︽ᠠᠨᠳᠠ︾ ᠭᠡᠳᠡᠭ ᠦᠭᠡ ᠶᠢᠨ ᠲᠤᠬᠠᠢ ᠤᠴᠢᠷᠯᠠᠬᠤ ᠨᠢ
ᠨᠡᠶᠢᠲᠡᠯᠡᠭᠰᠡᠨ ᠴᠠᠭ᠄
2020/3/20
                               ᠤᠳᠤᠩᠭᠤᠸ᠎ᠠ   ᠦᠨᠳᠤᠰᠤ      ︽ᠠᠨᠳᠠ︾ ᠭᠡᠰᠡᠨ ᠦᠭᠡ ᠪᠤᠯ ︽ᠨᠢᠭᠤᠴᠠ ᠲᠤᠪᠴᠢᠶᠠᠨ︾ ᠳᠤ ᠲᠡᠮᠳᠡᠭᠯᠡᠰᠤᠳᠠᠢ ᠡᠷᠳᠡᠨ ᠤ ᠦᠭᠡ ᠶᠤᠮ᠃ ᠤᠳᠤ ᠪᠤᠯᠬᠤ ᠳᠤ ︽ᠠᠨᠳᠠ︾ ᠭᠡᠰᠡᠨ ᠦᠭᠡᠨ ᠤ ᠤᠳᠬ᠎ᠠ ᠪᠠᠯᠠᠷᠬᠠᠶᠢᠰᠢᠵᠤ ︽ᠠᠨᠳᠠ ᠨᠦᠬᠦᠳ︾᠂ ︽ᠠᠨᠳᠠ ᠨᠠᠶᠢᠵᠠ︾ ᠭᠡᠬᠦ ᠮᠡᠳᠤᠴᠢᠯᠡᠨ ᠬᠤᠯᠪᠤᠭ᠎ᠠ ᠦᠭᠡ ᠪᠠᠷ ᠭᠡᠷᠡᠭᠯᠡᠬᠦ ᠲᠤᠬᠢᠶᠠᠯᠳᠤᠯ ᠤᠯᠠᠨ ᠪᠤᠯᠤᠭᠰᠠᠨ ᠪᠠᠶᠢᠳᠠᠭ᠃ ᠦᠨᠡᠨ ᠳᠤ ᠪᠠᠨ ︽ᠠᠨᠳᠠ︾᠂ ︽ᠨᠦᠬᠦᠷ︾᠂ ︽ᠨᠠᠶᠢᠵᠠ︾ ᠶᠢᠨ ᠬᠤᠭᠤᠷᠤᠨᠳᠤ ᠤᠳᠬ᠎ᠠ ᠶᠢᠨ ᠲᠤᠳᠤᠷᠬᠠᠢ ᠢᠯᠭᠠᠭ᠎ᠠ ᠲᠠᠢ ᠪᠠᠶᠢᠳᠠᠭ᠃ ︽ᠠᠨᠳᠠ︾ ᠭᠡᠰᠡᠨ ᠦᠭᠡ ᠶᠢᠨ ᠬᠤᠪᠢ ᠶᠢᠨ ᠵᠢᠩ ᠪᠤᠯ ︽ᠨᠠᠶᠢᠵᠠ︾ ︽ᠨᠦᠬᠦᠷ︾ ᠠᠴᠠ ᠬᠤᠯᠠ ᠬᠦᠨᠳᠤ ᠶᠤᠮ᠃       ᠴᠡᠪᠡᠯ ᠤᠨ ︽ᠮᠤᠩᠭᠤᠯ ᠬᠡᠯᠡᠨ ᠤ ᠲᠠᠶᠢᠯᠪᠤᠷᠢ ᠲᠤᠯᠢ︾ ᠳᠤ ︽ᠠᠨᠳᠠ ᠪᠤᠯᠤᠯᠴᠠᠬᠤ︾ ᠭᠡᠰᠡᠨ ᠢ ︽ᠲᠠᠩᠭᠠᠷᠢᠭ ᠲᠠᠯᠪᠢᠬᠤ᠂ ᠪᠠᠷᠢᠯᠳᠤᠬᠤ︾ ᠭᠡᠵᠤ ᠲᠠᠶᠢᠯᠪᠤᠷᠢᠯᠠᠭᠰᠠᠨ ᠪᠠᠶᠢᠳᠠᠭ᠃ ᠴᠡᠩᠭᠡᠯ ᠤᠨ ︽ᠮᠤᠩᠭᠤᠯ ᠶᠤᠰᠤ ᠵᠠᠩᠰᠢᠯ ᠤᠨ ᠲᠤᠯᠢ︾ ᠳᠤ᠄ ︽ᠮᠤᠩᠭᠤᠯᠴᠤᠳ ᠤᠨ ᠨᠢᠭᠡ ᠵᠠᠩᠰᠢᠯ ᠨᠢ ᠠᠨᠳᠠ ᠪᠤᠯᠤᠯᠴᠠᠬᠤ ᠶᠤᠰᠤ ᠶᠤᠮ᠃ ᠡᠨᠡ ᠲᠠᠯ᠎ᠠ ᠪᠠᠷ ︿ᠮᠤᠩᠭᠤᠯ ᠤᠨ ᠨᠢᠭᠤᠴᠠ ᠲᠤᠪᠴᠢᠶᠠᠨ﹀᠂ ︿ᠠᠯᠳᠠᠨ ᠲᠤᠪᠴᠢ﹀ ᠵᠡᠷᠭᠡ ᠲᠡᠤᠭᠡ ᠶᠢᠨ ᠤᠭ ᠰᠤᠷᠪᠤᠯᠵᠢ ᠪᠢᠴᠢᠭ ᠤᠳ ᠲᠤ ᠪᠠᠷᠢᠮᠳᠠ ᠵᠢᠱᠢᠶ᠎ᠡ ᠤᠯᠠᠨ ᠪᠠᠶᠢᠳᠠᠭ᠃ ᠵᠢᠱᠢᠶᠡᠯᠡᠪᠡᠯ᠂ ᠲᠡᠮᠤᠵᠢᠨ ᠵᠠᠮᠤᠬ᠎ᠠ ᠬᠤᠶᠠᠷ ᠤᠨᠤᠨ ᠮᠦᠷᠡᠨ ᠤ ᠬᠦᠪᠡᠭᠡᠨ ᠳᠤ ᠱᠠᠭ᠎ᠠ ᠰᠤᠯᠢᠯᠴᠠᠨ ᠠᠨᠳᠠ ᠪᠤᠯᠤᠯᠴᠠᠭᠰᠠᠨ ᠲᠡᠤᠭᠡ ᠠᠴᠠ ᠦᠵᠡᠪᠡᠯ ᠰᠠᠶᠢᠨ ᠡᠷᠡᠴᠤᠳ᠂ ᠠᠩᠴᠢᠨ ᠬᠦᠷᠤᠭᠡᠴᠢᠨ ᠁ ᠠᠨᠳᠠ ᠪᠤᠯᠤᠯᠴᠠᠬᠤ ᠨᠢ ᠴᠦᠭᠡᠨ ᠦᠭᠡᠢ᠃ ᠲᠡᠭᠡᠵᠤ ᠠᠨᠳᠠ ᠪᠤᠯᠤᠯᠴᠠᠬᠤ ᠳᠤ ᠪᠠᠨ ᠴᠠᠮᠴᠠ᠂ ᠪᠦᠰᠡ ᠪᠤᠶᠤ ᠬᠠᠶᠢᠷᠠᠳᠠᠢ ᠪᠤᠳᠠᠰ ᠢᠶᠠᠨ ᠰᠤᠯᠢᠯᠴᠠᠨ᠂ ᠦᠨᠢ ᠡᠬᠦᠷᠢᠳᠡ ᠨᠦᠬᠦᠷᠯᠡᠬᠦ ᠶᠢ ᠠᠨᠳᠠᠭᠠᠶᠢᠯᠠᠨ ᠲᠠᠩᠭᠠᠷᠢᠭ ᠲᠠᠯᠪᠢᠯᠴᠠᠳᠠᠭ ᠪᠠᠶᠢᠨ᠎ᠠ︾ ᠭᠡᠵᠤ ᠲᠡᠮᠳᠡᠭᠯᠡᠭᠰᠡᠨ ᠪᠠᠶᠢᠳᠠᠭ᠃      ︽ᠨᠢᠭᠤᠴᠠ ᠲᠤᠪᠴᠢᠶᠠᠨ︾ ᠳᠤ᠄ ︽ᠮᠡᠷᠬᠢᠳ ᠢ ᠲᠠᠷᠤᠭᠰᠠᠨ ᠤ ᠲᠠᠷᠠᠭ᠎ᠠ ᠲᠡᠮᠤᠵᠢᠨ ᠵᠠᠮᠤᠬ᠎ᠠ ᠬᠤᠶᠠᠷ᠂ ᠬᠤᠷᠬᠤᠨᠠᠭ ᠤᠨ ᠬᠦᠨᠳᠠᠢ ᠳᠤ ᠨᠡᠶᠢᠯᠡᠨ ᠪᠠᠭᠤᠵᠤ᠂ ᠡᠷᠳᠡᠨ ᠤ ᠠᠨᠳᠠ ᠪᠤᠯᠤᠯᠴᠠᠭᠰᠠᠨ ᠢᠶᠠᠨ ᠲᠤᠷᠠᠳᠴᠤ᠂ ᠤᠯᠠᠮ ᠲᠤᠳᠤᠨᠤ ᠪᠤᠯᠵᠤ ᠨᠠᠶᠢᠷᠠᠮᠳᠤᠶ᠎ᠠ ᠭᠡᠮᠡᠯᠴᠡᠪᠡ᠃ ᠠᠩᠬ᠎ᠠ ᠤᠷᠢᠳᠤ ᠠᠨᠳᠠ ᠪᠤᠯᠤᠯᠴᠠᠬᠤ ᠳᠤ ᠲᠠᠮᠤᠵᠢᠨ ᠠᠷᠪᠠᠨ ᠨᠢᠭᠡᠨ ᠨᠠᠰᠤ ᠲᠠᠢ ᠪᠠᠶᠢᠪᠠ᠃ ᠲᠡᠷᠡ ᠴᠠᠭ ᠲᠤ ᠵᠠᠮᠤᠬ᠎ᠠ ᠨᠢᠭᠡᠨ ᠭᠤᠷ᠎ᠠ ᠶᠢᠨ ᠱᠠᠭ᠎ᠠ ᠶᠢ ᠲᠡᠮᠤᠵᠢᠨ ᠳᠤ ᠦᠭᠴᠤ᠂ ᠲᠡᠮᠤᠵᠢᠨ ᠨᠢᠭᠡᠨ ᠴᠢᠳᠬᠤᠮᠠᠯ ᠱᠠᠭ᠎ᠠ ︵ᠭᠤᠷᠠᠢ︶ ᠶᠢ ᠵᠠᠮᠤᠬ᠎ᠠ ᠳᠤ ᠦᠭᠴᠤ ᠤᠨᠤᠨ ᠮᠦᠷᠡᠨ ᠤ ᠮᠦᠰᠤᠨ ᠲᠡᠭᠡᠷ᠎ᠡ ᠱᠠᠭᠠᠯᠴᠠᠨ ᠨᠠᠭᠠᠳᠴᠤ ᠠᠨᠳᠠ ᠪᠤᠯᠤᠯᠴᠠᠪᠠ᠃ ᠲᠡᠬᠦᠨ ᠤ ᠬᠤᠶᠢᠳᠤ ᠬᠠᠪᠤᠷ ᠠᠯᠤᠩᠬᠢᠷ ᠰᠤᠮᠤ ᠪᠠᠷ ᠬᠠᠷᠪᠤᠵᠤ ᠪᠦᠬᠦᠢ ᠳᠤ ᠵᠠᠮᠤᠬ᠎ᠠ᠂ ᠪᠢᠷᠠᠭᠤ ᠶᠢᠨ ᠬᠤᠶᠠᠷ ᠡᠪᠡᠷ ᠢ ᠨᠠᠭᠠᠵᠤ ᠨᠦᠭᠡᠯᠡᠵᠤ ᠬᠢᠭᠰᠡᠨ ᠲᠠᠭᠤᠳᠤ ᠰᠤᠮᠤ ︵ᠭᠤᠳᠤᠯᠢ︶ ᠪᠠᠨ ᠲᠡᠮᠤᠵᠢᠨ ᠳᠤ ᠦᠭᠴᠤ᠂ ᠲᠡᠮᠤᠵᠢᠨ᠂ ᠠᠷᠴᠠ ᠮᠤᠳᠤᠨ ᠭᠤᠳᠤᠯᠢ ᠪᠠᠨ ᠵᠠᠮᠤᠬ᠎ᠠ ᠳᠤ ᠦᠭᠴᠤ ᠠᠨᠳᠠ ᠪᠤᠯᠤᠯᠴᠠᠪᠠ᠃ ᠬᠤᠶᠠᠷ ᠤᠳᠠᠭ᠎ᠠ ᠠᠨᠳᠠ ᠪᠤᠯᠤᠯᠴᠠᠭᠰᠠᠨ ᠶᠤᠰᠤᠨ ᠡᠶᠢᠮᠤ︾ ︵116 ᠳ᠋ᠤᠭᠠᠷ ᠵᠦᠢᠯ︶      ︽ᠠᠬᠠᠰ ᠲᠡᠭᠡᠳᠤᠰ ᠤᠨ ᠦᠭᠡ ᠶᠢ ᠰᠤᠨᠤᠰᠪᠠᠰᠤ      ᠠᠯᠢᠪᠠ ᠬᠦᠮᠤᠨ ᠬᠠᠷᠢᠯᠴᠠᠨ      ᠠᠨᠳᠠ ᠨᠦᠬᠦᠷ ᠪᠤᠯᠤᠯᠴᠠᠪᠠᠯ      ᠠᠮᠢ ᠪᠡᠶ᠎ᠡ ᠳᠤ ᠪᠠᠨ      ᠡᠷᠡᠴᠢ ᠪᠤᠯᠵᠤ      ᠠᠯᠢ ᠠᠯᠢᠨ ᠳᠤ ᠪᠠᠨ ᠲᠦᠰᠢᠭ ᠪᠤᠯᠵᠤ      ᠠᠮᠠᠷᠠᠭᠯᠠᠨ ᠬᠠᠨᠢᠯᠠᠬᠤ ᠶᠤᠰᠤᠳᠠᠢ᠃ ᠤᠳᠤ ᠪᠢᠳᠡ ᠠᠮᠠᠷᠠᠭᠯᠠᠨ ᠶᠠᠪᠤᠶ᠎ᠠ ᠭᠡᠵᠤ ᠲᠡᠮᠤᠵᠢᠨ᠂ ᠮᠠᠷᠬᠢᠳ ᠤᠨ ᠲᠤᠭᠳᠤᠭ᠎ᠠ ᠠᠴᠠ ᠤᠯᠵᠠᠯᠠᠵᠤ ᠠᠪᠤᠭᠰᠠᠨ ᠠᠯᠳᠠᠨ ᠪᠦᠰᠡ ᠪᠠᠨ ᠵᠠᠮᠤᠬ᠎ᠠ ᠠᠨᠳᠠ ᠳᠤ ᠪᠦᠰᠡᠯᠡᠬᠦᠯᠵᠤ᠂ ᠲᠤᠭᠳᠤᠭ᠎ᠠ ᠶᠢᠨ ᠡᠰᠭᠡᠯ ︵ᠡᠷᠡᠮᠡᠭ ᠪᠤᠶᠤ ᠠᠭᠰᠤᠮ︶ ᠬᠠᠯᠢᠭᠤᠨ ᠢ ᠵᠠᠮᠤᠬ᠎ᠠ ᠠᠨᠳᠠ ᠳᠤ ᠤᠨᠤᠭᠤᠯᠪᠠ᠃ ᠵᠠᠮᠤᠬ᠎ᠠ ᠬᠠᠷᠢᠭᠤ ᠳᠤ ᠤᠸᠠᠰ ᠮᠡᠷᠬᠢᠳ ᠤᠨ ᠲᠠᠶᠢᠷ ᠤᠰᠤᠨ ᠠᠴᠠ ᠤᠯᠵᠠᠯᠠᠵᠤ ᠠᠪᠤᠭᠰᠠᠨ ᠠᠯᠳᠠᠨ ᠪᠦᠰᠡ ᠪᠠᠨ ᠲᠡᠮᠤᠵᠢᠨ ᠳᠤ ᠪᠦᠰᠡᠯᠡᠬᠦᠯᠵᠤ᠂ ᠮᠦᠨ ᠲᠠᠶᠢᠷ ᠤᠰᠤᠨ ᠤ ᠤᠨᠠᠭᠠᠨ ᠴᠠᠭᠠᠨ ᠮᠤᠷᠢ ᠶᠢ ᠲᠡᠮᠤᠵᠢᠨ ᠳᠤ ᠤᠨᠤᠭᠤᠯᠪᠠ᠃ ᠡᠶᠢᠨ ᠬᠦ ᠠᠨᠳᠠ ᠪᠤᠯᠤᠯᠴᠠᠵᠤ      ︽ᠬᠤᠷᠬᠤᠨᠠᠭ ᠵᠤᠪᠤᠷ ᠤᠨ ᠬᠦᠨᠳᠠᠢ ᠳᠤ      ᠬᠤᠯᠳᠠᠭᠠᠷ ᠬᠤᠨ ᠤ ᠦᠪᠤᠷ ᠲᠤ      ᠰᠠᠭᠯᠠᠭᠠᠷ ᠮᠤᠳᠤᠨ ᠤ ᠲᠤᠳᠤᠷ᠎ᠠ      ᠰᠠᠶᠢᠬᠠᠨ ᠬᠤᠷᠢᠮ ᠦᠢᠯᠡᠳᠴᠤ      ᠰᠠᠶᠢᠳᠤᠷ ᠪᠦᠵᠢᠭᠯᠡᠨ ᠵᠢᠷᠭᠠᠵᠤ      ᠰᠠᠨᠠᠭ᠎ᠠ ᠰᠡᠳᠬᠢᠯ ᠨᠢᠭᠡᠳᠴᠤ      ᠰᠠᠶᠢᠨ ᠨᠦᠬᠦᠳ ᠪᠤᠯᠤᠭᠠᠳ      ᠰᠦᠨᠢ ᠨᠢᠭᠡᠨ ᠬᠦᠨᠵᠢᠯᠡ ᠳᠤ ᠤᠷᠤᠵᠤ ᠬᠤᠨᠤᠪᠠ︾ ︵1117 ᠳ᠋ᠤᠭᠠᠷ ᠵᠦᠢᠯ︶ ᠭᠡᠵᠤ ᠨᠠᠷᠢᠨ ᠨᠠᠷᠢᠨ ᠲᠡᠮᠳᠡᠭᠯᠡᠵᠡᠢ᠃ ᠵᠠᠮᠤᠬ᠎ᠠ ᠴᠢᠩᠬᠢᠰ ᠠᠴᠠ ᠬᠠᠭᠠᠴᠠᠨ᠂ ᠲᠠᠶᠢᠰᠤᠩᠨᠠᠭᠠᠳ ᠡᠴᠤᠰ‌‍ᠲ᠋ᠤ ᠪᠠᠨ ᠲᠤᠤᠷᠠᠬᠢ ᠬᠦᠮᠤᠰ ᠲᠤ ᠪᠠᠨ ᠪᠠᠷᠢᠭᠳᠠᠨ ᠴᠢᠩᠬᠢᠰ ᠲᠤ ᠬᠦᠷᠭᠡᠭᠳᠡᠨ ᠢᠷᠡᠬᠦ ᠳᠤ ᠪᠠᠨ      ︽ᠠᠨᠳᠠ ᠨᠦᠬᠦᠷ ᠮᠢᠨᠢ ᠰᠤᠶᠤᠷᠬᠠᠵᠤ      ᠠᠮᠢ ᠶᠢ ᠮᠢᠨᠢ ᠦᠳᠳᠡᠷ ᠲᠤᠨᠢᠯᠭᠠᠪᠠᠯ      ᠠᠷᠢᠭᠤᠨ ᠵᠢᠷᠤᠭᠡ ᠴᠢᠨᠢ ᠠᠮᠠᠷᠠᠵᠤ      ᠠᠮᠤᠭᠤᠯᠠᠩ ᠵᠢᠷᠭᠠᠬᠤ ᠪᠤᠯᠤᠨ᠎ᠠ᠃      ᠠᠨᠳᠠ ᠴᠢ ᠰᠤᠶᠤᠷᠬᠠᠵᠤ      ᠠᠰᠬᠠᠷᠠᠬᠤ ᠴᠢᠰᠤ ᠶᠢ ᠭᠠᠷᠭᠠᠯ ᠦᠭᠡᠢ      ᠠᠯᠠᠭᠤᠯᠵᠤ ᠦᠷᠤᠰᠢᠶᠡ ᠨᠠᠮ᠎ᠠ ᠶᠢ︾ ᠭᠡᠵᠤ ᠦᠬᠦᠯᠡᠭᠰᠡᠨ ᠪᠠᠶᠢᠳᠠᠭ᠃ ᠵᠠᠮᠤᠬ᠎ᠠ ᠶᠢᠨ ᠬᠤᠪᠢ ᠳᠤ ᠠᠪᠴᠤ ᠬᠡᠯᠡᠪᠡᠯ ᠡᠨᠡ ᠪᠤᠯ ᠠᠨᠳᠠ ᠳᠤ ᠪᠠᠨ ᠭᠤᠷᠪᠠ ᠤᠳᠠᠭ᠎ᠠ ᠭᠤᠮᠤᠳᠠᠭᠰᠠᠨ ᠶᠠᠪᠤᠳᠠᠯ ᠨᠢ ᠪᠤᠳᠠᠳᠤ ᠪᠠᠶᠢᠳᠠᠯ ᠳᠤ ᠦᠯᠤ ᠨᠡᠶᠢᠴᠡᠭᠰᠡᠨ ᠢᠶᠠᠨ ᠰᠡᠷᠡᠵᠤ ᠤᠬᠠᠭᠠᠷᠠᠭᠰᠠᠨ ᠪᠦᠭᠡᠳ ᠲᠡᠮᠤᠵᠢᠨ‌‍ᠤ ᠬᠤᠪᠢ ᠳᠤ ᠠᠨᠳᠠ ᠳᠤ ᠪᠠᠨ ᠰᠡᠵᠢᠭ ᠠᠵᠢᠭ ᠲᠦᠷᠤᠬᠦᠯᠦᠭᠰᠡᠨ ᠢᠶᠠᠨ ᠮᠡᠳᠡᠷᠡᠭᠰᠡᠨ ᠤᠴᠢᠷ ᠪᠤᠯᠬᠤ ᠶᠤᠮ᠃ ᠨᠦᠬᠦᠭᠡ ᠲᠠᠯ᠎ᠠ ᠪᠠᠷ ︽ᠴᠢᠰᠤ ᠦᠵᠡᠬᠦᠯᠬᠦ ᠦᠭᠡᠢ ᠪᠠᠷ ᠦᠬᠦᠬᠦᠯᠬᠦ︾ ᠭᠡᠳᠡᠭ ᠪᠤᠯ ᠵᠠᠮᠤᠬ᠎ᠠ ᠠᠴᠠ ᠦᠪᠡᠷ ᠢ ᠪᠠᠨ ᠲᠠᠩᠭᠠᠷᠢᠭ ᠡᠪᠳᠡᠭᠰᠡᠨ ᠦᠭᠡᠢ ᠭᠡᠳᠡᠭ ᠢᠶᠠᠨ ᠪᠠᠳᠤᠯᠠᠭᠰᠠᠨ ᠮᠦᠷᠳᠡᠭᠡᠨ ᠲᠡᠮᠤᠵᠢᠨ ᠴᠤ ᠲᠡᠭᠡᠵᠤ ᠦᠬᠦᠬᠦᠯᠬᠦ ᠶᠢ ᠵᠦᠪᠰᠢᠶᠡᠷᠡᠭᠰᠡᠨ ᠨᠢ ᠵᠠᠮᠤᠬ᠎ᠠ ᠠᠨᠳᠠ ᠲᠠᠩᠭᠠᠷᠢᠭ ᠠᠯᠳᠠᠭᠰᠠᠨ ᠦᠭᠡᠢ ᠭᠡᠳᠡᠭ ᠢ ᠮᠡᠳᠡᠷᠡᠭᠰᠡᠨ ᠶᠠᠪᠤᠳᠠᠯ ᠪᠤᠯᠬᠤ ᠶᠤᠮ᠃      ᠶᠡᠷᠤ ᠶᠢᠨ ᠦᠭᠡᠨ ᠳᠤ ︽ᠠᠨᠳᠠ ᠬᠦᠮᠤᠨ ᠤ ᠠᠮᠢ ᠨᠢ ᠨᠢᠭᠡ︾ ᠭᠡᠵᠤ ᠪᠠᠶᠢᠳᠠᠭ᠃ ᠮᠤᠩᠭᠤᠯ ᠶᠤᠰᠤᠨ‌‍ᠳᠤ ᠡᠩ ᠤᠨ ᠪᠠᠶᠢᠳᠠᠯ ᠳᠤ ᠪᠦᠰᠡ ᠪᠠᠨ ᠬᠦᠮᠤᠨ ᠳᠤ ᠦᠭᠬᠦ ᠪᠤᠶᠤ ᠰᠤᠯᠢᠯᠴᠠᠳᠠᠭ ᠦᠭᠡᠢ ᠶᠤᠮ᠃ ᠤᠴᠢᠷ ᠨᠢ ᠡᠷ᠎ᠡ ᠬᠦᠮᠤᠨ ᠤ ᠪᠦᠰᠡᠨ ᠳᠤ ᠭᠡᠶᠢᠮᠤᠷᠢ ᠰᠦᠯᠳᠡ ᠪᠤᠶᠤ ᠰᠦᠨᠡᠰᠤ ᠮᠦᠷ ᠨᠢ ᠤᠷᠤᠰᠢᠳᠠᠭ ᠭᠡᠳᠡᠭ᠃ ᠢᠩᠬᠢᠵᠤ ᠮᠦᠷᠳᠡᠪᠡᠯ ᠲᠡᠮᠤᠵᠢᠨ ᠵᠠᠮᠤᠬ᠎ᠠ ᠪᠤᠯ ᠰᠦᠭ ᠰᠦᠨᠡᠰᠤ ᠪᠠᠨ ᠬᠦᠷᠳᠡᠯ᠎ᠡ ᠰᠤᠯᠢᠯᠴᠠᠵᠤ᠂ ᠬᠠᠭᠠᠴᠠᠵᠤ ᠪᠤᠯᠤᠰᠢ ᠦᠭᠡᠢ ᠠᠮᠢᠨ ᠳᠤ ᠤᠷᠤᠭᠰᠠᠨ ᠠᠨᠳᠠ ᠭᠡᠳᠡᠭ ᠨᠢ ᠵᠠᠶᠢᠯᠠᠰᠢ ᠦᠭᠡᠢ᠃ ᠭᠡᠷᠪᠡ ᠲᠠᠩᠭᠠᠷᠢᠭ ᠠᠯᠳᠠᠪᠠᠯ ᠰᠤᠯᠢᠯᠴᠠᠭᠰᠠᠨ ᠬᠢᠳᠤᠭ᠎ᠠ᠂ ᠰᠤᠮᠤᠨ ᠤ ᠪᠠᠨ ᠲᠤᠤᠷ᠎ᠠ ᠠᠮᠢ ᠪᠠᠨ ᠦᠭᠳᠡᠭ ᠬᠠᠳᠠᠭᠤ ᠶᠤᠰᠤ ᠲᠠᠢ᠃ ᠲᠡᠮᠤᠵᠢᠨ ᠵᠠᠮᠤᠬ᠎ᠠ ᠶᠢᠨ ᠨᠢᠭᠤᠴᠠ ᠦᠭᠡᠨ ᠤ ᠤᠳᠬ᠎ᠠ ᠶᠢ ᠤᠯᠵᠤ ᠶᠠᠳᠠᠨ ᠦᠭᠡ ᠲᠠᠭᠤᠨ ᠦᠭᠡᠢ ᠰᠠᠯᠵᠤ ᠤᠳᠤᠭᠰᠠᠨ ᠪᠡ ᠤᠳᠠᠯ ᠦᠭᠡᠢ ︽ᠴᠢᠩᠬᠢᠰ︾ ᠴᠤᠯᠠ ᠲᠠᠢ ᠬᠠᠨ ᠪᠤᠯᠤᠭᠰᠠᠨ ᠶᠠᠪᠤᠳᠠᠯ ᠳᠤ ᠰᠡᠵᠢᠭ ᠲᠦᠷᠤᠵᠤ ᠪᠠᠶᠢᠭᠰᠠᠨ ᠵᠠᠮᠤᠬ᠎ᠠ ᠳᠤ᠂ ᠠᠳᠤᠭᠤ ᠲᠠᠭᠤᠭᠰᠠᠨ ᠤᠴᠢᠷ ᠲᠤ ᠲᠠᠶᠢᠴᠢᠷ ᠲᠡᠬᠦᠤ ᠪᠠᠨ ᠠᠯᠤᠭᠤᠯᠤᠭᠰᠠᠨ ᠶᠠᠪᠤᠳᠠᠯ ᠨᠢ ᠠᠨᠳᠠ ᠲᠡᠮᠤᠵᠢᠨ ᠳᠤ ᠨᠢᠭᠡᠮᠤᠰᠤᠨ ᠰᠡᠳᠬᠢᠯ ᠠᠯᠳᠠᠵᠤ ︽ᠲᠠᠩᠭᠠᠷᠢᠭ ᠠᠰᠠᠭᠤᠬᠤ︾᠂ ︽ᠠᠨᠳᠠᠭᠠᠢ ᠨᠡᠭᠡᠬᠦ︾ ᠲᠠᠶᠢᠨ ᠡᠬᠦᠰᠭᠡᠭᠰᠡᠨ ᠶᠤᠮ᠃ ᠵᠠᠮᠤᠬ᠎ᠠ᠂ ᠲᠡᠮᠤᠵᠢᠨ ᠤ ᠬᠤᠭᠤᠷᠤᠨᠳᠤᠬᠢ ᠲᠠᠶᠢᠨ ᠪᠤᠯ ᠦᠰᠢᠶᠡᠳᠡᠨ ᠲᠠᠶᠢᠰᠤᠨ ᠤ ᠲᠠᠶᠢᠨ ᠪᠢᠰᠢ᠂ ᠬᠠᠷᠢᠨ ︽ᠲᠠᠩᠭᠠᠷᠢᠭ ᠠᠰᠠᠭᠤᠬᠤ︾᠂ ︽ᠠᠨᠳᠠᠭᠠᠢ ᠨᠡᠭᠡᠬᠦ︾ ᠲᠠᠶᠢᠨ ᠭᠡᠳᠡᠭ ᠢ ᠮᠡᠳᠡᠬᠦ ᠭᠡᠷᠡᠭᠳᠠᠢ᠃ ᠲᠠᠷᠤᠢ ᠬᠤᠶᠠᠷ ᠠᠨᠳᠠ ᠶᠢᠨ ᠠᠳᠡᠬᠦᠤ ᠤᠶᠢᠯᠠᠭᠠᠯᠳᠠ ᠠᠴᠠ ᠡᠬᠦᠰᠦᠭᠰᠡᠨ ᠲᠠᠶᠢᠨ ᠪᠤᠯᠬᠤ ᠶᠤᠮ᠃      ᠴᠢᠩᠬᠢᠰ ᠪᠤᠭᠳᠠ᠄ ︽ᠠᠯᠢᠪᠠ ᠬᠦᠮᠤᠨ ᠬᠠᠷᠢᠯᠴᠠᠨ ᠠᠨᠳᠠ ᠪᠤᠯᠤᠯᠴᠠᠪᠠᠰᠤ ᠶᠤᠰᠤᠳᠠᠢ ᠠᠮᠢ ᠪᠡᠶ᠎ᠡ ᠳᠤ ᠪᠠᠨ ᠠᠷᠠᠰᠤ ᠪᠤᠯᠵᠤ᠂ ᠠᠯᠢ ᠠᠯᠢᠨ ᠳᠤ ᠪᠠᠨ ᠲᠦᠰᠢᠭ ᠪᠤᠯᠵᠤ ᠶᠠᠪᠤᠬᠤ ᠴᠢᠬᠤᠯᠠᠳᠠᠢ︾ ᠭᠡᠵᠤ ᠰᠤᠷᠭᠠᠭᠰᠠᠨ ᠶᠤᠮ᠃ ᠲᠡᠤᠭᠡᠨ ᠲᠡᠭᠡᠷ᠎ᠡ ᠲᠡᠮᠤᠵᠢᠨ ᠪᠤᠭᠤᠷᠴᠤ ᠬᠤᠶᠠᠷ ᠰᠡᠩᠬᠦᠷ ᠭᠤᠷᠤᠬᠠᠨ ᠤ ᠬᠦᠪᠡᠭᠡᠨ ᠳᠤ ᠠᠨᠳᠠ ᠪᠤᠯᠤᠯᠴᠠᠨ᠂ ᠨᠢᠭᠡ ᠨᠠᠰᠤᠨ ᠤ ᠬᠤᠪᠢ ᠵᠠᠶᠠᠭ᠎ᠠ ᠪᠠᠨ ᠬᠠᠮᠳᠤᠳᠬᠠᠵᠤ᠂ ᠪᠤᠭᠤᠷᠴᠤ ᠦᠬᠦᠨ ᠦᠬᠦᠳᠡᠯ᠎ᠡ ᠠᠨᠳᠠ ᠶᠢᠨ ᠵᠢᠷᠤᠮ ᠢ ᠡᠷᠬᠢᠮᠯᠡᠨ ᠴᠢᠩᠬᠢᠰ ᠤᠨ ᠦᠢᠯᠡᠰ ᠲᠤ ᠵᠢᠳᠬᠦᠭᠰᠡᠨ ᠪᠠᠶᠢᠳᠠᠭ᠃ ︽ᠠᠬᠳᠠ ᠶᠢᠨ ᠰᠠᠶᠢᠨ ᠢ ᠤᠨᠤᠨ ᠪᠠᠶᠢᠵᠤ ᠮᠡᠳᠡᠨ᠎ᠡ᠂ ᠠᠨᠳᠠ ᠶᠢᠨ ᠰᠠᠶᠢᠨ ᠢ ᠬᠠᠨᠢᠯᠠᠨ ᠪᠠᠶᠢᠵᠤ ᠮᠡᠳᠡᠨ᠎ᠡ︾ ᠭᠡᠵᠤ ᠶᠤᠰᠤᠳᠠᠢ ᠡᠬᠦᠨ ᠢ ᠬᠡᠯᠡᠨ᠎ᠡ᠃      ᠤᠷᠤᠰ ᠤᠨ ᠲᠡᠤᠭᠡᠴᠢᠨ ᠸᠠᠯᠳᠢᠮᠢᠷᠽᠤᠸ᠋ ᠶᠢᠨ ︽ᠮᠤᠩᠭᠤᠯ ᠤᠨ ᠨᠡᠶᠢᠭᠡᠮ ᠤᠨ ᠪᠠᠶᠢᠭᠤᠯᠤᠯ ᠤᠨ ᠲᠡᠤᠭᠡ︾ ᠳᠤ᠄ ︽ᠬᠦᠴᠦᠷᠭᠡᠭ ᠶᠡᠭᠡ ᠤᠶᠢᠷᠠᠳ ᠤᠨ ᠡᠵᠡᠨ ᠨᠤᠶᠠᠨ ᠪᠠᠭᠠᠳᠤᠷ ᠬᠤᠭ ᠲᠠᠶᠢᠵᠢ ᠤᠶᠢᠷᠠᠳ ᠤᠨ ᠨᠢᠭᠡᠨ ᠸᠠᠩ ᠳᠤ ᠵᠠᠷᠢᠮ ᠬᠦᠮᠤᠰ ᠢ ᠭᠠᠷᠭᠠᠵᠤ ᠦᠭ ᠭᠡᠵᠤ ᠵᠠᠷᠯᠢᠭ ᠪᠤᠯᠤᠭᠰᠠᠠᠨ ᠳᠤ ︿ᠠᠨᠳᠠ ᠪᠠᠨ ᠭᠠᠷᠭᠠᠵᠤ ᠦᠭᠪᠡᠯ ᠪᠢ ᠠᠮᠢᠳᠤ ᠶᠠᠪᠤᠭᠠᠳ ᠶᠠᠭᠤ ᠬᠢᠬᠦ ᠪᠤᠢ ︵415︶﹀ ᠭᠡᠵᠤ ᠬᠠᠷᠢᠭᠤᠯᠵᠠᠢ︾ ᠭᠡᠵᠤ ᠲᠡᠮᠳᠡᠭᠯᠡᠵᠤ ᠪᠤᠢ᠃ ᠡᠳᠡᠭᠡᠷ ᠠᠴᠠ ᠪᠢᠳᠡ ᠠᠨᠳᠠ ᠪᠤᠯᠵᠤ ᠠᠨᠳᠠᠭᠠᠢ ᠲᠠᠯᠪᠢᠬᠤ ᠶᠢᠨ ᠤᠴᠢᠷ ᠤᠳᠬ᠎ᠠ ᠶᠢ ᠤᠶᠢᠯᠠᠭᠠᠵᠤ ᠪᠤᠯᠬᠤ ᠶᠤᠮ᠃     ︽ᠨᠦᠬᠦᠷ︾ ᠭᠡᠳᠡᠭ ᠪᠤᠯ ︽ᠬᠠᠮᠳᠤ ᠶᠢᠨ ᠬᠦᠰᠡᠯᠡᠩ ᠪᠤᠶᠤ ᠶᠠᠮᠠᠷ ᠨᠢᠭᠡᠨ ᠦᠢᠯᠡᠰ ᠤᠨ ᠲᠦᠯᠤᠭᠡ ᠲᠡᠮᠡᠴᠡᠭᠰᠡᠳ ᠤᠨ ᠨᠡᠷᠡᠶᠢᠳᠤᠯ︾ ᠪᠤᠶᠤ ︽ᠡᠷ᠎ᠡ ᠡᠮ᠎ᠡ ᠬᠤᠶᠠᠷ ᠤᠨ ᠬᠠᠷᠢᠴᠠᠭᠠᠨ ᠤ ᠨᠡᠷ᠎ᠡ︾ ᠪᠤᠯᠤᠨ᠎ᠠ᠃ ᠠᠷᠠᠳ ᠤᠨ ᠦᠭᠡᠨ ᠳᠤ᠄ ︽ᠨᠦᠬᠦᠷ ᠢ ᠨᠢ ᠨᠦᠬᠦᠷ ᠢᠶᠠᠷ ᠨᠢ ᠰᠢᠨᠵᠢ︾᠂ ︽ᠨᠦᠬᠦᠷ ᠢᠶᠠᠨ ᠦᠵᠡᠵᠤ ᠰᠤᠷ᠂ ᠰᠡᠬᠦᠳᠡᠷ ᠢᠶᠠᠨ ᠦᠵᠡᠵᠤ ᠵᠠᠰᠠ︾᠂ ︽ᠨᠦᠬᠦᠷ ᠤᠨ ᠮᠠᠭᠤ ᠪᠠᠷ ᠨᠦᠭᠡᠨ ᠳᠤ ᠤᠨᠠᠨ᠎ᠠ᠂ ᠨᠦᠬᠦᠴᠡᠯ ᠤᠨ ᠮᠠᠭᠤ ᠪᠠᠷ ᠲᠠᠮᠤ ᠳᠤ ᠤᠨᠠᠨ᠎ᠠ︾ ︽ᠰᠠᠶᠢᠨ ᠲᠠᠢ ᠨᠦᠬᠦᠷᠯᠡᠪᠡᠯ ᠰᠠᠷᠠᠨ ᠤ ᠭᠡᠷᠡᠯ᠂ ᠮᠠᠭᠤ ᠲᠠᠢ ᠨᠦᠬᠦᠷᠯᠡᠪᠡᠯ ᠮᠤᠭᠠᠢ ᠶᠢᠨ ᠬᠤᠤᠷ ︾ ᠭᠡᠬᠦ ᠮᠡᠳᠤ ᠶᠢᠨ ᠨᠦᠬᠦᠷ ᠲᠠᠢ ᠬᠤᠯᠪᠤᠭ᠎ᠠ ᠪᠦᠬᠦᠢ ᠵᠦᠢᠷ ᠰᠡᠴᠡᠨ ᠦᠭᠡ ᠲᠤᠩ ᠤᠯᠠᠨ ᠪᠠᠶᠢᠳᠠᠭ᠃ ︽ᠮᠤᠩᠭᠤᠯ ᠤᠨ ᠨᠢᠭᠤᠴᠠ ᠲᠤᠪᠴᠢᠶᠠᠨ︾ ᠳᠤ᠄ ︽ᠸᠠᠩ ᠬᠠᠨ ᠨᠠᠳᠠ ᠠᠴᠠ ᠨᠡᠩ ᠴᠠᠭᠠᠰᠢ ᠠᠵᠤᠭᠤ᠃ ᠴᠠᠭᠳᠤ ᠨᠦᠬᠦᠷ ᠪᠤᠶᠤ᠃ ᠠᠨᠳᠠ ᠳᠤᠷ ᠬᠡᠯᠡ ᠤᠷᠤᠭᠤᠯᠤᠶ᠎ᠠ︾ ︵166-167 ᠳ᠋ᠤᠭᠡᠷ ᠵᠦᠢᠯ︶ ᠭᠡᠵᠤ ︽ᠬᠠᠯᠠ ᠬᠠᠯᠵᠢᠳ ᠤᠨ ᠬᠠᠳᠬᠤᠯᠳᠤᠭᠠᠨ︾ ᠤ ᠦᠶ᠎ᠡ ᠶᠢᠨ ᠵᠠᠮᠤᠬ᠎ᠠ ᠶᠢᠨ ᠦᠭᠡ ᠶᠢ ᠲᠡᠮᠳᠡᠭᠯᠡᠭᠰᠡᠨ ᠪᠠᠶᠢᠳᠠᠭ᠃ ︽ᠴᠠᠭᠳᠤ ᠨᠦᠬᠦᠷ︾ ᠭᠡᠳᠡᠭ ᠨᠢ ︽ᠲᠦᠷ ᠴᠠᠭ ᠤᠨ᠂ ᠶᠠᠯᠢᠬᠤ ᠦᠭᠡᠢ︾ ᠭᠡᠰᠡᠨ ᠰᠠᠨᠠᠭ᠎ᠠ ᠲᠠᠢ᠂ ᠡᠬᠦᠨᠴᠡ ᠦᠵᠡᠪᠡᠯ ᠨᠦᠬᠦᠷ ᠲᠤ ᠰᠠᠶᠢᠨ ᠨᠦᠬᠦᠷ᠂ ᠮᠠᠭᠤ ᠨᠦᠬᠦᠷ ᠭᠡᠵᠤ ᠪᠠᠶᠢᠳᠠᠭ᠃ ᠮᠤᠩᠭᠤᠯᠴᠤᠳ ᠦᠪᠡᠷ ᠢᠶᠠᠨ ᠨᠦᠬᠦᠷ ᠰᠤᠩᠭᠤᠬᠤ ᠪᠠᠶᠢᠳᠤᠭᠠᠢ ᠭᠡᠤᠭᠡᠳ ᠤᠨ ᠢᠶᠠᠨ ᠨᠦᠬᠦᠷᠯᠡᠵᠤ ᠪᠠᠶᠢᠭ᠎ᠠ ᠬᠠᠨᠢ ᠨᠠᠶᠢᠵᠠ‌‍ᠶᠢ ᠨᠢ ᠴᠤ ᠶᠡᠭᠡᠳᠡ ᠠᠩᠬᠠᠷᠴᠤ ︽ᠨᠢᠭᠤᠷ ᠢ ᠨᠢ ᠰᠢᠨᠵᠢᠬᠦ ᠪᠠᠷ ᠨᠦᠬᠦᠷ ᠢ ᠨᠢ ᠰᠢᠨᠵᠢ᠂ ᠬᠦᠨᠡᠰᠤ ᠶᠢ ᠨᠢ ᠰᠢᠨᠵᠢᠬᠦ ᠪᠠᠷ ᠬᠤᠳᠳᠤᠭ ᠢ ᠨᠢ ᠰᠢᠨᠵᠢ︾ ᠭᠡᠵᠤ᠂ ᠰᠡᠴᠡᠨ ᠰᠡᠷᠬᠦᠯᠡᠩ ᠤᠬᠠᠭᠠᠯᠢᠭ ᠲᠤᠮᠤᠭ᠎ᠠ ᠲᠠᠢ ᠬᠡᠤᠬᠡᠳ ᠯᠦᠭᠡ ᠨᠦᠬᠦᠷᠯᠡᠵᠤ ᠪᠠᠶᠢᠪᠠᠯ ᠪᠠᠶᠠᠷᠯᠠᠵᠤ᠂ ᠪᠦᠳᠤᠯ ᠦᠭᠡᠢ ᠬᠡᠤᠬᠡᠳ ᠲᠠᠢ ᠦᠶᠡᠷᠭᠡᠵᠤ ᠪᠠᠶᠢᠪᠠᠯ ᠰᠡᠷᠡᠮᠵᠢᠯᠡᠬᠦᠯᠵᠤ᠂ ᠠᠯᠢ ᠪᠤᠯᠬᠤᠷ ᠡᠷᠳᠡᠭᠡᠨ ᠰᠠᠯᠭᠠᠵᠤ ᠵᠠᠶᠢᠳᠠᠭᠤᠯᠬᠤ ᠪᠠᠷ ᠤᠷᠤᠯᠳᠤᠳᠠᠭ᠃ ᠮᠤᠩᠭᠤᠯᠴᠤᠳ ᠤᠨ ᠤᠯᠠᠮᠵᠢᠯᠠᠯᠳᠤ ᠭᠡᠷ ᠤᠨ ᠰᠤᠷᠭᠠᠯ ᠳᠤ ︽ᠨᠡᠬᠦᠷᠡᠰᠤ ᠪᠠᠷᠢᠪᠠᠯ ᠭᠠᠷ ᠢᠶᠠᠨ ᠬᠦᠳᠡᠬᠦ ᠨᠢ ᠵᠦᠪ᠂ ᠨᠦᠬᠦᠷ ᠮᠠᠭᠤᠳᠠᠢ ᠶᠠᠪᠤᠪᠠᠯ ᠨᠦᠭᠡᠨ ᠳᠤ ᠤᠨᠠᠬᠤ ᠨᠢ ᠯᠠᠪ︾ ᠭᠡᠵᠤ ᠪᠦᠳᠤᠯ ᠦᠭᠡᠢ ᠬᠡᠤᠬᠡᠳ ᠲᠠᠢ ᠤᠳᠠᠭᠠᠨ ᠨᠠᠶᠢᠵᠠᠯᠠᠭᠰᠠᠨ ᠬᠡᠤᠬᠡᠳ ᠯᠠᠪ ᠪᠦᠳᠤᠯ ᠦᠭᠡᠢ ᠪᠤᠯᠤᠨ᠎ᠠ ᠭᠡᠵᠤ ᠦᠵᠡᠳᠡᠭ᠃ ᠡᠶᠢᠮᠤ ᠠᠴᠠ ᠬᠡᠤᠬᠡᠳ ᠢᠶᠠᠨ ᠠᠯᠢ ᠴᠢᠳᠠᠬᠤ ᠪᠠᠷ ︽ᠬᠠᠶᠠᠭ᠎ᠠ ᠰᠠᠶᠢᠳᠠᠢ︾ ᠠᠶᠢᠯ ᠤᠨ ᠬᠡᠤᠬᠡᠳ ᠲᠠᠢ ᠤᠶᠢᠷᠠᠳᠤᠭᠤᠯᠬᠤ ᠶᠢ ᠪᠤᠳᠤᠳᠠᠭ᠃     ︽ᠨᠠᠶᠢᠵᠠ︾ ᠶᠢ ︽ᠨᠠᠶᠢᠵᠠ ᠨᠦᠬᠦᠷ︾ ︽ᠨᠠᠶᠢᠵᠠ ᠨᠠᠶᠢᠭᠠᠨ︾ ᠭᠡᠵᠤ ᠰᠠᠨᠠᠭ᠎ᠠ ᠰᠡᠳᠬᠢᠯ ᠲᠠᠭᠠᠷᠠᠭᠰᠠᠨ᠂ ᠬᠤᠪᠢ ᠢᠷᠤᠭᠡᠯ ᠵᠤᠬᠢᠴᠠᠭᠰᠠᠨ ᠬᠦᠮᠤᠨ ᠳᠤ ᠭᠡᠷᠡᠭᠯᠡᠳᠡᠭ᠃ ᠲᠠᠷᠤᠢ ᠬᠠᠷᠢᠯᠴᠠᠨ ᠢᠵᠢᠯᠢᠰᠢᠨ ᠨᠦᠬᠦᠷᠯᠡᠭᠰᠡᠨ ᠲᠤᠳᠤᠨᠤ ᠨᠦᠬᠦᠷ ᠢ ᠵᠢᠭᠠᠨ᠎ᠠ᠃     ︽ᠮᠢᠨᠤ ᠨᠠᠶᠢᠵᠠ︾ ᠭᠡᠬᠦ ᠲᠠᠭᠤᠨ ᠳᠤ᠄ ︽ᠲᠤᠷᠠᠰᠤᠭᠠᠳ ᠰᠡᠳᠬᠢᠯ ᠲᠠᠩᠰᠡᠯᠡᠬᠦ ᠳᠤ / ᠲᠠᠭᠤᠯᠠᠭᠠᠳ ᠢᠷᠡᠳᠡᠭ ᠳ᠋ᠧ ᠨᠠᠶᠢᠵᠠ ᠮᠢᠨᠢ / ᠲᠤᠨᠢᠶᠠᠷᠳᠤᠭᠰᠠᠨ ᠶᠡᠭᠡ ᠲᠠᠯ᠎ᠠ ᠶᠢ / ᠲᠤᠭᠤᠯᠤᠭᠠᠳ ᠢᠷᠡᠳᠡᠭ ᠳ᠋ᠧ ᠨᠠᠶᠢᠵᠠ ᠮᠢᠨᠢ / ᠭᠤᠨᠢᠭᠠᠳ ᠵᠢᠷᠤᠭᠡ ᠰᠡᠮᠡᠷᠡᠬᠦ ᠳᠤ / ᠲᠦᠰᠢᠭᠡᠳ ᠢᠷᠡᠳᠡᠭ ᠳ᠋ᠧ ᠨᠠᠶᠢᠵᠠ ᠮᠢᠨᠢ / ᠭᠠᠤᠯᠢᠨ ᠰᠢᠷᠭᠠᠯ ᠭᠤᠪᠢ ᠶᠢ / ᠭᠡᠳᠤᠯᠤᠭᠡᠳ ᠢᠷᠡᠳᠡᠭ ᠳ᠋ᠧ ᠨᠠᠶᠢᠵᠠ ᠮᠢᠨᠢ︾ ᠭᠡᠵᠤ ᠲᠠᠭᠤᠯᠠᠳᠠᠭ᠃      ᠡᠶᠢᠮᠤ ᠠᠴᠠ ︽ᠠᠨᠳᠠ︾᠂ ︽ᠨᠦᠬᠦᠷ︾᠂ ︽ᠨᠠᠶᠢᠵᠠ︾ ᠭᠡᠬᠦ ᠦᠭᠡ ᠨᠢ ᠤᠳᠬ᠎ᠠ ᠶᠢᠨ ᠬᠦᠨᠳᠤ ᠬᠦᠩᠭᠡᠨ ᠤ ᠢᠯᠭᠠᠭ᠎ᠠ ᠲᠠᠢ ᠪᠦᠭᠡᠳ ︽ᠠᠨᠳᠠ︾ ᠭᠡᠰᠡᠨ ᠦᠭᠡᠨ ᠤ ᠤᠳᠬ᠎ᠠ ᠶᠢᠨ ᠲᠤᠰᠤᠯᠳᠠ ︽ᠨᠠᠶᠢᠵᠠ︾ ︽ᠨᠦᠬᠦᠷ︾ ᠠᠴᠠ ᠬᠤᠯᠠ ᠬᠦᠨ ᠪᠠᠶᠢᠳᠠᠭ᠃ ︽ᠠᠨᠳᠠ ᠪᠠᠷᠢᠯᠳᠤᠬᠤ︾ ᠭᠡᠵᠤ ᠬᠡᠯᠡᠬᠦ ᠠᠴᠠ ᠪᠢᠰᠢ ︽ᠨᠠᠶᠢᠵᠠ ᠪᠠᠷᠢᠯᠳᠤᠬᠤ︾᠂ ︽ᠨᠦᠬᠦᠷ ᠪᠠᠷᠢᠯᠳᠤᠬᠤ︾ ᠭᠡᠵᠤ ᠬᠡᠯᠡᠬᠦ ᠶᠤᠰᠤ ᠦᠭᠡᠢ᠃ ᠮᠤᠩᠭᠤᠯᠴᠤᠳ ᠠᠨᠳᠠ ᠪᠠᠷᠢᠯᠳᠤᠬᠤ ᠪᠠᠶᠢᠳᠤᠭᠠᠢ ᠨᠠᠶᠢᠵᠠ ᠨᠦᠬᠦᠷ ᠰᠤᠩᠭᠤᠬᠤ ᠳᠤ ᠪᠠᠨ ᠴᠤ ᠭᠡᠷᠰᠡᠤ ᠪᠤᠯᠭᠤᠮᠵᠢᠳᠠᠢ ᠤᠷᠤᠵᠤ᠂ ᠨᠠᠶᠢᠵᠠ ᠪᠤᠯᠤᠯᠴᠠᠬᠤ ᠬᠦᠮᠤᠨ ᠤ ᠪᠠᠨ ᠬᠦᠮᠤᠨ ᠮᠦᠰᠤ᠂ ᠭᠡᠪ ᠴᠢᠨᠠᠷ ᠢ ᠨᠠᠪᠳᠠ ᠤᠶᠢᠯᠠᠭᠠᠭᠰᠠᠨ ᠰᠠᠭᠤᠷᠢᠨ ᠲᠡᠭᠡᠷ᠎ᠡ ᠰᠠᠶ᠋ᠢ ᠬᠦᠨ ᠨᠦᠬᠦᠷᠯᠡᠳᠡᠭ ᠪᠠᠶᠢᠵᠠᠢ᠃ ᠤᠳᠤ ᠪᠤᠯᠬᠤ ᠳᠤ ︽ᠰᠦᠯᠵᠢᠶᠡᠨ ᠤ ᠨᠠᠶᠢᠵᠠ︾ ︽ᠸᠢᠴᠠᠲ ᠨᠠᠶᠢᠵᠠ︾ ᠭᠡᠬᠦ ᠮᠡᠳᠤ ᠶᠢᠨ ᠦᠭᠡᠰ ᠭᠠᠵᠠᠷ ᠰᠠᠢ ᠦᠭᠡᠢ ᠬᠠᠷᠠᠭᠳᠠᠬᠤ ᠪᠤᠯᠵᠠᠢ᠃ ᠡᠳᠡᠭᠡᠷ ᠪᠤᠯ ᠵᠦᠪᠭᠡᠨ ᠬᠢᠳᠠᠳ ᠦᠭᠡ ᠶᠢ ᠮᠢᠬᠠᠴᠢᠯᠠᠨ ᠤᠷᠴᠢᠭᠤᠯᠤᠭᠰᠠᠨ ᠵᠦᠢᠯᠡᠰ ᠲᠡᠳᠤᠢ᠃ ᠮᠠᠨ ᠤ ᠮᠤᠩᠭᠤᠯ ᠬᠡᠯᠡᠨ ᠤ ᠦᠭᠡᠰ ᠤᠨ ᠰᠠᠩ ᠪᠤᠯ ᠲᠠᠯᠠᠢ ᠪᠠᠶᠠᠨ ᠶᠤᠮ᠃ ᠪᠢᠳᠡ ᠡᠭᠡ ᠬᠡᠯᠡᠨ ᠤ ᠪᠠᠨ ᠲᠠᠯᠠᠢ ᠪᠠᠶᠠᠨ ᠦᠭᠡᠰ‌‍ᠤᠨ ᠰᠠᠩ ᠠᠴᠠ ᠰᠤᠪᠤᠳ ᠱᠦᠬᠦᠬᠦ ᠳᠤ ᠪᠠᠨ ᠲᠡᠭᠡᠳᠤ ᠭᠡᠮᠵᠢᠶᠡᠨ ᠤ ᠬᠠᠷᠢᠭᠤᠴᠠᠯᠭᠠᠳᠤ ᠤᠪᠤᠷ ᠢᠶᠠᠷ ᠬᠠᠨᠳᠤᠵᠤ᠂ ᠦᠭᠡ ᠶᠢ ᠤᠨᠤᠪᠴᠢᠳᠠᠢ᠂ ᠠᠮᠢᠳᠤᠯᠢᠭ ᠭᠡᠷᠡᠭᠯᠡᠵᠤ ᠰᠤᠷᠪᠠᠯ ᠲᠠᠭᠠᠷᠠᠨ᠎ᠠ᠃      ᠬᠠᠶ᠋ᠢᠬ᠄ ᠦᠪᠤᠷ ᠮᠤᠩᠭᠤᠯ ᠤᠨ ᠷᠠᠳᠢᠤ᠋ ᠲᠧᠯᠸᠢᠰ ᠬᠤᠷᠢᠶ᠎ᠠ              ᠤᠯᠠᠭᠠᠠᠬᠠᠳᠠ ᠳᠠᠬᠢ ᠮᠤᠩᠭᠤᠯ ᠦᠨᠳᠤᠰᠤᠳᠡᠨ ᠤ ᠲᠤᠮᠳᠠᠳᠤ ᠰᠤᠷᠭᠠᠭᠤᠯᠢ                                    ︵ᠦᠨᠠᠨᠪᠠᠳᠤ ᠨᠠᠶᠢᠷᠠᠭᠤᠯᠪᠠ︶                                      5 ᠳ᠋ᠤᠭᠠᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map