ᠤᠭ ᠰᠠᠨᠠᠭ᠎ᠠ ᠪᠠᠨ ᠥᠯᠥ ᠮᠠᠷᠲᠠᠵᠤ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠨᠡᠮ
ᠨᠡᠶᠢᠲᠡᠯᠡᠭᠰᠡᠨ ᠴᠠᠭ᠄
2020/5/12
                                   ᠬᠤᠷᠴᠠᠪᠢᠯᠢᠭ᠌      ᠮᠤᠩᠭᠤᠯ ᠠᠷᠠᠳ ᠤᠨ ᠴᠡᠴᠡᠨ ᠦᠭᠡᠨ ᠳᠤ᠄ ︽ᠤᠭ ᠢᠶᠠᠨ ᠪᠦᠦ ᠮᠠᠷᠲᠠ᠂ ᠤᠳᠤᠮ ᠢᠶᠠᠨ ᠪᠦᠦ ᠭᠤᠯᠣ︾᠂ ︽ᠤᠰᠤᠨ ᠳᠤ ᠡᠬᠢ ᠲᠠᠢ᠂ ᠮᠣᠳᠤᠨ ᠳᠤ ᠦᠨᠳᠦᠰᠦ ᠲᠠᠢ︾᠂ ︽ᠤᠰᠤ ᠶᠢ ᠨᠢ ᠤᠤᠭᠤᠪᠠᠯ ᠡᠬᠢ ᠶᠢ ᠨᠢ ᠪᠣᠳᠣ︾ ᠭᠡᠵᠦ ᠶᠠᠷᠢᠳᠠᠬ ᠨᠢ ᠤᠭ ᠰᠠᠨᠠᠭ᠎ᠠ ᠪᠠᠨ ᠮᠠᠷᠲᠠᠵᠤ ᠪᠣᠯᠬᠤ ᠦᠭᠡᠢ ᠤᠳᠤᠮ ᠭᠠᠷᠤᠯ ᠢᠶᠠᠨ ᠭᠡᠭᠡᠵᠤ ᠪᠣᠯᠬᠤ ᠦᠭᠡᠢ ᠬᠡᠰᠡᠨ ᠰᠤᠷᠭᠠᠯ ᠪᠢᠯᠡ᠃ ᠣᠳᠣ ᠮᠠᠨ ᠤ ᠨᠠᠮ ᠵᠠᠰᠠᠭ ᠴᠤ ︽ᠤᠭ ᠰᠠᠨᠠᠭ᠎ᠠ ᠪᠠᠨ ᠥᠯᠥ ᠮᠠᠷᠲᠠᠵᠤ᠂ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠬᠦ︾ ᠶᠢ ᠤᠷᠢᠶᠠᠯᠠᠨ ᠳᠠᠶᠢᠴᠢᠯᠠᠵᠤ ᠪᠣᠢ᠃      ᠪᠢ ᠪᠣᠯ ᠪᠠᠭᠰᠢ ᠬᠦᠮᠦᠨ᠃ ᠤᠯᠤᠰ ᠦᠨᠳᠦᠰᠦᠲᠡᠨ ᠤ ᠢᠷᠡᠭᠡᠳᠦᠢ ᠪᠣᠯᠣᠭᠰᠠᠨ ᠬᠡᠦᠬᠡᠳ ᠪᠠᠭᠠᠴᠤᠳ ᠢ ᠬᠦᠮᠦᠵᠢᠭᠦᠯᠦᠨ ᠪᠤᠶᠢᠵᠢᠭᠤᠯᠬᠤ ᠶᠡᠭᠡ ᠦᠢᠯᠡᠰ ᠤᠨ ᠠᠤᠭ᠎ᠠ ᠡᠬᠦᠷᠭᠡ ᠬᠠᠷᠢᠭᠤᠴᠠᠯᠭ᠎ᠠ ᠶᠢ ᠬᠦᠯᠢᠶᠡᠭᠰᠡᠨ ᠣᠶᠤᠨ ᠤ ᠬᠥᠲᠦᠴᠢ ᠬᠦᠮᠦᠨ᠃ ᠲᠡᠭᠡᠪᠡᠯ ᠪᠠᠭᠰᠢ ᠬᠦᠮᠦᠨ ᠤ ᠤᠭ ᠰᠠᠨᠠᠭ᠎ᠠ ᠶᠠᠭᠤ ᠪᠣᠢ︖ ᠪᠠᠭᠰᠢ ᠬᠦᠮᠦᠨ ᠤ ᠡᠬᠦᠷᠭᠡ ᠬᠠᠷᠢᠭᠤᠴᠠᠯᠭ᠎ᠠ ᠶᠠᠮᠠᠷ ᠪᠠᠶᠢᠳᠠᠭ ᠪᠣᠢ︖ ᠡ᠊ᠨᠡ ᠲᠤᠬᠠᠢ ᠪᠢ ᠦᠪᠡᠷ ᠤᠨ ᠰᠠᠨᠠᠭ᠎ᠠ ᠪᠣᠳᠤᠯ ᠢᠶᠠᠨ ᠲᠠ ᠨᠠᠷ ᠲᠠᠢ ᠬᠤᠪᠢᠶᠠᠯᠴᠠᠶ᠎ᠠ᠃      ᠪᠢ ᠪᠠᠭᠰᠢ ᠭᠡᠰᠡᠨ ᠨᠠᠨᠳᠢᠨ ᠠᠯᠳᠠᠷ ᠢ ᠵᠡᠭᠦᠵᠦ ᠬᠡᠦᠬᠡᠳ ᠤᠳ ᠤᠨ ᠡᠮᠦᠨ᠎ᠡ ᠵᠤᠭᠰᠣᠬᠤ ᠳᠤ ᠥᠪᠡᠷ ᠤᠨ ᠤᠬᠠᠭᠠᠨ ᠪᠣᠳᠣᠯ ᠳᠣᠲᠣᠷ᠎ᠠ ᠪᠠᠨ ︽ᠪᠢ ᠨᠢᠭᠡᠨ ᠬᠢᠷᠢ ᠲᠡᠩᠴᠡᠭᠰᠡᠨ ᠰᠠᠶᠢᠨ ᠪᠠᠭᠰᠢ ᠪᠣᠯᠣᠶ᠎ᠠ︾ ᠭᠡᠵᠦ ᠠᠨᠳᠠᠭᠠᠶᠢᠯᠠᠵᠤ ᠪᠠᠶᠢᠭᠰᠠᠨ ᠮᠥᠷᠲᠡᠭᠡᠨ ᠡ᠊ᠨᠡ ᠭᠦ ᠬᠤᠷᠸ᠎ᠠ ᠳᠡᠯᠡᠬᠡᠢ ᠳᠤ ᠬᠤᠣᠰ ᠦᠭᠡᠢ ᠠᠵᠢᠯ ᠦᠢᠯᠡᠰ ᠢ ᠥᠪᠡᠷ ᠤᠨ ᠬᠦᠰᠡᠯ ᠮᠥᠷᠥᠭᠡᠳᠦᠯ ᠪᠣᠯᠭᠠᠨ᠂ ᠬᠡᠦᠬᠡᠳ ᠤᠨ ᠠᠯᠤᠰ ᠢᠷᠡᠭᠡᠳᠦᠢ ᠶᠢ ᠱᠤᠭᠤᠨ ᠪᠥᠲᠥᠭᠡᠬᠦ ᠭᠠᠵᠠᠷ ᠳᠡᠯᠡᠬᠡᠢ ᠳᠤ ᠬᠤᠣᠰ ᠦᠭᠡᠢ ᠵᠢᠷᠤᠭᠠᠴᠢ ᠪᠣᠯᠬᠤ ᠭᠡᠰᠡᠨ ᠨᠢ ᠮᠢᠨᠦ ᠤᠭ ᠰᠠᠨᠠᠭ᠎ᠠ ᠪᠠᠶᠢᠭᠰᠠᠨ ᠶᠤᠮ᠃ ᠤᠭ ᠰᠠᠨᠠᠭ᠎ᠠ ᠮᠢᠨᠢ ᠵᠦᠪ ᠪᠠᠶᠢᠭᠰᠠᠨ ᠠᠴᠠ ᠠᠵᠢᠯ ᠦᠢᠯᠡᠰ ᠲᠡᠮᠡᠴᠡᠯ ᠵᠢᠳᠬᠦᠯ ᠴᠤ ᠠᠮᠵᠢᠯᠲᠠ ᠲᠠᠢ ᠪᠠᠶᠢᠭᠰᠠᠨ ᠶᠤᠮ᠃ ︽ᠰᠠᠨᠠᠭ᠎ᠠ ᠰᠠᠶᠢᠬᠠᠨ ᠪᠣᠯ ᠵᠠᠶᠠᠭ᠎ᠠ ᠰᠠᠶᠢᠬᠠᠨ︾ ᠭᠡᠳᠡᠭ ᠢᠶᠠᠷ ᠰᠠᠶᠢᠬᠠᠨ ᠰᠡᠳᠭᠢᠯ ᠤᠨ ᠬᠠᠷᠢᠭᠤ ᠳᠤ ᠰᠦ ᠠᠮᠲᠠᠯᠠᠭᠳᠠᠭᠰᠠᠨ ᠤᠯᠠᠨ ᠤᠯᠠᠨ ᠠᠵᠢᠯ ᠤᠨ ᠪᠦᠲᠦᠮᠵᠢ ᠨᠠᠮ᠎ᠠ ᠶᠢ ᠠᠯᠤᠰ ᠤᠨ ᠠᠯᠤᠰ ᠲᠤ ᠤᠷᠠᠶᠢᠯᠠᠨ ᠳᠠᠯᠠᠯᠵᠤ ᠪᠠᠶᠢᠭᠰᠠᠨ ᠶᠤᠮ ᠡ︕      ᠣᠯᠠᠨ ᠣᠯᠠᠨ ᠡᠳᠦᠷ ᠬᠤᠨᠤᠭ ᠠᠷᠤ ᠳᠤ ᠮᠠᠨᠢ ᠬᠤᠴᠤᠷᠴᠤ᠂ ᠬᠦᠮᠦᠨ ᠤ ᠰᠠᠶᠢᠬᠠᠨ ᠬᠡᠦᠬᠡᠳ ᠤᠳ ᠲᠤ ᠥᠪᠡᠷ ᠤᠨ ᠬᠢᠷᠢ ᠴᠢᠳᠠᠯ ᠢᠶᠠᠷ ᠤᠭᠤᠷᠠᠭ ᠰᠢᠮ᠎ᠡ ᠰᠢᠭ ᠡᠷᠳᠡᠮ ᠮᠡᠳᠡᠯᠭᠡ ᠶᠢᠨ ᠬᠠᠶᠠᠭ᠎ᠠ ᠬᠢᠵᠠᠭᠠᠷ ᠨᠢ ᠬᠠᠷᠠᠭᠳᠠᠬᠤ ᠦᠭᠡᠢ ᠳᠠᠯᠠᠢ ᠶᠢᠨ ᠵᠠᠬ᠎ᠠ ᠵᠤᠬ᠎ᠠ ᠠᠴᠠ ᠣᠭᠤᠴᠢ ᠳᠤᠰᠤᠯ ᠢᠶᠠᠷ ᠴᠦ ᠪᠣᠯᠤᠭ ᠶᠡᠭᠦᠯᠡᠨ ᠦᠭᠬᠦ ᠶᠢ ᠴᠢᠷᠮᠠᠶᠢᠵᠤ᠂ ᠲᠡᠭᠡᠬᠦ ᠲᠣᠰᠤᠮ ᠢᠶᠠᠨ ᠬᠡᠦᠬᠡᠳ ᠤᠨ ᠢᠶᠠᠨ ᠲᠥᠯᠥᠭᠡ ᠶᠠᠭᠤ ᠨᠢᠭᠡᠨ ᠲᠤᠰᠠᠳᠠᠢ ᠠᠯᠤᠰ ᠬᠡᠳᠦ ᠶᠢᠨ ᠬᠡᠷᠡᠭᠴᠡᠭᠡ ᠲᠠᠢ ᠶᠠᠭᠤᠮ᠎ᠠ ᠭᠢᠬᠦ ᠶᠤᠮ ᠰᠠᠨ ᠭᠡᠳᠡᠭ ᠲᠤᠯᠭᠠᠮ᠎ᠠ ᠪᠣᠳᠣᠯ ᠳᠤ ᠪᠠᠨ ᠬᠦᠲᠦᠯᠦᠭᠳᠡᠵᠦ ᠡᠳᠦᠢ ᠬᠦᠷᠦᠯ᠎ᠡ᠃      ᠤᠭ ᠰᠠᠨᠠᠭ᠎ᠠ ᠨᠠᠮ᠎ᠠ ᠶᠢ ᠭᠱᠠᠨ ᠪᠦᠷᠢ ᠰᠢᠪᠠᠳᠠᠨ᠂ ᠨᠠᠮ᠎ᠠ ᠶᠢ ᠠᠵᠢᠯ ᠦᠢᠯᠡᠰ ᠲᠤ ᠪᠠᠨ ᠦᠨᠡᠨᠴᠢ ᠰᠢᠳᠤᠷᠭᠤ ᠪᠠᠷ ᠬᠠᠨᠳᠤᠵᠤ᠂ ᠲᠡᠭᠦᠨ ᠳᠤ ᠪᠠᠨ ᠰᠠᠨᠠᠭ᠎ᠠ ᠪᠣᠳᠣᠯ ᠢᠶᠠᠨ ᠰᠢᠩᠭᠡᠭᠡᠨ᠂ ᠡᠳᠦᠷ ᠪᠦᠷᠢ ᠬᠢᠨᠠᠮᠠᠭᠠᠢ ᠰᠠᠶᠢᠬᠠᠨ ᠪᠡᠶᠡᠯᠡᠭᠦᠯᠵᠦ ᠪᠠᠶᠢᠬᠤ ᠶᠢ ᠰᠠᠨᠠᠭᠤᠯᠳᠠᠭ᠃ ᠠᠷᠢᠭᠤᠨ ᠴᠠᠶᠢᠯᠭᠠᠨ᠂ ᠠᠰᠪᠤᠷ ᠴᠠᠭᠠᠪᠤᠷ ᠤᠬᠠᠭᠠᠨ ᠪᠣᠳᠣᠯ ᠮᠢᠨᠢ ᠨᠠᠳᠠ ᠳᠤ ᠬᠠᠷᠢᠭᠤᠴᠠᠯᠭ᠎ᠠ ᠭᠡᠳᠡᠭ ᠲᠣᠮᠣᠬᠠᠨ ᠡᠭᠦᠷᠭᠡ‌‍ᠶᠢ ᠬᠤᠣᠰ ᠮᠥᠷᠥᠨ ᠳᠡᠭᠡᠷ᠎ᠡ ᠮᠢᠨᠢ ᠰᠢᠯᠵᠢᠰᠢ ᠦᠭᠡᠢ ᠲᠣᠬᠤᠵᠣ ᠣᠷᠬᠢᠭᠰᠠᠨ ᠪᠠᠶᠢᠯ᠎ᠠ᠃      ᠤᠭ ᠰᠠᠨᠠᠭ᠎ᠠ ᠨᠢ ᠮᠢᠨᠦ ᠤᠷᠢ ᠵᠠᠯᠠᠭᠤ ᠬᠡᠨᠡᠨ ᠴᠠᠶᠢᠯᠭᠠᠨ ᠰᠡᠳᠬᠢᠯ᠂ ᠠᠵᠢᠯ ᠦᠢᠯᠡᠰ ᠤᠨ ᠠᠩᠬᠠᠨ ᠤ ᠠᠯᠬᠤᠮ ᠢᠶᠠᠨ ᠲᠡᠨᠢᠭᠦᠬᠡᠨ ᠠᠯᠬᠤᠭᠰᠠᠨ ᠴᠠᠭ ᠮᠦᠴᠡ ᠶᠢᠨ ᠭᠬᠢᠷ ᠦᠭᠡᠢ ᠡᠮᠵᠡᠭ ᠰᠡᠳᠬᠢᠯ ᠮᠦᠨ᠃ ᠪᠢ ᠬᠡᠦᠬᠡᠳ ᠪᠠᠭᠠᠴᠤᠳ ᠲᠤ ᠬᠠᠶᠢᠷ᠎ᠠ ᠲᠠᠢ᠂ ᠲᠡᠳᠡᠨ ᠢ ᠪᠠᠨ ᠬᠠᠷᠠᠬᠤ ᠪᠠᠷ ᠬᠤᠷᠸ᠎ᠠ ᠳᠡᠯᠡᠬᠡᠢ ᠴᠡᠭᠡᠵᠢᠨ ᠳᠤ ᠮᠢᠨᠢ ᠪᠠᠭᠲᠠᠬᠤ ᠰᠢᠬ ᠪᠤᠯᠳᠠᠬ᠃      ᠤᠭ ᠰᠠᠨᠠᠭ᠎ᠠ ᠮᠢᠨᠦ ᠤᠷᠤᠭᠰᠢ ᠳᠠᠪᠰᠢᠬᠤ ᠶᠢᠨ ᠲᠣᠷᠭᠠᠨ ᠵᠢᠯᠤᠭᠤ ᠳᠣᠭᠳᠠᠮ ᠱᠠᠭᠠᠷᠳᠠᠯᠭ᠎ᠠ ᠪᠣᠯᠵᠣ  ᠪᠠᠶᠢᠨ᠎ᠠ᠃ ᠰᠢ ᠶᠢᠨ ᠫᠢᠩ ᠲᠡᠷᠢᠭᠦᠯᠡᠭᠴᠢ ᠠᠴᠠ ᠪᠢᠳᠡᠨ ᠢ᠄ ︽ᠤᠭ ᠰᠠᠨᠠᠭ᠎ᠠ ᠪᠠᠨ ᠮᠠᠷᠲᠠᠵᠤ ᠪᠣᠯᠬᠤ ᠦᠭᠡᠢ︾ ᠭᠡᠵᠦ ᠱᠠᠭᠠᠷᠳᠠᠵᠤ ᠪᠠᠶᠢᠨ᠎ᠠ᠃ ᠡ᠊ᠨᠡ ᠨᠢ ᠪᠢᠳᠡᠨ ᠢ ᠠᠵᠢᠯ ᠦᠢᠯᠡᠰ ᠲᠤ ᠪᠠᠨ ᠵᠢᠯᠤᠭᠤ ᠳᠠᠷᠤᠭᠰᠠᠨ ᠠᠩᠬᠠᠨ ᠤ ᠡᠷᠢᠨ ᠤ ᠰᠠᠨᠠᠭ᠎ᠠ ᠪᠣᠳᠣᠯ ᠢᠶᠠᠨ ᠢᠮᠠᠭᠳᠠ ᠪᠠᠷᠢᠮᠳᠠᠯᠠᠵᠤ ᠠᠷᠠᠳ ᠲᠦᠮᠡᠨ ᠤ ᠬᠦᠰᠡᠯ ᠪᠠᠷᠠᠯᠠᠯ ᠪᠣᠯᠣᠭᠰᠠᠨ ᠠᠵᠢᠯ ᠦᠢᠯᠡᠰ ᠢᠶᠠᠨ ᠨᠢᠭᠡᠨ ᠰᠡᠳᠬᠢᠯ ᠭᠠᠭᠴᠠ ᠵᠣᠷᠢᠭ ᠢᠶᠠᠷ ᠬᠢᠬᠦ ᠶᠢ ᠱᠠᠭᠠᠷᠳᠠᠵᠤ᠂ ᠡᠪ ᠬᠠᠮᠲᠤ ᠨᠠᠮ ᠤᠨ ᠪᠦᠬᠦ ᠰᠡᠳᠬᠢᠯ ᠪᠦᠬᠦ ᠵᠣᠷᠢᠭ ᠢᠶᠠᠷ ᠢᠶᠠᠨ ᠠᠷᠠᠳ ᠲᠦᠮᠡᠨ ᠳᠤ ᠦᠢᠯᠡᠴᠢᠯᠡᠬᠦ ᠠᠬᠠᠮᠠᠳ ᠦᠶ᠎ᠡ ᠶᠢᠨ ᠡᠷᠬᠢᠮ ᠳᠡᠭᠡᠳᠦ ᠣᠯᠠᠮᠵᠢᠯᠠᠯ ᠢᠶᠠᠨ ᠮᠠᠷᠲᠠᠬᠤ ᠦᠭᠡᠢ᠂ ᠭᠠᠭᠴᠠ ᠪᠡᠶ᠎ᠡ ᠳᠤ ᠣᠯᠳᠠᠭᠰᠠᠨ ᠠᠵᠢᠯ ᠦᠢᠯᠡᠰ ᠢᠶᠠᠨ ᠡᠬᠡ ᠣᠷᠤᠨ ᠠᠷᠠᠳ ᠲᠦᠮᠡᠨ ᠤ ᠳᠠᠷᠬᠠᠨ ᠦᠢᠯᠡᠰ ᠲᠠᠢ ᠬᠤᠯᠪᠣᠵᠣ᠂ ᠴᠠᠭ ᠦᠷᠭᠦᠯᠵᠢ ᠴᠢᠷᠮᠠᠶᠢᠵᠤ ᠶᠠᠪᠤᠬᠤ ᠶᠢ ᠶᠣᠰᠤᠴᠢᠯᠠᠨ ᠵᠠᠬᠢᠵᠤ ᠪᠠᠶᠢᠬᠤ ᠣᠷᠢᠶᠠᠯᠠᠯ ᠪᠣᠯᠬᠤ ᠶᠤᠮ ᠡ᠃      ᠪᠠᠭᠰᠢ ᠶᠢᠨ ᠠᠵᠢᠯ ᠮᠢᠨᠢ ᠮᠢᠨᠦ ᠪᠦᠬᠦ᠋ᠢᠯᠡ ᠠᠮᠢᠳᠤᠷᠠᠯ ᠤᠨ ᠵᠠᠮ ᠳᠤ ᠬᠢ ᠭᠤᠶᠣ ᠰᠠᠶᠢᠬᠠᠨ ᠡᠬᠢᠯᠡᠯᠳᠡ ᠪᠣᠯᠵᠠᠢ᠃ ᠡ᠊ᠨᠡ ᠭᠦ ᠡᠷᠬᠢᠮ ᠨᠠᠨᠳᠢᠨ ᠬᠠᠷᠢᠭᠤᠴᠠᠯᠭ᠎ᠠ ᠮᠢᠨᠢ ᠮᠢᠨᠦ ᠪᠠᠭᠰᠢ ᠶᠢᠨ ᠶᠣᠰᠤ ᠰᠤᠷᠲᠠᠬᠤᠨ ᠤ ᠲᠠᠯ᠎ᠠ ᠪᠠᠷ ᠪᠦᠷᠢᠨ ᠢᠯᠡᠷᠡᠯ ᠢᠶᠠᠨ ᠤᠯᠤᠭᠰᠠᠨ ᠶᠤᠮ᠃ ᠪᠠᠭᠰᠢ ᠶᠢᠨ ᠶᠣᠰᠤ ᠰᠤᠷᠲᠠᠬᠤᠨ ᠪᠣᠯ ᠬᠡᠦᠬᠡᠳ ᠪᠠᠭᠠᠴᠤᠳ ᠢ ᠵᠥᠪ ᠰᠠᠶᠢᠬᠠᠨ ᠬᠦᠮᠦᠵᠢᠭᠦᠯᠵᠦ ᠡᠷᠳᠡᠮ ᠰᠤᠷᠳᠠᠯ ᠲᠠᠢ ᠪᠣᠯᠭᠠᠵᠤ᠂ ᠮᠦᠨ ᠴᠦ ᠥᠪᠡᠷ ᠤᠨ ᠪᠡᠶ᠎ᠡ ᠪᠠᠨ ᠶᠣᠰᠣ ᠰᠤᠷᠲᠠᠬᠤᠨ ᠤ ᠪᠦᠷᠢᠯᠸ᠎ᠠ ᠪᠣᠯᠭᠠᠨ ᠴᠢᠩᠭ᠎ᠠ ᠱᠠᠭᠠᠷᠳᠠᠵᠤ᠂ ᠥᠪᠡᠷ ᠤᠨ ᠪᠡᠶ᠎ᠡ ᠪᠠᠷ ᠢᠶᠠᠨ ᠬᠡᠦᠬᠡᠳ ᠪᠠᠭᠠᠴᠤᠳ ᠴᠠᠭᠠᠰᠢᠯᠠᠨ ᠨᠡᠶᠢᠭᠡᠮ ᠨᠡᠶᠢᠳᠡ ᠳᠤ ᠳᠠᠭᠤᠷᠢᠶᠠᠯ ᠪᠣᠯᠵᠣ᠂ ᠬᠦᠮᠦᠨ ᠢ ᠬᠦᠮᠦᠵᠢᠭᠦᠯᠬᠦ ᠡᠷᠬᠢᠮ ᠳᠡᠭᠡᠳᠦ ᠤᠳᠬ᠎ᠠ ᠠᠭᠤᠯᠭ᠎ᠠ ᠲᠠᠢ ᠦᠢᠯᠡᠰ ᠲᠤ ᠵᠢᠳᠬᠦᠭᠦᠯᠬᠦ ᠳᠤ ᠪᠤᠳᠠᠳᠠᠢ ᠢᠯᠡᠷᠡᠯ ᠢᠶᠠᠨ ᠣᠯᠵᠣ᠂ ᠮᠢᠨᠦ ᠬᠢᠭᠰᠡᠨ ᠵᠦᠢᠯ ᠮᠢᠨᠢ ᠭᠦᠨ ᠭᠦᠨᠵᠡᠭᠡᠢ ᠤᠳᠬ᠎ᠠ ᠠᠭᠤᠯᠭ᠎ᠠ ᠪᠠᠨ ᠣᠯᠵᠣ ᠴᠢᠳᠠᠨ᠎ᠠ᠃      ᠬᠠᠷᠢᠭᠤᠴᠠᠯᠭ᠎ᠠ ᠠᠭᠤᠯᠠ ᠮᠡᠲᠦ᠃ ᠪᠢ ᠣᠳᠣ ᠪᠠᠭᠰᠢ ᠭᠡᠳᠡᠭ ᠠᠵᠢᠯ ᠤᠨ ᠢᠶᠠᠨ ᠬᠠᠷᠢᠭᠤᠴᠯᠠᠭ᠎ᠠ ᠶᠢᠨ ᠬᠦᠨᠳᠦ ᠴᠢᠬᠤᠯᠠ ᠠᠭᠤᠯᠤᠭᠳᠠᠬᠤᠨ ᠢ ᠪᠦᠷᠢᠨ ᠣᠶᠢᠯᠠᠭᠠᠵᠤ᠂ ᠡ᠊ᠨᠡ ᠨᠢ ᠮᠢᠨᠦ ᠨᠠᠰᠤᠨ ᠲᠣᠷᠰᠢ ᠶᠢᠨ ᠵᠠᠶᠢᠯᠠᠰᠢ ᠦᠭᠡᠢ ᠬᠢᠬᠦ ᠠᠵᠢᠯ ᠦᠢᠯᠡᠰ᠂ ᠲᠡᠷᠡ ᠮᠥᠷᠳᠡᠭᠡᠨ ᠲᠡᠭᠦᠨ ᠢ ᠪᠠᠨ ᠪᠡᠶᠡᠯᠡᠭᠦᠯᠬᠦ ᠳᠤ ᠪᠢ ᠪᠦᠬᠦ ᠰᠡᠳᠬᠢᠯ ᠪᠦᠬᠦ ᠵᠣᠷᠢᠭ ᠢᠶᠠᠨ ᠳᠠᠶᠢᠴᠢᠯᠠᠬᠤ ᠪᠣᠯᠣᠨ᠎ᠠ᠃ ᠠᠭᠤᠤ ᠶᠡᠭᠡ ᠣᠳᠣᠷᠢᠳᠤᠭᠴᠢ ᠮᠠᠤ ᠲᠡᠷᠢᠭᠦᠯᠡᠭᠴᠢ᠄ ︽ᠪᠦᠬᠦ ᠰᠡᠳᠭᠢᠯ ᠪᠦᠬᠦ ᠵᠣᠷᠢᠭ ᠢᠶᠠᠷ ᠢᠶᠠᠨ ᠠᠷᠠᠳ ᠲᠥᠮᠡᠨ ᠳᠤ ᠦᠢᠯᠡᠴᠢᠯᠡᠶ᠎ᠡ︾ ᠭᠡᠵᠦ ᠠᠯᠲᠠᠨ ᠰᠤᠷᠭᠠᠯ ᠢᠶᠠᠨ ᠬᠠᠶᠢᠷᠠᠯᠠᠭᠰᠠᠨ ᠪᠠᠶᠢᠳᠠᠭ᠃ ᠪᠢ ᠠᠯᠢᠪᠠ ᠪᠦᠬᠦᠨ ᠢᠶᠠᠨ ᠰᠤᠷᠤᠭᠴᠢ ᠶᠢᠨ ᠲᠥᠯᠥᠭᠡ ᠵᠣᠷᠢᠭᠤᠯᠬᠤ ᠳᠤ ᠬᠡᠵᠢᠶ᠎ᠡ ᠢᠮᠠᠭᠲᠠ ᠪᠡᠯᠡᠬᠡᠨ᠃ ᠬᠠᠷᠢᠭᠤᠴᠠᠯᠭ᠎ᠠ ᠪᠣᠯ ᠬᠠᠶᠢᠷ᠎ᠠ ᠮᠦᠨ᠃ ᠬᠡᠦᠭᠡᠳ ᠢ ᠬᠠᠶᠢᠷᠠᠯᠠᠵᠤ᠂ ᠦᠢᠯᠡᠰ ᠢᠶᠠᠨ ᠬᠠᠶᠢᠷᠠᠯᠠᠬᠤ ᠪᠣᠯ ᠡᠷᠬᠢᠮ ᠳᠡᠭᠡᠳᠦ ᠬᠠᠷᠢᠭᠤᠴᠠᠯᠭ᠎ᠠ ᠮᠦᠨ᠃ ︽ᠳᠡᠯᠡᠬᠡᠢ ᠳ᠋ᠠᠬᠢᠨ ᠤ ᠮᠠᠨᠳᠤᠯ ᠬᠦᠭᠵᠢᠯ ᠳᠤ ᠬᠦᠮᠦᠨ ᠪᠦᠬᠦᠨ ᠬᠠᠷᠢᠭᠤᠴᠠᠯᠭ᠎ᠠ ᠲᠠᠢ  ᠪᠢᠰᠢ᠂ ᠬᠠᠷᠢᠨ ᠪᠢ ᠬᠠᠷᠢᠭᠤᠴᠠᠯᠭ᠎ᠠ ᠲᠠᠢ︾ ᠭᠡᠵᠦ ᠬᠡᠯᠡᠬᠦ ᠨᠢ ᠵᠦᠢ‌‍ᠲ᠋ᠠᠢ᠃ ᠦᠪᠡᠷ ᠦᠪᠡᠷ ᠤᠨ ᠡᠭᠦᠷᠭᠡ ᠬᠠᠷᠢᠭᠤᠴᠠᠯᠭ᠎ᠠ ᠪᠠᠨ ᠥᠩᠭᠡ ᠲᠠᠢ ᠰᠠᠶᠢᠬᠠᠨ ᠪᠡᠶᠡᠯᠡᠭᠦᠯᠬᠦ ᠨᠢ ᠡᠷᠬᠢᠮ ᠠᠴᠠ ᠡᠷᠬᠢᠮ᠃ ᠪᠢᠳᠡ ᠠᠵᠢᠯ ᠦᠢᠯᠡᠰ ᠲᠤ ᠪᠠᠨ ᠵᠢᠳᠬᠦᠵᠦ ᠶᠠᠪᠣᠬᠤ ᠳᠤ ᠪᠠᠨ ︽ᠪᠢ ᠴᠢᠬᠤᠯᠠ ᠬᠦᠮᠦᠨ᠂ ᠪᠢ ᠴᠢᠬᠤᠯᠠ ᠬᠦᠮᠦᠨ᠂ ᠪᠢ ᠴᠢᠬᠤᠯᠠ ᠬᠦᠮᠦᠨ︾ ᠭᠡᠵᠦ ᠦᠪᠡᠷ‌‍ᠤᠨ ᠦᠨ᠎ᠡ ᠦᠷᠲᠡᠭ ᠢᠶᠠᠨ ᠮᠡᠳᠡᠵᠦ᠂ ᠴᠢᠬᠤᠯᠠᠴᠢᠯᠠᠵᠤ᠂ ᠬᠦᠨᠳᠦᠳᠭᠡᠵᠦ ᠴᠢᠷᠮᠠᠶᠢᠬᠤ ᠬᠡᠷᠡᠭᠳᠡᠢ᠃ ᠨᠢᠭᠡᠨ ᠺᠣᠮᠫᠠᠨᠢ ᠳᠠᠮᠫᠤᠷᠠᠵᠤ ᠵᠠᠬᠢᠷᠤᠯ ᠨᠢ ᠠᠷᠭ᠎ᠠ ᠪᠣᠰᠤ ᠠᠵᠢᠯᠴᠢᠨ ᠢᠶᠠᠨ ᠬᠠᠰᠤᠬᠤ ᠪᠠᠷ ᠪᠣᠯᠵᠠᠢ᠃ ᠲᠡᠭᠡᠭᠡᠳ ᠦᠪᠡᠷ ᠤᠨ ᠴᠢᠬᠤᠯᠡ ᠪᠣᠰᠤ ᠭᠡᠵᠦ ᠦᠵᠡᠭᠰᠡᠨ ︽ᠴᠡᠪᠡᠷᠯᠡᠭᠴᠢ︾ ᠶᠢ ᠬᠠᠰᠤᠬᠤ ᠬᠡᠰᠡᠨ ᠳᠤ ᠴᠡᠪᠡᠷᠯᠡᠭᠴᠢ ︽ᠪᠢ ᠮᠠᠰᠢ ᠴᠢᠬᠤᠯᠡ ᠬᠦᠮᠦᠨ᠂ ᠪᠢ ᠦᠭᠡᠢ ᠪᠣᠯ ᠪᠦᠬᠦ ᠵᠦᠢᠯ ᠪᠤᠵᠠᠷ ᠪᠣᠬᠢᠷ ᠪᠣᠯᠤᠨ᠎ᠠ ᠁︾ ᠭᠡᠳ ᠬᠦᠯᠢᠶᠡᠬᠦ ᠦᠭᠡᠢ᠂ ᠰᠠᠩ ᠬᠠᠮᠢᠶᠠᠷᠤᠭᠴᠢ᠂ ᠲᠡᠷᠭᠡᠨ ᠵᠢᠯᠣᠭᠤᠴᠢ᠂ ᠭᠠᠯᠴᠢ ᠶᠢ ᠠᠵᠢᠯ ᠠᠴᠠ ᠨᠢ ᠬᠠᠰᠤᠬᠤ ᠬᠡᠰᠡᠨ ᠳᠤ ᠪᠦᠷ ︽ᠪᠢ ᠴᠢᠬᠤᠯᠠ ᠬᠦᠮᠦᠨ︾ ᠭᠡᠳ ᠲᠠᠰᠤ ᠵᠦᠪᠰᠢᠶᠡᠷᠬᠦ ᠦᠭᠡᠢ ᠪᠠᠶᠢᠯ᠎ᠠ᠃ ᠡᠳᠡᠭᠡᠷ ᠢ ᠦᠵᠡᠭᠰᠡᠨ ᠵᠠᠬᠢᠷᠤᠯ ᠳᠤ ᠰᠢᠨ᠎ᠡ ᠪᠣᠳᠤᠯ ᠲᠥᠷᠦᠭᠳᠡᠵᠦ ᠠᠵᠢᠯᠴᠢᠳ ᠢᠶᠠᠨ ᠠᠯᠢ ᠶᠢ ᠨᠢ ᠴᠤ ᠬᠠᠰᠤᠭᠰᠠᠨ ᠦᠭᠡᠢ᠃ ᠬᠠᠷᠢᠨ ︽ᠪᠢ ᠶᠡᠭᠡ ᠴᠢᠬᠤᠯᠠ︾ ᠬᠡᠰᠡᠨ ᠦᠰᠦᠭ ᠢ ᠲᠣᠮᠣᠬᠠᠨ ᠰᠡᠶᠢᠯᠡᠭᠦᠯᠵᠦ ᠬᠦᠷᠢᠶᠡᠨ ᠡᠭᠦᠳᠡᠨ ᠲᠡᠭᠡᠷ᠎ᠡ ᠪᠠᠨ ᠡᠯᠭᠦᠭᠦᠯᠵᠡᠢ᠃ ᠡ᠊ᠨᠡ ᠦᠰᠦᠭ ᠢ ᠬᠠᠷᠠᠭᠰᠠᠨ ᠪᠦᠬᠦ ᠬᠦᠮᠦᠰ ᠦᠪᠡᠷ ᠤᠨ ᠴᠢᠬᠤᠯᠡ ᠦᠷᠲᠡᠭ‌‍ᠢᠶ᠋ᠠᠨ ᠤᠶᠢᠯᠠᠭᠠᠵᠤ᠂ ᠳᠠᠮᠫᠤᠷᠠᠭᠰᠠᠨ ᠺᠣᠮᠫᠠᠨᠢ ᠤᠳᠠᠯ ᠦᠭᠡᠢ ᠦᠭᠡᠳᠡᠯᠡᠨ ᠮᠠᠨᠳᠤᠭᠰᠠᠨ ᠭᠡᠳᠡᠭ᠃ ᠡᠭᠦᠷᠭᠡ ᠬᠠᠷᠢᠭᠤᠴᠠᠯᠭ᠎ᠠ ᠪᠠᠨ ᠲᠣᠳᠤᠷᠬᠠᠢ ᠮᠡᠳᠡᠵᠦ ᠯᠡ ᠪᠠᠶᠢᠪᠠᠯ ︽ᠪᠢ ᠶᠡᠭᠡ ᠴᠢᠬᠤᠯᠠ︾ ᠭᠡᠵᠦ ᠵᠢᠳᠭᠦᠵᠦ ᠯᠡ ᠪᠠᠶᠢᠪᠠᠯ ᠠᠮᠵᠢᠯᠲᠠ ᠢᠯᠠᠯᠲᠠ ᠪᠢᠳᠡᠨ ᠤ ᠬᠢ ᠰᠢᠦ︕      ᠡᠶᠢᠨ ᠬᠦ ᠪᠢ ᠤᠭ ᠰᠠᠨᠠᠭ᠎ᠠ ᠪᠠᠨ ᠮᠠᠷᠲᠠᠬᠤ ᠦᠭᠡᠢ᠂ ᠬᠦᠰᠡᠨ ᠰᠠᠨᠠᠭᠰᠠᠨ ᠮᠥᠷᠥᠭᠡᠳᠦᠯ᠂ ᠬᠦᠷᠬᠦ ᠪᠠᠷ ᠵᠣᠷᠢᠭᠰᠠᠨ ᠠᠯᠤᠰ ᠬᠡᠳᠦ ᠶᠢᠨ ᠪᠣᠳᠣᠯ ᠢᠶᠠᠨ ᠢᠮᠠᠭᠲᠠ ᠬᠤᠪᠢᠷᠠᠭᠤᠯᠬᠤ ᠦᠭᠡᠢ ᠭᠡᠵᠦ ᠵᠤᠷᠢᠬ ᠰᠢᠭᠤᠳᠴᠤ ᠪᠤᠢ᠃      ᠪᠢ ᠪᠠᠭᠰᠢ ᠬᠦᠮᠦᠨ -      ᠪᠢᠴᠢᠭ ᠵᠢᠭᠠᠵᠤ ᠪᠢᠯᠢᠭ ᠨᠡᠬᠡᠭᠡᠴᠢ      ᠣᠶᠤᠨᠴᠢ ᠬᠦᠮᠦᠨ᠃      ᠪᠢ ᠪᠠᠭᠰᠢ ᠬᠦᠮᠦᠨ -      ᠦᠪᠡᠷ ᠢᠶᠠᠨ ᠡᠯᠡᠭᠳᠡᠵᠦ      ᠦᠷᠦᠭᠡᠯ ᠢ ᠬᠤᠷᠴᠠᠯᠠᠬᠤ      ᠦᠨᠵᠢᠭᠦᠯ ᠤᠨ ᠬᠥᠬᠡ ᠴᠢᠯᠠᠭᠤ ᠪᠢᠯᠡ᠃      ᠡ᠊ᠨᠡ ᠪᠣᠯ ᠮᠢᠨᠦ ᠤᠭ ᠰᠠᠨᠠᠭ᠎ᠠ᠂ ᠮᠢᠨᠦ ᠬᠠᠷᠢᠭᠤᠴᠠᠯᠭ᠎ᠠ ᠶᠤᠮ᠃          ᠬᠠᠶ᠋ᠢᠬ᠄ ᠣᠩᠨᠢᠭᠤᠳ ᠬᠤᠰᠢᠭᠤᠨ ᠤ ᠪᠣᠷᠤᠬᠤᠲᠠ ᠮᠤᠩᠭᠤᠯ ᠪᠠᠭ᠎ᠠ ᠰᠤᠷᠭᠠᠭᠤᠯᠢ                                 ︵ᠡᠾᠦ᠋ᠩ ᠮᠸᠢ ᠨᠠᠶᠢᠷᠠᠭᠤᠯᠪᠠ︶                                 2019 ᠣᠨ ᠤ 11 ᠳ᠋ᠦ᠋ᠭᠡᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map