ᠭᠡᠤᠭᠡᠳ ᠨᠤᠮ ᠲᠤᠭᠯᠠᠭᠠᠮ ᠭᠤᠷᠪᠠ ᠶᠢ ᠤᠶᠠᠯᠳᠤᠭᠤᠯᠤᠭᠰᠠᠨ ︽ᠲᠤᠭᠯᠠᠭᠠᠮ ᠤᠨ ᠲᠤᠮᠳᠠ ᠬᠡᠤᠬᠡᠳ ᠤᠨ ᠬᠦᠭᠵᠢᠯ ᠢ ᠲᠡᠮᠵᠢᠬᠦ︾ ᠰᠤᠳᠤᠯᠭᠠᠨ ᠤ ᠰᠡᠳᠦᠪ ᠤᠨ ᠲᠤᠬᠠᠢ
ᠨᠡᠶᠢᠲᠡᠯᠡᠭᠰᠡᠨ ᠴᠠᠭ᠄
2020/4/9
                            ᠰᠠᠷᠠᠩᠭᠤᠸ᠎ᠠ      ᠰᠤᠷᠭᠠᠭᠤᠯᠢ ᠶᠢᠨ ᠨᠠᠰᠤᠠ ᠠᠴᠠ ᠡᠮᠤᠨᠡᠬᠢ ᠬᠡᠤᠬᠡᠳ ᠤᠨ ᠰᠤᠷᠭᠠᠠ ᠬᠦᠮᠤᠵᠢᠯ ᠨᠢ ᠪᠡᠯᠴᠢᠷ ᠬᠡᠤᠬᠡᠳ ᠲᠤ ᠴᠤᠬᠤᠮ ᠶᠠᠭᠤ ᠤᠯᠭᠤᠳᠠᠭ ᠪᠤᠢ︖ ᠶᠠᠭᠠᠬᠢᠵᠤ ᠰᠤᠷᠭᠠᠠ ᠬᠦᠮᠤᠵᠢᠬᠦᠯᠪᠠᠯ ᠦᠷ᠎ᠠ ᠪᠦᠳᠤᠮᠵᠢ ᠲᠠᠢ ᠪᠤᠯᠳᠠᠭ ᠪᠤᠢ︖ ᠪᠡᠯᠴᠢᠷ ᠬᠡᠤᠬᠡᠳ ᠢ ᠬᠠᠪᠰᠤᠷᠤᠠ ᠪᠠᠭ᠎ᠠ ᠰᠤᠷᠭᠠᠭᠤᠯᠢ ᠳᠤ ᠤᠷᠤᠬᠤ ᠪᠡᠯᠡᠳᠬᠡᠯ ᠪᠤᠯᠤᠠ ᠬᠤᠵᠢᠮ ᠢᠷᠡᠬᠡᠳᠤᠢ ᠶᠢᠨ ᠰᠤᠷᠤᠯᠴᠠᠯᠭ᠎ᠠ ᠳᠤ ᠨᠢ ᠨᠦᠯᠤᠬᠡ ᠦᠵᠡᠬᠦᠯᠬᠦ ᠰᠠᠭᠤᠷᠢ ᠶᠢ ᠭᠡᠷᠬᠢᠨ ᠲᠠᠯᠪᠢᠵᠤ ᠦᠭᠴᠤ ᠪᠤᠯᠬᠤ ᠪᠤᠢ︖ ᠡᠨᠡ ᠲᠤᠬᠠᠢ ᠤᠯᠠᠨ ᠬᠦᠮᠦᠰ ᠰᠠᠨᠠᠭᠠᠰᠢᠷᠠᠳᠠᠭ ᠪᠤᠯᠤᠭᠰᠠᠨ ᠪᠦᠭᠡᠳ ᠰᠤᠷᠭᠠᠭᠤᠯᠢ ᠶᠢᠨ ᠨᠠᠰᠤᠨ ᠠᠴᠠ ᠡᠮᠦᠨᠡᠬᠢ ᠬᠡᠤᠭᠡᠳ ᠤᠨ ᠬᠦᠮᠦᠵᠢᠯ ᠤᠨ ᠲᠤᠬᠠᠢ ᠰᠤᠳᠤᠯᠭᠠᠨ ᠤᠯᠠᠮ ᠠᠴᠠ ᠤᠯᠠᠮ ᠬᠦᠨᠳᠦᠳᠬᠡᠭᠳᠡᠳᠡᠭ ᠪᠤᠯᠤᠭᠰᠠᠨ ᠪᠠᠶᠢᠨ᠎ᠠ᠃ ᠶᠠᠬ ᠬᠡᠯᠡᠭᠦ ᠳᠤ ᠡᠳᠡᠭᠡᠷ ᠠᠰᠠᠭᠤᠳᠠᠯ ᠪᠤᠯ ᠰᠤᠷᠭᠠᠭᠤᠯᠢ ᠶᠢᠨ ᠨᠠᠰᠤᠨ ᠠᠴᠠ ᠡᠮᠦᠨᠡᠬᠢ ᠰᠤᠷᠭᠠᠨ ᠬᠦᠮᠦᠵᠢᠯ — ᠴᠡᠴᠡᠷᠯᠢᠭ ᠤᠨ ᠰᠤᠷᠭᠠᠨ ᠬᠦᠮᠦᠵᠢᠯ ᠤᠨ ᠭᠤᠤᠯ ᠪᠤᠯᠬᠤ ᠠᠰᠠᠭᠤᠳᠠᠯ ᠤᠳ ᠪᠤᠯᠬᠤ ᠶᠤᠮ᠃ ᠮᠠᠨ ᠤ ᠡᠷᠢᠶᠡᠨ ᠬᠤᠳᠠ ᠶᠢᠨ ᠦᠨᠳᠦᠰᠦᠳᠡᠨ ᠤ ᠬᠡᠤᠭᠡᠳ ᠤᠨ ᠴᠡᠴᠡᠷᠯᠢᠭ ᠨᠢ ᠬᠦᠮᠦᠵᠢᠯ ᠰᠤᠷᠭᠠᠯᠳᠠ ᠶᠢᠨ ᠶᠠᠰᠤ ᠴᠢᠨᠠᠷ ᠢᠶᠠᠨ ᠤᠯᠠᠮ ᠨᠢᠬᠡ ᠠᠯᠬᠤᠮ ᠲᠡᠬᠡᠭᠰᠢᠯᠠᠬᠦᠯᠬᠦ ᠪᠠᠷ ᠬᠠᠷᠠᠯᠳᠠ ᠪᠤᠯᠭᠠᠵᠤ᠂ ︽3~6 ᠨᠠᠰᠤᠠ ᠤ ᠬᠡᠤᠬᠡᠳ ᠤᠨ ᠰᠤᠷᠤᠯᠴᠠᠯᠭ᠎ᠠ ᠪᠠ ᠬᠦᠭᠵᠢᠯᠳᠠ ᠶᠢᠨ ᠵᠦᠭᠯᠡᠬᠦᠷ︾ ᠤᠨ ᠭᠤᠤᠯ ᠬᠠᠷᠠᠯᠳᠠ ᠵᠢᠴᠢ ︽ᠤᠯᠤᠰ ᠤᠨ ᠲᠤᠮᠳᠠ ᠤᠷᠳᠤ ᠬᠤᠭᠤᠴᠠᠭᠠᠠ ᠤ ᠰᠤᠷᠭᠠᠠ ᠬᠦᠮᠤᠵᠢᠯ ᠤᠨ ᠦᠬᠡᠷᠡᠴᠢᠯᠠᠯᠳᠠ ᠪᠠ ᠬᠦᠭᠵᠢᠯᠳᠠ ᠶᠢᠨ ᠲᠦᠰᠤᠪ ᠤᠨ ᠬᠦᠳᠤᠯᠪᠤᠷᠢ  ︵2010~2020︶︾ ᠳᠤ  ᠲᠤᠷᠠᠳᠤᠭᠰᠠᠠ ᠪᠠᠯᠴᠢᠷ ᠬᠡᠤᠬᠡᠳ ᠤᠨ ᠰᠤᠷᠭᠠᠠ ᠬᠦᠮᠤᠵᠢᠯ ᠤᠨ ᠶᠠᠰᠤ ᠴᠢᠨᠠᠷ ᠢ ᠲᠡᠬᠡᠭᠰᠢᠯᠡᠬᠦᠯᠬᠦ ᠵᠤᠷᠢᠭ ᠰᠠᠨᠠᠭ᠎ᠠ ᠶᠢ ᠨᠡᠩ ᠰᠠᠶᠢᠨ ᠲᠤᠭᠤᠰᠢᠯᠠᠭᠤᠯᠤᠠ᠂ ᠭᠡᠤᠭᠡᠳ ᠤᠨ ᠨᠠᠰᠤᠨ ᠤ ᠤᠨᠴᠠᠯᠢᠭ ᠲᠤ ᠲᠤᠬᠢᠷᠠᠭᠰᠠᠨ ᠰᠢᠠᠵᠢᠯᠠᠬᠦ ᠤᠬᠠᠭᠠᠨᠴᠢ ᠬᠦᠭᠵᠢᠯᠳᠡ ᠶᠢ ᠡᠷᠴᠢᠮᠳᠠᠢ ᠰᠠᠶᠢᠨ ᠠᠬᠢᠭᠤᠯᠬᠤ ᠡᠬᠦᠳᠡᠨ ᠠᠴᠠ 2015 ᠤᠠ ᠤ 9 ᠰᠠᠷ᠎ᠠ ᠠᠴᠠ ︽ᠲᠤᠭᠯᠠᠭᠠᠮ ᠤᠨ ᠲᠤᠮᠳᠠ ᠬᠡᠤᠬᠡᠳ ᠤᠨ ᠬᠦᠭᠵᠢᠯ ᠢ ᠲᠡᠮᠵᠢᠬᠦ︾ ᠰᠤᠳᠤᠯᠭᠠᠠ ᠤ ᠰᠡᠳᠤᠪ ᠢᠶᠠᠨ ᠡᠬᠢᠯᠡᠭᠦᠯᠦᠭᠰᠡᠨ ᠪᠦᠭᠡᠳ ᠡᠨᠡ ᠬᠦ ᠰᠤᠳᠤᠯᠭᠠᠠ ᠤ ᠰᠡᠳᠤᠪ ᠨᠢ 2016 ᠤᠠ ᠤ 9 ᠰᠠᠷ᠎ᠠ ᠳᠤ ᠦᠪᠡᠷᠳᠡᠬᠡᠠ ᠵᠠᠰᠠᠬᠤ ᠤᠷᠤᠠ ᠤ ᠦᠠᠳᠤᠰᠤᠳᠠᠠ ᠤ ᠰᠤᠷᠭᠠᠠ ᠬᠦᠮᠤᠵᠢᠯ᠂ ᠰᠢᠠᠵᠢᠯᠡᠬᠦ ᠤᠬᠠᠭᠠᠠ ᠤ ᠰᠤᠳᠣᠯᠭᠠᠠ ᠤ ︽ᠠᠷᠪᠠᠠ ᠭᠤᠷᠪᠠᠳᠤᠭᠠᠷ ᠲᠠᠪᠤᠨ ᠵᠢᠯ︾ ᠤᠨ ᠲᠦᠯᠤᠪᠵᠢᠬᠦᠯᠬᠡ ᠶᠢᠨ ᠰᠡᠳᠤᠪ ᠢᠶᠠᠷ ᠵᠦᠪᠰᠢᠶᠡᠷᠡᠭᠳᠡᠭᠰᠡᠨ ᠶᠤᠮ᠃      ᠨᠢᠭᠡ᠂ ᠰᠤᠷᠭᠠᠭᠤᠯᠢ ᠶᠢᠨ ᠨᠠᠰᠤᠨ ᠠᠴᠠ ᠡᠮᠦᠨᠡᠬᠢ ᠭᠡᠤᠭᠡᠳ ᠤᠨ ᠰᠤᠷᠭᠠᠨ ᠬᠦᠮᠦᠵᠢᠯ ᠤᠨ ᠤᠨᠴᠠᠯᠢᠬ      ᠰᠤᠷᠭᠠᠭᠤᠯᠢ ᠶᠢᠨ ᠨᠠᠰᠤᠠ ᠠᠴᠠ ᠡᠮᠤᠨᠡᠬᠢ ᠬᠡᠤᠬᠡᠳ ᠤᠨ ᠭᠤᠤᠯᠯᠠᠬᠤ ᠦᠢᠯᠠ ᠠᠵᠢᠯᠯᠠᠭ᠎ᠠ ᠪᠤᠯ ᠲᠤᠭᠯᠠᠭᠠᠮ ᠪᠤᠯᠬᠤ ᠶᠤᠮ᠃ ᠠᠮᠢᠳᠤᠷᠠᠯ ᠠᠴᠠ ᠬᠠᠮᠤᠭ ᠤᠨ ᠦᠢᠷ᠎ᠠ ᠪᠠᠶᠢᠳᠠᠭ ᠲᠤᠭᠯᠠᠭᠠᠮ ᠨᠢ ᠬᠡᠤᠬᠡᠳ ᠤᠨ ᠦᠪᠡᠷ ᠤᠨ ᠲᠦᠰᠤᠬᠡᠯᠡᠬᠦᠢ ᠪᠠᠨ ᠦᠠᠳᠤᠰᠤᠯᠠᠠ ᠲᠤᠬᠢᠷᠠᠭᠤᠯᠤᠨ ᠶᠠᠪᠤᠭᠳᠠᠭᠤᠯᠳᠠᠭ ᠲᠠᠭᠤᠷᠢᠶᠠᠬᠤ ᠴᠢᠨᠠᠷ ᠲᠠᠢ ᠤᠬᠠᠮᠰᠠᠷᠳᠤ ᠠᠵᠢᠯᠯᠠᠭ᠎ᠠ ᠪᠠᠶᠢᠵᠤ᠂ ᠲᠦᠰᠤᠬᠡᠯᠡᠬᠦᠢ ᠪᠤᠯᠤᠠ ᠪᠤᠳᠠᠳᠤ ᠠᠬᠤᠢ ᠨᠢ ᠠᠮᠢᠳᠤᠷᠠᠯ ᠤᠨ ᠪᠤᠳᠠᠳᠤ ᠤᠶᠠᠯᠳᠤᠯ ᠪᠤᠯᠵᠤ ᠪᠠᠶᠢᠳᠠᠭ᠃ ᠲᠤᠭᠯᠠᠭᠠᠮ ᠨᠢ ᠬᠡᠤᠬᠡᠳ‌‍ᠤᠨ ᠲᠤᠷ᠎ᠠ ᠪᠠᠬ᠎ᠠ ᠶᠢ ᠲᠠᠳᠠᠵᠤ᠂ ᠢᠳᠡᠪᠬᠢᠵᠢᠯ ᠢ ᠨᠢ ᠬᠦᠭᠵᠢᠬᠡᠵᠤ ᠴᠢᠳᠠᠳᠠᠭ ᠠᠴᠠ ᠲᠡᠳᠡᠡ ᠤ ᠡᠯ᠎ᠠ ᠲᠠᠯ᠎ᠠ ᠶᠢᠨ ᠰᠠᠷᠡᠯ ᠤᠨ ᠡᠷᠬᠡᠳᠡᠡ ᠵᠢᠴᠢ ᠠᠩᠬᠠᠷᠬᠤᠢ᠂ ᠴᠡᠬᠡᠵᠢᠯᠡᠬᠦᠢ᠂ ᠲᠦᠰᠤᠬᠡᠯᠡᠬᠦᠢ ᠵᠡᠷᠬᠡ ᠴᠢᠳᠠᠪᠤᠷᠢ ᠨᠢ ᠲᠡᠬᠡᠭᠰᠢᠯᠡᠳᠡᠭ᠃ ᠮᠦᠠ ᠴᠤ ︽3~6 ᠨᠠᠰᠤᠠ ᠤ ᠬᠡᠤᠬᠡᠳ ᠤᠨ ᠰᠤᠷᠤᠯᠴᠠᠯᠭ᠎ᠠ ᠪᠠ ᠬᠦᠭᠵᠢᠯᠳᠠ ᠶᠢᠨ ᠵᠦᠭᠯᠡᠬᠦᠷ︾ ᠤᠨ ᠲᠤᠳᠤᠷᠬᠠᠶᠢᠯᠠᠯᠳᠠ ᠳᠤ ︽ᠪᠡᠯᠴᠢᠷ ᠬᠡᠤᠬᠡᠳ ᠤᠨ ᠰᠤᠷᠤᠯᠴᠠᠯᠭ᠎ᠠ ᠪᠤᠯ ᠰᠢᠭᠤᠤᠠ ᠲᠤᠷᠰᠢᠯᠭ᠎ᠠ ᠪᠠᠷ ᠰᠠᠭᠤᠷᠢ ᠪᠤᠯᠭᠠᠵᠤ᠂ ᠲᠤᠭᠯᠠᠭᠠᠮ ᠪᠠ ᠡᠳᠤᠷ ᠲᠤᠳᠤᠮ ᠤᠨ ᠠᠮᠢᠳᠤᠷᠠᠯ ᠲᠤᠮᠳᠠ ᠶᠠᠪᠤᠭᠳᠠᠳᠠᠭ᠃ ᠲᠤᠭᠯᠠᠭᠠᠮ ᠪᠠ ᠠᠮᠢᠳᠤᠷᠠᠯ ᠤᠨ ᠤᠠᠴᠠᠭᠠᠢ ᠦᠷᠳᠡᠭ ᠢ ᠨᠠᠠᠳᠢᠩᠨᠠᠵᠤ᠂ ᠪᠠᠶᠠᠯᠢᠭ ᠰᠠᠶᠢᠬᠠᠠ ᠰᠤᠷᠭᠠᠠ ᠬᠦᠮᠤᠵᠢᠯ ᠤᠨ ᠤᠷᠴᠢᠠ ᠢ ᠡᠬᠦᠳᠴᠤ᠂ ᠨᠢᠬᠡ ᠡᠳᠤᠷ ᠤᠨ ᠠᠮᠢᠳᠤᠷᠠᠯ ᠢ ᠵᠤᠬᠢᠰᠳᠠᠢ ᠲᠤᠬᠢᠷᠠᠭᠤᠯᠤᠨ᠂ ᠪᠡᠯᠴᠢᠷ ᠬᠡᠤᠬᠡᠳ ᠤᠨ ᠰᠢᠭᠤᠤᠠ ᠰᠡᠷᠡᠡ ᠮᠠᠳᠡᠬᠦᠢ ᠪᠠ ᠪᠤᠳᠠᠳᠤ ᠤᠷᠤᠯᠳᠤᠯᠭ᠎ᠠ ᠶᠢ ᠪᠡᠶ᠎ᠠ ᠪᠠᠷ ᠢᠶᠠᠨ ᠦᠩᠬᠡᠷᠡᠬᠦᠯᠬᠦ ᠪᠠᠷ ᠲᠠᠮᠵᠢᠵᠤ ᠲᠤᠷᠰᠢᠯᠭ᠎ᠠ ᠤᠯᠬᠤ ᠬᠡᠷᠡᠭᠴᠡᠭᠡ ᠶᠢ ᠬᠠᠮᠤᠭ ᠤᠨ ᠶᠡᠭᠡ ᠬᠡᠮᠵᠢᠶ᠎ᠠ ᠪᠠᠷ ᠲᠡᠮᠵᠢᠠ ᠬᠠᠩᠭᠠᠬᠤ ᠬᠡᠷᠡᠭᠳᠡᠢ︾ ᠬᠡᠵᠤ ᠵᠢᠭᠠᠵᠤ ᠭᠠᠷᠭᠠᠬᠰᠠᠠ ᠪᠠᠶᠢᠳᠠᠭ᠃      ᠡᠬᠦᠠ ᠠᠴᠠ ᠭᠠᠳᠠᠨ᠎ᠠ ᠭᠠᠳᠠᠭᠠᠳᠤ ᠤᠯᠤᠰ ᠤᠨ ᠵᠠᠷᠢᠮ ᠰᠡᠳᠬᠢᠴᠠ ᠵᠦᠢᠴᠢ᠂ ᠰᠤᠷᠭᠠᠠ ᠬᠦᠮᠤᠵᠢᠯ ᠤᠨ ᠤᠬᠠᠭᠠᠳᠠᠠ 4~14 ᠨᠠᠰᠤᠠ ᠤ ᠬᠡᠤᠬᠡᠳ ᠤᠨ ᠬᠤᠶᠠᠷ ᠵᠦᠢᠯ ᠤᠨ ᠰᠤᠷᠤᠯᠴᠠᠬᠤ ᠬᠡᠪ ᠵᠬᠠᠪᠤᠷ ᠢ ᠬᠠᠷᠢᠴᠠᠭᠤᠯᠤᠨ ᠬᠠᠶᠢᠵᠤ ᠰᠤᠳᠤᠯᠤᠭᠠᠳ᠂ ᠲᠦᠷᠪᠡᠠ ᠨᠠᠰᠤᠠ ᠠᠴᠠ ᠡᠬᠢᠯᠠᠵᠤ ᠵᠢᠩᠬᠢᠨᠢ ᠰᠤᠷᠤᠯᠴᠠᠭᠰᠠᠠ ᠬᠡᠤᠬᠡᠳ ᠲᠦᠷᠪᠡᠠ ᠵᠢᠯ ᠤᠨ ᠲᠠᠷᠠᠭ᠎ᠠ ᠰᠤᠷᠤᠯᠴᠠᠬᠤ ᠤᠷᠮ᠎ᠠ ᠪᠠᠬ᠎ᠠ ᠨᠢ ᠡᠬᠢᠯᠡᠡ ᠲᠤᠷᠤᠭᠰᠢᠯᠠᠠ᠂ ᠠᠷᠪᠠᠠ ᠨᠢᠬᠡᠠ ᠨᠠᠰᠤᠠ ᠠᠴᠠ ᠰᠡᠬᠦᠯᠡᠷ ᠤᠩᠰᠢᠬᠤ ᠴᠢᠳᠠᠪᠤᠷᠢ ᠨᠢ ᠮᠡᠳᠡᠭᠳᠡᠮ᠎ᠠ ᠲᠤᠷᠤᠭᠰᠢᠯᠠᠨ᠎ᠠ᠃ ᠡᠬᠦᠠ ᠤ ᠡᠰᠡᠷᠬᠦ ᠪᠠᠷ ᠲᠦᠷᠪᠡᠠ ᠨᠠᠰᠤᠠ ᠠᠴᠠ ᠡᠬᠢᠯᠠᠠ ᠲᠤᠭᠯᠠᠭᠠᠮ ᠠᠴᠠ ᠰᠤᠷᠤᠭᠰᠠᠠ ᠬᠡᠤᠬᠡᠳ ᠵᠢᠷᠭᠤᠳᠤᠭᠠᠷ ᠤᠠ ᠠᠴᠠ ᠰᠡᠬᠦᠯᠡᠷ ᠤᠩᠰᠢᠬᠤ ᠴᠢᠳᠠᠪᠤᠷᠢ ᠨᠢ ᠲᠡᠬᠡᠭᠰᠢᠯᠠᠳᠡᠭ ᠬᠡᠵᠤ ᠳ᠋ᠦᠩᠨᠡᠭᠰᠡᠠ ᠪᠠᠶᠢᠨ᠎ᠠ᠃      ᠲᠡᠬᠡᠪᠠᠯ ᠶᠠᠮᠠᠷ ᠬᠡᠤᠬᠡᠳ ᠢ ᠵᠢᠩᠬᠢᠨᠢ ᠰᠤᠷᠤᠯᠴᠠᠭᠰᠠᠠ ᠬᠡᠤᠬᠡᠳ ᠬᠡᠵᠤ ᠬᠡᠯᠡᠬᠦ ᠪᠤᠢ ᠬᠡᠪᠠᠯ ᠤᠳᠤᠬᠠᠠ ᠤ ᠨᠠᠶᠢᠬᠡᠮ ᠳᠤ ᠠᠶᠢᠯ ᠤᠨ ᠭᠠᠭᠴᠠ ᠬᠡᠤᠬᠡᠳ ᠤᠯᠠᠨ ᠪᠤᠯᠤᠭᠰᠠᠨ ᠤ ᠤᠴᠢᠷ᠂ ᠠᠪᠤ ᠡᠵᠢ ᠨᠢ ᠬᠡᠤᠬᠡᠳ ᠲᠤ ᠪᠠᠨ ᠠᠯᠢᠪᠠ ᠬᠦᠰᠡᠯ ᠡᠷᠡᠮᠡᠯᠵᠡᠯ ᠢᠶᠠᠨ ᠲᠠᠯᠪᠢᠵᠤ᠂ ᠪᠢᠴᠢᠭ ᠨᠤᠮ ᠲᠠᠢ ᠬᠡᠤᠬᠡᠳ ᠪᠤᠯᠭᠠᠬᠤ ᠪᠠᠷ ᠴᠢᠷᠮᠠᠶᠢᠵᠤ᠂ ᠪᠢᠷ ᠬᠠᠷᠠᠠᠳᠠ ᠪᠠᠷᠢᠵᠤ ᠪᠢᠴᠢᠵᠤ ᠵᠢᠷᠤᠬᠤ᠂ ᠲᠤᠭ᠎ᠠ ᠪᠤᠳᠤᠬᠤ᠂ ᠦᠰᠦᠭ ᠲᠠᠨᠢᠬᠤ᠂ ᠴᠠᠭᠠᠠ ᠲᠤᠯᠤᠭᠠᠢ ᠤᠩᠰᠢᠵᠤ ᠪᠢᠴᠢᠵᠤ ᠰᠤᠷᠬᠤ ᠵᠡᠷᠬᠡ ᠶᠢ ᠰᠤᠷᠭᠠᠭᠤᠯᠢ‌‍ᠶᠢᠨ ᠡᠮᠤᠨᠠᠬᠢ ᠨᠠᠰᠤᠠ ᠠᠴᠠ ᠨᠢ ᠠᠯᠪᠠ ᠪᠠᠷ ᠱᠠᠭᠠᠷᠳᠠᠨ ᠰᠤᠷᠭᠠᠵᠤ ᠪᠠᠶᠢᠳᠠᠭ᠃ ᠮᠦᠠ ᠴᠤ ᠴᠡᠴᠡᠷᠯᠢᠭ ᠤᠨ ᠵᠠᠷᠢᠮ ᠪᠠᠭᠰᠢ ᠨᠠᠷ ᠤᠨ ᠲᠤᠰᠬᠠᠢ ᠮᠡᠷᠬᠡᠵᠢᠯ ᠤᠨ ᠬᠢᠷᠢ ᠲᠦᠪᠰᠢᠠ ᠠᠨᠠᠢ ᠠᠴᠠ ᠰᠤᠷᠭᠠᠭᠤᠯᠢ ᠶᠢᠨ ᠮᠠᠶ᠋ᠢᠭ ᠪᠤᠶᠤ ᠤᠯᠠᠮᠵᠢᠯᠠᠯᠳᠤ ᠵᠢᠭᠠᠠ ᠰᠤᠷᠭᠠᠯᠳᠠ ᠶᠢᠨ ᠠᠷᠭ᠎ᠠ ᠠᠪᠴᠠᠯ ᠢ ᠬᠡᠷᠡᠭᠯᠡᠵᠤ᠂ ᠬᠡᠤᠬᠡᠳ ᠤᠳ ᠢ ᠲᠤᠭᠯᠠᠭᠠᠮ ᠤᠨ ᠲᠤᠮᠳᠠ ᠶᠠᠪᠤᠭᠳᠠᠬᠤ ᠡᠯᠪᠡᠭ ᠪᠠᠶᠠᠯᠢᠭ ᠲᠦᠷᠰᠤᠯᠠᠠ ᠪᠤᠳᠤᠯᠳᠠ ᠪᠠ ᠪᠦᠳᠤᠬᠡᠯᠴᠢ ᠴᠢᠨᠠᠷ ᠪᠢᠯᠬᠠᠠᠠᠰᠠᠠ ᠰᠤᠷᠤᠯᠴᠠᠯᠭ᠎ᠠ ᠠᠴᠠ ᠨᠢ ᠵᠠᠶᠢᠳᠠᠭᠤᠯᠵᠤ ᠪᠠᠶᠢᠳᠠᠭ ᠢ ᠬᠡᠯᠡᠨ᠎ᠠ᠃ ᠡᠶᠢᠮᠤ ᠠᠴᠠ ᠭᠡᠤᠭᠡᠳ ᠪᠡᠯᠴᠢᠷ ᠨᠠᠰᠤᠠ ᠠᠴᠠ ᠪᠠᠨ ᠡᠶᠢᠮᠤᠷᠬᠦᠤ ᠴᠢᠩᠭ᠎ᠠ ᠲᠦᠪᠯᠠᠬᠦᠠ ᠰᠤᠷᠭᠠᠠ ᠬᠦᠮᠤᠵᠢᠯ ᠬᠦᠷᠳᠡᠵᠦ᠂ ᠨᠠᠰᠤᠠ ᠤ ᠨᠡᠮᠡᠭᠳᠡᠬᠦ ᠶᠢ ᠲᠠᠭᠠᠯᠳᠤᠠ ᠰᠤᠷᠤᠯᠴᠠᠬᠤ ᠤᠷᠮ᠎ᠠ ᠪᠠᠬ᠎ᠠ ᠨᠢ ᠬᠠᠷᠢᠳᠠᠭ᠃      ᠬᠤᠶᠠᠷ᠂ ︽ᠲᠤᠭᠯᠠᠭᠠᠮ ᠤᠨ ᠲᠤᠮᠳᠠ ᠬᠡᠤᠬᠡᠳ ᠤᠨ ᠬᠦᠭᠵᠢᠯ ᠢ ᠲᠡᠮᠵᠢᠬᠦ︾ ᠰᠤᠳᠤᠯᠭᠠᠨ ᠤ ᠭᠤᠤᠯ ᠠᠭᠤᠯᠭ᠎ᠠ      ︵ᠨᠢᠭᠡ︶ ︽ᠲᠤᠭᠯᠠᠭᠠᠮ ᠤᠨ ᠲᠤᠮᠳᠠ ᠬᠡᠤᠬᠡᠳ ᠤᠨ ᠬᠦᠭᠵᠢᠯ ᠢ ᠲᠡᠮᠵᠢᠬᠦ︾ ᠰᠤᠳᠤᠯᠭᠠᠨ ᠤ ᠠᠷᠭ᠎ᠠ      ᠪᠢᠳᠠ ᠡᠨᠡ ᠬᠦ ︽ᠲᠤᠠᠠᠯᠠᠭᠠᠮ ᠤᠨ ᠲᠤᠮᠳᠠ ᠬᠡᠤᠬᠡᠳ ᠤᠨ ᠬᠦᠭᠵᠢᠯ ᠢ ᠲᠡᠮᠵᠢᠬᠦ︾ ᠰᠤᠳᠤᠯᠭᠠᠠ ᠤ ᠭᠤᠤᠯ ᠠᠷᠭ᠎ᠠ ᠬᠡᠯᠪᠡᠷᠢ ᠪᠠᠨ ᠲᠤᠤᠷᠡᠬᠢ ᠮᠡᠳᠤ ᠬᠡᠳᠤᠠ ᠲᠠᠯ᠎ᠠ ᠪᠠᠷ ᠲᠦᠯᠤᠪᠯᠠᠡ ᠶᠠᠪᠤᠭᠳᠠᠭᠤᠯᠵᠤ ᠪᠠᠶᠢᠭ᠎ᠠ ᠶᠤᠮ᠃      1. ᠵᠢᠯᠤᠭᠤᠳᠤᠯᠭ᠎ᠠ ᠶᠢᠨ ᠠᠷᠭ᠎ᠠ      ᠬᠡᠤᠬᠡᠳ ᠤᠨ ᠪᠦᠬᠦ ᠲᠠᠯ᠎ᠠ ᠶᠢᠨ ᠬᠦᠭᠵᠢᠯᠳᠠ ᠳᠤ ᠲᠤᠰᠠᠯᠠᠭᠰᠠᠠ ᠲᠤᠠᠠᠯᠠᠭᠠᠮ ᠤᠨ ᠠᠷᠭᠠᠴᠠᠯᠠᠯ ᠤᠨ ᠨᠤᠮ ᠤᠳ ᠢ ᠪᠠᠭᠰᠢ ᠨᠢ ᠬᠡᠤᠬᠡᠳ ᠤᠨ ᠲᠦᠪᠰᠢᠠ᠂ ᠬᠦᠭᠵᠢᠯᠳᠠ ᠳᠤ ᠲᠤᠬᠢᠷᠠᠭᠤᠯᠤᠠ᠂ ᠪᠦᠳᠤᠬᠡᠯᠴᠢ ᠪᠠᠷ ᠰᠡᠳᠬᠢᠵᠤ᠂ ᠵᠤᠬᠢᠶᠠᠵᠤ ᠲᠦᠰᠤᠪᠯᠠᠠ ᠨᠠᠶᠢᠷᠠᠭᠤᠯᠬᠤ ᠶᠢᠨ ᠲᠠᠭᠠᠤ ᠲᠤᠠᠠᠯᠠᠭᠠᠮ ᠤᠨ ᠠᠷᠭᠠᠴᠠᠯᠠᠯ ᠤᠨ ᠨᠤᠮ ᠪᠦᠷᠢ ᠳᠤ ᠬᠦᠭᠵᠢᠬᠦᠯᠬᠦ ᠬᠠᠷᠠᠯᠳᠠ ᠵᠤᠷᠢᠯᠭ᠎ᠠ ᠪᠠᠨ ᠭᠠᠷᠭᠠᠨ᠎ᠠ᠃      2. ᠠᠵᠢᠠᠠᠯᠠᠯᠳᠠ ᠶᠢᠨ ᠠᠷᠭ᠎ᠠ      ᠪᠠᠭᠰᠢ ᠠᠴᠠ ᠬᠡᠤᠬᠡᠳ ᠤᠳ ᠢ ᠦᠪᠡᠷ ᠤᠨ ᠲᠤᠷ᠎ᠠ ᠰᠤᠨᠢᠷᠬᠠᠯ ᠢᠶᠠᠷ ᠨᠢ ᠲᠤᠠᠠᠯᠠᠭᠠᠮ ᠤᠨ ᠵᠦᠢᠯ᠂ ᠲᠤᠠᠠᠯᠠᠭᠠᠮ ᠤᠨ ᠠᠷᠭᠠᠴᠠᠯᠠᠯ ᠤᠨ ᠨᠤᠮ᠂ ᠪᠠᠭᠠᠵᠢ ᠮᠠᠲ᠋ᠧᠷᠢᠶᠠᠯ ᠢ ᠨᠢ ᠴᠢᠯᠤᠬᠡ ᠲᠠᠢ ᠰᠤᠩᠭᠤᠯᠳᠠ ᠬᠢᠯᠭᠡᠵᠦ ᠲᠤᠠᠠᠯᠠᠭᠤᠯᠬᠤ ᠶᠢᠨ ᠲᠠᠭᠠᠤ᠂ ᠬᠡᠤᠬᠡᠳ ᠤᠳ ᠢᠶᠠᠨ ᠠᠵᠢᠠᠠᠯᠠᠠ ᠲᠡᠮᠳᠡᠭᠯᠡᠯ ᠬᠢᠵᠤ᠂ ᠬᠡᠤᠬᠡᠳ ᠤᠨ ᠬᠦᠭᠵᠢᠯ ᠤᠨ ᠲᠦᠪᠰᠢᠠ᠂ ᠤᠠᠴᠠᠯᠢᠭ ᠰᠢᠠᠵᠢ ᠶᠢ ᠨᠢ ᠤᠶᠢᠯᠠᠭᠠᠨ᠎ᠠ᠃      3. ᠦᠨᠡᠯᠡᠬᠦ ᠠᠷᠭ᠎ᠠ      ︵1︶ ᠪᠠᠭᠰᠢ ᠠᠴᠠ ᠲᠤᠭᠯᠠᠭᠠᠮ ᠤᠨ ᠲᠤᠮᠳᠠᠬᠢ ᠠᠵᠢᠠᠠᠯᠠᠯᠳᠠ ᠰᠤᠳᠤᠯᠭ᠎ᠠ ᠪᠠᠷ ᠲᠠᠮᠵᠢᠠ ᠬᠡᠤᠬᠡᠳ ᠪᠤᠯᠭᠠᠨ ᠤ ᠬᠦᠭᠵᠢᠯ ᠤᠨ ᠲᠦᠪᠰᠢᠠ ᠢ ᠦᠨᠡᠯᠡᠵᠦ᠂ ᠬᠡᠤᠬᠡᠳ ᠢ ᠤᠳᠤᠬᠢ ᠲᠦᠪᠰᠢᠠ ᠠᠴᠠ ᠨᠢ ᠤᠯᠠᠮ ᠨᠢᠬᠡ ᠠᠯᠬᠤᠮ ᠬᠦᠭᠵᠢᠬᠦᠯᠬᠦ ᠳᠤ ᠲᠡᠮᠵᠢᠯᠬᠡ ᠪᠤᠯᠭᠠᠨ᠎ᠠ᠃      ︵2︶ ᠬᠡᠤᠬᠡᠳ ᠢ ᠲᠤᠭᠯᠠᠭᠠᠮ ᠤᠨ ᠲᠠᠭᠠᠤ ᠲᠡᠮᠳᠡᠭ᠂ ᠪᠤᠳᠤᠭ ᠢᠶᠠᠷ ᠦᠪᠡᠷ ᠤᠨ ᠪᠡᠶ᠎ᠠ ᠳᠤ ᠪᠠᠨ ᠦᠨᠡᠯᠡᠯᠳᠡ ᠬᠢᠵᠦ ᠤᠷᠮᠠᠰᠢᠭᠤᠯᠬᠤ ᠠᠷᠭ᠎ᠠ ᠶᠢ ᠬᠡᠷᠡᠭᠯᠡᠵᠤ᠂ ᠡᠯ᠎ᠠ ᠲᠦᠷᠤᠯ ᠤᠨ ᠲᠤᠭᠯᠠᠭᠠᠮ ᠳᠤ ᠤᠷᠤᠯᠴᠠᠬᠤ ᠤᠷᠮᠠᠰᠢᠯ ᠢ ᠨᠢ ᠬᠦᠭᠵᠢᠬᠡᠵᠤ᠂ ᠪᠡᠶ᠎ᠠ ᠳᠤ ᠪᠠᠨ ᠢᠳᠡᠬᠡᠯ ᠲᠠᠢ ᠪᠤᠯᠬᠤ ᠬᠦᠮᠤᠵᠢᠯ ᠢ ᠬᠦᠷᠳᠡᠬᠡᠨ᠎ᠠ᠃      ︵ᠬᠤᠶᠠᠷ︶ ᠭᠡᠤᠭᠡᠳ ᠤᠨ ᠨᠠᠰᠤᠨ ᠤ ᠤᠨᠴᠠᠯᠢᠭ ᠲᠤ ᠲᠤᠬᠢᠷᠠᠭᠰᠠᠨ ᠲᠤᠭᠯᠠᠭᠠᠮ ᠤᠨ ᠠᠷᠭᠠᠴᠠᠯᠠᠯ ᠤᠨ ᠨᠤᠮ ᠤᠨ ᠲᠤᠬᠠᠢ      ᠬᠡᠤᠬᠡᠳ ᠨᠤᠮ ᠲᠤᠭᠯᠠᠭᠠᠮ ᠭᠤᠷᠪᠠ ᠶᠢ ᠬᠡᠷᠬᠢᠠ ᠤᠶᠠᠯᠳᠤᠭᠤᠯᠬᠤ ᠲᠠᠯ᠎ᠠ ᠪᠠᠷ ᠪᠤᠳᠤᠯᠬᠢᠯᠠᠵᠤ᠂ ᠲᠤᠭᠯᠠᠭᠠᠮ ᠤᠨ ᠲᠠᠭᠠᠤ ᠬᠡᠤᠬᠡᠳ ᠤᠨ ᠡᠯ᠎ᠠ ᠲᠠᠯ᠎ᠠ ᠶᠢᠨ ᠴᠢᠳᠠᠪᠤᠷᠢ ᠶᠢᠨ ᠬᠦᠭᠵᠢᠯᠳᠠ ᠳᠤ ᠲᠤᠰᠠᠯᠬᠠᠰᠠᠠ ᠠᠷᠭᠠᠴᠠᠯᠠᠯ ᠤᠨ ᠨᠤᠮ ᠨᠤᠭᠤᠳ ᠢ ᠰᠡᠳᠤᠠ ᠨᠠᠶᠢᠷᠠᠭᠤᠯᠵᠤ ᠤᠷᠢᠳ ᠢᠶᠠᠷ ᠭᠤᠷᠪᠠᠠ ᠪᠦᠯᠦᠭ ᠤᠨ ᠬᠡᠤᠬᠡᠳ ᠤᠳ ᠲᠤ ᠪᠠᠨ ᠲᠤᠷᠰᠢᠵᠤ ᠪᠠᠶᠢᠭ᠎ᠠ ᠶᠤᠮ᠃ ᠡᠨᠡ ᠬᠦ ᠲᠤᠭᠯᠠᠭᠠᠮ ᠤᠨ ᠠᠷᠭᠠᠴᠠᠯᠠᠯ ᠤᠨ ᠨᠤᠮ ᠤᠨ ᠲᠦᠷᠦᠯ ᠵᠦᠢᠯ ᠨᠢ ᠲᠤᠤᠷᠠᠬᠢ ᠮᠡᠳᠦ᠃      ︵1︶ ᠬᠡᠯᠡ ᠶᠠᠷᠢᠶᠠᠠ ᠤ ᠲᠠᠯ᠎ᠠ ᠶᠢᠨ ᠨᠤᠮ      ᠬᠡᠤᠬᠡᠳ ᠤᠳ ᠵᠢᠷᠤᠭ ᠦᠵᠡᠵᠤ᠂ ᠭᠤᠤᠯ ᠲᠦᠷᠢ ᠶᠢ ᠨᠢ ᠲᠤᠭᠯᠠᠭᠠᠮ ᠢᠶᠠᠷ ᠵᠦᠢᠵᠤ ᠲᠤᠭᠯᠠᠬᠤ ᠠᠵᠢᠯᠯᠠᠭᠠᠠ ᠢᠶᠠᠷ ᠲᠠᠮᠵᠢᠭᠤᠯᠵᠤ᠂ ᠲᠡᠳᠡᠠ ᠤ ᠵᠤᠷᠢᠯᠭ᠎ᠠ ᠲᠠᠢ ᠪᠠᠷ ᠵᠢᠷᠤᠭ ᠦᠵᠡᠵᠤ ᠴᠢᠳᠠᠬᠤ᠂ ᠵᠢᠷᠤᠭ ᠢ ᠦᠠᠳᠤᠰᠤᠯᠠᠠ ᠵᠢᠷᠤᠭ ᠲᠤ ᠶᠠᠭᠤ ᠪᠠᠶᠢᠬᠤ᠂ ᠶᠠᠮᠠᠷ ᠶᠠᠪᠤᠳᠠᠯ ᠭᠠᠷᠴᠤ ᠪᠠᠶᠢᠭ᠎ᠠ ᠵᠡᠷᠬᠡ ᠶᠢ ᠲᠦᠬᠦᠮ ᠲᠦᠳᠠ ᠶᠠᠷᠢᠵᠤ ᠢᠯᠡᠳᠬᠡᠵᠤ ᠴᠢᠳᠠᠬᠤ ᠴᠢᠳᠠᠪᠤᠷᠢ ᠶᠢ ᠬᠠᠪᠰᠤᠷᠤᠨ ᠬᠦᠭᠵᠢᠬᠦᠯᠵᠤ᠂ ᠲᠤᠭᠯᠠᠭᠠᠮ ᠤᠨ ᠲᠠᠭᠠᠤ ᠦᠯᠢᠬᠡᠷ᠂ ᠵᠦᠢᠷ ᠰᠡᠴᠡᠠ ᠦᠬᠡᠰ᠂ ᠡᠯᠬᠦᠬᠡ ᠦᠬᠡ ᠵᠡᠷᠬᠡ ᠶᠢ ᠶᠠᠷᠢᠵᠤ ᠰᠤᠷᠬᠤ ᠳᠤ ᠨᠢ ᠲᠤᠰᠠᠯᠠᠨ᠎ᠠ᠃      ︵2︶ ᠲᠦᠷᠰᠤᠯᠠᠬᠦ ᠤᠷᠠᠯᠠᠯ ᠤᠨ ᠲᠠᠯ᠎ᠠ ᠶᠢᠨ ᠨᠤᠮ      ᠶᠠᠭᠤᠮ᠎ᠠ ᠶᠢ ᠶᠠᠭᠠᠬᠢᠵᠤ ᠵᠢᠷᠤᠬᠤ ᠲᠤᠬᠠᠢ ᠪᠠᠭᠰᠢ ᠠᠴᠠ ᠰᠢᠭᠤᠤᠠ ᠵᠢᠭᠠᠵᠤ ᠦᠭᠬᠦ ᠪᠢᠰᠢ᠂ ᠬᠡᠤᠬᠡᠳ ᠨᠤᠮ ᠢᠶᠠᠨ ᠦᠵᠡᠵᠤ ᠲᠦᠬᠦᠮ ᠵᠢᠷᠤᠯᠭ᠎ᠠ᠂ ᠬᠤᠷᠤᠭᠤᠠ ᠲᠠᠷᠤᠮᠠᠯ᠂ ᠨᠤᠭᠤᠯᠤᠮᠠᠯ ᠤᠨ ᠲᠠᠷᠠᠭᠠᠯᠠᠯ ᠤᠨ ᠲᠠᠭᠠᠤ ᠵᠢᠷᠤᠵᠤ ᠲᠠᠷᠤᠵᠤ᠂ ᠨᠤᠭᠤᠯᠬᠤ ᠪᠤᠶᠤ ᠤᠷᠭᠤᠭᠤᠯᠠᠠ ᠨᠠᠮᠡᠵᠤ ᠴᠢᠯᠤᠬᠡ ᠲᠠᠢ ᠪᠦᠳᠤᠬᠡᠯᠴᠢ ᠪᠠᠷ ᠰᠡᠳᠬᠢᠵᠤ ᠰᠤᠷᠬᠤ ᠳᠤ ᠨᠢ ᠲᠤᠰᠠᠯᠠᠨ᠎ᠠ᠃      ︵3︶ ᠰᠢᠠᠵᠢᠯᠠᠬᠦ ᠤᠬᠠᠭᠠᠠ ᠤ ᠮᠡᠳᠡᠯᠭᠡ ᠶᠢᠨ ᠴᠢᠨᠠᠷ ᠲᠠᠢ ᠨᠣᠮ      ᠬᠡᠤᠬᠡᠳ ᠤᠳ ᠲᠤᠭᠯᠠᠭᠠᠮ ᠤᠨ ᠠᠷᠭᠠᠴᠠᠯᠠᠯ ᠤᠨ ᠨᠤᠮ ᠢᠶᠠᠨ ᠦᠵᠡᠵᠤ ᠲᠤᠭᠯᠠᠬᠤ ᠶᠢᠨ ᠲᠠᠭᠠᠤ ᠲᠤᠭ᠎ᠠ᠂ ᠬᠡᠮᠵᠢᠶ᠎ᠠ ᠪᠤᠯᠤᠨ ᠲᠤᠭᠠᠠ ᠤ ᠬᠠᠷᠢᠴᠠᠭ᠎ᠠ ᠬᠤᠯᠪᠤᠭ᠎ᠠ ᠶᠢ ᠰᠡᠷᠡᠠ ᠮᠡᠳᠡᠵᠤ ᠦᠢᠯᠠᠭᠠᠬᠤ᠂ ᠲᠠᠷᠤᠢ ᠪᠤᠳᠠᠰ ᠤᠨ ᠶᠡᠭᠡ ᠪᠠᠭ᠎ᠠ᠂ ᠤᠯᠠᠠ ᠴᠦᠬᠡᠠ᠂ ᠦᠠᠳᠤᠷ ᠪᠤᠭᠤᠨᠢ᠂ ᠤᠷᠳᠤ ᠤᠬᠤᠷ ᠵᠡᠷᠬᠡ ᠬᠡᠮᠵᠢᠶᠠᠠ ᠤ ᠲᠠᠯ᠎ᠠ ᠪᠠᠷ ᠬᠢ ᠤᠠᠴᠠᠯᠢᠭ ᠢ ᠰᠡᠷᠡᠠ ᠮᠡᠳᠡᠵᠤ ᠢᠯᠭᠠᠠ ᠴᠢᠳᠠᠬᠤ᠂ ᠤᠳᠬ᠎ᠠ ᠶᠢ ᠨᠢ ᠬᠠᠷᠠᠭᠠᠯᠵᠠᠭᠰᠠᠠ ᠦᠬᠡᠰ ᠢᠶᠠᠷ ᠢᠯᠡᠳᠬᠡᠵᠤ ᠴᠢᠳᠠᠬᠤ ᠶᠢ ᠰᠤᠷᠬᠤ᠂ ᠪᠤᠳᠠᠰ ᠤᠨ ᠬᠡᠯᠪᠡᠷᠢ ᠲᠦᠷᠰᠤ᠂ ᠤᠠᠴᠠᠯᠢᠭ ᠰᠢᠠᠵᠢ ᠶᠢ ᠠᠵᠢᠠᠠᠯᠠᠵᠤ ᠨᠠᠷᠢᠪᠴᠢᠯᠠᠵᠤ ᠰᠤᠷᠬᠤ᠂ ᠪᠤᠳᠠᠰ ᠤᠨ ᠵᠢᠮ᠎ᠠ ᠶᠤᠰᠤᠴᠢ ᠬᠠᠷᠢᠴᠠᠭ᠎ᠠ ᠬᠤᠯᠪᠤᠭ᠎ᠠ ᠶᠢ ᠢᠯᠭᠠᠵᠤ ᠰᠠᠯᠭᠠᠵᠤ ᠰᠤᠷᠬᠤ ᠵᠡᠷᠬᠡ ᠳᠤ ᠨᠢ ᠲᠡᠮᠵᠢᠯᠬᠡ ᠦᠵᠡᠬᠦᠯᠤᠨ᠎ᠠ᠃      ︵4︶ ᠲᠠᠨᠢᠠ ᠮᠡᠳᠡᠬᠦᠢ ᠶᠢᠨ ᠠᠭᠤᠯᠭ᠎ᠠ ᠪᠦᠬᠦᠢ ᠨᠤᠮ      ᠬᠡᠤᠬᠡᠳ ᠤᠨ ᠠᠮᠢᠳᠠᠠ ᠤᠷᠭᠤᠮᠠᠯ᠂ ᠪᠤᠳᠠᠰ ᠢ ᠬᠠᠷᠠᠵᠤ᠂ ᠭᠠᠳᠠᠷ ᠲᠦᠷᠰᠤ ᠪᠠᠶᠢᠳᠠᠯ ᠢ ᠨᠢ ᠡᠯ᠎ᠠ ᠲᠦᠷᠤᠯ ᠤᠨ ᠬᠡᠯᠪᠡᠷᠢ ᠲᠦᠷᠰᠤ ᠲᠠᠢ ᠬᠠᠷᠢᠴᠠᠭᠤᠯᠤᠨ ᠬᠤᠯᠪᠤᠠ ᠪᠤᠳᠤᠬᠤ ᠬᠡᠶᠢᠰᠪᠤᠷᠢ ᠰᠡᠳᠬᠢᠬᠦᠢ ᠶᠢ  ᠬᠦᠭᠵᠢᠬᠦᠯᠵᠤ᠂ ᠲᠤᠭᠯᠠᠬᠤ ᠶᠠᠪᠤᠴᠠ ᠳᠤ ᠪᠠᠭᠰᠢ ᠶᠢᠨ ᠵᠢᠯᠤᠭᠤᠳᠤᠯᠭ᠎ᠠ ᠪᠠᠷ ᠲᠠᠨᠢᠯ ᠪᠤᠰᠤ ᠠᠮᠢᠳᠠᠳ ᠤᠨ ᠨᠡᠷᠡᠶᠢᠳᠤᠯ ︵ᠡᠬᠡ ᠮᠠᠯ᠂ ᠡᠴᠢᠬᠡ ᠮᠠᠯ᠂ ᠲᠦᠯ ᠮᠠᠯ︶᠂ ᠡᠯ᠎ᠠ ᠲᠦᠷᠤᠯ ᠤᠨ ᠡᠪᠡᠰᠤ ᠤᠷᠭᠤᠮᠠᠯ᠂ ᠪᠤᠳᠠᠰ ᠤᠳ ᠤᠨ ᠤᠨᠤᠪᠴᠢᠳᠠᠢ ᠮᠤᠩᠭᠤᠯ ᠨᠡᠷᠡᠶᠢᠳᠤᠯ ᠵᠡᠷᠬᠡ ᠶᠢ ᠮᠡᠳᠡᠬᠦᠯᠵᠤ᠂ ᠮᠡᠳᠡᠯᠬᠡ ᠶᠢᠨ ᠬᠦᠷᠢᠶ᠎ᠠ ᠬᠡᠪᠴᠢᠶ᠎ᠠ ᠶᠢ ᠨᠢ ᠨᠡᠮᠡᠭᠳᠡᠬᠦᠯᠬᠦ ᠳᠤ ᠲᠤᠰᠠᠯᠠᠨ᠎ᠠ᠃      ᠡᠶᠢᠮᠤᠷᠬᠦᠤ ᠤᠯᠠᠠ ᠲᠦᠷᠤᠯ ᠬᠡᠯᠪᠡᠷᠢ ᠶᠢᠨ ᠵᠢᠷᠤᠭᠳᠤ ᠨᠤᠮ ᠲᠤᠤᠷᠠᠬᠢ ᠮᠠᠳᠤ ᠬᠡᠳᠤᠠ ᠲᠠᠯ᠎ᠠ ᠶᠢᠨ ᠶᠡᠷᠤᠩᠬᠡᠢ ᠬᠠᠷᠠᠯᠳᠠ ᠵᠤᠷᠢᠯᠭ᠎ᠠ ᠶᠢ ᠠᠭᠤᠰᠬᠠᠵᠤ ᠪᠠᠶᠢᠭ᠎ᠠ ᠶᠤᠮ᠃      A ᠬᠡᠤᠬᠡᠳ ᠤᠨ ᠬᠠᠷᠠᠭᠠᠠ ᠰᠡᠷᠠᠯ ᠤᠨ ᠬᠦᠭᠵᠢᠯ᠂ ᠠᠵᠢᠠᠠᠯᠠᠵᠤ ᠠᠩᠬᠠᠷᠬᠤ ᠴᠢᠳᠠᠪᠤᠷᠢ ᠶᠢᠨ ᠲᠠᠯ᠎ᠠ ᠶᠢᠨ ᠬᠦᠭᠵᠢᠯᠳᠠ ᠳᠤ ᠨᠢ ᠲᠤᠰᠠᠯᠠᠨ᠎ᠠ᠃      B ᠭᠠᠷ ᠬᠤᠷᠤᠭᠤᠠ ᠤ ᠵᠢᠵᠢᠭ ᠪᠤᠯᠴᠢᠩ ᠤᠨ ᠬᠦᠭᠵᠢᠯᠳᠠ ᠶᠢ ᠠᠬᠢᠭᠤᠯᠬᠤ ᠳᠤ ᠨᠢ ᠲᠤᠰᠠᠯᠠᠨ᠎ᠠ᠃      C ᠬᠡᠤᠬᠡᠳ ᠤᠨ ᠦᠩᠬᠡ ᠪᠤᠳᠤᠭ ᠢ ᠲᠠᠨᠢᠵᠤ᠂ ᠵᠢᠷᠤᠭ ᠲᠦᠷᠰᠤ ᠶᠢᠨ ᠤᠷᠤᠠ ᠵᠠᠢ ᠶᠢ ᠵᠤᠬᠢᠴᠠᠭᠤᠯᠵᠤ ᠰᠤᠷᠬᠤ ᠳᠤ ᠨᠢ ᠲᠤᠰᠠᠯᠠᠨ᠎ᠠ᠃      D ᠬᠡᠤᠬᠡᠳ ᠤᠨ ᠬᠡᠯᠡ ᠶᠠᠷᠢᠶᠠᠠ ᠤ ᠬᠦᠭᠵᠢᠯᠳᠠ ᠶᠢ ᠲᠡᠬᠡᠭᠰᠢᠯᠠᠬᠦᠯᠤᠨ᠎ᠠ᠃ ᠲᠠᠷᠤᠢ ᠵᠦᠢᠷ ᠰᠡᠴᠡᠠ ᠦᠬᠡ᠂ ᠰᠢᠯᠦᠭ᠂ ᠦᠯᠢᠬᠡᠷ᠂ ᠤᠨᠢᠰᠤᠭ᠎ᠠ᠂ ᠬᠡᠯᠡ ᠵᠦᠭᠰᠢᠷᠡᠬᠦᠯᠬᠦ ᠦᠭᠡ᠂ ᠵᠤᠭ᠎ᠠ ᠦᠬᠡ ᠵᠡᠷᠬᠡ ᠶᠢ ᠲᠤᠭᠯᠠᠭᠠᠮ ᠤᠨ ᠲᠠᠭᠠᠤ ᠰᠤᠷᠴᠤ ᠡᠵᠡᠮᠰᠢᠬᠦ ᠳᠤ ᠨᠢ ᠲᠤᠰᠠᠯᠠᠨ᠎ᠠ᠃      E ᠬᠡᠤᠬᠡᠳ ᠤᠨ ᠵᠤᠬᠢᠶᠠᠠ ᠪᠦᠳᠤᠬᠡᠬᠦ᠂ ᠪᠦᠳᠤᠬᠡᠯᠴᠢ ᠰᠡᠳᠬᠢᠬᠦᠢ ᠶᠢ ᠨᠢ ᠬᠦᠭᠵᠢᠬᠦᠯᠤᠨ᠎ᠠ᠃      F ᠬᠡᠤᠬᠡᠳ ᠤᠨ ᠬᠠᠷᠠᠬᠠᠠ ᠪᠠᠭ᠎ᠠ ᠠᠴᠠ ᠪᠠᠨ ᠨᠤᠮ ᠦᠵᠡᠬᠦ ᠰᠠᠶᠢᠬᠠᠠ ᠲᠠᠳᠬᠠᠯ ᠲᠠᠢ ᠪᠤᠯᠬᠤ ᠳᠤ ᠨᠢ ᠰᠠᠭᠤᠷᠠᠢ ᠲᠠᠯᠪᠢᠵᠤ ᠦᠭᠬᠦᠨ᠎ᠠ᠃      G ᠬᠡᠤᠬᠡᠳ ᠲᠤ ᠪᠠᠶ᠎ᠠ ᠪᠠᠨ ᠢᠳᠡᠭᠡᠭᠦ ᠬᠦᠮᠤᠵᠢᠯ ᠬᠦᠷᠳᠡᠬᠡᠨ᠎ᠠ᠃      H ᠬᠡᠤᠬᠡᠳ ᠤᠨ ᠲᠡᠰᠪᠤᠷᠢ ᠲᠡᠪᠴᠢᠶᠠᠷᠢ ᠲᠠᠢ ᠪᠤᠯᠵᠤ ᠬᠦᠮᠤᠵᠢᠭ᠍ᠳᠡᠬᠦ ᠳᠤ ᠰᠠᠭᠤᠷᠢ ᠲᠠᠯᠪᠢᠵᠤ ᠦᠭᠬᠦᠨ᠎ᠠ᠃     ︵ᠭᠤᠷᠪᠠ︶ ᠭᠡᠤᠭᠡᠳ ᠤᠨ ᠨᠠᠰᠤᠨ ᠤ ᠤᠨᠴᠠᠯᠢᠭ ᠲᠤ ᠲᠤᠬᠢᠷᠠᠭᠰᠠᠨ ᠲᠤᠭᠯᠠᠭᠠᠮ ᠤᠨ ᠬᠡᠷᠡᠭᠰᠡᠯ ᠤᠨ ᠲᠦᠷᠦᠯ ᠵᠦᠢᠯ      ᠪᠡᠯᠴᠢᠷ ᠬᠡᠤᠬᠡᠳ ᠤᠨ ᠨᠠᠰᠤᠠ ᠤ ᠤᠠᠴᠠᠯᠢᠭ ᠢ ᠦᠠᠳᠤᠰᠤᠯᠠᠪᠠᠯ ᠲᠡᠳᠡᠠ ᠤ ᠲᠤᠷ᠎ᠠ ᠪᠠᠬ᠎ᠠ ᠶᠢ ᠬᠠᠮᠤᠭ ᠠᠴᠠ ᠲᠠᠳᠠᠬᠤ ᠬᠦᠴᠤᠠ ᠲᠠᠢ ᠠᠵᠢᠯᠯᠠᠭ᠎ᠠ ᠪᠤᠯ ᠲᠤᠠᠠᠯᠠᠭᠠᠮ ᠲᠤᠠᠠᠯᠠᠬᠤ ᠪᠤᠯᠤᠨ᠎ᠠ᠃ ᠲᠤᠭᠯᠠᠭᠠᠮ ᠨᠢ ᠬᠡᠷ ᠤᠨ ᠭᠠᠳᠠᠨᠠᠬᠢ ᠲᠤᠭᠯᠠᠭᠠᠮ᠂ ᠬᠡᠷ ᠤᠨ ᠲᠤᠳᠤᠨᠠᠬᠢ ᠲᠤᠭᠯᠠᠭᠠᠮ ᠬᠡᠵᠤ ᠬᠤᠶᠠᠷ ᠶᠡᠭᠡ ᠲᠦᠷᠤᠯ ᠲᠤ ᠬᠤᠪᠢᠶ᠋ᠬᠠᠳᠠᠵᠤ᠂ ᠬᠡᠷ ᠤᠨ ᠲᠤᠳᠤᠨᠠᠬᠢ ᠲᠤᠭᠯᠠᠭᠠᠮ ᠤᠨ ᠬᠡᠷᠡᠭᠰᠡᠯ ᠢ ᠶᠡᠭᠡ ᠲᠦᠯᠤᠪ ᠬᠤᠪᠢᠶᠠᠪᠠᠯ᠂ ᠲᠦᠷᠰᠦᠯᠢᠭ ᠲᠤᠭᠯᠠᠭᠠᠮ ᠤᠨ ᠬᠡᠷᠡᠭᠰᠡᠯ — ᠬᠡᠤᠬᠡᠯᠳᠠᠢ᠂ ᠡᠯ᠎ᠠ ᠵᠦᠢᠯ‌‍ᠤᠨ ᠠᠷᠢᠶᠠᠳᠠᠠ᠂ ᠵᠠᠮ ᠬᠠᠷᠢᠯᠴᠠᠭᠠᠠ ᠤ ᠪᠠᠭᠠᠵᠢ ᠵᠡᠷᠬᠡ ᠪᠤᠢ᠃ ᠤᠶᠤᠠ ᠴᠢᠳᠠᠪᠤᠷᠢ ᠶᠢᠨ ᠲᠤᠭᠯᠠᠭᠠᠮ ᠤᠨ ᠬᠡᠷᠡᠭᠰᠡᠯ — ᠵᠢᠷᠤᠭ ᠵᠦᠢᠬᠦ᠂ ᠺᠠᠷᠲ ᠲᠠᠨᠢᠬᠤ᠂ ᠪᠤᠳᠤᠯᠭ᠎ᠠ ᠶᠢᠨ ᠬᠡᠷᠡᠭᠰᠡᠯ᠂ ᠳ᠋ᠦᠢᠴᠠ ᠮᠤᠳᠤ ᠬᠡᠬᠦ ᠮᠡᠳᠤᠴᠢᠯᠡᠠ ᠤᠯᠠᠠ ᠲᠦᠷᠤᠯ ᠵᠦᠢᠯ ᠤᠨ ᠲᠤᠭᠯᠠᠭᠠᠮ ᠤᠨ ᠬᠡᠷᠡᠭᠰᠡᠯ ᠤᠳ ᠪᠠᠶᠢᠳᠠᠭ᠃      ᠡᠬᠦᠠ ᠳᠤ ᠪᠢᠳᠠ ᠭᠤᠤᠯᠴᠢᠯᠠᠠ ᠰᠢᠷᠡᠬᠡᠠ ᠲᠤᠭᠯᠠᠭᠠᠮ᠂ ᠬᠠᠶ᠋ᠬᠠᠳᠠᠮᠠᠯ ᠪᠤᠳᠠᠰ ᠤᠳ ᠢ ᠠᠰᠢᠠᠠᠯᠠᠠ ᠲᠤᠭᠯᠠᠭᠠᠮ ᠤᠨ ᠠᠷᠭᠠᠴᠠᠯᠠᠯ ᠤᠨ ᠨᠤᠮ᠂ ᠭᠠᠷ ᠤᠨ ᠠᠪᠤᠯᠭ᠎ᠠ ᠶᠢᠨ ᠨᠤᠮ ᠢ ᠨᠠᠶᠢᠷᠠᠭᠤᠯᠤᠨ ᠬᠢᠵᠤ ᠲᠤᠷᠰᠢᠨ ᠰᠤᠳᠤᠯᠵᠤ ᠪᠠᠶᠢᠭ᠎ᠠ ᠶᠤᠮ᠃      ᠭᠤᠷᠪᠠ᠂ ︽ᠲᠤᠭᠯᠠᠭᠠᠮ ᠤᠨ ᠲᠤᠮᠳᠠ ᠬᠡᠤᠬᠡᠳ ᠤᠨ ᠬᠦᠭᠵᠢᠯ ᠢ ᠲᠡᠮᠵᠢᠬᠦ︾ ᠰᠤᠳᠤᠯᠭᠠᠨ ᠤ ᠭᠤᠤᠯ ᠠᠷᠭ᠎ᠠ ᠪᠠ ᠦᠷ᠎ᠡ ᠪᠦᠳᠦᠮᠵᠢ      ︽ᠲᠤᠭᠯᠠᠭᠠᠮ ᠤᠨ ᠲᠤᠮᠳᠠ ᠬᠡᠤᠬᠡᠳ ᠤᠨ ᠬᠦᠭᠵᠢᠯ ᠢ ᠲᠡᠮᠵᠢᠬᠦ︾ ᠰᠤᠳᠤᠯᠭᠠᠠ ᠤ ᠰᠡᠳᠤᠪ ᠨᠢ ᠬᠡᠤᠬᠡᠳ᠂ ᠨᠤᠮ᠂ ᠲᠤᠭᠯᠠᠭᠠᠮ ᠭᠤᠷᠪᠠ ᠶᠢ ᠬᠠᠷᠢᠯᠴᠠᠠ ᠤᠶᠠᠯᠳᠤᠭᠤᠯᠬᠤ ᠠᠷᠭ᠎ᠠ ᠪᠠᠷ ᠬᠡᠤᠬᠡᠳ ᠤᠨ ᠤᠢ ᠤᠬᠠᠭᠠᠠ ᠢ ᠪᠦᠬᠦ ᠲᠠᠯ᠎ᠠ ᠪᠠᠷ ᠬᠦᠭᠵᠢᠬᠦᠯᠬᠦ ᠳᠤ ᠨᠢ ᠪᠤᠯᠤᠮᠵᠢ ᠤᠯᠭᠤᠳᠠᠬ᠃      ︵ᠨᠢᠭᠡ︶ 3~4 ᠨᠠᠰᠤᠠ ᠤ ᠬᠡᠤᠬᠡᠳ ᠤᠳ ᠠᠩᠬ᠎ᠠ ᠴᠡᠴᠡᠷᠯᠢᠭ ᠲᠤ ᠤᠷᠤᠵᠤ ᠪᠠᠶᠢᠭ᠎ᠠ ᠪᠤᠯᠬᠤᠷ ᠲᠤᠭᠯᠠᠭᠠᠮ᠂ ᠨᠤᠮ ᠲᠠᠢ ᠬᠠᠷᠢᠴᠠᠬᠤ ᠲᠠᠯ᠎ᠠ ᠪᠠᠷ ᠲᠤᠩ ᠠᠨᠠᠢ ᠪᠠᠶᠢᠵᠤ᠂ ᠲᠤᠭᠯᠠᠭᠠᠮ ᠤᠨ ᠬᠡᠷᠡᠭᠰᠡᠯ ᠢᠶᠠᠨ ᠠᠮᠠᠠ ᠳᠤ ᠪᠠᠨ ᠬᠢᠬᠦ᠂ ᠰᠢᠳᠡᠬᠦ᠂ ᠪᠤᠯᠢᠶᠠᠯᠴᠠᠬᠤ᠂ ᠨᠤᠮ ᠪᠠᠷᠢᠭᠤᠯᠪᠠᠯ ᠨᠤᠮ ᠢ ᠲᠠᠪᠬᠤᠷ ᠲᠠᠪᠬᠤᠷ ᠢᠶᠠᠷ ᠤᠷᠪᠠᠭᠤᠯᠬᠤ ᠪᠤᠶᠤ ᠠᠷᠤ ᠠᠴᠠ ᠨᠢ ᠤᠷᠪᠠᠭᠤᠯᠬᠤ ᠮᠡᠳᠤ ᠶᠢᠨ ᠦᠵᠡᠭᠳᠡᠯ ᠵᠦᠩᠳᠡᠬᠡᠡ ᠤᠷᠤᠰᠢᠳᠠᠭ᠃ ᠡᠭᠦᠨ ᠳᠤ ᠴᠢᠭᠯᠡᠬᠦᠯᠵᠤ᠂ ᠬᠡᠤᠬᠡᠳ ᠤᠳ ᠲᠤ ᠲᠤᠭᠯᠠᠭᠠᠮ ᠨᠤᠮ ᠢ ᠤᠶᠠᠯᠳᠤᠭᠤᠯᠤᠠ ᠲᠤᠭᠯᠠᠬᠤ ᠠᠷᠭ᠎ᠠ ᠠᠪᠴᠠᠯ ᠢ ᠰᠤᠷᠭᠠᠬᠤ ᠶᠢᠨ ᠲᠤᠰᠠᠳᠠ ᠪᠠᠭᠰᠢ ᠠᠴᠠ ᠡᠳᠤᠷ ᠪᠦᠷᠢ ᠬᠤᠶᠠᠷ ᠠᠴᠠ ᠭᠤᠷᠪᠠᠠ ᠬᠡᠤᠬᠡᠳ ᠢ ᠪᠡᠶᠠᠴᠢᠯᠠᠠ ᠵᠢᠯᠤᠭᠤᠳᠴᠤ᠂ ᠲᠤᠰ ᠰᠤᠳᠤᠯᠭᠠᠠ ᠤ ᠪᠠᠨ ᠲᠦᠷᠢᠮᠰᠢᠯ ᠳᠤ ᠠᠩᠬ᠎ᠠ ᠠᠯᠬᠤᠮ ᠬᠡᠪᠰᠢᠬᠦᠯᠵᠤ᠂ ᠬᠤᠶᠠᠷ ᠰᠠᠷ᠎ᠠ ᠶᠢᠨ ᠬᠤᠭᠤᠴᠠᠭᠠᠠ ᠳᠤ ᠬᠡᠤᠬᠡᠳ ᠤᠳ ᠨᠤᠮ ᠢ ᠵᠦᠪ ᠤᠷᠪᠠᠭᠤᠯᠵᠤ ᠴᠢᠳᠠᠬᠤ ᠪᠤᠯᠵᠤ᠂ ᠨᠤᠮ ᠢ ᠨᠢᠭᠤᠷ ᠤᠨ ᠲᠠᠷᠠᠭᠠᠯᠠᠯ ᠤᠨ ᠲᠠᠭᠠᠤ ᠤᠷᠪᠠᠭᠤᠯᠵᠤ ᠦᠵᠡᠬᠦ᠂ ᠨᠤᠮ ᠲᠤᠭᠯᠠᠭᠠᠮ ᠤᠨ ᠬᠠᠷᠢᠴᠠᠭ᠎ᠠ ᠬᠤᠯᠪᠤᠭᠠᠠ ᠳᠤ ᠠᠩᠬ᠎ᠠ ᠠᠯᠬᠤᠮ ᠤᠨ ᠦᠢᠯᠠᠭᠠᠯᠳᠠ ᠲᠠᠢ ᠪᠤᠯᠭᠠᠵᠤ ᠴᠢᠳᠠᠭᠰᠠᠠ ᠠᠴᠠ ᠬᠡᠤᠬᠡᠳ ᠤᠳ ᠤᠨ ᠲᠤᠭᠯᠠᠭᠠᠮ ᠲᠠᠢ ᠬᠠᠷᠢᠴᠠᠬᠤ ᠲᠠᠯ᠎ᠠ ᠨᠢ ᠨᠠᠯᠢᠶᠠᠳ ᠲᠢᠭᠯᠢᠮ ᠲᠠᠢ ᠪᠤᠯᠵᠤ ᠴᠢᠳᠠᠭᠰᠠᠠ ᠪᠠᠶᠢᠨ᠎ᠠ᠃ ᠮᠦᠠ ᠴᠤ ᠲᠤᠰ ᠨᠠᠰᠤᠠ ᠤ ᠬᠡᠤᠬᠡᠳ ᠤᠳ ᠲᠤ ᠲᠦᠷᠰᠤᠯᠡᠬᠦ ᠤᠷᠠᠯᠠᠯ ᠤᠨ ᠲᠠᠯ᠎ᠠ ᠪᠠᠷ ᠳᠠᠷᠠᠭᠠᠬᠢ ᠲᠤᠷᠰᠢᠯᠳᠠ ᠶᠢ ᠬᠢᠪᠡ᠄ ᠨᠠᠶᠢᠳᠠ 28 ᠬᠡᠤᠬᠡᠳ ᠢ ᠠᠳᠠᠯᠢ ᠴᠠᠭ ᠲᠤ ᠬᠤᠶᠠᠷ ᠲᠤᠭᠤᠶᠢᠯᠠᠩ ᠬᠤᠪᠢᠶᠠᠵᠤ᠂ ᠨᠢᠬᠡ ᠲᠤᠭᠤᠶᠢᠯᠠᠩ ᠤᠨ ᠬᠡᠤᠬᠡᠳ ᠤᠳ ᠲᠤ ᠨᠢ ᠪᠠᠭᠰᠢ ᠶᠢᠨ ᠨᠠᠶᠢᠷᠠᠭᠤᠯᠤᠭᠰᠠᠠ ᠨᠤᠮ ᠤᠨ ᠲᠠᠭᠠᠤ ᠠᠮᠢᠳᠠᠠ ᠤ ᠲᠤᠯᠤᠭᠠᠢ ᠶᠢᠨ ᠲᠦᠬᠦᠮ ᠵᠢᠷᠤᠯᠭ᠎ᠠ ᠶᠢ ᠵᠢᠷᠤᠭᠤᠯᠵᠤ᠂ ᠨᠦᠬᠦᠬᠡ ᠪᠦᠯᠦᠭ ᠬᠡᠤᠬᠡᠳ ‍ᠤᠳ‌‍ᠲ᠋ᠤ ᠨᠢ ᠪᠠᠭᠰᠢ ᠠᠴᠠ ᠤᠯᠠᠮᠵᠢᠯᠠᠯᠳᠤ ᠵᠢᠭᠠᠬᠤ ᠠᠷᠭ᠎ᠠ ᠶᠢᠨ ᠲᠠᠭᠠᠤ ᠰᠠᠮᠪᠠᠷᠠᠯᠠᠠ ᠲᠦᠬᠦᠮ ᠵᠢᠷᠤᠯᠭ᠎ᠠ ᠶᠢᠨ ᠲᠠᠷᠠᠭᠠᠯᠠᠯ ᠮᠠᠶ᠋ᠢᠭ ᠢᠶᠠᠷ ᠵᠢᠷᠤᠭᠤᠯᠤᠭᠰᠠᠠ ᠤ ᠳ᠋ᠦᠩ ᠳᠤ᠂ ᠨᠤᠮ ᠤᠨ ᠲᠠᠭᠠᠤ ᠵᠢᠷᠤᠭᠰᠠᠠ ᠬᠡᠤᠬᠡᠳ ᠤᠳ ᠠᠮᠢᠳᠠᠳ ᠤᠨ ᠲᠦᠷᠢ ᠲᠦᠷᠬᠦ ᠶᠢᠨ ᠨᠠᠯᠢᠶᠠᠳ ᠲᠦᠯᠦᠪ ᠢ ᠭᠠᠷᠭᠠᠵᠤ᠂ ᠤᠷᠤᠨ ᠵᠠᠢ ᠶᠢ ᠨᠢ ᠪᠠᠰᠠ ᠨᠡᠯᠢᠶᠠᠳ ᠵᠤᠬᠢᠴᠠᠯ ᠲᠠᠢ ᠵᠢᠷᠤᠭᠰᠠᠠ ᠪᠠᠶᠢᠯ᠎ᠠ᠃ ᠰᠠᠮᠪᠠᠷ᠎ᠠ ᠶᠢᠨ ᠲᠠᠭᠠᠤ ᠵᠢᠷᠤᠭᠰᠠᠠ ᠬᠡᠤᠬᠡᠳ ᠤᠳ ᠤᠨ ᠴᠠᠭᠠᠰᠤᠠ ᠤ ᠤᠷᠤᠠ ᠵᠠᠢ᠂ ᠶᠡᠭᠡ ᠪᠠᠭ᠎ᠠ ᠶᠢᠨ ᠬᠠᠷᠢᠴᠠᠯ ᠵᠡᠷᠬᠡ ᠨᠢ ᠵᠤᠬᠢᠴᠠᠯ ᠦᠬᠡᠢ ᠪᠤᠯᠤᠭᠰᠠᠠ ᠮᠦᠷᠳᠡᠬᠡᠡ ᠠᠮᠢᠳᠠᠠ ᠤ ᠲᠦᠷᠢ ᠲᠦᠷᠬᠦ ᠶᠢ ᠭᠠᠷᠭᠠᠵᠤ ᠴᠢᠳᠠᠭᠰᠠᠠ ᠬᠡᠤᠬᠡᠳ ᠲᠤᠩ ᠴᠦᠬᠡᠠ ᠪᠠᠶᠢᠵᠤ᠂ ᠬᠤᠶᠠᠷ ᠲᠤᠭᠤᠶᠢᠯᠠᠩ ᠤᠨ ᠢᠯᠭᠠᠭ᠎ᠠ ᠵᠦᠷᠢᠶ᠎ᠠ ᠢᠯᠠᠳᠳᠠ ᠲᠤᠳᠤᠷᠬᠠᠢ ᠬᠠᠷᠠᠭᠳᠠᠵᠤ ᠪᠠᠶᠢᠯ᠎ᠠ᠃ ᠬᠡᠤᠬᠡᠳ ᠤᠨ ᠲᠦᠷᠰᠤᠯᠠᠬᠦ ᠤᠷᠠᠯᠠᠯ ᠳᠤ ᠤᠷᠤᠯᠴᠠᠬᠤ ᠨᠢ ᠬᠠᠷᠠᠭᠠᠠ‌‍ᠤ ᠵᠢᠯᠤᠭᠤᠳᠤᠯᠭ᠎ᠠ ᠲᠤᠤᠷ᠎ᠠ ᠭᠠᠷ ᠪᠠ ᠲᠠᠷᠢᠬᠢᠠ ᠤ ᠵᠤᠬᠢᠴᠠᠩᠭᠤᠢ ᠬᠦᠳᠡᠯᠬᠡᠬᠡᠡ ᠢᠶᠠᠷ ᠡᠳ᠋ ᠪᠤᠳᠠᠰ‌ᠢ ᠬᠤᠷᠢᠶᠠᠩᠭᠤᠢ ᠲᠦᠷᠰᠦᠯᠢᠭ ᠢᠶᠠᠷ ᠵᠢᠷᠤᠭᠯᠠᠵᠤ᠂ ᠲᠦᠷᠰᠦᠯᠢᠭ ᠰᠡᠳᠬᠢᠬᠦᠢ ᠶᠢ ᠨᠢ ᠬᠦᠭᠵᠢᠬᠦᠯᠤᠨ ᠠᠵᠢᠭᠯᠠᠬᠤ ᠴᠢᠳᠠᠪᠤᠷᠢ ᠶᠢ ᠨᠢ ᠲᠡᠬᠡᠭᠰᠢᠯᠡᠬᠦᠯᠵᠤ᠂ ᠲᠡᠳᠡᠠ ᠤ ᠪᠤᠳᠠᠰ ᠤᠨ ᠬᠡᠯᠪᠡᠷᠢ ᠲᠦᠷᠰᠤ᠂ ᠪᠦᠳᠤᠴᠠ᠂ ᠬᠠᠷᠢᠴᠠᠯ᠂ ᠦᠩᠬᠡ ᠪᠤᠳᠤᠭ ᠪᠤᠯᠤᠠ ᠤᠠᠠᠳᠠᠷᠭᠤᠢ ᠶᠢᠨ ᠤᠷᠤᠠ ᠵᠠᠢ ᠶᠢᠨ ᠲᠤᠬᠠᠢ ᠲᠠᠨᠢᠯᠳᠠ ᠶᠢ ᠨᠢ ᠲᠡᠬᠡᠭᠰᠢᠯᠡᠬᠦᠯᠵᠤ ᠴᠢᠳᠠᠳᠠᠭ᠃ ᠡᠶᠢᠮᠤ ᠠᠴᠠ ᠨᠤᠮ ᠤᠨ ᠲᠠᠭᠠᠤ ᠲᠦᠷᠰᠤᠯᠡᠬᠦ ᠤᠷᠠᠯᠠᠯ ᠳᠤ ᠤᠷᠤᠯᠴᠠᠭᠤᠯᠬᠤ ᠨᠢ ᠬᠡᠤᠬᠡᠳ ᠤᠨ ᠰᠤᠨᠢᠭᠤᠴᠢ ᠰᠡᠳᠬᠢᠬᠦᠢ ᠳᠤ ᠲᠤᠬᠢᠷᠠᠵᠤ᠂ ᠦᠵᠡᠬᠦᠯᠤᠨ ᠲᠠᠨᠢᠭᠤᠯᠬᠤ ᠴᠢᠨᠠᠷ ᠢᠶᠠᠷ ᠨᠠᠯᠢᠶᠠᠳ ᠴᠢᠩᠭ᠎ᠠ ᠤᠴᠢᠷ ᠠᠴᠠ ᠬᠡᠤᠬᠡᠳ ᠮᠠᠰᠢ ᠠᠮᠠᠷᠬᠠᠨ ᠬᠦᠯᠢᠶᠠᠠ ᠠᠪᠴᠤ᠂ ᠲᠤᠭᠯᠠᠭᠠᠮ ᠤᠨ ᠲᠤᠮᠳᠠ ᠠᠴᠠ ᠰᠤᠷᠬᠤ ᠳᠤ ᠨᠢ ᠰᠠᠭᠤᠷᠢ ᠪᠤᠯᠵᠤ     ᠴᠢᠳᠠᠳᠠᠭ᠃      ︵ᠬᠤᠶᠠᠷ︶ 4~5 ᠨᠠᠰᠤ᠂ 5~6 ᠨᠠᠰᠤᠠ ᠤ ᠬᠡᠤᠬᠡᠳ ᠤᠳ ᠶᠡᠷᠤᠩᠬᠡᠢ ᠳᠤ ᠪᠠᠨ ᠲᠤᠭᠯᠠᠭᠠᠮ ᠨᠤᠮ ᠢᠶᠠᠨ ᠨᠡᠯᠢᠶᠠᠳ ᠰᠠᠶᠢᠠ ᠤᠶᠠᠯᠳᠤᠭᠤᠯᠵᠤ ᠰᠤᠷᠤᠭᠰᠠᠠ ᠪᠠᠶᠢᠵᠤ ᠪᠡᠶ᠎ᠠ ᠳᠤ ᠪᠠᠨ ᠦᠨᠡᠯᠡᠯᠳᠡ ᠬᠢᠭᠦ ᠶᠢ ᠰᠤᠷᠴᠤ᠂ ᠲᠡᠳᠡᠠ ᠤ ᠲᠤᠭᠯᠠᠭᠠᠮ ᠳᠤ ᠤᠷᠤᠯᠴᠠᠬᠤ ᠤᠷᠮᠠᠰᠢᠯ ᠨᠢ ᠬᠦᠭᠵᠢᠵᠦ᠂ ᠢᠳᠡᠪᠬᠢᠵᠢᠯ ᠨᠢ ᠲᠡᠬᠡᠭᠰᠢᠯᠡᠭᠰᠡᠨ ᠪᠠᠶᠢᠳᠠᠭ᠃ ᠵᠢᠱᠢᠶᠠᠯᠠᠪᠠᠯ᠂ ᠬᠡᠤᠬᠡᠳ ᠨᠤᠮ ᠲᠠᠢ ᠲᠤᠭᠯᠠᠭᠠᠮ ᠲᠤᠭᠯᠠᠬᠤ ᠳᠤ ᠪᠠᠨ ᠨᠤᠮ ᠤᠨ ᠨᠢᠭᠤᠷ ᠳ᠋ᠤᠭᠠᠷ ᠢ ᠦᠪᠡᠷ ᠤᠨ ᠦᠨᠡᠯᠡᠬᠡᠡ ᠤ ᠬᠠᠭᠤᠳᠠᠰᠤ ᠲᠠᠢ‌‍ᠪᠠᠨ ᠬᠠᠷᠠᠭᠠᠯᠵᠠᠭᠤᠯᠵᠤ᠂ ᠬᠡᠳᠤᠳᠤᠬᠡᠷ ᠨᠢᠭᠤᠷ ᠤᠨ ᠲᠤᠭᠯᠠᠬᠤ ᠠᠷᠭ᠎ᠠ ᠶᠢ ᠪᠡᠶᠠᠯᠠᠬᠦᠯᠵᠤ ᠴᠢᠳᠠᠭᠰᠠᠠ ᠪᠤᠯ ᠲᠡᠷᠠ ᠳ᠋ᠤᠭᠠᠷ ᠤᠨ ᠵᠢᠷᠤᠭ ᠲᠦᠷᠰᠤ ᠳᠤ ᠪᠤᠳᠤᠭ ᠤᠷᠤᠭᠤᠯᠬᠤ ᠪᠤᠶᠤ ᠲᠡᠮᠳᠡᠭ ᠲᠠᠯᠪᠢᠵᠤ ᠦᠭᠳᠡᠭ ᠪᠠᠶᠢᠨ᠎ᠠ᠃ ᠡᠨ᠋ᠨ ᠨᠢ ᠬᠡᠤᠬᠡᠳ ᠤᠨ ᠲᠤᠭᠯᠠᠭᠠᠮ ᠢᠶᠠᠨ ᠦᠷᠬᠦᠯᠵᠢᠯᠠᠠ ᠲᠤᠭᠯᠠᠬᠤ ᠤᠷᠮᠠᠰᠢᠯ ᠢ ᠨᠢ ᠬᠦᠭᠵᠢᠬᠡᠵᠤ᠂ ᠬᠡᠤᠬᠡᠳ ᠪᠦᠷᠢ ᠦᠪᠡᠷ ᠦᠪᠡᠷ ᠤᠨ ᠤᠷᠤᠯᠳᠤᠯᠭ᠎ᠠ ᠲᠠᠢ ᠪᠤᠯᠤᠭᠰᠠᠠ ᠲᠤᠯᠠ ᠠᠩᠬᠠᠷᠤᠯ ᠨᠢ ᠮᠠᠰᠢ ᠲᠦᠪᠯᠡᠷᠡᠩᠬᠦᠢ ᠪᠠᠷ ᠲᠤᠠᠠᠯᠠᠭᠠᠮ ᠳᠤ ᠪᠠᠨ ᠲᠦᠪᠯᠠᠷᠠᠵᠦ ᠴᠢᠳᠠᠳᠠᠭ᠃      ︵ᠭᠤᠷᠪᠠ︶ ᠰᠤᠳᠤᠯᠭᠠᠠ ᠤ ᠪᠠᠭᠰᠢ ᠨᠠᠷ ᠤᠨ ᠬᠤᠪᠢ ᠳᠤ᠂ ᠤᠳᠤ ᠪᠤᠯᠳᠠᠯ᠎ᠠ ᠡᠯ᠎ᠠ ᠲᠦᠷᠤᠯ ᠤᠨ ᠲᠤᠭᠯᠠᠭᠠᠮ ᠤᠨ ᠠᠷᠭᠠᠴᠠᠯᠠᠯ ᠤᠨ ᠨᠤᠮ ᠢ ᠮᠢᠩᠭᠠᠭᠠᠳ ᠲᠡᠪᠳᠡᠷ ᠨᠠᠶᠢᠷᠠᠭᠤᠯᠵᠤ᠂ ᠬᠡᠤᠬᠡᠳ ᠤᠨ ᠪᠦᠬᠦ ᠲᠠᠯ᠎ᠠ ᠶᠢᠨ ᠬᠦᠭᠵᠢᠯᠳᠠ ᠶᠢ ᠠᠬᠢᠭᠤᠯᠬᠤ ᠲᠤᠭᠯᠠᠭᠠᠮ ᠳᠤ ᠵᠤᠷᠢᠭᠤᠯᠤᠠ ᠠᠰᠢᠭᠯᠠᠵᠤ ᠪᠤᠢ᠃ ᠡᠨᠡ ᠬᠦ ᠲᠤᠭᠯᠠᠭᠠᠮ ᠤᠨ ᠬᠡᠷᠡᠭᠰᠡᠯ᠂ ᠨᠤᠮ᠂ ᠬᠡᠤᠬᠡᠳ ᠭᠤᠷᠪᠠ ᠶᠢᠨ ᠤᠶᠠᠯᠳᠤᠯ ᠨᠢ ᠬᠡᠤᠬᠡᠳ ᠤᠨ ᠲᠤᠭᠯᠠᠭᠠᠮ ᠳᠤ ᠤᠷᠤᠯᠴᠠᠬᠤ ᠲᠤᠷ᠎ᠠ ᠪᠠᠬ᠎ᠠ ᠤᠷᠮᠰᠢᠯ ᠢ ᠨᠢ ᠬᠦᠭᠵᠢᠬᠡᠵᠤ᠂ ᠲᠤᠭᠯᠠᠭᠠᠮ ᠢᠶᠠᠨ ᠦᠷ᠎ᠠ ᠳ᠋ᠦᠩ ᠲᠠᠢ ᠪᠦᠳᠤᠬᠡᠯᠴᠢ ᠪᠠᠷ ᠲᠤᠭᠯᠠᠵᠤ ᠰᠤᠷᠬᠤ ᠳᠤ ᠨᠢ ᠰᠠᠭᠤᠷᠢ ᠨᠢ ᠪᠤᠯᠵᠤ᠂ ᠦᠩᠬᠡᠷᠡᠭᠰᠡᠡ ᠤ ᠴᠠᠭ ᠨᠦᠭᠴᠢᠬᠡᠬᠦ ᠬᠡᠯᠪᠡᠷᠢ ᠶᠢᠨ ︽ᠬᠠᠭᠤᠷᠮᠠᠭ ᠲᠤᠭᠯᠠᠬᠤ︾᠂ ᠶᠠᠮᠠᠷ ᠴᠦ ᠵᠤᠷᠢᠯᠭ᠎ᠠ ᠦᠬᠡᠢ ᠤᠭᠰᠠᠷᠠᠵᠤ ᠵᠠᠯᠭᠠᠵᠤ ᠰᠠᠭᠤᠬᠤ ᠲᠤᠭᠯᠠᠭᠠᠮ ᠠᠴᠠ ᠪᠦᠷᠢᠮᠤᠰᠣᠠ ᠠᠩᠬᠢᠵᠢᠷᠠᠵᠤ ᠴᠢᠳᠠᠵᠠᠢ᠃ ᠡᠬᠦᠠ ᠳᠤ ᠪᠠᠭᠰᠢ ᠨᠠᠷ ᠲᠤᠭᠯᠠᠭᠠᠮ ᠤᠨ ᠠᠷᠭᠠᠴᠠᠯᠠᠯ ᠤᠨ ᠲᠠᠭᠠᠤ ᠨᠤᠮ ᠤᠨ ᠢᠶᠠᠨ ᠠᠭᠤᠯᠭ᠎ᠠ ᠶᠢ ᠬᠡᠤᠬᠡᠳ ᠤᠨ ᠢᠶᠠᠨ ᠲᠦᠪᠰᠢᠠ᠂ ᠵᠢᠭᠠᠠ ᠰᠤᠷᠭᠠᠯᠳᠠ ᠶᠢᠨ ᠲᠠᠪᠤᠠ ᠬᠦᠷᠢᠶᠠᠯᠠᠯ ᠳᠤ ᠵᠤᠬᠢᠴᠠᠭᠤᠯᠤᠨ ᠦᠷᠬᠦᠯᠵᠢᠯᠠᠨ ᠰᠢᠨᠠᠳᠬᠡᠡ ᠪᠠᠶᠠᠯᠢᠬᠵᠢᠭᠤᠯᠳ᠂ ᠬᠡᠤᠬᠡᠳ ᠤᠨ ᠤᠷᠮ᠎ᠠ ᠪᠠᠬ᠎ᠠ᠂ ᠬᠦᠭᠵᠢᠯᠳᠠ ᠳᠤ ᠲᠤᠰᠠᠯᠬᠠᠰᠠᠠ ᠨᠤᠮ ᠢ ᠵᠤᠬᠢᠶᠠᠨ ᠨᠠᠶᠢᠷᠠᠭᠤᠯᠤᠭᠰᠠᠭᠠᠷ ᠶᠤᠮ᠃      ︵ᠲᠦᠷᠪᠡ︶ ᠰᠤᠳᠤᠯᠭᠠᠨ ᠤ ᠰᠡᠳᠦᠪ ᠨᠢ ᠭᠡᠤᠭᠡᠳ ᠤᠨ ᠬᠠᠮᠤᠭ ᠤᠨ ᠲᠦᠬᠦᠮ ᠠᠪᠰᠠᠷᠬᠠᠠ ᠢᠶᠠᠷ ᠵᠢᠯᠤᠭᠤᠳᠤᠮᠵᠢ ᠪᠤᠯᠤᠭᠰᠠᠠ ᠲᠤᠭᠯᠠᠭᠠᠮ᠂ ᠨᠤᠮ ᠨᠢ ᠬᠡᠤᠬᠡᠳ ᠲᠤ ᠴᠢᠯᠤᠬᠡ ᠲᠠᠢ ᠲᠤᠭᠯᠠᠬᠤ᠂ ᠦᠢᠯᠠ  ᠬᠦᠢᠴᠡᠳᠬᠡᠬᠦ᠂ ᠰᠤᠷᠴᠤ ᠬᠦᠭᠵᠢᠬᠦ ᠪᠠ ᠪᠠᠶᠠᠯᠢᠭ ᠤᠷᠴᠢᠠ ᠢ ᠪᠦᠷᠢᠯᠳᠤᠬᠦᠯᠵᠤ᠂ ᠪᠦᠬᠦ ᠲᠠᠯ᠎ᠠ ᠶᠢᠨ ᠴᠢᠳᠠᠮᠵᠢ ᠶᠢ ᠬᠦᠭᠵᠢᠬᠦᠯᠦᠭᠰᠡᠡ ᠠᠴᠠ ᠶᠠᠭᠤᠠ ᠤ ᠡᠮᠤᠨ᠎ᠠ ᠬᠡᠤᠬᠡᠳ ᠲᠢᠭ ᠵᠢᠷᠤᠮ ᠰᠤᠷᠴᠣ᠂ ᠡᠬᠢᠯᠡᠭᠰᠡᠡ ᠢᠶᠠᠨ ᠲᠠᠭᠤᠰᠬᠠᠬᠤ ᠪᠠᠷ ᠮᠡᠷᠡᠶᠢᠳᠡᠭ ᠲᠡᠰᠪᠤᠷᠢ ᠲᠡᠪᠴᠢᠶᠡᠷᠢ ᠲᠠᠢ ᠪᠤᠯᠤᠠ ᠬᠦᠮᠤᠵᠢᠭ᠍ᠳᠡᠬᠦ ᠳᠤ ᠰᠠᠭᠤᠷᠢ ᠪᠤᠯᠤᠭᠰᠠᠠ ᠮᠦᠷᠳᠡᠬᠡᠨ ᠬᠡᠤᠬᠡᠳ ᠲᠤᠭᠯᠠᠭᠠᠮ ᠢᠶᠠᠨ ᠦᠪᠡᠷ ᠤᠨ ᠲᠤᠷ᠎ᠠ ᠰᠤᠨᠢᠷᠬᠠᠯ ᠢᠶᠠᠷ ᠢᠶᠠᠨ ᠴᠢᠯᠤᠬᠡ ᠲᠠᠢ ᠰᠤᠩᠭᠤᠠ ᠲᠤᠭᠯᠠᠵᠤ᠂ ᠲᠤᠭᠯᠠᠭᠠᠮ ᠤᠨ ᠲᠠᠭᠠᠤ ᠪᠡᠶ᠎ᠠ ᠳᠤ ᠪᠠᠨ ᠦᠨᠠᠯᠡᠭᠡ ᠬᠢᠵᠤ ᠦᠪᠡᠷ ᠤᠨ ᠬᠢᠭᠰᠡᠡ ᠪᠦᠳᠤᠬᠡᠯ ᠢᠶᠠᠷ ᠢᠶᠠᠨ ᠪᠠᠶᠠᠷ ᠪᠠᠭ᠋ᠠᠳᠤᠯ ᠭᠦᠷᠳᠡᠵᠦ᠂ ᠬᠡᠤᠬᠡᠳ ᠤᠨ ᠪᠡᠶ᠎ᠠ ᠰᠡᠳᠬᠢᠴᠡ ᠶᠢ ᠰᠠᠶᠢᠠ ᠢᠶᠠᠷ ᠨᠦᠯᠦᠬᠡᠯᠡᠵᠤ ᠪᠠᠶᠢᠳᠠᠭ ᠠᠴᠠ ᠬᠡᠤᠬᠡᠳ ᠲᠤᠭᠯᠠᠭᠠᠮ ᠤᠨ ᠬᠡᠷᠡᠭᠰᠡᠯ᠂ ᠬᠠᠶᠠᠭᠳᠠᠮᠠᠯ᠂ ᠪᠤᠰᠤᠤᠨ ᠡᠳ᠋ ᠶᠠᠭᠤᠮᠠᠰ ᠢ ᠠᠰᠢᠭᠯᠠᠠ ᠪᠦᠳᠤᠬᠡᠯᠴᠢ ᠪᠠᠷ ᠵᠤᠬᠢᠶᠠᠨ ᠪᠦᠳᠤᠬᠡᠬᠦ ᠴᠢᠳᠠᠪᠤᠷᠢ ᠶᠢ ᠨᠢ ᠨᠡᠮᠡᠭᠳᠡᠬᠦᠯᠵᠠᠢ᠃      ︽ᠲᠤᠭᠯᠠᠭᠠᠮ ᠤᠨ ᠲᠤᠮᠳᠠ ᠬᠡᠤᠬᠡᠳ ᠤᠨ ᠬᠦᠭᠵᠢᠯ ᠢ ᠲᠡᠮᠵᠢᠬᠦ︾ ᠰᠤᠳᠤᠯᠭᠠᠠ ᠳᠤ ᠲᠤᠭᠯᠠᠭᠠᠮ ᠤᠨ ᠠᠷᠭᠠᠴᠠᠯᠠᠯ ᠤᠨ ᠲᠠᠭᠠᠤ ᠨᠠᠶᠢᠷᠠᠭᠤᠯᠤᠭᠰᠠᠠ ᠨᠤᠮ ᠨᠢ ᠪᠠᠭᠰᠢ ᠶᠢ ᠦᠨᠳᠤᠰᠤᠨ ᠳᠤ ᠪᠠᠨ ᠤᠷᠤᠯᠠᠵᠤ᠂ ᠪᠠᠭᠰᠢ ᠠᠴᠠ ᠬᠡᠤᠬᠡᠳ ᠤᠨ ᠲᠤᠭᠯᠠᠭᠠᠮ ᠤᠨ ᠶᠠᠪᠤᠴᠠ ᠳᠤ ᠬᠢ ᠬᠠᠮᠢᠶ᠎ᠠ ᠪᠦᠬᠦᠢ ᠢᠯᠡᠷᠡᠯ ᠲᠠᠷᠤᠢ ᠠᠮᠢᠳᠤᠷᠠᠯ ᠤᠨ ᠲᠠᠳᠬᠠᠯ᠂ ᠰᠡᠳᠬᠢᠬᠦᠢ ᠶᠢᠨ ᠤᠠᠴᠠᠯᠢᠭ᠂ ᠤᠠᠴᠠᠭᠠᠢ ᠲᠤᠷ᠎ᠠ ᠪᠠᠬ᠎ᠠ᠂ ᠵᠠᠩ ᠠᠪᠤᠷᠢ ᠵᠡᠷᠬᠡ ᠶᠢ ᠨᠠᠷᠢᠠ ᠨᠢᠠᠠᠳᠠ ᠠᠵᠢᠭᠯᠠᠵᠤ᠂ ᠦᠨᠠᠠ ᠪᠤᠳᠠᠳᠠᠢ ᠪᠠᠷ ᠠᠵᠢᠠᠠᠯᠠᠯᠳᠠ ᠶᠢᠨ ᠲᠡᠮᠳᠡᠭᠯᠡᠯ ᠬᠢᠵᠤ᠂ ᠬᠡᠤᠬᠡᠳ ᠨᠢᠬᠡᠪᠤᠷᠢ ᠶᠢᠨ ᠢᠶᠠᠨ ᠬᠦᠭᠵᠢᠯᠳᠠ ᠶᠢᠨ ᠲᠦᠪᠰᠢᠠ ᠢ ᠤᠶᠢᠯᠠᠭᠠᠵᠤ᠂ ᠡᠬᠦᠠ ᠤ ᠤᠯᠠᠮ ᠠᠴᠠ ᠬᠡᠤᠬᠡᠳ ᠤᠨ ᠢᠶᠠᠨ ᠬᠦᠭᠵᠢᠯᠳᠠ᠂ ᠲᠦᠪᠰᠢᠠ ᠳᠤ ᠨᠢ ᠲᠤᠬᠢᠷᠠᠭᠰᠠᠠ ᠲᠤᠭᠯᠠᠭᠠᠮ ᠤᠨ ᠠᠷᠭᠠᠴᠠᠯᠠᠯ ᠤᠨ ᠨᠤᠮ ᠢ ᠦᠷᠬᠦᠯᠵᠢᠯᠠᠠ ᠨᠠᠶᠢᠷᠠᠭᠤᠯᠬᠤ ᠳᠤ ᠨᠢ ᠰᠠᠭᠤᠷᠢ ᠪᠤᠯᠳᠠᠭ ᠮᠦᠷᠳᠡᠬᠡᠠ ᠪᠠᠭᠰᠢ ᠶᠢᠨ ᠬᠤᠪᠢ ᠳᠤ ᠰᠤᠷᠭᠠᠠ ᠬᠦᠮᠤᠵᠢᠬᠦᠯᠬᠦ ᠠᠷᠭ᠎ᠠ ᠠᠪᠴᠠᠯ ᠢᠶᠠᠨ ᠲᠠᠰᠤᠷᠠᠯᠳᠠ ᠦᠬᠡᠢ ᠦᠬᠡᠷᠡᠴᠢᠯᠠᠠ ᠰᠢᠨᠠᠳᠬᠡᠳᠡᠭ ᠪᠤᠯᠬᠤᠷ ᠬᠡᠤᠬᠡᠳ ᠤᠨ ᠪᠦᠬᠦ ᠲᠠᠯ᠎ᠠ ᠶᠢᠨ ᠬᠦᠭᠵᠢᠯᠳᠠ ᠶᠢ ᠨᠡᠩ ᠰᠠᠶᠢᠠ ᠠᠬᠢᠭᠤᠯᠬᠤ ᠳᠤ ᠮᠠᠰᠢ ᠰᠠᠶᠢᠠ ᠲᠤᠬᠢᠷᠠᠮᠵᠢᠳᠠᠢ ᠠᠷᠭ᠎ᠠ ᠭᠡᠵᠦ ᠪᠢᠳᠠ ᠦᠵᠡᠵᠦ ᠪᠠᠶᠢᠨ᠎ᠠ᠃      ᠡᠶᠢᠮᠤ ᠠᠴᠠ ᠪᠢᠳᠠ ᠡᠨᠡ ᠬᠦ ᠬᠡᠤᠬᠡᠳ ᠨᠤᠮ ᠲᠤᠠᠠᠯᠠᠭᠠᠮ ᠭᠤᠷᠪᠠ ᠶᠢᠨ ᠤᠶᠠᠯᠳᠤᠯ ᠪᠤᠯᠤᠭᠰᠠᠠ ︽ᠲᠤᠭᠯᠠᠭᠠᠮ ᠤᠨ ᠲᠤᠮᠳᠠ ᠬᠡᠤᠬᠡᠳ ᠤᠨ ᠬᠦᠭᠵᠢᠯ ᠢ ᠲᠡᠮᠵᠢᠬᠦ︾ ᠰᠤᠳᠤᠯᠭᠠᠠ ᠢᠶᠠᠨ ᠤᠯᠠᠮ ᠨᠢᠬᠡ ᠠᠯᠬᠤᠮ ᠲᠤᠭᠤᠰᠢᠳᠠᠢ ᠶᠠᠪᠤᠭᠳᠠᠭᠤᠯᠬᠤ ᠶᠢᠨ ᠲᠤᠰᠠᠳᠠ ︽ᠴᠡᠴᠡᠷᠯᠢᠭ ᠤᠨ ᠰᠤᠷᠭᠠᠠ ᠬᠦᠮᠤᠵᠢᠯ ᠤᠨ ᠵᠢᠯᠤᠭᠤᠳᠬᠤ ᠬᠦᠳᠤᠯᠪᠤᠷᠢ︾ ᠶᠢᠨ ᠵᠤᠷᠢᠭ ᠰᠠᠨᠠᠭ᠎ᠠ ᠪᠠᠷ ᠵᠢᠯᠤᠭᠤᠳᠤᠯᠭ᠎ᠠ ᠪᠤᠯᠭᠠᠵᠤ᠂ ︽3~6 ᠨᠠᠰᠤᠠ ᠤ ᠬᠡᠤᠬᠡᠳ ᠤᠨ ᠰᠤᠷᠤᠯᠴᠠᠯᠭ᠎ᠠ ᠪᠡ ᠬᠦᠭᠵᠢᠯᠳᠠ ᠶᠢᠨ ᠵᠦᠭᠯᠡᠬᠦᠷ︾ ᠢᠶᠠᠷ ᠬᠠᠪᠰᠤᠷᠤᠯᠭ᠎ᠠ ᠪᠤᠯᠭᠠᠠ ᠴᠡᠴᠡᠷᠯᠢᠭ ᠤᠨ ᠵᠢᠭᠠᠠ ᠰᠤᠷᠭᠠᠯᠳᠠ ᠶᠢᠨ ᠶᠠᠰᠤ ᠴᠢᠨᠠᠷ ᠢ ᠲᠡᠬᠡᠭᠰᠢᠯᠡᠬᠦᠯᠬᠦ ᠪᠠᠷ ᠭᠤᠤᠯᠳᠠᠯᠭ᠎ᠠ ᠪᠠᠨ ᠪᠤᠯᠭᠠᠨ᠂ ︽ᠲᠤᠭᠯᠠᠭᠠᠮ ᠢᠶᠠᠷ ᠦᠠᠳᠤᠰᠤᠠ ᠬᠦᠳᠡᠯᠬᠡᠬᠡᠠ︾ ᠪᠤᠯᠭᠠᠬᠤ ᠵᠠᠷᠴᠢᠮ ᠢ ᠪᠠᠷᠢᠮᠳᠠᠯᠠᠵᠤ᠂ ᠲᠤᠭᠯᠠᠭᠠᠮ ᠤᠨ ᠷᠢᠳᠢ ᠰᠢᠳᠢ ᠶᠢ ᠠᠰᠢᠭᠯᠠᠠ ᠲᠤᠷᠰᠢᠵᠤ᠂ ᠰᠢᠠᠵᠢᠯᠡᠬᠦ ᠤᠬᠠᠭᠠᠨᠴᠢ ᠰᠢᠨ᠎ᠠ ᠰᠡᠪᠡᠬᠦᠠ ᠵᠢᠭᠠᠠ ᠰᠤᠷᠭᠠᠯᠳᠠ ᠶᠢᠨ ᠠᠷᠭ᠎ᠠ ᠠᠪᠴᠠᠯ ᠢᠶᠠᠷ ᠬᠡᠤᠬᠡᠳ ᠨᠢᠬᠡᠪᠤᠷᠢ ᠶᠢᠨ ᠪᠦᠬᠦ ᠲᠠᠯ᠎ᠠ ᠶᠢᠨ ᠦᠠᠳᠤᠰᠤᠠ ᠬᠦᠭᠵᠢᠯᠳᠠ ᠶᠢ ᠠᠬᠢᠭᠤᠯᠬᠤ ᠪᠠᠷ ᠴᠢᠷᠮᠠᠶᠢᠵᠤ᠂ ᠬᠡᠤᠬᠡᠳ ᠢ ᠲᠤᠭᠯᠠᠭᠠᠮ ᠤᠨ ᠲᠤᠮᠳᠠ ᠠᠴᠠ ᠤᠯᠤᠭᠰᠠᠠ ᠪᠠᠶᠠᠷ ᠪᠠᠶᠠᠰᠤᠯ᠂ ᠦᠷ᠎ᠠ ᠪᠦᠳᠤᠬᠡᠯ ᠢᠶᠠᠨ ᠪᠤᠰᠤᠤᠨ ᠲᠠᠢ ᠬᠤᠪᠢᠶᠠᠯᠴᠠᠬᠤ᠂ ᠦᠪᠡᠷ ᠤᠨ ᠬᠢᠵᠤ ᠪᠦᠳᠤᠬᠡᠭᠰᠡᠡ ᠵᠦᠢᠯ ᠢᠶᠠᠨ ᠳ᠋ᠦᠩᠨᠠᠠ ᠶᠠᠷᠢᠯᠴᠠᠯᠭ᠎ᠠ ᠦᠷᠨᠢᠬᠦᠯᠬᠦ ᠪᠠᠷ ᠲᠠᠮᠵᠢᠠ ᠬᠡᠯᠠ ᠶᠠᠷᠢᠶᠠᠠ ᠤ ᠢᠯᠡᠳᠬᠡᠬᠦ ᠴᠢᠳᠠᠪᠤᠷᠢ᠂ ᠬᠠᠮᠳᠤ ᠪᠠᠷ ᠮᠡᠳᠡᠯᠬᠡ ᠤᠯᠬᠤ᠂ ᠵᠤᠬᠢᠶᠠᠨ ᠪᠦᠳᠦᠬᠡᠬᠦ ᠤᠷᠮ᠎ᠠ ᠪᠠᠬ᠎ᠠ ᠲᠠᠢ ᠪᠤᠯᠭᠠᠵᠤ᠂ ᠪᠠᠭᠰᠢ ᠶᠢᠨ ᠲᠤᠭᠯᠠᠭᠠᠮ ᠤᠨ ᠠᠷᠭᠠᠴᠠᠯᠠᠯ ᠤᠨ ᠲᠠᠭᠠᠤ ᠨᠠᠶᠢᠷᠠᠭᠤᠯᠵᠤ ᠪᠠᠶᠢᠭ᠎ᠠ ᠭᠠᠷ ᠤᠨ ᠠᠪᠤᠯᠭ᠎ᠠ ᠶᠢᠨ ᠨᠤᠮ ᠢᠶᠠᠨ ᠨᠡᠩ ᠴᠢᠨᠠᠷᠵᠢᠭᠤᠯᠬᠤ ᠪᠠᠷ ᠴᠢᠷᠮᠠᠶᠢᠵᠤ ᠪᠤᠢ᠃             ᠬᠠᠶ᠋ᠢᠬ᠄ ᠡᠷᠢᠶᠡᠨ ᠬᠤᠳᠠ ᠶᠢᠨ ᠦᠨᠳᠦᠰᠦᠳᠡᠨ ᠤ ᠬᠡᠤᠭᠡᠳ ᠤᠨ ᠴᠡᠴᠡᠷᠯᠢᠭ                                 ︵ᠴ᠊ · ᠲᠤᠭᠳᠠᠭᠤᠨ ᠨᠠᠶᠢᠷᠠᠭᠤᠯᠪᠠ︶                                   8 ᠳ᠋ᠤᠭᠠᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map