ᠴᠡᠴᠡᠷᠯᠢᠭ ᠤᠨ ᠵᠢᠭᠠᠨ ᠰᠤᠷᠭᠠᠯᠲᠠ ᠳᠤ ᠬᠡᠤᠬᠡᠯᠳᠡᠢ ᠵᠦᠴᠦᠬᠡ ᠶᠢ ᠬᠡᠷᠬᠢᠨ ᠠᠰᠢᠭᠯᠠᠬᠤ ᠪᠤᠢ
ᠨᠡᠶᠢᠲᠡᠯᠡᠭᠰᠡᠨ ᠴᠠᠭ᠄
2020/5/22
                                                       ᠰᠤᠷᠤᠨ᠎ᠠ        ᠬᠡᠤᠬᠡᠳ ᠤᠨ ᠬᠦᠮᠦᠵᠢᠯ ᠪᠤᠯ ᠰᠤᠷᠭᠠᠨ ᠬᠦᠮᠦᠵᠢᠯ ᠤᠨ ᠠᠯᠢᠪᠠ ᠦᠢᠯᠡ ᠠᠵᠢᠯᠯᠠᠭᠠᠨ ᠤ ᠰᠠᠭᠤᠷᠢ ᠶᠢᠨ ᠰᠠᠭᠤᠷᠢ ᠪᠤᠯᠤᠨ᠎ᠠ᠃ ᠲᠡᠶᠢᠮᠦ ᠠᠴᠠ ᠮᠠᠨ ᠤ ᠣᠯᠣᠰ ᠨᠢ ᠬᠡᠤᠬᠡᠳ ᠤᠨ ᠰᠣᠷᠭᠠᠨ ᠬᠦᠮᠦᠵᠢᠯ ᠢ ᠳᠡᠭᠡᠲᠦ ᠬᠡᠮᠵᠢᠶ᠎ᠡ ᠪᠠᠷ ᠴᠢᠬᠤᠯᠠᠴᠢᠯᠠᠵᠤ᠂ ᠳᠡᠷᠡ ᠳᠤᠰᠤᠮ ᠢᠶᠠᠨ ᠴᠡᠴᠡᠷᠯᠢᠭ ᠤᠨ ᠵᠢᠭᠠᠨ ᠰᠤᠷᠭᠠᠯᠳᠠ ᠶᠢᠨ ᠳᠠᠯ᠎ᠠ ᠪᠠᠷ ᠮᠠᠰᠢ ᠤᠯᠠᠨ ᠦᠭᠡᠷᠡᠴᠢᠯᠡᠯᠲᠡ ᠬᠢᠵᠤ᠂ ᠴᠡᠴᠡᠷᠯᠢᠭ ᠤᠨ ᠪᠠᠭᠰᠢ ᠨᠠᠷ ᠤᠨ ᠲᠤᠰᠬᠠᠢ ᠠᠵᠢᠯ ᠤᠨ ᠬᠡᠪ ᠴᠢᠨᠠᠷ ᠢ ᠤᠯᠠᠮ ᠴᠢᠩᠭᠠᠳᠬᠠᠭᠰᠠᠨ ᠪᠠᠶᠢᠨ᠎ᠠ᠃ ᠳᠤᠬᠠᠶᠢᠯᠠᠪᠠᠯ᠂ ᠶᠡᠷᠦᠩᠬᠡᠶ ᠱᠦᠵᠢ ᠰᠢ ᠶᠢᠨ ᠫᠢᠩ᠄ ︽ᠨᠢᠭᠡ ᠬᠥᠮᠦᠨ ᠰᠠᠶᠢᠨ ᠪᠠᠭᠰᠢ ᠲᠠᠢ ᠲᠠᠭᠠᠷᠠᠬᠤ ᠪᠣᠯ ᠬᠥᠮᠦᠨ ᠤ ᠠᠮᠢᠳᠤᠷᠠᠯ ᠤᠨ ᠠᠵᠠ ᠵᠠᠪᠰᠢᠶᠠᠨ ᠮᠥᠨ᠂ ᠨᠢᠭᠡ ᠰᠤᠷᠭᠠᠭᠤᠯᠢ ᠳᠤ ᠰᠠᠶᠢᠨ ᠪᠠᠭᠰᠢ ᠲᠠᠢ ᠪᠠᠶᠢᠬᠤ ᠪᠣᠯ ᠰᠤᠷᠭᠠᠭᠤᠯᠢ ᠶᠢᠨ ᠢᠷᠠᠭᠤ ᠠᠯᠳᠠᠷ ᠮᠥᠨ᠂ ᠨᠢᠭᠡ ᠦᠨᠳᠦᠰᠦᠲᠡᠨ ᠠᠴᠠ ᠲᠠᠰᠤᠷᠠᠯᠲᠠ ᠥᠬᠡᠶ ᠨᠢᠭᠡ ᠪᠦᠯᠦᠭ ᠰᠠᠶᠢᠨ ᠪᠠᠭᠰᠢ ᠴᠣᠯᠭᠤᠷᠠᠨ ᠭᠠᠷᠬᠤ ᠪᠣᠯ ᠦᠨᠳᠦᠰᠦᠲᠡᠨ ᠤ ᠬᠦᠰᠡᠯ ᠡᠷᠡᠮᠡᠯᠵᠡᠯ ᠮᠥᠨ︾ ᠬᠡᠮᠡᠨ ᠵᠢᠭᠠᠵᠤ ᠭᠠᠷᠭᠠᠭᠰᠠᠨ ᠪᠠᠶᠢᠳᠠᠭ᠃ ᠡᠶᠢᠮᠦ ᠠᠴᠠ ᠪᠢᠳᠡ ᠥᠪᠡᠷ ᠤᠨ ᠲᠤᠰᠬᠠᠢ ᠮᠡᠷᠭᠡᠵᠢᠯ ᠤᠨ ᠢᠶᠠᠨ ᠬᠡᠪ ᠪᠣᠯᠪᠠᠰᠤᠷᠠᠯ ᠢᠶᠠᠨ ᠲᠠᠰᠣᠷᠠᠯᠲᠠ ᠦᠭᠡᠢ ᠳᠡᠭᠡᠭᠰᠢᠯᠡᠭᠦᠯᠵᠦ᠂ ᠬᠡᠦᠬᠡᠳ ᠪᠠᠭᠠᠴᠤᠳ ᠲᠤ ᠪᠠᠨ ᠰᠠᠶᠢᠨ ᠰᠠᠶᠢᠬᠠᠨ ᠰᠤᠷᠤᠯᠴᠠᠬᠤ ᠣᠷᠴᠢᠨ ᠲᠣᠭᠤᠷᠢᠨ ᠢ ᠪᠦᠷᠢᠯᠳᠦᠬᠦᠯᠦᠨ ᠦᠭᠴᠦ᠂ ᠬᠡᠤᠬᠡᠳ ᠤᠨ ᠦᠰᠦᠨ ᠪᠤᠶᠢᠵᠢᠯᠳᠠ ᠶᠢ ᠡᠷᠡᠬᠦᠯ ᠢᠶᠠᠷ ᠨᠦᠯᠦᠬᠡᠯᠡᠬᠦ᠂ ᠳᠡᠳᠡᠨ ᠤ ᠪᠡᠶ᠎ᠡ ᠰᠡᠳᠬᠢᠴᠡ ᠶᠢᠨ ᠬᠦᠭᠵᠢᠯᠳᠡ ᠳᠤ ᠴᠢᠬᠤᠯᠠ ᠠᠴᠢ ᠬᠤᠯᠪᠤᠭᠳᠠᠯ ᠲᠠᠢ ᠰᠤᠷᠭᠠᠨ ᠬᠦᠮᠦᠵᠢᠯ ᠤᠨ ᠲᠤᠭᠳᠠᠯᠴᠠᠭ᠎ᠠ ᠶᠢ ᠪᠤᠢ ᠪᠤᠯᠭᠠᠬᠤ ᠨᠢ ᠮᠠᠰᠢ ᠴᠢᠬᠤᠯᠠ ᠶᠤᠮ᠃ ᠪᠦᠬᠦ ᠤᠯᠤᠰ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠥᠯᠥᠭᠡᠯᠡᠭᠴᠢ ᠴᠢ ᠮᠧᠶ᠄ ︽ᠤᠯᠠᠮᠵᠢᠯᠠᠯᠲᠤ ᠰᠣᠶᠣᠯ ᠢ ᠰᠤᠷᠭᠠᠭᠤᠯᠢ ᠶᠢᠨ ᠵᠢᠭᠠᠨ ᠰᠣᠷᠭᠠᠯᠲᠠ ᠲᠠᠢ ᠠᠭᠤᠰᠤᠯᠴᠠᠭᠤᠯᠤᠨ ᠨᠡᠪᠲᠡᠷᠡᠭᠦᠯᠬᠦ ᠨᠢ ᠭᠤᠣᠯᠳᠠᠯᠭ᠎ᠠ ᠪᠣᠯᠤᠨ᠎ᠠ︾ ᠭᠡᠰᠡᠨ ᠪᠠ ᠪᠦᠬᠦ ᠤᠯᠤᠰ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠥᠯᠥᠭᠡᠯᠡᠭᠴᠢ ᠯᠢᠶᠣᠤ ᠬᠤᠸᠠ ᠭᠧ᠄ ︽ᠰᠣᠶᠣᠯ ᠤᠨ ᠢᠲᠡᠭᠡᠯ ᠢ ᠪᠠᠲᠤᠳᠬᠠᠬᠤ ᠳᠤ ᠵᠠᠯᠠᠭᠤᠴᠤᠳ ᠪᠠᠭᠠᠴᠤᠳ ᠠᠴᠠ ᠡᠬᠢᠯᠡᠨ ᠠᠳᠬᠤᠵᠤ᠂ ᠬᠡᠦᠬᠡᠳ ᠤᠨ ᠴᠡᠴᠡᠷᠯᠢᠭ᠂ ᠪᠠᠭ᠎ᠠ ᠰᠤᠷᠭᠠᠭᠤᠯᠢ᠂ ᠳᠤᠮᠳᠠᠳᠤ ᠰᠤᠷᠭᠠᠭᠤᠯᠢ ᠠᠴᠠ ᠶᠡᠭᠡ ᠰᠤᠷᠭᠠᠭᠤᠯᠢ ᠬᠦᠷᠲᠡᠯ᠎ᠡ ᠤᠯᠠᠮᠵᠢᠯᠠᠯᠲᠤ ᠰᠣᠶᠣᠯ ᠰᠤᠷᠭᠠᠨ ᠬᠥᠮᠦᠵᠢᠯ ᠤᠨ ᠪᠦᠷᠬᠦᠴᠡ ᠶᠢ ᠨᠡᠮᠡᠭᠳᠡᠭᠦᠯᠬᠦ ᠬᠡᠷᠡᠭᠲᠡᠢ︾ ᠭᠡᠬᠦ ᠮᠡᠳᠦ ᠶᠢᠨ ᠴᠢᠬᠤᠯᠠ ᠰᠠᠨᠠᠯ ᠳᠤᠷᠠᠳᠤᠯᠭ᠎ᠠ ᠲᠠᠯᠪᠢᠭᠰᠠᠨ ᠪᠠᠶᠢᠳᠠᠭ᠃ ᠮᠤᠩᠭᠤᠯ ᠴᠡᠴᠡᠷᠯᠢᠭ ᠤᠨ ᠵᠢᠭᠠᠨ ᠰᠤᠷᠭᠠᠯᠲᠠ ᠳᠤ ᠪᠠᠨ ᠬᠡᠤᠬᠡᠯᠲᠡᠢ ᠵᠦᠴᠦᠭᠡ ᠶᠢ ᠠᠰᠢᠭᠯᠠᠬᠤ ᠨᠢ ᠬᠡᠤᠬᠡᠳ ᠤᠨ ᠬᠦᠮᠦᠵᠢᠯ ᠳᠤ ᠤᠯᠠᠨ ᠳᠠᠯ᠎ᠠ ᠶᠢᠨ ᠠᠰᠢᠭ ᠲᠠᠢ ᠮᠦᠷᠳᠡᠬᠡᠨ ᠤᠳᠤᠬᠢ ᠰᠤᠷᠭᠠᠨ ᠬᠦᠮᠦᠵᠢᠯ ᠤᠨ ᠦᠬᠡᠷᠡᠴᠢᠯᠡᠯᠳᠡ ᠪᠠ ᠱᠠᠭᠠᠷᠳᠠᠯᠭ᠎ᠠ ᠲᠠᠢ ᠴᠤ ᠨᠡᠶᠢᠴᠡᠵᠤ ᠪᠠᠶᠢᠬᠤ ᠶᠤᠮ᠃ ᠡ᠊ᠨᠳᠡ ᠪᠢ ᠳᠠᠷᠠᠭᠠᠬᠢ ᠮᠡᠳᠦ ᠭᠤᠷᠪᠠᠨ ᠳᠠᠯ᠎ᠠ ᠪᠠᠷ ᠬᠡᠤᠬᠡᠯᠳᠡᠢ ᠵᠦᠴᠦᠬᠡ ᠶᠢ ᠴᠡᠴᠡᠷᠯᠢᠭ ᠤᠨ ᠵᠢᠭᠠᠨ ᠰᠤᠷᠭᠠᠯᠳᠠ ᠳᠤ ᠬᠡᠷᠬᠢᠨ ᠤᠶᠠᠯᠳᠤᠭᠤᠯᠬᠤ ᠳᠤᠬᠠᠢ ᠲᠦᠬᠦᠮ ᠦᠬᠦᠯᠡᠶ᠎ᠡ᠃      ᠨᠢᠭᠡ᠂ ᠴᠡᠴᠡᠷᠯᠢᠭ ᠤᠨ ᠬᠡᠤᠬᠡᠳ ᠤᠨ ᠤᠨᠴᠠᠯᠢᠭ ᠪᠠ ᠬᠡᠤᠬᠡᠯᠳᠡᠢ ᠵᠦᠴᠦᠬᠡ ᠶᠢᠨ ᠦᠢᠯᠡᠳᠦᠯ      ︽ᠨᠢᠷᠣᠭᠤ ᠪᠣᠯᠬᠤ ᠮᠣᠳᠣ ᠶᠢ ᠨᠠᠶᠢᠯᠵᠠᠭᠤᠷ ᠠᠴᠠ ᠨᠢ ᠵᠠᠰᠠᠳᠠᠭ︾ ᠭᠡᠳᠡᠭᠴᠢᠯᠡᠨ ᠬᠦᠮᠦᠨ ᠪᠣᠯᠬᠤ ᠬᠦᠮᠦᠵᠢᠯ ᠢ ᠴᠦ ᠴᠡᠴᠡᠷᠯᠢᠭ ᠤᠨ ᠦᠶ᠎ᠡ ᠠᠴᠠ ᠨᠢ ᠡᠬᠢᠯᠡᠨ ᠰᠠᠶᠢᠳᠣᠷ ᠬᠢᠬᠦ ᠭᠡᠷᠡᠭᠳᠡᠢ ᠪᠠᠶᠢᠳᠠᠭ᠃ ᠴᠡᠴᠡᠷᠯᠢᠭ ᠤᠨ ᠬᠡᠣᠭᠡᠳ ᠨᠢ ᠭᠤᠤᠯᠳᠠᠭᠤ 3 ~ 6 ᠨᠠᠰᠣᠨ ᠤ ᠣᠷᠴᠢᠮ ᠪᠠᠶᠢᠵᠣ᠂ ᠡᠨᠡ ᠬᠦ ᠨᠠᠰᠣᠨ ᠤ ᠦᠶ᠎ᠡ ᠶᠢᠨ ᠬᠡᠣᠭᠡᠳ ᠤᠨ ᠬᠦᠮᠦᠵᠢᠯ ᠪᠣᠯ ᠠᠯᠢᠪᠠ ᠰᠣᠷᠭᠠᠨ ᠬᠦᠮᠦᠵᠢᠯ ᠤᠨ ᠴᠢᠬᠤᠯᠠ ᠪᠦᠷᠢᠯᠳᠦᠬᠦᠨ ᠬᠡᠰᠡᠭ ᠪᠤᠯᠤᠨ᠎ᠠ᠃ ᠡᠨᠡ ᠦᠶ᠎ᠡ ᠳᠤ ᠬᠡᠤᠬᠡᠳ ᠤᠨ ᠪᠡᠶ᠎ᠡ ᠮᠠᠬᠠᠪᠣᠳ᠂ ᠣᠶᠣᠨ ᠣᠬᠠᠭᠠᠨ᠂ ᠶᠣᠰᠣ ᠮᠣᠷᠠᠯ᠂ ᠭᠤᠸ᠎ᠠ ᠰᠠᠶᠢᠬᠠᠨ ᠵᠡᠷᠭᠡ ᠪᠦᠬᠦ ᠲᠠᠯ᠎ᠠ ᠶᠢᠨ ᠬᠦᠮᠦᠵᠢᠯ ᠢ ᠰᠠᠶᠢᠳᠤᠷ ᠬᠢᠵᠤ᠂ ᠳᠡᠳᠡᠨ ᠤ ᠪᠡᠶ᠎ᠡ ᠰᠡᠳᠬᠢᠯ ᠢ ᠡᠷᠡᠬᠦᠯ ᠢᠶᠠᠷ ᠪᠤᠶᠢᠵᠢᠭᠤᠯᠵᠣ᠂ ᠰᠣᠷᠭᠠᠭᠤᠯᠢ ᠳᠤ ᠣᠷᠣᠵᠣ ᠠᠯᠪᠠᠨ ᠵᠢᠷᠤᠮ ᠤᠨ ᠰᠤᠷᠭᠠᠨ ᠬᠦᠮᠦᠵᠢᠯ ᠬᠦᠷᠳᠡᠵᠤ᠂ ᠰᠢᠨ᠎ᠡ ᠬᠦᠮᠦᠨ ᠪᠣᠯᠣᠨ ᠲᠦᠯᠦᠪᠰᠢᠬᠦ ᠳᠤ ᠪᠠᠳᠤ ᠰᠠᠭᠤᠷᠢ ᠶᠢ ᠳᠠᠯᠪᠢᠵᠤ ᠦᠭᠬᠦ ᠬᠡᠷᠡᠭᠳᠡᠢ ᠶᠤᠮ᠃ ᠡᠶᠢᠮᠦ ᠠᠴᠠ ᠴᠡᠴᠡᠷᠯᠢᠭ ᠤᠨ ᠵᠢᠭᠠᠨ ᠰᠤᠷᠭᠠᠯᠳᠠ ᠬᠡᠳᠡᠭ ᠪᠤᠯ ᠵᠦᠪᠬᠡᠨ ᠬᠡᠤᠬᠡᠳ ᠪᠠᠭᠠᠴᠤᠳ ᠢ ᠡᠳᠦᠷᠵᠢᠨ ᠢᠳᠡᠬᠦᠯᠵᠤ ᠤᠤᠭᠤᠯᠭᠠᠭᠠᠳ᠂ ᠨᠠᠭᠠᠳᠤᠭᠤᠯᠤᠭᠠᠳ ᠯᠠ ᠪᠠᠶᠢᠬᠤ ᠶᠠᠪᠤᠳᠠᠯ ᠪᠢᠰᠢ᠂ ᠬᠠᠷᠢᠨ ᠬᠡᠤᠬᠡᠳ ᠤᠨ ᠤᠨᠴᠠᠯᠢᠭ᠂ ᠪᠡᠶ᠎ᠡ ᠰᠡᠳᠬᠢᠴᠡ ᠶᠢᠨ ᠬᠦᠭᠵᠢᠯᠳᠡ ᠶᠢᠨ ᠪᠠᠶᠢᠳᠠᠯ ᠢ ᠨᠢ ᠨᠠᠷᠢᠯᠢᠬ ᠰᠤᠳᠤᠯᠤᠭᠰᠠᠨ ᠪᠠᠶᠢᠬᠤ ᠬᠡᠷᠡᠭᠳᠡᠢ᠃ ᠶᠡᠷᠦ ᠨᠢ ᠡᠨᠡ ᠨᠠᠰᠤᠨ ᠤ ᠬᠡᠤᠬᠡᠳ ᠪᠤᠯ ᠨᠣᠮ ᠪᠢᠴᠢᠭ ᠤᠩᠰᠢᠭᠠᠳ ᠮᠡᠳᠡᠯᠬᠡ ᠬᠤᠷᠠᠮᠳᠤᠭᠤᠯᠬᠤ ᠪᠢᠰᠢ᠂ ᠶᠡᠭᠡ ᠬᠡᠮᠵᠢᠶᠡᠨ ᠤ ᠬᠡᠶᠢᠰᠪᠦᠷᠢ ᠳᠤᠬᠢᠶ᠎ᠠ ᠲᠡᠮᠳᠡᠭ ᠢ ᠠᠯᠪᠠ ᠪᠠᠷ ᠴᠡᠬᠡᠵᠢᠯᠡᠵᠤ ᠮᠡᠳᠡᠯᠬᠡ ᠰᠤᠷᠬᠤ ᠶᠠᠪᠤᠳᠠᠯ ᠴᠤ ᠪᠢᠰᠢ᠂ ᠬᠠᠷᠢᠨ ᠪᠤᠳᠠᠳᠤ ᠥᠢᠯᠡᠳᠦᠯᠭᠡ ᠳᠤ ᠤᠷᠤᠯᠴᠠᠵᠤ᠂ ᠪᠡᠶᠡᠴᠢᠯᠡᠨ ᠥᠢᠯᠡᠳᠬᠦ ᠶᠤᠮ ᠤᠤ ᠳᠠᠭᠤᠷᠢᠶᠠᠨ ᠬᠢᠬᠦ ᠶᠢᠨ ᠳᠤᠮᠳᠠ ᠰᠤᠷᠤᠯᠴᠠᠬᠤ ᠶᠠᠪᠤᠳᠠᠯ ᠪᠤᠯᠤᠨ᠎ᠠ᠃ ᠡᠨᠡ ᠨᠠᠰᠤᠨ ᠤ ᠬᠡᠤᠬᠡᠳ ᠤᠨ ᠤᠨᠴᠠᠯᠢᠭ ᠨᠢ ᠳᠠᠷᠤᠢ ︽ᠬᠢᠬᠦ ᠶᠢᠨ ᠳᠤᠮᠲᠠ ᠰᠣᠷᠬᠤ︾᠂ ︽ᠨᠠᠭᠠᠳᠬᠤ ᠶᠢᠨ ᠲᠤᠮᠲᠠ ᠰᠣᠷᠬᠤ︾ ︽ᠠᠮᠢᠳᠣᠷᠠᠯ ᠤᠨ ᠲᠤᠮᠲᠠ ᠰᠤᠷᠬᠤ︾ ᠠᠷᠭ᠎ᠠ ᠪᠠᠷ ᠳᠠᠮᠵᠢᠭᠤᠯᠤᠨ ᠦᠪᠡᠷ ᠤᠨ ᠥᠢᠯᠠᠭᠠᠯᠲᠠ ᠪᠠ ᠲᠠᠨᠢᠯᠲᠠ ᠪᠠᠨ ᠠᠯᠬᠤᠮ ᠠᠯᠬᠤᠮ ᠢᠶᠠᠷ ᠪᠦᠷᠢᠯᠳᠦᠬᠦᠯᠬᠦ ᠶᠠᠪᠤᠴᠠ ᠶᠤᠮ᠃ ᠶᠠᠭ ᠡᠶᠢᠮᠦ ᠤᠴᠢᠷ ᠠᠴᠠ ᠬᠡᠤᠬᠡᠳ ᠤᠳ ᠲᠤ ᠠᠪᠴᠤ ᠬᠡᠯᠡᠪᠡᠯ ᠲᠤᠭᠯᠠᠭᠠᠮ ᠪᠣᠯ ᠬᠠᠮᠤᠭ ᠤᠨ ᠠᠴᠢ ᠬᠤᠯᠪᠤᠭᠳᠠᠯ ᠲᠠᠢ ᠰᠣᠷᠣᠯᠴᠠᠯᠭ᠎ᠠ ᠶᠢᠨ ᠶᠠᠪᠤᠴᠠ ᠪᠦᠬᠡᠳ ᠰᠣᠷᠣᠯᠴᠠᠯᠭ᠎ᠠ ᠶᠢᠨ ᠠᠷᠭ᠎ᠠ ᠮᠠᠶ᠋ᠢᠭ ᠪᠤᠯᠤᠨ᠎ᠠ᠃ ᠬᠡᠤᠬᠡᠳ ᠳᠤᠭᠯᠠᠵᠤ ᠨᠠᠭᠠᠳᠤᠭᠠᠳ ᠪᠠᠶᠠᠷᠯᠠᠵᠤ ᠪᠠᠶᠢᠭ᠎ᠠ ᠨᠢ ᠳᠡᠳᠡ ᠵᠦᠪᠬᠡᠨ ᠨᠠᠭᠠᠳᠴᠤ ᠪᠠᠶᠢᠭ᠎ᠠ ᠪᠢᠰᠢ᠂ ᠬᠠᠷᠢᠨ ᠨᠠᠭᠠᠳᠬᠤ ᠳᠤᠮᠳᠠ ᠪᠠᠨ ᠶᠠᠮᠠᠷ ᠨᠢᠬᠡᠨ ᠭᠡᠷᠡᠭ ᠪᠤᠳᠠᠰ ᠪᠤᠶᠤ ᠦᠢᠯᠡ ᠶᠠᠪᠤᠳᠠᠯ ᠤᠨ ᠲᠤᠬᠠᠢ ᠦᠯᠦ ᠮᠠᠳᠡᠭ ᠤᠨ ᠳᠤᠮᠳᠠ ᠤᠶᠢᠯᠠᠭᠠᠵᠤ ᠤᠬᠠᠭᠠᠷᠠᠵᠤ ᠪᠠᠶᠢᠳᠠᠭ᠃ ᠳᠡᠶᠢᠮᠦ ᠠᠴᠠ ᠴᠡᠴᠡᠷᠯᠢᠭ ᠤᠨ ᠰᠣᠷᠭᠠᠨ ᠬᠦᠮᠦᠵᠢᠯ ᠳᠤ ᠨᠠᠭᠠᠳᠣᠮ ᠲᠣᠭᠯᠠᠭᠠᠮ ᠪᠠ ᠬᠡᠤᠬᠡᠯᠲᠡᠢ ᠵᠦᠴᠦᠬᠡ ᠶᠢ ᠵᠦᠪ ᠤᠨᠤᠪᠴᠢᠳᠠᠢ ᠪᠠᠷ ᠠᠰᠢᠭᠯᠠᠬᠤ ᠪᠤᠯ ᠬᠠᠮᠤᠭ ᠠᠴᠠ ᠦᠷ᠎ᠡ ᠪᠦᠲᠦᠮᠵᠢ ᠲᠠᠢ ᠵᠢᠭᠠᠨ ᠰᠤᠷᠭᠠᠯᠳᠠ ᠶᠢᠨ ᠠᠷᠭ᠎ᠠ ᠬᠡᠯᠪᠡᠷᠢ ᠶᠢᠨ ᠨᠢᠬᠡ ᠪᠤᠯᠬᠤ ᠶᠤᠮ᠃ ᠬᠡᠤᠬᠡᠯᠳᠡᠢ ᠵᠦᠴᠦᠬᠡ ᠶᠢ ᠴᠡᠴᠡᠷᠯᠢᠭ ᠤᠨ ᠵᠢᠭᠠᠨ ᠰᠤᠷᠭᠠᠯᠳᠠ ᠳᠤ ᠠᠰᠢᠭᠯᠠᠬᠤ ᠨᠢ ᠬᠡᠤᠬᠡᠳ ᠤᠨ ᠪᠡᠶ᠎ᠡ ᠰᠡᠳᠬᠢᠴᠡ ᠶᠢᠨ ᠤᠨᠴᠠᠯᠢᠭ ᠠᠴᠠ ᠭᠠᠷᠳᠠᠵᠤ᠂ ᠵᠢᠭᠠᠨ ᠰᠤᠷᠭᠠᠯᠳᠠ ᠶᠢᠨ ᠠᠷᠭ᠎ᠠ ᠮᠠᠶ᠋ᠢᠭ ᠢᠶᠠᠨ ᠳᠤᠬᠢᠷᠠᠭᠤᠯᠵᠤ ᠪᠠᠶᠢᠭ᠎ᠠ ᠶᠠᠪᠤᠳᠠᠯ ᠶᠤᠮ᠃ ᠮᠦᠨ ᠴᠤ ᠬᠡᠤᠬᠡᠳ ᠤᠨ ᠰᠤᠨᠢᠷᠬᠠᠯ ᠢ ᠲᠠᠳᠠᠨ ᠲᠠᠭᠠᠭᠤᠯᠬᠤ ᠪᠠᠷ ᠲᠠᠮᠵᠢᠭᠤᠯᠵᠤ ᠳᠡᠳᠡᠨ ᠤ ᠠᠬᠤᠢ ᠠᠮᠢᠳᠣᠷᠠᠯ ᠢ ᠠᠵᠢᠭᠯᠠᠬᠤ ᠴᠢᠳᠠᠪᠤᠷᠢ᠂ ᠳᠦᠷᠰᠦᠯᠡᠨ ᠪᠤᠳᠤᠬᠤ ᠴᠢᠳᠠᠪᠤᠷᠢ᠂ ᠰᠡᠳᠬᠢᠬᠦ ᠴᠢᠳᠠᠪᠤᠷᠢ ᠶᠢ ᠬᠦᠮᠦᠵᠢᠬᠦᠯᠬᠦ ᠶᠠᠪᠤᠳᠠᠯ ᠮᠦᠨ᠃      ᠬᠡᠣᠬᠡᠯᠲᠡᠢ ᠵᠦᠴᠦᠭᠡ ᠪᠣᠯ ᠮᠠᠨ ᠤ ᠤᠯᠤᠰ ᠤᠨ ᠣᠯᠠᠮᠵᠢᠯᠠᠯᠲᠦ ᠣᠷᠠᠯᠢᠭ ᠤᠨ ᠨᠢᠭᠡ ᠲᠦᠷᠦᠯ ᠪᠤᠯᠬᠤ ᠮᠦᠷᠲᠡᠭᠡᠨ ᠥᠨᠢ ᠤᠳᠠᠭᠠᠨ ᠲᠡᠦᠭᠡ ᠲᠠᠢ ᠪᠠᠶᠢᠳᠠᠭ᠃ ᠬᠡᠦᠬᠡᠯᠳᠡᠢ ᠶᠢᠨ ᠬᠡᠯᠪᠡᠷᠢ ᠳᠦᠷᠰᠦ ᠪᠠ ᠡᠵᠡᠮᠳᠡᠬᠦ ᠠᠷᠭ᠎ᠠ ᠮᠡᠷᠭᠡᠵᠢᠯ ᠤᠨ ᠠᠳᠠᠯᠢ ᠪᠤᠰᠤ ᠶᠢ ᠦᠨᠳᠦᠰᠦᠯᠡᠨ᠂ ᠪᠦᠰ ᠤᠭᠤᠲᠠᠲᠤ ᠬᠡᠦᠬᠡᠯᠳᠡᠢ᠂ ᠲᠠᠶᠠᠭᠲᠣ ᠬᠡᠦᠬᠡᠯᠳᠡᠢ᠂ ᠣᠳᠠᠰᠣᠲᠦ ᠬᠡᠦᠬᠡᠯᠳᠡᠢ᠂ ᠲᠡᠮᠦᠷ ᠤᠲᠠᠰᠤᠨ ᠬᠡᠦᠬᠡᠯᠳᠡᠢ ᠬᠡᠬᠦ ᠮᠡᠳᠦ ᠬᠡᠳᠦᠨ ᠲᠦᠷᠦᠯ ᠵᠦᠢᠯ ᠳᠤ ᠬᠤᠪᠢᠶᠠᠳᠠᠭ᠃      ᠬᠤᠷᠢᠳᠤᠭᠠᠷ ᠵᠠᠭᠤᠨ ᠳᠤ ᠲᠧᠯᠸᠢᠰ ᠬᠡᠣᠬᠡᠯᠲᠡᠢ ᠵᠦᠴᠦᠭᠡ ᠳᠡᠮᠡᠢ ᠪᠠᠶᠢᠭ᠎ᠠ ᠦᠬᠡᠢ ᠤᠴᠢᠷ ᠠᠴᠠ ᠵᠦᠪᠬᠡᠨ ᠲᠣᠭᠳᠠᠭᠰᠠᠨ ᠴᠠᠭ ᠲᠤ ᠲᠣᠭᠳᠠᠭᠰᠠᠨ ᠭᠠᠵᠠᠷ ᠲᠤ ᠬᠥᠮᠦᠰ ᠢ ᠴᠣᠭᠯᠠᠭᠤᠯᠣᠨ ᠬᠡᠰᠡᠭ ᠲᠣᠭᠯᠠᠭᠴᠢᠳ ᠣᠯᠠᠨ ᠲᠦᠷᠦᠯ ᠤᠨ ᠬᠡᠣᠬᠡᠯᠲᠡᠢ ᠶᠢ ᠠᠰᠢᠭᠯᠠᠨ ᠵᠦᠴᠦᠭᠡ ᠲᠤᠭᠯᠠᠨ ᠰᠤᠨᠢᠷᠬᠠᠭᠤᠯᠳᠠᠭ᠃ ᠤᠳᠤᠬᠠᠨ ᠳᠤ ᠬᠡᠣᠬᠡᠳ ᠤᠳ ᠭᠡᠷ ᠲᠤ ᠪᠠᠨ ᠰᠠᠭᠤᠵᠤ᠂ ᠡᠯᠳᠡᠪ ᠵᠦᠢᠯ ᠤᠨ ᠬᠡᠣᠬᠡᠯᠲᠡᠢ ᠵᠦᠴᠦᠭᠡ ᠰᠤᠨᠢᠷᠬᠠᠬᠤ ᠪᠤᠯᠤᠮᠵᠢ ᠲᠠᠢ ᠪᠤᠯᠤᠭᠰᠠᠨ      ᠪᠠᠶᠢᠨ᠎ᠠ᠂ ᠬᠡᠪᠡᠴᠦ ᠮᠤᠩᠭᠤᠯ ᠬᠡᠤᠬᠡᠯᠳᠠᠢ ᠲᠤᠩ ᠴᠦᠬᠡᠨ ᠪᠠᠶᠢᠵᠦ᠂ ᠭᠡᠤᠭᠡᠳ ᠤᠨ ᠱᠠᠭᠠᠷᠳᠠᠯᠭ᠎ᠠ ᠶᠢ ᠬᠠᠩᠭᠠᠵᠦ ᠴᠢᠳᠠᠬᠤ ᠦᠭᠡᠢ ᠪᠠᠶᠢᠨ᠎ᠠ᠃ ᠬᠡᠣᠬᠡᠯᠲᠡᠢ ᠵᠦᠴᠦᠬᠡ ᠶᠢ ᠴᠡᠴᠡᠷᠯᠢᠭ ᠤᠨ ᠵᠢᠭᠠᠨ ᠰᠤᠷᠭᠠᠯᠳᠠ ᠲᠠᠢ ᠤᠶᠠᠯᠳᠤᠭᠤᠯᠤᠨ ᠵᠢᠭᠠᠬᠤ ᠨᠢ ᠤᠯᠠᠮᠵᠢᠯᠠᠯᠳᠤ ᠰᠤᠶᠤᠯ ᠢᠶᠠᠨ ᠬᠦᠭᠵᠢᠬᠦᠯᠬᠦ ᠳᠤ ᠠᠰᠢᠭ ᠲᠠᠢ ᠪᠠᠷ ᠪᠠᠷᠠᠬᠤ ᠦᠬᠡᠢ᠂ ᠤᠯᠠᠮᠵᠢᠯᠠᠯᠳᠤ ᠰᠤᠶᠤᠯ ᠢᠶᠠᠨ ᠬᠡᠤᠬᠡᠯᠳᠡᠢ ᠵᠦᠴᠦᠬᠡ ᠶᠢᠨ ᠬᠡᠯᠪᠡᠷᠢ ᠪᠠᠷ ᠬᠡᠤᠬᠡᠳ ᠪᠠᠭᠠᠴᠤᠳ ᠲᠤ ᠪᠠᠨ ᠳᠠᠨᠢᠭᠤᠯᠬᠤ ᠳᠤ ᠪᠦᠷ ᠴᠤ ᠠᠰᠢᠭ ᠲᠠᠢ ᠶᠤᠮ᠃ ᠵᠢᠱᠢᠶᠡᠯᠡᠪᠡᠯ᠄ ᠢᠯᠡᠳᠬᠡᠬᠦ ᠴᠢᠳᠠᠪᠤᠷᠢ᠂ ᠤᠷᠠᠯᠢᠭ ᠤᠨ ᠭᠤᠸ᠎ᠠ ᠲᠠᠭᠠᠰᠢᠶᠠᠯ ᠬᠦᠷᠳᠡᠬᠦ ᠴᠢᠳᠠᠪᠤᠷᠢ᠂ ᠨᠡᠶᠢᠭᠡᠮ ᠤᠨ ᠬᠠᠮᠲᠤᠷᠠᠯᠴᠠᠭᠠᠨ ᠤ ᠴᠢᠳᠠᠪᠤᠷᠢ ᠵᠢᠴᠢ ᠬᠤᠷᠤᠭᠤᠨ ᠤ ᠬᠦᠳᠡᠯᠬᠡᠬᠡᠨ᠂ ᠬᠥᠳᠡᠯᠭᠡᠭᠡᠨ ᠤ ᠡᠪᠰᠡᠯ ᠵᠡᠷᠭᠡ ᠶᠢ ᠳᠡᠬᠡᠭᠰᠢᠯᠡᠬᠦᠯᠬᠦ ᠳᠤ ᠪᠦᠷ ᠠᠰᠢᠭ ᠲᠠᠢ ᠪᠠᠶᠢᠳᠠᠭ᠃ ᠶᠡᠷᠦ ᠨᠢ ᠴᠡᠴᠡᠷᠯᠢᠭ ᠤᠨ ᠰᠣᠷᠭᠠᠨ ᠬᠥᠮᠦᠵᠢᠯ ᠳᠤ ᠪᠠᠶᠢᠭᠠᠯᠢ ᠶᠢᠨ ᠣᠷᠴᠢᠨ ᠲᠣᠭᠤᠷᠢᠨ ᠤ ᠣᠬᠢ ᠵᠦᠢᠯ ᠪᠠ ᠨᠡᠶᠢᠭᠡᠮ ᠤᠨ ᠰᠣᠷᠭᠠᠨ ᠬᠥᠮᠦᠵᠢᠯ ᠤᠨ ᠣᠬᠢ ᠰᠣᠷᠪᠣᠯᠵᠢ ᠶᠢ ᠭᠦᠢᠴᠡᠳ ᠠᠰᠢᠭᠯᠠᠬᠤ ᠬᠡᠷᠡᠭᠲᠡᠢ᠃ ᠬᠡᠤᠬᠡᠯᠳᠡᠢ ᠵᠦᠴᠦᠬᠡ ᠪᠤᠯ ᠬᠡᠤᠬᠡᠳ ᠤᠳ ᠠᠮᠠᠷᠬᠠᠨ ᠬᠦᠯᠢᠶᠡᠨ ᠠᠪᠲᠠᠭ ᠨᠢᠭᠡ ᠵᠦᠢᠯ ᠤᠨ ᠲᠣᠭᠯᠠᠭᠠᠮ ᠤᠨ ᠬᠡᠯᠪᠡᠷᠢ ᠪᠦᠬᠦᠢ ᠵᠢᠭᠠᠨ ᠰᠤᠷᠭᠠᠯᠲᠠ ᠶᠢᠨ ᠠᠷᠭ᠎ᠠ ᠮᠠᠶ᠋ᠢᠭ ᠳᠤᠯᠠ ᠡᠬᠦᠨ ᠢ ᠴᠡᠴᠡᠷᠯᠢᠭ ᠤᠨ ᠵᠢᠭᠠᠨ ᠰᠣᠷᠭᠠᠯᠲᠠ ᠲᠠᠢ ᠣᠶᠠᠯᠳᠣᠭᠤᠯᠣᠨ ᠠᠰᠢᠭᠯᠠᠬᠤ ᠨᠢ ᠮᠠᠰᠢ ᠰᠠᠶᠢᠨ ᠦᠷ᠎ᠡ ᠠᠰᠢᠭ ᠲᠠᠢ ᠮᠦᠷᠳᠡᠬᠡᠨ ᠬᠡᠤᠬᠡᠳ ᠤᠨ ᠰᠤᠨᠢᠷᠬᠠᠯ ᠢ ᠳᠠᠳᠠᠵᠤ ᠴᠢᠳᠠᠬᠤ ᠨᠢ ᠮᠡᠳᠡᠬᠡᠵᠢ ᠶᠤᠮ᠃ ᠭᠡᠲᠡᠯ᠎ᠡ ᠣᠳᠣᠬᠠᠨ ᠤ ᠴᠡᠴᠡᠷᠯᠢᠭ ᠤᠨ ᠵᠢᠭᠠᠨ ᠰᠣᠷᠭᠠᠯᠲᠠ ᠳᠤ ᠬᠡᠦᠬᠡᠯᠳᠡᠢ ᠵᠦᠴᠦᠭᠡ ᠶᠢᠨ ᠬᠡᠷᠡᠭᠯᠡᠯᠲᠡ ᠬᠠᠷᠢᠴᠠᠩᠭᠤᠶ ᠴᠥᠭᠡᠨ ᠪᠠᠶᠢᠵᠤ᠂ ᠬᠢᠵᠠᠭᠠᠷᠲᠠᠶ ᠬᠡᠷᠡᠭᠯᠡᠯᠲᠡ ᠶᠢᠨ ᠳᠤᠮᠳᠠ ᠪᠠᠰᠠ ᠵᠠᠷᠢᠮ ᠰᠢᠢᠳᠪᠦᠷᠢᠯᠡᠬᠦ ᠴᠢᠬᠤᠯᠠ ᠲᠠᠢ ᠠᠰᠠᠭᠤᠳᠠᠯ ᠴᠤ ᠣᠷᠣᠰᠢᠵᠤ ᠪᠠᠶᠢᠨ᠎ᠠ᠃ ᠡᠶᠢᠮᠦ ᠠᠴᠠ ᠴᠡᠴᠡᠷᠯᠢᠭ ᠤᠨ ᠵᠢᠭᠠᠨ ᠰᠤᠷᠭᠠᠯᠲᠠ ᠶᠢ ᠨᠠᠩ ᠠᠮᠢᠳᠣᠯᠢᠭ ᠰᠣᠨᠢᠷᠬᠠᠯᠲᠠᠢ ᠪᠣᠯᠭᠠᠬᠤ ᠶᠢᠨ ᠲᠥᠯᠥᠭᠡ ᠬᠡᠦᠬᠡᠯᠳᠡᠢ ᠵᠦᠴᠦᠭᠡ ᠶᠢ ᠵᠢᠭᠠᠨ ᠰᠤᠷᠭᠠᠯᠲᠠ ᠲᠠᠢ ᠪᠠᠨ ᠬᠡᠷᠬᠢᠨ ᠤᠶᠠᠯᠳᠤᠭᠤᠯᠬᠤ ᠠᠷᠭ᠎ᠠ ᠮᠠᠶ᠋ᠢᠭ ᠢ ᠢᠯᠡᠬᠦᠬᠡᠨ ᠰᠦᠪᠡᠭᠴᠢᠯᠡᠬᠦ ᠨᠢ ᠴᠢᠬᠤᠯᠠ ᠶᠤᠮ᠃      ᠬᠡᠣᠬᠡᠳ ᠤᠨ ᠬᠦᠮᠦᠵᠢᠯ ᠪᠣᠯ ᠨᠢᠭᠡᠨ ᠪᠥᠬᠦᠯᠢ ᠴᠤᠭᠴᠠ ᠮᠦᠨ᠃ ᠰᠣᠷᠭᠠᠨ ᠬᠥᠮᠦᠵᠢᠯ ᠤᠨ ᠡᠴᠤᠰ ᠤᠨ ᠬᠠᠷᠠᠯᠲᠠ ᠪᠣᠯ ᠬᠡᠣᠬᠡᠳ ᠤᠨ ᠪᠥᠬᠦ ᠲᠠᠯ᠎ᠠ ᠶᠢᠨ ᠬᠦᠭᠵᠢᠯᠲᠡ ᠶᠢ ᠠᠬᠢᠭᠤᠯᠬᠤ ᠶᠠᠪᠤᠳᠠᠯ ᠮᠦᠨ᠃ ᠳᠡᠶᠢᠮᠦ ᠠᠴᠠ ᠬᠡᠣᠬᠡᠳ ᠤᠨ ᠦᠭᠡ ᠬᠡᠯᠡᠨ ᠤ ᠬᠥᠭᠵᠢᠯᠲᠡ ᠨᠢ ᠴᠡᠴᠡᠷᠯᠢᠭ ᠤᠨ ᠵᠢᠭᠠᠨ ᠰᠣᠷᠭᠠᠯᠲᠠ ᠶᠢᠨ ᠡᠯ᠎ᠠ ᠬᠦᠷᠢᠶ᠎ᠠ ᠴᠠᠷᠠᠭ᠎ᠠ ᠳᠤ ᠴᠦᠮ ᠬᠤᠯᠪᠤᠭᠳᠠᠵᠤ᠂ ᠪᠣᠰᠣᠳ ᠳᠠᠯ᠎ᠠ ᠶᠢᠨ ᠬᠦᠮᠦᠵᠢᠯ ᠢ ᠨᠢ ᠨᠦᠯᠦᠬᠡᠯᠡᠳᠡᠭ᠃ ᠬᠡᠦᠬᠡᠯᠳᠡᠢ ᠵᠦᠴᠦᠭᠡ ᠨᠢ ᠦᠭᠡ ᠬᠡᠯᠡᠨ ᠤ ᠵᠢᠭᠠᠨ ᠰᠤᠷᠭᠠᠯᠲᠠ ᠶᠢᠨ ᠴᠢᠬᠤᠯᠠ ᠠᠷᠭ᠎ᠠ ᠬᠡᠯᠪᠡᠷᠢ ᠪᠣᠯᠤᠭᠰᠠᠨ ᠤ ᠬᠤᠪᠢ ᠳᠤ᠂ ᠦᠵᠡᠵᠦ ᠰᠣᠨᠢᠷᠬᠠᠬᠤ ᠶᠠᠪᠤᠴᠠ ᠳᠤ ᠪᠠᠨ ᠡᠯᠪᠡᠭ ᠪᠠᠶᠠᠯᠢᠭ ᠦᠭᠡ ᠬᠡᠯᠡᠨ ᠤ ᠮᠡᠳᠡᠯᠭᠡ ᠶᠢ ᠡᠵᠡᠮᠰᠢᠵᠤ ᠪᠤᠯᠬᠤ ᠮᠥᠷᠲᠡᠭᠡᠨ ᠳᠥᠭᠦᠮᠬᠡᠨ ᠦᠯᠢᠭᠡᠷ ᠢᠶᠠᠷ ᠳᠠᠮᠵᠢᠭᠤᠯᠤᠨ ᠨᠡᠶᠢᠭᠡᠮ ᠠᠮᠢᠳᠤᠷᠠᠯ ᠳᠤᠮᠳᠠᠬᠢ ᠶᠣᠰᠣ ᠤᠴᠢᠷ ᠢ ᠥᠢᠯᠠᠭᠠᠭᠤᠯᠤᠨ ᠲᠠᠨᠢᠭᠤᠯᠵᠤ ᠪᠤᠯᠳᠠᠭ᠃ ᠬᠡᠦᠬᠡᠯᠳᠡᠢ ᠵᠦᠴᠦᠭᠡ ᠨᠢ ᠦᠢᠯᠡᠳᠦᠯᠭᠡ ᠶᠢᠨ ᠬᠢᠴᠢᠶᠡᠯ ᠤᠨ ᠲᠠᠩᠬᠢᠮ ᠪᠤᠯᠵᠤ᠂ ᠴᠡᠴᠡᠷᠯᠢᠭ ᠤᠨ ᠵᠢᠭᠠᠨ ᠰᠣᠷᠭᠠᠯᠲᠠ ᠳᠤ ᠬᠢ ᠴᠢᠬᠤᠯᠠ ᠬᠡᠰᠡᠭ ᠪᠤᠯᠵᠤ ᠪᠣᠯᠬᠤ ᠶᠤᠮ᠃      ᠬᠤᠶᠡᠷ᠂ ᠬᠡᠤᠬᠡᠯᠳᠡᠢ ᠵᠦᠴᠦᠬᠡ ᠶᠢ ᠵᠢᠭᠠᠨ ᠰᠤᠷᠭᠠᠯᠳᠠ ᠳᠤ ᠠᠰᠢᠭᠯᠠᠬᠤ ᠶᠢᠨ ᠴᠢᠬᠤᠯᠠ ᠴᠢᠨᠠᠷ      ᠴᠡᠴᠡᠷᠯᠢᠭ ᠤᠨ ᠵᠢᠭᠠᠨ ᠰᠣᠷᠭᠠᠯᠲᠠ ᠨᠢ ᠦᠭᠡ ᠬᠡᠯᠡ᠂ ᠨᠡᠶᠢᠭᠡᠮ᠂ ᠰᠢᠨᠵᠢᠯᠡᠬᠦ ᠤᠬᠠᠭᠠᠨ᠂ ᠡᠷᠡᠭᠦᠯ ᠡᠩᠬᠡ᠂ ᠤᠷᠠᠯᠢᠭ ᠵᠡᠷᠭᠡ ᠳᠠᠪᠤᠨ ᠲᠦᠷᠦᠯ ᠢ ᠬᠠᠮᠤᠷᠴᠤ ᠪᠠᠶᠢᠳᠠᠭ᠃ ᠡᠶᠢᠮᠦ ᠠᠴᠠ ᠬᠡᠤᠬᠡᠯᠳᠡᠢ ᠵᠦᠴᠦᠬᠡ ᠶᠢ ᠠᠰᠢᠭᠯᠠᠨ ᠬᠡᠣᠬᠡᠳ ᠤᠳ ᠲᠤ ᠰᠤᠷᠭᠠᠮᠵᠢᠳᠤ ᠦᠯᠢᠭᠡᠷ᠂ ᠠᠮᠣᠷ ᠲᠦᠪᠰᠢᠨ ᠤ ᠲᠣᠬᠠᠢ ᠮᠡᠳᠡᠭᠡᠯᠡᠯ᠂ ᠴᠠᠭ ᠠᠭᠤᠷ ᠤᠨ     ᠮᠡᠳᠡᠭᠡᠯᠡᠯ᠂ ᠦᠨᠳᠣᠰᠣᠳᠡᠨ ᠤ ᠵᠠᠩ ᠵᠠᠩᠰᠢᠯ᠂ ᠶᠣᠰᠤ ᠰᠣᠷᠳᠠᠬᠤᠨ᠂ ᠭᠠᠷ ᠣᠷᠠᠯᠠᠯ᠂ ᠠᠮᠢᠳᠣᠷᠠᠯ ᠤᠨ ᠵᠠᠩ ᠲᠠᠳᠬᠠᠯ ᠵᠡᠷᠭᠡ ᠶᠢ ᠤᠶᠢᠯᠠᠭᠠᠭᠤᠯᠬᠤ ᠳᠤ ᠠᠰᠢᠭᠯᠠᠵᠤ ᠪᠤᠯᠤᠨ᠎ᠠ᠃ ᠴᠡᠴᠡᠷᠯᠢᠭ ᠤᠨ ᠵᠢᠭᠠᠨ ᠰᠤᠷᠭᠠᠯᠲᠠ ᠳᠤ ᠬᠡᠦᠬᠡᠯᠳᠡᠢ ᠵᠦᠴᠦᠭᠡ ᠶᠢ ᠠᠰᠢᠭᠯᠠᠬᠤ ᠨᠢ ᠳᠠᠩ ᠴᠤᠯᠭᠤᠶ ᠵᠢᠭᠠᠨ ᠰᠤᠷᠭᠠᠯᠲᠠ ᠶᠢᠨ ᠠᠭᠤᠯᠭ᠎ᠠ ᠂ ᠬᠡᠯᠪᠡᠷᠢ ᠮᠠᠶ᠋ᠢᠭ ᠢ ᠤᠯᠠᠮ ᠪᠠᠶᠠᠯᠢᠬᠵᠢᠭᠤᠯᠤᠨ᠂ ᠬᠡᠣᠬᠡᠳ ᠤᠨ ᠲᠠᠨᠢᠨ ᠮᠡᠳᠡᠬᠦᠢ ᠶᠢ ᠦᠷᠭᠡᠳᠭᠡᠳᠡᠭ᠃ ᠳᠡᠷᠡᠴᠢᠯᠡᠨ ᠣᠯᠠᠨ ᠣᠳᠠᠭᠠᠨ ᠤ ᠲᠤᠷᠰᠢᠯᠲᠠ᠂ ᠰᠦᠪᠡᠭᠴᠢᠯᠡᠯᠲᠡ ᠶᠢᠨ ᠦᠷ᠎ᠡ ᠳ᠋ᠦᠩ ᠠᠴᠠ ᠠᠵᠢᠭᠯᠠᠬᠤ ᠳᠤ ᠬᠡᠦᠬᠡᠯᠳᠡᠢ ᠵᠦᠴᠦᠭᠡ ᠶᠢ ᠠᠰᠢᠭᠯᠠᠵᠤ᠂ ᠵᠢᠭᠠᠨ ᠰᠤᠷᠭᠠᠯᠲᠠ ᠦᠷᠨᠢᠭᠦᠯᠬᠦ ᠨᠢ ᠬᠡᠤᠬᠡᠳ ᠤᠨ ᠰᠤᠨᠢᠷᠬᠠᠯ ᠢ ᠲᠠᠳᠠᠵᠦ᠂ ᠰᠣᠷᠣᠯᠴᠠᠬᠤ ᠤᠷᠮ᠎ᠠ ᠪᠠᠬ᠎ᠠ ᠶᠢ ᠬᠦᠭᠵᠢᠬᠡᠵᠦ᠂ ᠲᠡᠳᠡᠨ ᠳᠤ ᠭᠦᠨ ᠰᠡᠭᠤᠭᠳᠠᠯ ᠦᠯᠡᠳᠡᠭᠡᠳᠡᠭ ᠮᠦᠷᠳᠡᠭᠡᠨ ᠠᠭᠤᠯᠭ᠎ᠠ ᠶᠢ ᠨᠡᠩ ᠬᠢᠯᠪᠠᠷᠬᠠᠨ ᠡᠵᠡᠮᠰᠢᠬᠦᠯᠳᠡᠭ᠃      1. ᠬᠡᠦᠬᠡᠯᠳᠡᠢ ᠵᠦᠴᠦᠭᠡ ᠨᠢ ᠬᠡᠣᠬᠡᠳ ᠤᠨ ᠪᠡᠶ᠎ᠡ ᠰᠡᠳᠬᠢᠴᠡ ᠶᠢᠨ ᠣᠨᠴᠠᠯᠢᠭ ᠲᠤ ᠳᠣᠭᠢᠷᠠᠳᠠᠭ ᠮᠦᠷᠳᠡᠬᠡᠨ ᠰᠡᠳᠬᠢᠴᠡ ᠶᠢᠨ ᠡᠷᠡᠭᠦᠯ ᠮᠡᠨᠳᠦ ᠶᠢᠨ ᠬᠥᠮᠦᠵᠢᠯ ᠬᠢᠬᠦ ᠳᠤ ᠴᠢᠬᠤᠯᠠ ᠠᠷᠭ᠎ᠠ ᠮᠠᠶ᠋ᠢᠭ ᠪᠤᠯᠳᠠᠭ᠃ ᠬᠡᠤᠬᠡᠯᠳᠡᠢ ᠶᠢᠨ ᠳᠦᠷᠢ ᠲᠥᠷᠬᠦ ᠨᠢ ᠰᠢᠭᠤᠳ ᠲᠣᠳᠣᠬᠠᠨ ᠤᠴᠢᠷ ᠠᠴᠠ ᠬᠡᠣᠬᠡᠳ ᠤᠳ ᠵᠦᠴᠦᠭᠡ ᠰᠣᠨᠢᠷᠬᠠᠬᠤ ᠳᠤ ᠪᠠᠨ ᠰᠡᠳᠬᠢᠯᠭᠡ ᠨᠢ ᠢᠳᠡᠪᠬᠢᠲᠡᠶ᠂ ᠲᠠᠶᠢᠪᠤᠭᠤ᠂ ᠪᠠᠶᠠᠷ ᠬᠥᠷ ᠲᠠᠢ ᠪᠠᠶᠢᠵᠦ᠂ ᠡᠳᠡᠭᠡᠷ ᠨᠢ ᠴᠦᠮ ᠦᠨᠡᠨ ᠰᠡᠳᠬᠢᠯ ᠠᠴᠠ ᠪᠠᠨ ᠡᠬᠦᠰᠳᠡᠭ ᠳᠤᠯᠠ ᠬᠡᠦᠬᠡᠳ ᠤᠨ ᠰᠤᠷᠤᠯᠴᠠᠬᠤ ᠤᠷᠮ᠎ᠠ ᠪᠠᠬ᠎ᠠ ᠶᠢ ᠬᠦᠭᠵᠢᠭᠡᠵᠦ ᠴᠢᠳᠠᠳᠠᠭ᠃ ᠬᠡᠦᠬᠡᠯᠳᠡᠢ ᠵᠦᠴᠦᠭᠡ ᠳᠤ ᠭᠠᠳᠠᠭᠠᠳᠤ ᠣᠷᠴᠢᠨ ᠤ ᠳᠠᠷᠤᠯᠲᠠ ᠪᠠ ᠠᠯᠪᠠᠳᠠᠯᠭ᠎ᠠ ᠪᠠᠶᠢᠬᠤ ᠥᠬᠡᠶ᠂ ᠠᠯᠪᠠ ᠪᠠᠷ ᠪᠡᠶᠡᠯᠡᠭᠦᠯᠬᠦ ᠵᠣᠷᠢᠯᠭ᠎ᠠ ᠥᠬᠡᠶ᠂ ᠳᠡᠶᠢᠮᠦ ᠠᠴᠠ ᠪᠠᠴᠢᠮᠳᠠᠵᠤ ᠰᠠᠨᠳᠤᠷᠬᠤ ᠮᠡᠳᠦ ᠶᠢᠨ ᠰᠡᠳᠬᠢᠴᠡ ᠶᠢᠨ ᠳᠠᠷᠤᠯᠲᠠ ᠬᠡᠵᠤ ᠦᠬᠡᠢ ᠪᠠᠶᠢᠵᠤ᠂ ᠬᠡᠦᠬᠡᠯᠳᠡᠢ ᠵᠦᠴᠦᠭᠡ ᠶᠢᠨ ᠠᠭᠤᠯᠭ᠎ᠠ ᠨᠢ ᠨᠡᠶᠢᠭᠡᠮ ᠤᠨ ᠡᠯ᠎ᠡ ᠲᠠᠯ᠎ᠠ ᠶᠢ ᠲᠤᠰᠬᠠᠳᠠᠭ ᠳᠤᠯᠠ ᠬᠡᠣᠬᠡᠳ ᠡᠯ᠎ᠡ ᠵᠦᠢᠯ ᠤᠨ ᠳᠦᠷᠢ ᠶᠢ ᠲᠣᠭᠯᠠᠬᠤ ᠶᠢᠨ ᠬᠠᠮᠲᠤ ᠬᠠᠶᠢᠷ᠎ᠠ ᠰᠡᠳᠬᠢᠯᠭᠡ ᠶᠢᠨ ᠮᠡᠳᠡᠷᠡᠮᠵᠢ ᠨᠢ ᠤᠯᠠᠮ ᠪᠠᠶᠠᠯᠢᠬᠵᠢᠳᠠᠭ᠃ ᠳᠡᠶᠢᠮᠦ ᠠᠴᠠ ᠬᠡᠤᠬᠡᠯᠳᠡᠢ ᠵᠦᠴᠦᠬᠡ ᠨᠢ ᠬᠡᠤᠬᠡᠳ ᠤᠨ ᠡᠷᠡᠭᠦᠯ ᠥᠭᠡᠳᠡᠷᠬᠡᠭ᠂ ᠪᠠᠶᠠᠰᠤᠩᠭᠤᠶ ᠰᠡᠳᠬᠢᠴᠡ ᠲᠠᠢ ᠪᠤᠯᠭᠠᠬᠤ ᠳᠤ ᠮᠠᠰᠢ ᠶᠡᠭᠡ ᠨᠦᠯᠦᠭᠡ ᠦᠵᠡᠭᠦᠯᠳᠡᠭ᠃      2. ᠠᠩᠬᠠᠷᠤᠯ ᠲᠦᠪᠯᠡᠷᠡᠬᠦ ᠪᠠ ᠴᠡᠭᠡᠵᠢᠯᠡᠬᠦᠶ ᠶᠢᠨ ᠶᠠᠰᠤ ᠴᠢᠨᠠᠷ ᠢ ᠳᠡᠭᠡᠭᠰᠢᠯᠡᠭᠦᠯᠵᠦ ᠬᠡᠯᠡᠨ ᠤ ᠬᠥᠭᠵᠢᠯᠲᠡ ᠶᠢ ᠠᠬᠢᠭᠤᠯᠳᠠᠭ᠃ ᠬᠡᠦᠬᠡᠯᠳᠡᠢ ᠵᠦᠴᠦᠭᠡ ᠶᠢ ᠰᠤᠷᠤᠯᠴᠠᠬᠤ ᠶᠠᠪᠤᠴᠠ ᠳᠤ ᠪᠠᠭᠰᠢ ᠪᠣᠯᠤᠭᠰᠠᠳ ᠬᠡᠣᠬᠡᠳ ᠤᠨ ᠠᠩᠬᠠᠷᠤᠯ ᠲᠦᠪᠯᠡᠷᠡᠬᠦ ᠴᠡᠭ ᠢ ᠬᠥᠲᠥᠯᠥᠨ ᠵᠢᠯᠣᠭᠤᠳᠴᠤ᠂ ᠠᠩᠬᠠᠷᠬᠤ ᠣᠭ ᠰᠠᠨᠠᠭ᠎ᠠ ᠶᠢ ᠬᠦᠭᠵᠢᠬᠦᠯᠬᠦ ᠬᠡᠷᠡᠭᠲᠡᠶ᠃ ᠬᠡᠤᠬᠡᠳ ᠤᠨ ᠡᠯ᠎ᠡ ᠱᠠᠳᠤᠨ ᠳᠤ ᠬᠢ ᠠᠩᠬᠠᠷᠤᠯ ᠲᠥᠪᠯᠡᠷᠡᠭᠦ ᠴᠠᠭ ᠢ ᠦᠨᠳᠦᠰᠦᠯᠡᠨ᠂ ᠬᠡᠦᠬᠡᠯᠳᠡᠢ ᠵᠦᠴᠦᠭᠡ ᠶᠢ ᠰᠣᠩᠭᠤᠬᠤ ᠳᠤ ᠪᠠᠨ ᠳᠦᠭᠦᠮ ᠠᠪᠰᠠᠷᠬᠠᠨ᠂ ᠬᠡᠯᠡ ᠶᠠᠷᠢᠶ᠎ᠠ ᠨᠢ ᠥᠢᠯᠠᠭᠠᠮᠵᠢᠳᠠᠢ᠂ ᠭᠤᠣᠯ ᠠᠭᠤᠯᠭ᠎ᠠ ᠨᠢ ᠲᠣᠪᠤᠶᠢᠮ᠎ᠠ ᠪᠠᠶᠢᠬᠤ ᠶᠢ ᠠᠩᠬᠠᠷᠬᠤ ᠬᠡᠷᠡᠭᠲᠡᠢ᠃ ᠬᠡᠤᠬᠡᠳ ᠦᠪᠡᠰᠦᠪᠡᠨ ᠬᠡᠦᠬᠡᠯᠳᠡᠢ ᠵᠦᠴᠦᠭᠡ ᠳᠤᠷᠰᠢᠨ ᠲᠤᠭᠯᠠᠵᠤ ᠰᠣᠷᠬᠤ ᠪᠠᠷ ᠳᠠᠮᠵᠢᠭᠠᠳ ᠠᠩᠬᠠᠷᠤᠯ ᠲᠦᠪᠯᠡᠷᠡᠬᠦᠯᠬᠦ ᠴᠢᠳᠠᠪᠤᠷᠢ᠂ ᠠᠵᠢᠭᠯᠠᠬᠤ ᠴᠢᠳᠠᠪᠤᠷᠢ᠂ ᠴᠡᠭᠡᠵᠢᠯᠡᠬᠦ ᠴᠢᠳᠠᠪᠤᠷᠢ ᠵᠢᠴᠢ ᠰᠡᠳᠬᠢᠬᠦ ᠴᠢᠳᠠᠪᠤᠷᠢ ᠵᠢᠴᠢ ᠣᠶᠤᠨ ᠴᠢᠳᠠᠪᠤᠷᠢ ᠶᠢᠨ ᠬᠢᠷᠢ ᠲᠦᠪᠰᠢᠨ ᠲᠡᠭᠡᠭᠰᠢᠯᠡᠵᠤ᠂ ᠲᠠᠨᠢᠨ ᠮᠡᠳᠡᠬᠦᠢ ᠨᠢ ᠰᠢᠯᠢᠳᠡᠭᠵᠢᠨ᠂ ᠬᠡᠣᠬᠡᠯᠳᠠᠢ ᠵᠦᠴᠦᠭᠡ ᠶᠢᠨ ᠲᠣᠭᠯᠠᠯᠲᠠ ᠳᠤ ᠣᠷᠣᠯᠴᠠᠬᠤ ᠳᠤᠷ᠎ᠠ ᠰᠣᠨᠢᠷᠬᠠᠯ ᠨᠢ ᠬᠦᠭᠵᠢᠵᠦ ᠪᠣᠯᠤᠨ᠎ᠠ᠃ ᠨᠡᠩ ᠴᠢᠬᠤᠯᠠ ᠨᠢ ᠬᠡᠦᠬᠡᠳ ᠤᠨ ᠬᠠᠶᠢᠨ ᠰᠦᠪᠡᠭᠴᠢᠯᠡᠬᠦ ᠴᠢᠳᠠᠪᠤᠷᠢ᠂ ᠢᠯᠡᠷᠡᠭᠦᠯᠬᠦ ᠴᠢᠳᠠᠪᠤᠷᠢ ᠪᠠ ᠪᠦᠲᠦᠭᠡᠯᠴᠢ ᠴᠢᠳᠠᠪᠤᠷᠢ ᠶᠢ ᠳᠡᠭᠡᠭᠰᠢᠯᠡᠬᠦᠯᠬᠦ ᠶᠢᠨ ᠬᠠᠮᠲᠦ ᠵᠦᠴᠦᠬᠡ ᠰᠣᠨᠢᠷᠬᠠᠬᠤ᠂ ᠵᠦᠴᠦᠭᠡ ᠲᠤᠭᠯᠠᠬᠤ᠂ ᠵᠦᠴᠦᠭᠡ ᠵᠤᠬᠢᠶᠠᠨ ᠪᠦᠲᠦᠭᠡᠭᠦ ᠪᠠᠷ ᠳᠠᠮᠵᠢᠭᠠᠳ ᠪᠠᠭᠰᠢ ᠨᠠᠷ ᠬᠡᠣᠬᠡᠳ ᠤᠨ ᠣᠨᠴᠠᠯᠢᠭ᠂ ᠵᠦᠷᠢᠶᠡᠲᠥ ᠴᠢᠨᠠᠷ ᠵᠡᠷᠭᠡ ᠶᠢ ᠭᠦᠢᠴᠡᠳ ᠥᠢᠯᠠᠭᠠᠵᠤ ᠴᠢᠳᠠᠬᠤ ᠪᠤᠯᠤᠮᠵᠢ ᠤᠯᠵᠤ ᠪᠤᠯᠤᠨ᠎ᠠ᠃      3. ᠬᠡᠯᠡ ᠶᠠᠷᠢᠶᠠᠨ ᠤ ᠬᠦᠮᠦᠵᠢᠯ ᠤᠯᠭᠤᠬᠤ ᠳᠤ ᠠᠰᠢᠭ ᠲᠠᠢ ᠪᠠᠶᠢᠳᠠᠭ᠃ ᠴᠡᠴᠡᠷᠯᠢᠭ ᠤᠨ ᠬᠡᠣᠬᠡᠳ ᠲᠤ ᠠᠪᠴᠤ ᠬᠡᠯᠡᠪᠡᠯ᠂ ᠬᠡᠯᠡ ᠶᠠᠷᠢᠶᠠᠨ ᠤ ᠬᠦᠮᠦᠵᠢᠯ ᠮᠠᠰᠢ ᠴᠢᠬᠤᠯᠠ ᠪᠠᠶᠢᠳᠠᠭ᠃ ᠬᠡᠤᠬᠡᠯᠲᠡᠢ ᠵᠦᠴᠦᠭᠡ ᠶᠢ ᠵᠢᠭᠠᠨ ᠰᠣᠷᠭᠠᠯᠲᠠ ᠳᠤ ᠠᠰᠢᠭᠯᠠᠬᠤ ᠨᠢ ᠬᠡᠣᠬᠡᠳ ᠤᠨ ᠦᠭᠡ ᠬᠡᠯᠡᠨ ᠤ ᠬᠥᠭᠵᠢᠯᠲᠡ ᠳᠤ ᠬᠠᠮᠤᠭ ᠤᠨ ᠴᠢᠬᠤᠯᠠ ᠨᠦᠯᠦᠭᠡ ᠲᠠᠢ ᠪᠠᠶᠢᠳᠠᠭ᠄ ᠲᠠᠷᠤᠢ ᠬᠥᠮᠦᠰ ᠤᠨ ᠬᠤᠭᠤᠷᠣᠨᠳᠣᠬᠢ ᠶᠠᠷᠢᠵᠤ ᠬᠠᠷᠢᠯᠴᠠᠬᠤ ᠴᠢᠳᠠᠪᠣᠷᠢ᠂ ᠪᠣᠰᠣᠳ ᠢ ᠤᠶᠢᠯᠠᠭᠠᠬᠤ ᠪᠣᠯᠣᠨ ᠬᠠᠷᠢᠯᠴᠠᠬᠤ ᠦᠶ᠎ᠡ ᠶᠢᠨ ᠰᠡᠳᠬᠢᠯᠭᠡ ᠶᠢᠨ ᠪᠠᠶᠢᠳᠠᠯ ᠢ ᠮᠠᠭᠠᠳᠯᠠᠬᠤ ᠴᠢᠳᠠᠪᠣᠷᠢ᠂ ᠪᠣᠳᠣᠭᠰᠠᠨ ᠰᠠᠨᠠᠭᠰᠠᠨ ᠢᠶᠠᠨ ᠵᠤᠷᠢᠭ ᠲᠠᠢ ᠪᠠᠷ ᠶᠠᠷᠢᠵᠦ ᠢᠯᠡᠳᠭᠡᠬᠦ ᠴᠢᠳᠠᠪᠤᠷᠢ ᠵᠡᠷᠬᠡ ᠶᠢ ᠬᠥᠭᠵᠢᠬᠦᠯᠬᠦ ᠳᠤ ᠠᠰᠢᠭ ᠲᠠᠢ᠃ ᠵᠦᠴᠦᠭᠡ ᠶᠢᠨ ᠲᠤᠬᠠᠶ ᠣᠶᠢᠯᠠᠭᠠᠯᠲᠠ ᠳᠤ ᠨᠢ ᠴᠢᠭᠯᠡᠭᠦᠯᠦᠨ᠂ ᠬᠠᠮᠲᠦ ᠪᠠᠷ ᠶᠠᠷᠢᠯᠴᠠᠬᠤ ᠨᠢ ᠪᠠᠭᠰᠢ ᠪᠠ ᠬᠡᠤᠬᠡᠳ ᠤᠨ ᠬᠠᠷᠢᠯᠴᠠᠨ ᠶᠠᠷᠢᠯᠴᠠᠭᠠᠨ ᠠᠴᠠ ᠠᠭᠤᠵᠢᠭᠤ ᠲᠠᠯᠪᠢᠭᠤ ᠬᠡᠯᠡᠨ ᠤ ᠣᠷᠴᠢᠨ ᠲᠣᠭᠤᠷᠢᠨ ᠢ ᠬᠠᠩᠭᠠᠵᠤ᠂ ᠬᠡᠣᠬᠡᠳ ᠢ ᠵᠤᠷᠢᠭ ᠲᠠᠢ ᠪᠠᠷ ᠬᠡᠯᠡᠬᠦ᠂ ᠶᠠᠷᠢᠬᠤ ᠳᠤᠷ᠎ᠠ ᠲᠠᠢ ᠪᠤᠯᠭᠠᠵᠤ᠂ ᠬᠡᠦᠬᠡᠯᠳᠡᠢ ᠶᠢᠨ ᠠᠮᠢᠳᠤ ᠴᠣᠪᠣᠭᠤᠯᠢᠭ ᠳᠦᠷᠢ ᠲᠥᠷᠬᠦ ᠵᠢᠴᠢ ᠲᠦᠷᠢ ᠶᠢᠨ ᠬᠤᠭᠤᠷᠤᠨᠳᠤᠬᠢ ᠶᠠᠷᠢᠯᠴᠠᠭ᠎ᠠ ᠨᠢ ᠦᠭᠡ ᠶᠢᠨ ᠬᠤᠷᠠᠮᠳᠤᠭᠤᠯᠤᠯ ᠢ ᠨᠡᠮᠡᠭᠳᠡᠬᠦᠯᠵᠦ᠂ ᠦᠭᠡᠰ ᠤᠨ ᠰᠡᠩ ᠢ ᠪᠠᠶᠠᠯᠢᠬᠵᠢᠭᠤᠯᠤᠨ᠎ᠠ᠃ ᠬᠡᠦᠬᠡᠯᠳᠠᠢ ᠵᠦᠴᠦᠭᠡ ᠶᠢᠨ ᠲᠣᠭᠯᠠᠯᠲᠠ ᠶᠢᠨ ᠶᠠᠪᠤᠴᠠ ᠳᠤ ᠬᠤᠶᠠᠷ ᠪᠤᠶᠤ ᠣᠯᠠᠨ ᠬᠡᠣᠬᠡᠳ ᠤᠨ ᠬᠠᠮᠲᠤᠷᠠᠯᠴᠠᠭ᠎ᠠ ᠶᠢ ᠱᠠᠭᠠᠷᠳᠠᠵᠤ᠂ ᠶᠠᠷᠢᠯᠴᠠᠭᠠᠨ ᠤ ᠳᠤᠮᠳᠠ ᠰᠤᠷᠤᠯᠴᠠᠵᠤ᠂ ᠢᠯᠡᠳᠬᠡᠬᠦ ᠴᠢᠳᠠᠪᠤᠷᠢ ᠶᠢ ᠨᠢ ᠬᠥᠭᠵᠢᠭᠦᠯᠬᠦ ᠪᠠᠷ ᠪᠠᠷᠠᠬᠤ ᠥᠬᠡᠶ ᠬᠠᠮᠳᠣᠷᠠᠯᠴᠠᠬᠤ᠂ ᠳᠣᠭᠤᠶᠢᠯᠠᠩ ᠢᠶᠠᠷ ᠠᠵᠢᠯᠯᠠᠬᠤ ᠬᠠᠪᠤ ᠴᠡᠩᠭᠡᠯ ᠢ ᠥᠢᠯᠠᠭᠠᠵᠦ ᠴᠢᠳᠠᠳᠠᠭ᠃ ᠬᠡᠦᠬᠡᠯᠳᠡᠢ ᠵᠦᠴᠦᠭᠡ ᠳᠤ ᠬᠡᠷᠡᠭᠯᠡᠳᠡᠭ ᠳᠠᠪᠠᠭᠤᠯᠤᠯ ᠤᠨ ᠠᠷᠭ᠎ᠠ ᠨᠢ ᠥᠪᠡᠷᠮᠢᠴᠡ ᠰᠣᠨᠢᠷᠬᠠᠯ ᠲᠠᠢ᠂ ᠬᠤᠱᠣᠩ ᠱᠤᠭ ᠤᠨ ᠣᠨᠴᠠᠯᠢᠭ ᠲᠠᠢ ᠪᠠᠶᠢᠳᠠᠭ ᠳᠤᠯᠠ ᠡᠨᠡ ᠨᠢ ᠬᠡᠯᠡᠨ ᠤ ᠬᠠᠷᠰᠢ ᠰᠠᠭᠠᠳ ᠲᠠᠢ ᠬᠡᠦᠬᠡᠳ ᠲᠤ ᠠᠪᠴᠤ ᠬᠡᠯᠡᠪᠡᠯ᠂ ᠲᠡᠭᠦᠨ ᠤ ᠶᠡᠭᠡ ᠲᠠᠷᠢᠬᠢᠨ ᠤ ᠬᠡᠯᠡᠨ ᠤ ᠲᠥᠪ ᠲᠤ ᠠᠮᠠᠷᠬᠠᠨ ᠰᠡᠳᠡᠯᠲᠡ ᠥᠭᠴᠦ᠂ ᠰᠤᠷᠤᠯᠴᠠᠬᠤ ᠳᠤᠷ᠎ᠠ ᠰᠣᠨᠢᠷᠬᠠᠯ ᠢ ᠨᠢ ᠢᠯᠡᠬᠦᠤ ᠲᠠᠲᠠᠵᠤ᠂ ᠠᠮᠠᠷᠬᠠᠨ ᠬᠡᠯᠡ ᠳᠤ ᠤᠷᠤᠭᠤᠯᠳᠠᠭ᠃      4. ᠣᠷᠠᠯᠢᠭ ᠤᠨ ᠮᠡᠳᠡᠷᠡᠮᠵᠢ ᠲᠠᠢ ᠪᠤᠯᠭᠠᠬᠤ ᠳᠤ ᠠᠰᠢᠭ ᠲᠠᠢ᠃ ᠬᠡᠣᠬᠡᠯᠲᠡᠢ ᠵᠦᠴᠦᠭᠡ ᠲᠣᠭᠯᠠᠬᠤ ᠬᠡᠯᠪᠡᠷᠢ ᠨᠢ ᠬᠡᠣᠬᠡᠳ ᠤᠨ ᠣᠷᠠᠯᠢᠭ ᠤᠨ ᠭᠤᠸ᠎ᠠ ᠰᠠᠶᠢᠬᠠᠨ ᠤ ᠮᠡᠳᠡᠷᠡᠮᠵᠢ ᠶᠢᠨ ᠴᠢᠳᠠᠪᠣᠷᠢ ᠶᠢ ᠬᠥᠭᠵᠢᠬᠦᠯᠬᠦ᠂ ᠦᠪᠡᠷ ᠢ ᠪᠠᠨ ᠢᠯᠡᠷᠡᠬᠦᠯᠬᠦ᠂ ᠪᠣᠰᠣᠳ ᠤᠨ ᠡᠮᠣᠨ᠎ᠠ ᠵᠤᠷᠢᠭ ᠲᠠᠢ ᠭᠠᠷᠴᠤ ᠶᠠᠷᠢᠵᠤ ᠢᠯᠡᠳᠬᠡᠬᠦ ᠲᠠᠯ᠎ᠠ ᠪᠠᠷ ᠳᠡᠭᠡᠭᠰᠢᠯᠡᠭᠦᠯᠵᠦ᠂ ᠭᠠᠷ ᠬᠥᠳᠡᠯᠵᠦ ᠣᠷᠣᠯᠳᠣᠬᠤ ᠴᠢᠳᠠᠪᠣᠷᠢ ᠵᠡᠷᠭᠡ ᠶᠢ ᠬᠥᠭᠵᠢᠬᠦᠯᠬᠦ ᠳᠤ ᠮᠠᠰᠢ ᠳᠤᠰᠠ ᠲᠠᠢ ᠪᠠᠶᠢᠳᠠᠭ᠃ ᠬᠡᠣᠬᠡᠳ ᠥᠪᠡᠷ ᠤᠨ ᠪᠤᠳᠤᠭᠰᠠᠨ ᠰᠠᠨᠠᠭᠰᠠᠨ ᠢᠶᠠᠷ ᠢᠶᠠᠨ ᠲᠠᠶᠢᠰᠠ ᠪᠠᠨ ᠴᠢᠮᠡᠭᠯᠡᠬᠦ ᠶᠢᠨ ᠬᠠᠮᠲᠤ ᠥᠪᠡᠷ ᠢᠶᠠᠨ ᠳᠦᠬᠦᠮ ᠦᠯᠢᠭᠡᠷ ᠵᠣᠬᠢᠶᠠᠵᠤ᠂ ᠬᠡᠦᠬᠡᠯᠳᠡᠢ ᠲᠣᠭᠯᠠᠭᠠᠮ ᠥᠢᠯᠡᠳᠦᠨ᠂ ᠭᠤᠸ᠎ᠠ ᠰᠠᠶᠢᠬᠠᠨ ᠤ ᠰᠡᠳᠬᠢᠯᠭᠡ᠂ ᠲᠦᠷᠰᠦᠯᠢᠭ ᠰᠡᠳᠬᠢᠬᠦᠢ ᠪᠠᠨ ᠬᠦᠭᠵᠢᠬᠦᠯᠵᠦ᠂ ᠡᠭᠦᠳᠣᠨ ᠪᠥᠲᠦᠭᠡᠬᠦ ᠴᠢᠳᠠᠪᠤᠷᠢ ᠪᠠᠨ ᠳᠡᠭᠡᠭᠰᠢᠯᠡᠭᠦᠯᠳᠡᠭ ᠢᠶᠠᠷ ᠪᠠᠷᠠᠬᠤ ᠦᠭᠡᠢ ᠬᠦᠳᠡᠯᠭᠡᠭᠡᠨ ᠳᠤ ᠢᠳᠡᠪᠬᠢᠳᠡᠢ ᠣᠷᠤᠯᠴᠠᠬᠤ ᠶᠢ ᠳᠠᠶᠢᠴᠢᠯᠠᠵᠦ᠂ ᠪᠠᠶᠠᠷ ᠪᠠᠭ᠋ᠠᠳᠤᠯ ᠤᠯᠭᠤᠳᠠᠭ᠃      5. ᠨᠡᠶᠢᠬᠡᠮ ᠤᠨ ᠬᠠᠷᠢᠯᠴᠠᠭᠠᠨ ᠤ ᠲᠤᠬᠠᠢ ᠤᠶᠢᠯᠠᠭᠠᠯᠳᠠ ᠶᠢ ᠤᠯᠭᠤᠳᠠᠭ᠃ ᠬᠡᠤᠬᠡᠯᠲᠡᠢ ᠵᠦᠴᠦᠭᠡ ᠶᠢ ᠵᠢᠭᠠᠨ ᠰᠤᠷᠭᠠᠯᠲᠠ ᠳᠤ ᠠᠰᠢᠭᠯᠠᠬᠤ ᠨᠢ ᠬᠡᠣᠬᠡᠳ ᠤᠨ ᠬᠠᠮᠳᠣᠷᠠᠯᠴᠠᠬᠤ᠂ ᠬᠠᠮᠵᠢᠯᠴᠠᠬᠤ᠂ ᠪᠣᠰᠣᠳ ᠲᠠᠢ ᠬᠠᠷᠢᠯᠴᠠᠬᠤ᠂ ᠣᠷᠴᠢᠨ ᠲᠣᠭᠤᠷᠢᠨ ᠪᠠ ᠨᠡᠶᠢᠭᠡᠮ ᠤᠨ ᠪᠠᠶᠢᠳᠠᠯ ᠢ ᠠᠭᠠᠵᠢᠮ ᠢᠶᠠᠷ ᠲᠠᠨᠢᠵᠦ᠂ ᠨᠡᠶᠢᠭᠡᠮ ᠤᠨ ᠦᠨᠳᠦᠰᠦᠨ ᠦᠢᠯᠠ ᠠᠵᠢᠯᠯᠠᠭᠠᠨ ᠤ ᠳᠦᠷᠢᠮᠵᠢᠯ ᠢ ᠵᠢᠷᠤᠮᠯᠠᠨ ᠰᠠᠬᠢᠵᠤ᠂ ᠨᠡᠶᠢᠭᠡᠮ ᠤᠨ ᠬᠥᠭᠵᠢᠯᠲᠡ ᠳᠤ ᠵᠣᠬᠢᠴᠠᠳᠠᠭ᠃ ᠬᠡᠦᠬᠡᠯᠳᠡᠢ ᠵᠦᠴᠦᠭᠡ ᠲᠤᠭᠯᠠᠬᠤ ᠳᠤ ᠪᠠᠨ ᠳᠦᠷᠢ ᠪᠠᠨ ᠬᠤᠪᠢᠶᠠᠯᠴᠠᠬᠤ᠂ ᠪᠠᠰᠠ ᠠᠬᠤᠶ ᠦᠵᠡᠭᠳᠡᠯ ᠢ ᠪᠠᠶᠢᠷᠢᠯᠠᠭᠤᠯᠬᠤ ᠵᠢᠴᠢ ᠬᠡᠦᠬᠡᠯᠳᠡᠢ ᠶᠢᠨ ᠪᠠᠭᠠᠵᠢ ᠶᠢ ᠬᠠᠮᠳᠣᠷᠠᠯᠴᠠᠨ ᠡᠵᠡᠮᠳᠡᠬᠦ᠂ ᠲᠤᠭᠢᠷᠠᠭᠤᠯᠬᠤ ᠵᠡᠷᠭᠡ ᠠᠵᠢᠯ ᠤᠨᠤᠭᠳᠠᠳᠠᠭ᠃ ᠡᠶᠢᠮᠦ ᠠᠴᠠ ᠵᠦᠴᠦᠭᠡ ᠲᠣᠭᠯᠠᠬᠤ ᠶᠠᠪᠤᠴᠠ ᠳᠤ ᠬᠠᠮᠲᠤᠷᠠᠨ ᠠᠵᠢᠯᠯᠠᠬᠤ ᠤᠬᠠᠮᠰᠠᠷ ᠢ ᠮᠠᠰᠢ ᠰᠠᠶᠢᠨ ᠪᠣᠯᠪᠠᠰᠤᠷᠠᠭᠤᠯᠵᠤ᠂ ᠬᠡᠣᠬᠡᠳ ᠤᠨ ᠬᠤᠭᠤᠷᠣᠨᠳᠣᠬᠢ ᠡᠷᠬᠡ ᠲᠡᠭᠰᠢ ᠨᠥᠬᠦᠷᠰᠡᠭ ᠬᠠᠷᠢᠴᠠᠭ᠎ᠠ ᠶᠢ ᠠᠬᠢᠭᠤᠯᠵᠤ᠂ ᠬᠤᠪᠢᠶᠠᠯᠴᠠᠬᠤ ᠵᠦᠪᠳᠡᠯᠴᠡᠬᠦ ᠪᠠ ᠬᠠᠷᠢᠯᠴᠠᠨ ᠲᠤᠰᠠᠯᠠᠯᠴᠠᠬᠤ ᠵᠡᠷᠭᠡ ᠦᠢᠯᠡ ᠠᠵᠢᠯᠯᠠᠭᠠᠨ ᠤ ᠬᠡᠯᠪᠡᠷᠢ ᠶᠢ ᠰᠤᠷᠴᠤ᠂ ᠡᠶ᠎ᠡ ᠨᠠᠶᠢᠷᠲᠠᠢ᠂ ᠪᠦᠯᠬᠦᠮᠳᠡᠯ ᠲᠠᠢ᠂ ᠦᠪᠡᠷ ᠤᠨ ᠬᠡᠰᠡᠨ ᠨᠠᠶᠢᠵᠠ ᠨᠦᠬᠦᠳ ᠲᠠᠢ ᠪᠤᠯᠳᠠᠭ᠃ ᠪᠤᠳᠠᠳᠤ ᠲᠦᠷᠰᠦᠯᠢᠭ ᠵᠢᠭᠠᠨ ᠰᠣᠷᠭᠠᠯᠲᠠ ᠶᠢᠨ ᠠᠷᠭ᠎ᠠ ᠬᠡᠯᠪᠡᠷᠢ ᠨᠢ ᠲᠡᠳᠡᠨ ᠤ ᠠᠩᠬᠠᠷᠤᠯ ᠢ ᠲᠠᠳᠠᠵᠦ᠂ ᠬᠦᠳᠡᠯᠭᠡᠭᠡᠨ ᠳᠤ ᠣᠷᠣᠯᠴᠠᠬᠤ ᠣᠷᠮ᠎ᠠ ᠪᠠᠬ᠎ᠠ ᠶᠢ ᠨᠢ ᠬᠦᠭᠵᠢᠭᠡᠨ᠂ ᠰᠢᠨ᠎ᠡ ᠵᠦᠢᠯ ᠢ ᠨᠡᠩ ᠬᠢᠯᠪᠠᠷᠬᠠᠨ᠂ ᠪᠦᠲᠦᠮᠵᠢ ᠲᠠᠢ ᠪᠠᠷ ᠬᠥᠯᠢᠶᠡᠨ ᠠᠪᠴᠤ ᠴᠢᠳᠠᠬᠤ ᠪᠤᠯᠤᠨ᠎ᠠ᠃ ᠮᠦᠨ ᠴᠤ ᠪᠠᠭᠰᠢ ᠪᠣᠯᠤᠨ ᠬᠡᠦᠬᠡᠳ ᠤᠨ ᠬᠤᠭᠤᠷᠣᠨᠳᠣᠬᠢ ᠤᠶᠢᠯᠠᠭᠠᠯᠴᠠᠯ ᠢ ᠤᠯᠠᠮ ᠨᠡᠮᠡᠭᠳᠡᠭᠦᠯᠵᠦ᠂ ᠪᠠᠭᠰᠢ ᠠᠴᠠ ᠬᠡᠦᠬᠡᠳ ᠤᠨ ᠰᠡᠳᠬᠢᠴᠡ ᠶᠢᠨ ᠣᠨᠴᠠᠯᠢᠭ ᠰᠢᠨᠵᠢ᠂ ᠲᠤᠯᠭᠠᠮ᠎ᠠ ᠬᠡᠷᠡᠭᠴᠡᠭᠡ ᠶᠢ ᠴᠠᠭ ᠲᠤᠬᠠᠢ ᠳᠤ ᠨᠢ ᠭᠦᠨᠵᠡᠭᠡᠢ ᠥᠢᠯᠨᠭᠠᠵᠦ ᠴᠢᠳᠠᠬᠤ ᠪᠤᠯᠤᠮᠵᠢ ᠲᠠᠢ ᠶᠤᠮ᠃      ᠭᠤᠷᠪᠠ᠂ ᠬᠡᠤᠬᠡᠯᠳᠡᠢ ᠵᠦᠴᠦᠬᠡ ᠶᠢ ᠴᠡᠴᠡᠷᠯᠢᠭ ᠤᠨ ᠵᠢᠭᠠᠨ ᠰᠤᠷᠭᠠᠯᠳᠠ ᠲᠠᠢ ᠤᠶᠠᠯᠳᠤᠭᠤᠯᠬᠤ ᠠᠷᠭ᠎ᠠ ᠬᠡᠯᠪᠡᠷᠢ      1. ᠬᠡᠦᠬᠡᠯᠳᠡᠢ ᠵᠦᠴᠦᠭᠡ ᠶᠢᠨ ᠠᠭᠤᠯᠭ᠎ᠠ ᠶᠢ ᠵᠦᠶ ᠵᠣᠬᠢᠰᠲᠠᠶ ᠰᠣᠩᠭᠤᠬᠤ ᠬᠡᠷᠡᠭᠲᠡᠢ᠃ ᠪᠣᠳᠠᠳᠦ ᠪᠠᠶᠢᠳᠠᠯ ᠢᠶᠠᠨ ᠦᠨᠳᠦᠰᠦᠯᠡᠨ᠂ ᠮᠡᠳᠡᠯᠭᠡ ᠶᠢᠨ ᠴᠢᠨᠠᠷ ᠲᠠᠢ ᠵᠦᠴᠦᠭᠡ ᠶᠢ ᠵᠢᠭᠠᠨ ᠰᠤᠷᠭᠠᠯᠲᠠ ᠳᠤ ᠪᠠᠨ ᠤᠶᠠᠯᠳᠤᠭᠤᠯᠤᠨ᠂ ᠬᠡᠤᠬᠡᠳ ᠢ ᠬᠡᠦᠬᠡᠯᠳᠡᠢ ᠵᠦᠴᠦᠬᠡ ᠰᠤᠨᠢᠷᠬᠠᠬᠤ ᠰᠣᠨᠢᠷᠬᠠᠯ ᠲᠠᠢ ᠪᠣᠯᠭᠠᠨ ᠬᠥᠮᠦᠵᠢᠭᠦᠯᠵᠦ ᠪᠣᠯᠤᠨ᠎ᠠ᠃ ᠵᠢᠱᠢᠶᠡᠯᠡᠪᠡᠯ᠄ ᠪᠠᠭ᠎ᠠ ᠠᠩᠭᠢ ᠶᠢᠨ ᠨᠢᠭᠡᠳᠦᠭᠡᠷ ᠬᠤᠭᠤᠴᠠᠭᠠᠨ ᠳᠤ ᠪᠤᠯ ︽ᠪᠠᠶᠠᠷ ᠬᠦᠷ ᠲᠠᠢ ᠴᠡᠴᠡᠷᠯᠢᠭ ᠲᠤ ᠪᠠᠨ ᠣᠴᠢᠶ᠎ᠠ︾ ᠭᠡᠬᠦ ᠬᠡᠤᠬᠡᠯᠲᠡᠢ ᠵᠦᠴᠦᠭᠡ ᠶᠢ ᠲᠣᠬᠢᠷᠠᠭᠤᠯᠵᠤ ᠪᠣᠯᠤᠨ᠎ᠠ᠃ ᠡᠨᠡ ᠵᠦᠴᠦᠬᠡ ᠳᠤ ᠭᠦᠯᠦᠭᠡ᠂ ᠤᠨᠠᠭ᠎ᠠ᠂ ᠵᠤᠯᠵᠠᠭᠠᠨ ᠮᠤᠤᠷ ᠴᠡᠴᠡᠷᠯᠢᠭ ᠲᠤ ᠰᠠᠭᠤᠭᠰᠠᠨ ᠥᠯᠢᠭᠡᠷ ᠢ ᠶᠠᠷᠢᠵᠤ᠂ ᠪᠠᠭ᠎ᠠ ᠠᠩᠭᠢ ᠶᠢᠨ ᠬᠡᠣᠬᠡᠳ ᠲᠤ ᠳᠤᠬᠢᠶᠠᠯᠳᠤᠵᠤ ᠪᠠᠶᠢᠭ᠎ᠠ ᠠᠰᠠᠭᠤᠳᠠᠯ ᠢ ᠢᠯᠡᠷᠡᠭᠦᠯᠵᠦ᠂ ︽ᠢᠨᠢᠶᠡᠬᠦ︾᠂ ︽ᠪᠠᠶᠠᠷ ᠬᠥᠷ ᠲᠠᠢ︾ ᠵᠡᠷᠬᠡ ᠦᠭᠡᠰ ᠢ ᠬᠡᠷᠡᠭᠯᠡᠭᠰᠡᠨ ᠠᠴᠠ ᠬᠡᠣᠬᠡᠳ ᠤᠳ ᠤᠨ ᠴᠡᠴᠡᠷᠯᠢᠭ ᠲᠤ ᠤᠴᠢᠬᠤ ᠲᠣᠷ᠎ᠠ ᠪᠠᠬ᠎ᠠ᠂ ᠤᠷᠮ᠎ᠠ ᠵᠣᠷᠢᠭ ᠢ ᠨᠢ ᠬᠦᠪᠴᠢᠯᠡᠨ᠎ᠡ᠃ ᠮᠦᠨ ᠡᠬᠦᠨ ᠲᠠᠢ ᠠᠳᠠᠯᠢ ᠪᠠᠷ ᠵᠠᠷᠢᠮ ᠬᠡᠦᠬᠡᠳ ᠬᠤᠭᠤᠯᠡ ᠢᠳᠡᠬᠦ ᠳᠤ ᠪᠠᠨ ᠬᠡᠵᠢᠶᠡᠲᠡ ᠠᠰᠬᠠᠵᠤ ᠭᠤᠭᠤᠵᠢᠭᠤᠯᠳᠠᠭ᠂ ᠡᠨᠡ ᠬᠦ ᠪᠠᠶᠢᠳᠠᠯ ᠳᠤ ᠴᠢᠭᠯᠡᠭᠦᠯᠦᠨ ︽ᠰᠡᠲᠡᠷᠬᠡᠢ ᠠᠮᠠ ᠲᠠᠢ ᠢᠰᠢᠭᠡ︾ ᠭᠡᠬᠦ ᠵᠦᠴᠦᠭᠡ ᠪᠠᠷ ᠳᠠᠮᠵᠢᠭᠤᠯᠤᠨ᠂ ᠬᠤᠭᠤᠯᠡ ᠢᠳᠡᠬᠦ ᠳᠤ ᠪᠠᠨ ᠠᠰᠬᠠᠵᠤ ᠭᠤᠭᠤᠵᠢᠭᠤᠯᠬᠤ ᠦᠭᠡᠢ᠂ ᠬᠤᠭᠤᠯᠡ ᠬᠦᠨᠡᠰᠦ ᠪᠠᠨ ᠠᠷᠪᠢᠯᠠᠨ ᠭᠠᠮᠨᠠᠬᠤ ᠭᠡᠷᠡᠭᠲᠡᠢ ᠭᠡᠳᠡᠭ ᠮᠡᠳᠡᠯᠬᠡ ᠶᠢ ᠤᠯᠭᠤᠵᠤ ᠪᠤᠯᠳᠠᠭ᠃ ᠰᠡᠳᠬᠢᠴᠠ ᠶᠢᠨ ᠬᠠᠷᠰᠢ ᠰᠠᠭᠠᠳ ᠲᠠᠢ ᠬᠡᠦᠬᠡᠳ ᠲᠤ ᠰᠡᠳᠬᠢᠴᠡ ᠶᠢᠨ ᠲᠤᠬᠠᠢ ᠵᠦᠴᠦᠭᠡ ᠰᠤᠨᠢᠷᠬᠠᠭᠤᠯᠵᠤ᠂ ᠬᠡᠦᠬᠡᠳ ᠤᠨ ᠰᠡᠳᠬᠢᠯ ᠤᠨ ᠵᠠᠩᠭᠢᠷᠠᠭ᠎ᠠ ᠶᠢ ᠨᠢ ᠨᠡᠭᠡᠭᠡᠵᠦ᠂ ᠬᠡᠷᠪᠡ ᠬᠡᠦᠬᠡᠳ ᠤᠳ ᠤᠨ ᠬᠤᠭᠤᠷᠣᠨᠳᠣ ᠵᠥᠷᠢᠴᠡᠯ ᠮᠦᠷᠭᠦᠯᠳᠤᠭᠡᠨ ᠭᠠᠷᠪᠠᠯ᠂ ᠪᠠᠭᠰᠢ ᠬᠡᠤᠬᠡᠯᠲᠡᠢ ᠪᠠᠷ ᠤᠴᠢᠷ ᠶᠠᠪᠣᠳᠠᠯ ᠢ ᠨᠢ ᠲᠦᠷᠰᠦᠯᠡᠨ ᠳᠤᠭᠯᠠᠭᠤᠯᠵᠤ᠂ ᠥᠪᠡᠷ ᠤᠨ ᠪᠤᠷᠤᠭᠤ ᠶᠢ ᠨᠢ ᠮᠡᠳᠡᠷᠡᠬᠦᠯᠬᠦ ᠭᠡᠬᠦ ᠮᠡᠳᠤᠴᠢᠯᠡᠨ ᠬᠡᠤᠬᠡᠳ ᠤᠨ ᠣᠨᠴᠠᠯᠢᠭ ᠲᠤ ᠨᠢ ᠲᠣᠬᠢᠷᠠᠭᠤᠯᠤᠨ ᠪᠣᠳᠠᠳᠠᠢ ᠠᠴᠠ ᠡᠬᠦᠰᠴᠦ ᠣᠯᠠᠨ ᠠᠷᠪᠢᠨ ᠦᠯᠢᠭᠡᠷ ᠵᠦᠴᠦᠭᠡ ᠳᠤᠭᠯᠠᠭᠤᠯᠬᠤ ᠪᠤᠶᠤ ᠵᠤᠬᠢᠶᠠᠯᠭᠠᠵᠤ ᠪᠣᠯᠣᠨ᠎ᠠ᠃      2. ᠬᠡᠦᠬᠡᠯᠳᠡᠢ ᠪᠦᠲᠦᠭᠡᠨ ᠦᠢᠯᠡᠳᠬᠦ᠂ ᠵᠢᠭᠠᠨ ᠰᠤᠷᠭᠠᠯᠲᠠ ᠶᠢᠨ ᠠᠵᠢᠯᠯᠠᠭ᠎ᠠ ᠳᠤ ᠣᠷᠣᠯᠴᠠᠬᠤ ᠢᠳᠡᠪᠬᠢᠵᠢᠯ ᠢ ᠳᠡᠭᠡᠭᠰᠢᠯᠡᠬᠦᠯᠬᠦ ᠵᠤᠷᠢᠯᠭ᠎ᠠ ᠪᠠᠷ ᠬᠡᠤᠬᠡᠯᠳᠡᠢ ᠵᠦᠴᠦᠬᠡ ᠶᠢ ᠠᠰᠢᠭᠯᠠᠨ᠎ᠠ᠃ ᠬᠡᠦᠬᠡᠯᠳᠡᠢ ᠶᠢ ᠦᠢᠯᠡᠳᠬᠦ ᠶᠠᠪᠤᠴᠠ ᠶᠢ ᠥᠢᠯᠠᠭᠠᠭᠤᠯᠬᠤ ᠶᠢᠨ ᠲᠥᠯᠥᠭᠡ᠂ ᠶᠠᠭᠤᠨ ᠤ ᠡᠮᠦᠨ᠎ᠡ ᠬᠡᠣᠬᠡᠳ ᠤᠨ ᠵᠢᠷᠤᠭ ᠤᠨ ᠵᠣᠷᠢᠯᠭᠠᠲᠤ ᠴᠢᠨᠠᠷ ᠪᠠ ᠲᠥᠯᠥᠪᠯᠡᠭᠡᠲᠦ ᠴᠢᠨᠠᠷ ᠢ ᠳᠡᠭᠡᠭᠰᠢᠯᠡᠭᠦᠯᠬᠦ ᠬᠡᠷᠡᠭᠲᠡᠶ᠃ ᠣᠯᠠᠮᠵᠢᠯᠠᠯᠲᠦ ᠣᠳᠠᠰᠣᠲᠦ ᠬᠡᠤᠬᠡᠯᠲᠡᠢ ᠨᠢ ᠠᠷᠪᠢᠨ ᠤᠳᠠᠰᠦ ᠪᠠᠷ ᠬᠤᠯᠪᠤᠭᠰᠠᠨ ᠪᠠᠶᠢᠳᠠᠬ᠃ ᠭᠠᠷ ᠬᠥᠯ ᠤᠨ ᠬᠡᠰᠡᠭ ᠢ ᠡᠵᠡᠮᠳᠡᠨ ᠬᠦᠳᠡᠯᠭᠡᠬᠦ ᠳᠤ ᠨᠡᠯᠢᠶᠡᠳ ᠪᠤᠳᠤᠯᠢᠶᠠᠨ ᠲᠠᠢ᠃ ᠡᠨᠡ ᠬᠦ ᠪᠠᠶᠢᠳᠠᠯ ᠳᠤ ᠴᠢᠭᠯᠡᠭᠦᠯᠦᠨ ᠵᠢᠵᠢᠭ ᠲᠤᠭ ᠤᠨ ᠡᠰᠢ ᠪᠤᠶᠤ ᠰᠦᠯᠢᠶᠣᠣ ᠰᠣᠷᠣᠭᠤᠯ ᠭᠤᠤᠷᠰᠤ ᠪᠠᠷ ᠠᠵᠢᠯᠯᠠᠬᠤ ᠡᠰᠢ ᠪᠣᠯᠭᠠᠵᠤ᠂ ᠬᠡᠣᠬᠡᠳ ᠤᠨ ᠵᠢᠷᠤᠵᠦ ᠪᠦᠲᠦᠭᠡᠭᠰᠡᠨ ᠠᠮᠢᠲᠠᠨ ᠢ ᠭᠤᠣᠯ ᠳᠦᠷᠢ ᠪᠣᠯᠭᠠᠨ᠂ ᠠᠵᠢᠯᠯᠠᠬᠤ ᠡᠰᠢ ᠪᠠ ᠳᠦᠷᠢ ᠶᠢᠨ ᠲᠦᠷᠪᠡᠨ ᠮᠦᠴᠢ ᠶᠢ ᠬᠤᠭᠤᠷᠣᠨᠳᠣ ᠨᠢ ᠲᠦᠷᠪᠡᠨ ᠣᠳᠠᠰᠦ ᠪᠠᠷ ᠬᠤᠯᠪᠤᠵᠤ᠂ ᠬᠡᠤᠬᠡᠳ ᠡᠵᠡᠮᠳᠡᠬᠦ ᠳᠤ ᠳᠦᠭᠦᠮ ᠪᠤᠯᠭᠠᠭᠰᠠᠨ ᠢᠶᠠᠷ ᠪᠠᠷᠠᠬᠤ ᠦᠭᠡᠢ᠂ ᠲᠣᠭᠯᠠᠯᠲᠠ ᠶᠢᠨ ᠬᠡᠷᠡᠭᠴᠡᠭᠡ ᠶᠢ ᠦᠨᠳᠦᠰᠦᠯᠡᠨ ᠬᠡᠤᠬᠡᠯᠲᠡᠢ ᠶᠢᠨ ᠬᠤᠪᠴᠠᠰᠤ ᠬᠤᠨᠠᠷ ᠤᠨ ᠰᠣᠯᠢᠭᠳᠠᠯ ᠬᠢᠵᠦ ᠪᠤᠯᠬᠤ ᠪᠠᠷ ᠬᠠᠯᠠᠨ ᠦᠬᠡᠷᠡᠴᠢᠯᠡᠨ᠎ᠡ᠃ ᠡᠶᠢᠮᠦᠷᠬᠦᠤ ᠮᠠᠲ᠋ᠧᠷᠢᠶᠠᠯ ᠪᠣᠯᠤᠨ ᠦᠢᠯᠡᠳᠬᠦ ᠠᠷᠭ᠎ᠠ ᠮᠠᠶ᠋ᠢᠭ ᠨᠢ ᠬᠡᠣᠬᠡᠳ ᠢ ᠰᠢᠭᠤᠳ ᠤᠷᠤᠯᠴᠠᠭᠤᠯᠵᠣ ᠳᠡᠶᠢᠯᠬᠦ ᠮᠦᠷᠲᠡᠭᠡᠨ ᠬᠦᠳᠡᠯᠭᠡᠭᠡᠨ ᠳᠤ ᠢᠳᠡᠪᠬᠢᠲᠠᠢ ᠤᠷᠤᠯᠴᠠᠬᠤ ᠪᠠᠶᠠᠷ ᠪᠠᠭ᠋ᠠᠳᠤᠯ ᠢ ᠣᠯᠭᠤᠳᠠᠭ᠃ ᠬᠡᠦᠬᠡᠯᠳᠡᠢ ᠶᠢᠨ ᠲᠥᠷᠥᠯ ᠵᠦᠢᠯ ᠮᠠᠰᠢ ᠣᠯᠠᠨ ᠪᠠᠶᠢᠳᠠᠭ ᠳᠤᠯᠠ ᠠᠩᠬ᠎ᠠ ᠠᠯᠬᠤᠮ ᠬᠡᠤᠬᠡᠳ ᠤᠨ ᠨᠠᠰᠤᠨ ᠤ ᠣᠨᠴᠠᠯᠢᠭ ᠵᠢᠴᠢ ᠡᠵᠡᠮᠳᠡᠬᠦ ᠮᠡᠷᠭᠡᠵᠢᠯ ᠳᠤ ᠨᠢ ᠳᠤᠬᠢᠷᠠᠯᠴᠠᠭᠤᠯᠤᠨ ᠭᠠᠷ ᠬᠡᠦᠬᠡᠯᠳᠡᠢ᠂ ᠤᠳᠠᠰᠣᠲᠦ ᠬᠡᠦᠬᠡᠯᠳᠡᠢ᠂ ᠲᠠᠶᠠᠭᠲᠣ ᠬᠡᠦᠬᠡᠯᠳᠡᠢ᠂ ᠬᠤᠷᠤᠭᠤ ᠬᠡᠤᠬᠡᠯᠲᠡᠢ ᠵᠡᠷᠭᠡ ᠶᠢ ᠠᠰᠢᠭᠯᠠᠨ ᠭᠡᠷᠡᠭᠯᠡᠵᠦ ᠪᠣᠯᠣᠨ᠎ᠠ᠃ 3 ~ 6 ᠨᠠᠰᠣᠨ ᠤ ᠬᠡᠣᠬᠡᠳ ᠤᠨ ᠬᠤᠷᠣᠭᠤᠨ ᠤ ᠪᠤᠯᠴᠢᠩ ᠤᠨ ᠬᠥᠭᠵᠢᠯᠲᠡ ᠪᠠ ᠴᠡᠴᠡᠷᠯᠢᠭ ᠤᠨ ᠲᠣᠭᠯᠠᠭᠠᠮ ᠤᠨ ᠣᠨᠴᠠᠯᠢᠭ ᠢ ᠦᠨᠳᠣᠰᠣᠯᠡᠨ᠂ ᠣᠯᠠᠮᠵᠢᠯᠠᠯᠲᠦ ᠬᠡᠤᠬᠡᠯᠲᠡᠢ ᠵᠦᠴᠦᠭᠡ ᠶᠢ ᠦᠭᠡᠷᠡᠴᠢᠯᠡᠯᠲᠡ ᠬᠢᠵᠦ᠂ ᠰᠢᠨ᠎ᠠ ᠪᠠᠷ ᠬᠡᠣᠬᠡᠯᠲᠡᠢ ᠡᠭᠦᠳᠴᠦ᠂ ᠲᠦᠷᠦᠯ ᠵᠦᠢᠯ ᠢ ᠦᠷᠭᠡᠳᠬᠡᠨ ᠲᠡᠭᠦᠯᠳᠡᠷᠵᠢᠭᠦᠯᠵᠣ ᠪᠤᠯᠤᠨ᠎ᠠ᠃ ᠲᠦᠰᠦᠭᠡᠯᠡᠨ ᠪᠣᠳᠤᠬᠤ ᠪᠠ ᠡᠭᠦᠳᠦᠨ ᠪᠦᠲᠦᠭᠡᠬᠦ ᠴᠢᠳᠠᠪᠤᠷᠢ ᠶᠢ ᠬᠥᠭᠵᠢᠭᠦᠯᠬᠦ ᠶᠢᠨ ᠲᠥᠯᠥᠭᠡ᠂ ᠬᠡᠦᠬᠡᠯᠳᠡᠢ ᠶᠢᠨ ᠬᠤᠭᠤᠰᠣᠨ ᠵᠠᠭᠪᠤᠷ ᠢ ᠬᠠᠩᠭᠠᠨ ᠥᠭᠴᠦ᠂ ᠡᠯ᠎ᠡ ᠵᠦᠢᠯ ᠤᠨ ᠮᠠᠲ᠋ᠧᠷᠢᠶᠠᠯ ᠢᠶᠠᠷ ᠬᠡᠦᠬᠡᠯᠳᠡᠢ ᠵᠣᠬᠢᠶᠠᠵᠤ᠂ ᠨᠠᠩ ᠰᠣᠨᠢᠷᠬᠠᠯ ᠲᠠᠢ᠂ ᠦᠪᠡᠷ ᠤᠨ ᠬᠦᠰᠡᠵᠤ ᠰᠠᠨᠠᠭᠰᠠᠨ ᠬᠡᠦᠬᠡᠯᠳᠡᠢ ᠶᠢᠨ ᠳᠦᠷᠢ ᠶᠢ ᠥᠢᠯᠡᠳᠣᠨ ᠪᠦᠲᠦᠭᠡᠵᠦ ᠪᠣᠯᠳᠠᠭ᠃ ᠬᠡᠣᠬᠡᠳ ᠤᠨ ᠨᠠᠰᠣᠨ ᠤ ᠣᠨᠴᠠᠯᠢᠭ ᠲᠤ ᠨᠢ ᠲᠣᠭᠢᠷᠠᠭᠤᠯᠤᠨ᠂ ᠠᠮᠢᠳᠣᠷᠠᠯ ᠲᠣᠮᠳᠡ ᠦᠷᠭᠦᠯᠵᠢ ᠬᠠᠷᠠᠭᠳᠠᠵᠤ ᠭᠡᠷᠡᠭᠯᠡᠭᠳᠡᠳᠡᠭ ᠦᠩᠭᠡᠲᠦ ᠴᠠᠭᠠᠰᠤ᠂ ᠪᠦᠰ᠂ ᠪᠡᠭᠡᠯᠠᠢ᠂ ᠬᠠᠶᠢᠷᠴᠠᠭ᠂ ᠴᠠᠭᠠᠰᠤᠨ ᠴᠤᠮᠤ᠂ ᠰᠦᠯᠢᠶᠣᠣ ᠤᠭᠤᠲᠠ᠂ ᠯᠣᠩᠬᠤᠨ ᠲᠠᠭᠯᠠᠭ᠎ᠠ ᠵᠡᠷᠭᠡ ᠬᠠᠶᠠᠭᠳᠠᠮᠠᠯ ᠪᠣᠳᠠᠰ ᠪᠣᠯᠣᠨ ᠦᠨᠳᠣᠰᠣᠳᠡᠨ ᠤ ᠤᠨᠴᠠᠯᠢᠭ ᠪᠦᠬᠦᠢ ᠡᠳ᠋ᠯᠡᠯ ᠬᠡᠷᠡᠭᠰᠡᠯ ᠲᠣᠷᠭ᠎ᠠ ᠳᠤᠷᠳᠤᠩ᠂ ᠢᠰᠡᠭᠡᠢ᠂ ᠠᠷᠠᠰᠤ᠂ ᠱᠠᠭ᠎ᠠ ᠵᠡᠷᠭᠡ ᠶᠢ ᠠᠰᠢᠭᠯᠠᠨ᠂ ᠵᠢᠷᠣᠬᠤ᠂ ᠬᠠᠶᠢᠴᠢᠯᠠᠬᠤ᠂ ᠨᠠᠭᠠᠬᠤ᠂ ᠬᠠᠳᠠᠬᠤ᠂ ᠤᠶᠠᠬᠤ ᠠᠷᠭ᠎ᠠ ᠮᠠᠶ᠋ᠢᠭ ᠢᠶᠠᠷ ᠰᠢᠨ᠎ᠠ ᠬᠡᠣᠬᠡᠯᠲᠡᠢ ᠪᠠᠭᠠᠵᠢ ᠶᠢ ᠣᠯᠠᠷᠢᠭᠤᠯᠣᠨ ᠰᠢᠨᠡᠳᠭᠡᠯ ᠬᠢᠵᠦ ᠪᠣᠯᠣᠨ᠎ᠠ᠃ ᠵᠢᠱᠢᠶᠡᠯᠡᠪᠡᠯ᠄ ᠴᠠᠭᠠᠰᠤ ᠪᠠᠷ ᠬᠢᠭᠰᠡᠨ ᠵᠠᠭᠠᠨ ᠤ ᠲᠣᠯᠣᠭᠠᠶ ᠶᠢᠨ ᠳᠤᠮᠳᠠ ᠨᠢᠭᠡ ᠨᠦᠬᠡ ᠭᠠᠷᠭᠠᠨ᠂ ᠳᠤᠯᠢᠶᠠᠪᠤᠷ ᠬᠤᠷᠤᠭᠤ ᠪᠠᠨ ᠭᠠᠷᠭᠠᠨ ᠵᠠᠭᠠᠨ ᠤ ᠬᠠᠮᠠᠷ ᠪᠤᠯᠭᠠᠬᠤ︔ ᠬᠠᠶᠢᠷᠴᠠᠭ ᠢᠶᠠᠷ ᠬᠢᠭᠰᠡᠨ ᠶᠠᠰᠤᠲᠤ ᠮᠡᠯᠡᠬᠡᠢ ᠶᠢᠨ ᠪᠡᠶ᠎ᠡ ᠶᠢᠨ ᠳᠣᠣᠷ᠎ᠠ ᠬᠡᠰᠡᠭ ᠢ ᠨᠢ ᠬᠤᠶᠠᠷ       ᠨᠦᠬᠡᠯᠡᠵᠦ᠂ ᠬᠡᠦᠬᠡᠳ ᠤᠨ ᠳᠤᠯᠢᠶᠠᠪᠤᠷ ᠬᠤᠷᠤᠭᠤ ᠪᠠ ᠳᠤᠮᠳᠠ ᠬᠤᠷᠤᠭᠤ ᠶᠢ ᠨᠢ ᠪᠣᠯᠲᠠᠶᠢᠯᠭᠠᠨ ᠶᠠᠰᠤᠲᠤ ᠮᠡᠯᠡᠬᠡᠢ ᠶᠢᠨ ᠬᠥᠯ ᠪᠤᠯᠭᠠᠬᠤ︔ ᠴᠠᠭᠠᠰᠤᠨ ᠴᠣᠮᠣᠨ ᠤ ᠬᠠᠭᠠᠰ ᠢᠶᠠᠷ ᠲᠠᠤᠯᠠᠢ ᠶᠢᠨ ᠲᠣᠯᠣᠭᠠᠢ ᠬᠢᠵᠦ᠂ ᠳᠤᠯᠢᠶᠠᠪᠤᠷ ᠬᠤᠷᠤᠭᠤ ᠪᠠ ᠳᠤᠮᠳᠠ ᠬᠤᠷᠤᠭᠤᠨ ᠳᠤ ᠪᠠᠨ ᠤᠭᠯᠠᠵᠤ ᠲᠠᠤᠯᠠᠢ ᠶᠢᠨ ᠴᠢᠬᠢ ᠪᠣᠯᠭᠠᠬᠤ︔ ᠡᠷᠡᠬᠡᠶ ᠬᠤᠷᠤᠭᠤ ᠪᠠ ᠳᠤᠯᠢᠶᠠᠪᠤᠷ ᠬᠤᠷᠤᠭᠤ ᠪᠠᠷ ᠨᠤᠭᠤᠰᠤᠨ ᠤ ᠠᠮᠠ ᠪᠣᠯᠭᠠᠬᠤ ᠵᠡᠷᠭᠡ ᠣᠯᠠᠨ ᠶᠠᠩᠵᠤ ᠪᠠᠷ ᠬᠡᠤᠬᠡᠳ ᠤᠨ ᠰᠤᠨᠢᠷᠬᠠᠯ ᠳᠤ ᠲᠣᠬᠢᠷᠠᠭᠤᠯᠤᠨ ᠰᠢᠨᠡᠴᠢᠯᠡᠵᠦ ᠪᠣᠯᠣᠨ᠎ᠠ᠃ ᠳᠡᠭᠡᠷᠡᠬᠢ ᠠᠷᠭ᠎ᠠ ᠨᠤᠭᠤᠳ ᠨᠢ ᠬᠡᠣᠬᠡᠳ ᠤᠨ ᠵᠢᠷᠤᠭ ᠵᠢᠷᠤᠬᠤ ᠠᠷᠭ᠎ᠠ ᠮᠠᠶ᠋ᠢᠭ ᠢ ᠪᠠᠶᠠᠯᠢᠬᠵᠢᠭᠤᠯᠵᠤ᠂ ᠵᠢᠷᠤᠵᠤ ᠲᠥᠯᠥᠪᠯᠡᠬᠦ ᠴᠢᠳᠠᠪᠤᠷᠢ ᠪᠠ ᠵᠢᠷᠤᠭ ᠵᠢᠷᠤᠬᠤ ᠤᠷᠮ᠎ᠠ ᠪᠠᠬ᠎ᠠ ᠶᠢ ᠨᠢ ᠳᠡᠭᠡᠭᠰᠢᠯᠡᠭᠦᠯᠵᠦ ᠴᠢᠳᠠᠨ᠎ᠠ᠃ ᠮᠦᠨ ᠴᠤ ᠭᠠᠷᠠᠭ ᠤᠨ ᠰᠡᠭᠦᠯᠴᠢ ᠪᠤᠶᠤ ᠠᠮᠠᠷᠠᠯᠲᠠ ᠶᠢᠨ ᠬᠤᠭᠤᠴᠠᠭᠠᠨ ᠳᠤ᠂ ᠡᠴᠢᠭᠡ ᠡᠬᠡ ᠲᠠᠢ ᠪᠠᠨ ᠬᠠᠮᠲᠤ ᠬᠡᠤᠬᠡᠯᠲᠡᠢ ᠲᠣᠭᠯᠠᠭᠠᠮ ᠥᠢᠯᠡᠳᠣᠨ᠂ ᠬᠠᠶᠢᠷ᠎ᠠ ᠰᠡᠳᠬᠢᠯᠭᠡ ᠪᠠᠨ ᠰᠣᠯᠢᠯᠴᠠᠬᠤ ᠵᠠᠪᠰᠢᠶᠠᠨ ᠣᠯᠭᠤᠳᠠᠭ᠃ ᠮᠠᠲ᠋ᠧᠷᠢᠶᠠᠯ ᠰᠣᠩᠭᠤᠬᠤ ᠠᠴᠠ ᠭᠠᠳᠠᠷ ᠬᠡᠯᠪᠡᠷᠢ ᠶᠢ ᠲᠦᠰᠦᠪᠯᠡᠨ ᠦᠢᠯᠡᠳᠬᠦ ᠬᠦᠷᠳᠡᠯ᠎ᠡ ᠬᠠᠮᠳᠤ ᠪᠠᠷ ᠢᠶᠠᠨ ᠵᠦᠪᠳᠡᠯᠴᠡᠵᠤ᠂ ᠪᠣᠳᠣᠯ ᠢᠶᠠᠨ ᠰᠣᠯᠢᠯᠴᠠᠬᠤ ᠴᠢᠬᠤᠯᠠ ᠲᠠᠢ᠂ ᠪᠦᠬᠦ᠋ᠢᠯᠡ ᠶᠠᠪᠤᠴᠠ ᠳᠤ ᠬᠢᠵᠠᠭᠠᠷᠯᠠᠰᠢ ᠦᠭᠡᠢ ᠪᠠᠶᠠᠷ ᠪᠠᠭ᠋ᠠᠳᠤᠯ ᠢ ᠣᠯᠵᠤ᠂ ᠡᠭᠦᠨ ᠠᠴᠠ ᠬᠡᠦᠬᠡᠳ ᠤᠨ ᠦᠭᠡ ᠬᠡᠯᠡᠨ ᠤ ᠬᠢᠷᠢ ᠲᠦᠪᠰᠢᠨ ᠴᠤ ᠳᠡᠬᠡᠭᠰᠢᠯᠡᠵᠤ᠂ ᠭᠡᠷ ᠪᠦᠯᠢ ᠶᠢᠨ ᠰᠤᠷᠭᠠᠨ ᠬᠥᠮᠦᠵᠢᠯ ᠤᠨ ᠶᠠᠰᠤ ᠴᠢᠨᠠᠷ ᠢ ᠳᠡᠬᠡᠭᠰᠢᠯᠡᠬᠦᠯᠬᠦ ᠮᠦᠷᠳᠡᠬᠡᠨ ᠬᠡᠦᠬᠡᠳ ᠤᠨ ᠡᠷᠡᠭᠦᠯ ᠴᠢᠭᠢᠷᠠᠭ᠂ ᠪᠠᠶᠠᠷ ᠪᠠᠶᠠᠰᠬᠤᠯᠠᠩ ᠲᠠᠢ ᠪᠠᠷ ᠦᠰᠦᠨ ᠪᠤᠶᠢᠵᠢᠬᠤ ᠳᠤ ᠳᠤᠰᠠᠯᠠᠳᠠᠭ᠃ ᠡᠶᠢᠮᠦ ᠠᠴᠠ ᠬᠡᠤᠬᠡᠯᠳᠡᠢ ᠶᠢ ᠴᠡᠴᠡᠷᠯᠢᠭ ᠤᠨ ᠵᠢᠭᠠᠨ ᠰᠤᠷᠭᠠᠯᠳᠠ ᠳᠤ ᠠᠰᠢᠭᠯᠠᠬᠤ ᠨᠢᠬᠡᠨ ᠴᠢᠬᠤᠯᠠ ᠠᠷᠭ᠎ᠠ ᠨᠢ ᠳᠠᠷᠤᠢ ᠬᠡᠷ ᠪᠦᠯᠢ ᠶᠢᠨ ᠬᠠᠮᠳᠤᠷᠠᠯᠴᠠᠭ᠎ᠠ ᠶᠢ ᠤᠯᠠᠮ ᠨᠢᠬᠳᠠᠷᠠᠭᠤᠯᠵᠤ᠂ ᠭᠡᠷ ᠤᠨ ᠬᠦᠮᠦᠵᠢᠯ᠂ ᠰᠤᠷᠭᠠᠭᠤᠯᠢ ᠶᠢᠨ ᠬᠦᠮᠦᠵᠢᠯ ᠤᠨ ᠤᠶᠠᠯᠳᠤᠭ᠎ᠠ ᠶᠢ ᠳᠡᠬᠦᠯᠳᠡᠷᠵᠢᠬᠦᠯᠬᠦ ᠶᠠᠪᠤᠳᠠᠯ ᠪᠤᠯᠤᠨ᠎ᠠ᠃      3. ᠬᠡᠦᠬᠡᠯᠳᠡᠢ ᠵᠦᠴᠦᠭᠡ ᠶᠢᠨ ᠲᠣᠭᠯᠠᠯᠲᠠ ᠳᠤ ᠬᠡᠣᠬᠡᠳ ᠤᠨ ᠢᠳᠡᠪᠬᠢᠯᠡᠨ ᠣᠷᠣᠯᠴᠠᠬᠤ ᠶᠢ ᠵᠣᠷᠢᠬᠵᠢᠭᠤᠯᠬᠤ ᠬᠡᠷᠡᠭᠲᠡᠢ᠃ ᠵᠠᠷᠢᠮ ᠬᠡᠣᠬᠡᠳ ᠲᠥᠷᠥᠯᠬᠢ ᠶᠢᠨ ᠳᠤᠭᠯᠠᠬᠤ ᠳᠤᠷ᠎ᠠ ᠲᠠᠢ ᠪᠠᠶᠢᠳᠠᠭ᠃ ᠳᠤᠭᠯᠠᠭᠠᠮ ᠢ ᠰᠠᠨᠠᠭᠠᠴᠢᠯᠠᠭ᠎ᠠ ᠠᠴᠠ ᠪᠠᠨ ᠪᠡᠶᠡᠯᠡᠭᠦᠯᠵᠦ ᠴᠢᠳᠠᠳᠠᠭ᠃ ᠭᠡᠪᠡᠴᠦ ᠵᠠᠷᠢᠮ ᠬᠡᠣᠬᠡᠳ ᠥᠪᠡᠷ ᠤᠨ ᠵᠠᠩ ᠠᠷᠠᠨᠰᠢᠨ ᠵᠢᠴᠢ ᠭᠡᠷ ᠪᠦᠯᠢ ᠶᠢᠨ ᠬᠢᠨᠢ ᠣᠷᠴᠢᠨ ᠲᠣᠭᠤᠷᠢᠨ ᠤ ᠨᠥᠯᠥᠭᠡᠯᠡᠯ ᠠᠴᠠ ᠪᠣᠯᠵᠤ᠂ ᠲᠣᠭᠯᠠᠬᠤ ᠰᠣᠨᠢᠷᠬᠠᠯ ᠲᠠᠢ ᠪᠠᠶᠢᠭᠰᠠᠨ ᠴᠤ ᠦᠪᠡᠷ ᠤᠨ ᠳᠤᠲᠤᠭᠠᠲᠦ ᠰᠡᠳᠬᠢᠯᠭᠡ ᠪᠠᠨ ᠬᠦᠯᠢᠶᠡᠰᠦᠯᠡᠳᠡᠭ᠃ ᠡᠶᠢᠮᠦᠷᠬᠦᠤ ᠪᠠᠶᠢᠳᠠᠯ ᠨᠢ ᠬᠡᠦᠬᠡᠯᠳᠡᠢ ᠵᠦᠴᠦᠭᠡ ᠳᠤᠭᠯᠠᠬᠤ ᠶᠠᠪᠤᠴᠠ ᠳᠤ ᠬᠠᠮᠲᠤᠷᠠᠨ ᠠᠵᠢᠯᠯᠠᠬᠤ ᠳᠤᠮᠳᠠ ᠠᠭᠠᠵᠢᠮ ᠢᠶᠠᠷ ᠦᠭᠡᠷᠡᠴᠢᠯᠡᠭᠳᠡᠨ᠂ ᠬᠠᠷᠢᠯᠴᠠᠨ ᠵᠣᠷᠢᠬᠵᠢᠭᠤᠯᠤᠯ ᠤᠨ ᠳᠤᠮᠳᠠ ᠵᠠᠰᠠᠷᠠᠳᠠᠭ᠃ ᠵᠦᠴᠦᠭᠡ ᠲᠤᠭᠯᠠᠬᠤ ᠠᠵᠢᠯᠯᠠᠭ᠎ᠠ ᠳᠤ ᠤᠷᠤᠯᠴᠠᠨ᠂ ᠦᠪᠡᠷ ᠤᠨ ᠢᠶᠠᠨ ᠠᠪᠢᠶᠠᠰ ᠢ ᠢᠯᠡᠷᠡᠬᠦᠯᠬᠦ ᠴᠢᠳᠠᠪᠤᠷᠢ ᠪᠠᠨ ᠳᠠᠪᠲᠠᠨ ᠪᠣᠯᠪᠠᠰᠤᠷᠠᠭᠤᠯᠪᠠᠯ᠂ ᠢᠷᠡᠭᠡᠳᠦᠶ ᠳᠤ ᠤᠯᠠᠮ ᠠᠮᠵᠢᠯᠳᠠ ᠤᠯᠬᠤ ᠳᠤ ᠳᠤᠰᠠᠯᠠᠬᠤ ᠪᠤᠯᠤᠨ᠎ᠠ᠃ ᠣᠯᠠᠨ ᠤᠳᠠᠭᠠᠨ ᠤ ᠲᠣᠭᠯᠠᠯᠲᠠ ᠶᠢ ᠳᠠᠮᠵᠢᠭᠠᠳ ᠬᠡᠣᠬᠡᠳ ᠤᠳ ᠤᠯᠠᠮ ᠵᠤᠷᠢᠭ ᠰᠦᠰᠦ ᠲᠠᠢ ᠪᠤᠯᠵᠤ᠂ ᠠᠶᠤᠵᠤ ᠰᠤᠴᠢᠬᠤ ᠪᠠᠨ ᠪᠤᠯᠢᠨ᠎ᠠ᠃ ᠴᠠᠭᠠᠰᠢᠯᠠᠪᠠᠯ ᠪᠠᠭᠰᠢ ᠶᠢᠨ ᠵᠢᠯᠤᠭᠤᠳᠤᠯᠭ᠎ᠠ ᠪᠠᠷ ᠬᠡᠦᠬᠡᠳ ᠤᠨ ᠢᠳᠡᠪᠬᠢᠲᠡᠢ ᠤᠪᠤᠷ᠂ ᠴᠣᠪᠣᠭᠤ ᠳᠡᠭᠵᠢᠨ ᠥᠪᠡᠷᠮᠢᠴᠡ ᠴᠢᠨᠠᠷ ᠢ ᠠᠭᠠᠵᠢᠮ ᠢᠶᠠᠷ ᠪᠤᠢ ᠪᠤᠯᠭᠠᠵᠤ᠂ ᠪᠣᠳᠠᠲᠤ ᠠᠮᠢᠳᠤᠷᠠᠯ ᠤᠨ ᠳᠤᠮᠳᠠ ᠪᠡᠶᠡᠯᠡᠭᠦᠯᠵᠦ ᠳᠡᠶᠢᠯᠬᠦ ᠦᠭᠡᠢ ᠬᠦᠰᠡᠯ ᠮᠦᠷᠦᠬᠡᠳᠦᠯ ᠢ ᠨᠢ ᠨᠥᠬᠦᠪᠥᠷᠢᠯᠡᠵᠦ᠂ ᠠᠮᠢᠳᠤᠷᠠᠯ ᠳᠤ ᠨᠢ ᠲᠤᠬᠢᠶᠠᠯᠳᠤᠭᠰᠠᠨ ᠤᠷᠮ᠎ᠠ ᠶᠢ ᠨᠢ ᠬᠤᠭᠤᠯᠤᠭᠰᠠᠨ ᠵᠦᠢᠯ ᠢ ᠦᠬᠡᠶᠢᠰᠬᠡᠵᠤ᠂ ᠬᠡᠦᠬᠡᠳ ᠤᠨ ᠰᠡᠳᠬᠢᠴᠡ ᠶᠢᠨ ᠡᠷᠡᠭᠦᠯ ᠮᠡᠨᠳᠦ ᠶᠢ ᠰᠠᠶᠢᠵᠢᠷᠠᠭᠤᠯᠬᠤ ᠳᠤ ᠠᠰᠢᠭ ᠲᠠᠢ ᠪᠠᠶᠢᠳᠠᠭ᠃ ᠳᠡᠶᠢᠮᠦ ᠬᠡᠤᠬᠡᠯᠳᠡᠢ ᠵᠦᠴᠦᠬᠡ ᠶᠢ ᠬᠡᠤᠬᠡᠳ ᠤᠨ ᠰᠡᠳᠬᠢᠴᠡ ᠶᠢᠨ ᠬᠦᠮᠦᠵᠢᠯ ᠲᠠᠢ ᠤᠶᠠᠯᠳᠤᠭᠤᠯᠤᠨ ᠬᠡᠷᠡᠭᠯᠡᠵᠤ ᠪᠤᠯᠬᠤ ᠶᠤᠮ᠃ ᠡᠨᠡ ᠪᠤᠯ ᠬᠡᠤᠬᠡᠯᠳᠡᠢ ᠵᠦᠴᠦᠬᠡ ᠶᠢ ᠴᠡᠴᠡᠷᠯᠢᠭ ᠤᠨ ᠵᠢᠭᠠᠨ ᠰᠤᠷᠭᠠᠯᠳᠠ ᠲᠠᠢ ᠤᠶᠠᠯᠳᠤᠭᠤᠯᠬᠤ ᠴᠢᠬᠤᠯᠠ ᠨᠢᠬᠡᠨ ᠠᠷᠭ᠎ᠠ ᠬᠡᠯᠪᠡᠷᠢ ᠪᠤᠯᠤᠨ᠎ᠠ᠃ ᠳᠡᠶᠢᠮᠦ ᠠᠴᠠ ᠴᠡᠴᠡᠷᠯᠢᠭ ᠤᠨ ᠵᠢᠭᠠᠨ ᠰᠤᠷᠭᠠᠯᠲᠠ ᠳᠤ ᠬᠡᠦᠬᠡᠯᠳᠡᠢ ᠵᠦᠴᠦᠭᠡ ᠶᠢ ᠠᠰᠢᠭᠯᠠᠬᠤ ᠨᠢ ᠬᠡᠦᠬᠡᠳ ᠤᠨ ᠪᠦᠬᠦ ᠲᠠᠯ᠎ᠠ ᠶᠢᠨ ᠬᠥᠭᠵᠢᠯᠲᠡ ᠶᠢ ᠡᠶᠡᠷᠬᠦ ᠪᠠᠷ ᠨᠦᠯᠦᠬᠡᠯᠡᠵᠤ ᠰᠢᠨ᠎ᠡ ᠴᠠᠭ ᠦᠶ᠎ᠡ ᠶᠢᠨ ᠴᠡᠴᠡᠷᠯᠢᠭ ᠤᠨ ᠵᠢᠭᠠᠨ ᠰᠤᠷᠭᠠᠯᠳᠠ ᠲᠠᠢ ᠵᠤᠬᠢᠴᠠᠵᠤ᠂ ᠬᠡᠣᠬᠡᠳ ᠤᠨ ᠪᠦᠬᠦ ᠲᠠᠯ᠎ᠠ ᠶᠢᠨ ᠬᠦᠮᠦᠵᠢᠯ ᠢ ᠠᠬᠢᠭᠤᠯᠬᠤ ᠳᠤ ᠠᠰᠢᠭ ᠲᠠᠢ ᠪᠠᠶᠢᠳᠠᠭ ᠶᠤᠮ᠃                                             ᠬᠠᠶ᠋ᠢᠬ᠄ ᠰᠦᠨᠢᠳ ᠪᠠᠷᠠᠭᠤᠨ ᠬᠤᠰᠢᠭᠤᠨ ᠤ                                                     ᠨᠠᠷᠠᠨᠪᠤᠯᠠᠭ ᠮᠣᠩᠭᠤᠯ ᠦᠨᠳᠤᠰᠦᠳᠡᠨ ᠤ                                                     ᠬᠡᠣᠬᠡᠳ ᠤᠨ ᠴᠡᠴᠡᠷᠯᠢᠭ                                                     ︵ᠰᠦᠶ᠎ᠠ ᠨᠠᠶᠢᠷᠠᠭᠤᠯᠪᠠ︶                                                             2020 ᠤᠨ ᠤ 2 ᠳ᠋ᠤᠭᠠᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠥᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map