ᠮᠣᠩᠭᠤᠯ ᠦᠨᠳᠣᠰᠣᠳᠡᠨ ᠤ ᠤᠯᠠᠮᠵᠢᠯᠠᠯᠲᠦ ᠨᠠᠭᠠᠳᠣᠮ ᠲᠣᠬᠯᠠᠭᠠᠮ ᠳᠤ ᠬᠢ ᠰᠣᠷᠭᠠᠨ ᠭᠦᠮᠣᠵᠢᠯ ᠢ ᠣᠳᠣᠭᠢ ᠭᠡᠣᠭᠡᠳ ᠤᠨ ᠴᠡᠴᠡᠷᠯᠢᠭ ᠤᠨ ᠰᠤᠷᠭᠠᠨ ᠭᠦᠮᠦᠵᠢᠯ ᠳᠤ ᠦᠢᠯᠡᠴᠢᠯᠡᠭᠦᠯᠭᠦ ᠨᠢ
ᠨᠡᠶᠢᠲᠡᠯᠡᠭᠰᠡᠨ ᠴᠠᠭ᠄
2020/5/14
                                ᠪᠠᠭᠠᠳᠣᠷ      ᠮᠠᠨ ᠤ ᠮᠣᠩᠭᠤᠯᠴᠤᠳ ᠰᠤᠷᠭᠠᠨ ᠭᠥᠮᠥᠵᠢᠯ ᠤᠨ ᠲᠤᠬᠠᠢ ᠲᠠᠢ ᠠᠯᠢ ᠤᠯᠠᠨ ᠲᠤᠷᠰᠢᠯᠭ᠎ᠠ ᠰᠤᠷᠭᠠᠮᠵᠢ ᠶᠢ ᠬᠤᠷᠠᠮᠳᠤᠭᠤᠯᠵᠤ ᠲᠠᠭᠦᠨ ᠢ ᠪᠠᠨ ᠦᠷ᠎ᠠ ᠭᠡᠤᠭᠡᠳ ᠲᠤ ᠪᠠᠨ ᠤᠯᠠᠮᠵᠢᠯᠠᠵᠤ ᠠᠰᠢᠭᠯᠠᠨ ᠭᠡᠷᠡᠭᠯᠡᠭᠰᠡᠭᠡᠷ ᠢᠷᠡᠵᠡᠢ᠃ ᠭᠡᠪᠡᠴᠦ ᠣᠳᠣᠬᠠᠨ ᠤ ᠰᠢᠨᠡᠴᠢᠯᠡᠯᠲᠡ ᠭᠥᠭᠵᠢᠯᠲᠡ ᠶᠢᠨ ᠴᠠᠭ ᠡᠷᠡᠨ ᠳᠤ ᠮᠣᠩᠭᠤᠯ ᠥᠡᠳᠥᠰᠥᠳᠡᠨ ᠤ ᠤᠯᠠᠮᠵᠢᠯᠠᠯᠲᠤ ᠠᠮᠢᠳᠤᠷᠠᠯ ᠤᠨ ᠭᠡᠯᠪᠠᠷᠢ᠂ ᠦᠢᠯᠡᠳᠪᠦᠷᠢᠯᠡᠯ ᠤᠨ ᠠᠷᠭ᠎ᠠ ᠪᠠᠷᠢᠯ ᠳᠤ ᠥᠨᠳᠥᠰᠥᠨ ᠬᠤᠪᠢᠷᠠᠯᠲᠠ ᠭᠠᠷᠴᠦ ᠴᠠᠭ ᠥᠶ᠎ᠡ ᠶᠢᠨ ᠣᠨᠴᠠᠯᠢᠭ ᠲᠤ ᠲᠣᠭᠢᠷᠠᠭᠰᠠᠨ ᠰᠢᠨ᠎ᠡ ᠵᠥᠢᠯ ᠤᠳ ᠢᠯᠡᠷᠡᠵᠤ ᠪᠠᠶᠢᠭ᠎ᠠ ᠪᠠᠶᠢᠳᠠᠯ ᠳᠤᠤᠷ᠎ᠠ ᠤᠯᠠᠮᠵᠢᠯᠠᠯᠲᠤ ᠵᠥᠢᠯ ᠢ ᠭᠡᠷᠡᠭᠯᠡᠭᠡᠨ ᠠᠴᠠ ᠭᠠᠷᠤᠭᠰᠠᠨ ᠭᠡᠵᠤ ᠪᠤᠷᠤᠭᠤ ᠣᠶᠢᠯᠠᠭᠠᠨ ᠲᠡᠭᠦᠨ ᠢ ᠴᠢᠳᠠᠮᠠᠭᠠᠢ ᠠᠰᠢᠭᠯᠠᠬᠤ ᠪᠠᠶᠢᠲᠤᠭᠠᠢ ᠵᠠᠶᠢᠯᠠᠰᠭᠢᠬᠤ ᠪᠠᠶᠢᠳᠠᠯ ᠴᠤ ᠢᠯᠡᠷᠡᠵᠦ ᠪᠤᠢ᠃ ᠡᠶᠢᠮᠤ ᠠᠴᠠ ᠪᠢᠳᠠ ᠭᠡᠷ ᠪᠦᠯᠢ ᠶᠢᠨ ᠭᠦᠮᠣᠵᠢᠯ ᠪᠠ ᠭᠡᠣᠭᠡᠳ ᠤᠨ ᠴᠡᠴᠡᠷᠯᠢᠭ ᠤᠨ ᠰᠤᠷᠭᠠᠨ ᠭᠥᠮᠣᠵᠢᠯ ᠳᠤ᠂ ᠣᠨᠴᠠᠭᠠᠶᠢᠯᠠᠨ ᠮᠣᠩᠭᠤᠯ ᠭᠡᠤᠭᠡᠳ ᠤᠨ ᠴᠡᠴᠡᠷᠯᠢᠭ ᠤᠨ ᠰᠤᠷᠭᠠᠨ ᠭᠥᠮᠣᠵᠢᠯ ᠳᠤ ᠠᠷᠠᠳ ᠤᠨ ᠰᠤᠷᠭᠠᠨ ᠬᠥᠮᠥᠵᠢᠭᠦᠯᠬᠦ ᠵᠥᠢ ᠶᠢ ᠣᠨᠴᠠ ᠠᠩᠬᠠᠷᠤᠨ ᠢᠳᠡᠪᠬᠢᠲᠡᠢ ᠠᠰᠢᠭᠯᠠᠬᠤ ᠨᠢ ᠵᠦᠢᠳᠠᠢ ᠨᠢ ᠦᠵᠡᠵᠦ ᠪᠤᠢ᠃      ᠨᠢᠭᠡ᠂ ᠮᠣᠩᠭᠤᠯᠴᠤᠳ ᠤᠨ ᠣᠯᠠᠮᠵᠢᠯᠠᠯᠳᠣ ᠭᠡᠣᠭᠡᠳ ᠤᠨ ᠨᠠᠭᠠᠳᠣᠮ ᠲᠣᠬᠯᠠᠭᠠᠮ ᠨᠢ ᠭᠠᠵᠠᠷ ᠣᠷᠤᠨ ᠤ ᠮᠣᠩᠭᠤᠯ ᠠᠷᠡᠳ ᠤᠨ ᠠᠮᠠᠨ ᠨᠠᠶᠢᠷᠠᠭ ᠲᠤ ᠬᠢ ᠲᠦᠷᠭᠡᠨ ᠭᠡᠯᠡᠯᠭᠡ᠂ ᠭᠡᠯᠡ ᠵᠦᠭᠰᠢᠷᠡᠭᠦᠯᠭᠦ ᠥᠭᠡ᠂ ᠠᠮᠢᠰᠬᠤᠯ ᠤᠷᠳᠤᠰᠬᠠᠬᠤ ᠥᠭᠡ᠂ ᠵᠤᠭ᠎ᠠ ᠥᠭᠡ᠂ ᠬᠤᠯᠪᠣᠭ᠎ᠠ ᠦᠭᠡ᠂ ᠴᠠᠴᠠ ᠪᠣᠯᠢᠶᠠᠯᠳᠣᠬᠤ᠂ ᠣᠨᠢᠰᠤᠭ᠎ᠠ ᠲᠠᠭᠠᠪᠣᠷᠢ᠂ ᠲᠠᠭᠤᠣ ᠵᠡᠷᠭᠡ ᠣᠯᠨᠨ ᠶᠡᠩᠵᠤ ᠭᠡᠯᠪᠠᠷᠢ ᠶᠢᠨ ᠠᠮᠠᠨ ᠨᠠᠶᠢᠷᠠᠭ ᠢ ᠠᠬᠤᠭᠤᠯᠤᠭᠰᠠᠨ ᠪᠠᠶᠢᠳᠠᠬ᠃ ᠡᠳᠡᠭᠡᠷ ᠠᠷᠠᠳ ᠤᠨ ᠤᠢ ᠪᠢᠯᠢᠭ ᠲᠤ ᠥᠨᠳᠥᠰᠥᠯᠡᠭᠰᠡᠨ ᠭᠡᠤᠭᠡᠳ ᠤᠨ ᠭᠥᠮᠣᠵᠢᠯ ᠤᠨ ᠠᠴᠢ ᠲᠤᠰᠠ ᠲᠠᠢ ᠵᠦᠢᠯᠡᠰ ᠣᠳᠣᠬᠠᠨ ᠳᠤ ᠪᠢᠳᠠᠨ ᠤ ᠰᠤᠷᠭᠠᠨ ᠭᠥᠮᠣᠵᠢᠯ ᠠᠴᠠ ᠬᠠᠶᠠᠭᠳᠠᠬᠤ ᠪᠣᠯᠵᠤ ᠪᠠᠶᠢᠭ᠎ᠠ ᠨᠢ ᠨᠢᠭᠡ ᠶᠡᠭᠡ ᠬᠠᠷᠠᠮᠰᠠᠯ ᠪᠤᠯᠬᠤ ᠶᠤᠮ᠃ ᠲᠡᠭᠡᠭᠦᠯᠡᠷ ᠪᠢᠳᠠ ᠲᠡᠯᠡᠭᠡᠢ ᠶᠢᠨ ᠭᠡᠤᠭᠡᠳ ᠤᠨ ᠪᠠᠶᠠᠷ ᠤᠨ ᠡᠳᠦᠷ ᠤᠨ ᠬᠠᠮᠲᠤ ᠪᠥᠭᠡ᠂ ᠪᠤᠭᠤᠨ᠂ ᠵᠢᠷᠭᠢ᠂ ᠱᠠᠭ᠎ᠠ ᠶᠢᠨ ᠮᠥᠷᠦ᠋ᠢᠴᠡᠭᠡᠨ ᠥᠷᠨᠢᠭᠦᠯᠵᠦ ᠭᠡᠤᠭᠡᠳ ᠤᠨ ᠢᠶᠠᠨ ᠮᠣᠩᠭᠤᠯ ᠰᠣᠶᠤᠯ ᠤᠨ ᠲᠠᠨᠢᠴᠠ ᠮᠡᠳᠡᠴᠡ ᠶᠢ ᠨᠡᠮᠡᠭᠳᠡᠭᠦᠯᠵᠤ ᠭᠡᠤᠭᠡᠳ ᠤᠨ ᠰᠤᠷᠤᠯᠭ᠎ᠠ ᠠᠮᠢᠳᠤᠷᠠᠯ ᠤᠨ ᠠᠭᠤᠯᠭ᠎ᠠ ᠶᠢ ᠪᠠᠶᠠᠯᠢᠬᠵᠢᠭᠤᠯᠵᠤ ᠪᠤᠯᠤᠨ᠎ᠠ᠃ ᠪᠠᠰᠠ ᠮᠣᠩᠭᠤᠯ ᠭᠠᠷ ᠤᠷᠠᠯᠠᠯ ᠤᠨ ᠡᠳ᠋ᠯᠡᠯ ᠬᠡᠷᠡᠭᠰᠡᠯ ᠤᠨ ᠵᠠᠭᠪᠤᠷ ᠢ ᠴᠤᠭᠯᠠᠭᠤᠯᠵᠤ ᠵᠢᠭᠠᠨ ᠰᠤᠷᠭᠠᠯᠲᠠ ᠳᠤ ᠪᠠᠨ  ᠭᠡᠷᠡᠭᠯᠡᠨ᠎ᠡ᠃ ᠮᠣᠩᠭᠤᠯ ᠤᠨ ᠤᠯᠠᠮᠵᠢᠯᠠᠯᠲᠤ ᠪᠠᠶᠢᠭᠠᠯᠢᠯᠢᠬ ᠨᠠᠭᠠᠳᠣᠮ ᠲᠣᠬᠯᠠᠭᠠᠮ ᠨᠢ ᠣᠷᠴᠢᠨ ᠲᠣᠭᠤᠷᠢᠨ ᠳᠤ ᠪᠠᠷᠢᠬᠳᠠᠬᠤ ᠦᠭᠡᠢ᠂ ᠭᠦᠮᠣᠨ ᠤ ᠲᠤᠭ᠎ᠠ ᠶᠢ ᠭᠢᠵᠠᠭᠠᠷᠯᠠᠬᠤ ᠦᠭᠡᠢ᠂ ᠴᠠᠭ ᠬᠤᠭᠤᠴᠠᠭ᠎ᠠ ᠶᠢ ᠭᠢᠵᠠᠭᠠᠷᠯᠠᠬᠤ ᠦᠭᠡᠢ ᠭᠦᠳᠡᠭᠡ ᠲᠠᠯ᠎ᠠ ᠨᠣᠳᠤᠭ ᠤᠨ ᠠᠮᠢᠳᠣᠷᠡᠯ ᠦᠢᠯᠡᠳᠪᠣᠷᠢ ᠳᠤ ᠵᠣᠭᠢᠴᠠᠭᠰᠠᠨ᠂ ᠣᠶᠣᠨ ᠣᠬᠠᠭᠠᠨ ᠤ ᠭᠦᠭᠵᠢᠯᠳᠠ ᠳᠤ ᠮᠠᠰᠢ ᠶᠡᠭᠡ ᠦᠢᠯᠡᠳᠣᠯ ᠦᠵᠡᠭᠦᠯᠳᠡᠭ᠃      ᠵᠢᠱᠢᠶᠠᠯᠠᠪᠠᠯ᠂ ᠮᠣᠩᠭᠤᠯᠴᠣᠳ ᠤᠨ ᠦᠨᠳᠣᠰᠣᠳᠡᠨ ᠤ ᠣᠯᠠᠮᠵᠢᠯᠠᠯᠳᠣ ᠲᠣᠬᠯᠠᠭᠠᠮ ᠪᠣᠯ ᠮᠣᠩᠭᠤᠯ ᠣᠷᠣᠨ ᠳᠤ ᠮᠣᠩᠭᠤᠯ ᠰᠡᠳᠭᠢᠭᠦᠢ ᠪᠠᠷ ᠪᠦᠳᠣᠭᠡᠭᠰᠡᠨ ᠪᠣᠯᠬᠤᠷ ᠦᠪᠡᠷ ᠤᠨ ᠨᠡᠭᠦᠳᠡᠯ ᠮᠡᠯᠵᠢᠯ ᠤᠨ ᠰᠣᠶᠣᠯ ᠰᠡᠳᠭᠢᠭᠦᠢ᠂ ᠵᠠᠩ ᠠᠭᠠᠯᠢ ᠪᠠ ᠶᠠᠭᠤᠮ᠎ᠠ ᠦᠵᠡᠭᠳᠡᠯ ᠢ ᠣᠯᠠᠨ ᠲᠠᠯ᠎ᠠ ᠪᠠᠷ ᠰᠢᠨᠵᠢᠯᠡᠭᠦ ᠵᠡᠷᠭᠡ ᠴᠢᠯᠣᠭᠡᠳᠣ ᠰᠡᠳᠭᠢᠭᠦᠢ ᠶᠢᠨ ᠣᠷᠣᠨ ᠵᠠᠢ ᠬᠠᠷᠠᠭᠳᠡᠵᠣ ᠪᠠᠶᠢᠳᠠᠭ᠃ ᠪᠠᠰᠠ ᠵᠢᠱᠢᠶᠡᠯᠡᠪᠡᠯ᠂ ᠰᠦᠪᠸᠢ ᠶᠢᠨ ᠮᠣᠩᠭᠤᠯᠴᠣᠳ ᠱᠠᠭ᠎ᠠ ᠶᠢᠨ ᠲᠣᠬᠯᠠᠭᠠᠮ ᠳᠤ ᠱᠠᠭ᠎ᠠ ᠶᠢᠨ ᠵᠢᠷᠭᠤᠭᠠᠨ ᠲᠠᠯ᠎ᠠ ᠶᠢ ᠨᠢ ᠲᠠᠪᠤᠨ ᠬᠤᠰᠢᠭᠤ ᠮᠠᠯ ᠤᠨ ᠨᠠᠷᠡᠶᠢᠳᠣᠯ ᠢᠶᠠᠷ ᠬᠤᠨᠢ᠂ ᠢᠮᠠᠭ᠎ᠠ᠂ ᠮᠣᠷᠢ᠂ ᠦᠭᠡᠷ᠂ ᠲᠡᠮᠡᠭᠡ ᠭᠡᠵᠣ ᠨᠡᠷᠡᠶᠢᠳᠴᠣ ᠨᠠᠭᠠᠳᠳᠠᠭ ᠣᠯᠠᠮᠵᠢᠯᠠᠯ ᠲᠠᠢ ᠪᠢᠯᠠ᠃ ᠡᠶᠢᠮᠣ ᠠᠴᠠ ᠦᠨᠣᠳᠣᠷ ᠤᠨ ᠮᠣᠩᠭᠤᠯ ᠭᠡᠣᠭᠡᠳ ᠲᠤ ᠪᠢᠳᠠ ᠡᠨᠡᠭᠦ ᠪᠠᠶᠢᠭᠠᠯᠢᠯᠢᠬ ᠨᠠᠭᠠᠳᠣᠮ ᠲᠣᠬᠯᠠᠭᠠᠮ ᠢ ᠵᠢᠭᠠᠵᠣ ᠣᠯᠠᠮᠵᠢᠯᠠᠬᠤ ᠨᠢ ᠮᠠᠰᠢ ᠴᠢᠬᠤᠯᠠ ᠡᠭᠦᠷᠭᠡ ᠬᠠᠷᠢᠭᠤᠴᠠᠯᠭ᠎ᠠ ᠪᠣᠯᠵᠣ ᠪᠠᠶᠢᠨ᠎ᠠ᠃      ᠬᠤᠶᠠᠷ᠂ ᠮᠣᠩᠭᠤᠯᠴᠤᠳ ᠤᠨ ᠣᠯᠠᠮᠵᠢᠯᠠᠯᠳᠣ ᠨᠠᠭᠠᠳᠣᠮ ᠲᠣᠬᠯᠠᠭᠠᠮ ᠳᠤ ᠬᠢ ᠰᠣᠷᠭᠠᠨ ᠭᠦᠮᠣᠵᠢᠯ ᠨᠢ ᠮᠣᠩᠭᠤᠯ ᠤᠯᠠᠮᠵᠢᠯᠠᠯᠲᠤ ᠠᠮᠢᠳᠤᠷᠠᠯ ᠤᠨ ᠥᠪᠡᠷᠮᠢᠴᠡ ᠰᠤᠳᠤᠨ ᠲᠦᠷᠢ ᠲᠥᠷᠭᠦ ᠶᠢ ᠴᠤᠭᠯᠠᠭᠤᠯᠵᠤ ᠠᠬᠤᠢ ᠠᠮᠢᠳᠤᠷᠠᠯ ᠲᠤᠮᠳᠠ ᠭᠡᠤᠭᠡᠳ ᠲᠤ ᠭᠦᠮᠥᠵᠢᠯ ᠭᠥᠷᠲᠡᠭᠡᠨ᠎ᠡ      ᠣᠷᠴᠢᠨ ᠲᠣᠭᠤᠷᠢᠨ ᠨᠢ ᠭᠡᠤᠭᠡᠳ ᠤᠨ ᠠᠮᠢᠳᠤᠷᠠᠯ ᠳᠤ ᠨᠦᠯᠦᠭᠡ ᠦᠵᠡᠭᠦᠯᠳᠡᠭ ᠪᠤᠯᠬᠤᠷ ᠪᠢᠳᠠ ᠵᠢᠭᠠᠨ ᠰᠤᠷᠭᠠᠯᠳᠠ ᠶᠢᠨ ᠣᠷᠴᠢᠨ ᠲᠤᠭᠤᠷᠢᠨ ᠢᠶᠠᠨ ᠠᠵᠢᠯᠴᠢ ᠠᠷᠪᠢᠴᠢ᠂ ᠭᠤᠸ᠎ᠠ ᠰᠡᠶᠢᠬᠠᠨ᠂ ᠠᠶᠤᠯ ᠥᠭᠡᠢ᠂ ᠲᠠᠭᠠᠲᠡᠢ ᠪᠠᠶᠢᠯᠭᠠᠪᠠᠯ ᠵᠤᠬᠢᠨ᠎ᠠ᠃ ᠪᠢᠳᠡ ᠰᠣᠷᠭᠠᠭᠤᠯᠢ ᠶᠢᠨ ᠭᠦᠷᠢᠶᠠᠨ ᠤ ᠴᠢᠮᠡᠭᠯᠡᠯ᠂ ᠠᠩᠭᠢ ᠶᠢᠨ ᠭᠡᠷ᠂ ᠭᠢᠴᠢᠶᠡᠯᠯᠡᠭᠦ ᠠᠰᠠᠷ ᠤᠨ ᠭᠤᠲᠤᠮᠵᠢ᠂ ᠪᠠᠶᠢᠷᠢ ᠶᠢᠨ ᠠᠰᠠᠷ ᠤᠨ ᠭᠤᠲᠤᠮᠵᠢ ᠵᠡᠷᠭᠡ ᠶᠢ ᠴᠢᠮᠡᠭᠯᠡᠭᠦ ᠳᠤ ᠪᠠᠨ ᠥᠨᠳᠥᠰᠥᠳᠡᠨ ᠤ ᠣᠯᠠᠮᠵᠢᠯᠠᠯᠳᠣ ᠰᠣᠶᠤᠯ ᠤᠨ ᠥᠪᠡᠷᠮᠢᠴᠡ ᠭᠤᠴᠤ ᠥᠡᠭᠭᠡ ᠪᠤᠳᠤᠭ ᠢᠶᠠᠷ ᠵᠠᠰᠠᠨ ᠴᠢᠮᠡᠭᠯᠡᠵᠦ ᠭᠡᠤᠭᠡᠳ ᠲᠤ ᠬᠠᠷᠠᠬᠠᠨ ᠪᠠᠭ᠎ᠠ ᠠᠴᠠ ᠨᠢ ᠥᠨᠳᠥᠰᠥᠳᠡᠨ ᠤ ᠰᠣᠶᠤᠯ ᠢᠶᠠᠨ ᠬᠠᠶᠢᠷᠠᠯᠠᠵᠣ᠂ ᠣᠷᠣᠨ ᠨᠣᠳᠤᠭ ᠢᠶᠠᠨ ᠬᠠᠶᠢᠷᠠᠯᠠᠬᠤ ᠤᠬᠠᠮᠰᠠᠷ ᠢ ᠪᠤᠢ ᠪᠤᠯᠭᠠᠨ᠎ᠠ᠃ ᠮᠣᠩᠭᠤᠯᠴᠣᠳ ᠲᠡᠣᠭᠡᠨ ᠠᠴᠠ ᠪᠠᠨ ᠭᠦᠦ ᠦᠬᠢᠨ ᠢ ᠢᠯᠭᠠᠳᠠᠭ ᠦᠭᠡᠢ ᠣᠯᠠᠮᠵᠢᠯᠠᠯ ᠲᠠᠢ ᠪᠢᠯᠠ᠃ ᠵᠢᠱᠢᠶᠡᠯᠡᠪᠡᠯ᠂ ᠭᠦᠤᠴᠤᠤᠯ ᠢ ᠪᠠᠭ᠎ᠠ ᠠᠴᠠ ᠨᠢ ᠵᠣᠷᠢᠭ ᠰᠦᠰᠦ ᠲᠠᠢ᠂ ᠲᠡᠰᠪᠣᠷᠢ ᠲᠡᠪᠴᠢᠶᠡᠷᠢ ᠲᠠᠢ᠂ ᠠᠵᠢᠯᠴᠢ ᠭᠦᠳᠡᠯᠮᠣᠷᠢᠴᠢ᠂ ᠠᠰᠪᠣᠷᠢ ᠴᠠᠶᠢᠯᠭᠠᠨ ᠭᠦᠮᠣᠵᠢᠭᠦᠯᠭᠦ᠋ᠢᠨ ᠲᠦᠯᠣᠭᠡ ᠡᠷ᠎ᠡ ᠶᠢᠨ ᠭᠤᠷᠪᠠᠨ ᠨᠠᠭᠠᠳᠣᠮ ᠳᠤ ᠣᠷᠣᠯᠴᠠᠭᠤᠯᠳᠠᠬ᠃ ᠦᠬᠢᠳ ᠢ ᠪᠠᠭ᠎ᠠ ᠠᠴᠠ ᠨᠢ ᠦᠢᠯᠡ ᠣᠳᠠᠰᠣ ᠲᠠᠢ ᠤᠢᠢᠷᠠᠳᠤᠭᠤᠯᠬᠤ ᠵᠡᠷᠭᠡ᠃ ᠦᠨᠣᠳᠣᠷ ᠪᠢᠳᠠ ᠭᠡᠭᠡᠭᠳᠡᠮᠡᠯ ᠯᠣᠩᠬᠤ᠂ ᠬᠠᠶᠢᠷᠴᠠᠭ ᠰᠠᠪᠠ᠂ ᠮᠣᠳᠤ ᠴᠢᠯᠠᠭᠤ ᠵᠡᠷᠭᠡ ᠶᠢ ᠪᠠᠭᠰᠢ ᠭᠡᠷ ᠤᠨ ᠠᠬᠠᠮᠠᠳ ᠤᠨ ᠬᠠᠪᠰᠤᠷᠤᠯᠭ᠎ᠠ᠂ ᠭᠡᠣᠭᠡᠳ ᠤᠨ ᠣᠶᠣᠨ ᠣᠬᠠᠭᠠᠨ᠂ ᠤᠷᠠᠨ ᠭᠠᠷ ᠤᠨ ᠷᠢᠳᠢ ᠰᠢᠳᠢ ᠪᠠᠷ ᠲᠠᠮᠵᠢᠨ ᠭᠤᠶᠤ  ᠰᠠᠶᠢᠬᠠᠨ᠂ ᠭᠠᠩᠭᠠᠩ ᠭᠡᠭᠡᠮᠰᠦᠭ ᠡᠳ᠋ᠯᠡᠯ ᠭᠡᠷᠡᠭᠰᠡᠯ ᠤᠨ ᠵᠦᠢᠯ ᠪᠤᠯᠭᠠᠵᠤ ᠬᠤᠪᠢᠷᠠᠭᠠᠵᠤ ᠪᠣᠯᠤᠨ᠎ᠠ᠃ ᠪᠠᠰᠠ ᠵᠢᠱᠢᠶᠡᠯᠡᠪᠡᠯ᠂ ᠮᠣᠩᠭᠤᠯᠴᠣᠳ ᠤᠨ ᠱᠠᠭ᠎ᠠ ᠲᠣᠬᠯᠠᠭᠠᠮ᠂ ᠮᠣᠩᠭᠤᠯ ᠰᠢᠳᠡᠷ᠎ᠡ᠂ ᠪᠣᠭᠤᠨ ᠵᠢᠷᠭᠢ᠂ ᠲᠠᠯᠤ ᠵᠡᠷᠭᠡ ᠲᠣᠬᠯᠠᠭᠠᠮ ᠤᠨ ᠴᠢᠯᠣᠭᠡᠳᠣ ᠣᠷᠣᠨ ᠵᠠᠢ᠂ ᠨᠠᠭᠠᠳᠬᠤ ᠶᠠᠪᠣᠴᠠ ᠪᠠᠶᠢᠳᠡᠯ᠂ ᠣᠯᠠᠷᠢᠨ ᠬᠤᠪᠢᠰᠬᠤ ᠨᠢ ᠲᠣᠩ ᠣᠷᠡᠨ ᠨᠠᠷᠢᠨ ᠪᠦᠭᠡᠳ ᠪᠣᠳᠣᠯᠢᠶᠡᠨᠳᠡᠢ ᠪᠠᠶᠢᠵᠣ᠂ ᠣᠶᠣᠨ‌‍ᠤ ᠬᠤᠷᠴᠠ ᠶᠢ ᠰᠢᠯᠭᠠᠵᠣ᠂ ᠪᠢᠯᠢᠭ ᠢ ᠨᠡᠭᠡᠭᠡᠭᠳᠡᠭᠦᠯᠭᠦ ᠦᠪᠡᠷᠮᠢᠴᠠ ᠣᠨᠴᠠᠯᠢᠭ ᠲᠠᠢ ᠪᠢᠯᠠ᠃ ᠮᠣᠩᠭᠤᠯ ᠭᠡᠣᠭᠡᠳ‌‍ᠤᠨ ᠱᠠᠭ᠎ᠠ ᠲᠣᠬᠯᠠᠭᠠᠮ ᠠᠴᠠ ᠮᠠᠯᠴᠢᠨ ᠲᠦᠮᠠᠨ ᠤ ᠠᠮᠢᠳᠣᠷᠡᠯ ᠤᠨ ᠵᠢᠷᠤᠭ ᠬᠠᠷᠠᠭᠳᠡᠨ᠎ᠠ᠂ ᠦᠡᠭᠭᠡᠳᠣ ᠴᠡᠴᠡᠭ ᠤᠨ ᠭᠤᠸ᠎ᠠ ᠰᠠᠶᠢᠬᠠᠨ ᠲᠡᠯᠭᠡᠭᠳᠡᠵᠣ᠂ ᠣᠳᠬ᠎ᠠ ᠣᠶᠠᠩᠭ᠎ᠠ ᠶᠢᠨ ᠲᠦᠷᠰᠣᠯᠠᠮᠵᠢ ᠲᠣᠳᠣᠷᠡᠳᠠᠭ᠃ ᠱᠠᠭ᠎ᠠ ᠲᠣᠬᠯᠠᠭᠠᠮ ᠨᠢ ᠨᠡᠭᠦᠳᠡᠯᠯᠡᠨ ᠮᠠᠯᠵᠢᠬᠤ ᠠᠮᠢᠳᠣᠷᠡᠯ ᠤᠨ ᠭᠦᠷᠣᠰᠣ ᠰᠢᠷᠣᠢ ᠳᠤ ᠭᠦᠪᠣᠷᠡᠨ ᠪᠦᠷᠢᠯᠳᠦᠭᠰᠠᠨ ᠪᠣᠯᠬᠤᠷ ᠵᠠᠯᠠᠭᠤ ᠪᠠᠭᠠᠴᠣᠳ ᠤᠨ ᠬᠤᠪᠢᠰᠣᠩᠭᠤᠢ ᠰᠡᠳᠭᠢᠭᠦᠢ ᠶᠢ ᠭᠦᠭᠵᠢᠭᠦᠯᠭᠦ ᠪᠠᠷ ᠪᠠᠷᠠᠬᠤ ᠦᠭᠡᠢ᠂ ᠭᠡᠣᠭᠡᠳ ᠲᠤ ᠠᠰᠠᠭᠤᠳᠡᠯ ᠢ ᠪᠦᠭᠦ ᠲᠠᠯ᠎ᠠ ᠪᠠᠷ ᠠᠵᠢᠬᠯᠠᠨ ᠵᠡᠳᠡᠯᠬᠤ ᠴᠢᠳᠡᠪᠣᠷᠢ ᠪᠣᠯᠪᠡᠰᠣᠷᠡᠯ ᠢ ᠣᠯᠭᠤᠳᠠᠭ᠃ ᠬᠠᠮᠳᠣ ᠳᠤ ᠨᠢ ᠪᠠᠭᠠᠴᠣᠳ ᠤᠨ ᠭᠡᠶᠢᠰᠪᠣᠷᠢ ᠰᠡᠳᠭᠢᠭᠦᠢ ᠪᠠ ᠯᠣᠭᠢᠭ ᠵᠦᠢᠴᠢᠯᠠᠯ ᠤᠨ ᠴᠢᠳᠡᠪᠣᠷᠢ ᠶᠢ ᠲᠡᠭᠡᠭᠰᠢᠯᠡᠭᠦᠯᠭᠦ ᠳᠤ ᠲᠣᠩ ᠴᠢᠬᠤᠯᠠ ᠦᠢᠯᠡᠳᠣᠯ ᠲᠠᠢ᠃      ᠭᠤᠷᠪᠠ᠂ ᠮᠣᠩᠭᠤᠯᠴᠤᠳ ᠤᠨ ᠣᠯᠠᠮᠵᠢᠯᠠᠯᠳᠣ ᠨᠠᠭᠠᠳᠣᠮ ᠲᠣᠬᠯᠠᠭᠠᠮ ᠳᠤ ᠬᠢ ᠤᠯᠠᠮᠵᠢᠯᠠᠯ ᠪᠠ ᠣᠳᠣᠭᠢ ᠶᠢ ᠤᠶᠠᠯᠳᠤᠭᠤᠯᠵᠤ ᠠᠷᠠᠳ ᠤᠨ ᠠᠮᠠᠨ ᠨᠠᠶᠢᠷᠠᠭ ᠤᠨ ᠰᠤᠷᠭᠠᠨ ᠬᠥᠮᠥᠵᠢᠭᠦᠯᠬᠦ ᠣᠷ᠎ᠠ ᠴᠢᠳᠠᠪᠤᠷᠢ ᠦᠢᠯᠡᠳᠤᠯ ᠢ ᠴᠢᠳᠠᠮᠠᠭᠠᠢ ᠠᠰᠢᠬᠯᠠᠬᠤ ᠶᠢ ᠴᠢᠬᠤᠯᠠᠴᠢᠯᠠᠪᠠᠯ ᠵᠤᠬᠢᠨ᠎ᠠ      ᠭᠦᠮᠣᠰ ᠤᠨ ᠵᠡᠩ ᠲᠠᠳᠬᠠᠯ᠂ ᠭᠡᠪ ᠴᠢᠨᠠᠷ ᠨᠢ ᠶᠡᠷᠦᠳᠡᠬᠡᠨ ᠪᠠᠭ᠎ᠠ ᠶᠢᠨ ᠥᠶ᠎ᠡ ᠳᠤ ᠪᠠᠨ ᠭᠡᠪᠰᠢᠨ  ᠲᠤᠭᠳᠠᠳᠠᠬ᠃ ᠶᠣᠰᠣ ᠵᠠᠩᠰᠢᠯ᠂ ᠵᠡᠩ ᠥᠢᠯᠨ ᠶᠢᠨ ᠭᠥᠮᠥᠵᠢᠯ ᠭᠢᠭᠦ ᠳᠤ ᠪᠠᠨ ᠮᠡᠨᠳᠥ ᠠᠰᠠᠭᠤᠬᠤ᠂ ᠪᠡᠯᠡᠭ  ᠲᠣᠰᠬᠤ᠂ ᠶᠠᠪᠤᠬᠤ ᠰᠠᠭᠤᠬᠤ ᠠᠴᠠ ᠡᠭᠢᠯᠡᠭᠡᠳ ᠠᠬᠠᠮᠠᠳ ᠲᠠᠢ ᠪᠠᠨ ᠮᠡᠨᠳᠤᠴᠢᠯᠡᠭᠦ ᠨᠠᠭᠠᠳᠤ ᠵᠠᠬ᠎ᠠ ᠶᠢᠨ ᠶᠣᠰᠤ ᠰᠤᠷᠲᠠᠬᠤᠨ᠂ ᠵᠡᠩ ᠲᠠᠳᠬᠠᠯ ᠤᠨ ᠭᠥᠮᠣᠵᠢᠯ ᠢ ᠬᠡᠪᠰᠢᠭᠦᠯᠬᠦ ᠭᠡᠷᠡᠭᠳᠡᠢ᠃ ᠵᠢᠱᠢᠶᠡᠯᠡᠪᠡᠯ᠂ ᠥᠭᠡ ᠭᠡᠯᠡᠨ ᠤ ᠬᠢᠴᠢᠶᠡᠯ ᠳᠤ ᠠᠷᠠᠳ ᠤᠨ ᠲᠣᠮᠤᠭ᠂ ᠵᠤᠭ᠎ᠠ ᠥᠭᠡ᠂ ᠵᠢᠷᠤᠭ᠎ᠠ ᠥᠭᠡ ᠠᠴᠠ ᠡᠭᠢᠯᠡᠭᠡᠳ ᠠᠷᠠᠳ ᠤᠨ ᠵᠡᠩ ᠲᠠᠳᠬᠠᠯ ᠲᠠᠢ ᠲᠠᠨᠢᠯᠴᠠᠬᠤ︔ ᠲᠤᠭ᠎ᠠ ᠲᠤᠭᠠᠯᠠᠯ ᠤᠨ ᠬᠢᠴᠢᠶᠡᠯ ᠳᠤ ᠪᠤᠭᠤᠨ ᠵᠢᠷᠭᠢ᠂ ᠱᠠᠭ᠎ᠠ ᠶᠢ ᠠᠰᠢᠭᠯᠠᠨ ᠲᠤᠭᠠᠯᠠᠯ ᠭᠢᠭᠦ᠂ ᠲᠥᠭᠡ ᠰᠦᠭᠦᠮ ᠮᠡᠲᠦ ᠠᠷᠠᠳ ᠤᠨ ᠲᠤᠮᠳᠠᠭᠢ ᠲᠦᠭᠦᠮ ᠭᠡᠮᠵᠢᠯᠳᠡ ᠶᠢ ᠰᠤᠷᠬᠤ︔ ᠨᠡᠶᠢᠭᠡᠮ ᠤᠨ ᠬᠢᠴᠢᠶᠡᠯ ᠳᠤ ᠠᠮᠤᠷ ᠡᠷᠢᠨ ᠮᠡᠨᠳᠦᠴᠢᠯᠡᠭᠦ᠂ ᠵᠤᠴᠢᠨ ᠤᠭᠳᠤᠬᠤ᠂ ᠥᠳᠡᠭᠦ᠂ ᠰᠠᠭᠤᠬᠤ᠂ ᠶᠠᠷᠢᠬᠤ ᠶᠢ ᠰᠤᠷᠬᠤ ᠪᠠ ᠨᠤᠳᠤᠭ  ᠤᠰᠤ᠂ ᠣᠷᠴᠢᠨ ᠠᠬᠤᠢ ᠪᠠᠨ ᠬᠠᠶᠢᠷᠠᠯᠠᠬᠤ ᠬᠠᠮᠠᠭᠠᠯᠠᠬᠤ︔ ᠰᠢᠨᠵᠢᠯᠡᠬᠦ ᠤᠬᠠᠭᠠᠨ ᠤ ᠬᠢᠴᠢᠶᠡᠯ ᠳᠤ ᠮᠠᠯ ᠠᠬᠤᠢ ᠲᠠᠢ ᠲᠠᠨᠢᠯᠴᠠᠬᠤ᠂ ᠨᠤᠳᠤᠭ ᠤᠨ ᠠᠮᠢᠳᠠᠨ᠂ ᠤᠷᠭᠤᠮᠠᠯ᠂ ᠵᠢᠭᠦᠷᠳᠡᠨ ᠰᠢᠪᠠᠭᠤᠳ ᠲᠠᠢ ᠲᠠᠨᠢᠯᠴᠠᠬᠤ︔ ᠲᠠᠭᠤᠤ ᠭᠥᠭᠵᠢᠮ ᠤᠨ ᠬᠢᠴᠢᠶᠡᠯ ᠳᠤ ᠵᠦᠢᠷ ᠰᠡᠴᠡᠨ ᠥᠭᠡ᠂ ᠵᠤᠭ᠎ᠠ ᠥᠭᠡ ᠪᠠᠷ ᠬᠤᠭᠤᠯᠠᠢ ᠶᠢᠨ ᠲᠠᠰᠬᠠᠯ ᠭᠢᠭᠦ ᠵᠡᠷᠭᠡ ᠪᠠᠷ ᠨᠠᠭᠠᠳᠤᠮ ᠲᠣᠭᠯᠠᠭᠠᠮ ᠳᠤ ᠪᠠᠨ ᠠᠷᠠᠳ ᠤᠨ ᠤᠯᠠᠮᠵᠢᠯᠠᠯ ᠢ ᠬᠠᠪᠰᠤᠷᠭᠠᠪᠠᠯ ᠪᠠᠭ᠎ᠠ ᠭᠡᠤᠭᠡᠳ ᠤᠨ ᠪᠤᠯᠴᠢᠩ ᠤᠨ ᠬᠥᠭᠵᠢᠯᠲᠡ᠂ ᠲᠠᠨᠢᠯᠳᠠ ᠶᠢᠨ ᠴᠢᠳᠠᠪᠤᠷᠢ᠂ ᠠᠩᠬᠠᠷᠤᠯ ᠲᠦᠪᠯᠡᠷᠡᠭᠦ ᠲᠠᠪᠴᠢᠶᠠᠷᠢ ᠲᠠᠢ ᠪᠠᠶᠢᠬᠤ ᠵᠡᠷᠭᠡ ᠲᠠᠯ᠎ᠠ ᠶᠢ ᠭᠦᠮᠦᠵᠢᠭᠦᠯᠭᠦ ᠳᠤ ᠥᠷ᠎ᠡ ᠠᠰᠢᠭ ᠲᠠᠢ ᠶᠤᠮ᠃      ᠮᠣᠩᠭᠤᠯᠴᠣᠳ ᠤᠨ ᠠᠷᠠᠳ ᠤᠨ ᠠᠮᠠᠨ ᠵᠤᠭᠢᠶᠠᠯ ᠮᠠᠰᠢ ᠣᠷᠳᠣ ᠣᠳᠠᠭᠠᠨ ᠵᠢᠯ ᠢᠶᠠᠷ ᠭᠦᠭᠵᠢᠵᠣ ᠣᠯᠠᠮᠵᠢᠯᠠᠭᠳᠠᠭᠰᠠᠭᠠᠷ ᠢᠷᠡᠭᠰᠡᠨ ᠶᠤᠮ᠃ ᠠᠷᠡᠳ ᠤᠨ ᠠᠮᠠᠨ ᠨᠠᠶᠢᠷᠠᠭ ᠨᠢ ᠭᠡᠤᠭᠡᠳ ᠤᠨ ᠭᠡᠯᠡᠨ ᠤ ᠴᠢᠳᠠᠪᠭᠢ ᠤᠶᠤᠨ ᠤ ᠬᠥᠭᠵᠢᠯᠲᠡ ᠶᠢ ᠠᠭᠢᠭᠤᠯᠬᠤ ᠲᠡᠳᠦᠢ ᠥᠭᠡᠢ ᠲᠡᠳᠡᠨ ᠤ ᠰᠡᠳᠬᠢᠬᠦᠢ ᠶᠢᠨ ᠭᠥᠭᠵᠢᠯᠳᠡ ᠶᠢ ᠨᠦᠯᠦᠭᠡᠯᠡᠵᠤ ᠲᠦᠷᠰᠦᠯᠢᠭ ᠰᠡᠳᠬᠢᠬᠦᠢ ᠶᠢᠨ ᠬᠦᠭᠵᠢᠯᠳᠡ ᠶᠢ ᠠᠭᠢᠭᠤᠯᠤᠨ᠎ᠠ᠃ ᠮᠣᠩᠭᠤᠯ ᠤᠯᠠᠮᠵᠢᠯᠠᠯᠲᠦ ᠠᠷᠠᠳ ᠤᠨ ᠰᠤᠷᠭᠠᠨ ᠭᠥᠮᠣᠵᠢᠯ ᠳᠤ ᠣᠯᠨᠨ ᠶᠡᠩᠵᠤ ᠭᠡᠯᠪᠠᠷᠢ ᠪᠠᠶᠢᠳᠠᠬ ᠤᠨ ᠨᠢᠭᠡ ᠭᠡᠯᠪᠠᠷᠢ ᠨᠢ ᠣᠨᠢᠰᠤᠭ᠎ᠠ᠃ ᠡᠨ᠋ᠨ ᠲᠣᠭᠯᠠᠭᠠᠮ ᠨᠢ ᠭᠡᠤᠭᠡᠳ ᠤᠨ ᠰᠡᠳᠬᠢᠬᠦᠢ ᠶᠢᠨ ᠬᠥᠭᠵᠢᠯ ᠢ ᠭᠦᠡ ᠨᠦᠯᠦᠭᠡᠯᠡᠨ᠎ᠡ᠃ ᠵᠢᠱᠢᠶᠡᠯᠡᠪᠡᠯ᠂ ︽ᠭᠡᠯᠠ ᠵᠦᠭᠰᠢᠷᠡᠭᠦᠯᠭᠦ︾᠂ ︽ᠰᠡᠴᠠ ᠪᠣᠯᠢᠶᠡᠯᠳᠤᠬᠤ︾᠂ ︽ᠭᠡᠣᠭᠡᠳ ᠤᠨ ᠬᠤᠯᠪᠣᠭ᠎ᠠ ᠰᠢᠯᠦᠭ︾᠂ ︽ᠣᠨᠢᠰᠤᠭ᠎ᠠ ᠲᠠᠭᠠᠪᠣᠷᠢ︾᠂ ︽ᠬᠤᠯᠣ ᠲᠣᠭᠠᠯᠠᠬᠤ︾ ᠵᠡᠷᠭᠡ ᠠᠮᠠᠨ ᠨᠠᠶᠢᠷᠠᠭ ᠤᠨ ᠣᠯᠠᠨ ᠰᠠᠶᠢᠬᠠᠨ ᠲᠣᠬᠯᠠᠭᠠᠮ ᠪᠣᠯ ᠪᠠᠭᠠᠴᠣᠳ ᠭᠡᠣᠭᠡᠳ ᠤᠨ ᠦᠭᠡ ᠭᠡᠯᠠᠨ ᠤ ᠪᠣᠯᠪᠠᠰᠣᠷᠡᠯ ᠲᠠᠰᠬᠠᠯ ᠪᠣᠯᠬᠤ ᠪᠦᠭᠡᠳ ᠮᠣᠩᠭᠤᠯ ᠭᠡᠯᠡᠨ ᠤ ᠦᠭᠡᠰ ᠤᠨ ᠰᠠᠩ ᠢ ᠪᠠᠶᠠᠯᠢᠬᠵᠢᠭᠤᠯᠬᠤ᠂ ᠣᠷᠡᠨ ᠵᠣᠭᠢᠶᠡᠯ ᠤᠨ ᠣᠷᠮᠠᠰ ᠪᠢᠯᠢᠭ ᠢ ᠬᠤᠷᠴᠠᠯᠠᠨ᠂ ᠵᠣᠭᠢᠶᠡᠨ ᠪᠦᠳᠣᠭᠡᠭᠦ ᠴᠢᠳᠡᠪᠣᠷᠢ ᠶᠢ ᠲᠡᠭᠡᠭᠰᠢᠯᠡᠭᠦᠯᠳᠡᠭ ᠪᠠᠶᠢᠨ᠎ᠠ᠃ ᠮᠣᠩᠭᠤᠯᠴᠣᠳ ᠤᠨ ᠡᠳᠡᠭᠡᠷ ᠣᠯᠠᠮᠵᠢᠯᠠᠯᠳᠣ ᠭᠡᠣᠭᠡᠳ ᠤᠨ ᠲᠣᠬᠯᠠᠭᠠᠮ ᠨᠢ ᠭᠦᠮᠣᠨ ᠤ ᠣᠶᠣᠨ  ᠣᠬᠠᠭᠠᠨ᠂ ᠰᠡᠳᠭᠢᠭᠦᠢ‌‍ᠶᠢᠨ ᠴᠢᠳᠡᠪᠣᠷᠢ ᠶᠢ ᠭᠦᠭᠵᠢᠭᠦᠯᠭᠦ ᠲᠠᠯ᠎ᠠ ᠪᠠᠷ ᠲᠣᠪᠤᠶᠢᠮ᠎ᠠ ᠪᠦᠭᠡᠳ ᠪᠠᠭᠠᠴᠣᠳ ᠭᠡᠣᠭᠡᠳ ᠤᠨ ᠦᠭᠡ ᠭᠡᠯᠠᠨ ᠤ ᠪᠣᠯᠪᠠᠰᠣᠷᠡᠯ᠂ ᠣᠶᠣᠨ ᠤ ᠭᠦᠭᠵᠢᠯᠳᠠ ᠳᠤ ᠲᠣᠩ ᠰᠠᠶᠢᠨ ᠠᠭᠢᠭᠤᠯᠬᠤ ᠦᠢᠯᠡᠳᠣᠯ ᠦᠵᠡᠭᠦᠯᠳᠡᠭ  ᠪᠠᠶᠢᠨ᠎ᠠ᠃      ᠲᠦᠷᠪᠡ᠂ ᠮᠣᠩᠭᠤᠯᠴᠤᠳ ᠤᠨ ᠣᠯᠠᠮᠵᠢᠯᠠᠯᠳᠣ ᠨᠠᠭᠠᠳᠣᠮ ᠲᠣᠬᠯᠠᠭᠠᠮ ᠳᠤ ᠬᠢ ᠰᠣᠷᠭᠠᠨ ᠭᠦᠮᠣᠵᠢᠯ ᠨᠢ ᠭᠡᠤᠭᠡᠳ ᠤᠨ ᠨᠠᠭᠠᠳᠤᠮ ᠲᠣᠭᠯᠠᠭᠠᠮ ᠤᠨ ᠢᠳᠡᠪᠭᠢ ᠥᠢᠯᠡᠳᠤᠯ ᠢ ᠭᠥᠢᠴᠡᠳ ᠪᠠᠳᠠᠷᠠᠭᠤᠯᠤᠨ᠎ᠠ      ᠴᠡᠴᠡᠷᠯᠢᠭ ᠤᠨ ᠭᠡᠣᠭᠡᠳ ᠲᠤ ᠲᠣᠬᠯᠠᠭᠠᠮ ᠤᠨ ᠭᠦᠳᠡᠯᠭᠡᠭᠡᠨ ᠢ ᠵᠢᠭᠠᠬᠤ ᠶᠠᠪᠣᠴᠠ ᠲᠣᠮᠳᠠ ᠪᠠᠭᠰᠢ ᠠᠴᠠ ᠠᠮᠢᠳᠣᠯᠢᠭ ᠢᠶᠠᠷ ᠭᠦᠳᠣᠯᠵᠣ᠂ ᠭᠡᠣᠭᠡᠳ ᠤᠨ ᠲᠣᠬᠯᠠᠭᠠᠮ ᠢᠶᠠᠷ ᠲᠠᠮᠵᠢᠭᠤᠯᠤᠨ ᠣᠷᠮ᠎ᠠ ᠪᠠᠬ᠎ᠠ ᠶᠢ ᠭᠦᠭᠵᠢᠭᠡᠭᠦ ᠭᠡᠷᠡᠭᠳᠡᠢ᠃      ᠭᠡᠣᠭᠡᠳ ᠤᠨ ᠲᠣᠬᠯᠠᠭᠠᠮ ᠤᠨ ᠭᠦᠳᠡᠯᠭᠡᠭᠡᠨ ᠲᠣᠮᠳᠠ ᠭᠡᠣᠭᠡᠳ ᠤᠨ ᠢᠳᠡᠪᠭᠢᠳᠡᠢ ᠣᠷᠣᠯᠴᠠᠬᠤ ᠪᠦᠳᠦᠭᠡᠯᠴᠢ ᠴᠢᠳᠠᠪᠣᠷᠢ ᠶᠢ ᠭᠦᠮᠣᠵᠢᠭᠦᠯᠵᠣ᠂ ᠲᠡᠳᠡᠨᠡᠷ ᠤᠨ ᠢᠯᠡᠷᠡᠭᠦᠯᠦᠭᠰᠡᠨ ᠠᠰᠠᠭᠤᠳᠠᠯ ᠢ ᠪᠦᠳᠦᠭᠡᠯᠴᠢ ᠪᠠᠷ ᠰᠢᠢᠳᠪᠣᠷᠢᠯᠡᠭᠦ ᠨᠢ ᠲᠣᠩ ᠴᠢᠬᠤᠯᠠ ᠪᠠᠶᠢᠳᠠᠭ᠃ ᠴᠡᠴᠡᠷᠯᠢᠭ ᠤᠨ ᠭᠡᠣᠭᠡᠳ ᠢ ᠵᠢᠭᠠᠨ ᠰᠣᠷᠭᠠᠬᠤ ᠶᠠᠪᠣᠴᠠ ᠲᠣᠮᠳᠠ ᠭᠡᠣᠭᠡᠳ ᠤᠨ ᠲᠣᠬᠯᠠᠭᠠᠮ ᠤᠨ ᠭᠦᠳᠡᠯᠭᠡᠭᠡᠨ ᠪᠣᠯ ᠲᠣᠳᠠᠭᠳᠠᠵᠣ ᠪᠣᠯᠣᠰᠢ ᠦᠭᠡᠢ ᠨᠢᠭᠡ ᠲᠦᠷᠣᠯ ᠤᠨ ᠠᠭᠤᠯᠭ᠎ᠠ ᠪᠣᠯᠣᠨ᠎ᠠ᠃      ᠴᠡᠴᠡᠷᠯᠢᠭ ᠤᠨ ᠭᠡᠣᠭᠡᠳ ᠢ ᠭᠦᠳᠤᠯᠭᠦ ᠳᠤ ᠲᠤᠭᠯᠠᠭᠠᠮ ᠢᠶᠠᠷ ᠲᠠᠮᠵᠢᠪᠠᠯ ᠭᠡᠣᠭᠡᠳ ᠤᠳ ᠲᠣᠰ ᠭᠦᠳᠡᠯᠭᠡᠭᠡᠨ ᠳᠤ ᠣᠷᠣᠯᠴᠠᠬᠤ ᠣᠷᠮᠠᠳᠡᠢ ᠪᠠᠶᠢᠵᠣ᠂ ᠲᠦᠢᠯ ᠤᠨ ᠢᠳᠡᠪᠭᠢᠳᠡᠢ ᠪᠠᠷ ᠠᠰᠠᠭᠤᠳᠠᠯ ᠢ ᠪᠦᠳᠦᠭᠡᠯᠴᠢ ᠪᠠᠷ ᠰᠢᠢᠳᠪᠣᠷᠢᠯᠡᠭᠦ᠂ ᠭᠡᠷᠡᠭ ᠪᠣᠳᠠᠰ ᠢ ᠠᠳᠠᠯᠢ ᠪᠣᠰᠣ ᠠᠷᠭ᠎ᠠ ᠪᠠᠷ ᠵᠠᠳᠠᠯᠵᠣ ᠦᠢᠯᠠᠭᠠᠬᠤ ᠪᠣᠯᠣᠨ᠎ᠠ᠃ ᠵᠠᠷᠢᠮ ᠪᠠᠭᠰᠢ ᠶᠢᠨ ᠦᠵᠡᠭᠦ ᠪᠠᠷ᠂ ᠭᠡᠣᠭᠡᠳ ᠲᠤ ᠠᠰᠠᠭᠤᠳᠠᠯ ᠢ ᠰᠢᠢᠳᠪᠣᠷᠢᠯᠡᠭᠦ ᠠᠷᠭ᠎ᠠ ᠶᠢ ᠰᠢᠭᠤᠳ ᠭᠡᠯᠡᠵᠣ ᠦᠭᠭᠦ᠂ ᠴᠢᠳᠬᠤᠮᠠᠯ ᠢᠶᠠᠷ ᠮᠡᠳᠡᠯᠭᠡ ᠵᠢᠭᠠᠪᠡᠯ ᠲᠡᠳᠡᠨᠣᠰ‌‍ᠤᠨ ᠴᠠᠭ ᠪᠠ ᠭᠦᠴᠣᠨ ᠢ ᠠᠷᠪᠢᠯᠠᠨ᠎ᠠ ᠭᠡᠵᠣ ᠦᠵᠡᠳᠡᠭ᠃ ᠮᠢᠨᠣ ᠦᠵᠡᠭᠦ ᠪᠠᠷ ᠨᠢᠭᠡ ᠠᠷᠡᠳ ᠤᠨ ᠪᠠᠭᠰᠢ ᠪᠣᠯᠣᠬᠰᠠᠨ ᠤ ᠬᠤᠪᠢ ᠳᠤ ᠢᠡᠭᠭᠢᠵᠣ ᠭᠡᠣᠭᠡᠳ ᠲᠤ ᠬᠠᠨᠳᠣᠬᠤ ᠨᠢ ᠲᠠᠭᠠᠷᠠᠬᠤ ᠦᠭᠡᠢ᠂ ᠪᠢᠳᠡ ᠵᠠᠪᠠᠯ ᠦᠨᠡᠨ ᠪᠣᠳᠡᠳᠡᠢ᠂ ᠨᠠᠷᠢᠨ ᠭᠢᠨᠠᠮᠠᠭᠠᠢ ᠪᠠᠷ ᠭᠡᠣᠭᠡᠳ ᠪᠤᠯᠭᠠᠨ ᠢ ᠴᠢᠷᠮᠠᠶᠢᠨ ᠭᠦᠮᠣᠵᠢᠭᠦᠯᠪᠠᠯ ᠵᠤᠬᠢᠨ᠎ᠠ᠃ ᠨᠠᠭᠠᠳᠣᠮ ᠲᠣᠬᠯᠠᠭᠠᠮ ᠳᠤ ᠲᠣᠷᠡᠳᠡᠢ ᠪᠠᠶᠢᠬᠤ ᠪᠣᠯ ᠭᠡᠣᠭᠡᠳ ᠤᠨ ᠲᠦᠷᠦᠯᠭᠢ ᠣᠨᠴᠠᠯᠢᠭ ᠪᠣᠯᠬᠤ ᠶᠤᠮ᠃ ᠮᠦᠨ ᠴᠦ ᠭᠡᠣᠭᠡᠳ ᠮᠡᠳᠡᠯᠭᠡ ᠪᠠᠨ ᠨᠡᠮᠡᠭᠳᠡᠭᠦᠯᠭᠦ᠂ ᠣᠷᠴᠢᠨ ᠲᠣᠭᠤᠷᠢᠨ ᠳᠤ ᠬᠢ ᠪᠣᠳᠠᠰ ᠤᠨ ᠲᠠᠨᠢᠯᠳᠠ ᠪᠠᠨ ᠲᠡᠭᠡᠭᠰᠢᠯᠡᠭᠦᠯᠭᠦ ᠠᠷᠭ᠎ᠠ ᠪᠠᠷᠢᠯ ᠪᠣᠯᠣᠨ᠎ᠠ᠃ ᠡᠶᠢᠮᠣ ᠠᠴᠠ ᠴᠡᠴᠡᠷᠯᠢᠭ ᠤᠨ ᠵᠢᠭᠠᠨ ᠰᠣᠷᠭᠠᠯᠳᠠ ᠶᠢᠨ ᠶᠠᠪᠣᠴᠠ ᠲᠣᠮᠳᠠ ᠪᠠᠨ ᠭᠡᠣᠭᠡᠳ ᠤᠨ ᠨᠠᠭᠠᠳᠣᠮ ᠲᠣᠬᠯᠠᠭᠠᠮ ᠤᠨ ᠭᠦᠳᠡᠯᠭᠡᠭᠡᠨ ᠢ ᠢᠯᠡᠭᠦᠭᠡᠨ ᠦᠷᠨᠢᠭᠦᠯᠭᠦ ᠭᠡᠷᠡᠭᠳᠠᠢ᠃ ᠭᠡᠣᠭᠡᠳ ᠨᠠᠭᠠᠳᠣᠮ ᠲᠣᠬᠯᠠᠭᠠᠮ ᠤᠨ ᠭᠦᠳᠡᠯᠭᠡᠭᠡᠨ ᠤ ᠲᠣᠮᠳᠠ ᠠᠶᠠᠨᠳᠠᠭᠠᠨ ᠲᠤᠭᠯᠠᠭᠠᠮ ᠤᠨ ᠲᠦᠷᠢᠮ ᠲᠣᠬᠳᠠᠭᠠᠯ ᠢ ᠲᠠᠭᠠᠨ ᠡᠵᠡᠮᠰᠢᠳᠡᠭ᠃ ᠲᠡᠳᠡᠨᠡᠷ ᠤᠨ ᠲᠤᠭᠯᠠᠭᠠᠮ ᠤᠨ ᠲᠣᠮᠳᠠᠭᠢ ᠢᠳᠡᠪᠭᠢᠳᠣ ᠰᠠᠶᠢᠨ ᠢᠯᠡᠷᠡᠯ ᠨᠢ ᠦᠨᠡᠨ ᠳᠤ ᠪᠠᠨ ᠨᠠᠶᠢᠭᠡᠮ ᠤᠨ ᠣᠷᠴᠢᠨ ᠲᠣᠭᠤᠷᠢᠨ ᠳᠤ ᠲᠠᠰᠴᠣ ᠪᠠᠶᠢᠭ᠎ᠠ ᠶᠢᠨ ᠢᠯᠡᠷᠡᠯ ᠪᠣᠯᠣᠨ᠎ᠠ᠃ ᠭᠡᠤᠭᠡᠳ ᠲᠣᠬᠯᠠᠭᠠᠮ ᠤᠨ ᠭᠦᠳᠡᠯᠭᠡᠭᠡᠨ ᠢᠶᠠᠷ ᠳᠠᠮᠵᠢᠨ ᠨᠠᠶᠢᠭᠡᠮ ᠢ ᠲᠠᠨᠢᠵᠣ᠂ ᠨᠠᠶᠢᠭᠡᠮ ᠢ ᠣᠶᠢᠯᠠᠭᠠᠵᠣ ᠪᠠᠶᠢᠳᠠᠬ᠃      ᠥᠷ᠎ᠡ ᠭᠡᠤᠭᠡᠳ ᠢᠶᠠᠨ ᠡᠷᠡᠭᠦᠯ ᠪᠡᠶ᠎ᠡ᠂ ᠰᠠᠷᠠᠭᠤᠯ ᠤᠬᠠᠭᠠᠨ ᠲᠠᠢ ᠪᠥᠷᠢᠨ ᠪᠥᠳᠥᠨ ᠭᠥᠮᠥᠨ ᠪᠣᠯᠭᠠᠬᠤ ᠭᠥᠮᠣᠵᠢᠯ ᠭᠢᠭᠦ ᠳᠤ ᠪᠠᠨ ᠪᠡᠶ᠎ᠡ ᠮᠠᠬᠠᠪᠤᠳ ᠤᠨ ᠡᠷᠡᠭᠦᠯ ᠪᠤᠶᠢᠵᠢᠯᠳᠠ ᠶᠢ ᠠᠯᠢᠪᠠ ᠮᠡᠳᠡᠯᠭᠡ ᠴᠢᠳᠠᠪᠤᠷᠢ ᠶᠢᠨ ᠰᠠᠭᠤᠷᠢ ᠪᠤᠯᠭᠠᠨ ᠴᠢᠬᠤᠯᠠᠴᠢᠯᠠᠳᠠᠭ ᠮᠤᠩᠭᠤᠯᠴᠤᠳ ᠮᠠᠨᠢ ︽ᠡᠷᠡᠭᠦᠯ ᠪᠡᠶ᠎ᠡ ᠳᠤ ᠰᠠᠷᠠᠭᠤᠯ ᠣᠬᠠᠭᠠᠨ︾ ᠭᠡᠵᠦ ᠦᠵᠡᠳᠡᠭ᠃ ᠭᠡᠳᠡᠯ᠎ᠡ ᠣᠳᠣᠭᠢ ᠬᠤᠳᠠᠴᠢᠯᠠᠯᠳᠠ ᠶᠢᠨ ᠴᠠᠭ ᠡᠷᠡᠨ ᠳᠤ ᠬᠦᠮᠦᠰ ᠰᠠᠭᠤᠷᠢᠰᠢᠮᠠᠯ ᠠᠮᠢᠳᠤᠷᠠᠯ ᠭᠢᠵᠤ ᠭᠡᠤᠭᠡᠳ ᠬᠠᠷᠠᠭ᠎ᠠ ᠲᠡᠯᠭᠡᠭᠰᠡᠨ ᠲᠠᠯ᠎ᠠ ᠠᠴᠠ ᠪᠠᠨ ︽ᠠᠯᠠᠭᠠᠨ ᠭᠢᠷᠢ︾ ᠴᠡᠴᠡᠷᠯᠢᠭ ᠤᠨ ᠭᠥᠷᠢᠶᠡᠨ ᠳᠤ ᠥᠰᠴᠦ ᠦᠨᠳᠡᠶᠢᠭᠦ ᠪᠣᠯᠵᠠᠢ᠃ ᠡᠨ᠋ᠨ ᠨᠢ ᠭᠡᠤᠭᠡᠳ ᠤᠨ ᠬᠠᠷᠠᠭ᠎ᠠ᠂ ᠪᠤᠳᠤᠯ ᠰᠡᠳᠬᠢᠬᠦᠢ ᠶᠢ ᠬᠢᠵᠠᠭᠠᠷᠯᠠᠳᠠᠬ᠃ ᠡᠶᠢᠮᠤ ᠠᠴᠠ ᠴᠡᠴᠡᠷᠯᠢᠭ ᠤᠨ ᠰᠤᠷᠭᠠᠨ ᠭᠥᠮᠣᠵᠢᠯ ᠳᠤ ᠠᠷᠠᠳ ᠤᠨ ᠰᠣᠷᠭᠠᠨ ᠬᠥᠮᠥᠵᠢᠭᠦᠯᠬᠦ ᠵᠦᠢ ᠳᠤ ᠬᠢ ᠭᠡᠤᠭᠡᠳ ᠤᠨ ᠲᠣᠭᠯᠠᠭᠠᠮ ᠢ ᠵᠣᠭᠢᠬᠤ ᠭᠡᠮᠵᠢᠶ᠎ᠡ ᠪᠠᠷ ᠤᠶᠠᠯᠳᠤᠭᠤᠯᠤᠨ ᠠᠰᠢᠭᠯᠠᠵᠤ ᠭᠡᠤᠭᠡᠳ ᠤᠨ ᠪᠡᠶ᠎ᠡ ᠪᠢᠯᠳᠠᠷ ᠤᠨ ᠡᠷᠡᠭᠦᠯ ᠪᠤᠶᠢᠵᠢᠯᠳᠠ᠂ ᠣᠶᠣᠨ ᠰᠡᠳᠭᠢᠭᠦᠢ ᠶᠢᠨ ᠭᠥᠭᠵᠢᠯᠳᠡ ᠶᠢ ᠠᠭᠢᠭᠤᠯᠬᠤ ᠳᠤ ᠦᠢᠯᠡᠴᠢᠯᠡᠭᠦᠯᠬᠦ ᠪᠠᠷ ᠴᠢᠷᠮᠠᠶᠢᠪᠠᠯ ᠵᠤᠬᠢᠨ᠎ᠠ᠃      ᠲᠠᠪᠤ᠂ ᠮᠣᠩᠭᠤᠯ ᠴᠡᠴᠡᠷᠯᠢᠭ ᠤᠨ ᠭᠡᠣᠭᠡᠳ ᠢ ᠦᠨᠳᠣᠰᠣᠳᠡᠨ ᠤ ᠣᠯᠠᠮᠵᠢᠯᠠᠯᠳᠣ ᠨᠠᠭᠠᠳᠣᠮ ᠲᠣᠬᠯᠠᠭᠠᠮ ᠤᠨ ᠰᠣᠶᠣᠯ ᠤᠨ ᠲᠣᠮᠳᠠ ᠭᠦᠮᠣᠵᠢᠭᠦᠯᠭᠦ ᠶᠢ ᠴᠢᠬᠤᠯᠠᠴᠢᠯᠠᠬᠤ ᠭᠡᠷᠡᠭᠳᠠᠢ      ᠭᠡᠣᠭᠡᠳ ᠤᠨ ᠲᠣᠬᠯᠠᠭᠠᠮ ᠪᠣᠯ ᠴᠡᠴᠡᠷᠯᠢᠭ ᠤᠨ ᠭᠡᠣᠭᠡᠳ ᠤᠨ ᠪᠡᠶ᠎ᠡ ᠰᠡᠳᠭᠢᠴᠠ ᠶᠢᠨ ᠭᠦᠭᠵᠢᠯᠳᠠ ᠶᠢᠨ ᠵᠢᠮ᠎ᠠ ᠶᠣᠰᠣᠨ ᠳᠤ ᠨᠠᠶᠢᠴᠡᠭᠰᠡᠨ ᠦᠨᠳᠣᠰᠣᠨ ᠭᠦᠳᠡᠯᠭᠡᠭᠡᠨ ᠮᠦᠨ᠃ ᠮᠦᠨ ᠴᠦ ᠭᠡᠣᠭᠡᠳ ᠶᠠᠭᠤᠮ᠎ᠠ ᠶᠢ ᠲᠠᠨᠢᠬᠤ ᠤᠨᠴᠠᠭᠠᠢ ᠠᠷᠭ᠎ᠠ ᠪᠠᠷᠢᠯ ᠤᠨ ᠨᠢᠭᠡ ᠮᠦᠨ᠂ ᠭᠡᠣᠭᠡᠳ ᠤᠨ ᠦᠪᠡᠷᠮᠢᠴᠠ ᠴᠢᠨᠠᠷ᠂ ᠨᠠᠶᠢᠭᠡᠮᠴᠢ ᠴᠢᠨᠠᠷ᠂ ᠪᠦᠳᠦᠭᠡᠯᠴᠢ ᠴᠢᠳᠠᠪᠣᠷᠢ ᠵᠡᠷᠭᠡ ᠶᠠᠷᠣᠩᠭᠡᠶᠢᠯᠡᠭᠰᠡᠨ ᠭᠡᠪ ᠴᠢᠨᠡᠷ ᠢ ᠭᠦᠮᠣᠵᠢᠭᠦᠯᠭᠦ ᠪᠠ ᠭᠦᠭᠵᠢᠭᠦᠯᠭᠦ ᠰᠣᠷᠭᠠᠨ ᠭᠦᠮᠣᠵᠢᠯ ᠤᠨ ᠰᠠᠶᠢᠨ ᠠᠷᠭ᠎ᠠ ᠪᠠᠷᠢᠯ ᠪᠣᠯᠣᠨ᠎ᠠ᠃      ︵ᠨᠢᠭᠡ︶ ᠨᠠᠭᠠᠳᠣᠮ ᠲᠣᠬᠯᠠᠭᠠᠮ ᠤᠨ ᠭᠦᠳᠡᠯᠭᠡᠭᠡᠨ ᠲᠣᠮᠳᠠ ᠭᠡᠣᠭᠡᠳ ᠤᠨ ᠲᠠᠷᠢᠭᠢᠨ ᠤ ᠬᠤᠷᠴᠠ ᠰᠣᠷᠭᠤᠭ ᠴᠢᠨᠠᠷ ᠢᠯᠡᠳᠳᠠ ᠨᠡᠮᠡᠭᠳᠠᠵᠣ᠂ ᠠᠩᠬᠠᠷᠣᠯ ᠤᠨ ᠴᠡᠭ ᠲᠦᠪᠯᠠᠷᠡᠵᠣ᠂ ᠰᠣᠷᠣᠯᠴᠠᠬᠤ ᠣᠷᠮ᠎ᠠ ᠨᠡᠮᠡᠭᠳᠡᠵᠣ᠂ ᠣᠶᠣᠨ ᠤ ᠭᠦᠳᠡᠯᠭᠡᠭᠡᠨ ᠳᠤ ᠢᠳᠡᠪᠭᠢᠳᠡᠢ ᠤᠷᠤᠯᠴᠠᠵᠤ᠂ ᠮᠡᠳᠡᠯᠭᠡ ᠶᠢ ᠭᠦᠯᠢᠶᠡᠨ ᠠᠪᠬᠤ ᠳᠤ ᠠᠮᠠᠷ ᠪᠣᠯᠣᠨ᠎ᠠ᠃      ᠦᠡᠭᠭᠡᠷᠡᠭᠰᠡᠨ ᠳᠤ ᠪᠢᠳᠠ ᠭᠡᠣᠭᠡᠳ ᠲᠤ ᠶᠠᠷᠢᠵᠤ ᠦᠭᠭᠦ ᠡᠰᠡᠭᠦᠯ᠎ᠡ᠂ ᠠᠰᠠᠭᠤᠯᠳᠠ ᠲᠣᠷᠡᠳᠬᠤ ᠪᠠᠷ ᠭᠤᠣᠯ ᠪᠣᠯᠭᠠᠵᠣ᠂ ᠪᠠᠭᠰᠢ ᠪᠠᠷ ᠲᠦᠪ ᠪᠣᠯᠭᠠᠵᠣ ᠪᠠᠶᠢᠳᠠᠭ ᠪᠣᠯᠬᠤᠷ ᠪᠠᠭᠰᠢ ᠲᠣᠩ ᠵᠦᠳᠡᠷᠡᠭᠦ ᠮᠦᠷᠳᠡᠭᠡᠨ ᠭᠡᠣᠭᠡᠳ ᠤᠨ ᠠᠩᠬᠠᠷᠣᠯ ᠤᠨ ᠴᠡᠭ ᠴᠦ ᠲᠦᠪᠯᠠᠷᠡᠵᠣ ᠦᠭᠭᠦ ᠦᠭᠡᠢ ᠪᠠᠶᠢᠳᠠᠭ᠃ ᠢᠡᠭᠭᠢᠪᠡᠯ ᠵᠢᠭᠠᠬᠤ ᠪᠠ ᠰᠣᠷᠬᠤ ᠭᠡᠰᠡᠨ ᠵᠣᠷᠢᠯᠭ᠎ᠠ ᠳᠤ ᠪᠠᠨ ᠭᠦᠷᠴᠣ ᠴᠢᠳᠠᠬᠤ ᠦᠭᠡᠢ ᠪᠣᠯᠳᠠᠭ᠂ ᠡᠶᠢᠮᠣ ᠠᠴᠠ ᠪᠢᠳᠠ ᠣᠳᠣ ᠰᠢᠨ᠎ᠠ ᠵᠢᠭᠠᠨ ᠰᠣᠷᠭᠠᠬᠤ ᠠᠷᠭ᠎ᠠ ᠪᠠᠷᠢᠯ ᠢ ᠠᠮᠢᠳᠣᠯᠢᠭ ᠢᠶᠠᠷ ᠭᠡᠷᠡᠭᠯᠡᠵᠣ᠂ ᠭᠡᠣᠭᠡᠳ ᠤᠨ ᠣᠶᠣᠨ ᠤ ᠭᠦᠳᠡᠯᠭᠡᠭᠡᠨ ᠤ ᠢᠳᠡᠪᠭᠢᠳᠡᠢ ᠴᠢᠨᠡᠷ ᠢ ᠲᠠᠶᠢᠴᠢᠯᠠᠵᠣ᠂ ᠰᠣᠷᠬᠤ ᠣᠷᠮ᠎ᠠ ᠶᠢ ᠨᠢ ᠭᠦᠭᠵᠢᠭᠡᠵᠣ᠂ ᠭᠡᠣᠭᠡᠳ ᠤᠨ ᠰᠣᠶᠣᠯ ᠮᠡᠳᠡᠯᠭᠡ ᠶᠢ ᠭᠦᠯᠢᠶᠡᠨ ᠠᠪᠬᠤ ᠴᠢᠳᠠᠪᠣᠷᠢ ᠶᠢ ᠨᠢ ᠲᠡᠭᠡᠭᠰᠢᠯᠡᠭᠦᠯᠭᠦ ᠭᠡᠷᠡᠭᠳᠡᠢ᠃      ︵ᠬᠤᠶᠠᠷ︶ ᠨᠠᠭᠠᠳᠣᠮ ᠲᠣᠬᠯᠠᠭᠠᠮ ᠤᠨ ᠭᠦᠳᠡᠯᠭᠡᠭᠡᠨ ᠤ ᠲᠦᠷᠢᠮ ᠨᠢ ᠵᠠᠪᠠᠯ ᠭᠡᠣᠭᠡᠳ ᠤᠨ ᠲᠣᠷ᠎ᠡ ᠪᠠᠬ᠎ᠠ ᠪᠠ ᠣᠨᠴᠠᠯᠢᠭ ᠲᠤ ᠲᠣᠭᠢᠷᠠᠭᠰᠡᠨ ᠪᠠᠶᠢᠵᠣ᠂ ᠰᠢᠭᠤᠳ ᠰᠣᠨᠢᠷᠬᠠᠬᠤ ᠳᠤ ᠪᠣᠳᠡᠳᠡᠢ ᠪᠠᠶᠢᠵᠣ᠂ ᠭᠡᠣᠭᠡᠳ ᠤᠨ ᠲᠣᠷ᠎ᠡ ᠰᠣᠨᠢᠷᠬᠠᠯ ᠢ ᠭᠦᠨ ᠲᠠᠳᠠᠭᠰᠡᠨ ᠪᠠᠶᠢᠬᠤ ᠭᠡᠷᠡᠭᠳᠡᠢ᠃      ᠲᠣᠬᠯᠠᠭᠠᠮ ᠤᠨ ᠭᠦᠳᠡᠯᠭᠡᠭᠡᠨ ᠲᠣᠮᠳᠠ ᠭᠡᠣᠭᠡᠳ ᠢᠶᠠᠷ ᠭᠤᠣᠯ ᠲᠣᠬᠯᠠᠭᠴᠢ ᠪᠠᠨ ᠪᠣᠯᠭᠠᠬᠰᠠᠨ ᠲᠣᠬᠯᠠᠭᠠᠮ ᠢ ᠲᠣᠭᠢᠷᠡᠭᠤᠯᠬᠤ ᠴᠢᠬᠤᠯᠠᠳᠡᠢ᠃ ᠵᠢᠱᠢᠶᠡᠯᠡᠪᠡᠯ᠄ ᠭᠡᠯᠡᠨ ᠤ ᠪᠣᠯᠪᠠᠰᠣᠷᠡᠯ ᠤᠨ ᠭᠦᠳᠡᠯᠭᠡᠭᠡᠨ ᠲᠣᠮᠳᠠ᠂ ᠭᠡᠣᠭᠡᠳ ᠲᠤ ︽ᠪᠢᠴᠢᠬᠠᠨ ᠲᠠᠣᠯᠡᠢ︾ ᠭᠡᠰᠡᠨ ᠦᠯᠢᠭᠡᠷ ᠢ ᠶᠠᠷᠢᠬᠤ ᠳᠤ ᠪᠠᠨ ᠭᠡᠣᠭᠡᠳ ᠲᠤ ᠵᠦᠪᠭᠡᠨ ᠦᠯᠢᠭᠡᠷ ᠢ ᠶᠠᠷᠢᠬᠤ ᠠᠴᠠ ᠪᠢᠰᠢ ᠭᠤᠣᠯ ᠲᠣᠬᠯᠠᠭᠴᠢ ᠶᠢᠨ ᠭᠦᠳᠡᠯᠭᠡᠭᠡᠨ ᠢ ᠭᠢᠭᠦ ᠦᠭᠡᠢ ᠪᠣᠯ ᠭᠡᠣᠭᠡᠳ ᠲᠣᠰ ᠭᠦᠳᠡᠯᠭᠡᠭᠡᠨ ᠳᠤ ᠣᠷᠮ᠎ᠠ ᠮᠠᠭᠤᠳᠡᠢ ᠪᠣᠯᠳᠠᠭ᠂ ᠡᠶᠢᠮᠣ ᠠᠴᠠ ᠲᠣᠰ ᠦᠯᠢᠭᠡᠷ ᠤᠨ ᠭᠤᠣᠯ ᠲᠣᠬᠯᠠᠭᠴᠢ ᠪᠣᠯᠬᠤ ︽ᠪᠢᠴᠢᠬᠠᠨ ᠲᠠᠣᠯᠡᠢ︾ ᠪᠠ ︽ᠴᠢᠨ᠋ᠸ᠎ᠠ︾ ᠶᠢ ᠭᠡᠣᠭᠡᠳ ᠢᠶᠠᠷ ᠲᠣᠬᠯᠠᠭᠤᠯᠬᠤ ᠭᠡᠷᠡᠭᠳᠡᠢ᠂ ᠲᠡᠭᠡᠪᠡᠯ ᠭᠡᠣᠭᠡᠳ ᠤᠨ ᠰᠣᠷᠣᠯᠴᠠᠬᠤ ᠣᠷᠮ᠎ᠠ ᠶᠢ ᠭᠦᠭᠵᠢᠭᠡᠭᠦ  ᠪᠣᠯᠣᠨ᠎ᠠ᠃ ᠲᠡᠷᠣᠢ ᠪᠢᠴᠢᠬᠠᠨ ᠠᠮᠢᠳᠡᠨ ᠢ ᠲᠠᠭᠤᠷᠢᠶᠠᠬᠤ ᠶᠠᠪᠣᠴᠠ ᠲᠣᠮᠳᠠ᠂ ᠭᠡᠣᠭᠡᠳ ᠲᠦᠢᠯ ᠤᠨ ᠣᠷᠮ᠎ᠠ ᠪᠠᠭ᠋ᠠᠳᠡᠢ ᠪᠠᠶᠢᠵᠣ ᠣᠷᠮ᠎ᠠ ᠰᠡᠳᠭᠢᠯᠭᠡ ᠨᠢ ᠭᠦᠭᠵᠢᠵᠣ᠂ ᠲᠦᠢᠯ ᠤᠨ ᠣᠷᠮᠠᠰᠢᠯ ᠲᠠᠢ ᠪᠠᠶᠠᠷ ᠪᠠᠶᠠᠰᠣᠯ ᠲᠠᠢ ᠪᠠᠷ ᠦᠯᠢᠭᠡᠷ ᠤᠨ ᠠᠭᠤᠯᠭ᠎ᠠ ᠣᠳᠬ᠎ᠠ ᠶᠢ ᠡᠵᠡᠮᠰᠢᠭᠦ ᠪᠣᠯᠣᠨ᠎ᠠ᠃ ᠨᠠᠭᠠᠳᠣᠮ ᠲᠣᠬᠯᠠᠭᠠᠮ ᠤᠨ ᠭᠦᠳᠡᠯᠭᠡᠭᠡᠨ ᠤ ᠲᠣᠮᠳᠠ ᠭᠡᠣᠭᠡᠳ ᠤᠨ ᠢᠳᠡᠪᠭᠢᠳᠡᠢ ᠴᠢᠨᠡᠷ ᠢ ᠲᠠᠶᠢᠴᠢᠯᠠᠵᠣ᠂ ᠪᠦᠳᠦᠭᠡᠯᠴᠢ ᠪᠠᠷ ᠠᠰᠠᠭᠤᠳᠡᠯ ᠢ ᠢᠯᠡᠷᠡᠭᠦᠯᠵᠣ᠂ ᠦᠭᠡ ᠭᠡᠯᠡᠨ ᠤ ᠢᠯᠡᠳᠭᠡᠭᠦ ᠴᠢᠳᠠᠪᠣᠷᠢ ᠶᠢ ᠲᠡᠭᠡᠭᠰᠢᠯᠡᠭᠦᠯᠵᠣ᠂ ᠮᠦᠨ ᠴᠦ ᠪᠦᠳᠦᠭᠡᠯᠴᠢ ᠪᠠᠷ ᠠᠰᠠᠭᠤᠳᠡᠯ ᠢ ᠰᠶᠢᠳᠪᠣᠷᠢᠯᠡᠭᠦ ᠴᠢᠳᠠᠪᠣᠷᠢ ᠶᠢ ᠨᠢ ᠲᠡᠭᠡᠭᠰᠢᠯᠡᠭᠦᠯᠣᠨ᠎ᠠ᠃ ᠡᠶᠢᠮᠣ ᠠᠴᠠ ᠴᠡᠴᠡᠷᠯᠢᠭ ᠤᠨ ᠵᠢᠭᠠᠨ ᠰᠣᠷᠭᠠᠯᠳᠠ ᠶᠢᠨ ᠶᠠᠪᠣᠴᠠ ᠲᠣᠮᠳᠠ ᠪᠠᠨ ᠭᠡᠣᠭᠡᠳ ᠤᠨ ᠨᠠᠭᠠᠳᠣᠮ ᠲᠣᠬᠯᠠᠭᠠᠮ ᠤᠨ ᠭᠦᠳᠡᠯᠭᠡᠭᠡᠨ ᠢ ᠢᠯᠡᠭᠦᠭᠡᠨ ᠦᠷᠨᠢᠭᠦᠯᠭᠦ ᠶᠢ ᠭᠦᠡᠭᠭᠡᠪᠴᠢᠯᠡᠵᠣ ᠪᠣᠯᠣᠰᠢ ᠦᠭᠡᠢ ᠶᠣᠮ᠃ ᠭᠡᠣᠭᠡᠳ ᠨᠠᠭᠠᠳᠣᠮ ᠲᠣᠬᠯᠠᠭᠠᠮ ᠤᠨ ᠭᠦᠳᠡᠯᠭᠡᠭᠡᠨ ᠤ ᠲᠣᠮᠳᠠ ᠮᠡᠳᠡᠯᠭᠡ ᠴᠢᠳᠠᠪᠣᠷᠢ ᠰᠣᠷᠴᠣ᠂ ᠰᠣᠷᠬᠤ ᠶᠢᠨ ᠲᠣᠮᠳᠠ ᠪᠠᠨ ᠮᠡᠳᠡᠯᠭᠡ ᠡᠵᠡᠮᠰᠢᠭᠦ ᠰᠠᠶᠢᠨ ᠰᠠᠶᠢᠬᠠᠨ ᠣᠷᠴᠢᠨ ᠲᠣᠭᠤᠷᠢᠨ ᠪᠠ ᠭᠡᠷᠡᠭᠯᠡᠭᠡ ᠶᠢᠨ ᠨᠦᠭᠦᠴᠡᠯ ᠢ ᠬᠠᠨᠭ᠍ᠭᠠᠵᠣ ᠦᠭᠭᠦ ᠴᠢᠬᠤᠯᠠᠳᠡᠢ᠃      ᠶᠠᠷᠣᠩᠭᠡᠶᠢᠯᠡᠪᠡᠯ᠂ ᠮᠣᠩᠭᠤᠯ ᠦᠨᠳᠣᠰᠣᠳᠡᠨ ᠪᠣᠯ ᠣᠷᠳᠣ ᠣᠳᠠᠭᠠᠨ ᠲᠡᠣᠭᠡ ᠲᠠᠢ ᠪᠣᠯᠪᠠᠰᠣᠨ ᠦᠨᠳᠣᠰᠣᠳᠡᠨ ᠶᠣᠮ᠃ ᠠᠭᠤᠣ ᠶᠡᠭᠡ ᠰᠣᠶᠣᠯ ᠪᠣᠯᠪᠠᠰᠣᠨ ᠲᠠᠢ ᠦᠨᠳᠣᠰᠣᠳᠡᠨ ᠤ ᠨᠢᠭᠡ ᠪᠣᠯᠣᠬᠰᠠᠨ ᠤ ᠬᠤᠪᠢ ᠳᠤ ᠮᠣᠩᠭᠤᠯ ᠦᠨᠳᠣᠰᠣᠳᠡᠨ ᠤ ᠣᠯᠠᠮᠵᠢᠯᠠᠯᠳᠣ ᠲᠣᠬᠯᠠᠭᠠᠮ ᠤᠨ ᠵᠦᠢᠯ ᠮᠠᠰᠢ ᠣᠯᠠᠨ ᠵᠦᠢᠯ ᠪᠠᠶᠢᠳᠠᠭ᠃ ᠮᠣᠩᠭᠤᠯᠴᠣᠳ ᠤᠨ ᠣᠯᠠᠮᠵᠢᠯᠠᠯᠳᠣ ᠲᠣᠬᠯᠠᠭᠠᠮ ᠪᠣᠯ ᠮᠣᠩᠭᠤᠯ ᠦᠨᠳᠣᠰᠣᠳᠡᠨ ᠤ ᠰᠣᠶᠣᠯ ᠤᠨ ᠦᠪ ᠭᠦᠷᠣᠩᠭᠡ ᠶᠢᠨ ᠨᠢᠭᠡ ᠲᠦᠷᠣᠯ ᠮᠦᠨ᠃ ᠮᠦᠨ ᠴᠦ ᠣᠶᠣᠨ ᠣᠬᠠᠭᠠᠨ ᠤ ᠪᠣᠯᠪᠠᠰᠣᠨ ᠤ ᠨᠢᠭᠡ ᠵᠦᠢᠯ ᠮᠦᠨ᠃ ᠮᠣᠩᠭᠤᠯᠴᠣᠳ ᠤᠨ ᠣᠯᠠᠮᠵᠢᠯᠠᠯᠳᠣ ᠲᠣᠬᠯᠠᠭᠠᠮ ᠪᠣᠯ ᠮᠣᠩᠭᠤᠯ ᠦᠨᠳᠣᠰᠣᠳᠡᠨ ᠤ ᠨᠠᠶᠢᠭᠡᠮ ᠤᠨ ᠪᠣᠳᠡᠰ ᠤᠨ ᠠᠮᠢᠳᠣᠷᠡᠯ ᠪᠠ ᠣᠶᠣᠨ ᠣᠬᠠᠭᠠᠨ ᠤ ᠪᠣᠯᠪᠠᠰᠣᠨ ᠢ ᠨᠢᠭᠡ ᠲᠠᠯ᠎ᠠ ᠪᠠᠷ ᠲᠦᠪᠯᠡᠷᠡᠭᠦᠯᠣᠨ ᠲᠣᠰᠬᠠᠬᠰᠠᠨ ᠦᠪᠡᠷᠮᠢᠴᠠ ᠣᠨᠴᠠᠯᠢᠭ ᠲᠠᠢ ᠮᠦᠷᠳᠡᠭᠡᠨ ᠮᠣᠩᠭᠤᠯ ᠨᠣᠳᠤᠭ ᠤᠨ ᠨᠡᠶᠢᠭᠡᠮ ᠤᠨ ᠠᠮᠢᠳᠣᠷᠡᠯ ᠢ ᠶᠡᠮᠡᠷ ᠨᠢᠭᠡᠨ ᠲᠠᠯ᠎ᠠ ᠪᠠᠷ ᠦᠨᠡᠨ ᠪᠣᠳᠡᠳᠡᠢ ᠬᠠᠷᠡᠭᠤᠯᠵᠣ ᠴᠢᠳᠠᠭᠰᠡᠨ ᠪᠠᠶᠢᠳᠠᠭ᠃ ᠭᠡᠣᠭᠡᠳ ᠤᠨ ᠲᠣᠬᠯᠠᠭᠠᠮ ᠪᠣᠯ ᠴᠡᠴᠡᠷᠯᠢᠭ ᠤᠨ ᠭᠡᠣᠭᠡᠳ ᠢ ᠭᠦᠳᠣᠯᠵᠣ ᠢᠳᠡᠪᠭᠢᠳᠡᠢ ᠰᠣᠷᠣᠯᠴᠠᠬᠤ᠂ ᠢᠳᠡᠪᠭᠢᠳᠡᠢ ᠰᠦᠪᠡᠭᠴᠢᠯᠡᠭᠦ᠂ ᠶᠠᠭᠤᠮ᠎ᠠ ᠶᠢ ᠢᠯᠡᠷᠡᠭᠦᠯᠭᠦ ᠶᠠᠪᠣᠴᠠ ᠶᠢ ᠵᠢᠯᠣᠭᠤᠳᠬᠤ ᠨᠢᠭᠡ ᠵᠦᠢᠯ ᠤᠨ ᠭᠦᠳᠡᠯᠭᠡᠭᠡᠨ ᠪᠣᠯᠣᠨ᠎ᠠ᠃ ᠡᠶᠢᠮᠣ ᠠᠴᠠ ᠪᠠᠭᠰᠢ᠂ ᠭᠡᠷ ᠤᠨ ᠠᠬᠠᠮᠠᠳ᠂ ᠨᠡᠶᠢᠭᠡᠮ ᠨᠠᠶᠢᠳᠠ ᠪᠠᠷ ᠮᠣᠩᠭᠤᠯ ᠦᠨᠳᠣᠰᠣᠳᠡᠨ ᠤ ᠦᠪᠡᠷᠮᠢᠴᠠ ᠰᠠᠶᠢᠬᠠᠨ ᠣᠯᠠᠮᠵᠢᠯᠠᠯᠳᠣ ᠲᠣᠬᠯᠠᠭᠠᠮ ᠢᠶᠠᠨ ᠣᠯᠠᠮᠵᠢᠯᠠᠨ ᠵᠠᠯᠭᠠᠮᠵᠢᠯᠠᠵᠣ ᠭᠡᠣᠭᠡᠳ ᠪᠠᠭᠠᠴᠣᠳ ᠤᠨ ᠢᠶᠠᠨ ᠣᠶᠣᠨ ᠰᠠᠨᠠᠭᠠᠨ ᠤ ᠪᠣᠯᠪᠠᠰᠣᠨ ᠳᠤ ᠦᠢᠯᠡᠴᠢᠯᠡᠭᠦᠯᠣᠶ᠎ᠡ᠃         ᠬᠠᠶ᠋ᠢᠬ᠄  ᠭᠠᠨᠰᠤ ᠮᠤᠵᠢ ᠶᠢᠨ ᠰᠦᠪᠸᠢ ᠶᠢᠨ ᠮᠣᠩᠭᠤᠯ ᠦᠨᠳᠣᠰᠣᠳᠡᠨ ᠤ                   ᠦᠪᠡᠷᠳᠡᠭᠡᠨ ᠵᠠᠰᠠᠬᠤ ᠰᠢᠶᠠᠨ ᠤ ᠬᠡᠤᠬᠡᠳ ᠤᠨ ᠴᠡᠴᠡᠷᠯᠢᠭ                                  ︵ᠪᠠᠭᠠᠨ᠎ᠠ ᠨᠠᠶᠢᠷᠠᠭᠤᠯᠪᠠ︶                                  2019 ᠣᠨ ᠤ 12 ᠳ᠋ᠤᠭᠠᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map