ᠮᠣᠩᠭᠤᠯ ᠠᠷᠠᠳ ᠤᠨ ᠣᠯᠠᠮᠵᠢᠯᠠᠯᠳᠥ ᠨᠠᠭᠠᠳᠥᠮ ︽ᠴᠠᠭᠠᠨ ᠬᠤᠷᠠᠭᠠᠨ ᠰᠡᠭᠦᠯ ᠪᠠᠷᠢᠬᠤ︾ ᠲᠣᠭᠯᠠᠭᠠᠮ ᠠᠴᠠ ᠰᠡᠳᠣᠪᠯᠡᠭᠦ ᠨᠢ
ᠨᠡᠶᠢᠲᠡᠯᠡᠭᠰᠡᠨ ᠴᠠᠭ᠄
2020/4/8
                                                ᠰᠡᠴᠠᠨ      ᠮᠣᠩᠭᠤᠯ ᠠᠷᠠᠳ ᠤᠨ ᠨᠠᠭᠠᠳᠥᠮ ᠪᠣᠯ ᠮᠤᠩᠭᠤᠯ ᠦᠨᠳᠦᠰᠦᠳᠠᠨ ᠤ ᠦᠨᠢ ᠣᠳᠠᠭᠠᠨ ᠨᠡᠭᠦᠳᠠᠯ ᠠᠮᠢᠳᠣᠷᠠᠯ ᠤᠨ ᠲᠣᠮᠳᠠ ᠪᠠᠨ ᠡᠭᠦᠳᠦᠨ ᠪᠦᠳᠦᠭᠡᠭᠰᠠᠨ ᠦᠪᠠᠷᠮᠢᠴᠨ ᠣᠨᠴᠠᠯᠢᠭ ᠪᠦᠭᠦᠢ ᠵᠤᠭ᠎ᠠ ᠴᠡᠩᠭᠡᠯ ᠤᠨ ᠨᠢᠭᠡᠨ ᠭᠡᠯᠪᠠᠷᠢ ᠪᠣᠯᠬᠤ ᠶᠤᠮ᠃ ᠮᠣᠩᠭᠤᠯᠴᠣᠳ ᠨᠡᠭᠦᠳᠡᠯᠯᠡᠨ ᠮᠠᠯᠵᠢᠬᠤ ᠦᠢᠯᠡᠳᠪᠤᠷᠢᠯᠡᠯ ᠠᠮᠢᠳᠤᠷᠠᠯ ᠤᠨ ᠶᠠᠪᠤᠴᠠ ᠳᠤ ᠪᠠᠨ ᠠᠵᠢᠯ ᠤᠨ ᠴᠢᠯᠦᠭᠡ ᠪᠣᠶᠣ ᠦᠢᠯᠠᠳᠪᠣᠷᠢᠯᠠᠯ ᠤᠨ ᠰᠡᠯᠡᠭᠦᠦ ᠶᠢ ᠠᠰᠢᠭᠯᠠᠵᠥ ᠣᠯᠠᠨ ᠲᠦᠷᠦᠯ ᠤᠨ ᠨᠠᠭᠠᠳᠥᠮ ᠲᠣᠭᠯᠠᠭᠠᠮ ᠢ ᠵᠣᠭᠢᠶᠠᠨ ᠪᠦᠳᠦᠭᠡᠵᠥ᠂ ᠨᠠᠭᠠᠳᠣᠮ ᠲᠣᠭᠯᠠᠭᠠᠮ ᠢᠶᠠᠷ ᠲᠠᠮᠵᠢᠭᠤᠯᠤᠨ ᠭᠡᠥᠭᠡᠳ ᠤᠨ ᠣᠶᠣᠨ ᠣᠬᠠᠭᠠᠨ ᠢ ᠨᠡᠭᠡᠭᠡᠭᠳᠡᠬᠦᠯᠤᠨ᠂ ᠰᠡᠳᠭᠢᠯ ᠰᠠᠨᠠᠭ᠎ᠠ ᠶᠢ ᠨᠢ ᠠᠭᠤᠳᠠᠮ ᠪᠠᠭᠳᠠᠭᠠᠮᠵᠢ ᠲᠠᠢ ᠪᠤᠯᠭᠠᠬᠤ ᠶᠢ ᠵᠤᠷᠢᠳᠠᠬ᠃ ᠲᠤᠤᠷ᠎ᠠ ᠶᠠᠷᠢᠬᠤ ᠭᠡᠵᠦ ᠪᠠᠶᠢᠭ᠎ᠠ ︽ᠴᠠᠭᠠᠨ ᠬᠤᠷᠠᠭᠠᠨ ᠰᠡᠭᠦᠯ ᠪᠠᠷᠢᠬᠤ︾ ᠲᠤᠭᠯᠠᠭᠠᠮ ᠪᠤᠯ ᠲᠡᠭᠦᠨ ᠤ ᠲᠤᠳᠤᠷᠠᠬᠢ ᠨᠠᠶᠢᠳᠡᠯᠢᠭ ᠴᠢᠨᠠᠷ ᠲᠠᠢ ᠨᠠᠭᠠᠳᠤᠮ ᠤᠨ ᠨᠢᠭᠡ ᠪᠤᠯᠬᠤ ᠶᠤᠮ᠃      ᠨᠢᠭᠡ᠂ ︽ᠴᠠᠭᠠᠨ ᠬᠤᠷᠠᠭᠠᠨ ᠰᠡᠭᠦᠯ ᠪᠠᠷᠢᠬᠤ︾ ᠲᠣᠭᠯᠠᠭᠠᠮ ᠤᠨ ᠢᠷᠠᠯᠳᠠ      ︽ᠴᠠᠭᠠᠨ ᠬᠤᠷᠠᠭᠠᠨ ᠰᠡᠭᠦᠯ ᠪᠠᠷᠢᠬᠤ ᠲᠣᠭᠯᠠᠭᠠᠮ︾ ᠭᠦᠳᠡᠯᠦᠯ ᠨᠢ ᠲᠦᠭᠦᠮ᠂ ᠨᠠᠭᠠᠳᠬᠤ‌‍ᠳᠤ ᠠᠮᠠᠷᠬᠠᠨ᠂ ᠶᠠᠮᠠᠷᠴᠦ ᠨᠠᠭᠠᠳᠥᠮ ᠤᠨ ᠪᠠᠭᠠᠵᠢ ᠶᠢ ᠭᠡᠷᠡᠭᠯᠡᠯ ᠦᠭᠡᠢ᠂ ᠬᠠᠮᠢᠭ᠎ᠠ ᠣᠴᠢᠭᠰᠠᠨ ᠴᠦ ᠪᠦᠷ ᠨᠠᠭᠠᠳᠴᠦ ᠪᠤᠯᠬᠤ ᠡᠩ ᠤᠨ ᠨᠢᠭᠡᠨ ᠨᠠᠭᠠᠳᠦᠮ ᠪᠣᠯᠬᠤ ᠶᠤᠮ᠃ ᠡᠨᠡ ᠭᠦ ᠨᠠᠭᠠᠳᠤᠮ ᠨᠢ ᠪᠠᠰᠠ ᠨᠢᠭᠡᠨ ᠰᠤᠨᠢᠷᠬᠠᠯ ᠲᠠᠢ ᠲᠤᠮᠤᠬ ᠦᠯᠢᠭᠡᠷ ᠠᠴᠠ ᠢᠷᠡᠯᠳᠠ ᠲᠠᠢ᠃      ᠡᠷᠳᠡ ᠣᠷᠢᠳᠥ ᠶᠢᠨ ᠴᠠᠭ ᠲᠤ ᠴᠢᠨ᠋ᠸ᠎ᠠ ᠢᠳᠡᠰᠢ ᠡᠷᠢᠨ ᠶᠠᠪᠣᠵᠥ ᠪᠠᠶᠢᠳᠠᠯ᠎ᠠ ᠬᠠᠷ᠎ᠠ ᠬᠠᠯᠵᠠᠨ ᠬᠤᠨᠢᠨ ᠤ ᠲᠦᠷᠦᠭᠦᠦ ᠲᠠᠢ ᠲᠠᠭᠠᠷᠠᠯᠳᠣᠭᠰᠠᠨ ᠭᠡᠨ᠎ᠠ᠃ ᠬᠠᠷ᠎ᠠ ᠬᠠᠯᠵᠠᠨ ᠬᠤᠨᠢ ᠴᠢᠨ᠋ᠸ᠎ᠠ ᠠᠴᠠ᠄ ︽ᠲᠨ ᠬᠠᠮᠢᠭ᠎ᠠ ᠠᠴᠠ ᠢᠷᠠᠵᠥ ᠬᠠᠮᠢᠭ᠎ᠠ ᠣᠴᠢᠬᠤ ᠪᠣᠢ︖︾ ᠭᠡᠵᠥ ᠠᠰᠠᠭᠤᠭᠰᠠᠨ ᠳᠤ ᠴᠢᠨ᠋ᠸ᠎ᠠ᠄ ︽ᠨᠠᠷᠨ ᠭᠠᠷᠬᠤ ᠵᠦᠭ ᠠᠴᠠ ᠢᠷᠠᠵᠥ᠂ ᠨᠠᠷᠨ ᠰᠢᠩᠭᠡᠭᠦ ᠵᠦᠭ ᠲᠤ ᠣᠴᠢᠨ᠎ᠠ︾ ᠭᠡᠵᠥ ᠬᠠᠷᠢᠭᠤᠯᠵᠡᠢ᠃ ᠲᠡᠭᠢᠨ ᠶᠠᠭᠤᠨ ᠳᠤ ᠶᠠᠪᠣᠵᠥ ᠪᠠᠶᠢᠭ᠎ᠠ ᠶᠢ ᠠᠰᠠᠭᠤᠭᠰᠠᠨ ᠳᠤ ᠴᠢᠨ᠋ᠸ᠎ᠠ᠄ ︽ᠬᠤᠷᠠᠭᠠᠨ ᠰᠡᠭᠦᠯ ᠪᠠᠷᠢᠬᠤ ᠪᠠᠷ ᠶᠠᠪᠣᠵᠥ ᠪᠠᠶᠢᠨ᠎ᠠ︾ ᠭᠡᠰᠠᠨ ᠭᠡᠨ᠎ᠠ᠃ ᠲᠡᠭᠢᠨ᠄ ︽ᠶᠠᠮᠠᠷ ᠬᠤᠷᠠᠭᠠᠨ ᠰᠡᠭᠦᠯ ᠪᠠᠷᠢᠬᠤ ᠪᠣᠢ︖︾ ᠭᠡᠵᠥ ᠯᠠᠪᠯᠠᠭᠰᠠᠨ ᠳᠤ ᠴᠢᠨ᠋ᠸ᠎ᠠ᠄ ︽ᠬᠠᠷ᠎ᠠ ᠬᠠᠯᠵᠠᠨ ᠬᠤᠨᠢᠨ ᠤ ᠴᠠᠭᠠᠨ ᠬᠤᠷᠠᠭᠠᠨ ᠰᠡᠭᠦᠯ ᠢ ᠪᠠᠷᠢᠬᠤ ᠪᠠᠷ ᠶᠠᠪᠣᠵᠥ ᠪᠠᠶᠢᠨ᠎ᠠ᠂ ᠲᠠᠨ ᠤ ᠡᠨᠡᠭᠦᠷ ᠦᠩᠭᠡᠷᠡᠭᠦ ᠵᠠᠮ ᠪᠠᠶᠢᠨ᠎ᠠ ᠤᠤ︖︾ ᠭᠡᠭᠦ ᠳᠤ ᠬᠠᠷ᠎ᠠ ᠬᠠᠯᠵᠠᠨ ᠬᠤᠨᠢᠨ ᠤ ᠲᠦᠷᠦᠭᠦᠦ ᠨᠢ ᠴᠠᠭᠠᠨ ᠬᠤᠷᠠᠭ᠎ᠠ ᠶᠢ ᠠᠶᠣᠯ ᠠᠴᠠ ᠵᠠᠶᠢᠯᠠᠭᠤᠯᠬᠤ ᠶᠢᠨ ᠲᠦᠯᠦᠭᠡ ᠵᠡᠭᠦᠨᠰᠢ ᠪᠠᠷᠠᠭᠤᠨᠰᠢ ᠬᠤᠯᠠ ᠶᠢ ᠵᠢᠭᠠᠨ᠂ ︽ᠲᠡᠷᠡᠭᠦᠷ ᠴᠦ ᠵᠠᠮ ᠪᠣᠢ︕ ᠲᠡᠷᠡᠭᠦᠷ ᠴᠦ ᠵᠠᠮ ᠪᠣᠢ᠂ ᠬᠠᠷᠢᠨ ᠮᠠᠨ ᠤ ᠡᠨᠡᠭᠦᠷ ᠶᠠᠪᠣᠬᠤ ᠵᠠᠮ ᠪᠠᠶᠢᠬᠤ ᠦᠭᠡᠢ︾ ᠭᠡᠭᠦ ᠳᠤ ᠦᠯᠦᠨ ᠴᠢᠨ᠋ᠸ᠎ᠠ ᠶᠠᠭᠤ ᠶᠢ ᠴᠦ ᠬᠠᠶᠢᠬᠤᠷᠦᠯ ᠦᠭᠡᠢ ᠴᠠᠭᠠᠨ ᠬᠤᠷᠠᠭᠠᠨ ᠤ ᠰᠡᠭᠦᠯ ᠢ ᠪᠠᠷᠢᠬᠤ ᠪᠠᠷ ᠲᠠᠭᠠᠷᠢᠬᠤ ᠳᠤ ᠬᠠᠷ᠎ᠠ ᠬᠠᠯᠵᠠᠨ ᠬᠤᠨᠢ ᠴᠠᠭᠠᠨ ᠬᠤᠷᠠᠭ᠎ᠠ ᠪᠠᠨ ᠬᠠᠮᠠᠭᠠᠯᠠᠬᠤ ᠪᠠᠷ ᠴᠢᠨ᠋ᠸ᠎ᠠ ᠲᠠᠢ ᠲᠡᠮᠡᠴᠡᠯᠳᠤᠵᠤ ᠡᠬᠢᠯᠡᠭᠰᠡᠨ ᠶᠤᠮ ᠭᠡᠨ᠎ᠠ᠃ ᠢᠡᠭᠬᠢᠭᠡᠳ ᠡᠨᠡ ᠭᠦ ᠲᠣᠮᠤᠭ ᠦᠯᠢᠭᠡᠷ ᠨᠢ ᠠᠷᠠᠳ ᠤᠨ ᠲᠣᠮᠳᠠ ᠳᠠᠯᠭᠡᠷᠡᠵᠦ᠂ ︽ᠴᠠᠭᠠᠨ ᠬᠤᠷᠠᠭᠠᠨ ᠰᠡᠭᠦᠯ ᠪᠠᠷᠢᠬᠤ︾ ᠲᠣᠭᠯᠠᠭᠠᠮ ᠪᠣᠢ ᠪᠣᠯᠵᠥ ᠦᠶ᠎ᠠ ᠲᠠᠮᠵᠢᠨ ᠤᠯᠠᠮᠵᠢᠯᠠᠭᠳᠠᠭᠰᠠᠭᠠᠷ ᠤᠳᠤ ᠭᠦᠷᠴᠠᠢ᠃      ᠬᠤᠶᠠᠷ᠂ ᠴᠠᠭᠠᠨ ᠬᠤᠷᠠᠭᠠᠨ ᠰᠡᠭᠦᠯ ᠪᠠᠷᠢᠬᠤ ᠲᠣᠭᠯᠠᠭᠠᠮ ᠢ ᠨᠠᠭᠠᠳᠬᠤ ᠠᠷᠭ᠎ᠠ      1. ᠤᠷᠢᠳ ᠢᠶᠠᠷ ᠬᠤᠶᠠᠷ ᠭᠡᠥᠭᠡᠳ ᠰᠣᠩᠭᠤᠵᠥ᠂ ᠨᠢᠭᠡ ᠨᠢ ᠴᠢᠨ᠋ᠸ᠎ᠠ ᠨᠦᠭᠦᠭᠡ ᠨᠢ ᠬᠠᠷ᠎ᠠ ᠬᠠᠯᠵᠠᠨ ᠬᠤᠨᠢᠨ ᠤ ᠲᠦᠷᠦᠭᠦᠦ ᠪᠣᠯᠤᠨ᠎ᠠ᠃      2. ᠪᠣᠰᠣᠳ ᠭᠡᠥᠭᠡᠳ ᠨᠢ ᠴᠦᠮ ᠴᠠᠭᠠᠨ ᠬᠤᠷᠠᠭᠠᠨ ᠰᠡᠭᠦᠯ ᠪᠣᠯᠵᠥ᠂ ᠬᠠᠷ᠎ᠠ ᠬᠠᠯᠵᠠᠨ ᠬᠤᠨᠢᠨ ᠤ ᠠᠷᠣ ᠠᠴᠠ ᠵᠠᠯᠭᠠᠯᠳᠤᠵᠤ᠂ ᠴᠢᠨ᠋ᠸ᠎ᠠ ᠠᠴᠠ ᠲᠤᠳᠠᠭᠠᠨ ᠬᠦᠶᠦᠵᠥ ᠨᠠᠭᠠᠳᠣᠨ᠎ᠠ᠃      3. ᠴᠢᠨ᠋ᠸ᠎ᠠ᠂ ᠬᠠᠷ᠎ᠠ ᠬᠠᠯᠵᠠᠨ ᠬᠤᠨᠢ ᠶᠢ ᠮᠡᠭᠡᠯᠠᠵᠥ᠂ ᠵᠡᠭᠦᠨᠰᠢ ᠪᠠᠷᠠᠭᠤᠨᠰᠢ ᠪᠣᠯᠳᠡᠨ ᠬᠠᠮᠤᠭ ᠤᠨ ᠠᠷᠣ ᠳᠤ ᠪᠠᠶᠢᠭ᠎ᠠ ᠴᠠᠭᠠᠨ ᠬᠤᠷᠠᠭᠠᠨ ᠰᠡᠭᠦᠯ ᠠᠴᠠ ᠡᠭᠢᠯᠠᠨ ᠨᠢᠭᠡ ᠨᠢᠭᠡ ᠪᠠᠷ ᠪᠠᠷᠢᠵᠥ ᠬᠠᠮᠤᠭ ᠰᠡᠭᠦᠯ ᠤᠨ ᠨᠢᠭᠡ ᠶᠢ ᠪᠠᠷᠠᠳᠠᠯ᠎ᠠ ᠨᠠᠭᠠᠳᠣᠨ᠎ᠠ᠃      4. ᠴᠢᠨ᠋ᠸ᠎ᠠ ᠳᠤ ᠪᠠᠷᠢᠭᠳᠠᠭᠰᠠᠨ ᠴᠠᠭᠠᠨ ᠬᠤᠷᠠᠭᠠᠨ ᠰᠡᠭᠦᠯ ᠢ ᠴᠢᠨ᠋ᠸ᠎ᠠ ᠡᠭᠦᠷ ︵ᠨᠠᠭᠠᠳᠬᠤ ᠠᠴᠠ ᠡᠮᠥᠨ᠎ᠠ ᠨᠢᠭᠡ ᠲᠣᠭᠤᠷᠢᠭ ᠵᠢᠷᠣᠵᠥ ᠪᠡᠯᠡᠳᠭᠡᠨ᠎ᠠ︶ ᠲᠤ ᠪᠠᠨ ᠠᠪᠠᠴᠢᠵᠥ ᠲᠠᠯᠪᠢᠨ᠎ᠠ᠃      5. ᠨᠠᠭᠠᠳᠬᠤ ᠠᠴᠠ ᠡᠮᠥᠨ᠎ᠠ ᠴᠢᠨ᠋ᠸ᠎ᠠ ᠪᠠ ᠬᠠᠷ᠎ᠠ ᠬᠠᠯᠵᠠᠨ ᠬᠤᠨᠢᠨ ᠤ ᠲᠦᠷᠦᠭᠦᠦ ᠬᠤᠶᠠᠷ ᠶᠠᠷᠢᠯᠴᠠᠭ᠎ᠠ ᠭᠢᠵᠥ ᠭᠡᠥᠭᠡᠳ ᠤᠨ ᠠᠩᠬᠠᠷᠣᠯ ᠢ ᠲᠡᠳᠠᠨ ᠨᠠᠭᠠᠳᠤᠮ ᠳᠤ ᠪᠠᠨ ᠲᠦᠪᠯᠡᠷᠡᠭᠦᠯᠦᠨ᠎ᠠ᠄      ᠬᠠᠷ᠎ᠠ ᠬᠠᠯᠵᠠᠨ ᠬᠤᠨᠢ᠄ ᠲᠠ ᠬᠠᠮᠢᠭ᠎ᠠ ᠠᠴᠠ ᠢᠷᠡᠪᠠ︖      ᠴᠢᠨ᠋ᠸ᠎ᠠ᠄ ᠪᠢ ᠨᠠᠷᠨ ᠭᠠᠷᠬᠤ ᠵᠦᠭ ᠠᠴᠠ ᠢᠷᠡᠯ᠎ᠠ᠃      ᠬᠠᠷ᠎ᠠ ᠬᠠᠯᠵᠠᠨ ᠬᠤᠨᠢ᠄ ᠲᠨ ᠬᠠᠮᠢᠭ᠎ᠠ ᠣᠴᠢᠬᠤ ᠪᠣᠢ︖      ᠴᠢᠨ᠋ᠸ᠎ᠠ᠄ ᠪᠢ ᠨᠠᠷᠨ ᠰᠢᠩᠭᠡᠭᠦ ᠵᠦᠭ ᠲᠤ ᠣᠴᠢᠨ᠎ᠠ᠃      ᠬᠠᠷ᠎ᠠ ᠬᠠᠯᠵᠠᠨ ᠬᠤᠨᠢ᠄ ᠲᠠ ᠶᠠᠭᠤ ᠭᠢᠭᠦ ᠪᠠᠷ ᠶᠠᠪᠣᠵᠥ ᠪᠠᠶᠢᠨ᠎ᠠ ᠪᠤᠢ︖      ᠴᠢᠨ᠋ᠸ᠎ᠠ᠄ ᠪᠢ ᠬᠤᠷᠠᠭᠠᠨ ᠰᠡᠭᠦᠯ ᠪᠠᠷᠢᠬᠤ ᠪᠠᠷ ᠶᠠᠪᠣᠵᠥ ᠪᠠᠶᠢᠨ᠎ᠠ᠃      ᠬᠠᠷ᠎ᠠ ᠬᠠᠯᠵᠠᠨ ᠬᠤᠨᠢ᠄ ᠶᠠᠮᠠᠷ ᠬᠤᠷᠠᠭᠠᠨ ᠰᠡᠭᠦᠯ ᠪᠠᠷᠢᠬᠤ ᠪᠣᠢ︖      ᠴᠢᠨ᠋ᠸ᠎ᠠ᠄ ᠪᠢ ᠬᠠᠷ᠎ᠠ ᠬᠠᠯᠵᠠᠨ ᠬᠤᠨᠢᠨ ᠤ ᠴᠠᠭᠠᠨ ᠬᠤᠷᠠᠭᠠᠨ ᠰᠡᠭᠦᠯ ᠢ ᠪᠠᠷᠢᠵᠥ ᠢᠳᠡᠭᠦ ᠪᠠᠷ ᠶᠠᠪᠣᠵᠥ ᠪᠠᠶᠢᠨ᠎ᠠ᠃ ᠵᠠᠮ ᠬᠠᠮᠢᠭᠠᠭᠤᠷ ᠪᠠᠶᠢᠨ᠎ᠠ︖      ᠬᠠᠷ᠎ᠠ ᠬᠠᠯᠵᠠᠨ ᠬᠤᠨᠢ᠄ ︵ᠬᠤᠯᠨ ᠶᠢᠨ ᠵᠦᠭ ᠢ ᠵᠢᠭᠠᠵᠥ︶ ᠲᠡᠷᠡᠭᠦᠷ ᠴᠦ ᠵᠠᠮ ᠪᠣᠢ᠂ ᠲᠡᠷᠡᠭᠦᠷ ᠴᠦ ᠵᠠᠮ ᠪᠣᠢ᠂ ︵ᠭᠠᠷ ᠢᠶᠠᠷ ᠵᠡᠭᠦᠨ ᠪᠠᠷᠠᠭᠤᠨ ᠲᠡᠶᠢᠰᠢ ᠵᠢᠭᠠᠨ᠎ᠠ︶ ᠬᠠᠷᠢᠨ ᠮᠠᠨ ᠤ ᠡᠨᠡᠭᠦᠷ ᠵᠠᠮ ᠪᠠᠶᠢᠬᠤ ᠦᠭᠡᠢ ᠰᠢᠣ︕ ᠭᠡᠵᠥ ᠭᠡᠯᠡᠵᠦ ᠲᠠᠭᠤᠰᠤᠮᠠᠭᠴᠠ ᠨᠠᠭᠠᠳᠤᠮ ᠡᠬᠢᠯᠡᠨ᠎ᠠ᠃      ᠲᠣᠭᠯᠠᠬᠤ ᠲᠦᠷᠢᠮ      1. ᠴᠢᠨ᠋ᠸ᠎ᠠ ᠶᠢᠨ ᠲᠦᠷᠢ ᠶᠢ ᠲᠣᠭᠯᠠᠵᠥ ᠪᠠᠶᠢᠭ᠎ᠠ ᠭᠡᠥᠭᠡᠳ ᠬᠤᠨᠢᠨ ᠤ ᠲᠦᠷᠦᠭᠦᠦ ᠶᠢ ᠪᠠᠷᠢᠵᠥ ᠪᠣᠯᠬᠤ ᠦᠭᠡᠢ᠂ ᠵᠦᠪᠭᠡᠨ ᠲᠡᠭᠦᠨ ᠤ ᠨᠠᠭᠠᠭᠤᠷ ᠴᠠᠭᠠᠭᠤᠷ ᠪᠣᠯᠳᠠᠨ ᠬᠦᠶᠣᠵᠥ ᠴᠠᠭᠠᠨ ᠬᠤᠷᠠᠭ᠎ᠠ ᠨᠤᠭᠤᠳ ᠤᠨ ᠠᠷᠤ ᠠᠴᠠ ᠡᠭᠢᠯᠠᠨ ᠪᠠᠷᠢᠨ᠎ᠠ᠃      2. ᠴᠠᠭᠠᠨ ᠬᠤᠷᠠᠭᠠᠨ ᠰᠡᠭᠦᠯ ᠪᠣᠯᠵᠥ ᠪᠠᠶᠢᠭ᠎ᠠ ᠭᠡᠥᠭᠡᠳ ᠤᠳ ᠡᠷᠭᠡᠪᠰᠢ ᠨᠢᠭᠡ ᠨᠢᠭᠡᠨ ᠤ ᠪᠠᠨ ᠬᠤᠷᠮᠣᠢ ᠠᠴᠠ ᠴᠢᠩᠭ᠎ᠠ ᠪᠠᠷᠢᠵᠥ ᠴᠢᠨ᠋ᠸ᠎ᠠ ᠠᠴᠠ ᠵᠠᠶᠢᠯᠠᠵᠥ ᠨᠠᠭᠠᠳᠤᠮ ᠤᠨ ᠲᠣᠮᠳᠠ ᠰᠠᠯᠵᠥ ᠪᠣᠯᠬᠤ ᠦᠭᠡᠢ᠃ ᠭᠡᠷᠪᠠ ᠠᠯᠢ ᠨᠢᠭᠡ ᠨᠢ ᠭᠠᠷ ᠠᠯᠳᠠᠵᠥ ᠰᠡᠯᠣᠭᠰᠠᠨ ᠪᠣᠯ ᠴᠢᠨ᠋ᠸ᠎ᠠ ᠳᠤ ᠢᠳᠡᠭᠳᠡᠭᠰᠠᠨ ᠳᠤ ᠲᠣᠭᠠᠴᠢᠭᠳᠠᠨ ᠲᠣᠭᠯᠠᠭᠠᠮ ᠠᠴᠠ ᠭᠠᠷᠣᠨ᠎ᠠ᠃      3. ᠴᠠᠭᠠᠨ ᠬᠤᠷᠠᠭᠠᠨ ᠤ ᠲᠦᠷᠦᠭᠦᠦ ᠪᠣᠯᠵᠥ ᠪᠠᠶᠢᠭ᠎ᠠ ᠬᠠᠯᠵᠠᠨ ᠬᠤᠨᠢ ᠨᠢ ᠠᠷᠭ᠎ᠠ  ᠪᠣᠳᠣᠵᠥ ᠬᠤᠶᠠᠷ ᠭᠠᠷ ᠢᠶᠠᠨ ᠲᠡᠯᠭᠡᠨ ᠴᠢᠨ᠋ᠸ᠎ᠠ ᠶᠢ ᠬᠠᠰᠢᠨ᠎ᠠ᠃ ᠴᠢᠨ᠋ᠸ᠎ᠠ ᠶᠢ ᠲᠡᠪᠠᠷᠢᠨ ᠲᠠᠳᠠᠵᠥ ᠪᠣᠯᠬᠤ ᠦᠭᠡᠢ᠂ ᠬᠠᠷᠢᠨ ᠪᠦᠭᠦ ᠴᠢᠳᠠᠯ ᠢᠶᠠᠷ ᠢᠶᠠᠨ ᠴᠠᠭᠠᠨ ᠬᠤᠷᠠᠭ᠎ᠠ ᠨᠤᠭᠤᠳ ᠢᠶᠠᠨ ᠬᠠᠮᠠᠭᠠᠯᠠᠨ᠎ᠠ᠃      4. ᠭᠡᠷᠪᠠ ᠨᠠᠭᠠᠳᠤᠭᠠᠳ ᠶᠠᠳᠠᠷᠠᠭᠰᠠᠨ ᠪᠣᠯ ᠴᠠᠭᠠᠨ ᠬᠤᠷᠠᠭ᠎ᠠ ᠨᠤᠭᠤᠳ ᠢ ᠭᠡᠪᠳᠡᠭᠦᠯᠦᠨ ᠠᠮᠠᠷᠠᠭᠤᠯᠣᠨ᠎ᠠ᠃ ︵ᠬᠤᠨᠢᠨ ᠤ ᠲᠦᠷᠦᠭᠦᠦ ᠶᠢ ᠲᠠᠭᠤᠷᠢᠶᠠᠨ ᠣᠷᠣᠨ ᠳᠤ ᠪᠠᠨ ᠣᠴᠦ᠋ᠢᠵᠥ ᠰᠠᠭᠤᠬᠤ︶ ᠭᠡᠳᠠᠯ᠎ᠠ ᠴᠠᠭ ᠨᠢ ᠭᠡᠳᠣᠷᠭᠡᠢ ᠣᠷᠳᠥ ᠪᠠᠶᠢᠵᠥ ᠪᠣᠯᠬᠤ ᠦᠭᠡᠢ᠂ ᠬᠠᠭᠠᠰ ᠮᠢᠨᠦ᠋ᠲ ᠭᠢᠷᠢ ᠪᠠᠶᠢᠪᠠᠯ ᠪᠣᠯᠴᠢᠬᠠᠨ᠎ᠠ᠃ ᠡᠨᠠ ᠮᠡᠳᠥ ᠪᠠᠷ ᠭᠡᠥᠭᠡᠳ ᠤᠳ ᠲᠤᠭᠯᠠᠵᠤ ᠪᠠᠶᠢᠭ᠎ᠠ ᠲᠦᠷᠢ ᠪᠠᠨ ᠰᠤᠯᠢᠯᠴᠠᠵᠤ ᠲᠡᠭᠢᠨ ᠲᠠᠪᠳᠠᠨ ᠨᠠᠭᠠᠳᠴᠤ ᠪᠤᠯᠤᠨ᠎ᠠ᠃      ᠲᠤᠰ ᠲᠤᠭᠯᠠᠭᠠᠮ ᠨᠢ ᠭᠡᠤᠭᠡᠳ ᠤᠨ ᠶᠠᠷᠢᠵᠤ ᠢᠯᠡᠳᠭᠡᠭᠦ ᠴᠢᠳᠠᠪᠤᠷᠢ ᠶᠢ ᠲᠡᠭᠡᠭᠰᠢᠯᠡᠭᠦᠯᠭᠦ ᠳᠤ ᠠᠰᠢᠭᠳᠠᠢ ᠮᠦᠷᠳᠡᠭᠡᠨ ᠭᠡᠤᠭᠡᠳ ᠤᠳ ᠨᠠᠭᠠᠰᠢ ᠴᠠᠭᠠᠰᠢ ᠪᠤᠯᠳᠠᠨ ᠭᠦᠶᠦᠭᠦ ᠪᠠᠷ ᠲᠠᠮᠵᠢᠨ᠂ ᠤᠢᠢᠯᠠ ᠭᠦᠳᠡᠯᠦᠯ ᠨᠢ ᠪᠤᠰᠢᠭᠤ ᠱᠠᠯᠠᠮᠠᠭᠠᠢ ᠪᠤᠯᠬᠤ᠂ ᠪᠡᠶ᠎ᠠ ᠶᠢᠨ ᠲᠡᠩᠴᠡᠭᠦᠷᠢᠳᠤ ᠴᠢᠨᠠᠷ ᠢ ᠪᠠᠳᠤᠯᠠᠬᠤ ᠵᠡᠷᠭᠡ ᠲᠠᠯ᠎ᠠ ᠳᠤ ᠢᠯᠠᠳᠳᠡ ᠦᠢᠯᠡᠳᠦᠯ ᠦᠵᠡᠭᠦᠯᠭᠦ ᠪᠤᠯᠤᠨ᠎ᠠ᠃ ᠲᠤᠰ ᠲᠤᠭᠯᠠᠭᠠᠮ ᠳᠤ ᠮᠦᠨ ᠴᠦ ᠪᠤᠰᠤᠳ ᠲᠠᠢ ᠬᠠᠷᠢᠯᠴᠠᠬᠤ᠂ ᠬᠤᠭᠤᠷᠤᠨᠳᠤ ᠪᠠᠨ ᠬᠤᠷᠰᠢᠯᠴᠠᠬᠤ᠂ ᠲᠦᠷᠢᠮ ᠢ ᠰᠠᠬᠢᠬᠤ ᠵᠡᠷᠭᠡ ᠤᠳᠬ᠎ᠠ ᠠᠭᠤᠯᠭ᠎ᠠ ᠠᠭᠤᠯᠤᠭᠳᠠᠵᠤ ᠪᠠᠶᠢᠭ᠎ᠠ ᠤᠴᠢᠷ ᠠᠴᠠ ᠭᠡᠤᠭᠡᠳ ᠤᠨ ᠪᠦᠯᠭᠦᠮᠳᠡᠯ᠂ ᠡᠶ᠎ᠡ ᠵᠤᠬᠢᠴᠠᠯ ᠤᠨ ᠦᠵᠡᠯ ᠰᠠᠨᠠᠭ᠎ᠠ ᠲᠠᠢ ᠪᠤᠯᠤᠨ ᠭᠦᠮᠦᠵᠢᠭᠳᠡᠭᠦ ᠳᠤ ᠴᠦ ᠵᠤᠬᠢᠬᠤ ᠨᠦᠯᠦᠭᠡ ᠦᠵᠡᠭᠦᠯᠭᠦ ᠪᠤᠯᠤᠨ᠎ᠠ᠃      ᠭᠤᠷᠪᠠ᠂ ︽ᠴᠠᠭᠠᠨ ᠬᠤᠷᠠᠭᠠᠨ ᠰᠡᠭᠦᠯ ᠪᠠᠷᠢᠬᠤ︾ ᠲᠣᠭᠯᠠᠭᠠᠮ ᠤᠨ ᠣᠨᠴᠠᠯᠢᠭ ᠰᠢᠨᠵᠢ      1. ᠢᠯᠡ ᠲᠤᠳᠤᠷᠬᠠᠢ ᠦᠨᠳᠤᠰᠤᠳᠠᠨ ᠤ ᠤᠨᠴᠠᠯᠢᠬ ᠲᠠᠢ      ︽ᠴᠠᠭᠠᠨ ᠬᠤᠷᠠᠭᠠᠨ ᠰᠡᠭᠦᠯ ᠪᠠᠷᠠᠬᠤ ᠲᠤᠭᠯᠠᠭᠠᠮ︾ ᠲᠠᠢ ᠠᠳᠠᠯᠢ ᠪᠤᠶᠤ ᠲᠦᠰᠳᠠᠢ ᠲᠤᠭᠯᠠᠭᠠᠮ ᠢ ᠦᠭᠡᠷ᠎ᠡ ᠦᠨᠳᠤᠰᠤᠳᠠᠨ ᠤ ᠭᠡᠤᠭᠡᠳ ᠤᠳ ᠴᠦ ᠲᠤᠭᠯᠠᠳᠠᠬ᠃ ᠭᠡᠭᠦ ᠳᠤ ᠪᠠᠨ ᠦᠨᠳᠤᠰᠤᠳᠠᠨ ᠪᠤᠯᠭᠠᠨ ᠤ ᠦᠢᠯᠡᠳᠪᠤᠷᠢᠯᠡᠯ ᠠᠮᠢᠳᠤᠷᠠᠯ ᠤᠨ ᠠᠷᠭ᠎ᠠ ᠪᠠᠷᠢᠯ᠂ ᠵᠠᠩ ᠠᠷᠠᠨᠰᠢᠯ᠂ ᠤᠷᠤᠰᠢᠨ ᠰᠠᠭᠤᠷᠢᠰᠢᠭ᠎ᠠ ᠤᠷᠤᠨ ᠨᠤᠲᠤᠭ ᠤᠨ ᠠᠳᠠᠯᠢ ᠪᠤᠰᠤ ᠠᠴᠠ ᠪᠤᠯᠵᠤ᠂ ᠨᠠᠷᠠᠶᠢᠳᠤᠯ ᠪᠤᠯᠤᠨ ᠲᠤᠭᠯᠠᠬᠤ ᠠᠷᠭ᠎ᠠ ᠨᠢ ᠬᠠᠷᠢᠯᠴᠠᠨ ᠵᠦᠷᠢᠶ᠎ᠡ ᠲᠠᠢ ᠪᠠᠶᠢᠳᠠᠬ᠃ ᠡᠶᠢᠮᠦᠷᠭᠦᠦ ᠲᠤᠭᠯᠠᠭᠠᠮ ᠢ ᠰᠢᠨᠵᠢᠶᠠᠩ ᠤᠨ ᠬᠢᠷᠬᠢᠰ ᠦᠨᠳᠤᠰᠤᠳᠠᠨ ︽ᠡᠯᠢᠶ᠎ᠠ ᠴᠠᠭᠠᠨ ᠲᠤᠭᠤᠷᠤᠤ ᠶᠢ ᠢᠳᠡᠭᠦ︾ ᠭᠡᠵᠦ ᠨᠠᠷᠠᠯᠠᠨ᠂ ᠬᠢᠳᠠᠳ ᠦᠨᠳᠤᠰᠤᠳᠠᠨ ︽ᠡᠯᠢᠶ᠎ᠠ ᠲᠠᠬᠢᠶ᠎ᠠ ᠰᠢᠭᠦᠷᠡᠭᠦ︾ ᠭᠡᠵᠦ᠂ ᠮᠠᠨᠵᠤ ᠦᠨᠳᠤᠰᠤᠳᠠᠨ ︽ᠬᠢᠷᠭᠤᠢ ᠲᠠᠬᠢᠶ᠎ᠠ ᠵᠠᠭᠤᠬᠤ︾ ᠭᠡᠳᠡᠭ᠃ ᠨᠠᠭᠠᠳᠬᠤ ᠠᠷᠭ᠎ᠠ ᠶᠢᠨ ᠬᠤᠪᠢ ᠳᠤ᠂ ᠮᠠᠨᠵᠤ ᠦᠨᠳᠤᠰᠤᠳᠠᠨ ᠤ ᠲᠤᠭᠯᠠᠭᠠᠮ ᠨᠢ ᠬᠢᠷᠭᠤᠢ ᠲᠠᠬᠢᠶ᠎ᠠ ᠶᠢ ᠪᠠᠷᠢᠭᠰᠠᠨ ᠤ ᠳᠠᠷᠠᠭ᠎ᠠ ᠵᠤᠬᠢᠬᠤ ᠵᠠᠶᠢᠳᠠᠢ ᠭᠠᠵᠠᠷ ᠠᠪᠠᠴᠢᠵᠤ ᠲᠠᠯᠪᠢᠨ ︽ᠢᠳᠠᠴᠢᠭᠡᠯ᠎ᠡ︾ ᠭᠡᠮᠡᠵᠤ ᠪᠤᠴᠠᠵᠤ ᠢᠷᠡᠭᠡᠳ ᠦᠷᠭᠦᠯᠵᠢᠯᠡᠨ ᠲᠤᠭᠯᠠᠨ᠎ᠠ᠃ ᠦᠭᠡᠷ᠎ᠡ ᠦᠨᠳᠤᠰᠤᠳᠠᠨ ᠤ ᠲᠤᠭᠯᠠᠬᠤ ᠠᠷᠭ᠎ᠠ ᠬᠤᠭᠤᠷᠤᠨᠳᠤ ᠪᠠᠨ ᠪᠠᠭ᠎ᠠ ᠰᠠᠭ᠎ᠠ ᠵᠦᠷᠢᠶ᠎ᠠ ᠲᠠᠢ ᠪᠠᠶᠢᠨ᠎ᠠ᠃      2. ᠣᠶᠠᠨ ᠬᠠᠳᠠᠨ ᠴᠢᠨᠠᠷ      ᠨᠠᠭᠠᠳᠣᠮ ᠤᠨ ᠶᠠᠪᠣᠴᠨ ᠳᠤ ᠭᠡᠥᠭᠡᠳ ᠦᠪᠠᠷ ᠢ ᠪᠠᠨ ᠬᠠᠮᠠᠭᠠᠯᠠᠬᠤ᠂ ᠬᠤᠷᠰᠢᠨ ᠨᠠᠭᠠᠳᠬᠤ᠂ ᠲᠣᠳᠠᠭᠠᠨ ᠵᠠᠶᠢᠯᠠᠬᠤ᠂ ᠰᠠᠷᠡᠮᠵᠢᠯᠡᠭᠦ ᠵᠡᠷᠭᠡ ᠦᠢᠯᠡ ᠠᠵᠢᠯᠯᠠᠭ᠎ᠠ ᠬᠢᠳᠡᠭ ᠠᠴᠠ ᠲᠣᠰᠬᠠᠯ ᠤᠨ ᠣᠶᠠᠨ ᠬᠠᠳᠠᠨ ᠤ ᠬᠡᠮᠵᠢᠶ᠎ᠠ ᠶᠢ ᠲᠡᠭᠡᠭᠰᠢᠯᠡᠭᠦᠯᠭᠦ ᠪᠠᠷ ᠦᠯᠦ ᠪᠠᠷᠠᠨ ᠭᠡᠥᠭᠡᠳ ᠤᠨ ᠬᠠᠮᠳᠥ ᠨᠠᠶᠢᠳᠡᠴᠢ ᠦᠵᠡᠯ᠂ ᠨᠡᠶᠢᠭᠡᠮᠴᠢ ᠴᠢᠨᠠᠷ᠂ ᠬᠤᠷᠰᠢᠵᠥ ᠨᠠᠭᠠᠳᠬᠤ ᠴᠢᠳᠠᠪᠣᠷᠢ ᠶᠢ ᠴᠦ ᠲᠡᠭᠡᠭᠰᠢᠯᠡᠭᠦᠯᠵᠥ ᠴᠢᠳᠠᠨ᠎ᠠ᠂ ᠡᠭᠦᠨ ᠤ ᠲᠠᠭᠠᠤ ᠲᠣᠭᠯᠠᠬᠤ ᠠᠷᠭ᠎ᠠ ᠨᠢ ᠶᠠᠬ ᠭᠡᠪᠰᠢᠭᠰᠡᠨ ᠪᠢᠰᠢ ᠪᠤᠯᠬᠤᠷ ᠭᠡᠳᠥ ᠭᠡᠳᠥᠭᠦᠯᠨ ᠨᠢᠭᠡ ᠲᠣᠭᠤᠶᠢᠯᠠᠩ ᠪᠣᠯᠵᠥ᠂ ᠦᠪᠠᠷ ᠤᠨ ᠲᠣᠷ᠎ᠠ ᠰᠣᠨᠢᠷᠬᠠᠯ ᠢᠶᠠᠷ ᠢᠶᠠᠨ ᠭᠡᠯᠪᠠᠷᠢ ᠶᠢ ᠨᠢ ᠦᠭᠡᠷᠡᠴᠢᠯᠠᠨ ᠨᠠᠭᠠᠳᠴᠣ ᠪᠣᠯᠳᠠᠭ ᠲᠤᠯᠠ ᠣᠶᠠᠨ ᠬᠠᠳᠠᠨ ᠴᠢᠨᠠᠷ ᠲᠠᠢ ᠠᠮᠢᠳᠣᠯᠢᠭ ᠨᠠᠭᠠᠳᠣᠮ ᠪᠣᠯᠬᠤ ᠶᠤᠮ᠃      3. ᠣᠷᠮ᠎ᠠ ᠪᠠᠭ᠋ᠠᠳᠥ ᠴᠢᠨᠠᠷ      ᠣᠷᠮ᠎ᠠ ᠪᠠᠭ᠋ᠠᠳᠥ ᠴᠢᠨᠠᠷ ᠪᠣᠯ ᠲᠣᠭᠯᠠᠭᠠᠮ ᠪᠦᠭᠦᠨ ᠤ ᠲᠣᠳᠠᠭᠳᠠᠵᠥ ᠪᠣᠯᠣᠰᠢ ᠦᠭᠡᠢ ᠴᠢᠬᠤᠯᠨ ᠡᠯᠧᠮᠧᠨ᠋ᠲ ᠪᠣᠯᠬᠤ ᠶᠤᠮ᠃ ︽ᠴᠠᠭᠠᠨ ᠬᠤᠷᠠᠭᠠᠨ ᠰᠡᠭᠦᠯ ᠪᠠᠷᠢᠬᠤ ᠲᠣᠭᠯᠠᠭᠠᠮ︾ ᠤᠨ ᠡᠳᠥᠭᠡ ᠪᠣᠯᠳᠠᠯ᠎ᠠ ᠣᠯᠠᠮᠵᠢᠯᠠᠭᠳᠠᠨ ᠢᠷᠡᠭᠰᠠᠨ ᠤ ᠰᠢᠯᠳᠠᠭᠠᠨ ᠨᠢ ᠲᠡᠭᠦᠨ ᠤ ᠣᠷᠮ᠎ᠠ ᠪᠠᠭ᠋ᠠᠳᠥ ᠴᠢᠨᠠᠷ ᠲᠤ ᠪᠣᠢ᠃ ᠭᠡᠥᠭᠡᠳ ᠤᠨ ᠰᠣᠨᠢᠭᠤᠴᠢ᠂ ᠭᠦᠳᠡᠯᠭᠦ ᠲᠣᠷᠠᠳᠡᠢ ᠣᠨᠴᠠᠯᠢᠭ ᠲᠤ ᠲᠣᠭᠢᠷᠠᠭᠰᠨᠨ ᠮᠦᠷᠳᠡᠭᠡᠨ ᠴᠠᠭᠠᠰᠢ ᠰᠢᠨ᠎ᠠ ᠠᠰᠠᠭᠤᠯᠳᠠ ᠲᠣᠷᠠᠳᠴᠦ ᠬᠠᠶᠢᠨ ᠰᠦᠪᠡᠭᠴᠢᠯᠠᠵᠥ ᠣᠯᠠᠮ ᠰᠣᠨᠢᠭᠤᠴᠢ᠂ ᠭᠦᠭᠵᠢᠶᠠᠨᠳᠡᠢ ᠪᠣᠯᠭᠠᠵᠥ ᠪᠣᠯᠬᠤ ᠣᠴᠢᠷ ᠠᠴᠠ ᠭᠡᠥᠭᠡᠳ ᠤᠨ ᠨᠠᠭᠠᠳᠬᠤ ᠣᠷᠮ᠎ᠠ ᠶᠢ ᠭᠦᠭᠵᠢᠭᠡᠵᠥ ᠴᠢᠳᠠᠳᠠᠬ᠃      ᠲᠦᠷᠪᠠ᠂ ︽ᠴᠠᠭᠠᠨ ᠬᠤᠷᠠᠭᠠᠨ ᠰᠡᠭᠦᠯ ᠪᠠᠷᠢᠬᠤ ᠲᠣᠭᠯᠠᠭᠠᠮ︾ ᠬᠢᠭᠡᠳ ᠴᠡᠴᠡᠷᠯᠢᠭ ᠤᠨ ᠵᠢᠭᠠᠨ ᠰᠣᠷᠭᠠᠯᠳᠠ ᠶᠢᠨ ᠣᠶᠠᠯᠳᠥᠯ      1. ︽ᠴᠠᠭᠠᠨ ᠬᠤᠷᠠᠭᠠᠨ ᠰᠡᠭᠦᠯ ᠪᠠᠷᠢᠬᠤ ᠲᠣᠭᠯᠠᠭᠠᠮ︾ ᠢ ᠭᠡᠥᠭᠡᠳ ᠤᠨ ᠰᠣᠷᠥᠯᠴᠠᠯᠭ᠎ᠠ‌‍ᠶᠢᠨ ᠣᠷᠴᠢᠨ ᠲᠣᠭᠤᠷᠢᠨ ᠲᠠᠢ ᠣᠶᠠᠯᠳᠣᠭᠤᠯᠬᠤ᠃      ︽ᠴᠠᠭᠠᠨ ᠬᠤᠷᠠᠭᠠᠨ ᠰᠡᠭᠦᠯ ᠪᠠᠷᠢᠬᠤ ᠲᠣᠭᠯᠠᠭᠠᠮ︾ ᠢᠶᠠᠷ ᠵᠢᠭᠠᠨ ᠰᠣᠷᠭᠠᠬᠤ ᠮᠠᠲ᠋ᠧᠷᠢᠶᠠᠯ ᠪᠤᠯᠭᠠᠵᠥ ᠡᠳᠥᠷ ᠲᠣᠳᠥᠮ ᠤᠨ ᠵᠢᠭᠠᠨ ᠰᠣᠷᠭᠠᠬᠤ ᠭᠦᠳᠡᠯᠭᠡᠭᠡᠨ ᠲᠠᠢ ᠣᠷᠭᠠᠨᠢᠭ ᠢᠶᠠᠷ ᠣᠶᠠᠯᠳᠣᠭᠤᠯᠵᠥ᠂ ᠣᠷᠴᠢᠨ ᠲᠣᠭᠤᠷᠢᠨ ᠢᠶᠠᠨ ᠴᠢᠮᠡᠭᠯᠡᠭᠦ᠂ ᠲᠣᠭᠤᠷᠢᠭ ᠤᠨ ᠮᠠᠲ᠋ᠧᠷᠢᠶᠠᠯ ᠪᠣᠯᠭᠠᠬᠤ᠂ ᠲᠦᠷᠢᠳᠦ ᠲᠣᠭᠯᠠᠭᠠᠮ᠂ ᠣᠶᠣᠨ ᠤ ᠲᠣᠭᠯᠠᠭᠠᠮ᠂ ᠭᠠᠷ ᠣᠷᠠᠯᠠᠯ ᠭᠢᠭᠦ ᠵᠡᠷᠭᠡ ᠪᠠᠷ ᠲᠠᠮᠵᠢᠨ ᠭᠡᠥᠭᠡᠳ ᠲᠤ ᠰᠠᠶᠢᠨ ᠰᠠᠶᠢᠬᠠᠨ ᠰᠣᠷᠣᠯᠴᠠᠬᠤ ᠣᠷᠴᠢᠨ ᠲᠤᠭᠤᠷᠢᠨ ᠢ ᠪᠣᠢ ᠪᠣᠯᠭᠠᠨ ᠦᠭᠴᠦ᠂ ᠰᠣᠷᠣᠯᠴᠠᠬᠤ ᠮᠠᠲ᠋ᠧᠷᠢᠶᠠᠯ ᠢ ᠪᠠᠶᠠᠯᠢᠬᠵᠢᠭᠤᠯᠵᠥ᠂ ᠲᠠᠳᠠᠨ ᠤ ᠰᠣᠷᠬᠤ ᠶᠢᠨ ᠣᠷᠮ᠎ᠠ ᠶᠢ ᠲᠡᠭᠡᠭᠰᠢᠯᠡᠭᠦᠯᠵᠤ ᠪᠤᠯᠬᠤ ᠶᠤᠮ᠃      2. ︽ᠴᠠᠭᠠᠨ ᠬᠤᠷᠠᠭᠠᠨ ᠰᠡᠭᠦᠯ ᠪᠠᠷᠢᠬᠤ ᠲᠣᠭᠯᠠᠭᠠᠮ︾ ᠢ ᠪᠠᠶ᠎ᠠ ᠲᠠᠮᠢᠷ ᠤᠨ ᠭᠦᠳᠡᠯᠭᠡᠭᠡᠨ ᠲᠠᠢ ᠣᠶᠠᠯᠳᠣᠭᠤᠯᠬᠤ᠃      ︽ᠴᠠᠭᠠᠨ ᠬᠤᠷᠠᠭᠠᠨ ᠰᠡᠭᠦᠯ ᠪᠠᠷᠢᠬᠤ ᠲᠣᠭᠯᠠᠭᠠᠮ︾ ᠤᠨ ᠲᠣᠳᠠᠭᠠᠵᠥ ᠵᠠᠶᠢᠯᠠᠬᠤ᠂ ᠭᠦᠶᠦᠭᠦ᠂ ᠣᠴᠦ᠋ᠢᠬᠤ ᠵᠡᠷᠭᠡ ᠪᠠᠶ᠎ᠠ ᠶᠢᠨ ᠲᠡᠩᠴᠡᠭᠦᠷᠢᠰᠢᠯ ᠤᠨ ᠭᠦᠳᠡᠯᠦᠯ ᠢ ᠦᠨᠳᠦᠰᠦᠯᠠᠨ ᠭᠡᠥᠭᠡᠳ ᠤᠨ ᠪᠠᠶ᠎ᠠ ᠶᠢ ᠲᠠᠪᠳᠠᠨ ᠪᠣᠯᠪᠠᠰᠣᠷᠠᠭᠤᠯᠬᠤ ᠦᠨᠳᠦᠰᠣᠨ ᠭᠦᠳᠡᠯᠦᠯ ᠪᠣᠯᠭᠠᠵᠥ᠂ ᠡᠭᠦᠨ ᠢᠶᠠᠷ ᠲᠠᠮᠵᠢᠨ ᠭᠡᠥᠭᠡᠳ ᠦᠪᠠᠷᠳᠡᠭᠡᠨ ᠰᠢᠨ᠎ᠠ ᠲᠦᠷᠢᠮ ᠵᠣᠭᠢᠶᠠᠵᠥ᠂ ᠦᠭᠡᠷᠡᠴᠢᠯᠠᠨ ᠨᠠᠭᠠᠳᠴᠦ᠂ ᠦᠢᠯᠨ ᠭᠦᠳᠡᠯᠦᠯ ᠤᠨ ᠭᠦᠭᠵᠢᠯᠳᠠ ᠶᠢᠨ ᠵᠣᠭᠢᠴᠠᠩᠭᠤᠢ ᠴᠢᠨᠠᠷ ᠢ ᠲᠡᠭᠡᠭᠰᠢᠯᠡᠭᠦᠯᠵᠥ᠂ ᠭᠡᠥᠭᠡᠳ ᠤᠨ ᠪᠠᠶ᠎ᠠ ᠲᠠᠮᠢᠷ ᠤᠨ ᠭᠦᠳᠡᠯᠭᠡᠭᠡᠨ ᠤ ᠠᠭᠤᠯᠭ᠎ᠠ ᠶᠢ ᠪᠠᠶᠡᠯᠢᠬᠵᠢᠭᠤᠯᠵᠥ᠂ ᠨᠠᠭᠠᠳᠥᠮ ᠤᠨ ᠲᠣᠮᠳᠠ ᠭᠡᠥᠭᠡᠳ ᠤᠨ ᠬᠠᠷᠢᠯᠴᠠᠬᠤ ᠴᠢᠳᠠᠪᠣᠷᠢ᠂ ᠬᠤᠷᠰᠢᠨ ᠨᠠᠭᠠᠳᠬᠤ ᠴᠢᠳᠠᠪᠣᠷᠢ ᠶᠢ ᠣᠯᠠᠮ ᠨᠢᠭᠡ ᠠᠯᠬᠤᠮ ᠲᠡᠭᠦᠯᠳᠡᠷᠵᠢᠭᠦᠯᠵᠤ ᠪᠤᠯᠤᠨ᠎ᠠ᠃      3. ︽ᠴᠠᠭᠠᠨ ᠬᠤᠷᠠᠭᠠᠨ ᠰᠡᠭᠦᠯ ᠪᠠᠷᠢᠬᠤ ᠲᠣᠭᠯᠠᠭᠠᠮ︾ ᠢ ᠲᠠᠪᠣᠨ ᠶᠡᠭᠡ ᠭᠦᠷᠢᠶ᠎ᠠ ᠭᠡᠪᠴᠢᠶ᠎ᠠ ᠲᠠᠢ ᠣᠶᠠᠯᠳᠣᠭᠤᠯᠬᠤ᠃      ᠠᠩᠭᠢ ᠶᠢᠨ ᠭᠡᠥᠭᠡᠳ ᠤᠳ ᠤᠨ ᠪᠠᠶ᠎ᠠ ᠶᠢᠨ ᠭᠦᠭᠵᠢᠯᠳᠠ ᠶᠢᠨ ᠪᠠᠶᠢᠳᠠᠯ᠂ ᠰᠣᠷᠬᠤ ᠣᠷᠮᠠᠰᠢᠯ᠂ ᠭᠦᠯᠢᠶᠠᠨ ᠠᠪᠬᠤ ᠴᠢᠳᠠᠪᠥᠷᠢ᠂ ᠨᠠᠰᠥᠨ ᠤ ᠣᠨᠴᠠᠯᠢᠭ ᠲᠤ ᠨᠢ ᠲᠣᠭᠢᠷᠠᠭᠤᠯᠣᠨ ︽ᠴᠠᠭᠠᠨ ᠬᠤᠷᠠᠭᠠᠨ ᠰᠡᠭᠦᠯ ᠪᠠᠷᠢᠬᠤ ᠲᠤᠭᠯᠠᠭᠠᠮ︾ ᠢ ᠵᠢᠭᠠᠨ ᠰᠣᠷᠭᠠᠬᠤ ᠠᠭᠤᠯᠭ᠎ᠠ ᠲᠠᠢ ᠠᠮᠢᠳᠤᠯᠢᠬ ᠢᠶᠠᠷ ᠣᠶᠠᠯᠳᠣᠭᠤᠯᠵᠥ᠂ ᠭᠦᠳᠡᠯᠭᠡᠭᠡᠨ ᠤ ᠬᠠᠷᠠᠯᠳᠠ ᠪᠠ ᠠᠭᠤᠯᠭ᠎ᠠ ᠶᠢ ᠲᠣᠭᠳᠠᠭᠠᠬᠤ᠂ ᠵᠢᠱᠢᠶᠠᠯᠠᠪᠠᠯ᠄ ︽ᠴᠠᠭᠠᠨ ᠬᠤᠷᠠᠭᠠᠨ ᠰᠡᠭᠦᠯ ᠪᠠᠷᠢᠬᠤ ᠲᠣᠭᠯᠠᠭᠠᠮ︾ ᠤᠨ ᠡᠭᠦᠰᠦᠯ ᠤᠨ ᠲᠣᠬᠠᠢ ᠦᠯᠢᠭᠡᠷ ᠢᠶᠠᠷ ᠭᠡᠥᠭᠡᠳ ᠤᠨ ᠶᠠᠷᠢᠵᠤ ᠢᠯᠡᠳᠭᠡᠭᠦ ᠴᠢᠳᠠᠪᠣᠷᠢ ᠶᠢ ᠭᠦᠮᠦᠵᠢᠭᠦᠯᠵᠥ᠂ ᠠᠰᠠᠭᠤᠯᠳᠠ ᠬᠠᠷᠢᠭᠤᠯᠬᠤ ᠭᠡᠯᠪᠠᠷᠢ ᠪᠠᠷ ᠭᠡᠥᠭᠡᠳ ᠤᠨ ᠬᠠᠷᠢᠯᠴᠠᠬᠤ ᠴᠢᠳᠠᠪᠣᠷᠢ ᠪᠠ ᠰᠢᠨ᠎ᠠ ᠠᠰᠠᠭᠤᠯᠳᠠ ᠲᠣᠷᠠᠳᠴᠦ ᠰᠡᠳᠭᠢᠭᠦ ᠴᠢᠳᠠᠪᠣᠷᠢ ᠶᠢ ᠨᠡᠮᠡᠭᠳᠡᠭᠦᠯᠦᠨ ᠭᠡᠥᠭᠡᠳ ᠤᠨ ᠦᠭᠡ ᠭᠡᠯᠠᠨ ᠤ ᠭᠦᠷᠢᠶ᠎ᠠ ᠭᠡᠪᠴᠢᠶ᠎ᠠ ᠶᠢ ᠦᠷᠭᠡᠳᠭᠡᠵᠥ᠂ ︽ᠴᠠᠭᠠᠨ ᠬᠤᠷᠠᠭᠠᠨ ᠰᠡᠭᠦᠯ ᠪᠠᠷᠢᠬᠤ ᠲᠣᠭᠯᠠᠭᠠᠮ︾ ᠢ ᠵᠢᠷᠣᠬᠤ᠂ ᠪᠣᠳᠣᠬᠤ᠂ ᠨᠠᠭᠠᠬᠤ᠂ ᠵᠦᠢᠭᠦ ᠪᠠᠷ ᠲᠠᠮᠵᠢᠨ ᠤᠷᠠᠯᠢᠬ ᠤᠨ ᠭᠤᠸ᠎ᠠ ᠰᠠᠶᠢᠬᠠᠨ ᠢ ᠮᠡᠳᠡᠷᠡᠭᠦᠯᠵᠥ᠂ ᠬᠠᠷ᠎ᠠ ᠬᠠᠯᠵᠠᠨ ᠬᠤᠨᠢ ᠪᠠ ᠴᠠᠭᠠᠨ ᠬᠤᠷᠠᠭ᠎ᠠ ᠶᠢ ᠵᠢᠬᠰᠠᠭᠠᠬᠤ ᠪᠠᠷ ᠲᠠᠮᠵᠢᠨ ᠣᠷᠥᠨ ᠵᠠᠢ ᠶᠢᠨ ᠬᠤᠯᠪᠣᠭᠳᠠᠯ ᠢ ᠰᠡᠷᠠᠨ ᠮᠡᠳᠡᠭᠦᠯᠵᠥ᠂ ᠵᠢᠭᠠᠨ ᠰᠣᠷᠭᠠᠬᠤ ᠵᠣᠷᠢᠯᠭ᠎ᠠ ᠳᠤ ᠪᠠᠨ ᠠᠶᠠᠨᠳᠠᠭᠠᠨ ᠭᠦᠷᠴᠦ ᠴᠢᠳᠠᠬᠤ ᠶᠤᠮ᠃      ᠲᠠᠪᠤ᠂ ︽ᠴᠠᠭᠠᠨ ᠬᠤᠷᠠᠭᠠᠨ ᠰᠡᠭᠦᠯ ᠪᠠᠷᠢᠬᠤ ᠲᠣᠭᠯᠠᠭᠠᠮ︾ ᠤᠨ ᠴᠡᠴᠡᠷᠯᠢᠭ ᠤᠨ ᠵᠢᠭᠠᠨ ᠰᠣᠷᠭᠠᠯᠳᠠ ᠳᠤ ᠬᠢ ᠦᠢᠯᠠᠳᠥᠯ      1. ᠭᠡᠥᠭᠡᠳ ᠤᠨ ᠦᠢᠯᠨ ᠭᠦᠳᠡᠯᠦᠯ ᠤᠨ ᠭᠦᠭᠵᠢᠯᠳᠠ ᠶᠢ ᠠᠭᠢᠭᠤᠯᠵᠥ᠂ ᠪᠠᠶ᠎ᠠ ᠮᠠᠬᠠᠪᠣᠳ ᠢ ᠴᠢᠭᠢᠷᠠᠭᠵᠢᠭᠤᠯᠣᠨ᠎ᠠ᠃      ︽ᠴᠠᠭᠠᠨ ᠬᠤᠷᠠᠭᠠᠨ ᠰᠡᠭᠦᠯ ᠪᠠᠷᠢᠬᠤ ᠲᠣᠭᠯᠠᠭᠠᠮ︾ ᠨᠢ ᠭᠡᠥᠭᠡᠳ ᠭᠦᠶᠦᠭᠦ᠂ ᠲᠣᠳᠠᠭᠠᠨ ᠵᠠᠶᠢᠯᠠᠬᠤ᠂ ᠣᠴᠦ᠋ᠢᠬᠤ᠂ ᠪᠣᠰᠬᠤ ᠵᠡᠷᠭᠡ ᠠᠳᠠᠯᠢ ᠪᠣᠰᠥ ᠭᠦᠳᠡᠯᠦᠯ ᠢ ᠲᠡᠭᠢᠨ ᠲᠠᠪᠳᠠᠨ ᠭᠢᠭᠦ ᠪᠠᠷ ᠲᠠᠮᠵᠢᠨ᠂ ᠲᠡᠳᠡᠨ ᠤ ᠪᠠᠶ᠎ᠠ ᠶᠢᠨ ᠲᠡᠩᠴᠡᠭᠦᠷᠢ᠂ ᠪᠣᠯᠴᠢᠩ ᠤᠨ ᠭᠦᠭᠵᠢᠯᠳᠠ᠂ ᠵᠣᠭᠢᠴᠠᠬᠤ ᠴᠢᠳᠠᠪᠣᠷᠢ ᠶᠢ ᠠᠭᠢᠭᠤᠯᠬᠤ ᠮᠦᠷᠳᠡᠭᠡᠨ ᠭᠡᠥᠭᠡᠳ ᠤᠨ ᠭᠡᠯᠠᠨ ᠤ ᠭᠦᠭᠵᠢᠯᠳᠠ᠂ ᠲᠣᠭᠠᠨ ᠤ ᠮᠡᠳᠡᠷᠡᠭᠦᠢ᠂ ᠬᠠᠮᠳᠥ ᠨᠡᠶᠢᠳᠠ ᠶᠢᠨ ᠨᠦᠭᠦᠷᠰᠡᠭ ᠬᠠᠷᠢᠯᠴᠠᠭ᠎ᠠ ᠵᠢᠴᠢ ᠰᠡᠳᠭᠢᠴᠨ ᠶᠢᠨ ᠭᠦᠭᠵᠢᠯᠳᠠ ᠶᠢ ᠴᠦ ᠲᠠᠭᠠᠯᠳᠤᠭᠤᠯᠤᠨ ᠭᠦᠭᠵᠢᠭᠦᠯᠵᠦ ᠪᠤᠯᠬᠤ ᠶᠤᠮ᠃      2. ᠭᠡᠥᠭᠡᠳ ᠤᠨ ᠲᠠᠨᠢᠯᠳᠠ ᠶᠢᠨ ᠴᠢᠳᠠᠪᠣᠷᠢ ᠶᠢ ᠲᠡᠭᠡᠭᠰᠢᠯᠡᠭᠦᠯᠭᠦ ᠦᠢᠯᠡᠳᠥᠯ ᠲᠠᠢ      ︽ᠴᠠᠭᠠᠨ ᠬᠤᠷᠠᠭᠠᠨ ᠰᠡᠭᠦᠯ ᠪᠠᠷᠢᠬᠤ ᠲᠣᠭᠯᠠᠭᠠᠮ︾ ᠨᠢ ᠭᠡᠥᠭᠡᠳ ᠤᠨ ᠲᠠᠨᠢᠯᠳᠠ ᠶᠢᠨ ᠴᠢᠳᠠᠪᠣᠷᠢ ᠶᠢ ᠲᠡᠭᠡᠭᠰᠢᠯᠡᠭᠦᠯᠭᠦ ᠪᠠᠷ ᠦᠯᠦ ᠪᠠᠷᠠᠨ ᠮᠡᠳᠡᠯᠭᠡ ᠶᠢᠨ ᠭᠦᠷᠢᠶ᠎ᠠ ᠭᠡᠪᠴᠢᠶ᠎ᠠ ᠶᠢ ᠴᠤ ᠦᠷᠭᠡᠳᠭᠡᠵᠥ ᠭᠡᠥᠭᠡᠳ ᠤᠨ ᠰᠢᠨ᠎ᠠ ᠶᠢ ᠡᠭᠦᠳᠭᠦ ᠵᠣᠷᠢᠭ ᠰᠠᠨᠠᠭ᠎ᠠ᠂ ᠬᠠᠶᠢᠨ ᠰᠦᠪᠡᠭᠴᠢᠯᠡᠭᠦ᠂ ᠦᠭᠡᠷᠡᠴᠢᠯᠠᠨ ᠵᠣᠭᠢᠶᠠᠬᠤ ᠪᠠᠷ ᠲᠠᠮᠵᠢᠨ ᠭᠡᠯᠡ ᠶᠠᠷᠢᠶᠠᠨ ᠤ ᠢᠯᠡᠳᠭᠡᠭᠦ ᠴᠢᠳᠠᠪᠣᠷᠢ ᠶᠢ ᠲᠡᠭᠡᠭᠰᠢᠯᠡᠭᠦᠯᠭᠦ ᠳᠤ ᠮᠠᠰᠢ ᠴᠢᠬᠤᠯᠨ ᠦᠢᠯᠡᠳᠦᠯ ᠦᠵᠡᠭᠦᠯᠭᠦ ᠶᠤᠮ᠃      3. ᠭᠡᠥᠭᠡᠳ ᠤᠨ ᠣᠷᠮ᠎ᠠ ᠶᠢ ᠭᠦᠭᠵᠢᠭᠡᠵᠥ᠂ ᠰᠠᠶᠢᠨ ᠰᠠᠶᠢᠬᠠᠨ ᠵᠠᠩ ᠴᠢᠨᠠᠷ ᠢ ᠪᠦᠷᠢᠯᠳᠦᠭᠦᠯᠭᠦ ᠳᠤ ᠮᠠᠰᠢ ᠰᠠᠶᠢᠨ ᠢᠶᠠᠷ ᠨᠦᠯᠦᠭᠡᠯᠡᠨ᠎ᠡ      ︽ᠴᠠᠭᠠᠨ ᠬᠤᠷᠠᠭᠠᠨ ᠰᠡᠭᠦᠯ ᠪᠠᠷᠢᠬᠤ ᠲᠣᠭᠯᠠᠭᠠᠮ︾ ᠨᠢ ᠡᠷᠭᠡᠪᠰᠢ ᠬᠤᠷᠰᠢᠯᠴᠠᠵᠤ ᠬᠠᠮᠳᠥ‌‍ᠪᠠᠷ ᠨᠠᠭᠠᠳᠬᠤ ᠲᠣᠯᠨ ᠭᠡᠥᠭᠡᠳ ᠤᠨ ᠦᠪᠠᠷ ᠤᠨ ᠪᠡᠶ᠎ᠠ ᠪᠠᠷ ᠢᠶᠠᠨ ᠭᠤᠣᠯ ᠪᠤᠯᠭᠠᠬᠤ ᠰᠡᠳᠬᠢᠴᠡ ᠶᠢ ᠪᠠᠭᠠᠰᠬᠠᠵᠥ᠂ ᠨᠣᠭᠤᠷᠠᠯ ᠪᠦᠳᠦᠷᠢᠯ ᠢ ᠢᠯᠠᠨ ᠲᠠᠪᠠᠭ᠋ᠣ᠂ ᠨᠦᠭᠦᠳ ᠬᠤᠭᠤᠷᠣᠨᠳᠦᠭᠢ ᠬᠠᠷᠢᠯᠴᠠᠭᠠᠨ ᠤ ᠲᠣᠮᠳᠠᠭᠢ ᠵᠦᠷᠢᠴᠠᠯ ᠮᠦᠷᠭᠦᠯᠳᠦᠭᠡᠨ ᠢ ᠦᠪᠠᠷᠳᠡᠭᠡᠨ ᠰᠢᠢᠳᠪᠦᠷᠢᠯᠡᠬᠦ ᠴᠢᠳᠠᠪᠥᠷᠢ ᠲᠠᠢ ᠪᠣᠯᠭᠠᠬᠤ ᠪᠠᠷ ᠦᠯᠦ ᠪᠠᠷᠠᠨ ᠡᠷᠭᠡ ᠴᠢᠯᠦᠭᠡᠳᠡᠢ ᠨᠠᠭᠠᠳᠬᠤ᠂ ᠰᠡᠳᠭᠢᠴᠨ ᠶᠢᠨ ᠲᠠᠷᠣᠯᠳᠠ ᠶᠢ ᠪᠠᠭᠠᠰᠬᠠᠬᠤ᠂ ᠣᠷᠮ᠎ᠠ ᠶᠢ ᠭᠦᠭᠵᠢᠭᠡᠭᠦ ᠣᠴᠢᠷ ᠠᠴᠠ ᠭᠡᠥᠭᠡᠳ ᠪᠠᠶᠠᠰᠣᠩᠭᠤᠢ᠂ ᠭᠦᠷ ᠭᠦᠭᠵᠢᠶᠠᠨᠳᠡᠢ ᠪᠣᠯᠵᠥ᠂ ᠠᠶᠠᠨᠳᠠᠭᠠᠨ ᠰᠠᠶᠢᠨ ᠰᠠᠶᠢᠬᠠᠨ ᠵᠠᠩ ᠴᠢᠨᠠᠷ ᠲᠠᠢ ᠪᠣᠯᠵᠥ ᠭᠦᠭᠵᠢᠭᠦ ᠶᠤᠮ᠃      ᠵᠢᠷᠭᠤᠭ᠎ᠠ᠂ ᠬᠤᠶᠢᠰᠢᠳᠠ ᠶᠢᠨ ᠰᠠᠨᠠᠭᠠᠰᠢᠷᠬᠠᠯ      ︽ᠴᠠᠭᠠᠨ ᠬᠤᠷᠠᠭᠠᠨ ᠰᠡᠭᠦᠯ ᠪᠠᠷᠢᠬᠤ ᠲᠣᠭᠯᠠᠭᠠᠮ︾ ᠢ ᠨᠡᠩ ᠴᠠᠭᠠᠰᠢᠳᠠ ᠭᠦᠨᠵᠡᠭᠡᠶᠢᠷᠡᠭᠦᠯᠦᠨ ᠰᠣᠳᠣᠯᠵᠥ᠂ ᠭᠤᠣᠯ ᠰᠡᠳᠣᠪᠳᠥ ᠭᠦᠳᠡᠯᠭᠡᠭᠡᠨ ᠪᠣᠯᠭᠠᠨ ᠲᠡᠯᠭᠡᠷᠡᠭᠦᠯᠦᠨ ᠭᠦᠭᠵᠢᠭᠦᠯᠵᠥ᠂ ᠴᠡᠴᠡᠷᠯᠢᠭ ᠤᠨ ᠭᠡᠥᠭᠡᠳ ᠲᠤ ᠵᠢᠭᠠᠨ ᠰᠣᠷᠭᠠᠬᠤ ᠴᠢᠬᠤᠯᠨ ᠮᠠᠲ᠋ᠧᠷᠢᠶᠠᠯ ᠪᠣᠯᠭᠠᠬᠤ ᠪᠠᠷ ᠨᠡᠩ ᠣᠯᠠᠨ ᠠᠬᠠᠮᠠᠳ ᠨᠠᠰᠥᠳᠠᠳ ᠠᠴᠠ ᠠᠰᠠᠭᠤᠨ ᠯᠡᠪᠯᠠᠵᠥ᠂ ᠠᠭᠤᠯᠭ᠎ᠠ ᠭᠡᠯᠪᠠᠷᠢ ᠶᠢ ᠨᠢ ᠤᠯᠠᠮ ᠪᠠᠶᠠᠯᠢᠬᠵᠢᠭᠤᠯᠤᠨ᠂ ᠭᠡᠥᠭᠡᠳ ᠤᠨ ᠬᠠᠮᠤᠭ ᠴᠢᠯᠦᠭᠡ ᠲᠠᠢ ᠣᠷᠣᠯᠴᠠᠳᠠᠭ ᠨᠠᠭᠠᠳᠤᠮ ᠪᠤᠯᠭᠠᠨ ᠭᠦᠭᠵᠢᠭᠦᠯᠭᠦ ᠭᠡᠷᠡᠭᠳᠠᠢ᠃       ᠬᠠᠶ᠋ᠢᠬ᠄ ᠦᠤᠰᠢᠨ ᠬᠤᠰᠢᠭᠤᠨ ᠤ ᠣᠯᠠᠭᠠᠨᠳᠣᠯᠣᠭᠠᠢ ᠪᠠᠯᠭᠠᠰᠥᠨ ᠤ ᠭᠡᠥᠭᠡᠳ ᠤᠨ ᠴᠡᠴᠡᠷᠯᠢᠭ                                        ︵ᠪᠦᠭᠡᠨ᠋ᠦ᠋ᠯᠵᠡᠢ ᠨᠠᠶᠢᠷᠠᠭᠤᠯᠪᠠ︶                                          7 ᠳ᠋ᠤᠭᠠᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map