ᠭᠡᠤᠭᠡᠤᠨ ᠤᠨ ᠶᠤᠰᠤ ᠮᠤᠷᠠᠯ ᠤᠨ ᠰᠤᠷᠭᠠᠨ ᠭᠦᠮᠤᠵᠢᠯ ᠤᠨ ᠰᠢᠡᠵᠢᠯᠠᠯᠳᠠ
ᠨᠡᠶᠢᠲᠡᠯᠡᠭᠰᠡᠨ ᠴᠠᠭ᠄
2020/4/9
                                 ᠭᠡᠷᠡᠯᠴᠡᠴᠡᠭ      ᠭᠡᠤᠭᠡᠤᠨ ᠤᠨ ᠶᠤᠰᠤ ᠮᠤᠷᠠᠯ ᠤᠨ ᠰᠤᠷᠭᠠᠨ ᠭᠦᠮᠤᠵᠢᠯ ᠨᠢ ᠭᠡᠤᠭᠡᠤᠨ ᠤᠨ ᠴᠡᠴᠡᠷᠯᠢᠭ ᠤᠨ ᠵᠢᠭᠠᠨ ᠰᠤᠷᠭᠠᠯᠳᠠ ᠶᠢᠨ ᠴᠢᠬᠤᠯᠠ ᠪᠠᠶᠢᠷᠢᠨ ᠳᠤ ᠪᠠᠶᠢᠳᠠᠭ ᠶᠤᠮ᠃ ᠭᠡᠤᠭᠡᠤᠨ ᠲᠤ ᠶᠠᠭᠠᠭᠢᠵᠥ ᠶᠤᠰᠤ ᠮᠤᠷᠠᠯ ᠤᠨ ᠰᠤᠷᠭᠠᠨ ᠭᠦᠮᠤᠵᠢᠯ ᠭᠢᠭᠦ ᠪᠤᠯ ᠪᠢᠳᠠᠨ ᠤ ᠰᠤᠳᠤᠯᠤᠨ ᠠᠩᠬᠠᠷᠬᠤ ᠠᠰᠠᠭᠤᠳᠠᠯ ᠪᠤᠯᠤᠨ᠎ᠠ᠃ ᠭᠡᠤᠭᠡᠤᠨ ᠤᠨ ᠴᠡᠴᠡᠷᠯᠢᠭ ᠨᠢ ᠭᠡᠤᠭᠡᠤᠨ ᠤᠨ ᠶᠤᠰᠤ ᠮᠤᠷᠠᠯ᠂ ᠤᠶᠤᠨ ᠪᠢᠯᠢᠭ᠂ ᠪᠡᠶ᠎ᠠ ᠲᠠᠮᠢᠷ᠂ ᠵᠠᠩ ᠰᠤᠷᠳᠠᠯ ᠤᠨ ᠪᠦᠭᠦ ᠲᠠᠯ᠎ᠠ ᠶᠢᠨ ᠭᠦᠭᠵᠢᠯᠳᠠ ᠲᠤᠮᠳᠠ ᠶᠤᠰᠤ ᠮᠤᠷᠠᠯ ᠢ ᠲᠡᠷᠢᠭᠦᠨ ᠪᠠᠶᠢᠷᠢᠨ ᠳᠤ ᠲᠠᠯᠪᠢᠪᠠᠯ ᠵᠤᠬᠢᠨ᠎ᠠ᠃ ᠮᠤᠷᠠᠯ ᠤᠨ ᠭᠦᠮᠤᠵᠢᠯ ᠢ ᠪᠠᠭ᠎ᠠ ᠠᠴᠠ ᠨᠢ ᠠᠳᠬᠤᠵᠤ᠂ ᠭᠡᠷ ᠪᠦᠯᠢ ᠪᠠ ᠭᠡᠤᠭᠡᠤᠨ ᠤᠨ ᠴᠡᠴᠡᠷᠯᠢᠭ ᠠᠴᠠ ᠬᠠᠮᠵᠢᠯᠴᠠᠬᠤ ᠶᠤᠰᠤᠳᠡᠢ᠃      ᠨᠢᠭᠡ᠂ ᠭᠡᠤᠭᠡᠤᠨ ᠤᠨ ᠶᠤᠰᠤ ᠮᠤᠷᠠᠯ ᠤᠨ ᠰᠤᠷᠭᠠᠨ ᠭᠦᠮᠤᠵᠢᠯ ᠤᠨ ᠴᠢᠬᠤᠯᠠ ᠴᠢᠨᠡᠷ ᠢ ᠴᠢᠩᠭᠠᠤᠠᠬᠠᠨ᠎ᠠ     1. ᠭᠡᠤᠭᠡᠤᠨ ᠲᠤ ᠵᠦᠪ ᠳᠠᠭᠤᠷᠢᠶᠠᠯ ᠦᠵᠡᠭᠦᠯᠦᠨ᠎ᠡ᠃      ᠪᠠᠭᠰᠢ ᠪᠠ ᠭᠡᠷ ᠤᠨ ᠠᠬᠠᠮᠠᠤᠨ ᠨᠢ ᠠᠮᠢᠳᠤᠷᠠᠯ ᠤᠨ ᠲᠤᠮᠳᠠᠭᠢ ᠨᠠᠶᠢᠳᠡᠯᠢᠭ ᠵᠢᠱᠢᠶ᠎ᠠ ᠶᠢ ᠰᠠᠶᠢᠳᠤᠷ  ᠠᠤᠠᠬᠤᠵᠥ᠂ ᠭᠡᠤᠭᠡᠤᠨ ᠲᠤ ᠪᠠᠨ ᠴᠠᠭ ᠢᠮᠬᠠᠳᠠ ᠬᠠᠷᠠᠯᠳᠠ ᠲᠠᠢ ᠪᠠᠷ ᠰᠤᠷᠭᠠᠨ ᠭᠦᠮᠤᠵᠢᠯ ᠭᠢᠨ᠎ᠠ᠃ ᠲᠠᠭᠤᠷᠢᠶᠠᠬᠤ ᠪᠤᠯ ᠭᠡᠤᠭᠡᠤᠨ ᠤᠨ ᠬᠠᠮᠤᠭ ᠴᠢᠬᠤᠯᠠ ᠰᠤᠷᠤᠯᠴᠠᠬᠤ ᠠᠷᠭ᠎ᠠ ᠪᠠᠷᠢᠯ ᠪᠤᠯᠤᠨ᠎ᠠ᠂ ᠭᠡᠤᠭᠡᠤᠨ ᠨᠡᠶᠢᠭᠡᠮ ᠤᠨ ᠲᠤᠮᠳᠠᠭᠢ ᠵᠦᠪ ᠤᠨᠤᠪᠴᠢᠳᠡᠢ ᠶᠤᠰᠤ ᠮᠤᠷᠠᠯ ᠤᠨ ᠠᠵᠢᠯᠯᠠᠭ᠎ᠠ ᠶᠢ ᠲᠠᠭᠤᠷᠢᠶᠠᠬᠤ ᠪᠠᠷ ᠲᠠᠮᠵᠢᠭᠤᠯᠵᠤ ᠶᠤᠰᠤ ᠮᠤᠷᠠᠯ ᠢ ᠲᠠᠨᠢᠵᠥ ᠮᠡᠳᠡᠳᠡᠭ᠃ ᠡᠶᠢᠮᠤ ᠠᠴᠠ᠂ ᠭᠡᠤᠭᠡᠤᠨ ᠤᠨ ᠨᠠᠶᠢᠭᠡᠮᠴᠢᠯᠡᠭᠰᠡᠨ ᠭᠦᠭᠵᠢᠯᠳᠠ ᠳᠤ ᠲᠤᠮᠤᠴᠤᠤᠯ ᠴᠢᠬᠤᠯᠠ ᠦᠢᠯᠡᠳᠤᠯ ᠦᠵᠡᠭᠦᠯᠳᠡᠭ ᠶᠤᠮ᠃ ᠭᠡᠷ ᠪᠦᠯᠢ ᠪᠤᠯ ᠨᠡᠶᠢᠭᠡᠮ ᠤᠨ ᠦᠯᠤᠭᠡᠢ ᠪᠠᠶᠢᠵᠥ᠂ ᠡᠵᠢ ᠠᠪᠤ ᠪᠤᠯᠤᠠᠠᠰᠠᠤᠨ ᠠᠮᠢᠳᠤᠷᠠᠯ ᠰᠤᠷᠤᠯᠴᠠᠯᠭ᠎ᠠ ᠪᠠᠨ ᠴᠢᠩᠭᠠᠤᠠᠬᠠᠵᠥ᠂ ᠦᠪᠡᠷ ᠪᠡᠶ᠎ᠠ ᠶᠢᠨ ᠶᠤᠰᠤ ᠮᠤᠷᠠᠯ ᠤᠨ ᠭᠢᠷᠢ ᠭᠡᠮᠵᠢᠶ᠎ᠠ ᠪᠠᠨ ᠴᠢᠷᠮᠠᠶᠢᠨ ᠲᠡᠭᠡᠭᠰᠢᠯᠡᠭᠦᠯᠵᠥ᠂ ᠠᠮᠢᠳᠤᠷᠠᠯ ᠲᠤᠮᠳᠠ ᠭᠡᠤᠭᠡᠤᠨ ᠤᠨ ᠢᠶᠠᠨ ᠲᠠᠭᠤᠷᠢᠶᠠᠯ ᠪᠤᠯᠬᠤ ᠶᠤᠰᠤᠳᠡᠢ᠃ ᠵᠢᠱᠢᠶᠠᠯᠠᠪᠠᠯ᠄ ᠪᠠᠭ᠎ᠠ ᠠᠩᠭᠢ ᠶᠢᠨ ᠴᠤᠪᠤᠭᠤ ᠭᠦᠭᠡᠷᠤᠭᠦᠨ ᠨᠢᠭᠡ ᠦᠭᠢᠨ᠂ ᠪᠢᠴᠢᠬᠠᠨ ᠨᠠᠶᠢᠵᠢ‌‍ᠪᠠᠨ ᠴᠤᠭᠢᠬᠤ ᠦᠭᠡᠢ ᠮᠦᠷᠳᠡᠭᠡᠨ ᠮᠤᠷᠠᠯ ᠰᠠᠶᠢᠳᠠᠢ ᠪᠠᠶᠢᠬᠰᠠᠨ ᠶᠤᠮ᠃ ᠭᠡᠳᠡᠯ᠎ᠡ ᠨᠢᠭᠡ ᠡᠳᠤᠷ᠂ ᠨᠢᠭᠡᠨ ᠠᠯᠢᠶ᠎ᠠ ᠭᠦᠤ ᠲᠡᠭᠦᠨ ᠤ ᠲᠤᠠᠠᠯᠠᠭᠠᠮ ᠢ ᠪᠤᠯᠢᠶᠠᠨ ᠠᠪᠴᠤ᠂ ᠨᠢᠭᠤᠷ ᠢ ᠨᠢ ᠮᠠᠭᠠᠵᠢᠵᠡᠢ᠂ ᠲᠠᠷᠠᠭ᠎ᠠ ᠡᠳᠤᠷ ᠨᠢ᠂ ᠡᠨᠡ ᠪᠢᠴᠢᠬᠠᠨ ᠦᠭᠢᠨ ᠦᠭᠡᠷ᠎ᠠ ᠭᠡᠤᠭᠡᠤᠨ ᠲᠠᠢ ᠵᠦᠷᠢᠴᠡᠯᠳᠤᠭᠦ ᠦᠶ᠎ᠠ‌‍ᠳᠤ᠂ ᠨᠠᠶᠢᠵᠢ ᠶᠢᠨ ᠢᠶᠠᠨ ᠭᠠᠷ ᠢ ᠨᠢ ᠬᠠᠵᠠᠭᠰᠠᠨ ᠪᠠᠶᠢᠨ᠎ᠠ᠂ ᠪᠠᠭᠰᠢ ᠨᠢ ᠶᠡᠭᠡ ᠰᠤᠴᠢᠵᠥ᠂ ᠲᠡᠭᠦᠨ ᠠᠴᠠ ᠶᠠᠭᠠᠭᠢᠭᠠᠤᠨ ᠬᠠᠵᠠᠪᠠ ᠭᠡᠵᠥ ᠠᠰᠠᠭᠤᠬᠤ ᠳᠤ᠂ ᠲᠡᠷᠡ ᠭᠡᠤᠭᠡᠤᠨ᠄ ︽ᠮᠢᠨᠤ ᠡᠵᠢ ᠨᠠᠳᠠ ᠳᠤ ᠵᠢᠭᠠᠠᠠᠰᠠᠨ ᠶᠤᠮ᠂ ᠴᠤᠭᠢᠵᠥ ᠲᠡᠶᠢᠯᠭᠦ ᠦᠭᠡᠢ ᠪᠤᠯ ᠰᠢᠳᠤ ᠪᠠᠷ ᠢᠶᠠᠨ ᠬᠠᠵᠠ ᠭᠡᠰᠡᠨ︾ ᠭᠡᠵᠥ ᠭᠡᠯᠡᠭᠰᠡᠨ ᠮᠦᠷᠳᠡᠭᠡᠨ ᠪᠠᠭᠰᠢ ᠳᠤ ᠪᠠᠨ ᠪᠠᠰᠠ ᠲᠠᠭᠢᠨᠳᠠ ᠨᠢᠭᠡ ᠤᠳᠠᠭ᠎ᠠ ᠲᠠᠭᠤᠷᠢᠶᠠᠨ ᠢᠯᠡᠤᠡᠭᠡᠪᠠ᠃ ᠭᠡᠷ ᠪᠦᠯᠢ ᠶᠢᠨ ᠭᠦᠮᠦᠰ ᠤᠨ ᠪᠤᠷᠤᠭᠤ ᠦᠢᠯᠠ ᠠᠵᠢᠯᠯᠠᠭ᠎ᠠ ᠨᠢ ᠭᠡᠤᠭᠡᠤᠨ ᠤᠨ ᠦᠢᠯᠠ ᠠᠵᠢᠯᠯᠠᠭ᠎ᠠ‌‍ᠶᠢ ᠢᠡᠭᠬᠢᠵᠦ ᠯᠡ ᠨᠦᠯᠤᠭᠡᠯᠡᠨ᠎ᠠ᠃ ᠡᠶᠢᠮᠦ ᠠᠴᠠ ᠭᠡᠷ ᠤᠨ ᠠᠬᠠᠮᠠᠤᠨ ᠪᠠ ᠪᠠᠭᠰᠢ ᠨᠢ ᠡᠷᠭᠡᠪᠰᠢ ᠬᠠᠮᠳᠤᠪᠠᠷ ᠭᠡᠤᠭᠡᠤᠨ ᠤᠨ ᠭᠦᠮᠦᠵᠢᠯ ᠪᠤᠯᠪᠠᠰᠤᠷᠠᠯ ᠤᠨ ᠬᠠᠷᠢᠭᠤᠴᠠᠯᠭ᠎ᠠ ᠶᠢ ᠡᠭᠦᠷᠭᠡᠯᠡᠵᠥ᠂ ᠭᠡᠤᠭᠡᠤᠨ‌ᠢ ᠰᠠᠶᠢᠳᠤᠷ ᠭᠦᠮᠦᠵᠢᠭᠦᠯᠭᠦ ᠪᠠᠷ ᠴᠢᠷᠮᠠᠶᠢᠪᠠᠯ ᠵᠤᠬᠢᠨ᠎ᠠ᠃      2. ᠭᠡᠤᠭᠡᠤᠨ ᠲᠤ ᠰᠠᠶᠢᠨ ᠰᠠᠶᠢᠬᠠᠨ ᠶᠤᠰᠤ ᠮᠤᠷᠠᠯ ᠵᠠᠩ ᠲᠠᠤᠠᠬᠠᠯ ᠢ ᠭᠦᠮᠦᠵᠢᠭᠦᠯᠭᠦ ᠶᠢ ᠴᠢᠬᠤᠯᠠᠴᠢᠯᠠᠨ᠎ᠠ᠃      ᠠᠪᠤ ᠡᠵᠢ ᠪᠤᠯᠤᠠᠠᠰᠠᠳ ᠭᠡᠤᠭᠡᠤᠨ ᠢᠶᠠᠨ ᠲᠡᠳᠡᠨᠡᠷ ᠤᠨ ᠤᠮᠤᠠᠠᠰᠢᠯ ᠪᠤᠯᠬᠤ ᠶᠢ ᠭᠦᠰᠡᠵᠥ᠂ ᠭᠡᠤᠭᠡᠤᠨ ᠨᠢ ᠬᠤᠭᠢᠷᠠᠯ ᠠᠮᠰᠠᠵᠥ ᠭᠢᠯᠢᠰᠳᠡᠭᠦ ᠠᠴᠠ ᠠᠶᠤᠵᠥ᠂ ᠭᠡᠤᠭᠡᠤᠨ ᠤᠨ ᠠᠯᠢᠪᠠ ᠱᠠᠭᠠᠷᠳᠠᠯᠭ᠎ᠠ ᠶᠢ ᠨᠢ ᠠᠯᠢ ᠪᠤᠯᠬᠤ ᠪᠠᠷ ᠬᠠᠨᠭ᠍ᠭᠠᠳᠠᠭ᠃ ᠨᠢᠭᠡ ᠭᠡᠷ ᠤᠨ ᠠᠬᠠᠮᠠᠤᠨ ᠨᠠᠳᠠ ᠠᠴᠠ᠄ ︽ᠪᠢᠳᠠᠨᠠᠷ ᠪᠠᠭ᠎ᠠ ᠪᠠᠶᠢᠬᠤ ᠳᠤ ᠨᠦᠭᠦᠴᠠᠯ ᠲᠡᠶᠢᠮᠤ ᠰᠠᠶᠢᠨ ᠪᠢᠰᠢ᠂ ᠤᠳᠤ ᠨᠦᠭᠦᠴᠠᠯ ᠰᠠᠶᠢᠨ ᠪᠤᠯᠤᠠᠠᠰᠠᠨ ᠪᠤᠯᠬᠤᠷ ᠭᠡᠤᠭᠡᠤᠨ ᠶᠠᠭᠤᠨ ᠳᠤ ᠲᠤᠷᠠᠳᠡᠢ ᠪᠠᠶᠢᠪᠠᠯ ᠪᠢᠳᠠ ᠠᠯᠢ ᠴᠢᠳᠠᠬᠤ ᠪᠠᠷ ᠬᠠᠨᠭ᠍ᠭᠠᠵᠥ ᠦᠭᠳᠡᠭ︾ ᠭᠡᠵᠥ ᠭᠡᠯᠡᠪᠠ᠃ ᠢᠡᠭᠭᠢᠪᠠᠯ ᠭᠡᠤᠭᠡᠤᠨ ᠤᠨ ᠪᠡᠶ᠎ᠠ ᠪᠠᠨ ᠭᠦᠡᠳᠤᠤᠡᠭᠡᠭᠦ ᠴᠢᠨᠡᠷ ᠨᠢ ᠴᠢᠩᠭᠠᠷᠠᠠ ᠵᠤᠪᠠᠭᠤᠷᠢ ᠵᠦᠳᠡᠭᠦᠷᠢ ᠶᠢ ᠲᠡᠰᠪᠤᠷᠢᠯᠡᠭᠦ ᠭᠦᠴᠦᠨ ᠪᠠᠭᠤᠷᠡᠢ ᠪᠤᠯᠵᠥ᠂ ᠪᠡᠯᠡᠨ ᠠᠮᠢᠳᠤᠷᠠᠯ ᠢ ᠭᠦᠭᠡᠭᠡᠴᠡᠯᠳᠤᠵᠤ᠂ ᠠᠵᠢᠯ ᠭᠦᠳᠡᠯᠮᠤᠷᠢ ᠶᠢ ᠭᠦᠡᠳᠤᠤᠡᠭᠡᠭᠦ ᠦᠭᠡᠢ᠂ ᠬᠤᠪᠢᠠᠴᠢᠷ ᠵᠡᠷᠭᠡ ᠮᠠᠭᠤ ᠰᠤᠷᠳᠠᠯ ᠲᠠᠢ  ᠪᠤᠯᠵᠥ᠂ ᠰᠠᠶᠢᠨ ᠰᠠᠶᠢᠬᠠᠨ ᠶᠤᠰᠤ ᠮᠤᠷᠠᠯ ᠲᠠᠢ ᠪᠤᠯᠬᠤ ᠶᠢ ᠬᠠᠷᠰᠢᠯᠠᠳᠠᠭ᠃ ᠤᠤᠯ ᠤᠨ ᠵᠦᠪᠯᠡᠯᠳᠤ ᠬᠤᠯᠪᠤᠭᠠᠳᠤ ᠤᠯᠤᠰ ᠤᠨ ᠰᠤᠷᠭᠠᠨ ᠭᠦᠮᠤᠵᠢᠯ ᠤᠨ ᠤᠬᠠᠭᠠᠳᠠᠨ ᠮᠠᠺᠧᠷᠢᠺᠠᠲ᠋ᠤ᠋᠄ ︽ᠠᠯᠢᠪᠠ ᠪᠦᠭᠦᠨ ᠢ ᠭᠡᠤᠭᠡᠤᠨ ᠲᠤ ᠪᠠᠨ ᠤᠯᠭᠤᠵᠤ᠂ ᠭᠡᠤᠭᠡᠳ ᠤᠨ ᠲᠦᠯᠦᠭᠡ ᠦᠪᠠᠷ ᠤᠨ ᠠᠯᠢᠪᠠ ᠪᠠᠨ ᠦᠷᠡᠭᠳᠡᠭᠦᠯᠵᠥ᠂ ᠲᠡᠭᠦᠡᠴᠢᠯᠡᠨ ᠦᠪᠡᠷ ᠤᠨ ᠵᠤᠯ ᠵᠢᠷᠭᠠᠯ ᠢᠶᠠᠨ ᠦᠷᠡᠭᠳᠡᠭᠦᠯᠭᠦ ᠨᠢ ᠡᠵᠢ ᠠᠪᠤ ᠪᠤᠯᠤᠠᠠᠰᠠᠤᠨ ᠤᠨ ᠭᠡᠤᠭᠡᠤᠨ ᠲᠤ ᠪᠠᠨ ᠦᠭᠭᠦ ᠬᠠᠮᠤᠭ ᠤᠨ ᠠᠶᠤᠮᠰᠢᠠᠠᠳᠡᠢ ᠪᠡᠯᠡᠭ ᠪᠤᠯᠤᠨ᠎ᠠ︾ ᠭᠡᠵᠥ ᠭᠡᠯᠡᠵᠥ ᠦᠡᠭᠭᠡᠷᠡᠭᠰᠡᠨ ᠶᠤᠮ᠃      3. ᠬᠡᠤᠬᠡᠤᠨ ᠤᠨ ᠤᠯᠤᠰ ᠢᠶᠠᠨ ᠬᠠᠶᠢᠷᠠᠯᠠᠬᠤ ᠰᠠᠤᠠᠬᠢᠯᠬᠡ ᠶᠢ ᠪᠤᠢ ᠪᠤᠯᠭᠠᠨ᠎ᠠ᠃      ᠤᠳᠤ ᠶᠢᠨ ᠬᠡᠷᠡᠭᠵᠢᠭᠦᠯᠵᠥ ᠪᠠᠶᠢᠭ᠎ᠠ ︽ᠬᠡᠤᠬᠡᠤᠨ ᠤᠨ ᠴᠡᠴᠡᠷᠯᠢᠭ ᠤᠨ ᠠᠵᠢᠯ ᠤᠨ ᠲᠦᠷᠢᠮ︾ ᠳᠤ ᠤᠯᠤᠰ ᠢᠶᠠᠨ ᠬᠠᠶᠢᠷᠠᠯᠠᠬᠤ ᠰᠠᠤᠠᠬᠢᠯᠬᠡ ᠶᠢ ᠪᠤᠢ ᠪᠤᠯᠭᠠᠬᠤ ᠶᠢ ᠬᠡᠤᠬᠡᠤᠨ ᠤᠨ ᠴᠡᠴᠡᠷᠯᠢᠭ‌‍ᠤᠨ ᠠᠵᠢᠯ ᠤᠨ ᠭᠤᠤᠯ ᠬᠠᠷᠠᠯᠳᠠ ᠪᠤᠯᠭᠠᠵᠡᠢ᠃ ᠪᠠᠭᠰᠢ ᠪᠤᠯᠤᠬᠰᠠᠤᠨ ᠬᠡᠤᠬᠡᠤᠨ ᠲᠤ ᠰᠠᠶᠢᠨ ᠰᠠᠶᠢᠬᠠᠨ ᠦᠵᠠᠯ ᠰᠠᠨᠠᠭᠠᠨ ᠤ ᠤᠷᠴᠢᠨ ᠢ ᠪᠤᠢ ᠪᠤᠯᠭᠠᠨ ᠦᠭᠴᠦ᠂ ᠤᠯᠤᠰ ᠢᠶᠠᠨ ᠬᠠᠶᠢᠷᠠᠯᠠᠬᠤ ᠦᠵᠠᠯ ᠰᠠᠨᠠᠭᠠᠨ ᠤ ᠭᠦᠮᠤᠵᠢᠯ ᠢ ᠬᠡᠤᠬᠡᠤᠨ ᠤᠨ ᠠᠮᠢᠳᠤᠷᠠᠯ ᠤᠨ ᠲᠤᠮᠳᠠ ᠦᠷᠭᠦᠯᠵᠢ ᠰᠤᠷᠳᠠᠯᠴᠢᠯᠠᠨ᠂ ᠬᠡᠤᠬᠡᠤᠨ ᠤᠨ ᠡᠷᠠᠭᠦᠯ ᠴᠢᠬᠢᠷᠠᠭ ᠢᠶᠠᠷ ᠦᠰᠤᠨ ᠪᠦᠢᠵᠢᠭᠦ ᠪᠠ ᠬᠡᠤᠬᠡᠤᠨ ᠤᠨ ᠴᠡᠴᠡᠷᠯᠢᠭ ᠤᠨ ᠬᠡᠪ ᠴᠢᠨᠠᠷ ᠤᠨ ᠰᠤᠷᠭᠠᠨ ᠭᠦᠮᠤᠵᠢᠯ ᠤᠨ ᠭᠦᠭᠵᠢᠯᠳᠠ ᠶᠢ ᠠᠬᠢᠭᠤᠯᠬᠤ ᠬᠡᠷᠡᠭᠳᠡᠢ᠃ ᠤᠯᠤᠰ ᠢᠶᠠᠨ ᠬᠠᠶᠢᠷᠠᠯᠠᠬᠤ ᠭᠡᠳᠡᠭ ᠨᠢ ᠦᠵᠡᠭᠦ ᠳᠤ ᠲᠤᠮᠤᠬᠠᠨ ᠰᠡᠳᠦᠪ ᠰᠢᠭ ᠪᠤᠯᠪᠠᠴᠤ ᠦᠨᠡᠨ ᠳᠤ ᠪᠠᠨ ᠭᠡᠤᠭᠡᠳ‌‍ᠤᠨ ᠪᠠᠭᠰᠢ ᠠᠬᠠᠮᠠᠳ ᠢᠶᠠᠨ ᠬᠠᠶᠢᠷᠠᠯᠠᠬᠤ᠂ ᠨᠤᠳᠤᠬ ᠤᠰᠤ ᠪᠠᠨ ᠬᠠᠶᠢᠷᠠᠯᠠᠬᠤ᠂ ᠡᠭᠡ ᠪᠠᠶᠢᠭᠠᠯᠢ ᠶᠢ ᠬᠠᠶᠢᠷᠠᠯᠠᠬᠤ ᠰᠡᠳᠬᠢᠯᠭᠡ ᠶᠢ ᠭᠦᠮᠦᠵᠢᠭᠦᠯᠭᠦ ᠪᠠᠷ ᠰᠠᠭᠤᠷᠢᠯᠠᠳᠠᠬ ᠤᠴᠢᠷ ᠤᠳᠬ᠎ᠠ ᠲᠠᠢ ᠶᠤᠮ᠃      ᠬᠤᠶᠠᠷ᠂ ᠬᠡᠤᠬᠡᠤᠨ ᠤᠨ ᠶᠤᠰᠤ ᠮᠤᠷᠠᠯ ᠤᠨ ᠭᠦᠮᠤᠵᠢᠯ ᠤᠨ ᠠᠷᠭ᠎ᠠ ᠵᠠᠮ      ᠬᠡᠤᠬᠡᠤᠨ ᠤᠨ ᠶᠤᠰᠤ ᠮᠤᠷᠠᠯ ᠤᠨ ᠠᠵᠢᠯᠯᠠᠭᠠᠨ ᠤ ᠢᠯᠠᠷᠠᠯ ᠪᠠ ᠶᠤᠰᠤ ᠮᠤᠷᠠᠯ ᠤᠨ ᠭᠦᠮᠤᠵᠢᠯ ᠤᠨ ᠴᠢᠬᠤᠯᠠ ᠴᠢᠨᠠᠷ ᠢ ᠦᠠᠳᠤᠰᠤᠯᠠᠵᠥ᠂ ᠬᠡᠤᠬᠡᠤᠨ ᠤᠨ ᠰᠠᠶᠢᠨ ᠰᠠᠶᠢᠬᠠᠨ ᠮᠤᠷᠠᠯ ᠰᠤᠷᠳᠠᠯ ᠢ ᠭᠦᠮᠤᠵᠢᠭᠦᠯᠭᠦ ᠳᠤ ᠲᠤᠤᠷᠠᠬᠢ ᠬᠡᠳᠤᠨ ᠲᠠᠯ᠎ᠠ ᠠᠴᠠ ᠡᠬᠢᠯᠠᠵᠥ ᠬᠢᠭᠦ ᠶᠤᠰᠤᠳᠡᠢ᠃      1. ᠡᠳᠤᠷ ᠲᠤᠳᠤᠮ ᠤᠨ ᠠᠮᠢᠳᠤᠷᠠᠯ ᠲᠤᠮᠳᠠᠬᠢ ᠪᠠᠭ᠎ᠠ ᠬᠡᠷᠡᠭ ᠤᠴᠢᠷ ᠠᠴᠠ ᠭᠠᠷᠳᠠᠵᠤ᠂ ᠬᠡᠤᠬᠡᠤᠨ ᠤᠨ ᠬᠠᠷᠢᠯᠴᠠᠭ᠎ᠠ ᠶᠠᠪᠤᠯᠴᠠᠭᠠᠨ ᠳᠤ ᠬᠠᠨᠳᠤᠭᠤᠯᠵᠥ᠂ ᠴᠠᠭ ᠲᠠᠷᠤᠢ ᠳᠤ ᠨᠢ ᠰᠤᠷᠭᠠᠨ ᠭᠦᠮᠤᠵᠢᠭᠦᠯᠤᠨ᠎ᠠ᠃      ᠶᠤᠰᠤ ᠮᠤᠷᠠᠯ ᠤᠨ ᠰᠤᠷᠭᠠᠨ ᠭᠦᠮᠤᠵᠢᠯ ᠢ ᠬᠡᠤᠬᠡᠤᠨ ᠤᠨ ᠡᠮᠦᠰᠬᠦ᠂ ᠢᠳᠠᠭᠦ᠂ ᠰᠠᠭᠤᠬᠤ᠂ ᠶᠠᠪᠤᠬᠤ᠂ ᠦᠬᠡ ᠶᠠᠷᠢᠶ᠎ᠠ ᠵᠠᠷᠬᠡ ᠡᠯ᠎ᠠ ᠲᠠᠯ᠎ᠠ ᠳᠤ ᠠᠭᠤᠰᠬᠠᠨ᠂ ᠬᠡᠤᠬᠡᠤᠨ ᠤᠨ ᠪᠤᠳᠡᠳᠡᠢ ᠠᠵᠢᠯᠯᠠᠭᠠᠨ ᠤ ᠲᠤᠮᠳᠠᠬᠢ ᠤᠷᠤᠨ ᠨᠤᠳᠤᠭ ᠢᠶᠠᠨ ᠬᠠᠶᠢᠷᠠᠯᠠᠬᠤ᠂ ᠤᠯᠤᠰ ᠢᠶᠠᠨ ᠬᠠᠶᠢᠷᠠᠯᠠᠬᠤ᠂ ᠤᠯᠠᠨ ᠨᠠᠶᠢᠳᠠ ᠶᠢ ᠬᠠᠶᠢᠷᠠᠯᠠᠬᠤ᠂ ᠭᠦᠳᠠᠯᠮᠤᠷᠢ ᠶᠢ ᠬᠠᠶᠢᠷᠠᠯᠠᠬᠤ ᠰᠠᠤᠠᠬᠢᠯᠬᠡ ᠶᠢ ᠪᠤᠢ ᠪᠤᠯᠭᠠᠵᠥ᠂ ᠬᠡᠤᠬᠡᠤᠨ ᠤᠨ ᠦᠨᠠᠠᠴᠢ ᠰᠢᠳᠤᠷᠭᠤ᠂ ᠡᠷᠡᠯᠭᠡᠭ ᠪᠠᠭᠠᠳᠤᠷᠯᠢᠭ᠂ ᠨᠠᠶᠢᠳᠠ ᠶᠢᠨ ᠡᠳ᠋ ᠪᠤᠳᠠᠰ ᠢ ᠬᠠᠶᠢᠷᠠᠯᠠᠬᠤ᠂ ᠭᠦᠴᠢᠷ ᠠᠴᠠ ᠠᠶᠤᠬᠤ ᠦᠬᠡᠢ᠂ ᠶᠤᠰᠤᠷᠬᠠᠭ᠂ ᠰᠠᠬᠢᠯᠭ᠎ᠠ ᠪᠠᠳᠤ ᠶᠢ ᠰᠠᠬᠢᠬᠤ ᠮᠤᠷᠠᠯ ᠰᠤᠷᠳᠠᠯ ᠢ ᠭᠦᠮᠦᠵᠢᠭᠦᠯᠦᠨ᠎ᠡ᠃ ᠵᠢᠱᠢᠶᠠᠯᠠᠪᠠᠯ᠄ ᠵᠠᠷᠢᠮ ᠬᠡᠤᠬᠡᠤᠨ ᠦᠬᠡᠷ᠎ᠠ ᠭᠦᠮᠤᠨ ᠢ ᠬᠠᠪᠰᠤᠷᠤᠨ ᠬᠤᠪᠴᠠᠰᠤ ᠶᠢ ᠨᠢ ᠡᠮᠦᠰᠦᠭᠦᠯᠵᠦ᠂ ᠰᠠᠨᠠᠭᠠᠴᠢᠯᠠᠭ᠎ᠠ ᠠᠴᠠ ᠪᠠᠨ ᠲᠤᠬᠯᠠᠭᠠᠮ ᠢᠶᠠᠨ ᠪᠤᠰᠤᠤᠨ ᠲᠤ ᠨᠠᠭᠠᠳᠤᠭᠤᠯᠬᠤ ᠪᠤᠶᠤ ᠶᠤᠰᠤᠷᠬᠠᠭ ᠪᠤᠯᠪᠠᠰᠤᠨ ᠦᠬᠡ ᠶᠠᠷᠢᠬᠤ ᠦᠶᠠᠰ ᠴᠠᠭ ᠲᠠᠷᠤᠢ ᠳᠤ ᠨᠢ ᠰᠠᠶᠢᠰᠢᠶᠠᠨ ᠮᠠᠭᠳᠠᠵᠥ᠂ ᠪᠤᠰᠤᠤᠨ ᠤᠨ ᠶᠠᠭᠤᠮ᠎ᠠ ᠶᠢ ᠪᠤᠯᠢᠶᠠᠬᠤ᠂ ᠵᠤᠳᠤᠬᠤ᠂ ᠬᠠᠷᠢᠶᠠᠬᠤ ᠦᠶᠠᠰ ᠴᠠᠭ ᠲᠠᠷᠤᠢ ᠳᠤ ᠨᠢ ᠰᠤᠷᠭᠠᠨ ᠭᠦᠮᠤᠵᠢᠭᠦᠯᠵᠥ᠂ ᠶᠠᠭᠤ ᠶᠢ ᠬᠢᠵᠥ ᠪᠤᠯᠬᠤ᠂ ᠶᠠᠭᠤ ᠶᠢ ᠬᠢᠵᠥ ᠪᠤᠯᠬᠤ ᠦᠬᠡᠢ ᠶᠢ ᠮᠠᠳᠠᠭᠦᠯᠵᠥ᠂ ᠬᠡᠤᠬᠡᠤᠨ ᠲᠤ ᠵᠦᠪ ᠪᠤᠷᠤᠭᠤ ᠶᠢ ᠢᠯᠭᠠᠬᠤ ᠰᠠᠶᠢᠨ ᠰᠠᠶᠢᠬᠠᠨ ᠵᠠᠩᠰᠢᠯ ᠢ ᠰᠤᠷᠭᠠᠬᠤ ᠬᠡᠷᠡᠭᠳᠡᠢ᠃ ᠡᠳᠤᠷ ᠲᠤᠳᠤᠮ ᠤᠨ ᠠᠮᠢᠳᠤᠷᠠᠯ ᠤᠨ ᠲᠤᠮᠳᠠᠬᠢ ᠭᠦᠮᠤᠵᠢᠯ ᠪᠤᠯ ᠠᠯᠢᠪᠠ ᠰᠤᠷᠭᠠᠨ ᠭᠦᠮᠤᠵᠢᠯ ᠤᠨ ᠲᠤᠮᠳᠠᠬᠢ ᠬᠠᠮᠤᠭ ᠤᠨ ᠦᠠᠳᠤᠰᠤᠨ᠂ ᠬᠠᠮᠤᠭ ᠤᠨ ᠴᠢᠬᠤᠯᠡ ᠭᠦᠮᠤᠵᠢᠯ ᠪᠤᠯᠤᠨ᠎ᠠ᠃      2. ᠬᠡᠷ ᠪᠦᠯᠢ ᠶᠢᠨ ᠰᠠᠶᠢᠨ ᠰᠠᠶᠢᠬᠠᠨ ᠤᠷᠴᠢᠨ ᠢ ᠡᠭᠦᠤᠠᠴᠤ᠂ ᠬᠡᠤᠬᠡᠤᠨ ᠤᠨ ᠶᠤᠰᠤ ᠮᠤᠷᠠᠯ ᠤᠨ ᠭᠦᠮᠤᠵᠢᠯ ᠤᠨ ᠭᠦᠭᠵᠢᠯᠳᠠ ᠶᠢ ᠠᠬᠢᠭᠤᠯᠤᠨ᠎ᠠ᠃      ᠬᠡᠷ ᠪᠦᠯᠢ ᠪᠤᠯ ᠨᠠᠶᠢᠬᠡᠮ ᠤᠨ ᠦᠠᠳᠤᠰᠤᠨ ᠨᠢᠬᠡᠴᠢ ᠪᠠᠶᠢᠵᠥ᠂ ᠪᠠᠭᠠᠴᠤᠤᠨ ᠬᠡᠤᠬᠡᠤᠨ ᠤᠨ ᠭᠦᠭᠵᠢᠯᠳᠠ ᠶᠢ ᠨᠦᠯᠤᠬᠡᠯᠠᠭᠦ ᠬᠠᠮᠤᠭ ᠤᠨ ᠠᠩᠬᠠᠨ ᠤ᠂ ᠮᠦᠠ ᠴᠤ ᠬᠠᠮᠤᠭ ᠤᠨ ᠴᠢᠬᠤᠯᠡ ᠤᠷᠤᠨ ᠲᠠᠯᠠᠪᠤᠷ ᠪᠤᠯᠤᠨ᠎ᠠ᠃ ᠬᠡᠷ ᠪᠦᠯᠢ ᠶᠢᠨ ᠭᠦᠮᠤᠵᠢᠯ ᠪᠤᠯ ᠬᠡᠤᠬᠡᠤᠨ ᠤᠨ ᠵᠠᠩ ᠰᠤᠷᠳᠠᠬᠤᠨ ᠤ ᠪᠦᠢᠵᠢᠯᠳᠠ ᠶᠢᠨ ᠦᠯᠤᠬᠡᠢ ᠪᠤᠯᠵᠤ᠂ ᠬᠡᠷ ᠪᠦᠯᠢ ᠶᠢᠨ ᠤᠷᠴᠢᠨ ᠨᠢ ᠬᠡᠤᠬᠡᠤᠨ ᠤᠨ ᠵᠠᠩ ᠰᠣᠷᠳᠠᠬᠤᠨ‌ᠢ ᠪᠦᠷᠢᠳᠤᠭᠦᠯᠭᠦ ᠶᠢᠨ ᠰᠠᠭᠤᠷᠢ ᠪᠤᠯᠤᠨ᠎ᠠ᠃ ᠠᠪᠤ ᠡᠵᠢ ᠪᠤᠯ ᠬᠡᠤᠬᠡᠤᠨ ᠤᠨ ᠨᠢᠬᠡᠳᠤᠬᠡᠷ ᠪᠠᠭᠰᠢ᠂ ᠮᠦᠠ ᠴᠤ ᠬᠡᠤᠬᠡᠤᠨ ᠤᠨ ᠨᠢᠬᠡ ᠨᠠᠰᠤᠨ ᠤ ᠵᠢᠭᠠᠨ ᠰᠤᠷᠭᠠᠬᠴᠢ ᠪᠠᠶᠢᠵᠥ᠂ ᠬᠡᠤᠬᠡᠤᠨ ᠤᠨ ᠦᠰᠤᠨ ᠪᠦᠢᠵᠢᠯᠳᠠ ᠶᠢᠨ ᠶᠠᠪᠤᠴᠠ ᠳᠤ ᠲᠦᠢᠯ ᠤᠨ ᠴᠢᠬᠤᠯᠡ ᠠᠴᠢ ᠬᠤᠯᠪᠤᠭᠳᠠᠯ ᠲᠠᠢ ᠶᠤᠮ᠃ ᠡᠶᠢᠮᠦ ᠠᠴᠠ᠂ ᠠᠮᠢᠳᠤᠷᠠᠯ ᠲᠤᠮᠳᠠ ᠪᠠᠨ ᠬᠡᠤᠬᠡᠤᠨ ᠤᠨ ᠦᠢᠯᠡ ᠪᠠᠶᠢᠳᠠᠯ ᠳᠤ ᠵᠦᠪ ᠦᠨᠠᠯᠠᠯᠳᠠ ᠬᠢᠵᠥ᠂ ᠬᠡᠤᠬᠡᠤᠨ ᠲᠤ ᠰᠠᠶᠢᠨ ᠮᠠᠭᠤ ᠶᠢ ᠮᠠᠳᠠᠭᠦᠯᠵᠥ ᠦᠭᠭᠦ ᠬᠡᠷᠡᠭᠳᠡᠢ᠃ ᠨᠦᠭᠦᠴᠠᠯ ᠲᠠᠢ ᠪᠤᠯ ᠬᠡᠷ ᠤᠨ ᠠᠬᠠᠮᠠᠤᠨ ᠨᠢ ᠬᠡᠤᠬᠡᠤᠨ ᠢᠶᠠᠨ ᠲᠠᠭᠠᠭᠤᠯᠤᠨ ᠵᠤᠭᠠᠴᠠᠵᠥ᠂ ᠤᠯᠤᠰ ᠤᠷᠤᠨ ᠤ ᠭᠤᠶᠤ ᠰᠠᠶᠢᠬᠠᠨ ᠠᠭᠤᠯᠡ ᠤᠰᠤ ᠦᠵᠡᠮᠵᠢ ᠪᠠᠶᠢᠳᠠᠯ ᠢ ᠦᠵᠠᠭᠦᠯᠤᠨ ᠲᠠᠨᠢᠭᠤᠯᠵᠤ᠂ ᠲᠠᠭᠦᠨ ᠢᠶᠠᠷ ᠲᠠᠮᠵᠢᠨ ᠬᠡᠤᠬᠡᠤᠨ ᠲᠤ ᠤᠯᠤᠰ ᠢᠶᠠᠨ ᠬᠠᠶᠢᠷᠠᠯᠠᠬᠤ ᠰᠠᠤᠠᠬᠢᠯᠬᠡ ᠶᠢ ᠪᠤᠢ ᠪᠤᠯᠭᠠᠵᠤ ᠪᠤᠯᠤᠨ᠎ᠠ᠃      3. ᠨᠤᠮ ᠪᠢᠴᠢᠭ ᠵᠡᠷᠭᠡ ᠪᠠᠷ ᠲᠡᠮᠵᠢᠨ ᠰᠤᠷᠭᠠᠨ ᠭᠦᠮᠤᠵᠢᠭᠦᠯᠤᠨ᠎ᠠ᠃      ᠬᠡᠤᠬᠡᠳ ᠢ ᠨᠤᠮ ᠤᠡᠭᠰᠢᠭᠤᠯᠬᠤ᠂ ᠦᠯᠢᠬᠡᠷ ᠶᠠᠷᠢᠭᠤᠯᠬᠤ᠂ ᠬᠡᠤᠬᠡᠯᠳᠡᠢ ᠺᠢᠨᠤ᠋ ᠦᠵᠡᠭᠦᠯᠭᠦ ᠵᠡᠷᠬᠡ ᠠᠷᠭ᠎ᠠ ᠪᠠᠷ ᠰᠤᠷᠭᠠᠨ ᠭᠦᠮᠦᠵᠢᠭᠦᠯᠵᠤ᠂ ᠨᠤᠮ ᠦᠯᠢᠬᠡᠷ ᠲᠤᠮᠳᠠᠬᠢ ᠤᠶᠢᠯᠨ ᠶᠠᠪᠤᠳᠠᠯ ᠢᠶᠠᠷ ᠵᠦᠪ ᠪᠤᠷᠤᠭᠤ ᠶᠢ ᠢᠯᠭᠠᠨ ᠲᠠᠨᠢᠭᠤᠯᠵᠤ᠂ ᠭᠦᠮᠤᠨ ᠤ ᠬᠤᠭᠤᠷᠤᠠᠳᠤᠬᠢ ᠬᠠᠷᠢᠴᠠᠭ᠎ᠠ ᠪᠤᠯᠤᠨ ᠠᠮᠢᠳᠤᠷᠡᠯ ᠤᠨ ᠲᠤᠮᠳᠡᠬᠢ ᠬᠡᠷᠡᠭ ᠶᠠᠪᠤᠳᠡᠯ ᠢ ᠵᠦᠪ ᠤᠨᠤᠪᠴᠢᠳᠡᠢ ᠰᠢᠢᠳᠪᠤᠷᠢᠯᠡᠭᠦ ᠪᠤᠯᠭᠠᠨ᠎ᠠ᠃ ᠬᠡᠷ ᠤᠨ ᠠᠬᠠᠮᠠᠳ ᠪᠠ ᠪᠠᠭᠰᠢ ᠠᠴᠠ ᠬᠡᠤᠬᠡᠳ ᠲᠤ ᠰᠤᠷᠤᠯᠴᠠᠬᠤ ᠮᠠᠲ᠋ᠧᠷᠢᠶᠠᠯ ᠢ ᠭᠦᠢᠴᠡᠳ ᠬᠠᠨᠭ᠍ᠭᠠᠵᠤ᠂ ᠬᠡᠤᠬᠡᠳ ᠤᠨ ᠤᠷᠮ᠎ᠠ ᠪᠠᠬ᠎ᠠ ᠶᠢ ᠭᠦᠭᠵᠢᠬᠡᠭᠦ ᠬᠡᠤᠬᠡᠳ ᠢ ᠦᠯᠢᠬᠡᠷ᠂  ᠲᠠᠭᠤᠤ᠂ ᠵᠢᠷᠤᠭ᠂ ᠬᠡᠤᠬᠡᠯᠳᠡᠢ ᠶᠢᠨ ᠺᠢᠨᠤ᠋ ᠵᠡᠷᠬᠡ ᠶᠢ ᠦᠵᠡᠵᠤ ᠰᠤᠨᠤᠰᠬᠤ ᠲᠤᠷᠡᠳᠡᠢ ᠪᠤᠯᠭᠠᠨ᠎ᠠ᠃ ᠬᠡᠤᠬᠡᠳ ᠢ ᠵᠢᠯᠤᠭᠤᠳᠤᠨ ᠡᠳᠡᠬᠡᠷ ᠤᠨ ᠲᠤᠳᠤᠷ᠎ᠠ ᠠᠴᠠ ᠠᠯᠢ ᠶᠢ ᠨᠢ ᠰᠢᠯᠢᠨ ᠰᠤᠷᠤᠯᠴᠠᠵᠤ ᠪᠤᠯᠬᠤ ᠶᠢ ᠮᠡᠳᠡᠭᠦᠯᠵᠤ᠂ ᠲᠡᠳᠡᠨᠡᠷ ᠢ ᠬᠠᠪᠰᠤᠷᠤᠨ ᠵᠦᠪ ᠤᠨᠤᠪᠴᠢᠳᠡᠢ ᠶᠤᠰᠤ ᠮᠤᠷᠡᠯ ᠤᠨ ᠪᠠᠷᠢᠮᠵᠢᠶ᠎ᠠ ᠶᠢ ᠤᠶᠢᠯᠠᠭᠠᠭᠤᠯᠤᠨ᠎ᠠ᠃      4. ᠬᠡᠤᠬᠡᠳ ᠤᠨ ᠴᠡᠴᠡᠷᠯᠢᠭ ᠤᠨ ᠤᠷᠴᠢᠨ ᠲᠤᠭᠤᠷᠢᠨ ᠢ ᠰᠢᠨᠠᠴᠢᠯᠡᠨ ᠪᠠᠶᠢᠭᠤᠯᠤᠨ᠎ᠠ᠃      ᠰᠡᠶᠢᠨ ᠰᠠᠶᠢᠬᠠᠨ ᠣᠷᠴᠢᠨ ᠠᠬᠤᠢ ᠶᠢ ᠴᠢᠬᠤᠯᠠᠴᠢᠯᠠᠬᠤ ᠭᠡᠷᠡᠭᠳᠠᠢ᠃ ᠰᠤᠷᠭᠠᠨ ᠭᠦᠮᠤᠵᠢᠯ ᠤᠨ ᠰᠠᠶᠢᠨ ᠰᠠᠶᠢᠬᠠᠨ ᠤᠷᠴᠢᠨ ᠨᠢ ᠬᠡᠤᠬᠡᠤᠨ ᠤᠨ ᠶᠤᠰᠤ ᠮᠤᠷᠠᠯ ᠤᠨ ᠭᠦᠮᠤᠵᠢᠯ ᠳᠤ ᠲᠤᠰᠠᠳᠡᠢ ᠶᠤᠮ᠃ ᠬᠡᠤᠬᠡᠤᠨ ᠤᠨ ᠴᠡᠴᠡᠷᠯᠢᠭ ᠤᠨ ᠤᠷᠴᠢᠨ ᠢ ᠰᠢᠨᠠᠴᠢᠯᠠᠨ ᠭᠤᠶᠤᠵᠢᠭᠤᠯᠬᠤ ᠪᠠᠷ ᠲᠠᠮᠵᠢᠨ᠂ ᠬᠡᠤᠬᠡᠤᠨ ᠤᠨ ᠤᠶᠢᠯᠨ ᠠᠵᠢᠯᠯᠠᠭ᠎ᠠ ᠶᠢ ᠲᠦᠷᠢᠮᠵᠢᠭᠦᠯᠤᠨ᠎ᠠ᠃ ᠵᠢᠱᠢᠶᠠᠯᠡᠪᠠᠯ᠄ ︽ᠬᠡᠷ ᠤᠷᠤᠨ ᠶᠠᠮᠡᠷ ᠪᠤᠢ︾᠂ ︽ᠪᠢ ᠨᠠᠶᠢᠰᠯᠡᠯ ᠪᠡᠬᠡᠵᠢᠩ ᠳᠤ ᠤᠴᠢᠵᠤ ᠦᠵᠡᠨ᠎ᠡ︾ ᠭᠡᠭᠦ ᠮᠡᠳᠦ ᠠᠵᠢᠯᠯᠠᠭᠠᠨ ᠢ ᠦᠷᠨᠢᠭᠦᠯᠭᠦ ᠪᠠᠷ ᠲᠠᠮᠵᠢᠨ᠂ ᠬᠡᠤᠬᠡᠳ ᠲᠤ ᠤᠯᠤᠰ ᠢᠶᠠᠨ ᠬᠠᠶᠢᠷᠠᠯᠠᠬᠤ᠂ ᠡᠬᠡ ᠤᠷᠤᠨ ᠢᠶᠠᠨ ᠬᠠᠶᠢᠷᠠᠯᠠᠬᠤ ᠰᠡᠳᠬᠢᠯᠬᠡ ᠶᠢ ᠪᠤᠢ ᠪᠤᠯᠭᠠᠵᠤ᠂ ᠴᠡᠴᠡᠷᠯᠢᠭ ᠤᠨ ᠬᠡᠷᠡᠮ ᠲᠡᠬᠡᠷ᠎ᠠ ᠶᠤᠰᠤ ᠮᠤᠷᠡᠯ ᠤᠨ ᠤᠶᠢᠯᠨ ᠠᠵᠢᠯᠯᠠᠭᠠᠨ ᠤ ᠰᠤᠷᠭᠠᠨ ᠭᠦᠮᠤᠵᠢᠯ ᠤᠨ ᠵᠢᠷᠤᠭ ᠢ ᠨᠠᠭᠠᠵᠤ᠂ ᠠᠩᠬᠢ ᠶᠢᠨ ᠬᠡᠷ ᠲᠤᠳᠤᠷ᠎ᠠ ᠬᠡᠤᠬᠡᠳ ᠢ ᠡᠬᠡᠯᠵᠢᠯᠠᠨ ᠵᠢᠵᠢᠭᠦᠷᠯᠡᠭᠦ ᠲᠦᠷᠢᠮ ᠭᠠᠷᠭᠠᠵᠤ᠂ ᠠᠮᠢᠳᠤᠷᠡᠯ ᠲᠤᠮᠳᠠ ᠠᠴᠠ ᠠᠶᠠᠨᠳᠠᠭᠠᠨ ᠭᠦᠮᠤᠵᠢᠯ ᠭᠦᠷᠳᠡᠭᠦ ᠶᠢ ᠠᠩᠬᠠᠷᠤᠨ᠎ᠠ᠃      5. ᠮᠤᠷᠡᠯ ᠤᠨ ᠰᠤᠷᠭᠠᠨ ᠭᠦᠮᠤᠵᠢᠯ ᠢ ᠵᠢᠭᠠᠨ ᠰᠤᠷᠭᠠᠯᠳᠠ ᠶᠢᠨ ᠡᠯ᠎ᠠ ᠬᠤᠭᠤᠴᠠᠭᠠᠨ ᠳᠤ ᠨᠡᠪᠴᠢᠭᠦᠯᠦᠨ᠎ᠠ᠃      ᠪᠠᠭᠰᠢ ᠠᠴᠠ ᠰᠤᠷᠭᠠᠨ ᠭᠦᠮᠤᠵᠢᠯ ᠤᠨ ᠤᠷᠴᠢᠨ ᠪᠤᠶᠤ ᠨᠠᠭᠠᠳᠤᠮ ᠲᠤᠭᠯᠠᠭᠠᠮ ᠢᠶᠠᠷ ᠶᠤᠰᠤ ᠮᠤᠷᠡᠯ ᠤᠨ ᠰᠤᠷᠭᠠᠨ ᠭᠦᠮᠤᠵᠢᠯ ᠬᠢᠨ᠎ᠠ᠃ ᠵᠢᠱᠢᠶᠠᠯᠡᠪᠠᠯ᠄ ᠨᠡᠶᠢᠬᠡᠮ ᠤᠨ ᠠᠮᠢᠳᠤᠷᠡᠯ ᠲᠤᠮᠳᠠ ᠬᠡᠤᠬᠡᠳ ᠢ ᠵᠤᠷᠢᠬᠵᠢᠭᠤᠯᠤᠨ ᠭᠦᠬᠢᠭᠦᠯᠵᠤ᠂ ᠪᠠᠶᠢᠭᠠᠯᠢ ᠲᠤᠮᠳᠠᠬᠢ ᠠᠮᠢᠳᠡᠨ ᠤᠷᠭᠤᠮᠡᠯ ᠢ ᠤᠶᠢᠯᠠᠭᠠᠭᠤᠯᠵᠤ᠂ ᠬᠠᠶᠢᠷᠠᠯᠡᠨ ᠬᠠᠮᠠᠭᠠᠯᠠᠬᠤ ᠰᠡᠳᠬᠢᠯᠬᠡ ᠶᠢ ᠪᠤᠢ ᠪᠤᠯᠭᠠᠨ᠎ᠠ᠂ ᠬᠡᠤᠬᠡᠳ ᠲᠤ ᠡᠪᠡᠰᠤ ᠤᠷᠭᠤᠮᠡᠯ ᠢ ᠬᠢᠰᠬᠡᠵᠤ ᠲᠠᠰᠤᠯᠵᠤ ᠪᠤᠯᠬᠤ ᠦᠬᠡᠢ᠂ ᠪᠢᠴᠢᠬᠠᠨ ᠠᠮᠢᠳᠡᠨ ᠢ ᠬᠠᠶᠢᠷᠡᠯᠠᠬᠤ᠂ ᠪᠢᠴᠢᠬᠠᠨ ᠲᠡᠭᠦᠤᠨᠡᠷ ᠢᠶᠠᠨ ᠬᠠᠪᠰᠤᠷᠬᠤ ᠵᠡᠷᠭᠡ ︽ᠬᠠᠶᠢᠷ᠎ᠠ ᠰᠡᠳᠬᠢᠯᠬᠡ︾ ᠶᠢ ᠪᠤᠢ ᠪᠤᠯᠭᠠᠨ᠎ᠠ᠃ ᠬᠡᠤᠬᠡᠳ ᠤᠨ ᠨᠡᠷ᠎ᠠ ᠶᠢ ᠲᠤᠷᠡᠳᠬᠤ ᠪᠤᠶᠤ ᠪᠡᠯᠡᠭ ᠱᠠᠩᠨᠡᠯ ᠦᠭᠭᠦ ᠵᠡᠷᠬᠡ ᠪᠠᠷ ᠲᠡᠮᠵᠢᠨ᠂ ᠬᠡᠤᠬᠡᠳ ᠢ ᠮᠠᠭᠳᠠᠨ ᠰᠡᠶᠢᠰᠢᠶᠠᠵᠤ᠂ ᠪᠤᠰᠤᠤᠨ ᠢ ᠬᠠᠯᠠᠮᠵᠢᠯᠠᠬᠤ ᠰᠡᠶᠢᠨ ᠰᠤᠷᠳᠡᠯ ᠢ ᠭᠦᠮᠦᠵᠢᠭᠦᠯᠦᠨ᠎ᠡ᠃ ᠶᠤᠰᠤ ᠮᠤᠷᠡᠯ ᠤᠨ ᠰᠤᠷᠭᠠᠨ ᠭᠦᠮᠤᠵᠢᠯ ᠤᠨ ᠠᠭᠤᠯᠭ᠎ᠠ ᠶᠢ ᠡᠯ᠎ᠠ ᠵᠢᠭᠠᠨ ᠰᠤᠷᠭᠠᠬᠤ ᠤᠷᠴᠢᠨ ᠲᠤᠮᠳᠠ ᠤᠶᠠᠯᠳᠤᠭᠤᠯᠵᠤ᠂ ᠬᠡᠤᠬᠡᠳ ᠤᠨ ᠢᠳᠡᠪᠬᠢ ᠴᠢᠨᠡᠷ᠂ ᠰᠠᠨᠠᠭᠠᠴᠢᠯᠠᠭᠠᠲᠤ ᠴᠢᠨᠡᠷ ᠵᠢᠴᠢ ᠲᠤᠷ᠎ᠠ ᠪᠠᠬ᠎ᠠ ᠶᠢ ᠲᠡᠶᠢᠴᠢᠯᠡᠵᠤ᠂ ᠬᠡᠤᠬᠡᠳ ᠤᠨ ᠪᠦᠭᠦ ᠲᠠᠯ᠎ᠠ ᠶᠢᠨ ᠭᠦᠭᠵᠢᠯᠳᠠ ᠶᠢ ᠠᠬᠢᠭᠤᠯᠪᠠᠯ ᠵᠤᠬᠢᠨ᠎ᠠ᠃      6. ᠬᠡᠷ ᠪᠦᠯᠢ ᠨᠡᠶᠢᠬᠡᠮ ᠲᠤᠭᠤᠷᠢᠭ ᠤᠨ ᠬᠤᠭᠤᠷᠤᠨᠳᠤᠬᠢ ᠬᠠᠷᠢᠯᠴᠠᠭ᠎ᠠ ᠶᠢ ᠰᠡᠶᠢᠳᠤᠷ ᠠᠳᠬᠤᠨ᠎ᠠ᠃      ᠰᠤᠷᠭᠠᠭᠤᠯᠢ ᠶᠢᠨ ᠰᠤᠷᠭᠠᠨ ᠭᠦᠮᠤᠵᠢᠯ ᠢ ᠰᠤᠷᠭᠠᠭᠤᠯᠢ ᠶᠢᠨ ᠲᠤᠳᠤᠷ᠎ᠠ ᠬᠢᠵᠠᠭᠠᠷᠯᠠᠵᠤ ᠪᠤᠯᠬᠤ ᠦᠬᠡᠢ᠂ ᠬᠠᠷᠢᠨ ᠰᠤᠷᠭᠠᠭᠤᠯᠢ ᠶᠢᠨ ᠲᠤᠳᠤᠨ᠎ᠠ ᠭᠠᠳᠠᠨᠠᠬᠢ ᠡᠯ᠎ᠠ ᠵᠦᠢᠯ ᠤᠨ ᠡᠯᠧᠮᠧᠨ᠋ᠲ ᠢᠶᠠᠷ ᠪᠡᠶ᠎ᠠ ᠰᠡᠳᠬᠢᠯ ᠤᠨ ᠭᠦᠭᠵᠢᠯᠳᠠ ᠶᠢ ᠨᠢ ᠨᠦᠯᠤᠬᠡᠯᠠᠪᠠᠯ ᠰᠡᠶ᠋ᠢ ᠬᠡᠤᠬᠡᠳ ᠢ ᠰᠤᠷᠭᠠᠨ ᠭᠦᠮᠤᠵᠢᠭᠦᠯᠭᠦ ᠬᠠᠷᠡᠯᠳᠠ ᠶᠢ ᠪᠡᠶᠡᠯᠡᠭᠦᠯᠵᠤ᠂ ᠬᠡᠤᠬᠡᠳ ᠡᠷᠡᠭᠦᠯ ᠴᠢᠬᠢᠷᠠᠭ ᠢᠶᠠᠷ ᠭᠦᠭᠵᠢᠭᠦ ᠶᠢ ᠪᠠᠳᠤᠯᠠᠵᠥ ᠴᠢᠳᠠᠨ᠎ᠠ᠃ ᠰᠤᠷᠭᠠᠭᠤᠯᠢ ᠨᠢ ᠬᠡᠷ ᠪᠦᠯᠢ ᠶᠢᠨ ᠰᠤᠷᠭᠠᠨ ᠭᠦᠮᠤᠵᠢᠯ ᠢ ᠵᠢᠯᠤᠭᠤᠳᠤᠨ ᠵᠤᠬᠢᠴᠠᠭᠤᠯᠬᠤ ᠲᠠᠯ᠎ᠠ ᠲᠡᠬᠡᠷ᠎ᠠ ᠭᠦᠨᠳᠤ ᠡᠭᠦᠷᠬᠡ ᠶᠢ ᠡᠭᠦᠷᠬᠡᠯᠡᠵᠤ ᠪᠠᠶᠢᠳᠠᠭ ᠶᠤᠮ᠂ ᠰᠤᠷᠭᠠᠭᠤᠯᠢ ᠪᠠ ᠬᠡᠷ ᠤᠨ ᠠᠬᠠᠮᠠᠳ ᠨᠢ ᠵᠠᠪᠠᠯ ᠬᠡᠤᠬᠡᠳ ᠢ ᠰᠤᠷᠭᠠᠨ ᠭᠦᠮᠤᠵᠢᠭᠦᠯᠭᠦ ᠲᠤᠮᠳᠠ ᠬᠠᠷᠢᠯᠴᠡᠨ ᠤᠶᠢᠯᠠᠭᠠᠯᠴᠠᠵᠤ᠂ ᠬᠠᠮᠳᠤ ᠶᠢᠨ ᠬᠠᠷᠡᠯᠳᠠ ᠲᠠᠢ ᠪᠠᠶᠢᠵᠤ᠂ ᠭᠦᠴᠤᠨ ᠴᠢᠳᠡᠯ ᠢᠶᠠᠨ ᠬᠠᠮᠳᠤᠳᠬᠠᠬᠤ ᠬᠡᠷᠡᠭᠳᠡᠢ ᠶᠤᠮ᠃ ᠬᠡᠷ ᠤᠨ ᠠᠬᠠᠮᠠᠳ ᠪᠤᠯᠤᠨ ᠪᠠᠭᠰᠢ ᠨᠢ ᠬᠡᠤᠬᠡᠳ ᠲᠤ ᠰᠡᠶᠢᠨ ᠬᠡᠪ ᠲᠠᠭᠤᠷᠢᠶᠠᠯ ᠪᠤᠯᠵᠤ᠂ ᠨᠡᠶᠢᠬᠡᠮ ᠲᠤᠭᠤᠷᠢᠭ ᠨᠢ ᠵᠤᠬᠢᠴᠠᠭᠤᠯᠬᠤ ᠤᠶᠢᠯᠡᠳᠤᠯ ᠢ ᠰᠡᠶᠢᠨ ᠬᠢᠵᠤ᠂ ᠬᠡᠤᠬᠡᠳ ᠤᠨ ᠶᠤᠰᠤ ᠮᠤᠷᠡᠯ ᠤᠨ ᠪᠤᠯᠪᠠᠰᠤᠷᠡᠯ ᠢ ᠪᠠᠭ᠎ᠠ ᠠᠴᠠ ᠨᠢ ᠠᠳᠬᠤᠬᠤ ᠬᠡᠷᠡᠭᠳᠡᠢ᠃ ᠬᠡᠤᠬᠡᠳ ᠤᠨ ᠰᠤᠷᠭᠠᠨ ᠭᠦᠮᠤᠵᠢᠯ ᠨᠢ ᠬᠡᠪ ᠴᠢᠨᠡᠷ ᠤᠨ ᠰᠤᠷᠭᠠᠨ ᠭᠦᠮᠤᠵᠢᠯ ᠤᠨ ᠰᠠᠭᠤᠷᠢ ᠪᠤᠯᠤᠨ᠎ᠠ᠃ ᠬᠡᠤᠬᠡᠳ ᠢ ᠰᠡᠶᠢᠨ ᠰᠠᠶᠢᠬᠠᠨ ᠵᠠᠩ ᠮᠤᠷᠡᠯ ᠲᠠᠢ ᠪᠤᠯᠭᠠᠬᠤ ᠶᠢ ᠪᠠᠭ᠎ᠠ ᠠᠴᠠ ᠨᠢ ᠭᠦᠮᠤᠵᠢᠭᠦᠯᠪᠠᠯ ᠰᠠᠶ᠋ᠢ ᠪᠦᠭᠦ ᠲᠡᠯ᠎ᠠ ᠪᠠᠷ ᠴᠤᠯᠭᠤᠷᠠᠭᠰᠠᠠ ᠴᠢᠳᠠᠪᠤᠷᠢᠳᠠᠨ ᠪᠤᠯᠬᠤ ᠳᠤ ᠰᠠᠭᠤᠷᠢᠯᠠᠵᠤ ᠴᠢᠳᠠᠬᠤ ᠶᠤᠮ᠃               ᠬᠠᠶ᠋ᠢᠬ᠄ ᠰᠦᠪᠸᠢ ᠰᠢᠶᠡᠨ ᠤ ᠭᠡᠤᠭᠡᠳ ᠤᠨ ᠴᠡᠴᠡᠷᠯᠢᠭ                          ︵ᠡᠾᠦ᠋ᠩ ᠮᠸᠢ ᠨᠠᠶᠢᠷᠠᠭᠤᠯᠪᠠ︶                            8 ᠳ᠋ᠤᠭᠠᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map