ᠰᠤᠷᠭᠠᠨ ᠬᠥᠮᠦᠵᠢᠯ ᠤᠨ ᠶᠠᠮᠤᠨ ᠤ ᠬᠤᠯᠪᠣᠭᠳᠠᠯ ᠪᠥᠬᠦᠶ ᠬᠠᠷᠢᠭᠤᠴᠠᠯᠭᠠᠲᠠᠨ ᠠᠴᠠ ᠳᠤᠮᠳᠠᠳᠤ ᠰᠤᠷᠭᠠᠭᠤᠯᠢ᠂ ᠪᠠᠭ᠎ᠠ ᠰᠤᠷᠭᠠᠭᠤᠯᠢ ᠶᠢᠨ ᠰᠤᠷᠭᠠᠭᠤᠯᠢ ᠡᠬᠢᠯᠡᠭᠦᠯᠬᠦ ᠶᠢ ᠬᠤᠶᠢᠰᠢᠯᠠᠭᠤᠯᠵᠤ ︽ᠬᠢᠴᠢᠶᠡᠯ ᠵᠣᠭᠰᠤᠪᠠᠴᠤ ᠰᠤᠷᠤᠯᠭ᠎ᠠ ᠵᠣᠭᠰᠣᠬᠤ ᠥᠬᠡᠶ︾ ᠲᠠᠢ ᠬᠤᠯᠪᠤᠭᠳᠠᠬᠤ ᠠᠰᠠᠭᠤᠳᠠᠯ ᠤᠨ ᠲᠤᠬᠠᠶ ᠰᠤᠷᠪᠤᠯᠵᠢᠯᠠᠭᠴᠢ ᠶᠢᠨ ᠠᠰᠠᠭᠤᠯᠲᠠ ᠶᠢ ᠬᠠᠷᠢᠭᠤᠯᠪᠠ
ᠨᠡᠶᠢᠲᠡᠯᠡᠭᠰᠡᠨ ᠴᠠᠭ᠄
2020/2/21
     ᠤᠶᠢᠷ᠎ᠠ ᠶᠢᠨ ᠬᠤᠭᠤᠴᠠᠭᠠᠨ ᠳᠤ᠂ ᠬᠡᠰᠡᠭ ᠭᠠᠵᠠᠷ ᠣᠷᠣᠨ ᠰᠦᠯᠵᠢᠶᠡᠨ ᠳᠡᠭᠡᠷ᠎ᠡ ︽ᠬᠢᠴᠢᠶᠡᠯ ᠵᠣᠭᠰᠤᠪᠠᠴᠤ ᠰᠤᠷᠤᠯᠭ᠎ᠠ ᠵᠣᠭᠰᠤᠬᠤ ᠦᠭᠡᠢ︾ ᠭᠡᠬᠦ ᠠᠵᠢᠯ ᠢ ᠵᠠᠯᠭᠠᠭ᠎ᠠ ᠪᠠᠷ ᠡᠬᠢᠯᠡᠭᠦᠯᠵᠦ᠂ ᠣᠯᠠᠨ ᠢᠶᠠᠷ ᠢᠶᠠᠨ ᠵᠠᠷᠢᠮ ᠠᠰᠠᠭᠤᠳᠠᠯ ᠳᠤ ᠨᠡᠯᠢᠶᠡᠳ ᠠᠩᠬᠠᠷᠤᠯ ᠢᠶᠠᠨ ᠬᠠᠨᠳᠤᠭᠤᠯᠵᠤ ᠪᠠᠶᠢᠨ᠎ᠠ᠃ ᠡᠭᠦᠨ ᠤ ᠲᠤᠯᠠᠳᠠ᠂ ᠰᠤᠷᠭᠠᠨ ᠬᠥᠮᠦᠵᠢᠯ ᠤᠨ ᠶᠠᠮᠤᠨ ᠤ ᠬᠤᠯᠪᠣᠭᠳᠠᠯ ᠪᠥᠬᠦᠶ ᠬᠠᠷᠢᠭᠤᠴᠠᠯᠭᠠᠲᠠᠨ ᠠᠴᠠ ᠰᠤᠷᠪᠤᠯᠵᠢᠯᠠᠭᠴᠢ ᠶᠢᠨ ᠠᠰᠠᠭᠤᠯᠲᠠ ᠶᠢ ᠬᠠᠷᠢᠭᠤᠯᠪᠠ᠃      ᠨᠢᠭᠡ᠂ ᠶᠠᠭᠤᠨ ᠳᠤ ︽ᠬᠢᠴᠢᠶᠡᠯ  ᠵᠣᠭᠰᠤᠪᠠᠴᠤ ᠰᠤᠷᠤᠯᠭ᠎ᠠ ᠵᠣᠭᠰᠤᠬᠤ ᠦᠭᠡᠢ︾ ᠭᠡᠵᠦ ᠳᠤᠷᠠᠳᠤᠭᠰᠠᠨ  ᠪᠣᠶ︖      ᠬᠠᠷᠢᠭᠤᠯᠲᠠ᠄ ᠰᠢᠨ᠎ᠡ ᠳᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠱᠠᠭᠠᠷᠳᠠᠯᠭ᠎ᠠ ᠠᠴᠠ ᠪᠣᠯᠵᠤ᠂ ᠰᠤᠷᠭᠠᠭᠤᠯᠢ ᠡᠬᠢᠯᠡᠭᠦᠯᠬᠦ ᠶᠢ ᠬᠤᠶᠢᠰᠢᠯᠠᠭᠤᠯᠵᠤ᠂ ᠰᠤᠷᠤᠭᠴᠢᠳ ᠰᠤᠷᠭᠠᠭᠤᠯᠢ ᠡᠬᠢᠯᠡᠬᠦ ᠴᠠᠭ ᠲᠤ ᠡᠩ ᠤᠨ ᠶᠠᠩᠵᠤ ᠪᠠᠷ ᠰᠤᠷᠭᠠᠭᠤᠯᠢ ᠳᠤ ᠪᠠᠨ ᠢᠷᠡᠵᠦ ᠰᠤᠷᠤᠯᠴᠠᠵᠤ ᠴᠢᠳᠠᠬᠤ ᠦᠭᠡᠢ ᠪᠣᠯᠵᠠᠢ᠃ ᠡᠶᠢᠮᠦ ᠠᠴᠠ ᠥᠷᠭᠡᠨ ᠤᠯᠠᠨ ᠭᠡᠷ ᠤᠨ ᠠᠬᠠᠮᠠᠳ ᠠᠴᠠ ᠰᠤᠷᠭᠠᠭᠤᠯᠢ ᠡᠬᠢᠯᠡᠭᠦᠯᠬᠦ ᠶᠢ ᠬᠤᠶᠢᠰᠢᠯᠠᠭᠤᠯᠤᠭᠰᠠᠨ ᠬᠤᠭᠤᠴᠠᠭᠠᠨ ᠳᠤ ᠬᠢ ᠬᠡᠦᠬᠡᠳ ᠤᠳ ᠤᠨ ᠭᠡᠷ ᠲᠤ ᠪᠠᠨ ᠰᠤᠷᠤᠯᠴᠠᠬᠤ ᠠᠰᠠᠭᠤᠳᠠᠯ ᠢ ᠮᠠᠰᠢ ᠬᠠᠯᠠᠮᠵᠢᠯᠠᠵᠤ᠂ ᠵᠠᠷᠢᠮ ᠭᠡᠷ ᠤᠨ ᠠᠬᠠᠮᠠᠳ ᠨᠢ ᠨᠡᠩ ᠴᠤ ᠰᠡᠳᠬᠢᠯ ᠵᠣᠪᠠᠵᠤ ᠪᠠᠶᠢᠪᠠ᠃ ᠰᠤᠷᠭᠠᠨ ᠬᠥᠮᠦᠵᠢᠯ ᠤᠨ ᠶᠠᠮᠤᠨ ᠠᠴᠠ ᠤᠭ ᠠᠰᠠᠭᠤᠳᠠᠯ ᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠵᠤ᠂ ᠡᠯ᠎ᠡ ᠭᠠᠵᠠᠷ ᠤᠨ ᠰᠤᠷᠭᠠᠨ ᠬᠥᠮᠦᠵᠢᠯ ᠤᠨ ᠰᠠᠯᠠᠭ᠎ᠠ ᠮᠥᠴᠢᠷ ᠪᠣᠯᠤᠨ ᠰᠤᠷᠭᠠᠭᠤᠯᠢ ᠨᠢ ᠰᠤᠷᠭᠠᠭᠤᠯᠢ ᠡᠬᠢᠯᠡᠭᠦᠯᠬᠦ ᠶᠢ ᠬᠤᠶᠢᠰᠢᠯᠠᠭᠤᠯᠤᠭᠰᠠᠨ ᠬᠤᠭᠤᠴᠠᠭᠠᠨ ᠳᠤ ᠬᠢᠴᠢᠶᠡᠯ ᠵᠣᠭᠰᠤᠭᠰᠠᠨ ᠴᠤ ᠰᠤᠷᠤᠯᠴᠠᠬᠤ ᠠᠵᠢᠯ ᠢ ᠰᠠᠶᠢᠲᠤᠷ ᠬᠢᠵᠦ᠂ ᠥᠷᠭᠡᠨ ᠣᠯᠠᠨ ᠰᠤᠷᠤᠭᠴᠢ ᠳᠤ ᠡᠬᠢ ᠪᠠᠶᠠᠯᠢᠭ ᠪᠣᠯᠤᠨ ᠳᠡᠮᠵᠢᠯᠭᠡ ᠬᠠᠩᠭᠠᠵᠤ᠂ ᠪᠣᠳᠠᠲᠠᠶ ᠬᠦᠴᠢᠷᠳᠡᠯ ᠢ ᠨᠢ ᠬᠠᠪᠰᠤᠷᠤᠨ ᠰᠢᠢᠳᠪᠦᠷᠢᠯᠡᠵᠦ ᠥᠭᠬᠦ ᠬᠡᠷᠡᠭᠲᠡᠶ ᠭᠡᠵᠡᠢ᠃ ᠡᠯ᠎ᠡ ᠭᠠᠵᠠᠷ ᠤᠨ ᠰᠤᠷᠭᠠᠨ ᠬᠥᠮᠦᠵᠢᠯ ᠤᠨ ᠰᠠᠯᠠᠭ᠎ᠠ ᠮᠥᠴᠢᠷ ᠪᠣᠯᠤᠨ ᠳᠤᠮᠳᠠᠳᠤ ᠪᠠᠭ᠎ᠠ ᠰᠤᠷᠭᠠᠭᠤᠯᠢ ᠨᠤᠭᠤᠳ ᠢᠳᠡᠪᠬᠢᠲᠡᠢ ᠴᠤᠤᠷᠢᠶᠠᠲᠤᠨ ᠳᠠᠭᠠᠵᠤ᠂ ᠵᠣᠷᠢᠭᠲᠠᠢ ᠪᠠᠷ ᠬᠠᠷᠢᠭᠤᠴᠠᠯᠭ᠎ᠠ ᠡᠭᠦᠷᠭᠡᠯᠡᠵᠦ᠂ ᠶᠡᠭᠡ ᠬᠡᠮᠵᠢᠶᠡᠨ ᠤ ᠠᠵᠢᠯ ᠬᠢᠵᠦ᠂ ᠣᠳᠣᠬᠠᠨ ᠳᠤ ᠠᠪᠴᠤ ᠪᠠᠶᠢᠭ᠎ᠠ ᠰᠦᠯᠵᠢᠶᠡᠨ ᠳᠡᠭᠡᠷᠡᠬᠢ  ᠰᠤᠷᠤᠯᠴᠠᠯᠭ᠎ᠠ ᠪᠣᠯ ᠪᠠᠴᠢᠮ ᠪᠠᠶᠢᠳᠠᠯ ᠢ ᠠᠷᠭᠠᠴᠠᠬᠤ ᠲᠦᠷ ᠴᠠᠭ ᠤᠨ ᠠᠷᠭ᠎ᠠ ᠬᠡᠮᠵᠢᠶ᠎ᠡ ᠮᠥᠨ᠃      ᠬᠤᠶᠠᠷ᠂ ︽ᠬᠢᠴᠢᠶᠡᠯ ᠵᠣᠭᠰᠤᠪᠠᠴᠤ ᠰᠤᠷᠤᠯᠭ᠎ᠠ ᠵᠣᠭᠰᠤᠬᠤ ᠦᠭᠡᠢ︾ ᠭᠡᠬᠦ ᠳᠤ ᠰᠤᠷᠤᠯᠴᠠᠬᠤ ᠠᠭᠤᠯᠭ᠎ᠠ ᠪᠠ ᠰᠤᠷᠤᠯᠴᠠᠬᠤ ᠠᠷᠭ᠎ᠠ ᠶᠢ ᠬᠡᠷᠬᠢᠨ ᠣᠨᠣᠪᠴᠢᠲᠠᠶ ᠡᠵᠡᠮᠳᠡᠬᠦ ᠪᠣᠶ︖      ᠬᠠᠷᠢᠭᠤᠯᠲᠠ᠄ ︽ᠬᠢᠴᠢᠶᠡᠯ ᠵᠣᠭᠰᠤᠪᠠᠴᠤ ᠰᠤᠷᠤᠯᠭ᠎ᠠ ᠵᠣᠭᠰᠤᠬᠤ ᠦᠭᠡᠢ︾ ᠭᠡᠳᠡᠭ ᠨᠢ ᠳᠠᠩ ᠭᠠᠭᠴᠠ ᠰᠦᠯᠵᠢᠶᠡᠨ ᠳᠡᠭᠡᠷᠡᠬᠢ ᠬᠢᠴᠢᠶᠡᠯᠯᠡᠭᠡ ᠶᠢ ᠵᠢᠭᠠᠵᠤ ᠪᠠᠶᠢᠭ᠎ᠠ ᠪᠢᠰᠢ ᠮᠥᠷᠲᠡᠭᠡᠨ ᠵᠥᠪᠬᠡᠨ ᠰᠤᠷᠭᠠᠭᠤᠯᠢ ᠶᠢᠨ ᠬᠢᠴᠢᠶᠡᠯᠯᠡᠭᠡ ᠴᠤ ᠪᠢᠰᠢ᠂ ᠬᠠᠷᠢᠨ ᠨᠢᠭᠡ ᠵᠦᠢᠯ ᠤᠨ ᠳᠡᠯᠭᠡᠷᠡᠩᠭᠦᠢ ᠤᠳᠬ᠎ᠠ ᠶᠢᠨ ᠰᠤᠷᠤᠯᠴᠠᠯᠭ᠎ᠠ ᠪᠠᠶᠢᠵᠤ᠂ ᠰᠤᠷᠤᠭᠴᠢᠳ ᠤᠨ ᠦᠰᠦᠨ ᠪᠤᠶᠢᠵᠢᠵᠤ ᠳᠠᠪᠰᠢᠬᠤ ᠳᠤ ᠠᠰᠢᠭᠲᠠᠢ ᠠᠭᠤᠯᠭ᠎ᠠ ᠪᠠ ᠬᠡᠯᠪᠡᠷᠢ ᠪᠦᠷ ᠪᠠᠶᠢᠵᠤ ᠪᠣᠯᠬᠤ ᠶᠤᠮ᠃ ᠤᠯᠤᠰ ᠤᠨ ᠬᠢᠴᠢᠶᠡᠯᠯᠡᠭᠡ ᠶᠢᠨ ᠰᠤᠷᠤᠯᠴᠠᠯᠭ᠎ᠠ ᠪᠠ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠮᠡᠳᠡᠯᠭᠡ ᠶᠢᠨ ᠰᠤᠷᠤᠯᠴᠠᠯᠭ᠎ᠠ ᠶᠢ ᠬᠠᠷᠢᠯᠴᠠᠨ ᠤᠶᠠᠯᠳᠤᠭᠤᠯᠬᠤ ᠶᠢ ᠪᠠᠷᠢᠮᠲᠠᠯᠠᠵᠤ᠂ ᠬᠢᠵᠢᠭ ᠤᠨ ᠪᠠᠶᠢᠳᠠᠯ ᠢ ᠰᠡᠷᠭᠡᠶᠢᠯᠡᠬᠦ ᠮᠡᠳᠡᠯᠭᠡ ᠶᠢ ᠲᠦᠭᠡᠮᠡᠯᠵᠢᠭᠦᠯᠬᠦ ᠶᠢ ᠣᠨᠴᠠᠭᠠᠶᠢᠯᠠᠨ ᠴᠢᠬᠤᠯᠠᠴᠢᠯᠠᠵᠤ᠂ ᠠᠮᠢ ᠨᠠᠰᠤᠨ ᠤ ᠬᠥᠮᠦᠵᠢᠯ᠂ ᠤᠯᠠᠨ ᠨᠡᠶᠢᠲᠡ ᠶᠢᠨ ᠠᠮᠤᠷ ᠲᠦᠪᠰᠢᠨ ᠤ ᠬᠥᠮᠦᠵᠢᠯ ᠪᠠ ᠰᠡᠳᠬᠢᠴᠡ ᠶᠢᠨ ᠡᠷᠡᠭᠦᠯ ᠮᠡᠨᠳᠦ ᠶᠢᠨ ᠬᠥᠮᠦᠵᠢᠯ ᠢ ᠴᠢᠩᠭᠠᠳᠬᠠᠬᠤ ᠬᠡᠷᠡᠭᠲᠡᠢ︔ ᠬᠢᠵᠢᠭ ᠢ ᠰᠡᠷᠭᠡᠶᠢᠯᠡᠵᠦ ᠬᠤᠷᠢᠭᠯᠠᠨ ᠴᠣᠬᠢᠬᠤ ᠳᠠᠶᠢᠯᠠᠯᠳᠤᠭᠠᠨ ᠤ ᠳᠤᠮᠳᠠ ᠠᠴᠠ ᠴᠣᠯᠭᠤᠷᠠᠨ ᠭᠠᠷᠤᠭᠰᠠᠨ ᠲᠡᠷᠢᠭᠦᠨ ᠤ ᠦᠢᠯᠡ ᠠᠵᠢᠯᠯᠠᠭ᠎ᠠ ᠶᠢ ᠨᠠᠷᠢᠨ ᠬᠢᠨᠠᠮᠠᠭᠠᠶ ᠰᠤᠷᠤᠯᠴᠠᠵᠤ᠂ ᠨᠡᠶᠢᠭᠡᠮ ᠤᠨ ᠰᠠᠶᠢᠨ ᠰᠠᠶᠢᠬᠠᠨ ᠬᠡᠪ ᠰᠤᠷᠲᠠᠯ ᠢ ᠪᠠᠳᠠᠷᠠᠭᠤᠯᠵᠤ᠂ ᠰᠤᠷᠤᠭᠴᠢᠳ ᠤᠨ ᠨᠠᠮ ᠢᠶᠠᠨ ᠬᠠᠶᠢᠷᠠᠯᠠᠬᠤ᠂ ᠡᠬᠡ ᠤᠷᠤᠨᠴᠢ ᠦᠵᠡᠯ᠂ ᠠᠷᠠᠳ ᠲᠦᠮᠡᠨ ᠢᠶᠠᠨ ᠬᠠᠶᠢᠷᠠᠯᠠᠬᠤ᠂ ᠨᠡᠶᠢᠭᠡᠮ ᠵᠢᠷᠤᠮ ᠢ ᠬᠠᠶᠢᠷᠠᠯᠠᠬᠤ ᠦᠵᠡᠯ ᠰᠠᠨᠠᠭ᠎ᠠ ᠬᠠᠶᠢᠷ᠎ᠠ ᠰᠡᠳᠬᠢᠯᠭᠡ ᠶᠢ ᠨᠡᠮᠡᠭᠳᠡᠭᠦᠯᠬᠦ᠂ ᠰᠣᠩᠭᠤᠳᠠᠭ ᠠᠯᠳᠠᠷᠲᠤ ᠵᠣᠬᠢᠶᠠᠯ ᠢ ᠢᠯᠡᠭᠦᠬᠡᠨ ᠣᠩᠰᠢᠭᠰᠠᠨ ᠴᠤ ᠪᠣᠯᠤᠨ᠎ᠠ᠃ ᠰᠤᠷᠤᠯᠴᠠᠬᠤ ᠠᠷᠭ᠎ᠠ ᠮᠠᠶ᠋ᠢᠭ ᠨᠢ ᠣᠯᠠᠨ ᠶᠠᠩᠵᠤ ᠶᠢᠨ ᠪᠠᠶᠢᠵᠤ᠂ ᠵᠠᠷᠢᠮ ᠭᠠᠵᠠᠷ ᠲᠤ ᠰᠦᠯᠵᠢᠶᠡᠨ ᠳᠡᠭᠡᠷ᠎ᠡ ᠵᠢᠭᠠᠨ ᠰᠤᠷᠭᠠᠵᠤ ᠪᠠᠶᠢᠬᠤ ᠨᠢ ᠵᠥᠪᠬᠡᠨ ︽ᠬᠢᠴᠢᠶᠡᠯ ᠵᠣᠭᠰᠤᠪᠠᠴᠤ ᠰᠤᠷᠤᠯᠭ᠎ᠠ ᠵᠣᠭᠰᠤᠬᠤ ᠦᠭᠡᠢ︾ ᠶᠢᠨ ᠨᠢᠭᠡᠨ ᠬᠡᠯᠪᠡᠷᠢ ᠪᠠᠶᠢᠵᠤ᠂ ᠰᠤᠷᠠᠭ ᠵᠠᠩᠭᠢᠵᠢᠯᠲᠠ ᠶᠢᠨ ᠠᠷᠭ᠎ᠠ ᠪᠠᠷᠢᠯ ᠢ ᠠᠰᠢᠭᠯᠠᠨ ᠵᠢᠭᠠᠨ ᠰᠤᠷᠭᠠᠯᠲᠠ ᠶᠢ ᠪᠡᠶᠡᠯᠡᠭᠦᠯᠬᠦ‍ ᠨᠢᠭᠡ ᠵᠦᠢᠯ ᠤᠨ ᠰᠦᠪᠡᠭᠴᠢᠯᠡᠯᠲᠡ ᠪᠣᠯᠵᠠᠢ᠃      ᠭᠤᠷᠪᠠ᠂ ᠵᠠᠷᠢᠮ ᠭᠠᠵᠠᠷ ᠣᠷᠣᠨ ᠨᠢ ᠪᠠᠭᠰᠢ ᠶᠢ ᠵᠣᠬᠢᠶᠠᠨ ᠪᠠᠶᠢᠭᠤᠯᠵᠤ ᠰᠦᠯᠵᠢᠶᠡᠨ ᠤ ᠬᠢᠴᠢᠶᠡᠯᠯᠡᠭᠡ ᠶᠢ ᠰᠢᠩᠭᠡᠭᠡᠨ ᠨᠡᠪᠲᠡᠷᠡᠭᠦᠯᠬᠦ ᠶᠢ ᠬᠡᠷᠬᠢᠨ ᠦᠵᠡᠬᠦ ᠪᠣᠶ︖      ᠬᠠᠷᠢᠭᠤᠯᠲᠠ᠄ ︽ᠬᠢᠴᠢᠶᠡᠯ ᠵᠣᠭᠰᠤᠪᠠᠴᠤ ᠰᠤᠷᠤᠯᠭ᠎ᠠ ᠵᠣᠭᠰᠤᠬᠤ ᠦᠭᠡᠢ︾ ᠭᠡᠬᠦ ᠠᠵᠢᠯᠯᠠᠭ᠎ᠠ ᠶᠢ ᠥᠷᠨᠢᠭᠦᠯᠵᠦ᠂ ᠰᠦᠯᠵᠢᠶᠡᠨ ᠳᠡᠭᠡᠷᠡᠬᠢ ᠵᠢᠭᠠᠨ ᠰᠤᠷᠭᠠᠯᠲᠠ ᠶᠢᠨ ᠠᠵᠢᠯ ᠢ ᠰᠠᠶᠢᠲᠤᠷ ᠬᠢᠬᠦ ᠳᠤ ᠪᠠᠭᠰᠢ ᠶᠢᠨ ᠬᠢᠴᠢᠶᠡᠯᠯᠡᠭᠡ ᠶᠢ ᠰᠢᠩᠭᠡᠭᠡᠨ ᠨᠡᠪᠲᠡᠷᠡᠭᠦᠯᠬᠦ ᠶᠢ ᠨᠡᠶᠢᠳᠡᠮ ᠳᠤ ᠨᠢ ᠱᠠᠭᠠᠷᠳᠠᠬᠤ ᠴᠢᠬᠤᠯᠠ ᠥᠬᠡᠶ᠃ ᠤᠯᠤᠰ᠂ ᠣᠷᠣᠨ ᠨᠤᠲᠤᠭ᠂ ᠰᠤᠷᠭᠠᠭᠤᠯᠢ ᠶᠢᠨ ᠪᠡᠯᠡᠨ ᠪᠠᠶᠢᠭ᠎ᠠ ᠰᠢᠯᠢᠳᠡᠭ ᠰᠠᠶᠢᠨ ᠰᠦᠯᠵᠢᠶᠡᠨ ᠤ ᠬᠢᠴᠢᠶᠡᠯᠯᠡᠭᠡ ᠶᠢᠨ ᠡᠬᠢ ᠪᠠᠶᠠᠯᠢᠭ ᠢ ᠭᠦᠢᠴᠡᠳ ᠠᠰᠢᠭᠯᠠᠵᠤ᠂ ᠦᠨᠡᠨ ᠬᠦ ᠬᠡᠷᠡᠭᠴᠡᠭᠡ ᠲᠠᠢ ᠪᠣᠯ᠂ ᠰᠤᠷᠭᠠᠨ ᠬᠥᠮᠦᠵᠢᠯ ᠤᠨ ᠰᠠᠯᠠᠭ᠎ᠠ ᠮᠥᠴᠢᠷ ᠠᠴᠠ ᠴᠥᠭᠡᠨ ᠲᠣᠭᠠᠨ ᠤ ᠰᠢᠯᠢᠳᠡᠭ ᠭᠤᠣᠯᠯᠠᠬᠤ ᠪᠠᠭᠰᠢ ᠶᠢ ᠵᠣᠬᠢᠶᠠᠨ ᠪᠠᠶᠢᠭᠤᠯᠵᠤ᠂ ᠰᠦᠯᠵᠢᠶᠡᠨ ᠤ ᠬᠢᠴᠢᠶᠡᠯᠯᠡᠭᠡ ᠶᠢ ᠵᠣᠬᠢᠰᠲᠠᠶ ᠰᠢᠨ᠎ᠡ ᠪᠠᠷ ᠰᠢᠩᠭᠡᠭᠡᠨ ᠦᠢᠯᠡᠳᠴᠦ᠂ ᠴᠢᠬᠤᠯᠠ ᠪᠦᠬᠦᠢ ᠨᠥᠬᠦᠪᠥᠷᠢ ᠬᠢᠴᠢᠶᠡᠯ ᠪᠣᠯᠭᠠᠨ᠂ ᠰᠢᠯᠢᠳᠡᠭ ᠡᠬᠢ ᠪᠠᠶᠠᠯᠢᠭ ᠢ ᠬᠠᠮᠲᠤ ᠪᠠᠷ ᠡᠳ᠋ᠯᠡᠵᠦ ᠪᠣᠯᠤᠨ᠎ᠠ᠃ ᠡᠯ᠎ᠡ ᠭᠠᠵᠠᠷ ᠤᠨ ᠬᠢᠨ ᠰᠦᠯᠵᠢᠶᠡᠨ ᠳᠡᠭᠡᠷᠡᠬᠢ ᠰᠤᠷᠤᠯᠴᠠᠯᠭ᠎ᠠ ᠶᠢᠨ ᠣᠨᠴᠠᠯᠢᠭ ᠪᠠ ᠰᠢᠨᠵᠢᠯᠡᠭᠡᠨ ᠤ ᠰᠠᠯᠠᠭᠠᠨ ᠤ ᠣᠨᠴᠠᠯᠢᠭ ᠲᠤ ᠴᠢᠭᠯᠡᠭᠦᠯᠦᠨ᠂ ᠰᠦᠯᠵᠢᠶᠡᠨ ᠳᠡᠭᠡᠷ᠎ᠡ ᠰᠤᠷᠤᠯᠴᠠᠬᠤ ᠳᠤ ᠲᠣᠬᠢᠷᠠᠮᠵᠢᠲᠠᠶ ᠬᠢᠴᠢᠶᠡᠯᠯᠡᠭᠡ ᠶᠢ ᠨᠠᠷᠢᠨ ᠬᠢᠨᠠᠮᠠᠭᠠᠶ ᠰᠤᠳᠤᠯᠤᠨ ᠲᠣᠳᠣᠷᠬᠠᠶᠢᠯᠠᠵᠤ᠂ ᠡᠩ ᠤᠨ ᠬᠢᠴᠢᠶᠡᠯᠯᠡᠭᠡ ᠶᠢᠨ ᠠᠷᠭ᠎ᠠ ᠮᠠᠶ᠋ᠢᠭ᠂ ᠴᠠᠭ ᠪᠠ ᠵᠢᠭᠠᠨ ᠰᠤᠷᠭᠠᠯᠲᠠ ᠶᠢᠨ ᠲᠣᠬᠢᠷᠠᠭᠤᠯᠤᠯᠲᠠ ᠶᠢ ᠲᠡᠷᠡ ᠬᠡᠪ ᠢᠶᠠᠷ ᠨᠢ ᠰᠢᠯᠵᠢᠭᠦᠯᠦᠨ ᠬᠡᠷᠡᠭᠯᠡᠬᠦ ᠠᠴᠠ ᠰᠡᠷᠭᠡᠶᠢᠯᠡᠬᠦ ᠬᠡᠷᠡᠭᠲᠡᠶ᠃ ᠬᠡᠷᠪᠡ ᠪᠦᠬᠦ ᠪᠠᠭᠰᠢ ᠨᠠᠷ ᠢ ᠠᠯᠪᠠᠳᠠᠵᠤ ᠰᠢᠩᠭᠡᠭᠡᠯᠲᠡ ᠬᠢᠯᠭᠡᠬᠦ ᠭᠡᠪᠡᠯ ᠴᠢᠨᠠᠷ ᠴᠢᠨᠰᠠᠭ᠎ᠠ ᠶᠢᠨ ᠲᠠᠯ᠎ᠠ ᠪᠠᠷ ᠪᠠᠲᠤᠯᠠᠭ᠎ᠠ ᠦᠭᠡᠢ ᠪᠣᠯᠬᠤ ᠮᠥᠷᠲᠡᠭᠡᠨ ᠪᠠᠭᠰᠢ ᠨᠠᠷ ᠤᠨ ᠳᠠᠷᠤᠭᠠᠰᠤ ᠶᠢ ᠴᠤ ᠨᠡᠮᠡᠭᠳᠡᠭᠦᠯᠵᠦ᠂ ᠡᠬᠢ ᠪᠠᠶᠠᠯᠢᠭ ᠢ ᠪᠦᠷᠢᠯᠭᠡᠨ ᠰᠦᠢᠳᠭᠡᠬᠦ ᠪᠣᠯᠬᠤᠷ ᠡᠶᠢᠮᠦ ᠦᠵᠡᠭᠳᠡᠯ ᠢ ᠡᠷᠬᠡᠪᠰᠢ ᠬᠤᠷᠢᠭᠯᠠᠨ ᠵᠣᠭᠰᠣᠭᠠᠬᠤ ᠬᠡᠷᠡᠭᠲᠡᠶ᠃      ᠳᠥᠷᠪᠡ᠂ ᠰᠤᠷᠤᠭᠴᠢᠳ ᠤᠨ ᠳᠠᠷᠤᠭᠠᠰᠤ ᠶᠢ ᠬᠦᠨᠳᠦᠷᠡᠭᠦᠯᠬᠦ ᠶᠢ ᠬᠡᠷᠬᠢᠨ ᠰᠡᠷᠭᠡᠶᠢᠯᠡᠬᠦ ᠪᠣᠶ︖      ᠬᠠᠷᠢᠭᠤᠯᠲᠠ᠄ ︽ᠬᠢᠴᠢᠶᠡᠯ ᠵᠣᠭᠰᠤᠪᠠᠴᠤ ᠰᠤᠷᠤᠯᠭ᠎ᠠ ᠵᠣᠭᠰᠤᠬᠤ ᠦᠭᠡᠢ︾ ᠳᠤ᠂ ᠡᠯ᠎ᠡ ᠭᠠᠵᠠᠷ ᠤᠨ ᠬᠢᠨ ᠠᠳᠠᠯᠢ ᠪᠤᠰᠤ ᠰᠤᠷᠤᠯᠭ᠎ᠠ ᠶᠢᠨ ᠱᠠᠲᠤᠨ ᠤ ᠰᠤᠷᠤᠭᠴᠢᠳ ᠤᠨ ᠪᠣᠳᠠᠲᠠᠶ ᠪᠠᠶᠢᠳᠠᠯ ᠪᠣᠯᠤᠨ ᠰᠦᠯᠵᠢᠶᠡᠨ ᠳᠡᠭᠡᠷᠡᠬᠢ ᠵᠢᠭᠠᠨ ᠰᠤᠷᠭᠠᠯᠲᠠ ᠶᠢᠨ ᠣᠨᠴᠠᠯᠢᠭ ᠢ ᠢᠯᠭᠠᠨ ᠰᠠᠯᠭᠠᠵᠤ᠂ ᠪᠣᠳᠠᠲᠠᠢ ᠠᠴᠠ ᠡᠭᠦᠰᠦᠨ᠂ ᠰᠢᠨᠵᠢᠯᠡᠬᠦ ᠤᠬᠠᠭᠠᠨᠴᠢ ᠪᠠᠷ ᠳᠣᠬᠢᠷᠠᠭᠤᠯᠤᠨ᠂ ᠰᠤᠷᠤᠯᠴᠠᠬᠤ ᠡᠬᠢ ᠪᠠᠶᠠᠯᠢᠭ ᠢ ᠵᠦᠶ ᠵᠣᠬᠢᠰᠲᠠᠶ ᠰᠣᠩᠭᠤᠬᠤ ᠬᠡᠷᠡᠭᠲᠡᠢ᠃ ᠰᠦᠯᠵᠢᠶᠡᠨ ᠳᠡᠭᠡᠷᠡᠬᠢ ᠰᠤᠷᠤᠯᠴᠠᠯᠭ᠎ᠠ ᠶᠢᠨ ᠱᠠᠭᠠᠷᠳᠠᠯᠭ᠎ᠠ ᠪᠠᠷ᠂ ᠵᠠᠷᠢᠮ ᠭᠠᠵᠠᠷ ᠣᠷᠣᠨ ᠤ ᠰᠠᠶᠢᠨ ᠠᠷᠭ᠎ᠠ ᠪᠠᠷᠢᠯ ᠢᠶᠠᠷ ᠯᠠᠪᠯᠠᠯᠲᠠ ᠪᠣᠯᠭᠠᠵᠤ᠂ ᠪᠠᠭ᠎ᠠ ᠰᠤᠷᠭᠠᠭᠤᠯᠢ ᠶᠢᠨ ᠳᠣᠣᠷ᠎ᠠ ᠣᠨ ᠤ ᠰᠤᠷᠤᠭᠴᠢᠳ ᠤᠨ ᠰᠦᠯᠵᠢᠶᠡᠨ ᠳᠡᠭᠡᠷᠡᠬᠢ ᠰᠤᠷᠤᠯᠴᠠᠯᠭ᠎ᠠ ᠳᠤ ᠴᠢᠩᠭ᠎ᠠ ᠱᠠᠭᠠᠷᠳᠠᠯᠭ᠎ᠠ ᠲᠠᠯᠪᠢᠬᠤ ᠦᠭᠡᠢ᠂ ᠭᠡᠷ ᠤᠨ ᠠᠬᠠᠮᠠᠳ ᠪᠣᠯᠤᠨ ᠰᠤᠷᠤᠭᠴᠢᠳ ᠰᠠᠶᠢᠨ ᠳᠤᠷ᠎ᠠ ᠠᠴᠠ ᠪᠠᠨ ᠰᠣᠩᠭᠤᠵᠤ᠂ ᠪᠤᠰᠤᠳ ᠰᠤᠷᠤᠯᠭ᠎ᠠ ᠶᠢᠨ ᠱᠠᠲᠤᠨ ᠤ ᠰᠤᠷᠤᠭᠴᠢᠳ ᠲᠤ ᠴᠠᠭ ᠪᠠ ᠬᠡᠮᠵᠢᠶ᠎ᠡ ᠶᠢ ᠬᠢᠵᠠᠭᠠᠷᠯᠠᠬᠤ ᠪᠣᠳᠠᠲᠠᠶ ᠳᠣᠭᠲᠠᠭᠠᠯ ᠭᠠᠷᠭᠠᠵᠤ᠂ ᠰᠤᠷᠤᠭᠴᠢᠳ ᠤᠨ ᠰᠦᠯᠵᠢᠶᠡᠨ ᠳᠡᠭᠡᠷ᠎ᠡ ᠰᠤᠷᠤᠯᠴᠠᠬᠤ ᠴᠠᠭ ᠨᠢ ᠬᠡᠲᠦᠷᠬᠡᠶ ᠤᠷᠳᠤ ᠪᠣᠯᠬᠤ ᠠᠴᠠ ᠵᠠᠶᠢᠯᠠᠰᠬᠢᠬᠦ ᠬᠡᠷᠡᠭᠲᠡᠢ᠃ ᠡᠭᠦᠨ ᠤ ᠬᠠᠮᠲᠤ᠂ ᠰᠤᠷᠤᠭᠴᠢᠳ ᠢ ᠡᠳᠦᠷ ᠪᠦᠷᠢ ᠰᠦᠯᠵᠢᠶᠡᠨ ᠳᠡᠭᠡᠷ᠎ᠡ ︽ᠺᠠᠷᠲ   ᠴᠣᠬᠢᠬᠤ︾᠂ ᠰᠤᠷᠤᠯᠴᠠᠯᠭ᠎ᠠ ᠶᠢᠨ ᠸᠢᠳᠢᠣ᠋ ᠵᠡᠷᠭᠡ ᠶᠢ ᠳᠠᠮᠵᠢᠭᠤᠯᠬᠤ ᠪᠠᠷ ᠠᠯᠪᠠᠳᠠᠵᠤ ᠪᠣᠯᠬᠤ ᠥᠬᠡᠶ᠂ ᠰᠤᠷᠤᠭᠴᠢᠳ ᠲᠤ ᠴᠢᠬᠤᠯᠠ ᠪᠤᠰᠤ ᠳᠠᠷᠤᠭᠠᠰᠤ ᠶᠢ ᠬᠦᠨᠳᠦᠷᠡᠭᠦᠯᠬᠦ ᠶᠢ ᠰᠡᠷᠭᠡᠶᠢᠯᠡᠬᠦ ᠬᠡᠷᠡᠭᠲᠡᠢ᠃ ᠰᠤᠷᠤᠭᠴᠢᠳ ᠢ ᠵᠢᠯᠣᠭᠤᠳᠤᠨ ᠠᠵᠢᠯᠯᠠᠵᠤ ᠠᠮᠠᠷᠠᠬᠤ ᠴᠠᠭ ᠢ ᠨᠢ ᠵᠦᠶ ᠵᠣᠬᠢᠰᠲᠠᠶ ᠲᠣᠬᠢᠷᠠᠭᠤᠯᠵᠤ᠂ ᠠᠮᠠᠷᠠᠬᠤ ᠵᠠᠢ ᠶᠢ ᠶᠡᠬᠡᠰᠬᠡᠬᠦ᠂ ᠬᠠᠷᠠᠭ᠎ᠠ ᠬᠠᠮᠠᠭᠠᠯᠠᠬᠤ ᠲᠠᠮᠢᠷ ᠬᠢᠬᠦ᠂ ᠪᠡᠶ᠎ᠡ ᠶᠢᠨ ᠲᠠᠮᠢᠷ ᠤᠨ ᠪᠣᠯᠪᠠᠰᠤᠷᠠᠯ ᠢ ᠴᠢᠩᠭᠠᠳᠬᠠᠬᠤ ᠵᠡᠷᠭᠡ ᠠᠷᠭ᠎ᠠ ᠬᠡᠯᠪᠡᠷᠢ ᠪᠠᠷ ᠳᠠᠮᠵᠢᠭᠤᠯᠤᠨ᠂ ᠬᠠᠷᠠᠭ᠎ᠠ ᠶᠢ ᠨᠢ ᠬᠠᠮᠠᠭᠠᠯᠠᠨ᠂ ᠪᠡᠶ᠎ᠡ ᠮᠠᠬᠠᠪᠣᠳ ᠢ ᠨᠢ ᠴᠢᠭᠢᠷᠠᠭᠵᠢᠭᠤᠯᠵᠤ᠂ ᠪᠡᠶ᠎ᠡ ᠰᠡᠳᠬᠢᠴᠡ ᠶᠢᠨ ᠡᠷᠡᠭᠦᠯ ᠴᠢᠭᠢᠷᠠᠭ ᠢ ᠪᠠᠲᠤᠯᠠᠬᠤ ᠬᠡᠷᠡᠭᠲᠡᠢ᠃ ᠬᠡᠤᠬᠡᠳ ᠤᠨ ᠴᠡᠴᠡᠷᠯᠢᠭ ᠰᠦᠯᠵᠢᠶᠡᠨ ᠳᠡᠭᠡᠷᠡᠬᠢ ᠵᠢᠭᠠᠨ ᠰᠤᠷᠭᠠᠯᠲᠠ ᠶᠢᠨ ᠠᠵᠢᠯᠯᠠᠭ᠎ᠠ ᠥᠷᠨᠢᠭᠦᠯᠬᠦ ᠶᠢ ᠴᠢᠩᠭ᠎ᠠ ᠴᠠᠭᠠᠵᠠᠯᠠᠵᠤ ᠬᠡᠷᠡᠭᠲᠡᠢ᠃      ᠲᠠᠪᠤ᠂ ᠰᠤᠷᠭᠠᠭᠤᠯᠢ ᠡᠬᠢᠯᠡᠭᠦᠯᠦᠭᠰᠡᠨ ᠤ ᠳᠠᠷᠠᠭᠠᠬᠢ ᠵᠢᠭᠠᠨ ᠰᠤᠷᠭᠠᠯᠲᠠ ᠪᠠ ᠭᠡᠷ ᠲᠤ ᠪᠠᠨ ᠰᠤᠷᠤᠯᠴᠠᠬᠤ ᠶᠢ ᠵᠣᠯᠭᠠᠭᠤᠯᠬᠤ ᠶᠢ ᠬᠡᠷᠬᠢᠨ ᠰᠠᠶᠢᠲᠤᠷ ᠬᠢᠬᠦ ᠪᠤᠢ︖      ᠬᠠᠷᠢᠭᠤᠯᠲᠠ᠄ ᠭᠡᠷ ᠲᠤ ᠪᠠᠨ ᠰᠤᠷᠤᠯᠴᠠᠬᠤ ᠨᠢ ᠪᠤᠰᠤᠳᠴᠢ ᠨᠥᠬᠦᠴᠡᠯ᠂ ᠰᠤᠷᠤᠭᠴᠢᠳ ᠤᠨ ᠪᠡᠶ᠎ᠡ ᠪᠠᠨ ᠳᠠᠭᠠᠭᠠᠵᠤ ᠰᠤᠷᠤᠯᠴᠠᠬᠤ ᠴᠢᠳᠠᠪᠤᠷᠢ ᠵᠡᠷᠭᠡ ᠲᠠᠯ᠎ᠠ ᠶᠢᠨ ᠰᠢᠯᠲᠠᠭᠠᠨ ᠠᠴᠠ ᠪᠣᠯᠵᠤ᠂ ᠰᠤᠷᠤᠯᠭ᠎ᠠ ᠶᠢᠨ ᠦᠷ᠎ᠡ ᠳ᠋ᠦᠩ ᠨᠢ ᠵᠦᠷᠢᠶᠡᠲᠡᠢ ᠪᠠᠶᠢᠳᠠᠭ᠃ ᠭᠡᠷ ᠤᠨ ᠰᠤᠷᠤᠯᠴᠠᠯᠭ᠎ᠠ ᠪᠠᠷ ᠰᠤᠷᠭᠠᠭᠤᠯᠢ ᠶᠢᠨ ᠬᠢᠴᠢᠶᠡᠯᠯᠡᠭᠡ ᠶᠢ ᠣᠷᠤᠯᠠᠭᠤᠯᠬᠤ ᠠᠴᠠ ᠰᠡᠷᠭᠡᠶᠢᠯᠡᠵᠦ᠂ ᠰᠤᠷᠭᠠᠭᠤᠯᠢ ᠡᠬᠢᠯᠡᠭᠦᠯᠵᠦ ᠬᠢᠴᠢᠶᠡᠯ ᠰᠡᠷᠭᠦᠭᠡᠭᠰᠡᠨ ᠤ ᠳᠠᠷᠠᠭ᠎ᠠ᠂ ᠡᠯ᠎ᠡ ᠭᠠᠵᠠᠷ ᠤᠨ ᠡᠯ᠎ᠡ ᠰᠤᠷᠭᠠᠭᠤᠯᠢ ᠨᠢ ᠰᠤᠷᠤᠭᠴᠢᠳ ᠤᠨ ᠰᠤᠷᠤᠯᠴᠠᠯᠭ᠎ᠠ ᠶᠢᠨ ᠪᠠᠶᠢᠳᠠᠯ ᠢ ᠣᠨᠣᠪᠴᠢᠲᠠᠶ ᠵᠠᠳᠠᠯᠵᠤ᠂ ᠰᠤᠷᠤᠭᠴᠢᠳ ᠤᠨ ᠭᠡᠷ ᠲᠤ ᠪᠠᠨ ᠰᠤᠷᠤᠯᠴᠠᠭᠰᠠᠨ ᠪᠠᠶᠢᠳᠠᠯ ᠢ ᠨᠠᠷᠢᠨ ᠬᠢᠨᠠᠮᠠᠭᠠᠶ ᠣᠶᠢᠯᠠᠭᠠᠵᠤ᠂ ᠰᠤᠷᠤᠯᠴᠠᠯᠭ᠎ᠠ ᠶᠢᠨ ᠴᠢᠨᠠᠷ ᠴᠢᠨᠰᠠᠭ᠎ᠠ ᠶᠢ ᠦᠨᠡᠯᠡᠨ ᠵᠢᠱᠢᠵᠦ᠂ ᠵᠢᠭᠠᠨ ᠰᠤᠷᠭᠠᠬᠤ ᠲᠥᠯᠥᠪᠯᠡᠭᠡ ᠶᠢ ᠬᠠᠨᠳᠤᠯᠭ᠎ᠠ ᠲᠠᠢ ᠪᠠᠷ ᠳᠣᠭᠲᠠᠭᠠᠬᠤ ᠬᠡᠷᠡᠭᠲᠡᠢ᠃ ᠰᠦᠯᠵᠢᠶᠡᠨ ᠳᠡᠭᠡᠷ᠎ᠡ ᠨᠢᠭᠡᠨᠲᠡ ᠰᠤᠷᠤᠯᠴᠠᠵᠤ ᠥᠩᠭᠡᠷᠡᠭᠰᠡᠨ ᠰᠤᠷᠤᠭᠴᠢᠳ ᠲᠤ᠂ ᠨᠢᠭᠡᠨᠲᠡ ᠰᠣᠷᠣᠭᠰᠠᠨ ᠠᠭᠤᠯᠭ᠎ᠠ ᠶᠢ ᠭᠤᠤᠯᠳᠠᠯᠭ᠎ᠠ ᠲᠠᠢ ᠲᠠᠶᠢᠯᠪᠤᠷᠢᠯᠠᠨ ᠳᠠᠪᠲᠠᠵᠤ᠂ ᠰᠤᠷᠤᠯᠭ᠎ᠠ ᠳᠤ ᠪᠠᠨ ᠬᠦᠴᠢᠷᠳᠡᠵᠦ ᠪᠠᠶᠢᠭ᠎ᠠ ᠰᠤᠷᠤᠭᠴᠢᠳ ᠢ ᠬᠠᠪᠰᠤᠷᠤᠨ ᠳᠡᠮᠵᠢᠬᠦ ᠡᠷᠴᠢᠮ ᠢᠶᠠᠨ ᠴᠢᠩᠭᠠᠷᠠᠭᠤᠯᠵᠤ᠂ ᠰᠤᠷᠤᠭᠴᠢ ᠨᠢᠭᠡ ᠪᠦᠷᠢ ᠳᠤ ᠨᠢᠭᠡᠨᠲᠡ ᠰᠣᠷᠣᠭᠰᠠᠨ ᠮᠡᠳᠡᠯᠭᠡ ᠶᠢᠨ ᠠᠭᠤᠯᠭ᠎ᠠ ᠶᠢ ᠨᠡᠯᠢᠶᠡᠳ ᠰᠠᠶᠢᠨ ᠡᠵᠡᠮᠰᠢᠭᠦᠯᠬᠦ ᠶᠢ ᠪᠠᠲᠤᠯᠠᠭᠰᠠᠨ ᠤ ᠳᠠᠷᠠᠭ᠎ᠠ᠂ ᠰᠢᠨ᠎ᠡ ᠬᠢᠴᠢᠶᠡᠯᠯᠡᠭᠡ ᠶᠢ ᠬᠢᠬᠦ ᠬᠡᠷᠡᠭᠲᠡᠢ︔ ᠪᠠᠭ᠎ᠠ ᠰᠤᠷᠭᠠᠭᠤᠯᠢ ᠶᠢᠨ ᠳᠣᠤᠷ᠎ᠠ ᠣᠨ ᠤ ᠰᠤᠷᠤᠭᠴᠢᠳ ᠰᠦᠯᠵᠢᠶᠡᠨ ᠳᠡᠭᠡᠷᠡᠬᠢ ᠬᠢᠴᠢᠶᠡᠯᠯᠡᠭᠡ ᠳᠤ ᠣᠷᠤᠯᠴᠠᠭᠰᠠᠨ ᠦᠭᠡᠢ ᠪᠣᠯ ᠡᠬᠢᠨ ᠠᠴᠠ ᠨᠢ ᠵᠢᠭᠠᠬᠤ ᠬᠡᠷᠡᠭᠲᠡᠶ᠃ ᠢᠯᠠᠩᠭᠤᠶ᠎ᠠ ᠬᠢᠵᠢᠭ ᠢ ᠰᠡᠷᠭᠡᠶᠢᠯᠡᠬᠦ ᠬᠤᠷᠢᠭᠯᠠᠨ ᠴᠣᠬᠢᠬᠤ ᠳᠠᠶᠢᠯᠠᠯᠳᠤᠭᠠᠨ ᠤ ᠡᠮᠦᠨ᠎ᠡ ᠹᠷᠣᠨᠲ ᠲᠤ ᠲᠡᠮᠡᠴᠡᠵᠦ ᠪᠠᠶᠢᠭ᠎ᠠ ᠬᠥᠮᠦᠰ ᠤᠨ ᠦᠷ᠎ᠡ ᠬᠡᠤᠬᠡᠳ ᠪᠣᠯᠤᠨ ᠬᠥᠳᠡᠭᠡ ᠲᠣᠰᠬᠤᠨ ᠤ ᠭᠡᠷ ᠲᠤ ᠪᠠᠨ ᠬᠤᠴᠣᠷᠤᠭᠰᠠᠨ ᠬᠡᠤᠬᠡᠳ ᠢ ᠵᠢᠯᠣᠭᠤᠳᠤᠨ ᠰᠤᠷᠤᠯᠴᠠᠭᠤᠯᠬᠤ ᠪᠠ ᠬᠠᠯᠠᠮᠵᠢᠯᠠᠨ ᠬᠠᠶᠢᠷᠠᠯᠠᠬᠤ ᠪᠠᠨ ᠴᠢᠩᠭᠠᠳᠬᠠᠬᠤ ᠬᠡᠷᠡᠭᠲᠡᠶ᠃      ᠵᠢᠷᠭᠤᠭ᠎ᠠ᠂ ᠰᠦᠯᠵᠢᠶᠡᠨ ᠳᠡᠭᠡᠷᠡᠬᠢ ᠵᠢᠭᠠᠨ ᠰᠤᠷᠭᠠᠯᠲᠠ ᠶᠢᠨ ᠶᠠᠪᠤᠴᠠ ᠳᠤ ᠢᠯᠡᠷᠡᠭᠰᠡᠨ ᠰᠦᠯᠵᠢᠶᠡᠨ ᠤ ᠲᠦᠭᠵᠢᠷᠡᠯ ᠤᠨ ᠦᠵᠡᠭᠳᠡᠯ ᠢ ᠬᠡᠷᠬᠢᠨ ᠠᠷᠭᠠᠴᠠᠬᠤ ᠪᠤᠢ︖      ᠬᠠᠷᠢᠭᠤᠯᠲᠠ᠄ ᠰᠦᠯᠵᠢᠶᠡᠨ ᠤ ᠬᠡᠪ ᠤᠨ ᠠᠵᠢᠯᠯᠠᠭ᠎ᠠ ᠶᠢ ᠪᠠᠲᠤᠯᠠᠬᠤ ᠪᠣᠯ ᠰᠦᠯᠵᠢᠶᠡᠨ ᠳᠡᠭᠡᠷᠡᠬᠢ ᠵᠢᠭᠠᠨ ᠰᠤᠷᠭᠠᠯᠲᠠ ᠶᠢ ᠪᠠᠲᠤᠯᠠᠬᠤ ᠦᠨᠳᠦᠰᠦᠨ ᠤᠷᠢᠲᠠᠯ ᠮᠥᠨ᠃ ᠮᠠᠨ ᠤ ᠤᠯᠤᠰ ᠤᠨ ᠳᠤᠮᠳᠠᠳᠤ ᠰᠤᠷᠭᠠᠭᠤᠯᠢ᠂ ᠪᠠᠭ᠎ᠠ ᠰᠤᠷᠭᠠᠭᠤᠯᠢ ᠶᠢᠨ ᠰᠤᠷᠤᠭᠴᠢ ᠶᠢᠨ ᠲᠤᠭ᠎ᠠ ᠣᠯᠠᠨ᠂ ᠡᠯ᠎ᠡ ᠭᠠᠵᠠᠷ ᠤᠨ ᠰᠦᠯᠵᠢᠶᠡᠨ ᠤ ᠰᠠᠭᠤᠷᠢ ᠨᠥᠬᠦᠴᠡᠯ ᠤᠨ ᠵᠥᠷᠢᠶ᠎ᠡ ᠨᠡᠯᠢᠶᠡᠳ ᠶᠡᠭᠡ᠂ ᠰᠤᠷᠭᠠᠭᠤᠯᠢ ᠡᠬᠢᠯᠡᠭᠦᠯᠬᠦ ᠶᠢ ᠬᠤᠶᠢᠰᠢᠯᠠᠭᠤᠯᠤᠭᠰᠠᠨ ᠠᠳᠠᠯᠢ ᠨᠢᠭᠡᠨ ᠬᠤᠭᠤᠴᠠᠭᠠᠨ ᠳᠤ ᠰᠦᠯᠵᠢᠶᠡᠨ ᠳᠡᠭᠡᠷ᠎ᠡ ᠲᠦᠪᠯᠡᠷᠡᠭᠦᠯᠦᠨ ᠰᠤᠷᠤᠯᠴᠠᠭᠤᠯᠤᠭᠰᠠᠨ ᠠᠴᠠ ᠰᠦᠯᠵᠢᠶᠡᠨ ᠤ ᠲᠦᠭᠵᠢᠷᠡᠯ ᠡᠭᠦᠰᠴᠡᠢ᠃ ᠡᠯ᠎ᠡ ᠭᠠᠵᠠᠷ ᠤᠨ ᠬᠢᠨ ᠠᠵᠤ‌ᠦᠢᠯᠡᠳᠪᠦᠷᠢ ᠪᠠ ᠰᠤᠷᠠᠭ ᠵᠠᠩᠭᠢᠵᠢᠯᠲᠠ ᠶᠢᠨ ᠰᠠᠯᠠᠭ᠎ᠠ ᠮᠥᠴᠢᠷ ᠵᠢᠴᠢ ᠰᠦᠯᠵᠢᠶᠡᠨ ᠤ ᠠᠵᠤ ᠠᠬᠤᠶᠢᠯᠠᠯ ᠲᠠᠢ ᠵᠣᠬᠢᠴᠠᠭᠤᠯᠬᠤ ᠡᠷᠴᠢᠮ ᠢᠶᠠᠨ ᠴᠢᠩᠭᠠᠷᠠᠭᠤᠯᠵᠤ᠂ ᠢᠳᠡᠪᠬᠢᠲᠡᠢ ᠳᠡᠮᠵᠢᠯᠭᠡ ᠣᠯᠬᠤ ᠬᠡᠷᠡᠭᠲᠡᠶ᠃ ᠲᠤᠰ ᠭᠠᠵᠠᠷ ᠤᠨ ᠪᠠᠶᠢᠳᠠᠯ ᠳᠤ ᠪᠠᠨ ᠲᠣᠬᠢᠷᠠᠭᠤᠯᠵᠤ᠂ ᠪᠣᠳᠠᠲᠠᠢ ᠠᠴᠠ ᠡᠭᠦᠰᠴᠦ᠂ ᠲᠤᠬᠠᠶ ᠶᠢᠨ ᠭᠠᠵᠠᠷ ᠤᠨ ᠰᠦᠯᠵᠢᠶᠡᠨ ᠤ ᠪᠠᠶᠢᠳᠠᠯ᠂ ᠦᠢᠯᠡᠴᠢᠯᠡᠭᠡᠨ ᠤ ᠴᠢᠳᠠᠮᠵᠢ᠂ ᠰᠣᠷᠣᠭᠴᠢ ᠶᠢᠨ ᠲᠠᠷᠬᠠᠯᠲᠠ ᠵᠡᠷᠭᠡ ᠶᠢ ᠦᠨᠳᠦᠰᠦᠯᠡᠨ ᠵᠠᠳᠠᠯᠤᠯᠲᠠ ᠪᠠ ᠰᠣᠳᠤᠯᠤᠯ ᠮᠠᠭᠠᠳᠯᠠᠯᠲᠠ ᠶᠢ ᠰᠠᠶᠢᠲᠤᠷ ᠬᠢᠵᠦ᠂ ᠰᠦᠯᠵᠢᠶᠡᠨ ᠳᠤ  ᠭᠠᠷᠬᠤ ᠶᠢ ︽ᠣᠯᠠᠨ ᠤ ᠤᠷᠤᠰᠬᠠᠯ  ᠵᠦᠷᠢᠭᠦᠯᠦᠨ︾ ᠴᠢᠭᠯᠡᠯ ᠲᠠᠢ ᠵᠢᠯᠣᠭᠤᠳᠬᠤ ᠬᠡᠷᠡᠭᠲᠡᠶ᠃      ᠳᠣᠯᠤᠭ᠎ᠠ᠂ ᠣᠳᠣᠬᠠᠨ ᠤ ᠰᠤᠷᠭᠠᠭᠤᠯᠢ ᠶᠢᠨ ᠭᠠᠳᠠᠨᠠᠬᠢ ᠪᠣᠯᠪᠠᠰᠤᠷᠠᠭᠤᠯᠤᠯ ᠤᠨ ᠪᠠᠶᠢᠭᠤᠯᠤᠮᠵᠢ ᠶᠢᠨ ᠪᠣᠯᠪᠠᠰᠤᠷᠠᠭᠤᠯᠤᠯ ᠤᠨ ᠠᠵᠢᠯᠯᠠᠭ᠎ᠠ ᠶᠢ ᠬᠡᠷᠬᠢᠨ ᠳᠦᠷᠢᠮᠵᠢᠭᠦᠯᠬᠦ ᠪᠣᠶ︖      ᠬᠠᠷᠢᠭᠤᠯᠲᠠ᠄ ᠰᠢᠨ᠎ᠡ ᠳᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠢ ᠰᠠᠶᠢᠲᠤᠷ ᠬᠢᠬᠦ ᠪᠣᠯ ᠣᠳᠣᠬᠠᠨ ᠤ ᠲᠡᠷᠢᠭᠦᠨ ᠴᠢᠬᠤᠯᠠ ᠡᠭᠦᠷᠭᠡ ᠪᠣᠯᠤᠨ᠎ᠠ᠃ ᠰᠤᠷᠭᠠᠭᠤᠯᠢ ᠶᠢᠨ ᠭᠠᠳᠠᠨᠠᠬᠢ ᠪᠣᠯᠪᠠᠰᠤᠷᠠᠭᠤᠯᠤᠯ ᠤᠨ ᠪᠠᠶᠢᠭᠤᠯᠤᠮᠵᠢ ᠡᠷᠬᠡᠪᠰᠢ ᠡᠯ᠎ᠡ ᠭᠠᠵᠠᠷ ᠤᠨ ᠱᠠᠭᠠᠷᠳᠠᠯᠭ᠎ᠠ ᠶᠢ ᠦᠨᠳᠦᠰᠦᠯᠡᠨ᠂ ᠰᠦᠯᠵᠢᠶᠡᠨ ᠭᠠᠳᠠᠨᠠᠬᠢ ᠪᠣᠯᠪᠠᠰᠤᠷᠠᠭᠤᠯᠤᠯ ᠤᠨ ᠠᠵᠢᠯᠯᠠᠭ᠎ᠠ ᠪᠠᠨ ᠵᠣᠭᠰᠣᠭᠠᠵᠤ᠂ ᠳᠤᠷ᠎ᠠ ᠪᠠᠷ ᠢᠶᠠᠨ ᠬᠢᠴᠢᠶᠡᠯ ᠡᠬᠢᠯᠡᠭᠦᠯᠵᠦ ᠰᠤᠷᠤᠭᠴᠢᠳ ᠤᠨ ᠴᠤᠭᠯᠠᠷᠠᠯ ᠢ ᠪᠣᠶ ᠪᠣᠯᠭᠠᠵᠤ ᠪᠣᠯᠬᠤ ᠥᠬᠡᠶ ᠪᠠᠶᠢᠵᠤ᠂ ᠬᠢᠵᠢᠭ ᠳᠡᠯᠭᠡᠷᠡᠬᠦ ᠠᠴᠠ ᠴᠢᠩᠭ᠎ᠠ ᠰᠡᠷᠭᠡᠶᠢᠯᠡᠬᠦ ᠬᠡᠷᠡᠭᠲᠡᠶ᠃ ᠰᠦᠯᠵᠢᠶᠡᠨ ᠳᠡᠭᠡᠷᠡᠬᠢ ᠪᠣᠯᠪᠠᠰᠤᠷᠠᠭᠤᠯᠤᠯ ᠤᠨ ᠠᠵᠢᠯᠯᠠᠭ᠎ᠠ ᠶᠢ ᠳᠦᠷᠢᠮᠵᠢᠭᠦᠯᠵᠦ᠂ ᠪᠠᠷᠢᠮᠵᠢᠶᠠᠨ ᠠᠴᠠ ᠬᠡᠲᠦᠷᠡᠭᠦᠯᠦᠨ ᠤᠷᠢᠳᠴᠢᠯᠠᠬᠤ᠂ ᠰᠢᠯᠭᠠᠯᠲᠠ ᠶᠢ ᠠᠷᠭᠠᠴᠠᠭᠠᠬᠤ ᠪᠠᠷ ᠤᠳᠤᠷᠢᠳᠤᠮᠵᠢ ᠪᠣᠯᠭᠠᠬᠤ᠂ ᠬᠤᠳᠠᠯ ᠬᠠᠭᠤᠷᠮᠠᠭ ᠢᠶᠠᠷ ᠤᠬᠠᠭᠤᠯᠬᠤ᠂ ᠵᠣᠪᠠᠨᠢᠯ ᠭᠠᠷᠭᠠᠬᠤ ᠵᠡᠷᠭᠡ ᠬᠠᠤᠯᠢ ᠳᠦᠷᠢᠮ ᠠᠴᠠ ᠵᠥᠷᠢᠴᠡᠭᠰᠡᠨ ᠦᠢᠯᠡ ᠠᠵᠢᠯᠯᠠᠭ᠎ᠠ ᠶᠢ ᠴᠢᠩᠭ᠎ᠠ ᠪᠠᠶᠢᠴᠠᠭᠠᠨ ᠰᠢᠢᠳᠪᠦᠷᠢᠯᠡᠬᠦ ᠬᠡᠷᠡᠭᠲᠡᠶ᠃ ᠡᠯ᠎ᠡ ᠭᠠᠵᠠᠷ ᠤᠨ ᠰᠤᠷᠭᠠᠨ ᠬᠥᠮᠦᠵᠢᠯ ᠤᠨ ᠰᠠᠯᠠᠭ᠎ᠠ ᠮᠥᠴᠢᠷ ᠪᠣᠯᠤᠨ ᠰᠤᠷᠭᠠᠭᠤᠯᠢ ᠨᠤᠭᠤᠳ ᠬᠠᠷᠢᠭᠤᠴᠠᠯᠭ᠎ᠠ ᠪᠠᠨ ᠦᠨᠡᠨ ᠬᠦ ᠡᠭᠦᠷᠭᠡᠯᠡᠵᠦ᠂ ︽ᠬᠢᠴᠢᠶᠡᠯ  ᠵᠣᠭᠰᠤᠪᠠᠴᠤ ᠰᠤᠷᠤᠯᠭ᠎ᠠ ᠵᠣᠭᠰᠤᠬᠤ ᠦᠭᠡᠢ︾ ᠶᠢᠨ ᠬᠤᠯᠪᠣᠭᠳᠠᠯ ᠪᠦᠬᠦᠢ ᠠᠵᠢᠯ ᠢ ᠰᠠᠶᠢᠲᠤᠷ ᠬᠢᠬᠦ ᠬᠡᠷᠡᠭᠲᠡᠶ᠃
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map