳᠠᠷᠤᠢ ᠳᠤᠤᠷ᠎ᠠ ᠨᠢ ᠵᠠᠰᠠᠭᠤᠯᠤᠭᠠᠳ᠂ ᠮᠤᠩᠭᠤᠯ ᠬᠡᠯᠡ ᠪᠢᠴᠢᠭ ᠤᠨ ᠤᠩᠰᠢᠯᠭ᠎ᠠ ᠶᠢ ᠨᠢ ᠬᠢᠯᠭᠡᠳᠡᠭ᠃ ᠢᠩᠬᠢᠵᠦ ᠪᠠᠷᠢᠮᠳᠠᠯᠠᠭᠰᠠᠨ ᠤ ᠳ᠋ᠦᠩ ᠳᠤ ᠮᠠᠨ ᠤ ᠰᠤᠷᠤᠭᠴᠢᠳ ᠡᠳᠦᠷ ᠤᠨ ᠰᠤᠷᠤᠭᠰᠠᠨ ᠢᠶᠠᠨ ᠡᠳᠦᠷ ᠲᠤ ᠨᠢ ᠪᠠᠳᠤᠳᠬᠠᠨ᠂ ᠳᠠᠷᠠᠭ᠎ᠠ ᠦᠷᠯᠦᠭᠡᠨ ᠤ ᠠᠩᠭᠢ ᠶᠢᠨ ᠡᠷᠬᠢᠯᠡᠭᠴᠢ ᠪᠠᠭᠰᠢ ᠶᠢᠨ ᠰᠤᠨᠤᠰᠴᠦ ᠪᠢᠴᠢᠬᠦ ᠳᠠᠪᠠᠭ᠎ᠠ ᠶᠢ ᠰᠢᠯᠤᠭᠤᠬᠠᠨ ᠳᠠᠪᠠᠶ᠎ᠠ ᠭᠡᠵᠦ ᠴᠢᠷᠮᠠᠶᠢᠵᠠᠭᠠᠳᠠᠭ ᠪᠤᠯᠤᠭᠰᠠᠨ ᠪᠠᠶᠢᠨ᠎ᠠ᠃ ᠮᠠᠨ ᠤ ᠠᠩᠭᠢ ᠬᠡᠯᠡ ᠪᠢᠴᠢᠭ ᠤᠨ ᠬᠢᠴᠢᠶᠡᠯ ᠢᠶᠠᠨ ᠰᠠᠶᠢᠨ ᠰᠤᠷᠤᠭᠰᠠᠨ ᠠᠴᠠ ᠲᠤᠭᠠᠨ ᠤ ᠬᠢᠴᠢᠶᠡᠯ ᠤᠨ ᠤᠩᠰᠢᠨ ᠤᠶᠢᠯᠠᠭᠠᠬᠤ ᠴᠢᠳᠠᠪᠤᠷᠢ ᠨᠢ ᠴᠦ ᠰᠠᠶᠢᠨ ᠪᠤᠯᠵᠠᠢ᠃ ᠬᠡᠪᠡᠴᠦ ᠴᠡᠭᠡᠵᠢ ᠪᠤᠳᠤᠯᠭ᠎ᠠ ᠶᠢᠨ ᠲᠠᠯ᠎ᠠ ᠪᠠᠷ ᠬᠠᠶᠠ ᠵᠠᠷᠢᠮ ᠰᠤᠷᠤᠭᠴᠢ ᠮᠦᠨ ᠴᠦ ᠠᠨᠠᠶᠢᠬᠠᠨ ᠲᠤᠯᠠ ᠪᠢ ᠬᠡᠷ ᠤᠨ ᠠᠬᠠᠮᠠᠳ ᠲᠠᠢ ᠪᠠᠨ ᠬᠠᠮᠵᠢᠯᠴᠠᠨ᠂ ᠡᠳᠡᠭᠡᠷ ᠰᠤᠷᠤᠭᠴᠢᠳ ᠲᠤ ᠡᠳᠦᠷ ᠪᠤᠯᠭᠠᠨ ᠴᠡᠭᠡᠵᠢ ᠪᠠᠷ ᠪᠤᠳᠤᠬᠤ ᠪᠤᠯᠪᠠᠰᠤᠷᠠᠯ ᠬᠢᠯᠭᠡᠬᠦ ᠶᠢ ᠪᠠᠷᠢᠮᠳᠠᠯᠠᠪᠠ᠃ ᠡᠨᠡ ᠮᠡᠳᠦᠴᠢᠯᠡᠨ ᠪᠢ ᠡᠯ᠎ᠡ ᠲᠦᠷᠦᠯ ᠤᠨ ᠪᠠᠭᠰᠢ ᠲᠠᠢ ᠪᠠᠶᠢᠩᠭᠤ ᠨᠡᠪᠳᠡᠷᠡᠯᠴᠠᠬᠦ ᠪᠠᠷ ᠳᠠᠮᠵᠢᠨ ᠰᠤᠷᠤᠭᠴᠢᠳ ᠤᠨ ᠪᠤᠰᠤᠳ ᠬᠢᠴᠢᠶᠡᠯ ᠳᠡᠭᠡᠷᠡᠬᠢ ᠢᠯᠡᠷᠡᠯ ᠢ ᠨᠢ ᠳᠠᠷᠤᠢ ᠳᠤᠤᠷ᠎ᠠ ᠨᠢ ᠤᠶᠢᠯᠠᠭᠠᠵᠦ᠂ ᠬᠦᠯᠢᠴᠡᠩᠭᠦᠢ ᠳᠠᠭᠠᠭᠠᠮᠠᠭᠠᠢ ᠬᠦᠮᠦᠵᠢᠬᠦᠯᠵᠦ ᠤᠷᠤᠯᠳᠤᠭᠰᠠᠨ ᠠᠴᠠ ᠮᠠᠨ ᠤ ᠠᠩᠭᠢ ᠬᠤᠭᠤᠴᠠᠭ᠎ᠠ ᠪᠤᠯᠭᠠᠨ ᠤ ᠬᠤᠭᠤᠴᠠᠭᠠᠨ ᠡᠴᠦᠰ ᠤᠨ ᠪᠠᠶᠢᠴᠠᠭᠠᠯᠲᠠ ᠳᠤ ᠡᠯ᠎ᠡ ᠬᠢᠴᠢᠶᠡᠯ ᠲᠦᠷᠦᠯ ᠳᠤ ᠪᠠᠨ ᠴᠦᠮ ᠤᠨ ᠳᠤᠲᠤᠷ᠎ᠠ ᠪᠠᠨ ᠤᠷᠦ᠋ᠢᠯᠠᠳᠠᠭ ᠪᠤᠯᠪᠠ᠃ ᠬᠢᠷᠢ ᠲᠡᠩᠴᠡᠯᠲᠡ ᠶᠢᠨ ᠨᠤᠷᠮ᠎ᠠ ᠨᠢ ᠴᠦ ᠪᠤᠰᠤᠳ ᠠᠩᠭᠢ ᠠᠴᠠ ᠦᠨᠳᠦᠷᠬᠡᠨ ᠪᠠᠶᠢᠯ᠎ᠠ᠃ ᠢᠩᠬᠢᠭᠰᠡᠨ ᠠᠴᠠ ᠠᠩᠭᠢ ᠶᠢᠨ ᠰᠤᠷᠤᠯᠴᠠᠬᠤ ᠠᠭᠤᠷ ᠠᠮᠢᠰᠬᠤᠯ ᠤᠯᠠᠮ ᠠᠴᠠ ᠰᠠᠶᠢᠵᠢᠷᠠᠭᠰᠠᠨ ᠪᠠᠶᠢᠨ᠎ᠠ᠃ ︽ᠨᠢᠭᠡ ᠰᠤᠷᠤᠭᠴᠢ ᠳᠤ ᠠᠪᠴᠦ ᠬᠡᠯᠡᠪᠡᠯ ᠵᠦᠪᠬᠡᠨ ᠰᠠᠶᠢᠨ ᠵᠢᠭᠠᠳᠠᠭ ᠪᠠᠭᠰᠢ ᠲᠤᠬᠢᠶᠠᠯᠳᠤᠪᠠᠯ ᠡᠨᠡ ᠬᠡᠤᠬᠡᠳ ᠰᠠᠶᠢᠨ ᠰᠤᠷᠤᠭᠠᠳ ᠲᠡᠶᠢᠯᠦᠨ᠎ᠡ ᠭᠡᠵᠦ ᠬᠡᠯᠡᠬᠦ ᠶᠢᠨ ᠠᠷᠭ᠎ᠠ ᠦᠭᠡᠢ᠂ ᠬᠠᠷᠢᠨ ᠲᠡᠬᠦᠨ ᠳᠤ ᠨᠢᠭᠡᠨ ᠰᠠᠶᠢᠨ ᠬᠠᠮᠳᠤᠯᠢᠭ ᠲᠤᠬᠢᠶᠠᠯᠳᠤᠬᠤ ᠨᠢ ᠲᠡᠬᠦᠨ ᠤ ᠦᠰᠦᠨ ᠪᠤᠶᠢᠵᠢᠯᠲᠠ ᠬᠢᠭᠡᠳ ᠠᠯᠬᠤᠮ ᠳᠠᠪᠰᠢᠯᠲᠠ ᠳᠤ ᠡᠶᠡᠷᠬᠦ ᠨᠦᠯᠦᠭᠡ ᠪᠤᠯᠵᠦ᠂ ᠰᠠᠶᠢᠨ ᠰᠤᠷᠬᠤ ᠳᠤ ᠨᠢ ᠡᠷᠴᠢ ᠬᠦᠴᠦ ᠦᠭᠳᠡᠭ︾ ᠬᠡᠵᠦ ᠨᠢᠭᠡᠨ ᠡᠷᠳᠡᠮᠳᠡᠨ ᠶᠠᠷᠢᠵᠦ ᠦᠩᠭᠡᠷᠡᠭᠰᠡᠨ᠃ ᠡᠶᠢᠮᠦ ᠠᠴᠠ ᠪᠢ ᠲᠡᠷᠡᠬᠦ ᠦᠭᠡᠳᠡ ᠳᠠᠪᠰᠢᠯᠲᠠ ᠲᠠᠢ ︽ᠬᠠᠮᠳᠤᠯᠢᠭ︾ ᠢ ᠪᠠᠶᠢᠭᠤᠯᠬᠤ ᠪᠠᠷ ᠨᠡᠩ ᠴᠢᠷᠮᠠᠶᠢᠨ᠎ᠠ᠃      ᠲᠦᠷᠪᠡ᠂ ᠬᠡᠷ ᠤᠨ ᠠᠬᠠᠮᠠᠳ ᠨᠢᠭᠡᠪᠦᠷᠢ ᠶᠢ ᠬᠦᠨᠳᠦᠳᠬᠡᠨ ᠤᠶᠢᠯᠠᠭᠠᠬᠤ ᠬᠡᠷᠡᠭᠳᠡᠢ᠃      ᠪᠠᠭᠰᠢ ᠨᠠᠷ ᠤᠨ ᠶᠠᠷᠢᠶ᠎ᠠ ᠵᠤᠭᠤᠭ ᠠᠴᠠ ᠠᠯᠢ ᠨᠢᠭᠡ ᠬᠡᠷ ᠤᠨ ᠠᠬᠠᠮᠠᠳ ᠨᠢ ᠬᠡᠤᠬᠡᠳ ᠢᠶᠠᠨ ᠬᠠᠮᠢᠶᠠᠷᠬᠤ ᠦᠭᠡᠢ ᠪᠠᠶᠢᠨ᠎ᠠ᠂ ᠠᠯᠢ ᠨᠢᠭᠡ ᠬᠡᠷ ᠤᠨ ᠠᠬᠠᠮᠠᠳ ᠨᠢ ᠪᠠᠭᠰᠢ ᠲᠠᠢ ᠬᠠᠮᠵᠢᠯᠴᠠᠬᠤ ᠦᠭᠡᠢ ᠪᠠᠶᠢᠨ᠎ᠠ ᠭᠡᠵᠦ ᠡᠯᠳᠡᠪ ︽ᠵᠤᠪᠠᠯᠠᠩ︾ ᠲᠤᠭᠠᠴᠢᠬᠤ ᠶᠢ ᠨᠢ ᠳᠠᠩᠳᠠ ᠰᠤᠨᠤᠰᠳᠠᠬ᠃ ᠡᠨᠡ ᠪᠤᠯ ᠡᠩ ᠤᠨ ᠦᠵᠡᠭᠳᠡᠯ᠂ ᠪᠢ ᠴᠦ ᠬᠡᠰᠡᠨ ᠰᠠᠶ᠋ᠢ ᠡᠬᠢᠯᠡᠬᠦ ᠳᠤ ᠪᠠᠨ ᠢᠩᠬᠢᠵᠦ ᠶᠠᠷᠢᠳᠠᠭ ᠯᠡ ᠪᠠᠶᠢᠭᠰᠠᠨ᠂ ᠬᠤᠵᠢᠮ ᠨᠢ ᠢᠩᠬᠢᠵᠦ ᠶᠠᠷᠢᠬᠤ ᠨᠢ ᠪᠤᠷᠤᠭᠤ ᠭᠡᠳᠡᠭ ᠢᠶᠠᠨ ᠮᠠᠳᠠᠵᠠᠢ᠃ ᠡᠨᠡ ᠨᠢ ᠮᠢᠨᠤ ᠬᠡᠤᠬᠡᠨ ᠤ ᠰᠤᠷᠭᠠᠭᠤᠯᠢ ᠳᠤ ᠤᠷᠤᠭᠰᠠᠨ ᠲᠠᠢ ᠬᠤᠯᠪᠤᠭ᠎ᠠ ᠲᠠᠢ ᠶᠤᠮ᠃ ᠬᠡᠤᠬᠡᠨ ᠮᠢᠨᠢ ᠰᠤᠷᠭᠠᠭᠤᠯᠢ ᠳᠤ ᠤᠷᠤᠭᠰᠠᠨ ᠠᠴᠠ ᠬᠤᠶᠢᠰᠢ ᠪᠢ ᠴᠦ ᠬᠡᠰᠡᠨ ᠬᠡᠷ ᠤᠨ ᠠᠬᠠᠮᠠᠳ ᠪᠤᠯᠪᠠ᠃ ᠦᠪᠡᠷ ᠢᠶᠠᠨ ᠬᠡᠷ ᠤᠨ ᠠᠬᠠᠮᠠᠳ ᠪᠤᠯᠤᠭᠰᠠᠨ ᠤ ᠳᠠᠷᠠᠭ᠎ᠠ᠂ ᠬᠡᠷ ᠤᠨ ᠠᠬᠠᠮᠠᠳ ᠪᠤᠯᠬᠤ ᠨᠢ ᠲᠡᠶᠢᠮᠦ ᠴᠦ ᠬᠢᠯᠪᠠᠷ ᠪᠢᠰᠢ ᠭᠡᠳᠡᠭ ᠢ ᠤᠶᠢᠯᠠᠭᠠᠭᠰᠠᠨ ᠠᠴᠠ ᠦᠪᠡᠷ ᠤᠨ ᠠᠩᠭᠢ ᠶᠢᠨ ᠬᠡᠷ ᠤᠨ ᠠᠬᠠᠮᠠᠳ ᠢᠶᠠᠨ ᠨᠡᠩ ᠤᠶᠢᠯᠠᠭᠠᠵᠦ ᠡᠬᠢᠯᠡᠭᠰᠡᠨ ᠪᠢᠯᠡ᠃ ᠨᠢᠭᠡ ᠰᠢᠯᠢᠳᠡᠭ ᠰᠠᠶᠢᠨ ᠠᠩᠭᠢ ᠶᠢᠨ ᠡᠷᠬᠢᠯᠡᠭᠴᠢ ᠪᠤᠯᠤᠶ᠎ᠠ ᠭᠡᠪᠡᠯ ᠬᠡᠷ ᠤᠨ ᠠᠬᠠᠮᠠᠳ ᠨᠢᠭᠡᠪᠦᠷᠢ ᠶᠢ ᠬᠦᠨᠳᠦᠳᠬᠡᠨ ᠤᠶᠢᠯᠠᠭᠠᠵᠦ ᠰᠤᠷᠬᠤ ᠬᠡᠷᠡᠭᠳᠡᠢ᠃ ᠬᠠᠮᠤᠭ ᠭᠤᠤᠯ ᠨᠢ ᠬᠡᠷ ᠤᠨ ᠠᠬᠠᠮᠠᠳ ᠤᠨ ᠪᠠᠶᠢᠷᠢᠨ ᠳᠤ ᠵᠤᠭᠰᠤᠨ ᠠᠰᠠᠭᠤᠳᠠᠯ ᠢ ᠪᠤᠳᠤᠯᠬᠢᠯᠠᠵᠦ ᠰᠤᠷᠬᠤ ᠶᠠᠪᠤᠳᠠᠯ ᠪᠤᠯᠤᠨ᠎ᠠ᠃      1. ᠬᠡᠷ ᠤᠨ ᠠᠬᠠᠮᠠᠳ ᠪᠠ ᠪᠠᠭᠰᠢ ᠶᠢᠨ ᠬᠠᠷᠢᠴᠠᠭ᠎ᠠ      ᠡᠳᠦᠷ ᠳᠤᠲᠤᠮ ᠤᠨ ᠠᠮᠢᠳᠤᠷᠠᠯ ᠰᠤᠷᠤᠯᠴᠠᠯᠭ᠎ᠠ ᠶᠢᠨ ᠳᠤᠮᠳᠠ ᠰᠤᠷᠤᠭᠴᠢ ᠪᠠ ᠰᠤᠷᠤᠭᠴᠢ ᠶᠢᠨ ᠬᠤᠭᠤᠷᠤᠨᠳᠦ᠂ ᠪᠠᠭᠰᠢ ᠪᠠ ᠰᠤᠷᠤᠭᠴᠢ ᠶᠢᠨ ᠬᠤᠭᠤᠷᠤᠨᠳᠦ᠂ ᠬᠡᠷ ᠤᠨ ᠠᠬᠠᠮᠠᠳ ᠪᠠ ᠪᠠᠭᠰᠢ ᠶᠢᠨ ᠳᠤᠮᠳᠠ᠂ ᠬᠡᠷ ᠤᠨ ᠠᠬᠠᠮᠠᠳ ᠪᠠ ᠬᠡᠷ ᠤᠨ ᠠᠬᠠᠮᠠᠳ ᠤᠨ ᠳᠤᠮᠳᠠ ᠵᠦᠢᠯ ᠪᠤᠯᠭᠠᠨ ᠤ ᠵᠦᠷᠢᠴᠡᠯ ᠪᠤᠶᠤ ᠰᠢᠢᠳᠪᠤᠷᠢᠯᠡᠬᠦ ᠴᠢᠬᠤᠯᠠ ᠲᠠᠢ ᠤᠴᠢᠷ ᠤᠳ ᠡᠬᠦᠰᠳᠡᠭ᠃ ︽ᠲᠤᠭᠤᠯᠵᠦ ᠭᠠᠷᠬᠤ ᠠᠴᠠ ᠪᠢᠰᠢ᠂ ᠲᠤᠭᠤᠷᠢᠵᠦ ᠭᠠᠷᠳᠠᠭ ᠦᠭᠡᠢ︾ ᠭᠡᠳᠡᠭ ᠢᠶᠠᠷ ᠡᠳᠡᠭᠡᠷ ᠤᠴᠢᠷ ᠤᠳ ᠢ ᠡᠪᠯᠡᠬᠦᠯᠬᠦ ᠳᠤ ᠪᠢᠳᠡ ᠬᠡᠷ ᠤᠨ ᠠᠬᠠᠮᠠᠳ ᠲᠠᠢ ᠯᠡ ᠬᠠᠮᠵᠢᠵᠦ ᠪᠠᠶᠢᠭᠠᠳ ᠰᠢᠢᠳᠪᠤᠷᠢᠯᠡᠳᠡᠭ᠃ ᠡᠶᠢᠮᠦ ᠠᠴᠠ ᠭᠡᠷ ᠤᠨ ᠠᠬᠠᠮᠠᠳ ᠬᠢᠭᠡᠳ ᠠᠩᠭᠢ ᠶᠢᠨ ᠡᠷᠬᠢᠯᠡᠭᠴᠢ ᠶᠢᠨ ᠬᠠᠷᠢᠴᠠᠭ᠎ᠠ ᠶᠢ ᠵᠢᠭᠠᠰᠤ ᠤᠰᠤᠨ ᠤ ᠬᠠᠷᠢᠴᠠᠭ᠎ᠠ ᠬᠡᠵᠦ ᠬᠡᠯᠡᠵᠦ ᠪᠤᠯᠤᠨ᠎ᠠ᠃ ᠭᠡᠷᠪᠡ ᠪᠢᠳᠡ ᠤᠷᠤᠨ ᠪᠠᠶᠢᠷᠢ ᠪᠠᠨ ᠰᠤᠯᠢᠵᠦ ᠰᠡᠳᠬᠢᠵᠦ ᠴᠢᠳᠠᠳᠠᠭ ᠯᠡ ᠶᠤᠮ ᠪᠤᠯ ᠬᠡᠷ ᠤᠨ ᠠᠬᠠᠮᠠᠳ ᠲᠠᠢ ᠡᠶ᠎ᠡ ᠵᠤᠬᠢᠴᠠᠯ ᠲᠠᠢ ᠬᠠᠷᠢᠯᠴᠠᠵᠦ ᠲᠡᠶᠢᠯᠦᠨ᠎ᠡ᠃ ᠳᠡᠭᠡᠬᠦ ᠳᠤ ᠬᠦᠷᠪᠡᠯ ᠬᠦᠴᠢᠷ ᠠᠰᠠᠭᠤᠳᠠᠯ ᠨᠢ ᠴᠦ ᠠᠶᠠᠨᠳᠠᠭᠠᠨ ᠬᠢᠯᠪᠠᠷᠬᠠᠨ ᠠᠰᠠᠭᠤᠳᠠᠯ ᠪᠤᠯᠴᠢᠬᠠᠨ᠎ᠠ᠃      2. ᠬᠡᠷ ᠤᠨ ᠠᠬᠠᠮᠠᠳ ᠢᠶᠠᠨ ᠤᠶᠢᠯᠠᠭᠠᠬᠤ      ᠪᠢᠳᠡ ᠬᠡᠷ ᠤᠨ ᠠᠬᠠᠮᠠᠳ ᠲᠠᠢ ᠠᠭᠤᠯᠵᠠᠮᠠᠭᠴᠠ ᠲᠠᠨ ᠤ ᠬᠡᠤᠬᠡᠳ ᠤᠨ ᠡᠨᠡ ᠨᠢ ᠪᠤᠯᠬᠤ ᠦᠭᠡᠢ᠂ ᠲᠡᠷᠡ ᠨᠢ ᠪᠤᠯᠬᠤ ᠦᠭᠡᠢ᠂ ᠬᠡᠤᠬᠡᠳ ᠢᠶᠠᠨ ᠶᠠᠭᠤᠨ ᠳᠤ ᠬᠠᠮᠢᠶᠠᠷᠬᠤ ᠦᠭᠡᠢ ᠪᠠᠶᠢᠳᠠᠭ ᠶᠤᠮ ᠬᠡᠵᠦ ᠰᠤᠷᠤᠭᠴᠢ ᠪᠠᠨ ᠵᠠᠩᠨᠠᠵᠦ ᠪᠠᠶᠢᠬᠤ ᠰᠢᠬ ᠦᠴᠦᠬᠡᠨ ᠴᠦ ᠨᠠᠶᠢᠷ ᠢᠯᠳᠠᠷ ᠬᠠᠶᠠᠬᠤ ᠦᠭᠡᠢ ᠰᠢᠬᠦᠮᠵᠢᠯᠡᠵᠦ ᠭᠠᠷᠬᠤ ᠨᠢ ᠢᠯᠡᠬᠦᠦ ᠳᠤ ᠪᠠᠨ ᠡᠰᠡᠷᠬᠦ ᠦᠢᠯᠡᠳᠦᠯ ᠦᠵᠡᠭᠦᠯᠦᠨ᠎ᠡ᠃ ᠪᠠᠭᠰᠢ ᠳᠤ ᠰᠢᠬᠦᠮᠵᠢᠯᠡᠭᠳᠡᠭᠰᠡᠨ ᠬᠡᠷ ᠤᠨ ᠠᠬᠠᠮᠠᠳ ᠯᠠᠪ ᠪᠠᠭᠰᠢ ᠲᠠᠢ ᠳᠠᠬᠢᠨ ᠠᠭᠤᠯᠵᠠᠬᠤ ᠶᠢ ᠬᠦᠰᠡᠬᠦ ᠦᠭᠡᠢ᠃ ᠪᠠᠭᠰᠢ ᠳᠤ ᠰᠢᠬᠦᠮᠵᠢᠯᠡᠭᠳᠡᠭᠰᠡᠨ ᠭᠡᠷ ᠤᠨ ᠠᠬᠠᠮᠠᠳ ᠬᠡᠷ ᠲᠤ ᠪᠠᠨ ᠤᠴᠢᠭᠠᠳ ᠬᠡᠤᠬᠡᠳ ᠲᠤ ᠪᠠᠨ ᠠᠭᠤᠷ ᠢᠶᠠᠨ ᠭᠠᠷᠭᠠᠬᠤ ᠨᠢ ᠯᠠᠪᠳᠠᠢ︕ ᠢᠩᠬᠢᠭᠡᠳ ᠬᠡᠤᠬᠡᠳ ᠬᠢᠭᠡᠳ ᠬᠡᠷ ᠤᠨ ᠠᠬᠠᠮᠠᠳ ᠬᠠᠮᠳᠦ ᠳᠤ ᠪᠠᠨ ᠠᠩᠭᠢ ᠶᠢᠨ ᠡᠷᠬᠢᠯᠡᠭᠴᠢ ᠠᠴᠠ ᠵᠢᠷᠦᠭᠡᠰᠢᠶᠡᠵᠦ ᠡᠬᠢᠯᠡᠨ᠎ᠡ᠂ ᠴᠠᠭᠠᠰᠢᠯᠠᠪᠠᠯ ᠳᠤᠷ᠎ᠠ ᠦᠭᠡᠶᠢᠴᠡᠨ᠎ᠡ᠃ ᠡᠶᠢᠮᠦ ᠠᠴᠠ ᠪᠢᠳᠡ ᠶᠠᠭᠠᠬᠢᠬᠰᠡᠨ ᠴᠦ ᠭᠡᠷ ᠤᠨ ᠠᠬᠠᠮᠠᠳ ᠤᠨ ᠪᠡᠶ᠎ᠡ ᠪᠠᠨ ᠬᠦᠨᠳᠦᠳᠬᠡᠬᠦ ᠰᠡᠳᠬᠢᠯᠭᠡ ᠶᠢ ᠪᠠᠯᠠᠯᠵᠦ ᠪᠤᠯᠬᠤ ᠦᠭᠡᠢ᠂ ᠨᠢᠭᠤᠷ ᠨᠢᠳᠦ ᠦᠭᠡᠢ ᠰᠢᠬᠦᠮᠵᠢ ᠲᠠᠯᠪᠢᠵᠦ ᠶᠠᠭᠠᠬᠢᠭᠰᠠᠨ ᠴᠦ ᠪᠤᠯᠳᠠᠭ ᠦᠭᠡᠢ ᠶᠤᠮ᠃ ᠬᠡᠷᠪᠡ ᠢᠩᠬᠢᠬᠦ ᠳᠤ ᠬᠦᠷᠪᠡᠯ ᠪᠢᠳᠡ ᠬᠡᠷ ᠤᠨ ᠠᠬᠠᠮᠠᠳ ᠤᠨ ᠢᠶᠠᠨ ᠢᠳᠡᠭᠡᠯ ᠳᠡᠮᠵᠢᠯᠭᠡ ᠶᠢ ᠪᠦᠷᠢᠮᠦᠰᠦᠨ ᠠᠯᠳᠠᠵᠦ᠂ ᠪᠠᠭᠰᠢ ᠬᠢᠭᠡᠳ ᠭᠡᠷ ᠤᠨ ᠠᠬᠠᠮᠠᠳ ᠤᠨ ᠬᠤᠭᠤᠷᠤᠨᠳᠤᠬᠢ ᠬᠠᠷᠢᠯᠴᠠᠭᠠᠨ ᠤ ᠬᠠᠭᠠᠯᠭ᠎ᠠ ᠮᠠᠨᠢ ᠠᠶᠠᠨᠳᠠᠭᠠᠨ ᠪᠢᠳᠡᠬᠦᠮᠵᠢᠯᠡᠭᠳᠡᠵᠦ᠂ ᠬᠡᠤᠬᠡᠳ ᠢ ᠰᠤᠷᠭᠠᠵᠦ ᠬᠦᠮᠦᠵᠢᠬᠦᠯᠬᠦ ᠳᠤ ᠨᠡᠩ ᠴᠦ ᠶᠡᠭᠡ ᠬᠦᠴᠢᠷᠳᠡᠯᠭᠡ ᠲᠤᠯᠭᠠᠷᠠᠬᠤ ᠪᠤᠯᠤᠨ᠎ᠠ᠃ ᠬᠡᠷ ᠤᠨ ᠠᠬᠠᠮᠠᠳ ᠠᠩᠭᠢ ᠶᠢᠨ ᠡᠷᠬᠢᠯᠡᠭᠴᠢ ᠪᠠᠭᠰᠢ ᠲᠠᠢ ᠠᠭᠤᠯᠵᠠᠬᠤ ᠪᠤᠯᠭᠠᠨ ᠳᠤ ᠬᠡᠤᠬᠡᠳ ᠤᠨ ᠢᠶᠠᠨ ᠰᠠᠶᠢᠨ ᠴᠢᠮᠡᠭᠡ ᠶᠢ ᠤᠯᠵᠦ ᠰᠤᠨᠤᠰᠤᠶ᠎ᠠ ᠭᠡᠵᠦ ᠭᠤᠷᠢᠯᠠᠬᠤ ᠨᠢ ᠯᠠᠪᠳᠠᠢ᠃ ᠭᠡᠳᠡᠯ᠎ᠡ ᠪᠢᠳᠡ ᠠᠭᠤᠯᠵᠠᠮᠠᠭᠴᠠ ᠬᠡᠤᠬᠡᠳ ᠤᠨ ᠬᠢᠨᠢ ᠬᠦᠷᠦᠯᠴᠡᠬᠦ ᠦᠭᠡᠢ ᠵᠦᠢᠯ ᠢ ᠶᠠᠷᠢᠵᠦ ᠯᠡ ᠪᠠᠶᠢᠪᠠᠯ ᠬᠡᠷ ᠤᠨ ᠠᠬᠠᠮᠠᠳ ᠤᠨ ᠰᠡᠳᠬᠢᠯᠭᠡ ᠶᠡᠭᠡ ᠬᠦᠨᠳᠦ ᠪᠠᠶᠢᠳᠠᠯ ᠳᠤ ᠤᠷᠤᠴᠢᠬᠠᠨ᠎ᠠ᠃ ᠬᠡᠷᠪᠡ ᠪᠢᠳᠡ ᠦᠪᠡᠷ ᠢ ᠪᠠᠨ ᠬᠡᠷ ᠤᠨ ᠠᠬᠠᠮᠠᠳ ᠤᠨ ᠪᠠᠶᠢᠷᠢᠨ ᠳᠤ ᠲᠠᠯᠪᠢᠭᠠᠳ᠂ ᠤᠷᠮ᠎ᠠ ᠰᠡᠳᠬᠢᠯᠭᠡ ᠮᠠᠨᠢ ᠶᠠᠮᠠᠷᠬᠠᠨ ᠪᠤᠯᠬᠤ ᠲᠤᠬᠠᠢ ᠪᠠᠶᠢᠷᠢ ᠪᠠᠨ ᠰᠤᠯᠢᠨ ᠪᠤᠳᠤᠯᠬᠢᠯᠠᠵᠦ ᠦᠵᠡᠪᠡᠯ᠂ ᠦᠨᠡᠨ ᠬᠦ ᠬᠡᠷ ᠤᠨ ᠠᠬᠠᠮᠠᠳ ᠢ ᠪᠠᠨ ᠤᠶᠢᠯᠠᠭᠠᠵᠦ ᠲᠡᠶᠢᠯᠬᠦ ᠪᠤᠯᠤᠨ᠎ᠠ᠃      ᠲᠡᠶᠢᠮᠦ ᠠᠴᠠ ᠪᠢ ᠬᠡᠷ ᠤᠨ ᠠᠬᠠᠮᠠᠳ ᠲᠠᠢ ᠬᠠᠷᠢᠯᠴᠠᠬᠤ ᠳᠤ ᠪᠠᠨ ᠳᠡᠳᠡᠨ ᠤ ᠨᠡᠷ᠎ᠡ ᠬᠦᠨᠳᠦ ᠶᠢ ᠬᠦᠨᠳᠦᠳᠬᠡᠬᠦ ᠶᠢ ᠠᠩᠬᠠᠷᠳᠠᠭ ᠠᠴᠠ ᠭᠠᠳᠠᠨ᠎ᠠ᠂ ᠳᠡᠳᠡᠨ ᠲᠠᠢ ᠶᠠᠷᠢᠯᠴᠠᠬᠤ ᠠᠷᠭ᠎ᠠ ᠬᠡᠯᠪᠡᠷᠢ ᠪᠠᠨ ᠴᠦ ᠮᠠᠰᠢ ᠠᠩᠬᠠᠷᠳᠠᠭ ᠶᠤᠮ᠃      3. ᠬᠡᠷ ᠤᠨ ᠠᠬᠠᠮᠠᠳ ᠲᠠᠢ ᠬᠠᠷᠢᠯᠴᠠᠬᠤ ᠠᠷᠭ᠎ᠠ      ᠬᠡᠷ ᠤᠨ ᠠᠬᠠᠮᠠᠳ ᠲᠠᠢ ᠶᠠᠷᠢᠯᠴᠠᠬᠤ ᠪᠤᠯᠭᠠᠨ ᠳᠤ ᠪᠠᠨ ᠬᠡᠤᠬᠡᠳ ᠤᠨ ᠬᠢᠨᠢ ᠳᠠᠪᠰᠢᠯᠲᠠ ᠲᠠᠢ ᠲᠠᠯ᠎ᠠ ᠶᠢ ᠨᠤᠳᠠᠯᠠᠭᠰᠠᠨ ᠰᠠᠭᠤᠷᠢᠨ ᠳᠡᠭᠡᠷ᠎ᠡ ᠭᠡᠷ ᠤᠨ ᠠᠬᠠᠮᠠᠳ ᠤᠨ ᠠᠵᠢᠯ ᠠᠮᠢᠳᠤᠷᠠᠯ ᠢ ᠨᠢ ᠬᠠᠯᠠᠮᠵᠢᠯᠠᠨ ᠠᠰᠠᠭᠤᠵᠦ᠂ ᠳᠡᠳᠡᠨ ᠢ ᠶᠡᠬᠡᠬᠡᠨ ᠤᠶᠢᠯᠠᠭᠠᠵᠦ ᠪᠠᠶᠢᠭ᠎ᠠ ᠡᠬᠦᠳᠡᠨ ᠠᠴᠠ ᠬᠠᠷᠢᠯᠴᠠᠪᠠᠯ᠂ ᠳᠡᠳᠡᠨ ᠤ ᠰᠡᠳᠬᠢᠯ ᠳᠤ ᠯᠠᠪ ᠳᠤᠯᠠᠭᠠᠬᠠᠨ ᠰᠠᠨᠠᠭᠳᠠᠨ᠎ᠠ᠃ ᠡᠨᠡ ᠰᠠᠭᠤᠷᠢᠨ ᠳᠤ ᠪᠠᠭᠰᠢ ᠨᠠᠷ ᠲᠤ ᠳᠡᠮᠵᠢᠯᠭᠡ ᠦᠭᠬᠦ ᠪᠤᠶᠤ ᠬᠠᠮᠵᠢᠯᠴᠠᠭ᠎ᠠ ᠦᠵᠡᠬᠦᠯᠬᠦ ᠶᠢ ᠭᠡᠷ ᠤᠨ ᠠᠬᠠᠮᠠᠳ ᠲᠤ ᠪᠠᠨ ᠨᠠᠶᠢᠳᠠᠨ᠎ᠠ᠃ ᠳᠡᠭᠡᠬᠦ ᠳᠤ ᠬᠡᠷ ᠤᠨ ᠠᠬᠠᠮᠠᠳ ᠨᠠᠷ ᠴᠦ ᠠᠮᠠᠷᠬᠠᠨ ᠨᠠᠶᠢᠳᠠᠯᠭ᠎ᠠ ᠶᠢ ᠬᠦᠯᠢᠶᠡᠨ ᠠᠪᠬᠤ ᠮᠦᠷᠳᠡᠭᠡᠨ ᠳᠤᠷᠠᠲᠠᠶᠢᠶ᠎ᠠ ᠠᠩᠭᠢ ᠶᠢᠨ ᠠᠵᠢᠯ ᠤᠨ ᠲᠦᠯᠦᠭᠡ ᠦᠢᠯᠡᠴᠢᠯᠡᠬᠦ ᠪᠤᠯᠤᠨ᠎ᠠ᠃      ᠪᠢ ᠶᠡᠷᠦ ᠳᠤ ᠪᠠᠨ ᠲᠤᠭᠳᠠᠭᠰᠠᠨ ᠬᠤᠭᠤᠴᠠᠭ᠎ᠠ ᠲᠠᠢ ᠪᠠᠷ ᠬᠡᠷ ᠤᠨ ᠠᠬᠠᠮᠠᠳ ᠤᠨ ᠬᠤᠷᠠᠯ ᠬᠢᠵᠦ᠂ ᠬᠡᠷ ᠤᠨ ᠠᠬᠠᠮᠠᠳ ᠲᠤ ᠪᠠᠨ ᠬᠡᠤᠬᠡᠳ ᠤᠨ ᠬᠢᠨᠢ ᠪᠠᠶᠢᠳᠠᠯ ᠢ ᠬᠠᠷᠢᠭᠤ ᠲᠤᠰᠬᠠᠳᠠᠭ᠂ ᠨᠡᠩ ᠴᠢᠬᠤᠯᠠ ᠨᠢ ᠬᠡᠷ ᠤᠨ ᠠᠬᠠᠮᠠᠳ ᠲᠠᠢ ᠪᠠᠨ ᠬᠠᠮᠳᠦ ᠠᠩᠭᠢ ᠶᠢᠨ ᠢᠶᠠᠨ ᠶᠡᠭᠡ ᠪᠠᠭ᠎ᠠ ᠶᠠᠪᠤᠳᠠᠯ ᠤᠳ ᠢᠶᠠᠨ ᠶᠠᠷᠢᠯᠴᠠᠨ ᠵᠦᠪᠯᠡᠳᠡᠭ᠃ ᠬᠡᠷ ᠤᠨ ᠠᠬᠠᠮᠠᠳ ᠳᠤᠷᠠᠳᠠᠢ ᠯᠡ ᠶᠤᠮ ᠪᠤᠯ ᠪᠢ ᠴᠢᠳᠠᠬᠤ ᠶᠢᠨ ᠬᠢᠷᠢ ᠪᠠᠷ ᠳᠡᠳᠡᠨ ᠢ ᠠᠩᠭᠢ ᠶᠢᠨ ᠢᠶᠠᠨ ᠡᠯ᠎ᠡ ᠵᠦᠢᠯ ᠤᠨ ᠬᠦᠳᠡᠯᠭᠡᠭᠡᠨ ᠳᠤ ᠪᠠᠨ ᠤᠷᠢᠳᠠᠭ ᠶᠤᠮ᠃ ᠬᠦᠳᠡᠯᠭᠡᠭᠡᠨ ᠢᠶᠠᠨ ᠲᠦᠰᠦᠪᠯᠡᠬᠦ ᠳᠤ ᠪᠠᠨ ᠳᠡᠳᠡᠨ ᠢᠶᠠᠷ ᠬᠦᠳᠡᠯᠭᠡᠭᠡᠨ ᠢ ᠦᠷ᠎ᠡ ᠪᠦᠳᠦᠮᠵᠢᠲᠡᠢ ᠶᠠᠪᠤᠭᠳᠠᠭᠤᠯᠬᠤ ᠠᠷᠭ᠎ᠠ ᠤᠬᠠᠭᠠᠨ ᠳᠤᠷᠠᠳᠤᠭᠤᠯᠵᠦ᠂ ᠢᠳᠡᠪᠬᠢᠵᠢᠯ ᠢ ᠨᠢ ᠳᠠᠶᠢᠴᠢᠯᠠᠳᠠᠭ᠃ ᠢᠩᠬᠢᠵᠦ ᠳᠠᠰᠬᠠᠭᠰᠠᠨ ᠠᠴᠠ ᠪᠤᠯᠵᠦ ᠬᠡᠷ ᠤᠨ ᠠᠬᠠᠮᠠᠳ ᠤᠳ ᠮᠠᠨᠢ ᠠᠩᠭᠢ ᠶᠢᠨ ᠬᠦᠳᠡᠯᠭᠡᠭᠡᠨ ᠶᠠᠪᠤᠭᠳᠠᠬᠤ ᠪᠦᠷᠢ ᠰᠠᠨᠠᠭᠠᠴᠢᠯᠠᠭ᠎ᠠ ᠠᠴᠠ ᠪᠠᠨ ᠰᠤᠷᠭᠠᠭᠤᠯᠢ ᠳᠤ ᠬᠦᠷᠦᠯᠴᠡᠨ ᠢᠷᠡᠭᠡᠳ᠂ ᠠᠩᠭᠢ ᠶᠢᠨ ᠬᠡᠷ ᠢ ᠴᠢᠮᠡᠭᠯᠡᠵᠦ ᠦᠭᠬᠦ᠂ ᠬᠡᠤᠬᠡᠳ ᠤᠳ ᠢ ᠬᠠᠮᠢᠶᠠᠷᠴᠦ ᠦᠭᠬᠦ᠂ ᠬᠤᠪᠴᠠᠰᠦ ᠵᠠᠰᠠᠯ ᠢ ᠨᠢ ᠴᠢᠮᠡᠵᠦ ᠦᠭᠬᠦ ᠁ ᠮᠡᠳᠦ ᠪᠠᠷ ᠬᠠᠪᠰᠤᠷᠤᠯᠭ᠎ᠠ ᠦᠵᠡᠬᠦᠯᠳᠡᠭ ᠪᠤᠯᠪᠠ᠃ ᠪᠢ ᠴᠦ ᠬᠡᠰᠡᠨ ᠬᠡᠷ ᠤᠨ ᠠᠬᠠᠮᠠᠳ ᠲᠤ ᠪᠠᠨ ᠤᠷᠮ᠎ᠠ ᠬᠠᠶᠢᠷᠠᠯᠠᠬᠤ ᠵᠤᠷᠢᠯᠲᠠ ᠠᠴᠠ ᠬᠦᠳᠡᠯᠭᠡᠭᠡᠨ ᠢᠶᠠᠨ ᠳ᠋ᠦᠩᠨᠡᠬᠦ ᠳᠤ ᠪᠠᠨ ᠰᠤᠷᠤᠭᠴᠢᠳ ᠢᠶᠠᠨ ᠱᠠᠩᠨᠠᠨ ᠵᠤᠷᠢᠬᠵᠢᠭᠤᠯᠬᠤ ᠶᠢᠨ ᠬᠠᠮᠳᠦ ᠬᠡᠷ ᠤᠨ ᠠᠬᠠᠮᠠᠳ ᠢᠶᠠᠨ ᠴᠦ ᠱᠠᠩᠨᠠᠳᠠᠭ ᠪᠠᠶᠢᠪᠠ᠃ ᠡᠨᠡ ᠮᠡᠳᠦ ᠪᠠᠷ ᠬᠡᠷ ᠤᠨ ᠠᠬᠠᠮᠠᠳ ᠨᠠᠷ ᠲᠠᠢ ᠬᠠᠮᠳᠦ ᠳᠤ ᠪᠠᠨ ᠪᠠᠶᠠᠷ ᠪᠠᠭ᠋ᠠᠳᠤᠯ ᠬᠢᠭᠡᠳ ᠠᠮᠵᠢᠯᠲᠠ ᠤᠯᠤᠯᠲᠠ ᠪᠠᠨ ᠬᠤᠪᠢᠶᠠᠯᠴᠠᠬᠤ ᠨᠢ ᠬᠡᠤᠬᠡᠳ ᠤᠨ ᠦᠰᠦᠨ ᠪᠤᠶᠢᠵᠢᠯᠲᠠ ᠳᠤ ︽ᠪᠤᠰᠤᠳ ᠢ ᠬᠦᠨᠳᠦᠳᠬᠡᠵᠦ ᠪᠠᠶᠢᠭ᠎ᠠ ᠨᠢ ᠦᠪᠡᠷ ᠢ ᠪᠠᠨ ᠬᠦᠨᠳᠦᠳᠭᠡᠵᠦ ᠪᠠᠶᠢᠭ᠎ᠠ ᠤᠴᠢᠷ︾ ᠭᠡᠳᠡᠭ ᠶᠤᠰᠤᠨ ᠢ ᠳᠠᠮ ᠢᠶᠠᠷ ᠤᠯᠠᠮᠵᠢᠯᠠᠭᠰᠠᠨ ᠪᠢᠯᠡ᠃      ᠡᠳᠡᠭᠡᠷ ᠵᠢᠯ ᠤᠳ ᠲᠤ ᠪᠢ ᠬᠡᠷ ᠤᠨ ᠠᠬᠠᠮᠠᠳ ᠢᠶᠠᠨ ᠤᠶᠢᠯᠠᠭᠠᠨ ᠬᠦᠨᠳᠦᠳᠬᠡᠵᠦ᠂ ᠳᠡᠳᠡᠨ ᠲᠠᠢ ᠲᠤᠳᠤᠨᠤ ᠨᠠᠶᠢᠵᠠ ᠮᠡᠳᠦ ᠨᠦᠬᠦᠷᠰᠡᠭ ᠬᠠᠷᠢᠴᠠᠭ᠎ᠠ ᠪᠠᠶᠢᠭᠤᠯᠤᠭᠰᠠᠨ ᠠᠴᠠ ᠳᠡᠳᠡ ᠮᠢᠨᠤ ᠠᠵᠢᠯ ᠢ ᠨᠡᠩ ᠳᠡᠮᠵᠢᠳᠡᠭ ᠪᠤᠯᠤᠭᠰᠠᠨ ᠪᠦᠭᠡᠳ ᠬᠡᠷ ᠪᠦᠯᠢ ᠶᠢᠨ ᠤᠴᠢᠷ ᠢᠶᠠᠨ ᠴᠦ ᠵᠠᠷᠢᠮ ᠳᠤ ᠪᠠᠨ ᠨᠠᠳᠠ ᠲᠠᠢ ᠵᠦᠪᠳᠡᠯᠴᠡᠳᠡᠭ ᠪᠤᠯᠤᠭᠰᠠᠨ ᠪᠠᠶᠢᠨ᠎ᠠ᠃      ᠲᠠᠪᠤ᠂ ᠰᠤᠷᠭᠠᠭᠤᠯᠢ ᠶᠢᠨ ᠠᠵᠢᠯ ᠨᠢᠭᠡᠪᠦᠷᠢ ᠶᠢ ᠰᠡᠳᠬᠢᠯ ᠲᠠᠯᠪᠢᠨ ᠰᠠᠶᠢᠳᠤᠷ ᠬᠦᠢᠴᠡᠳᠬᠡᠬᠦ ᠬᠡᠷᠡᠭᠳᠡᠢ᠃      ᠪᠢ ᠪᠤᠯ ᠨᠢᠭᠡᠨ ᠡᠭᠡᠯ ᠶᠡᠷᠦᠮᠳᠡᠭ᠂ ᠴᠢᠳᠠᠪᠤᠷᠢ ᠮᠡᠬᠦᠰᠬᠡᠨ ᠪᠠᠭᠰᠢ ᠶᠤᠮ ᠡ᠃ ᠲᠤᠬᠠᠶᠢᠯᠠᠪᠠᠯ ᠪᠢ ᠳᠠᠭᠤᠯᠠᠵᠦ ᠪᠦᠵᠢᠭᠯᠡᠬᠦ᠂ ᠵᠢᠷᠤᠵᠦ ᠴᠢᠮᠡᠭᠯᠡᠬᠦ ᠵᠡᠷᠭᠡ ᠴᠢᠳᠠᠪᠤᠷᠢ ᠪᠠᠷ ᠪᠦᠷ ᠠᠨᠠᠶᠢᠬᠠᠨ᠃ ᠲᠡᠶᠢᠮᠦ ᠠᠴᠠ ᠪᠢ ᠰᠤᠷᠭᠠᠭᠤᠯᠢ ᠶᠢᠨ ᠢᠶᠠᠨ ᠲᠤᠬᠢᠷᠠᠭᠤᠯᠤᠭᠰᠠᠨ ᠶᠠᠮᠠᠷ ᠨᠢᠭᠡᠨ ᠠᠵᠢᠯ ᠢ ᠴᠦ ᠬᠡᠰᠡᠨ ᠤᠰᠤᠯᠳᠤᠬᠤ ᠠᠴᠠ ᠬᠢᠴᠢᠶᠡᠨ᠂ ᠪᠤᠰᠤᠳ ᠠᠴᠠ ᠤᠷᠢᠳᠴᠢᠯᠠᠨ ᠪᠡᠯᠡᠳᠬᠡᠯ ᠬᠢᠵᠦ ᠪᠦᠳᠦᠮᠵᠢᠲᠡᠢ ᠬᠢᠶ᠎ᠡ ᠬᠡᠵᠦ ᠠᠷᠭ᠎ᠠ ᠪᠦᠬᠦᠨ ᠢ ᠰᠦᠪᠡᠭᠴᠢᠯᠡᠳᠡᠭ ᠶᠤᠮ᠃ ᠮᠡᠳᠡᠭᠡᠵᠢ ᠪᠠᠷ᠂ ᠮᠠᠨ ᠤ ᠰᠤᠷᠭᠠᠭᠤᠯᠢ ᠪᠤᠯ ᠬᠤᠰᠢᠭᠤᠨ ᠲᠦᠪ ᠲᠤ ᠪᠠᠨ ᠪᠠᠶᠢᠭ᠎ᠠ ᠴᠤᠷᠢ ᠶᠢᠨ ᠭᠠᠭᠴᠠ ᠮᠤᠩᠭᠤᠯ ᠢᠶᠠᠷ ᠬᠢᠴᠢᠶᠡᠯᠯᠡᠳᠡᠭ ᠰᠤᠷᠭᠠᠭᠤᠯᠢ ᠪᠤᠯᠬᠤᠷ ᠤᠷᠠᠯᠢᠭ ᠤᠨ ᠲᠠᠯ᠎ᠠ ᠪᠠᠷ ᠤᠨᠴᠠᠯᠢᠬᠲᠦ ᠰᠤᠷᠭᠠᠭᠤᠯᠢ ᠪᠤᠯᠵᠠᠢ᠃ ᠲᠡᠶᠢᠮᠦ ᠠᠴᠠ ᠮᠠᠨ ᠤ ᠰᠤᠷᠭᠠᠭᠤᠯᠢ ᠬᠤᠭᠤᠴᠠᠭ᠎ᠠ ᠪᠦᠷᠢ ᠤᠷᠠᠯᠢᠭ ᠰᠤᠶᠤᠯ ᠤᠨ ᠬᠦᠳᠡᠯᠭᠡᠭᠡᠨ ᠢ ᠤᠯᠠᠨᠳᠠ ᠦᠷᠨᠢᠬᠦᠯᠳᠡᠭ᠃ ᠲᠤᠬᠠᠶᠢᠯᠠᠪᠠᠯ᠂ ᠳᠤᠮᠳᠠ ᠠᠩᠭᠢ ᠶᠢᠨ ᠬᠦᠳᠡᠯᠭᠡᠭᠡᠨ᠂ ᠭᠤᠤᠯ ᠰᠡᠳᠦᠪᠲᠦ ᠠᠩᠭᠢ ᠶᠢᠨ ᠬᠤᠷᠠᠯ᠂ ᠰᠢᠯᠦᠭ ᠤᠨ ᠤᠷᠤᠯᠳᠤᠭᠠᠨ᠂ ᠨᠠᠶᠢᠷᠠᠯ ᠳᠠᠭᠤᠨ ᠤ ᠮᠦᠷᠦ᠋ᠢᠴᠡᠭᠡᠨ᠂ ᠤᠷᠠᠯᠢᠭ ᠤᠨ ᠨᠠᠶᠢᠷ ᠁ ᠵᠡᠷᠭᠡ ᠬᠦᠳᠡᠯᠭᠡᠭᠡᠨ ᠨᠦᠭᠦᠳ ᠴᠠᠰᠤᠨ ᠯᠠᠪᠰᠠ ᠮᠡᠳᠦ ᠳᠠᠷᠠᠭ᠎ᠠ ᠳᠠᠷᠠᠭᠠᠯᠠᠨ ᠴᠦᠷᠬᠦᠯᠡᠳᠡᠭ᠃ ᠪᠢ ᠠᠯᠢ ᠴᠦ ᠤᠷᠤᠯᠳᠤᠭᠠᠨ ᠮᠦᠷᠦ᠋ᠢᠴᠡᠭᠡᠨ ᠳᠤ ᠨᠢ ᠠᠩᠭᠢ ᠶᠢᠨ ᠬᠡᠤᠬᠡᠳ ᠢᠶᠠᠨ ᠢᠳᠡᠭᠡᠯ ᠲᠡᠬᠦᠯᠳᠡᠷ ᠤᠷᠤᠯᠴᠠᠭᠤᠯᠬᠤ ᠪᠠᠷ ᠨᠠᠷᠢᠨ ᠬᠢᠨᠠᠮᠠᠭᠠᠢ ᠰᠡᠳᠬᠢᠯ ᠲᠠᠯᠪᠢᠨ ᠪᠡᠯᠡᠳᠬᠡᠳᠡᠭ᠃      ᠬᠡᠳᠦ᠋ᠢᠪᠡᠷ ᠪᠢ ᠲᠤᠪᠤᠶᠢᠮ᠎ᠠ ᠴᠢᠳᠠᠪᠤᠷᠢ ᠦᠭᠡᠢ ᠭᠡᠳᠡᠭ ᠪᠤᠯᠪᠠᠴᠦ ᠠᠪᠢᠶᠠᠰᠯᠢᠭ ᠪᠠᠭᠰᠢ ᠮᠠᠨ ᠤ ᠰᠤᠷᠭᠠᠭᠤᠯᠢ ᠳᠤ ᠮᠤᠩ ᠦᠭᠡᠢ ᠤᠯᠠᠨ ᠪᠤᠯᠬᠤᠷ ᠳᠡᠳᠡᠨ ᠤ ᠠᠪᠢᠶᠠᠰ ᠲᠤ ᠲᠦᠰᠢᠨ᠂ ᠳᠡᠳᠡᠨ ᠢᠶᠠᠷ ᠵᠢᠯᠤᠭᠤᠳᠤᠭᠤᠯᠤᠨ ᠰᠤᠷᠤᠭᠴᠢᠳ ᠲᠤ ᠪᠠᠨ ᠳᠠᠭᠤᠤ ᠪᠦᠵᠢᠭ ᠢ ᠨᠢ ᠡᠵᠡᠮᠰᠢᠬᠦᠯᠳᠡᠭ᠃ ᠡᠨᠡ ᠰᠠᠭᠤᠷᠢᠨ ᠳᠡᠭᠡᠷ᠎ᠡ ᠪᠢ ᠦᠪᠡᠷ ᠢᠶᠠᠨ ᠢᠯᠡᠬᠦᠬᠡᠨ ᠬᠦᠴᠦ ᠭᠠᠷᠭᠠᠨ ᠰᠤᠷᠤᠭᠴᠢ ᠪᠠᠨ ᠪᠤᠯᠪᠠᠰᠤᠷᠠᠩᠭᠤᠢ ᠪᠤᠯᠳᠠᠯ᠎ᠡ ᠨᠢ ᠪᠤᠯᠪᠠᠰᠤᠷᠠᠭᠤᠯᠳᠠᠭ᠃ ᠠᠮᠠᠷᠠᠬᠤ ᠴᠠᠭ ᠢᠶᠠᠨ ᠴᠦ ᠦᠷᠡᠭᠳᠡᠬᠦᠯᠵᠦ ᠪᠠᠶᠢᠭᠠᠳ᠂ ᠬᠦᠳᠡᠯᠭᠡᠭᠡᠨ ᠤ ᠪᠠᠨ ᠴᠢᠨᠠᠷ ᠴᠢᠨᠰᠠᠭ᠎ᠠ ᠪᠠᠨ ᠪᠠᠳᠤᠯᠠᠬᠤ ᠶᠢ ᠯᠡ ᠪᠤᠳᠤᠳᠠᠭ᠃ ᠡᠬᠦᠨ ᠤ ᠵᠡᠷᠭᠡ ᠪᠠᠷ ᠪᠤᠰᠤᠳ ᠠᠴᠠ ᠤᠨᠴᠠᠯᠢᠭᠳᠠᠬᠤ ᠵᠦᠢᠯ ᠲᠠᠢ ᠪᠤᠯᠭᠠᠬᠤ ᠪᠠᠷ ᠰᠢᠨ᠎ᠡ ᠡᠬᠦᠳᠦᠯᠲᠡ ᠲᠠᠢ ᠵᠦᠢᠯ ᠢ ᠬᠦᠳᠡᠯᠭᠡᠭᠡᠨ ᠳᠤ ᠪᠠᠨ ᠤᠷᠤᠭᠤᠯᠬᠤ ᠶᠢ ᠠᠩᠬᠠᠷᠳᠠᠭ᠃ ᠶᠠᠭ ᠢᠩᠬᠢᠵᠦ ᠮᠠᠨ ᠤ ᠠᠩᠭᠢ ᠨᠢ ᠪᠤᠰᠤᠳ ᠠᠴᠠ ᠤᠷᠢᠳᠴᠢᠯᠠᠵᠦ ᠪᠡᠯᠡᠳᠬᠡᠳᠡᠭ ᠪᠦᠭᠡᠳ ᠪᠤᠰᠤᠳ ᠠᠴᠠ ᠢᠯᠡᠬᠦᠦ ᠴᠠᠭ ᠵᠠᠷᠤᠴᠠᠭᠤᠯᠤᠨ ᠪᠤᠯᠪᠠᠰᠤᠷᠠᠳᠠᠭ ᠠᠴᠠ ᠡᠯ᠎ᠡ ᠵᠦᠢᠯ ᠤᠨ ᠤᠷᠤᠯᠳᠤᠭᠠᠨ ᠬᠦᠳᠡᠯᠭᠡᠭᠡᠨ ᠳᠤ ᠶᠡᠷᠦ ᠠᠴᠠ ᠬᠠᠨᠤᠮᠵᠢᠲᠠᠢ ᠰᠠᠶᠢᠨ ᠦᠷ᠎ᠡ ᠳ᠋ᠦᠩ ᠢ ᠬᠦᠷᠳᠡᠭᠰᠡᠭᠡᠷ ᠢᠷᠡᠵᠡᠢ᠃ ᠮᠦᠨ ᠴᠦ ᠰᠤᠷᠭᠠᠭᠤᠯᠢ ᠨᠡᠶᠢᠳᠡ ᠳᠤ ᠮᠡᠳᠡᠷᠡᠭᠳᠡᠭᠰᠡᠨ ᠰᠢᠯᠢᠳᠡᠭ ᠠᠩᠭᠢ ᠨᠢᠭᠡᠴᠢ ᠶᠢᠨ ᠨᠢᠭᠡ ᠨᠢ ᠪᠤᠯᠤᠭᠰᠠᠨ ᠶᠤᠮ᠃ ᠡᠨᠡ ᠨᠢ ᠮᠢᠨᠤ ᠠᠩᠭᠢ ᠶᠢᠨ ᠡᠷᠬᠢᠯᠡᠭᠴᠢ ᠶᠢᠨ ᠠᠵᠢᠯ ᠤᠨ ᠳᠤᠮᠳᠠᠬᠢ ᠤᠮᠤᠭᠰᠢᠯ ᠪᠤᠯᠵᠦ ᠨᠠᠮ᠎ᠠ ᠶᠢ ᠵᠤᠷᠢᠬᠵᠢᠭᠤᠯᠤᠭᠰᠠᠭᠠᠷ ᠡ᠃      ᠡᠬᠦᠨ ᠳᠤ ᠵᠠᠷᠢᠮ ᠬᠦᠮᠦᠨ᠄ ︽ᠲᠠᠨ ᠤ ᠠᠩᠭᠢ ᠳᠤ ᠲᠤᠬᠢᠶᠠᠭᠰᠠᠨ ᠰᠤᠷᠤᠭᠴᠢ ᠴᠦᠮ ᠰᠠᠶᠢᠨ ᠰᠤᠷᠤᠭᠴᠢ︾ ᠭᠡᠵᠦ ᠬᠡᠯᠡᠳᠡᠭ᠃ ᠵᠠᠷᠢᠮ ᠨᠢ ᠪᠠᠰᠠ᠄ ︽ᠲᠠᠨ ᠤ ᠠᠩᠭᠢ ᠶᠢᠨ ᠭᠡᠷ ᠤᠨ ᠠᠬᠠᠮᠠᠳ ᠴᠢᠨᠢ ᠴᠦᠮ ᠬᠠᠷᠢᠭᠤᠴᠠᠯᠭ᠎ᠠ ᠲᠠᠢ︾ ᠭᠡᠵᠦ ᠶᠠᠷᠢᠳᠠᠭ᠃ ᠭᠡᠳᠡᠯ᠎ᠡ ᠮᠢᠨᠤ ᠦᠵᠡᠬᠦ ᠪᠠᠷ ᠰᠠᠶᠢᠨ ᠰᠤᠷᠤᠭᠴᠢ᠂ ᠰᠠᠶᠢᠨ ᠬᠡᠷ ᠤᠨ ᠠᠬᠠᠮᠠᠳ ᠲᠠᠢ ᠪᠠᠶᠢᠨ᠎ᠠ ᠭᠡᠳᠡᠭ ᠨᠢ ᠠᠩᠭᠢ ᠶᠢᠨ ᠡᠷᠬᠢᠯᠡᠭᠴᠢ ᠪᠠᠭᠰᠢ ᠶᠢᠨ ᠤᠶᠢᠭ᠎ᠠ ᠦᠭᠡᠢ ᠬᠦᠴᠦᠨ ᠴᠢᠷᠮᠠᠶᠢᠯᠭ᠎ᠠ ᠬᠢᠭᠡᠳ ᠠᠷᠭ᠎ᠠ ᠤᠬᠠᠭᠠᠨ ᠠᠴᠠ ᠰᠠᠯᠤᠰᠢ ᠦᠭᠡᠢ ᠶᠤᠮ ᠡ᠃      ᠰᠤᠷᠭᠠᠭᠤᠯᠢ ᠶᠢᠨ ᠡᠯ᠎ᠡ ᠵᠦᠢᠯ ᠤᠨ ᠠᠵᠢᠯ ᠤᠨ ᠳᠤᠮᠳᠠ ᠬᠠᠮᠤᠭ ᠵᠦᠳᠡᠷᠡᠯᠲᠡᠢ ᠪᠤᠯᠪᠠᠴᠦ ᠬᠠᠮᠤᠭ ᠠᠵᠠ ᠵᠢᠷᠭᠠᠯ ᠲᠠᠢ ᠠᠵᠢᠯ ᠪᠤᠯ ᠬᠠᠰᠢᠯᠠ ᠠᠩᠭᠢ ᠶᠢᠨ ᠡᠷᠬᠢᠯᠡᠭᠴᠢ ᠶᠢᠨ ᠠᠵᠢᠯ ᠮᠦᠨ᠃ ︽ᠠᠵᠢᠯ ᠳᠤ ᠪᠠᠨ ᠬᠠᠨᠳᠤᠬᠤ ᠦᠨᠡᠨᠴᠢ ᠤᠪᠤᠷ ᠬᠢᠭᠡᠳ ᠴᠢᠷᠮᠠᠶᠢᠯᠭ᠎ᠠ᠂ ᠬᠠᠷᠢᠯᠴᠠᠨ ᠤᠶᠢᠯᠠᠭᠠᠯᠴᠠᠬᠤ ᠪᠠ ᠬᠠᠷᠢᠯᠴᠠᠨ ᠢᠳᠡᠭᠡᠬᠦ᠂ ᠬᠠᠷᠢᠭᠤᠴᠠᠯᠭ᠎ᠠ ᠪᠠ ᠬᠠᠶᠢᠷ᠎ᠠ ᠬᠠᠯᠠᠮᠵᠢ︾ ᠨᠢ ᠮᠢᠨᠤ ᠬᠡᠵᠢᠶᠡᠳᠡ ᠰᠠᠬᠢᠬᠤ ᠪᠠᠷᠢᠮᠳᠠᠯᠠᠯ ᠮᠦᠨ᠃                                         ᠬᠠᠶ᠋ᠢᠬ᠄ ᠡᠸᠡᠩᠬᠢ ᠬᠤᠰᠢᠭᠤᠨ ᠤ ᠨᠢᠭᠡᠳᠦᠭᠡᠷ                                                 ᠲᠤᠷᠰᠢᠯᠲᠠ ᠶᠢᠨ ᠪᠠᠭ᠎ᠠ ᠰᠤᠷᠭᠠᠭᠤᠯᠢ                                                 ︵ᠰᠦᠶ᠎ᠠ ᠨᠠᠶᠢᠷᠠᠭᠤᠯᠪᠠ︶                                                         2020 ᠤᠨ ᠤ 2 ᠳ᠋ᠤᠭᠠᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠥᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map