ᠬᠡᠣᠬᠡᠳ ᠤᠨ ᠪᠠᠶ᠎ᠡ ᠶᠢᠨ ᠲᠠᠮᠢᠷ ᠤᠨ ᠲᠤᠭᠯᠠᠭᠠᠮ ᠤᠨ ᠲᠤᠬᠠᠢ ᠲᠦᠬᠦᠮ ᠦᠬᠦᠯᠡᠬᠦ ᠨᠢ
ᠨᠡᠶᠢᠲᠡᠯᠡᠭᠰᠡᠨ ᠴᠠᠭ᠄
2020/4/10
                              ᠨᠠᠷᠠᠨᠬᠤᠸᠠᠷ      ᠬᠡᠣᠬᠡᠳ ᠤᠨ ᠴᠡᠴᠡᠷᠯᠢᠭ ᠨᠢ ᠬᠡᠣᠬᠡᠳ ᠢ ᠲᠤᠭᠯᠠᠭᠠᠮ ᠤᠨ ᠲᠤᠮᠳᠠ ᠰᠣᠷᠴᠣ ᠪᠤᠯᠪᠠᠰᠤᠷᠠᠭᠤᠯᠤᠨ ᠲᠡᠳᠡ ᠨᠡᠷ ᠤᠨ ᠪᠠᠶ᠎ᠠ ᠰᠡᠳᠬᠢᠴᠡ ᠶᠢ ᠡᠷᠡᠭᠦᠯ ᠮᠡᠨᠳᠤ ᠪᠠᠷ ᠦᠰᠦᠨ ᠪᠤᠶᠢᠵᠢᠭᠤᠯᠳᠠᠬ᠃      ᠨᠢᠭᠡ᠂ ᠪᠡᠶ᠎ᠡ ᠲᠠᠮᠢᠷ ᠤᠨ ᠬᠦᠳᠡᠯᠬᠡᠬᠡᠨ ᠤ ᠳᠠᠪᠬᠤᠷᠭᠠᠳᠣ ᠬᠠᠷᠠᠯᠳᠠ ᠶᠢ ᠲᠤᠭᠳᠠᠭᠠᠬᠤ      ᠪᠠᠭ᠎ᠠ ᠠᠩᠬᠢ ᠶᠢᠨ ᠬᠡᠤᠬᠡᠳ ᠤᠨ ᠠᠮᠢᠳᠣᠷᠠᠯ ᠢᠶᠠᠨ ᠵᠠᠬᠢᠷᠬᠤ ᠴᠢᠳᠠᠪᠦᠷᠢ ᠪᠠ ᠪᠤᠯᠴᠢᠩ ᠤᠨ ᠬᠦᠳᠡᠯᠬᠡᠬᠡᠨ ᠤ ᠴᠢᠳᠠᠪᠦᠷᠢ ᠨᠢ ᠨᠡᠯᠢᠶᠠᠳ ᠰᠠᠶᠢᠨ ᠪᠠᠶᠢᠪᠠᠯ᠂ ᠪᠠᠶ᠎ᠠ ᠶᠢᠨ ᠲᠠᠮᠢᠷ ᠤᠨ ᠪᠠᠭᠠᠵᠢ ᠬᠡᠷᠡᠭᠰᠡᠯ ᠪᠠ ᠨᠠᠭᠠᠳᠣᠮ ᠤᠨ ᠵᠦᠢᠯ ᠢᠶᠠᠷ ᠲᠠᠳᠡ ᠨᠡᠷ ᠤᠨ ᠥᠨᠳᠣᠰᠣᠨ ᠬᠦᠳᠡᠯᠤᠯ ᠢ ᠬᠦᠭᠵᠢᠬᠡᠵᠤ ᠪᠤᠯᠤᠨ᠎ᠠ᠃ ᠲᠤᠤᠷᠠᠬᠢ ᠬᠡᠳᠣᠨ ᠲᠠᠯ᠎ᠠ ᠪᠠᠷ ᠪᠦᠯᠦᠭ ᠨᠢᠬᠡᠪᠤᠷᠢ ᠶᠢᠨ ᠭᠤᠤᠯᠳᠠᠯᠭ᠎ᠠ ᠲᠠᠢ ᠬᠠᠷᠠᠯᠳᠠ ᠪᠤᠯᠭᠠᠨ᠎ᠠ᠃ ᠵᠢᠱᠢᠶᠡᠯᠡᠪᠠᠯ᠄ ᠭᠠᠷ ᠬᠦᠯ ᠢᠶᠠᠨ ᠵᠤᠬᠢᠴᠠᠭᠤᠯᠤᠨ ᠮᠤᠷᠤᠢ ᠵᠠᠮ ᠢᠶᠠᠷ ᠶᠠᠪᠤᠬᠤ᠂ ᠬᠡᠣᠬᠡᠳ ᠤᠨ ᠪᠠᠭ᠎ᠠ ᠲᠡᠷᠭᠡ ᠶᠢ ᠲᠦᠯᠬᠢᠵᠤ ᠬᠦᠶᠦᠬᠦ᠂ ᠭᠠᠭᠴᠠ ᠪᠠᠷ ᠢᠶᠠᠨ ᠪᠦᠮᠪᠦᠭᠡ ᠠᠯᠠᠭᠠᠳᠠᠬᠤ᠂ ᠪᠦᠮᠪᠦᠭᠡ ᠥᠡᠭᠭᠦᠷᠢᠭᠦᠯᠵᠤ ᠴᠢᠳᠠᠬᠤ᠂ ᠭᠤᠯᠭᠤᠭᠤᠷ ᠱᠠᠳᠣᠨ ᠳᠡᠭᠡᠷ᠎ᠡ ᠨᠠᠭᠠᠳᠴᠤ ᠴᠢᠳᠠᠬᠤ ᠵᠡᠷᠬᠡ᠃      ᠲᠤᠮᠳᠠ ᠠᠩᠬᠢ ᠶᠢᠨ ᠬᠡᠣᠬᠡᠳ ᠲᠤ ᠠᠪᠴᠣ ᠬᠡᠯᠡᠪᠠᠯ ᠲᠦᠪ ᠮᠡᠳᠡᠷᠡᠯ ᠤᠨ ᠰᠢᠰᠲ᠋ᠧᠮ ᠪᠠ ᠰᠠᠷᠡᠭᠦᠢ ᠮᠡᠳᠡᠷᠡᠯ ᠤᠨ ᠰᠢᠰᠲ᠋ᠧᠮ ᠤᠨ ᠠᠵᠢᠯᠯᠠᠭᠠᠨ ᠤ ᠬᠦᠭᠵᠢᠯᠳᠡ ᠬᠠᠮᠤᠭ ᠴᠢᠬᠤᠯᠠ ᠴᠠᠭ ᠥᠶ᠎ᠡ ᠳᠤ ᠪᠠᠨ ᠪᠠᠶᠢᠵᠤ᠂ ᠲᠡᠳᠡ ᠨᠡᠷ ᠤᠨ ᠬᠦᠳᠡᠯᠬᠡᠬᠡᠨ ᠤ ᠴᠢᠳᠠᠪᠬᠢ ᠶᠢ ᠬᠦᠭᠵᠢᠬᠦᠯᠬᠦ ᠪᠠᠷ ᠭᠤᠤᠯ ᠬᠠᠷᠠᠯᠳᠠ ᠪᠠᠨ ᠪᠤᠯᠭᠠᠵᠤ ᠪᠤᠯᠤᠨ᠎ᠠ᠃ ᠵᠢᠱᠢᠶᠡᠯᠡᠪᠠᠯ᠄ ᠳᠤᠬᠢᠶ᠎ᠠ ᠪᠠᠷ ᠬᠦᠶᠦᠬᠦ ᠥᠰᠦᠷᠬᠦ ᠬᠦᠳᠡᠯᠣᠯ ᠤᠨ ᠬᠤᠷᠳᠣᠴᠠ ᠶᠢ ᠠᠩᠬᠠᠷᠤᠨ᠂ ᠦᠷᠦᠭᠡᠰᠦᠨ ᠬᠦᠯ ᠢᠶᠠᠷ ᠢᠶᠠᠨ ᠥᠰᠣᠷᠭᠦ᠂ ᠭᠤᠮ ᠪᠦᠮᠪᠦᠭᠡ ᠨᠠᠭᠠᠳᠴᠣ ᠰᠣᠷᠬᠤ᠂ ᠪᠦᠮᠪᠦᠭᠡ ᠠᠯᠠᠭᠠᠳᠠᠬᠤ᠂ ᠪᠦᠮᠪᠦᠭᠡ ᠲᠣᠰᠬᠤ᠂ ᠪᠦᠮᠪᠦᠭᠡ ᠢᠰᠬᠦᠯᠬᠦ᠂ ᠪᠦᠮᠪᠦᠭᠡ ᠥᠡᠭᠬᠦᠷᠢᠭᠦᠯᠬᠦ ᠵᠡᠷᠬᠡ ᠭᠦᠳᠠᠯᠭᠡᠭᠡᠨ ᠢ ᠬᠢᠯᠭᠡᠵᠦ ᠪᠤᠯᠤᠨ᠎ᠠ᠃      ᠶᠡᠭᠡ ᠠᠩᠬᠢ ᠶᠢᠨ ᠬᠡᠣᠬᠡᠳ ᠤᠨ ᠪᠠᠶ᠎ᠠ ᠰᠡᠳᠬᠢᠴᠡ ᠶᠢᠨ ᠬᠦᠭᠵᠢᠯᠳᠡ ᠨᠡᠯᠢᠶᠠᠳ ᠲᠤᠭᠳᠠᠭᠤᠨ ᠪᠠᠶᠢᠵᠤ᠂ ᠠᠵᠢᠯᠯᠠᠭᠠᠨ ᠤ ᠴᠢᠳᠠᠪᠬᠢ ᠨᠢ ᠲᠦᠷᠬᠡᠨ ᠬᠦᠭᠵᠢᠵᠤ ᠪᠠᠶᠢᠭ᠎ᠠ ᠴᠠᠭ ᠬᠤᠭᠤᠴᠠᠭ᠎ᠠ ᠳᠤ ᠪᠠᠶᠢᠬᠤ ᠶᠢ ᠠᠩᠬᠠᠷᠤᠨ᠎ᠠ᠃ ᠵᠢᠱᠢᠶᠡᠯᠡᠪᠠᠯ᠄ ᠳᠡᠭᠡᠰᠣ ᠪᠠ ᠰᠣᠨᠳᠠᠭ ᠥᠰᠣᠷᠴᠣ ᠴᠢᠳᠠᠬᠤ᠂ ᠰᠢᠷᠭᠤᠵᠤ ᠮᠥᠯᠬᠦᠬᠦ᠂ ᠠᠪᠠᠷᠢᠬᠤ᠂ ᠥᠨᠳᠣᠷ ᠳᠡᠭᠳᠡᠷ ᠳᠡᠭᠡᠷ᠎ᠡ ᠭᠠᠷᠬᠤ᠂ ᠰᠠᠭᠰᠣᠨ ᠪᠦᠮᠪᠦᠭᠡ ᠲᠤᠭᠯᠠᠬᠤ᠂ ᠫᠢᠡᠭᠫᠠᠩ ᠪᠦᠮᠪᠦᠭᠡ ᠨᠠᠭᠠᠳᠬᠤ᠂ ᠲᠡᠪᠡᠭ ᠢᠰᠬᠦᠯᠬᠦ ᠵᠡᠷᠬᠡ ᠠᠵᠢᠯᠯᠠᠭᠠᠨ ᠢ ᠦᠷᠨᠢᠭᠦᠯᠵᠦ ᠪᠤᠯᠤᠨ᠎ᠠ᠃      ᠬᠤᠶᠠᠷ᠂ ᠬᠦᠳᠡᠯᠤᠯ ᠤᠨ ᠥᠨᠳᠣᠰᠣᠨ ᠠᠭᠤᠯᠭ᠎ᠠ ᠶᠢ ᠥᠨᠳᠣᠰᠣᠯᠡᠵᠤ ᠲᠤᠭᠯᠠᠭᠠᠮ ᠤᠨ ᠬᠦᠳᠡᠯᠬᠡᠬᠡᠨ ᠢ ᠥᠷᠨᠢᠬᠦᠯᠬᠦ      ᠪᠠᠶ᠎ᠠ ᠲᠠᠮᠢᠷ ᠤᠨ ᠬᠦᠳᠡᠯᠬᠡᠬᠡᠨ ᠤ ᠳᠠᠪᠬᠤᠷᠭᠠᠳᠣ ᠬᠠᠷᠠᠯᠳᠠ ᠶᠢ ᠥᠨᠳᠣᠰᠣᠯᠠᠵᠣ ᠪᠢᠳᠠ ᠭᠤᠷᠪᠠᠨ ᠵᠦᠢᠯ ᠤᠨ ᠪᠠᠶ᠎ᠠ ᠲᠠᠮᠢᠷ ᠤᠨ ᠲᠤᠭᠯᠠᠭᠠᠮ ᠢ ᠲᠦᠰᠦᠪᠯᠡᠨ ᠭᠠᠷᠭᠠᠪᠠ᠃      1. ᠭᠠᠭᠴᠠ ᠲᠦᠷᠦᠯ ᠢᠶᠠᠷ ᠪᠤᠯᠪᠠᠰᠣᠷᠠᠬᠤ ᠪᠠᠭ᠎ᠠ ᠲᠤᠭᠯᠠᠭᠠᠮ      ᠪᠠᠭ᠎ᠠ ᠠᠩᠬᠢ ᠶᠢᠨ ᠬᠡᠣᠬᠡᠳ ᠬᠤᠶᠠᠷ ᠬᠦᠯ ᠢᠶᠠᠷ ᠢᠶᠠᠨ ᠵᠡᠷᠬᠡ ᠪᠠᠷ ᠥᠬᠡᠳᠡ ᠥᠰᠤᠷᠬᠦ ᠪᠤᠯᠪᠠᠰᠣᠷᠠᠯ ᠢ ᠪᠢᠳᠠ ︽ᠮᠤᠤᠷ ᠡᠷᠪᠡᠭᠡᠢ ᠪᠠᠷᠢᠬᠤ︾ ᠬᠡᠵᠤ ᠲᠦᠷᠰᠣᠯᠡᠳᠡᠭ᠃ ᠪᠠᠭᠰᠢ ᠴᠠᠭᠠᠰᠣ ᠪᠠᠷ ︽ᠡᠷᠪᠡᠬᠡᠢ︾ ᠡᠪᠬᠡᠵᠤ᠂ ᠬᠡᠣᠬᠡᠳ ᠤᠨ ᠲᠣᠯᠣᠭᠠᠢ ᠳᠡᠭᠡᠷ᠎ᠡ ᠲᠠᠯᠪᠢᠵᠤ᠂ ᠬᠡᠣᠬᠡᠳ ᠨᠢᠬᠡ ᠨᠢᠬᠡ ᠪᠠᠷ ᠢᠶᠠᠨ ᠡᠷᠪᠡᠬᠡᠢ ᠪᠠᠷᠢᠬᠤ ᠬᠡᠵᠤ ᠨᠠᠭᠠᠳᠳᠠᠭ᠃ ᠲᠤᠰ ᠲᠤᠭᠯᠠᠭᠠᠮ ᠢᠶᠠᠷ ᠳᠠᠮᠵᠢᠵᠤ ᠬᠡᠣᠬᠡᠳ ᠤᠳ ᠵᠤᠷᠢᠭᠲᠠᠢ ᠠᠵᠢᠯᠯᠠᠭᠠᠨ ᠤ ᠬᠦᠳᠡᠯᠤᠯ ᠤᠨ ᠥᠨᠳᠣᠰᠣᠨ ᠵᠢᠮ᠎ᠡ ᠶᠤᠰᠤ ᠶᠢ ᠡᠵᠡᠮᠰᠢᠵᠤ ᠴᠢᠳᠠᠳᠠᠭ᠃ ᠪᠠᠰᠠ ᠵᠢᠱᠢᠶᠡᠯᠡᠪᠠᠯ᠄ ︽ᠬᠦᠳᠡᠭᠡ ᠪᠠᠷ ᠵᠤᠭᠠᠴᠠᠬᠤ︾ ᠠᠶᠠᠯᠠᠯ ᠳᠤ ᠬᠡᠣᠬᠡᠳ ᠲᠤᠬᠢᠶ᠎ᠠ ᠰᠣᠨᠣᠰᠴᠣ ᠬᠦᠶᠦᠳᠠᠯ ᠢᠶᠠᠨ ᠳᠠᠭᠠᠷᠠᠭᠤᠯᠬᠤ᠂ ᠬᠤᠨᠭ᠍ᠬᠤᠳᠤ ᠬᠡᠨᠭᠬᠡᠷᠬᠡ ᠶᠢᠨ ᠳᠠᠭᠤᠨ ᠳᠤᠮᠳᠠ ᠡᠯ᠎ᠡ ᠵᠦᠢᠯ  ᠤᠨ ᠬᠤᠷᠳᠤᠴᠠ ᠪᠠᠷ ᠠᠯᠬᠤᠬᠤ᠂ ᠬᠦᠶᠦᠬᠦ᠂ ᠲᠤᠩᠭᠤᠷᠴᠣ ᠠᠯᠬᠤᠬᠤ ᠵᠡᠷᠬᠡ᠂ ᠲᠤᠬᠢᠶᠠᠨ ᠲᠠᠭᠤ ᠪᠠᠷ ᠴᠡᠴᠡᠭ ᠲᠡᠭᠦᠭᠦ᠂ ᠥᠷᠦᠮ᠎ᠡ ᠬᠤᠯᠠᠭᠠᠶᠢᠴᠢ ᠪᠠᠷᠢᠬᠤ ᠵᠡᠷᠭᠡ᠃ ᠡᠳᠡᠭᠡᠷ ᠲᠤᠭᠯᠠᠭᠠᠮ ᠨᠢ ᠰᠡᠳᠬᠢᠬᠦᠢ᠂ ᠰᠣᠨᠣᠷ ᠬᠠᠷᠠᠭ᠎ᠠ ᠪᠠ ᠬᠦᠳᠡᠯᠤᠯ ᠤᠨ ᠨᠢᠬᠡᠳᠣᠮᠡᠯ ᠴᠢᠨᠠᠷ ᠢ ᠵᠤᠬᠢᠴᠠᠭᠤᠯᠬᠤ ᠶᠢᠨ ᠬᠠᠮᠳᠣ ᠬᠡᠣᠬᠡᠳ ᠤᠨ ᠴᠢᠳᠠᠪᠤᠷᠢ ᠵᠡᠷᠭᠡ ᠶᠢ ᠪᠤᠯᠪᠠᠰᠣᠷᠠᠭᠤᠯᠤᠭᠰᠠᠨ ᠪᠠᠶᠢᠨ᠎ᠠ᠃      2. ᠠᠳᠠᠯᠢ ᠠᠭᠤᠯᠭ᠎ᠠ ᠲᠠᠢ ᠳᠤᠭᠤᠶᠢᠯᠠᠩ ᠤᠨ ᠲᠤᠭᠯᠠᠭᠠᠮ      ᠠᠳᠠᠯᠢ ᠠᠭᠤᠯᠭ᠎ᠠ ᠲᠠᠢ᠂ ᠠᠳᠠᠯᠢ ᠪᠣᠰᠣ ᠱᠠᠭᠠᠷᠳᠠᠯᠭ᠎ᠠ ᠲᠠᠢ ᠲᠤᠭᠯᠠᠭᠠᠮ ᠵᠤᠬᠢᠶᠠᠨ᠎ᠠ᠃ ᠳᠤᠮᠳᠠ ᠠᠩᠭᠢ ᠶᠢᠨ ᠭᠡᠤᠭᠡᠳ ᠬᠤᠶᠠᠷ ᠭᠦᠯ ᠢᠶᠠᠷ ᠢᠶᠠᠨ ᠰᠢᠯᠤᠭᠤᠨ ᠱᠤᠭᠤᠮ ᠤᠨ ᠬᠤᠶᠠᠷ ᠲᠠᠯ᠎ᠠ ᠪᠠᠷ ᠦᠰᠤᠷᠴᠤ ᠪᠤᠯᠪᠠᠰᠤᠷᠠᠬᠤ ᠳᠤ ᠪᠢᠳᠠ ᠲᠠᠪᠤᠨ ᠪᠠᠭ᠎ᠠ ᠲᠤᠭᠯᠠᠭᠠᠮ ᠢ ᠱᠠᠳᠤ ᠱᠠᠳᠤ ᠪᠠᠷ ᠲᠦᠰᠤᠪᠯᠠᠨ ᠭᠠᠷᠭᠠᠵᠠᠢ᠃ ᠵᠢᠱᠢᠶᠠᠯᠠᠪᠠᠯ᠄      ᠨᠢᠭᠡᠳᠤᠭᠡᠷ ᠲᠤᠭᠯᠠᠭᠠᠮ᠂ ︽ᠲᠠᠤᠯᠠᠢ ᠭᠡᠷ ᠲᠤ ᠪᠠᠨ ᠬᠠᠷᠢᠬᠤ︾᠃ ᠱᠠᠭᠠᠷᠳᠠᠯᠭ᠎ᠠ ᠨᠢ᠄ ᠰᠢᠯᠤᠭᠤᠨ ᠱᠤᠭᠤᠮ ᠤᠨ ᠬᠤᠶᠠᠷ ᠲᠠᠯ᠎ᠠ ᠪᠠᠷ ᠦᠰᠤᠷᠭᠦ᠃      ᠬᠤᠶᠠᠳᠤᠭᠠᠷ ᠲᠤᠭᠯᠠᠭᠠᠮ᠂ ︽ᠪᠠᠴᠢᠨ ᠭᠤᠸ᠋ᠨ ᠲᠠᠷᠢᠬᠤ︾᠃ ᠱᠠᠭᠠᠷᠳᠠᠯᠭ᠎ᠠ ᠨᠢ᠄ 40 ᠰᠡᠨᠲ᠋ᠢᠮᠧᠲᠷ ᠤᠨ ᠴᠠᠭᠠᠷᠢᠭ ᠲᠤᠲᠤᠷ᠎ᠠ ᠪᠦᠮᠪᠦᠭᠡ ᠠᠯᠠᠭᠠᠳᠠᠬᠤ᠃      ᠭᠤᠷᠪᠠᠳᠤᠭᠠᠷ ᠲᠤᠭᠯᠠᠭᠠᠮ᠂ ︽ᠢᠮᠠᠭ᠎ᠠ ᠭᠤᠤᠯ ᠢᠶᠠᠷ ᠭᠠᠷᠬᠤ︾᠃ ᠱᠠᠭᠠᠷᠳᠠᠯᠭ᠎ᠠ ᠨᠢ᠄ 40 ᠰᠡᠨᠲ᠋ᠢᠮᠧᠲᠷ ᠵᠡᠢ ᠲᠠᠢ ᠬᠤᠶᠠᠷ ᠱᠤᠭᠤᠮ ᠤᠨ ᠭᠠᠳᠠᠨ᠎ᠠ ᠨᠠᠭᠠᠰᠢ ᠴᠠᠭᠠᠰᠢ ᠦᠰᠤᠷᠭᠦ᠃      ᠲᠦᠷᠪᠡᠳᠤᠭᠡᠷ ᠲᠤᠭᠯᠠᠭᠠᠮ᠂ ︽ᠬᠤᠯᠤᠭᠠᠨ᠎ᠠ ᠰᠡᠤᠭᠡ ᠲᠠᠮᠨᠠᠬᠤ︾᠃ ᠱᠠᠭᠠᠷᠳᠠᠯᠭ᠎ᠠ ᠨᠢ᠄ ᠭᠠᠭᠴᠨ ᠭᠦᠯ ᠢᠶᠠᠷ ᠢᠶᠠᠨ ᠨᠠᠭᠠᠰᠢ ᠴᠠᠭᠠᠰᠢ ᠦᠰᠤᠷᠭᠦ᠃      ᠲᠠᠪᠤᠳᠤᠭᠠᠷ ᠲᠤᠭᠯᠠᠭᠠᠮ᠂ ︽ᠶᠠᠪᠠᠭᠠᠨ ᠭᠠᠯᠠᠭᠤ ᠭᠤᠤᠯ ᠭᠠᠳᠤᠯᠬᠤ︾᠃ ᠱᠠᠭᠠᠷᠳᠠᠯᠭ᠎ᠠ ᠨᠢ᠄ ᠬᠤᠶᠠᠷ ᠭᠦᠯ ᠢᠶᠠᠷ ᠢᠶᠠᠨ ᠮᠤᠷᠤᠢ ᠱᠤᠭᠤᠮ ᠲᠡᠭᠡᠭᠦᠷ ᠨᠠᠭᠠᠰᠢ ᠴᠠᠭᠠᠰᠢ ᠲᠦᠷᠭᠡᠨ ᠦᠰᠤᠷᠭᠦ᠃      ᠡᠳᠡᠭᠡᠷ ᠲᠤᠭᠯᠠᠭᠠᠮ ᠨᠢ ᠭᠡᠤᠭᠡᠳ ᠤᠨ ᠲᠤᠭᠯᠠᠨ ᠰᠤᠷᠤᠯᠴᠠᠬᠤ ᠤᠷᠮ᠎ᠠ ᠵᠤᠷᠢᠭ ᠢ ᠤᠷᠮᠡᠰᠢᠭᠤᠯᠬᠤ ᠶᠢᠨ ᠬᠠᠮᠲᠤ ᠲᠡᠳᠡ ᠨᠡᠷ ᠤᠨ ᠠᠳᠠᠯᠢ ᠪᠤᠰᠤ ᠪᠠᠶᠢᠳᠠᠯ ᠤᠨ ᠲᠤᠤᠷ᠎ᠠ ᠭᠦᠳᠡᠯᠤᠯ ᠢᠶᠠᠨ ᠶᠠᠭᠠᠭᠢᠵᠤ ᠵᠤᠭᠢᠴᠠᠭᠤᠯᠬᠤ ᠴᠢᠳᠠᠪᠤᠷᠢ ᠶᠢ ᠤᠯᠠᠮ ᠪᠤᠯᠪᠠᠰᠤᠷᠠᠭᠤᠯᠤᠭᠰᠠᠨ ᠪᠠᠶᠢᠨ᠎ᠠ᠃      3. ᠶᠡᠷᠤᠩᠭᠡᠢ ᠪᠤᠯᠪᠠᠰᠤᠷᠠᠯ ᠤᠨ ᠴᠢᠨᠠᠷᠳᠠᠢ ᠲᠤᠭᠯᠠᠭᠠᠮ      ᠭᠡᠤᠭᠡᠳ ᠤᠨ ᠪᠡᠶ᠎ᠠ ᠮᠠᠬᠠᠪᠤᠤᠨ ᠢ ᠪᠦᠭᠦ ᠲᠠᠯ᠎ᠠ ᠪᠠᠷ ᠪᠤᠯᠪᠠᠰᠤᠷᠠᠭᠤᠯᠵᠤ᠂ ᠲᠡᠳᠡᠨᠡᠷ ᠤᠨ ᠭᠦᠳᠡᠯᠤᠯ ᠢ ᠲᠡᠩᠴᠡᠭᠦᠷᠢᠲᠡᠢ ᠭᠦᠭᠵᠢᠭᠦᠯᠭᠦ ᠶᠢᠨ ᠲᠦᠯᠤᠭᠡ ᠵᠢᠭᠠᠨ ᠰᠤᠷᠭᠠᠬᠤ ᠬᠠᠷᠠᠯᠲᠡ ᠪᠠᠷ ᠠᠭᠤᠯᠭ᠎ᠠ ᠪᠤᠯᠭᠠᠭᠰᠠᠨ ᠶᠡᠷᠤᠩᠭᠡᠢ ᠪᠤᠯᠪᠠᠰᠤᠷᠠᠯ ᠤᠨ ᠶᠡᠭᠡ ᠨᠠᠭᠠᠳᠤᠮ ᠢ ᠲᠦᠰᠦᠪᠯᠡᠨ ᠭᠠᠷᠭᠠᠵᠤ᠂ ᠰᠤᠷᠤᠯᠴᠡᠵᠤ ᠦᠩᠭᠡᠷᠡᠭᠰᠡᠨ ᠦᠨᠳᠤᠰᠤᠨ ᠭᠦᠳᠡᠯᠤᠯ ᠢᠶᠠᠨ ᠪᠠᠭᠢᠵᠢᠭᠦᠯᠵᠤ᠂ ᠲᠤᠭᠯᠠᠭᠠᠮ ᠤᠨ ᠭᠦᠳᠡᠯᠤᠩᠭᠦᠢ ᠴᠢᠨᠠᠷ ᠪᠠ ᠪᠦᠷᠢᠨ ᠲᠡᠭᠦᠯᠳᠡᠷ ᠴᠢᠨᠡᠷ ᠢ ᠴᠢᠩᠭᠠᠳᠬᠠᠨ᠂ ᠠᠵᠢᠯᠯᠠᠭᠠᠨ ᠤ ᠭᠡᠮ ᠢ ᠨᠢ ᠪᠠᠲᠤᠯᠠᠭᠰᠠᠨ ᠪᠠᠶᠢᠨ᠎ᠠ᠃      ᠶᠡᠷᠤᠩᠭᠡᠢ ᠪᠤᠯᠪᠠᠰᠤᠷᠠᠯ ᠤᠨ ᠴᠢᠨᠠᠷᠳᠠᠢ ᠲᠤᠭᠯᠠᠭᠠᠮ ᠨᠢ ᠭᠡᠳᠤᠨ ᠪᠠᠭ᠎ᠠ ᠲᠤᠭᠯᠠᠭᠠᠮ ᠢᠶᠠᠷ ᠪᠦᠷᠢᠯᠳᠤᠵᠠᠢ᠃ ᠵᠢᠱᠢᠶᠠᠯᠠᠪᠠᠯ᠄ ᠪᠠᠭ᠎ᠠ ᠠᠩᠭᠢ ᠶᠢᠨ ︽ᠵᠢᠮᠢᠰ ᠲᠡᠭᠦᠭᠦ︾ ᠶᠡᠷᠤᠩᠭᠡᠢ ᠪᠤᠯᠪᠠᠰᠤᠷᠠᠯ ᠳᠤ ᠠᠯᠬᠤᠬᠤ᠂ ᠭᠦᠶᠦᠭᠦ᠂ ᠦᠰᠤᠷᠭᠦ ᠭᠦᠳᠡᠯᠤᠯ ᠲᠤᠮᠳᠡ ᠪᠦᠮᠪᠦᠭᠡ ᠦᠩᠭᠦᠷᠢᠭᠦᠯᠭᠦ᠂ ᠪᠦᠮᠪᠦᠭᠡ ᠠᠯᠠᠭᠠᠳᠠᠵᠤ ᠤᠷᠤᠭᠤᠯᠬᠤ ᠵᠡᠷᠭᠡ ᠭᠦᠳᠠᠯᠦᠯ ᠢ ᠤᠷᠤᠭᠤᠯᠵᠠᠢ᠃      ᠶᠡᠭᠡ ᠠᠩᠭᠢ ᠶᠢᠨ ︽ᠡᠷᠡᠯᠭᠡᠭ ᠪᠠᠭᠠᠲᠤᠷ ᠴᠡᠷᠢᠭ︾ ᠤᠨ ᠶᠡᠷᠤᠩᠭᠡᠢ ᠪᠤᠯᠪᠠᠰᠤᠷᠠᠯ ᠳᠤ ᠰᠢᠳᠡᠭᠦ᠂ ᠦᠰᠦᠷᠭᠦ᠂ ᠮᠦᠯᠭᠦᠨ ᠤᠷᠤᠬᠰᠢᠯᠠᠬᠤ ᠵᠡᠷᠭᠡ ᠶᠢ ᠲᠤᠬᠢᠷᠠᠭᠤᠯᠵᠠᠢ᠃ ᠲᠤᠰ ᠲᠤᠭᠯᠠᠭᠠᠮ ᠢᠶᠠᠷ ᠲᠠᠮᠵᠢᠵᠤ ᠭᠡᠤᠭᠡᠳ ᠤᠨ ᠲᠦᠷᠭᠡᠨ ᠭᠦᠶᠦᠭᠦ ᠴᠢᠳᠠᠪᠤᠷᠢ ᠶᠢ ᠲᠡᠭᠡᠭᠰᠢᠯᠡᠭᠦᠯᠳᠡᠭ᠃ ᠲᠠᠷᠤᠢ᠄ ᠪᠦᠰᠡᠯᠡᠯᠲᠡ ᠶᠢᠨ ᠲᠤᠭᠤᠷᠢᠭ ᠢᠶᠠᠷ ᠦᠩᠭᠡᠷᠡᠭᠦ — ᠴᠠᠭᠢᠯᠭᠠᠨ ᠲᠤᠤᠷᠯᠡᠯ ᠢᠶᠠᠷ ᠮᠠᠴᠤᠵᠤ ᠭᠠᠷᠬᠤ — ᠪᠤᠭᠤᠨᠢ ᠭᠡᠷᠡᠮ ᠢᠶᠠᠷ ᠦᠰᠤᠷᠴᠤ ᠭᠠᠷᠬᠤ — ᠠᠶᠤᠯ ᠤᠨ ᠤᠷᠤᠨ ᠢᠶᠠᠷ ᠦᠰᠤᠷᠴᠤ ᠭᠠᠷᠬᠤ ︵ᠭᠠᠭᠴᠨ ᠭᠦᠯ ᠢᠶᠠᠷ ᠦᠰᠤᠷᠭᠦ︶ — ᠨᠦᠭᠡᠨ ᠵᠠᠮ ᠢᠶᠠᠷ ᠵᠠᠪᠰᠢᠶᠠᠨ ᠢ ᠲᠠᠯᠢᠮᠳᠠᠭᠤᠯᠬᠤ — ᠲᠠᠶᠢᠰᠤᠨ ᠤ ᠮᠠᠰᠢᠨ ᠢ ᠰᠢᠷᠪᠢᠨ ᠫᠤᠤᠳᠠᠬᠤ — ᠪᠠᠭᠢᠯᠡᠯᠲᠡ ᠶᠢ ᠲᠡᠮᠡᠴᠡᠨ ᠤᠯᠬᠤ ᠵᠡᠷᠭᠡ ᠠᠭᠤᠯᠭ᠎ᠠ ᠪᠠᠷ ᠶᠠᠪᠤᠭᠳᠠᠵᠠᠢ᠃      ᠡᠳᠡᠭᠡᠷ ᠲᠤᠭᠯᠠᠭᠠᠮ ᠳᠤ ᠭᠡᠤᠭᠡᠳ ᠶᠡᠭᠡ ᠲᠤᠷᠠᠲᠡᠢ ᠪᠠᠶᠢᠵᠤ᠂ ᠲᠡᠭᠦᠨᠴᠢᠯᠡᠨ ᠪᠠᠶᠠᠷ ᠪᠠᠶᠠᠰᠬᠤᠯᠠᠩ ᠲᠠᠢ ᠲᠤᠭᠯᠠᠭᠠᠮ ᠲᠤᠮᠳᠡ ᠦᠨᠳᠦᠰᠤᠨ ᠭᠦᠳᠡᠯᠤᠯ ᠢ ᠡᠵᠡᠮᠰᠢᠵᠤ᠂ ᠭᠦᠳᠡᠯᠤᠯ ᠤᠨ ᠲᠤᠬᠠᠢ ᠲᠦᠷᠰᠤᠯᠡᠨ ᠪᠤᠳᠤᠬᠤ ᠴᠢᠳᠠᠪᠤᠷᠢ ᠨᠢ ᠭᠦᠭᠵᠢᠳᠡᠭ᠃      ᠭᠤᠷᠪᠠ᠂ ᠲᠤᠭᠯᠠᠭᠠᠮ ᠤᠨ ᠭᠡᠮ ᠢ ᠪᠠᠲᠤᠯᠠᠬᠤ      ᠪᠡᠶ᠎ᠡ ᠶᠢᠨ ᠲᠠᠮᠢᠷ ᠤᠨ ᠭᠦᠳᠡᠯᠭᠡᠭᠡᠨ ᠨᠢ ᠭᠡᠤᠭᠡᠳ ᠤᠨ ᠪᠡᠶ᠎ᠠ ᠮᠠᠬᠠᠪᠤᠳ ᠲᠤ ᠲᠦᠢᠯ ᠤᠨ ᠠᠰᠢᠬᠲᠠᠢ ᠶᠤᠮ᠃ ᠪᠠᠭᠰᠢ ᠪᠤᠯᠤᠭᠰᠠᠳ ᠭᠡᠤᠭᠡᠳ ᠤᠨ ᠪᠡᠶ᠎ᠡ ᠶᠢᠨ ᠲᠠᠮᠢᠷ ᠤᠨ ᠭᠦᠳᠡᠯᠭᠡᠭᠡᠨ ᠤ ᠭᠦᠴᠤᠯᠡᠴᠨ ᠪᠠ ᠨᠢᠭᠲᠠᠴᠨ ᠶᠢ ᠡᠷᠭᠡᠪᠰᠢ ᠪᠠᠲᠤᠯᠠᠵᠤ᠂ ᠭᠡᠣᠭᠡᠳ ᠤᠨ ᠪᠡᠶ᠎ᠠ ᠮᠠᠬᠠᠪᠤᠳ ᠤᠨ ᠪᠠᠶᠢᠳᠠᠯ ᠢ ᠴᠠᠭ ᠢᠮᠠᠭᠳᠡ ᠠᠩᠬᠠᠷᠴᠤ᠂ ᠭᠡᠤᠭᠡᠳ ᠲᠠᠢ ᠬᠠᠮᠳᠤ ᠲᠤᠭᠯᠠᠭᠠᠮ ᠳᠤ ᠤᠷᠤᠯᠴᠠᠨ ᠭᠡᠣᠭᠡᠳ ᠤᠨ ᠢᠯᠡᠷᠡᠯ ᠪᠠᠶᠢᠳᠡᠯ᠂ ᠰᠡᠳᠭᠢᠯᠭᠡ ᠶᠢᠨ ᠬᠤᠪᠢᠷᠡᠯᠳᠡ ᠶᠢ ᠨᠠᠷᠢᠨ ᠠᠵᠢᠭᠯᠠᠬᠤ ᠶᠢᠨ ᠬᠠᠮᠲᠤ ᠭᠦᠳᠡᠯᠭᠡᠭᠡᠨ ᠤ ᠭᠦᠴᠤᠯᠡᠴᠨ ᠶᠢ ᠴᠠᠭ ᠢᠮᠠᠭᠲᠡ ᠵᠤᠭᠢᠴᠠᠭᠤᠯᠬᠤ ᠭᠡᠷᠡᠭᠳᠠᠢ᠃         ᠬᠠᠶ᠋ᠢᠬ᠄ ᠭᠠᠨᠰᠣ ᠮᠤᠵᠢ ᠶᠢᠨ ᠰᠥᠪᠸᠢ ᠰᠢᠶᠠᠨ ᠤ ᠬᠡᠣᠬᠡᠳ ᠤᠨ ᠴᠡᠴᠡᠷᠯᠢᠭ                                ︵ᠴᠢᠶᠠᠨ ᠴᠦᠨ ᠵᠢᠶᠧ ᠨᠠᠶᠢᠷᠠᠭᠤᠯᠪᠠ︶                                 10  ᠳ᠋ᠤᠭᠠᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map