︽ᠬᠠᠷᠠᠮᠴᠢ︾ ᠠᠩᠭᠢ ᠶᠢᠨ ᠡᠷᠬᠢᠯᠡᠭᠴᠢ ᠪᠤᠯᠬᠤ ᠶᠢᠨ ᠤᠴᠢᠷ ᠶᠤᠰᠣᠨ
ᠨᠡᠶᠢᠲᠡᠯᠡᠭᠰᠡᠨ ᠴᠠᠭ᠄
2020/5/15
                             ᠰᠡᠴᠡᠨᠳᠤᠶᠠᠭ᠎ᠠ       ︽ᠦᠯᠦᠭᠡᠢ ᠳᠤ ᠠᠷᠭᠠᠳᠠᠭᠤᠯᠤᠭᠰᠠᠨ ᠬᠡᠦᠬᠡᠳ ᠦᠰᠴᠦ ᠪᠤᠶᠢᠵᠢᠭᠠᠳ ᠲᠡᠯᠡᠭᠡᠢ ᠶᠢ ᠠᠷᠭᠠᠳᠠᠨ᠎ᠠ︾ ᠭᠡᠳᠡᠭ᠃ ᠲᠡᠭᠡᠬᠦ ᠳᠤ ᠬᠡᠦᠭᠡᠳ ᠤᠨ ᠲᠡᠯᠡᠬᠡᠢ ᠶᠢ ᠠᠷᠭᠠᠳᠠᠬᠤ ᠬᠦᠴᠦᠨ ᠰᠤᠷᠭᠠᠨ ᠬᠦᠮᠦᠵᠢᠯ ᠠᠴᠠ ᠢᠷᠡᠳᠡᠭ᠃           ︽ᠪᠠᠶᠢᠭᠠᠯᠢ ᠶᠢᠨ ᠨᠠᠷᠠᠨ ᠬᠦᠮᠦᠨ ᠢ ᠭᠠᠳᠠᠨ᠎ᠠ ᠠᠴᠠ ᠲᠤᠯᠠᠭᠠᠴᠠᠭᠤᠯᠳᠠᠭ ᠪᠠᠶᠢᠬᠤ ᠳᠤ ᠰᠤᠶᠤᠯ ᠤᠨ ᠨᠠᠷᠠᠨ ᠬᠦᠮᠦᠨ ᠢ ᠲᠤᠳᠤᠷ᠎ᠠ ᠠᠴᠠ ᠨᠢ ᠭᠡᠷᠡᠯᠳᠦᠭᠦᠯᠳᠡᠭ︾ ᠭᠡᠳᠡᠭ ᠤᠨ ᠶᠤᠰᠤᠨ ᠡᠨᠡ ᠠᠵᠣᠭᠤ᠃ ᠰᠤᠷᠭᠠᠨ ᠬᠦᠮᠦᠵᠢᠯ ᠳᠤ ᠭᠡᠷ ᠪᠦᠯᠢ ᠶᠢᠨ ᠰᠤᠷᠭᠠᠨ ᠬᠦᠮᠦᠵᠢᠯ᠂ ᠰᠤᠷᠭᠠᠭᠤᠯᠢ ᠶᠢᠨ ᠰᠤᠷᠭᠠᠨ ᠬᠦᠮᠦᠵᠢᠯ᠂ ᠨᠡᠶᠢᠭᠡᠮ ᠤᠨ ᠰᠤᠷᠭᠠᠨ ᠬᠦᠮᠦᠵᠢᠯ᠂ ᠦᠪᠡᠷ ᠤᠨ ᠰᠤᠷᠭᠠᠨ ᠭᠦᠮᠦᠵᠢᠯ ᠭᠡᠵᠦ ᠲᠦᠷᠪᠡᠨ ᠲᠠᠯ᠎ᠠ ᠪᠠᠶᠢᠳᠠᠭ᠃ ᠡᠭᠦᠨ ᠳᠤ ᠦᠪᠡᠷ ᠤᠨ ᠰᠤᠷᠭᠠᠨ ᠬᠦᠮᠦᠵᠢᠯ ᠪᠣᠯ ᠨᠠᠰᠤᠨ ᠲᠤᠷᠰᠢᠳᠠ ᠶᠢᠨ ᠰᠤᠷᠭᠠᠨ ᠬᠦᠮᠦᠵᠢᠯ ᠪᠣᠯᠤᠨ᠎ᠠ᠃ ᠨᠢᠭᠡ ᠬᠦᠮᠦᠨ ᠤ ᠦᠰᠦᠨ ᠪᠤᠶᠢᠵᠢᠯᠳᠠ ᠳᠤ ᠠᠪᠴᠤ ᠬᠡᠯᠡᠪᠡᠯ ᠭᠡᠷ ᠪᠦᠯᠢ ᠶᠢᠨ ᠰᠤᠷᠭᠠᠨ ᠬᠦᠮᠦᠵᠢᠯ᠂ ᠰᠤᠷᠭᠠᠭᠤᠯᠢ ᠶᠢᠨ ᠰᠤᠷᠭᠠᠨ ᠬᠦᠮᠦᠵᠢᠯ᠂ ᠨᠡᠶᠢᠭᠡᠮ ᠤᠨ ᠰᠤᠷᠭᠠᠨ ᠬᠦᠮᠦᠵᠢᠯ ᠪᠣᠯ ᠲᠡᠭᠦᠨ ᠤ ᠬᠦᠭᠵᠢᠵᠦ ᠲᠦᠯᠵᠢᠬᠦ ᠶᠢᠨ ᠤᠴᠤᠭ ᠤᠨ ᠭᠤᠷᠪᠠᠨ ᠴᠢᠯᠠᠭᠤ ᠮᠦᠨ᠃ ᠡᠨᠡ ᠭᠤᠷᠪᠠ ᠶᠢᠨ ᠭᠠᠷ ᠨᠡᠶᠢᠯᠡᠭᠰᠡᠨ ᠬᠦᠳᠡᠯᠮᠦᠷᠢ ᠠᠴᠠ ᠰᠠᠶ᠋ᠢ ᠨᠢᠭᠡᠨ ᠰᠢᠯᠢᠳᠡᠭ ᠬᠦᠮᠦᠨ ᠮᠡᠨᠳᠦᠯᠡᠨ᠎ᠡ᠃ ᠭᠡᠬᠦ ᠳᠤ ᠦᠪᠡᠷ ᠤᠨ ᠰᠤᠷᠭᠠᠨ ᠬᠦᠮᠦᠵᠢᠯ ᠪᠣᠯ ᠡᠨᠡ ᠬᠦ ︽ᠤᠴᠤᠭ︾ ᠠᠴᠠ ᠲᠦᠷᠡᠯᠵᠡᠨ ᠮᠠᠨᠳᠤᠭᠰᠠᠨ ᠭᠠᠯ ᠮᠦᠨ᠃ ᠡᠨᠡ ᠭᠠᠯ ᠬᠦᠴᠦᠳᠡᠢ ᠪᠣᠯ ᠨᠠᠰᠤᠨ ᠲᠤᠷᠰᠢᠳᠠ ᠪᠠᠳᠠᠷᠠᠵᠤ᠂ ᠬᠦᠴᠦ ᠦᠭᠡᠢ ᠪᠣᠯ ᠲᠤᠳᠠᠭᠤ ᠲᠤᠷᠭᠤᠨ ᠤᠨᠳᠠᠷᠠᠴᠢᠬᠠᠳᠠᠭ᠃ ᠡᠨᠡ ᠭᠠᠯ ᠤᠨ ᠬᠦᠴᠦ ᠬᠦᠮᠦᠨ ᠤ ᠬᠤᠪᠢ ᠪᠡᠶ᠎ᠡ ᠶᠢᠨ ᠬᠡᠪ ᠪᠣᠯᠪᠠᠰᠤᠷᠠᠯ᠂ ᠡᠷᠳᠡᠮ ᠴᠢᠳᠠᠪᠤᠷᠢ᠂ ᠤᠢ ᠤᠬᠠᠭᠠᠨ᠂ ᠦᠵᠡᠯ ᠰᠠᠨᠠᠭ᠎ᠠ ᠳᠤ ᠪᠤᠢ᠃      ᠠᠩᠭᠢ ᠶᠢᠨ ᠡᠷᠭᠢᠯᠡᠭᠴᠢ ᠪᠣᠯ ᠨᠢᠭᠡᠨ ᠤᠨᠴᠠᠭᠠᠢ ᠷᠤᠯᠢ ᠶᠢᠨ ᠬᠦᠮᠦᠰ ᠶᠤᠮ᠃ ᠲᠡᠳᠡ ᠰᠤᠷᠭᠠᠭᠤᠯᠢ ᠶᠢᠨ ᠲᠦᠯᠦᠭᠡᠨ ᠤ ᠠᠵᠢᠯᠯᠠᠭᠴᠢ ᠮᠦᠷᠳᠡᠭᠡᠨ ᠮᠦᠨ ᠴᠤ ᠰᠤᠷᠤᠭᠴᠢ ︵ᠭᠡᠷ ᠤᠨ ᠠᠬᠠᠮᠠᠳ︶ ᠶᠢᠨ ᠲᠠᠯ᠎ᠠ ᠶᠢᠨ        ︽ᠦᠮᠦᠭᠯᠡᠭᠴᠢ︾ ᠮᠦᠨ᠃ ᠲᠡᠳᠡ ᠰᠤᠷᠭᠠᠨ ᠬᠦᠮᠦᠵᠢᠯ ᠤᠨ ᠵᠣᠷᠢᠭ ᠰᠠᠨᠠᠭ᠎ᠠ᠂ ᠰᠤᠷᠭᠠᠭᠤᠯᠢ ᠶᠢᠨ ᠲᠥᠷᠢᠮ ᠲᠤᠭᠳᠠᠭᠠᠯ ᠢ ᠵᠦᠪ ᠲᠥᠪ ᠢᠶᠠᠷ ᠲᠤᠭᠤᠰᠢᠯᠠᠭᠤᠯᠬᠤ ᠬᠠᠷᠢᠭᠤᠴᠠᠯᠭ᠎ᠠ ᠲᠠᠢ ᠪᠦᠭᠡᠳ ᠰᠤᠷᠤᠭᠴᠢ ᠶᠢᠨ ᠡᠷᠬᠡ ᠠᠰᠢᠭ ᠤᠨ ᠡᠮᠦᠨ᠎ᠡ ᠠᠴᠠ ᠲᠡᠳᠡᠨ ᠤ ᠠᠰᠢᠭ ᠲᠤᠰᠠ ᠶᠢ ᠬᠠᠮᠠᠭᠠᠯᠠᠬᠤ ᠡᠭᠦᠷᠬᠡ ᠲᠠᠢ ᠪᠠᠶᠢᠳᠠᠭ᠃ ᠡᠶᠢᠮᠦᠷᠬᠦᠤ ᠲᠠᠪᠬᠤᠷᠳᠠᠯ ᠬᠠᠷᠢᠴᠠᠭᠠᠳᠤ ᠠᠵᠢᠯ ᠤᠨ ᠪᠠᠶᠢᠷᠢ ᠨᠢ ᠠᠩᠭᠢ ᠶᠢᠨ ᠡᠷᠭᠢᠯᠡᠭᠴᠢ ᠳᠤ ᠨᠡᠩ ᠶᠡᠭᠡ ᠦᠪᠡᠷ ᠢ ᠨᠢ ᠡᠵᠡᠮᠳᠡᠬᠦ᠂ ᠤᠷᠤᠨ ᠵᠤᠭᠰᠣᠴᠠ ᠪᠠᠨ ᠤᠶᠢᠯᠠᠭᠠᠬᠤ ᠱᠠᠭᠠᠷᠳᠠᠯᠭ᠎ᠠ ᠦᠭᠭᠦᠭᠰᠡᠨ ᠪᠠᠶᠢᠨ᠎ᠠ᠃ ᠠᠳᠡ ᠪᠢ ︽ᠬᠠᠷᠠᠮᠴᠢ︾ ᠠᠩᠭᠢ ᠶᠢᠨ ᠡᠷᠬᠢᠯᠡᠭᠴᠢ ᠪᠤᠯᠬᠤ ᠲᠣᠬᠠᠢ ᠦᠵᠡᠯᠳᠠ ᠪᠤᠳᠤᠯ ᠢᠶᠠᠨ ᠰᠠᠶᠢᠷᠡᠭᠦᠯᠪᠡ᠃      ᠨᠢᠭᠡ᠂ ᠠᠩᠭᠢ ᠶᠢᠨ ᠡᠷᠭᠢᠯᠡᠭᠴᠢ ᠦᠭᠡᠨ ᠳᠤ ᠪᠠᠨ ᠵᠠᠪᠠᠯ ︽ᠬᠠᠷᠠᠮᠴᠢ︾ ᠪᠠᠶᠢᠬᠤ ᠬᠡᠷᠡᠭᠳᠡᠢ᠃      ᠦᠭᠡ ᠪᠣᠯ ᠬᠦᠳᠡᠯᠮᠦᠷᠢ ᠪᠠ ᠬᠠᠷᠢᠯᠴᠠᠭᠠᠨ ᠤ ᠬᠡᠷᠡᠭᠯᠡᠭᠦᠷ᠂ ᠬᠦᠮᠦᠰ ᠢ ᠵᠠᠯᠠᠵᠤ ᠵᠢᠯᠤᠭᠤᠳᠬᠤ  ᠤᠷᠠᠯᠢᠭ ᠶᠤᠮ᠃ ᠦᠭᠡ ᠪᠣᠯ ᠤᠶᠤᠨ ᠤᠬᠠᠭᠠᠨ ᠤ ᠪᠠᠶᠠᠯᠢᠭ᠂ ᠳᠤᠲᠤᠭᠠᠳᠤ ᠰᠡᠳᠬᠢᠯ ᠤᠨ ᠲᠤᠰᠬᠠᠯ᠂ ᠡᠷᠳᠡᠮᠳᠦ ᠬᠦᠮᠦᠨ ᠤ ᠦᠪᠡᠷ ᠢ ᠪᠠᠨ ᠲᠤᠳᠤᠷᠬᠠᠶᠢᠯᠠᠬᠤ ᠦᠵᠡᠬᠦᠯᠦᠯᠳᠡ ᠶᠤᠮ᠃ ᠰᠠᠶᠢᠨ ᠦᠭᠡ ᠡᠮ ᠪᠤᠯᠵᠤ᠂ ᠮᠠᠭᠤ ᠦᠭᠡ ᠰᠤᠮᠤ ᠪᠤᠯᠳᠠᠭ᠃ ᠰᠠᠷᠠᠭᠤᠯ ᠤᠬᠠᠭᠠᠨ ᠲᠠᠢ ᠬᠦᠮᠦᠨ ᠰᠠᠶᠢᠨ ᠦᠭᠡ ᠬᠡᠯᠡᠵᠦ᠂ ᠰᠠᠭᠠᠷ ᠪᠤᠳᠤᠯᠭ᠎ᠠ ᠲᠠᠢ ᠬᠦᠮᠦᠨ ᠮᠠᠭᠤ ᠦᠭᠡ ᠶᠠᠷᠢᠳᠠᠭ᠃ ᠮᠠᠭᠳᠠᠭᠠᠯ ᠤᠨ ᠨᠢᠭᠡ ᠦᠭᠡ ᠭᠤᠷᠪᠠᠨ ᠰᠠᠷ᠎ᠠ ᠶᠢᠨ ᠬᠦᠴᠦᠨ ᠲᠠᠢ ᠪᠠᠶᠢᠬᠤ ᠳᠤ ᠵᠢᠮᠡᠯᠡᠯ ᠤᠨ ᠨᠢᠭᠡ ᠦᠭᠡ ᠭᠤᠷᠪᠠᠨ ᠵᠢᠯ ᠤᠨ ᠦᠰᠢᠯ ᠲᠠᠢ ᠪᠠᠶᠢᠳᠠᠭ᠃ ᠠ᠊ · ᠰ᠊ · ᠫᠦᠱᠺᠢᠨ ︽ᠬᠦᠮᠦᠨ ᠤ ᠵᠢᠷᠦᠭᠡ ᠶᠢ ᠦᠭᠡ ᠪᠠᠷ ᠲᠤᠯᠠᠭᠠᠴᠠᠭᠤᠯᠤᠨ᠎ᠠ︾ ᠬᠡᠵᠦ ᠬᠡᠯᠡᠭᠰᠡᠨ ᠪᠢᠯᠡ᠃ ᠬᠡᠦᠬᠡᠳ ᠢ ᠬᠡᠯᠡᠵᠦ ᠰᠤᠷᠭᠠᠬᠤ ᠪᠣᠯ ᠡᠩ ᠤᠨ ᠶᠤᠰᠤᠨ᠃ ᠡᠶᠢᠮᠦ ᠠᠴᠠ ᠠᠩᠭᠢ ᠶᠢᠨ ᠡᠷᠬᠢᠯᠡᠭᠴᠢ ᠪᠤᠯᠤᠭᠰᠠᠳ ᠡᠳᠦᠷ ᠪᠦᠷᠢ ᠴᠠᠭ ᠮᠦᠴᠡ ᠦᠭᠡᠢ ᠬᠡᠦᠬᠡᠳ ᠢ ᠬᠡᠯᠡᠵᠦ ᠰᠤᠷᠭᠠᠵᠤ ᠪᠠᠶᠢᠳᠠᠭ᠃ ᠭᠡᠬᠦ ᠳᠤ ᠪᠠᠨ ᠡ᠊ᠨᠳᠡ ᠰᠠᠨᠠᠭᠤᠯᠬᠤ ᠨᠢ ᠲᠠ ᠨᠠᠷ ᠦᠭᠡᠨ ᠳᠤ ᠪᠠᠨ ︽ᠬᠠᠷᠠᠮᠴᠢ︾ ᠪᠠᠢ᠃ ᠦᠭᠡ ᠪᠣᠯ ᠮᠦᠩᠭᠦ᠂ ᠬᠠᠷᠢᠨ ᠲᠣᠭᠤᠢ ᠪᠠᠶᠢᠬᠤ ᠪᠣᠯ ᠠᠯᠳᠠ ᠭᠡᠳᠡᠭ ᠦᠭᠡ ᠪᠤᠢ᠃ ᠢᠯᠡᠬᠦᠦ ᠦᠭᠡ ᠬᠠᠷᠠᠮᠰᠠᠯ ᠳᠤ ᠬᠦᠷᠭᠡᠳᠡᠭ᠃ ᠮᠠᠭᠤ ᠦᠭᠡ ᠬᠤᠤᠷ ᠲᠠᠷᠢᠳᠠᠭ᠃ ᠲᠠᠨ ᠤ ᠬᠢᠯᠢᠩᠨᠡᠵᠦ ᠶᠠᠷᠢᠭᠰᠠᠨ᠂ ᠠᠭᠤᠷᠯᠠᠵᠦ ᠬᠡᠯᠡᠭᠰᠡᠨ᠂ ᠶᠦᠭᠡᠳᠡᠵᠦ ᠬᠡᠯᠡᠭᠰᠡᠨ᠂ ᠳᠤᠷ᠎ᠠ ᠦᠭᠡᠶᠢᠴᠡᠵᠦ ᠬᠡᠯᠡᠭᠰᠡᠨ ᠦᠭᠡ ᠴᠢᠨᠢ ᠨᠢᠭᠡ ᠰᠤᠷᠤᠭᠴᠢ ᠶᠢ ᠪᠤᠷᠤᠭᠤ ᠵᠠᠮ ᠢᠶᠠᠷ ᠶᠠᠪᠤᠭᠤᠯᠵᠤ ᠮᠡᠳᠡᠨ᠎ᠡ᠃ ︽ᠰᠦᠭᠡᠨ ᠳᠤ ᠦᠬᠦᠬᠦ ᠦᠭᠡᠢ᠂ ᠦᠭᠡᠨ ᠳᠤ ᠦᠬᠦᠳᠡᠭ︾ ᠭᠡᠳᠡᠭ ᠬᠡᠯᠡᠯᠭᠡ ᠪᠤᠢ᠃ ᠴᠠᠭ ᠢᠶᠠᠨ ᠤᠯᠤᠭᠰᠠᠨ ᠦᠭᠡ ᠦᠨ᠎ᠡ ᠲᠠᠢ ᠪᠠᠶᠢᠳᠠᠭ᠃ ᠰᠠᠶᠢᠬᠠᠨ ᠦᠭᠡ ᠰᠡᠳᠬᠢᠯ ᠢ ᠲᠤᠯᠠᠭᠠᠯᠠᠳᠠᠭ᠂ ᠰᠠᠶᠢᠨ ᠦᠭᠡ ᠪᠤᠳᠣᠯ ᠢ ᠭᠡᠭᠡᠷᠡᠭᠦᠯᠳᠡᠭ᠃ ᠡᠶᠢᠮᠦ ᠳᠤ ᠪᠠᠨ ᠠᠩᠭᠢ ᠶᠢᠨ ᠡᠷᠭᠢᠯᠡᠭᠴᠢ ᠪᠠᠭᠰᠢ ᠨᠠᠷ ᠦᠭᠡᠨ ᠳᠤ ᠪᠠᠨ  ᠵᠠᠪᠠᠯ  ︽ᠬᠠᠷᠠᠮᠴᠢ︾ ᠪᠠᠶᠢᠵᠦ᠂ ᠬᠡᠦᠭᠡᠳ ᠤᠨ ᠰᠡᠳᠬᠢᠯ ᠢ ᠭᠡᠮᠳᠦᠭᠡᠬᠦ᠂ ᠰᠠᠨᠠᠭ᠎ᠠ ᠶᠢ ᠰᠢᠷᠬᠠᠳᠤᠭᠤᠯᠬᠤ ᠮᠠᠭᠤ ᠦᠭᠡ ᠶᠠᠭᠠᠭᠢᠭᠰᠠᠨ ᠴᠤ ᠬᠡᠯᠡᠵᠦ ᠪᠤᠯᠬᠤ ᠦᠭᠡᠢ᠃      ᠬᠤᠶᠠᠷ᠂ ᠠᠩᠭᠢ ᠶᠢᠨ ᠡᠷᠭᠢᠯᠡᠭᠴᠢ ᠬᠠᠶᠢᠷ᠎ᠠ ᠳᠤ ᠪᠠᠨ ᠵᠠᠪᠠᠯ ︽ᠬᠠᠷᠠᠮᠴᠢ︾ ᠪᠠᠶᠢᠬᠤ ᠬᠡᠷᠡᠭᠳᠡᠢ᠃      ᠬᠠᠶᠢᠷ᠎ᠠ ᠭᠡᠭᠴᠢ ᠰᠡᠳᠬᠢᠯ ᠤᠨ ᠠᠷᠢᠭᠤᠨ ᠰᠦᠨᠡᠰᠦ᠂ ᠠᠮᠢᠳᠣᠷᠠᠯ ᠤᠨ ᠠᠮᠢᠨ ᠲᠡᠵᠢᠭᠡᠯ᠃ ᠬᠠᠶᠢᠷ᠎ᠠ ᠪᠠᠶᠢᠳᠠᠭ ᠠᠴᠠ ᠰᠠᠶ᠋ᠢ ᠬᠦᠢ ᠪᠦᠮᠪᠦᠷᠴᠡᠭ ᠤᠷᠤᠰᠢᠨ ᠲᠣᠭᠳᠠᠨᠢᠵᠣ᠂ ᠬᠦᠮᠦᠨ ᠲᠦᠷᠦᠯᠬᠢᠳᠡᠨ ᠤᠳᠣᠮ ᠵᠠᠯᠭᠠᠭᠰᠠᠨ ᠶᠤᠮ᠃ ᠰᠤᠷᠭᠠᠨ ᠬᠦᠮᠦᠵᠢᠯ ᠤᠨ ᠠᠮᠵᠢᠯᠳᠠ ᠤᠯᠬᠤ ᠶᠢᠨ ᠨᠢᠭᠤᠴᠠ ᠵᠣᠷ ᠪᠣᠯ ᠬᠠᠶᠢᠷ᠎ᠠ ᠪᠤᠯᠤᠨ᠎ᠠ᠃ ᠬᠠᠶᠢᠷ᠎ᠠ ᠶᠢᠨ ᠬᠦᠴᠦᠨ ᠳᠤ ᠰᠤᠷᠭᠠᠨ ᠬᠦᠮᠦᠵᠢᠯ ᠰᠦᠮᠪᠦᠷᠯᠡᠵᠦ᠂ ᠬᠠᠶᠢᠷ᠎ᠠ ᠶᠢᠨ ᠠᠯᠳᠠᠭᠳᠠᠯ ᠳᠤ ᠰᠤᠷᠭᠠᠨ ᠬᠦᠮᠦᠵᠢᠯ  ᠤᠰᠠᠳᠳᠠᠭ᠃ ᠨᠡᠩ ᠴᠤ ᠠᠩᠭᠢ ᠶᠢᠨ ᠡᠷᠭᠢᠯᠡᠭᠴᠢ ᠶᠢᠨ ᠰᠤᠷᠤᠭᠴᠢ ᠪᠠᠨ ᠬᠦᠮᠦᠵᠢᠭᠦᠯᠬᠦ ᠰᠢᠳᠢᠳᠦ ᠵᠡᠪᠰᠡᠭ ᠪᠣᠯ ᠬᠠᠶᠢᠷ᠎ᠠ  ᠪᠢᠯᠡ᠃ ᠭᠡᠬᠦ ᠳᠤ ᠡᠨᠡ ᠬᠠᠶᠢᠷ᠎ᠠ ᠪᠠᠨ ᠬᠡᠮᠵᠢᠶ᠎ᠡ ᠲᠠᠢ ᠪᠠᠶᠢᠯᠭᠠᠵᠤ᠂ ᠵᠠᠷᠢᠮ ᠦᠶ᠎ᠡ ᠳᠤ ᠪᠠᠨ ︽ᠬᠠᠷᠠᠮᠴᠢ︾ ᠵᠠᠩ ᠭᠠᠷᠭᠠᠬᠤ ᠴᠢᠬᠤᠯᠠᠳᠠᠢ᠃ ᠮᠤᠩᠭᠤᠯᠴᠤᠳ ᠬᠡᠦᠬᠡᠳ ᠢ ᠬᠦᠮᠦᠵᠢᠭᠦᠯᠬᠦ ᠳᠤ ᠪᠠᠨ 1~3 ᠨᠠᠰᠤᠨ ᠳᠤ ᠨᠢ ᠬᠠᠭᠠᠨ ᠮᠡᠲᠦ ᠬᠦᠨᠳᠦᠯᠡᠵᠦ᠂ 3~6 ᠨᠠᠰᠤᠨ ᠳᠤ ᠨᠢ ᠬᠠᠳᠤᠨ ᠮᠡᠲᠦ ᠠᠰᠠᠷᠠᠵᠦ᠂ 6~9 ᠨᠠᠰᠤᠨ ᠳᠤ ᠨᠢ ᠱᠠᠪᠢ ᠮᠡᠲᠦ ᠰᠤᠷᠭᠠᠵᠤ᠂ 9~12 ᠨᠠᠰᠤᠨ ᠳᠤ ᠨᠢ ᠠᠯᠪᠠᠳᠤ ᠮᠡᠲᠦ ᠵᠠᠷᠤᠳᠠᠭ᠃ ᠡᠨᠡ ᠪᠣᠯ ᠳᠠᠷᠤᠢ ᠬᠠᠶᠢᠷ᠎ᠠ ᠳᠤ  ᠪᠠᠨ  ︽ᠦᠭᠯᠢᠭᠡᠴᠢ︾ ᠪᠠ ︽ᠬᠠᠷᠠᠮᠴᠢ︾ ᠪᠠᠶᠢᠬᠤ ᠶᠢᠨ ᠪᠤᠳᠠᠳᠤ ᠵᠢᠱᠢᠶ᠎ᠡ ᠮᠦᠨ᠃ ᠠᠩᠭᠢ ᠶᠢᠨ ᠡᠷᠭᠢᠯᠡᠭᠴᠢ ᠪᠠᠭᠰᠢ ᠨᠠᠷ ᠴᠤ ᠰᠤᠷᠤᠭᠴᠢ ᠳᠤ ᠪᠠᠨ ᠡᠶᠢᠮᠦ ᠮᠠᠶ᠋ᠢᠭ ᠢᠶᠠᠷ ᠬᠠᠨᠳᠤᠵᠤ᠂ ᠬᠠᠶᠢᠷᠠᠯᠠᠬᠤ ᠴᠠᠭ ᠲᠤ ᠨᠢ ᠬᠠᠶᠢᠷᠠᠯᠠᠵᠤ᠂ ᠰᠤᠷᠭᠠᠬᠤ ᠴᠠᠭ ᠲᠤ ᠨᠢ ᠴᠢᠩᠭ᠎ᠠ ᠰᠤᠷᠭᠠᠬᠤ ᠭᠡᠷᠡᠭᠳᠡᠢ᠃ ᠢᠯᠠᠩᠭᠤᠶ᠎ᠠ ᠬᠦᠳᠡᠯᠮᠦᠷᠢ ᠳᠤ ᠢᠯᠡᠬᠦᠭᠡᠨ ᠤᠷᠤᠯᠴᠠᠭᠤᠯᠵᠤ᠂ ᠲᠡᠳᠡᠨ ᠳᠤ ᠬᠠᠳᠠᠭᠤ ᠪᠡᠷᠭᠡ ᠶᠢ ᠮᠡᠳᠡᠭᠦᠯᠬᠦ ᠬᠡᠷᠡᠭᠳᠡᠢ᠃ ︽ᠶᠤᠰᠤ ᠰᠤᠷᠳᠠᠬᠤᠨ᠂ ᠤᠢ ᠤᠬᠠᠭᠠᠨ᠂ ᠲᠠᠮᠢᠷ᠂ ᠭᠤᠸ᠎ᠠ ᠰᠠᠶᠢᠬᠠᠨ᠂ ᠬᠦᠳᠡᠯᠮᠦᠷᠢ ᠵᠡᠷᠭᠡ ᠪᠦᠬᠦ ᠲᠠᠯ᠎ᠠ ᠪᠠᠷ ᠬᠦᠭᠵᠢᠭᠰᠡᠨ ᠨᠡᠶᠢᠭᠡᠮ ᠵᠢᠷᠦᠮᠳᠦ ᠦᠢᠯᠡᠰ ᠤᠨ ᠵᠠᠯᠭᠠᠮᠵᠢᠯᠠᠭᠴᠢ ᠪᠠ ᠪᠦᠳᠦᠭᠡᠨ ᠪᠠᠶᠢᠭᠤᠯᠤᠭᠴᠢ︾ ᠶᠢ ᠬᠦᠮᠦᠵᠢᠬᠦᠯᠬᠦ ᠪᠣᠯ ᠨᠠᠮ ᠤᠨ ᠰᠤᠷᠭᠠᠨ ᠬᠦᠮᠦᠵᠢᠯ ᠤᠨ ᠴᠢᠭᠯᠡᠯᠳᠡ ᠪᠤᠯᠬᠤ ᠶᠤᠮ᠃ ᠠᠩᠭᠢ ᠶᠢᠨ ᠡᠷᠭᠢᠯᠡᠭᠴᠢ ᠪᠠᠭᠰᠢ ᠨᠠᠷ ᠡᠨᠡ ᠴᠢᠭᠯᠡᠯᠳᠡ ᠶᠢ ᠵᠠᠪᠠᠯ ᠵᠦᠪ ᠰᠢᠭᠤᠷᠬᠠᠢ ᠲᠤᠭᠤᠰᠢᠯᠠᠭᠤᠯᠬᠤ ᠬᠡᠷᠡᠭᠳᠡᠢ᠃      ᠭᠤᠷᠪᠠ᠂ ᠠᠩᠭᠢ ᠶᠢᠨ ᠡᠷᠭᠢᠯᠡᠭᠴᠢ ᠦᠭᠶᠦᠭᠡᠳᠡᠯ ᠳᠤ ᠵᠠᠪᠠᠯ ︽ᠬᠠᠷᠠᠮᠴᠢ︾ ᠪᠠᠶᠢᠬᠤ ᠬᠡᠷᠡᠭᠳᠡᠢ᠃      ᠰᠤᠷᠭᠠᠨ ᠬᠦᠮᠦᠵᠢᠯ ᠪᠣᠯ ᠨᠢᠭᠡ ᠵᠦᠢᠯ ᠤᠨ ᠠᠵᠢᠯ ᠦᠢᠯᠡᠰ ᠮᠦᠨ᠃ ᠳᠡᠬᠦᠨ ᠤ ᠨᠢᠭᠤᠴᠠ ᠨᠢ ᠭᠤᠶᠠᠴᠢ ᠦᠭᠡᠢ ᠵᠢᠳᠬᠦᠬᠦ ᠳᠤ ᠪᠤᠢ᠃ ᠠᠪᠯᠢᠭᠠᠴᠢ ᠬᠤᠪᠳᠤᠭ ᠬᠦᠮᠦᠨ ᠪᠣᠯ ᠠᠷᠠᠳ ᠤᠨ ᠪᠠᠭᠰᠢ ᠪᠤᠯᠤᠭᠰᠠᠨ ᠤ ᠬᠡᠷᠡᠭ ᠦᠭᠡᠢ ᠪᠢᠯᠡ᠃ ᠶᠠᠭ ᠡᠶᠢᠮᠦ ᠳᠤ ᠪᠠᠨ ᠠᠩᠭᠢ ᠶᠢᠨ ᠡᠷᠭᠢᠯᠡᠭᠴᠢ ᠪᠠᠭᠰᠢ ᠪᠤᠯᠤᠭᠰᠠᠳ ᠦᠭᠶᠦᠭᠡᠳᠡᠯ ᠳᠤ ︽ᠬᠠᠷᠠᠮᠴᠢ︾ ᠪᠠᠶᠢᠬᠤ ᠬᠡᠷᠡᠭᠳᠡᠢ᠃ ᠳᠠᠷᠤᠢ ᠠᠪᠴᠤ ᠪᠤᠯᠬᠤ ᠦᠭᠡᠢ ᠶᠠᠭᠤᠮ᠎ᠠ ᠳᠤ ︽ᠳᠠᠬᠢᠷ︾ ᠪᠠᠶᠢᠬᠤ ᠭᠡᠷᠡᠭᠳᠡᠢ᠃ ᠬᠦᠷᠴᠦ ᠪᠤᠯᠬᠤ ᠦᠭᠡᠢ ᠭᠠᠵᠠᠷ ᠲᠤ ︽ᠲᠡᠮᠪᠡ︾ ᠪᠠᠶᠢᠬᠤ ᠭᠡᠷᠡᠭᠳᠡᠢ᠃ ᠶᠠᠷᠢᠵᠦ ᠪᠤᠯᠬᠤ ᠦᠭᠡᠢ ᠵᠦᠢᠯ ᠳᠤ ︽ᠶᠡᠪᠡ︾ ᠪᠠᠶᠢᠬᠤ ᠭᠡᠷᠡᠭᠳᠡᠢ᠃ ᠰᠣᠨᠤᠰᠴᠤ ᠪᠤᠯᠬᠤ ᠦᠭᠡᠢ ᠵᠦᠢᠯ ᠳᠤ ︽ᠲᠦᠯᠡᠢ︾ ᠪᠠᠶᠢᠬᠤ ᠭᠡᠷᠡᠭᠳᠡᠢ᠃ ᠢᠩᠭᠢᠪᠡᠯ ᠰᠠᠶ᠋ᠢ ᠪᠢᠳᠠ ᠭᠡᠷ ᠤᠨ ᠠᠬᠠᠮᠠᠳ ᠤᠨ ᠭᠠᠷ ᠤᠨ ᠪᠡᠯᠡᠭ ᠢ ᠪᠠᠭᠳᠠᠭᠠᠭᠰᠠᠨ ᠡᠯ᠎ᠡ ᠵᠦᠢᠯ ᠤᠨ ︽ᠦᠭᠶᠦᠭᠡᠳᠡᠯ︾ ᠠᠴᠠ ᠵᠠᠶᠢᠯᠠᠵᠦ᠂ ᠰᠤᠷᠭᠠᠨ ᠬᠦᠮᠦᠵᠢᠯ ᠤᠨ ᠦᠢᠯᠡᠰ ᠢᠶᠠᠨ ︽ᠪᠣᠯᠠᠩᠭᠢᠷ︾ ᠦᠭᠡᠢ ᠴᠡᠪᠡᠷ ᠪᠠᠶᠢᠯᠭᠠᠵᠤ ᠴᠢᠳᠠᠨ᠎ᠠ᠃ ᠴᠡᠪᠡᠷ ᠤᠰᠤ ᠲᠠᠢ ᠴᠤᠮᠤᠨ ᠳᠤ ᠪᠣᠭᠢᠷ ᠤᠰᠤ ᠨᠢᠭᠡ ᠲᠤᠰᠤᠭᠠᠪᠠᠯ ᠪᠤᠯᠠᠩᠭᠢᠷᠳᠤᠵᠤ᠂ ᠪᠤᠬᠢᠷ ᠤᠰᠤ ᠲᠠᠢ ᠴᠤᠮᠤᠨ ᠳᠤ ᠴᠡᠪᠡᠷ ᠤᠰᠤ ᠠᠷᠪᠠ ᠲᠤᠰᠤᠭᠠᠭᠰᠠᠨ ᠴᠤ ᠴᠡᠩᠭᠡᠭ ᠦᠯᠦ ᠪᠣᠯᠤᠨ᠎ᠠ ᠭᠡᠳᠡᠭ ᠢᠪᠷᠡᠢ ᠦᠭᠡ ᠪᠤᠢ᠃ ᠰᠤᠷᠭᠠᠨ ᠬᠦᠮᠦᠵᠢᠯ ᠴᠤ ᠠᠳᠠᠯᠢᠬᠠᠨ ᠪᠠᠶᠢᠬᠤ ᠶᠤᠰᠤᠳᠠᠢ᠃ ᠬᠠᠷᠠᠮᠵᠢ ᠬᠦᠯᠢᠶᠡᠭᠰᠡᠨ ᠰᠤᠷᠭᠠᠨ ᠬᠦᠮᠦᠵᠢᠯ ᠨᠢ ᠬᠠᠷᠠᠭ᠎ᠠ ᠪᠠᠨ ᠠᠯᠳᠠᠭᠰᠠᠨ ᠰᠤᠷᠭᠠᠨ ᠬᠦᠮᠦᠵᠢᠯ ᠯᠦᠭᠡ ᠶᠠᠭᠤᠨ ᠵᠦᠷᠢᠭᠦ ᠠᠵᠢ᠃      ᠲᠥᠷᠪᠡ᠂ ᠠᠩᠭᠢ ᠶᠢᠨ ᠡᠷᠭᠢᠯᠡᠭᠴᠢ ᠡᠷᠬᠡ ᠳᠤ ᠪᠠᠨ ᠵᠠᠪᠠᠯ ︽ᠬᠠᠷᠠᠮᠴᠢ︾ ᠪᠠᠶᠢᠬᠤ ᠬᠡᠷᠡᠭᠳᠡᠢ᠃      ᠠᠩᠭᠢ  ᠶᠢᠨ  ᠡᠷᠬᠢᠯᠡᠭᠴᠢ  ᠪᠣᠯ  ᠨᠢᠭᠡ ᠠᠩᠭᠢ ᠶᠢᠨ ᠤᠳᠤᠷᠢᠳᠤᠭᠴᠢ᠂  ᠵᠤᠬᠢᠶᠠᠨ  ᠪᠠᠶᠢᠭᠤᠯᠤᠭᠴᠢ᠂     ︽ᠡᠵᠡᠨᠳᠡᠨ︾ ᠮᠦᠨ᠃ ᠳᠡᠬᠦᠨ ᠤ ᠤᠳᠤᠷᠢᠳᠤᠯᠭ᠎ᠠ ᠲᠤᠤᠷ᠎ᠠ ᠨᠢᠭᠡ ᠠᠩᠭᠢ ᠶᠢᠨ ᠬᠡᠦᠬᠡᠳ ᠤᠨ ᠰᠤᠷᠤᠯᠭ᠎ᠠ ᠠᠮᠢᠳᠤᠷᠠᠯ ᠡᠶ᠎ᠡ ᠵᠤᠬᠢᠴᠠᠯ ᠢᠶᠠᠨ ᠣᠯᠵᠤ ᠡᠪ ᠲᠦᠨᠵᠢᠨ ᠶᠠᠪᠤᠭᠳᠠᠵᠤ ᠪᠠᠶᠢᠳᠠᠭ᠃ ᠡᠶᠢᠮᠦ ᠳᠤ ᠪᠠᠨ ᠠᠩᠭᠢ ᠶᠢᠨ ᠪᠠᠭᠰᠢ ᠶᠢᠨ ᠵᠠᠷᠯᠢᠭ ᠪᠣᠯ ᠳᠠᠷᠤᠢ ᠵᠦᠷᠢᠴᠡᠵᠦ ᠪᠤᠯᠬᠤ ᠦᠭᠡᠢ ᠶᠤᠰᠤ᠂ ᠠᠩᠭᠢ ᠶᠢᠨ ᠪᠠᠭᠰᠢ ᠶᠢᠨ ᠦᠭᠡ ᠪᠣᠯ ᠳᠠᠷᠤᠢ ᠳᠠᠷᠤᠮᠠᠯᠯᠠᠵᠤ ᠲᠠᠯᠪᠢᠭᠰᠠᠨ ᠪᠠᠳᠤᠶᠤᠰᠣ᠂ ᠠᠩᠭᠢ ᠶᠢᠨ ᠪᠠᠭᠰᠢ ᠶᠢᠨ ᠡᠷᠬᠡ ᠪᠣᠯ ᠳᠠᠷᠤᠢ ᠬᠠᠯᠳᠠᠵᠤ ᠪᠤᠯᠤᠰᠢ ᠦᠭᠡᠢ ᠶᠤᠰᠤ ᠪᠠᠶᠢᠵᠦ ᠲᠠᠭᠠᠷᠠᠨ᠎ᠠ᠃ ᠭᠡᠲᠡᠯ᠎ᠡ ᠠᠩᠭᠢ ᠶᠢᠨ ᠪᠠᠭᠰᠢ ᠶᠢᠨ ᠡᠷᠬᠡ ᠰᠦᠷ ᠵᠠᠷᠯᠢᠭ ᠨᠢ ᠬᠠᠷᠢᠴᠠᠯᠠᠰᠢᠬᠦᠢ ᠶᠡᠭᠡ ᠪᠣᠯᠴᠢᠬᠠᠪᠠᠯ ᠭᠡᠳᠡᠷᠬᠦ ᠪᠠᠨ ᠬᠡᠦᠬᠡᠳ ᠤᠨ ᠡᠷᠬᠡ ᠴᠢᠯᠦᠭᠡ ᠶᠢ ᠬᠢᠵᠠᠭᠠᠷᠯᠠᠵᠦ ᠲᠡᠳᠡᠨ ᠤ ᠰᠡᠳᠬᠢᠬᠦᠢ ᠦᠵᠡᠯ ᠰᠠᠨᠠᠭ᠎ᠠ ᠶᠢ ᠪᠤᠭᠤᠮᠢᠯᠠᠬᠤ ᠠᠶᠤᠯ ᠲᠠᠢ ᠪᠠᠶᠢᠳᠠᠭ᠃ ᠤᠳᠤᠬᠠᠨ ᠤ ᠬᠡᠪ ᠴᠢᠨᠠᠷ ᠤᠨ ᠰᠤᠷᠭᠠᠨ ᠬᠦᠮᠦᠵᠢᠯ ᠴᠤ ᠲᠡᠷᠡ᠂ ᠭᠤᠤᠯᠯᠠᠭᠴᠢ ᠬᠡᠪ ᠪᠤᠯᠪᠠᠰᠤᠷᠠᠯ ᠤᠨ ᠬᠦᠮᠦᠵᠢᠯ ᠴᠤ ᠲᠡᠷᠡ ᠪᠦᠷ ᠬᠡᠦᠬᠡᠳ ᠤᠨ ᠡᠵᠡᠨᠰᠡᠭ ᠰᠤᠷᠬᠤ᠂ ᠰᠤᠳᠤᠯᠤᠨ ᠰᠤᠷᠬᠤ᠂ ᠬᠠᠮᠵᠢᠯᠴᠠᠵᠦ ᠰᠤᠷᠬᠤ ᠶᠢ ᠱᠠᠭᠠᠷᠳᠠᠵᠤ ᠪᠤᠢ᠃ ᠡᠨᠡ ᠪᠣᠯ ᠳᠠᠷᠤᠢ ᠪᠠᠭᠰᠢ ᠨᠠᠷ ᠦᠪᠡᠷ ᠤᠨ ᠮᠡᠳᠡᠨ᠎ᠡ ᠴᠢᠳᠠᠨ᠎ᠠ ᠭᠡᠰᠡᠨ ︽ᠡᠷᠬᠡ︾ ᠪᠠᠨ ᠲᠠᠶᠠᠭᠳᠠᠵᠤ ᠰᠤᠷᠤᠭᠴᠢᠳ ᠲᠠᠢ ᠪᠠᠨ ᠡᠷᠬᠡ ᠲᠡᠭᠰᠢ ᠪᠣᠯ ᠭᠡᠰᠡᠨ ᠦᠭᠡ ᠪᠤᠯᠬᠤ ᠶᠤᠮ᠃ ᠡᠶᠢᠮᠦ ᠳᠤ ᠪᠠᠨ ᠠᠩᠭᠢ ᠶᠢᠨ ᠬᠠᠮᠢᠶᠠᠷᠤᠯᠳᠠ ᠳᠤᠮᠳᠠ ᠳᠤ ᠴᠤ ᠠᠩᠭᠢ ᠶᠢᠨ ᠪᠠᠭᠰᠢ ᠪᠤᠯᠤᠭᠰᠠᠳ ︽ᠡᠷᠬᠡ︾ ᠳᠤ ᠪᠠᠨ ᠬᠠᠷᠠᠮᠴᠢ ᠪᠠᠶᠢᠵᠦ᠂ ᠰᠤᠷᠤᠭᠴᠢᠳ ᠤᠨ ᠡᠵᠡᠨᠰᠡᠭ ᠬᠠᠮᠢᠶᠠᠷᠤᠯᠳᠠ ᠬᠢᠬᠦ ᠶᠢ ᠬᠦᠬᠢᠬᠦᠯᠬᠦ ᠬᠡᠷᠡᠭᠳᠡᠢ᠃ ᠬᠠᠷᠠᠭ᠎ᠠ ᠬᠦᠷᠬᠦ ᠦᠭᠡᠢ ᠠᠯᠤᠰ ᠲᠤ ᠤᠬᠠᠭᠠᠨ ᠬᠦᠷᠳᠡᠭ᠃ ᠲᠠ ︽ᠡᠷᠬᠡ︾ ᠳᠤ ᠪᠠᠨ ᠬᠡᠳᠦᠢ ︽ᠬᠠᠷᠠᠮᠴᠢ︾ ᠪᠠᠶᠢᠪᠠᠯ ᠰᠤᠷᠤᠭᠴᠢ ᠴᠢᠨᠢ ᠲᠡᠳᠦᠢ ᠬᠦᠭᠵᠢᠯᠳᠡ ᠲᠠᠢ ᠪᠤᠯᠬᠤ ᠶᠤᠮ᠃ ᠡᠷᠳᠡᠮ ᠤᠨ ᠬᠡᠲᠡ ᠶᠢ ᠴᠠᠬᠢᠪᠠᠰᠤ ᠬᠦᠭᠵᠢᠯᠳᠡ ᠶᠢᠨ ᠭᠠᠯ ᠪᠠᠳᠠᠷᠠᠳᠠᠭ ᠪᠢᠯᠡ᠃      ︽ᠬᠠᠷᠠᠮᠴᠢ︾ ᠠᠩᠭᠢ ᠶᠢᠨ ᠡᠷᠭᠢᠯᠡᠭᠴᠢ ᠪᠤᠯᠬᠤ ᠶᠢᠨ ᠰᠠᠶᠢᠨ ᠲᠠᠯ᠎ᠠ ᠤᠯᠠᠨ ᠪᠤᠢ᠃ ᠡᠬᠢᠯᠡᠯᠳᠡ ᠲᠠᠢ ᠪᠣᠯ ᠬᠡᠵᠢᠶᠡᠳᠡ ᠤᠷᠦ᠋ᠢᠳᠠᠳᠠᠭ ᠦᠭᠡᠢ ᠶᠤᠮ᠃ ᠨᠢᠭᠡ ᠬᠦᠮᠦᠨ ᠬᠤᠷᠳᠤᠨ ᠶᠠᠪᠤᠳᠠᠭ᠂ ᠤᠯᠠᠨ ᠬᠦᠮᠦᠨ ᠬᠤᠯᠠ  ᠶᠠᠪᠤᠳᠠᠭ᠃ ᠰᠠᠷᠠᠭᠤᠯ ᠤᠬᠠᠭᠠᠨᠳᠠᠨ ᠦᠪᠡᠷ ᠤᠨ ᠪᠤᠷᠤᠭᠤ ᠪᠠᠨ ᠰᠤᠳᠤᠯᠳᠠᠭ᠃ ᠮᠤᠩᠬᠠᠭ ᠬᠦᠮᠦᠨ ᠪᠤᠰᠤᠳ ᠤᠨ ᠠᠯᠳᠠᠭ᠎ᠠ ᠶᠢ ᠰᠤᠳᠤᠯᠳᠠᠭ᠃ ᠡᠶᠢᠮᠦ ᠳᠤ ᠪᠠᠨ ᠠᠩᠭᠢ ᠶᠢᠨ ᠡᠬᠢᠯᠡᠭᠴᠢ ᠪᠤᠯᠤᠭᠰᠠᠳ ᠪᠤᠷᠤᠭᠤ ᠶᠢ ᠬᠡᠦᠬᠡᠳ ᠤᠨ ᠪᠡᠶ᠎ᠡ ᠠᠴᠠ ᠪᠢᠰᠢ ᠤᠷᠢᠳᠠᠪᠠᠷ ᠦᠪᠠᠷ ᠤᠨ ᠪᠡᠶ᠎ᠡ ᠲᠡᠭᠡᠷ᠎ᠡ ᠠᠴᠠ ᠡᠷᠢᠵᠤ ᠰᠤᠷᠪᠠᠯ ᠵᠤᠬᠢᠨ᠎ᠠ︕        ᠬᠠᠶ᠋ᠢᠬ᠄ ᠤᠯᠠᠭᠠᠨᠬᠠᠳᠠ ᠬᠤᠳᠠ ᠶᠢᠨ ᠰᠢᠨ᠎ᠠ ᠬᠤᠳᠠ ᠳᠤ ᠬᠢ ᠮᠤᠩᠭᠤᠯ                 ᠦᠨᠳᠤᠰᠤᠳᠠᠨ ᠤ ᠲᠤᠷᠰᠢᠯᠳᠠ ᠶᠢᠨ ᠪᠠᠭ᠎ᠠ ᠰᠤᠷᠭᠠᠭᠤᠯᠢ                               ︵ᠰᠦᠶ᠎ᠠ ᠨᠠᠶᠢᠷᠠᠭᠤᠯᠪᠠ︶                                2020 ᠤᠨ ᠤ 1 ᠳ᠋ᠦ᠋ᠭᠡᠷ ᠬᠤᠭᠤᠴᠠᠭ᠎ᠠ
 
ᠢᠷᠡᠯᠲᠡ᠄ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠤᠷᠭᠠᠨ ᠬᠦᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map