ᠮᠤᠩᠭᠤᠯᠴᠤᠳ ᠤᠨ ᠶᠠᠰᠤ ᠮᠦᠯᠵᠢᠭᠦ ᠭᠢᠭᠡᠳ ᠳᠡᠭᠦᠨ ᠲᠠᠢ ᠬᠤᠯᠪᠤᠭᠳᠠᠭᠰᠠᠨ ᠴᠡᠭᠡᠷ ᠶᠤᠰᠤᠨ ᠤ ᠰᠤᠶᠤᠯ
ᠨᠡᠶᠢᠲᠡᠯᠡᠭᠰᠡᠨ ᠴᠠᠭ᠄
2020/1/20
                            ᠳᠦᠯᠭᠡᠴᠢᠨ · ᠪᠠᠳᠤᠬᠡᠰᠢᠭ      ᠮᠤᠩᠭᠤᠯᠴᠤᠳ ᠡᠷᠳᠡ ᠢᠵᠠᠭᠤᠷ ᠠᠴᠠ ᠪᠠᠨ ᠳᠠᠪᠤᠨ ᠬᠤᠰᠢᠭᠤ ᠮᠠᠯ ᠢ ᠭᠠᠷᠰᠢᠭᠤᠯᠤᠨ ᠳᠠᠰᠬᠠᠭᠰᠠᠨ ᠪᠠ ᠤᠷᠳᠤ ᠤᠳᠠᠭᠠᠨ ᠬᠤᠭᠤᠴᠠᠭᠠᠨ ᠤ ᠮᠠᠯᠵᠢᠬᠤ ᠶᠠᠪᠤᠴᠠ ᠳᠤ ᠪᠠᠨ ᠮᠠᠯ ᠠᠵᠤ ᠠᠬᠤᠢ ᠶᠢᠨ ᠠᠷᠠᠴᠢᠯᠠᠯ ᠳᠤᠳᠤᠮᠯᠠᠯ ᠤᠨ ᠠᠷᠭ᠎ᠠ ᠮᠡᠷᠭᠡᠵᠢᠯ᠂ ᠮᠠᠯᠵᠢᠯ ᠤᠨ ᠤᠨᠴᠠᠯᠢᠭ ᠭᠡᠯᠪᠡᠷᠢ᠂ ᠠᠡᠭ ᠠᠩᠨᠠᠯ᠂ ᠡᠭᠡ ᠪᠠᠶᠢᠭᠠᠯᠢ ᠶᠢᠨ ᠤᠯᠠᠷᠢᠨ ᠬᠤᠪᠢᠷᠠᠬᠤ ᠵᠢᠮ᠎ᠡ ᠶᠤᠰᠤ ᠁ ᠵᠡᠷᠭᠡ ᠶᠢᠨ ᠳᠤᠬᠠᠢ ᠮᠠᠰᠢ ᠦᠷᠭᠡᠨ ᠳᠡᠯᠭᠡᠷ ᠮᠡᠳᠡᠯᠭᠡ ᠳᠤᠷᠰᠢᠯᠭ᠎ᠠ ᠶᠢ ᠬᠤᠷᠠᠮᠳᠤᠭᠤᠯᠤᠨ᠂ ᠡᠷᠭᠢᠮ ᠨᠠᠨᠳᠢᠨ ᠦᠪ ᠰᠤᠶᠤᠯ᠂ ᠰᠢᠯᠢᠳᠡᠭ ᠰᠠᠶᠢᠬᠠᠨ ᠠᠮᠢᠳᠤᠷᠠᠯ ᠤᠨ ᠶᠤᠰᠤ ᠵᠠᠩᠰᠢᠯ ᠢ ᠡᠭᠦᠳᠤᠨ ᠪᠦᠳᠤᠭᠡᠵᠤ᠂ ᠦᠶ᠎ᠡ ᠶᠢᠨ ᠦᠶ᠎ᠡ ᠳᠤ ᠪᠠᠨ ᠦᠷ᠎ᠡ ᠬᠤᠶᠢᠴᠢᠰ ᠲᠤ ᠪᠠᠨ ᠦᠪᠯᠡᠨ ᠦᠯᠡᠳᠡᠭᠡᠵᠤ᠂ ᠴᠢᠩᠭ᠎ᠠ ᠵᠢᠷᠤᠮᠯᠠᠨ ᠤᠯᠠᠮᠵᠢᠯᠠᠨ ᠪᠠᠶᠠᠯᠢᠬᠵᠢᠭᠤᠯᠤᠭᠰᠠᠭᠠᠷ ᠢᠷᠡᠭᠰᠡᠨ ᠪᠠᠶᠢᠨ᠎ᠠ᠃ ᠮᠤᠩᠭᠤᠯᠴᠤᠳ ᠮᠠᠯ ᠠᠬᠤᠢ ᠪᠠᠨ ᠨᠢᠳᠤᠨ‌‍ᠤ ᠴᠡᠴᠡᠭᠡᠢ ᠮᠡᠳᠤ ᠡᠨᠡᠷᠢᠨ ᠬᠠᠶᠢᠷᠠᠯᠠᠵᠤ ᠦᠰᠭᠡᠨ ᠪᠤᠶᠢᠵᠢᠭᠤᠯᠳᠠᠭ ᠤᠴᠢᠷ ᠠᠴᠠ ᠮᠠᠯ ᠢ ᠵᠠᠷᠤᠬᠤ ᠳᠤ ᠪᠠᠨ ᠦᠭᠦᠴᠡᠯᠡᠭᠦ᠂ ᠱᠦᠯᠤ ᠤᠤᠭᠤᠬᠤ ᠪᠤᠶᠤ ᠭᠠᠷᠭᠠᠬᠤ ᠁ ᠭᠡᠭᠦ ᠵᠡᠷᠭᠡ ᠪᠠᠷ ᠭᠡᠯᠡᠵᠦ᠂ ᠠᠯᠠᠬᠤ᠂ ᠭᠢᠳᠤᠬᠤ ᠮᠡᠳᠤ ᠶᠢᠨ ᠪᠦᠳᠤᠭᠦᠯᠢᠭ ᠭᠡᠯᠡ ᠭᠡᠯᠡᠯᠭᠡ ᠶᠢ ᠴᠢᠩᠭ᠎ᠠ ᠴᠡᠭᠡᠷᠯᠡᠳᠡᠭ ᠶᠤᠰᠤᠨ ᠪᠤᠢ᠃ ᠡ᠊ᠨᠳᠡ ᠵᠦᠪᠬᠡᠨ ᠮᠤᠩᠭᠤᠯᠴᠤᠳ ᠤᠨ ᠮᠠᠯ ᠤᠨ ᠮᠢᠬ᠎ᠠ ᠶᠢ ᠮᠦᠴᠢᠯᠡᠭᠦ᠂ ᠴᠢᠨᠠᠭᠰᠠᠨ ᠤ ᠬᠤᠶᠢᠨ᠎ᠠ ᠶᠠᠰᠤ ᠮᠦᠯᠵᠢᠭᠦ ᠪᠠ ᠲᠡᠭᠦᠨ ᠲᠠᠢ ᠬᠤᠯᠪᠤᠭᠳᠠᠭᠰᠠᠨ ᠴᠡᠭᠡᠷ ᠶᠤᠰᠤᠨ ᠭᠢᠭᠡᠳ ᠵᠠᠩ ᠤᠶᠢᠯᠡ ᠶᠢᠨ ᠳᠤᠬᠠᠢ ᠶᠠᠷᠢᠶ᠎ᠠ᠃      ᠮᠤᠩᠭᠤᠯᠴᠤᠳ ᠠᠵᠢᠯᠴᠢ ᠭᠦᠳᠡᠯᠮᠤᠷᠢᠴᠢ ᠮᠦᠷᠳᠡᠭᠡᠨ ᠭᠦᠳᠡᠯᠮᠤᠷᠢ ᠶᠢᠨ ᠦᠷ᠎ᠡ ᠪᠦᠳᠤᠭᠡᠯ‌‍ᠢᠶ᠋ᠠᠨ ᠮᠠᠰᠢ ᠨᠠᠨᠳᠢᠭᠡᠨᠡ ᠬᠠᠶᠢᠷᠠᠯᠠᠳᠠᠭ ᠦᠨᠳᠤᠰᠤᠳᠡᠨ ᠪᠢᠯᠡ᠃ ᠡᠶᠢᠮᠤ ᠠᠴᠠ ᠮᠠᠯ ᠤᠨ ᠪᠤᠶᠤ ᠠᠡᠭ ᠭᠦᠷᠤᠭᠡᠰᠤ ᠶᠢᠨ ᠮᠢᠬ᠎ᠠ ᠶᠢ ᠢᠳᠡᠭᠦ ᠳᠤ ᠪᠠᠨ ᠴᠦ ᠭᠡᠰᠢᠭ ᠢ ᠨᠢ ᠲᠡᠭᠷᠢ ᠭᠠᠵᠠᠷ᠂ ᠭᠠᠯ ᠳᠤᠯᠭ᠎ᠠ ᠳᠤ ᠪᠠᠨ ᠡᠷᠭᠦᠭᠦ᠂ ᠶᠠᠰᠤ ᠶᠢ ᠨᠢ ᠴᠡᠪᠡᠷ ᠴᠡᠮᠴᠡᠭᠡᠷ ᠮᠦᠯᠵᠢᠵᠤ ᠳᠠᠯᠪᠢᠳᠠᠭ ᠵᠠᠩ ᠵᠠᠩᠰᠢᠯ ᠲᠠᠢ᠃ ᠨᠡᠩ ᠴᠦ ᠨᠠᠮᠤᠷ ᠡᠪᠤᠯ ᠤᠨ ᠴᠢᠨᠠᠵᠤ ᠢᠳᠡᠭᠰᠡᠨ ᠶᠠᠰᠤ ᠪᠠᠨ ᠴᠡᠪᠡᠷᠭᠡᠨ ᠬᠤᠷᠢᠶᠠᠵᠤ ᠬᠠᠩᠰᠢ ᠠᠴᠠ ᠡᠮᠤᠨ᠎ᠡ ᠵᠢᠵᠢᠭᠬᠡᠨ ᠭᠡᠰᠡᠭᠯᠡᠨ ᠪᠠᠯᠪᠠᠯᠠᠵᠤ ᠴᠢᠨᠠᠭᠠᠳ ᠳᠤᠰᠤ ᠶᠢ ᠨᠢ ᠠᠪᠴᠤ ᠱᠦᠯᠤ ᠶᠢ ᠨᠢ ᠤᠤᠭᠤᠳᠠᠭ ᠮᠦᠷᠳᠡᠭᠡᠨ ᠶᠠᠳᠠᠷ ᠳᠤᠷᠤᠢ ᠮᠠᠯ ᠳᠤ ᠪᠠᠨ ᠦᠭᠭᠦ ᠶᠤᠰᠤ ᠪᠠᠶᠢᠳᠠᠭ᠃ ︽ᠮᠢᠬ᠎ᠠ ᠶᠢ ᠮᠢᠨᠢ ᠢᠳᠡᠭᠦ ᠪᠠᠷ ᠢᠳᠡ︕ ᠶᠠᠰᠤ ᠶᠢ ᠮᠢᠨᠢ ᠰᠠᠶᠢᠬᠠᠨ ᠮᠦᠯᠵᠢᠵᠤ ᠳᠠᠯᠪᠢ︾ ᠭᠡᠵᠤ ᠮᠠᠯ ᠨᠢ ᠡᠵᠡᠨ ᠳᠤ ᠪᠠᠨ ᠭᠤᠶᠤᠨ ᠳᠠᠭᠠᠳᠬᠠᠳᠠᠭ ᠭᠡᠳᠡᠭ ᠭᠡᠯᠡᠯᠭᠡ ᠪᠠᠶᠢᠳᠠᠭ ᠠᠴᠠ ᠡᠵᠡᠨ ᠨᠢ ᠴᠦ ᠠᠯᠢ ᠪᠤᠯᠬᠤᠷ ᠴᠡᠪᠡᠷ ᠠᠷᠢᠭᠤᠨ ᠰᠢᠢᠳᠪᠦᠷᠢᠯᠡᠳᠡᠭ ᠪᠠᠶᠢᠨ᠎ᠠ᠃ ᠮᠤᠩᠭᠤᠯᠴᠤᠳ ᠠᠯᠢ ᠴᠦ ᠴᠠᠭ ᠦᠶ᠎ᠡ ᠳᠤ ᠮᠠᠯ ᠵᠠᠷᠤᠬᠤ ᠳᠤ ᠪᠠᠨ ᠶᠡᠷᠤ ᠠᠴᠠ ᠦᠶ᠎ᠡ ᠮᠦᠴᠢ ᠪᠠᠷ ᠨᠢ ᠨᠠᠷᠢᠯᠢᠬ ᠦᠶᠡᠯᠡᠨ ᠰᠠᠯᠭᠠᠵᠤ᠂ ᠭᠦᠵᠤᠭᠦᠤ᠂ ᠰᠤᠭᠤ ᠴᠠᠪᠢ ᠶᠢᠨ ᠪᠤᠯᠴᠢᠷᠬᠠᠢ ᠶᠢ ᠰᠠᠶᠢᠬᠠᠨ ᠠᠪᠴᠤ ᠬᠠᠶᠠᠳᠠᠭ᠃ ᠮᠦᠨ ᠴᠦ ᠮᠦᠴᠢ ᠪᠦᠷᠢ ᠠᠴᠠ ᠳᠡᠭᠡᠵᠢᠯᠡᠨ ᠲᠡᠭᠷᠢ ᠭᠠᠵᠠᠷ᠂ ᠳᠡᠭᠡᠳᠤᠰ ᠤᠨ ᠰᠦᠭ ᠰᠦᠨᠡᠰᠤ ᠳᠤ ᠡᠷᠭᠦᠵᠤ᠂ ᠢᠷᠤᠭᠡᠯ ᠳᠠᠭᠠᠳᠬᠠᠯ ᠬᠢᠬᠦ ᠪᠦᠭᠡᠳ ᠪᠡᠯᠭᠡ ᠳᠡᠮᠪᠡᠷᠢᠯ ᠦᠭᠡᠢ ᠵᠦᠢᠯ ᠢ ᠴᠢᠩᠭ᠎ᠠ ᠴᠡᠭᠡᠷᠯᠡᠳᠡᠭ ᠨᠢ ᠮᠤᠩᠭᠤᠯᠴᠤᠳ ᠤᠨ ᠭᠦᠳᠡᠯᠮᠤᠷᠢ ᠶᠢᠨ ᠦᠷ᠎ᠡ ᠪᠦᠳᠤᠭᠡᠯ ᠢᠶᠠᠨ ᠬᠠᠶᠢᠷᠠᠯᠠᠬᠤ ᠪᠠᠷ ᠪᠠᠷᠠᠬᠤ ᠦᠭᠡᠢ ᠲᠡᠭᠷᠢ ᠭᠠᠵᠡᠷ᠂ ᠡᠭᠡ ᠪᠠᠶᠢᠭᠠᠯᠢ ᠠᠴᠠ ᠢᠪᠡᠭᠡᠭᠰᠡᠨ ᠮᠠᠯ ᠤᠨ ᠭᠡᠰᠢᠭ ᠪᠤᠶᠠᠨ ᠢᠶᠠᠨ ᠳᠡᠭᠡᠳᠤᠯᠡᠵᠤ᠂ ᠬᠠᠶᠢᠷᠠᠯᠠᠬᠤ ᠬᠠᠮᠠᠭᠠᠯᠠᠬᠤ ᠭᠢᠭᠡᠳ ᠡᠷᠡᠭᠦᠯ ᠡᠩᠭᠡ᠂ ᠠᠮᠤᠷ ᠳᠠᠶᠢᠪᠤᠡᠭ ᠠᠮᠢᠳᠤᠷᠠᠯ ᠢ ᠭᠦᠰᠠᠮᠵᠢᠯᠡᠨ᠂ ᠤᠷᠴᠢᠨ ᠳᠤᠭᠤᠷᠢᠨ ᠢᠶᠠᠨ ᠴᠡᠪᠡᠷ ᠠᠷᠢᠭᠤᠨ ᠪᠠᠶᠢᠯᠭᠠᠬᠤ ᠶᠢ ᠡᠷᠭᠢᠮᠯᠡᠨ᠂ ᠭᠦᠮᠤᠨ ᠵᠤᠨ ᠨᠢ ᠪᠠᠶᠢᠭᠠᠯᠢ ᠲᠠᠢ ᠪᠠᠨ ᠬᠠᠮᠤᠭ ᠳᠡᠭᠡᠳᠤ ᠭᠡᠮᠵᠢᠶ᠎ᠡ ᠪᠠᠷ ᠵᠤᠭᠢᠴᠠᠨ᠂ ᠤᠭᠢ ᠰᠠᠶᠢᠨ ᠰᠢᠮ᠎ᠡ ᠲᠡᠵᠢᠭᠡᠯ ᠢ ᠭᠦᠷᠳᠡᠨ ᠠᠮᠢᠳᠤᠷᠠᠭᠰᠠᠨ ᠤ ᠭᠢᠨᠢ ᠪᠤᠳᠠᠳᠤ ᠢᠯᠡᠷᠡᠯ ᠪᠤᠯᠬᠤ ᠶᠤᠮ᠃ ︽ᠶᠠᠰᠤ ᠮᠦᠯᠵᠢᠭᠡᠳ ᠴᠠᠳᠬᠤ ᠦᠭᠡᠢ᠂ ᠶᠠᠯ᠎ᠠ ᠢᠳᠡᠭᠡᠳ ᠪᠠᠶᠠᠵᠢᠬᠤ ᠦᠭᠡᠢ︾ ᠭᠡᠳᠡᠭ ᠪᠤᠯᠪᠠᠴᠤ ᠢᠳᠡᠰᠢᠨ ᠮᠠᠯ ᠤᠨ ᠶᠠᠰᠤ ᠶᠢ ᠮᠦᠯᠵᠢᠭᠦ ᠨᠢ ᠮᠤᠩᠭᠤᠯᠴᠤᠳ ᠤᠨ ᠨᠢᠭᠡ ᠶᠤᠰᠤᠨ ᠤ ᠴᠢᠬᠤᠯᠠ ᠡᠭᠦᠷᠭᠡ ᠪᠠ ᠠᠮᠢᠳᠤᠷᠠᠯ ᠤᠨ ᠭᠢᠨᠢ ᠵᠠᠩ ᠳᠠᠳᠬᠠᠯ ᠪᠤᠯᠵᠤ ᠭᠡᠪᠰᠢᠭᠰᠡᠨ ᠪᠠᠶᠢᠨ᠎ᠠ᠃      ᠤᠤᠯ ᠳᠤ ᠪᠠᠨ ᠮᠤᠩᠭᠤᠯᠴᠤᠳ ᠤᠨ ᠡᠳᠤᠷ ᠳᠤᠳᠤᠮ ᠤᠨ ᠢᠳᠡᠭᠡᠨ ᠨᠢ ᠦᠨᠳᠤᠰᠤᠨ ᠳᠤ ᠪᠠᠨ ᠮᠢᠬ᠎ᠠ ᠪᠠᠷ ᠭᠤᠤᠯ ᠪᠤᠯᠭᠠᠳᠠᠭ ᠪᠠᠶᠢᠵᠠᠢ᠃ ᠤᠯᠠᠩᠭᠢ ᠳᠤ ᠪᠠᠨ ᠮᠠᠯ ᠤᠨ ᠮᠢᠬ᠎ᠠ᠂ ᠠᠡᠭ ᠤᠨ ᠮᠢᠬ᠎ᠠ ᠭᠡᠳ ᠵᠢᠯ ᠤᠨ ᠳᠦᠷᠪᠡᠨ ᠤᠯᠠᠷᠢᠯ ᠳᠤ ᠪᠠᠷᠤᠭ ᠤᠯᠠᠭᠠᠨ ᠴᠠᠭᠠᠨ ᠢᠳᠡᠭᠡᠨ ᠢᠶᠠᠷ ᠦᠩᠭᠡᠷᠡᠭᠡᠵᠤ ᠪᠠᠶᠢᠭᠰᠠᠨ ᠳᠤᠬᠠᠢ ᠡᠯᠪᠡᠭ ᠳᠡᠯᠪᠡᠭ ᠲᠡᠮᠳᠡᠭᠯᠡᠯ ᠪᠤᠢ᠃ ᠮᠠᠯ ᠤᠨ ᠮᠢᠬ᠎ᠠ᠂ ᠠᠡᠭ ᠤᠨ ᠮᠢᠬ᠎ᠠ ᠶᠢ ᠢᠳᠡᠭᠦ ᠳᠤ ᠮᠠᠰᠢ ᠤᠯᠠᠨ ᠭᠡᠯᠡᠴᠡ ᠪᠤᠶᠤ ᠴᠡᠭᠡᠷ ᠶᠤᠰᠤ ᠲᠠᠢ ᠪᠠᠶᠢᠳᠠᠭ ᠪᠠ ᠮᠠᠯ ᠤᠨ ᠶᠠᠰᠤ ᠪᠦᠷᠢ ᠳᠤ ᠲᠤᠬᠢᠷᠠᠭᠰᠠᠨ ᠭᠡᠯᠡ ᠭᠡᠯᠡᠯᠭᠡ᠂ ᠴᠡᠭᠡᠷ ᠶᠤᠰᠤᠨ ᠪᠠᠶᠢᠳᠠᠭ ᠤᠴᠢᠷ ᠠᠴᠠ ᠶᠠᠰᠤ ᠶᠢ ᠨᠠᠷᠢᠯᠢᠬ ᠰᠠᠶᠢᠬᠠᠨ ᠮᠦᠯᠵᠢᠭᠦ ᠭᠡᠷᠡᠭᠳᠡᠢ ᠪᠠᠶᠢᠳᠠᠭ᠃ ᠶᠠᠰᠤ ᠮᠦᠯᠵᠢᠨ᠎ᠠ ᠭᠡᠳᠡᠭ ᠨᠢ ᠭᠡᠯᠡᠭᠦ ᠳᠤ ᠠᠮᠠᠷᠬᠠᠨ᠂ ᠭᠢᠭᠦ ᠳᠤ ᠭᠦᠴᠢᠷ ᠠᠵᠢᠯ ᠪᠤᠯᠤᠨ᠎ᠠ᠃ ᠮᠠᠯ ᠤᠨ ᠳᠤᠯᠤᠭᠠᠢ ᠰᠢᠭᠢᠷ᠎ᠡ ᠨᠢ ᠡᠯᠪᠡᠭ ᠪᠠᠶᠠᠯᠢᠭ ᠰᠢᠮ᠎ᠡ ᠳᠡᠵᠢᠭᠡᠯ ᠲᠠᠢ ᠳᠤᠯᠠ ᠮᠠᠰᠢ ᠭᠦᠨᠳᠤᠳᠭᠡᠳᠡᠭ᠃ ᠨᠡᠩ ᠴᠦ ᠰᠢᠭᠦᠰᠤᠨ ᠤ ᠳᠤᠯᠤᠭᠠᠢ ᠶᠢ ᠮᠠᠩᠨᠠᠢ ᠳᠡᠭᠡᠷ᠎ᠡ ᠨᠢ ᠰᠠᠷᠠᠨ ᠭᠡᠯᠪᠡᠷᠢ ᠲᠠᠢ ᠭᠦᠨᠳᠡᠭᠡᠳ ᠳᠡᠭᠡᠷ᠎ᠡ ᠨᠢ ᠰᠢᠷ᠎ᠠ ᠳᠤᠰᠤ ᠪᠤᠶᠤ ᠤᠭᠤᠷᠠᠭ ᠰᠡᠭᠦᠯ ᠠᠴᠠ ᠨᠢ ᠪᠢᠴᠢᠬᠠᠨ ᠬᠠᠯᠢᠵᠤ ᠤᠭᠳᠤᠯᠳ ᠳᠠᠯᠪᠢᠵᠤ᠂ ᠳᠦᠷᠤᠯ ᠳᠠᠶᠠᠭᠠᠷ ᠲᠤ ︽ᠳᠦᠭᠡᠯ︾ ᠭᠡᠮᠡᠨ ᠠᠮᠰᠠᠭᠤᠯᠳᠠᠭ ᠶᠤᠰᠤᠳᠠᠢ ᠪᠢᠯᠡ᠃ ᠳᠤᠯᠤᠭᠠᠢ ᠶᠢ ᠭᠠᠯ ᠳᠤ ᠬᠤᠶᠢᠬᠠᠯᠠᠬᠤ ᠪᠤᠶᠤ ᠪᠤᠴᠠᠯᠤᠭᠰᠠᠨ ᠤᠰᠤ ᠪᠠᠷ ᠵᠤᠮᠠᠯᠳᠠᠭ᠃ ᠳᠤᠯᠤᠭᠠᠢ ᠶᠢ ᠴᠢᠨᠠᠬᠤ ᠳᠤ ᠪᠠᠨ ︽ᠳᠤᠯᠤᠭᠠᠢ ᠰᠢᠭᠢᠷ᠎ᠡ ᠲᠠᠢ ᠪᠠᠨ ᠳᠤᠭᠤᠭ᠎ᠠ ᠳᠦᠭᠦᠷᠤᠨ᠎ᠡ︾ ᠭᠡᠮᠠᠨ ᠪᠠᠯᠭᠡᠰᠢᠶᠡᠨ ᠢᠷᠤᠭᠡᠳᠡᠭ᠃ ᠳᠤᠯᠤᠭᠠᠢ ᠢᠳᠡᠭᠦ ᠶᠢ ᠮᠤᠩᠭᠤᠯᠴᠤᠳ ᠮᠠᠰᠢ ᠡᠷᠭᠢᠮᠯᠡᠨ ᠭᠦᠨᠳᠤᠳᠭᠡᠳᠡᠭ ᠤᠴᠢᠷ ᠴᠡᠪᠡᠷ ᠰᠠᠶᠢᠬᠠᠨ ᠮᠦᠯᠵᠢᠵᠤ ᠰᠠᠳᠠᠷᠬᠠᠢ᠂ ᠳᠠᠷᠢᠭᠢ ᠭᠡᠳ ᠤᠷᠭᠢᠯ ᠦᠭᠡᠢ ᠢᠳᠡᠳᠡᠭ᠂ ᠬᠠᠷᠢᠨ ᠴᠢᠭᠢ᠂ ᠨᠢᠳᠤ ᠶᠢ ᠬᠤᠪᠢᠶᠠᠵᠤ ᠢᠳᠡᠭᠦ ᠶᠢ ᠴᠡᠭᠡᠷᠯᠡᠨ᠎ᠡ᠃ ᠠᠶᠠᠨ ᠵᠢᠩ ᠪᠤᠶᠤ ᠵᠠᠮ ᠤᠨ ᠭᠦᠮᠤᠨ ᠳᠤ ᠴᠢᠨᠠᠭᠰᠠᠨ ᠳᠤᠯᠤᠭᠠᠢ ᠳᠠᠭᠠᠷᠠᠪᠡᠯ ᠶᠠᠪᠤᠳᠠᠯ ᠤᠴᠢᠷ ᠪᠦᠳᠤᠮᠵᠢ ᠲᠠᠢ ᠪᠤᠯᠤᠨ᠎ᠠ ᠭᠡᠮᠡᠨ ᠮᠠᠰᠢ ᠪᠡᠯᠭᠡᠰᠢᠶᠡᠳᠡᠭ᠃ ᠭᠠᠳᠠᠨ᠎ᠠ ᠶᠢᠨ ᠭᠦᠮᠤᠨ ᠳᠤ ᠨᠢᠳᠤ ᠴᠢᠭᠢ ᠶᠢ ᠨᠢ ᠭᠦᠨᠳᠡᠭᠰᠡᠨ ᠳᠤᠯᠤᠭᠠᠢ ᠶᠢ ᠳᠠᠯᠪᠢᠳᠠᠭ ᠦᠭᠡᠢ ᠴᠡᠭᠡᠷ ᠪᠤᠢ᠃ ᠳᠤᠯᠤᠭᠠᠢ ᠶᠢ ᠮᠦᠯᠵᠢᠭᠰᠡᠨ ᠤ ᠳᠠᠷᠠᠭ᠎ᠠ ᠨᠢᠳᠤᠨ ᠤ ᠬᠤᠩᠭᠢᠶ᠎ᠡ ᠶᠢ ᠰᠡᠳᠡᠯᠡᠵᠤ ᠳᠠᠯᠪᠢᠳᠠᠭ᠂ ᠰᠡᠳᠡᠯᠡᠭᠦ ᠦᠭᠡᠢ ᠪᠤᠯ ᠪᠤᠭ ᠰᠢᠮᠨᠤ ᠡᠭᠦᠷᠯᠡᠨ ᠭᠠᠢ ᠪᠠᠷᠴᠢᠳ ᠪᠤᠯᠤᠨ᠎ᠠ ᠭᠡᠨ᠎ᠠ᠃ ᠤᠷᠤᠭᠤᠯ ᠤᠨ ᠤᠷᠠᠨ ᠦᠵᠤᠭᠦᠷ ᠢᠳᠡᠪᠡᠯ ᠢᠯᠡᠭᠦᠤ ᠳᠤᠳᠠᠭᠤ ᠬᠤᠩᠰᠢᠶᠠᠷᠯᠠᠨ᠎ᠠ ᠭᠡᠮᠠᠨ ᠭᠠᠯ ᠳᠤ ᠡᠷᠭᠦᠨ᠎ᠡ᠃ ᠮᠥᠨ ᠬᠡᠯᠡᠨ ᠤ ᠮᠡᠷᠭᠡᠨ ᠦᠵᠤᠭᠦᠷ ᠢ ᠢᠳᠡᠭᠦ ᠶᠢ ᠴᠡᠭᠡᠷᠯᠡᠨ᠎ᠡ᠂ ᠭᠦᠮᠤᠨ ᠳᠤ ᠭᠡᠯᠡᠭᠳᠡᠨ᠎ᠡ ᠭᠡᠭᠦ ᠪᠤᠶᠤ ᠢᠯᠡᠭᠦᠤ ᠳᠤᠳᠠᠭᠤ ᠶᠠᠭᠤᠮ᠎ᠠ ᠶᠠᠷᠢᠨ᠎ᠠ ᠭᠡᠳ ᠭᠠᠯ ᠳᠤ ᠡᠷᠭᠦᠳᠡᠭ᠃ ᠤᠷᠡᠨ ᠳᠠᠩᠨᠠᠢ ᠶᠢ ᠦᠭᠢᠨ ᠭᠦᠮᠤᠨ ᠳᠤ ᠢᠳᠡᠭᠦᠯᠵᠤ ᠤᠷᠠᠨ ᠪᠤᠯᠬᠤ ᠶᠢ ᠪᠡᠯᠭᠡᠰᠢᠶᠡᠳᠡᠭ᠃ ᠡᠶᠢᠮᠤ ᠠᠴᠠ ᠬᠠᠮᠠᠷ᠂ ᠭᠡᠯᠡ᠂ ᠴᠢᠭᠢᠨ ᠦᠵᠤᠭᠦᠷ ᠢ ᠲᠡᠭᠷᠢ ᠭᠠᠵᠠᠷ᠂ ᠭᠠᠯ ᠰᠠᠭᠢᠭᠤᠯᠰᠤᠨ ᠳᠤ ᠪᠠᠨ ᠡᠷᠭᠦᠵᠤ ᠳᠠᠭᠢᠯᠭ᠎ᠠ ᠭᠢᠭᠦ ᠶᠢᠨ ᠬᠠᠮᠳᠤ ᠮᠠᠯ ᠤᠨ ᠭᠡᠰᠢᠭ ᠪᠤᠶᠠᠨ ᠢ ᠢᠷᠤᠭᠡᠨ ᠳᠠᠯᠠᠯᠳᠠᠭ ᠪᠠᠶᠢᠨ᠎ᠠ᠃ ᠭᠦᠵᠤᠭᠦᠤ ᠶᠢ ᠦᠶᠡᠯᠡᠵᠤ ᠮᠦᠴᠢᠯᠡᠭᠦ ᠨᠢ ᠡᠷ᠎ᠡ ᠭᠦᠮᠤᠨ ᠤ ᠴᠢᠳᠠᠯ᠂ ᠤᠬᠠᠭ᠎ᠠ ᠰᠠᠮᠪᠠᠭ᠎ᠠ ᠶᠢ ᠰᠤᠷᠢᠭᠰᠠᠨ ᠭᠡᠷᠡᠭ ᠪᠤᠯᠤᠨ᠎ᠠ᠃ ᠬᠤᠷᠢᠮ ᠳᠡᠭᠡᠷ᠎ᠡ ᠰᠢᠨ᠎ᠡ ᠭᠦᠷᠭᠡᠨ ᠢᠶᠠᠷ ᠭᠦᠵᠤᠭᠦᠤ ᠨᠤᠭᠤᠯᠤᠭᠤᠯᠳᠠᠭ ᠶᠤᠰᠤᠨ ᠪᠤᠢ᠃ ᠠᠷᠠᠳ ᠤᠨ ᠦᠭᠡᠨ ᠳᠤ ︽ᠡᠷᠬᠢᠭᠦᠯᠵᠤ ᠳᠤᠭᠤᠷᠢᠭᠤᠯᠵᠤ ᠮᠦᠯᠵᠢᠭᠦ ᠳᠤ ᠭᠦᠵᠤᠭᠦᠨ ᠮᠢᠬ᠎ᠠ ᠠᠮᠳᠠᠳᠠᠢ︾ ᠭᠡᠵᠤ ᠭᠦᠵᠤᠭᠦᠤ ᠶᠢ ᠰᠠᠯᠭᠠᠬᠤ ᠪᠠ ᠮᠦᠯᠵᠢᠭᠦ ᠶᠢ ᠮᠠᠰᠢ ᠭᠦᠨᠳᠤᠳᠭᠡᠳᠡᠭ᠃ ᠠᠬᠠᠮᠠᠳ ᠭᠦᠮᠤᠨ ᠪᠤᠶᠤ ᠵᠤᠴᠢᠨ ᠤ ᠡᠮᠤᠨ᠎ᠡ ᠭᠦᠵᠤᠭᠦᠤ᠂ ᠪᠤᠭᠤᠨᠢ ᠬᠠᠪᠢᠰᠤ᠂ ᠬᠠᠷ᠎ᠠ ᠰᠡᠭᠡᠷ ᠨᠢᠷᠤᠭᠤ᠂ ᠤᠬᠤᠷ ᠰᠡᠭᠦᠯ᠂ ᠦᠨᠤᠴᠢᠨ ᠰᠦᠪᠡᠭᠡ᠂ ᠳᠤᠶᠢᠭ᠂ ᠪᠤᠷᠪᠢ᠂ ᠱᠠᠭ᠎ᠠ ᠳᠠᠯᠪᠢᠬᠤ ᠶᠢ ᠴᠡᠭᠡᠷᠯᠡᠳᠡᠭ ᠶᠤᠰᠤᠨ ᠪᠤᠢ᠃ ᠮᠤᠩᠭᠤᠯᠴᠤᠳ ᠦᠭᠡᠷ ᠤᠨ ᠠᠮᠠᠨ ᠭᠦᠵᠤᠭᠦᠤ᠂ ᠪᠤᠭᠤᠨᠢ ᠬᠠᠪᠢᠰᠤ ᠪᠠᠷ ᠭᠠᠯ ᠰᠢᠳᠤᠭᠡᠨ ᠢᠶᠠᠨ ᠳᠠᠭᠢᠵᠤ᠂ ᠢᠷᠡᠭᠦ‍ ᠨᠢᠭᠡ ᠵᠢᠯ‌‍ᠳᠤ ᠪᠠᠨ ᠭᠦᠮᠤᠨ ᠮᠠᠯ᠂ ᠪᠠᠶᠢᠭᠠᠯᠢ ᠤᠷᠴᠢᠨ ᠤ ᠰᠠᠶᠢᠨ ᠰᠠᠶᠢᠬᠠᠨ ᠪᠠᠶᠢᠬᠤ ᠶᠢ ᠳᠠᠭᠠᠳᠬᠠᠵᠤ ᠭᠡᠰᠢᠭ ᠪᠤᠶᠠᠨ ᠢ ᠨᠢ ᠬᠤᠷᠦ᠋ᠢᠯᠠᠨ ᠳᠠᠯᠠᠯᠵᠤ ᠳᠠᠭᠠᠳᠬᠠᠳᠠᠭ ᠪᠠᠶᠢᠨ᠎ᠠ᠃ ᠳᠠᠯᠤᠨ ᠳᠤ ᠳᠠᠯᠠᠨ ᠰᠢᠨᠵᠢ ᠢᠯᠡᠷᠡᠨ᠎ᠡ᠂ ᠳᠠᠯᠤᠨ ᠮᠢᠬ᠎ᠠ ᠶᠢ ᠳᠠᠶᠠᠭᠠᠷ ᠭᠡᠮᠡᠨ ᠳᠠᠶᠠᠭᠠᠷ ᠲᠤ ᠳᠦᠭᠡᠭᠡᠳᠡᠭ᠃ ᠳᠠᠯᠤᠨ ᠮᠢᠬ᠎ᠠ ᠶᠢ ᠭᠠᠭᠴᠠᠭᠠᠷ ᠢᠳᠡᠭᠦ ᠪᠤᠶᠤ ᠰᠢᠳᠤ ᠪᠠᠷ ᠮᠡᠷᠡᠬᠦ ᠶᠢ ᠴᠡᠭᠡᠷᠯᠡᠵᠤ᠂ ᠵᠠᠪᠡᠯ ᠭᠢᠳᠤᠭ᠎ᠠ ᠪᠠᠷ ᠴᠠᠭᠠᠯᠠᠳᠠᠭ᠃ ᠵᠤᠴᠢᠨ ᠭᠦᠮᠤᠨ ᠳᠠᠯᠤ ᠴᠠᠭᠠᠯᠠᠬᠤ ᠶᠢ ᠴᠡᠭᠡᠷᠯᠡᠨ᠎ᠡ᠂ ᠭᠡᠷ ᠤᠨ ᠡᠵᠡᠨ ᠢ ᠳᠤᠷᠤᠮᠵᠢᠯᠠᠭᠰᠠᠨ ᠪᠤᠶᠤ ᠬᠤᠪᠢ ᠵᠡᠶᠠᠭ᠎ᠠ ᠶᠢ ᠰᠢᠨᠵᠢᠭᠰᠡᠨ ᠶᠠᠪᠤᠳᠠᠯ ᠭᠡᠮᠡᠨ ᠴᠡᠭᠡᠷᠯᠡᠳᠡᠭ᠃ ᠳᠦᠯᠭᠡ ᠰᠢᠨᠵᠢᠭᠦ ᠳᠠᠯᠤ ᠶᠢ ᠶᠡᠷᠤ ᠭᠢᠨᠠᠮᠠᠭᠠᠢ ᠮᠦᠯᠵᠢᠳᠡᠭ᠂ ᠭᠢᠳᠤᠭᠠᠨ ᠤ ᠰᠤᠷᠪᠢ ᠦᠯᠡᠳᠡᠭᠡᠭᠦ ᠶᠢ ᠴᠦ ᠤᠨᠴᠠ ᠭᠢᠴᠢᠶᠡᠳᠡᠭ ᠪᠢᠯᠡ᠃ ᠴᠠᠭᠠᠯᠠᠭᠰᠠᠨ ᠳᠠᠯᠤᠨ ᠶᠠᠰᠤ ᠪᠠᠨ ᠪᠦᠳᠤᠨ ᠤᠷᠭᠢᠳᠠᠭ ᠦᠭᠡᠢ᠃ ᠵᠠᠪᠡᠯ ᠴᠤᠭᠤᠯᠬᠤ ᠪᠤᠶᠤ ᠭᠠᠯ ᠳᠤ ᠳᠦᠯᠡᠵᠤ ᠡᠷᠭᠦᠳᠡᠭ᠂ ᠦᠭᠡᠢ ᠪᠤᠯ ᠰᠢᠨᠵᠢᠭᠡᠴᠢᠨ ᠳᠤ ᠦᠭᠳᠡᠪᠡᠯ ᠠᠶᠢᠯ ᠭᠡᠷ ᠤᠨ ᠪᠦᠭᠦ ᠤᠴᠢᠷ ᠢ ᠮᠡᠳᠡᠭᠦ ᠠᠴᠠ ᠰᠡᠷᠡᠮᠵᠢᠯᠡᠨ ᠵᠠᠪᠡᠯ ᠴᠤᠭᠤᠯᠵᠤ ᠳᠤᠮ ᠰᠢᠪᠰᠢᠯᠭᠡ ᠬᠢᠳᠡᠭ ᠶᠤᠰᠤᠨ ᠪᠤᠢ᠃ ᠳᠠᠯᠤ ᠪᠠᠨ ᠰᠠᠶᠢᠬᠠᠨ ᠴᠠᠭᠠᠯᠠᠭᠰᠠᠨ ᠤ ᠬᠤᠶᠢᠨ᠎ᠠ ︽ ᠲᠠᠭᠠᠨ ᠠᠳᠤᠭᠤᠨ ᠳᠠᠯᠠ ᠭᠦᠷᠤᠭᠡᠷᠡᠢ᠂ ᠲᠠᠯ᠎ᠠ ᠪᠠᠷ ᠳᠦᠭᠦᠷᠡᠩ ᠠᠳᠤᠭᠤ ᠲᠠᠢ ᠪᠤᠯ ᠲᠠᠷᠭᠢ ᠬᠤᠩᠭᠤᠷ ᠠᠵᠢᠷᠭ᠎ᠠ ᠲᠠᠢ ᠪᠤᠯ᠂ ᠳᠡᠩᠳᠡ ᠵᠢᠷᠤᠭ᠎ᠠ ᠪᠠᠶᠢᠬᠤ ᠪᠤᠯᠳᠤᠭᠠᠢ︕ ᠁ ᠳᠠᠯᠠ ᠶᠢᠨ ᠳᠠᠪᠠᠭ᠎ᠠ ᠶᠢ ᠳᠠᠪᠠᠵᠤ ᠳᠠᠪᠠᠳᠠᠢ ᠰᠠᠶᠢᠬᠠᠨ ᠵᠢᠷᠭᠠᠳᠤᠭᠠᠢ︕︾ ᠭᠡᠭᠦ ᠮᠡᠳᠤᠴᠢᠯᠡᠨ ᠢᠷᠤᠭᠡᠳᠡᠭ᠃ ᠵᠢᠭᠡ ᠭᠦᠮᠤᠨ ᠨᠠᠭᠠᠴᠤ ᠶᠢᠨ ᠳᠡᠷᠭᠡᠳᠡ ᠳᠠᠯᠤ ᠢᠳᠡᠭᠦ ᠪᠠᠶᠢᠳᠤᠭᠠᠢ ᠭᠠᠷ ᠴᠦ ᠬᠦᠷᠴᠤ ᠪᠤᠯᠳᠠᠭ ᠦᠭᠡᠢ᠂ ᠨᠠᠭᠠᠴᠤ ᠨᠢ ᠶᠠᠳᠠᠭᠤᠷᠠᠬᠤ ᠪᠤᠶᠤ ᠦᠭᠡᠶᠢᠷᠡᠨ᠎ᠡ ᠭᠡᠳᠡᠭ᠂ ᠬᠠᠷᠢᠨ ᠠᠬᠠᠰ ᠵᠠᠬᠠᠰ ᠠᠬᠠᠮᠠᠳ ᠨᠢ ᠳᠠᠶᠠᠭᠠᠷ ᠲᠤ ᠳᠦᠭᠡᠭᠡᠳᠡᠭ᠃ ᠬᠠᠷᠢᠳᠤ ᠴᠢᠮᠤᠭᠡ ︵ᠪᠠᠰᠠ ᠵᠠᠷᠢᠮ ᠨᠤᠳᠤᠭ ᠲᠤ ᠪᠤᠭᠳᠤ ᠴᠢᠮᠤᠭᠡ᠂ ᠪᠠᠶᠠᠨ ᠳᠦᠷᠤᠭᠦᠤ ᠴᠢᠮᠤᠭᠡ ᠴᠦ ᠭᠡᠳᠡᠭ︶ ᠶᠢ ᠵᠤᠴᠢᠨ ᠳᠤ ᠦᠭᠬᠦ ᠶᠢ ᠴᠡᠭᠡᠷᠯᠡᠨ᠎ᠡ᠃ ︽ᠬᠠᠷᠢᠭᠤ ᠦᠭᠡᠢ ᠭᠦᠮᠤᠨ ᠳᠤ ᠬᠠᠷᠢᠳᠤ ᠴᠢᠮᠤᠭᠡ ᠦᠭᠳᠡᠭ︾ ᠭᠡᠳᠡᠭ ᠭᠡᠯᠡᠯᠭᠡ ᠠᠴᠠ ᠵᠠᠶᠢᠯᠠᠰᠬᠢᠳᠠᠭ᠃ ᠬᠠᠷᠢ ᠳᠤ ᠮᠤᠷᠳᠠᠬᠤ ᠦᠭᠢᠨ ᠢᠶᠠᠨ ᠮᠤᠷᠳᠠᠭᠤᠯᠬᠤ ᠦᠶ᠎ᠡ ᠳᠤ ᠭᠦᠷᠭᠡᠨ ᠭᠡᠤᠭᠡᠨ ᠳᠤ ᠪᠠᠨ ᠰᠦᠨ ᠠᠪᠤ ᠨᠢ ᠬᠠᠷᠢᠳᠤ ᠴᠢᠮᠤᠭᠡ ᠶᠢ ᠳᠠᠰᠢᠵᠤ ᠰᠢᠪᠡᠭᠡ ᠳᠤᠰᠤ ᠶᠢ ᠨᠢ ᠬᠤᠪᠢᠶᠠᠨ ᠢᠳᠡᠭᠦᠯᠳᠡᠭ ᠶᠤᠰᠤᠨ ᠪᠤᠢ᠃ ᠡᠨᠡ ᠨᠢ ︽ᠬᠠᠷᠢ ᠳᠤ ᠦᠭᠭᠦᠭᠰᠠᠨ ᠭᠡᠤᠭᠡᠨ ᠬᠠᠳᠠᠨ ᠳᠤ ᠬᠠᠷᠪᠤᠭᠰᠠᠨ ᠰᠤᠮᠤ ᠬᠠᠷᠢᠯᠳᠠ ᠦᠭᠡᠢ︾ ᠭᠡᠭᠦ ᠭᠡᠯᠡᠯᠭᠡ ᠠᠴᠠ ᠢᠷᠡᠯ ᠲᠠᠢ ᠪᠤᠶᠤ ᠭᠡᠤᠭᠡᠨ ᠭᠦᠷᠭᠡᠨ ᠤ ᠪᠠᠨ ᠤᠷᠤᠭ ᠬᠤᠷᠢᠮ ᠪᠠᠳᠤ ᠪᠠᠭᠢ᠂ ᠠᠮᠢᠳᠤᠷᠠᠯ ᠨᠢ ᠦᠭᠡᠳᠡ ᠡᠰᠡᠷᠡᠭ᠂ ᠳᠦᠭᠦᠷᠡᠩ ᠳᠠᠪᠠᠳᠠᠢ ᠪᠠᠶᠢᠭ᠎ᠠ ᠶᠢ ᠪᠡᠯᠭᠡᠳᠡᠭᠰᠡᠨ ᠤᠴᠢᠷ ᠪᠤᠯᠤᠨ᠎ᠠ᠃ ᠡᠩ ᠤᠨ ᠦᠶ᠎ᠡ ᠳᠤ ᠴᠢᠮᠤᠭᠡ ᠶᠢᠨ ᠳᠤᠰᠤ ᠶᠢ ᠬᠤᠪᠢᠶᠠᠵᠤ ᠢᠳᠠᠭᠦ ᠶᠢ ᠴᠡᠭᠡᠷᠯᠡᠳᠡᠭ᠃ ᠪᠤᠭᠳᠤᠭ᠎ᠠ ᠴᠢᠮᠤᠭᠡ ︵ᠪᠠᠰᠠ ᠵᠠᠯᠠᠭ᠎ᠠ ᠴᠢᠮᠤᠭᠡ ᠴᠦ ᠭᠡᠳᠡᠭ᠂ ᠮᠠᠨᠵᠤ ᠶᠢᠨ ᠨᠤᠶᠠᠳ ᠳᠦᠰᠢᠮᠡᠳ ᠤᠨ ᠮᠠᠯᠠᠭᠠᠢ ᠶᠢᠨ ᠵᠠᠯᠠᠭ᠎ᠠ ᠠᠳᠠᠯᠢ ᠪᠤᠭᠳᠤᠭ᠎ᠠ ᠴᠢᠮᠤᠭᠡ ᠶᠢ ᠦᠶᠡᠯᠡᠭᠦ ᠦᠶᠡᠰ ᠲᠤ ᠰᠦᠭᠡᠮ ᠬᠢᠷᠢ ᠵᠠᠯᠠᠭ᠎ᠠ ᠦᠯᠡᠳᠡᠭᠡᠳᠡᠭ︶ ᠶᠢ ᠴᠠᠭᠠᠯᠠᠬᠤ ᠳᠤ ᠪᠠᠨ ᠬᠠᠨᠭ᠍ᠭᠢᠷᠴᠠᠭ ︵ᠤᠶᠢᠯᠡᠷ ᠪᠤᠶᠤ ᠵᠤᠪᠠᠯᠠᠩ︶ ᠤᠨ ᠵᠢᠷᠭᠤᠭᠠᠨ ᠶᠠᠰᠤ ᠶᠢ ᠨᠢ ᠮᠦᠯᠵᠢᠭᠡᠳ ᠵᠦᠭ ᠪᠤᠯᠭᠠᠨ ᠳᠤ ᠰᠠᠴᠤᠳᠠᠭ᠃ ︽ᠠᠯᠠᠵᠤ ᠢᠳᠡᠭᠦ ᠶᠢ ᠨᠢ ᠢᠳᠡᠪᠡ᠂ ᠬᠠᠨᠭ᠍ᠭᠢᠷᠴᠠᠭ ᠢ ᠮᠢᠨᠢ ᠰᠠᠯᠭᠠᠬᠤ ᠶᠢ ᠶᠠᠭᠠᠭᠢᠨ᠎ᠠ ᠳ᠋ᠠ︕︾ ᠭᠡᠵᠤ ᠮᠠᠯ ᠨᠢ ᠡᠵᠡᠨ ᠳᠤ ᠪᠠᠨ ᠭᠤᠮᠤᠳᠠᠬᠤ ᠶᠢ ᠴᠡᠭᠡᠷᠯᠡᠭᠰᠡᠨ ᠭᠡᠯᠡᠯᠭᠡ ᠪᠠᠶᠢᠳᠠᠭ ᠨᠢ ᠮᠥᠨ ᠴᠦ ᠴᠡᠪᠡᠷ ᠰᠠᠶᠢᠬᠠᠨ ᠮᠦᠯᠵᠢᠭᠦ ᠶᠢ ᠱᠠᠭᠠᠷᠳᠠᠭᠰᠠᠨ ᠶᠠᠪᠤᠳᠠᠯ ᠪᠤᠯᠤᠨ᠎ᠠ᠃ ᠮᠦᠯᠵᠢᠭᠰᠡᠨ ᠤ ᠬᠤᠶᠢᠨ᠎ᠠ ᠤᠶᠢᠯᠡᠷ ᠤᠨ ᠵᠢᠷᠭᠤᠭᠠᠨ ᠭᠡᠰᠡᠭ ᠶᠡᠰᠤ ᠶᠢ ᠨᠢᠭᠡ ᠳᠤᠤᠷ᠎ᠠ ᠳᠠᠯᠪᠢᠬᠤ ᠶᠢ ᠴᠡᠭᠡᠷᠯᠡᠨ᠎ᠡ᠃ ᠤᠶᠢᠯᠡᠷ ᠬᠤᠷᠠᠵᠤ ᠭᠠᠢ ᠪᠠᠷᠴᠢᠳ ᠪᠤᠯᠤᠨ᠎ᠠ ᠭᠡᠮᠡᠨ ᠪᠠᠷᠢᠨ ᠳᠤᠤᠷ᠎ᠠ ᠨᠢ ᠰᠠᠴᠤᠵᠤ ᠤᠷᠭᠢᠳᠠᠭ ᠶᠤᠰᠤᠨ ᠪᠤᠢ᠃ ᠪᠤᠭᠳᠤᠭ᠎ᠠ ᠴᠢᠮᠤᠭᠡ ᠶᠢᠨ ᠪᠦᠯᠡᠭᠡ ᠶᠢ ︽ᠬᠠ ᠶᠢᠨ ᠬᠤᠶᠠᠩ︾ ᠳᠤ ᠳᠠᠭᠠᠷᠢᠭᠳᠠᠨ᠎ᠠ ᠭᠡᠮᠡᠨ ᠭᠡᠤᠭᠡᠳ ᠪᠤᠶᠤ ᠨᠠᠰᠤᠳᠠᠢ ᠭᠦᠮᠤᠨ ᠢᠳᠡᠭᠦ ᠶᠢ ᠴᠡᠭᠡᠷᠯᠡᠨ᠎ᠡ᠃ ᠬᠠᠷᠢ ᠳᠠᠶᠢᠰᠤᠨ ᠤ ᠬᠤᠤᠷᠯᠠᠯ ᠢ ᠠᠮᠰᠠᠨ᠎ᠠ ᠴᠦ ᠭᠡᠳᠡᠭ ᠭᠡᠯᠡᠯᠭᠡ ᠪᠤᠢ᠃ ᠪᠤᠭᠳᠤᠭ᠎ᠠ ᠴᠢᠮᠤᠭᠡ ᠨᠢ ᠪᠤᠯᠴᠢᠩ ᠪᠤᠶᠤ ᠰᠢᠷᠪᠤᠰᠦᠯᠢᠭ ᠮᠢᠬ᠎ᠠ ᠡᠯᠪᠡᠭ ᠤᠴᠢᠷ ᠬᠠᠭ᠋ᠠᠬᠤ ᠠᠴᠠ ᠭᠢᠴᠢᠶᠡᠭᠰᠡᠨ ᠶᠠᠪᠤᠳᠠᠯ ᠪᠤᠯᠤᠨ᠎ᠠ᠃ ᠪᠤᠭᠳᠤᠭ᠎ᠠ ᠴᠢᠮᠤᠭᠡ ᠶᠢ ᠡᠴᠢᠭᠡ ᠶᠢᠨ ᠭᠠᠭᠴᠠ ᠭᠦᠤ ᠢᠳᠡᠭᠦ ᠶᠢ ᠴᠡᠭᠡᠷᠯᠡᠨ᠎ᠡ᠂ ᠭᠠᠭᠴᠠ ᠭᠦᠪᠡᠭᠦᠨ ᠤ ᠠᠬ᠎ᠠ ᠭᠡᠮᠡᠨ ᠭᠦᠨᠳᠤᠳᠭᠡᠳᠡᠭ ᠠᠴᠠ ᠲᠡᠭᠡᠵᠤ ᠴᠡᠭᠡᠷᠯᠡᠳᠡᠭ᠃ ︽ᠭᠠᠭᠴᠠ ᠭᠦᠮᠤᠨ ᠶᠠᠪᠤᠪᠠᠯ ᠮᠠᠯᠠᠭᠠᠢ ᠨᠢ ᠠᠬ᠎ᠠ᠂ ᠬᠤᠶᠠᠷ ᠭᠦᠮᠤᠨ ᠶᠠᠪᠤᠪᠠᠯ ᠨᠢᠭᠡ ᠨᠢ ᠠᠬ᠎ᠠ᠂ ᠭᠠᠭᠴᠠ ᠭᠦᠪᠡᠭᠦᠨ ᠳᠤ ᠪᠤᠭᠳᠤᠭ᠎ᠠ ᠴᠢᠮᠤᠭᠡ ᠨᠢ ᠠᠬ᠎ᠠ︾ ᠭᠡᠳ ᠭᠡᠷ ᠤᠨ ᠭᠦᠮᠤᠰ ᠨᠢ ᠪᠤᠭᠳᠤᠭ᠎ᠠ ᠴᠢᠮᠤᠭᠡᠨ ᠤ ᠵᠠᠯᠠᠭ᠎ᠠ‌‍ᠶᠢᠨ ᠮᠢᠬ᠎ᠠ ᠶᠢ ᠨᠢ ᠭᠦᠨᠳᠡᠵᠤ᠂ ᠭᠦᠮᠤᠰ ᠲᠤ ᠳᠦᠭᠡᠭᠦ ᠳᠤ ᠭᠠᠭᠴᠠ ᠭᠦᠪᠡᠭᠦᠨ ᠴᠦ ᠢᠳᠡᠵᠤ ᠪᠤᠯᠤᠨ᠎ᠠ᠂ ᠭᠡᠳᠡᠯ᠎ᠡ ᠭᠠᠭᠴᠠ ᠭᠦᠪᠡᠭᠦᠨ ᠶᠠᠰᠤ ᠶᠢ ᠨᠢ ᠮᠦᠯᠵᠢᠳᠡᠭ ᠦᠭᠡᠢ᠃ ᠶᠠᠰᠤ ᠶᠢ ᠨᠢ ᠮᠦᠯᠵᠢᠪᠡᠯ ᠠᠬ᠎ᠠ ᠭᠦᠮᠤᠨ ᠤ ᠳᠤᠯᠤᠭᠠᠢ ᠶᠢ ᠬᠠᠵᠡᠯ᠎ᠡ ᠭᠡᠵᠤ ᠴᠡᠭᠡᠷᠯᠡᠳᠡᠭ᠃ ᠪᠤᠭᠳᠤᠭ᠎ᠠ ᠴᠢᠮᠤᠭᠡ ᠶᠢ ᠴᠠᠭᠠᠯᠠᠵᠤ ᠪᠠᠷᠠᠭᠠᠳ ᠭᠡᠷ ᠤᠨ ᠳᠤᠳᠤᠭᠤ ᠶᠢᠨ ᠳᠡᠭᠡᠷ᠎ᠡ ᠳᠠᠯᠪᠢᠵᠤ᠂ ᠭᠠᠢ ᠪᠠᠷᠴᠢᠳ ᠭᠡᠷ ᠲᠤ ᠤᠷᠤᠬᠤ‌‍ᠶᠢ ᠰᠡᠷᠭᠡᠶᠢᠯᠡᠨ᠎ᠡ ᠭᠡᠮᠡᠨ ᠪᠡᠯᠭᠡᠰᠢᠶᠡᠳᠡᠭ ᠶᠤᠰᠤᠨ ᠪᠤᠢ᠃ ᠪᠤᠭᠤᠨᠢ ᠬᠠᠪᠢᠰᠤ᠂ ᠪᠤᠷᠪᠢ᠂ ᠳᠤᠶᠢᠭ᠂ ᠱᠠᠭ᠎ᠠ ᠶᠢ ᠰᠠᠶᠢᠬᠠᠨ ᠮᠦᠯᠵᠢᠵᠤ᠂ ᠱᠠᠭ᠎ᠠ ᠶᠢ ᠨᠢ ᠠᠪᠴᠤ ᠤᠷᠭᠢᠵᠤ᠂ ᠶᠠᠭᠤ ᠪᠤᠰᠤᠭᠰᠠᠨ ᠢ ᠰᠢᠨᠵᠢᠨ ᠪᠡᠯᠭᠡ ᠳᠡᠮᠪᠡᠷᠢᠯ ᠲᠠᠢ ᠦᠭᠡ ᠰᠢᠯᠦᠭ ᠢᠶᠠᠷ ᠢᠷᠤᠭᠡᠨ ᠵᠦᠩᠨᠡᠳᠡᠭ ᠶᠤᠰᠤᠨ ᠪᠤᠢ᠃ ᠱᠠᠭᠠᠨ ᠳᠤ ᠲᠠᠪᠤᠨ ᠬᠤᠰᠢᠭᠤ ᠮᠠᠯ ᠤᠨ ᠰᠢᠨᠵᠢ ᠳᠡᠮᠳᠡᠭ ᠢᠯᠡᠷᠡᠳᠡᠭ ᠭᠡᠮᠡᠨ ᠦᠵᠡᠭᠦ ᠪᠠᠷ ᠪᠠᠷᠠᠬᠤ ᠦᠭᠡᠢ ᠮᠤᠩᠭᠤᠯ ᠵᠢᠷᠤᠬᠠᠢ ᠶᠢᠨ ᠤᠬᠠᠭᠠᠨ ᠳᠤ ᠱᠠᠭ᠎ᠠ ᠪᠠᠷ ᠳᠦᠯᠭᠡ ᠮᠡᠷᠭᠡ ᠦᠵᠡᠳᠡᠭ ᠶᠠᠪᠤᠳᠠᠯ ᠪᠤᠢ᠃ ᠳᠤᠶᠢᠭ ᠰᠠᠶᠢᠬᠠᠨ ᠮᠦᠯᠵᠢᠪᠡᠯ ᠭᠡᠤᠭᠡᠳ ᠰᠠᠶᠢᠬᠠᠨ ᠳᠦᠷᠤᠨ᠎ᠡ ᠭᠡᠮᠡᠨ ᠰᠠᠶᠢᠬᠠᠨ ᠮᠦᠯᠵᠢᠳᠡᠭ᠂ ᠳᠤᠶᠢᠭ ᠤᠨ ᠶᠠᠰᠤ ᠶᠢ ᠳᠤᠭᠤᠨᠤ ᠪᠠᠷ ᠴᠤᠭᠢᠨ ᠭᠠᠷᠭᠠᠭᠠᠳ ᠠᠯᠢ ᠵᠦᠭ ᠲᠤ ᠤᠨᠠᠭᠰᠠᠨ ᠪᠤᠯ ᠳᠠᠷᠡ ᠵᠦᠭ ᠠᠴᠠ ᠬᠤᠷᠳᠤᠨ ᠮᠤᠷᠢᠨ ᠤ ᠭᠡᠰᠢᠭ ᠢᠷᠡᠨ᠎ᠡ ᠭᠡᠮᠡᠨ ᠪᠡᠯᠭᠡᠰᠢᠶᠡᠳᠡᠭ᠃ ᠭᠡᠤᠭᠡᠳ ᠲᠤ ᠪᠤᠭᠤᠨᠢ ᠬᠠᠪᠢᠰᠤ ᠢᠳᠡᠭᠦᠯᠳᠡᠭ ᠦᠭᠡᠢ ᠨᠢ ᠪᠤᠭᠤᠨᠢ ᠬᠠᠪᠢᠰᠤ ᠨᠢ ᠪᠠᠭᠠᠯᠵᠠᠭᠤᠷ ᠭᠦᠵᠤᠭᠦᠤ ᠲᠠᠢ ᠵᠠᠯᠭᠠᠯᠳᠤᠵᠤ ᠮᠠᠰᠢ ᠤᠯᠠᠨ ᠴᠢᠰᠤᠨ ᠰᠤᠳᠠᠯ ᠳᠦᠪᠯᠡᠷᠡᠵᠤ ᠪᠠᠶᠢᠭ᠎ᠠ ᠮᠦᠷᠳᠡᠭᠡᠨ ᠪᠤᠯᠴᠢᠷᠬᠠᠢ ᠤᠯᠠᠨ ᠪᠠᠶᠢᠳᠠᠭ ᠠᠴᠠ ᠭᠡᠤᠭᠡᠳ ᠪᠤᠯᠴᠢᠷᠬᠠᠢ ᠶᠢ ᠡ᠊ᠨᠳᠡᠭᠦᠷᠡᠵᠤ ᠢᠳᠡᠭᠦ ᠠᠴᠠ ᠰᠡᠷᠭᠡᠶᠢᠯᠡᠭᠰᠡᠨ ᠶᠠᠪᠤᠳᠠᠯ ᠪᠤᠯᠤᠨ᠎ᠠ᠃ ᠡᠶᠢᠮᠤ ᠠᠴᠠ ︽ᠪᠤᠭᠤᠨᠢ ᠬᠠᠪᠢᠰᠤ ᠢᠳᠡᠪᠡᠯ ᠪᠤᠭᠤᠨᠢ ᠪᠡᠶ᠎ᠡ ᠲᠠᠢ ᠪᠤᠯᠤᠨ᠎ᠠ︾ ᠭᠡᠰᠡᠨ ᠭᠠᠭᠴᠠᠬᠠᠨ ᠦᠭᠦᠯᠡᠪᠤᠷᠢ ᠪᠠᠷ ᠴᠡᠭᠡᠷᠯᠡᠯ ᠪᠤᠯᠭᠠᠨ ᠭᠡᠤᠭᠡᠳ ᠢᠶᠠᠨ ᠰᠤᠷᠭᠠᠳᠠᠭ ᠪᠠᠶᠢᠨ᠎ᠠ᠃ ᠬᠡᠦᠬᠡᠳ ᠲᠤ ᠪᠠᠨ ︽ᠮᠢᠩᠭᠠᠨ ᠱᠠᠭ᠎ᠠ ᠳᠤ ᠨᠢᠭᠡ ᠠᠯᠳᠠᠨ ᠱᠠᠭ᠎ᠠ ᠪᠠᠶᠢᠳᠠᠭ᠂ ᠳᠤᠶᠢᠭ ᠰᠠᠶᠢᠬᠠᠨ ᠮᠦᠯᠵᠢᠪᠡᠯ ᠮᠠᠯ ᠦᠰᠭᠦ᠂ ᠬᠤᠷᠳᠤᠨ ᠮᠤᠷᠢ ᠭᠠᠷᠤᠨ᠎ᠠ ᠭᠡᠭᠦ ᠪᠤᠶᠤ ᠠᠴᠢᠷ ᠦᠷ᠎ᠡ ᠨᠢ ᠭᠡᠭᠡᠨᠴᠢᠷ ᠭᠤᠶᠤ ᠰᠡᠴᠡᠨ ᠰᠡᠷᠭᠦᠯᠡᠩ ᠳᠦᠷᠤᠨ᠎ᠡ︾ ᠭᠡᠮᠡᠨ ᠵᠠᠬᠢᠳᠠᠭ ᠠᠴᠠ ᠬᠡᠦᠬᠡᠳ ᠶᠠᠰᠤ ᠶᠢ ᠬᠠᠮᠢᠶ᠎ᠠ ᠦᠭᠡᠢ ᠬᠠᠶᠠᠵᠤ ᠤᠷᠭᠢᠬᠤ ᠶᠢ ᠭᠢᠴᠢᠶᠡᠨ ᠬᠠᠷᠠᠬᠠᠨ ᠪᠠᠭ᠎ᠠ ᠠᠴᠠ ᠠᠮᠢᠳᠤᠷᠠᠯ ᠤᠨ ᠳᠤᠮᠳᠠ ᠵᠢᠷᠤᠮᠯᠠᠳᠠᠭ ᠪᠠᠶᠢᠨ᠎ᠠ᠃ ᠪᠠᠰᠠ ᠰᠡᠭᠦᠵᠢ ᠶᠢ ᠮᠦᠯᠵᠢᠵᠤ ᠬᠤᠩᠭᠢᠶ᠎ᠠ ᠶᠢ ᠨᠢ ᠰᠡᠳᠠᠯᠠᠳᠡᠭ᠂ ᠰᠡᠭᠦᠵᠢᠨ ᠬᠤᠭᠤᠰᠤᠨ ᠶᠠᠰᠤ ᠶᠢ ᠭᠡᠷ ᠲᠤ ᠬᠤᠨᠤᠭᠤᠯᠳᠠᠭ ᠦᠭᠡᠢ ᠶᠤᠰᠤᠨ ᠪᠤᠢ᠃ ᠰᠡᠭᠦᠵᠢᠨ ᠨᠦᠭᠡᠨ ᠳᠤ ᠨᠢ ᠮᠠᠭᠤ ᠶᠠᠭᠤᠮ᠎ᠠ ᠤᠷᠤᠰᠢᠵᠤ ᠭᠠᠢ ᠪᠠᠷᠴᠢᠳ ᠪᠤᠯᠤᠨ᠎ᠠ ᠭᠡᠮᠡᠨ ᠴᠡᠭᠡᠷᠯᠡᠳᠡᠭ᠃      ᠬᠤᠷᠢᠮ ᠨᠠᠶᠢᠷ ᠲᠤ ᠳᠠᠯᠪᠢᠭᠰᠠᠨ ᠰᠢᠭᠦᠰᠤᠨ ᠤ ᠮᠢᠬ᠎ᠠ ᠶᠢ ᠰᠢᠳᠤ ᠪᠠᠷ ᠮᠡᠷᠡᠬᠦ ᠪᠤᠶᠤ ᠶᠡᠰᠤ ᠶᠢ ᠨᠢ ᠴᠠᠭᠠᠯᠠᠬᠤ ᠶᠢ ᠴᠡᠭᠡᠷᠯᠡᠳᠡᠭ᠃ ᠦᠩᠭᠡᠷᠡᠭᠰᠡᠨ ᠨᠡᠶᠢᠭᠡᠮ ᠳᠤ ᠬᠤᠷᠢᠮ ᠨᠠᠶᠢᠷ ᠲᠤ ᠭᠡᠨ ᠨᠢ ᠶᠠᠭᠤ ᠶᠢ ᠢᠳᠡᠭᠦ ᠨᠢ ᠳᠤᠳᠤᠷᠬᠠᠢ ᠬᠤᠪᠢᠶᠠᠷᠢᠯᠠᠯ ᠲᠠᠢ ᠪᠠᠶᠢᠳᠠᠭ᠃ ᠤᠭᠤᠴᠠ ᠨᠢ ᠡᠵᠡᠨ ᠨᠤᠶᠡᠳ ᠭᠡᠷᠭᠡᠮᠳᠡᠨ ᠤ ᠵᠤᠭᠤᠭ᠂ ᠰᠡᠭᠦᠵᠢ ᠨᠢ ᠮᠠᠶᠢᠷᠠᠨ ᠪᠢᠴᠢᠭᠡᠴᠢ ᠶᠢᠨ ᠵᠤᠭᠤᠭ᠂ ᠡᠪᠴᠢᠭᠦᠤ ᠨᠢ ᠬᠠᠳᠤᠨ ᠪᠤᠶᠤ ᠪᠡᠷᠢ ᠪᠡᠷᠭᠡᠳ ᠤᠨ ᠵᠤᠭᠤᠭ᠂ ᠰᠡᠭᠡᠷ ᠳᠠᠯᠤ ᠨᠢ ᠨᠠᠰᠤᠳᠠᠢ ᠭᠦᠮᠤᠨ ᠤ ᠵᠤᠭᠤᠭ ᠶᠤᠮ᠃ ᠳᠠᠯᠤ ᠶᠢᠨ ᠮᠢᠬ᠎ᠠ ᠶᠢ ︽ᠤᠰᠤᠨ ᠤ ᠡᠬᠢ ᠨᠢ ᠪᠤᠯᠠᠭ᠂ ᠭᠦᠮᠤᠨ ᠤ ᠡᠭᠢ ᠨᠢ ᠨᠠᠭᠠᠴᠤ︾ ᠭᠡᠮᠡᠨ ᠨᠠᠭᠠᠴᠤ ᠭᠦᠮᠤᠨ ᠳᠤ ᠵᠤᠷᠢᠭᠤᠯᠤᠨ ᠭᠢᠳᠡᠭ ᠴᠦ ᠳᠡᠭᠡᠷ᠎ᠡ ᠨᠢ ᠰᠠᠭᠤᠭᠰᠠᠨ ᠠᠬᠠᠮᠠᠳ ᠳᠤᠮᠤᠭᠠᠳᠠᠨ ᠪᠤᠶᠤ ᠳᠡᠮᠴᠢ ᠠᠴᠠ ᠭᠡᠶᠢᠴᠢᠯᠡᠨ ᠢᠷᠡᠭᠰᠡᠨ ᠭᠦᠮᠤᠰ ᠲᠤ ᠮᠠᠯ ᠤᠨ ᠪᠤᠶᠤ ᠳᠡᠭᠡᠳᠤᠰ ᠤᠨ ᠭᠡᠰᠢᠭ ᠭᠡᠮᠡᠨ ᠮᠦᠴᠢ ᠪᠦᠷᠢ ᠶᠢᠨ ᠮᠢᠬᠠᠨ ᠠᠴᠠ ᠳᠦᠭᠡᠭᠡᠳᠡᠭ᠃ ᠮᠤᠩᠭᠤᠯᠴᠤᠳ ᠤᠨ ᠮᠢᠬ᠎ᠠ ᠢᠳᠡᠭᠦ ᠳᠤ ᠪᠠᠨ ᠮᠦᠴᠢ ᠪᠦᠷᠢ ᠶᠢᠨ ᠮᠢᠬᠠᠨ ᠠᠴᠠ ᠬᠤᠪᠢᠶᠠᠷᠢᠯᠠᠨ ᠴᠢᠨᠠᠵᠤ ᠢᠳᠡᠳᠡᠭ ᠨᠢ ᠮᠠᠰᠢ ᠨᠢᠭᠤᠴᠠᠭᠠᠢ ᠰᠢᠨᠵᠢᠯᠡᠭᠦ ᠤᠬᠠᠭᠠᠨ ᠤ ᠶᠤᠰᠤ ᠲᠠᠢ᠃ ᠮᠦᠴᠢ ᠪᠦᠷᠢ ᠶᠢᠨ ᠮᠢᠬᠠᠨ ᠤ ᠰᠢᠮ᠎ᠡ ᠳᠡᠵᠢᠭᠡᠯ ᠨᠢ ᠪᠦᠷ ᠠᠳᠠᠯᠢ ᠦᠭᠡᠢ ᠪᠠᠶᠢᠳᠠᠭ᠃ ᠡᠨᠡ ᠨᠢ ᠤᠳᠤ ᠦᠶ᠎ᠡ ᠶᠢᠨ ᠢᠳᠡᠭᠡᠨ ᠤᠮᠳᠠᠭᠠᠨ ᠤ ᠰᠢᠨᠵᠢᠯᠡᠭᠡ ᠮᠡᠷᠭᠡᠵᠢᠯ ᠤᠨ ᠤᠨᠤᠯ ᠲᠠᠢ ᠶᠠᠪ ᠴᠠᠪ ᠨᠡᠶᠢᠴᠡᠵᠤ ᠪᠤᠢ᠃ ᠮᠠᠨ ᠤ ᠳᠡᠭᠡᠳᠤᠰ ᠠᠯᠢ ᠡᠷᠳᠡ ᠠᠴᠠ ᠢᠳᠡᠭᠡᠨ ᠤᠮᠳᠠᠭᠠᠨ ᠢ ᠠᠰᠢᠭᠯᠠᠨ ᠡᠪᠡᠳᠴᠢᠨ ᠢ ᠰᠡᠷᠭᠡᠶᠢᠯᠡᠵᠤ ᠡᠷᠡᠭᠦᠯ ᠴᠢᠭᠢᠷᠠᠭ ᠢ ᠡᠷᠭᠢᠮᠯᠡᠳᠡᠭ ᠭᠡᠰᠡᠨ ᠢ ᠮᠡᠳᠡᠵᠤ ᠪᠤᠯᠤᠨ᠎ᠠ᠃ ᠦᠭᠡᠷ ᠤᠨ ᠦᠭᠦᠴᠡ ᠢᠳᠡᠭᠦ ᠳᠤ ︽ᠳᠠᠭᠢᠯ ᠳᠤᠭᠤᠭ᠎ᠠ︾ ᠳᠦᠭᠦᠭᠡᠷᠳᠡᠭ᠃ ᠦᠭᠡᠷ ᠤᠨ ᠮᠢᠬᠠᠨ ᠤ ᠮᠦᠴᠢ ᠪᠦᠷᠢ ᠶᠢᠨ ᠮᠢᠬᠠᠨ ᠠᠴᠠ ᠠᠪᠴᠤ ᠬᠢᠬᠦ ᠪᠠ ᠭᠤᠤᠯ ᠨᠢ ᠠᠮᠠᠨ ᠭᠦᠵᠤᠭᠦᠤ᠂ ᠪᠤᠭᠤᠨᠢ ᠬᠠᠪᠢᠰᠤ᠂ ᠡᠪᠴᠢᠭᠦᠨ ᠪᠦᠳᠤᠷᠭᠡᠢ᠂ ᠭᠤᠷᠪᠢᠴᠠᠭ ᠶᠠᠰᠤ ︵ᠳᠤᠤᠬᠠᠨ ᠨᠢᠷᠤᠭᠤ᠂ ᠤᠯᠠᠨ ᠶᠠᠰᠤ ᠴᠦ ᠭᠡᠳᠡᠭ᠂ ᠨᠤᠳᠤᠭ ᠤᠨ ᠭᠡᠯᠡᠯᠭᠡ ᠪᠤᠯᠤᠯᠳᠠᠢ︶ ᠵᠡᠷᠭᠡ ᠪᠠᠶᠢᠳᠠᠭ᠃ ᠠᠮᠠᠨ ᠭᠦᠵᠤᠭᠦᠤ᠂ ᠪᠤᠭᠤᠨᠢ ᠬᠠᠪᠢᠰᠤ᠂ ᠡᠪᠴᠢᠭᠦᠨ ᠪᠦᠳᠤᠷᠭᠡᠢ᠂ ᠭᠤᠷᠪᠢᠴᠠᠭ ᠶᠠᠰᠤ ᠶᠢ ᠨᠢ ᠰᠠᠶᠢᠬᠠᠨ ᠮᠦᠯᠵᠢᠵᠤ ᠠᠮᠠᠨ ᠭᠦᠵᠤᠭᠦᠨ ᠳᠤ ᠨᠢ ᠪᠤᠭᠤᠨᠢ ᠬᠠᠪᠢᠰᠤ ᠶᠢ ᠨᠢ ᠤᠭᠯᠠᠵᠤ ᠳᠠᠯᠪᠢᠭᠠᠳ ᠪᠤᠰᠤᠳ ᠢᠳᠡᠭᠡᠨ ᠤ ᠳᠡᠭᠡᠵᠢ ᠲᠠᠢ ᠬᠠᠮᠳᠤ ᠭᠠᠯ ᠳᠤ ᠡᠷᠭᠦᠵᠤ ︽ᠤᠨᠠᠭᠰᠠᠨ ᠭᠠᠵᠡᠷ ᠲᠤ ᠨᠢ ᠤᠯᠠᠭᠠᠨ ᠳᠤᠭᠤᠯ ᠲᠤᠭᠤᠯᠯᠠ︕ ᠭᠦᠯᠢᠭᠰᠡᠨ ᠭᠠᠵᠡᠷ ᠲᠤ ᠨᠢ ᠭᠦᠷᠡᠩ ᠳᠤᠭᠤᠯ ᠲᠤᠭᠤᠯᠯᠠ︕ ᠬᠠᠳᠠᠷᠢᠵᠤ ᠭᠦᠷᠤᠰᠢ ᠦᠭᠡᠢ ᠪᠡᠯᠴᠢᠭᠡᠷ ᠲᠠᠢ ᠪᠤᠯ᠂ ᠬᠠᠷᠪᠤᠵᠤ ᠭᠦᠷᠤᠰᠢ ᠦᠭᠡᠢ ᠵᠡᠯ᠎ᠡ ᠲᠠᠢ ᠪᠤᠯ᠂ ᠮᠢᠯᠠᠭᠠᠷ ᠡᠪᠡᠷ ᠲᠠᠢ ᠨᠢ ᠮᠢᠩᠭ᠎ᠠ ᠮᠢᠩᠭ᠎ᠠ ᠪᠠᠷ ᠦᠰᠤᠭᠡᠷᠡᠢ︕ ᠳᠦᠷᠤᠭᠦᠯᠡ ᠡᠪᠡᠷ ᠲᠠᠢ ᠨᠢ ᠳᠦᠮᠡ ᠳᠦᠮᠡ ᠪᠠᠷ ᠦᠰᠤᠭᠡᠷᠡᠢ︕ ᠪᠤᠯᠭᠠᠶ᠎ᠠ ᠭᠡᠰᠡᠨ ᠪᠤᠭᠤᠨᠢ ᠪᠠᠷ᠂ ᠪᠦᠳᠤᠭᠡᠶ᠎ᠠ ᠭᠡᠰᠡᠨ ᠪᠦᠳᠤᠷᠭᠡᠢ ᠪᠠᠷ᠂ ᠪᠠᠭᠢᠵᠢᠶ᠎ᠠ ᠭᠡᠮᠡᠨ ᠠᠮᠠᠨ ᠭᠦᠵᠤᠭᠦᠤ ᠪᠠᠷ ᠭᠠᠯ᠂ ᠳᠦᠷᠪᠡᠨ ᠵᠦᠭ ᠨᠡᠢᠮᠠᠨ ᠵᠤᠪᠭᠢᠰ ᠤᠨ ᠲᠡᠭᠷᠢ ᠭᠠᠵᠡᠷ ᠤᠨ ᠰᠠᠭᠢᠭᠤᠯᠰᠤᠨ ᠳᠤ ᠪᠠᠨ ᠡᠷᠭᠦᠶ᠎ᠠ ᠁︾ ᠭᠡᠵᠤ ᠢᠷᠤᠭᠡᠳᠡᠭ᠃ ᠵᠠᠷᠢᠮ ᠠᠶᠢᠯ ᠭᠡᠷ ᠦᠭᠡᠯᠵᠢᠨ ᠰᠠᠷ᠎ᠠ ᠶᠢᠨ ᠬᠤᠷᠢᠨ ᠭᠤᠷᠪᠠᠨ ᠳᠦᠷᠪᠡᠨ ᠳᠤ ᠭᠠᠯ ᠳᠠᠭᠢᠯᠭ᠎ᠠ ᠲᠠᠢ ᠬᠠᠮᠳᠤ ᠳᠠᠭᠢᠳᠠᠭ ᠴᠦ ᠪᠤᠢ᠃      ᠠᠰᠠᠭᠤᠬᠤ ᠨᠢᠷᠤᠭᠤ ᠨᠢ ᠦᠨᠤᠴᠢᠨ ᠨᠢᠷᠤᠭᠤ ︵ᠤᠬᠤᠷ ᠨᠢᠷᠤᠭᠤ᠂ ᠤᠬᠤᠷᠴᠠᠭ ᠨᠢᠷᠤᠭᠤ ᠭᠡᠵᠤ ᠪᠠᠰᠠ ᠭᠡᠯᠡᠳᠡᠭ︶ ᠶᠢᠨ ᠶᠠᠰᠤ ᠲᠠᠢ ᠪᠠᠳᠤ ᠪᠠᠬᠢ ᠵᠠᠯᠭᠠᠯᠳᠤᠵᠤ ᠪᠠᠶᠢᠳᠠᠭ ᠤᠴᠢᠷ ᠠᠴᠠ ᠦᠶᠡᠯᠡᠭᠦ ᠳᠤ ᠨᠡᠯᠢᠶᠡᠳ ᠭᠦᠴᠢᠷ ᠪᠠᠶᠢᠳᠠᠭ᠃ ᠦᠶᠡᠯᠡᠭᠦ ᠳᠤ ᠪᠠᠨ ᠬᠠᠵᠠᠭᠤ ᠶᠢᠨ ᠭᠦᠮᠤᠨ ᠠᠴᠠ ︽ᠦᠶᠡᠯᠡᠭᠦ ᠤᠤ︖︾ ᠭᠡᠵᠤ ᠠᠰᠠᠭᠤᠳᠠᠭ᠃ ᠲᠡᠷᠡ ᠭᠦᠮᠤᠨ ᠨᠢ ︽ᠦᠶᠡᠯᠡ︾ ᠭᠡᠵᠤ ᠭᠡᠯᠡᠪᠡᠯ ᠰᠠᠶ᠋ᠢ ᠦᠶᠡᠯᠡᠨ᠎ᠡ᠃ ᠠᠰᠠᠭᠤᠬᠤ ᠨᠢᠷᠤᠭᠤ ᠶᠢ ᠮᠦᠯᠵᠢᠭᠰᠡᠨ ᠤ ᠳᠠᠷᠠᠭ᠎ᠠ ᠶᠠᠰᠤᠨ ᠤ ᠭᠢᠨᠢ ᠤᠨᠴᠠᠯᠢᠭ ᠰᠢᠨᠵᠢ ᠪᠠᠷ ᠨᠦᠭᠦᠭᠡ ᠡᠳᠡᠭᠡᠳ ᠠᠴᠠ ᠠᠰᠠᠭᠤᠯᠳᠠ ᠠᠰᠠᠭᠤᠵᠤ ᠭᠠᠷᠳᠠᠭᠠᠬᠤ ᠪᠠᠷ ᠴᠢᠷᠮᠠᠶᠢᠳᠠᠭ᠃ ᠠᠰᠠᠭᠤᠬᠤ ᠠᠰᠠᠭᠤᠯᠳᠠ ᠶᠢ ᠨᠢ ᠬᠠᠷᠢᠭᠤᠯᠵᠤ ᠴᠢᠳᠠᠬᠤ ᠦᠭᠡᠢ ᠪᠤᠯ ᠳᠤᠷᠭᠠᠭᠳᠠᠳᠠᠭ ᠪᠠᠶᠢᠨ᠎ᠠ᠃      ᠠᠰᠠᠭᠤᠬᠤ ᠠᠰᠠᠭᠤᠯᠳᠠ ᠬᠠᠷᠢᠭᠤᠯᠳᠠ ᠶᠢ ᠰᠡᠶᠢᠷᠡᠭᠦᠯᠪᠡᠯ᠄      ᠡᠨᠡ ᠶᠠᠭᠤᠨ ᠤ ᠰᠢᠨᠵᠢᠳᠡᠢ ᠪᠤᠢ︖ ᠰᠦᠮᠪᠤᠷ ᠠᠭᠤᠯᠠ ᠶᠢᠨ ᠰᠢᠨᠵᠢᠳᠡᠢ᠃      ᠶᠠᠭᠠᠭᠢᠭᠠᠳ︖ ᠳᠦᠷᠪᠡᠨ ᠲᠢᠪ ᠲᠠᠢ᠃      ᠡᠨᠡ ᠶᠠᠭᠤᠨ ᠤ ᠰᠢᠨᠵᠢᠳᠡᠢ ᠪᠤᠢ︖ ᠭᠦᠨᠳᠡᠢ ᠶᠢᠨ ᠭᠦᠭᠡ ᠭᠤᠤᠯ ᠰᠢᠨᠵᠢᠳᠡᠢ᠃      ᠶᠠᠭᠠᠭᠢᠭᠠᠳ︖ ᠮᠢᠩᠭᠠᠨ ᠴᠡᠷᠢᠭ ᠢ ᠮᠢᠳᠠᠭᠠᠬᠤ ᠦᠭᠡᠢ᠂ ᠳᠦᠮᠡᠨ ᠴᠡᠷᠢᠭ ᠢ ᠳᠦᠳᠡᠭᠡᠭᠦ ᠦᠭᠡᠢ᠃      ᠡᠨᠡ ᠶᠠᠮᠠᠷ ᠰᠢᠨᠵᠢᠳᠡᠢ ᠪᠤᠢ︖ ᠰᠠᠶᠢᠨ ᠡᠷ᠎ᠡ ᠶᠢᠨ ᠮᠠᠩᠨᠠᠢ ᠶᠢᠨ ᠰᠢᠨᠵᠢᠳᠠᠢ᠃      ᠶᠠᠭᠠᠭᠢᠭᠠᠳ︖ ᠢᠷᠡᠭᠰᠡᠨ ᠳᠠᠶᠢᠰᠤᠨ ᠢ ᠰᠦᠷᠤᠨ ᠳᠠᠷᠤᠵᠤ᠂ ᠰᠦᠷᠤᠭ᠍ᠰᠡᠨ ᠳᠠᠶᠢᠰᠤᠨ ᠢ ᠳᠠᠭᠠᠷᠢᠨ ᠳᠠᠷᠤᠭᠰᠠᠨ᠃      ᠡᠨᠡ ᠶᠠᠭᠤᠨ ᠤ ᠰᠢᠨᠵᠢᠳᠡᠢ ᠪᠤᠢ︖ ᠠᠯᠳᠠᠨ ᠬᠠᠩᠭᠠᠢ ᠰᠢᠬ᠃      ᠶᠠᠭᠠᠭᠢᠭᠠᠳ︖ ᠦᠯᠤᠭᠡᠨ ᠳᠤ ᠨᠢ ᠦᠷᠤᠮ᠎ᠡ ᠴᠦᠷᠮ᠎ᠡ ᠳᠦᠭᠦᠷᠡᠩ᠂ ᠠᠷᠤ ᠳᠤ ᠨᠢ ᠠᠶᠢᠷᠠᠭ ᠳᠠᠷᠠᠭ ᠳᠦᠭᠦᠷᠡᠩ᠃      ᠡᠨᠡ ᠶᠠᠭᠤᠨ ᠤ ᠰᠢᠨᠵᠢᠳᠡᠢ ᠪᠤᠢ︖ ᠭᠡᠶᠢᠳᠤ ᠪᠤᠭᠤ ᠶᠢᠨ ᠡᠪᠡᠷ ᠰᠢᠨᠵᠢᠳᠡᠢ᠃      ᠶᠠᠭᠠᠭᠢᠭᠠᠳ︖ ᠡᠳᠤᠷ ᠤᠨ ᠭᠠᠵᠠᠷ ᠠᠴᠠ ᠦᠨᠤᠷ ᠠᠪᠴᠤ᠂ ᠬᠤᠨᠤᠭ ᠤᠨ ᠭᠠᠵᠠᠷ ᠠᠴᠠ ᠠᠨᠢᠷ ᠠᠪᠳᠠᠭ᠃      ᠡᠨᠡ ᠶᠠᠭᠤᠨ ᠤ ᠰᠢᠨᠵᠢᠳᠡᠢ ᠪᠤᠢ︖ ᠬᠠᠨ ᠭᠠᠷᠤᠳᠢ ᠶᠢᠨ ᠵᠢᠭᠦᠷ ᠤᠨ ᠰᠢᠨᠵᠢᠳᠠᠢ᠃      ᠶᠠᠭᠠᠭᠢᠭᠠᠳ︖ ᠤᠷᠠᠨ ᠭᠦᠮᠤᠨ ᠤ ᠬᠤᠮᠤᠬᠠᠢ ᠬᠤᠷᠤᠭᠤ ᠰᠢᠨᠵᠢᠳᠠᠢ᠃      ᠶᠠᠭᠠᠭᠢᠭᠠᠳ︖ ᠤᠨᠳᠠᠭ᠎ᠠ ᠭᠦᠮᠤᠨ ᠤ ᠤᠬᠤᠷᠬᠠᠢ ᠳᠤᠤᠷᠯᠠᠵᠤ᠂ ᠭᠡᠪᠳᠡᠭᠡ ᠭᠦᠮᠤᠨ ᠤ ᠭᠡᠯᠡ ᠶᠢ ᠳᠤᠤᠷᠯᠠᠳᠠᠭ᠃      ᠡᠨᠡ ᠶᠠᠭᠤᠨ ᠤ ᠰᠢᠨᠵᠢᠳᠡᠢ ᠪᠤᠢ︖ ᠠᠯᠳᠠᠨ ᠡᠮᠡᠭᠡᠯ ᠤᠨ ᠪᠦᠭᠦᠷᠭᠡ ᠰᠢᠨᠵᠢᠳᠡᠢ᠃      ᠶᠠᠭᠠᠭᠢᠭᠠᠳ︖ ᠪᠦᠭᠦᠷᠭᠡ ᠳᠤᠮᠳᠠ ᠪᠠᠨ ᠰᠠᠷᠠ ᠲᠠᠢ᠂ ᠰᠠᠷᠠᠨ ᠭᠠᠳᠠᠭᠤᠷ ᠢᠶᠠᠨ ᠬᠤᠳᠠ ᠲᠠᠢ᠂ ᠭᠦᠪᠡᠭᠡ ᠪᠠᠷ ᠢᠶᠠᠨ ᠤᠳᠤᠨ ᠲᠠᠢ᠂ ᠭᠦᠭᠡ ᠲᠡᠭᠷᠢ ᠶᠢᠨ ᠰᠢᠨᠵᠢᠳᠤ ᠳᠡᠯᠪᠢ ᠲᠠᠢ᠃      ᠡᠨᠡ ᠶᠠᠭᠤᠨ ᠤ ᠰᠢᠨᠵᠢᠳᠡᠢ ᠪᠤᠢ︖ ᠰᠠᠶᠢᠨ ᠡᠭᠡᠨᠡᠷ ᠤᠨ ᠰᠢᠨᠵᠢᠳᠠᠢ᠃      ᠶᠠᠭᠠᠭᠢᠭᠠᠳ︖ ᠬᠠᠷᠢ ᠳᠤ ᠳᠠᠭᠠᠬᠤ ᠭᠡᠤᠭᠡᠨ ᠲᠠᠢ᠂ ᠬᠠᠯᠠ ᠳᠠᠭᠠᠭᠠᠬᠤ ᠬᠦᠪᠡᠭᠦᠨ ᠲᠠᠢ᠃      ᠡᠨᠡ ᠶᠠᠭᠤᠨ ᠤ ᠰᠢᠨᠵᠢᠳᠡᠢ ᠪᠤᠢ︖ ᠰᠠᠶᠢᠨ ᠠᠭᠳᠠ ᠶᠢᠨ ᠰᠤᠶᠤᠭ᠎ᠠ ᠰᠢᠨᠵᠢᠳᠠᠢ᠃     ᠶᠠᠭᠠᠭᠢᠭᠠᠳ︖ ᠤᠯᠤᠩ ᠦᠭᠡᠢ ᠤᠭᠤᠨᠤ ᠭᠦᠶᠤᠭᠦ᠂ ᠬᠤᠳᠤᠷᠭ᠎ᠠ ᠦᠭᠡᠢ ᠬᠤᠯᠠᠨ ᠭᠦᠶᠤᠭᠦ᠃      ᠡᠨᠡ ᠶᠠᠭᠤᠨ ᠤ ᠰᠢᠨᠵᠢᠳᠡᠢ ᠪᠤᠢ︖ ᠬᠠᠷ᠎ᠠ ᠭᠡᠷᠢᠶ᠎ᠡ ᠶᠢᠨ ᠬᠤᠩᠰᠢᠶᠠᠷ ᠰᠢᠨᠵᠢᠳᠠᠢ᠃      ᠶᠠᠭᠠᠭᠢᠭᠠᠳ︖ ᠠᠭᠤᠯᠠ ᠰᠢᠪᠳᠤ ᠤᠯᠠᠢ ᠦᠵᠡᠭᠦ᠂ ᠳᠠᠪᠠᠭ᠎ᠠ ᠰᠢᠪᠳᠤ ᠳᠠᠭᠠᠷᠢ ᠦᠵᠡᠭᠦ᠃      ᠡᠨᠡ ᠶᠠᠭᠤᠨ ᠤ ᠰᠢᠨᠵᠢᠳᠡᠢ ᠪᠤᠢ︖ ᠭᠠᠭᠴᠠ ᠭᠦᠯ ᠲᠠᠢ ᠲᠡᠶᠢᠷᠡᠩ ᠰᠢᠨᠵᠢᠳᠠᠢ᠃      ᠶᠠᠭᠠᠭᠢᠭᠠᠳ︖ ᠭᠠᠯ ᠤᠨ ᠳᠡᠷᠭᠡᠳᠡ ᠰᠡᠭᠦᠳᠡᠷ ᠦᠭᠡᠢ᠂ ᠭᠠᠵᠠᠷ ᠤᠯᠠᠯᠬᠤ ᠭᠦᠯ ᠦᠭᠡᠢ᠃      ᠡᠨᠡ ᠶᠠᠭᠤᠨ ᠤ ᠰᠢᠨᠵᠢᠳᠡᠢ ᠪᠤᠢ︖ ᠰᠠᠶᠢᠨ ᠬᠤᠳᠠᠴᠢ ᠶᠢᠨ ᠰᠢᠨᠵᠢᠳᠠᠢ᠃      ᠶᠠᠭᠠᠭᠢᠭᠠᠳ︖ ᠶᠠᠷ ᠶᠠᠷ ᠬᠤᠴᠠᠵᠤ᠂ ᠶᠠᠰᠤ ᠭᠦᠰᠤ ᠢᠳᠡᠵᠤ᠂ ᠭᠦᠷ ᠭᠦᠷ ᠬᠤᠴᠠᠵᠤ᠂ ᠭᠦᠷᠢᠶ᠎ᠡ ᠬᠤᠳᠠ ᠮᠠᠨᠠᠳᠠᠭ᠃      ᠢᠩᠭᠢᠵᠤ ᠠᠰᠠᠭᠤᠵᠤ ᠨᠠᠭᠠᠳᠴᠤ ᠭᠦᠭᠡᠷᠤᠯᠳᠤᠨ ᠪᠠᠶᠠᠰᠤᠭᠠᠳ ᠬᠠᠮᠤᠭ ᠰᠡᠭᠦᠯ ᠳᠤ ᠨᠢ ᠮᠦᠯᠵᠢᠭᠰᠡᠨ ᠠᠰᠠᠭᠤᠬᠤ ᠨᠢᠷᠤᠭᠤᠨ ᠶᠠᠰᠤᠨ ᠤ ᠭᠤᠤᠯ ᠳᠤ ᠨᠢ ᠦᠭᠡᠭᠦ ᠳᠠᠯᠪᠢᠭᠠᠳ ᠭᠠᠯ ᠳᠤ ᠡᠷᠭᠦᠭᠦ ᠳᠤ ᠪᠠᠨ ᠬᠠᠷᠠᠴᠤ ᠭᠦᠮᠤᠨ ᠤ ᠬᠤᠭᠤᠯᠠ ᠪᠤᠯᠬᠤ᠂ ᠬᠠᠭᠠᠨ ᠭᠦᠮᠤᠨ ᠤ ᠵᠤᠭᠤᠭ ᠪᠤᠯᠬᠤ ᠠᠰᠠᠭᠤᠬᠤ ᠨᠢᠷᠤᠭᠤ ᠴᠢᠮ᠎ᠠ ᠶᠢ ᠬᠠᠷ᠎ᠠ ᠨᠤᠬᠠᠢ ᠶᠢᠨ ᠠᠮᠠᠨ ᠠᠴᠠ ᠭᠠᠷᠭᠠᠨ᠎ᠠ ᠭᠡᠳ ᠭᠠᠯ ᠳᠤ ᠡᠷᠭᠦᠳᠡᠭ ᠪᠠᠶᠢᠨ᠎ᠠ᠃      ᠭᠦᠵᠤᠭᠦᠤ᠂ ᠱᠠᠭ᠎ᠠ᠂ ᠪᠤᠷᠪᠢ᠂ ᠳᠤᠶᠢᠭ᠂ ᠤᠶᠢᠯᠡᠷ ᠤᠨ ᠶᠠᠰᠤ᠂ ᠭᠤᠷᠪᠢᠴᠠᠭ ᠶᠠᠰᠤ ᠶᠢ ᠴᠠᠪᠡᠷ ᠮᠦᠯᠵᠢᠭᠦ ᠳᠤ ᠮᠠᠰᠢ ᠭᠦᠴᠢᠷ ᠪᠠᠶᠢᠳᠠᠭ᠂ ᠡᠳᠡᠭᠡᠷ ᠶᠠᠰᠤ ᠪᠦᠳᠤᠴᠡ ᠨᠢ ᠪᠤᠳᠤᠯᠢᠶᠠᠨᠳᠠᠢ ᠪᠠᠶᠢᠳᠠᠭ ᠠᠴᠠ ᠴᠡᠪᠡᠷ ᠮᠦᠯᠵᠢᠵᠤ ᠴᠢᠳᠠᠪᠡᠯ ᠡᠷ᠎ᠡ ᠴᠢᠳᠠᠯ᠂ ᠠᠷᠭ᠎ᠠ ᠤᠬᠠᠭᠠᠨ ᠪᠦᠷᠢᠯᠳᠤᠴᠢᠭᠡᠯ᠎ᠡ ᠭᠡᠵᠤ ᠦᠵᠡᠳᠡᠭ᠃ ᠶᠠᠰᠤ ᠶᠢ ᠴᠡᠪᠡᠷ ᠰᠠᠶᠢᠬᠠᠨ ᠮᠦᠯᠵᠢᠪᠡᠯ ᠳᠦᠷᠤᠭ᠍ᠰᠡᠨ ᠠᠴᠢᠷ ᠦᠷ᠎ᠡ ᠨᠢ ᠭᠡᠭᠡᠨᠴᠢᠷ ᠭᠤᠶᠤ᠂ ᠴᠡᠪᠡᠷ ᠠᠷᠢᠭᠤᠨ ᠰᠠᠨᠠᠭ᠎ᠠ ᠲᠠᠢ ᠭᠡᠮᠡᠨ ᠵᠦᠩᠨᠡᠳᠡᠭ᠃ ᠳᠠᠯᠤᠨ ᠮᠦᠭᠡᠷᠡᠰᠤ᠂ ᠪᠤᠷᠪᠢ ᠶᠢᠨ ᠶᠠᠰᠤ ᠪᠤᠯᠴᠢᠩ ᠮᠢᠬ᠎ᠠ ᠲᠠᠢ᠂ ᠳᠤᠶᠢᠭ ᠤᠨ ᠶᠠᠰᠤ ᠪᠤᠯᠴᠢᠩ ᠮᠢᠬ᠎ᠠ ᠲᠠᠢ᠂ ᠰᠡᠭᠦᠯ ᠤᠨ ᠦᠶ᠎ᠡ᠂ ᠭᠤᠷᠪᠢᠴᠠᠭ ᠶᠠᠰᠤ᠂ ᠪᠤᠭᠳᠤᠭ᠎ᠠ ᠴᠢᠮᠤᠭᠡ ᠶᠢᠨ ᠵᠤᠪᠠᠯᠠᠩ ᠤᠨ ᠶᠠᠰᠤ ᠶᠢ ᠰᠦᠭᠡᠮ ᠭᠢᠷᠢ ᠮᠢᠬ᠎ᠠ ᠲᠠᠢ ᠠᠪᠴᠤ ᠴᠢᠨᠠᠭᠰᠠᠨ ᠱᠦᠯᠤ ᠶᠢ ︽ᠲᠠᠪᠤᠨ ᠰᠢᠮᠡᠳ︾ ᠭᠡᠵᠤ ᠰᠠᠷ᠎ᠠ ᠳᠤ ᠰᠠᠭᠤᠭ᠎ᠠ ᠪᠦᠰᠡᠭᠦᠢ ᠪᠤᠶᠤ ᠤᠳᠠᠭᠠᠨ ᠬᠤᠨᠤᠭ ᠮᠢᠬ᠎ᠠ ᠢᠳᠡᠭᠰᠡᠨ ᠦᠭᠡᠢ ᠡᠪᠡᠳᠴᠢᠨ ᠲᠠᠢ ᠭᠦᠮᠤᠰ ᠲᠤ ᠴᠢᠨᠠᠵᠤ ᠤᠤᠭᠤᠯᠭᠠᠨ ᠲᠠᠮᠢᠷ ᠨᠦᠭᠦᠪᠤᠷᠢᠯᠡᠳᠡᠭ᠃ ︽ᠲᠠᠪᠤᠨ ᠰᠢᠮᠡᠳ︾ ᠭᠡᠳᠡᠭ ᠨᠢ ᠵᠤᠭᠢᠬᠤ ᠭᠡᠮᠵᠢᠶᠡᠨ ᠤ ᠮᠢᠬ᠎ᠠ ᠲᠠᠢ ᠪᠠᠶᠢᠳᠠᠭ᠂ ᠵᠠᠷᠢᠮ ᠭᠦᠮᠤᠰ ᠶᠡᠰᠤ ᠪᠠᠷ ᠨᠢ ᠱᠦᠯᠤ ᠭᠠᠷᠭᠠᠳᠠᠭ ᠭᠡᠮᠡᠨ ᠭᠡᠯᠡᠳᠡᠭ ᠨᠢ ᠡᠰᠢ ᠪᠠᠷᠢᠮᠳᠠ ᠦᠭᠡᠢ ᠳᠠᠭᠠᠮᠠᠭᠯᠠᠯ ᠳᠡᠳᠤᠢ᠃ ᠮᠤᠩᠭᠤᠯᠴᠤᠳ ᠱᠦᠯᠤ ᠤᠤᠭᠤᠬᠤ ᠪᠤᠶᠤ ᠦᠭᠦᠴᠡ ᠭᠠᠷᠭᠠᠬᠤ ᠪᠤᠯᠭᠠᠨ ᠬᠠᠷ᠎ᠠ ᠰᠡᠭᠡᠷ᠂ ᠬᠠᠷ᠎ᠠ ᠨᠢᠷᠤᠭᠤ᠂ ᠪᠤᠭᠤᠨᠢ ᠬᠠᠪᠢᠰᠤ᠂ ᠦᠨᠤᠴᠢᠨ ᠰᠦᠪᠡᠭᠡ᠂ ᠪᠤᠭᠳᠤᠭ᠎ᠠ ᠴᠢᠮᠤᠭᠡ᠂ ᠱᠠᠭᠠᠳᠤ ᠴᠢᠮᠤᠭᠡ᠂ ᠤᠭᠤᠷᠠᠭ ᠰᠡᠭᠦᠯ ᠵᠡᠷᠭᠡ ᠶᠢ ᠳᠡᠭᠡᠳᠤᠰ ᠤᠨ ᠬᠤᠪᠢ ᠭᠡᠮᠡᠨ ᠭᠠᠷᠭᠠᠵᠤ ᠮᠢᠬ᠎ᠠ ᠶᠢ ᠨᠢ ᠠᠪᠤᠭᠠᠳ ᠶᠠᠰᠤ ᠲᠠᠢ ᠭᠡᠰᠡᠭ ᠢ ᠨᠢ ᠦᠭᠯᠢᠭᠡ ᠲᠦᠯᠡᠰᠢᠨ ᠳᠤ ᠵᠠᠷᠤᠳᠠᠭ ᠶᠤᠰᠤᠨ ᠪᠤᠢ᠃ ᠦᠯᠡᠳᠡᠭᠰᠡᠨ ᠢ ᠨᠢ ᠠᠪᠴᠤ ᠢᠷᠡᠭᠡᠳ ᠳᠡᠭᠡᠳᠤᠰ ᠤᠨ ᠭᠡᠰᠢᠭ ᠭᠡᠵᠤ ᠭᠡᠷ ᠪᠦᠯᠢ ᠪᠠᠷ ᠬᠤᠪᠢᠶᠠᠯᠴᠡᠨ ᠢᠳᠡᠳᠡᠭ ᠪᠠᠶᠢᠨ᠎ᠠ᠃ ᠳᠡᠭᠡᠳᠤᠰ ᠤᠨ ᠭᠡᠰᠢᠭ ᠢ ᠬᠠᠷᠢ ᠤᠭᠰᠠᠭᠠᠨ ᠤ ᠭᠦᠮᠤᠰ ᠲᠤ ᠢᠳᠡᠭᠦᠯᠭᠦ ᠶᠢ ᠴᠡᠭᠡᠷᠯᠡᠨ᠎ᠡ᠃ ᠭᠡᠰᠢᠭ ᠪᠤᠶᠡᠨ ᠨᠢ ᠭᠠᠳᠠᠭᠰᠢ ᠶᠠᠪᠤᠬᠤ ᠪᠤᠶᠤ ᠵᠠᠶᠢᠯᠠᠨ᠎ᠠ ᠭᠡᠳᠡᠭ᠃      ᠮᠠᠯ ᠤᠨ ᠶᠠᠰᠤ ᠶᠢ ᠰᠠᠶᠢᠬᠠᠨ ᠮᠦᠯᠵᠢᠵᠤ ᠪᠠᠶᠢᠪᠡᠯ ᠮᠠᠯ ᠬᠤᠢ ᠳᠡᠭᠰᠢ ᠰᠠᠶᠢᠬᠠᠨ ᠦᠰᠴᠤ ᠡᠵᠡᠨ ᠢᠶᠠᠨ ᠪᠠᠶᠠᠰᠬᠠᠳᠠᠭ ᠭᠡᠳᠡᠭ ᠨᠢ ᠮᠠᠰᠢ ᠠᠯᠤᠰᠴᠢ᠂ ᠰᠢᠨᠵᠢᠯᠡᠭᠦ ᠤᠬᠠᠭᠠᠨᠴᠢ᠂ ᠶᠤᠰᠤ ᠵᠦᠢᠴᠢ ᠦᠵᠡᠯ ᠮᠦᠷᠳᠡᠭᠡᠨ ᠨᠠᠶᠢᠳᠡ ᠮᠤᠩᠭᠤᠯ ᠤᠨ ᠭᠡᠷ ᠪᠦᠯᠢ ᠶᠢᠨ ᠰᠤᠷᠭᠠᠨ ᠭᠦᠮᠤᠵᠢᠯ ᠤᠨ ᠴᠢᠬᠤᠯᠠ ᠠᠭᠤᠯᠭ᠎ᠠ ᠪᠤᠯᠤᠭᠰᠠᠨ ᠪᠠᠶᠢᠨ᠎ᠠ᠃ ᠨᠠᠶᠠᠭᠠᠳ ᠤᠨ ᠠᠴᠠ ᠬᠤᠶᠢᠰᠢ ᠠᠮᠢᠳᠤᠷᠠᠯ ᠡᠳᠤᠷ ᠢᠷᠡᠭᠦᠶ᠎ᠠ ᠰᠠᠶᠢᠵᠢᠷᠠᠭᠰᠠᠨ ᠪᠠ ᠬᠤᠭᠤᠯᠠᠨ ᠭᠡᠷ ᠲᠤ ᠬᠤᠭᠤᠯᠠᠯᠠᠬᠤ ᠭᠦᠮᠤᠨ ᠤᠯᠠᠰᠢᠷᠠᠭᠰᠠᠨ ᠠᠴᠠ ᠤᠯᠠᠨ ᠭᠦᠮᠤᠰ ᠨᠡᠩ ᠢᠯᠠᠩᠭᠤᠶ᠎ᠠ ᠵᠠᠯᠠᠭᠤ ᠪᠠᠭᠠᠴᠤᠤᠯ᠂ ᠬᠤᠳᠠ ᠶᠢᠨ ᠮᠤᠩᠭᠤᠯᠴᠤᠳ ︽ᠵᠢᠷᠤᠭ᠎ᠠ ᠢᠳᠡᠯᠭᠡ︾ ᠭᠡᠮᠡᠨ ᠰᠢᠳᠤᠨ ᠳᠤ ᠦᠷᠳᠡᠭᠦ ᠶᠢ ᠨᠢ ᠢᠳᠡᠭᠡᠳ ᠪᠤᠰᠤᠳ ᠢ ᠨᠢ ᠤᠷᠭᠢᠴᠢᠬᠠᠳᠠᠭ ᠮᠠᠭᠤᠬᠠᠢ ᠰᠤᠷᠳᠠᠯ ᠶᠠᠪᠤᠬᠤ ᠳᠤᠳᠤᠮ ᠵᠠᠢ ᠡᠵᠡᠯᠡᠵᠤ ᠪᠤᠢ᠃ ᠡᠨᠡ ᠨᠢ ᠪᠦᠷᠢᠯᠭᠡᠵᠤ ᠰᠦᠢᠳᠭᠡᠵᠤ ᠪᠠᠶᠢᠭ᠎ᠠ ᠶᠢᠨ ᠢᠯᠡᠷᠡᠯ᠂ ᠨᠡᠩ ᠴᠦ ᠦᠨᠳᠤᠰᠤᠳᠡᠨ ᠤ ᠪᠠᠨ ᠤᠭᠢ ᠰᠢᠯᠢᠳᠡᠭ ᠵᠠᠩ ᠤᠶᠢᠯᠡ ᠠᠴᠠ ᠬᠤᠯᠠᠳᠠᠵᠤ ᠪᠤᠰᠤᠳ ᠤᠨ ᠪᠤᠯᠭᠢ ᠪᠦᠳᠤᠭᠦᠯᠢᠭ ᠢ ᠳᠠᠭᠤᠷᠢᠶᠠᠭᠰᠠᠨ ᠵᠢᠭᠰᠢᠭᠦᠷᠢᠳᠠᠢ ᠶᠠᠪᠤᠳᠠᠯ ᠪᠤᠯᠤᠨ᠎ᠠ᠃ ᠮᠤᠩᠭᠤᠯᠴᠤᠳ ᠤᠨ ︽ᠴᠡᠭᠡᠷ ᠤᠨ ᠰᠤᠶᠤᠯ︾ ᠪᠤᠯ ᠠᠷᠠᠳ ᠤᠨ ᠳᠤᠮᠳᠠ ᠠᠶᠠᠨᠳᠠᠭᠠᠨ ᠪᠤᠢ ᠪᠤᠯᠤᠭᠰᠠᠨ ᠮᠠᠰᠢ ᠡᠮᠭᠢ ᠲᠢᠭᠯᠢᠮ ᠲᠠᠢ᠂ ᠠᠮᠢᠳᠤᠷᠠᠯ ᠤᠨ ᠵᠦᠢ ᠪᠠᠷ ᠤᠶᠢᠯᠡᠳᠤᠯᠭᠡᠵᠢᠭᠰᠡᠨ ᠬᠠᠤᠯᠢ ᠪᠤᠯᠤᠨ᠎ᠠ᠃      ᠮᠤᠩᠭᠤᠯᠴᠤᠳ ᠶᠡᠷᠤ ᠠᠴᠠ ︽ᠶᠠᠰᠤ ᠲᠠᠢ ᠮᠢᠬ᠎ᠠ ᠢᠳᠠᠵᠤ᠂ ᠶᠤᠰᠤ ᠲᠠᠢ ᠦᠭᠡ ᠭᠡᠯᠡᠳᠡᠭ︾ ᠪᠠᠶᠢᠭᠰᠠᠨ ᠠᠴᠠ ᠡᠳᠤᠭᠡ ᠪᠤᠯᠬᠤ ᠳᠤ ᠦᠪᠡᠷ ᠤᠨ ᠤᠭᠰᠠᠭ᠎ᠠ ᠶᠡᠰᠤᠳᠠᠨ ᠤ ᠵᠠᠩ ᠤᠶᠢᠯᠡ ᠪᠠᠨ ᠭᠦᠨᠳᠤᠳᠭᠡᠭᠦ ᠦᠭᠡᠢ ᠮᠠᠷᠳᠠᠵᠤ ᠪᠠᠶᠢᠬᠤ ᠨᠢ ᠤᠯᠠᠰᠢᠷᠠᠵᠦ ᠪᠤᠢ᠃ ᠠᠮᠢᠳᠤᠷᠠᠯ ᠤᠨ ᠳᠤᠷᠰᠢᠯᠭ᠎ᠠ ᠵᠦᠢ ᠠᠴᠠ ᠭᠦᠮᠤᠨ ᠤ ᠤᠬᠠᠭ᠎ᠠ ᠨᠡᠭᠡᠭᠡᠭᠳᠡᠳᠡᠭ ᠪᠢᠯᠡ᠃ ︽ᠠᠮᠠᠨ ᠤ ᠪᠡᠯᠭᠡ ᠠᠴᠠ ᠠᠰᠢᠳᠠ ᠶᠢᠨ ᠪᠡᠯᠬᠡ︾ ᠭᠡᠳᠡᠭ ᠢᠶᠠᠷ ᠠᠮᠠᠨ ᠤ ᠪᠡᠯᠭᠡ ᠶᠢ ᠮᠠᠰᠢ ᠡᠷᠭᠢᠮᠯᠡᠨ ᠶᠠᠮᠠᠷ ᠨᠢᠭᠡᠨ ᠤᠴᠢᠷ ᠶᠠᠪᠤᠳᠠᠯ ᠳᠡᠭᠡᠷ᠎ᠡ ᠪᠠᠶᠢᠩᠭᠤ ᠢᠷᠤᠭᠡᠯ ᠮᠠᠭᠳᠠᠭᠠᠯ ᠬᠡᠯᠡᠵᠤ ᠰᠠᠴᠤᠯᠢ ᠰᠡᠷᠵᠢᠮ ᠡᠷᠭᠦᠳᠡᠭ ᠨᠢ ᠨᠠᠶᠢᠳᠡᠯᠢᠭ ᠦᠵᠡᠭᠳᠡᠯ ᠶᠤᠮ᠃ ᠦᠨᠤᠳᠤᠷ ᠤᠨ ᠮᠤᠩᠭᠤᠯᠴᠤᠳ ᠢᠷᠤᠭᠡᠯ ᠮᠠᠭᠳᠠᠭᠠᠯ᠂ ᠦᠴᠢᠭ ᠳᠠᠭᠠᠳᠬᠠᠯ ᠤᠨ ᠤᠶᠢᠯᠡᠳᠤᠯ ᠭᠡᠷᠡᠭᠴᠡᠭᠡ᠂ ᠦᠷᠳᠡᠭ ᠢ ᠮᠡᠳᠡᠭᠦ ᠪᠠᠨ ᠪᠠᠶᠢᠴᠢᠬᠠᠵᠤ᠂ ᠠᠯᠢᠪᠡ ᠶᠢ ᠦᠷᠤᠭᠡᠯ ᠪᠤᠰᠤᠳ ᠲᠤ ᠨᠠᠶᠢᠳᠠᠵᠤ ᠮᠤᠩᠭᠤᠯ ᠰᠤᠶᠤᠯ ᠤᠨ ᠴᠢᠬᠤᠯᠠ ᠴᠢᠨᠠᠷ᠂ ᠷᠢᠳᠢ ᠰᠢᠳᠢ ᠶᠢ ᠤᠮᠠᠷᠳᠠᠨ᠂ ᠮᠤᠩᠭᠤᠯ ᠰᠡᠳᠭᠢᠭᠦᠢ ᠪᠠᠨ ᠠᠯᠳᠠᠵᠤ ᠪᠠᠶᠢᠭ᠎ᠠ ᠦᠵᠡᠭᠳᠡᠯ ᠲᠦᠭᠡᠮᠡᠯ ᠬᠠᠷᠠᠭᠳᠠᠵᠤ ᠪᠤᠢ᠃ ᠮᠤᠩᠭᠤᠯᠴᠤᠳ ᠶᠡᠷᠤᠨᠢ ᠠᠯᠢᠪᠠ ᠤᠶᠢᠯᠡ ᠶᠢ ᠤᠭᠳᠤᠵᠤ ᠮᠡᠳᠡᠭᠡᠳ᠂ ᠳᠤᠰᠴᠤ ᠪᠡᠯᠡᠳᠭᠡᠭᠦ᠂ ᠳᠡᠰᠴᠤ ᠤᠶᠢᠯᠡᠳᠭᠦ ᠠᠯᠤᠰᠴᠢ ᠪᠤᠳᠤᠯ᠂ ᠤᠷᠢᠳᠴᠢᠯᠠᠨ ᠵᠦᠩᠡᠨᠡ ᠰᠡᠳᠭᠢᠭᠦ ᠴᠢᠳᠠᠪᠤᠷᠢ ᠲᠠᠢ ᠪᠢᠯᠡ᠃ ᠤᠳᠤ ᠪᠤᠯᠬᠤ ᠳᠤ ᠶᠠᠭᠤᠮ᠎ᠠ ᠪᠤᠯᠭᠠᠨ ᠳᠤ ᠪᠠᠯᠡᠨ ᠢ ᠭᠦᠭᠡᠭᠡᠴᠡᠯᠳᠤᠭ᠍ᠰᠠᠭᠡᠷ ᠪᠠᠶᠢᠭᠠᠳ ᠦᠪ ᠰᠤᠶᠤᠯ ᠬᠠᠶᠠᠭᠳᠠᠵᠤ ᠪᠠᠶᠢᠨ᠎ᠠ᠃ ᠡᠶᠢᠮᠤ ᠠᠴᠠ ᠵᠠᠯᠠᠭᠤ ᠨᠢᠭᠡᠨ ᠦᠶ᠎ᠡ ᠶᠢᠨ ᠬᠢᠨ ︽ᠴᠡᠭᠡᠷ ᠰᠤᠶᠤᠯ︾ ᠢ ᠴᠠᠭ ᠢᠮᠠᠭᠳᠠ ᠰᠤᠷᠤᠯᠴᠡᠵᠤ᠂ ᠭᠦᠨᠳᠤᠳᠭᠡᠵᠤ᠂ ᠪᠤᠳᠠᠳᠤ ᠠᠮᠢᠳᠤᠷᠠᠯ ᠳᠤ ᠪᠠᠨ ᠦᠷᠭᠦᠯᠵᠢ ᠠᠩᠬᠠᠷᠬᠤ ᠭᠡᠷᠡᠭᠳᠡᠢ ᠪᠤᠯᠤᠭᠠᠳ ᠪᠠᠶᠢᠨ᠎ᠠ᠃      ᠬᠠᠶ᠋ᠢᠬ᠄ ᠤᠳᠤᠭ ᠬᠤᠰᠢᠭᠤᠨ ᠤ ᠮᠤᠩᠭᠤᠯ ᠦᠨᠳᠤᠰᠤᠳᠠᠨ ᠤ ᠳᠤᠷᠰᠢᠯᠳᠠ ᠶᠢᠨ ᠪᠠᠭ᠎ᠠ ᠰᠤᠷᠭᠠᠭᠤᠯᠢ                                           ︵ᠲᠤ᠋ · ᠦᠯᠵᠡᠶᠢᠰᠠᠩ ᠨᠠᠶᠢᠷᠠᠭᠤᠯᠪᠠ︶                                            2019 ᠣᠨ ᠤ 4 ᠳ᠋ᠤᠭᠠᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map