ᠣᠯᠠᠨ ᠵᠠᠭᠤᠴᠢᠳᠥ ᠶᠢᠨ ᠴᠡᠴᠡᠷᠯᠢᠭ ᠤᠨ ᠵᠢᠭᠠᠨ ᠰᠣᠷᠭᠠᠯᠳᠠ ᠳᠤ ᠬᠢ ᠠᠰᠢᠭᠯᠠᠯᠳᠠ
ᠨᠡᠶᠢᠲᠡᠯᠡᠭᠰᠡᠨ ᠴᠠᠭ᠄
2020/4/10
                              ᠠᠯᠳᠠᠨᠪᠣᠯᠠᠭ      ᠰᠢᠨᠵᠢᠯᠡᠭᠦ ᠣᠬᠠᠭᠠᠨ ᠲᠧᠭᠨᠢᠭ ᠮᠠᠷᠭᠡᠵᠢᠯ ᠤᠨ ᠭᠦᠭᠵᠢᠯᠳᠠ ᠶᠢ ᠲᠠᠭᠠᠯᠳᠥᠨ ᠣᠯᠠᠨ ᠵᠠᠭᠤᠴᠢᠳᠥ ᠨᠢ ᠴᠡᠴᠡᠷᠯᠢᠭ ᠤᠨ ᠵᠢᠭᠠᠨ ᠰᠣᠷᠭᠠᠬᠤ ᠭᠦᠳᠡᠯᠭᠡᠭᠡᠨ ᠳᠤ ᠲᠣᠳᠠᠭᠳᠠᠵᠥ ᠪᠣᠯᠣᠰᠢ ᠦᠭᠡᠢ ᠵᠢᠭᠠᠨ ᠰᠣᠷᠭᠠᠬᠤ ᠠᠷᠭ᠎ᠠ ᠪᠠᠷᠢᠯ ᠤᠨ ᠨᠢᠭᠡ ᠪᠣᠯᠣᠭᠰᠠᠨ ᠪᠠᠶᠢᠨ᠎ᠠ᠃ ᠡᠨᠠ ᠨᠢ ᠭᠡᠪᠰᠢᠮᠠᠯ ᠵᠢᠭᠠᠨ ᠰᠣᠷᠭᠠᠯᠳᠠ ᠶᠢ ᠠᠮᠢᠳᠥ ᠲᠦᠷᠰᠦᠯᠢᠭ  ᠪᠣᠯᠭᠠᠵᠥ᠂ ᠭᠡᠥᠭᠡᠳ ᠲᠤ ᠣᠯᠨᠨ ᠶᠠᠩᠵᠥ ᠶᠢᠨ ᠰᠡᠳᠡᠯᠳᠠ ᠦᠭᠴᠦ ᠲᠠᠳᠠᠨ ᠤ ᠰᠣᠷᠬᠤ ᠣᠷᠮᠠᠰᠢᠯ ᠢ ᠭᠦᠭᠵᠢᠭᠡᠵᠥ᠂ ᠵᠢᠭᠠᠨ ᠰᠣᠷᠭᠠᠬᠤ ᠠᠷᠭ᠎ᠠ ᠠᠪᠴᠠᠯ ᠢ ᠰᠢᠯᠢᠳᠡᠭᠵᠢᠭᠦᠯᠵᠡᠢ᠃ ᠡᠶᠢᠮᠥ ᠠᠴᠠ ᠣᠯᠠᠨ ᠵᠠᠭᠤᠴᠢᠳᠥ ᠶᠢᠨ ᠲᠣᠬᠠᠢ ᠲᠠᠨᠢᠯᠳᠠ ᠪᠠᠨ ᠨᠡᠮᠡᠭᠳᠡᠭᠦᠯᠵᠥ᠂ ᠴᠡᠴᠡᠷᠯᠢᠭ ᠤᠨ ᠵᠢᠭᠠᠨ ᠰᠣᠷᠭᠠᠯᠳᠠ ᠶᠢᠨ ᠲᠣᠮᠳᠠ ᠣᠯᠠᠨ ᠵᠠᠭᠤᠴᠢᠳᠥ ᠶᠢ ᠪᠦᠳᠦᠮᠵᠢᠳᠡᠢ ᠠᠰᠢᠭᠯᠠᠬᠤ ᠨᠢ ᠪᠠᠭᠰᠢ ᠪᠤᠯᠤᠭᠰᠠᠳ ᠤᠨ ᠪᠣᠳᠣᠯᠭᠢᠯᠠᠭᠤᠰᠢᠳᠡᠢ ᠠᠰᠠᠭᠤᠳᠠᠯ ᠮᠦᠨ᠃      ᠨᠢᠭᠡ᠂ ᠣᠯᠠᠨ ᠵᠠᠭᠤᠴᠢᠳᠥ ᠶᠢᠨ ᠲᠣᠬᠠᠢ ᠣᠶᠢᠯᠠᠭᠠᠯᠳᠠ ᠪᠠᠨ ᠲᠡᠭᠡᠭᠰᠢᠯᠡᠭᠦᠯᠭᠦ ᠭᠡᠷᠡᠭᠳᠡᠢ᠃      ︽ᠣᠯᠠᠨ ᠵᠠᠭᠤᠴᠢᠳᠥ︾ ᠭᠡᠳᠡᠭ ᠨᠢ ᠺᠣᠮᠫᠢᠦ᠋ᠲ᠋ᠧᠷ ᠵᠢᠴᠢ ᠲᠡᠭᠦᠨ ᠢᠶᠠᠷ ᠪᠦᠷᠢᠯᠳᠦᠭᠰᠠᠨ ᠨᠢᠭᠡ ᠢᠵᠢ ᠲᠣᠨᠤᠭ ᠲᠦᠭᠦᠭᠡᠷᠦᠮᠵᠢ ᠪᠠᠶᠢᠵᠤ᠂ ᠲᠣᠭᠠᠴᠢᠯᠠᠭᠰᠠᠨ ᠮᠠᠷᠭᠡᠵᠢᠯ ᠢᠶᠠᠷ ᠵᠢᠷᠣᠮᠠᠭ᠂ ᠭᠡᠯᠪᠠᠷᠢ ᠲᠦᠷᠰᠦ᠂ ᠦᠰᠦᠭ ᠪᠢᠴᠢᠭ᠂ ᠲᠠᠭᠤ ᠰᠢᠩᠭᠡᠭᠡᠯᠳᠠ ᠵᠠᠷᠭᠡ ᠶᠢ ᠵᠢᠭᠠᠨ ᠰᠣᠷᠭᠠᠬᠤ ᠭᠦᠳᠡᠯᠭᠡᠭᠡᠨ‌‍ᠳᠤ ᠠᠰᠢᠭᠯᠠᠬᠤ ᠣᠳᠣᠭᠢᠴᠢᠯᠠᠭᠰᠠᠨ ᠵᠢᠭᠠᠨ ᠰᠣᠷᠭᠠᠬᠤ ᠪᠠᠭᠠᠵᠢ ᠭᠡᠷᠡᠭᠰᠠᠯ ᠪᠣᠯᠣᠨ᠎ᠠ᠃ ︽ᠴᠡᠴᠡᠷᠯᠢᠭ ᠤᠨ ᠰᠣᠷᠭᠠᠨ ᠭᠦᠮᠦᠵᠢᠯ ᠤᠨ ᠵᠢᠯᠣᠭᠤᠳᠬᠤ ᠭᠦᠳᠦᠯᠪᠣᠷᠢ︾ ︵ᠲᠣᠷᠰᠢᠨ ᠭᠡᠷᠡᠭᠵᠢᠭᠦᠯᠭᠦ︶ ᠳᠤ᠄ ︽ᠡᠷᠭᠡ ᠴᠢᠯᠦᠭᠡ ᠲᠠᠢ᠂ ᠠᠭᠤᠵᠢᠭᠤ ᠲᠠᠯᠪᠢᠭᠤ ᠭᠡᠯᠨ ᠬᠠᠷᠢᠯᠴᠠᠭᠠᠨ ᠤ ᠣᠷᠴᠢᠨ ᠲᠣᠭᠤᠷᠢᠨ‌ᠢ ᠪᠣᠢ ᠪᠣᠯᠭᠠᠵᠥ᠂ ᠭᠡᠥᠭᠡᠳ ᠤᠨ ᠪᠠᠭᠰᠢ ᠨᠦᠭᠦᠳ ᠲᠠᠢ ᠪᠠᠨ ᠪᠣᠶᠣ ᠪᠣᠰᠣᠳ ᠭᠦᠮᠦᠨ ᠲᠠᠢ ᠶᠠᠷᠢᠯᠴᠠᠵᠤ ᠭᠡᠯᠨ ᠬᠠᠷᠢᠯᠴᠠᠭᠠᠨ ᠤ ᠪᠠᠶᠠᠷ ᠪᠠᠭ᠋ᠠᠳᠣᠯ ᠢ ᠭᠦᠷᠳᠡᠵᠥ᠂ ᠵᠣᠭᠢᠮᠵᠢᠳᠡᠢ ᠶᠣᠰᠣᠷᠬᠠᠭ ᠭᠡᠯᠠᠨ ᠤ ᠬᠠᠷᠢᠯᠴᠠᠭ᠎ᠠ ᠶᠢ ᠰᠣᠷᠴᠦ ᠭᠡᠷᠡᠭᠯᠡᠭᠦ ᠶᠢ ᠨᠢ ᠲᠠᠮᠵᠢᠵᠥ᠂ ᠵᠣᠷᠢᠬᠵᠢᠭᠤᠯᠤᠨ᠂ ᠣᠷᠮᠠᠰᠢᠭᠤᠯᠬᠤ ᠭᠡᠷᠡᠭᠳᠡᠢ︾ ᠭᠡᠵᠥ ᠲᠣᠷᠠᠳᠣᠭᠰᠠᠨ ᠨᠢ ᠣᠯᠠᠨ ᠵᠠᠭᠤᠴᠢᠳᠥ ᠶᠢᠨ ᠠᠮᠢᠳᠥ ᠲᠦᠷᠰᠦᠯᠢᠭ ᠵᠢᠷᠤᠭ ᠲᠦᠷᠰᠥ᠂ ᠣᠯᠠᠨᠳᠠ ᠬᠤᠪᠢᠷᠠᠬᠤ ᠢᠯᠡᠷᠠᠯ ᠢᠶᠠᠷ ᠲᠠᠮᠵᠢᠨ ᠭᠡᠶᠢᠰᠪᠣᠷᠢ ᠶᠠᠭᠤᠮ᠎ᠠ ᠶᠢ ᠲᠦᠷᠰᠦᠵᠢᠭᠦᠯᠦᠨ ᠰᠣᠨᠢᠷᠬᠠᠯ ᠲᠠᠢ ᠪᠣᠯᠭᠠᠵᠥ᠂ ᠭᠡᠥᠭᠡᠳ ᠲᠤ ᠡᠷᠭᠡ ᠴᠢᠯᠦᠭᠡ ᠲᠠᠢ᠂ ᠠᠭᠤᠵᠢᠭᠤ ᠲᠠᠯᠪᠢᠭᠤ ᠭᠡᠯᠨ ᠬᠠᠷᠢᠯᠴᠠᠭᠠᠨ ᠤ ᠣᠷᠴᠢᠨ ᠢ ᠪᠣᠢ ᠪᠣᠯᠭᠠᠨ ᠦᠭᠭᠦ ᠮᠦᠷᠳᠡᠭᠡᠨ ᠦᠨᠡᠡ ᠭᠦ ︽ᠪᠠᠶᠠᠰᠣᠩᠭᠤᠢ ᠶᠢᠨ ᠲᠣᠮᠳᠠ ᠰᠣᠷᠣᠯᠴᠠᠬᠤ᠂ ᠭᠦᠳᠡᠯᠭᠡᠭᠡᠨ ᠤ ᠲᠣᠮᠳᠠ ᠰᠣᠷᠣᠯᠴᠠᠬᠤ᠂ ᠲᠣᠭᠯᠠᠭᠠᠮ ᠤᠨ ᠲᠣᠮᠳᠠ ᠰᠣᠷᠣᠯᠴᠠᠬᠤ︾ ᠲᠠᠢ ᠨᠠᠶᠢᠴᠠᠵᠤ ᠭᠡᠥᠭᠡᠳ ᠲᠤ ᠭᠤᠸ᠎ᠠ ᠰᠠᠶᠢᠬᠠᠨ ᠢ ᠲᠦᠷᠦᠭᠳᠡᠭᠦᠯᠭᠦ ᠷᠢᠳᠢ ᠰᠢᠳᠢ ᠲᠠᠢ᠂ ᠭᠡᠥᠭᠡᠳ ᠤᠨ ᠠᠵᠢᠭᠯᠠᠬᠤ ᠴᠢᠳᠠᠪᠣᠷᠢ᠂ ᠶᠠᠷᠢᠵᠥ ᠢᠯᠡᠳᠭᠡᠭᠦ ᠴᠢᠳᠠᠪᠣᠷᠢ᠂ ᠡᠭᠦᠳᠣᠨ ᠪᠦᠳᠦᠭᠡᠭᠦ ᠴᠢᠳᠠᠪᠣᠷᠢ ᠶᠢ ᠭᠦᠭᠵᠢᠭᠡᠵᠥ᠂ ᠴᠠᠭ ᠣᠷᠣᠨ ᠵᠠᠢ ᠶᠢᠨ ᠭᠢᠵᠠᠭᠠᠷᠯᠠᠯ ᠢ ᠡᠪᠳᠡᠨ᠂ ᠭᠡᠷᠡᠭ ᠪᠣᠳᠠᠰ ᠤᠨ ᠭᠦᠭᠵᠢᠯᠳᠠ ᠶᠢᠨ ᠪᠦᠭᠦ᠋ᠢᠯᠨ ᠶᠠᠪᠣᠴᠨ ᠶᠢ ᠲᠣᠳᠣᠷᠬᠠᠢ ᠦᠵᠡᠭᠦᠯᠳᠡᠭ ᠬᠠᠪᠣᠯᠢᠭ ᠰᠠᠶᠢᠬᠠᠨ ᠵᠢᠭᠠᠨ ᠰᠣᠷᠭᠠᠬᠤ ᠠᠷᠭ᠎ᠠ ᠪᠠᠷᠢᠯ ᠮᠦᠨ᠃      ᠬᠤᠶᠠᠷ᠂ ᠣᠯᠠᠨ ᠵᠠᠭᠤᠴᠢᠳᠥ ᠶᠢᠨ ᠴᠡᠴᠡᠷᠯᠢᠭ ᠤᠨ ᠵᠢᠭᠠᠨ ᠰᠣᠷᠭᠠᠯᠳᠠ ᠳᠤᠮᠳᠠᠬᠢ ᠣᠶᠢᠯᠠᠳᠦᠯ ᠢ ᠣᠶᠢᠯᠠᠭᠠᠬᠤ ᠭᠡᠷᠡᠭᠳᠡᠢ᠃      ᠣᠳᠥ ᠪᠣᠯ ᠰᠦᠯᠵᠢᠶᠠᠨ ᠨᠡᠶᠢᠭᠡᠮ ᠤᠨ ᠴᠠᠭ ᠦᠶ᠎ᠠ ᠪᠣᠯᠬᠤᠷ ᠠᠶᠢᠯ ᠡᠷᠦᠭᠡ ᠪᠣᠯᠭᠠᠨ ᠺᠣᠮᠫᠢᠦ᠋ᠲ᠋ᠧᠷ ᠲᠠᠢ᠂ ᠭᠡᠥᠭᠡᠳ ᠪᠣᠯᠭᠠᠨ ᠪᠠᠷᠤᠬ ᠯᠡ ᠺᠣᠮᠫᠢᠦ᠋ᠲ᠋ᠧᠷ ᠨᠠᠭᠠᠳᠬᠤ ᠲᠣᠷᠠᠳᠡᠢ ᠪᠤᠯᠵᠠᠢ᠃ ᠭᠡᠤᠭᠡᠳ ᠤᠳ ᠺᠠᠷᠲ᠋ᠣᠨ ᠺᠢᠨᠣ᠋ ᠦᠵᠡᠭᠦ ᠲᠣᠷᠠᠳᠡᠢ ᠮᠦᠷᠳᠡᠭᠡᠨ ᠺᠠᠷᠲ᠋ᠣᠨ ᠺᠢᠨᠣ᠋ ᠦᠵᠡᠭᠦ ᠳᠤ ᠠᠩᠬᠠᠷᠣᠯ ᠢᠶᠠᠨ ᠭᠦᠢᠴᠠᠳ ᠲᠦᠪᠯᠡᠷᠡᠭᠦᠯᠦᠨ ᠣᠳᠠᠭᠠᠨ ᠰᠠᠭᠤᠵᠤ ᠲᠠᠶᠢᠯᠳᠡᠭ ᠪᠤᠯ ᠪᠣᠰᠣᠳ ᠠᠵᠢᠯᠯᠠᠭᠠᠨ ᠳᠤ ᠠᠩᠬᠠᠷᠣᠯ ᠢᠶᠠᠨ ᠣᠳᠠᠭᠠᠨ ᠲᠦᠪᠯᠡᠷᠡᠭᠦᠯᠵᠥ ᠲᠡᠶᠢᠯᠭᠦ ᠦᠭᠡᠢ ᠪᠠᠶᠢᠳᠠᠬ᠃ ᠣᠣᠯ ᠤᠨ ᠵᠢᠭᠠᠨ ᠰᠣᠷᠭᠠᠯᠳᠠ ᠶᠢᠨ ᠲᠣᠮᠳᠡᠭᠢ ᠪᠠᠭᠰᠢ ᠠᠴᠠ ᠦᠢᠯᠨ ᠭᠦᠳᠡᠯᠦᠯ ᠢᠶᠠᠷ ᠢᠶᠠᠨ ᠭᠡᠥᠭᠡᠳ ᠲᠤ ᠵᠢᠭᠠᠵᠥ ᠲᠣᠭᠢᠨ ᠵᠢᠭᠠᠨ ᠰᠤᠷᠭᠠᠵᠤ ᠪᠠᠶᠢᠭᠰᠠᠨ ᠨᠢ ᠺᠠᠷᠲ᠋ᠣᠨ ᠵᠢᠷᠤᠭ ᠤᠨ ᠬᠢᠷᠢ ᠠᠮᠢᠳᠥ ᠲᠦᠷᠰᠦᠯᠢᠭ ᠪᠢᠰᠢ ᠲᠣᠯᠨ ᠭᠡᠥᠭᠡᠳ ᠤᠨ ᠠᠩᠬᠠᠷᠣᠯ ᠢ ᠣᠳᠠᠭᠠᠨ ᠲᠠᠳᠠᠵᠥ ᠲᠡᠶᠢᠯᠳᠡᠭ ᠦᠭᠡᠢ ᠪᠠᠶᠢᠵᠠᠢ᠃ ᠡᠶᠢᠮᠥ ᠠᠴᠠ ᠣᠯᠠᠨ ᠵᠠᠭᠤᠴᠢᠳᠥ ᠶᠢ ᠵᠢᠭᠠᠨ ᠰᠣᠷᠭᠠᠬᠤ ᠭᠦᠳᠡᠯᠭᠡᠭᠡᠨ ᠤ ᠲᠣᠮᠳᠠ ᠠᠰᠢᠭᠯᠠᠬᠤ ᠶᠢ ᠴᠠᠭ ᠦᠶ᠎ᠠ᠂ ᠨᠡᠶᠢᠭᠡᠮ ᠤᠨ ᠭᠦᠭᠵᠢᠯᠳᠠ ᠠᠴᠠ ᠱᠠᠭᠠᠷᠳᠠᠬᠤ ᠪᠣᠯᠣᠭᠰᠠᠨ ᠪᠠᠶᠢᠨ᠎ᠠ᠃ ᠲᠡᠭᠡᠪᠠᠯ ᠣᠯᠠᠨ ᠵᠠᠭᠤᠴᠢᠳᠥ ᠨᠢ ᠶᠠᠮᠠᠷ ᠶᠠᠮᠠᠷ ᠦᠢᠯᠠᠳᠣᠯ ᠲᠠᠢ ᠪᠠᠶᠢᠳᠠᠭ    ᠪᠣᠢ︖      1. ᠣᠯᠠᠨ ᠵᠠᠭᠤᠴᠢᠳᠥ ᠨᠢ ᠭᠡᠥᠭᠡᠳ ᠤᠨ ᠨᠠᠰᠥᠨ ᠤ ᠣᠨᠴᠠᠯᠢᠭ ᠵᠢᠴᠢ ᠭᠡᠥᠭᠡᠳ ᠤᠨ ᠰᠡᠳᠭᠢᠴᠨ ᠶᠢᠨ ᠭᠦᠭᠵᠢᠯᠳᠠ ᠶᠢᠨ ᠣᠨᠴᠠᠯᠢᠭ ᠲᠤ ᠵᠣᠭᠢᠴᠠᠭᠰᠠᠨ ᠪᠠᠶᠢᠳᠠᠭ᠃      ᠴᠡᠴᠡᠷᠯᠢᠭ ᠤᠨ ᠭᠡᠤᠭᠡᠳ ᠣᠯᠠᠩᠭᠢ ᠨᠢ 3~6 ᠨᠠᠰᠥᠨ ᠤ ᠬᠤᠭᠤᠷᠣᠨᠳᠥ ᠪᠠᠶᠢᠵᠥ᠂ ᠲᠠᠳᠠ ᠰᠠᠨᠠᠮᠰᠠᠷᠳᠥ ᠪᠣᠰᠥ ᠠᠩᠬᠠᠷᠬᠤᠢ ᠪᠠᠷ ᠭᠤᠣᠯ ᠪᠣᠯᠭᠠᠨ᠂ ᠰᠡᠳᠭᠢᠭᠦᠢ ᠨᠢ ᠪᠣᠳᠡᠳᠥ ᠲᠦᠷᠰᠦᠯᠢᠭ ᠪᠠᠶᠢᠵᠥ᠂ ᠲᠣᠷ᠎ᠠ ᠰᠣᠨᠢᠷᠬᠠᠯ ᠨᠢ ᠦᠷᠭᠡᠨ ᠲᠡᠯᠭᠡᠷᠡᠩᠭᠦᠢ᠂ ᠴᠣᠪᠣᠭᠤ ᠰᠠᠷᠭᠦᠯᠠᠩ᠂ ᠭᠦᠳᠡᠯᠦᠩᠭᠦᠢ᠂ ᠰᠣᠨᠢᠭᠤᠴᠢ ᠰᠡᠳᠭᠢᠯ ᠢᠶᠠᠷ ᠴᠢᠩᠭ᠎ᠠ ᠲᠣᠯᠨ ᠭᠡᠶᠢᠰᠪᠣᠷᠢ ᠭᠡᠷᠡᠭ ᠪᠣᠳᠠᠰ ᠢ ᠭᠦᠯᠢᠶᠠᠨ ᠠᠪᠬᠤ‌‍ᠳᠤ ᠭᠦᠴᠢᠷ ᠪᠠᠶᠢᠳᠠᠭ᠃ ᠡᠶᠢᠮᠥ ᠠᠴᠠ ᠪᠠᠭᠰᠢ ᠰᠠᠨᠠᠭᠠᠴᠢᠯᠠᠭ᠎ᠠ ᠠᠴᠠ ᠪᠠᠨ ᠭᠡᠥᠭᠡᠳ ᠤᠨ ᠪᠣᠳᠡᠳᠥ ᠲᠦᠷᠰᠦᠯᠢᠭ ᠰᠡᠳᠭᠢᠭᠦᠢ ᠶᠢᠨ ᠭᠦᠭᠵᠢᠯᠳᠠ ᠶᠢᠨ ᠣᠨᠴᠠᠯᠢᠭ ᠢ ᠲᠠᠨᠢᠵᠤ᠂ ᠭᠡᠥᠭᠡᠳ ᠤᠨ ᠰᠠᠷᠠᠯ‌‍ᠤᠨ ᠲᠠᠨᠢᠯᠳᠠ ᠶᠢ ᠪᠠᠶᠠᠯᠢᠬᠵᠢᠭᠤᠯᠬᠤ ᠵᠢᠷᠣᠮᠠᠭ᠂ ᠭᠡᠯᠪᠡᠷᠢ ᠲᠦᠷᠰᠦ᠂ ᠦᠰᠦᠭ ᠪᠢᠴᠢᠭ᠂ ᠲᠠᠭᠤ ᠰᠢᠩᠭᠡᠭᠡᠯᠳᠠ ᠶᠢ ᠠᠰᠢᠭᠯᠠᠨ ᠣᠯᠠᠨ ᠵᠠᠭᠤᠴᠢᠳᠥ ᠮᠠᠷᠭᠡᠵᠢᠯ ᠢ ᠰᠢᠯᠢᠳᠡᠭᠵᠢᠭᠦᠯᠵᠥ᠂ ᠣᠯᠠᠨ ᠵᠠᠭᠤᠴᠢᠳᠥ ᠪᠠᠷ ᠭᠡᠥᠭᠡᠳ ᠤᠨ ᠣᠶᠣᠨ ᠤ ᠴᠢᠳᠠᠪᠣᠷᠢ ᠶᠢ ᠨᠡᠭᠡᠭᠡᠭᠳᠡᠭᠦᠯᠭᠦ ᠴᠢᠬᠤᠯᠨ ᠠᠷᠭ᠎ᠠ ᠪᠠᠷᠢᠯ ᠪᠣᠯᠭᠠᠵᠥ᠂ ᠭᠡᠥᠭᠡᠳ ᠤᠨ ᠰᠡᠳᠭᠢᠴᠨ ᠶᠢᠨ ᠭᠦᠭᠵᠢᠯᠳᠠ ᠶᠢ ᠠᠭᠢᠭᠤᠯᠬᠤ ᠴᠢᠬᠤᠯᠨ ᠦᠢᠯᠠᠳᠥᠯ ᠢ ᠪᠠᠳᠠᠷᠠᠭᠤᠯᠬᠤ ᠭᠡᠷᠡᠭᠳᠡᠢ᠃      2. ᠣᠯᠠᠨ ᠵᠠᠭᠤᠴᠢᠳᠥ ᠳᠤ ᠬᠢ ᠦᠩᠭᠡ ᠪᠣᠳᠤᠭ ᠨᠢ ᠭᠡᠥᠭᠡᠳ ᠤᠨ ᠠᠩᠬᠠᠷᠣᠯ ᠢ ᠲᠠᠳᠠᠬᠤ ᠴᠢᠬᠤᠯᠨ ᠭᠦᠴᠦᠨ ᠪᠣᠯᠣᠨ᠎ᠠ᠃      ᠴᠡᠴᠡᠷᠯᠢᠭ ᠤᠨ ᠭᠡᠥᠭᠡᠳ ᠤᠨ ᠨᠠᠰᠥ ᠪᠠᠭ᠎ᠠ᠂ ᠠᠩᠬᠠᠷᠣᠯ ᠢᠶᠠᠨ ᠤᠳᠠᠭᠠᠨ ᠲᠦᠪᠯᠡᠷᠡᠭᠦᠯᠵᠥ ᠲᠡᠶᠢᠯᠭᠦ ᠦᠭᠡᠢ ᠮᠦᠷᠳᠡᠭᠡᠨ ᠪᠠᠭᠰᠢ ᠶᠢᠨ ᠦᠪᠠᠷᠳᠡᠭᠡᠨ ᠭᠢᠭᠰᠡᠨ ᠵᠢᠭᠠᠬᠤ ᠪᠠᠭᠠᠵᠢ ᠨᠢ ᠮᠠᠲ᠋ᠧᠷᠢᠶᠠᠯ‌‍ᠤᠨ ᠭᠢᠵᠠᠭᠠᠷᠯᠠᠯ ᠠᠴᠠ ᠪᠣᠯᠵᠥ ᠦᠩᠭᠡ ᠪᠣᠳᠤᠭ ᠨᠢ ᠰᠤᠷᠭᠤᠬ ᠰᠠᠶᠢᠬᠠᠨ ᠪᠢᠰᠢ᠂ ᠭᠡᠥᠭᠡᠳ ᠤᠨ ᠠᠩᠬᠠᠷᠣᠯ ᠢ ᠲᠠᠳᠠᠬᠤ ᠪᠠᠷ ᠠᠨᠠᠢ ᠪᠠᠶᠢᠳᠠᠬ᠃ ᠭᠡᠪᠡᠴᠦ ᠺᠣᠮᠫᠢᠦ᠋ᠲ᠋ᠧᠷ ᠮᠠᠰᠢᠨ ᠲᠡᠭᠡᠷᠡᠭᠢ ᠦᠩᠭᠡ ᠢᠯᠭᠠᠷᠠᠮ᠎ᠠ ᠲᠦᠷᠰᠦᠯᠢᠭ ᠰᠠᠶᠢᠬᠠᠨ ᠭᠡᠪ ᠵᠠᠭᠪᠣᠷ ᠨᠢ ᠭᠡᠥᠭᠡᠳ ᠤᠨ ᠲᠣᠷ᠎ᠠ ᠰᠣᠨᠢᠷᠬᠠᠯ ᠢ ᠲᠠᠳᠠᠵᠥ ᠠᠩᠬᠠᠷᠣᠯ ᠢ ᠨᠢ ᠲᠦᠪᠯᠡᠷᠡᠭᠦᠯᠵᠥ ᠴᠢᠳᠠᠬᠤ ᠮᠦᠷᠳᠡᠭᠡᠨ ᠵᠠᠷᠢᠮ ᠦᠶ᠎ᠠ ᠳᠤ ᠵᠢᠭᠠᠨ ᠰᠣᠷᠭᠠᠬᠤ ᠭᠦᠳᠡᠯᠭᠡᠭᠡᠨ ᠳᠤ ᠺᠣᠮᠫᠢᠦ᠋ᠲ᠋ᠧᠷ ᠮᠠᠰᠢᠨ ᠤ ᠲᠣᠰᠠᠯᠠᠬᠤ ᠵᠢᠭᠠᠨ ᠰᠣᠷᠭᠠᠯᠳᠠ ᠱᠠᠭᠠᠷᠳᠠᠭᠳᠠᠬᠤ ᠶᠤᠮ᠃ ᠵᠢᠱᠢᠶᠠᠯᠠᠪᠠᠯ᠄ ᠵᠢᠷᠣᠭᠳᠥ ᠦᠯᠢᠭᠡᠷ ᠤᠨ ᠦᠵᠡᠮᠵᠢ ᠪᠠᠶᠢᠳᠠᠯ ᠨᠢ ᠣᠯᠠᠨ᠂ ᠭᠤᠣᠯ ᠪᠠᠭᠠᠳᠥᠷ ᠠᠷᠪᠢᠨ ᠲᠣᠯᠨ ᠪᠠᠭᠰᠢ ᠵᠢᠭᠠᠬᠤ ᠪᠠᠭᠠᠵᠢ ᠶᠢ ᠵᠣᠭᠢᠶᠠᠬᠤ ᠳᠤ ᠤᠯᠠᠨ ᠴᠠᠭ᠂ ᠮᠠᠲ᠋ᠧᠷᠢᠶᠠᠯ ᠵᠠᠷᠣᠴᠠᠭᠤᠯᠣᠨ᠎ᠠ᠃ ᠪᠠᠰᠨ ᠪᠠᠭᠰᠢ ᠶᠢᠨ ᠠᠰᠢᠭᠯᠠᠭᠰᠠᠨ ᠦᠩᠭᠡ ᠪᠣᠳᠤᠭ ᠨᠢ ᠣᠣᠯ ᠦᠯᠢᠭᠡᠷ ᠲᠠᠢ ᠵᠦᠷᠢᠶ᠎ᠠ ᠲᠠᠢ᠃ ᠨᠠᠩ ᠴᠠᠭᠠᠰᠢᠯᠠᠨ ᠨᠢᠭᠡ ᠦᠯᠢᠭᠡᠷ ᠤᠨ ᠪᠦᠭᠦ᠋ᠢᠯᠨ ᠦᠢᠯᠨ ᠶᠠᠪᠣᠳᠠᠯ ᠳᠤ ᠲᠣᠭᠢᠷᠠᠭᠰᠠᠨ ᠪᠠᠭᠠᠵᠢ ᠭᠡᠷᠡᠭᠰᠠᠯ ᠢ ᠬᠤᠷᠢᠶᠠᠨ ᠬᠠᠳᠠᠭᠠᠯᠠᠬᠤ ᠮᠡᠳᠥ ᠮᠠᠰᠢ ᠣᠯᠠᠨ ᠪᠣᠳᠣᠯᠢᠶᠠᠨᠳᠡᠢ ᠵᠦᠢᠯ ᠣᠷᠣᠰᠢᠳᠠᠭ᠃ ᠣᠯᠠᠨ ᠵᠠᠭᠤᠴᠢᠳᠥ ᠶᠢ ᠠᠰᠢᠭᠯᠠᠨ ᠡᠳᠡᠭᠡᠷ ᠵᠦᠢᠯ ᠢ ᠠᠮᠠᠷᠬᠠᠨ ᠰᠢᠢᠳᠪᠦᠷᠢᠯᠡᠭᠦ ᠮᠦᠷᠳᠡᠭᠡᠨ ᠭᠡᠥᠭᠡᠳ ᠤᠨ ᠰᠣᠨᠢᠷᠬᠠᠯ ᠢ ᠲᠠᠳᠠᠵᠥ ᠴᠢᠳᠠᠬᠤ ᠶᠤᠮ᠃      3. ᠣᠯᠠᠨ ᠵᠠᠭᠤᠴᠢᠳᠥ ᠶᠢᠨ ᠲᠡᠯᠭᠡᠴᠠ ᠳᠤ ᠬᠢ ᠵᠢᠷᠤᠭ ᠤᠨ ᠬᠤᠪᠢᠷᠠᠯ ᠨᠢ ᠭᠡᠥᠭᠡᠳ ᠤᠨ ᠠᠩᠬᠠᠷᠣᠯ ᠢ ᠲᠠᠳᠠᠳᠠᠭ᠃      ᠭᠡᠥᠭᠡᠳ ᠦᠪᠠᠷ ᠢᠶᠠᠨ ᠭᠦᠳᠡᠯᠭᠦ ᠲᠣᠷᠠᠳᠡᠢ ᠪᠣᠯᠬᠤᠷ ᠲᠠᠳᠠ ᠬᠦᠳᠡᠯᠭᠡᠭᠡᠨ ᠲᠠᠢ ᠵᠦᠢᠯ ᠳᠤ ᠨᠠᠩ ᠲᠣᠷ᠎ᠠ ᠰᠣᠨᠢᠷᠬᠠᠯ ᠲᠠᠢ ᠪᠠᠶᠢᠳᠠᠭ᠃ ᠡᠶᠢᠮᠥ ᠠᠴᠠ ᠵᠢᠭᠠᠨ ᠰᠣᠷᠭᠠᠬᠤ ᠶᠠᠪᠣᠴᠨ ᠶᠢᠨ ᠲᠣᠮᠳᠠ ᠭᠡᠥᠭᠡᠳ ᠤᠨ ᠨᠠᠰᠥᠨ ᠤ ᠣᠨᠴᠠᠯᠢᠭ ᠢ ᠦᠨᠳᠦᠰᠦᠯᠠᠵᠥ᠂ ᠠᠷᠭ᠎ᠠ ᠪᠦᠭᠦᠨ ᠢ ᠰᠦᠪᠡᠭᠴᠢᠯᠨᠨ ᠲᠣᠭᠳᠠᠩᠭᠤᠢ ᠵᠢᠭᠠᠨ ᠰᠣᠷᠭᠠᠬᠤ ᠮᠠᠲ᠋ᠧᠷᠢᠶᠠᠯ ᠢ ᠭᠦᠳᠡᠯᠭᠡᠭᠡᠨᠳᠥ ᠵᠦᠢᠯ ᠪᠣᠯᠭᠠᠵᠥ᠂ ᠭᠡᠥᠭᠡᠳ ᠤᠨ ᠰᠡᠳᠭᠢᠭᠦᠢ ᠶᠢ ᠭᠦᠭᠵᠢᠭᠡᠵᠥ᠂ ᠭᠡᠥᠭᠡᠳ ᠤᠨ ᠰᠠᠨᠠᠭᠠᠴᠢᠯᠠᠭᠠᠳᠥ ᠪᠣᠰᠥ ᠪᠠᠷ ᠲᠣᠭᠳᠠᠩᠭᠤᠢ ᠵᠦᠢᠯ ᠢ ᠭᠦᠯᠢᠶᠠᠨ ᠠᠪᠬᠤ ᠪᠠᠶᠢᠳᠠᠯ ᠢ ᠦᠭᠡᠷᠠᠴᠢᠯᠠᠨ ᠭᠡᠥᠭᠡᠳ ᠰᠠᠨᠠᠭᠠᠴᠢᠯᠠᠭ᠎ᠠ ᠠᠴᠠ ᠪᠠᠨ ᠭᠦᠯᠢᠶᠠᠨ ᠠᠪᠬᠤ ᠢᠳᠡᠪᠭᠢᠳᠥ ᠣᠷᠮᠠᠰᠢᠯ ᠢ ᠪᠣᠢ ᠪᠣᠯᠭᠠᠵᠥ ᠵᠢᠭᠠᠨ ᠰᠣᠷᠭᠠᠬᠤ ᠶᠠᠰᠥ ᠴᠢᠨᠠᠷ ᠢ ᠲᠡᠭᠡᠭᠰᠢᠯᠡᠭᠦᠯᠭᠦ ᠪᠠᠷ ᠦᠯᠦ ᠪᠠᠷᠠᠨ ᠣᠯᠠᠨ ᠵᠠᠭᠤᠴᠢᠳᠣ ᠶᠢᠨ ᠷᠢᠳᠢ ᠰᠢᠳᠢ ᠶᠢ ᠢᠯᠡᠷᠡᠭᠦᠯᠵᠥ ᠴᠢᠳᠠᠬᠤ ᠶᠤᠮ᠃      4. ᠣᠯᠠᠨ ᠵᠠᠭᠤᠴᠢᠳᠥ ᠨᠢ ᠪᠠᠭᠰᠢ ᠭᠡᠥᠭᠡᠳ ᠤᠨ ᠬᠠᠮᠳᠤᠷᠠᠯᠴᠠᠭᠠᠨ ᠢ ᠠᠭᠢᠭᠤᠯᠵᠥ ᠭᠡᠥᠭᠡᠳ ᠤᠨ ᠰᠣᠷᠬᠤ ᠶᠢᠨ ᠡᠵᠠᠨ ᠪᠠᠶ᠎ᠠ ᠶᠢᠨ ᠦᠢᠯᠡᠳᠦᠯ ᠢ ᠭᠦᠢᠴᠠᠳ ᠪᠠᠳᠠᠷᠠᠭᠤᠯᠵᠤ ᠴᠢᠳᠠᠳᠠᠬ᠃     ︽ᠭᠡᠥᠭᠡᠳ ᠤᠨ ᠴᠡᠴᠡᠷᠯᠢᠭ ᠤᠨ ᠪᠠᠭᠰᠢ ᠶᠢᠨ ᠲᠣᠰᠬᠠᠢ ᠮᠠᠷᠭᠡᠵᠢᠯ ᠤᠨ ᠪᠠᠷᠢᠮᠵᠢᠶ᠎ᠠ︾ ᠳᠤ ᠭᠡᠥᠭᠡᠳ ᠢᠶᠠᠷ ᠦᠨᠳᠦᠰᠦ ᠪᠣᠯᠭᠠᠵᠥ᠂ ᠭᠡᠥᠭᠡᠳ ᠤᠨ ᠰᠠᠨᠠᠭᠠᠴᠢᠯᠠᠭᠠᠳᠥ ᠴᠢᠨᠠᠷ ᠢ ᠭᠦᠢᠴᠠᠳ ᠲᠠᠶᠢᠴᠢᠯᠠᠬᠤ ᠮᠦᠷᠳᠡᠭᠡᠨ ᠪᠠᠳᠠᠷᠠᠭᠤᠯᠬᠤ ᠭᠡᠷᠡᠭᠳᠡᠢ ᠭᠡᠰᠠᠨ ᠪᠦᠭᠦᠨ ︽3~6 ᠨᠠᠰᠥᠨ ᠤ ᠭᠡᠥᠭᠡᠳ ᠤᠨ ᠰᠣᠷᠣᠯᠴᠠᠯᠭ᠎ᠠ ᠭᠢᠭᠡᠳ ᠭᠦᠭᠵᠢᠯᠳᠠ ᠶᠢᠨ ᠵᠦᠭᠯᠡᠭᠦᠷ︾ ᠲᠤ ᠭᠡᠥᠭᠡᠳ ᠤᠨ ᠭᠦᠳᠡᠯᠭᠡᠭᠡᠨ‌‍ᠤ ᠲᠣᠮᠳᠠ ᠢᠯᠡᠷᠡᠭᠦᠯᠦᠭᠰᠠᠨ ᠢᠳᠡᠪᠭᠢᠳᠡᠢ ᠣᠪᠣᠷ᠂ ᠰᠣᠨᠢᠭᠤᠴᠢ ᠰᠡᠳᠭᠢᠯ ᠭᠢᠭᠡᠳ ᠰᠣᠷᠣᠯᠴᠠᠬᠤ ᠲᠣᠷ᠎ᠠ ᠪᠠᠬ᠎ᠠ ᠶᠢ ᠬᠦᠨᠳᠦᠳᠬᠡᠬᠦ ᠪᠠ ᠬᠠᠮᠠᠭᠠᠯᠠᠬᠤ ᠶᠢᠨ ᠬᠠᠮᠳᠥ ᠲᠠᠳᠠᠨ ᠢ ᠬᠠᠪᠰᠣᠷᠴᠦ ᠰᠠᠨᠠᠭᠠᠴᠢᠯᠠᠭ᠎ᠠ ᠲᠠᠢ ᠪᠠᠷ ᠠᠩᠬᠠᠷᠣᠯ ᠢᠶᠠᠨ ᠲᠦᠪᠯᠡᠷᠡᠭᠦᠯᠭᠦ᠂ ᠨᠠᠷᠢᠨ ᠬᠢᠨᠠᠮᠠᠭᠠᠢ ᠣᠷᠣᠯᠳᠣᠬᠤ᠂ ᠵᠣᠷᠢᠬᠳᠡᠢ ᠪᠠᠷ ᠰᠦᠪᠡᠭᠴᠢᠯᠡᠭᠦ᠂ ᠲᠦᠷᠰᠦᠯᠠᠨ ᠪᠣᠳᠣᠬᠤ ᠪᠠ ᠰᠢᠨ᠎ᠠ ᠶᠢ ᠡᠭᠦᠳᠭᠦ ᠰᠠᠶᠢᠨ ᠰᠠᠶᠢᠬᠠᠨ ᠰᠣᠷᠣᠯᠴᠠᠬᠤ ᠲᠠᠳᠬᠠᠯ ᠲᠠᠢ ᠪᠣᠯᠭᠠᠬᠤ ᠭᠡᠷᠡᠭᠳᠠᠢ ᠭᠡᠵᠥ ᠲᠣᠷᠠᠳᠣᠭᠰᠠᠨ ᠪᠠᠶᠢᠳᠠᠭ᠃ ᠣᠯᠠᠨ ᠵᠠᠭᠤᠴᠢᠳᠥ‌ᠨᠢ ᠵᠢᠭᠠᠨ ᠰᠣᠷᠭᠠᠬᠤ ᠭᠦᠳᠡᠯᠭᠡᠭᠡᠨ ᠤ ᠣᠷᠣᠨ ᠵᠠᠢ ᠶᠢ ᠦᠷᠭᠡᠳᠭᠡᠵᠥ᠂ ᠭᠡᠥᠭᠡᠳ ᠤᠨ ᠰᠣᠷᠬᠤ ᠶᠢᠨ ᠡᠵᠠᠨ ᠪᠠᠶ᠎ᠠ ᠶᠢ ᠭᠦᠨᠳᠦᠳᠭᠡᠵᠥ᠂ ᠪᠠᠭᠰᠢ ᠭᠡᠥᠭᠡᠳ ᠤᠨ ᠬᠠᠮᠳᠤᠷᠠᠯᠴᠠᠭᠠᠨ᠂ ᠭᠡᠥᠭᠡᠳ ᠤᠨ ᠬᠤᠷᠰᠢᠨ ᠰᠣᠷᠣᠯᠴᠠᠬᠤ ᠲᠠᠳᠬᠠᠯ ᠪᠤᠯᠤᠨ ᠠᠰᠠᠭᠤᠳᠠᠯ ᠢ ᠰᠢᠢᠳᠪᠣᠷᠢᠯᠡᠭᠦ ᠴᠢᠳᠠᠪᠤᠷᠢ ᠶᠢ ᠴᠢᠩᠭᠠᠳᠬᠠᠳᠠᠬ᠃ ᠵᠢᠱᠢᠶᠠᠯᠠᠪᠠᠯ᠄ ︽ᠣᠰᠣᠨ ᠤ ᠠᠶᠠᠯᠠᠯ︾ ᠭᠡᠭᠦ ᠭᠦᠳᠡᠯᠭᠡᠭᠡᠨ ᠳᠤ ᠣᠰᠣᠨ ᠤ ᠠᠭᠤᠷᠰᠢᠬᠤ᠂ ᠤᠰᠤᠨ ᠠᠭᠤᠷ ᠡᠭᠦᠯᠨ ᠪᠣᠯᠬᠤ ᠵᠠᠷᠭᠡ ᠶᠢ ᠣᠯᠠᠨ ᠵᠠᠭᠤᠴᠢᠳᠥ ᠪᠢᠴᠢᠯ ᠭᠢᠴᠢᠶᠠᠯ ᠤᠨ ᠭᠡᠯᠪᠡᠷᠢ ᠪᠠᠷ ᠭᠡᠥᠭᠡᠳ ᠤᠨ ᠡᠮᠣᠨ᠎ᠠ ᠢᠯᠡᠷᠡᠭᠦᠯᠵᠥ᠂ ᠭᠡᠣᠭᠡᠳ ᠬᠠᠷᠠᠭᠠᠨ ᠤ ᠰᠠᠷᠡᠭᠦᠢ ᠪᠠᠷ ᠲᠠᠮᠵᠢᠨ ᠣᠰᠥ᠂ ᠤᠰᠤᠨ ᠠᠭᠤᠷ ᠪᠤᠯᠬᠤ ᠲᠤᠬᠠᠢ ᠮᠠᠳᠡᠯᠭᠡ ᠶᠢ ᠤᠶᠢᠯᠠᠭᠠᠨ ᠡᠵᠡᠮᠰᠢᠵᠥ᠂ ᠦᠪᠠᠷ ᠤᠨ ᠦᠢᠯᠠᠭᠠᠯᠳᠠ ᠪᠠᠨ ᠵᠣᠷᠢᠬᠳᠡᠢ ᠶᠠᠷᠢᠨ ᠡᠭᠦᠨ ᠤ ᠤᠯᠠᠮ ᠠᠴᠠ ᠰᠣᠷᠬᠤ ᠶᠢᠨ ᠡᠵᠠᠨ ᠪᠠᠶ᠎ᠠ ᠶᠢᠨ ᠦᠢᠯᠡᠳᠦᠯ ᠢᠶᠠᠨ ᠭᠦᠢᠴᠠᠳ ᠪᠠᠳᠠᠷᠠᠭᠤᠯᠵᠥ ᠴᠢᠳᠠᠬᠤ    ᠶᠤᠮ᠃      ᠭᠤᠷᠪᠠ᠂ ᠣᠯᠠᠨ ᠵᠠᠭᠤᠴᠢᠳᠥ ᠶᠢ ᠴᠡᠴᠡᠷᠯᠢᠭ ᠤᠨ ᠵᠢᠭᠠᠨ ᠰᠣᠷᠭᠠᠯᠳᠠ ᠳᠤ ᠠᠰᠢᠭᠯᠠᠬᠤ ᠲᠣᠮᠳᠠ ᠣᠷᠣᠰᠢᠵᠥ ᠪᠠᠶᠢᠭ᠎ᠠ ᠠᠰᠠᠭᠤᠳᠠᠯ      1. ᠵᠢᠭᠠᠨ ᠰᠣᠷᠭᠠᠬᠤ ᠦᠵᠠᠯᠳᠠ ᠨᠢ ᠭᠡᠪᠰᠢᠮᠠᠯ᠂ ᠰᠦᠯᠵᠢᠶᠡᠴᠢᠯᠡᠭᠰᠠᠨ ᠵᠢᠭᠠᠨ ᠰᠣᠷᠭᠠᠯᠳᠠ ᠶᠢᠨ ᠲᠣᠬᠠᠢ ᠲᠠᠨᠢᠯᠳᠠ ᠪᠠᠷ ᠲᠣᠳᠠᠮᠠᠭ ᠠᠴᠠ ᠪᠣᠯᠵᠥ ᠭᠡᠰᠡᠭ ᠪᠠᠭᠰᠢ ᠨᠠᠷ ᠣᠳᠣᠭᠢᠴᠢᠯᠠᠭᠰᠠᠨ ᠵᠢᠭᠠᠨ ᠰᠣᠷᠭᠠᠬᠤ ᠮᠠᠷᠭᠡᠵᠢᠯ ᠢ ᠭᠦᠢᠴᠠᠳ ᠠᠰᠢᠭᠯᠠᠵᠥ ᠴᠢᠳᠠᠬᠤ ᠦᠭᠡᠢ᠂ ᠭᠡᠳᠥ ᠠᠷᠪᠢᠨ ᠵᠢᠷᠤᠭ ᠢ ᠰᠦᠯᠵᠢᠶᠠᠨ ᠠᠴᠠ ᠰᠢᠭᠤᠳ ᠪᠠᠭᠤᠯᠭᠠᠨ ᠠᠪᠴᠦ PPT ᠳᠤ ᠬᠠᠪᠰᠣᠷᠭᠠᠨ ᠠᠰᠢᠭᠯᠠᠬᠤ ᠪᠣᠶᠣ ᠰᠦᠯᠵᠢᠶᠠᠨ ᠠᠴᠠ ᠪᠣᠰᠣᠳ ᠤᠨ ᠪᠡᠯᠠᠨ ᠭᠢᠭᠰᠡᠨ ᠰᠢᠩᠭᠡᠭᠡᠯᠳᠠ ᠵᠡᠷᠭᠡ ᠶᠢ ᠭᠡᠷᠡᠭᠯᠡᠭᠰᠡᠨ ᠨᠢ ᠭᠡᠥᠭᠡᠳ ᠤᠨ ᠤᠷᠮ᠎ᠠ ᠪᠠᠬ᠎ᠠ᠂ ᠨᠠᠰᠥᠨ ᠤ ᠣᠨᠴᠠᠯᠢᠭ ᠲᠤ ᠲᠤᠬᠢᠷᠠᠬᠤ ᠦᠭᠡᠢ᠂ ᠣᠯᠠᠨ ᠵᠠᠭᠤᠴᠢᠳᠥ ᠣᠶᠢᠯᠡᠳᠦᠯ ᠢ ᠪᠠᠳᠠᠷᠠᠭᠤᠯᠵᠥ ᠴᠢᠳᠠᠬᠤ ᠦᠭᠡᠢ ᠮᠦᠷᠳᠡᠭᠡᠨ ᠭᠡᠥᠭᠡᠳ ᠤᠨ ᠣᠷᠮ᠎ᠠ ᠶᠢ ᠬᠤᠭᠤᠯᠵᠤ ᠪᠠᠶᠢᠭ᠎ᠠ ᠦᠵᠡᠭᠳᠡᠯ ᠪᠣᠢ᠃      2. ᠣᠯᠠᠨ ᠵᠠᠭᠤᠴᠢᠳᠥ ᠨᠢ ᠭᠡᠳᠦᠷᠭᠡᠢ ᠦᠩᠭᠡ ᠢᠯᠭᠠᠷᠠᠮ᠎ᠠ ᠪᠣᠯᠵᠥ ᠭᠡᠥᠭᠡᠳ ᠤᠨ ᠰᠣᠷᠬᠤ ᠣᠷᠮᠠᠰᠢᠯ ᠢ ᠨᠦᠯᠦᠭᠡᠯᠡᠵᠤ ᠪᠠᠶᠢᠨ᠎ᠠ᠃ ᠵᠠᠷᠢᠮ ᠪᠠᠭᠰᠢ ᠣᠯᠠᠨ ᠵᠠᠭᠤᠴᠢᠳᠥ ᠶᠢ ᠦᠢᠯᠡᠳᠭᠦ ᠳᠤ ᠦᠩᠭᠡ᠂ ᠭᠦᠳᠡᠯᠭᠡᠭᠡᠨ ᠢ ᠭᠡᠳᠤᠷᠭᠡᠢ ᠭᠦᠭᠡᠭᠡᠴᠠᠯᠳᠦᠭᠰᠠᠨ ᠠᠴᠠ ᠪᠣᠯᠵᠥ ᠭᠡᠥᠭᠡᠳ ᠤᠨ ᠰᠣᠷᠬᠤ ᠣᠷᠮᠠᠰᠢᠯ ᠢ ᠨᠦᠯᠦᠭᠡᠯᠡᠵᠥ ᠪᠠᠶᠢᠭ᠎ᠠ ᠦᠵᠡᠭᠳᠠᠯ ᠪᠤᠢ᠃ ᠵᠢᠱᠢᠶᠠᠯᠠᠪᠠᠯ᠄ PPT ᠪᠣᠯᠭᠠᠨ ᠤ ᠵᠢᠷᠤᠭ ᠲᠤ ᠲᠠᠭᠤ᠂ ᠭᠦᠳᠡᠯᠭᠡᠭᠡᠨ᠂ ᠤᠷᠠᠯᠢᠭ ᠦᠰᠦᠭ ᠬᠠᠪᠰᠣᠷᠭᠠᠨ ᠭᠢᠭᠰᠡᠨ ᠠᠴᠠ ᠪᠣᠯᠵᠥ ᠭᠡᠥᠭᠡᠳ ᠵᠦᠪᠭᠡᠨ ᠶᠠᠩᠵᠥ ᠪᠦᠷᠢ ᠶᠢᠨ ᠭᠦᠳᠡᠯᠭᠡᠭᠡᠨ ᠤ ᠦᠩᠭᠡ ᠪᠣᠳᠤᠭ ᠢ ᠰᠣᠨᠢᠷᠬᠠᠵᠥ ᠭᠦᠳᠡᠯᠭᠡᠭᠡᠨ ᠤ ᠰᠣᠷᠬᠤ ᠠᠭᠤᠯᠭ᠎ᠠ ᠶᠢᠨ ᠴᠢᠬᠤᠯᠨ ᠴᠢᠨᠠᠷ ᠢ ᠣᠮᠳᠣᠭᠠᠶᠢᠯᠠᠵᠥ᠂ ᠭᠡᠥᠭᠡᠳ ᠤᠨ ᠰᠣᠷᠬᠤ ᠶᠢᠨ ᠡᠵᠠᠨ ᠪᠠᠶ᠎ᠠ ᠶᠢᠨ ᠦᠢᠯᠠᠳᠥᠯ ᠢᠶᠠᠨ ᠠᠯᠳᠠᠵᠥ ᠪᠠᠶᠢᠭ᠎ᠠ ᠦᠵᠡᠭᠳᠠᠯ ᠪᠣᠢ᠃      3. ᠣᠯᠠᠨ ᠵᠠᠭᠤᠴᠢᠳᠥ ᠶᠢᠨ ᠠᠭᠤᠯᠭ᠎ᠠ ᠨᠢ ᠣᠯᠠᠳᠠᠵᠥ ᠭᠡᠥᠭᠡᠳ ᠤᠨ ᠭᠦᠯᠢᠶᠠᠨ ᠠᠪᠬᠤ ᠭᠡᠪᠴᠢᠶᠠᠨ ᠠᠴᠠ ᠭᠡᠳᠥᠷᠴᠦ ᠪᠠᠭᠰᠢ ᠭᠡᠥᠭᠡᠳ ᠤᠨ ᠬᠠᠮᠳᠤᠷᠠᠯᠴᠠᠭᠠᠨ ᠤ ᠴᠢᠬᠤᠯᠨ ᠴᠢᠨᠠᠷ ᠢ ᠣᠮᠳᠣᠭᠠᠶᠢᠯᠠᠵᠤ ᠪᠠᠶᠢᠨ᠎ᠠ᠃ ᠪᠠᠭᠰᠢ ᠠᠴᠠ ᠣᠯᠠᠨ ᠵᠠᠭᠤᠴᠢᠳᠥ ᠶᠢ ᠭᠡᠳᠣᠷᠭᠡᠢ ᠲᠦᠰᠢᠭᠯᠡᠵᠥ ᠣᠯᠠᠨ ᠵᠠᠭᠤᠴᠢᠳᠥ ᠪᠠᠷ ᠪᠠᠭᠰᠢ ᠶᠢ ᠣᠷᠣᠯᠠᠵᠥ᠂ ᠴᠡᠴᠡᠷᠯᠢᠭ ᠤᠨ ᠪᠠᠭ᠎ᠠ ᠠᠩᠭᠢ ᠶᠢᠨ ᠨᠢᠭᠡ ᠴᠠᠭ ᠤᠨ ᠭᠦᠳᠡᠯᠭᠡᠭᠡᠨ ᠤ ᠠᠭᠤᠯᠭ᠎ᠠ ᠳᠤ ᠭᠤᠴᠢ ᠳᠦᠴᠢᠭᠡᠳ ᠵᠢᠷᠤᠭ ᠢ ᠬᠠᠪᠰᠤᠷᠭᠠᠨ ᠤᠷᠤᠭᠤᠯᠤᠭᠰᠠᠨ ᠠᠴᠠ ᠭᠡᠥᠭᠡᠳ ᠵᠦᠪᠭᠡᠨ ᠵᠢᠷᠤᠭ ᠰᠣᠨᠢᠷᠬᠠᠵᠥ ᠪᠠᠶᠢᠭᠠᠳ ᠭᠦᠳᠡᠯᠭᠡᠭᠡᠨ ᠢᠶᠠᠨ ᠲᠡᠭᠦᠰᠭᠡᠵᠦ ᠭᠦᠳᠡᠯᠭᠡᠭᠡᠨ‌‍ᠤ ᠲᠣᠮᠳᠡᠭᠢ ᠭᠡᠯᠠᠵᠥ ᠶᠠᠷᠢᠬᠤ ᠴᠢᠬᠤᠯᠨ ᠲᠣᠭᠢᠶᠠᠯ ᠢᠶᠠᠨ ᠠᠯᠳᠠᠵᠥ᠂ ᠰᠣᠷᠬᠤ ᠢᠳᠡᠪᠭᠢᠵᠢᠯ ᠨᠢ ᠮᠠᠭᠤᠳᠠᠵᠥ᠂ ᠵᠢᠭᠠᠨ ᠰᠣᠷᠭᠠᠬᠤ ᠭᠦᠳᠡᠯᠭᠡᠭᠡᠨ ᠤ ᠲᠣᠮᠳᠠᠭᠢ ᠵᠠᠩᠭᠢᠯᠠᠭ᠎ᠠ ᠶᠢᠨ ᠶᠠᠪᠣᠴᠨ ᠪᠣᠯᠬᠤ ᠪᠠᠭᠰᠢ ᠭᠡᠥᠭᠡᠳ ᠤᠨ ᠬᠠᠮᠳᠤᠷᠠᠯᠴᠠᠭᠠᠨ ᠢ ᠣᠮᠳᠣᠭᠠᠶᠢᠯᠠᠵᠥ ᠪᠠᠶᠢᠭ᠎ᠠ ᠦᠵᠡᠭᠳᠠᠯ ᠪᠣᠢ᠃           ᠬᠠᠶ᠋ᠢᠬ᠄ ᠦᠣᠰᠢᠨ ᠬᠤᠰᠢᠭᠤᠨ ᠤ ᠣᠯᠠᠭᠠᠨᠳᠥᠯᠣᠭᠠᠢ ᠪᠠᠯᠭᠠᠰᠥᠨ                    ᠤ ᠭᠡᠥᠭᠡᠳ ᠤᠨ ᠴᠡᠴᠡᠷᠯᠢᠭ                             ︵ᠦᠨᠠᠨᠪᠠᠳᠤ ᠨᠠᠶᠢᠷᠠᠭᠤᠯᠪᠠ︶                              10  ᠳ᠋ᠤᠭᠠᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map