︽ᠮᠤᠩᠭᠤᠯ ᠤᠨ ᠨᠢᠭᠤᠴᠠ ᠳᠤᠪᠴᠢᠶᠠᠨ︾ ᠳᠤ ᠬᠢ ᠡᠮᠡᠭᠳᠠᠶᠢᠴᠦᠳ ᠤᠨ ᠲᠦᠷᠢ ᠶᠢ ᠰᠢᠨᠵᠢᠯᠡᠬᠦ ᠨᠢ
ᠨᠡᠶᠢᠲᠡᠯᠡᠭᠰᠡᠨ ᠴᠠᠭ᠄
2020/4/10
                           ᠬᠠᠰᠪᠠᠭᠠᠨ᠎ᠠ      ᠳᠡᠯᠡᠬᠡᠢ ᠶᠢᠨ ᠠᠩᠬᠠᠷᠤᠯ ᠢ ᠲᠠᠳᠠᠭᠰᠠᠨ ︽ᠮᠤᠩᠭᠤᠯ ᠤᠨ ᠨᠢᠭᠤᠴᠠ ᠲᠤᠪᠴᠢᠶᠠᠨ︾ ᠳᠤ ᠤᠯᠠᠨ ᠠᠴᠠ ᠴᠤᠯᠭᠤᠷᠠᠭᠰᠠᠨ ᠰᠤᠳᠤᠨ ᠡᠮᠡᠭᠲᠡᠶᠢᠴᠦᠳ ᠤᠨ ᠳᠦᠷᠢ ᠤᠯᠠᠨ ᠢᠯᠡᠷᠡᠭᠰᠡᠨ ᠪᠠᠶᠢᠨ᠎ᠠ᠃ ᠲᠡᠳᠡᠭᠡᠷ ᠤᠨ ᠵᠠᠷᠢᠮ ᠨᠢ ᠭᠡᠷ ᠪᠦᠯᠢ ᠶᠢᠨ ᠰᠤᠷᠭᠠᠨ ᠬᠦᠮᠦᠵᠢᠯ ᠢᠶᠠᠷ ᠬᠦᠮᠦᠰ ᠲᠤ ᠶᠤᠰᠦ ᠤᠴᠢᠷ ᠢ ᠳᠠᠮ ᠪᠤᠶᠤ ᠰᠢᠭᠤᠳ ᠢᠶᠠᠷ ᠮᠡᠳᠡᠭᠦᠯᠵᠦ᠂ ᠵᠠᠷᠢᠮ ᠨᠢ ᠡᠶ᠎ᠡ ᠪᠦᠯᠬᠦᠮᠳᠡᠯ ᠤᠨ ᠲᠦᠯᠦᠭᠡ᠂ ᠤᠭᠰᠠᠭ᠎ᠠ ᠶᠠᠰᠤᠲᠠᠨ ᠤ ᠲᠦᠯᠦᠭᠡ᠂ ᠲᠦᠷᠦ ᠭᠦᠷᠦᠨ ᠤ ᠲᠦᠯᠦᠭᠡ ᠲᠡᠮᠡᠴᠡᠵᠠᠢ᠃ ᠲᠤᠰ ᠦᠭᠦᠯᠡᠯ ᠳᠤ ᠠᠯᠤᠨ ᠭᠤᠸ᠎ᠠ᠂ ᠦᠭᠡᠯᠦᠨ ᠦᠵᠢᠨ᠂ ᠪᠦᠷᠲᠡ ᠦᠵᠢᠨ ᠤ ᠳᠦᠷᠢ ᠶᠢᠨ ᠳᠤᠬᠠᠢ ᠰᠢᠨᠵᠢᠯᠡᠬᠦ ᠪᠤᠯᠤᠨ᠎ᠠ᠃      ᠮᠤᠩᠭᠤᠯᠴᠤᠳ ᠤᠨ ᠳᠡᠯᠡᠬᠡᠢ ᠶᠢᠷᠲᠢᠡᠴᠦ ᠶᠢᠨ ᠠᠩᠬᠠᠷᠤᠯ ᠢ ᠲᠠᠲᠠᠵᠦ᠂ ᠤᠯᠠᠨ ᠨᠡᠶᠢᠲᠡ ᠳᠤ ᠭᠠᠶᠢᠬᠠᠭᠳᠠᠨ ᠪᠢᠰᠢᠷᠡᠭᠲᠡᠵᠦ ᠶᠠᠪᠤᠭᠰᠠᠨ ᠡᠨᠡ ᠬᠦ ᠬᠦᠭᠵᠢᠯ ᠬᠤᠪᠢᠷᠠᠯ ᠤᠨ ᠶᠠᠪᠤᠴᠠ ᠳᠤ ᠮᠠᠰᠢ ᠤᠯᠠᠨ ᠪᠠᠭᠠᠳᠤᠷ ᠰᠤᠤᠳᠦ ᠡᠮᠡᠭᠳᠠᠶᠢᠴᠦᠳ ᠴᠤᠯᠭᠤᠷᠠᠨ ᠭᠠᠷᠴᠤ᠂ ᠦᠪᠡᠷ ᠤᠨ ᠤᠶᠤᠨ ᠤᠬᠠᠭᠠᠨ ᠢᠶᠠᠨ ᠭᠠᠶᠢᠬᠠᠭᠤᠯᠵᠤ᠂ ᠲᠡᠦᠬᠡᠨ ᠬᠠᠭᠤᠳᠠᠰᠤᠨ ᠳᠤ ᠠᠯᠳᠠᠷ ᠨᠡᠷ᠎ᠠ ᠪᠠᠨ ᠲᠠᠭᠤᠷᠢᠰᠤᠭᠤᠯᠵᠠᠢ᠃ ᠲᠡᠳᠡ ᠬᠠᠮᠤᠭ ᠤᠯᠤᠰ ᠤᠨ ᠬᠠᠭᠠᠳ ᠨᠤᠶᠠᠳ ᠲᠤ ᠬᠠᠪᠰᠤᠷᠤᠭᠴᠢ ᠵᠦᠪᠯᠡᠭᠴᠢ ᠪᠤᠯᠵᠦ᠂ ᠲᠡᠳᠡᠨ‌‍ᠤ ᠠᠵᠢᠯ ᠦᠢᠯᠡᠰ ᠲᠤ ᠨᠢ ᠲᠤᠰᠠ ᠳᠡᠮᠵᠢᠯᠭᠡ ᠪᠠᠨ ᠬᠦᠷᠭᠡᠵᠦ ᠶᠠᠪᠤᠭᠰᠠᠨ ᠶᠤᠮ᠃ ᠲᠡᠳᠡᠭᠡᠷ ᠤᠯᠠᠨ ᠪᠠᠭᠠᠳᠤᠷ ᠰᠤᠤᠳᠤ ᠡᠮᠡᠭᠳᠠᠶᠢᠴᠦᠳ ᠠᠴᠠ ᠬᠠᠮᠤᠬ ᠲᠦᠯᠦᠭᠡᠯᠡᠬᠦ ᠴᠢᠨᠠᠷᠳᠠᠢ ᠭᠤᠷᠪᠠᠨ ᠬᠦᠮᠦᠨ ᠢ ᠰᠤᠩᠭᠤᠵᠦ᠂ ᠲᠡᠳᠡᠨ ᠤ ᠦᠢᠯᠡ ᠠᠵᠢᠯᠯᠠᠭ᠎ᠠ ᠶᠢ ᠲᠠᠮᠳᠡᠭᠯᠡᠨ ᠠᠪᠴᠦ᠂ ᠡᠨᠡ ᠬᠦ ᠦᠭᠦᠯᠡᠯ ᠢ ᠪᠢᠴᠢᠭᠰᠡᠨ ᠶᠤᠮ᠃      ᠨᠢᠭᠡ᠂ ᠠᠯᠤᠨ ᠭᠤᠸ᠎ᠠ      ᠠᠯᠤᠨ ᠭᠤᠸ᠎ᠠ ᠡᠬᠡ ᠶᠢ ᠶᠠᠷᠢᠬᠤ ᠲᠠᠢ ᠵᠡᠷᠭᠡ ᠳᠤᠪᠤ ᠮᠡᠷᠭᠡᠨ ᠢ ᠵᠠᠪᠠᠯ ᠳᠤᠷᠠᠳᠬᠤ ᠴᠢᠬᠤᠯᠠ‌‍ᠲ᠋ᠠᠢ ᠪᠠᠶᠢᠳᠠᠭ᠃ ᠳᠤᠪᠤ ᠮᠡᠷᠭᠡᠨ ᠪᠤᠯ ᠮᠤᠩᠭᠤᠯ ᠤᠨ ᠳᠡᠭᠡᠳᠦ ᠪᠦᠷᠳᠡ ᠴᠢᠨ᠋ᠸ᠎ᠠ ᠬᠤᠸᠠ ᠮᠠᠷᠠᠯ ᠤᠨ ᠠᠷᠪᠠᠨ ᠨᠢᠭᠡᠳᠦᠭᠡᠷ ᠦᠶ᠎ᠡ ᠶᠢᠨ ᠦᠷᠡᠰ᠂ ᠦᠭᠡᠷ᠎ᠡ ᠪᠠᠷ ᠬᠡᠯᠡᠪᠡᠯ᠂ ᠴᠢᠩᠭᠢᠰ ᠬᠠᠭᠠᠨ ᠤ ᠠᠷᠪᠠᠨ ᠬᠤᠶᠠᠳᠤᠭᠠᠷ ᠦᠶ᠎ᠡ ᠶᠢᠨ ᠡᠪᠦᠭᠡ ᠪᠤᠯᠤᠨ᠎ᠠ᠃ ︽ᠮᠤᠩᠭᠤᠯ ᠤᠨ ᠨᠢᠭᠤᠴᠠ ᠲᠤᠪᠴᠢᠶᠠᠨ︾ ᠤ ᠲᠡᠮᠳᠡᠭᠡᠯᠡᠯ ᠢ ᠦᠨᠳᠦᠰᠦᠯᠡᠪᠡᠯ᠂ ᠲᠤᠪᠦ ᠮᠡᠷᠭᠡᠨ ᠤ ᠭᠡᠷ ᠪᠤᠯ ︽ᠪᠤᠷᠤᠯᠳᠠᠢ ᠰᠤᠶᠤᠯᠪᠢ ᠭᠡᠮᠡᠬᠦ ᠵᠠᠯᠠᠭᠤ ᠵᠠᠷᠤᠴᠠ ᠲᠠᠢ᠂ ᠳ᠋ᠠᠶᠢᠷ ᠪᠤᠷᠤ ᠬᠤᠶᠠᠷ ᠬᠦᠯᠦᠭ ᠲᠠᠢ︾᠂ ᠵᠠᠷᠤᠬᠤ ᠠᠴᠠ ᠵᠠᠷᠤᠴᠠ ᠲᠠᠢ᠂ ᠤᠨᠤᠬᠤ‌ᠡᠴᠠ ᠤᠨᠤᠭ᠎ᠠ ᠲᠠᠢ ᠪᠠᠶᠠᠨ ᠲᠠᠷᠭᠤᠨ ᠠᠮᠢᠳᠤᠷᠠᠯ ᠲᠠᠢ ᠠᠶᠢᠯ ᠪᠠᠶᠢᠪᠠ᠃      ᠠᠯᠤᠨ ᠭᠤᠸ᠎ᠠ ᠡᠬᠡ ᠳᠤᠪᠤ ᠮᠡᠷᠭᠡᠨ ᠤ ᠡᠬᠡᠨᠠᠷ ᠪᠤᠯᠵᠦ ᠰᠠᠭᠤᠭᠠᠳ ᠪᠦᠬᠦᠨᠦᠲᠠᠢ᠂ ᠪᠡᠯᠭᠦᠨᠦᠳᠡᠢ ᠭᠡᠰᠡᠨ ᠨᠡᠷ᠎ᠡ ᠲᠠᠢ ᠬᠤᠶᠠᠷ ᠬᠦᠦ ᠲᠦᠷᠦᠵᠠᠢ᠃ ᠬᠤᠵᠢᠮ ᠨᠢ ᠳᠤᠪᠤ ᠮᠡᠷᠭᠡᠨ ᠨᠠᠰᠤ ᠪᠠᠷᠠᠭᠰᠠᠨ ᠤ ᠳᠠᠷᠠᠭ᠎ᠠ᠂ ᠪᠡᠯᠪᠡᠰᠦᠨ ᠪᠠᠶᠢᠬᠤ ᠳᠤ ᠪᠠᠨ ᠪᠤᠬ᠎ᠠ ᠬᠠᠲᠠᠬᠢ᠂ ᠪᠤᠭᠳᠤ ᠰᠠᠯᠵᠢ᠂ ᠪᠤᠳᠤᠨᠴᠠᠷ ᠮᠤᠩᠬᠠᠭ ᠨᠡᠷ᠎ᠡ ᠲᠠᠢ ᠭᠤᠷᠪᠠᠨ ᠬᠦᠦ ᠲᠦᠷᠦᠵᠠᠢ᠃ ᠡᠬᠡ ᠶᠢᠨ ᠢᠶᠠᠨ ᠡᠷ᠎ᠡ ᠦᠭᠡᠢ ᠪᠠᠷ ᠭᠤᠷᠪᠠᠨ ᠬᠦᠦ ᠲᠦᠷᠦᠭᠰᠡᠨ ᠳᠤ ᠪᠦᠬᠦᠨᠦᠲᠠᠢ᠂ ᠪᠡᠯᠭᠦᠨᠦᠳᠡᠢ ᠡᠯᠳᠡᠪ ᠵᠦᠢᠯ ᠢᠶᠠᠷ ᠰᠡᠵᠢᠭᠯᠡᠨ ᠶᠠᠷᠢᠯᠴᠠᠵᠦ ᠪᠠᠶᠢᠭᠰᠠᠨ ᠢ ᠬᠤᠷᠴᠠ ᠰᠡᠷᠭᠦᠯᠡᠩ ᠠᠯᠤᠨ ᠭᠤᠸ᠎ᠠ ᠡᠬᠡ ᠤᠯᠵᠦ ᠮᠡᠳᠡᠭᠡᠳ᠂ ᠡᠨᠡ ᠤᠴᠢᠷ ᠢ ᠬᠤᠶᠠᠷ ᠬᠦᠦ ᠳᠤ ᠪᠠᠨ ᠲᠠᠶᠢᠯᠪᠤᠷᠢᠯᠠᠵᠦ ᠦᠭᠬᠦ ᠦᠭᠡᠢ ᠪᠤᠯᠬᠤ ᠦᠭᠡᠢ ᠭᠡᠳᠡᠭ ᠢ ᠲᠠᠨᠢᠵᠦ ᠤᠯᠵᠠᠢ᠃ ᠲᠡᠷᠡ ᠨᠢᠭᠡ ᠡᠳᠦᠷ ᠲᠠᠪᠤᠨ ᠬᠡᠦᠬᠡᠳ ᠢᠶᠠᠨ ᠳᠡᠷᠭᠡᠲᠡ ᠪᠠᠨ ᠳᠠᠭᠤᠲᠠᠨ ᠠᠪᠴᠢᠷᠠᠵᠦ᠂ ᠭᠡᠷᠡᠯ ᠢᠶᠠᠷ ᠵᠢᠷᠮᠦᠰᠦᠯᠩᠰᠡᠨ ᠭᠡᠳᠡᠭ ᠳᠤᠮᠤᠭ ᠵᠤᠬᠢᠶᠠᠨ ᠶᠠᠷᠢᠵᠦ ᠥᠭᠴᠡᠢ᠃ ᠲᠡᠷᠡ ᠲᠠᠪᠤᠨ ᠬᠦᠦ ᠳᠤ ᠪᠠᠨ᠄ ︽ᠲᠠ ᠨᠠᠷ ᠨᠠᠷᠢᠨ ᠤᠴᠢᠷ ᠢ ᠮᠡᠳᠡᠬᠦ ᠦᠭᠡᠢ ᠪᠠᠶᠢᠭᠠᠳ ᠶᠠᠭᠤᠨ ᠳᠤ ᠳᠡᠮᠡᠢ ᠶᠠᠭᠤᠮ᠎ᠠ ᠶᠠᠷᠢᠬᠤ ᠪᠣᠢ︖ ᠰᠦᠨᠢ ᠪᠦᠷᠢ ᠨᠠᠮ᠎ᠠ ᠶᠢ ᠤᠨᠲᠠᠵᠦ ᠪᠠᠶᠢᠲᠠᠯ᠎ᠠ ᠴᠠᠭᠠᠨ ᠰᠢᠷ᠎ᠠ ᠬᠦᠮᠦᠨ ᠡᠷᠦᠬᠡ ᠳᠤᠭᠤᠨᠤ ᠪᠠᠷ ᠭᠡᠷᠡᠯ ᠰᠠᠴᠤᠷᠠᠭᠤᠯᠤᠭᠰᠠᠭᠠᠷ ᠤᠷᠤᠵᠦ ᠢᠷᠡᠭᠡᠳ ᠮᠢᠨᠤ ᠬᠡᠪᠡᠯᠢ ᠶᠢ ᠢᠯᠢᠵᠦ᠂ ᠭᠡᠷᠡᠯ ᠨᠢ ᠮᠢᠨᠤ ᠬᠡᠪᠡᠯᠢ ᠳᠤ ᠰᠢᠩᠭᠡᠳᠡᠭ᠃ ᠲᠡᠷᠡ ᠬᠦᠮᠦᠨ ᠤᠷᠭᠤᠬᠤ ᠨᠠᠷᠠᠨ ᠤ ᠦᠶ᠎ᠡ ᠪᠠᠷ ᠰᠢᠷ᠎ᠠ ᠨᠤᠬᠠᠢ ᠮᠡᠳᠦ ᠰᠢᠷᠪᠠᠯᠵᠡᠭᠰᠡᠷ ᠭᠠᠷᠴᠦ ᠶᠠᠪᠤᠨ᠎ᠠ᠃ ᠡᠭᠦᠨ ᠠᠴᠠ ᠦᠵᠡᠬᠦ ᠳᠤ ᠡᠨᠡ ᠭᠤᠷᠪᠠᠨ ᠬᠡᠦᠬᠡᠳ ᠡᠩ ᠤᠨ ᠬᠠᠷᠠᠴᠤ ᠠᠷᠠᠳ ᠲᠠᠢ ᠠᠳᠠᠯᠢ ᠦᠭᠡᠢ︾ [1]   ᠭᠡᠪᠡ᠃      ᠡᠭᠦᠨ ᠤ ᠳᠠᠷᠠᠭ᠎ᠠ᠂ ᠠᠯᠤᠨ ᠭᠤᠸ᠎ᠠ ᠡᠬᠡ ᠲᠠᠪᠤᠨ ᠮᠦᠰᠦᠨ ᠠᠪᠴᠢᠷᠠᠵᠦ᠂ ᠲᠠᠪᠤᠨ ᠬᠦᠦ ᠪᠠᠨ ᠰᠤᠷᠭᠠᠭᠰᠠᠨ ᠪᠠᠶᠢᠨ᠎ᠠ᠃ ᠬᠦᠮᠦᠨ ᠪᠦᠷᠢ ᠳᠤ ᠨᠢᠵᠡᠭᠡᠳ ᠮᠦᠰᠦᠨ ᠪᠠᠷᠢᠭᠤᠯᠵᠦ ︽ᠬᠤᠭᠤᠯ︾ ᠭᠡᠰᠡᠨ ᠳᠤ ᠲᠡᠳᠡ ᠬᠦᠴᠦ ᠤᠷᠤᠭᠤᠯᠤᠭᠰᠠᠨ ᠦᠭᠡᠢ ᠠᠪ ᠠᠮᠠᠷᠬᠠᠨ ᠬᠤᠭᠤᠯᠵᠦ ᠤᠷᠬᠢᠪᠠ᠃ ᠵᠠᠯᠭᠠᠭᠠᠳ ᠲᠠᠪᠤᠨ ᠮᠦᠰᠦᠨ ᠢ ᠨᠡᠶᠢᠯᠡᠭᠦᠯᠦᠨ ᠦᠭᠭᠦᠭᠡᠳ ︽ᠬᠤᠭᠤᠯ︾ ᠭᠡᠰᠡᠨ ᠳᠤ ᠬᠡᠨ ᠠᠯᠢᠨ ᠨᠢ ᠴᠦ ᠬᠤᠭᠤᠯᠵᠦ ᠴᠢᠳᠠᠭᠰᠠᠨ ᠦᠭᠡᠢ᠃ ᠡᠭᠦᠨ ᠳᠤ ᠠᠯᠤᠨ ᠭᠤᠸ᠎ᠠ ᠡᠬᠡ ᠠᠴᠠ᠄ ︽ᠲᠠᠨ ᠤ ᠲᠠᠪᠤᠭᠤᠯᠠ ᠪᠦᠷ ᠮᠢᠨᠤ ᠨᠢᠭᠡ ᠯᠠ ᠬᠡᠪᠡᠯᠢ ᠠᠴᠠ ᠲᠦᠷᠦᠭᠰᠡᠨ ᠶᠤᠮ᠂ ᠲᠠ ᠨᠠᠷ ᠬᠡᠷᠪᠡ ᠭᠠᠭᠴᠠ ᠭᠠᠭᠴᠠᠭᠠᠷ ᠢᠶᠠᠨ ᠰᠠᠯᠤᠨ ᠬᠠᠭᠠᠴᠠᠵᠦ᠂ ᠬᠤᠪᠢ ᠬᠤᠪᠢ ᠪᠠᠨ ᠬᠦᠭᠡᠭᠡᠪᠡᠯ᠂ ᠶᠠᠭ ᠨᠢᠭᠡ ᠮᠦᠰᠦᠨ ᠰᠢᠭ ᠠᠮᠠᠷᠬᠠᠨ ᠬᠤᠭᠤᠷᠠᠵᠦ ᠪᠤᠰᠤᠳ ᠲᠤ ᠢᠯᠠᠭᠳᠠᠨ᠎ᠠ᠂ ᠭᠡᠪᠡᠴᠦ ᠪᠠᠭᠯᠠᠭᠰᠠᠨ ᠲᠠᠪᠤᠨ ᠮᠦᠰᠦᠨ ᠰᠢᠭ ᠪᠦᠯᠬᠦᠮᠳᠡᠨ ᠨᠢᠭᠡᠳᠴᠦ ᠶᠠᠪᠤᠪᠠᠯ ᠬᠡᠨ ᠳᠤ ᠴᠦ ᠢᠯᠠᠭᠳᠠᠬᠤ ᠦᠭᠡᠢ ᠪᠤᠯᠤᠨ᠎ᠠ︾ [2] ᠭᠡᠵᠦ ᠰᠤᠷᠭᠠᠵᠦ ᠬᠡᠯᠡᠭᠰᠡᠨ ᠪᠠᠶᠢᠨ᠎ᠠ᠃      ᠠᠯᠤᠨ ᠭᠤᠸ᠎ᠠ ᠡᠬᠡ ᠶᠢᠨ ᠡᠨᠡ ᠰᠤᠷᠭᠠᠯ ᠦᠭᠡᠨ ᠳᠤ᠂ ᠪᠦᠯᠬᠦᠮᠳᠡᠨ ᠨᠢᠭᠲᠠᠷᠠᠬᠤ ᠶᠢᠨ ᠴᠢᠬᠤᠯᠠ ᠴᠢᠨᠠᠷ ᠪᠠ ᠬᠠᠭᠠᠴᠠᠵᠦ ᠪᠤᠲᠠᠷᠠᠬᠤ ᠶᠢᠨ ᠠᠶᠤᠯ ᠬᠤᠤᠷ ᠢ ᠲᠤᠩ ᠲᠦᠷᠰᠦᠯᠢᠭ ᠢᠶᠠᠷ ᠴᠢᠬᠤᠯᠠᠴᠢᠯᠠᠵᠦ ᠵᠢᠭᠠᠭᠰᠠᠨ ᠶᠤᠮ᠃ ᠪᠠᠯᠠᠷ ᠬᠤᠴᠤᠷᠤᠩᠭᠤᠢ ᠨᠡᠶᠢᠭᠡᠮ ᠳᠤ᠂ ᠡᠴᠢᠭᠡ ᠪᠤᠯᠤᠭᠰᠠᠳ ᠨᠢ ᠠᠵᠤ ᠲᠦᠷᠦᠬᠦ ᠶᠢᠨ ᠭᠤᠤᠯ ᠲᠤᠯᠭᠠᠭᠤᠷᠢ ᠬᠦᠴᠦᠨ ᠪᠤᠯᠤᠭᠰᠠᠨ ᠤ ᠬᠤᠪᠢ ᠳᠤ ᠭᠡᠷ ᠤᠷᠤᠨ ᠳᠤ ᠪᠠᠨ ᠬᠤᠷᠭᠤᠳᠠᠵᠦ ᠰᠠᠭᠤᠬᠤ ᠨᠢ ᠲᠤᠩ ᠬᠤᠪᠤᠷ ᠪᠠᠶᠢᠭᠰᠠᠨ ᠤᠴᠢᠷ ᠠᠴᠠ᠂ ᠦᠷ᠎ᠡ ᠬᠡᠦᠬᠡᠳ ᠢᠶᠠᠨ ᠰᠤᠷᠭᠠᠵᠦ ᠬᠦᠮᠦᠵᠢᠭᠦᠯᠬᠦ ᠡᠭᠦᠷᠭᠡ ᠬᠠᠷᠢᠭᠤᠴᠠᠯᠭ᠎ᠠ ᠶᠢ ᠭᠤᠤᠯᠳᠠᠭᠤ ᠡᠬᠡᠴᠦᠳ ᠨᠢ ᠡᠭᠦᠷᠭᠡᠯᠡᠵᠦ ᠪᠠᠶᠢᠵᠠᠢ᠃      ᠪᠢᠳᠠᠭᠤ ᠮᠤᠩᠬᠠᠭ ᠭᠡᠵᠦ ᠭᠤᠯᠤᠭᠳᠠᠵᠤ ᠪᠠᠶᠢᠭᠰᠠᠨ ᠪᠤᠳᠤᠨᠴᠠᠷ ᠮᠤᠩᠬᠠᠭ ᠬᠦᠷᠲᠡᠯ᠎ᠡ ︽ᠪᠡᠶ᠎ᠡ ᠲᠦᠷᠦᠭᠦᠦ ᠲᠠᠢ᠂ ᠲᠡᠪᠡᠯ ᠵᠠᠬ᠎ᠠ ᠲᠠᠢ ᠰᠠᠶᠢᠨ︾ [3] ᠭᠡᠳᠡᠭ ᠭᠦᠨ ᠤᠬᠠᠭᠠᠯᠢᠭ᠂ ᠤᠯᠤᠰ ᠲᠦᠷᠦ ᠶᠢᠨ ᠵᠤᠷᠢᠯᠳᠠ ᠲᠠᠢ ᠦᠵᠡᠯᠲᠡ ᠶᠢ ᠲᠤᠷᠠᠳᠤᠨ ᠭᠠᠷᠭᠠᠭᠰᠠᠨ ᠶᠤᠮ᠃ ︽ᠮᠤᠩᠭᠤᠯ ᠤᠨ ᠨᠢᠭᠤᠴᠠ ᠲᠤᠪᠴᠢᠶᠠᠨ︾ ᠳᠤ ᠬᠢ ᠠᠯᠤᠨ ᠭᠤᠸ᠎ᠠ ᠡᠬᠡ ᠶᠢᠨ ᠲᠦᠷᠢ ᠪᠤᠯ ᠪᠢᠯᠢᠭ ᠰᠠᠶᠢᠳᠠᠢ᠂ ᠤᠶᠤᠨ ᠤᠬᠠᠭᠠᠨ ᠲᠠᠢ ᠠᠭᠤᠤ ᠶᠡᠭᠡ ᠡᠮᠡᠭᠲᠡᠢ ᠪᠤᠯᠤᠨ᠎ᠠ᠃      ᠬᠤᠶᠠᠷ᠂ ᠦᠭᠡᠯᠦᠨ ᠦᠵᠢᠨ      ᠡᠷᠲᠡᠨ ᠤ ᠮᠤᠩᠭᠤᠯ ᠤᠨ ᠰᠤᠤᠳᠦ ᠡᠮᠡᠭᠲᠡᠶᠢᠴᠦᠳ ᠢ ᠲᠤᠷᠠᠳᠬᠤ ᠳᠤ ᠦᠭᠡᠯᠦᠨ ᠡᠬᠡ ᠶᠢᠨ ᠠᠴᠢ ᠭᠠᠪᠢᠶ᠎ᠠ ᠶᠢ ᠮᠠᠷᠲᠠᠵᠦ ᠪᠤᠯᠬᠤ ᠦᠭᠡᠢ᠃ ᠶᠢᠰᠦᠭᠡᠢ ᠪᠠᠭᠠᠳᠤᠷ ᠢ ᠨᠠᠰᠤ ᠪᠠᠷᠠᠬᠤ ᠲᠠᠢ ᠵᠡᠷᠭᠡ᠂ ᠶᠢᠰᠦᠭᠡᠢ ᠪᠠᠭᠠᠳᠤᠷ ᠤᠨ ᠲᠦᠷᠦᠯ ᠰᠠᠳᠤᠨ᠂ ᠬᠠᠷᠢᠶᠠᠳᠦ ᠢᠷᠭᠡᠳ᠂ ᠠᠨᠳᠠ ᠨᠦᠬᠦᠷ᠂ ᠵᠠᠷᠤᠴᠠ ᠪᠤᠭᠤᠯ ᠨᠢ ᠬᠦᠷᠲᠡᠯ᠎ᠡ ᠰᠠᠯᠵᠦ ᠶᠠᠪᠤᠭᠰᠠᠨ ᠠᠴᠠ ᠲᠡᠳᠡᠨ ᠤ ᠠᠵᠦ ᠠᠮᠢᠳᠤᠷᠠᠯ ᠨᠢ ᠡᠳᠦᠷ ᠢᠷᠡᠬᠦᠶ᠎ᠡ ᠪᠡᠷᠬᠡᠳᠡᠨ ᠲᠦᠢᠯᠳᠠᠵᠦ᠂ ᠦᠬᠦᠯ ᠤᠨᠠᠯ ᠤᠨ ᠠᠶᠤᠯ ᠵᠤᠪᠠᠯᠠᠩ ᠴᠦ ᠲᠤᠯᠭᠠᠷᠠᠵᠦ ᠪᠠᠶᠢᠯ᠎ᠠ᠃ ᠭᠡᠶ᠎ᠡ᠂ ᠬᠦᠴᠢᠷ ᠪᠡᠷᠬᠡ ᠠᠶᠤᠯ ᠵᠤᠪᠠᠯᠠᠩ ᠲᠠᠢ ᠭᠠᠰᠢᠭᠤᠨ ᠬᠠᠷᠠᠰᠠᠯᠳᠦ ᠪᠠᠶᠢᠳᠠᠯ ᠨᠢ ᠦᠭᠡᠯᠦᠨ ᠡᠬᠡ ᠶᠢᠨ ᠰᠦᠰᠥ ᠵᠤᠷᠢᠭ ᠢ ᠮᠤᠬᠤᠭᠠᠵᠦ ᠴᠢᠳᠠᠭᠰᠠᠨ ᠦᠭᠡᠢ᠃ ᠰᠦᠰᠥ ᠵᠤᠷᠢᠭ ᠲᠠᠢ ᠦᠭᠡᠯᠦᠨ ᠡᠬᠡ ᠲᠤᠯᠭᠠᠷᠠᠵᠦ ᠢᠷᠡᠭᠰᠡᠨ ᠠᠵᠤ ᠠᠮᠢᠳᠤᠷᠠᠯ ᠤᠨ ᠢᠶᠠᠨ ᠭᠠᠴᠢᠭ ᠬᠦᠴᠢᠷᠳᠡᠯ ᠲᠠᠢ ᠰᠢᠳᠦ ᠵᠠᠭᠤᠨ ᠲᠡᠮᠡᠴᠡᠵᠦ ᠶᠠᠪᠤᠪᠠ᠃ ᠲᠡᠷᠡ ᠠᠵᠢᠯᠴᠢ ᠰᠢᠷᠭᠠᠭᠤ ᠬᠦᠳᠡᠯᠮᠦᠷᠢᠨ᠂ ᠭᠤᠭᠤᠳ ᠮᠠᠩᠭᠢᠷ ᠲᠡᠭᠦᠵᠦ᠂ ᠵᠢᠭᠠᠰᠦ ᠵᠢᠷᠭᠠᠬᠠᠢ ᠰᠢᠭᠦᠨ᠂ ᠲᠠᠷᠪᠠᠭ᠎ᠠ ᠵᠤᠷᠠᠮ᠎ᠠ ᠠᠩᠨᠠᠵᠦ᠂ ᠠᠮᠢ ᠭᠤᠤᠯ ᠢᠶᠠᠨ ᠵᠠᠯᠭᠠᠵᠦ ᠠᠷᠠᠢ ᠴᠢᠮᠠᠢ ᠠᠮᠢᠳᠤᠷᠠᠵᠦ ᠶᠠᠪᠤᠭᠰᠠᠨ ᠪᠢᠯᠡ᠃ ᠡᠭᠦᠨ ᠢᠶᠠᠷ ᠦᠯᠦ ᠪᠠᠷᠠᠮ᠂ ᠦᠨᠦᠴᠢᠨ ᠬᠤᠴᠤᠷᠤᠭᠰᠠᠨ ᠦᠷ᠎ᠡ ᠬᠡᠦᠬᠡᠳ ᠢᠶᠠᠨ ᠰᠤᠷᠭᠠᠨ ᠬᠦᠮᠦᠵᠢᠭᠦᠯᠵᠦ᠂ ᠬᠦᠮᠦᠨ ᠤ ᠵᠡᠷᠭᠡ ᠳᠤ ᠬᠦᠷᠭᠡᠬᠦ ᠭᠡᠵᠦ ᠬᠦᠴᠦᠯᠡᠨ ᠴᠢᠷᠮᠠᠶᠢᠭᠰᠠᠨ ᠪᠢᠯᠡ᠃      ᠦᠭᠡᠯᠦᠨ ᠡᠬᠡ ᠶᠢᠨ ᠠᠵᠦ ᠠᠮᠢᠳᠤᠷᠠᠯ ᠤᠨ ᠢᠶᠠᠨ ᠬᠦᠴᠢᠷ ᠭᠠᠴᠢᠭ ᠲᠠᠢ ᠬᠡᠷᠬᠢᠨ ᠲᠡᠮᠡᠴᠡᠵᠦ᠂ ᠦᠨᠦᠴᠢᠨ ᠦᠷᠦᠭᠡᠰᠦᠨ ᠦᠷ᠎ᠡ ᠬᠡᠦᠬᠡᠳ ᠢᠶᠠᠨ ᠬᠡᠷᠬᠢᠨ ᠭᠦᠮᠦᠵᠢᠭᠦᠯᠦᠨ ᠦᠰᠭᠡᠵᠦ ᠪᠠᠶᠢᠭᠰᠠᠨ ᠪᠠ ᠲᠡᠭᠦᠨ ᠤ ᠡᠷᠡᠰ ᠬᠠᠲᠠᠭᠤ ᠰᠦᠰᠥ ᠵᠤᠷᠢᠭ᠂ ᠠᠵᠢᠯᠴᠢ ᠬᠦᠳᠡᠯᠮᠦᠷᠢᠴᠢ ᠵᠠᠩ ᠴᠢᠨᠠᠷ ᠢ ︽ᠮᠤᠩᠭᠤᠯ ᠤᠨ ᠨᠢᠭᠤᠴᠠ ᠲᠤᠪᠴᠢᠶᠠᠨ︾ ᠳᠤ ᠰᠢᠯᠦᠭ ᠤᠨ ᠬᠡᠯᠪᠡᠷᠢ ᠪᠠᠷ ᠪᠢᠴᠢᠭᠰᠡᠨ ᠪᠠᠶᠢᠨ᠎ᠠ᠃ ᠲᠠᠷᠤᠢ᠄      ᠤᠶᠤᠨ ᠲᠠᠢ ᠲᠦᠷᠦᠭᠰᠡᠨ ᠦᠭᠡᠯᠦᠨ ᠦᠵᠢᠨ      ᠤᠶᠤᠳᠠᠯᠳᠦ ᠳᠡᠪᠡᠯ ᠢ ᠤᠭᠰᠢᠭᠤᠯᠤᠨ ᠡᠮᠦᠰᠴᠦ      ᠤᠭᠤᠳᠤᠷ ᠬᠤᠷᠮᠤᠢ ᠶᠢ ᠰᠢᠭᠤᠨ ᠪᠦᠰᠡᠯᠡᠵᠦ      ᠤᠨᠤᠨ ᠮᠦᠷᠡᠨ ᠢ ᠦᠭᠰᠦᠵᠦ ᠤᠷᠤᠭᠤᠳᠠᠵᠦ      ᠤᠯᠢᠷᠰᠤ ᠮᠦᠢᠯ ᠢ ᠲᠡᠭᠦᠵᠦ ᠶᠠᠪᠤᠵᠦ      ᠦᠴᠦᠬᠡᠨ ᠬᠦᠪᠡᠭᠦᠳ ᠢᠶᠠᠨ ᠬᠠᠶᠢᠷᠠᠯᠠᠨ ᠲᠡᠵᠢᠭᠡᠵᠦ      ᠡᠳᠦᠷ ᠰᠦᠨᠢ ᠶᠢ ᠠᠷᠭᠠᠴᠠᠭᠠᠨ ᠦᠩᠭᠡᠷᠡᠭᠦᠯᠪᠡ᠃      ᠴᠢᠳᠠᠯ ᠲᠠᠢ ᠲᠦᠷᠦᠭᠰᠡᠨ ᠦᠭᠡᠯᠦᠨ ᠡᠬᠡ      ᠴᠠᠷᠠᠰᠤᠨ ᠱᠤᠷᠤ ᠶᠢ ᠪᠠᠷᠢᠨ ᠶᠠᠪᠤᠵᠦ      ᠴᠠᠪᠴᠢᠮ᠎ᠠ ᠭᠠᠵᠠᠷ ᠢ ᠦᠭᠰᠦᠵᠦ ᠤᠷᠤᠭᠤᠳᠠᠵᠦ      ᠬᠠᠪᠢ ᠶᠢᠨ ᠮᠠᠩᠭᠢᠷ ᠢ ᠮᠠᠯᠲᠠᠨ ᠲᠡᠭᠦᠵᠦ      ᠬᠠᠳ ᠬᠦᠪᠡᠭᠦᠳ ᠢᠶᠠᠨ ᠬᠠᠶᠢᠷᠠᠯᠠᠨ ᠲᠡᠵᠢᠭᠡᠵᠦ      ᠬᠠᠨᠲᠠᠯ᠎ᠠ ᠴᠠᠳᠲᠠᠯ᠎ᠠ ᠢᠳᠡᠭᠦᠯᠵᠦ ᠦᠰᠭᠡᠪᠡ᠃      ᠭᠤᠸ᠎ᠠ ᠲᠦᠷᠦᠭᠰᠡᠨ ᠦᠭᠡᠯᠦᠨ ᠡᠬᠡ      ᠭᠤᠬ᠎ᠠ ᠳᠡᠭᠡᠭᠡ ᠪᠠᠷᠢᠨ ᠶᠠᠪᠤᠵᠦ      ᠭᠤᠤᠯ ᠵᠡᠪᠡ ᠶᠢ ᠦᠭᠰᠦᠵᠦ ᠤᠷᠤᠭᠤᠳᠠᠵᠦ      ᠭᠤᠭᠤᠳ ᠮᠠᠩᠭᠢᠷ ᠢ ᠲᠡᠭᠦᠨ ᠶᠠᠪᠤᠵᠦ      ᠬᠤᠳᠤᠭᠲᠠᠨ ᠬᠦᠪᠡᠭᠦᠳ ᠢᠶᠠᠨ ᠲᠡᠵᠢᠭᠡᠨ ᠦᠰᠭᠡᠪᠡ [4] ᠭᠡᠬᠦ ᠮᠡᠳᠦ᠃      ᠦᠭᠡᠯᠦᠨ ᠡᠬᠡ ᠬᠦᠴᠢᠷ ᠵᠤᠪᠠᠯᠠᠩ ᠢ ᠲᠤᠭᠤᠯᠤᠨ᠂ ᠦᠷ᠎ᠡ ᠬᠡᠦᠬᠡᠳ ᠢᠶᠠᠨ ᠭᠡᠳᠡᠰᠦ ᠴᠠᠳᠬᠤᠯᠠᠩ᠂ ᠮᠦᠷᠦ ᠪᠦᠳᠦᠨ ᠶᠠᠪᠤᠭᠤᠯᠵᠦ ᠪᠠᠶᠢᠭᠰᠠᠨ ᠢᠶᠠᠷ ᠦᠯᠦ ᠪᠠᠷᠠᠮ ᠦᠷ᠎ᠡ ᠬᠡᠦᠬᠡᠳ ᠲᠤ ᠪᠠᠨ ᠡᠶ᠎ᠡ ᠪᠦᠯᠬᠦᠮᠳᠡᠯ ᠢ ᠴᠢᠬᠤᠯᠠᠴᠢᠯᠠᠨ ᠰᠤᠷᠭᠠᠵᠦ ᠪᠠᠶᠢᠭᠰᠠᠨ ᠶᠤᠮ᠃ ᠲᠠᠷᠤᠢ 1173 ᠤᠨ ᠳᠤ ᠵᠢᠭᠠᠰᠤ ᠪᠤᠯᠵᠤᠮᠤᠷ ᠪᠤᠯᠢᠶᠠᠯᠳᠤᠭᠰᠠᠨ ᠬᠡᠷᠡᠭ ᠢᠶᠠᠷ ᠲᠡᠮᠦᠵᠢᠨ ᠬᠠᠰᠠᠷ ᠬᠤᠶᠠᠭᠤᠯᠠ ᠪᠡᠭᠲᠡᠷ ᠢ ᠬᠠᠷᠪᠤᠵᠦ ᠠᠯᠠᠭᠰᠠᠨ ᠨᠢ ᠦᠭᠡᠯᠦᠨ ᠡᠬᠡ ᠶᠢ ᠲᠦᠢᠯ ᠢᠶᠠᠷ ᠬᠢᠯᠢᠩᠨᠡᠭᠦᠯᠵᠦ ᠪᠢᠯᠡ᠃ ᠦᠭᠡᠯᠦᠨ ᠡᠬᠡ᠄      ︽ᠬᠠᠨᠢ ᠪᠠᠨ ᠪᠠᠷᠠᠭᠰᠠᠳ      ᠬᠠᠯᠠᠭᠤᠨ ᠬᠡᠪᠡᠯᠢ ᠠᠴᠠ ᠬᠠᠭᠠᠷᠠᠨ ᠭᠠᠷᠬᠤ ᠳᠤ ᠪᠠᠨ      ᠬᠠᠷ᠎ᠠ ᠨᠦᠵᠢ ᠠᠳᠬᠤᠨ ᠲᠦᠷᠦᠭᠰᠡᠨ ᠪᠢᠯᠡ᠃      ᠬᠠᠪᠢᠷᠭ᠎ᠠ ᠪᠠᠨ ᠬᠠᠵᠠᠬᠤ      ᠬᠠᠰᠠᠷ ᠨᠤᠬᠠᠢ ᠮᠡᠳᠦ      ᠬᠠᠳᠠᠨ ᠳᠤ ᠲᠤᠪᠳᠤᠯᠬᠤ      ᠬᠠᠪᠠᠯᠠᠨ ᠢᠷᠪᠢᠰ ᠮᠡᠳᠦ      ᠠᠭᠤᠷ ᠢᠶᠠᠨ ᠳᠠᠷᠤᠨ ᠶᠠᠳᠠᠬᠤ      ᠤᠮᠤᠭᠳᠤ ᠠᠷᠰᠯᠠᠨ ᠮᠡᠳᠦ      ᠠᠮᠢᠳᠦ ᠶᠢ ᠵᠠᠯᠭᠢᠬᠤ      ᠠᠶᠤᠯᠳᠦ ᠮᠠᠩᠭᠤᠰ ᠮᠡᠳᠦ      ᠰᠡᠭᠦᠳᠡᠷ ᠢᠶᠠᠨ ᠲᠤᠪᠳᠤᠯᠬᠤ      ᠱᠤᠩᠬᠤᠷ ᠰᠢᠪᠠᠭᠤ ᠮᠡᠳᠦ      ᠰᠠᠮ ᠢ ᠵᠠᠯᠭᠢᠬᠤ      ᠴᠤᠷᠠᠭ᠎ᠠ ᠵᠢᠭᠠᠰᠤ ᠮᠡᠳᠦ      ᠪᠤᠳᠤᠭᠤ ᠶᠢᠨ ᠢᠶᠠᠨ      ᠪᠣᠷᠪᠢ ᠶᠢ ᠬᠠᠵᠠᠬᠤ      ᠦᠯ ᠪᠤᠤᠷ᠎ᠠ ᠮᠡᠳᠦ      ᠪᠤᠷᠤᠭᠠᠨ ᠳᠤ ᠰᠢᠭᠠᠬᠤ      ᠬᠦᠬᠡ ᠴᠢᠨ᠋ᠸ᠎ᠠ ᠮᠡᠳᠦ      ᠦᠷ᠎ᠡ ᠪᠠᠨ ᠦᠯᠳᠡᠵᠦ      ᠡᠭᠦᠷ ᠲᠤ ᠨᠢ ᠢᠳᠡᠬᠦ      ᠠᠩᠭᠢᠷ ᠰᠢᠪᠠᠭᠤ ᠮᠡᠳᠦ      ᠬᠡᠪᠲᠡᠰᠢ ᠶᠢ ᠨᠢ ᠬᠦᠨᠳᠡᠵᠦ ᠪᠤᠯᠬᠤ ᠦᠭᠡᠢ      ᠭᠡᠳᠡᠷᠭᠦ ᠲᠤᠪᠳᠤᠯᠬᠤ      ᠬᠡᠷᠴᠡᠭᠡᠢ ᠴᠦᠭᠡᠪᠦᠷᠢ ᠮᠡᠳᠦ      ᠪᠠᠷᠢᠵᠦ ᠢᠳᠡᠬᠦ ᠳᠤ ᠬᠤᠶᠢᠰᠢ ᠦᠭᠡᠢ      ᠪᠠᠷᠰ ᠠᠷᠢᠶᠠᠲᠠᠨ ᠮᠡᠳᠦ      ᠪᠠᠯᠠᠮᠠᠳ ᠳᠤᠪᠳᠤᠯᠬᠤ      ᠪᠠᠷᠤᠭ ᠨᠤᠬᠠᠢ ᠮᠡᠳᠦ      ᠰᠦᠢᠳ ᠪᠤᠯᠠᠢ︕      ᠰᠡᠭᠦᠳᠡᠷ ᠠᠴᠠ ᠦᠭᠡᠷ᠎ᠡ ᠲᠠᠰᠢᠭᠤᠷ ᠦᠭᠡᠢ ᠪᠠᠶᠢᠬᠤ ᠳᠤ ᠲᠠᠶᠢᠴᠢᠭᠤᠳ ᠨᠠᠷ ᠤᠨ ᠬᠦᠨᠦᠭᠡᠯ‌ᠢ ᠬᠦᠯᠢᠶᠡᠵᠦ ᠦᠰᠢᠶ᠎ᠡ ᠪᠠᠨ ᠶᠠᠭᠠᠬᠢᠨ ᠠᠪᠬᠤ ᠭᠡᠵᠦ ᠪᠠᠶᠢᠲᠠᠯ᠎ᠠ᠂ ᠲᠠ ᠨᠠᠷ ᠶᠠᠭᠤᠨ ᠳᠤ ᠡᠶᠢᠮᠦ ᠬᠡᠷᠡᠭ ᠬᠢᠪᠡ︖︾ ᠭᠡᠵᠦ ᠡᠷᠲᠡᠨ ᠤ ᠦᠭᠡ ᠠᠴᠠ ᠡᠰᠢ ᠳᠠᠲᠠᠨ᠂ ᠡᠪᠦᠭᠡᠳ ᠤᠨ ᠦᠭᠡ ᠶᠢ ᠦᠨᠳᠦᠰᠦ ᠪᠤᠯᠭᠠᠨ᠂ ᠬᠤᠶᠠᠷ ᠬᠡᠦᠬᠡᠳ ᠢᠶᠠᠨ ᠶᠡᠬᠡᠳᠡ ᠠᠭᠤᠷᠯᠠᠨ ᠪᠤᠷᠤᠭᠤᠰᠢᠶᠠᠨ ᠵᠢᠮᠡᠯᠡᠪᠡ [5]᠃ ᠡᠭᠦᠨ ᠠᠴᠠ ᠲᠡᠮᠦᠵᠢᠨ ᠬᠠᠨᠢ ᠨᠦᠬᠦᠷ ᠦᠭᠡᠢ ᠪᠤᠯ ᠲᠠᠶᠢᠰᠤᠨ ᠢᠶᠠᠨ ᠳᠠᠷᠤᠵᠦ ᠴᠢᠳᠠᠬᠤ ᠦᠭᠡᠢ ᠭᠡᠳᠡᠭ ᠢ ᠤᠶᠢᠯᠠᠭᠠᠵᠦ᠂ ᠡᠶ᠎ᠡ ᠪᠦᠯᠬᠦᠮᠳᠡᠯ ᠢ ᠨᠠᠨᠳᠢᠩᠨᠠᠨ ᠬᠠᠶᠢᠷᠠᠯᠠᠵᠦ᠂ ᠦᠨᠡᠨᠴᠢ ᠰᠢᠳᠤᠷᠭᠤ ᠵᠠᠩ ᠴᠢᠨᠠᠷ ᠢ ᠡᠷᠬᠢᠮᠯᠡᠬᠦ ᠪᠤᠯᠵᠠᠢ᠃ ᠡᠳᠡᠭᠡᠷ ᠪᠦᠬᠦᠨ ᠨᠢ ᠲᠡᠮᠦᠵᠢᠨ ᠤ ᠪᠦᠬᠦ ᠮᠤᠩᠭᠤᠯ‌ᠢ ᠬᠤᠷᠢᠶᠠᠨ ᠨᠢᠭᠡᠳᠭᠡᠬᠦ ᠶᠡᠭᠡ ᠦᠢᠯᠡᠰ ᠲᠤ ᠨᠢ ᠳᠦᠢᠯ ᠤᠨ ᠶᠡᠭᠡ ᠳᠤᠰᠠ ᠳᠡᠮᠵᠢᠭᠡ ᠪᠤᠯᠤᠭᠰᠠᠨ ᠪᠠᠶᠢᠨ᠎ᠠ᠃      ᠦᠭᠡᠯᠦᠨ ᠦᠵᠢᠨ ᠳᠦᠢᠯ ᠤᠨ ᠦᠷᠦᠰᠢᠶᠠᠯᠳᠦ ᠡᠨᠡᠷᠢᠩᠭᠦᠢ ᠬᠦᠮᠦᠨ ᠪᠠᠶᠢᠯ᠎ᠠ᠃ ᠦᠨᠦᠴᠢᠨ ᠦᠷᠦᠭᠡᠰᠦᠨ ᠬᠡᠦᠬᠡᠳ ᠢ ᠲᠤᠰᠠᠯᠠᠨ ᠳᠡᠮᠵᠢᠵᠦ᠂ ᠲᠡᠵᠢᠭᠡᠨ ᠬᠦᠮᠦᠵᠢᠭᠦᠯᠵᠦ ᠦᠪᠡᠷ ᠤᠨ ᠬᠡᠦᠬᠡᠳ ᠠᠴᠠ ᠪᠠᠨ ᠳᠤᠤᠷ᠎ᠠ ᠦᠭᠡᠢ ᠠᠪᠴᠦ ᠶᠠᠪᠤᠭᠰᠠᠨ ᠶᠤᠮ᠃ ᠲᠡᠮᠦᠵᠢᠨ ᠮᠡᠷᠭᠢᠳ ᠢ ᠮᠦᠬᠦᠭᠡᠬᠦ ᠳᠤ ᠪᠠᠨ ᠬᠦᠴᠦ ᠶᠢ ᠤᠯᠵᠦ ᠠᠪᠤᠭᠰᠠᠨ ᠳᠤ᠂ ᠦᠭᠡᠯᠦᠨ ᠦᠵᠢᠨ ᠡᠷᠭᠦᠮᠡᠯ ᠬᠦᠦ ᠪᠠᠨ ᠪᠤᠯᠭᠠᠨ ᠲᠡᠵᠢᠭᠡᠪᠡ᠃ ᠲᠠᠶᠢᠴᠢᠭᠤᠳ ᠤᠨ ᠬᠠᠷᠢᠶᠠᠨ ᠤ ᠪᠠᠰᠤᠳ ᠤᠨ ᠨᠤᠳᠤᠭ ᠠᠴᠠ ᠬᠦᠬᠡᠴᠦ ᠶᠢ ᠤᠯᠵᠦ ᠠᠪᠤᠭᠠᠳ ᠦᠭᠡᠯᠦᠨ ᠦᠵᠢᠨ ᠡᠷᠭᠦᠮᠡᠯ ᠬᠦᠦ ᠪᠠᠨ ᠪᠤᠯᠭᠠᠨ ᠲᠡᠵᠢᠭᠡᠭᠰᠡᠨ᠃ 1196 ᠤᠨ ᠳᠤ ᠲᠡᠮᠦᠵᠢᠨ ᠲᠠᠲ᠋ᠠᠷ ᠤᠨ ᠮᠡᠭᠦᠵᠢᠨ ᠰᠡᠭᠦᠯᠳᠦ ᠶᠢ ᠲᠠᠶᠢᠯᠠᠵᠦ᠂ ᠰᠢᠬᠢᠬᠤᠳᠤᠭ ᠢ ᠤᠯᠵᠦ ᠠᠪᠤᠭᠰᠠᠨ ᠳᠤ᠂ ᠦᠭᠡᠯᠦᠨ ᠦᠵᠢᠨ ᠡᠷᠭᠦᠮᠡᠯ ᠬᠦᠦ ᠪᠠᠨ ᠪᠤᠯᠭᠠᠨ ᠲᠡᠵᠢᠭᠡᠭᠰᠡᠨ᠃ ᠵᠦᠷᠬᠢᠨ ᠠᠶᠢᠮᠠᠭ ᠲᠠᠢ ᠬᠦᠳᠡᠭᠡ ᠠᠷᠠᠯ ᠤᠨ ᠳᠤᠯᠤᠭᠠᠨ ᠪᠤᠯᠳᠠᠬ᠎ᠠ ᠭᠡᠳᠡᠭ ᠭᠠᠵᠠᠷ ᠪᠠᠶᠢᠯᠳᠤᠬᠤ ᠳᠤ᠂ ᠪᠤᠷᠤᠬᠤᠯ ᠨᠡᠷ᠎ᠡ ᠲᠠᠢ ᠬᠦᠪᠡᠭᠦᠨ ᠢ ᠤᠯᠵᠦ ᠠᠪᠤᠭᠠᠳ ᠦᠭᠡᠯᠦᠨ ᠦᠵᠢᠨ ᠡᠷᠭᠦᠮᠡᠯ ᠬᠦᠦ ᠪᠠᠨ ᠪᠤᠯᠭᠠᠨ ᠲᠡᠵᠢᠭᠡᠭᠰᠡᠨ ᠪᠠᠶᠢᠨ᠎ᠠ᠃ ᠡᠳᠡᠭᠡᠷ ᠲᠡᠵᠢᠭᠡᠭᠰᠡᠨ ᠬᠦᠪᠡᠭᠦᠨ ᠢᠶᠠᠨ ᠦᠪᠡᠷ ᠤᠨ ᠦᠷ᠎ᠡ ᠲᠠᠢ ᠪᠠᠨ ᠠᠳᠠᠯᠢ ᠦᠵᠡᠵᠦ      ︽ᠬᠦᠳᠡᠭᠡᠨ ᠠᠴᠠ ᠤᠯᠵᠦ      ᠬᠦᠯ ᠳᠤ ᠪᠠᠨ ᠪᠦᠪᠠᠶᠢᠯᠡᠵᠦ      ᠬᠦᠮᠦᠵᠢᠭᠦᠯᠦᠨ ᠲᠡᠵᠢᠭᠡᠵᠦ      ᠬᠦᠵᠦᠭᠦᠨ ᠠᠴᠠ ᠨᠢ ᠲᠠᠲᠠᠵᠦ      ᠬᠦᠮᠦᠨ ᠤ ᠵᠡᠷᠭᠡ ᠪᠤᠯᠭᠠᠵᠦ      ᠡᠭᠡᠮ ᠠᠴᠠ ᠨᠢ ᠲᠠᠲᠠᠵᠦ      ᠡᠷ᠎ᠡ ᠶᠢᠨ ᠵᠡᠷᠭᠡ ᠳᠤ ᠤᠷᠤᠭᠤᠯᠵᠦ︾ [6]      ᠦᠪᠡᠷ ᠤᠨ ᠬᠦᠪᠡᠭᠦᠳ ᠤᠨ ᠢᠶᠠᠨ ᠨᠦᠬᠦᠷ ᠰᠡᠭᠦᠳᠡᠷ ᠪᠤᠯᠭᠠᠵᠦ᠂ ︽ᠡᠳᠦᠷ ᠦᠵᠡᠬᠦ ᠨᠢᠳᠦ᠂ ᠰᠦᠨᠢ ᠰᠤᠨᠤᠰᠬᠤ ᠴᠢᠬᠢ︾ ᠪᠤᠯᠭᠠᠶ᠎ᠠ ᠭᠡᠵᠦ ᠪᠠᠭᠳᠠᠭᠠᠨ ᠲᠡᠵᠢᠭᠡᠭᠰᠡᠨ ᠪᠠᠶᠢᠨ᠎ᠠ᠃      ᠦᠭᠡᠯᠦᠨ ᠡᠬᠡ ᠪᠤᠯ ᠠᠴᠢᠳᠦ ᠡᠬᠡ᠂ ᠬᠦᠨᠳᠦᠳᠦ ᠡᠬᠡ ᠮᠦᠨ ᠴᠦ ᠬᠠᠲᠠᠭᠤ ᠡᠬᠡ ᠮᠦᠨ᠃ ᠲᠡᠷᠡ ᠦᠷ᠎ᠡ ᠬᠡᠦᠬᠡᠳ ᠢᠶᠠᠨ ᠦᠰᠭᠡᠵᠦ ᠬᠦᠮᠦᠵᠢᠭᠦᠯᠦᠭᠡᠳ᠂ ᠡᠷ᠎ᠡ ᠶᠢᠨ ᠵᠡᠷᠭᠡ ᠳᠤ ᠬᠦᠷᠭᠡᠵᠦ ᠲᠡᠮᠦᠵᠢᠨ ᠤ ᠬᠠᠮᠤᠭ ᠮᠤᠩᠭᠤᠯ ᠢ ᠭᠠᠭᠴᠠ ᠵᠢᠯᠤᠭᠤ ᠳᠤ ᠪᠠᠨ ᠬᠤᠷᠢᠶᠠᠨ ᠨᠢᠭᠡᠳᠭᠡᠬᠦ ᠶᠡᠭᠡ ᠦᠢᠯᠡᠰ‌‍ᠲ᠋ᠤ ᠬᠦᠴᠦᠯᠡᠨ ᠵᠢᠳᠭᠦᠵᠦ ᠶᠠᠪᠤᠭᠰᠠᠨ ᠪᠦᠭᠡᠳ ᠲᠡᠮᠦᠵᠢᠨ ᠢ ᠮᠤᠩᠭᠤᠯ ᠤᠨ ᠬᠠᠭᠠᠨ ᠰᠠᠭᠤᠷᠢᠨ ᠳᠤ ᠰᠠᠭᠤᠭᠰᠠᠨ ᠤ ᠳᠠᠷᠠᠭ᠎ᠠ ᠴᠦ ᠭᠡᠳ ᠤᠰᠤᠯ ᠠᠯᠳᠠᠭ᠎ᠠ ᠶᠢ ᠨᠢ ᠤᠭᠳᠤ ᠨᠠᠶᠢᠷ ᠬᠠᠶᠠᠯ ᠦᠭᠡᠢ ᠲᠤᠩᠭᠤᠳᠤᠨ ᠰᠢᠭᠦᠮᠵᠢᠯᠡᠵᠦ᠂ ᠰᠤᠷᠭᠠᠵᠦ ᠰᠡᠷᠡᠮᠵᠢᠯᠡᠭᠦᠯᠳᠡᠭ ᠪᠠᠶᠢᠯ᠎ᠠ᠃ ᠴᠢᠩᠭᠢᠰ ᠬᠠᠭᠠᠨ ᠲᠡᠪ ᠲᠡᠭᠷᠢ ᠬᠦᠬᠡᠴᠦ ᠶᠢᠨ ᠦᠳᠦᠭᠡᠯᠭᠡ ᠳᠤ ᠤᠷᠤᠵᠦ ᠬᠠᠰᠠᠷ ᠢ ᠵᠤᠳᠤᠵᠦ ᠪᠠᠶᠢᠳᠠᠯ᠎ᠠ ᠦᠭᠡᠯᠦᠨ ᠡᠬᠡ ᠠᠭᠤᠷᠯᠠᠨ ᠬᠦᠷᠴᠦ ᠲᠡᠷᠭᠡᠨ ᠠᠴᠠ ᠪᠠᠭᠤᠭᠠᠳ ᠬᠠᠰᠠᠷ ᠤᠨ ᠬᠠᠨᠴᠤᠢ ᠶᠢᠨ ᠬᠦᠯᠢᠶᠡᠰᠦ ᠶᠢ ᠦᠪᠡᠷ ᠢᠶᠠᠨ ᠲᠠᠶᠢᠯᠵᠦ ᠲᠠᠯᠪᠢᠭᠠᠳ᠂ ᠮᠠᠯᠠᠭᠠᠢ ᠪᠦᠰᠡ ᠶᠢ ᠨᠢ ᠬᠠᠰᠠᠷ ᠲᠤ ᠦᠭᠴᠦ᠂ ᠠᠭᠤᠷ ᠬᠢᠯᠢᠩ ᠢᠶᠠᠨ ᠳᠠᠷᠤᠵᠦ ᠶᠠᠳᠠᠵᠤ ᠵᠠᠪᠢᠯᠤᠨ ᠰᠠᠭᠤᠭᠠᠳ ᠬᠤᠶᠠᠷ ᠬᠦᠬᠦ ᠪᠠᠨ ᠭᠠᠷᠭᠠᠵᠦ ᠬᠤᠶᠠᠷ ᠡᠪᠦᠳᠦᠭ ᠲᠡᠭᠡᠷ᠎ᠡ ᠪᠠᠨ ᠪᠢᠰᠢᠷᠠᠭᠤᠯᠤᠨ ᠪᠠᠷᠢᠵᠦ ᠦᠭᠦᠯᠡᠷᠦᠨ᠄ ︽ᠲᠠ ᠨᠠᠷ ᠬᠠᠷᠠᠪᠠᠤ︕ ᠬᠦᠬᠦᠭᠰᠡᠨ ᠴᠢᠨᠢ ᠡᠨᠡ ᠪᠠᠶᠢᠨ᠎ᠠ᠃ ᠬᠠᠳᠤᠷᠤᠨ ᠬᠡᠷᠡᠯᠳᠦᠵᠦ᠂ ᠬᠠᠷᠪᠢᠰᠤ ᠪᠠᠨ ᠬᠠᠵᠠᠭᠴᠢᠳ᠂ ᠬᠦᠢᠰᠦ ᠪᠠᠨ ᠲᠠᠰᠤᠯᠤᠭᠴᠢᠳ︕ ᠬᠠᠰᠠᠷ ᠶᠠᠭᠠᠬᠢᠪᠠ︖ ᠲᠡᠮᠦᠵᠢᠨ ᠡᠨᠡ ᠬᠦᠬᠦ ᠶᠢ ᠬᠦᠬᠦᠵᠦ ᠪᠠᠷᠠᠳᠠᠭ᠂ ᠬᠠᠴᠢᠭᠤᠨ ᠤᠳᠴᠢᠭᠢᠨ ᠬᠤᠶᠠᠭᠤᠯᠠ ᠪᠠᠨ ᠨᠢᠭᠡ ᠬᠦᠬᠦ ᠶᠢ ᠬᠦᠬᠦᠵᠦ ᠪᠠᠷᠠᠳᠠᠭ ᠦᠭᠡᠢ ᠪᠠᠶᠢᠳᠠᠭ᠃ ᠬᠠᠰᠠᠷ ᠭᠠᠭᠴᠠᠭᠠᠷ ᠬᠤᠶᠠᠷ ᠬᠦᠬᠦ ᠶᠢᠨ ᠮᠢᠨᠢ ᠰᠦ ᠶᠢ ᠳᠠᠭᠤᠰᠲᠠᠯ᠎ᠠ ᠬᠦᠬᠦᠵᠦ ᠴᠡᠭᠡᠵᠢ ᠶᠢ ᠮᠢᠨᠢ ᠠᠭᠤᠵᠢᠷᠠᠲᠠᠯ᠎ᠠ ᠠᠮᠤᠷᠠᠭᠤᠯᠵᠦ᠂ ᠡᠪᠴᠢᠭᠦᠦ ᠶᠢ ᠰᠠᠷᠠᠭᠤᠯ ᠪᠤᠯᠭᠠᠳᠠᠭ ᠰᠠᠨ᠃ ᠲᠡᠶᠢᠮᠦ ᠠᠴᠠ ᠲᠡᠮᠦᠵᠢᠨ ᠴᠡᠭᠡᠵᠢᠨ ᠳᠤ ᠪᠠᠨ ᠡᠷᠳᠡᠮ ᠲᠠᠢ᠂ ᠬᠠᠰᠠᠷ ᠬᠠᠷᠪᠤᠬᠤ ᠬᠦᠴᠦ ᠲᠠᠢ᠃      ᠬᠠᠷᠰᠢᠯᠳᠤᠨ ᠭᠠᠷᠤᠭᠰᠠᠨ ᠡᠲᠡᠭᠡᠳ ᠢ      ᠬᠠᠷᠪᠤᠵᠤ ᠤᠷᠤᠭᠤᠯᠬᠤ ᠴᠢᠳᠠᠯ ᠲᠠᠢ      ᠠᠲᠠᠭᠠᠷᠬᠠᠨ ᠭᠠᠷᠤᠭᠰᠠᠨ ᠲᠠᠶᠢᠰᠤᠨ ᠢ      ᠠᠯᠤᠰ ᠠᠴᠠ ᠪᠤᠴᠠᠭᠠᠬᠤ ᠬᠦᠴᠦᠲᠠᠢ᠃      ᠡᠳᠦᠭᠡ ᠲᠠᠶᠢᠰᠦᠨ ᠢ ᠳᠠᠷᠤᠵᠦ ᠳᠠᠭᠤᠰᠪᠠ ᠭᠡᠵᠦ ᠬᠠᠰᠠᠷ ᠢ ᠦᠵᠡᠨ ᠶᠠᠳᠠᠵᠤ ᠪᠠᠶᠢᠨ᠎ᠠ ᠤᠤ︖︾ [7] ᠭᠡᠵᠦ ᠠᠭᠤᠷᠯᠠᠨ ᠰᠢᠭᠦᠮᠵᠢᠯᠡᠵᠠᠢ᠃      ᠴᠢᠩᠭᠢᠰ ᠬᠠᠭᠠᠨ ᠠᠴᠠ᠄ ︽ᠤᠯᠤᠰ ᠢ ᠬᠤᠷᠢᠶᠠᠬᠤ ᠳᠤ ᠵᠤᠪᠠᠵᠦ ᠵᠢᠳᠭᠦᠭᠰᠡᠨ ᠡᠬᠡ ᠮᠢᠨᠢ ᠪᠣᠢ ‍ᠶ᠎ᠠ︾  [8] ᠭᠡᠵᠦ ᠦᠭᠡᠯᠦᠨ ᠦᠵᠢᠨ ᠢ ᠦᠨᠡᠯᠡᠨ ᠮᠠᠭᠲᠠᠭᠰᠠᠨ ᠶᠤᠮ᠃ ᠨᠢᠭᠡ ᠯᠠ ᠦᠭᠡ ᠪᠠᠷ ᠬᠡᠯᠡᠪᠡᠯ ᠲᠡᠮᠦᠵᠢᠨ ᠤ ᠶᠡᠭᠡ ᠦᠢᠯᠡᠰ ᠲᠤ ᠦᠭᠡᠯᠦᠨ ᠡᠬᠡ ᠪᠠᠶᠢᠭᠰᠠᠨ ᠦᠭᠡᠢ ᠪᠤᠯ ᠮᠤᠩᠭᠤᠯ ᠤᠨ ᠨᠢᠭᠡᠳᠦᠯ᠂ ᠬᠠᠭᠠᠨᠳᠤ ᠤᠯᠤᠰ ᠤᠨ ᠲᠤᠭᠳᠠᠨᠢᠯ ᠨᠢ ᠨᠡᠩ ᠶᠡᠭᠡ ᠲᠤᠭᠤᠷᠢᠭᠤ ᠵᠠᠮ‌ᠢ ᠦᠩᠭᠡᠷᠡᠭᠡᠬᠦ ᠪᠤᠯᠤᠨ᠎ᠠ ᠭᠡᠳᠡᠭ ᠢ ᠡᠶᠡᠳᠡᠯ ᠪᠦᠯᠬᠦᠮᠳᠡᠯ ᠢ ᠶᠠᠭᠤᠨ ᠠᠴᠠ ᠴᠦ ᠬᠦᠨᠳᠦ ᠡᠷᠬᠢᠮᠯᠡᠵᠦ ᠶᠠᠪᠤᠭᠰᠠᠨ ᠦᠭᠡᠯᠦᠨ ᠡᠬᠡ ᠶᠢᠨ ᠨᠢᠭᠡ ᠨᠠᠰᠤᠨ ᠤ ᠬᠢᠨᠢ ᠠᠮᠢᠳᠤᠷᠠᠯ ᠲᠡᠮᠡᠴᠡᠯ ᠭᠦᠢᠴᠡᠳ ᠭᠡᠷᠡᠴᠢᠯᠡᠵᠦ ᠪᠠᠶᠢᠨ᠎ᠠ᠃ ᠡᠶᠡᠳᠡᠯ ᠪᠦᠯᠬᠦᠮᠳᠡᠯ ᠦᠭᠡᠢ ᠪᠤᠯ ᠴᠢᠩᠭᠢᠰ ᠬᠠᠭᠠᠨ ᠤ ᠨᠦᠬᠦᠳ ᠤᠨ ᠬᠤᠯᠪᠤᠭ᠎ᠠ ᠪᠦᠷᠢᠯᠳᠦᠵᠦ ᠴᠢᠳᠠᠬᠤ ᠦᠭᠡᠢ᠂ ᠨᠦᠬᠦᠳ ᠤᠨ ᠬᠤᠯᠪᠤᠭ᠎ᠠ ᠪᠠᠶᠢᠭᠰᠠᠨ ᠦᠭᠡᠢ ᠪᠤᠯ ᠮᠤᠩᠭᠤᠯ ᠤᠨ ᠨᠢᠭᠡᠳᠦᠯ ᠴᠦ ᠪᠡᠶᠡᠯᠡᠭᠳᠡᠬᠦ ᠳᠤ ᠪᠡᠷᠬᠡ ᠲᠠᠢ᠃ ︽ᠮᠤᠩᠭᠤᠯ ᠤᠨ ᠨᠢᠭᠤᠴᠠ ᠲᠤᠪᠴᠢᠶᠠᠨ︾ ᠳᠤ ᠬᠢ ᠦᠭᠡᠯᠦᠨ ᠦᠵᠢᠨ ᠤ ᠲᠦᠷᠢ ᠪᠤᠯ ᠳᠡᠰᠪᠦᠷᠢ ᠬᠠᠳᠠᠭᠤᠵᠢᠯᠲᠠᠢ᠂ ᠡᠷᠡᠰ ᠰᠢᠭᠤᠷᠬᠠᠢ᠂ ᠤᠬᠠᠭᠠᠨ ᠴᠢᠳᠠᠪᠤᠷᠢ ᠬᠤᠤᠰᠯᠠᠭᠰᠠᠨ ᠡᠮᠡᠭᠲᠡᠢ ᠪᠤᠯᠬᠤ ᠪᠦᠭᠡᠳ ᠦᠷ᠎ᠡ ᠬᠡᠦᠬᠡᠳ ᠢᠶᠠᠨ ᠠᠰᠠᠷᠠᠨ ᠬᠦᠮᠦᠵᠢᠭᠦᠯᠵᠦ ᠴᠢᠳᠠᠳᠠᠭ ᠰᠠᠶᠢᠬᠠᠨ ᠡᠬᠡ ᠶᠢᠨ ᠲᠦᠷᠢ ᠮᠦᠨ᠃      ᠭᠤᠷᠪᠠ᠂ ᠪᠦᠷᠳᠡ ᠦᠵᠢᠨ      ᠪᠦᠷᠳᠡ ᠦᠵᠢᠨ ᠪᠤᠯ ᠲᠡᠮᠦᠵᠢᠨ ᠤ ᠭᠤᠤᠯ ᠬᠠᠳᠤᠨ᠂ ᠬᠤᠩᠬᠢᠷᠠᠳ ᠠᠶᠢᠮᠠᠭ ᠤᠨ ᠬᠦᠮᠦᠨ ᠪᠤᠯᠤᠨ᠎ᠠ᠃ 1170 ᠤᠨ ᠳᠤ ᠬᠦᠪᠡᠭᠦᠨ ᠳᠤ ᠪᠠᠨ ᠪᠡᠷᠢ ᠭᠤᠶᠤᠬᠤ ᠪᠠᠷ ᠶᠠᠪᠤᠵᠦ ᠪᠠᠶᠢᠭᠰᠠᠨ ᠶᠢᠰᠦᠭᠡᠢ ᠪᠠᠭᠠᠳᠤᠷ ᠠᠷᠪᠠᠨ ᠨᠠᠰᠤᠲᠠᠢ ᠪᠦᠷᠳᠡ ᠶᠢ ᠦᠵᠡᠵᠦ ᠲᠤᠭᠤᠭᠠᠳ ᠲᠡᠮᠦᠵᠢᠨ ᠳᠤ ᠭᠤᠶᠤᠪᠠ᠂ ᠢᠩᠬᠢᠭᠡᠳ ᠲᠡᠮᠦᠵᠢᠨ ᠢ ᠳ᠋ᠠᠢ ᠰᠡᠴᠡᠨ ᠤ ᠭᠡᠷ ᠲᠤ ᠦᠯᠡᠳᠡᠭᠡᠪᠡ᠃ ᠶᠢᠰᠦᠭᠡᠢ ᠪᠠᠭᠠᠳᠤᠷ ᠲᠠᠲ᠋ᠠᠷ ᠠᠶᠢᠮᠠᠭ ᠲᠤ ᠬᠤᠤᠷᠯᠠᠭᠳᠠᠨ ᠨᠠᠰᠦ ᠪᠠᠷᠠᠭᠰᠠᠨ ᠤ ᠳᠠᠷᠠᠭ᠎ᠠ᠂ ᠦᠭᠡᠯᠦᠨ ᠡᠬᠡ ᠲᠡᠷᠢᠭᠦᠲᠠᠢ ᠦᠨᠦᠴᠢᠨ ᠪᠡᠯᠪᠡᠰᠦᠨ ᠲᠡᠳᠡ ᠨᠠᠷ ᠬᠦᠴᠢᠷ ᠪᠡᠷᠬᠡᠰᠢᠶᠡᠯ ᠠᠶᠤᠯ ᠵᠤᠪᠠᠯᠠᠩ ᠳᠤ ᠳᠠᠭᠠᠷᠢᠭᠳᠠᠨ ᠶᠠᠪᠤᠭᠰᠠᠭᠠᠷ᠂ ᠪᠦᠷᠳᠡ ᠶᠢ ᠪᠠᠭᠤᠯᠭᠠᠨ ᠠᠪᠴᠢᠷᠠᠬᠤ ᠵᠠᠪ ᠲᠡᠩᠬᠡᠭᠡ ᠦᠭᠡᠢ ᠬᠡᠳᠦᠨ ᠵᠢᠯ ᠪᠤᠯᠵᠠᠢ᠃ 1178 ᠤᠨ ᠳᠤ ᠠᠷᠪᠠᠨ ᠲᠤᠯᠤᠭᠠᠨ ᠨᠠᠰᠤᠲᠠᠢ ᠲᠡᠮᠦᠵᠢᠨ ᠪᠦᠷᠲᠡ ᠦᠵᠢᠨ ᠲᠠᠢ ᠤᠷᠤᠭ ᠬᠤᠷᠢᠮ ᠤᠨ ᠶᠤᠰᠤᠨ ᠢ ᠭᠦᠢᠴᠡᠳᠭᠡᠵᠠᠢ᠃      ᠪᠦᠷᠳᠡ ᠦᠵᠢᠨ ᠲᠡᠮᠦᠵᠢᠨ ᠤ ᠤᠯᠤᠰ ᠲᠦᠷᠦ᠂ ᠠᠵᠦ ᠠᠮᠢᠳᠤᠷᠠᠯ ᠤᠨ ᠲᠠᠯ᠎ᠠ ᠪᠠᠷ ᠬᠠᠮᠤᠭ ᠤᠨ ᠬᠦᠴᠢᠷ ᠪᠡᠷᠬᠡᠰᠢᠶᠡᠯ ᠲᠠᠢ ᠪᠠᠶᠢᠭᠰᠠᠨ ᠦᠶ᠎ᠡ ᠳᠤ ᠢᠷᠡᠵᠦ ᠵᠢᠷᠭᠠᠯ ᠵᠤᠪᠠᠯᠠᠩ ᠢᠶᠠᠨ ᠬᠠᠮᠳᠤᠳᠬᠠᠭᠰᠠᠨ ᠪᠦᠭᠡᠳ ᠲᠡᠮᠦᠵᠢᠨ ᠤ ᠬᠦᠴᠦᠨ ᠴᠤᠭᠯᠠᠭᠤᠯᠵᠤ᠂ ᠠᠨᠳᠠ ᠨᠦᠬᠦᠷ ᠡᠯᠰᠠᠵᠦ᠂ ᠮᠤᠩᠭᠤᠯ ᠤᠨ ᠤᠯᠠᠨ ᠠᠶᠢᠮᠠᠭ ᠤᠳ ᠢ ᠬᠤᠷᠢᠶᠠᠨ ᠨᠢᠭᠡᠳᠭᠡᠬᠦ ᠦᠢᠯᠡᠰ ᠲᠤ ᠴᠦ ᠪᠠᠯᠠᠷᠠᠰᠢ ᠦᠭᠡᠢ ᠠᠴᠢ ᠭᠠᠪᠢᠶ᠎ᠠ ᠦᠵᠡᠭᠦᠯᠦᠭᠰᠡᠨ ᠶᠤᠮ᠃ ᠡᠭᠦᠨ ᠤ ᠨᠢᠭᠡ ᠵᠢᠱᠢᠶ᠎ᠡ ᠭᠡᠪᠡᠯ᠂ ᠪᠦᠷᠳᠡ ᠦᠵᠢᠨ ᠤ ᠲᠦᠷᠬᠦᠮ ᠤᠨ ᠭᠠᠵᠠᠷ ᠠᠴᠠ ᠪᠠᠨ ᠪᠡᠯᠡᠭ ᠪᠤᠯᠭᠠᠨ ᠠᠪᠴᠢᠷᠠᠭᠰᠠᠨ ᠬᠠᠷ᠎ᠠ ᠪᠤᠯᠠᠭᠠᠨ ᠲᠠᠬᠤ ᠨᠢ ᠴᠢᠬᠤᠯᠠ ᠦᠢᠯᠡᠳᠦᠯ ᠭᠠᠷᠭᠠᠵᠠᠢ᠃ ᠲᠡᠮᠦᠵᠢᠨ ᠡᠨᠡ ᠬᠠᠷ᠎ᠠ ᠪᠤᠯᠠᠭᠠᠨ ᠳᠠᠬᠤ ᠶᠢ ᠡᠴᠢᠭᠡ ᠶᠢᠨ ᠢᠶᠠᠨ ᠠᠨᠳᠠ ᠪᠠᠶᠢᠭᠰᠠᠨ ᠭᠡᠷᠡᠶᠢᠳ ᠤᠨ ᠳᠤᠭᠤᠷᠢᠯ ᠬᠠᠨ ᠳᠤ ᠪᠡᠯᠡᠭ ᠪᠤᠯᠭᠠᠨ ᠬᠦᠷᠭᠡᠵᠦ ᠡᠴᠢᠭᠡ ᠬᠦᠪᠡᠭᠦᠨ ᠪᠤᠯᠤᠯᠴᠠᠨ ᠨᠦᠬᠦᠷᠯᠡᠵᠠᠢ᠃ ᠡᠨᠡ ᠬᠦᠨᠳᠦ ᠪᠡᠯᠡᠭ ᠢ ᠬᠦᠯᠢᠶᠡᠨ ᠠᠪᠤᠭᠰᠠᠨ ᠳᠤᠭᠤᠷᠢᠯ ᠬᠠᠨ ᠮᠠᠰᠢ ᠪᠠᠶᠠᠷᠯᠠᠵᠦ᠄      ᠬᠠᠷ᠎ᠠ ᠪᠤᠯᠭᠠᠨ ᠳᠠᠬᠤ ᠶᠢᠨ ᠴᠢᠨᠢ ᠬᠠᠷᠢᠭᠤ ᠳᠤ      ᠬᠠᠭᠠᠴᠠᠭᠰᠠᠨ ᠤᠯᠤᠰ ᠢ ᠴᠢᠨᠢ ᠬᠠᠮᠳᠤᠳᠬᠠᠵᠦ ᠦᠭᠭᠦᠶ᠎ᠡ᠃      ᠪᠤᠯᠭᠠᠨ ᠲᠠᠬᠤ ᠶᠢᠨ ᠴᠢᠨᠢ ᠬᠠᠷᠢᠭᠤ ᠳᠤ      ᠪᠤᠳᠠᠷᠠᠭᠰᠠᠨ ᠤᠯᠤᠰ ᠢ ᠴᠢᠨᠢ ᠪᠦᠷᠢᠳᠭᠡᠵᠦ ᠦᠭᠭᠦᠶ᠎ᠡ᠃      ᠪᠦᠭᠡᠷ᠎ᠡ ᠢᠨᠤ ᠪᠦᠭᠰᠡᠨ ᠳᠤ ᠪᠠᠶᠢᠭ      ᠴᠡᠭᠡᠷ᠎ᠡ ᠢᠨᠤ ᠴᠡᠭᠡᠵᠢᠨ ᠳᠤ ᠪᠠᠶᠢᠭ [9]      ᠭᠡᠵᠦ ᠠᠮᠠᠯᠳᠤᠭᠰᠠᠨ ᠪᠠᠶᠢᠨ᠎ᠠ᠃ ᠶᠠᠭ ᠡᠨᠡ ᠬᠦ ᠳᠤᠭᠤᠷᠢᠯ ᠬᠠᠨ ᠤ ᠬᠠᠪᠰᠤᠷᠤᠯᠭ᠎ᠠ ᠲᠡᠮᠵᠢᠯᠭᠡ ᠪᠠᠷ ᠮᠡᠷᠭᠢᠳ ᠠᠶᠢᠮᠠᠭ ᠢ ᠮᠦᠬᠦᠭᠡᠵᠦ ᠴᠢᠳᠠᠵᠠᠢ᠃ ᠪᠦᠷᠳᠡ ᠦᠵᠢᠨ ᠤ ᠲᠦᠷᠬᠦᠮ ᠤᠨ ᠭᠠᠵᠠᠷ‌ᠡᠴᠠ ᠪᠠᠨ ᠪᠡᠯᠡᠭ ᠪᠤᠯᠭᠠᠨ ᠠᠪᠴᠢᠷᠠᠭᠰᠠᠨ ᠬᠠᠷ᠎ᠠ ᠪᠤᠯᠠᠭᠠᠨ ᠲᠠᠬᠤ ᠨᠢ ᠡᠷ᠎ᠡ ᠨᠦᠬᠦᠷ ᠤᠨ ᠢᠶᠠᠨ ᠠᠵᠦ ᠦᠢᠯᠡᠰ ᠲᠤ ᠰᠠᠭᠤᠷᠢ ᠲᠠᠯᠪᠢᠵᠦ ᠦᠭᠭᠦᠭᠰᠡᠨ ᠪᠠᠶᠢᠨ᠎ᠠ᠃      ᠪᠦᠷᠳᠡ ᠦᠵᠢᠨ ᠪᠠᠰᠠ ᠡᠷᠡᠰ ᠰᠢᠭᠤᠷᠬᠠᠢ᠂ ᠠᠷᠭ᠎ᠠ ᠰᠠᠮᠪᠠᠭ᠎ᠠ ᠲᠠᠢ ᠪᠦᠰᠡᠭᠦᠢ ᠪᠠᠶᠢᠯ᠎ᠠ᠃ ᠲᠡᠮᠦᠵᠢᠨ ᠵᠠᠳᠠᠷᠠᠨ ᠠᠶᠢᠮᠠᠭ ᠤᠨ ᠵᠠᠮᠤᠬ᠎ᠠ ᠲᠠᠢ ᠰᠠᠶᠢᠨ ᠠᠨᠳᠠ ᠪᠤᠯᠵᠦ ᠨᠦᠬᠦᠷᠯᠡᠵᠦ ᠶᠠᠪᠤᠭᠰᠠᠨ ᠶᠤᠮ᠃ ᠭᠡᠪᠡᠴᠦ ᠵᠠᠮᠤᠬ᠎ᠠ ᠶᠢᠨ ᠬᠠᠮᠤᠭ ᠮᠤᠩᠭᠤᠯ ᠤᠨ ᠬᠠᠨ ᠪᠤᠯᠬᠤ ᠭᠡᠰᠡᠨ ᠰᠢᠨᠤᠬᠠᠢ ᠰᠠᠨᠠᠭ᠎ᠠ ᠠᠴᠠ ᠪᠤᠯᠵᠦ᠂ ᠲᠡᠳᠡ ᠬᠤᠶᠠᠷ ᠤᠨ ᠨᠦᠬᠦᠷᠯᠡᠯ ᠨᠢ ᠤᠳᠠᠭᠠᠨ ᠦᠷᠭᠦᠯᠵᠢᠯᠡᠵᠦ ᠴᠢᠳᠠᠭᠰᠠᠨ ᠦᠭᠡᠢ᠂ ᠵᠠᠮᠤᠬ᠎ᠠ ᠰᠠᠯᠵᠦ ᠲᠤᠰᠠᠭᠠᠷᠯᠠᠬᠤ ᠪᠠᠷ ᠤᠷᠤᠯᠳᠤᠵᠠᠢ᠃ ᠡᠨᠡ ᠬᠦ ᠰᠠᠨᠠᠭ᠎ᠠ ᠪᠠᠨ ᠲᠡᠷᠡ ᠳᠠᠯᠳᠠ ᠪᠢᠳᠡᠭᠦᠦ ᠤᠳᠬ᠎ᠠ ᠪᠦᠬᠦᠢ ᠰᠢᠯᠦᠭ ᠢᠶᠠᠷ ᠢᠯᠡᠳᠭᠡᠭᠰᠡᠨ ᠪᠠᠶᠢᠨ᠎ᠠ᠄      ︽ᠲᠡᠮᠦᠵᠢᠨ ᠠᠨᠳᠠ ᠡ︕      ᠠᠭᠤᠯᠠᠨ ᠳᠤ ᠰᠢᠬᠠᠨ ᠪᠠᠭᠤᠶ᠎ᠠ      ᠠᠳᠤᠭᠤᠴᠢᠨ ᠳᠤ ᠭᠡᠷ ᠪᠤᠯᠳᠤᠭᠠᠢ      ᠭᠤᠤᠯ ᠳᠤ ᠰᠢᠬᠠᠨ ᠪᠠᠭᠤᠶ᠎ᠠ      ᠬᠤᠨᠢᠴᠢᠨ ᠬᠤᠷᠠᠭᠠᠴᠢᠨ ᠳᠤ ᠬᠤᠭᠤᠯᠠ ᠪᠤᠯᠳᠤᠭᠠᠢ︾ [10] ᠭᠡᠵᠦ ᠶᠠᠷᠢᠪᠠ᠃ ᠲᠡᠮᠦᠵᠢᠨ ᠵᠠᠮᠤᠬ᠎ᠠ ᠶᠢᠨ ᠬᠡᠯᠡᠭᠰᠡᠨ ᠤᠳᠬ᠎ᠠ ᠤᠴᠢᠷ ᠢ ᠨᠢ ᠤᠶᠢᠯᠠᠭᠠᠵᠦ ᠴᠢᠳᠠᠭᠰᠠᠨ ᠦᠭᠡᠢ ᠪᠤᠯᠬᠤᠷ ᠦᠭᠡᠯᠦᠨ ᠡᠬᠡ ᠠᠴᠠ ᠠᠰᠠᠭᠤᠵᠠᠢ᠃ ᠡᠨᠡ ᠦᠶ᠎ᠡ ᠳᠤ ᠦᠭᠡᠯᠦᠨ ᠡᠬᠡ‌‍ᠶᠢ ᠦᠭᠡ ᠬᠡᠯᠡᠵᠦ ᠠᠮᠵᠢᠬᠤ ᠠᠴᠠ ᠡᠮᠦᠨ᠎ᠡ᠂ ᠪᠦᠷᠲᠡ ᠦᠵᠢᠨ᠄ ︽ᠵᠠᠮᠤᠬ᠎ᠠ ᠠᠨᠳᠠ ᠤᠶᠢᠳᠳᠠᠭ ᠵᠠᠩ ᠲᠠᠢ ᠭᠡᠳᠡᠭ ᠰᠠᠨ᠃ ᠤᠳᠦ ᠪᠢᠳᠡᠨ ᠠᠴᠠ ᠬᠠᠭᠠᠴᠠᠨ ᠰᠠᠯᠬᠤ ᠴᠠᠭ ᠪᠤᠯᠪᠠ᠃ ᠰᠠᠶ᠋ᠢ ᠶᠢᠨ ᠵᠠᠮᠤᠬ᠎ᠠ ᠠᠨᠳᠠ ᠶᠢᠨ ᠬᠡᠯᠡᠭᠰᠡᠨ ᠨᠢ ᠪᠢᠳᠡᠨ ᠳᠤ ᠰᠠᠨᠠᠭᠠᠷᠬᠠᠭᠰᠠᠨ ᠦᠭᠡ ᠪᠢᠵᠡ᠃ ᠪᠢᠳᠡ ᠪᠦᠦ ᠪᠠᠭᠤᠶ᠎ᠠ᠃ ᠡᠨᠡ ᠬᠥᠳᠡᠯᠦᠭᠰᠡᠨ ᠢᠶᠠᠷ ᠰᠦᠨᠢ ᠲᠤᠵᠢ ᠶᠠᠪᠦᠵᠦ ᠰᠢᠯᠤᠭᠤᠬᠠᠨ ᠰᠠᠯᠤᠯᠴᠠᠶ᠎ᠠ︾ [11] ᠭᠡᠪᠡ᠃ ᠡ᠊ᠨᠳᠡ ᠠᠴᠠ ᠪᠦᠷᠳᠡ ᠦᠵᠢᠨ ᠤ ᠡᠷᠡᠰ ᠰᠢᠭᠤᠷᠬᠠᠢ᠂ ᠠᠷᠭ᠎ᠠ ᠰᠠᠮᠪᠠᠭ᠎ᠠ‌‍ᠲ᠋ᠠᠢ ᠵᠠᠩ ᠴᠢᠨᠠᠷ ᠲᠤᠪᠤᠶᠢᠲᠠᠯ᠎ᠠ ᠢᠯᠡᠷᠡᠵᠦ ᠪᠠᠶᠢᠨ᠎ᠠ᠃ ᠤᠷᠪᠠᠭᠠᠨ ᠬᠦᠷᠪᠡᠭᠡᠨ᠂ ᠵᠡᠷᠯᠢᠭ ᠰᠠᠨᠠᠭ᠎ᠠ ᠲᠠᠢ ᠬᠦᠮᠦᠨ ᠲᠠᠢ ᠨᠦᠬᠦᠷᠯᠡᠬᠦ ᠠᠴᠠ ᠡᠷᠲᠡᠬᠡᠨ ᠬᠤᠪᠢ ᠬᠤᠪᠢ ᠪᠠᠨ ᠬᠦᠭᠡᠭᠡᠬᠦ ᠨᠢ ᠳᠡᠭᠡᠷ᠎ᠡ ᠭᠡᠳᠡᠭ ᠢ ᠭᠢᠷᠠᠬᠠᠢ ᠠᠵᠢᠵᠦ ᠮᠡᠳᠡᠭᠰᠡᠨ  ᠶᠤᠮ᠃      ᠪᠦᠷᠲᠡ ᠦᠵᠢᠨ ᠦᠷᠭᠦᠯᠵᠢ ᠴᠢᠩᠭᠢᠰ ᠬᠠᠭᠠᠨ ᠤ ᠤᠮᠠᠷᠳᠠᠭᠰᠠᠨ ᠢ ᠨᠢ ᠰᠠᠨᠠᠭᠤᠯᠵᠦ᠂ ᠤᠨᠳᠠᠭᠰᠠᠨ ᠢ ᠨᠢ ᠰᠡᠷᠢᠭᠦᠯᠵᠦ ᠶᠠᠪᠤᠳᠠᠭ᠃ 1206 ᠤᠨ ᠳᠤ ᠲᠡᠮᠦᠵᠢᠨ ᠮᠤᠩᠭᠤᠯ ᠬᠠᠭᠠᠨᠳᠤ ᠤᠯᠤᠰ ᠢ ᠪᠠᠶᠢᠭᠤᠯᠤᠨ᠂ ᠲᠦᠷᠦ ᠶᠢᠨ ᠲᠦᠯᠦᠭᠡ ᠲᠡᠮᠡᠴᠡᠭᠰᠡᠨ ᠭᠠᠪᠢᠶ᠎ᠠ ᠵᠢᠳᠭᠦᠯ ᠲᠠᠢ ᠬᠦᠮᠦᠰ ᠢ ᠱᠠᠩᠨᠠᠬᠤ ᠳᠤ ᠪᠤᠭᠤᠷᠴᠤ ᠶᠢᠨ ᠭᠠᠪᠢᠶ᠎ᠠ ᠵᠢᠳᠭᠦᠯ ᠢ ᠲᠤᠷᠠᠳᠤᠭᠰᠠᠨ ᠦᠭᠡᠢ ᠪᠠᠶᠢᠵᠠᠢ᠃ ᠡᠨᠡ ᠤᠴᠢᠷ‌ᠢ ᠪᠦᠷᠳᠡ ᠦᠵᠢᠨ ᠴᠢᠩᠭᠢᠰ ᠬᠠᠭᠠᠨ ᠳᠤ ᠢᠳᠬᠠᠨ ᠰᠠᠨᠠᠭᠤᠯᠤᠭᠰᠠᠨ ᠪᠠᠶᠢᠨ᠎ᠠ᠃ ᠡᠨᠡ ᠨᠢ ᠪᠦᠷᠲᠡ ᠦᠵᠢᠨ ᠠᠴᠠ ᠤᠯᠤᠰ ᠤᠨ ᠲᠦᠯᠦᠭᠡ ᠦᠷᠯᠦᠭ ᠭᠠᠪᠢᠶ᠎ᠠ ᠪᠠᠶᠢᠭᠤᠯᠤᠭᠰᠠᠨ ᠬᠦᠮᠦᠰ ᠢ ᠬᠡᠵᠢᠶᠡᠳᠡ ᠮᠠᠷᠲᠠᠵᠦ ᠪᠤᠯᠬᠤ ᠦᠭᠡᠢ᠂ ᠳᠤᠰᠤᠯ ᠤᠨ ᠬᠠᠷᠢᠭᠤ ᠳᠤ ᠳᠠᠯᠠᠢ ᠭᠡᠳᠡᠭ ᠶᠤᠰᠤ ᠤᠴᠢᠷ ᠢ ᠬᠦᠮᠦᠨ ᠪᠦᠬᠦᠨ ᠳᠤ ᠮᠡᠳᠡᠭᠦᠯᠤᠭ᠍ᠰᠡᠨ ᠪᠠᠶᠢᠨ᠎ᠠ᠃      ᠮᠤᠩᠭᠤᠯ ᠤᠨ ᠬᠠᠭᠠᠨ ᠲᠦᠷᠦ ᠲᠤᠭᠳᠠᠪᠤᠷᠢᠵᠢᠨ ᠪᠠᠬᠢᠵᠢᠭ᠍ᠰᠡᠨ ᠤ ᠲᠠᠷᠠᠭ᠎ᠠ ᠴᠦ ᠪᠦᠷᠳᠡ ᠦᠵᠢᠨ ᠲᠦᠷᠦ ᠶᠢᠨ ᠲᠦᠯᠦᠭᠡ ᠤᠶᠤᠨ ᠤᠬᠠᠭᠠᠨ ᠢᠶᠠᠨ ᠰᠢᠪᠬᠠᠭᠰᠠᠨ ᠶᠤᠮ᠃ ︽ᠲᠡᠪ ᠲᠡᠭᠷᠢ︾ ᠪᠤᠯᠬᠤ ᠬᠦᠬᠡᠴᠦ ᠤᠯᠠᠨ ᠤ ᠢᠲᠡᠭᠡᠯ ᠢ ᠤᠯᠤᠭᠰᠠᠨ ᠳᠤ ᠪᠠᠨ ᠡᠷᠳᠡᠶᠢᠵᠦ᠂ ᠲᠦᠷᠦ ᠶᠢᠨ ᠡᠷᠬᠡ ᠶᠢ ᠪᠤᠯᠢᠶᠠᠬᠤ ᠪᠠᠷ ᠤᠷᠤᠯᠳᠤᠭᠰᠠᠨ ᠪᠠᠶᠢᠨ᠎ᠠ᠃ ᠡᠭᠦᠨ ᠳᠤ ᠲᠡᠮᠦᠭᠡ ᠤᠳᠴᠢᠬᠢᠨ ᠤ ᠬᠠᠷᠢᠶᠠᠳᠦ ᠢᠷᠭᠡᠳ ᠨᠢ ᠮᠡᠬᠡᠯᠡᠭᠳᠡᠨ ᠬᠦᠬᠡᠴᠦ ᠶᠢ ᠲᠠᠭᠠᠨ ᠶᠠᠪᠤᠵᠠᠢ᠃ ᠤᠳᠴᠢᠬᠢᠨ ᠨᠤᠶᠠᠨ ᠲᠡᠪ ᠲᠡᠭᠷᠢ ᠶᠢᠨ ᠳᠤ ᠤᠴᠢᠵᠦ᠂ ᠬᠠᠷᠢᠶᠠᠳᠦ ᠠᠷᠠᠳ ᠢᠶᠠᠨ ᠠᠪᠠᠴᠢᠬᠤ ᠭᠡᠰᠡᠨ ᠳᠤ ᠲᠡᠪ ᠲᠡᠭᠷᠢ ᠤᠳᠴᠢᠬᠢᠨ ᠨᠤᠶᠠᠨ ᠢ ᠰᠦᠭᠦᠳᠭᠡᠵᠦ ᠵᠠᠯᠬᠠᠭᠠᠪᠠ᠃ ᠡᠭᠦᠨ ᠢ ᠪᠦᠷᠳᠡ ᠦᠵᠢᠨ ᠦᠵᠡᠭᠡᠳ᠄ ︽ᠲᠡᠳᠡ ᠬᠤᠩᠬᠤᠳᠠ ᠶᠠᠮᠠᠷ ᠭᠡᠴᠡᠭᠦᠦ ᠶᠤᠮ ᠪᠤᠢ︖ ᠤᠷᠢᠳᠦ ᠡᠳᠦᠷ ᠲᠡᠳᠡ ᠲᠤᠯᠤᠭᠤᠯᠠ ᠨᠡᠶᠢᠯᠡᠯᠴᠡᠵᠦ ᠬᠠᠰᠠᠷ‌ᠢ ᠵᠤᠳᠤᠵᠦ᠂ ᠦᠨᠦ ᠪᠠᠰᠠ ᠡᠨᠡ ᠤᠳᠴᠢᠭᠢᠨ ᠢ ᠠᠷᠤ ᠶᠢᠨ ᠬᠤᠶᠢᠨ᠎ᠠ ᠠᠴᠠ ᠪᠠᠨ ᠰᠦᠭᠦᠳᠦᠭᠦᠯᠪᠡ᠃ ᠶᠠᠮᠠᠷ ᠶᠤᠰᠦ ᠪᠤᠯᠵᠦ ᠪᠠᠶᠢᠬᠤ ᠨᠢ ᠪᠤᠢ︖ ᠨᠠᠷᠠᠰᠦ ᠴᠦᠬᠦᠷᠰᠦ ᠮᠡᠳᠦ ᠳᠡᠭᠦᠦ ᠨᠠᠷ ᠲᠤ ᠴᠢᠨᠢ ᠬᠠᠷᠢᠨ ᠢᠩᠬᠢᠵᠦ ᠬᠤᠤᠷ ᠬᠦᠷᠭᠡᠵᠦ ᠪᠣᠢ᠃ ᠦᠨᠡᠬᠡᠷ ᠡᠶᠢᠮᠦ ᠪᠤᠯᠪᠠᠯ ᠡᠭᠦᠨ ᠠᠴᠠ ᠬᠤᠵᠢᠮ᠄      ᠱᠠᠩᠱᠢ ᠮᠡᠳᠦ ᠪᠡᠶ᠎ᠡ ᠴᠢᠨᠢ      ᠰᠠᠯᠪᠠᠷᠠᠬᠤ ᠳᠤ ᠬᠦᠷᠪᠡᠯ      ᠰᠢᠪᠠᠭᠤ ᠮᠡᠳᠦ ᠴᠤᠭᠯᠠᠷᠠᠭᠰᠠᠨ ᠤᠯᠤᠰ ᠢ ᠴᠢᠨᠢ      ᠡᠵᠡᠨ ᠮᠡᠳᠡᠭᠦᠯᠬᠦ ᠭᠡᠵᠠᠢ ᠤᠤ︖      ᠳᠤᠯᠤ ᠮᠡᠳᠦ ᠪᠡᠶ᠎ᠡ ᠴᠢᠨᠢ      ᠳᠤᠯᠪᠠᠭ᠎ᠠ ᠪᠠᠨ ᠬᠠᠶᠠᠵᠦ ᠶᠠᠪᠤᠪᠠᠯ      ᠲᠤᠶᠠᠭᠠᠳᠦ ᠰᠠᠶᠢᠬᠠᠨ ᠤᠯᠤᠰ ᠢ ᠴᠢᠨᠢ      ᠡᠵᠡᠨ ᠮᠡᠳᠡᠭᠦᠯᠬᠦ ᠭᠡᠵᠠᠢ ᠤᠤ︖      ᠨᠠᠷᠠᠰᠦ ᠴᠦᠬᠦᠷᠰᠦ ᠮᠡᠳᠦ ᠳᠡᠭᠦᠦ ᠨᠠᠷ ᠢ ᠴᠢᠨᠢ ᠢᠩᠬᠢᠵᠦ ᠳᠠᠷᠤᠯᠠᠵᠦ ᠪᠦᠬᠦᠢ ᠬᠦᠮᠦᠰ ᠮᠢᠨᠤ ᠦᠴᠦᠬᠡᠨ ᠮᠠᠭᠤ ᠭᠤᠷᠪᠠ ᠲᠦᠷᠪᠡᠨ ᠦᠷ᠎ᠡ ᠬᠡᠦᠬᠡᠳ ᠢ ᠦᠭᠡᠯᠡᠢ ᠦᠨᠳᠦᠷ ᠪᠤᠯᠲᠠᠯ᠎ᠠ ᠶᠠᠭᠤᠨ‌‍ᠤ ᠡᠵᠡᠨ ᠮᠡᠳᠡᠭᠦᠯᠬᠦ ᠪᠤᠢ︖ ᠲᠡᠳᠡ ᠬᠤᠩᠬᠤᠳᠠ ᠶᠠᠭᠠᠬᠢᠭᠰᠠᠨ ᠭᠡᠴᠡᠭᠦᠦ ᠤᠯᠤᠰ ᠶᠤᠮ ᠪᠤᠢ︖ ᠳᠡᠭᠦᠦ ᠨᠠᠷ ᠢ ᠴᠢᠨᠢ ᠢᠩᠬᠢᠵᠦ ᠳᠠᠷᠤᠯᠠᠬᠤ ᠶᠢ ᠦᠵᠡᠭᠰᠡᠭᠡᠷ ᠪᠠᠶᠢᠭᠠᠳ ᠶᠠᠭᠤᠨ ᠳᠤ ᠵᠦᠭᠡᠷ ᠦᠩᠭᠡᠷᠡᠭᠦᠯᠬᠦ ᠪᠤᠢ ᠴᠢ︖︾ [12] ᠭᠡᠵᠦ ᠡᠮᠦᠨ᠎ᠡ ᠭᠠᠷᠤᠭᠰᠠᠨ ᠬᠤᠶᠢᠨ᠎ᠠ ᠪᠤᠯᠤᠭᠰᠠᠨ ᠬᠡᠷᠡᠭ ᠢ ᠨᠢᠯᠪᠤᠰᠤ ᠠᠰᠬᠠᠷᠠᠭᠤᠯᠤᠨ ᠮᠡᠳᠡᠭᠦᠯᠵᠠᠢ᠃      ᠪᠦᠷᠲᠡ ᠦᠵᠢᠨ ᠮᠤᠩᠭᠤᠯ ᠤᠨ ᠲᠤᠯᠭᠤᠷ ᠲᠦᠷᠦ ᠲᠤᠭᠳᠠᠵᠤ ᠪᠠᠬᠢᠵᠢᠬᠦ ᠳᠤ ᠦᠪᠡᠷ ᠤᠨ ᠤᠶᠤᠨ ᠤᠬᠠᠭᠠᠨ ᠢᠶᠠᠨ ᠬᠠᠷᠠᠮ ᠦᠭᠡᠢ ᠵᠤᠷᠢᠭᠤᠯᠤᠭᠰᠠᠨ ᠶᠤᠮ᠃ ᠴᠢᠩᠭᠢᠰ ᠬᠠᠭᠠᠨ ᠠᠴᠠ ᠪᠦᠷᠲᠡ ᠦᠵᠢᠨ ᠢ᠄      ︽ᠪᠦᠳᠦᠬᠦ ᠶᠢᠨ ᠤᠷᠢᠳᠠ ᠤᠴᠠᠷᠠᠭᠰᠠᠨ ᠪᠦᠷᠲᠡ ᠦᠵᠢᠨ ᠶᠡᠭᠡ ᠬᠠᠳᠤᠨ ᠮᠢᠨᠤ      ᠡᠷᠳᠡᠨᠢ ᠡᠴᠢᠭᠡ ᠶᠢᠨ ᠮᠢᠨᠢ ᠵᠦᠭᠡᠭᠰᠡᠨ ᠡᠬᠡ ᠮᠡᠳᠦ ᠭᠡᠷᠭᠡᠢ ᠪᠦᠯᠦᠭᠡ︾ [13]ᠭᠡᠵᠦ ᠦᠨᠡᠯᠡᠭᠰᠡᠨ ᠪᠠᠶᠢᠳᠠᠭ᠃ ᠡᠶᠢᠮᠦ ᠠᠴᠠ ᠪᠦᠷᠲᠡ ᠦᠵᠢᠨ ᠤ ᠲᠦᠷᠢ ᠪᠤᠯ ᠤᠷᠠᠨ ᠤᠬᠠᠭᠠᠨ ᠬᠤᠤᠰᠯᠠᠭᠰᠠᠨ ᠪᠦᠰᠡᠭᠦᠢ᠂ ᠰᠢᠯᠭᠠᠷᠠᠭᠰᠠᠨ ᠤᠯᠤᠰ ᠲᠦᠷᠦᠴᠢᠨ ᠪᠦᠭᠡᠳ ᠲᠦᠷᠦ ᠶᠢᠨ ᠰᠠᠶᠢᠨ ᠵᠦᠪᠯᠡᠭᠴᠢ ᠮᠦᠨ᠃      ᠮᠤᠩᠭᠤᠯ ᠤᠨ ᠪᠠᠭᠠᠳᠤᠷ ᠰᠤᠤᠳᠦ ᠡᠮᠡᠭᠳᠠᠶᠢᠴᠦᠳ ᠤᠨ ᠲᠤᠪᠤᠶᠢᠵᠦ ᠴᠤᠯᠭᠤᠷᠠᠭᠰᠠᠨ ᠤ ᠦᠨᠳᠦᠰᠦᠨ ᠰᠢᠯᠲᠠᠭᠠᠨ ᠨᠢ ᠲᠡᠳᠡᠨ ᠤ ᠤᠯᠤᠰ ᠲᠦᠷᠦ ᠶᠢᠨ ᠲᠠᠯ᠎ᠠ ᠪᠠᠷ ᠬᠢ ᠪᠠᠶᠢᠷᠢ ᠰᠠᠭᠤᠷᠢ ᠪᠤᠯᠤᠨ ᠠᠳᠠᠯᠢ ᠲᠡᠭᠰᠢ ᠪᠠᠷ ᠤᠯᠤᠰ ᠲᠦᠷᠦ ᠶᠢᠨ ᠦᠢᠯᠡ ᠬᠡᠷᠡᠭ ᠲᠤ ᠤᠷᠤᠯᠴᠠᠨ᠂ ᠤᠯᠤᠰ ᠲᠦᠷᠦ ᠶᠢᠨ ᠤᠨᠤᠯ ᠲᠤᠷᠠᠳᠤᠨ ᠤᠶᠤᠨ ᠤᠬᠠᠭᠠᠨ ᠢᠶᠠᠨ ᠬᠡᠨ ᠠᠴᠠ ᠴᠦ ᠳᠤᠲᠠᠭᠤ ᠦᠭᠡᠢ ᠪᠠᠳᠠᠷᠠᠭᠤᠯᠵᠦ ᠶᠠᠪᠤᠭᠰᠠᠨ ᠢᠶᠠᠷ ᠬᠤᠯᠪᠤᠭ᠎ᠠ ᠲᠠᠢ ᠶᠤᠮ᠃ ᠠᠯᠤᠨ ᠭᠤᠸ᠎ᠠ ᠡᠶᠡᠳᠡᠯ ᠪᠦᠯᠬᠦᠮᠳᠡᠯ ᠢ ᠡᠷᠬᠢᠮᠯᠡᠨ᠂ ᠦᠭᠡᠯᠦᠨ ᠡᠬᠡ ᠪᠦᠷᠳᠡ ᠦᠵᠢᠨ ᠮᠤᠩᠭᠤᠯ ᠤᠨ ᠶᠡᠭᠡ ᠦᠢᠯᠡᠰ᠂ ᠲᠦᠷᠦ ᠪᠠᠬᠢᠵᠢᠭᠦᠯᠬᠦ ᠦᠢᠯᠡᠰ ᠲᠤ ᠪᠦᠬᠦ ᠬᠦᠴᠦᠨ ᠴᠢᠳᠠᠯ᠂ ᠤᠶᠤᠨ ᠤᠬᠠᠭᠠᠨ ᠢᠶᠠᠨ ᠵᠤᠷᠢᠭᠤᠯᠵᠦ᠂ ᠤᠨᠲᠠᠭᠰᠠᠨ ᠢ ᠰᠡᠷᠢᠭᠦᠯᠵᠦ᠂ ᠮᠠᠷᠳᠠᠭᠰᠠᠨ ᠢ ᠨᠢ ᠰᠠᠨᠠᠭᠤᠯᠵᠦ ᠶᠠᠪᠤᠭᠰᠠᠨ ᠶᠤᠮ᠃      ᠵᠡᠭᠦᠯᠲᠡ᠄    [1] ᠭᠦᠢ ᠷᠦᠩ᠄ ᠮᠤᠩᠭᠤᠯ ᠤᠨ ᠲᠡᠦᠬᠡ ᠶᠢᠨ ᠲᠤᠷᠠᠨ ᠬᠠᠷᠠᠭ᠎ᠠ — ︽ᠡᠷᠲᠡᠨ ᠤ ᠮᠤᠩᠭᠤᠯ ᠤᠨ ᠰᠤᠤᠳᠦ ᠡᠮᠡᠭᠲᠡᠶᠢᠴᠦᠳ︾᠂ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 2012 ᠤᠨ᠂ 2 ᠳ᠋ᠤᠭᠠᠷ ᠨᠢᠭᠤᠷ    [2][3][4][5][6][7][8][9][10][11][12]ᠲᠠᠶᠢᠴᠢᠭᠤᠳ ᠮᠠᠨᠰᠠᠩ᠄ ᠰᠢᠨ᠎ᠡ ᠪᠠᠷ ᠤᠷᠴᠢᠭᠤᠯᠤᠨ ᠲᠠᠶᠢᠯᠪᠤᠷᠢᠯᠠᠭᠰᠠᠨ ︽ᠮᠤᠩᠭᠤᠯ ᠤᠨ ᠨᠢᠭᠤᠴᠠ ᠲᠤᠪᠴᠢᠶᠠᠨ︾᠂ ᠦᠪᠦᠷ ᠮᠤᠩᠭᠤᠯ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠬᠡᠪᠯᠡᠯ ᠤᠨ ᠬᠤᠷᠢᠶ᠎ᠠ᠂ 2009 ᠤᠨ᠃ 8᠂ 10᠂ 43~45᠂ 266~267᠂ 46~48᠂ 299~300᠂ 297᠂ 56~57᠂ 86~87᠂  87᠂ 301~302 ᠳ᠋ᠤᠭᠠᠷ ᠨᠢᠭᠤᠷ    [13]ᠰᠠᠭᠠᠩ ᠰᠡᠴᠡᠨ᠄ ︽ᠡᠷᠳᠡᠨᠢ ᠶᠢᠨ ᠲᠤᠪᠴᠢ︾᠂ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 2010 ᠤᠨ᠂ 156 ᠳ᠋ᠤᠭᠠᠷ ᠨᠢᠭᠤᠷ               ᠬᠠᠶ᠋ᠢᠬ᠄ ᠪᠠᠭᠠᠷᠢᠨ ᠪᠠᠷᠠᠭᠤᠨ ᠬᠤᠰᠢᠭᠤᠨ ᠤ ᠳ᠋ᠠᠪᠠᠨ ᠤ ᠮᠤᠩᠭᠤᠯ                       ᠦᠨᠳᠦᠰᠦᠳᠡᠨ ᠤ ᠲᠤᠮᠳᠠᠳᠤ ᠰᠤᠷᠭᠠᠭᠤᠯᠢ                              ︵ᠡᠾᠦ᠋ᠩ ᠮᠸᠢ ᠨᠠᠶᠢᠷᠠᠭᠤᠯᠪᠠ︶                              9  ᠳ᠋ᠤᠭᠠᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map