ᠲᠠᠶᠢᠯᠤᠭᠳᠠᠰᠢ ᠦᠭᠡᠢ ᠰᠡᠳᠬᠢᠯ ᠤᠨ ᠵᠠᠩᠬᠢᠷᠠᠭ᠎ᠠ
ᠨᠡᠶᠢᠲᠡᠯᠡᠭᠰᠡᠨ ᠴᠠᠭ᠄
2020/5/20
                                         ᠴᠤᠷᠵᠢ      ᠦᠨᠦᠳᠤᠷ ᠲᠡᠭᠷᠢ ᠭᠦᠢᠳᠡᠨ ᠦᠭᠡᠢ ᠴᠦ ᠭᠦᠷᠮ᠎ᠠ ᠲᠠᠢ ᠬᠤᠯᠪᠤᠯᠳᠤᠭᠰᠠᠨ ᠮᠠᠯᠠᠭᠠᠢ ᠪᠠᠨ ᠡᠮᠦᠰᠴᠢᠭᠡᠳ ᠲᠦᠢᠯ ᠤᠨ ᠲᠠᠨᠢᠯ ᠲᠠᠰᠤᠯ ᠪᠤᠯᠤᠭᠰᠠᠨ ᠵᠢᠵᠢᠭ ᠵᠡᠭᠡᠯᠢ ᠨᠠᠷᠢᠨ ᠭᠤᠳᠤᠮᠵᠢ ᠪᠠᠷ ᠢᠶᠠᠨ ᠠᠯᠬᠤᠪᠠ᠃ ᠠᠩᠬᠢ ᠶᠢᠨ ᠡᠷᠬᠢᠯᠡᠭᠴᠢ ᠠᠴᠠ ᠪᠠᠨ ᠰᠤᠯᠠᠯᠠᠭᠳᠠᠭᠰᠠᠨ ᠤ ᠲᠠᠷᠠᠭ᠎ᠠ ᠰᠤᠯᠠ ᠰᠠᠯᠠᠭᠦᠦ ᠴᠠᠭ ᠲᠠᠢ ᠯᠠ ᠶᠤᠮ ᠪᠤᠯ ᠬᠠᠶᠠ ᠰᠤᠷᠭᠠᠭᠤᠯᠢ ᠶᠢᠨ ᠭᠦᠷᠢᠶᠡᠨ ᠠᠴᠠ ᠪᠠᠨ ᠭᠠᠷᠴᠤ ᠰᠡᠯᠡᠭᠦᠴᠠᠨ ᠠᠯᠬᠤᠬᠤ ᠨᠢᠭᠡᠨᠳᠠ ᠮᠢᠨᠦ ᠵᠤᠷᠰᠢᠯ ᠪᠤᠯᠤᠭᠰᠨᠨ ᠶᠤᠮ᠃ ᠡᠳᠦᠷ ᠤᠨ ᠤᠳᠠᠭᠠᠨ ᠳᠤ ᠠᠯᠬᠤᠵᠤ ᠶᠠᠪᠤᠳᠠᠬ ᠭᠠᠵᠠᠷ ᠤᠨ ᠢᠶᠠᠨ ᠪᠠᠶᠢᠷᠢᠯᠠᠯ ᠳᠤ ᠲᠤᠪ ᠲᠤᠳᠤᠷᠬᠠᠢ ᠪᠤᠯᠵᠠᠢ᠃ ᠬᠠᠮᠢᠭ᠎ᠠ ᠨᠢ ᠶᠠᠭᠤ ᠪᠠᠶᠢᠬᠤ ᠶᠢ ᠭᠦᠷᠳᠡᠯ᠎ᠡ ᠴᠡᠭᠡᠵᠢ ᠪᠠᠷ ᠠᠨᠳᠠᠬᠤ ᠦᠭᠡᠢ ᠭᠡᠯᠡᠵᠦ ᠲᠠᠶᠢᠯᠦᠨ᠎ᠡ᠃ ᠨᠢᠳᠤ ᠪᠠᠨ ᠠᠨᠢᠵᠤ ᠶᠠᠪᠤᠭᠰᠠᠨ ᠴᠦ ᠭᠦᠯ ᠠᠯᠳᠠᠬᠤ ᠶᠢ ᠮᠠᠳᠠᠭᠦ ᠦᠭᠡᠢ ᠲᠤᠷᠦᠯ ᠦᠭᠡᠢ ᠶᠠᠪᠤᠵᠤ ᠲᠠᠶᠢᠯᠳᠡᠭ ᠪᠤᠯᠤᠭᠰᠠᠨ ᠶᠤᠮ᠃ ᠲᠠᠳᠬᠠᠯ ᠭᠡᠭᠴᠢ ᠵᠠᠭᠤᠮᠠᠳᠠᠭᠠᠢ ᠯᠡ ᠶᠤᠮ ᠪᠠᠶᠢᠨ᠎ᠠ᠃ ᠲᠠᠳᠬᠠᠯ ᠢ ᠪᠦᠷᠢᠯᠳᠤᠭᠦᠯᠭᠦ ᠳᠤ ᠮᠠᠰᠢ ᠤᠷᠳᠤ ᠬᠤᠭᠤᠴᠠᠭᠠᠨ ᠤ ᠪᠤᠯᠪᠠᠰᠤᠷᠠᠯ ᠲᠠᠰᠬᠠᠯᠵᠢᠯ ᠬᠢᠭᠡᠳ ᠲᠠᠰᠪᠤᠷᠢ ᠬᠠᠳᠠᠭᠤᠵᠢᠯ ᠢ ᠲᠤᠭᠤᠯᠳᠠᠬ ᠪᠠᠶᠢᠯ᠎ᠠ ᠴᠦ ᠨᠢᠭᠡᠨᠳᠠ ᠪᠦᠷᠢᠯᠳᠤᠭᠦᠯᠦᠮᠡᠭᠴᠡ ᠲᠡᠭᠦᠨ ᠢ ᠲᠠᠬᠢᠵᠤ ᠦᠭᠡᠷᠡᠴᠢᠯᠠᠵᠤ ᠬᠠᠯᠠᠬᠤ ᠲᠦᠢᠯ ᠤᠨ ᠭᠦᠴᠢᠷ ᠪᠡᠷᠭᠡ ᠪᠤᠯᠴᠢᠬᠠᠳᠠᠬ ᠪᠠᠶᠢᠨ᠎ᠠ᠃ ᠰᠠᠯᠠᠭᠦᠴᠡᠨ ᠠᠯᠬᠤᠬᠤ ᠴᠦ ᠠᠳᠠᠯᠢᠬᠠᠨ ᠵᠠᠯᠭᠠᠭ᠎ᠠ ᠪᠠᠷ ᠭᠡᠳᠤᠨ ᠡᠳᠦᠷ ᠠᠯᠬᠤᠬᠤ ᠪᠠᠨ ᠪᠤᠯᠢᠪᠠᠯ ᠪᠡᠶ᠎ᠠ ᠠᠳᠬᠤᠷᠠᠵᠤ ᠬᠠᠴᠢᠨ ᠡᠪ ᠦᠭᠡᠢ ᠪᠤᠯᠳᠠᠬ᠂ ᠶᠠᠭᠤ ᠨᠢᠭᠡ ᠲᠤᠳᠠᠭᠳᠠᠵᠤ ᠪᠠᠶᠢᠭ᠎ᠠ ᠰᠢᠬ ᠪᠤᠯᠵᠤ ᠦᠪᠠᠷ ᠢᠶᠠᠨ ᠴᠦ ᠤᠴᠢᠷ ᠤᠬᠠᠭᠠᠨ ᠢ ᠨᠢ ᠤᠯᠬᠤ ᠦᠭᠡᠢ ᠪᠤᠬᠢᠨᠢᠳᠤᠬᠤ ᠪᠤᠶᠤ ᠬᠢᠳᠠᠯ ᠠᠯᠳᠠᠳᠠᠬ᠂ ᠴᠠᠭᠠᠰᠢᠯᠠᠨ ᠬᠠᠮᠢᠶ᠎ᠠ ᠨᠠᠮᠢᠶ᠎ᠠ ᠦᠭᠡᠢ ᠪᠠᠷ ᠤᠴᠠᠭᠠᠷᠳᠠᠳᠠᠬ᠃ ᠦᠨᠦᠳᠤᠷ ᠠᠯᠬᠤᠵᠤ ᠲᠤᠭᠤᠷᠢᠵᠤ ᠪᠠᠶᠢᠯ᠎ᠠ ᠴᠦ ᠭᠡᠰᠡᠨ ᠭᠦᠨᠳᠤ ᠪᠤᠳᠤᠯ ᠳᠤ ᠭᠦᠨ ᠳᠠᠷᠤᠭᠳᠠᠵᠤ ᠪᠤᠬᠢᠨᠢᠳᠤᠵᠤ ᠪᠠᠶᠢᠭ᠎ᠠ ᠰᠢᠬ᠂ ᠤᠴᠠᠭᠠᠷᠳᠠᠵᠤ ᠪᠠᠶᠢᠭ᠎ᠠ ᠰᠢᠬ᠂ ᠨᠡᠩ ᠭᠤᠨᠢᠭᠯᠠᠵᠤ ᠪᠠᠶᠢᠭ᠎ᠠ ᠴᠦ    ᠭᠡᠮᠡᠷ᠃ ᠤᠷᠮ᠎ᠠ ᠮᠠᠭᠤᠳᠠᠢ ᠳᠤ ᠪᠠᠨ ᠯᠠᠪᠳᠠᠩ ᠰᠠᠪᠳᠠᠩ ᠠᠯᠬᠤᠵᠤ ᠪᠠᠶᠢᠭ᠎ᠠ ᠶᠢ ᠵᠦᠷᠢᠨ ᠦᠡᠭᠭᠡᠷᠡᠭᠦ ᠵᠠᠮ ᠤᠨ ᠭᠦᠮᠦᠨ ᠴᠦ ᠭᠠᠶᠢᠬᠠᠭᠰᠠᠨ ᠪᠤᠯᠤᠯᠳᠠᠢ᠂ ᠵᠠᠷᠢᠮ ᠨᠢ ᠠᠯᠬᠤᠬᠤ ᠪᠠᠨ ᠪᠤᠯᠢᠵᠤ ᠤᠳᠠᠳᠠᠯ᠎ᠠ ᠰᠢᠷᠳᠠᠵᠤ ᠵᠤᠭᠰᠤᠳᠠᠬ᠂ ᠵᠠᠷᠢᠮ ᠨᠢ ᠬᠤᠭᠤᠷᠤᠨᠳᠤ ᠪᠠᠨ ᠭᠦᠤᠷᠨᠢᠯᠳᠤᠵᠤ ᠬᠠᠴᠢᠨ ᠮᠠᠭᠤᠬᠠᠢ ᠪᠠᠷ ᠢᠨᠢᠶᠠᠨ᠎ᠠ᠂ ᠪᠠᠷᠤᠭ ᠨᠠᠳᠠ ᠪᠠᠷ ᠡᠯᠡᠭ ᠲᠤᠭᠤᠬᠢ ᠪᠤᠯᠭᠠᠭᠰᠠᠨ ᠪᠠᠶᠢᠬ᠎ᠠ︕ ᠨᠠᠳᠠ ᠳᠤ ᠡᠳᠡᠭᠡᠷ ᠢ ᠬᠠᠮᠢᠶᠠᠷᠬᠤ ᠰᠡᠳᠬᠢᠯ ᠪᠠᠶᠢᠨ᠎ᠠ ᠤᠤ᠂ ᠠᠯᠬᠤᠳᠠᠬ ᠢᠶᠠᠷ ᠢᠶᠠᠨ ᠠᠯᠬᠤᠨ᠎ᠠ᠃      — ᠴᠢᠯᠦᠭᠡ ᠦᠭᠴᠦ ᠪᠤᠯᠳᠠᠬ ᠦᠭᠡᠢ ᠨᠢ ᠶᠠᠭᠤ ᠪᠤᠢ︖ ᠵᠠᠮ ᠲᠡᠭᠡᠭᠡᠪᠤᠷᠢ ᠮᠠᠰᠢ ᠰᠠᠶᠢᠵᠢᠷᠠᠭᠰᠠᠨ ᠦᠨᠦ ᠶᠢᠨ ᠴᠠᠭ ᠲᠤ ᠤᠷᠤᠭᠰᠢᠳᠠᠢ ᠪᠤᠯ ᠬᠤᠶᠠᠷ ᠡᠳᠦᠷ ᠤᠨ ᠲᠤᠳᠤᠷ᠎ᠠ ᠪᠤᠴᠠᠭᠠᠳ ᠢᠷᠡᠴᠢᠭᠡᠨ᠎ᠡ᠃ ᠬᠤᠶᠠᠷ ᠡᠳᠦᠷ ᠬᠤᠶᠠᠷᠬᠠᠨ ᠡᠳᠦᠷ ᠤᠨ ᠴᠢᠯᠦᠭᠡ ᠰᠢᠤ︕ ᠠᠬᠠᠳᠠᠬᠤ ᠳᠤ ᠪᠠᠨ ᠭᠤᠷᠪᠠᠨ ᠡᠳᠦᠷ ᠤᠨ ᠴᠢᠯᠦᠭᠡ ᠪᠢᠵᠠ᠃ ᠨᠠᠳᠠ ᠶᠢ ᠤᠷᠤᠯᠠᠵᠤ ᠬᠢᠴᠢᠶᠡᠯᠯᠡᠳᠡᠭ ᠪᠠᠭᠰᠢ ᠶᠢ ᠭᠦᠷᠳᠡᠯ᠎ᠠ ᠪᠢ ᠦᠪᠠᠷᠳᠡᠭᠡᠨ ᠤᠯᠵᠤ᠂ ᠠᠯᠢᠪᠠ ᠪᠠᠨ ᠶᠠᠪ ᠴᠠᠪ ᠲᠤᠬᠢᠷᠠᠭᠤᠯᠵᠤ ᠲᠠᠯᠪᠢᠭᠰᠠᠨ ᠪᠤᠯᠬᠤᠷ ᠰᠤᠷᠭᠠᠭᠤᠯᠢ ᠶᠢᠨ ᠭᠡᠪ ᠤᠨ ᠵᠢᠭᠠᠨ ᠰᠤᠷᠭᠠᠯᠳᠠ ᠶᠢ ᠨᠦᠯᠦᠭᠡᠯᠡᠭᠦ ᠦᠭᠡᠢ ᠨᠢ ᠭᠠᠷᠴᠠᠭ᠎ᠠ ᠦᠭᠡᠢ᠃ ᠰᠠᠬᠢᠯᠭ᠎ᠠ ᠲᠢᠭᠯᠢᠮ ᠢ ᠴᠢᠩᠭᠠᠯᠠᠵᠤ ᠲᠦᠷᠢᠮᠵᠢᠭᠦᠯᠵᠤ ᠪᠠᠶᠢᠭ᠎ᠠ ᠨᠢ ᠭᠤᠤᠯᠳᠠᠭᠤ ᠴᠦᠭᠡᠪᠤᠷᠢ ᠭᠦᠮᠦᠨ ᠤ ᠰᠤᠯᠠ ᠵᠠᠳᠠᠭᠠᠢ ᠠᠵᠢᠯᠯᠠᠭ᠎ᠠ ᠪᠤᠶᠤ ᠲᠤᠷ᠎ᠠ ᠲᠠᠪᠠ ᠪᠠᠷ ᠢᠶᠠᠨ ᠠᠭᠠᠰᠢᠯᠠᠬᠤ ᠳᠤ ᠬᠠᠨᠳᠤᠭᠤᠯᠤᠭᠰᠠᠨ ᠠᠴᠠ ᠪᠢᠰᠢ᠂ ᠵᠦᠢ ᠶᠤᠰᠤᠨ ᠳᠤ ᠨᠠᠶᠢᠴᠠᠭᠦ ᠬᠤᠪᠢ ᠭᠦᠮᠦᠨ ᠤ ᠴᠢᠯᠦᠭᠡ ᠠᠪᠴᠤ ᠪᠤᠯᠬᠤ ᠦᠭᠡᠢ ᠭᠡᠰᠡᠨ ᠪᠢᠰᠢ ᠪᠢᠵᠠ ᠭᠡᠵᠦ ᠤᠴᠢᠷ ᠶᠠᠪᠤᠳᠠᠯ ᠢ ᠡᠷᠬᠢᠭᠦᠦ ᠪᠠᠷ ᠰᠡᠳᠬᠢᠵᠤ ᠰᠠᠨᠠᠯ ᠲᠠᠢ ᠠᠯᠬᠤᠨ᠎ᠠ᠃      — ᠴᠢᠯᠦᠭᠡ ᠦᠭᠭᠦᠭᠰᠡᠨ ᠦᠭᠡᠢ ᠴᠦ ᠶᠠᠭᠠᠬᠢᠬᠤ ᠪᠤᠢ᠂ ᠭᠡᠳᠦ᠋ᠢᠨ ᠦᠡᠭᠭᠡᠷᠡᠴᠢᠭᠡᠯ᠎ᠡ᠃ ᠶᠠᠭᠤᠨ ᠤ ᠬᠢᠨᠢ ᠪᠠᠰᠠ ᠪᠠᠭᠰᠢ ᠠᠵᠢᠯᠳᠠᠨ ᠤ ᠬᠤᠷᠠᠯ ᠳᠡᠭᠡᠷ᠎ᠠ ᠮᠠᠭᠳᠠᠴᠢᠬᠠᠭᠰᠠᠨ ᠶᠤᠮ ᠳ᠋ᠠ︕ ᠦᠭᠡᠷ᠎ᠠ ᠪᠤᠰᠤᠳ ᠲᠤ ︽ᠡᠨᠡ ᠠᠪᠤᠭᠠᠢ ᠮᠠᠭᠳᠠᠭᠳᠠᠵᠤ ᠪᠠᠶᠢᠨ᠎ᠠ︾ ᠭᠡᠳᠡᠭ ᠪᠤᠯᠪᠠᠴᠤ ᠨᠠᠳᠠ ᠳᠤ ᠬᠠᠷᠢᠨ ᠦᠴᠦᠭᠡᠨ ᠴᠦ ᠲᠠᠭᠠᠯᠠᠮᠵᠢᠳᠠᠢ ᠰᠠᠨᠠᠭᠳᠠᠭᠰᠠᠨ ᠦᠭᠡᠢ᠃ ᠡᠭᠡᠯ ᠵᠢᠷ ᠤᠨ ᠭᠦᠮᠦᠨ ᠨᠠᠳᠠ ᠳᠤ ᠦᠭᠡᠷ᠎ᠠ ᠪᠤᠰᠤ ᠠᠴᠠ ᠤᠨᠴᠠᠯᠢᠬᠳᠠᠬᠤ ᠲᠤᠪᠤᠶᠢᠮ᠎ᠠ ᠶᠠᠭᠤᠮ᠎ᠠ ᠬᠠᠮᠢᠭ᠎ᠠ ᠪᠠᠶᠢᠬᠤ ᠠᠵᠢ︕ ᠮᠠᠭᠳᠠᠭᠰᠠᠨ ᠦᠭᠡᠢ ᠨᠢ ᠬᠠᠷᠢᠨ ᠮᠠᠭᠳᠠᠭᠰᠠᠨ ᠠᠴᠠ ᠪᠠᠨ ᠳᠡᠭᠡᠷ᠎ᠠ       ᠪᠠᠶᠢᠬ᠎ᠠ︕ ︽ᠡᠨᠡ ᠭᠦᠮᠦᠨ ᠪᠢᠳᠠᠭᠤ ᠭᠦᠳᠡᠬᠢ ᠪᠤᠯᠪᠠᠴᠤ ᠠᠵᠢᠯ ᠦᠢᠯᠠᠰ ᠲᠤ ᠪᠠᠨ ᠵᠢᠳᠭᠦᠵᠤ ᠶᠠᠪᠤᠳᠠᠬ︾ ᠭᠡᠰᠡᠨ ᠨᠢ ᠬᠠᠷᠢᠨ ᠤᠨᠤᠭᠠᠵᠤ ᠭᠡᠯᠡᠭᠰᠡᠨ ᠪᠠᠶᠢᠨ᠎ᠠ ᠭᠡᠵᠦ ᠪᠤᠳᠤᠯ ᠳᠤ ᠪᠠᠨ ᠲᠠᠷᠤᠭᠳᠠᠵᠤ ᠭᠤᠮᠤᠳᠠᠯ ᠲᠠᠢ ᠠᠯᠬᠤᠨ᠎ᠠ ᠁         ᠭᠢᠴᠢᠶᠡᠯᠯᠡᠭᠦ ᠬᠤᠨᠭ᠍ᠬᠤ ᠵᠢᠩᠬᠢᠨᠠᠨ ᠲᠤᠤᠭᠠᠷᠪᠠ᠃ ᠮᠠᠨ ᠤ ᠭᠡᠳᠦᠭᠦᠯᠡ ᠴᠢᠨᠡᠭᠡ ᠮᠠᠳᠠᠨ ᠭᠦᠶᠦᠯᠳᠤᠵᠤ ᠠᠩᠬᠢ ᠶᠢᠨ ᠭᠡᠷ ᠲᠤ ᠪᠠᠨ ᠢᠷᠡᠭᠦ ᠳᠤ ᠠᠩᠬᠢ ᠶᠢᠨ ᠡᠷᠬᠢᠯᠡᠭᠴᠢ ᠪᠠᠭᠰᠢ ᠮᠠᠨᠢ ᠭᠡᠳᠦ᠋ᠢᠨ ᠢᠷᠡᠴᠢᠭᠡᠭᠡᠳ ᠪᠠᠶᠢᠵᠠᠢ᠂ ᠮᠠᠨᠤᠰ ᠢ ︽ᠬᠢᠴᠢᠶᠡᠯ ᠤᠰᠤᠯᠳᠠᠴᠢᠬᠠᠯ᠎ᠠ︾ ᠭᠡᠵᠦ ᠵᠢᠮᠡᠯᠡᠭᠰᠡᠨ ᠦᠭᠡᠢ᠃ ᠠᠩᠬ᠎ᠠ ᠭᠤᠷᠪᠠᠳᠤᠭᠠᠷ ᠤᠨ ᠤ ᠲᠤᠭᠠᠨ ᠤ ᠤᠬᠠᠭᠠᠨ ᠤ ᠠᠩᠬᠠᠨ ᠤ ᠬᠢᠴᠢᠶᠡᠯ ᠢ ᠪᠠᠭᠰᠢ ᠮᠢᠨᠢ ᠢᠡᠭᠬᠢᠵᠤ ᠬᠢᠴᠢᠶᠡᠯᠯᠡᠭᠰᠡᠨ ᠶᠤᠮ᠃      — ᠡᠨᠡ ᠴᠠᠭ ᠮᠦᠴᠠ ᠠᠴᠠ ᠲᠠ ᠨᠠᠷ ᠨᠢᠭᠡᠨᠳᠠ ᠠᠩᠬ᠎ᠠ ᠭᠤᠷᠪᠠᠳᠤᠭᠠᠷ ᠤᠨ ᠤ ᠰᠤᠷᠤᠭᠴᠢ ᠪᠤᠯᠴᠢᠬᠠᠭᠰᠠᠨ ᠶᠤᠮ᠃ ᠠᠩᠬ᠎ᠠ ᠲᠤᠮᠳᠠᠳᠤ ᠶᠢᠨ ᠬᠠᠮᠤᠭ ᠤᠨ ᠵᠠᠩᠬᠢᠯᠠᠭ᠎ᠠ ᠶᠢᠨ ᠰᠤᠷᠤᠯᠭ᠎ᠠ ᠶᠢᠨ ᠱᠠᠳᠤᠨ ᠳᠤ ᠤᠷᠤᠭᠰᠠᠨ ᠰᠢᠤ ᠳ᠋ᠠ︕ ᠡᠨᠡ ᠱᠠᠳᠤᠨ ᠤ ᠰᠤᠷᠤᠯᠴᠠᠯᠭ᠎ᠠ ᠲᠠ ᠨᠠᠷ ᠤᠨ ᠢᠷᠡᠭᠡᠳᠤᠢ ᠶᠢ ᠴᠢᠨᠢ ᠲᠤᠭᠳᠠᠭᠠᠨ᠎ᠠ᠂ ᠬᠤᠪᠢ ᠵᠠᠶᠠᠭᠠᠨ ᠳᠤ ᠴᠢᠨᠢ ᠡᠷᠬᠢᠯᠳᠠ ᠭᠠᠷᠭᠠᠵᠤ ᠮᠠᠳᠠᠨ᠎ᠠ᠃ ᠲᠠᠷᠠᠭᠠᠴᠢ ᠪᠠᠷ ᠲᠡᠭᠡᠳᠤ ᠲᠤᠮᠳᠠᠳᠤ ᠳᠤ ᠲᠠᠪᠰᠢᠨ ᠰᠤᠷᠤᠯᠴᠠᠭᠰᠠᠨ ᠴᠦ᠂ ᠲᠤᠮᠳᠠᠳᠤ ᠵᠡᠷᠭᠡ ᠶᠢᠨ ᠲᠤᠰᠬᠠᠢ ᠮᠠᠷᠭᠡᠵᠢᠯ ᠤᠨ ᠰᠤᠷᠭᠠᠭᠤᠯᠢ ᠳᠤ ᠰᠢᠯᠭᠠᠨ ᠤᠷᠤᠭᠰᠠᠨ ᠴᠦ᠂ ᠡᠰᠡᠭᠦᠯ᠎ᠡ ᠭᠦᠳᠡᠭᠡ ᠨᠤᠳᠤᠭ ᠲᠤ ᠪᠠᠨ ᠪᠤᠴᠠᠵᠤ ᠦᠢᠯᠠᠳᠪᠤᠷᠢᠯᠡᠯ ᠭᠦᠳᠡᠯᠮᠤᠷᠢ ᠳᠤ ᠤᠷᠤᠯᠴᠠᠭᠰᠠᠨ ᠴᠦ ᠡᠷᠳᠠᠮ ᠮᠠᠳᠠᠯᠭᠡ ᠱᠠᠭᠠᠷᠳᠠᠭᠳᠠᠬᠤ ᠶᠤᠮ᠃ ᠡᠷᠳᠠᠮ ᠮᠠᠳᠡᠯᠭᠡ ᠶᠢ ᠰᠤᠷᠬᠤ ᠲᠤᠳᠤᠮ ᠬᠠᠷᠠᠴᠠ ᠴᠢᠨᠢ ᠦᠷᠭᠡᠵᠢᠨ᠎ᠠ᠂ ᠲᠠᠨᠢᠯᠳᠠ ᠴᠢᠨᠢ ᠲᠡᠭᠡᠭᠰᠢᠯᠡᠨ᠎ᠡ᠂ ᠦᠵᠠᠯᠳᠠ ᠴᠢᠨᠢ ᠰᠢᠨᠡᠳᠭᠡᠭᠳᠡᠨ᠎ᠡ᠃ ᠪᠢᠴᠢᠭ ᠡᠷᠳᠠᠮ ᠰᠤᠷᠬᠤ ᠶᠢ ᠪᠤᠰᠤᠳ ᠲᠤ ᠨᠠᠶᠢᠳᠠᠵᠤ ᠪᠤᠯᠬᠤ ᠦᠭᠡᠢ᠂ ᠬᠠᠷᠢᠨ ᠪᠤᠰᠤᠳ ᠢᠶᠠᠷ ᠠᠯᠪᠠᠳᠠᠭᠤᠯᠬᠤ ᠦᠭᠡᠢ ᠪᠠᠷ ᠤᠬᠠᠮᠰᠠᠷ ᠠᠴᠠ ᠪᠠᠨ ᠰᠤᠷᠤᠯᠴᠠᠬᠤ ᠳᠤ ᠪᠠᠨ ᠲᠠᠭᠠᠷᠠᠨ᠎ᠠ᠃ ᠤᠢᠢᠯᠠᠭᠠᠭᠰᠠᠨ ᠦᠭᠡᠢ ᠮᠠᠳᠡᠭᠰᠡᠨ ᠦᠭᠡᠢ ᠪᠠᠨ ᠪᠠᠷᠢᠨ ᠰᠢᠢᠳᠪᠤᠷᠢᠯᠡᠭᠦ ᠠᠴᠠ ᠪᠢᠰᠢ᠂ ᠤᠳᠠᠭᠠᠰᠢᠷᠠᠭᠤᠯᠵᠤ ᠶᠠᠭᠠᠬᠢᠭᠰᠠᠨ ᠴᠦ ᠪᠤᠯᠳᠠᠬ ᠦᠭᠡᠢ ᠶᠤᠮ᠃ ᠭᠦᠮᠦᠨ ᠲᠡᠭᠡᠳᠤ ᠬᠠᠷᠢᠭᠤᠴᠠᠯᠭ᠎ᠠ᠂ ᠦᠨᠳᠤᠷ ᠪᠤᠯᠪᠠᠰᠤᠷᠠᠯ᠂ ᠦᠯᠠᠮᠵᠢ ᠮᠠᠳᠠᠯᠭᠡ᠂ ᠲᠡᠭᠦᠰ ᠴᠢᠳᠠᠪᠤᠷᠢ ᠲᠠᠢ ᠪᠤᠯᠴᠢᠬᠠᠪᠠᠯ ᠠᠵᠢᠯ ᠢᠶᠠᠨ ᠦᠢᠯᠠᠰ ᠪᠤᠯᠭᠠᠵᠤ ᠬᠢᠯᠠᠯᠵᠠᠳᠠᠯ᠎ᠠ ᠰᠠᠶᠢᠬᠠᠨ ᠬᠢᠵᠤ ᠲᠠᠶᠢᠯᠭᠦ ᠲᠠᠳᠤᠢ ᠪᠢᠰᠢ᠂ ᠪᠤᠰᠤᠳ ᠲᠤ ᠪᠠᠨ ᠲᠠᠭᠤᠷᠢᠶᠠᠯ ᠲᠦᠷᠢᠮᠵᠢᠯ ᠪᠤᠯᠵᠤ ᠲᠠᠭᠠᠭᠤᠯᠬᠤ ᠲᠠᠶᠢᠴᠢᠯᠠᠬᠤ ᠦᠢᠯᠠᠳᠤᠯ ᠦᠵᠠᠭᠦᠯᠵᠤ ᠴᠢᠳᠠᠨ᠎ᠠ᠃ ᠰᠤᠷᠤᠭᠴᠢ ᠭᠦᠮᠦᠨ ᠤ ᠭᠤᠤᠯ ᠡᠭᠦᠷᠭᠡ ᠪᠤᠯ ᠰᠤᠶᠤᠯ ᠮᠠᠳᠠᠯᠭᠡ ᠶᠢᠨ ᠰᠤᠷᠤᠯᠴᠠᠯᠭ᠎ᠠ ᠮᠦᠨ᠃ ᠲᠠ ᠨᠠᠷ ᠲᠤ ᠲᠠᠪᠠᠳᠠᠢ ᠰᠠᠶᠢᠬᠠᠨ ᠰᠤᠷᠤᠯᠴᠠᠬᠤ ᠤᠷᠴᠢᠨ ᠢ ᠪᠦᠷᠢᠯᠳᠤᠭᠦᠯᠵᠤ᠂ ᠰᠢᠯᠢᠳᠡᠭ ᠰᠠᠶᠢᠨ ᠭᠦᠮᠦᠵᠢᠯ ᠪᠤᠯᠪᠠᠰᠤᠷᠠᠯ ᠭᠦᠷᠳᠡᠭᠡᠭᠦ ᠶᠢᠨ ᠲᠦᠯᠦᠭᠡ ᠤᠯᠠᠭᠠᠬᠤᠳᠤ᠂ ᠬᠤᠭᠤᠯᠢᠳᠤ ᠶᠢᠨ ᠰᠤᠷᠭᠠᠭᠤᠯᠢ ᠶᠢ ᠠᠰᠢᠬᠠᠨ ᠲᠤᠮᠳᠠᠳᠤ ᠰᠤᠷᠭᠠᠭᠤᠯᠢ ᠳᠤ ᠲᠦᠪᠯᠠᠷᠠᠭᠦᠯᠦᠭᠰᠡᠨ ᠶᠤᠮ᠃ ᠪᠠᠭᠰᠢ ᠶᠢᠨ ᠡᠩᠨᠡᠭᠡ ᠴᠦ ᠰᠢᠯᠢᠳᠡᠭᠵᠢᠯ᠎ᠠ᠃ ᠤᠳᠤ ᠠᠴᠠ ᠲᠠ ᠨᠠᠷ ᠨᠢᠭᠡᠨᠳᠠ ᠨᠢᠭᠡ ᠠᠩᠬᠢ ᠶᠢᠨ ᠬᠠᠮᠳᠤ ᠰᠤᠷᠤᠯᠭᠠᠳᠠᠨ ᠪᠤᠯᠵᠠᠢ᠂ ᠬᠠᠷᠢᠯᠴᠠᠨ ᠬᠠᠪᠰᠤᠷᠴᠤ ᠨᠢᠭᠡ ᠨᠢᠭᠡᠨ ᠳᠤ ᠪᠠᠨ ᠲᠤᠰᠠ ᠲᠠᠮᠵᠢᠯᠭᠡ ᠪᠤᠯᠵᠤ ᠶᠠᠪᠤᠭᠠᠷᠠᠢ᠃ ᠬᠠᠮᠳᠤ ᠰᠤᠷᠤᠭᠴᠢ ᠶᠢᠨ ᠨᠦᠭᠦᠷᠯᠡᠯ ᠭᠡᠭᠴᠢ ᠦᠨᠠᠨᠴᠢ ᠮᠦᠷᠳᠡᠭᠡᠨ ᠦᠨᠢᠳᠠ ᠶᠢᠨ ᠶᠤᠮ᠂ ᠬᠠᠮᠳᠤ ᠰᠤᠷᠤᠯᠭᠠᠳᠠᠨ ᠪᠤᠯᠤᠭᠰᠠᠨ ᠢᠶᠠᠨ ᠨᠠᠨᠳᠢᠩᠨᠠᠵᠤ ᠶᠠᠪᠤᠭᠠᠷᠠᠢ᠃ ᠲᠦᠷᠤᠯ ᠰᠠᠳᠤᠨ᠂ ᠨᠠᠶᠢᠵᠢ ᠨᠦᠭᠦᠳ ᠤᠨ ᠴᠢᠨᠢ ᠬᠠᠪᠰᠤᠷᠴᠤ ᠲᠠᠮᠵᠢᠵᠤ ᠲᠠᠶᠢᠯᠭᠦ ᠦᠭᠡᠢ ᠶᠠᠪᠤᠳᠠᠯ ᠢ ᠬᠠᠮᠳᠤ ᠰᠤᠷᠤᠯᠭᠠᠳᠠᠨ ᠴᠢᠨᠢ ᠬᠠᠷᠢᠨ ᠪᠠᠶᠠᠯᠠᠭᠦᠯᠵᠦ ᠦᠭᠴᠦ ᠮᠠᠳᠠᠭᠦ ᠶᠤᠮ᠃      ᠪᠠᠭᠰᠢ ᠶᠢᠨ ᠰᠤᠷᠭᠠᠯ ᠪᠠᠶᠢᠳᠠᠬ ᠠᠴᠠ ᠦᠨ᠎ᠠ ᠲᠠᠢ ᠶᠤᠮ ᠪᠠᠶᠢᠵᠠᠢ᠃ ᠪᠠᠭᠰᠢ ᠶᠢᠨ ᠭᠡᠯᠡᠭᠰᠡᠨ ᠦᠭᠡᠨ ᠳᠤ ᠪᠢᠳᠠ ᠨᠢᠭᠡᠯᠡ ᠲᠠᠭᠡᠷ᠎ᠠ ᠲᠤᠮᠤᠭᠠᠵᠢᠵᠠᠢ᠃ ᠬᠤᠭᠤᠷᠤᠨᠳᠤ ᠪᠠᠨ ᠪᠢᠰᠢᠭᠦᠷᠭᠡᠵᠦ ᠪᠠᠶᠢᠭᠰᠠᠨ ᠰᠢᠨ᠎ᠠ ᠨᠠᠶᠢᠵᠢ ᠨᠦᠭᠦᠳ ᠤᠳ ᠬᠠᠭᠤᠴᠢᠨ ᠲᠠᠨᠢᠯ ᠲᠤᠰᠤᠯ ᠶᠤᠮ ᠰᠢᠬ ᠪᠤᠯᠴᠢᠬᠠᠵᠠᠢ᠃ ᠪᠠᠭᠰᠢ ᠶᠢᠨ ᠢᠶᠠᠨ ᠲᠠᠶᠢᠯᠪᠤᠷᠢᠯᠠᠬᠤ ᠶᠢ ᠬᠢᠨᠠᠮᠠᠭᠠᠢ ᠰᠤᠨᠤᠰᠴᠤ᠂ ᠬᠢᠴᠢᠶᠡᠯ ᠰᠤᠷᠤᠯᠭ᠎ᠠ ᠳᠤ ᠪᠠᠨ ᠴᠢᠷᠮᠠᠶᠢᠵᠠᠭᠠᠨ᠎ᠠ᠃ ᠮᠠᠳᠠᠭᠦ ᠦᠭᠡᠢ ᠴᠢᠳᠠᠬᠤ ᠦᠭᠡᠢ ᠪᠠᠨ ᠬᠠᠵᠠᠭᠤ ᠬᠠᠪᠢᠷᠭ᠎ᠠ ᠶᠢᠨ ᠬᠢ ᠪᠠᠷ ᠢᠶᠠᠨ ᠵᠢᠭᠠᠯᠭᠠᠨ᠎ᠠ᠂ ᠮᠠᠳᠠᠬ ᠲᠠᠢ ᠰᠡᠵᠢᠭ ᠲᠠᠢ ᠪᠠᠨ ᠬᠤᠭᠤᠷᠤᠨᠳᠤ ᠪᠠᠨ ᠶᠠᠷᠢᠯᠴᠠᠵᠠᠭᠠᠨ᠎ᠠ᠂ ᠰᠤᠯᠠ ᠰᠠᠯᠠᠭᠦᠦ ᠴᠠᠭ ᠢᠶᠠᠷ ᠢᠶᠠᠨ ᠨᠠᠭᠠᠳᠴᠤ ᠲᠤᠭᠯᠠᠨ᠎ᠠ᠂ ᠠᠯᠢᠶᠠᠷᠬᠠᠵᠤ ᠲᠡᠭᠵᠢᠷᠡᠨ᠎ᠡ᠃ ᠨᠠᠭᠠᠳᠤᠮ ᠠᠬᠠᠳᠠᠪᠠᠯ ᠨᠠᠮᠤᠰᠤ ᠪᠤᠯᠳᠠᠬ ᠭᠡᠭᠴᠢ ᠪᠠᠷ ᠬᠠᠶᠠ ᠳᠤ ᠪᠠᠨ ᠭᠡᠷᠡᠭᠦᠯ ᠵᠠᠭᠤᠷᠠᠭᠠᠨ ᠴᠦ ᠡᠭᠦᠰᠳᠡᠭ ᠪᠠᠶᠢᠯ᠎ᠠ᠃ ᠠᠷᠭᠠᠯ ᠲᠦᠯᠡᠭᠡ ᠲᠡᠭᠦᠭᠦ ᠪᠤᠶᠤ ᠲᠡᠭᠡᠭᠡᠨ᠎ᠡ᠃ ᠰᠤᠷᠭᠠᠭᠤᠯᠢ ᠶᠢᠨ ᠨᠤᠭᠤᠭ᠎ᠠ ᠴᠠᠭ᠎ᠠ ᠶᠢᠨ ᠭᠠᠵᠠᠷ ᠲᠤ ᠤᠴᠢᠵᠤ ᠭᠦᠳᠠᠯᠮᠤᠷᠢᠯᠠᠨ᠎ᠠ᠂ ᠪᠤᠯᠢᠶᠠᠯᠳᠤᠨ ᠭᠦᠳᠡᠯᠮᠤᠷᠢᠯᠡᠭᠦ ᠪᠠᠷ ᠬᠠᠪᠤ ᠴᠡᠩᠭᠡᠯ ᠢᠶᠠᠨ ᠪᠤᠯᠭᠠᠨ᠎ᠠ᠂ ᠭᠤᠸᠠ ᠯᠤᠤᠪᠠᠩ ᠤᠯᠵᠤ ᠢᠳᠡᠪᠡᠯ ᠵᠤᠯ ᠵᠢᠷᠭᠠᠯ ᠡᠳ᠋ᠯᠡᠭᠰᠡᠨ ᠰᠢᠭ ᠲᠠᠭᠠᠳᠠᠢ ᠰᠠᠶᠢᠬᠠᠨ ᠰᠠᠨᠠᠭᠳᠠᠳᠠᠬ ᠪᠠᠶᠢᠯ᠎ᠠ᠃ ︽ᠭᠡᠯᠡᠵᠦ ᠰᠤᠷᠭᠠᠬᠤ ᠪᠠᠷ ᠢᠶᠠᠨ ᠬᠢᠯᠭᠡᠵᠦ ᠪᠠᠶᠢᠭᠠᠳ ᠰᠤᠷᠭ᠎ᠠ᠂ ᠵᠢᠭᠠᠵᠤ ᠰᠤᠷᠭᠠᠬᠤ ᠪᠠᠷ ᠢᠶᠠᠨ ᠵᠠᠷᠤᠵᠤ ᠪᠠᠶᠢᠭᠠᠳ ᠰᠤᠷᠭ᠎ᠠ︾ ᠭᠡᠭᠴᠢ ᠶᠤᠰᠤᠳᠠᠢ ᠤᠨᠤᠭᠠᠵᠤ ᠭᠡᠯᠡᠭᠰᠡᠨ ᠦᠭᠡ ᠪᠠᠶᠢᠵᠠᠢ᠃ ᠮᠠᠨᠤᠰ ᠰᠤᠷᠤᠯᠴᠠᠬᠤ ᠶᠢᠨ ᠵᠡᠷᠭᠡᠳᠡ ᠠᠵᠢᠯ ᠭᠦᠳᠠᠯᠮᠤᠷᠢ ᠳᠤ ᠦᠷᠭᠦᠯᠵᠢ ᠤᠷᠤᠯᠴᠠᠳᠠᠬ ᠪᠠᠶᠢᠭᠰᠠᠨ ᠠᠴᠠ ᠠᠮᠢᠳᠤᠷᠠᠯ ᠤᠨ ᠠᠷᠭ᠎ᠠ ᠤᠬᠠᠭᠠᠨ ᠢ ᠡᠳᠤᠢ ᠲᠠᠳᠤᠢ ᠬᠤᠷᠠᠮᠳᠤᠭᠤᠯᠤᠭᠰᠠᠨ ᠶᠤᠮ᠃ ᠲᠦᠳᠡᠯ ᠦᠭᠡᠢ ᠠᠮᠢᠨ ᠳᠤ ᠪᠠᠨ ᠵᠦᠪ ᠪᠤᠯᠬᠤ ᠶᠤᠮ ᠪᠠᠶᠢᠨ᠎ᠠ᠃      ᠭᠠᠷᠠᠭ ᠤᠨ ᠡᠳᠦᠷ ᠲᠤ ᠰᠤᠷᠭᠠᠭᠤᠯᠢ ᠠᠮᠠᠷᠠᠯᠳᠠ ᠲᠠᠯᠪᠢᠳᠠᠬ ᠦᠭᠡᠢ᠃ ᠡᠳᠤᠷ ᠠᠯᠭᠠᠰᠠᠯ ᠦᠭᠡᠢ ᠭᠢᠴᠢᠶᠡᠯᠯᠡᠳᠡᠭ ᠪᠤᠯᠬᠤᠷ ᠮᠠᠨᠤᠰ ᠭᠠᠷᠠᠭ ᠤᠨ ᠡᠳᠦᠷ ᠢ ᠴᠦ ᠮᠠᠳᠡᠳᠡᠭ ᠦᠭᠡᠢ ᠶᠤᠮ᠃ ᠬᠠᠶᠠ ᠵᠠᠷᠢᠮ ᠡᠳᠦᠷ ᠲᠤ ᠪᠠᠨ ᠭᠦᠳᠠᠯᠮᠤᠷᠢᠯᠠᠳᠡᠭ ᠠᠴᠠ ᠪᠤᠯᠪᠠᠤ᠂ ᠰᠤᠷᠤᠯᠭ᠎ᠠ ᠶᠠᠳᠠᠷᠠᠭ᠎ᠠ ᠲᠠᠢ ᠭᠡᠵᠦ ᠤᠭᠳᠤᠬᠠᠨ ᠴᠦ ᠰᠠᠨᠠᠭᠳᠠᠳᠠᠬ ᠦᠭᠡᠢ᠃ ᠬᠢᠴᠢᠶᠡᠯᠯᠡᠭᠡᠳ ᠰᠠᠷ᠎ᠠ ᠰᠢᠬᠠᠮ ᠪᠤᠯᠬᠤ ᠳᠤ ᠭᠡᠷ ᠡᠷᠦᠭᠡ ᠡᠷᠢᠭ᠍ᠳᠡᠭᠡᠳ ᠪᠤᠯᠬᠤ ᠪᠠᠨ ᠪᠠᠶᠢᠯ᠎ᠠ᠃ ᠰᠤᠷᠬᠤ ᠤᠷᠮ᠎ᠠ ᠬᠠᠷᠢᠵᠤ᠂ ᠬᠢᠴᠢᠶᠠᠯ ᠰᠤᠷᠤᠯᠭ᠎ᠠ ᠳᠤ ᠰᠢᠮᠳᠠᠬᠤ ᠡᠷᠴᠢ ᠭᠦᠴᠦᠨ ᠴᠦ ᠠᠯᠳᠠᠷᠠᠵᠤ ᠡᠬᠢᠯᠡᠵᠡᠢ᠂ ᠮᠠᠨᠤᠰ ᠤᠨ ᠢᠯᠠᠷᠠᠯ ᠬᠤᠪᠢᠷᠠᠯᠳᠠ ᠶᠢ ᠰᠤᠷᠭᠠᠭᠤᠯᠢ ᠤᠷᠢᠳᠴᠢᠯᠠᠨ ᠲᠦᠰᠦᠭᠡᠯᠡᠵᠦ ᠮᠠᠳᠡᠭᠰᠡᠨ ᠴᠦ ᠭᠡᠮᠡᠷ᠂ ᠦᠳᠠ ᠶᠢᠨ ᠡᠮᠦᠨᠡᠬᠢ ᠲᠦᠷᠪᠡᠳᠤᠭᠡᠷ ᠦᠶ᠎ᠠ ᠶᠢᠨ ᠬᠢᠴᠢᠶᠡᠯ ᠢ ᠬᠠᠭᠠᠰ ᠤᠷᠤᠵᠤ ᠪᠠᠶᠢᠭᠠᠳ ᠪᠠᠭᠰᠢ ᠭᠡᠨᠡᠳᠳᠠ ᠪᠠᠷ᠄ ︽ᠡᠨᠡ ᠬᠢᠴᠢᠶᠡᠯ ᠢ ᠤᠷᠤᠵᠤ ᠪᠠᠷᠠᠮᠠᠭᠴᠠ ᠰᠤᠷᠭᠠᠭᠤᠯᠢ ᠲᠤᠯᠤᠭᠠᠨ ᠡᠳᠦᠷ ᠬᠠᠭᠠᠰ ᠤᠨ ᠴᠢᠯᠦᠭᠡ ᠲᠠᠯᠪᠢᠨ᠎ᠠ︾ ᠭᠡᠵᠦ ᠭᠡᠯᠡᠭᠦ ᠲᠠᠢ ᠵᠡᠷᠭᠡ ᠪᠦᠭᠦᠳᠡᠭᠡᠷ ᠢᠶᠠᠷ ᠢᠶᠠᠨ ᠭᠦᠷᠴᠢᠬᠢᠨᠠᠯᠳᠤᠵᠤ ᠪᠠᠭᠰᠢ ᠶᠢᠨ ᠵᠠᠯᠭᠠᠵᠤ ᠭᠡᠯᠡᠭᠦ ᠶᠢ ᠰᠤᠨᠤᠰᠬᠤ ᠪᠠᠨ ᠪᠤᠯᠢᠵᠠᠢ᠃ ᠪᠠᠭᠰᠢ ᠮᠠᠨᠤᠰ ᠢ ᠪᠤᠷᠤᠭᠤᠳᠬᠠᠭᠰᠠᠨ ᠦᠭᠡᠢ᠂ ᠪᠦᠭᠦᠳᠡ ᠶᠢ ᠨᠠᠮ ᠵᠢᠮ ᠪᠠᠶᠢᠯᠭᠠᠵᠤ ᠠᠩᠬᠠᠷᠬᠤ ᠵᠦᠢᠯᠠᠰ ᠢ ᠰᠠᠨᠠᠭᠤᠯᠤᠭᠰᠠᠨ ᠤ ᠳᠠᠷᠠᠭ᠎ᠠ ᠬᠠᠷᠢᠬᠤ ᠪᠠᠯᠠᠳᠭᠡᠯ ᠢ ᠬᠢᠯᠭᠡᠪᠡ᠃ ᠬᠢᠴᠢᠶᠡᠯ ᠪᠠᠭᠤᠬᠤ ᠬᠤᠨᠭ᠍ᠬᠤ ᠲᠤᠤᠭᠠᠷᠬᠤ ᠲᠠᠢ ᠵᠡᠷᠭᠡ ᠰᠤᠷᠤᠭᠴᠢᠳ ᠭᠡᠳᠤ ᠭᠡᠳᠦᠭᠦᠯᠡ ᠪᠠᠨ ᠨᠠᠶᠢᠯᠠᠯᠳᠤᠵᠤ ᠶᠢᠰᠤᠨ ᠲᠠᠶᠢᠰᠢ ᠪᠠᠨ ᠪᠤᠳᠠᠷᠠᠨ ᠶᠠᠪᠤᠵᠠᠭᠠᠵᠠᠢ᠃ ︽ᠵᠠᠮ ᠳᠤ ᠪᠠᠨ ᠠᠮᠤᠷ ᠲᠦᠪᠰᠢᠨ ᠢ ᠠᠩᠬᠠᠷᠤᠭᠠᠷᠠᠢ᠂ ᠬᠠᠷᠢᠭᠰᠠᠨ ᠤ ᠪᠠᠨ ᠳᠠᠷᠠᠭ᠎ᠠ ᠪᠢᠳᠡᠬᠡᠢ ᠵᠤᠴᠢᠨ ᠰᠢᠬ ᠰᠠᠭᠤᠭᠠᠳ ᠪᠠᠢ ᠳ᠋ᠠ᠂ ᠠᠪᠤ ᠡᠵᠢ ᠪᠠᠨ ᠬᠠᠪᠰᠤᠷᠴᠤ᠂ ᠡᠨᠡ ᠲᠠᠷᠠ ᠶᠢ ᠨᠢ ᠬᠢᠵᠦ ᠦᠭᠭᠦᠭᠡᠷᠡᠢ︾ ᠭᠡᠵᠦ ᠪᠠᠭᠰᠢ ᠮᠢᠨᠢ ᠠᠷᠤ ᠬᠤᠶᠢᠨ᠎ᠠ ᠠᠴᠠ ᠠᠬᠢᠨ ᠲᠠᠬᠢᠨ ᠵᠠᠬᠢᠵᠤ ᠰᠤᠷᠭᠠᠵᠤ ᠪᠠᠶᠢᠭᠰᠠᠨ ᠶᠤᠮ᠃ ᠪᠢ ᠤᠨᠠᠭᠠᠨ ᠨᠠᠶᠢᠵᠢ ᠰᠧᠪᠡᠭᠵᠡᠪ ᠲᠠᠢ ᠪᠠᠨ ᠬᠤᠶᠠᠭᠤᠯᠠ ᠵᠢᠷᠠ ᠲᠠᠯᠠᠨ ᠭᠠᠵᠠᠷ ᠬᠤᠯᠠ ᠶᠢᠨ ᠵᠠᠮ ᠢ ᠶᠠᠪᠠᠭᠠᠨ ᠢᠶᠠᠷ ᠲᠠᠪᠬᠢᠭᠰᠠᠨ ᠪᠢᠯᠠ᠃ ᠮᠠᠨ ᠤ ᠬᠢᠨ ᠨᠠᠯᠢᠶᠠᠳ ᠪᠤᠶᠢᠳᠠ ᠪᠦᠭᠯᠡᠭᠦᠦ ᠭᠠᠵᠠᠷ ᠲᠤ ᠪᠠᠶᠢᠭ᠎ᠠ ᠪᠤᠯᠬᠤᠷ ᠵᠠᠮ ᠮᠦᠷ ᠭᠡᠮᠡᠷ ᠶᠠᠭᠤᠮ᠎ᠠ ᠪᠠᠷᠤᠭ ᠪᠠᠶᠢᠳᠠᠬ ᠦᠭᠡᠢ᠃ ᠮᠠᠨ ᠤ ᠬᠤᠶᠠᠭᠤᠯᠠ ᠪᠠᠷᠳᠠᠭᠠᠳᠤ ᠮᠠᠩᠬᠠᠨ ᠵᠢᠯᠠᠭ᠎ᠠ ᠶᠢ ᠲᠠᠪᠠᠵᠤ᠂ ᠪᠢᠳᠠᠭᠦᠦ ᠭᠦᠨ ᠰᠤᠵᠠᠬ ᠢ ᠲᠤᠭᠤᠯᠵᠤ ᠪᠤᠷᠤ ᠲᠦᠯᠦᠪ ᠢᠶᠠᠷ ᠢᠶᠠᠨ ᠶᠠᠪᠤᠭᠰᠠᠭᠠᠷ ᠪᠠᠶᠢᠵᠤ ᠪᠦᠷᠦᠢ ᠲᠠᠰᠤᠷᠠᠬᠤ ᠶᠢᠨ ᠦᠶ᠎ᠠ ᠪᠠᠷ ᠭᠡᠷ ᠲᠤ ᠪᠠᠨ ᠭᠦᠷᠦᠭᠰᠡᠨ ᠶᠤᠮ᠃ ᠠᠪᠤ ᠡᠵᠢ ᠲᠠᠢ ᠪᠠᠨ ᠮᠠᠨᠳᠤᠴᠢᠯᠠᠵᠤ ᠵᠤᠯᠭᠠᠯ᠎ᠠ᠃ ᠲᠡᠭᠦᠤ ᠨᠠᠷ ᠨᠠᠳᠠ ᠠᠴᠠ ᠨᠠᠯᠢᠶᠠᠳ ᠵᠠᠶᠢᠳᠠᠴᠢᠬᠠᠵᠠᠢ᠂ ᠠᠪᠤ ᠡᠵᠢ ᠶᠢᠨ ᠠᠷᠤ ᠳᠤ ᠲᠠᠯᠳᠠᠯᠠᠵᠤ ᠶᠠᠭᠠᠬᠢᠭᠰᠠᠨ ᠴᠦ ᠮᠢᠨᠦ ᠲᠡᠷᠭᠡᠳᠡ ᠢᠷᠡᠭᠦ ᠦᠭᠡᠢ ᠪᠢᠰᠢᠭᠦᠷᠭᠡᠨ᠎ᠡ᠃ ᠬᠤᠷᠤᠳ ᠵᠦᠭᠡᠭᠡᠢ ᠪᠠᠷ ᠦᠯᠳᠡᠭᠰᠡᠨ ᠦᠯ ᠢᠶᠠᠨ ᠳᠠᠷᠤᠵᠠᠢ᠃ ᠡᠷᠦᠭᠡ ᠭᠡᠷ ᠲᠤ ᠪᠠᠨ ᠬᠠᠷᠢᠭᠰᠠᠨ ᠠᠴᠠ ᠦᠭᠡᠷ᠎ᠠ ᠰᠠᠶᠢᠬᠠᠨ ᠶᠠᠭᠤᠮ᠎ᠠ ᠡᠨᠡ ᠶᠢᠷᠳᠢᠨᠴᠤ ᠳᠤ ᠦᠭᠡᠢ ᠶᠤᠮ ᠰᠢᠬ ᠰᠠᠨᠠᠭᠳᠠᠨ᠎ᠠ᠃ ᠭᠡᠳᠡᠯ᠎ᠠ ᠭᠡᠳᠤᠨ ᠡᠳᠦᠷ ᠦᠡᠭᠭᠡᠷᠡᠵᠦ ᠭᠡᠳᠠᠰᠤ ᠴᠠᠳᠬᠤᠯᠠᠩ ᠪᠤᠯᠬᠤ ᠲᠠᠢ ᠵᠡᠷᠭᠡ ᠲᠠᠬᠢᠭᠠᠳ ᠰᠤᠷᠭᠠᠭᠤᠯᠢ ᠪᠠᠨ ᠰᠠᠨᠠᠴᠢᠬᠠᠪᠠ᠂ ᠬᠠᠮᠳᠤ ᠰᠤᠷᠤᠯᠭᠠᠳᠠᠨ ᠢᠶᠠᠨ ᠮᠦᠷᠦᠭᠡᠳᠤᠴᠢᠭᠡᠯ᠎ᠡ᠂ ᠬᠠᠮᠳᠤ ᠶᠢᠨ ᠠᠮᠢᠳᠤᠷᠠᠯ ᠢᠶᠠᠨ ᠰᠠᠨᠠᠭᠠᠯᠵᠠᠴᠢᠬᠠᠯ᠎ᠠ᠃      ᠰᠤᠷᠤᠭᠴᠢ ᠶᠢᠨ ᠠᠮᠢᠳᠤᠷᠠᠯ ᠶᠠᠭᠠᠬᠢᠭᠰᠠᠨ ᠭᠤᠶᠤ ᠪᠤᠢ︕ ᠵᠦᠪᠭᠡᠨ ᠪᠢᠴᠢᠭ ᠡᠷᠳᠠᠮ ᠰᠤᠷᠬᠤ ᠲᠠᠳᠤᠢ ᠪᠢᠰᠢ᠂ ᠪᠠᠰᠠ ᠶᠤᠰᠤ ᠲᠢᠭᠯᠢᠮ ᠰᠤᠷᠤᠨ᠎ᠠ᠂ ᠤᠬᠠᠭᠠᠨ ᠪᠤᠳᠤᠯ ᠴᠦ ᠰᠤᠷᠤᠨ᠎ᠠ᠃ ᠰᠤᠷᠤᠭᠴᠢ ᠶᠢᠨ ᠠᠮᠢᠳᠤᠷᠠᠯ ᠶᠠᠮᠠᠷ ᠰᠠᠶᠢᠬᠠᠨ ᠪᠤᠢ︕ ᠤᠯᠠᠨ ᠠᠷᠪᠢᠨ ᠨᠠᠶᠢᠵᠠ ᠨᠦᠭᠦᠳ ᠲᠠᠢ ᠪᠤᠯᠤᠨ᠎ᠠ᠂ ᠬᠠᠮᠳᠤ ᠶᠢᠨ ᠠᠮᠢᠳᠤᠷᠠᠯ ᠢ ᠦᠡᠭᠭᠡᠷᠡᠭᠡᠭᠦ ᠶᠠᠪᠤᠴᠠ ᠳᠤ ᠨᠢᠭᠡ ᠨᠢᠭᠡᠨ ᠲᠠᠢ ᠤᠯᠠᠮ ᠠᠴᠠ ᠤᠯᠠᠮ ᠢᠵᠢᠯᠰᠢᠨ᠎ᠠ᠂ ᠬᠤᠯᠠ ᠶᠢᠨ ᠬᠤᠯᠠ ᠵᠠᠶᠢᠳᠠᠵᠤ ᠦᠨᠢ ᠤᠳᠠᠭᠠᠨ ᠡᠳᠦᠷ ᠬᠤᠨᠤᠬ ᠦᠡᠭᠭᠡᠷᠡᠭᠰᠡᠨ ᠴᠦ ᠪᠤᠳᠤᠯ ᠰᠡᠳᠬᠢᠯ ᠳᠤ ᠨᠢ ᠡᠷᠢᠭ᠍ᠳᠡᠭᠡᠳ ᠪᠠᠶᠢᠳᠠᠬ ᠪᠠᠶᠢᠬ᠎ᠠ᠃ ᠰᠤᠷᠤᠭᠴᠢ ᠶᠢᠨ ᠠᠮᠢᠳᠤᠷᠠᠯ ᠪᠠᠯ ᠪᠤᠷᠮ᠎ᠠ ᠰᠢᠬ ᠠᠮᠳᠠᠳᠠᠢ ᠪᠠᠶᠢᠳᠠᠬ᠃ ᠬᠠᠮᠳᠤ ᠶᠢᠨ ᠠᠮᠢᠳᠤᠷᠠᠯ ᠤᠨ ᠲᠤᠮᠳᠠ ᠬᠠᠶᠢᠷ᠎ᠠ ᠲᠤᠷᠠᠯᠠᠯ ᠡᠭᠦᠰᠳᠡᠭ᠃ ︽× ×︾ ᠭᠡᠤᠭᠡᠨ ᠶᠠᠭᠠᠬᠢᠭᠰᠠᠨ ᠦᠵᠠᠰᠭᠦᠯᠡᠩ ᠭᠡᠭᠡᠨᠴᠢᠷ ᠪᠤᠢ︕ ᠨᠠᠳᠠ ᠳᠤ ᠬᠠᠯᠠᠭᠤᠨ ᠲᠤᠳᠤᠨᠤ᠂ ᠡᠬᠡᠯᠢᠳᠠᠢ ᠬᠠᠷᠠᠭᠳᠠᠭᠠᠳ ᠪᠠᠶᠢᠳᠠᠬ ᠪᠤᠯᠵᠠᠢ᠃ ᠤᠬᠠᠮᠰᠠᠷ ᠲᠠᠢ ᠤᠬᠠᠮᠰᠠᠷ ᠦᠭᠡᠢ ᠪᠠᠷ ᠲᠡᠭᠦᠨ ᠲᠠᠢ ᠤᠢᠢᠷᠠᠳᠬᠤ ᠴᠦ ᠤᠯᠠᠰᠢᠷᠠᠭᠰᠠᠨ ᠶᠤᠮ᠃      ᠤᠤᠬᠠᠢ᠂ ᠪᠢ ᠴᠢᠨᠢ ᠲᠡᠭᠦᠨ ᠢ ᠲᠤᠭᠤᠴᠢᠬᠠᠵᠠᠢ᠂ ᠲᠠᠷᠠ ᠮᠢᠨᠦ ᠰᠠᠨᠠᠭ᠎ᠠ ᠶᠢ ᠭᠠᠳᠠᠷᠯᠠᠭᠰᠠᠨ ᠦᠭᠡᠢ ᠭᠡᠵᠦ ᠤᠤ᠂ ᠡᠰᠡᠭᠦᠯ᠎ᠠ ᠨᠠᠳᠠ ᠶᠢ ᠲᠤᠭᠤᠬᠤ ᠦᠭᠡᠢ ᠭᠡᠵᠦ ᠤᠤ︕ ᠬᠤᠵᠢᠮ ᠲᠡᠭᠦᠨ ᠢ ᠡᠭᠡᠨᠠᠷ ᠢᠶᠠᠨ ᠪᠤᠯᠭᠠᠵᠤ᠂ ᠠᠮᠢᠳᠤᠷᠠᠯ ᠢᠶᠠᠨ ᠬᠠᠮᠳᠤ ᠪᠠᠷ ᠴᠤᠭᠴᠠᠯᠠᠪᠠᠯ ᠶᠠᠮᠠᠷ ᠭᠤᠶᠤ ᠪᠤᠢ ᠁      — ᠮᠠᠭᠤ ᠯᠦᠢᠪᠠᠷᠴᠢᠨ ᠭᠡᠵᠦ ᠪᠦᠰᠡᠭᠦᠢ ᠭᠦᠮᠦᠨ ᠤ ᠬᠠᠷᠢᠶᠠᠬᠤ ᠲᠤᠭᠤᠯᠳᠠᠯ᠎ᠠ᠃ ᠦᠵᠡᠰᠡ᠂ ᠪᠢ ᠴᠢᠨᠢ ᠨᠠᠶᠢᠳᠠ ᠶᠢᠨ ᠵᠤᠷᠯᠤᠩ ᠳᠤ ᠤᠷᠤᠴᠢᠬᠠᠭᠠᠳ ᠡᠮᠡᠭᠳᠠᠢ ᠵᠤᠷᠯᠤᠩ ᠤᠨ ᠬᠢᠨᠢ ᠡᠭᠦᠳᠡᠨ ᠳᠤ ᠭᠦᠷᠴᠢᠭᠡᠭᠰᠡᠨ ᠪᠠᠶᠢᠯ᠎ᠠ᠃ ᠪᠤᠷᠬᠠᠨ ᠡ᠂ ᠡᠭᠦᠳᠡ ᠨᠢ ᠨᠡᠭᠡᠭᠡᠭᠳᠡᠯᠳᠠᠢ ᠪᠠᠶᠢᠭᠰᠠᠨ ᠪᠠᠶᠢᠵᠠᠢ᠃ ᠡᠭ᠍ᠳᠡᠭᠦᠦ ᠲᠠᠢ ᠨᠢ ᠲᠠᠪᠢᠭᠠᠳ ᠨᠠᠰᠤᠨ ᠤ ᠨᠢᠭᠡ ᠡᠭᠡᠨᠡᠷ ᠪᠠᠶ᠎ᠠ ᠴᠡᠪᠡᠷᠯᠡᠭᠦ ᠲᠠᠰᠤᠭ ᠤᠨ ᠢᠶᠠᠨ ᠬᠠᠭᠠᠯᠭ᠎ᠠ ᠶᠢ ᠨᠢ ᠴᠦ ᠬᠠᠭᠠᠭᠰᠠᠨ ᠦᠭᠡᠢ ᠯᠠᠬᠠᠢᠢᠨ ᠰᠠᠭᠤᠴᠢᠬᠠᠭᠠᠳ ᠭᠠᠳᠠᠭᠰᠢᠯᠠᠭᠤᠯᠵᠤ ᠪᠠᠶᠢᠪᠠ᠃ ᠨᠤᠪᠰᠢ ᠶᠢᠨ ᠭᠠᠶᠢᠬᠠᠯ᠂ ᠡᠨᠡ ᠪᠦᠰᠡᠭᠦᠢ ᠬᠠᠷᠢᠶᠠᠵᠤ ᠪᠠᠶᠢᠭ᠎ᠠ ᠶᠤᠮ ᠪᠠᠶᠢᠨ᠎ᠠ ᠰᠢᠤ᠃ ᠪᠢ ᠪᠠᠯᠠᠬ ᠠᠯᠳᠠᠵᠤ ᠠᠪᠤᠭᠰᠠᠨ ᠪᠤᠯᠪᠠᠴᠤ ︽ᠤᠰᠤᠯ ᠪᠤᠯᠤᠯ᠎ᠠ᠂ ᠠᠨᠳᠠᠭᠤᠷᠠᠴᠢᠬᠠᠵᠠᠢ︾ ᠭᠡᠵᠦ ᠭᠡᠯᠡᠮᠡᠭᠴᠡ ᠪᠠᠶ᠎ᠠ ᠡᠷᠬᠢᠵᠤ ᠲᠠᠷᠠ ᠳᠠᠷᠦ᠋ᠢᠬᠠᠨ ᠵᠤᠷᠯᠤᠩ ᠠᠴᠠ ᠭᠠᠷᠪᠠ᠃ ᠲᠠᠷᠠ ᠡᠭᠡᠨᠡᠷ ᠬᠤᠶᠢᠨ᠎ᠠ ᠠᠴᠠ ᠡᠯᠳᠡᠪ ᠤᠨ ᠮᠠᠭᠤᠬᠠᠢ ᠪᠠᠷ ᠬᠠᠷᠢᠶᠠᠵᠤ ᠯᠠ ᠪᠠᠶᠢᠯ᠎ᠠ᠃ ᠪᠤᠷᠬᠠᠨ ᠤ ᠠᠪᠤᠷᠠᠯ ᠡ᠂ ᠡᠭᠦᠳᠠᠨ ᠪᠤᠱᠤᠭ᠎ᠠ ᠲᠡᠭᠡᠭᠦᠷ ᠨᠢ ᠭᠦᠯ ᠦᠡᠭᠭᠡᠷᠡᠭᠦ ᠶᠢ ᠪᠠᠶᠢᠳᠤᠭᠠᠢ ᠮᠦᠷᠭᠦᠵᠤ ᠠᠪᠤᠭᠰᠠᠨ ᠴᠦ ᠬᠢᠯᠢᠰ ᠭᠦᠵᠢᠷ ᠭᠡᠷᠡᠭ ᠲᠤ ᠬᠤᠯᠪᠤᠭᠳᠠᠵᠤ ᠮᠠᠳᠠᠨ᠎ᠠ᠃ ᠵᠤᠷᠯᠤᠩ ᠠᠴᠠ ᠭᠠᠷᠴᠤ ᠢᠷᠡᠭᠰᠡᠨ ᠤ ᠳᠠᠷᠠᠭ᠎ᠠ ᠰᠠᠶ᠋ᠢ ᠲᠠᠪᠤᠰᠠᠩ ᠴᠢᠨᠠᠷᠠᠵᠤ ᠲᠠᠯᠠᠷᠡᠭᠡᠳ ᠲᠠᠯᠪᠠᠷᠠᠮᠠᠷ ᠪᠠᠶᠢᠭᠰᠠᠨ ᠢ ᠮᠠᠳᠠᠵᠠᠢ᠃      ᠴᠤᠬᠤᠮ ᠶᠠᠭᠠᠬᠢᠭᠰᠠᠨ ᠢ ᠪᠤᠤ ᠮᠠᠳᠠᠨ᠂ ᠲᠠᠷᠠ ᠡᠭᠡᠨᠡᠷ ᠢ ᠭᠠᠶᠢᠬᠠᠵᠤ ᠮᠠᠯᠠᠷᠡᠭᠰᠡᠨ ᠠᠴᠠ ᠪᠤᠯᠪᠠᠤ᠂ ᠡᠰᠡᠭᠦᠯ᠎ᠡ ᠪᠤᠳᠤᠯ ᠤᠨ ᠶᠢᠷᠳᠢᠨᠴᠤ ᠠᠴᠠ ᠪᠠᠨ ᠪᠠᠰᠠ ᠠᠩᠬᠢᠵᠢᠷᠠᠵᠤ ᠲᠠᠶᠢᠯᠦᠭᠡᠳᠤᠢ ᠪᠠᠶᠢᠭᠰᠠᠭᠠᠷ ᠤᠤ᠂ ᠵᠤᠷᠯᠤᠩ ᠤᠨ ᠴᠠᠭᠠᠳᠤ ᠲᠠᠯ᠎ᠠ ᠳᠤ ᠭᠠᠷᠬᠤ ᠪᠠᠷ ᠵᠠᠮ ᠭᠡᠳᠤᠯᠵᠤ ᠪᠠᠶᠢᠭᠠᠳ ᠭᠤᠷᠪᠠᠨ ᠭᠦᠷᠳᠤᠳᠤ ᠴᠠᠬᠢᠯᠭᠠᠨ ᠲᠠᠷᠭᠡᠨ ᠳᠤ ᠲᠠᠭᠠᠷᠢᠭᠳᠠᠬᠤ ᠪᠠᠨ ᠰᠢᠬᠠᠯ᠎ᠠ᠃ ᠲᠠᠷᠭᠡᠨ ᠤ ᠡᠵᠡᠨ ᠨᠢ ᠪᠠᠰᠠ ᠡᠮᠡᠭᠳᠠᠢ ᠪᠠᠶᠢᠵᠠᠢ᠂ ᠲᠠᠷᠠ ᠨᠠᠳᠠ ᠶᠢ ᠬᠠᠴᠢᠨ ᠮᠠᠭᠤᠬᠠᠢ ᠬᠢᠯᠠᠪᠬᠢᠵᠤ ᠠᠪᠤᠭᠠᠳ ᠲᠡᠷᠭᠡ ᠪᠠᠨ ᠴᠢᠨᠡᠭᠡ ᠮᠠᠳᠡᠨ ᠲᠠᠪᠬᠢᠭᠤᠯᠵᠤ ᠤᠳᠤᠯ᠎ᠠ᠃ ᠠᠮᠠᠨ ᠲᠤᠳᠤᠷ᠎ᠠ ᠪᠠᠨ ᠪᠠᠰᠠ ᠬᠠᠷᠢᠶᠠᠯ ᠤᠨ ᠦᠭᠡ ᠲᠦᠳᠦᠨᠡᠵᠦ ᠪᠠᠶᠢᠨ᠎ᠠ᠃ ᠶᠠᠭᠠᠬᠢᠭᠰᠠᠨ ᠤᠷᠤᠭᠰᠢ ᠦᠭᠡᠢ ᠪᠤᠢ᠂ ︽ᠲᠤᠷᠦ᠋ᠢᠳᠠᠪᠠᠯ ᠲᠤᠯᠤᠭ᠎ᠠ ᠲᠤᠤᠷᠠᠳᠤᠨ᠎ᠠ︾ ᠭᠡᠭᠴᠢ ᠨᠢ ᠡᠨᠡ ᠤᠤ ᠳ᠋ᠠ︕ ᠰᠡᠳᠬᠢᠯ ᠢᠶᠠᠨ ᠰᠠᠷᠭᠦᠭᠡᠶ᠎ᠡ ᠭᠡᠵᠦ ᠲᠤᠭᠤᠷᠢᠬᠤ ᠪᠠᠷ ᠭᠠᠷᠤᠭᠰᠠᠨ ᠨᠢ ᠭᠡᠳᠡᠷᠭᠦ ᠪᠠᠨ ᠬᠠᠷᠢᠨ ᠤᠷᠤᠭᠰᠢ ᠦᠭᠡᠢ ᠶᠢᠨ ᠲᠦᠢᠯ ᠪᠤᠯᠵᠠᠢ᠃ ᠠᠷᠠᠢ ᠭᠡᠢ ᠮᠤᠷᠢ ᠭᠡᠪᠳᠡᠭᠦ ᠦᠭᠡᠢ ᠪᠢᠵᠠ︕ ᠡᠨᠡ ᠶᠠᠩᠵᠤ ᠪᠠᠷ ᠦᠨᠦᠳᠤᠷ ᠤᠨ ᠬᠢᠴᠢᠶᠡᠯ ᠢ ᠤᠷᠤᠭᠰᠢᠳᠠᠢ ᠰᠠᠶᠢᠨ ᠵᠢᠭᠠᠵᠤ ᠲᠠᠶᠢᠯᠤᠨ᠎ᠠ ᠤᠤ᠂ ᠠᠳᠠ ᠲᠠᠨᠳᠠ ᠭᠡᠯᠡᠭᠦ ᠦᠭᠡᠢ ᠪᠤᠯ ᠡᠰᠠᠨ ᠪᠤᠰᠤᠨ ᠶᠠᠭᠤᠮ᠎ᠠ ᠴᠠᠯᠴᠢᠨ᠎ᠠ᠂ ᠬᠠᠯᠠᠭᠠᠢ ᠪᠤᠷᠤᠭᠤ ᠵᠢᠭᠠᠬᠤ ᠦᠭᠡᠢ ᠪᠤᠯ ᠬᠠᠮᠢᠶ᠎ᠠ ᠨᠠᠮᠢᠶ᠎ᠠ ᠦᠭᠡᠢ ᠦᠢᠯᠠᠰ ᠢ ᠲᠠᠶᠢᠯᠪᠤᠷᠢᠯᠠᠨ᠎ᠠ᠃ ᠪᠠᠭᠰᠢ ᠶᠠᠭᠠᠬᠢᠴᠢᠬᠠᠪᠠ︖ ᠭᠡᠵᠦ ᠰᠤᠷᠤᠭᠴᠢᠳ ᠮᠠᠰᠢ ᠭᠠᠶᠢᠬᠠᠰᠢ ᠠᠯᠳᠠᠭᠰᠠᠨ ᠪᠠᠶᠢᠬ᠎ᠠ᠃      — ᠪᠠᠭᠰᠢ ᠲᠠ ᠪᠠᠶ᠎ᠠ ᠡᠪ ᠦᠭᠡᠢ ᠪᠠᠶᠢᠨ᠎ᠠ ᠪᠠ︖ ᠰᠠᠶᠢᠳᠤᠷ ᠠᠮᠠᠷᠠᠭᠠᠷᠠᠢ᠂ ᠪᠢᠳᠠ ᠦᠪᠠᠷᠰᠡᠳ ᠢᠶᠠᠨ ᠦᠵᠡᠴᠢᠭᠡᠶ᠎ᠠ ᠭᠡᠰᠡᠨ ᠳᠤ ᠨᠢ ᠪᠢ ᠮᠠᠰᠢ ᠪᠠᠶᠠᠷᠯᠠᠭᠰᠠᠨ ᠶᠤᠮ᠃ ᠦᠷᠦ ᠵᠦᠭᠡᠯᠡᠨ ᠰᠡᠳᠬᠢᠯ ᠲᠠᠢ ᠭᠡᠤᠭᠡᠳ ᠤᠳ ᠪᠠᠶᠢᠨ᠎ᠠ᠂ ᠤᠬᠠᠭᠠᠨ ᠰᠠᠨᠠᠭ᠎ᠠ ᠰᠠᠶᠢᠳᠠᠢ ᠭᠡᠤᠭᠡᠳ ᠤᠳ ᠪᠠᠶᠢᠨ᠎ᠠ᠃ ᠦᠨᠠᠨ ᠳᠤ ᠪᠠᠨ ᠲᠠᠳᠠᠨ ᠢ ᠦᠪᠠᠷ ᠢᠶᠠᠷ ᠨᠢ ᠰᠤᠷᠤᠯᠴᠠᠭᠤᠯᠬᠤ ᠠᠴᠠ ᠦᠭᠡᠷ᠎ᠠ ᠠᠷᠭ᠎ᠠ ᠤᠯᠳᠠᠬᠤ ᠪᠠᠨ ᠪᠤᠯᠢᠵᠠᠢ᠃ ᠰᠠᠯᠵᠤ ᠤᠳᠠᠭᠰᠠᠨ ᠬᠠᠮᠳᠤ ᠰᠤᠷᠤᠯᠭᠠᠳᠠᠨ ᠲᠠᠢ ᠪᠠᠨ ᠤᠴᠠᠷᠠᠬᠤ ᠭᠡᠵᠦ ᠭᠡᠳᠤ ᠪᠠᠶᠠᠷᠯᠠᠵᠤ ᠭᠡᠳᠤᠷᠭᠡᠢ ᠰᠡᠳᠬᠢᠯ ᠲᠤᠭᠳᠤᠯᠤᠭᠰᠠᠨ ᠪᠤᠯᠪᠠᠴᠤ ᠡᠴᠤᠰ ᠲᠤ ᠪᠠᠨ ᠬᠤᠭᠤᠰᠤᠳᠠᠭᠰᠠᠨ ᠠᠴᠠ ᠡᠶᠢᠮᠦ ᠪᠤᠯᠤᠭᠰᠠᠨ ᠪᠠᠶᠢᠪᠠᠤ ᠳ᠋ᠠ︕ ᠪᠠᠶ᠎ᠠ ᠠᠭᠠᠵᠢᠮ ᠠᠭᠠᠵᠢᠮ ᠢᠶᠠᠷ ᠲᠠᠶᠢᠪᠤᠰᠢᠷᠠᠨ᠎ᠠ᠃      ᠠᠰᠢᠬᠠᠨ ᠰᠤᠷᠭᠠᠭᠤᠯᠢ ᠠᠰᠠᠷ ᠲᠠᠭᠳᠤ ᠪᠠᠷᠢᠵᠤ ᠪᠠᠶᠢᠨ᠎ᠠ ᠭᠡᠰᠡᠨ ᠴᠢᠮᠡᠭᠡ ᠠᠯᠢ ᠭᠡᠳᠦ᠋ᠢᠨ ᠲᠤᠭᠤᠯᠳᠠᠵᠤ ᠪᠠᠶᠢᠭᠰᠠᠨ ᠶᠤᠮ᠃ ᠤᠳᠤᠬᠢᠴᠢᠯᠠᠭᠰᠠᠨ ᠲᠤᠨᠤᠭ ᠲᠦᠭᠦᠭᠡᠷᠤᠮᠵᠢ ᠤᠭᠰᠠᠷᠠᠵᠤ ᠲᠠᠭᠠᠷᠠᠭᠤᠯᠵᠤ ᠪᠤᠢ᠂ ᠲᠠᠮᠢᠷ ᠤᠨ ᠲᠠᠯᠠᠪᠠᠢ ᠪᠠᠨ ᠤᠳᠤᠬᠢ ᠮᠠᠶ᠋ᠢᠬ ᠢᠶᠠᠷ ᠵᠠᠰᠠᠵᠤ ᠰᠢᠨᠡᠳᠭᠡᠵᠦ ᠪᠤᠢ ᠭᠡᠭᠦ ᠮᠡᠳᠤ ᠶᠢᠨ ᠮᠠᠳᠡᠭᠡᠯᠡᠯ ᠵᠠᠯᠭᠠᠭ᠎ᠠ ᠵᠠᠯᠭᠠᠭ᠎ᠠ ᠪᠠᠷ ᠸᠢᠴᠠᠲ ᠢᠶᠠᠷ ᠲᠠᠮᠵᠢᠬᠳᠠᠨ ᠲᠠᠷᠬᠠᠵᠤ ᠪᠠᠶᠢᠭᠰᠠᠨ ᠢ ᠤᠯᠠᠨ ᠬᠠᠷᠠᠵᠠᠢ᠃ ᠠᠩᠬᠢ ᠶᠢᠨ ᠭᠡᠷ ᠨᠢ ᠲᠤᠬᠢᠯᠢᠬ ᠰᠠᠶᠢᠬᠠᠨ᠂ ᠭᠦᠷᠢᠶ᠎ᠡ ᠬᠠᠰᠢᠶ᠎ᠠ ᠨᠢ ᠴᠡᠪᠡᠷ ᠴᠡᠮᠴᠡᠭᠡᠷ ᠪᠠᠶᠢᠬ᠎ᠠ︕ ᠮᠠᠨ ᠤ ᠨᠤᠳᠤᠭ ᠤᠨ ᠭᠡᠤᠭᠡᠳ ᠤᠳ ᠵᠤᠨ ᠳᠤ ᠪᠠᠨ ᠰᠠᠷᠢᠭᠦᠨ᠂ ᠡᠪᠦᠯ ᠳᠤ ᠪᠠᠨ ᠲᠤᠯᠠᠭᠠᠨ ᠠᠩᠬᠢ ᠶᠢᠨ ᠭᠡᠷ ᠲᠤ ᠪᠠᠨ ᠲᠠᠭᠠᠳᠠᠢ ᠰᠠᠭᠤᠵᠤ ᠲᠠᠪᠠᠳᠠᠢ ᠰᠤᠷᠤᠯᠴᠠᠬᠤ ᠶᠤᠮ ᠪᠠᠶᠢᠨ᠎ᠠ᠂ ᠶᠠᠭᠠᠬᠢᠭᠰᠠᠨ ᠪᠠᠶᠠᠷᠯᠠᠭᠤᠰᠢᠳᠠᠢ ᠠᠵᠢ︕ ᠡᠨᠡ ᠪᠤᠯ ᠨᠠᠶᠢᠭᠡᠮ ᠭᠦᠭᠵᠢᠵᠤ ᠪᠠᠶᠢᠭ᠎ᠠ ᠶᠢᠨ ᠪᠠᠯᠭᠡ ᠲᠡᠮᠳᠡᠭ ᠮᠦᠨ᠂ ᠬᠤᠳᠠ ᠭᠦᠳᠡᠭᠡ ᠶᠢᠨ ᠵᠦᠷᠢᠶ᠎ᠠ ᠪᠠᠭᠠᠰᠴᠤ ᠪᠠᠶᠢᠭ᠎ᠠ ᠶᠢᠨ ᠦᠯᠢᠭᠡᠷ ᠵᠢᠱᠢᠶ᠎ᠠ ᠮᠦᠨ᠃      ᠲᠦᠷᠦ ᠭᠦᠷᠦᠨ ᠤ ᠮᠡᠷᠭᠡᠨ ᠪᠤᠳᠤᠯᠭ᠎ᠠ ᠨᠠᠶᠢᠭᠡᠮ ᠤᠨ ᠬᠤᠪᠢᠰᠤᠯᠳᠠ ᠶᠢᠨ ᠵᠤᠬᠢᠴᠠᠭ᠎ᠠ ᠪᠠᠷ ᠠᠰᠢᠬᠠᠨ ᠰᠤᠮᠤ ᠠᠯᠢ ᠭᠡᠳᠦ᠋ᠢᠨ ᠲᠤᠮᠳᠠᠳᠤ ᠰᠤᠷᠭᠠᠭᠤᠯᠢ ᠡᠷᠬᠢᠯᠡᠭᠦ ᠪᠠᠨ ᠪᠤᠯᠢᠵᠤ᠂ ᠪᠦᠭᠦ ᠰᠤᠮᠤ ᠶᠢᠨ ᠢᠶᠠᠨ ᠪᠠᠭ᠎ᠠ ᠰᠤᠷᠭᠠᠭᠤᠯᠢ ᠶᠢ ᠴᠦᠮ ᠢᠶᠠᠷ ᠨᠢ ᠠᠰᠢᠬᠠᠨ ᠰᠤᠷᠭᠠᠭᠤᠯᠢ ᠳᠤ ᠪᠠᠨ ᠨᠢᠭᠡᠳᠭᠡᠵᠦ ᠲᠦᠪᠯᠠᠷᠠᠭᠦᠯᠦᠭᠰᠡᠨ ᠶᠤᠮ᠃ ᠢᠡᠭᠬᠢᠭᠦ ᠪᠠᠷ ᠢᠶᠠᠨ ᠠᠰᠢᠬᠠᠨ ᠰᠤᠷᠭᠠᠭᠤᠯᠢ ᠶᠢ ᠠᠰᠢᠬᠠᠨ ᠤ ᠭᠦᠮᠦᠨ ᠨᠢᠭᠡ ᠪᠦᠷᠢ ᠶᠢᠨ ᠡᠭᠡ ᠰᠤᠷᠭᠠᠭᠤᠯᠢ ᠭᠡᠵᠦ ᠭᠡᠯᠡᠭᠦ ᠳᠤ ᠠᠬᠠᠳᠠᠬᠤ ᠤᠴᠢᠷ ᠶᠤᠮ᠃ ᠠᠰᠢᠬᠠᠨ ᠰᠤᠮᠤ ᠶᠢᠨ ᠢᠶᠠᠨ ᠰᠤᠶᠤᠯ ᠭᠡᠭᠡᠷᠡᠯ ᠤᠨ ᠦᠯᠦᠭᠡᠢ ᠪᠤᠯᠤᠭᠰᠠᠨ ᠠᠰᠢᠬᠠᠨ ᠰᠤᠷᠭᠠᠭᠤᠯᠢ ᠮᠠᠨᠢ ᠦᠶ᠎ᠠ ᠦᠶ᠎ᠠ ᠶᠢᠨ ᠠᠰᠢᠬᠠᠨᠴᠤᠳ ᠢᠶᠠᠨ ᠭᠡᠭᠡᠷᠡᠭᠦᠯᠦᠨ ᠰᠤᠶᠤᠯᠵᠢᠭᠤᠯᠵᠤ ᠬᠤᠶᠢᠰᠢᠳᠠ ᠶᠢᠨ ᠠᠮᠢᠳᠤᠷᠠᠯ ᠦᠢᠯᠠᠰ ᠲᠤ ᠨᠢ ᠲᠤᠳᠠᠭᠳᠠᠵᠤ ᠪᠤᠯᠤᠰᠢ ᠦᠭᠡᠢ ᠡᠷᠳᠠᠮ ᠮᠠᠳᠠᠯᠭᠡ᠂ ᠢᠳᠡᠭᠡᠯ ᠭᠦᠰᠡᠯ᠂ ᠡᠷᠡᠮᠡᠭᠡᠢ ᠵᠤᠷᠢᠭ᠂ ᠢᠳᠠ ᠭᠦᠴᠦ᠂ ᠭᠦᠮᠦᠨ ᠮᠦᠰᠦ ᠵᠡᠷᠭᠡ ᠠᠯᠢ ᠤᠯᠠᠨ ᠢᠳᠡᠪᠬᠢ ᠡᠯᠧᠮᠧᠨ᠋ᠲ ᠤᠨ ᠰᠠᠭᠤᠷᠢ ᠶᠢ ᠲᠠᠯᠪᠢᠭᠰᠠᠭᠠᠷ ᠪᠤᠢ᠃ ᠠᠰᠢᠬᠠᠨᠴᠤᠳ ᠠᠴᠠ ᠰᠢᠯᠭᠠᠷᠠᠭᠰᠠᠨ ᠡᠷᠳᠠᠮᠳᠠᠨ᠂ ᠮᠠᠷᠭᠡᠵᠢᠯᠳᠠᠨ᠂ ᠴᠢᠳᠠᠪᠤᠷᠢᠳᠠᠨ᠂ ᠦᠢᠯᠠᠰᠴᠢᠳ ᠤᠯᠠᠨ ᠠᠷᠪᠢᠨ ᠭᠠᠷᠤᠭᠰᠠᠨ ᠶᠤᠮ᠃ ᠡᠨᠡ ᠨᠢ ᠠᠰᠢᠬᠠᠨ ᠰᠤᠷᠭᠠᠭᠤᠯᠢ ᠶᠢᠨ ᠰᠤᠷᠭᠠᠵᠤ ᠭᠦᠮᠦᠵᠢᠭᠦᠯᠦᠭᠰᠡᠨ ᠲᠠᠢ ᠰᠠᠯᠵᠤ ᠲᠠᠶᠢᠯᠤᠰᠢ ᠦᠭᠡᠢ᠃ ᠬᠤᠶᠢᠰᠢᠳᠠ ᠠᠰᠢᠬᠠᠨ ᠠᠴᠠ ᠨᠡᠩ ᠤᠯᠠᠨ ᠰᠢᠯᠭᠠᠷᠠᠭᠰᠠᠨ ᠭᠦᠮᠦᠰ ᠴᠤᠯᠭᠤᠷᠠᠨ ᠭᠠᠷᠬᠤ ᠶᠤᠮ᠃ ᠡᠨᠡ ᠪᠤᠯ ᠮᠠᠳᠠᠭᠡᠵᠢ ᠶᠢᠨ ᠭᠡᠷᠡᠭ᠂ ᠭᠡᠨ ᠴᠦ ᠭᠡᠳ ᠰᠠᠵᠢᠭ᠍ᠯᠡᠰᠢ ᠦᠭᠡᠢ ᠪᠠᠳᠤ ᠢᠳᠡᠭᠡᠵᠦ ᠪᠤᠢ᠃ ᠡᠭᠡ ᠭᠦᠮᠦᠨ ᠰᠢᠭ ᠢᠶᠠᠷ ᠠᠰᠢᠬᠠᠨ ᠰᠤᠷᠭᠠᠭᠤᠯᠢ ᠲᠦᠭ ᠲᠦᠮᠡᠨ ᠨᠤᠳᠤᠭ ᠤᠰᠤ ᠪᠠᠨ ᠪᠦᠳᠦᠭᠡᠨ ᠪᠠᠶᠢᠭᠤᠯᠤᠭᠴᠢ ᠶᠢ ᠭᠦᠮᠦᠵᠢᠭᠦᠯᠦᠨ ᠪᠤᠶᠢᠵᠢᠭᠤᠯᠵᠤ ᠪᠤᠢ᠃ ᠡᠨᠡ ᠪᠤᠯ ᠠᠰᠢᠬᠠᠨ ᠰᠤᠷᠭᠠᠭᠤᠯᠢ ᠶᠢᠨ ᠬᠠᠮᠤᠭ ᠤᠨ ᠶᠡᠭᠡ ᠠᠯᠳᠠᠷ ᠭᠠᠪᠢᠶ᠎ᠠ ᠮᠦᠨ᠃ ᠲᠦᠭ ᠲᠦᠮᠡᠨ ᠨᠤᠳᠤᠬ ᠤᠰᠤ ᠪᠠᠨ ᠪᠦᠳᠦᠭᠡᠨ ᠪᠠᠶᠢᠭᠤᠯᠤᠭᠴᠢ ᠲᠠᠢ ᠳᠤ ᠪᠠᠨ ᠠᠰᠢᠬᠠᠨ ᠨᠤᠳᠤᠭ ᠤᠨ ᠦᠡᠭᠭᠡ ᠦᠵᠡᠮᠵᠢ ᠤᠯᠠᠮ ᠠᠴᠠ ᠤᠯᠠᠮ ᠦᠵᠠᠰᠭᠦᠯᠡᠩ ᠰᠠᠶᠢᠬᠠᠨ ᠪᠤᠯᠵᠤ ᠪᠠᠶᠢᠨ᠎ᠠ᠂ ᠠᠰᠢᠬᠠᠨ ᠨᠤᠳᠤᠬ ᠤᠨ ᠭᠦᠮᠦᠨ ᠠᠷᠠᠳ ᠤᠯᠠᠮ ᠠᠴᠠ ᠤᠯᠠᠮ ᠪᠠᠶᠠᠨ ᠴᠢᠨᠡᠭᠡᠯᠢᠭ ᠪᠤᠯᠵᠤ ᠪᠠᠶᠢᠨ᠎ᠠ᠃ ᠡᠶ᠎ᠡ ᠵᠤᠬᠢᠴᠠᠩᠭᠤᠢ ᠠᠰᠢᠬᠠᠨ ᠴᠠᠭ ᠡᠷᠢᠨ ᠤ ᠠᠯᠬᠤᠭ᠎ᠠ ᠲᠠᠢ ᠠᠯᠬᠤᠮ ᠨᠢᠭᠡᠳᠠᠢ ᠠᠯᠬᠤᠨ᠎ᠠ᠂ ᠮᠦᠷᠦ ᠲᠡᠭᠰᠢ ᠨᠢᠷᠤᠭᠤ ᠭᠡᠳᠡᠭᠡᠷ ᠠᠯᠬᠤᠨ᠎ᠠ᠂ ᠴᠤᠭ ᠵᠢᠪᠬᠤᠭ᠎ᠠ ᠲᠠᠢ ᠤᠮᠤᠭ ᠪᠠᠷᠳᠠᠮ ᠠᠯᠬᠤᠨ᠎ᠠ᠃      ᠦᠨᠦᠳᠤᠷ ᠨᠠᠶᠢᠳᠠ ᠶᠢᠨ ᠤᠨ ᠲᠤᠭᠠᠯᠠᠯ ᠤᠨ ᠬᠤᠶᠠᠷ ᠮᠢᠩᠭ᠎ᠠ ᠪᠦᠭᠡᠳ ᠠᠷᠪᠠ ᠶᠢᠰᠦᠨ ᠤᠨ ᠤ ᠠᠷᠪᠠᠨ ᠨᠢᠭᠡᠨ ᠰᠠᠷ᠎ᠠ ᠶᠢᠨ ᠵᠢᠷᠭᠤᠭᠠᠨ᠂ ᠭᠠᠷᠠᠬ ᠤᠨ ᠭᠤᠷᠪᠠᠨ᠃ ᠡᠭᠡ ᠰᠤᠷᠭᠠᠭᠤᠯᠢ — ᠠᠰᠢᠬᠠᠨ ᠰᠤᠷᠭᠠᠭᠤᠯᠢ ᠮᠢᠨᠢ ᠰᠢᠨ᠎ᠠ ᠪᠠᠭᠤᠴᠠ ᠳᠤ ᠨᠠᠭᠦᠭᠦ ᠭᠡᠷ ᠮᠢᠯᠢᠶᠠᠵᠤ ᠪᠠᠶᠠᠷ ᠢᠶᠠᠨ ᠲᠤᠷᠠᠰᠬᠠᠨ ᠲᠡᠮᠳᠡᠭᠯᠡᠭᠦ ᠭᠡᠵᠦ ᠡᠯ᠎ᠠ ᠭᠠᠵᠠᠷ ᠢᠶᠠᠷ ᠲᠦᠭᠡᠭᠰᠡᠨ ᠨᠤᠮ ᠤᠨ ᠬᠠᠨᠢᠳᠠᠳ ᠢᠶᠠᠨ ᠭᠡᠭᠡᠭᠳᠡᠭᠦᠯᠦᠯ ᠦᠭᠡᠢ ᠤᠷᠢᠭᠰᠠᠨ ᠶᠤᠮ᠃ ᠤᠷᠢᠯᠭ᠎ᠠ ᠶᠢ ᠨᠢ ᠲᠤᠰᠴᠤ ᠲᠠᠶᠢᠯᠦᠭᠡᠳᠤᠢ ᠪᠤᠯᠪᠠᠴᠤ ᠰᠤᠨᠤᠰᠤᠭᠰᠠᠨ ᠪᠦᠭᠦᠨ ᠤᠴᠢᠬᠤ ᠶᠤᠰᠤᠳᠠᠢ ᠪᠠᠶᠢᠬ᠎ᠠ︕ ᠭᠡᠳᠡᠯ᠎ᠠ ᠪᠢ ᠴᠢᠨᠢ ᠭᠦᠮᠦᠨ ᠠᠴᠠ ᠪᠠᠨ ᠭᠠᠷᠤᠭᠰᠠᠨ ᠠᠮᠢᠳᠠᠨ ᠪᠠᠶᠢᠵᠠᠢ᠃ ︽ᠭᠠᠷᠠᠬ ᠤᠨ ᠲᠤᠮᠳᠠ ᠶᠤᠮ ᠴᠢᠨᠢ ᠤᠴᠢᠬᠤ ᠦᠭᠡᠢ ᠯᠠᠢ︾ ᠭᠡᠵᠦ ᠨᠢᠭᠡᠮᠤᠰᠤᠨ ᠵᠤᠷᠢᠭ ᠰᠢᠭᠤᠳᠤᠭᠰᠠᠨ ᠠᠴᠠ ᠪᠤᠯᠪᠠᠤ ᠭᠡᠨ ᠨᠢ ᠭᠡᠯᠡᠭᠰᠡᠨ ᠴᠦ ︽ᠤᠴᠢᠵᠤ ᠲᠠᠶᠢᠯᠭᠦ ᠦᠭᠡᠢ︾ ᠭᠡᠰᠡᠨ ᠴᠤᠷ ᠤᠨ ᠭᠠᠭᠴᠠ ᠬᠠᠷᠢᠭᠤᠯᠳᠠ ᠦᠭᠴᠡᠢ᠃ ᠨᠢᠭᠡ ᠪᠠᠶᠢᠷᠢ ᠶᠢᠨ ᠬᠠᠮᠳᠤ ᠰᠤᠷᠭᠠᠯᠳᠠᠨ ᠭᠡᠷᠡᠯᠳᠤ ᠠᠪᠤᠭᠠᠢ ᠶᠢᠨ ᠤᠳᠠᠰᠤ ᠶᠢ ᠲᠤᠰᠤᠯ᠎ᠠ᠃      — ᠴᠤᠷᠵᠢ ᠭᠤᠸᠠᠢ᠂ ᠬᠠᠶᠢᠷᠠᠳᠤ ᠬᠠᠮᠳᠤ ᠰᠤᠷᠤᠯᠭᠠᠳᠠᠨ ᠮᠢᠨᠢ︕ ᠪᠢᠳᠠ ᠴᠢᠨᠢ ᠠᠰᠢᠬᠠᠨ ᠰᠤᠷᠭᠠᠭᠤᠯᠢ ᠠᠴᠠ ᠪᠠᠨ ᠠᠶᠠᠷᠯᠠᠭᠠᠳ ᠪᠦᠭᠦᠯᠢ ᠲᠦᠴᠢᠨ ᠵᠢᠯ ᠪᠤᠯᠬᠤ ᠭᠡᠵᠤ ᠪᠤᠢ᠃ ᠤᠴᠢᠷ ᠰᠢᠯᠳᠠᠭᠠᠨ ᠦᠭᠡᠢ ᠪᠠᠷ ᠬᠠᠮᠳᠤ ᠰᠤᠷᠤᠭᠠᠯᠳᠠᠨ ᠨᠢᠭᠡ ᠤᠳᠠᠭ᠎ᠠ ᠴᠤᠭᠯᠠᠭᠠᠨ ᠪᠤᠯᠤᠨ᠎ᠠ ᠭᠡᠭᠴᠢ ᠬᠢᠯᠪᠠᠷ ᠤᠤ ᠳ᠋ᠠ︕ ᠡᠭᠡ ᠰᠤᠷᠭᠠᠭᠤᠯᠢ ᠶᠢᠨ ᠢᠶᠠᠨ ᠭᠡᠷ ᠮᠢᠯᠢᠶᠠᠬᠤ ᠪᠠᠶᠠᠷ ᠢ ᠲᠤᠬᠢᠶᠠᠯᠳᠤᠭᠤᠯᠵᠤ ᠴᠤᠭᠯᠠᠷᠠᠪᠠᠯ ᠬᠠᠷᠢᠨ ᠤᠯᠠᠩᠬᠢ ᠨᠢ ᠢᠷᠡᠴᠢᠭᠡᠨ᠎ᠡ᠃ ᠨᠢᠰᠭᠡᠯ ᠢᠶᠠᠷ ᠵᠠᠮᠨᠠᠪᠠᠯ ᠬᠤᠶᠠᠷᠬᠠᠨ ᠡᠳᠦᠷ ᠤᠨ ᠶᠠᠪᠤᠳᠠᠯ ᠪᠢᠵᠠ︕ ᠭᠤᠴᠢᠨ ᠭᠡᠳᠤᠨ ᠵᠢᠯ ᠪᠠᠭᠰᠢᠯᠠᠴᠢᠬᠠᠭᠠᠳ ᠬᠤᠶᠠᠷᠬᠠᠨ ᠡᠳᠦᠷ ᠤᠨ ᠴᠢᠯᠦᠭᠡ ᠤᠯᠵᠤ ᠲᠠᠶᠢᠯᠳᠡᠭ ᠦᠭᠡᠢ ᠶᠤᠮ ᠤᠤ︖ ᠴᠢᠮ᠎ᠠ ᠠᠴᠠ ᠬᠤᠯᠠ ᠪᠠᠶᠢᠭ᠎ᠠ ᠨᠢ ᠴᠦ ᠢᠷᠡᠭᠦ ᠭᠡᠵᠦ ᠪᠠᠶᠢᠨ᠎ᠠ ᠰᠢᠤ᠃ ᠡᠨᠡ ᠤᠳᠠᠭ᠎ᠠ ᠴᠤᠭᠯᠠᠷᠠᠬᠤ ᠦᠭᠡᠢ ᠪᠤᠯ ᠲᠠᠬᠢᠭᠠᠳ ᠪᠢᠳᠠ ᠭᠡᠵᠢᠶ᠎ᠡ ᠴᠤᠭᠯᠠᠷᠠᠨ᠎ᠠ ᠪᠤᠢ︖ ᠡᠨᠡ ᠤᠳᠠᠭ᠎ᠠ ᠴᠦ ᠭᠡᠰᠡᠨ ᠪᠦᠭᠦᠨ ᠢᠶᠠᠷ ᠢᠶᠠᠨ ᠴᠤᠭᠯᠠᠷᠠᠵᠤ ᠲᠡᠶᠢᠯᠭᠦ ᠦᠭᠡᠢ ᠪᠤᠯᠤᠭᠰᠠᠨ ᠶᠤᠮ᠃ ᠴᠠᠭᠠᠳᠤ ᠶᠢᠷᠳᠢᠨᠴᠤ ᠳᠤ ᠤᠳᠤᠭᠰᠠᠨ ᠬᠠᠮᠳᠤ ᠰᠤᠷᠤᠯᠭᠠᠳᠠᠨ ᠴᠤᠭᠯᠠᠭᠠᠨ ᠳᠤ ᠢᠷᠠᠵᠤ ᠲᠠᠶᠢᠯᠤᠨ᠎ᠠ ᠤᠤ︖ ᠁      ᠨᠠᠳᠠ ᠳᠤ ᠭᠡᠯᠡᠭᠦ ᠦᠭᠡ ᠦᠭᠡᠢ ᠪᠤᠯᠴᠢᠬᠠᠯ᠎ᠠ᠃ ︽ᠤᠴᠢᠵᠤ ᠲᠠᠶᠢᠯᠭᠦ ᠦᠭᠡᠢ︾ ᠭᠡᠵᠦ ᠭᠡᠯᠡᠭᠦ ᠨᠢᠭᠤᠷ ᠪᠠᠶᠢᠨ᠎ᠠ ᠤᠤ᠃ ᠲᠠᠷᠠ ᠬᠤᠷᠤᠮᠬᠠᠨ ᠳᠤ ᠬᠠᠮᠳᠤ ᠰᠤᠷᠤᠯᠭᠠᠳᠠᠨ ᠢᠶᠠᠨ ᠦᠪᠠᠷ ᠤᠨ ᠡᠷᠭᠡ ᠦᠭᠡᠢ ᠰᠠᠨᠠᠭᠠᠯᠵᠠᠴᠢᠬᠠᠯ᠎ᠠ᠃ ᠲᠠᠶᠢᠮᠦ ᠡ᠂ ᠵᠠᠷᠢᠮ ᠲᠠᠢ ᠨᠢ ᠨᠢᠭᠤᠷ ᠤᠴᠠᠷᠠᠭ᠎ᠠ ᠦᠭᠡᠢ ᠲᠦᠴᠢᠨ ᠵᠢᠯ ᠪᠤᠯᠬᠤ ᠭᠡᠵᠦ ᠪᠠᠶᠢᠨ᠎ᠠ᠃ ᠲᠠᠬᠢᠭᠠᠳ ᠭᠡᠳᠤᠨ ᠵᠢᠯ ᠦᠡᠭᠭᠡᠷᠡᠪᠡᠯ ᠭᠡᠨ ᠮᠠᠳᠠᠭᠦ ᠪᠤᠢ᠂ ᠪᠢ ᠦᠪᠠᠷᠳᠡᠭᠡᠨ ᠴᠦ ᠴᠠᠭᠠᠳᠤ ᠶᠢᠷᠳᠢᠨᠴᠤ ᠳᠤ ᠤᠴᠢᠴᠢᠬᠠᠵᠤ ᠮᠠᠳᠠᠨ᠎ᠠ᠃ ︽ᠶᠠᠪᠤᠶ᠎ᠠ︾ ᠭᠡᠵᠦ ᠨᠢᠭᠡ ᠯᠡ ᠳᠡᠭᠡᠷ᠎ᠠ ᠵᠤᠷᠢᠬ ᠰᠢᠭᠤᠳᠴᠢᠬᠠᠯ᠎ᠠ᠃ ᠬᠤᠷᠮᠤᠢ ᠳᠤ ᠭᠠᠯ ᠤᠷᠤᠭᠰᠠᠨ ᠰᠢᠬ ᠪᠤᠯᠵᠤ ᠰᠠᠭᠤᠵᠤ ᠲᠤᠭᠳᠠᠬᠤ ᠪᠠᠨ ᠪᠤᠯᠢᠪᠠ᠃ ᠦᠨᠠᠨ ᠮᠦᠨ ᠢᠶᠠᠷ ᠨᠢ ᠭᠡᠯᠡᠪᠡᠯ ᠵᠠᠬᠢᠷᠤᠯ ᠭᠤᠸᠠᠢ ᠯᠠᠪᠳᠠᠢ ᠴᠢᠯᠦᠭᠡ ᠦᠭᠭᠦ ᠪᠠᠶᠢᠬ᠎ᠠ︕      ᠭᠠᠷ ᠤᠳᠠᠰᠤ ᠪᠠᠨ ᠨᠡᠭᠡᠭᠡᠵᠦ ᠦᠵᠠᠭᠦ ᠳᠤ ᠪᠦᠷ ᠯᠠ ᠠᠩᠬ᠎ᠠ ᠲᠤᠮᠳᠠᠳᠤ ᠶᠢᠨ ᠬᠠᠮᠳᠤ ᠰᠤᠷᠤᠯᠭᠠᠳᠠᠨ ᠤ ᠬᠤᠯᠪᠤᠭ᠎ᠠ ᠪᠠᠷ ᠲᠠᠮᠵᠢᠭᠳᠠᠵᠤ ᠪᠠᠶᠢᠭ᠎ᠠ ᠠᠰᠢᠬᠠᠨ ᠰᠤᠷᠭᠠᠭᠤᠯᠢ ᠶᠢᠨ ᠰᠢᠨ᠎ᠠ ᠪᠠᠭᠤᠴᠠᠨ ᠳᠤ ᠪᠠᠨ ᠨᠡᠭᠦᠭᠦ ᠭᠡᠷ ᠮᠢᠯᠢᠶᠠᠬᠤ ᠶᠤᠰᠤᠯᠠᠯ ᠤᠨ ᠲᠤᠬᠠᠢ ᠮᠠᠳᠠᠭᠡᠯᠡᠯ᠂ ᠵᠢᠷᠤᠬ ᠰᠠᠭᠦᠳᠡᠷ᠂ ᠲᠦᠷᠰᠦ ᠰᠢᠩᠭᠡᠭᠡᠯᠳᠠ᠂ ᠶᠠᠷᠢᠯᠴᠠᠭ᠎ᠠ ᠪᠠᠶᠢᠯ᠎ᠠ᠃ ᠶᠤᠰᠤᠯᠠᠯ ᠤᠨ ᠠᠬᠤᠢ ᠪᠠᠶᠢᠳᠠᠯ ᠢ ᠰᠢᠭᠤᠳ ᠨᠡᠪᠳᠠᠷᠠᠭᠦᠯᠵᠦ ᠪᠠᠶᠢᠨ᠎ᠠ᠃ ᠮᠢᠨᠦ ᠪᠤᠳᠤᠬᠤ ᠪᠠᠷ ᠨᠠᠳᠠ ᠠᠴᠠ ᠪᠤᠰᠤᠳ ᠲᠤᠬᠠᠢ ᠶᠢᠨ ᠲᠠᠯᠠᠪᠠᠢ ᠳᠤ ᠦᠭᠡᠢ ᠠᠰᠢᠬᠠᠨᠴᠤᠳ ᠶᠤᠰᠤᠯᠠᠯ ᠤᠨ ᠰᠢᠭᠤᠳ ᠨᠠᠪᠳᠠᠷᠠᠭᠦᠯᠭᠡ ᠶᠢ ᠯᠠᠪᠳᠠᠢ ᠦᠵᠠᠵᠤ ᠰᠤᠨᠢᠷᠬᠠᠵᠤ ᠪᠠᠶᠢᠭ᠎ᠠ ᠶᠤᠮ᠃ ᠤᠷᠤᠭᠤᠳᠠᠭᠰᠠᠨ ᠲᠠᠮᠰᠢᠬ ᠨᠠᠳᠠ ᠳᠤ ᠮᠠᠯᠠᠷᠠᠵᠤ ᠰᠠᠭᠤᠬᠤ ᠠᠴᠠ ᠪᠢᠰᠢ᠂ ᠰᠢᠭᠤᠳ ᠨᠠᠪᠳᠠᠷᠠᠭᠦᠯᠭᠡ ᠶᠢ ᠰᠤᠨᠢᠷᠬᠠᠬᠤ ᠰᠠᠷᠠᠯ ᠮᠠᠳᠠᠷᠠᠯ ᠴᠦ ᠦᠭᠡᠢ ᠪᠤᠯᠴᠢᠬᠠᠵᠠᠢ᠃ ᠬᠤᠯᠪᠤᠭ᠎ᠠ ᠪᠠᠷ ᠲᠠᠮᠵᠢᠭᠳᠠᠵᠤ ᠪᠠᠶᠢᠭ᠎ᠠ ᠬᠠᠮᠳᠤ ᠰᠤᠷᠤᠯᠭᠠᠳᠠᠨ ᠤ ᠪᠠᠨ ᠰᠠᠭᠦᠳᠡᠷ ᠢ ᠬᠠᠷᠠᠭᠠᠳ ᠵᠠᠷᠢᠮ ᠢ ᠨᠢ ᠨᠢᠭᠡᠨᠳᠠ ᠨᠠᠷ᠎ᠠ ᠪᠠ ᠵᠢᠰᠦ ᠶᠢ ᠨᠢ ᠬᠠᠷᠭᠤᠭᠤᠯᠵᠤ ᠲᠠᠶᠢᠯᠭᠦ ᠪᠠᠨ ᠪᠤᠯᠢᠵᠠᠢ᠃ ᠠᠢ ᠳ᠋ᠠ︕ ᠰᠠᠭᠦᠷᠠᠰᠤ ᠠᠯᠳᠠᠬᠤ ᠠᠴᠠ ᠦᠭᠡᠷ᠎ᠠ ᠠᠷᠭ᠎ᠠ ᠤᠯᠳᠠᠬᠤ ᠦᠭᠡᠢ ᠁᠃      ᠠᠷᠠᠢ ᠭᠡᠵᠦ ᠦᠨᠦᠳᠤᠷ ᠤᠨ ᠠᠵᠢᠯ ᠠᠯᠪᠠ ᠪᠠᠨ ᠪᠠᠷᠠᠭᠠᠵᠠᠢ᠃      ᠦᠨᠦᠳᠤᠷ ᠪᠤᠯ ᠡᠭᠡ ᠰᠤᠷᠭᠠᠭᠤᠯᠢ ᠶᠢᠨ ᠮᠢᠨᠢ ᠰᠢᠨ᠎ᠠ ᠪᠠᠭᠤᠴᠠ ᠳᠤ ᠪᠠᠨ ᠨᠡᠭᠦᠭᠰᠡᠨ ᠪᠠᠶᠠᠷ ᠲᠤᠷᠠᠰᠬᠠᠯ ᠤᠨ ᠡᠳᠦᠷ ᠮᠦᠨ᠂ ᠲᠡᠦᠭᠡᠨ ᠬᠠᠭᠤᠳᠠᠰᠤᠨ ᠳᠤ ᠲᠠᠮᠳᠡᠭᠯᠡᠭᠦᠰᠢᠳᠠᠢ ᠦᠯᠵᠠᠶᠢᠳᠤ ᠰᠠᠶᠢᠬᠠᠨ ᠡᠳᠦᠷ ᠮᠦᠨ᠃ ᠪᠦᠭᠦ ᠠᠰᠢᠬᠠᠨᠴᠤᠳ ᠤᠨ ᠪᠠᠶᠠᠷᠯᠠᠯᠳᠤᠨ ᠨᠠᠷᠬᠢᠯᠳᠤᠬᠤ ᠠᠵᠠ ᠶᠢᠨ ᠰᠠᠶᠢᠨ ᠡᠳᠦᠷ ᠮᠦᠨ᠃ ᠪᠢ ᠴᠦ ᠪᠠᠶᠠᠷᠯᠠᠬᠤ ᠳᠤ ᠪᠠᠨ ᠲᠠᠭᠠᠷᠠᠨ᠎ᠠ᠂ ᠨᠡᠩ ᠤᠮᠤᠭᠰᠢᠬᠤ ᠳᠤ ᠪᠠᠨ ᠲᠠᠭᠠᠷᠠᠨ᠎ᠠ᠃ ᠰᠠᠭᠠᠯᠢ ᠶᠢᠨ ᠲᠡᠭᠡᠵᠢ ᠰᠠᠷᠬᠤᠳ ᠢᠶᠠᠨ ᠱᠠᠭᠠᠵᠠᠩ ᠠᠶᠠᠭᠠᠨ ᠳᠤ ᠪᠠᠨ ᠭᠡᠮᠨᠠᠵᠤ ᠰᠠᠴᠤᠯᠢ ᠶᠤᠭᠠᠨ ᠡᠷᠭᠦᠶ᠎ᠠ᠃ ᠡᠭᠡ ᠰᠤᠷᠭᠠᠭᠤᠯᠢ ᠶᠢᠨ ᠢᠶᠠᠨ ᠡᠳᠦᠷ ᠠᠴᠠ ᠡᠳᠦᠷ ᠦᠭᠡᠳᠡᠯᠡᠨ ᠮᠠᠨᠳᠤᠬᠤ ᠶᠢ ᠨᠢ ᠵᠦᠡᠭᠨᠡᠨ ᠪᠠᠯᠭᠡᠳᠡᠶ᠎ᠡ᠂ ᠪᠤᠷᠬᠠᠨ ᠲᠡᠭᠷᠢ ᠢᠪᠡᠭᠡᠭᠦ ᠪᠤᠯᠳᠤᠭᠠᠢ᠂ ᠪᠤᠶᠠᠨ ᠭᠡᠰᠢᠭ ᠬᠤᠷᠤᠢ ᠬᠤᠷᠤᠢ︕ ︽ᠤᠤᠭᠤᠭᠠᠳ ᠤᠤᠭᠤᠭᠠᠳ ᠬᠠᠨᠤᠰᠢ ᠦᠭᠡᠢ ᠦᠵᠦᠮ ᠤᠨ ᠠᠷᠢᠬᠢ ᠤᠴᠠᠷᠠᠨ ᠵᠤᠯᠭᠠᠵᠤ ᠨᠠᠶᠢᠷᠠᠯᠳᠤᠭᠠᠳ ᠪᠠᠶᠢᠳᠠᠬ ᠦᠶ᠎ᠠ ᠶᠢᠨ ᠨᠦᠭᠦᠳ︾ ᠭᠡᠵᠦ ᠠᠮᠠᠨ ᠳᠤ ᠪᠠᠨ ᠭᠡᠨᠭᠰᠢᠨ᠂ ᠠᠷᠵᠠ ᠶᠢᠨ ᠲᠡᠭᠡᠵᠢ ᠠᠷᠢᠬᠢ ᠶᠢ ᠠᠬᠢᠨ ᠲᠠᠬᠢᠨ ᠪᠠᠯᠭᠤᠭᠰᠠᠭᠠᠷ ᠪᠠᠶᠢᠵᠤ ᠪᠦᠭᠦ ᠪᠠᠶ᠎ᠠ ᠭᠦᠷᠢᠨ ᠵᠡᠭᠡᠷᠳᠡ ᠪᠤᠯᠴᠢᠬᠠᠯ᠎ᠠ᠃ ᠶᠠᠭᠠᠬᠢᠭᠰᠠᠨ ᠲᠠᠭᠠᠳᠠᠢ ᠠᠵᠢ︕ ᠦᠨᠦᠳᠤᠷ ᠰᠤᠭᠳᠤᠳᠠᠯ᠎ᠠ ᠪᠠᠨ ᠤᠤᠭᠤᠬᠤ ᠦᠭᠡᠢ ᠭᠡᠵᠢᠶ᠎ᠡ ᠤᠤᠭᠤᠬᠤ ᠶᠤᠮ ᠳ᠋ᠠ︕ ᠤᠤᠭᠤ᠂ ᠤᠤᠭᠤᠶ᠎ᠠ᠂ ᠤᠤᠭᠤᠵᠠᠭᠠᠶ᠎ᠠ᠃ ᠭᠡᠳᠤᠢ ᠳᠤ ᠨᠢ ᠤᠷᠤᠵᠤ ᠢᠷᠡᠭᠰᠡᠨ ᠢ ᠪᠤᠤ ᠮᠠᠳᠠᠨ᠂ ᠬᠠᠮᠳᠤ ᠰᠤᠷᠤᠯᠭᠠᠳᠠᠨ ᠮᠠᠨᠢ ᠰᠢᠷᠡᠭᠡ ᠲᠤᠭᠤᠷᠢᠵᠤ ᠰᠠᠭᠤᠴᠢᠬᠠᠭᠠᠳ ᠡᠨᠡ ᠲᠠᠷᠠ ᠪᠠᠨ ᠭᠡᠯᠡᠯᠴᠠᠵᠤ ᠭᠦᠭᠡᠷᠤᠯᠳᠤᠨ ᠭᠦᠤᠷᠨᠢᠯᠳᠤᠵᠤ ᠪᠠᠶᠢᠯ᠎ᠠ᠃ ᠮᠢᠨᠦ ᠲᠠᠷᠠ ᠭᠦᠪᠰᠤᠨ ᠪᠠᠶᠠᠷᠯᠠᠭᠰᠠᠨ ᠭᠡᠵᠦ ᠡ︕ ︽ᠪᠠᠭ᠎ᠠ ᠶᠢᠨ ᠦᠶ᠎ᠠ ᠶᠢᠨ ᠨᠠᠶᠢᠵᠢ︾ ᠭᠡᠭᠦ ᠰᠢᠯᠦᠭ ᠢᠶᠠᠨ ᠪᠠᠷᠢᠨ ᠤᠶᠠᠩᠭᠠᠯᠠᠯ᠎ᠠ᠃ ᠰᠢᠯᠦᠭ ᠭᠡᠳᠡᠭ ᠪᠤᠯᠪᠠᠴᠤ ᠦᠨᠡᠨ ᠳᠤ ᠪᠠᠨ ᠰᠢᠯᠦᠭ ᠤᠨ ᠭᠡᠪ ᠨᠠᠮᠪᠠ᠂ ᠦᠨᠦᠷ ᠠᠮᠳᠠ ᠪᠠᠶᠢᠨ᠎ᠠ ᠤᠤ ᠳ᠋ᠠ᠂ ᠦᠷᠦᠴᠡ ᠵᠢᠷᠦᠭᠡᠨ ᠠᠴᠠ ᠤᠷᠬᠢᠯᠤᠭᠰᠠᠨ ᠦᠨᠡᠨ ᠦᠭᠡ ᠲᠠᠳᠤᠢ᠃       ᠪᠠᠭ᠎ᠠ ᠶᠢᠨ ᠦᠶ᠎ᠠ ᠶᠢᠨ ᠨᠠᠶᠢᠵᠢ ᠨᠠᠮᠤᠷ ᠤᠨ ᠤᠯᠠᠷᠢᠯ ᠦᠨᠳᠤᠷᠯᠠᠮᠠᠷ ᠪᠤᠯᠬᠤ ᠳᠤ  ᠨᠠᠪᠴᠢ ᠴᠡᠴᠡᠭ ᠠᠶᠠᠨᠳᠠᠭᠠᠨ ᠰᠢᠷᠠᠯᠠᠨ᠎ᠠ᠂  ᠨᠠᠰᠤᠨ ᠤ ᠨᠠᠮᠤᠷ ᠪᠤᠯᠬᠤ ᠶᠢᠨ ᠦᠶ᠎ᠠ ᠳᠤ  ᠨᠠᠰᠤᠨ ᠲᠤᠷᠰᠢᠬᠢ ᠨᠠᠶᠢᠵᠢ ᠠᠶᠠᠨᠳᠠᠭᠠᠨ ᠰᠠᠨᠠᠭᠳᠠᠨ᠎ᠠ᠃      ᠡᠪᠦᠯ ᠤᠨ ᠤᠯᠠᠷᠢᠯ ᠤᠢᠢᠷᠠᠳᠤᠮᠠᠷ ᠪᠤᠯᠬᠤ ᠳᠤ     ᠡᠪᠠᠰᠤᠨ ᠤ ᠲᠤᠯᠤᠭᠠᠢ ᠠᠶᠠᠨᠳᠠᠭᠠᠨ ᠴᠠᠶᠢᠷᠠᠨ᠎ᠠ᠂     ᠦᠳᠡᠯᠦᠭᠡ ᠨᠠᠰᠤᠨ ᠳᠤ ᠲᠤᠯᠬᠤ ᠶᠢᠨ ᠦᠶ᠎ᠠ     ᠦᠶ᠎ᠠ ᠶᠢᠨ ᠨᠦᠭᠦᠳ ᠠᠶᠠᠨᠳᠠᠭᠠᠨ ᠪᠤᠳᠤᠭᠳᠠᠨ᠎ᠠ᠃  ᠪᠠᠭ᠎ᠠ ᠶᠢᠨ ᠦᠶ᠎ᠠ ᠶᠢᠨ ᠨᠠᠶᠢᠵᠢ ᠨᠦᠭᠦᠳ  ᠪᠠᠯᠴᠢᠷ ᠨᠠᠰᠤᠨ ᠤ ᠲᠤᠷᠠᠰᠤᠮᠵᠢ ᠪᠤᠯᠵᠤ ᠬᠤᠨᠤᠭᠰᠢᠵᠠᠢ᠂  ᠪᠠᠶᠢᠭᠠᠯᠢ ᠶᠢᠨ ᠵᠢᠮ᠎ᠠ ᠪᠠᠷ ᠪᠤᠯᠪᠠᠤ ᠳ᠋ᠠ  ᠪᠠᠶᠢᠳᠠᠬ ᠵᠦᠢᠯ ᠤᠳ ᠪᠤᠳᠤᠯ ᠤᠨ ᠲᠤᠳᠤᠷ᠎ᠠ ᠢᠯᠠᠷᠠᠨ᠎ᠠ᠃     ᠠᠯᠢᠶ᠎ᠠ ᠲᠡᠭᠵᠢᠨ ᠪᠠᠭ᠎ᠠ ᠨᠠᠰᠤᠨ ᠤ ᠦᠶ᠎ᠠ     ᠠᠯᠢ ᠭᠡᠳᠦ᠋ᠢᠨ ᠦᠡᠭᠭᠡᠷᠡᠨ ᠤᠳᠤᠭᠰᠠᠨ ᠪᠤᠯᠪᠠᠴᠤ     ᠠᠯᠢᠶᠠᠷᠬᠠᠵᠤ ᠲᠤᠭᠯᠠᠵᠤ ᠪᠠᠶᠢᠭᠰᠠᠨ ᠭᠡᠤᠭᠡᠳ ᠨᠠᠰᠤ     ᠠᠶᠤᠤᠯᠢᠬᠠᠢ ᠵᠢᠷᠦᠭᠡᠨ ᠠᠴᠠ ᠭᠡᠵᠢᠶᠡᠳᠠ ᠭᠠᠷᠳᠠᠬ ᠦᠭᠡᠢ᠃  ᠠᠪᠠᠭᠠᠢ ᠠᠪᠴᠤ ᠭᠡᠤᠭᠡᠳ ᠲᠠᠢ ᠪᠤᠯᠤᠭᠰᠠᠨ ᠪᠤᠯᠪᠠᠴᠤ  ᠠᠯᠠ ᠲᠠᠢ ᠦᠮᠦᠳᠤ ᠡᠮᠦᠰᠴᠤ ᠪᠠᠶᠢᠭᠰᠠᠨ ᠢᠶᠠᠨ ᠮᠠᠷᠳᠠᠵᠤ ᠪᠤᠯᠤᠨ᠎ᠠ ᠤᠤ  ᠠᠰ ᠠᠰ ᠢᠶᠠᠷ ᠢᠶᠠᠨ ᠠᠮᠢᠳᠤᠷᠠᠯ ᠪᠤᠰᠬᠠᠭᠰᠠᠨ ᠪᠤᠯᠪᠠᠴᠤ  ᠠᠩᠬᠠᠨ ᠤ ᠲᠤᠷᠠᠯᠠᠯ ᠢᠶᠠᠨ ᠤᠮᠠᠷᠳᠠᠵᠤ ᠪᠤᠯᠤᠨ᠎ᠠ ᠤᠤ ᠳ᠋ᠠ᠃     ᠡᠭᠡᠨᠠᠷ ᠠᠪᠴᠤ ᠦᠷ᠎ᠠ ᠲᠠᠢ ᠪᠤᠯᠤᠭᠰᠠᠨ ᠪᠤᠯᠪᠠᠴᠤ     ᠦᠶᠠᠷᠭᠡᠵᠦ ᠪᠠᠶᠢᠭᠰᠠᠨ ᠪᠠᠭ᠎ᠠ ᠶᠢᠨ ᠨᠠᠶᠢᠵᠢ ᠪᠠᠨ ᠮᠠᠷᠳᠠᠵᠤ ᠪᠤᠯᠤᠨ᠎ᠠ ᠤᠤ     ᠦᠪᠠᠷ ᠦᠪᠠᠷ ᠤᠨ ᠠᠮᠢᠳᠤᠷᠠᠯ ᠤᠨ ᠵᠠᠮ ᠢᠶᠠᠷ ᠢᠶᠠᠨ ᠵᠠᠮᠨᠠᠭᠰᠠᠨ ᠴᠦ     ᠦᠶ᠎ᠠ ᠬᠤᠷᠠᠬ ᠤᠨ ᠨᠦᠭᠦᠳ ᠢᠶᠠᠨ ᠤᠮᠠᠷᠳᠠᠵᠤ ᠪᠤᠯᠤᠨ᠎ᠠ ᠤᠤ ᠳ᠋ᠠ᠃  ᠲᠤᠭᠯᠠᠵᠤ ᠨᠠᠭᠠᠳᠴᠤ ᠪᠠᠶᠢᠭᠰᠠᠨ ᠭᠡᠤᠭᠡᠳ ᠤᠨ ᠦᠶ᠎ᠠ  ᠲᠤᠭᠤᠰᠤᠨ ᠳᠤ ᠲᠠᠷᠤᠭᠳᠠᠭᠰᠠᠨ ᠲᠡᠦᠭᠡ ᠪᠤᠯᠤᠭᠰᠠᠨ ᠴᠦ  ᠲᠤᠭᠤᠵᠤ ᠲᠤᠷᠠᠯᠠᠵᠤ ᠪᠠᠶᠢᠭᠰᠠᠨ ᠰᠠᠨᠠᠭᠠᠨ ᠤ ᠠᠮᠠᠷᠠᠬ ᠢᠶᠠᠨ  ᠲᠤᠬᠤᠢᠢᠯᠠᠵᠤ ᠶᠠᠪᠤᠵᠤ ᠪᠠᠶᠢᠭ᠎ᠠ ᠪᠠᠷ ᠵᠠᠭᠦᠳᠦᠯᠡᠳᠡᠭ ᠳ᠋ᠠ᠃     ᠲᠤᠷᠠᠯᠠᠯ ᠬᠠᠶᠢᠷ᠎ᠠ ᠭᠡᠭᠴᠢ ᠶᠠᠮᠠᠷ ᠰᠠᠶᠢᠬᠠᠨ ᠪᠤᠢ     ᠲᠤᠳᠤᠭᠠᠳᠤ ᠰᠡᠳᠬᠢᠯ ᠳᠤ ᠵᠤᠯᠠ ᠰᠢᠬ ᠭᠡᠷᠡᠯᠳᠤᠭᠡᠳ ᠪᠠᠶᠢᠳᠠᠬ᠂     ᠲᠤᠭᠤᠰᠤᠳᠤ ᠶᠢᠷᠳᠢᠨᠴᠤ ᠠᠴᠠ ᠠᠩᠬᠢᠵᠢᠷᠠᠬᠤ ᠪᠤᠯᠳᠠᠯ᠎ᠠ     ᠲᠤᠳᠤᠨᠤ ᠠᠴᠠ ᠲᠤᠳᠤᠨᠤ ᠪᠠᠷ ᠢᠶᠠᠨ ᠪᠠᠶᠢᠳᠠᠬ ᠪᠠᠶᠢᠯᠭᠦᠢ᠃  ᠠᠩᠬᠠᠨ ᠤ ᠠᠮᠠᠷᠠᠬ ᠭᠡᠭᠴᠢ ᠶᠠᠭᠠᠬᠢᠭᠰᠠᠨ ᠭᠤᠶᠤ ᠪᠤᠢ  ᠠᠶᠤᠤᠯᠢᠬᠠᠢ ᠴᠠᠭᠡᠵᠢ ᠶᠢ ᠨᠠᠷᠠ ᠰᠢᠬ ᠭᠡᠶᠢᠭᠦᠯᠦᠭᠡᠳ ᠪᠠᠶᠢᠳᠠᠬ᠂  ᠠᠯᠠᠬ ᠬᠤᠷᠸ᠎ᠠ ᠠᠴᠠ ᠰᠠᠯᠬᠤ ᠪᠤᠯᠳᠠᠯ᠎ᠠ  ᠠᠷᠤ ᠬᠤᠶᠢᠨ᠎ᠠ ᠪᠠᠨ ᠤᠷᠬᠢᠬᠤ ᠪᠢᠰᠢ ᠪᠠᠶᠢᠯᠭᠦᠢ᠃     ᠠᠨᠳᠠ ᠨᠠᠶᠢᠵᠢ ᠭᠡᠭᠴᠢ ᠶᠠᠭᠤ ᠪᠤᠢ     ᠠ ᠡ ᠢ ᠶᠢ ᠬᠠᠮᠳᠤ ᠪᠠᠷ ᠰᠤᠷᠤᠭᠰᠠᠳ ᠪᠢᠵᠠ᠂     ᠠᠩᠬᠠᠢ ᠲᠠᠩᠬᠠᠢ ᠠᠭᠠᠰᠢᠯᠠᠵᠤ ᠪᠠᠶᠢᠭᠰᠠᠨ ᠮᠦᠷ ᠲᠠᠢ ᠴᠦ     ᠠᠬᠢᠨ ᠲᠠᠬᠢᠨ ᠲᠤᠷᠠᠰᠤᠭᠳᠠᠳᠠᠬ ᠨᠢ ᠲᠠᠳᠠ ᠯᠡ ᠪᠢᠵᠠ᠃  ᠲᠤᠳᠤᠨᠤ ᠶᠢᠨ ᠨᠠᠶᠢᠵᠠ ᠭᠡᠭᠴᠢ ᠶᠡᠭᠤ ᠪᠤᠢ  ᠲᠤᠭ᠎ᠠ ᠲᠤᠭᠠᠯᠠᠬᠤ ᠶᠢ ᠬᠠᠮᠳᠤ ᠡᠯᠡᠭᠡᠭᠰᠡᠨ ᠰᠤᠷᠤᠯᠭᠠᠳᠠᠨ ᠪᠢᠵᠠ᠂  ᠲᠤᠮᠤᠭ᠎ᠠ ᠦᠭᠡᠢ ᠠᠭᠠᠰᠢᠯᠠᠵᠤ ᠪᠠᠶᠢᠭᠰᠠᠨ ᠲᠡᠦᠭᠡ ᠲᠠᠢ ᠴᠦ  ᠲᠡᠭᠦᠨ ᠢ ᠲᠠᠪᠠᠭ᠋ᠤ ᠨᠠᠶᠢᠵᠢ ᠲᠠᠬᠢᠭᠠᠳ ᠤᠯᠳᠠᠬᠤ ᠦᠭᠡᠢ ᠪᠢᠵᠠ᠃     ᠬᠤᠯᠠ ᠵᠠᠶᠢᠳᠠᠭᠰᠠᠨ ᠬᠠᠮᠳᠤ ᠰᠤᠷᠤᠯᠭᠠᠳᠠᠨ     ᠬᠤᠷᠠᠵᠤ ᠴᠤᠭᠯᠠᠷᠠᠨ᠎ᠠ ᠭᠡᠭᠴᠢ ᠬᠢᠯᠪᠠᠷ ᠤᠤ ᠳ᠋ᠠ᠂     ᠬᠤᠪᠳᠤᠯ ᠵᠢᠷᠦᠭᠡᠨ ᠤ ᠦᠭᠡ ᠪᠠᠨ     ᠬᠤᠭᠤᠰᠤᠷᠠᠳᠠᠯ᠎ᠠ ᠪᠠᠨ ᠵᠤᠭᠤᠭᠳᠠᠶ᠎ᠠ ᠳ᠋ᠠ᠃  ᠠᠭᠤᠳᠠᠮ ᠨᠤᠳᠤᠭ ᠲᠤ ᠪᠠᠨ ᠲᠦᠭᠡᠭᠰᠡᠨ ᠲᠠ ᠪᠢᠳᠠ  ᠤᠴᠠᠷᠠᠨ ᠵᠤᠯᠭᠠᠨ᠎ᠠ ᠭᠡᠭᠴᠢ ᠠᠮᠠᠷ ᠤᠤ ᠳ᠋ᠠ᠂  ᠦᠷᠦ ᠵᠢᠷᠦᠭᠡᠨ ᠤ ᠦᠭᠡ ᠪᠠᠨ  ᠦᠨᠠᠭᠡᠨ ᠬᠠᠷᠠᠩᠭᠤᠢ ᠪᠤᠯᠳᠠᠯ᠎ᠠ ᠭᠡᠯᠡᠯᠴᠡᠶ᠎ᠠ ᠳ᠋ᠠ᠃     ᠢᠷᠦᠭᠡᠯ ᠪᠠᠷᠢᠯᠳᠤᠯᠭ᠎ᠠ ᠪᠠᠶᠢᠭᠰᠠᠨ ᠠᠴᠠ     ᠡᠨᠡ ᠡᠳᠦᠷ ᠦᠯᠵᠠᠶᠢᠳᠠᠢ ᠵᠤᠯᠭᠠᠯ᠎ᠠ ᠲᠠ ᠪᠢᠳᠠ᠂                                    ᠢᠷᠡᠭᠦ ᠢᠷᠡᠭᠡᠳᠤᠢ ᠶᠢᠨ ᠠᠯᠢ ᠨᠢᠭᠡ ᠡᠳᠦᠷ     ᠡᠷᠡᠭᠦᠯ ᠲᠠᠩᠭᠡᠯᠡᠭᠦᠨ ᠢᠶᠠᠷ ᠤᠴᠠᠷᠠᠬᠤ ᠪᠠᠶᠢᠯᠭᠦᠢ ᠳ᠋ᠠ᠃  ᠪᠠᠶ᠎ᠠ ᠪᠠᠶᠢᠪᠠᠯ ᠪᠡᠭᠡᠵᠢᠩ ᠭᠡᠳᠡᠭ ᠪᠢᠰᠢᠤ  ᠪᠠᠶ᠎ᠠ ᠪᠠᠨ ᠭᠠᠮᠨᠠᠭᠠᠷᠠᠢ ᠰᠤᠷᠤᠯᠭᠠᠳᠠᠨ ᠮᠢᠨᠢ᠂  ᠪᠠᠶ᠎ᠠ ᠴᠤᠯᠤ ᠴᠢᠨᠢ ᠲᠡᠩᠭᠡᠯᠡᠭᠦᠨ ᠢᠶᠠᠷ ᠢᠶᠠᠨ ᠪᠠᠶᠢᠪᠠᠯ  ᠪᠢᠯᠢᠭ ᠤᠬᠠᠭᠠᠨ ᠴᠢᠨᠢ ᠴᠦ ᠰᠠᠷᠠᠭᠤᠯᠬᠠᠨ ᠶᠤᠮ᠃     ᠦᠪᠠᠷ ᠤᠨ ᠪᠡᠶ᠎ᠡ ᠪᠠᠨ ᠭᠠᠮᠨᠠᠵᠤ ᠯᠠ ᠪᠠᠶᠢᠪᠠᠯ     ᠦᠷ᠎ᠡ ᠭᠡᠤᠭᠡᠳ ᠲᠤ ᠪᠠᠨ ᠳᠡᠭᠡᠭᠡᠷ᠎ᠡ ᠪᠤᠯᠬᠤ ᠦᠭᠡᠢ ᠶᠤᠮ᠂     ᠦᠭᠦᠨ ᠦᠭᠦᠳᠡᠯ᠎ᠡ ᠪᠠᠶ᠎ᠠ ᠳᠤ ᠪᠠᠨ ᠵᠦᠪ ᠪᠠᠶᠢᠪᠠᠯ     ᠦᠯᠢᠭᠡᠷ ᠲᠠᠭᠤᠷᠢᠶᠠᠯ ᠪᠤᠯᠵᠤ ᠮᠦᠡᠭᠭᠡᠷᠡᠭᠦ ᠶᠤᠮ᠃                              ᠬᠠᠶ᠋ᠢᠬ᠄ ᠭᠦᠬᠡᠬᠤᠳᠠ ᠶᠢᠨ ᠮᠤᠩᠭᠤᠯ ᠦᠨᠳᠤᠰᠤᠳᠠᠨ ᠤ ᠰᠤᠷᠭᠠᠭᠤᠯᠢ                                     ︵ᠡᠾᠦ᠋ᠩ ᠮᠸᠢ ᠨᠠᠶᠢᠷᠠᠭᠤᠯᠪᠠ︶                                     2020 ᠤᠨ ᠤ 1 ᠳ᠋ᠦ᠋ᠭᠡᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠥᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map