ᠤᠳᠤᠬᠠᠨ ᠤ ᠭᠡᠤᠭᠡᠳ ᠤᠳ ᠤᠨ ᠪᠠᠶ᠎ᠡ ᠳᠡᠭᠡᠷ᠎ᠡ ᠢᠯᠠᠷᠠᠵᠦ ᠪᠠᠶᠢᠭ᠎ᠠ ᠲᠤᠳᠠᠭᠳᠠᠯ ᠲᠠᠢ ᠲᠠᠯ᠎ᠠ ᠪᠤᠯᠤᠨ ᠲᠡᠭᠦᠨ ᠤ ᠦᠨᠳᠤᠰᠤ ᠰᠤᠷᠪᠤᠯᠵᠢ
ᠨᠡᠶᠢᠲᠡᠯᠡᠭᠰᠡᠨ ᠴᠠᠭ᠄
2020/5/12
                                   ᠨᠠᠮᠢᠳᠰᠠᠳᠠᠩ      ᠡᠳᠦᠭᠡ ᠮᠠᠨ ᠤ ᠬᠡᠦᠬᠡᠳ ᠤᠳ ᠢᠲᠡᠭᠡᠯ ᠪᠢᠰᠢᠷᠡᠯ ᠦᠭᠡᠢ ᠪᠤᠯᠵᠠᠢ᠃ ᠨᠠᠭᠠᠲᠤ ᠵᠠᠬ᠎ᠠ ᠳᠤ ᠪᠠᠨ ᠪᠡᠶ᠎ᠡ ᠪᠠᠨ ᠴᠦ ᠢᠳᠡᠭᠡᠭᠦ ᠪᠠᠨ ᠪᠣᠯᠵᠠᠢ᠃ ᠢᠡᠭᠬᠢᠭᠰᠡᠨ ᠠᠴᠠ ᠲᠠᠳᠡᠨ ᠤ ᠪᠡᠶ᠎ᠠ ᠳᠡᠭᠡᠷ᠎ᠡ ᠤᠯᠠᠨ ᠵᠦᠢᠯ ᠤᠨ ᠲᠤᠳᠠᠭᠳᠠᠯ ᠲᠠᠢ ᠲᠠᠯ᠎ᠠ ᠢᠯᠠᠷᠠᠵᠦ ᠪᠤᠢ᠂ ᠶᠠᠮᠠᠷ ᠰᠠᠶᠢᠨ ᠳᠤ ᠪᠠᠨ ᠪᠠᠭᠰᠢ ᠨᠠᠷ ᠴᠦ᠄ ︽ᠣᠳᠣ ᠶᠢᠨ ᠰᠤᠷᠤᠭᠴᠢᠳ ᠪᠦᠷ ᠪᠣᠯᠬᠤ ᠪᠠᠨ ᠪᠠᠶᠢᠵᠤ ᠪᠠᠶᠢᠨ᠎ᠠ᠂ ᠶᠠᠪᠤᠬᠤ ᠲᠤᠰᠤᠮ ᠢᠶᠠᠨ ᠪᠦᠷ ᠰᠤᠷᠬᠤ ᠦᠭᠡᠢ ᠠᠯᠵᠠᠭᠤ ᠪᠣᠯᠵᠠᠢ᠃ ᠲᠠᠨ ᠤ ᠲᠡᠷᠡ ᠦᠶᠡᠰ ᠲᠠᠢ ᠲᠠᠭᠠᠷᠠᠬᠤ ᠪᠠᠨ ᠪᠣᠯᠢᠵᠠᠢ ᠁︾ ᠭᠡᠬᠦ ᠮᠡᠲᠦᠴᠢᠯᠡᠨ ᠬᠡᠯᠡᠬᠦ ᠪᠤᠶᠤ ᠭᠡᠷ ᠤᠨ ᠠᠬᠠᠮᠠᠳ᠄ ︽ᠮᠠᠨ ᠤ ᠡ᠊ᠨᠡ ᠬᠡᠦᠬᠡᠳ ᠴᠢᠨᠢ ᠶᠠᠭᠠᠬᠢᠴᠢᠬᠠᠵᠤ ᠪᠤᠢ︖ ᠪᠦᠷ ᠰᠤᠷᠬᠤ ᠪᠠᠨ ᠪᠣᠯᠢᠯ᠎ᠠ᠂ ᠠᠯᠵᠠᠭᠤ ᠭᠡᠳᠡᠭ ᠨᠢ᠂ ᠦᠭᠡ ᠰᠣᠨᠣᠰᠬᠤ ᠦᠭᠡᠢ ᠭᠡᠳᠡᠭ ᠨᠢ᠂ ᠬᠡᠷᠡᠭ ᠲᠠᠲᠠᠭᠠᠳ ᠁︾ ᠭᠡᠬᠦᠴᠢᠯᠡᠨ ᠶᠠᠷᠢᠵᠠᠭᠠᠳᠠᠭ ᠪᠣᠯᠵᠠᠢ᠃ ᠲᠡᠭᠡᠪᠡᠯ ᠣᠳᠣ ᠶᠢᠨ ᠬᠡᠦᠬᠡᠳ ᠶᠠᠭᠠᠬᠢᠴᠢᠬᠠᠪᠠ︖ ᠲᠠᠷᠢᠬᠢ ᠲᠣᠯᠣᠭᠠᠢ ᠨᠢ ᠬᠦᠷᠦᠯᠴᠡᠬᠦ ᠦᠭᠡᠢ ᠪᠠᠶᠢᠨ᠎ᠠ ᠭᠡᠵᠦ ᠦᠦ︖ ᠦᠨᠡᠭᠡᠷ ᠰᠤᠷᠬᠤ ᠪᠠᠷ ᠠᠨᠠᠢ ᠭᠡᠵᠦ ᠦᠦ︖ ᠲᠡᠶᠢᠮᠦ ᠪᠢᠰᠢ ᠪᠠᠶᠢᠬᠤ ᠡ᠃ ᠺᠣᠮᠫᠢᠦ᠋ᠲ᠋ᠧᠷ᠂ ᠭᠠᠷ ᠤᠲᠠᠰᠤ᠂ ᠨᠧᠲ ᠲᠣᠭᠯᠠᠭᠠᠮ ᠨᠠᠭᠠᠳᠬᠤ ᠳᠤ ᠲᠡᠳᠡ ᠬᠡᠨ ᠢᠶᠠᠷ ᠴᠦ ᠵᠢᠭᠠᠯᠭᠠᠳᠠᠭ ᠦᠭᠡᠢ ᠪᠠᠶᠢᠳᠠᠭ ᠪᠢᠰᠢᠤ︖      ᠳᠣᠣᠷ᠎ᠠ ᠣᠳᠣᠬᠠᠨ ᠤ ᠬᠡᠦᠬᠡᠳ ᠤᠨ ᠢᠯᠡᠷᠡᠯ ᠣᠨᠴᠠᠯᠢᠭ ᠢ ᠵᠠᠳᠠᠯᠵᠤ ᠦᠵᠠᠶ᠎ᠠ᠃      ᠣᠳᠣᠬᠢ ᠬᠡᠦᠬᠡᠳ ᠤᠨ ᠣᠯᠠᠩᠬᠢ ᠨᠢ ᠠᠯᠵᠠᠭᠤ ᠵᠠᠯᠬᠠᠭᠤ᠂ ᠪᠣᠳᠣᠵᠤ ᠰᠡᠳᠬᠢᠬᠦ ᠳᠤᠷ᠎ᠠ ᠦᠭᠡᠢ᠂ ᠨᠡᠩ ᠴᠦ ᠴᠡᠭᠡᠵᠢᠯᠡᠵᠦ ᠲᠣᠭᠲᠠᠭᠠᠬᠤ ᠳᠤᠷ᠎ᠠ ᠦᠭᠡᠢ ᠪᠣᠯᠵᠠᠢ︔ ᠲᠤᠩ ᠬᠤᠪᠢᠨᠴᠢᠷ᠂ ︽ᠮᠢᠨᠤ︾ ᠯᠡ ᠤᠴᠢᠷ᠂ ︽ᠪᠢ︾ ᠯᠡ ᠭᠡᠳ ᠪᠠᠶᠢᠳᠠᠭ᠃ ᠲᠡᠳᠡᠨ ᠤ ᠠᠯᠢᠪᠠ ᠤᠴᠢᠷ ᠪᠣᠯ ᠬᠠᠮᠤᠭ ᠤᠨ ᠳᠡᠭᠡᠳᠦ᠂ ᠬᠠᠮᠤᠭ ᠤᠨ ᠡᠷᠬᠢᠮ᠃ ᠪᠤᠰᠤᠳ ᠢ ᠪᠣᠳᠣᠳᠠᠬ ᠦᠭᠡᠢ᠃ ᠰᠤᠷᠭᠠᠭᠤᠯᠢ ᠶᠢᠨ ᠶᠠᠮᠠᠷ ᠨᠢᠭᠡᠨ ᠬᠥᠳᠡᠯᠭᠡᠭᠡᠨ ᠳᠤ ᠣᠷᠣᠯᠴᠠᠭᠰᠠᠨ ᠴᠦ ᠪᠤᠯᠤᠬ᠂ ᠡᠰᠡᠭᠦᠯ᠎ᠡ ᠭᠡᠷ ᠪᠦᠯᠢ ᠪᠤᠯᠤᠨ ᠳᠡᠭᠦᠦ ᠨᠠᠷ ᠲᠤ ᠪᠠᠨ ᠴᠦ ᠪᠤᠯᠤᠬ ᠲᠡᠳᠡ ᠲᠤᠩ ᠬᠤᠪᠢᠨᠴᠢᠷ ᠠᠭᠠᠰᠢᠯᠠᠵᠤ᠂ ᠭᠡᠷ ᠠᠴᠠ ᠪᠠᠨ ᠠᠪᠴᠢᠷᠠᠭᠰᠠᠨ ᠢᠶᠠᠨ ᠥᠪᠡᠷ ᠥᠪᠡᠷ ᠢᠶᠠᠨ ᠯᠡ ᠡᠳ᠋ᠯᠡᠨ᠎ᠡ᠃ ᠳᠡᠯᠭᠡᠭᠦᠷ ᠠᠴᠠ ᠶᠠᠭᠤᠮ᠎ᠠ ᠬᠤᠳᠠᠯᠳᠤᠨ ᠠᠪᠬᠤ ᠳᠤ ᠪᠠᠨ ᠲᠡᠭᠦᠦ ᠲᠠᠢ ᠪᠠᠶᠢᠳᠠᠯ᠎ᠠ ᠪᠠᠨ ᠪᠠᠶ᠎ᠠ ᠳᠤ ᠪᠠᠨ ᠯᠠ ᠠᠪᠳᠠᠬ᠃ ᠶᠠᠭ ᠡᠶᠢᠮᠦ ᠶᠢᠨ ᠤᠴᠢᠷ ᠡᠳᠡᠭᠡᠷ ᠬᠡᠦᠬᠡᠳ ᠤᠳ ᠨᠠᠶᠢᠵᠢ ᠨᠥᠬᠦᠳ ᠴᠥᠭᠡᠨ᠂ ᠭᠡᠷ ᠪᠦᠯᠢ᠂ ᠰᠤᠷᠭᠠᠭᠤᠯᠢ ᠳᠤ ᠪᠠᠨ ᠪᠦᠯᠬᠦᠮᠳᠡᠯ ᠢᠶᠠᠷ ᠠᠨᠠᠢ ᠪᠠᠶᠢᠳᠠᠭ︔ ᠵᠣᠷᠢᠭ ᠰᠤᠯᠠ᠃ ᠭᠦᠳᠠᠯᠮᠤᠷᠢ ᠳᠤ ᠤᠷᠤᠯᠴᠠᠬᠤ ᠳᠤ ᠭᠦᠮᠦᠨ ᠤ ᠠᠷᠤ ᠳᠤ ᠲᠠᠭᠠᠭᠠᠳ ᠪᠤᠰᠤᠳ ᠤᠨ ᠬᠢᠭᠦ ᠶᠢ ᠬᠠᠷᠠᠨ᠎ᠠ︔ ᠶᠠᠮᠠᠷ ᠴᠦ ᠶᠠᠭᠤᠮᠠᠨ ᠳᠤ ᠬᠠᠶᠢᠷ᠎ᠠ ᠭᠠᠮ ᠦᠭᠡᠢ᠂ ᠶᠠᠭᠤ ᠶᠢ ᠴᠦ ᠶᠠᠭᠤᠮᠠᠨ ᠤ ᠲᠣᠭᠠᠨ ᠳᠤ ᠪᠣᠳᠣᠳᠠᠭ ᠦᠭᠡᠢ︔ ᠰᠦᠯᠵᠢᠶ᠎ᠡ ᠵᠢᠴᠢ ᠭᠠᠷ ᠤᠲᠠᠰᠤᠨ ᠤ ︽ᠪᠣᠭᠤᠯ︾ ᠪᠣᠯᠣᠭᠰᠠᠨ︔ ᠠᠶᠤᠮᠠᠲᠠᠭᠠᠢ ᠮᠥᠷᠲᠡᠭᠡᠨ ᠬᠢᠮᠡᠲᠡᠭᠡᠢ᠂ ᠵᠣᠷᠢᠭ ᠰᠤᠯᠠ ᠤᠴᠢᠷ ᠠᠴᠠ ᠲᠤᠩ ᠠᠶᠤᠮᠠᠲᠠᠭᠠᠢ᠂ ᠴᠢᠩᠭ᠎ᠠ ᠳᠤᠤᠭᠠᠷᠬᠤ᠂ ᠪᠠᠭ᠎ᠠ ᠵᠠᠩᠨᠠᠬᠤ ᠳᠤ ᠯᠡ ᠠᠶᠤᠭᠠᠳ ᠪᠠᠶᠢᠳᠠᠭ᠃ ᠭᠡᠬᠦ ᠳᠤ ᠠᠷᠤ ᠬᠤᠶᠢᠨ᠎ᠠ ᠨᠢ ᠰᠠᠨᠠᠭᠠᠨ ᠳᠤᠷ᠎ᠠ ᠪᠠᠷ ᠢᠶᠠᠨ ᠠᠭᠠᠰᠢᠯᠠᠳᠠᠭ᠂ ᠶᠠᠭᠤᠨ ᠳᠤ ᠴᠦ ᠭᠠᠷ ᠬᠦᠷᠴᠦ ᠦᠵᠡᠨ᠂ ᠶᠠᠭᠤ ᠶᠢ ᠴᠦ ᠤᠷᠤᠯᠳᠤᠵᠤ ᠦᠵᠡᠳᠡᠭ᠃      ᠪᠢᠳᠠ ᠡᠳᠡᠭᠡᠷ ᠢᠯᠡᠷᠡᠯ ᠤᠨ ᠦᠨᠳᠦᠰᠦ ᠰᠤᠷᠪᠤᠯᠵᠢ ᠵᠢᠴᠢ ᠰᠢᠢᠳᠪᠦᠷᠢᠯᠡᠬᠦ ᠠᠷᠭ᠎ᠠ ᠶᠢᠨ ᠲᠤᠬᠠᠢ ᠰᠦᠪᠡᠭᠴᠢᠯᠡᠶ᠎ᠡ᠃      ᠨᠢᠭᠡ᠂ ᠭᠡᠷ ᠤᠨ ᠨᠥᠬᠦᠴᠡᠯ᠂ ᠰᠤᠷᠭᠠᠯ ᠳᠣᠳᠣᠮᠳᠠᠯᠭ᠎ᠠ      ︵ᠨᠢᠭᠡ︶ ᠵᠦᠢᠯ ᠵᠦᠢᠯ ᠤᠨ ᠰᠢᠯᠲᠠᠭᠠᠨ ᠠᠴᠠ ᠪᠣᠯᠵᠤ᠂ ᠭᠠᠭᠴᠠ ᠬᠡᠦᠬᠡᠳ ᠲᠠᠢ ᠠᠶᠢᠯ ᠲᠤᠩ ᠣᠯᠠᠨ ᠪᠣᠯᠵᠠᠢ᠃ ᠶᠠᠭ ᠡᠶᠢᠮᠦ ᠠᠴᠠ ᠭᠡᠷ ᠤᠨ ᠠᠬᠠᠮᠠᠳ ᠬᠡᠦᠬᠡᠳ ᠢᠶᠠᠨ ︽ᠠᠯᠠᠭᠠᠨ ᠳᠤ ᠪᠠᠨ ᠲᠠᠯᠪᠢᠪᠠᠯ ᠪᠥᠮᠪᠥᠷᠢᠮᠡᠷ᠂ ᠠᠮᠠᠨ ᠳᠤ ᠪᠠᠨ ᠬᠢᠪᠡᠯ ᠬᠠᠶᠢᠯᠤᠮᠠᠷ︾ ᠬᠠᠶᠢᠷᠠᠯᠠᠵᠤ᠂ ᠬᠡᠦᠬᠡᠳ ‍ᠤᠨ‌‍ᠢᠶ᠋ᠠᠨ ᠡᠮᠦᠨ᠎ᠡ ᠨᠢ ᠭᠦᠶᠦᠵᠦ᠂ ᠬᠤᠶᠢᠨ᠎ᠠ ᠨᠢ ᠡᠷᠭᠦᠵᠦ ᠪᠠᠶᠢᠭᠠᠳ ᠬᠡᠦᠬᠡᠳ ᠢᠶᠠᠨ ᠶᠠᠭᠤ ᠴᠦ ᠬᠢᠳᠡᠭ ᠦᠭᠡᠢ᠂ ᠬᠢᠵᠦ ᠴᠦ ᠴᠢᠳᠠᠳᠠᠭ ᠦᠭᠡᠢ᠂ ᠬᠢᠬᠦ ᠠᠴᠠ ᠪᠠᠨ ᠳᠤᠷ᠎ᠠ ᠦᠭᠡᠶᠢᠴᠡᠳᠡᠭ᠂ ᠪᠣᠳᠣᠵᠤ ᠰᠡᠳᠬᠢᠬᠦ ᠳᠤᠷ᠎ᠠ ᠦᠭᠡᠢ᠂ ᠨᠡᠩ ᠴᠠᠭᠠᠰᠢᠯᠠᠭᠠᠳ ᠴᠡᠭᠡᠵᠢᠯᠡᠵᠦ ᠲᠣᠭᠲᠠᠭᠠᠬᠤ ᠳᠤᠷ᠎ᠠ ᠦᠭᠡᠢ ᠬᠡᠦᠬᠡᠳ ᠪᠣᠯᠭᠠᠵᠠᠢ᠃ ᠮᠦᠨ ᠬᠡᠦᠬᠡᠳ ᠤᠨ ᠢᠶᠠᠨ ᠭᠠᠷ ᠬᠥᠳᠡᠯᠵᠦ ᠤᠬᠠᠭᠠᠨ ᠰᠡᠶᠢᠯᠬᠦ᠂ ᠡᠷᠳᠡᠮ ᠴᠢᠳᠠᠪᠤᠷᠢ ᠣᠯᠵᠤ ᠰᠤᠷᠬᠤ ᠴᠠᠭ ᠵᠠᠪᠰᠢᠶᠠᠨ ᠢ ᠨᠢ ᠠᠯᠳᠠᠭᠳᠠᠭᠤᠯᠤᠨ ᠬᠡᠦᠬᠡᠳ ᠢᠶᠠᠨ ᠶᠠᠭᠤᠨ ᠳᠤ ᠴᠦ ᠠᠯᠵᠠᠭᠤ ᠬᠤᠶᠢᠷᠭᠤ ᠪᠣᠯᠭᠠᠨ ᠰᠤᠷᠭᠠᠴᠢᠬᠠᠭᠰᠠᠨ ᠪᠠᠶᠢᠳᠠᠭ᠃      ᠪᠠᠰᠠ ᠠᠶᠢᠯ ᠤᠨ ᠭᠠᠭᠴᠠ ᠬᠡᠦᠬᠡᠳ ᠤᠨ ᠣᠯᠠᠩᠬᠢ ᠨᠢ ᠪᠦᠷ ᠲᠤᠩ ᠬᠤᠪᠢᠨᠴᠢᠷ᠂ ᠠᠮᠢᠨᠴᠢᠷ ᠦᠵᠡᠯ ᠲᠠᠢ ᠪᠣᠯᠴᠢᠬᠠᠭᠰᠠᠨ ᠪᠠᠶᠢᠳᠠᠭ᠃ ᠤᠴᠢᠷ ᠨᠢ ᠲᠡᠳᠡ ︽ᠭᠡᠷ ᠲᠤ ᠬᠢ ᠠᠯᠢᠪᠠ ᠶᠠᠭᠤᠮ᠎ᠠ ᠪᠦᠬᠦᠨ ᠢᠶᠠᠷ ᠢᠶᠠᠨ ᠮᠢᠨᠤᠬᠢ︾ ᠬᠡᠮᠡᠨ ᠦᠵᠡᠳᠡᠭ᠃ ᠭᠡᠷ ᠲᠤ ᠪᠠᠨ ᠲᠤᠩ ᠡᠷᠬᠡ ᠳᠤᠷ᠎ᠠ ᠪᠠᠷ ᠢᠶᠠᠨ ᠪᠠᠶᠢᠳᠠᠭ᠃ ᠠᠮᠢᠳᠤᠷᠠᠯ ᠠᠨᠠᠢ ᠴᠦ ᠪᠤᠯᠤᠬ᠂ ᠠᠮᠢᠳᠤᠷᠠᠯ ᠪᠠᠶᠠᠨ ᠴᠦ ᠪᠤᠯᠤᠬ ᠬᠡᠦᠬᠡᠳ ᠨᠢ ᠡᠯᠪᠡᠭ ᠠᠮᠢᠳᠤᠷᠠᠭᠠᠳ ᠰᠤᠷᠴᠢᠬᠠᠭᠰᠠᠨ ᠤᠴᠢᠷ ᠠᠴᠠ ᠶᠠᠭᠤᠮ᠎ᠠ ᠪᠦᠬᠦᠨ ᠳᠤ ᠬᠠᠶᠢᠷ᠎ᠠ ᠭᠠᠮ ᠦᠭᠡᠢ ᠪᠣᠯᠣᠭᠠᠳ᠂ ᠬᠡᠨ ᠢ ᠴᠦ᠂ ᠶᠠᠭᠤ ᠶᠢ ᠴᠦ ᠶᠠᠭᠤᠮᠠᠨ ᠤ ᠲᠣᠭᠠᠨ ᠳᠤ ᠦᠵᠡᠬᠦ ᠦᠭᠡᠢ ᠥᠰᠴᠢᠬᠡᠭᠰᠡᠨ ᠪᠠᠶᠢᠳᠠᠭ᠃ ᠶᠠᠭᠤ ᠴᠦ ᠭᠡᠰᠡᠨ ᠭᠠᠭᠴᠠ ᠬᠡᠦᠬᠡᠳ ᠤᠨ ᠰᠢᠯᠲᠠᠭᠠᠨ ᠠᠴᠠ ᠪᠣᠯᠣᠭᠠᠳ ᠭᠡᠷ ᠤᠨ ᠠᠬᠠᠮᠠᠳ ᠨᠢ ᠶᠠᠭᠤ ᠶᠢ ᠴᠦ ︽ᠬᠡᠲᠦᠷᠡᠭᠦᠯᠦᠨ︾ ᠥᠭᠳᠡᠭ ᠠᠴᠠ ᠬᠡᠦᠬᠡᠳ ᠤᠨ ︽ᠰᠢᠩᠭᠡᠭᠡᠯᠲᠡ︾ ᠮᠠᠭᠤᠳᠠᠵᠤ᠂ ᠠᠯᠢᠪᠠ ᠵᠦᠢᠯ ᠢ ︽ᠰᠦᠢᠳᠬᠡᠬᠦ︾᠂ ︽ᠪᠦᠷᠢᠯᠭᠡᠬᠦ︾ ᠳᠤ ᠬᠦᠷᠳᠡᠭ᠃ ᠲᠡᠭᠡᠭᠡᠳ ᠠᠯᠢᠪᠠ ᠨᠢ ᠪᠦᠷ ︽ᠬᠠᠯᠠ︾ ᠪᠣᠯᠵᠤ ᠬᠤᠴᠣᠷᠳᠠᠭ᠃ ᠬᠠᠶᠢᠷ᠎ᠠ ᠨᠢ ᠬᠡᠲᠦᠷᠡᠭᠡᠳ᠂ ᠮᠥᠩᠭᠦ ᠨᠢ ᠬᠡᠲᠦᠷᠡᠭᠡᠳ᠂ ᠬᠡᠦᠬᠡᠳ ᠤᠨ ᠢᠶᠠᠨ ᠡᠮᠦᠨ᠎ᠡ ᠠᠴᠠ ᠬᠢᠭᠦ ᠨᠢ ᠬᠡᠲᠦᠷᠡᠭᠡᠳ᠂ ᠬᠡᠦᠬᠡᠳ ᠲᠤ ᠪᠠᠨ ᠪᠣᠳᠣᠵᠤ ᠥᠭᠬᠦ ᠨᠢ ᠬᠡᠲᠦᠷᠡᠭᠡᠳ ᠁ ᠬᠡᠦᠬᠡᠳ ᠤᠨ ᠢᠶᠠᠨ ᠭᠠᠷ ᠠᠴᠠ᠂ ᠨᠢᠳᠦᠨ ᠠᠴᠠ᠂ ᠪᠣᠳᠣᠯ ᠠᠴᠠ ᠠᠯᠢᠪᠠ ᠶᠢ ᠨᠢ ᠤᠷᠤᠯᠠᠨ ᠪᠤᠯᠢᠶᠠᠭᠰᠠᠨ ᠠᠴᠠ ᠡᠳᠦᠭᠡ ᠬᠡᠦᠬᠡᠳ ᠨᠢ ᠬᠥᠳᠡᠯᠮᠦᠷᠢ ᠳᠤ ᠳᠤᠷ᠎ᠠ ᠦᠭᠡᠢ᠂ ᠰᠤᠷᠬᠤ ᠳᠤ ᠲᠡᠰᠪᠦᠷᠢ ᠦᠭᠡᠢ᠂ ᠵᠣᠷᠢᠭ ᠦᠭᠡᠢ᠂ ᠬᠡᠷᠡᠭ ᠦᠭᠡᠢ ᠵᠦᠢᠯ ᠳᠤ ᠳᠤᠷᠠᠲᠠᠢ᠂ ᠨᠠᠭᠠᠳᠤᠮ ᠳᠤ ᠰᠢᠨᠤᠬᠠᠢ᠂ ᠶᠠᠭᠤᠨ ᠳᠤ ᠴᠦ ︽ᠮᠡᠳᠡᠬᠦ ᠦᠭᠡᠢ᠂ ᠴᠢᠳᠠᠬᠤ ᠦᠭᠡᠢ᠂ ᠬᠢᠭᠦ ᠦᠭᠡᠢ᠂ ᠪᠣᠳᠣᠬᠤ ᠦᠭᠡᠢ︾ ᠁ ᠬᠤᠶᠢᠷᠭᠤ ᠠᠯᠵᠠᠭᠤ᠂ ᠤᠨᠲᠠᠩᠬᠠᠢ ᠬᠡᠦᠬᠡᠳ ᠪᠤᠯᠵᠠᠭᠠᠵᠠᠢ᠃ ᠭᠡᠷ ᠤᠨ ᠠᠬᠠᠮᠠᠳ ᠭᠡᠤᠭᠡᠳ ᠢᠶᠠᠨ ᠢᠡᠭᠬᠢᠵᠦ ᠭᠦᠮᠦᠵᠢᠭᠦᠯᠦᠭᠡᠳ ᠰᠤᠷᠭᠠᠭᠤᠯᠢ ᠳᠤ ᠬᠦᠷᠭᠡᠵᠦ᠂ ᠳᠠᠬᠢᠨ ᠪᠠᠭᠰᠢ ᠠᠴᠠ᠄ ︽ᠣᠳᠣ ᠶᠠᠭᠠᠬᠢᠳᠠᠭ ᠪᠢᠯᠡ︖︾ ᠭᠡᠳ ᠯᠡ ︽ᠬᠠᠶᠢᠷ᠎ᠠ ᠨᠢ ᠬᠠᠯᠠ ᠪᠣᠯᠣᠭᠰᠠᠨ︾ ᠢᠶᠠᠨ ᠰᠤᠷᠭᠠᠭᠤᠯᠢ ᠪᠤᠯᠤᠨ ᠪᠠᠭᠰᠢ ᠳᠤ ᠲᠦᠯᠬᠢᠭᠡᠳ᠂ ︽ᠲᠠ ᠨᠠᠷ ᠲᠠᠢ ᠠᠷᠪᠠᠨ ᠰᠠᠷ᠎ᠠ᠂ ᠪᠢᠳᠠᠨ ᠲᠠᠢ ᠬᠤᠶᠠᠷᠬᠠᠨ ᠰᠠᠷ᠎ᠠ ᠰᠠᠭᠤᠵᠤ ᠪᠠᠶᠢᠬᠤ ᠶᠤᠮ ᠴᠢᠨᠢ ᠲᠠ ᠨᠠᠷ ᠢᠯᠡᠭᠦᠬᠡᠨ ᠴᠢᠷᠮᠠᠶᠢᠭᠠᠳ ᠥᠭ ᠳ᠋ᠠ︾ ᠬᠡᠮᠡᠨ ᠶᠠᠷᠢᠭᠠᠳ ᠯᠡ ᠪᠠᠶᠢᠳᠠᠭ᠃ ᠶᠠᠭ ᠯᠡ ᠬᠡᠦᠬᠡᠳ ᠢᠶᠠᠨ ᠲᠥᠷᠥᠮᠡᠭᠴᠡ ᠨᠢ ᠠᠩᠭᠢ ᠶᠢᠨ ᠪᠠᠭᠰᠢ ᠳᠤ ᠥᠭᠴᠢᠬᠡᠭᠰᠡᠨ ᠶᠤᠮ ᠰᠢᠭ ᠯᠡ ᠪᠠᠶᠢᠳᠠᠭ᠃      ᠭᠡᠷ ᠤᠨ ᠠᠬᠠᠮᠠᠳ ᠥᠪᠡᠷ ᠢᠶᠠᠨ ᠬᠠᠷᠢᠭᠤᠴᠠᠯᠭ᠎ᠠ ᠠᠯᠳᠠᠵᠤ᠂ ᠡᠭᠦᠷᠭᠡ ᠠᠴᠠ ᠪᠠᠨ ᠵᠠᠶᠢᠯᠠᠭᠰᠠᠨ ᠢᠶᠠᠨ ᠥᠪᠡᠷ ᠢᠶᠠᠨ ᠴᠦ ᠥᠯᠥ ᠮᠡᠳᠡᠨ ᠡᠴᠦᠰ ᠲᠤ ᠪᠠᠨ ᠬᠡᠦᠬᠡᠳ ᠲᠤ ᠪᠠᠨ ᠥᠭᠭᠦᠭᠰᠡᠨ ᠬᠠᠶᠢᠷ᠎ᠠ ᠨᠢ ᠬᠠᠯᠠ ᠪᠣᠯᠳᠠᠬ᠃      ︵ᠬᠤᠶᠠᠷ︶ ᠡᠴᠢᠭᠡ ᠡᠬᠡ ᠪᠣᠯᠣᠭᠰᠠᠳ ᠤᠨ ᠰᠠᠯᠵᠤ ᠰᠠᠷᠨᠢᠬᠤ ᠤᠯᠠᠳᠠᠭᠰᠠᠨ ᠠᠴᠠ ᠪᠣᠯᠵᠠᠢ᠃      ᠮᠢᠨᠤ ᠡᠷᠬᠢᠯᠡᠵᠦ ᠥᠩᠭᠡᠷᠡᠭᠰᠡᠨ ᠠᠩᠬᠠᠨ ᠤ ᠠᠩᠭᠢ ᠳᠤ ᠨᠡᠶᠢᠲᠡ 42 ᠬᠡᠦᠬᠡᠳ ᠲᠠᠢ ᠪᠠᠶᠢᠭᠰᠠᠨ᠃ ᠡᠭᠦᠨ ᠳᠤ 1 ᠥᠨᠥᠴᠢᠨ ᠬᠡᠦᠬᠡᠳ᠂ 8 ᠰᠠᠯᠵᠤ ᠰᠠᠷᠨᠢᠭᠰᠠᠨ ᠠᠶᠢᠯ ᠤᠨ ᠭᠡᠤᠭᠡᠳ᠂ 2 ᠶᠠᠭ ᠰᠠᠯᠤᠮᠠᠷ ᠪᠠᠶᠢᠭ᠎ᠠ ᠠᠶᠢᠯ ᠤᠨ ᠭᠡᠤᠭᠡᠳ ᠪᠠᠶᠢᠳᠠᠬ᠃      ᠣᠳᠣ ᠶᠢᠨ ᠡᠷᠬᠢᠯᠡᠵᠦ ᠪᠠᠶᠢᠭ᠎ᠠ ᠠᠩᠭᠢ ᠳᠤ ᠨᠡᠶᠢᠲᠡ 27 ᠰᠤᠷᠤᠭᠴᠢ ᠲᠠᠢ᠃ ᠡᠭᠦᠨ ᠳᠤ 1 ᠲᠡᠵᠢᠭᠡᠪᠦᠷᠢ ᠬᠡᠦᠬᠡᠳ᠂ 2 ᠥᠨᠥᠴᠢᠨ ᠬᠡᠦᠬᠡᠳ᠂ 3 ᠰᠠᠯᠵᠤ ᠰᠠᠷᠨᠢᠭᠰᠠᠨ ᠠᠶᠢᠯ ᠤᠨ ᠬᠡᠦᠬᠡᠳ᠂ 2 ᠰᠠᠯᠵᠤ ᠰᠠᠷᠨᠢᠨ᠎ᠠ ᠭᠡᠳ ᠪᠠᠶᠢᠳᠠᠭ ᠠᠶᠢᠯ ᠤᠨ ᠭᠡᠤᠭᠡᠳ᠃ ᠭᠡᠷ ᠤᠨ ᠠᠬᠠᠮᠠᠳ ᠨᠢ ᠭᠡᠷ ᠪᠦᠯᠢ ᠪᠠᠨ ᠬᠦᠨᠳᠦᠳᠬᠡᠬᠦ ᠦᠭᠡᠢ᠂ ᠬᠡᠦᠬᠡᠳ ᠢᠶᠠᠨ ᠪᠣᠳᠣᠬᠤ ᠦᠭᠡᠢ ᠬᠠᠷᠢᠭᠤᠴᠠᠯᠭ᠎ᠠ ᠠᠯᠳᠠᠭᠰᠠᠨ ᠠᠴᠠ ᠪᠣᠯᠣᠭᠠᠳ ᠬᠡᠦᠬᠡᠳ ᠨᠢ ᠶᠠᠭᠤᠮ᠎ᠠ ᠪᠣᠯᠭᠠᠨ ᠳᠤ ᠰᠡᠳᠬᠢᠯ ᠠᠯᠭᠠᠰᠠᠬᠤ ᠪᠣᠯᠵᠤ᠂ ᠬᠠᠷᠢᠭᠤᠴᠠᠯᠭ᠎ᠠ ᠶᠢ ᠮᠡᠳᠡᠬᠦ ᠦᠭᠡᠢ᠂ ᠢᠲᠡᠭᠡᠯ ᠵᠢᠷᠤᠮ ᠦᠭᠡᠢ ᠰᠤᠷᠴᠢᠬᠠᠳᠠᠭ ᠪᠠᠶᠢᠨ᠎ᠠ᠃      ︵ᠭᠤᠷᠪᠠ︶ ᠡᠴᠢᠭᠡ ᠡᠬᠡ ᠶᠢᠨ ᠬᠢᠨᠢ ᠰᠢᠭᠤᠳ ᠳᠣᠳᠣᠮᠳᠠᠯᠭ᠎ᠠ ᠰᠤᠷᠭᠠᠯ ᠳᠤᠲᠠᠭᠤᠳᠠᠭᠰᠠᠨ ᠠᠴᠠ     ᠪᠣᠯᠵᠠᠢ᠃      ᠮᠠᠨ ᠤ ᠣᠯᠠᠩᠬᠢ ᠬᠡᠦᠬᠡᠳ ᠤᠳ ᠡᠪᠦᠭᠡ ᠡᠮᠡᠭᠡ ᠶᠢᠨ ᠢᠶᠠᠨ ᠭᠠᠷ ᠳᠡᠭᠡᠷ᠎ᠡ ᠥᠰᠦᠭᠰᠡᠨ ᠢ ᠪᠢ ᠠᠰᠠᠭᠤᠵᠤ ᠮᠡᠳᠡᠯ᠎ᠡ᠃ ᠨᠡᠩ ᠢᠯᠠᠩᠭᠤᠶ᠎ᠠ ᠬᠤᠲᠠ ᠳᠤ ᠣᠯᠠᠩᠬᠢ ᠵᠠᠯᠠᠭᠤᠴᠤᠳ ᠬᠡᠦᠬᠡᠳ ᠢᠶᠠᠨ ᠡᠬᠡ ᠡᠴᠢᠭᠡ ᠳᠤ ᠪᠠᠨ ᠣᠷᠬᠢᠭᠠᠳ᠂ ᠥᠪᠡᠷ ᠢᠶᠠᠨ ᠳᠣᠳᠣᠮᠳᠠᠵᠤ ᠰᠤᠷᠭᠠᠭᠰᠠᠨ ᠢᠶᠠᠷ ᠲᠤᠳᠠᠮᠠᠬ᠂ ᠡᠴᠢᠭᠡ ᠡᠭᠡ ᠶᠢᠨ ᠬᠠᠶᠢᠷ᠎ᠠ ᠶᠢ ᠮᠠᠳᠡᠷᠡᠭᠦᠯᠦᠭᠰᠡᠨ ᠢᠶᠠᠷ ᠲᠤᠩ ᠳᠤᠲᠠᠮᠠᠭ᠂ ᠬᠡᠦᠬᠡᠳ ᠢᠶᠠᠨ ︽ᠠᠮᠠᠷᠬᠠᠨ︾ ᠥᠰᠬᠡᠴᠢᠬᠡᠳᠡᠭ᠃ ᠡ᠊ᠨᠡ ᠨᠢ ᠬᠡᠦᠬᠡᠳ ᠢ ᠲᠤᠩ ᠠᠶᠤᠮᠠᠲᠠᠭᠠᠢ ᠪᠥᠭᠡᠳ ᠵᠣᠷᠢᠭ ᠰᠤᠯᠠ᠂ ᠶᠡᠭᠡ ᠬᠥᠮᠥᠨ ᠤ ᠠᠪᠤᠷᠢ ᠲᠠᠢ ᠠᠲᠠᠯ᠎ᠠ ᠪᠠᠨ ᠲᠤᠩ ᠨᠢᠯᠬᠠᠰᠠᠭ ᠬᠥᠩᠭᠡᠨ ᠠᠭᠠᠰᠢ ᠲᠠᠢ ᠪᠣᠯᠭᠠᠴᠢᠬᠠᠳᠠᠭ᠃ ᠲᠡᠭᠡᠭᠡᠳ ᠪᠠᠰᠠ ᠨᠠᠰᠤᠳᠠᠶᠢᠴᠤᠤᠯ ᠨᠢ ᠭᠡᠤᠭᠡᠳ ᠢ ᠳᠤᠷ᠎ᠠ ᠪᠠᠷ ᠨᠢ ᠲᠠᠯᠪᠢᠵᠤ᠂ ᠡᠴᠢᠭᠡ ᠡᠬᠡ ᠨᠢ ᠰᠢᠭᠦᠮᠵᠢᠯᠡᠪᠡᠯ ᠥᠮᠥᠭᠯᠡᠭᠰᠡᠭᠡᠷ ᠪᠠᠶᠢᠵᠤ ᠡᠷᠬᠡ ᠳᠤᠷ᠎ᠠ ᠪᠠᠷ᠂ ᠶᠣᠰᠣ ᠵᠢᠷᠤᠮ ᠦᠭᠡᠢ ᠰᠤᠷᠴᠢᠬᠠᠳᠠᠭ᠃      ᠬᠤᠶᠠᠷ᠂ ᠨᠡᠶᠢᠭᠡᠮ ᠤᠨ ᠨᠥᠯᠥᠭᠡᠨ ᠠᠴᠠ ᠪᠣᠯᠣᠭᠠᠳ ᠬᠡᠦᠬᠡᠳ ᠤᠳ ᠢᠲᠡᠭᠡᠯ ᠪᠢᠰᠢᠷᠡᠯ ᠢᠶᠠᠨ ᠠᠯᠳᠠᠵᠤ     ᠪᠤᠢ᠃      ︵ᠨᠢᠭᠡ︶ ᠨᠡᠶᠢᠭᠡᠮ ᠤᠨ ᠬᠥᠭᠵᠢᠯᠲᠡ ᠶᠢ ᠳᠠᠭᠠᠯᠳᠤᠨ ᠰᠦᠯᠵᠢᠶ᠎ᠡ ᠲᠦᠭᠡᠮᠡᠯᠵᠢᠨ᠂ ᠰᠤᠷᠤᠭᠴᠢᠳ ᠤᠨ ᠳᠤᠮᠳᠠ ᠭᠠᠷ ᠤᠲᠠᠰᠤᠨ ᠤ ᠬᠢᠮᠤᠷᠠᠯ ᠪᠣᠯᠣᠭᠠᠳ ᠪᠠᠶᠢᠭ᠎ᠠ᠃ ᠲᠡᠭᠦᠨ ᠠᠴᠠ ᠪᠣᠯᠣᠭᠠᠳ ᠠᠯᠢᠪᠠ ᠪᠠᠨ ᠮᠠᠷᠲᠠᠬᠤ ᠳᠤ ᠬᠦᠷᠴᠦ ᠪᠤᠢ᠃      ︵ᠬᠤᠶᠠᠷ︶ ᠨᠡᠶᠢᠭᠡᠮ ᠳᠠᠶᠠᠭᠠᠷ ᠢᠶᠠᠨ ᠡᠳ᠋ ᠮᠥᠩᠭᠦ᠂ ᠨᠡᠷᠡᠲᠦ ᠲᠡᠮᠳᠡᠭᠲᠦ᠂ ᠠᠰᠢᠭ ᠬᠤᠨᠵᠢᠪᠤᠷᠢ ᠬᠥᠭᠡᠭᠡᠴᠡᠯᠳᠦᠭᠰᠡᠨ ᠠᠴᠠ ᠲᠡᠳᠡᠨ ᠤ ᠥᠷᠲᠡᠭ ᠤᠨ ᠦᠵᠡᠯᠲᠡ ᠶᠢ ᠨᠥᠯᠥᠭᠡᠯᠡᠨ᠂ ᠵᠣᠭᠤᠰ ᠮᠥᠩᠭᠦ᠂ ᠭᠡᠷ ᠲᠡᠷᠭᠡ᠂ ᠡᠮᠦᠰᠬᠡᠯ ᠵᠡᠭᠦᠭᠡᠯ ᠤᠨ ᠲᠤᠬᠠᠢ ᠠᠳᠠᠯᠢᠳᠬᠠᠬᠤ ᠨᠢ ᠴᠢᠩᠭᠠᠷᠠᠵᠤ᠂ ᠠᠲᠠᠭᠠᠴᠢ ᠰᠡᠳᠬᠢᠯ ᠨᠢ ᠨᠡᠮᠡᠭᠳᠡᠨ᠂ ᠣᠶᠣᠨ ᠰᠠᠨᠠᠭ᠎ᠠ ᠨᠢ ᠪᠣᠬᠢᠷᠲᠤᠵᠠᠢ᠃      ᠭᠤᠷᠪᠠ᠂ ᠰᠤᠷᠭᠠᠭᠤᠯᠢ ᠶᠢᠨ ᠬᠥᠮᠥᠵᠢᠯ ᠤᠨ ᠲᠠᠯ᠎ᠠ ᠪᠠᠷ ᠬᠢ ᠮᠢᠨᠤ ᠪᠠᠷᠢᠮᠲᠠᠯᠠᠯ      ᠰᠤᠷᠭᠠᠭᠤᠯᠢ ᠬᠡᠮᠡᠭᠴᠢ ᠬᠥᠮᠥᠨ ᠳᠤ ᠮᠡᠳᠡᠯᠭᠡ ᠴᠢᠳᠠᠪᠤᠷᠢ ᠶᠢ ᠰᠤᠷᠭᠠᠵᠤ᠂ ᠬᠥᠮᠥᠨ ᠪᠣᠯᠬᠤ ᠶᠣᠰᠣ ᠶᠢ ᠤᠯᠠᠮᠵᠢᠯᠠᠳᠠᠭ ᠥᠯᠥᠭᠡᠢ ᠶᠢ ᠬᠡᠯᠡᠮᠦᠢ᠃      ᠮᠣᠩᠭᠤᠯᠴᠤᠳ ᠠᠯᠢ ᠬᠡᠵᠢᠶᠡᠨ ᠠᠴᠠ ᠬᠥᠮᠥᠨ ᠢᠶᠠᠷ ᠦᠨᠳᠦᠰᠦ ᠪᠣᠯᠭᠠᠵᠤ᠂ ᠬᠥᠮᠥᠨ — ᠬᠥᠮᠥᠵᠢᠯ — ᠬᠥᠮᠥᠵᠢᠭᠦᠯᠬᠦ ᠶᠣᠰᠣᠭᠠᠷ ︽ᠬᠥᠮᠥᠨ ᠪᠣᠯᠬᠤ ᠪᠠᠭ᠎ᠠ ᠠᠴᠠ ᠪᠠᠨ \ ᠬᠦᠯᠦᠭ ᠪᠣᠯᠬᠤ ᠤᠨᠠᠭᠠᠨ ᠠᠴᠠ ᠪᠠᠨ︾ ᠬᠡᠮᠡᠨ ᠬᠡᠦᠬᠡᠳ ᠤᠨ ᠨᠠᠰᠤ ᠵᠢᠯ ᠤᠨ ᠣᠨᠴᠠᠯᠢᠭ᠂ ᠪᠡᠶ᠎ᠡ᠂ ᠣᠶᠣᠨ᠂ ᠰᠡᠳᠬᠢᠴᠡ ᠳᠤ ᠨᠢ ᠲᠣᠬᠢᠷᠠᠭᠰᠠᠨ ᠰᠤᠷᠭᠠᠯ ᠬᠥᠮᠥᠵᠢᠯ ᠢ ᠬᠢᠭᠰᠡᠭᠡᠷ ᠢᠷᠡᠭᠰᠡᠨ᠃ ᠪᠢ ᠰᠤᠷᠤᠭᠴᠢᠳ ᠲᠤ ᠪᠠᠨ ᠢᠲᠡᠭᠡᠯ ᠪᠢᠰᠢᠷᠡᠯ ᠣᠯᠭᠤᠬᠤ ᠶᠢᠨ ᠲᠥᠯᠥᠭᠡ ᠳᠣᠣᠷᠠᠬᠢ ᠮᠡᠲᠦ ᠶᠢᠨ ᠠᠷᠭ᠎ᠠ ᠬᠡᠮᠵᠢᠶ᠎ᠡ ᠶᠢ ᠠᠪᠳᠠᠭ᠃      ︵ᠨᠢᠭᠡ︶ ︽ᠭᠤᠷᠪᠠᠨ ᠡᠬᠡ︾ ᠶᠢᠨ ᠬᠥᠮᠥᠵᠢᠯ ᠢ ᠰᠠᠶᠢᠲᠤᠷ ᠬᠢᠳᠡᠭ᠃ ᠡᠬᠡ ᠦᠨᠳᠦᠰᠦᠲᠡᠨ᠂ ᠡᠬᠡ ᠨᠤᠲᠤᠭ᠂ ᠡᠬᠡ ᠰᠣᠶᠣᠯ ᠤᠨ ᠬᠥᠮᠥᠵᠢᠯ ᠢ ᠰᠤᠷᠤᠭᠴᠢᠳ ᠲᠤ ᠴᠠᠭ ᠦᠷᠭᠦᠯᠵᠢ ᠬᠢᠳᠡᠭ᠃ ᠥᠪᠡᠷ ᠤᠨ ᠣᠷᠣᠰᠢᠨ ᠰᠠᠭᠤᠭ᠎ᠠ ᠥᠯᠥᠭᠡᠢ ᠨᠤᠲᠤᠭ᠂ ᠦᠨᠳᠦᠰᠦᠲᠡᠨ ᠤᠭᠰᠠᠭᠠᠳᠠᠨ᠂ ᠥᠪᠡᠷ ᠤᠨ ᠢᠵᠠᠭᠤᠷ ᠰᠣᠶᠣᠯ ᠢᠶᠠᠨ ᠲᠠᠨᠢᠨ ᠮᠡᠳᠡᠷᠡᠴᠢᠬᠡᠪᠡᠯ ᠲᠡᠳᠡ ᠠᠶᠠᠨᠳᠠᠭᠠᠨ ᠢᠲᠡᠭᠡᠯ ᠪᠢᠰᠢᠷᠡᠯ ᠲᠠᠢ ᠪᠣᠯᠴᠢᠬᠠᠨ᠎ᠠ᠃ ᠪᠢ ᠮᠣᠩᠭᠤᠯ ᠬᠡᠯᠡᠨ ᠤ ᠪᠠᠭᠰᠢ ᠪᠣᠯᠣᠭᠰᠠᠨ ᠤ ᠬᠤᠪᠢ ᠳᠤ᠂ ᠬᠡᠯᠡᠨ ᠤ ᠪᠠᠨ ᠢᠷᠠᠭᠤ ᠪᠠᠶᠠᠯᠢᠭ᠂ ᠭᠦᠨ ᠰᠢᠳᠢᠯᠢᠭ ᠰᠣᠶᠣᠯ ᠬᠦᠴᠦᠨ ᠢ ᠭᠠᠶᠢᠬᠠᠭᠤᠯᠤᠨ ᠲᠡᠳᠡᠨ ᠳᠤ ᠬᠥᠮᠥᠵᠢᠯ ᠬᠢᠳᠡᠭ᠃ ᠵᠢᠱᠢᠶᠡᠯᠡᠪᠡᠯ᠄ ᠪᠢ ᠰᠤᠷᠤᠭᠴᠢᠳ ᠢ ᠶᠠᠭ ᠲᠠᠩᠭᠤᠳ ᠤᠨ ᠭᠠᠯᠰᠠᠩ ᠭᠤᠸᠠᠢ ᠶᠢᠨ ᠪᠡᠯᠭᠡᠲᠦ ᠦᠭᠡᠰ ᠤᠨ ᠰᠤᠳᠤᠯᠤᠯ ᠳᠤ ᠪᠠᠨ ︽ᠬᠥᠮᠥᠨ ᠶᠡᠷᠦ ᠨᠢ ᠪᠤᠷᠤᠭᠤ ᠡᠷᠴᠢᠰ᠂ ᠬᠠᠷ᠎ᠠ ᠡᠷᠴᠢᠰ᠂ ᠬᠦᠢᠲᠡᠨ ᠡᠷᠴᠢᠰ ᠪᠦᠬᠦᠢ ᠦᠭᠡᠰ ᠢ ᠴᠡᠭᠡᠷᠯᠡᠬᠦ ᠬᠡᠷᠡᠭᠲᠡᠢ ᠶᠤᠮ᠂ ᠶᠠᠷᠢᠬᠤ ᠦᠭᠡᠢ ᠪᠣᠯ ᠰᠠᠶᠢᠨ︾ ᠬᠡᠮᠡᠨ ᠬᠡᠯᠡᠭᠰᠡᠨ ᠢ ᠲᠤᠩᠭᠠᠨ ᠪᠣᠳᠣᠭᠤᠯᠵᠤ᠂ ᠲᠡᠳᠡᠨ ᠢ ︽ᠦᠭᠡᠢ︾ ᠭᠡᠰᠡᠨ ᠦᠭᠡ ᠶᠢ ᠳᠤᠲᠠᠭᠤ ᠬᠡᠯᠡᠭᠦᠯᠦᠨ᠂ ᠰᠠᠶᠢᠨ ᠰᠠᠶᠢᠬᠠᠨ ᠡᠶᠡᠷᠭᠦ ᠡᠨᠧᠷᠭᠢ ᠪᠦᠬᠦᠢ ᠦᠭᠡᠰ ᠢ ᠢᠯᠡᠭᠦᠬᠡᠨ ᠶᠠᠷᠢᠵᠤ ᠰᠤᠷᠬᠤ ᠶᠢ ᠱᠠᠭᠠᠷᠳᠠᠨ᠂ ᠠᠯᠢᠪᠠ ᠵᠦᠢᠯ ᠳᠤ ᠲᠠᠯᠠᠷᠬᠠᠵᠤ ᠪᠣᠳᠣᠵᠤ ᠶᠠᠪᠤᠬᠤ ᠲᠤᠬᠠᠢ ᠰᠠᠨᠠᠭᠤᠯᠤᠨ᠂ ᠦᠭᠡ ᠬᠡᠯᠡᠨ ᠤ ᠬᠢᠨᠢ ᠮᠡᠳᠡᠷᠡᠮᠵᠢ ᠶᠢ ᠳᠡᠭᠡᠭᠰᠢᠯᠡᠭᠦᠯᠵᠦ᠂ ᠨᠣᠮ ᠳᠤ ᠢᠲᠡᠭᠡᠨ᠂ ᠪᠠᠭᠰᠢ ᠳᠤ ᠪᠢᠰᠢᠷᠡᠬᠦ ᠵᠦᠭ ᠬᠥᠲᠥᠯᠳᠡᠭ᠃      ︵ᠬᠤᠶᠠᠷ︶ ᠡᠭᠡ ᠪᠠᠶᠢᠭᠠᠯᠢ ᠪᠠᠨ ᠬᠠᠶᠢᠷᠠᠯᠠᠨ ᠬᠠᠮᠠᠭᠠᠯᠠᠬᠤ ᠬᠥᠮᠥᠵᠢᠯ ᠢ ᠰᠠᠶᠢᠲᠤᠷ ᠬᠢᠳᠡᠭ᠃      ᠡᠭᠡ ᠪᠠᠶᠢᠭᠠᠯᠢ ᠪᠤᠯ ᠪᠢᠳᠠᠨ ᠤ ᠤᠷᠤᠰᠢᠨ ᠲᠤᠭᠳᠠᠨᠢᠬᠤ ᠲᠤᠯᠠᠭᠠᠨ ᠦᠯᠦᠭᠡᠢ᠂ ᠭᠠᠭᠴᠠ ᠭᠦ ᠡᠭᠡ ᠪᠠᠶᠢᠭᠠᠯᠢ ᠪᠠᠨ ᠰᠠᠶᠢᠳᠤᠷ ᠬᠠᠶᠢᠷᠠᠯᠠᠨ ᠬᠠᠮᠠᠭᠠᠯᠠᠪᠠᠯ ᠰᠠᠶ᠋ᠢ ᠦᠨᠢ ᠤᠳᠠᠭᠠᠨ ᠤᠷᠤᠭᠰᠢᠯᠠᠵᠤ ᠲᠤᠭᠳᠠᠨᠢᠵᠤ ᠴᠢᠳᠠᠬᠤ ᠶᠢᠨ ᠶᠤᠰᠤ ᠤᠴᠢᠷ ᠢ ᠶᠠᠷᠢᠵᠤ ᠦᠭᠳᠡᠭ᠃      ︵ᠭᠤᠷᠪᠠ︶ ︽ᠭᠡᠷ ᠤᠨ ᠠᠬᠠᠮᠠᠳ ᠤᠨ ᠰᠤᠷᠭᠠᠭᠤᠯᠢ︾ ᠶᠢ ᠡᠷᠬᠢᠯᠡᠬᠦ ᠪᠤᠶᠤ ᠲᠡᠳᠡᠨ ᠤ ᠪᠣᠯᠪᠠᠰᠤᠷᠠᠯ ᠢ ᠴᠢᠩᠭᠠᠳᠬᠠᠪᠠᠯ ᠵᠣᠬᠢᠨ᠎ᠠ᠃      1. ᠬᠠᠷᠢᠭᠤᠴᠠᠯᠭ᠎ᠠ ᠶᠢᠨ ᠬᠥᠮᠥᠵᠢᠯ ᠢ ᠰᠠᠶᠢᠲᠤᠷ ᠬᠢᠨ᠎ᠡ᠃      2. ᠬᠡᠦᠬᠡᠳ ᠢ ᠬᠡᠷᠬᠢᠨ ᠬᠥᠮᠥᠵᠢᠭᠦᠯᠬᠦ ︵ᠬᠡᠦᠬᠡᠳ ᠢ ᠣᠶᠢᠯᠠᠭᠠᠬᠤ᠂ ᠬᠡᠦᠬᠡᠳ ᠲᠠᠢ ᠨᠠᠶᠢᠵᠢᠯᠠᠬᠤ᠂ ᠬᠡᠦᠬᠡᠳ ᠢ ᠰᠤᠷᠭᠠᠬᠤ ᠁︶ ᠲᠤᠬᠠᠢ ᠵᠢᠯᠣᠭᠤᠳᠤᠮᠵᠢ ᠥᠭᠭᠦᠨ᠎ᠡ᠃      3. ᠰᠢᠯᠢᠳᠡᠭ ᠰᠠᠶᠢᠨ ᠨᠣᠮ ᠵᠣᠬᠢᠶᠠᠯ ᠠᠴᠠ ᠲᠠᠨᠢᠯᠴᠠᠭᠤᠯᠵᠤ ᠥᠭᠭᠦᠨ᠎ᠡ᠃      ᠡᠳᠡᠭᠡᠷ ᠠᠷᠭ᠎ᠠ ᠪᠠᠷ ᠪᠢᠳᠠ ᠰᠤᠷᠭᠠᠭᠤᠯᠢ᠂ ᠨᠡᠶᠢᠭᠡᠮ᠂ ᠭᠡᠷ ᠪᠦᠯᠢ ᠬᠠᠮᠲᠤᠷᠠᠵᠤ ᠬᠠᠮᠵᠢᠯᠴᠠᠳᠠᠭ ᠯᠡ ᠪᠣᠯ ᠬᠡᠦᠬᠡᠳ ᠲᠤ ᠡᠶᠡᠷᠭᠦ ᠡᠨᠧᠷᠭᠢ ᠳᠠᠮᠵᠢᠭᠤᠯᠤᠨ ᠲᠡᠳᠡᠨ ᠢ ᠦᠨᠡᠨ ᠬᠦ ᠠᠮᠢᠳᠤᠷᠠᠯ ᠳᠤ ᠢᠲᠡᠭᠡᠵᠤ ᠪᠢᠰᠢᠷᠡᠳᠡᠭ ᠪᠤᠯᠭᠠᠵᠤ ᠴᠢᠳᠠᠨ᠎ᠠ᠃      ᠲᠡᠭᠡᠪᠡᠯ ᠪᠢ ᠠᠩᠭᠢ ᠳᠤ ᠪᠠᠨ ᠡᠶᠢᠮᠦᠷᠬᠦᠦ ᠠᠷᠭ᠎ᠠ ᠪᠠᠷ ᠬᠠᠮᠲᠤ ᠶᠢᠨ ᠢᠲᠡᠭᠡᠯ ᠪᠢᠰᠢᠷᠡᠯ ᠤᠨ ᠲᠤᠬᠠᠢ ᠬᠥᠮᠥᠵᠢᠯ ᠢ ᠬᠢᠳᠡᠭ᠃      1. ᠰᠤᠷᠤᠭᠴᠢᠳ ᠲᠤ ᠪᠠᠨ ᠬᠢᠴᠢᠶᠡᠯᠯᠡᠭᠴᠢ ᠪᠠᠭᠰᠢ ᠨᠠᠷ ᠢ ᠦᠷᠭᠦᠯᠵᠢ ᠡᠷᠭᠦᠨ ᠮᠠᠭᠲᠠᠳᠠᠭ᠃ ᠬᠡᠷᠪᠡ ᠰᠤᠷᠤᠭᠴᠢᠳ ᠦᠨᠡᠨ ᠬᠦ ᠲᠣᠭᠤᠵᠤ ᠶᠠᠳᠠᠭᠰᠠᠨ ᠪᠠᠶᠢᠪᠠᠯ ᠪᠢ ᠲᠡᠷᠡ ᠪᠠᠭᠰᠢ ᠶᠢᠨ ᠠᠯᠢ ᠨᠢᠭᠡᠨ ᠭᠡᠷᠡᠯ ᠭᠢᠯᠪᠠᠭ᠎ᠠ ᠪᠦᠬᠦᠢ ᠲᠠᠯ᠎ᠠ ᠶᠢ ᠨᠢ ᠠᠳᠬᠤᠵᠤ ᠲᠡᠳᠡᠨ ᠳᠤ ᠳᠠᠭᠤᠷᠢᠶᠠᠯ ᠪᠣᠯᠭᠠᠳᠠᠭ᠃ ᠡ᠊ᠨᠡ ᠪᠣᠯ ᠬᠠᠮᠤᠭ ᠠᠩᠬᠠᠨ ᠤ ᠠᠵᠢᠯ᠂ ᠬᠠᠮᠤᠭ ᠴᠢᠬᠤᠯᠠ ᠠᠵᠢᠯ᠃      2. ᠰᠤᠷᠤᠭᠴᠢᠳ ᠢᠶᠠᠨ ᠣᠶᠢᠯᠠᠭᠠᠨ᠂ ᠺᠠᠳ᠋ᠷ ᠢ ᠵᠥᠪ ᠰᠣᠩᠭᠤᠨ᠎ᠠ᠃ ᠠᠯᠢ ᠨᠢᠭᠡ ᠲᠠᠯ᠎ᠠ ᠪᠠᠷ ᠢᠶᠠᠨ ᠲᠣᠯᠣᠭᠠᠶᠢᠯᠠᠬᠤ ᠴᠢᠳᠠᠪᠤᠷᠢ ᠪᠦᠬᠦᠢ ᠬᠡᠦᠬᠡᠳ ᠢ ᠣᠯᠵᠤ ᠺᠠᠳ᠋ᠷ ᠪᠣᠯᠭᠠᠨ᠎ᠠ᠃      3. ᠰᠤᠷᠤᠭᠴᠢᠳ ᠲᠠᠢ ᠪᠠᠨ ᠦᠨᠡᠨ ᠬᠦ ᠨᠠᠶᠢᠵᠢᠯᠠᠨ᠎ᠠ᠃      4. ᠰᠢᠯᠢᠳᠡᠭ ᠰᠠᠶᠢᠨ ᠠᠩᠭᠢ ᠶᠢᠨ ᠰᠣᠶᠣᠯ ᠤᠨ ᠣᠷᠴᠢᠨ ᠢ ᠪᠦᠷᠢᠯᠳᠤᠭᠦᠯᠵᠦ ᠥᠭᠭᠦᠨ᠎ᠡ᠃      ︵1︶ ᠮᠣᠩᠭᠤᠯ ᠰᠣᠶᠣᠯ ᠤᠨ ᠠᠭᠤᠯᠭ᠎ᠠ ᠲᠠᠢ ᠪᠤᠶᠤ ᠮᠣᠩᠭᠤᠯ ᠰᠤᠷᠭᠠᠯ ᠢᠶᠠᠷ ᠬᠢᠴᠢᠶᠡᠯ ᠤᠨ ᠲᠠᠩᠬᠢᠮ ᠤᠨ ᠬᠠᠨ᠎ᠠ ᠶᠢᠨ ᠰᠣᠶᠣᠯ ᠢ ᠪᠦᠲᠦᠭᠡᠨ᠎ᠡ᠃      ︵2︶ ᠠᠩᠭᠢ ᠶᠢᠨ ᠳᠦᠷᠢᠮ᠄ ︽ᠪᠡᠶ᠎ᠡ ᠪᠠᠨ ᠮᠡᠳᠡᠪᠡᠯ ᠬᠥᠮᠥᠨ \ ᠪᠡᠯᠴᠢᠭᠡᠷ ᠢᠶᠠᠨ ᠮᠡᠳᠡᠪᠡᠯ ᠮᠠᠯ︾᠃      ᠶᠠᠮᠠᠷ ᠨᠢᠭᠡᠨ ᠪᠣᠳᠠᠲᠠᠢ ᠳᠦᠷᠢᠮ ᠢ ᠲᠣᠭᠲᠠᠭᠠᠭᠠᠳ ᠰᠤᠷᠤᠭᠴᠢᠳ ᠢ ᠰᠢᠬᠠᠵᠤ ᠠᠯᠪᠠᠳᠠᠬᠤ ᠪᠤᠶᠤ ᠶᠠᠯᠠᠲᠠᠨ ᠮᠡᠲᠦ ᠦᠵᠡᠬᠦ ᠠᠴᠠ ᠴᠡᠭᠡᠷᠯᠡᠳᠡᠭ᠃      ︵3︶ ᠠᠩᠭᠢ ᠶᠢᠨ ᠤᠷᠢᠶ᠎ᠠ᠄ ᠣᠶᠢᠯᠠᠭᠠᠯᠴᠠᠶ᠎ᠠ᠂ ᠪᠦᠯᠬᠦᠮᠳᠡᠶ᠎ᠡ᠂ ᠬᠠᠪᠰᠤᠷᠤᠯᠴᠠᠶ᠎ᠠ      ︵4︶ ᠳᠤᠭᠤᠶᠢᠯᠠᠩ ᠤᠨ ᠰᠣᠶᠣᠯ ᠢ ᠪᠦᠲᠦᠭᠡᠨ ᠪᠠᠶᠢᠭᠤᠯᠤᠨ᠎ᠠ᠃      5. ᠡᠵᠡᠨ ᠪᠣᠯᠬᠤ ᠶᠢᠨ ᠬᠥᠮᠥᠵᠢᠯ ᠢ ᠬᠢᠳᠡᠭ᠃      ︵1︶ ᠪᠡᠶ᠎ᠡ ᠳᠤ ᠪᠠᠨ ᠡᠵᠡᠨ ᠪᠣᠯᠬᠤ᠃      ︵2︶ ᠠᠵᠢᠬᠴᠢ ᠭᠢᠷᠠᠬᠠᠢ ᠶᠢᠨ ᠬᠥᠮᠥᠵᠢᠯ᠃ ︽ᠨᠢᠳᠦ ᠬᠤᠷᠴᠠ ᠪᠣᠯ ᠪᠢᠯᠢᠭ ᠬᠤᠷᠴᠠ︾ ᠭᠡᠳᠡᠭ᠃      ︵3︶ ᠠᠵᠢᠯᠴᠢ ᠠᠷᠪᠢᠴᠢ ᠶᠢᠨ ᠬᠥᠮᠥᠵᠢᠯ᠃      ︵4︶ ᠴᠡᠭᠡᠵᠢᠯᠡᠬᠦᠢ ᠲᠣᠭᠲᠠᠭᠠᠬᠤᠢ ᠶᠢᠨ ᠬᠥᠮᠥᠵᠢᠯ᠃      ︵5︶ ᠬᠠᠶᠢᠷᠠᠯᠠᠵᠤ ᠲᠠᠯᠠᠷᠬᠠᠬᠤ ᠶᠢᠨ ᠬᠥᠮᠥᠵᠢᠯ᠃      ︵6︶ ᠬᠦᠨᠳᠦᠳᠬᠡᠵᠦ ᠪᠢᠰᠢᠷᠡᠬᠦᠢ ᠶᠢᠨ ᠬᠥᠮᠥᠵᠢᠯ᠃      ︵7︶ ᠬᠡᠮ ᠬᠡᠮᠵᠢᠶᠡᠨ ᠤ ᠬᠥᠮᠥᠵᠢᠯ᠃      ᠡᠶᠢᠮᠦ ᠠᠴᠠ ᠪᠠᠭᠰᠢ ᠪᠣᠯᠤᠭᠰᠠᠳ ᠢᠲᠡᠭᠡᠯ ᠪᠢᠰᠢᠷᠡᠯ ᠤᠨ ᠬᠥᠮᠦᠵᠢᠯ ᠢ ᠰᠠᠶᠢᠳᠤᠷ ᠬᠢᠵᠦ᠂ ᠲᠡᠳᠡᠨ ᠤ ᠪᠠᠶ᠎ᠠ ᠳᠡᠭᠡᠷ᠎ᠡ ᠢᠯᠠᠷᠠᠵᠦ ᠪᠠᠶᠢᠭ᠎ᠠ ᠵᠦᠢᠯ ᠵᠦᠢᠯ ᠤᠨ ᠦᠵᠡᠭᠳᠡᠯ ᠤᠨ ᠠᠷᠤ ᠳᠤ ᠬᠢ ᠦᠨᠠᠨ ᠶᠤᠰᠤ ᠶᠢ ᠰᠠᠶᠢᠳᠤᠷ ᠪᠤᠳᠤᠵᠤ ᠲᠤᠩᠭᠠᠨ᠂ ᠵᠠᠰᠠᠵᠤ ᠵᠠᠯᠠᠷᠠᠭᠤᠯᠳᠠᠬ ᠲᠤ ᠭᠦᠷᠪᠡᠯ ᠰᠤᠷᠤᠭᠴᠢᠳ ᠤᠨ ᠢᠶᠠᠨ ᠬᠦᠨᠳᠦᠳᠬᠡᠯ ᠪᠢᠰᠢᠷᠡᠯ ᠢ ᠣᠯᠬᠤ ᠪᠠᠷ ᠪᠠᠷᠠᠬᠤ ᠦᠭᠡᠢ ᠰᠤᠷᠤᠭᠴᠢ ᠶᠢ ᠪᠠᠨ ᠦᠨᠡᠡ ᠭᠦ ᠰᠤᠷᠤᠯᠴᠠᠯᠭ᠎ᠠ ᠶᠢᠨ ᠡᠵᠡᠨ ᠨᠢ ᠪᠣᠯᠭᠠᠵᠤ ᠴᠢᠳᠠᠨ᠎ᠠ᠃       ᠬᠠᠶ᠋ᠢᠬ᠄ ᠡᠵᠡᠨ ᠬᠤᠷᠤᠭ᠎ᠠ ᠬᠤᠰᠢᠭᠤᠨ ᠤ ᠮᠣᠩᠭᠤᠯ ᠦᠨᠳᠦᠰᠦᠲᠡᠨ ᠤ ᠳᠤᠮᠳᠠᠳᠤ ᠰᠤᠷᠭᠠᠭᠤᠯᠢ                                ︵ᠴ᠊ · ᠲᠤᠭᠳᠠᠭᠤᠨ ᠨᠠᠶᠢᠷᠠᠭᠤᠯᠪᠠ︶                               2019 ᠣᠨ ᠤ 11 ᠳ᠋ᠦ᠋ᠭᠡᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map