ᠮᠢᠨᠤ ᠬᠦᠭᠡᠷᠦᠬᠦᠨ ︽ᠵᠢᠭᠠᠯ ᠪᠠᠭᠰᠢ︾
ᠨᠡᠶᠢᠲᠡᠯᠡᠭᠰᠡᠨ ᠴᠠᠭ᠄
2020/4/10
                                       — ᠡᠷᠬᠢᠴᠠᠬᠦᠯᠤᠯ                                        ᠰᠠᠷᠠᠩᠭᠤᠸ᠎ᠠ      ᠪᠠᠭᠰᠢ ᠶᠢᠨ ᠰᠤᠷᠭᠠᠭᠤᠯᠢ ᠶᠢᠨ ᠲᠦᠷᠪᠡᠨ ᠵᠢᠯ ᠤᠨ ᠰᠤᠷᠤᠯᠭ᠎ᠠ ᠮᠢᠨᠢ ᠨᠢᠳᠤ ᠢᠷᠮᠡᠬᠦ ᠶᠢᠨ ᠵᠠᠭᠤᠷ᠎ᠠ  ᠲᠡᠬᠦᠰᠴᠤ᠂ ᠪᠢ ᠬᠡᠤᠬᠡᠳ ᠤᠨ ᠴᠡᠴᠡᠷᠯᠢᠭ ᠤᠨ ᠪᠠᠭᠰᠢ ᠶᠢᠨ ᠠᠵᠢᠯ ᠠᠯᠪᠠ ᠲᠠᠢ ᠪᠤᠯᠤᠯ᠎ᠠ᠃ ᠠᠵᠢᠯ ᠤᠨ ᠪᠠᠶᠢᠷᠢ ᠶᠢᠨ ᠪᠤᠯᠪᠠᠰᠤᠷᠠᠯ ᠢᠶᠠᠨ ᠦᠩᠭᠡᠷᠡᠭᠡᠵᠦ᠂ ᠠᠩᠬᠢ ᠶᠢᠨ ᠡᠷᠬᠢᠯᠡᠭᠴᠢ ᠪᠤᠯᠬᠤ ᠬᠢᠷᠢ ᠬᠡᠮ ᠲᠠᠢ ᠪᠤᠯᠤᠭᠰᠠᠨ ᠤ ᠳᠠᠷᠠᠭᠠᠬᠢ ᠠᠩᠬᠠᠠ ᠤ ᠠᠩᠬᠢ ᠶᠢᠨ ᠬᠡᠤᠬᠡᠳ ᠤᠳ ᠢᠶᠠᠨ ᠲᠤᠰᠤᠨ ᠤᠭᠳᠤᠭᠰᠠᠨ ᠶᠤᠮ᠃ ᠠᠯᠢᠶ᠎ᠠ ᠲᠡᠭᠵᠢᠨ ᠬᠤᠷᠢ ᠭᠤᠴᠢᠭᠠᠳ ᠬᠡᠤᠬᠡᠳ ᠠᠩᠬᠢ ᠲᠦᠬᠦᠷᠡᠩ ᠦᠢᠮᠡᠯᠳᠤᠨ ᠬᠦᠶᠤᠯᠴᠡᠵᠤ᠂ ᠶᠠᠭᠠᠬᠢᠵᠦ ᠠᠷᠭᠠᠯᠠᠭᠰᠠᠨ ᠴᠦ ᠰᠤᠨᠤᠰᠬᠤ ᠦᠭᠡᠢ ᠪᠤᠯᠬᠤᠷ ᠠᠭᠤᠷᠯᠠᠵᠤ ᠪᠠᠴᠢᠮᠳᠠᠭᠰᠠᠨ ᠪᠢ ᠦᠪᠡᠷ ᠤᠨ ᠡᠷᠭᠡ ᠦᠭᠡᠢ ᠬᠤᠷᠭᠤᠨ ᠲᠡᠬᠡᠷ᠎ᠠ ᠪᠠᠶᠢᠭᠰᠠᠨ ᠤᠷᠳᠤ ᠱᠤᠭᠤᠮ ᠢ ᠪᠠᠷᠢᠭᠠᠳ ᠠᠪᠤᠪᠠ᠃ ᠡᠨᠡᠬᠡᠨ ᠬᠤᠷᠤᠮ ᠳᠤ ᠲᠡᠷᠡ ᠵᠢᠯ ᠤᠨ ︽ᠵᠢᠭᠠᠯ ᠪᠠᠭᠰᠢ︾ ᠶᠢᠨ ᠲᠦᠷᠢ ᠮᠢᠨᠤ ᠲᠠᠷᠢᠬᠢᠨ ᠳᠤ ᠬᠢᠯᠠᠰᠬᠢᠨ ᠤᠷᠤᠵᠦ ᠢᠷᠡᠵᠡᠢ᠃ ᠪᠢ ᠱᠤᠭᠤᠮ ᠢᠶᠠᠨ ᠪᠤᠴᠠᠭᠠᠨ ᠪᠠᠶᠢᠷᠢᠨ ᠳᠤ ᠨᠢ ᠲᠠᠯᠪᠢᠪᠠ ᠁      ᠪᠠᠭᠰᠢ ᠶᠢᠨ ᠰᠤᠷᠭᠠᠭᠤᠯᠢ ᠳᠤ ᠰᠤᠷᠤᠯᠴᠠᠵᠤ ᠪᠠᠶᠢᠭᠰᠠᠨ ᠭᠤᠷᠪᠠᠳᠡᠬᠢ ᠵᠢᠯ ᠤᠨ ᠵᠤᠨ ᠤ ᠠᠮᠠᠷᠠᠯᠳᠠ ᠪᠤᠯᠵᠤ ᠬᠡᠷ ᠲᠤ ᠪᠠᠨ ᠬᠠᠷᠢᠬᠤ ᠬᠡᠵᠤ ᠬᠦᠭᠰᠦᠨ ᠬᠦᠬᠡᠷᠦᠯᠳᠦᠵᠦ ᠪᠠᠶᠢᠭᠰᠠᠨ ᠪᠢᠳᠠ ᠭᠡᠳᠤᠭᠦᠯᠡ ᠡᠮᠦᠨ᠎ᠡ ᠡᠳᠦᠷ ᠨᠢ ᠠᠶᠠᠠᠴᠢᠳ ᠤᠨ ᠮᠠᠰᠢᠨ ᠲᠡᠷᠬᠡᠨ ᠤ ᠪᠢᠯᠧᠲ ᠤᠯᠵᠤ ᠲᠠᠶᠢᠯᠦᠭᠰᠡᠨ ᠦᠬᠡᠢ ᠲᠤᠯᠠ ᠲᠠᠷᠠᠭ᠎ᠠ ᠡᠳᠤᠷ ᠢ ᠬᠦᠯᠢᠶᠡᠬᠦ ᠯᠠ ᠬᠡᠷᠡᠭ ᠲᠠᠢ ᠪᠤᠯᠵᠠᠢ᠃ ᠴᠢᠩᠬᠢᠬᠡᠳ ᠪᠢᠳᠠ ᠨᠠᠶᠢᠵᠠ‌‍ᠶᠢᠨ ᠢᠶᠠᠨ ᠰᠠᠳᠤᠨ ᠤ ᠳᠤ ᠠᠶᠢᠯᠴᠢᠯᠠᠵᠤ ᠲᠤᠭᠤᠷᠢᠬᠤ ᠪᠠᠷ ᠪᠤᠯᠤᠭᠰᠠᠨ ᠶᠤᠮ᠃ ᠲᠡᠷᠡ ᠠᠶᠢᠯ ᠳᠤ ᠤᠷᠦᠬᠤ ᠳᠤ ᠨᠢᠬᠡᠨ ᠬᠦᠬᠡᠷᠤᠬᠦᠨ ᠪᠢᠴᠢᠬᠠᠨ ᠦᠬᠢᠨ ᠱᠠᠯᠠᠨ ᠲᠡᠬᠡᠷ᠎ᠠ ᠬᠡᠤᠬᠡᠯᠳᠡᠢ ᠲᠤᠭᠯᠠᠭᠠᠮ ᠤᠳ ᠢᠶᠠᠨ ᠮᠦᠷᠯᠡᠬᠦᠯᠤᠨ ᠵᠢᠠᠠᠰᠠᠭᠠᠵᠤ᠂ ᠦᠪᠡᠷ ᠢᠶᠠᠨ ᠤᠷᠳᠤ ᠱᠤᠭᠤᠮ ᠪᠠᠷᠢᠴᠢᠬᠠᠭᠰᠠᠨ ᠲᠤᠭᠯᠠᠵᠤ ᠪᠠᠶᠢᠭ᠎ᠠ ᠨᠢ ᠬᠠᠷᠠᠭᠳᠠᠯ᠎ᠠ᠃ ᠡᠵᠡᠨ ᠪᠢᠳᠡᠨ ᠢ ᠬᠠᠯᠠᠭᠤᠮᠰᠤᠭ ᠢᠶᠠᠷ ᠤᠭᠳᠤᠪᠠ᠃ ︽ᠦᠬᠢᠨ ᠢᠶᠠᠨ ᠡᠨ᠋ᠨ ᠬᠠᠪᠤᠷ ᠴᠡᠴᠡᠷᠯᠢᠭ ᠲᠤ ᠬᠦᠷᠬᠡᠭᠰᠡᠡ ᠠᠴᠠ ᠬᠤᠶᠢᠰᠢ ᠬᠡᠷ ᠲᠤ ᠪᠠᠨ ᠬᠠᠷᠢᠵᠤ ᠢᠷᠡᠪᠡᠯ᠂ ᠡᠨ᠋ᠨ ᠬᠡᠳᠤᠨ ᠬᠡᠤᠬᠡᠯᠳᠡᠢ ᠪᠠᠨ ᠮᠦᠷᠯᠡᠬᠦᠯᠵᠤ ᠵᠢᠠᠠᠰᠠᠭᠠᠬᠤ ᠪᠤᠶᠤ ᠪᠢᠳᠠᠠ ᠢ ᠮᠦᠷᠯᠡᠬᠦᠯᠵᠤ ᠰᠠᠭᠤᠯᠭᠠᠴᠢᠬᠠᠭᠠᠳ ᠦᠪᠡᠷ ᠢᠶᠠᠨ ᠪᠠᠭᠰᠢ ᠪᠤᠯᠵᠦ ᠲᠤᠭᠯᠠᠭᠠᠳ ᠪᠠᠶᠢᠬᠤ ᠪᠤᠯᠤᠯ᠎ᠠ︾ ᠭᠡᠵᠦ ᠢᠨᠢᠶᠡᠮᠰᠦᠭᠯᠡᠨ ᠶᠠᠷᠢᠵᠤ ᠪᠠᠶᠢᠯ᠎ᠠ᠃      ᠪᠢᠳᠠ ᠪᠢᠴᠢᠬᠠᠨ ᠦᠬᠢᠨ ᠤ ᠡᠰᠡᠷᠬᠦ ᠲᠠᠯ᠎ᠠ ᠶᠢᠨ ᠰᠠᠠᠳᠠᠯᠢ ᠲᠡᠬᠡᠷ᠎ᠠ ᠰᠠᠭᠤᠭᠠᠳ ᠤᠳᠠᠯ ᠦᠭᠡᠢ ᠦᠬᠢᠨ ᠲᠠᠢ ᠲᠠᠨᠢᠯᠴᠠᠵᠤ ᠲᠠᠰᠤᠯᠴᠠᠪᠠ᠃ ᠦᠬᠢᠨ ᠲᠤᠭᠯᠠᠵᠤ ᠪᠠᠶᠢᠭᠰᠠᠨ ᠢᠶᠠᠨ᠄ ︽ᠪᠢ ᠤᠳᠦ ᠲᠠ ᠨᠠᠷ ᠲᠤ ᠬᠢᠴᠢᠶᠠᠯ ᠤᠷᠤᠨ᠎ᠠ ᠰᠢᠤ᠂ ︿ᠪᠠᠭᠰᠢ ᠡ᠂ ᠰᠠᠶᠢᠨ ᠤᠤ︖﹀ ᠬᠡᠵᠤ ᠬᠡᠯᠡᠬᠦ ᠦᠬᠡᠢ ᠶᠤᠮ ᠤᠤ︖︾ ᠬᠡᠳ ᠱᠤᠭᠤᠮ ᠢᠶᠠᠨ ᠪᠠᠷᠢᠴᠢᠬᠠᠭᠠᠳ ᠪᠢᠳᠠᠨ ᠤ ᠡᠮᠤᠨ᠎ᠠ ᠢᠷᠠᠪᠡ᠂ ᠢᠩᠬᠢᠭᠡᠳ ᠪᠢᠳᠠ ᠪᠢᠴᠢᠬᠠᠨ ᠦᠬᠢᠨ ᠤ ᠰᠤᠷᠤᠭᠴᠢ ᠨᠢ ᠪᠤᠯᠴᠢᠬᠠᠵᠤ ︽ᠭᠠᠷ ᠢᠶᠠᠨ ᠠᠷᠤ ᠳᠤ ᠪᠠᠨ ᠡᠭᠦᠷᠦᠭᠡᠳ ᠲᠡᠭᠰᠢᠬᠡᠡ ᠰᠠᠭᠤ︕ ᠪᠤᠤ ᠬᠦᠳᠡᠯ︕ ᠪᠤᠤ ᠲᠤᠤᠭᠠᠷ︕︾ ᠬᠡᠵᠤ ᠨᠢᠳᠦ ᠪᠠᠨ ᠡᠷᠡᠶᠢᠯᠬᠡᠠ᠂ ᠴᠢᠷᠠᠢ ᠪᠠᠨ ᠪᠠᠷᠦ᠋ᠢᠯᠭᠠᠵᠤ ᠱᠤᠭᠤᠮ ᠢᠶᠠᠨ ᠪᠢᠳᠠᠨ ᠤ ᠡᠮᠤᠨᠡᠬᠢ ᠰᠢᠷᠡᠬᠡᠨ ᠲᠡᠬᠡᠷ᠎ᠠ ᠴᠤᠬᠢᠵᠤ ᠭᠠᠷᠤᠯ᠎ᠠ᠂ ︽ᠴᠢ᠂ ᠦᠷᠯᠤᠬᠡ ᠪᠤᠯᠭᠠᠨ ᠶᠠᠭᠤᠨ ᠳᠤ ᠪᠠᠨ ᠤᠬᠢᠯᠠᠭᠠᠳ ᠪᠠᠶᠢᠳᠠᠭ ᠶᠤᠮ︖︾ ᠬᠡᠳ ᠮᠠᠠ ᠤ ᠨᠠᠶᠢᠵᠠ ᠶᠢ ᠮᠠᠭᠤᠬᠠᠢ ᠬᠠᠷᠠᠵᠤ ᠠᠪᠤᠭᠰᠠᠨ ᠢᠶᠠᠨ᠄ ︽ᠬᠤᠭᠤᠯᠨ ᠪᠠᠨ ᠪᠢᠳᠠᠬᠡᠢ ᠭᠤᠭᠤᠵᠢᠭᠤᠯᠤᠭᠠᠳ ᠪᠠᠢ︕︾ ᠬᠡᠳ ᠬᠦᠶᠤᠨ ᠢᠷᠡᠵᠤ ᠮᠢᠨᠤ ᠲᠤᠯᠤᠭᠠᠢ ᠲᠡᠬᠡᠷ᠎ᠠ ᠲᠤᠭᠰᠢᠭᠠᠳ ᠠᠪᠤᠪᠠ᠃ ︽ᠵᠠ᠂ ᠤᠳᠦ ᠪᠠᠭᠰᠢ ᠨᠢ ᠬᠢᠴᠢᠶᠠᠯ ᠢᠶᠠᠨ ᠤᠷᠤᠶ᠎ᠠ ᠁︾ ᠬᠡᠰᠡᠨ ᠢᠶᠠᠨ᠄ ︽ᠶᠠᠮᠠᠷ ᠬᠠᠴᠢᠨ ᠬᠡᠤᠬᠡᠳ ᠪᠤᠢ᠂ ᠶᠠᠭᠤ ᠶᠠᠷᠢᠭᠠᠳ ᠪᠠᠶᠢᠨ᠎ᠠ ᠪᠤᠢ︖︾ ᠬᠡᠳ ᠨᠠᠳᠠ ᠤᠷᠤᠭᠤ ᠬᠠᠷᠠᠭᠠᠳ ᠢᠨᠢᠶᠠᠵᠤ ᠪᠠᠶᠢᠭᠰᠠᠨ ᠨᠠᠶᠢᠵᠠ ᠶᠢᠨ ᠮᠢᠨᠢ ᠠᠮᠠ ᠶᠢ ᠪᠢᠴᠢᠬᠠᠨ ᠭᠠᠷ ᠢᠶᠠᠷ ᠢᠶᠠᠨ ᠠᠯᠠᠭᠠᠳᠠᠬᠤ ᠰᠢᠬ ᠪᠤᠯᠤᠭᠠᠳ ᠠᠪᠤᠯ᠎ᠠ᠃ ᠡᠨ᠋ᠨ ᠮᠡᠳᠤ ᠪᠠᠷ ᠶᠠᠩᠵᠤ ᠶᠠᠩᠵᠤ ᠪᠠᠷ ᠶᠠᠷᠢᠵᠤ᠂ ᠶᠠᠩᠵᠤ ᠶᠠᠩᠵᠤ ᠶᠢᠨ ᠠᠭᠠᠰᠢ ᠬᠦᠳᠡᠯᠬᠡᠬᠡᠨ ᠭᠠᠷᠭᠠᠨ ᠲᠤᠭᠯᠠᠵᠤ ᠪᠠᠶᠢᠭ᠎ᠠ ᠶᠢ ᠨᠢ ᠬᠠᠷᠠᠬᠤ ᠳᠤ ᠶᠠᠭ ᠯᠠ ᠲᠡᠬᠦᠨ ᠤ ᠪᠠᠭᠰᠢ ᠨᠢ ᠲᠡᠷᠡ ᠲᠦᠷᠢ ᠪᠠᠷ ᠢᠶᠠᠨ ᠪᠢᠳᠠᠡ ᠤ ᠡᠮᠤᠨ᠎ᠠ ᠵᠤᠭᠰᠤᠵᠤ ᠪᠠᠶᠢᠭ᠎ᠠ ᠮᠡᠳᠤ ᠰᠠᠨᠠᠭᠳᠠᠵᠦ᠂ ᠡᠬᠢᠯᠡᠬᠡᠳ ᠪᠢᠳᠠ ᠢᠨᠢᠶᠠᠳᠤ ᠬᠦᠷᠴᠤ ᠦᠬᠢᠠ ᠢ ᠱᠤᠠᠠᠯᠠᠠ ᠲᠤᠠᠠᠯᠠᠵᠤ ᠪᠠᠶᠢᠭᠰᠠᠠ ᠢᠶᠠᠨ ᠰᠡᠬᠦᠯᠳᠡᠵᠤ ᠲᠠᠷᠢᠬᠢᠨ ᠳᠤ ᠮᠢᠨᠢ ᠡᠯᠳᠡᠪ ᠤᠨ ᠵᠦᠢᠯ ᠪᠤᠳᠤᠭᠳᠠᠵᠤ᠂ ︽ᠶᠠᠭᠠᠬᠢᠭᠰᠠᠨ ᠴᠤ ᠡᠶᠢᠮᠤ ᠪᠠᠭᠰᠢ ᠯᠡ ᠪᠤᠤ ᠪᠤᠯᠤᠶ᠎ᠠ︾ ᠬᠡᠰᠡᠠ ᠪᠤᠳᠤᠯ ᠡᠪᠤᠷᠯᠠᠵᠤ ᠲᠠᠷᠠ ᠠᠶᠢᠯ ᠠᠴᠠ ᠭᠠᠷᠴᠦ ᠢᠷᠡᠭᠰᠡᠨ ᠪᠢᠯᠡ᠃      ︽ᠲᠠᠭᠤᠷᠢᠶᠠᠬᠤ ᠪᠤᠯ ᠬᠡᠤᠬᠡᠳ ᠤᠨ ᠨᠡᠶᠢᠬᠡᠮ ᠠᠴᠠ ᠰᠤᠷᠤᠯᠴᠠᠬᠤ ᠨᠢᠬᠡ ᠵᠦᠢᠯ ᠤᠨ ᠴᠢᠬᠤᠯᠨ ᠪᠦᠬᠦᠢ ᠠᠷᠭ᠎ᠠ ᠵᠠᠮ ᠮᠦᠨ︾ ᠬᠡᠳᠡᠭ ᠢ ᠰᠤᠷᠭᠠᠨ ᠬᠦᠮᠦᠵᠢᠯ ᠤᠨ ᠰᠡᠳᠬᠢᠴᠡ ᠵᠦᠢ ᠳᠤ ᠲᠤᠷᠠᠳᠤᠭᠰᠠᠨ ᠪᠠᠶᠢᠳᠠᠬ᠃ ᠰᠤᠷᠭᠠᠭᠤᠯᠢ ᠶᠢᠨ ᠨᠠᠰᠤᠨ ᠠᠴᠠ ᠡᠮᠤᠨᠡᠬᠢ ᠬᠡᠤᠬᠡᠳ ᠪᠤᠰᠤᠤᠨ ᠤᠨ ᠦᠢᠯᠠ ᠠᠵᠢᠯᠯᠠᠭ᠎ᠠ ᠶᠢᠨ ᠵᠦᠪ ᠪᠤᠷᠤᠭᠤ ᠶᠢ ᠮᠠᠭᠠᠳᠯᠠᠬᠤ ᠴᠢᠳᠠᠪᠤᠷᠢ ᠦᠬᠡᠢ ᠪᠤᠯᠬᠤᠷ ᠶᠡᠷᠤ ᠨᠢ ᠰᠠᠶᠢᠨ ᠮᠠᠭᠤ ᠶᠢ ᠢᠯᠭᠠᠬᠤ ᠦᠬᠡᠢ ᠲᠠᠭᠤᠷᠢᠶᠠᠳᠠᠭ᠃      ᠬᠡᠤᠬᠡᠳ ᠴᠡᠴᠡᠷᠯᠢᠭ ᠲᠤ ᠤᠷᠤᠭᠰᠠᠨ ᠠᠴᠠ ᠬᠤᠶᠢᠰᠢ ᠪᠦᠳᠤᠨ ᠡᠳᠤᠷ ᠪᠠᠭᠰᠢ ᠨᠠᠶᠢᠵᠠ ᠨᠠᠷ ᠲᠠᠢ ᠪᠠᠨ ᠬᠠᠮᠳᠤ ᠪᠠᠶᠢᠵᠤ᠂ ᠪᠠᠭᠰᠢ ᠶᠢᠨ ᠦᠬᠡ ᠶᠠᠷᠢᠶ᠎ᠠ᠂ ᠦᠢᠯᠠ ᠠᠵᠢᠯᠯᠠᠭ᠎ᠠ ᠨᠢ ᠲᠡᠷᠡ ᠪᠦᠬᠦᠨ ᠢᠶᠠᠷ ᠢᠶᠠᠨ ᠬᠡᠤᠬᠡᠳ ᠲᠤ ᠤᠯᠠᠮᠵᠢᠯᠠᠭᠳᠠᠵᠦ ᠬᠡᠤᠬᠡᠳ ᠤᠨ ᠴᠢᠳᠠᠪᠤᠷᠢ ᠪᠤᠯᠤᠨ ᠵᠠᠩ ᠠᠷᠠᠨᠰᠢᠨ ᠪᠦᠷᠢᠯᠳᠤᠬᠦ ᠶᠢ ᠨᠦᠯᠤᠬᠡᠯᠡᠳᠡᠭ᠃ ᠪᠠᠭᠰᠢ ᠶᠢᠨ ᠢᠶᠠᠨ ᠦᠬᠡ ᠶᠠᠷᠢᠶ᠎ᠠ ᠬᠦᠳᠡᠯᠬᠡᠬᠡᠨ ᠪᠦᠷᠢ ᠶᠢ ᠬᠡᠤᠬᠡᠳ ᠨᠢᠳᠦ ᠪᠠᠷ ᠢᠶᠠᠨ ᠬᠠᠷᠠᠵᠤ᠂ ᠰᠡᠳᠬᠢᠯ ᠵᠢᠷᠤᠬᠡᠠ ᠳᠤ ᠪᠠᠨ ᠬᠦᠯᠢᠶᠠᠠ ᠠᠪᠳᠠᠭ ᠨᠢ ᠬᠡᠤᠭᠡᠳ ᠤᠨ ᠦᠰᠦᠨ ᠪᠤᠶᠢᠵᠢᠯᠳᠠ ᠶᠢᠨ ᠵᠢᠮ᠎ᠡ ᠶᠤᠰᠤ ᠶᠤᠮ᠃ ᠡᠶᠢᠮᠤ ᠠᠴᠠ ᠪᠠᠭᠰᠢ ᠪᠠ ᠬᠡᠤᠬᠡᠳ ᠤᠨ ᠬᠠᠮᠳᠤ ᠳᠤ ᠪᠠᠨ ᠪᠠᠶᠢᠭ᠎ᠠ ᠡᠳᠤᠷ ᠲᠤᠳᠤᠮ ᠤᠨ ᠠᠮᠢᠳᠤᠷᠠᠯ ᠨᠢ ᠲᠠᠷᠤᠢ ᠰᠤᠷᠭᠠᠨ ᠬᠦᠮᠦᠵᠢᠯ ᠮᠦᠨ ᠭᠡᠳᠡᠭ ᠢ ᠮᠢᠨᠤ ︽ᠵᠢᠭᠠᠯ ᠪᠠᠭᠰᠢ︾ ᠬᠡᠷᠡᠴᠢᠯᠡᠨ ᠨᠤᠳᠠᠯᠠᠵᠦ ᠪᠠᠶᠢᠨ᠎ᠠ᠃      ᠠᠭᠤᠷᠯᠠᠵᠦ ᠪᠠᠴᠢᠮᠳᠠᠬᠤ ᠲᠤᠷ᠎ᠠ ᠲᠠᠢ᠂ ᠬᠡᠦᠬᠡᠳ ᠤᠳ ᠲᠠᠢ ᠬᠠᠷᠢᠴᠠᠬᠤ ᠳᠤ ᠪᠠᠨ ᠦᠠᠳᠤᠷ ᠲᠠᠭᠤᠨ ᠢᠶᠠᠷ ᠪᠠᠷᠬᠢᠷᠠᠬᠤ᠂ ᠠᠵᠢᠯ ᠬᠢᠳᠡᠯ ᠨᠢ ᠠᠯᠠᠩ ᠰᠠᠯᠠᠩ ᠪᠠᠶᠢᠳᠠᠭ ᠪᠠᠭᠰᠢ ᠶᠢᠨ ᠬᠡᠤᠬᠡᠳ ᠤᠳ ᠨᠢ ᠦᠷᠬᠦᠯᠵᠢ ᠲᠡᠪᠵᠢᠶᠠᠨ ᠱᠤᠤᠬᠢᠶᠠᠠ ᠲᠠᠢ᠂ ᠡᠯ᠎ᠠ ᠲᠠᠯ᠎ᠠ ᠶᠢᠨ ᠲᠠᠳᠬᠠᠯ ᠬᠡᠪᠰᠢᠯ ᠨᠢ ᠪᠤᠯᠪᠠᠰᠤᠨ ᠪᠤᠰᠤ ᠪᠠᠶᠢᠵᠤ᠂ ᠠᠭᠤᠷᠯᠠᠵᠤ ᠬᠠᠰᠬᠢᠷᠠᠬᠤ ᠦᠬᠡᠢ ᠪᠤᠯ ᠪᠤᠰᠤᠳ ᠤᠨ ᠦᠬᠡ ᠴᠢᠬᠢ ᠪᠠᠷ ᠨᠢ ᠤᠷᠤᠬᠤ ᠦᠬᠡᠢ ᠪᠤᠯᠴᠢᠬᠠᠳᠠᠭ᠃ ᠬᠠᠷᠢᠨ ᠬᠡᠵᠢᠶᠡᠳᠡ ᠨᠠᠮ ᠲᠦᠯᠬᠡᠠ᠂ ᠠᠭᠤᠵᠢᠭᠤ ᠲᠠᠯᠪᠢᠭᠤ᠂ ᠠᠪᠢᠶᠠᠰᠯᠢᠭ ᠪᠠᠭᠰᠢ ᠶᠢᠨ ᠬᠡᠤᠬᠡᠳ ᠤᠳ ᠨᠢ ᠨᠠᠮᠵᠢᠭᠤᠬᠠᠨ ᠤᠬᠠᠭᠠᠯᠢᠭ ᠮᠦᠷᠳᠡᠬᠡᠨ ᠰᠡᠳᠬᠢᠯ ᠰᠠᠨᠠᠭ᠎ᠠ ᠲᠠᠯᠪᠢᠭᠤ᠂ ᠪᠡᠶ᠎ᠡ ᠪᠠᠨ ᠡᠵᠡᠮᠳᠡᠬᠦ ᠴᠢᠳᠠᠪᠦᠷᠢ ᠲᠠᠢ᠂ ᠶᠠᠮᠠᠷᠪᠠ ᠵᠦᠢᠯ ᠳᠤ ᠨᠠᠷᠢᠨ ᠬᠢᠨᠠᠮᠠᠭᠠᠢ ᠪᠠᠶᠢᠳᠠᠭ ᠵᠡᠷᠭᠡ ᠲᠠᠯ᠎ᠠ ᠪᠠᠷ ᠪᠤᠰᠤᠳ ᠠᠴᠠ ᠤᠨᠴᠠᠭᠠᠶᠢᠷᠠᠵᠦ ᠬᠠᠷᠠᠭᠳᠠᠳᠠᠭ ᠶᠤᠮ᠃      ᠴᠡᠴᠡᠷᠯᠢᠭ ᠤᠨ ᠬᠡᠤᠬᠡᠳ ᠨᠢ ᠶᠠᠭ ᠰᠠᠶᠢᠬᠠᠨ ᠦᠰᠪᠤᠷᠢ ᠶᠢᠨ ᠱᠠᠳᠤᠨ ᠳᠤ ᠪᠠᠨ ᠪᠠᠶᠢᠵᠤ ᠶᠢᠷᠲᠢᠨᠴᠦ ᠶᠢᠨ ᠦᠵᠡᠯ᠂ ᠶᠤᠰᠤ ᠮᠤᠷᠠᠯ ᠤᠨ ᠦᠵᠡᠯ ᠤᠬᠠᠮᠰᠠᠷ᠂ ᠨᠡᠶᠢᠬᠡᠮ ᠤᠨ ᠲᠤᠬᠠᠢ ᠲᠠᠨᠢᠯᠳᠠ ᠵᠡᠷᠬᠡ ᠨᠢ ᠬᠠᠷᠠᠬᠠᠨ ᠪᠦᠷᠢᠯᠳᠤᠬᠡᠳᠤᠢ ᠮᠦᠷᠳᠡᠬᠡᠨ ᠲᠠᠭᠤᠷᠢᠶᠠᠬᠤ ᠴᠢᠨᠠᠷ ᠢᠶᠠᠷ ᠴᠢᠩᠭ᠎ᠠ ᠪᠠᠶᠢᠳᠠᠭ ᠲᠤᠯᠠ ᠴᠡᠴᠡᠷᠯᠢᠭ ᠤᠨ ᠪᠠᠭᠰᠢ ᠪᠤᠯᠬᠤ ᠳᠤ ᠵᠠᠪᠠᠯ ᠦᠪᠡᠷ ᠤᠨ ᠵᠦᠪ ᠤᠪᠤᠷ᠂ ᠵᠦᠪ ᠦᠢᠯᠠ ᠠᠵᠢᠯᠯᠠᠭ᠎ᠠ ᠪᠠᠷ ᠢᠶᠠᠨ ᠭᠡᠤᠭᠡᠳ ᠢ ᠨᠦᠯᠤᠬᠡᠯᠡᠬᠦ ᠶᠢ ᠤᠠᠴᠠᠭᠠᠶᠢᠯᠠᠨ ᠬᠢᠴᠢᠶᠠᠵᠤ᠂ ︽ᠵᠢᠭᠠᠯ ᠪᠠᠭᠰᠢ︾ ᠠᠴᠠ ᠰᠤᠷᠭᠠᠮᠵᠢ ᠠᠪᠴᠤ᠂ ᠬᠡᠤᠬᠡᠳ ᠲᠤ ᠰᠠᠶᠢᠨ ᠦᠯᠢᠬᠡᠷ ᠲᠠᠭᠤᠷᠢᠶᠠᠯ ᠪᠤᠯᠬᠤ ᠪᠠᠷ ᠴᠢᠷᠮᠠᠶᠢᠪᠠᠯ ᠵᠤᠬᠢᠨ᠎ᠠ᠃           ᠬᠠᠶ᠋ᠢᠬ᠄ ᠡᠷᠢᠶᠠᠨ ᠬᠤᠳᠠ ᠶᠢᠨ ᠦᠠᠳᠤᠰᠤᠳᠠᠨ ᠤ ᠬᠡᠤᠬᠡᠳ ᠤᠨ ᠴᠡᠴᠡᠷᠯᠢᠭ                                    ︵ᠡᠾᠦ᠋ᠩ ᠮᠸᠢ ᠨᠠᠶᠢᠷᠠᠭᠤᠯᠪᠠ︶                                 10  ᠳ᠋ᠤᠭᠠᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map