ᠦᠷ᠎ᠡ ᠬᠡᠦᠬᠡᠳ ᠬᠡᠨ ᠪᠤᠯᠵᠤ ᠭᠦᠮᠦᠵᠢᠭᠳᠡᠭᠦ ᠨᠢ ᠡᠬᠡ ᠠᠴᠠ ᠰᠢᠯᠲᠠᠭᠠᠯᠠᠭᠳᠠᠨ᠎ᠠ
ᠨᠡᠶᠢᠲᠡᠯᠡᠭᠰᠡᠨ ᠴᠠᠭ᠄
2020/5/14
                             ᠪᠤᠷᠵᠢᠭᠢᠨ ᠭᠡᠰᠢᠭᠨᠢᠮ᠎ᠠ      ᠮᠤᠩᠭᠤᠯ ᠡᠬᠡ ᠶᠢᠨ ᠬᠦᠮᠦᠵᠢᠯ ᠪᠤᠯ ᠳᠡᠯᠡᠬᠡᠢ ᠳᠤ ᠠᠯᠳᠠᠷᠲᠠᠢ ᠶᠤᠮ᠃ ᠪᠢᠳᠡ ᠪᠦᠬᠦᠨ ᠤ ᠮᠡᠳᠡᠭᠡᠵᠢ ᠪᠠᠷ ᠠᠯᠤᠩᠭᠤᠸ᠎ᠠ ᠡᠬᠡ ᠶᠢᠨ ︽ᠲᠠᠪᠤᠨ ᠮᠦᠰᠦ ᠶᠢᠨ ᠰᠤᠷᠭᠠᠯ︾ ᠵᠡᠷᠭᠡ ᠨᠢ ᠴᠦᠮ ᠡᠭᠡ ᠶᠢᠨ ᠭᠦᠮᠦᠵᠢᠯ ᠲᠠᠢ ᠬᠤᠯᠪᠤᠭ᠎ᠠ ᠲᠠᠢ ᠪᠠᠶᠢᠳᠠᠬ᠃      ᠲᠦᠷᠪᠡᠨ ᠬᠠᠭᠠᠨ ᠢ ᠦᠰᠭᠡᠵᠦ ᠬᠦᠮᠦᠵᠢᠭᠦᠯᠦᠭᠰᠡᠨ ᠰᠤᠷᠬᠠᠭᠳᠠᠨᠢ ᠪᠠᠬᠢ ᠬᠠᠳᠤᠨ᠄ ︽ᠦᠷ᠎ᠡ ᠬᠡᠦᠬᠡᠳ ᠴᠠᠭᠠᠰᠢᠲᠠ ᠪᠠᠨ ᠬᠡᠨ ᠪᠤᠯᠵᠤ ᠦᠰᠬᠦ ᠨᠢ ᠡᠬᠡ ᠠᠴᠠ ᠰᠢᠯᠲᠠᠭᠠᠯᠠᠭᠳᠠᠨ᠎ᠠ︾ ᠭᠡᠵᠠᠢ᠃ ᠲᠡᠷᠡ ᠲᠦᠷᠪᠡᠨ ᠬᠡᠦᠬᠡᠳ ᠢᠶᠠᠨ ᠬᠦᠮᠦᠵᠢᠭᠦᠯᠬᠦ ᠶᠢ ᠬᠠᠷᠠᠬᠠᠨ ᠪᠠᠭ᠎ᠠ ᠠᠴᠠ ᠨᠢ ᠠᠩᠬᠠᠷᠳᠠᠭ᠃ ᠪᠠᠭᠰᠢ ᠵᠠᠯᠠᠵᠤ ᠪᠢᠴᠢᠭ ᠵᠢᠭᠠᠯᠭᠠᠪᠠ᠃ ᠬᠠᠷᠢ ᠤᠯᠤᠰ ᠠᠴᠠ ᠪᠠᠭᠰᠢ ᠵᠠᠯᠠᠵᠤ᠂ ᠭᠠᠳᠠᠭᠠᠳᠤ ᠬᠡᠯᠡ ᠴᠦ ᠰᠤᠷᠭᠠᠪᠠ᠃ ᠡᠭᠦᠨ ᠤ ᠳ᠋ᠦᠩ ᠳᠤ ᠮᠦᠩᠬᠡ ᠬᠠᠭᠠᠨ ᠳᠡᠯᠡᠬᠡᠢ ᠳᠤ ᠨᠡᠷᠡᠲᠠᠢ ᠲᠤᠭᠠᠨ ᠤ ᠤᠬᠠᠭᠠᠨᠲᠠᠨ᠂ ᠤᠳᠤᠨ ᠤᠷᠤᠨ ᠤ ᠰᠢᠨᠵᠢᠯᠡᠭᠡᠲᠡᠨ᠂ ᠬᠤᠪᠢᠯᠠᠢ ᠬᠠᠭᠠᠨ ᠳᠡᠯᠡᠬᠡᠢ ᠳᠤ ᠨᠡᠷᠡᠲᠠᠢ ᠭᠧᠦᠮᠧᠲᠷᠢ ᠶᠢᠨ ᠤᠬᠠᠭᠠᠨᠲᠠᠨ ᠪᠤᠯᠵᠠᠢ᠃ ᠰᠤᠷᠬᠠᠭᠲᠠᠨᠢ ᠪᠠᠭᠢ ᠬᠠᠳᠤᠨ ᠤ ᠨᠦᠯᠦᠭᠡ ᠮᠤᠩᠭᠤᠯ ᠤᠨ ᠲᠡᠦᠬᠡ ᠶᠢ ᠲᠦᠷᠪᠡᠨ ᠵᠠᠭᠤ ᠭᠠᠷᠤᠢ ᠵᠢᠯ ᠨᠦᠯᠦᠭᠡᠯᠡᠪᠡ ᠭᠡᠵᠦ ᠮᠤᠩᠭᠤᠯ ᠤᠯᠤᠰ ᠤᠨ ᠪᠢᠮᠪᠠ ᠶᠢᠨ ᠰᠠᠷᠠᠨᠳᠤᠶᠠᠭ᠎ᠠ ᠶᠢᠨ ᠪᠢᠴᠢᠭᠰᠡᠨ ︽ᠰᠤᠷᠬᠠᠭᠳᠠᠨᠢ ᠪᠠᠬᠢ ᠬᠠᠳᠤᠨ︾ ᠭᠡᠰᠡᠨ ᠨᠤᠮ ᠳᠤ ᠳᠤᠲᠤᠷᠬᠠᠢ ᠪᠢᠴᠢᠵᠦ ᠪᠤᠢ᠃      ᠹᠷᠠᠨᠽᠢ ᠶᠢᠨ ᠠᠯᠲᠠᠷᠲᠤ ᠲᠤᠭᠠᠨ ᠤ ᠤᠬᠠᠭᠠᠨᠲᠠᠨ ᠺᠠᠯᠦ᠋ᠸᠧᠨ ᠬᠡᠯᠡᠬᠦ ᠳᠤ ᠪᠠᠨ᠄ ︽ᠮᠢᠨᠤ ᠤᠤᠭᠠᠨ ᠪᠠᠭᠰᠢ ᠪᠤᠯ ᠮᠢᠨᠤ ᠡᠵᠢ ᠮᠦᠨ᠃ ᠲᠡᠷᠡ ᠬᠤᠷᠴᠠ ᠰᠡᠷᠭᠦᠯᠡᠩ᠂ ᠰᠤᠷᠭᠠᠯ ᠬᠦᠮᠦᠵᠢᠯ ᠲᠠᠢ᠃ ᠦᠷᠭᠦᠯᠵᠢ ᠯᠠᠲ᠋ᠢᠨ ᠪᠤᠯᠤᠨ ᠭᠧᠷᠢᠭ ᠤᠨ ᠤᠷᠠᠨ ᠵᠤᠬᠢᠶᠠᠯ ᠳᠤᠲᠤᠷ᠎ᠠ ᠠᠴᠠ ᠴᠡᠭᠡᠵᠢᠯᠡᠭᠰᠡᠨ ᠦᠯᠢᠭᠡᠷ ᠢᠶᠠᠷ ᠨᠠᠮ᠎ᠠ ᠶᠢ ᠬᠦᠮᠦᠵᠢᠭᠦᠯᠳᠡᠭ︾ ᠭᠡᠵᠠᠢ᠃ ᠡᠨᠡ ᠡᠵᠢ ᠯᠠᠲ᠋ᠢᠨ ᠬᠡᠯᠡ ᠪᠤᠯᠤᠨ ᠭᠧᠷᠢᠭ ᠬᠡᠯᠡ ᠮᠡᠳᠡᠳᠡᠭ ᠢᠶᠠᠷ ᠪᠠᠷᠠᠬᠤ ᠦᠭᠡᠢ ᠭᠠᠳᠠᠭᠠᠳᠤ ᠶᠢᠨ ᠤᠬᠢ ᠰᠢᠯᠢᠳᠡᠭ ᠦᠯᠢᠭᠡᠷ ᠢᠶᠠᠷ ᠬᠡᠦᠬᠡᠳ ᠢᠶᠠᠨ ᠬᠦᠮᠦᠵᠢᠭᠦᠯᠦᠭᠰᠡᠨ ᠡᠵᠢ ᠶᠤᠮ ᠪᠠᠶᠢᠨ᠎ᠠ᠃      ᠡᠬᠡ ᠬᠦᠮᠦᠨ ᠰᠤᠷᠤᠯᠴᠠᠬᠤ ᠬᠡᠷᠡᠭᠲᠠᠢ᠃ ᠥᠪᠡᠷ ᠢᠶᠠᠨ ᠬᠡᠳᠦᠢ ᠦᠷᠭᠡᠨ ᠳᠡᠯᠭᠡᠷ ᠮᠡᠳᠡᠯᠭᠡ ᠡᠵᠡᠮᠰᠢᠪᠡᠯ ᠬᠡᠦᠬᠡᠳ ᠢᠶᠠᠨ ᠲᠡᠳᠦᠢ ᠰᠠᠶᠢᠬᠠᠨ ᠬᠦᠮᠦᠵᠢᠭᠦᠯᠵᠦ ᠴᠢᠳᠠᠨ᠎ᠠ᠃ ᠥᠪᠡᠷᠲᠡᠭᠡᠨ ᠰᠤᠷᠤᠯᠴᠠᠵᠤ ᠴᠢᠳᠠᠮᠠᠨᠵᠢᠨ ᠰᠠᠶ᠋ᠢ ᠬᠡᠦᠬᠡᠳ ᠲᠤ ᠪᠠᠨ ᠰᠤᠷᠤᠯᠴᠠᠬᠤ ᠠᠷᠭ᠎ᠠ ᠶᠢ ᠵᠢᠭᠠᠨ ᠦᠭᠴᠦ ᠴᠢᠳᠠᠨ᠎ᠠ᠃ ᠡᠨᠡ ᠲᠤᠬᠠᠢ ᠲᠠᠢ ᠨᠢᠭᠡ ᠵᠢᠱᠢᠶ᠎ᠡ  ᠲᠠᠲᠠᠶ᠎ᠠ᠃ ᠲᠡᠯᠡᠬᠡᠢ ᠳᠤ ᠨᠡᠷᠡᠲᠠᠢ ᠬᠠᠷᠸᠠᠷᠳ᠋ ᠶᠡᠭᠡ ᠰᠤᠷᠭᠠᠭᠤᠯᠢ ᠨᠢᠭᠡ ᠤᠳᠠᠭ᠎ᠠ 1500 ᠨᠡᠷ᠎ᠡ ᠰᠤᠷᠤᠭᠴᠢ ᠳᠤ ᠪᠠᠶᠢᠴᠠᠭᠠᠯᠲᠠ ᠬᠢᠵᠤ᠂ ᠲᠠ ᠨᠠᠷ ᠡᠵᠢ‌ᠡᠴᠠ ᠪᠠᠨ ᠶᠠᠭᠤ ᠰᠤᠷᠤᠭᠰᠠᠨ ᠲᠤᠬᠠᠢ ᠪᠠᠨ ᠨᠢᠭᠡ ᠦᠭᠡ ᠪᠠᠷ ᠬᠠᠷᠢᠭᠤᠯ ᠬᠡᠬᠦ ᠳᠤ 85% ᠶᠢᠨ ᠰᠤᠷᠤᠭᠴᠢ᠄ ︽ᠴᠢᠳᠠᠪᠤᠷᠢ︾ ᠭᠡᠵᠦ ᠬᠠᠷᠢᠭᠤᠯᠵᠠᠢ᠃ ᠵᠠᠯᠭᠠᠭᠠᠳ ᠶᠠᠮᠠᠷ ᠴᠢᠳᠠᠪᠤᠷᠢ ᠰᠤᠷᠤᠭᠰᠠᠨ ᠢᠶᠠᠨ ᠬᠤᠶᠠᠷ ᠦᠭᠡ ᠪᠠᠷ ᠬᠠᠷᠢᠭᠤᠯ ᠭᠡᠰᠡᠨ ᠳᠤ 85% ᠶᠢᠨ ᠰᠤᠷᠤᠭᠴᠢ ᠮᠦᠨ᠄ ︽ᠰᠤᠷᠬᠤ ᠴᠢᠳᠠᠪᠤᠷᠢ︾ ᠭᠡᠵᠦ ᠬᠠᠷᠢᠭᠤᠯᠵᠠᠢ᠃      ᠡᠬᠡ ᠬᠦᠮᠦᠨ ᠭᠡᠵᠦ ᠠᠷᠢᠭᠤᠨ ᠴᠠᠭᠠᠨ ᠰᠦ ᠪᠠᠨ ᠰᠢᠮᠡᠭᠦᠯᠦᠨ ᠦᠰᠭᠡᠵᠦ᠂ ᠴᠠᠶᠢᠯᠭᠠᠨ ᠴᠠᠭᠠᠪᠤᠷ ᠰᠡᠳᠬᠢᠯ ᠢᠶᠠᠷ ᠢᠶᠠᠨ ᠡᠨᠡᠷᠢᠨ ᠬᠠᠶᠢᠷᠠᠯᠠᠵᠤ᠂ ︽ᠬᠠᠶᠢᠷ᠎ᠠ ᠪᠠᠷ ᠬᠦᠮᠦᠵᠢᠭᠦᠯᠵᠦ ᠬᠠᠯᠠᠮᠵᠢ ᠪᠠᠷ ᠲᠤᠷᠨᠢᠭᠤᠯᠳᠠᠭ︾ ᠰᠢᠤ ᠳ᠋ᠠ᠃ ᠡᠬᠡ ᠶᠢᠨ ᠬᠠᠶᠢᠷ᠎ᠠ ᠠᠴᠠ ᠥᠭᠡᠷ᠎ᠡ ᠡᠨᠡᠷᠢᠩᠭᠦᠢ ᠵᠦᠭᠡᠯᠡᠨ᠂ ᠦᠨᠡᠨᠴᠢ ᠦᠭᠭᠢᠶᠡᠮᠦᠷ ᠬᠠᠶᠢᠷ᠎ᠠ ᠭᠡᠵᠦ ᠬᠠᠮᠢᠭ᠎ᠠ ᠪᠠᠶᠢᠬᠤ ᠪᠤᠢ᠃ ᠡᠨᠡ ᠳᠤᠬᠠᠢ᠂ ᠫᠤᠯᠠᠨᠳ᠋ ᠤᠨ ᠠᠯᠳᠠᠷᠲᠤ ᠹᠢᠽᠢᠺ᠂ ᠬᠢᠮᠢ ᠶᠢᠨ ᠤᠬᠠᠭᠠᠨᠲᠠᠨ ᠨᠤᠪᠧᠯ ᠤᠨ ᠱᠠᠩᠨᠠᠯ ᠭᠦᠷᠲᠡᠭᠴᠢ ᠺᠢᠦ᠋ᠢᠷᠢ ᠬᠠᠳᠤᠨ ᠬᠡᠯᠡᠬᠦ ᠳᠤ ᠪᠠᠨ᠄ ︽ᠳᠡᠯᠡᠬᠡᠢ ᠳ᠋ᠠᠬᠢᠨ ᠳᠤ ᠮᠢᠨᠤ ᠡᠬᠡ ᠰᠢᠭ ᠲᠡᠶᠢᠮᠦ ᠬᠤᠷᠴᠠ ᠰᠡᠷᠭᠦᠯᠡᠩ᠂ ᠠᠷᠢᠭᠤᠨ ᠴᠢᠭᠡᠴᠢ᠂ ᠡᠨᠡᠷᠢᠩᠭᠦᠢ ᠰᠡᠳᠭᠢᠯ ᠲᠠᠢ ᠬᠦᠮᠦᠨ ᠦᠭᠡᠢ︾ ᠭᠡᠵᠠᠢ᠃ ᠨᠤᠪᠧᠯ ᠤᠨ ᠱᠠᠩᠨᠠᠯ ᠬᠦᠷᠲᠡᠭᠰᠡᠨ ᠳᠡᠯᠡᠬᠡᠢ ᠳᠤ ᠨᠡᠷᠡᠲᠠᠢ ᠺᠢᠦ᠋ᠢᠷᠢ ᠬᠠᠲᠤᠨ ᠤ ᠰᠡᠳᠭᠢᠯ ᠳᠤ ᠡᠵᠢ ᠨᠢ ᠬᠤᠷᠴᠠ ᠰᠡᠷᠭᠦᠯᠡᠩ᠂ ᠠᠷᠢᠭᠤᠨ ᠴᠢᠭᠡᠴᠢ᠂ ᠰᠡᠳᠭᠢᠯ ᠵᠢᠷᠦᠬᠡᠨ ᠤ ᠠᠷᠢᠭᠤᠨ ᠬᠠᠶᠢᠷ᠎ᠠ ᠪᠠᠷ ᠢᠶᠠᠨ ᠺᠢᠦ᠋ᠢᠷᠢ ᠬᠠᠳᠤᠨ‌ᠢ ᠦᠰᠭᠡᠵᠦ ᠬᠦᠮᠦᠵᠢᠭᠦᠯᠦᠨ ᠬᠠᠮᠤᠭ ᠤᠨ ᠭᠦᠨ ᠰᠠᠭᠤᠭᠳᠠᠯ ᠦᠯᠡᠳᠡᠭᠡᠵᠦ ᠲᠡᠭᠦᠨ ᠤ ᠨᠢᠭᠡ ᠨᠠᠰᠤ ᠶᠢ ᠬᠠᠮᠤᠭ ᠶᠡᠭᠡ ᠨᠦᠯᠦᠭᠡᠯᠡᠵᠠᠢ ᠭᠡᠳᠡᠭ ᠢ ᠤᠶᠢᠯᠠᠭᠠᠵᠤ ᠪᠤᠯᠤᠨ᠎ᠠ᠃      ᠠᠮᠧᠷᠢᠺᠡ ᠶᠢᠨ ᠨᠢᠭᠡᠨ ᠰᠡᠳᠭᠢᠴᠡ ᠵᠦᠢ ᠶᠢᠨ ᠡᠷᠳᠡᠮᠲᠡᠨ ᠠᠴᠠ ᠡᠵᠢ ᠭᠦᠮᠦᠨ ᠤ ᠬᠡᠦᠬᠡᠳ‌‍ᠤᠨ ᠨᠢᠭᠡ ᠨᠠᠰᠤᠨ ᠳᠤ ᠦᠵᠡᠭᠦᠯᠬᠦ ᠦᠢᠯᠡᠳᠦᠯ ᠢ ᠰᠤᠳᠤᠯᠬᠤ ᠶᠢᠨ ᠲᠦᠯᠦᠭᠡ ᠪᠦᠬᠦ ᠠᠮᠧᠷᠢᠺᠡ ᠶᠢᠨ ᠬᠡᠪᠴᠢᠶᠡᠨ ᠳᠤ 50 ᠨᠡᠷᠡᠰ ᠠᠮᠵᠢᠯᠲᠠ ᠤᠯᠤᠭᠰᠠᠳ ᠪᠠ 50 ᠨᠡᠷᠡᠰ ᠢᠯᠠᠭᠳᠠᠭᠰᠠᠳ ᠠᠴᠠ ᠰᠤᠩᠭᠤᠵᠤ᠂ ᠵᠠᠬᠢᠳᠠᠯ ᠤᠨ ᠬᠡᠯᠪᠡᠷᠢ ᠪᠠᠷ ᠲᠡᠳᠡᠨ ᠠᠴᠠ ᠡᠵᠢ ᠶᠢᠨ ᠬᠢᠨᠢ ᠦᠭᠭᠦᠭᠰᠡᠨ ᠨᠦᠯᠦᠭᠡ ᠶᠢ ᠠᠰᠠᠭᠤᠪᠠ᠃ ᠬᠠᠷᠢᠭᠤ ᠵᠠᠬᠢᠳᠠᠯ ᠤᠨ ᠳᠤᠲᠤᠷ᠎ᠠ ᠠᠴᠠ ᠬᠤᠶᠠᠷ ᠬᠤᠪᠢ ᠨᠢ ᠲᠡᠭᠦᠨ ᠤ ᠠᠩᠬᠠᠷᠤᠯ ᠢ ᠮᠠᠰᠢ ᠶᠡᠭᠡ ᠲᠠᠳᠠᠪᠠ᠃ ᠨᠢᠭᠡ ᠨᠢ ᠴᠠᠭᠠᠨ ᠤᠷᠳᠤᠨ ᠳᠤ ᠪᠠᠶᠢᠬᠤ ᠨᠡᠷᠡᠲᠦ ᠬᠦᠮᠦᠨ᠂ ᠨᠢᠭᠡ ᠨᠢ ᠭᠢᠨᠳᠠᠨ ᠳᠤ ᠬᠤᠷᠢᠭᠳᠠᠵᠤ ᠪᠠᠶᠢᠭ᠎ᠠ ᠶᠠᠯᠠᠲᠠᠨ᠃ ᠲᠡᠳᠡ ᠴᠦᠮ ᠠᠳᠠᠯᠢ ᠨᠢᠭᠡ ᠤᠴᠢᠷ ᠢ ᠶᠠᠷᠢᠵᠠᠢ᠃ ᠪᠠᠭ᠎ᠠ ᠶᠢᠨ ᠦᠶ᠎ᠡ ᠳᠤ ᠡᠵᠢ ᠨᠢ ᠠᠯᠮᠤᠷᠠᠳ ᠬᠤᠪᠢᠶᠠᠭᠰᠠᠨ ᠠᠳᠠᠯᠢᠬᠠᠨ ᠶᠠᠪᠤᠳᠠᠯ ᠢ ᠲᠤᠭᠠᠴᠢᠪᠠ᠃      ᠭᠢᠨᠳᠠᠨ ᠳᠤ ᠪᠠᠶᠢᠭ᠎ᠠ ᠶᠠᠯᠠᠲᠠᠨ ᠵᠠᠬᠢᠳᠠᠯ ᠳᠤ ᠪᠠᠨ ᠢᠩᠬᠢᠵᠦ ᠪᠢᠴᠢᠪᠡ᠄ ᠪᠠᠭ᠎ᠠ ᠶᠢᠨ ᠦᠶ᠎ᠡ‌‍ᠳᠤ ᠨᠢᠭᠡᠨ ᠡᠳᠦᠷ ᠡᠵᠢ ᠬᠡᠳᠦᠨ ᠠᠯᠮᠤᠷᠠᠳ ᠠᠪᠴᠢᠷᠠᠪᠠ᠃ ᠤᠯᠠᠭᠠᠨ᠂ ᠨᠤᠭᠤᠭᠠᠨ᠂ ᠶᠡᠭᠡ ᠪᠠᠭ᠎ᠠ ᠲᠠᠢ ᠠᠯᠮᠤᠷᠠᠳ ᠪᠠᠶᠢᠪᠠ᠃ ᠪᠢ ᠬᠠᠮᠤᠭ ᠪᠦᠲᠦᠭᠦᠨ ᠤᠯᠠᠭᠠᠨ ᠠᠯᠮᠤᠷᠠᠳ ᠢ ᠨᠢ ᠤᠯᠵᠤ ᠠᠪᠤᠶ᠎ᠠ ᠭᠡᠵᠦ ᠶᠡᠭᠡ ᠳᠤᠷᠠᠯᠠᠪᠠ᠃ ᠡᠨᠡ ᠦᠶᠡᠰ ᠡᠵᠢ ᠠᠯᠮᠤᠷᠠᠳ ᠢ ᠰᠢᠷᠡᠭᠡᠨ ᠳᠡᠭᠡᠷ᠎ᠡ ᠲᠠᠯᠪᠢᠵᠤ᠂ ᠲᠡᠭᠦᠦ ᠮᠠᠨ ᠤ ᠬᠤᠶᠠᠭᠤᠯᠠ ᠠᠴᠠ᠄ ︽ᠠᠯᠢ ᠶᠢ ᠨᠢ ᠠᠪᠤᠶ᠎ᠠ ᠭᠡᠵᠦ ᠰᠠᠨᠠᠵᠤ ᠪᠠᠶᠢᠬᠤ ᠪᠤᠢ︖︾ ᠭᠡᠵᠦ ᠠᠰᠠᠭᠤᠪᠠ᠃ ᠪᠢ ᠬᠠᠮᠤᠭ ᠪᠦᠳᠦᠭᠦᠨ ᠤᠯᠠᠭᠠᠨ ᠠᠴᠠ ᠨᠢ ᠭᠡᠵᠦ ᠬᠡᠯᠡᠵᠦ ᠠᠮᠵᠢᠬᠤ ᠠᠴᠠ ᠡᠮᠦᠨ᠎ᠡ ᠲᠡᠭᠦᠦ ᠤᠷᠢᠳ ᠢᠶᠠᠷ ᠮᠢᠨᠤ ᠰᠠᠨᠠᠭᠰᠠᠨ ᠢ ᠭᠡᠯᠡᠴᠢᠭᠡᠪᠡ᠃ ᠡᠵᠢ ᠲᠡᠭᠦᠦ ᠶᠢ ᠬᠦᠴᠦᠲᠠᠢ ᠬᠢᠯᠦ᠋ᠢᠵᠦ ᠠᠪᠤᠭᠠᠳ᠄ ︽ᠰᠠᠶᠢᠨ ᠬᠡᠦᠬᠡᠳ ᠪᠤᠯ ᠰᠠᠶᠢᠨ ᠶᠠᠭᠤᠮ᠎ᠠ ᠶᠢ ᠪᠤᠰᠤᠳ ᠲᠤ ᠨᠠᠶᠢᠷ ᠲᠠᠯᠪᠢᠳᠠᠭ ᠰᠢᠤ᠂ ᠥᠪᠡᠷ ᠢ ᠪᠠᠨ ᠯᠡ ᠪᠤᠳᠤᠭᠠᠳ ᠪᠤᠯᠬᠤ ᠦᠭᠡᠢ︾ ᠭᠡᠪᠡ᠃ ᠪᠢ ᠪᠠᠷᠢᠨ ᠰᠠᠨᠠᠭᠰᠠᠨ ᠦᠭᠡ ᠪᠠᠨ ᠡᠷᠬᠢᠭᠦᠯᠵᠦ᠄ ︽ᠡᠵᠢ ᠡ᠂ ᠪᠢ ᠪᠠᠭ᠎ᠠ ᠶᠢ ᠨᠢ ᠠᠪᠤᠶ᠎ᠠ᠂ ᠬᠠᠮᠤᠭ ᠪᠦᠲᠦᠭᠦᠨ ᠤᠯᠠᠭᠠᠨ ᠢ ᠨᠢ ᠲᠡᠭᠦᠦ ᠳᠤ ᠦᠭᠴᠢᠬᠡ︕︾ ᠭᠡᠰᠡᠨ ᠳᠤ ᠡᠵᠢ ᠰᠤᠨᠤᠰᠤᠭᠠᠳ ᠲᠦᠢᠯ ᠢᠶᠠᠷ ᠪᠠᠶᠠᠷᠯᠠᠵᠤ ᠮᠢᠨᠤ ᠮᠠᠩᠨᠠᠢ ᠳᠡᠭᠡᠷ᠎ᠡ ᠬᠦᠴᠦᠲᠠᠢ ᠦᠨᠦᠰᠴᠦ ᠠᠪᠤᠭᠠᠳ ᠬᠠᠮᠤᠭ ᠪᠦᠲᠦᠭᠦᠨ ᠤᠯᠠᠭᠠᠨ ᠠᠯᠮᠤᠷᠠᠳ ᠢ ᠨᠠᠳᠠ ᠳᠤ ᠦᠭᠪᠡ᠃ ᠥᠪᠡᠷ ᠤᠨ ᠤᠯᠵᠤ ᠠᠪᠤᠶ᠎ᠠ ᠭᠡᠰᠡᠨ ᠶᠠᠭᠤᠮ᠎ᠠ ᠪᠠᠨ ᠪᠢ ᠤᠯᠵᠤ ᠠᠪᠤᠯ᠎ᠠ᠃ ᠡᠨᠡ ᠡᠳᠦᠷ ᠠᠴᠠ ᠬᠤᠶᠢᠰᠢ ᠪᠢ ᠬᠤᠳᠠᠯ ᠬᠡᠯᠡᠬᠦ ᠶᠢ ᠰᠤᠷᠪᠠ᠂ ᠰᠡᠭᠦᠯᠡᠷ ᠨᠢ ᠬᠡᠷᠡᠯᠳᠦᠬᠦ᠂ ᠬᠤᠯᠠᠭᠠᠶᠢᠯᠠᠬᠤ᠂ ᠳᠡᠭᠡᠷᠡᠮᠳᠡᠬᠦ ᠶᠢ ᠰᠤᠷᠴᠤ᠂ ᠦᠪᠡᠷ ᠤᠨ ᠵᠤᠷᠢᠭᠰᠠᠨ ᠳᠤ ᠪᠠᠨ ᠬᠦᠷᠬᠦ ᠭᠡᠳ ᠶᠠᠮᠠᠷ ᠴᠦ ᠠᠷᠭ᠎ᠠ ᠪᠠᠷᠢᠯ ᠢ ᠰᠤᠩᠭᠤᠵᠤ ᠬᠡᠷᠡᠭᠯᠡᠬᠦ ᠠᠴᠠ ᠪᠤᠴᠠᠬᠤ ᠦᠭᠡᠢ ᠪᠤᠯᠵᠤ ᠬᠢᠨᠳᠠᠨ ᠳᠤ ᠬᠦᠷᠭᠡᠭᠳᠡᠵᠦ ᠶᠠᠯᠠᠲᠠᠨ ᠪᠤᠯᠪᠠ ᠭᠡᠵᠠᠢ᠃      ᠴᠠᠭᠠᠨ ᠤᠷᠳᠤᠨ ᠳᠤ ᠠᠵᠢᠯᠯᠠᠵᠤ ᠪᠠᠶᠢᠭ᠎ᠠ ᠨᠡᠷᠡᠲᠦ ᠬᠦᠮᠦᠨ ᠢᠩᠬᠢᠵᠦ ᠪᠢᠴᠢᠵᠡᠢ᠄ ᠪᠠᠭ᠎ᠠ ᠶᠢᠨ ᠦᠶ᠎ᠡ ᠳᠤ᠂ ᠨᠢᠭᠡᠨ ᠡᠳᠦᠷ ᠡᠵᠢ ᠬᠡᠳᠦᠨ ᠠᠯᠮᠤᠷᠠᠳ ᠠᠪᠴᠢᠷᠠᠪᠠ᠃ ᠤᠯᠠᠭᠠᠨ᠂ ᠨᠤᠭᠤᠭᠠᠨ᠂ ᠶᠡᠭᠡ ᠪᠠᠭ᠎ᠠ ᠲᠠᠢ ᠠᠯᠮᠤᠷᠠᠳ ᠪᠠᠶᠢᠯ᠎ᠠ᠃ ᠪᠢ ᠲᠡᠭᠦᠦ ᠨᠠᠷ ᠲᠠᠢ ᠪᠠᠨ ᠬᠠᠮᠤᠭ ᠶᠡᠭᠡ ᠤᠯᠠᠭᠠᠨ‌ᠢ ᠨᠢ ᠪᠤᠯᠢᠶᠠᠯᠴᠠᠬᠤ ᠳᠤ ᠡᠵᠢ ᠬᠠᠮᠤᠭ ᠶᠡᠭᠡ ᠤᠯᠠᠭᠠᠨ ᠠᠯᠮᠤᠷᠠᠳ ᠢ ᠭᠠᠷ ᠲᠤ ᠪᠠᠨ ᠪᠠᠷᠢᠵᠤ᠄ ︽ᠡᠨᠡ ᠬᠦ ᠬᠠᠮᠤᠭ ᠰᠠᠶᠢᠨ ᠠᠯᠮᠤᠷᠠᠳ ᠢ ᠬᠡᠨ ᠴᠦ ᠣᠯᠣᠶ᠎ᠠ ᠭᠡᠵᠦ ᠰᠠᠨᠠᠵᠤ ᠪᠠᠶᠢᠨ᠎ᠠ᠂ ᠲᠡᠭᠡᠪᠡᠯ ᠪᠢᠳᠡ ᠨᠢᠭᠡ ᠤᠷᠤᠯᠳᠤᠭᠠᠨ ᠶᠠᠪᠤᠭᠤᠯᠤᠶ᠎ᠠ᠂ ᠪᠢ ᠡᠭᠦᠳᠡᠨ ᠡᠮᠦᠨᠡᠬᠢ ᠡᠪᠡᠰᠦᠨ ᠲᠠᠯᠠᠪᠠᠢ ᠶᠢ ᠳᠡᠭᠰᠢ ᠭᠤᠷᠪᠠᠨ ᠭᠡᠰᠡᠭ ᠬᠤᠪᠢᠶᠠᠶ᠎ᠠ᠂ ᠲᠠ ᠭᠤᠷᠪᠠᠭᠤᠯᠠ ᠨᠢᠭᠡ ᠬᠦᠮᠦᠨ ᠤ ᠨᠢᠭᠡ ᠭᠡᠰᠡᠭ ᠢ ᠬᠠᠷᠢᠭᠤᠴᠠᠨ᠎ᠠ᠂ ᠬᠡᠨ ᠨᠢ ᠬᠠᠮᠤᠭ ᠲᠦᠷᠭᠡᠨ ᠬᠠᠮᠤᠭ ᠰᠠᠶᠢᠬᠠᠨ ᠬᠢᠷᠪᠢᠵᠦ ᠴᠢᠳᠠᠪᠠᠯ ᠲᠡᠷᠡ ᠡᠨᠡ ᠠᠯᠮᠤᠷᠠᠳ ᠢ ᠤᠯᠬᠤ ᠡᠷᠬᠡ ᠲᠠᠢ ᠪᠤᠯᠤᠨ᠎ᠠ︾ ᠭᠡᠪᠡ᠃ ᠪᠢ ᠬᠠᠮᠤᠭ ᠲᠦᠷᠭᠡᠨ ᠬᠠᠮᠤᠭ ᠰᠠᠶᠢᠬᠠᠨ ᠬᠠᠶᠢᠴᠢᠯᠠᠭᠰᠠᠨ ᠲᠤᠯᠠ ᠬᠠᠮᠤᠭ ᠶᠡᠭᠡ ᠬᠠᠮᠤᠭ ᠤᠯᠠᠭᠠᠨ ᠠᠯᠮᠤᠷᠠᠳ ᠢ ᠤᠯᠪᠠ᠃ ᠪᠢ ᠡᠵᠢ ᠳᠤ ᠪᠠᠨ ᠲᠠᠯᠠᠷᠬᠠᠨ᠎ᠠ᠂ ᠲᠡᠷᠡ ᠨᠠᠳᠠ ᠳᠤ ᠬᠠᠮᠤᠭ ᠲᠦᠭᠦᠮ᠂ ᠮᠦᠨ ᠴᠦ ᠬᠠᠮᠤᠭ ᠴᠢᠬᠤᠯᠠ ᠪᠤᠯᠬᠤ ᠶᠤᠰᠤ ᠶᠢ ᠲᠠᠨᠢᠭᠤᠯᠪᠠ᠃ ᠳᠠᠷᠤᠢ ᠬᠠᠮᠤᠭ ᠰᠠᠶᠢᠨ ᠢ ᠤᠯᠤᠶ᠎ᠠ ᠭᠡᠪᠡᠯ ᠨᠢᠭᠡᠳᠦᠭᠡᠷ ᠢ ᠤᠯᠬᠤ ᠪᠠᠷ ᠴᠢᠷᠮᠠᠶᠢᠬᠤ ᠬᠡᠷᠡᠭᠲᠠᠢ᠃ ᠶᠠᠭᠤ ᠤᠯᠬᠤ᠂ ᠬᠡᠳᠦᠢ ᠶᠢ ᠤᠯᠬᠤ ᠭᠡᠪᠡᠯ ᠡᠷᠬᠡᠪᠰᠢ ᠲᠡᠳᠦᠢ ᠶᠢᠨ ᠴᠢᠷᠮᠠᠶᠢᠯᠭ᠎ᠠ ᠵᠠᠷᠤᠴᠠᠭᠤᠯᠬᠤ ᠬᠡᠷᠡᠭᠲᠠᠢ ᠭᠡᠰᠡᠨ ᠶᠤᠰᠤ ᠶᠢ ᠮᠡᠳᠡᠭᠦᠯᠪᠡ ᠭᠡᠵᠠᠢ᠃ ᠠᠳᠠᠯᠢᠬᠠᠨ ᠨᠢᠭᠡ ᠠᠯᠮᠤᠷᠠᠳ ᠬᠤᠪᠢᠶᠠᠭᠰᠠᠨ ᠶᠠᠪᠤᠳᠠᠯ ᠳᠤ ᠬᠠᠨᠳᠤᠭᠰᠠᠨ ᠬᠤᠶᠠᠷ ᠡᠵᠢ ᠶᠢᠨ ᠠᠳᠠᠯᠢ ᠪᠤᠰᠤ ᠦᠢᠯᠡ ᠠᠵᠢᠯᠯᠠᠭ᠎ᠠ ᠨᠢ ᠬᠤᠶᠠᠷ ᠲᠦᠢᠯ ᠤᠨ ᠬᠦᠮᠦᠨ ᠢ ᠬᠦᠮᠦᠵᠢᠭᠦᠯᠵᠦ ᠭᠠᠷᠭᠠᠵᠠᠢ᠃ ᠡᠶᠢᠮᠦ ᠠᠴᠠ ᠡᠬᠡ ᠪᠤᠯᠤᠭᠰᠠᠨ ᠬᠦᠮᠦᠨ ᠵᠢᠵᠢᠭ ᠰᠠᠵᠢᠭ ᠤᠴᠢᠷ ᠶᠠᠪᠤᠳᠠᠯ ᠳᠤ ᠴᠠᠯᠠᠭᠠᠶᠢᠳᠠᠵᠤ ᠪᠤᠯᠬᠤ ᠦᠭᠡᠢ᠂ ᠤᠶᠤᠨ ᠤᠬᠠᠭᠠᠨ ᠢᠶᠠᠨ ᠰᠢᠪᠬᠠᠵᠤ᠂ ᠳᠠᠷᠢᠬᠢ ᠲᠤᠯᠤᠭᠠᠢ ᠪᠠᠨ ᠬᠦᠳᠡᠯᠭᠡᠨ ᠤᠶᠤᠨᠴᠢ ᠪᠠᠷ ᠬᠠᠨᠳᠤᠬᠤ ᠬᠡᠷᠡᠭᠲᠠᠢ ᠭᠡᠰᠡᠨ ᠢ ᠵᠠᠪᠠᠯ ᠠᠩᠬᠠᠷᠤᠯ ᠳᠤ ᠪᠠᠨ ᠠᠪᠬᠤ ᠬᠡᠷᠡᠭᠲᠠᠢ᠃ ᠤᠯᠠᠨ ᠤᠳᠠᠭᠠᠨ ᠤ ᠰᠤᠳᠤᠯᠭᠠᠨ ᠤ ᠦᠷ᠎ᠡ ᠳ᠋ᠦᠩ ᠠᠴᠠ ᠦᠵᠡᠪᠡᠯ ᠤᠯᠠᠩᠬᠢ ᠠᠮᠵᠢᠯᠲᠠ ᠤᠯᠤᠭᠰᠠᠨ ᠬᠦᠮᠦᠰ ᠤᠨ ᠡᠬᠡ ᠨᠢ ᠠᠭᠤᠵᠢᠭᠤ ᠲᠠᠯᠪᠢᠭᠤ ᠵᠠᠩ ᠲᠠᠢ᠂ ᠠᠭᠤᠷᠯᠠᠵᠤ ᠤᠴᠠᠭᠠᠷᠯᠠᠬᠤ ᠨᠢ ᠴᠦᠭᠡᠨ᠂ ᠮᠡᠳᠡᠯᠭᠡ ᠰᠤᠷᠬᠤ ᠶᠢ ᠬᠦᠭᠡᠭᠡᠴᠡᠯᠳᠦᠳᠡᠭ ᠬᠦᠮᠦᠰ ᠪᠠᠶᠢᠵᠠᠢ ᠭᠡᠵᠦ ᠨᠤᠲᠠᠯᠠᠵᠤ ᠪᠤᠢ᠃ ᠡᠷᠳᠡᠮᠳᠡᠳ ᠤᠨ ᠦᠵᠡᠬᠦ ᠪᠠᠷ᠂ ᠦᠭᠡᠯᠦᠨ ᠡᠬᠡ ᠪᠤᠯ ᠦᠲᠡᠭᠦᠰ ᠦᠭᠡ᠂ ᠰᠤᠶᠤᠭᠠᠷ ᠦᠭᠡ ᠶᠢ ᠰᠠᠶᠢᠨ ᠮᠡᠳᠡᠳᠡᠭ ᠰᠡᠴᠡᠨ ᠰᠡᠷᠭᠦᠯᠡᠩ ᠰᠤᠷᠭᠠᠨ ᠬᠦᠮᠦᠵᠢᠭᠦᠯᠦᠭᠴᠢ ᠮᠦᠨ ᠭᠡᠵᠠᠢ᠃ ᠦᠭᠡᠯᠦᠨ ᠡᠬᠡ ᠶᠢᠨ ᠬᠦᠮᠦᠵᠢᠯ ᠳᠤᠤᠷ᠎ᠠ ᠴᠢᠩᠭᠢᠰ ᠬᠠᠭᠠᠨ ᠪᠦᠮᠪᠦᠷᠴᠡᠭ ᠤᠨ ᠬᠠᠭᠠᠰ ᠢ ᠡᠵᠡᠯᠡᠭᠰᠡᠨ ᠴᠢᠳᠠᠪᠤᠷᠢᠲᠠᠨ ᠪᠤᠯᠤᠨ ᠬᠦᠮᠦᠵᠢᠭᠳᠡᠵᠦ ᠳᠡᠯᠡᠬᠡᠢ ᠶᠢᠨ ᠠᠯᠳᠠᠷᠲᠤ ᠬᠦᠮᠦᠨ ᠪᠤᠯᠪᠠ᠃      ᠮᠤᠩᠭᠤᠯ ᠤᠯᠠᠮᠵᠢᠯᠠᠯᠲᠤ ᠶᠤᠰᠤ ᠵᠠᠩᠰᠢᠯ ᠳᠤ᠂ ᠡᠬᠡ ᠬᠦᠮᠦᠨ ᠤ ᠬᠤᠪᠢ ᠳᠤ ︽ᠬᠡᠭᠡᠷ ᠠᠯᠠᠭ ᠠᠴᠠ ᠰᠢᠭᠢᠷ᠎ᠡ ᠠᠯᠠᠭ᠂ ᠭᠡᠯᠳᠡᠩ ᠭᠡᠬᠦᠦ ᠠᠴᠠ ᠱᠤᠪᠳᠤᠩ ᠤᠨᠠᠭ᠎ᠠ︾ ᠭᠡᠬᠦ ᠪᠤᠶᠤ ︽ᠦᠬᠢᠨ ᠢ ᠨᠢ ᠠᠪᠬᠤ ᠬᠦᠮᠦᠨ ᠡᠵᠢ ᠶᠢ ᠨᠢ ᠦᠵᠡ︾᠂ ︽ᠶᠠᠩᠰᠢᠶ᠎ᠠ ᠡᠬᠡ ᠠᠴᠠ ᠶᠠᠷᠢᠶ᠎ᠠ ᠦᠬᠢᠨ︾᠂ ︽ᠬᠡᠷᠡᠭᠦᠯᠴᠢ ᠡᠬᠡ ᠶᠢᠨ ᠬᠠᠷᠢᠶᠠᠯᠴᠢ ᠦᠬᠢᠨ︾ ᠭᠡᠬᠦ ᠮᠡᠲᠦ ᠶᠢᠨ ᠦᠬᠢᠳ ᠬᠦᠪᠡᠭᠦᠳ ᠤᠨ ᠠᠯᠢᠪᠠ ᠵᠠᠩ ᠲᠦᠷᠬᠦ᠂ ᠶᠤᠰᠤ ᠰᠤᠷᠲᠠᠬᠤᠨ ᠤ ᠪᠦᠷᠢᠯᠳᠦᠯ ᠵᠢᠴᠢ ᠤᠶᠤᠨ ᠤᠬᠠᠭᠠᠨ ᠤ ᠬᠦᠭᠵᠢᠯᠲᠡ ᠨᠢ ᠪᠦᠷ ᠡᠬᠡ ᠶᠢᠨ ᠰᠤᠷᠭᠠᠯ ᠠᠴᠠ ᠰᠠᠯᠵᠤ ᠪᠤᠯᠤᠰᠢ ᠦᠭᠡᠢ ᠭᠡᠳᠡᠭ ᠢ ᠦᠭᠦᠯᠡᠵᠦ᠂ ᠡᠬᠡ ᠪᠤᠯᠤᠭᠰᠠᠳ‌‍ᠤᠨ ᠬᠦᠨᠳᠦ ᠴᠢᠬᠤᠯᠠ ᠡᠭᠦᠷᠭᠡ ᠬᠠᠷᠢᠭᠤᠴᠠᠯᠭ᠎ᠠ ᠵᠢᠴᠢ ᠤᠨᠴᠠ ᠦᠢᠯᠡᠳᠦᠯ ᠬᠡᠷᠡᠭᠴᠡᠭᠡ ᠶᠢ ᠳᠤᠲᠤᠷᠬᠠᠶᠢᠯᠠᠭᠰᠠᠨ ᠪᠠᠶᠢᠳᠠᠭ᠃ ᠮᠤᠩᠭᠤᠯᠴᠤᠳ ᠡᠨᠡ ᠲᠠᠯ᠎ᠠ ᠪᠠᠷ ᠮᠠᠰᠢ ᠡᠷᠲᠡ ᠮᠡᠳᠡᠳᠡᠭ᠂ ᠤᠤᠯ ᠨᠢ ᠠᠪᠤ ᠡᠵᠢ ᠨᠢ ᠬᠦᠦ ᠳᠤ ᠪᠠᠨ ᠪᠡᠷᠢ ᠠᠰᠠᠭᠤᠵᠤ ᠦᠭᠬᠦ ᠦᠶ᠎ᠡ ᠳᠤ ᠪᠠᠨ ᠤᠷᠢᠳᠠᠪᠡᠷ ᠡᠬᠡ ᠶᠢ ᠨᠢ ᠦᠵᠡᠳᠡᠭ᠃ ᠡᠬᠡ ᠨᠢ ︽ᠤᠯᠠᠭᠠᠨ ᠭᠠᠯᠵᠠᠭᠤ︾ ᠠᠶᠢᠯ ᠤᠨ ᠬᠡᠦᠬᠡᠨ ᠢ ᠠᠰᠠᠭᠤᠳᠠᠭ ᠦᠭᠡᠢ ᠪᠠᠶᠢᠭᠰᠠᠨ ᠭᠡᠨ᠎ᠡ᠃ ᠤᠴᠢᠷ ᠨᠢ ᠬᠡᠦᠬᠡᠨ ᠬᠦᠮᠦᠨ ᠡᠬᠡ ᠶᠢᠨ ᠢᠶᠠᠨ ᠵᠠᠩ ᠠᠭᠠᠰᠢ ᠶᠢ ᠶᠡᠬᠡᠳᠡ ᠳᠠᠭᠤᠷᠢᠶᠠᠳᠠᠭ ᠶᠤᠮ᠃ ︽ᠰᠠᠶᠢᠨ ᠪᠡᠷᠢ ᠭᠤᠷᠪᠠᠨ ᠦᠶ᠎ᠡ ᠶᠢ ᠳᠡᠭᠡᠭᠰᠢ ᠳᠠᠲᠠᠨ᠎ᠠ︾ ᠭᠡᠳᠡᠭ ᠢ ᠦᠨᠡᠨ ᠰᠠᠨᠠᠭᠠᠨ ᠠᠴᠠ ᠪᠠᠨ ᠮᠡᠳᠡᠷᠡᠳᠡᠭ ᠶᠤᠮ ᠪᠠᠶᠢᠨ᠎ᠠ᠃      ᠮᠤᠩᠭᠤᠯ ᠠᠶᠢᠯ ᠭᠡᠷ ᠤᠨ ᠲᠢᠭ ᠶᠤᠰᠤ᠂ ᠦᠨᠳᠦᠰᠦᠲᠡᠨ ᠤ ᠵᠠᠩ ᠦᠢᠯᠡ ᠰᠤᠶᠤᠯ ᠤᠨ ᠤᠯᠠᠮᠵᠢᠯᠠᠯ ᠲᠡᠷᠡ ᠪᠦᠬᠦᠨ ᠮᠤᠩᠭᠤᠯ ᠡᠬᠡᠴᠦᠤᠯ ᠤᠨ ᠰᠤᠷᠭᠠᠯ ᠢᠶᠠᠷ ᠳᠠᠮᠵᠢᠨ ᠤᠯᠠᠮᠵᠢᠯᠠᠭᠳᠠᠭᠰᠠᠭᠠᠷ ᠢᠷᠡᠭᠰᠡᠨ ᠰᠢᠤ ᠳ᠋ᠠ︕ ᠡ᠊ᠨᠳᠡ ᠮᠠᠨᠳᠤᠬᠠᠢ ᠰᠡᠴᠡᠨ ᠬᠠᠳᠤᠨ ᠤ ᠳᠤᠬᠠᠢ ᠦᠯᠢᠭᠡᠷ ᠶᠠᠷᠢᠶ᠎ᠠ᠃ ᠲᠡᠷᠡ ᠪᠠᠷ ᠪᠠᠳᠤᠮᠦ᠋ᠩᠬᠡ ᠳᠡᠶᠠᠨ ᠬᠠᠭᠠᠨ ᠢ ᠨᠢᠯᠬ᠎ᠠ ᠪᠠᠯᠴᠢᠷ ᠪᠠᠶᠢᠬᠤ ᠳᠤ ᠨᠢ ᠬᠠᠳᠤᠨ ᠨᠢ ᠮᠦᠷᠲᠡᠭᠡᠨ ᠡᠵᠢ ᠶᠢᠨ ᠤᠷᠤᠨ ᠳᠤ ᠡᠵᠢ ᠨᠢ ᠪᠠᠶᠢᠵᠤ ᠦᠰᠭᠡᠵᠦ ᠬᠦᠮᠦᠵᠢᠭᠦᠯᠬᠦ ᠠᠴᠠ ᠦᠭᠰᠦᠭᠦᠯᠦᠭᠡᠳ ᠪᠤᠳᠠᠷᠠᠭᠰᠠᠨ ᠤᠯᠤᠰ ᠢ ᠨᠢ ᠨᠢᠭᠡᠳᠭᠡᠵᠦ᠂ ᠲᠦᠷᠦ ᠶᠢᠨ ᠵᠢᠯᠤᠭᠤ ᠶᠢ ᠠᠳᠬᠤᠭᠤᠯᠵᠤ ᠦᠭᠬᠦ ᠶᠢᠨ ᠵᠡᠷᠭᠡ ᠪᠠᠷ ᠠᠯᠢᠪᠠ ᠪᠦᠬᠦᠨ ᠢ ᠨᠢ ᠬᠠᠮᠵᠢᠯᠴᠠᠨ ᠬᠦᠢᠴᠡᠳᠭᠡᠭᠰᠡᠨ ᠶᠤᠮ᠃ ᠲᠡᠭᠡᠭᠡᠳ ᠡᠷ᠎ᠡ‌‍ᠶᠢᠨ ᠴᠡᠭᠡᠯ ᠳᠤ ᠬᠦᠷᠦᠭᠰᠡᠨ ᠤ ᠬᠢᠨᠢ ᠳᠠᠷᠠᠭ᠎ᠠ᠄ ︽ᠪᠢ ᠨᠢᠭᠡᠨ ᠪᠦᠰᠡᠬᠦᠢ ᠬᠦᠮᠦᠨ ᠲᠦᠷᠦ ᠶᠢᠨ ᠠᠵᠢᠯ‌‍ᠳᠤ ᠤᠷᠤᠯᠴᠠᠬᠤ ᠨᠢ ᠵᠦᠢ ᠦᠭᠡᠢ᠃ ᠠᠯᠲᠠᠨ ᠤᠷᠤᠭ ᠤᠨ ᠵᠠᠯᠭᠠᠮᠵᠢᠯᠠᠭᠴᠢ ᠪᠤᠯᠤᠭᠰᠠᠨ ᠲᠡᠶᠡᠨ ᠬᠠᠭᠠᠨ ᠥᠪᠡᠷ ᠢᠶᠠᠨ ᠮᠠᠳᠡᠭᠳᠦᠨ︾ ᠬᠡᠮᠡᠭᠡᠳ ᠰᠠᠶᠢᠨ ᠳᠤᠷ᠎ᠠ ᠠᠴᠠ ᠪᠠᠨ ᠭᠡᠷ ᠤᠨ ᠡᠵᠡᠭᠲᠠᠢ ᠪᠤᠯᠤᠭᠰᠠᠨ ᠰᠠᠨ᠃ ᠡᠨᠡ ᠨᠢ ᠬᠠᠳᠤᠨ ᠬᠦᠮᠦᠨ ᠤ ᠡᠭᠦᠷᠭᠡ ᠬᠠᠷᠢᠭᠤᠴᠠᠯᠭ᠎ᠠ ᠪᠤᠯ ᠬᠠᠭᠠᠨ ᠲᠦᠷᠦ ᠶᠢᠨ ᠵᠠᠯᠭᠠᠮᠵᠢᠯᠠᠭᠴᠢ ᠶᠢ ᠬᠦᠮᠦᠵᠢᠭᠦᠯᠬᠦ ᠶᠠᠪᠤᠳᠠᠯ ᠬᠡᠮᠡᠨ ᠲᠤᠳᠤ ᠤᠬᠠᠭᠠᠷᠠᠭᠰᠠᠨ ᠤ ᠬᠢ ᠪᠤᠯᠤᠢ᠃      ᠶᠠᠫᠤᠨ ᠳᠤ ᠡᠮᠡᠭᠲᠠᠢ ᠬᠦᠮᠦᠨ ᠬᠡᠦᠬᠡᠳ ᠲᠦᠷᠦᠮᠡᠭᠴᠡ ᠠᠯᠪᠠᠨ ᠠᠵᠢᠯ ᠬᠢᠳᠡᠭ ᠦᠭᠡᠢ ︵ᠤᠯᠤᠰ ᠠᠴᠠ ᠨᠦᠬᠦᠪᠦᠷᠢ ᠦᠭᠳᠡᠭ︶᠃ ᠭᠡᠷ ᠲᠤ ᠪᠠᠨ ᠬᠡᠦᠬᠡᠳ ᠢᠶᠠᠨ ᠦᠰᠭᠡᠨ ᠬᠦᠮᠦᠵᠢᠭᠦᠯᠵᠦ ᠰᠠᠭᠤᠳᠠᠭ᠃ ᠭᠡᠬᠦ ᠳᠤ ᠪᠠᠨ ᠨᠤᠮ ᠤᠨ ᠰᠠᠩ ᠳᠤ ᠤᠴᠢᠵᠤ ᠬᠡᠦᠬᠡᠳ ᠲᠠᠢ ᠪᠠᠨ ᠬᠠᠮᠲᠤ ᠨᠤᠮ ᠤᠩᠰᠢᠵᠤ ᠰᠠᠭᠤᠳᠠᠭ᠃ ᠶᠠᠫᠤᠨ ᠬᠦᠮᠦᠨ ᠤ ᠬᠡᠪ ᠴᠢᠨᠠᠷ ᠦᠨᠳᠦᠷ ᠪᠠᠶᠢᠳᠠᠭ ᠪᠠ ᠰᠢᠨᠵᠢᠯᠡᠭᠡ ᠮᠡᠷᠭᠡᠵᠢᠯ ᠤᠨ ᠦᠳᠲᠡᠷ ᠲᠦᠷᠭᠡᠨ ᠬᠦᠭᠵᠢᠯᠲᠡ ᠨᠢ ᠡᠭᠦᠨ ᠲᠠᠢ ᠬᠤᠯᠪᠤᠭ᠎ᠠ ᠲᠠᠢ ᠭᠡᠵᠦ ᠭᠠᠳᠠᠭᠠᠳᠤ ᠲᠤᠲᠤᠭᠠᠳᠤ ᠶᠢᠨ ᠰᠤᠳᠤᠯᠭᠠᠲᠠᠳ ᠰᠠᠨᠠᠯ ᠨᠢᠭᠡᠲᠠᠢ ᠦᠵᠡᠵᠦ ᠪᠠᠶᠢᠨ᠎ᠠ᠃     ︽ᠡᠵᠢ ᠶᠢᠨ ᠬᠠᠷᠠᠮ ᠦᠭᠡᠢ ᠬᠤᠶᠢᠰᠢ ᠦᠭᠡᠢ ᠬᠠᠶᠢᠷ᠎ᠠ ᠬᠠᠪᠰᠤᠷᠤᠯᠭ᠎ᠠ ᠦᠭᠡᠢ ᠪᠤᠯ ᠬᠡᠦᠬᠡᠳ ᠤᠨ ᠤᠶᠤᠨ ᠰᠠᠨᠠᠭ᠎ᠠ ᠬᠤᠪᠠᠭ᠋ᠠᠢ ᠡᠯᠡᠰᠦ ᠰᠢᠭ ᠪᠤᠯᠳᠠᠭ︾ ᠭᠡᠰᠡᠨ ᠠᠩᠭ᠍ᠯᠢ ᠶᠢᠨ ᠰᠡᠴᠡᠨ ᠦᠭᠡ ᠪᠠᠶᠢᠳᠠᠭ᠃ ᠬᠦᠮᠦᠨ ᠤ ᠨᠢᠭᠡ ᠨᠠᠰᠤᠨ ᠤ ᠬᠦᠮᠦᠵᠢᠯ ᠳᠤ ᠡᠬᠡ ᠶᠢᠨ ᠬᠦᠮᠦᠵᠢᠯ ᠪᠤᠯ ᠬᠠᠮᠤᠭ ᠤᠨ ᠴᠢᠬᠤᠯᠠ᠂ ᠬᠠᠮᠤᠭ ᠤᠨ ᠰᠠᠭᠤᠷᠢ ᠬᠦᠮᠦᠵᠢᠯ ᠮᠦᠨ ᠭᠡᠰᠡᠨ ᠢ ᠤᠬᠠᠭᠠᠷᠠᠬᠤ ᠶᠤᠰᠤᠲᠠᠢ᠃ ᠬᠡᠦᠬᠡᠳ ᠡᠬᠡ ᠶᠢᠨ ᠢᠶᠠᠨ ᠬᠡᠪᠡᠯᠢ ᠳᠤ ᠬᠦᠮᠦᠨ ᠲᠦᠷᠦᠯ ᠤᠯᠤᠭᠰᠠᠨ ᠴᠠᠭ ᠠᠴᠠ ᠳᠠᠭᠤ ᠶᠢ ᠨᠢ ᠰᠤᠨᠤᠰᠴᠤ᠂ ᠨᠦᠯᠦᠭᠡ ᠶᠢ ᠨᠢ ᠭᠦᠷᠲᠡᠳᠡᠭ᠃ ᠡᠶᠢᠮᠦ ᠠᠴᠠ ᠡᠬᠡ ᠪᠤᠯᠤᠭᠰᠠᠳ ᠨᠤᠮ ᠪᠢᠴᠢᠭ ᠤᠩᠰᠢᠬᠤ᠂ ᠡᠷᠳᠡᠮᠲᠡᠨ ᠪᠠᠭᠰᠢ ᠨᠠᠷ ᠤᠨ ᠬᠢᠴᠢᠶᠠᠯ ᠢ ᠰᠤᠨᠤᠰᠬᠤ᠂ ᠲᠤᠭᠤᠷᠢᠨ ᠰᠤᠷᠤᠯᠴᠠᠬᠤ ᠭᠡᠬᠦ ᠮᠡᠲᠦ ᠶᠢᠨ ᠠᠷᠭ᠎ᠠ ᠪᠠᠷ ᠥᠪᠡᠷ ᠤᠨ ᠬᠡᠦᠬᠡᠳ ᠬᠦᠮᠦᠵᠢᠭᠦᠯᠬᠦ ᠮᠡᠳᠡᠯᠭᠡ ᠪᠠᠨ ᠦᠷᠭᠡᠳᠭᠡᠵᠦ᠂ ᠥᠪᠡᠷ ᠤᠨ ᠬᠡᠪ ᠴᠢᠨᠠᠷ ᠢᠶᠠᠨ ᠳᠠᠰᠤᠷᠠᠯᠲᠠ ᠦᠭᠡᠢ ᠳᠡᠭᠡᠭᠰᠢᠯᠡᠭᠦᠯᠵᠦ᠂ ᠬᠡᠦᠬᠡᠳ ᠤᠨ ᠬᠦᠮᠦᠵᠢᠯ ᠳᠤ ᠡᠬᠡ ᠬᠦᠮᠦᠨ ᠤ ᠬᠦᠮᠦᠵᠢᠯ ᠬᠠᠮᠤᠭ ᠤᠨ ᠵᠠᠩᠭᠢᠯᠠᠭ᠎ᠠ ᠭᠡᠰᠡᠨ ᠢ ᠪᠠᠳᠤ ᠮᠡᠳᠡᠷᠡᠬᠦ ᠬᠡᠷᠡᠭᠲᠠᠢ᠃         ᠬᠠᠶ᠋ᠢᠬ᠄  ᠪᠠᠷᠠᠭᠤᠨ ᠦᠵᠦᠮᠦᠴᠢᠨ ᠬᠤᠰᠢᠭᠤᠨ ᠤ ᠰᠤᠷᠤᠯᠭ᠎ᠠ ᠶᠢᠨ ᠳᠡᠳᠬᠦᠮᠵᠢ ᠶᠢᠨ ᠲᠦᠪ                                      ︵ᠪᠠᠭᠠᠨ᠎ᠠ ᠨᠠᠶᠢᠷᠠᠭᠤᠯᠪᠠ︶                                      2019 ᠣᠨ ᠤ 12 ᠳ᠋ᠤᠭᠠᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map