ᠤᠤᠭᠠᠯ ᠰᠤᠶᠤᠯ ᠤᠨ ᠮᠡᠳᠡᠷᠡᠮᠵᠢ ᠲᠠᠢ ᠪᠤᠯᠵᠠᠭᠠᠶ᠎ᠠ
ᠨᠡᠶᠢᠲᠡᠯᠡᠭᠰᠡᠨ ᠴᠠᠭ᠄
2020/1/2
                              ᠲᠤᠷᠵᠢ      ᠮᠤᠩᠭᠤᠯ ᠦᠨᠳᠦᠰᠦᠳᠠᠨ ᠤ ᠤᠤᠭᠠᠯ ᠰᠤᠶᠤᠯ ᠪᠤᠯ ᠨᠡᠭᠦᠳᠡᠯ ᠰᠤᠶᠤᠯ ᠮᠦᠨ᠃ ︽ᠮᠤᠩᠭᠤᠯ ᠦᠨᠳᠦᠰᠦᠳᠠᠨ ᠪᠤᠯ ᠨᠡᠭᠦᠳᠡᠯ ᠰᠤᠶᠤᠯ ᠤᠨ ᠲᠦᠯᠦᠭᠡᠯᠡᠭᠴᠢ︾ ᠭᠡᠵᠦ ᠡᠷᠳᠡᠮᠳᠡᠨ ᠪᠤᠷᠵᠢᠬᠢᠨ · ᠭᠡᠷᠡᠯᠳᠦ ᠬᠡᠯᠡᠵᠦ ᠪᠢᠯᠨ᠃ ᠨᠡᠭᠦᠳᠡᠯᠴᠢᠨ ᠦᠨᠳᠦᠰᠦᠳᠠᠨ ᠤ ᠲᠠᠪᠤᠨ ᠬᠤᠰᠢᠭᠤ ᠮᠠᠯ᠂ ᠠᠮᠢᠳᠤᠷᠠᠯ ᠤᠨ ᠵᠠᠩᠰᠢᠯ᠂ ᠡᠳ᠋ᠯᠡᠯ ᠬᠡᠷᠡᠭᠯᠡᠭᠦᠷ᠂ ᠢᠳᠡᠭᠡᠨ ᠤᠮᠳᠠᠭᠠᠨ᠂ ᠬᠤᠪᠴᠠᠰᠤ ᠵᠠᠰᠠᠯ᠂ ᠠᠮᠢᠳᠤᠷᠠᠯ ᠤᠨ ᠲᠤᠷᠰᠢᠯᠭ᠎ᠠ᠂ ᠰᠡᠳᠬᠢᠬᠦᠢ ᠶᠢᠨ ᠬᠡᠯᠪᠡᠷᠢ ᠲᠠᠢ ᠬᠤᠯᠪᠤᠭᠳᠠᠭᠰᠠᠨ ᠰᠤᠶᠤᠯ ᠤᠨ ᠦᠵᠡᠭᠳᠡᠯ ᠢ ︽ᠨᠡᠭᠦᠳᠡᠯ ᠰᠤᠶᠤᠯ︾ ᠭᠡᠨ᠎ᠡ᠃      ᠮᠤᠩᠭᠤᠯ ᠦᠨᠳᠦᠰᠦᠳᠠᠨ ᠤ ᠤᠤᠭᠠᠯ ᠰᠤᠶᠤᠯ ᠨᠢ ᠨᠡᠶᠢᠭᠡᠮ ᠤᠨ ᠬᠦᠭᠵᠢᠯᠳᠡ᠂ ᠠᠮᠢᠳᠤᠷᠠᠯ ᠠᠬᠤᠢ ᠶᠢᠨ ᠦᠭᠡᠷᠡᠴᠢᠯᠡᠯᠳᠡ᠂ ᠬᠡᠷᠡᠭᠯᠡᠭᠡᠨ ᠤ ᠢᠪᠴᠤᠷᠠᠯ᠂ ᠬᠡᠷᠡᠭᠴᠡᠭᠡᠨ ᠤ ᠪᠠᠭᠠᠰᠤᠯ ᠢ ᠲᠠᠭᠠᠯᠳᠤᠨ ᠡᠳᠤᠷ ᠲᠤᠳᠤᠮ ᠤᠨ ᠠᠮᠢᠳᠤᠷᠠᠯ ᠰᠤᠷᠤᠯᠴᠠᠯᠭ᠎ᠠ ᠠᠴᠠ ᠤᠯᠠᠮ ᠢᠶᠠᠷ ᠵᠠᠶᠢᠳᠠᠵᠤ ᠪᠠᠶᠢᠭ᠎ᠠ ᠶᠤᠮ᠂ ᠨᠡᠩ ᠢᠯᠠᠩᠭᠤᠶ᠎ᠠ ᠦᠪᠡᠷ ᠢᠶᠠᠨ ᠬᠦᠨᠳᠦᠳᠬᠡᠬᠦ ᠦᠭᠡᠢ᠂ ᠴᠢᠬᠤᠯᠠᠴᠢᠯᠠᠬᠤ ᠦᠭᠡᠢ᠂ ᠦᠷ᠎ᠡ ᠬᠤᠶᠢᠴᠢᠰ  ᠲᠤ ᠪᠠᠨ ᠤᠯᠠᠮᠵᠢᠯᠠᠵᠤ ᠵᠠᠯᠭᠠᠮᠵᠢᠯᠠᠬᠤ ᠦᠭᠡᠢ᠂ ᠲᠦᠭᠡᠮᠡᠯᠵᠢᠭᠦᠯᠵᠦ ᠲᠡᠯᠭᠡᠷᠡᠭᠦᠯᠬᠦ ᠦᠭᠡᠢ‌ᠡᠴᠠ ᠪᠤᠯᠤᠭᠠᠳ ᠭᠡᠤᠭᠡᠳ ᠪᠠᠭᠠᠴᠤᠳ ᠤᠨ ᠤᠤᠭᠠᠯ ᠰᠤᠶᠤᠯ ᠠᠴᠠ ᠵᠠᠶᠢᠳᠠᠭᠰᠠᠨ᠂ ᠤᠤᠭᠠᠯ ᠰᠤᠶᠤᠯ ᠤᠨ ᠲᠤᠬᠠᠢ ᠮᠡᠳᠡᠷᠡᠮᠵᠢ ᠮᠠᠭᠤᠳᠠᠭᠰᠠᠨ ᠨᠢ ᠨᠡᠶᠢᠳᠡᠮ ᠤᠨ ᠦᠵᠡᠭᠳᠡᠯ ᠪᠤᠯᠤᠭᠰᠠᠨ ᠪᠠᠶᠢᠨ᠎ᠠ᠃ ᠭᠡᠪᠡᠴᠦ ᠤᠢᠢᠷ᠎ᠠ ᠶᠢᠨ ᠵᠢᠯ ᠤᠨ ᠰᠢᠨ᠎ᠠ ᠪᠠᠷ ᠨᠠᠶᠢᠷᠠᠭᠤᠯᠤᠭᠰᠠᠨ ᠬᠢᠴᠢᠶᠡᠯ ᠤᠨ ᠪᠢᠴᠢᠭ ᠲᠤ ᠤᠤᠭᠠᠯ ᠰᠤᠶᠤᠯ ᠢ ᠤᠬᠠᠮᠰᠠᠷ ᠲᠠᠢ᠂ ᠰᠠᠨᠠᠭᠠᠴᠢᠯᠠᠭ᠎ᠠ ᠲᠠᠢ᠂ ᠲᠤᠳᠤᠷᠬᠠᠢ ᠵᠤᠷᠢᠯᠭ᠎ᠠ ᠲᠠᠢ ᠪᠠᠷ ᠬᠢᠴᠢᠶᠡᠯ ᠤᠨ ᠪᠢᠴᠢᠭ ᠤᠨ ᠠᠭᠤᠯᠭ᠎ᠠ ᠳᠤ ᠪᠠᠭᠳᠠᠭᠠᠵᠤ᠂ ᠪᠠᠭᠰᠢ ᠰᠤᠷᠤᠭᠴᠢᠳ ᠤᠨ ᠤᠤᠭᠠᠯ ᠰᠤᠶᠤᠯ‌‍ᠤᠨ ᠢᠶᠠᠨ ᠲᠤᠬᠠᠢ ᠲᠠᠨᠢᠵᠤ ᠮᠡᠳᠡᠬᠦ᠂ ᠤᠯᠠᠮᠵᠢᠯᠠᠵᠤ ᠵᠠᠯᠭᠠᠮᠵᠢᠯᠠᠬᠤ᠂ ᠰᠡᠷᠡᠵᠦ ᠮᠡᠳᠡᠷᠡᠬᠦ᠂ ᠡᠵᠡᠮᠰᠢᠵᠤ ᠬᠤᠷᠠᠮᠳᠤᠭᠤᠯᠬᠤ ᠳᠤ ᠲᠦᠢᠯ ᠤᠨ ᠴᠢᠬᠤᠯᠨ ᠪᠤᠰᠤᠳᠴᠢ ᠮᠠᠲ᠋ᠧᠷᠢᠶᠠᠯ ᠢ ᠬᠠᠩᠭᠠᠭᠰᠠᠨ ᠤᠳᠬ᠎ᠠ ᠠᠭᠤᠯᠭ᠎ᠠ ᠲᠠᠢ ᠪᠤᠯᠤᠭᠰᠠᠨ ᠨᠢ ᠪᠠᠶᠠᠷᠯᠠᠭᠤᠰᠢᠳᠠᠢ᠃ ᠡᠳᠡᠭᠡᠷ ᠮᠠᠲ᠋ᠧᠷᠢᠶᠠᠯ ᠢ ᠠᠰᠢᠭᠯᠠᠵᠤ᠂ ᠤᠤᠭᠠᠯ ᠰᠤᠶᠤᠯ ᠢᠶᠠᠨ ᠲᠠᠨᠢᠨ᠂ ᠤᠤᠭᠠᠯ ᠰᠤᠶᠤᠯ ᠢᠶᠠᠨ ᠤᠯᠠᠮᠵᠢᠯᠠᠵᠤ ᠵᠠᠯᠭᠠᠮᠵᠢᠯᠠᠬᠤ ᠪᠤᠯ ᠪᠢᠳᠠᠨ ᠤ ᠲᠠᠷᠬᠠᠨ ᠡᠭᠦᠷᠭᠡ ᠮᠦᠨ᠃      ᠨᠢᠭᠡ᠂ ᠵᠠᠩ ᠵᠠᠩᠰᠢᠯ ᠤᠨ ᠰᠤᠶᠤᠯ ᠤᠨ ᠲᠤᠬᠠᠢ      ︽ᠮᠤᠩᠭᠤᠯ ᠬᠡᠯᠨ︾ ᠭᠡᠬᠦ ᠰᠢᠯᠦᠭ ᠤᠨ ︽ᠰᠠᠶᠢᠨ ᠤᠤ︖ ᠭᠡᠵᠦ ᠲᠠᠨ ᠲᠠᠢ ᠮᠠᠨᠳᠤᠯᠠᠶ᠎ᠠ᠂ ᠰᠠᠶᠢᠨ ᠭᠡᠵᠦ ᠦᠴᠢᠬᠦ ᠶᠢ ᠴᠢᠨᠢ ᠰᠤᠨᠤᠰᠤᠶ᠎ᠠ︾ ᠭᠡᠬᠦ ᠪᠠᠳᠠᠭ ᠲᠤ ᠮᠤᠩᠭᠤᠯ ᠦᠨᠳᠦᠰᠦᠳᠠᠨ ᠤ ᠠᠭᠤᠯᠵᠠᠵᠤ ᠤᠴᠠᠷᠠᠮᠠᠭᠴᠠ ︽ᠰᠠᠶᠢᠨ ᠤᠤ︖︾ ᠭᠡᠵᠦ ᠠᠮᠤᠷ ᠮᠡᠨᠳᠤ ᠠᠰᠠᠭᠤᠵᠤ ᠠᠭᠤᠯᠵᠠᠵᠤ ᠤᠴᠠᠷᠠᠳᠠᠭ ᠰᠠᠶᠢᠨ ᠰᠠᠶᠢᠬᠠᠨ ᠵᠠᠩ ᠵᠠᠩᠰᠢᠯ ᠢ ᠲᠤᠰᠬᠠᠭᠰᠠᠨ ᠪᠠᠶᠢᠳᠠᠭ᠃ ᠮᠦᠨ ᠡᠨ᠋ᠨ ᠰᠢᠯᠦᠭ ᠲᠤ ︽ᠠᠮᠤᠷ︕︾ ᠭᠡᠵᠦ ᠮᠦᠷᠭᠦᠨ ᠵᠤᠯᠭᠠᠳᠠᠭ ᠵᠠᠩᠰᠢᠯ ᠴᠤ ᠳᠤᠷᠠᠳᠤᠭᠳᠠᠭᠰᠠᠨ ᠪᠠᠶᠢᠳᠠᠭ᠃ ᠮᠤᠩᠭᠤᠯ ᠦᠨᠳᠦᠰᠦᠳᠠᠨ ᠤ ᠪᠠᠨ ᠰᠠᠶᠢᠨ ᠰᠠᠶᠢᠬᠠᠨ ᠵᠠᠩᠰᠢᠯ ᠢᠶᠠᠨ ᠤᠯᠠᠮᠵᠢᠯᠠᠵᠤ᠂ ᠦᠭᠡᠷ᠎ᠡ ᠪᠤᠰᠤᠳ ᠠᠴᠠ ᠢᠯᠭᠠᠭᠳᠠᠬᠤ ᠦᠪᠡᠷᠮᠢᠴᠡ ᠤᠨᠴᠠᠯᠢᠭ ᠲᠠᠢ ᠠᠮᠢᠳᠤᠷᠠᠬᠤ ᠪᠤᠯ ᠪᠢᠳᠠᠨ ᠤ ᠵᠠᠶᠢᠯᠠᠭᠤᠯᠵᠤ ᠪᠤᠯᠤᠰᠢ ᠦᠬᠡᠢ ᠬᠠᠷᠢᠭᠤᠴᠠᠯᠭ᠎ᠠ ᠮᠦᠨ᠃ ᠤᠷᠳᠤᠰ ᠨᠤᠳᠤᠭ ᠪᠤᠯ ᠮᠤᠩᠭᠤᠯ ᠦᠨᠳᠦᠰᠦᠳᠠᠨ ᠤ ᠵᠠᠩ ᠵᠠᠩᠰᠢᠯ ᠢ ᠨᠡᠯᠢᠶᠡᠳ ᠪᠦᠷᠢᠨ ᠪᠦᠳᠦᠨ ᠬᠠᠳᠠᠭᠠᠯᠠᠵᠤ ᠪᠠᠶᠢᠭ᠎ᠠ ᠭᠠᠵᠠᠷ ᠤᠷᠤᠨ ᠪᠤᠯᠤᠨ᠎ᠠ᠃ ᠵᠦᠪᠬᠡᠨ ︽ᠴᠠᠭᠠᠨ ᠰᠠᠷ᠎ᠠ ᠶᠢᠨ ᠵᠤᠯᠭᠠᠯᠳᠠ ᠬᠢᠬᠦ ᠶᠤᠰᠤ︾ ︵ᠴᠠᠭᠠᠯᠠᠬᠤ ᠶᠤᠰᠤ︶ ᠠᠴᠠ ᠦᠵᠡᠪᠡᠴᠦ ᠠᠬᠠᠮᠠᠳ ᠨᠠᠰᠤᠳᠠᠨ ᠳᠤ ᠴᠠᠭᠠᠯᠠᠬᠤ ᠪᠠᠷ ᠤᠴᠢᠪᠠᠯ ᠠᠭᠤᠯᠵᠠᠩᠭᠤᠳᠠ ︽ᠠᠮᠤᠷ︕︾ ᠭᠡᠵᠦ ᠰᠦᠬᠦᠷᠡᠨ ᠮᠦᠷᠭᠦᠵᠦ᠂ ᠪᠡᠯᠭᠡ ᠲᠡᠮᠪᠡᠷᠢᠯ ᠲᠠᠢ ᠦᠭᠡ ᠬᠡᠯᠡᠭᠡᠳ᠂ ᠭᠡᠷ ᠲᠤ ᠤᠷᠤᠭᠰᠠᠨ ᠤ ᠬᠤᠶᠢᠨ᠎ᠠ ᠬᠠᠳᠠᠭ ᠲᠠᠳᠠᠵᠤ ᠬᠦᠬᠦᠷ ᠰᠤᠯᠢᠯᠴᠠᠭᠠᠳ ᠶᠡᠬᠡᠴᠤᠳ ᠲᠤ ᠵᠠᠯᠪᠠᠷᠢᠵᠤ ᠮᠦᠷᠭᠦᠨ᠂ ᠬᠠᠨᠵᠤᠨ ᠳᠤ ᠰᠠᠭᠤᠭᠰᠠᠨ ᠤ ᠲᠠᠷᠠᠭ᠎ᠠ ︽ᠴᠠᠭᠠᠨ ᠢᠳᠡᠭᠡ︾ ︵ᠠᠶᠠᠭ᠎ᠠ ᠪᠤᠶᠤ ᠴᠤᠮᠤ ᠡᠰᠡᠬᠦᠯ᠎ᠡ ᠬᠤᠨᠳᠠᠭᠠᠨ ᠳᠤ ᠴᠠᠭᠠᠨ ᠢᠳᠡᠭᠡ ᠬᠢᠭᠡᠳ ᠬᠤᠶᠠᠷ ᠴᠢᠪᠠᠭ᠎ᠠ ᠲᠠᠯᠪᠢᠳᠠᠭ︶ ᠠᠮᠰᠠᠵᠤ᠂ ᠶᠠᠷᠢᠶ᠎ᠠ ᠬᠦᠭᠡᠷᠦᠭᠡ ᠡᠭᠦᠰᠭᠡᠨ᠂ ᠨᠢᠭᠡᠳᠡᠬᠢ ᠴᠠᠢ ︵ᠰᠢᠨ᠎ᠡ ᠶᠢᠨ ᠴᠠᠢ ᠭᠡᠨ᠎ᠡ︶ ᠪᠠᠨ ᠤᠤᠭᠤᠳᠠᠭ᠃ ᠰᠢᠨ᠎ᠡ ᠶᠢᠨ ᠴᠠᠢ ᠤᠤᠭᠤᠭᠰᠠᠨ ᠤ ᠲᠠᠷᠠᠭ᠎ᠠ ᠠᠶᠢᠯᠴᠢᠯᠠᠭ᠎ᠠ ᠪᠠᠨ ᠭᠦᠢᠴᠡᠳᠬᠡᠵᠦ᠂ ᠬᠠᠨᠵᠤᠨ ᠳᠤ ᠲᠠᠬᠢᠨ ᠭᠠᠷᠴᠤ ᠬᠤᠶᠠᠳᠠᠬᠢ ᠴᠠᠢ ︵ᠨᠢᠭᠡᠳᠡᠬᠢ ᠴᠠᠢ ᠪᠤᠯ ᠠᠮᠰᠠᠳᠠᠭ ᠴᠠᠢ᠂ ᠬᠤᠶᠠᠳᠠᠬᠢ ᠴᠠᠢ ᠪᠤᠯ ᠢᠳᠡᠵᠤ ᠤᠤᠭᠤᠳᠠᠭ ᠴᠠᠢ︶ ᠪᠠᠨ ᠤᠤᠭᠤᠳᠠᠭ᠃ ᠲᠠᠷᠠᠭ᠎ᠠ ᠨᠢ ᠭᠡᠷ ᠤᠨ ᠡᠵᠡᠨ ᠠᠴᠠ ᠰᠢᠨ᠎ᠡ ᠶᠢᠨ ᠠᠷᠢᠬᠢ ᠪᠠᠷᠢᠵᠤ ᠵᠤᠭᠤᠭᠳᠠᠨ ᠰᠠᠭᠤᠳᠠᠭ᠃ ᠰᠢᠨ᠎ᠡ ᠶᠢᠨ ᠠᠷᠢᠬᠢ ᠶᠢ ᠶᠤᠰᠤ ᠶᠢᠨ ᠲᠡᠳᠦᠢ ᠭᠦᠢᠴᠡᠳᠬᠡᠵᠦ ᠶᠡᠬᠡᠪᠡᠷ ᠱᠠᠯᠠᠳᠠᠭ ᠦᠭᠡᠢ᠂ ᠶᠠᠷᠢᠯᠴᠠᠬᠤ ᠪᠠᠷ ᠭᠤᠤᠯ ᠪᠤᠯᠭᠠᠵᠤ ᠰᠠᠭᠤᠳᠠᠭ᠃ ᠲᠡᠮᠡᠢ ᠤᠳᠠᠯ ᠦᠭᠡᠢ ᠰᠢᠨ᠎ᠡ ᠶᠢᠨ ᠪᠤᠳᠠᠭ᠎ᠠ ︵ᠮᠢᠬ᠎ᠠ ᠬᠦᠰᠭᠦᠯᠡᠭᠰᠡᠨ ᠰᠢᠩᠭᠡᠨ ᠪᠤᠳᠠᠭ᠎ᠠ ᠪᠠᠷ ᠭᠤᠤᠯᠯᠠᠨ᠎ᠠ︶ ᠠᠮᠰᠠᠵᠤ᠂ ᠮᠤᠷᠳᠠᠬᠤ ᠴᠢᠬᠤᠯᠨ ᠲᠠᠢ ᠨᠢ ᠮᠤᠷᠳᠠᠵᠤ᠂ ᠦᠨᠵᠢᠵᠦ ᠬᠤᠨᠤᠬᠤ ᠪᠤᠶᠤ ᠶᠠᠭᠠᠷᠠᠯ ᠦᠭᠡᠢ ᠳᠤ ᠨᠢ ᠰᠠᠶ᠋ᠢ ᠲᠠᠬᠢᠨ ᠠᠷᠢᠬᠢ ᠬᠡᠮᠨᠡᠵᠦ ᠨᠠᠶᠢᠷ ᠢᠶᠠᠨ ᠡᠬᠢᠯᠡᠳᠡᠭ᠃ ᠮᠤᠷᠳᠠᠵᠤ ᠶᠠᠪᠤᠬᠤ ᠳᠤ ᠨᠢ ᠲᠦᠷᠦᠭᠡ ᠴᠢᠩᠭᠠᠷᠠᠭᠤᠯᠵᠤ ᠭᠠᠷ ᠬᠤᠭᠤᠰᠤᠨ ᠭᠠᠷᠭᠠᠳᠠᠭ ᠦᠭᠡᠢ ᠁ ᠵᠠᠩ ᠵᠠᠩᠰᠢᠯ ᠢᠶᠠᠨ ᠲᠤᠳᠤᠷᠬᠠᠢ ᠮᠡᠳᠡᠭᠦ ᠦᠭᠡᠢ ᠬᠦᠮᠦᠰ ᠯᠨ ᠠᠭᠤᠯᠵᠠᠩᠭᠤᠳᠠ ︽ᠠᠪᠤ ᠡᠵᠢ ᠲᠠᠢ ᠪᠠᠨ ᠭᠠᠷ ᠠᠳᠬᠤᠬᠤ︾᠂ ︽ᠠᠬᠠᠮᠠᠳ ᠶᠠᠬᠡᠴᠦᠳ ᠲᠠᠢ ᠤᠴᠠᠷᠠᠪᠠᠴᠤ ᠭᠤᠷᠦ᠋ᠢᠵᠤ ᠵᠤᠭᠰᠤᠬᠤ︾᠂ ︽ᠰᠢᠨ᠎ᠡ ᠪᠡᠷᠢ ᠨᠢ ᠭᠠᠷ ᠢᠶᠠᠨ ᠰᠤᠩᠭᠠᠨ ᠬᠠᠳᠠᠮ ᠡᠴᠢᠭᠡ ᠲᠠᠢ ᠪᠠᠨ ᠭᠠᠷ ᠠᠳᠬᠤᠬᠤ︾ ᠁ ᠵᠡᠷᠭᠡ ᠤᠴᠢᠷ ᠢ ᠬᠢᠳᠡᠭ᠃ ᠤᠤᠭᠠᠯ ᠰᠤᠶᠤᠯ ᠳᠤ ᠬᠢ ᠵᠠᠩ ᠵᠠᠩᠰᠢᠯ ᠤᠨ ᠤᠬᠢ ᠰᠢᠯᠢᠳᠡᠭ ᠵᠦᠢᠯ ᠢ ᠤᠯᠠᠮᠵᠢᠯᠠᠵᠤ ᠵᠠᠯᠭᠠᠮᠵᠢᠯᠠᠬᠤ ᠨᠢ ᠠᠮᠢᠳᠤᠷᠠᠯ ᠤᠨ ᠰᠠᠶᠢᠨ ᠰᠠᠶᠢᠬᠠᠨ ᠲᠠᠳᠬᠠᠯ ᠢ ᠬᠦᠮᠦᠵᠢᠭᠦᠯᠵᠦ᠂ ᠦᠪᠡᠷᠮᠢᠴᠡ ᠵᠠᠩ ᠲᠠᠳᠬᠠᠯ ᠲᠠᠢ ᠪᠤᠯᠤᠨ᠂ ᠶᠤᠰᠤ ᠲᠠᠢ ᠨᠤᠮ ᠲᠠᠢ ᠬᠡᠤᠬᠡᠳ ᠪᠤᠯᠤᠨ ᠬᠦᠮᠦᠵᠢᠭᠳᠡᠬᠦ ᠳᠤ ᠨᠢ ᠠᠰᠢᠭ ᠲᠠᠢ ᠮᠦᠷᠳᠡᠭᠡᠨ ᠡᠳᠡᠭᠡᠷ ᠲᠠᠢ ᠬᠤᠯᠪᠤᠭᠳᠠᠭᠰᠠᠨ ᠬᠡᠯᠨ ᠬᠡᠯᠡᠯᠭᠡ ᠶᠢᠨ ᠲᠤᠬᠠᠢ ᠮᠡᠳᠡᠷᠡᠮᠵᠢ ᠪᠠᠨ ᠨᠡᠮᠡᠭᠳᠡᠭᠦᠯᠦᠨ᠂ ᠦᠨᠳᠦᠰᠦᠳᠠᠨ ᠤ ᠦᠪᠡᠷᠮᠢᠴᠡ ᠤᠨᠴᠠᠯᠢᠭ ᠪᠦᠬᠦᠢ ᠵᠤᠬᠢᠶᠠᠯ ᠪᠦᠳᠦᠭᠡᠯ ᠢ ᠠᠮᠳᠠᠷᠬᠠᠨ ᠰᠤᠨᠢᠷᠬᠠᠬᠤ ᠶᠠᠪᠤᠴᠠ ᠳᠤ ᠬᠢ ᠬᠠᠷᠰᠢ ᠰᠠᠭᠠᠳ ᠢᠶᠠᠨ ᠠᠷᠢᠯᠭᠠᠵᠤ ᠲᠡᠶᠢᠯᠤᠨ᠎ᠡ᠃ ᠵᠢᠱᠢᠶᠡᠯᠡᠪᠡᠯ᠄ ᠡᠮᠦᠨᠡᠬᠢ ᠵᠢᠱᠢᠶᠡᠨ ᠠᠴᠠ ᠦᠵᠡᠪᠡᠯ᠂ ︽ᠰᠦᠬᠦᠷᠡᠨ ᠮᠦᠷᠬᠦᠬᠦ᠂ ᠵᠠᠯᠪᠠᠷᠢᠨ ᠮᠦᠷᠭᠦᠬᠦ᠂ ᠴᠠᠭᠠᠨ ᠢᠳᠡᠭᠡ᠂ ᠴᠠᠢ ᠠᠮᠰᠠᠬᠤ᠂ ᠬᠠᠳᠠᠭ ᠲᠠᠳᠠᠬᠤ᠂ ᠬᠦᠭᠦᠷ ᠰᠤᠯᠢᠯᠴᠠᠬᠤ᠂ ᠰᠢᠨ᠎ᠡ ᠶᠢᠨ ᠪᠤᠳᠠᠭ᠎ᠠ᠂ ᠲᠦᠷᠦᠭᠡ ᠴᠢᠩᠭᠠᠷᠠᠭᠤᠯᠬᠤ᠂ ᠭᠠᠷ ᠬᠤᠭᠤᠰᠤᠨ︾ ᠵᠡᠷᠭᠡ ᠦᠭᠡᠰ ᠨᠢ ᠶᠠᠮᠠᠷ ᠶᠠᠭᠤᠮ᠎ᠠ ᠶᠢ ᠵᠢᠭᠠᠵᠤ ᠪᠠᠶᠢᠬᠤ᠂ ᠶᠠᠮᠠᠷ ᠦᠶ᠎ᠡ ᠶᠢᠨ ᠤᠴᠢᠷ ᠦᠵᠡᠭᠳᠡᠯ ᠢ ᠵᠢᠭᠠᠵᠤ ᠪᠠᠶᠢᠬᠤ᠂ ᠶᠠᠮᠠᠷ ᠰᠠᠨᠠᠭ᠎ᠠ ᠰᠡᠳᠬᠢᠯᠭᠡ ᠪᠠᠨ ᠢᠯᠡᠳᠭᠡᠵᠦ ᠪᠠᠶᠢᠬᠤ ᠶᠢ ᠤᠶᠢᠯᠠᠭᠠᠵᠤ ᠰᠡᠷᠡᠵᠤ ᠮᠡᠳᠡᠵᠦ ᠪᠤᠯᠤᠨ᠎ᠠ᠃      ᠬᠢᠴᠢᠶᠡᠯ ᠤᠨ ᠪᠢᠴᠢᠭ ᠲᠤ ᠬᠢ ︽ᠤᠩᠭᠤᠨ ᠪᠠᠶᠢᠭᠠᠯᠢ ᠶᠢᠨ ᠢᠪᠡᠭᠡᠯ ᠬᠠᠶᠢᠷ᠎ᠠ — ᠠᠩᠨᠠᠯ ᠮᠠᠯᠵᠢᠯ︾ ᠭᠡᠬᠦ ᠵᠤᠬᠢᠶᠠᠯ ᠳᠤ ᠮᠤᠩᠭᠤᠯᠴᠤᠳ ︽ᠡᠷᠳᠡ ᠦᠶ᠎ᠡ ᠳᠤ ᠠᠷᠢᠶᠠᠳᠠᠨ ᠵᠢᠭᠦᠷᠳᠡᠨ ᠢ ᠤᠷᠬ᠎ᠠ ᠲᠤᠤᠷ ᠢᠶᠠᠷ ᠪᠠᠷᠢᠬᠤ᠂ ᠨᠤᠮᠤ ᠰᠤᠮᠤ ᠪᠠᠷ ᠬᠠᠷᠪᠤᠬᠤ ᠪᠤᠶᠤ ᠬᠠᠷᠴᠠᠭᠠᠢ ᠱᠤᠩᠬᠤᠷ ᠢᠶᠠᠷ ᠪᠠᠷᠢᠭᠤᠯᠬᠤ︾ ᠮᠡᠳᠦ ᠶᠢᠨ ᠠᠷᠭ᠎ᠠ ᠪᠠᠷᠢᠯ ᠢ ᠬᠡᠷᠡᠭᠯᠡᠵᠦ᠂ ᠠᠷᠢᠶᠠᠳᠠᠨ ᠠᠮᠢᠳᠠᠨ ᠢ ᠠᠩᠨᠠᠵᠤ ᠪᠠᠶᠢᠭᠰᠠᠨ ᠴᠤ ︽ᠲᠠᠭᠠᠷᠠᠯᠳᠤᠭᠰᠠᠨ ᠪᠦᠬᠦᠨ ᠢ ᠲᠠᠭᠠᠷᠢᠵᠤ᠂ ᠦᠵᠡᠭᠰᠡᠨ ᠠᠮᠢᠳᠠᠨ ᠢ ᠦᠨᠳᠦᠰᠦ ᠪᠠᠷ ᠨᠢ ᠠᠯᠠᠬᠤ ᠪᠢᠰᠢ ᠪᠦᠭᠡᠳ ᠵᠢᠯ ᠤᠨ ᠲᠦᠷᠪᠡᠨ ᠤᠯᠠᠷᠢᠯ ᠳᠤ ᠡᠳᠤᠷ ᠪᠤᠯᠭᠠᠨ ᠠᠩ ᠭᠦᠷᠦᠭᠡ ᠬᠢᠵᠦ ᠠᠯᠠᠵᠤ ᠨᠢᠳᠤᠯᠳᠠᠭ ᠦᠭᠡᠢ︾᠂ ᠲᠤᠭᠳᠠᠭᠰᠠᠨ ᠴᠠᠭ ᠤᠯᠠᠷᠢᠯ ᠲᠠᠢ ᠮᠦᠷᠳᠡᠭᠡᠨ ︽ᠬᠡᠭᠡᠯ ᠲᠠᠢ ᠠᠮᠢᠳᠠᠨ᠂ ᠬᠦᠬᠦᠭᠦᠯ ᠠᠮᠢᠳᠠᠨ᠂ ᠨᠢᠯᠬ᠎ᠠ ᠲᠦᠯ ᠢ ᠠᠯᠠᠬᠤ ᠦᠭᠡᠢ ᠵᠠᠩᠰᠢᠯ ᠲᠠᠢ︾ ᠭᠡᠵᠦ ᠲᠤᠳᠤᠷᠬᠠᠢ ᠲᠡᠮᠳᠡᠭᠯᠡᠵᠦ ᠪᠠᠶᠢᠬᠤ ᠮᠦᠷᠳᠡᠭᠡᠨ ᠠᠮᠢ ᠠᠬᠤᠢ ᠶᠢᠨ ᠬᠤᠪᠢ ᠳᠤ ᠪᠡᠯᠴᠢᠭᠡᠷ ᠡᠪᠡᠰᠦ ᠶᠢ ᠬᠠᠮᠠᠭᠠᠯᠠᠬᠤ ᠶᠢᠨ ᠲᠦᠯᠦᠭᠡ ᠮᠠᠯ ᠰᠦᠷᠦᠭ ᠤᠨ ᠢᠳᠡᠰᠢᠯᠡᠯᠳᠡ ᠪᠠ ᠨᠤᠳᠤᠭ ᠪᠡᠯᠴᠢᠭᠡᠷ ᠤᠨ ᠲᠠᠭᠠᠭᠠᠴᠠ ᠶᠢ ᠵᠦᠢ ᠵᠤᠬᠢᠰᠳᠠᠢ ᠲᠤᠬᠢᠷᠠᠭᠤᠯᠵᠤ᠂ ᠠᠰᠢᠭᠯᠠᠯᠳᠠ ᠶᠢ ᠵᠤᠬᠢᠴᠠᠩᠭᠤᠢ ᠪᠠᠶᠢᠯᠭᠠᠨ᠂ ︽ᠬᠠᠪᠤᠷᠵᠢᠶ᠎ᠠ᠂ ᠵᠤᠰᠠᠯᠠᠩ᠂ ᠨᠠᠮᠤᠷᠵᠢᠶ᠎ᠠ᠂ ᠡᠪᠤᠯᠵᠢᠶ᠎ᠡ︾ ᠭᠡᠬᠦ ᠨᠡᠭᠦᠳᠡᠯ ᠢ ᠲᠤᠭᠳᠠᠭᠠᠨ᠂ ᠤᠳᠤᠷᠯᠠᠬᠤ ᠴᠠᠭ᠂ ᠪᠠᠶᠢᠷᠢ ᠪᠠᠶᠢᠴᠠ ᠪᠠᠨ ᠰᠤᠩᠭᠤᠨ ᠲᠤᠬᠢᠷᠠᠭᠤᠯᠳᠠᠭ︔ ᠬᠦᠷᠦᠰᠦ ᠦᠨᠳᠦᠰᠦ ᠶᠢ ᠬᠠᠮᠠᠭᠠᠯᠠᠬᠤ ᠶᠢᠨ ᠲᠦᠯᠦᠭᠡ ︽ᠮᠤᠩᠭᠤᠯ ᠶᠤᠰᠤ ᠵᠠᠩᠰᠢᠯ ᠳᠤ ᠬᠠᠭᠳᠠ ᠨᠢᠳᠤᠯᠠᠵᠤ ᠬᠠᠩᠰᠢ ᠪᠤᠯᠬᠤ ᠠᠴᠠ ᠡᠮᠦᠨ᠎ᠡ ᠪᠤᠶᠤ ᠲᠡᠭᠷᠢ ᠲᠤᠤᠭᠠᠷᠴᠤ ᠪᠤᠷᠤᠭᠠᠨ ᠤᠷᠤᠬᠤ ᠠᠴᠠ ᠤᠷᠢᠳ ᠭᠠᠵᠠᠷ ᠬᠦᠨᠳᠡᠵᠦ᠂ ᠬᠦᠷᠦᠰᠦ ᠰᠢᠷᠤᠢ ᠤᠬᠤᠵᠤ ᠮᠠᠯᠳᠠᠬᠤ ᠶᠢ ᠴᠡᠭᠡᠷᠯᠡᠳᠡᠭ᠃ ᠠᠶᠠᠨ ᠵᠢᠩ᠂ ᠤᠳᠤᠷ ᠨᠡᠭᠦᠳᠡᠯ ᠳᠤ ᠶᠠᠪᠤᠬᠤ ᠳᠤ ᠪᠠᠨ ᠠᠰᠢᠭᠯᠠᠵᠤ ᠮᠠᠯᠳᠠᠭᠰᠠᠨ ᠭᠠᠵᠠᠷ ᠵᠤᠤᠬ᠎ᠠ ᠪᠠᠨ ᠪᠤᠯᠠᠵᠤ᠂ ᠬᠦᠷᠦᠰᠦ ᠶᠢ ᠨᠢ ᠲᠠᠷᠤᠵᠤ ᠲᠠᠯᠪᠢᠳᠠᠭ᠃ ᠨᠡᠭᠦᠳᠡᠯ ᠪᠠᠭᠤᠳᠠᠯ ᠬᠢᠬᠦ ᠳᠤ ᠪᠠᠨ ᠭᠡᠷ ᠤᠨ ᠪᠠᠭᠤᠷᠢ ᠪᠠᠨ ᠴᠡᠪᠡᠷᠯᠡᠵᠦ᠂ ᠵᠤᠤᠬ᠎ᠠ ᠲᠤᠯᠭ᠎ᠠ ᠶᠢᠨ ᠤᠷᠤᠮ ᠢ ᠰᠢᠷᠤᠢ ᠪᠠᠷ ᠲᠠᠷᠤᠳᠠᠭ᠃ ᠮᠤᠷᠢ ᠮᠠᠯ ᠤᠨ ᠤᠶᠠᠭ᠎ᠠ ᠪᠤᠶᠤ ᠬᠤᠷᠢᠶ᠎ᠠ ᠬᠠᠰᠢᠶᠠᠨ ᠤ ᠪᠤᠯᠠᠭᠠᠷ ᠮᠤᠳᠤᠨ ᠤ ᠨᠦᠬᠡ ᠶᠢ ᠪᠤᠯᠠᠵᠤ ᠲᠡᠭᠰᠢᠯᠡᠳᠡᠭ︾︔ ᠤᠰᠤᠨ ᠰᠤᠷᠪᠤᠯᠵᠢ ᠶᠢ ᠬᠠᠮᠠᠭᠠᠯᠠᠬᠤ ᠶᠢᠨ ᠲᠦᠯᠦᠭᠡ ︽ᠤᠷᠤᠨ ᠰᠠᠭᠤᠴᠠ ᠪᠠᠨ ᠭᠤᠤᠯ ᠮᠦᠷᠡᠨ᠂ ᠪᠤᠯᠠᠭ ᠭᠤᠷᠤᠬ᠎ᠠ ᠠᠴᠠ ᠵᠠᠶᠢᠳᠠᠭᠤ ᠪᠠᠶᠢᠷᠢᠰᠢᠭᠤᠯᠬᠤ᠂ ᠬᠤᠳᠳᠤᠭ ᠤᠰᠤᠨ ᠤ ᠤᠶᠢᠷᠠᠯᠴᠠᠭ᠎ᠠ ᠬᠤᠭ ᠨᠤᠪᠰᠢ ᠬᠠᠶᠠᠬᠤ ᠶᠢ ᠴᠡᠭᠡᠷᠯᠡᠬᠦ᠂ ᠪᠤᠯᠠᠭ ᠭᠤᠷᠤᠬ᠎ᠠ ᠶᠢᠨ ᠡᠬᠢ ᠪᠤᠯᠤᠨ ᠭᠤᠤᠯ ᠮᠦᠷᠡᠨ ᠤ ᠡᠷᠬᠢ ᠳᠤ ᠬᠢ ᠤᠷᠭᠤᠭ᠎ᠠ ᠮᠤᠳᠤ ᠶᠢ ᠤᠭᠳᠤᠯᠬᠤ ᠶᠢ ᠬᠤᠷᠢᠭᠯᠠᠬᠤ ᠁︾ ᠵᠡᠷᠭᠡ ᠠᠷᠪᠢᠨ ᠴᠡᠭᠡᠷ ᠵᠠᠩᠰᠢᠯ ᠲᠠᠢ ᠪᠠᠶᠢᠵᠠᠢ᠃ ᠡᠨ᠋ᠨ ᠨᠢ ᠮᠤᠩᠭᠤᠯ ᠦᠨᠳᠦᠰᠦᠳᠠᠨ ᠤ ᠨᠡᠭᠦᠳᠡᠯ ᠠᠮᠢᠳᠤᠷᠠᠯ ᠲᠠᠢ ᠨᠢᠭᠳᠠ ᠬᠠᠷᠢᠴᠠᠭ᠎ᠠ ᠲᠠᠢ ᠪᠠᠶᠢᠭᠰᠠᠨ ᠪᠠ ᠮᠤᠩᠭᠤᠯᠴᠤᠳ ᠤᠨ ᠡᠬᠡ ᠪᠠᠶᠢᠭᠠᠯᠢ ᠪᠠᠨ ᠬᠠᠶᠢᠷᠠᠯᠠᠵᠤ ᠬᠠᠮᠠᠭᠠᠯᠠᠬᠤ ᠦᠵᠡᠯᠳᠡ ᠴᠢᠩᠭ᠎ᠠ᠂ ᠤᠬᠠᠮᠰᠠᠷ ᠦᠨᠳᠦᠷ ᠪᠠᠶᠢᠭᠰᠠᠨ ᠤ ᠨᠤᠳᠠᠳᠠᠢ ᠭᠡᠷᠡᠴᠢ ᠮᠦᠨ᠃ ᠮᠤᠩᠭᠤᠯᠴᠤᠳ ᠲᠤ ᠡᠬᠡ ᠪᠠᠶᠢᠭᠠᠯᠢ ᠲᠠᠢ ᠬᠤᠯᠪᠤᠭᠳᠠᠭᠰᠠᠨ ᠴᠡᠭᠡᠷ ᠶᠤᠰᠤ ᠪᠠᠶᠢᠬᠤ ᠠᠴᠠ ᠭᠠᠳᠠᠨ᠎ᠠ ᠠᠮᠢᠳᠤᠷᠠᠯ ᠠᠬᠤᠢ ᠲᠠᠢ ᠬᠤᠯᠪᠤᠭᠳᠠᠭᠰᠠᠨ ᠴᠡᠭᠡᠷ ᠶᠤᠰᠤ ᠴᠤ ᠠᠷᠪᠢᠨ ᠪᠠᠶᠢᠳᠠᠭ᠃ ᠲᠡᠭᠡᠷᠡᠬᠢ ᠵᠤᠬᠢᠶᠠᠯ ᠳᠤ ᠮᠤᠩᠭᠤᠯᠴᠤᠳ ᠤᠨ ︽ᠬᠦᠮᠦᠨ ᠤ ᠨᠡᠷ᠎ᠡ ᠶᠢ ᠴᠡᠭᠡᠷᠯᠡᠬᠦ︾᠂ ︽ᠠᠮᠢᠳᠠᠨ ᠤ ᠨᠡᠷ᠎ᠡ ᠶᠢ ᠴᠡᠭᠡᠷᠯᠡᠬᠦ︾᠂ ︽ᠦᠬᠦᠵᠦ ᠲᠦᠷᠦᠬᠦ ᠲᠠᠢ ᠬᠤᠯᠪᠤᠭᠳᠠᠬᠤ ᠦᠭᠡᠰ ᠢ ᠴᠡᠭᠡᠷᠯᠡᠬᠦ︾᠂ ︽ᠡᠪᠡᠳᠴᠢᠨ ᠤ ᠨᠡᠷ᠎ᠡ ᠶᠢ ᠴᠡᠭᠡᠷᠯᠡᠬᠦ︾ ᠲᠤᠬᠠᠢ ᠲᠤᠳᠤᠷᠬᠠᠢ ᠶᠠᠷᠢᠭᠰᠠᠨ ᠪᠠᠶᠢᠳᠠᠭ᠃ ︽ᠦᠶᠡᠷ︾ ᠭᠡᠬᠦ ᠵᠤᠬᠢᠶᠠᠯ ᠳᠤ ︽ᠡᠮᠡᠭᠡᠨ ᠦᠶᠡᠷ ᠤᠨ ᠤᠰᠤᠨ ᠲᠤᠮᠳᠠᠭᠤᠷ ᠲᠤᠷᠦ᠋ᠢᠨ ᠠᠯᠤᠰᠯᠠᠬᠤ ᠵᠠᠪᠢ ᠶᠢᠨ ᠬᠤᠶᠢᠨ᠎ᠠ ᠠᠴᠠ ᠬᠠᠷᠠᠵᠤ ᠭᠡᠰᠡᠭ ᠵᠤᠭᠰᠤᠭᠰᠠᠨ ᠢᠶᠠᠨ ᠭᠡᠨᠡᠳᠳᠡ ᠡᠷᠭᠢᠵᠦ ᠮᠠᠶᠢᠬᠠᠨ ᠳᠤ ᠪᠠᠨ ᠭᠦᠶᠦᠬᠦ ᠰᠢᠬᠠᠮ ᠤᠷᠤᠭᠠᠳ ᠬᠤᠪᠢᠩ ᠲᠠᠢ ᠰᠦ ᠪᠠᠨ ᠠᠪᠴᠢᠷᠠᠨ ︿ᠰᠡᠯᠡᠩᠭᠡ ᠡᠵᠢ ᠮᠢᠨᠢ᠂ ᠵᠦᠳᠡᠷᠡᠭᠰᠡᠨ ᠬᠡᠤᠬᠡᠳ ᠤᠳ ᠢ᠂ ᠮᠠᠭᠤ ᠡᠪᠦᠭᠡᠨ ᠢ ᠮᠢᠨᠢ ᠡᠰᠡᠨ ᠮᠡᠨᠳᠦ ᠭᠠᠳᠤᠯᠭᠠᠵᠤ ᠬᠠᠶᠢᠷᠠᠯᠨ﹀ ᠭᠡᠵᠦ ᠠᠮᠠᠨ ᠳᠤ ᠪᠠᠨ ᠪᠦᠪᠦᠨᠡᠨ ᠰᠦ ᠰᠠᠴᠤᠨ ᠡᠷᠭᠦᠭᠰᠡᠭᠡᠷ︾ ᠭᠡᠬᠦ ᠤᠴᠢᠷ ᠲᠤ ᠮᠤᠩᠭᠤᠯᠴᠤᠳ ᠤᠨ ᠰᠠᠶᠢᠨ ᠰᠠᠶᠢᠬᠠᠨ ᠬᠦᠰᠡᠯ ᠲᠠᠭᠠᠳᠬᠠᠯ᠂ ᠵᠦᠩᠨᠡᠯ ᠢᠷᠦᠭᠡᠯ ᠢᠶᠠᠨ ᠲᠡᠪᠰᠢᠭᠦᠯᠬᠦ ᠶᠢᠨ ᠲᠦᠯᠦᠭᠡ ᠴᠠᠭᠠᠨ ᠢᠳᠡᠭᠡᠨ ᠢᠶᠠᠷ ᠲᠡᠭᠡᠳᠦ ᠲᠡᠭᠷᠢ ᠳᠤ ᠰᠠᠴᠤᠯᠢ ᠡᠷᠭᠦᠳᠡᠭ ᠵᠠᠩᠰᠢᠯ ᠲᠤᠰᠬᠠᠭᠳᠠᠵᠤ᠂ ︽ᠡᠯᠪᠡᠭ ᠲᠠᠪᠡᠯ︾ ᠭᠡᠬᠦ ᠵᠤᠬᠢᠶᠠᠯ ᠳᠤ  ︽ᠵᠨ ᠬᠦᠦ ᠮᠢᠨᠢ᠂ ᠰᠠᠶᠢᠬᠠᠨ ᠲᠡᠪᠡᠯ ᠪᠤᠯᠵᠤ ᠳ᠋ᠨ᠃ ᠡᠵᠢ ᠨᠢ ᠮᠢᠯᠢᠶᠠᠵᠤ ᠦᠵᠡᠶ᠎ᠡ︾ ᠭᠡᠵᠦ ᠡᠮᠡᠭᠡᠨ ᠠᠪᠳᠠᠷ᠎ᠠ ᠤᠷᠤᠭᠤ ᠪᠠᠨ ᠡᠷᠬᠢᠭ᠍ᠰᠡᠨ ᠲᠦᠷᠰᠦᠯᠡᠯ ᠳᠤ ᠮᠤᠩᠭᠤᠯᠴᠤᠳ ᠤᠨ ᠰᠢᠷ᠎ᠠ ᠲᠤᠰᠤ᠂ ᠰᠦ ᠵᠡᠷᠭᠡ ᠪᠠᠷ ᠰᠢᠨ᠎ᠡ ᠭᠡᠷ᠂ ᠰᠢᠨ᠎ᠡ ᠪᠡᠷᠢ᠂ ᠰᠢᠨ᠎ᠡ ᠡᠳ᠋ᠯᠡᠯ ᠁ ᠵᠡᠷᠭᠡ ᠶᠢᠨ ᠰᠠᠶᠢᠨ ᠰᠠᠶᠢᠬᠠᠨ᠂ ᠵᠤᠯ ᠵᠢᠷᠭᠠᠯ ᠲᠠᠢ᠂ ᠪᠡᠳᠤ ᠪᠦᠬᠡ ᠪᠠᠶᠢᠬᠤ ᠶᠢ ᠬᠦᠰᠡᠨ ᠵᠦᠩᠨᠡᠵᠦ ᠲᠦᠷᠬᠢᠵᠦ ᠮᠢᠯᠢᠶᠠᠳᠠᠭ ᠵᠠᠩ ᠵᠠᠩᠰᠢᠯ ᠢ ᠲᠤᠰᠬᠠᠭᠰᠠᠨ ᠪᠠᠶᠢᠳᠠᠬ᠃      ︽ᠡᠷ᠎ᠡ ᠶᠢᠨ ᠭᠤᠷᠪᠠᠨ ᠨᠠᠭᠠᠳᠤᠮ︾ ᠪᠤᠯ ᠮᠤᠩᠭᠤᠯᠴᠤᠳ ᠤᠨ ᠲᠠᠶᠢᠨ ᠲᠠᠵᠢᠨ᠂ ᠨᠠᠭᠠᠳᠤᠮ ᠴᠡᠩᠬᠡᠯ᠂ ᠪᠡᠶ᠎ᠡ ᠲᠠᠮᠢᠷ ᠲᠠᠢ ᠬᠤᠯᠪᠤᠭᠳᠠᠭᠰᠠᠨ ᠬᠠᠮᠤᠭ ᠤᠨ ᠴᠢᠬᠤᠯᠨ ᠪᠤᠯᠬᠤ ᠨᠠᠶᠢᠷ ᠨᠠᠭᠠᠳᠤᠮ‌‍ᠤᠨ ᠠᠭᠤᠯᠭ᠎ᠠ ᠪᠤᠯᠤᠨ᠎ᠠ᠃ ᠡᠳᠡᠭᠡᠷ ᠵᠠᠩ ᠵᠠᠩᠰᠢᠯ ᠤᠨ ᠲᠤᠬᠠᠢ ᠤᠶᠢᠯᠠᠭᠠᠬᠤ ᠪᠠᠷ ᠪᠠᠷᠠᠬᠤ ᠦᠭᠡᠢ ᠡᠭᠦᠨ ᠲᠠᠢ ᠬᠤᠯᠪᠤᠭᠳᠠᠭᠰᠠᠨ ᠬᠡᠯᠨ ᠬᠡᠯᠡᠯᠭᠡ ᠶᠢᠨ ᠮᠡᠳᠡᠷᠡᠮᠵᠢ ᠲᠠᠢ ᠪᠤᠯᠬᠤ ᠶᠢ ᠤᠨᠴᠠ ᠠᠩᠬᠠᠷᠪᠠᠯ ᠵᠤᠬᠢᠨ᠎ᠠ᠃ ᠪᠦᠬᠡ ᠪᠠᠷᠢᠯᠳᠤᠬᠤ ᠶᠢᠨ ᠬᠤᠪᠢ ᠠᠴᠠ ᠦᠵᠡᠪᠡᠯ᠂ ᠪᠦᠬᠡ ᠶᠢᠨ ᠠᠷᠭ᠎ᠠ ᠳᠤ ᠲᠠᠰᠢᠬᠤ᠂ ᠲᠡᠭᠡᠯᠡᠬᠦ᠂ ᠡᠭᠦᠷᠬᠦ᠂ ᠭᠤᠬᠠᠳᠠᠬᠤ᠂ ᠰᠠᠵᠢᠬᠤ᠂ ᠰᠤᠭᠰᠤᠷᠬᠤ᠂ ᠬᠠᠪᠰᠤᠷᠬᠤ᠂ ᠠᠴᠢᠶᠠᠳᠠᠬᠤ ᠁ ᠵᠡᠷᠭᠡ ᠪᠠᠶᠢᠵᠤ ᠪᠦᠬᠡ ᠶᠢᠨ ᠪᠠᠷᠢᠴᠠ ᠳᠤ ᠲᠡᠪᠡᠷᠢᠬᠦ᠂ ᠮᠦᠷᠦ ᠠᠴᠠ ᠨᠢ ᠪᠠᠷᠢᠬᠤ᠂ ᠰᠤᠯᠢᠪᠴᠠᠭᠤᠯᠵᠤ ᠪᠠᠷᠢᠬᠤ᠂ ᠬᠤᠷᠮᠦ᠋ᠢᠳᠠᠬᠤ᠂ ᠪᠦᠰᠡᠳᠡᠬᠦ ᠁ ᠵᠡᠷᠭᠡ ᠪᠠᠶᠢᠵᠤ ᠪᠦᠬᠡ ᠶᠢᠨ ᠡᠮᠦᠰᠭᠡᠯ ᠵᠡᠭᠦᠳᠡᠯ ᠳᠤ ᠵᠤᠳᠤᠭ᠂ ᠲᠤᠬᠤᠤ᠂ ᠱᠤᠳᠤᠭ᠂ ᠯᠠᠪᠠᠷᠢ᠂ ᠵᠠᠩᠭᠢᠶ᠎ᠠ ᠪᠠᠶᠢᠵᠤ᠂ ᠪᠦᠬᠡ ᠪᠠᠷᠢᠯᠳᠤᠬᠤ ᠶᠤᠰᠤᠨ ᠳᠤ ᠲᠡᠷᠢᠭᠦᠯᠡᠭᠰᠡᠨ ᠬᠦᠮᠦᠨ ᠢ ᠦᠵᠦ ᠪᠦᠬᠡ᠂ ᠲᠡᠳ᠋ᠯᠡᠭᠰᠡᠨ ᠪᠦᠬᠡ ᠶᠢ ᠵᠠᠢ ᠪᠦᠬᠡ᠂ ᠨᠢᠭᠡ ᠴᠤ ᠲᠡᠶᠢᠯᠦᠭᠰᠡᠨ ᠦᠭᠡᠢ ᠤᠨᠠᠭᠰᠠᠨ ᠪᠦᠬᠡ ᠶᠢ ᠰᠢᠷᠤᠢ ᠪᠦᠬᠡ᠂ ᠬᠤᠶᠠᠷ ᠪᠦᠬᠡ ᠪᠡᠶ᠎ᠡ ᠪᠡᠶ᠎ᠡ‌‍ᠪᠠᠨ ᠲᠡᠶᠢᠯᠬᠦ ᠦᠭᠡᠢ ᠴᠠᠭ ᠤᠳᠠᠬᠤ ᠶᠢ ᠪᠦᠬᠡ ᠤᠶᠠᠬᠤ᠂ ᠬᠤᠶᠠᠷ ᠪᠦᠬᠡ ᠵᠡᠷᠭᠡ ᠳᠤ ᠪᠠᠨ ᠤᠨᠠᠭᠰᠠᠨ ᠢ ᠪᠦᠬᠡ ᠬᠠᠶᠢᠨᠴᠢᠬᠤ᠂ ᠨᠦᠭᠦᠭᠡ ᠪᠦᠬᠡ ᠨᠢ ᠭᠠᠷᠴᠤ ᠢᠷᠡᠭᠰᠡᠨ ᠦᠭᠡᠢ ᠠᠴᠠ ᠭᠠᠷᠴᠤ ᠢᠷᠡᠭᠰᠡᠨ ᠪᠦᠬᠡ ᠶᠢ ᠲᠡᠶᠢᠯᠦᠭᠰᠡᠨ ᠢᠶᠠᠷ ᠪᠤᠳᠤᠬᠤ ᠶᠢ ᠪᠦᠬᠡ ᠬᠡᠢ ᠲᠡᠪᠢᠬᠦ᠂ ᠪᠦᠬᠡᠴᠤᠳ ᠢ ᠬᠠᠷᠢᠯᠴᠠᠨ ᠠᠭᠤᠯᠵᠠᠭᠤᠯᠵᠤ ᠲᠤᠬᠢᠷᠠᠭᠤᠯᠬᠤ ᠶᠢ ᠪᠦᠬᠡ ᠤᠨᠤᠭᠠᠯᠠᠬᠤ᠂ ᠪᠦᠬᠡᠴᠤᠳ ᠲᠠᠯᠠᠪᠠᠢ ᠳᠤ ᠤᠷᠤᠬᠤ ᠳᠤ ᠬᠤᠶᠠᠷ ᠭᠠᠷᠯᠠᠨ ᠵᠤᠭᠰᠤᠭᠠᠵᠤ ᠡᠭᠡᠰᠢᠭ ᠲᠠᠭᠤᠤ ᠠᠶᠠᠯᠠᠭᠤᠯᠬᠤ ᠶᠢ ᠪᠦᠬᠡ ᠶᠢᠨ ᠤᠷᠢᠶ᠎ᠠ᠂ ᠪᠦᠬᠡᠴᠤᠳ ᠤᠨ ᠲᠠᠯᠠᠪᠠᠢ ᠳᠤ ᠤᠷᠤᠬᠤ ᠦᠶ᠎ᠡ ᠶᠢᠨ ᠦᠰᠦᠷᠴᠤ ᠮᠠᠭᠰᠢᠬᠤ ᠬᠦᠳᠡᠯᠪᠦᠷᠢ ᠶᠢ ᠪᠦᠬᠡ ᠶᠢᠨ ᠲᠡᠪᠢᠯᠭᠡ ᠭᠡᠵᠦ ᠲᠤᠰ ᠲᠤᠰ ᠨᠡᠷᠡᠯᠡᠳᠡᠭ᠃      ᠬᠤᠶᠠᠷ᠂ ᠲᠠᠪᠤᠨ ᠬᠤᠰᠢᠭᠤ ᠮᠠᠯ ᠤᠨ ᠲᠤᠬᠠᠢ      ᠮᠤᠩᠭᠤᠯ ᠦᠨᠳᠦᠰᠦᠳᠠᠨ ᠤ ᠤᠤᠭᠠᠯ ᠰᠤᠶᠤᠯ ᠪᠤᠯ ᠲᠠᠪᠤᠨ ᠬᠤᠰᠢᠭᠤ ᠮᠠᠯ ᠲᠠᠢ ᠨᠢᠭᠳᠠ ᠬᠠᠷᠢᠴᠠᠭ᠎ᠠ ᠲᠠᠢ ᠰᠤᠶᠤᠯ ᠮᠦᠨ᠃ ᠲᠠᠪᠤᠨ ᠬᠤᠰᠢᠭᠤ ᠮᠠᠯ ᠡᠳ᠋ᠯᠡᠳᠡᠭ ᠨᠢ ᠮᠤᠩᠭᠤᠯᠴᠤᠳ ᠤᠨ ᠡᠬᠡ ᠪᠠᠶᠢᠭᠠᠯᠢ ᠪᠠᠨ ᠬᠡᠷᠬᠢᠨ ᠠᠰᠢᠭᠯᠠᠬᠤ᠂ ᠡᠬᠡ ᠪᠠᠶᠢᠭᠠᠯᠢ ᠲᠠᠢ ᠪᠠᠨ ᠬᠡᠷᠬᠢᠨ ᠵᠤᠬᠢᠴᠠᠬᠤ᠂ ᠠᠳᠠᠯᠢ ᠪᠤᠰᠤ ᠮᠠᠯ ᠤᠨ ᠤᠨᠴᠠᠯᠢᠭ ᠢ ᠬᠡᠷᠬᠢᠨ ᠲᠤᠬᠢᠷᠠᠭᠤᠯᠬᠤ᠂ ᠠᠰᠢᠭ ᠰᠢᠮ᠎ᠡ ᠶᠢ ᠨᠢ ᠬᠡᠷᠬᠢᠨ ᠨᠡᠮᠡᠭᠳᠡᠭᠦᠯᠭᠦ᠂ ᠤᠶᠢᠯᠡᠳᠦᠯ ᠬᠡᠷᠡᠭᠴᠡᠭᠡ ᠶᠢ ᠨᠢ ᠬᠡᠷᠬᠢᠨ ᠪᠠᠳᠠᠷᠠᠭᠤᠯᠬᠤ᠂ ᠦᠭᠡᠷ᠎ᠡ ᠪᠠᠷ ᠬᠡᠯᠡᠪᠡᠯ᠂ ᠠᠮᠢ ᠠᠬᠤᠢ ᠪᠠᠨ ᠬᠡᠷᠬᠢᠨ ᠵᠤᠬᠢᠴᠠᠩᠭᠤᠢ᠂ ᠲᠡᠩᠴᠡᠭᠦᠷᠢ ᠲᠠᠢ ᠪᠠᠶᠢᠯᠭᠠᠬᠤ ᠰᠡᠳᠬᠢᠴᠡ ᠪᠤᠳᠤᠯᠬᠢᠯᠡᠯ ᠲᠠᠢ ᠰᠢᠭᠤᠳ ᠬᠠᠷᠢᠴᠠᠭ᠎ᠠ ᠲᠠᠢ᠃ ᠡᠶᠢᠮᠦ ᠠᠴᠠ ᠮᠤᠩᠭᠤᠯᠴᠤᠳ ᠢ ︽ᠨᠡᠭᠦᠳᠡᠯ ᠰᠤᠶᠤᠯ ᠤᠨ ᠲᠦᠯᠦᠭᠡᠯᠡᠭᠴᠢ︾ ᠭᠡᠬᠦ ᠮᠦᠷᠳᠡᠭᠡᠨ ︽ᠠᠮᠢ ᠠᠬᠤᠢ ᠪᠠᠨ ᠬᠠᠮᠠᠭᠠᠯᠠᠬᠤ ᠤᠤᠭᠠᠯ ᠤᠬᠠᠮᠰᠠᠷ ᠲᠠᠢ ᠬᠦᠮᠦᠰ︾ ᠭᠡᠬᠦ ᠳᠤ ᠭᠡᠳᠤᠷᠡᠭᠦ ᠦᠭᠡᠢ᠃ ᠰᠤᠷᠤᠭᠴᠢᠳ ᠲᠤ ᠠᠪᠴᠤ ᠬᠡᠯᠡᠪᠡᠯ᠂ ᠨᠡᠭᠦᠳᠡᠯ ᠰᠤᠶᠤᠯ‌‍ᠤᠨ ᠠᠵᠤ ᠠᠬᠤᠢ ᠶᠢᠨ ᠰᠠᠭᠤᠷᠢ ᠪᠤᠯᠤᠭᠰᠠᠨ ᠲᠠᠪᠤᠨ ᠬᠤᠰᠢᠭᠤ ᠮᠠᠯ ᠲᠠᠢ ᠬᠤᠯᠪᠤᠭᠳᠠᠭᠰᠠᠨ ᠵᠦᠢᠯ ᠢ ᠮᠡᠳᠡᠵᠦ᠂ ᠮᠡᠳᠡᠯᠭᠡ ᠪᠠᠨ ᠨᠡᠮᠡᠭᠳᠡᠭᠦᠯᠵᠤ ᠪᠤᠯᠤᠨ᠎ᠠ᠃ ᠵᠢᠱᠢᠶᠡᠯᠡᠪᠡᠯ᠄ ᠲᠠᠪᠤᠨ ᠬᠤᠰᠢᠭᠤ ᠮᠠᠯ ᠤᠨ ᠨᠠᠰᠤ ᠵᠢᠯ ᠤᠨ ᠨᠡᠷᠡᠶᠢᠳᠦᠯ ︵ᠤᠨᠠᠭ᠎ᠠ᠂ ᠲᠤᠭᠤᠯ᠂ ᠲᠦᠯᠦᠭᠡ᠂ ᠢᠰᠢᠭᠡ᠂ ᠪᠤᠳᠤᠭᠤ ᠁︶᠂ ᠴᠢᠨᠠᠷ ᠤᠨ ᠢᠯᠭᠠᠯ ᠤᠨ ᠨᠡᠷᠡᠶᠢᠳᠦᠯ ︵ᠪᠤᠤᠷ᠎ᠠ᠂ ᠪᠤᠬ᠎ᠠ᠂ ᠠᠵᠢᠷᠭ᠎ᠠ᠂ ᠬᠤᠴᠠ᠂ ᠤᠬᠤᠨ᠎ᠠ ᠁︶᠂  ᠦᠩᠭᠡ ᠵᠢᠰᠦ ᠶᠢᠨ ᠨᠡᠷᠡᠶᠢᠳᠦᠯ ︵ᠵᠡᠭᠡᠷᠳᠡ᠂ ᠰᠠᠭᠠᠷᠠᠯ᠂ ᠬᠠᠯᠢᠭᠤᠨ᠂ ᠪᠤᠷᠤ᠂ ᠬᠠᠷ᠎ᠠ᠂ ᠵᠡᠭᠡᠯ᠂ ᠲᠡᠷᠯᠡᠨ᠂ ᠠᠯᠠᠭ ᠁︶᠂ ᠲᠠᠭᠤ ᠴᠢᠮᠡᠭᠡᠨ ᠤ ᠨᠡᠷᠡᠶᠢᠳᠦᠯ ︵ᠪᠤᠤᠷᠯᠠᠬᠤ᠂ ᠮᠦᠭᠡᠷᠬᠦ᠂ ᠢᠨᠴᠠᠭᠠᠬᠤ᠂ ᠮᠠᠶᠢᠯᠠᠬᠤ ᠁︶᠂ ᠦᠢᠯᠨ ᠤᠴᠢᠷ ᠤᠨ ᠢᠯᠭᠠᠭ᠎ᠠ ︵ᠪᠤᠳᠤᠭᠤᠯᠠᠬᠤ᠂  ᠲᠤᠭᠤᠯᠯᠠᠬᠤ᠂ ᠤᠨᠠᠭᠠᠯᠠᠬᠤ᠂ ᠬᠤᠷᠠᠭᠠᠯᠠᠬᠤ᠂ ᠢᠰᠢᠭᠡᠯᠡᠬᠦ ᠁︶᠂ ᠡᠳ᠋ᠯᠡᠯ ᠬᠡᠷᠡᠭᠰᠡᠯ ᠤᠨ ᠨᠡᠷᠡᠶᠢᠳᠦᠯ ︵ᠬᠤᠮ᠂ ᠲᠤᠬᠤᠮ᠂ ᠬᠠᠵᠠᠭᠠᠷ᠂ ᠨᠤᠭᠳᠤ᠂ ᠪᠤᠷᠠᠨᠳᠠᠭ᠂ ᠠᠷᠭᠠᠮᠵᠢᠶ᠎ᠠ᠂ ᠴᠢᠳᠤᠷ᠂ ᠲᠤᠱᠠ᠂ ᠦᠷᠦᠭᠡᠯ᠂ ᠵᠢᠷᠢᠮ᠂ ᠭᠠᠨᠵᠤᠭ᠎ᠠ ᠁︶᠂ ᠪᠡᠶ᠎ᠡ ᠶᠢᠨ ᠡᠷᠬᠡᠳᠡᠨ ᠤ ᠨᠡᠷᠡᠶᠢᠳᠦᠯ  ︵ᠬᠦᠵᠦᠭᠦᠦ᠂ ᠬᠠᠮᠠᠷ᠂ ᠠᠮᠨ᠂ ᠬᠠᠪᠢᠰᠤ᠂ ᠬᠠᠪᠢᠷᠭ᠎ᠠ᠂ ᠭᠡᠳᠡᠰᠦ᠂ ᠭᠦᠵᠡᠭᠡ᠂ ᠬᠤᠰᠭᠢᠨᠠᠭ᠂ ᠰᠢᠭᠢᠷ᠎ᠡ᠂ ᠲᠤᠯᠤᠭᠠᠢ᠂ ᠰᠡᠭᠦᠯ᠂ ᠬᠠ᠂ ᠭᠤᠶ᠎ᠠ ᠁︶᠂ ᠠᠬᠠᠷ ᠨᠤᠤᠰᠤᠨ ᠤ ᠨᠡᠷᠡᠶᠢᠳᠦᠯ ︵ᠠᠬᠠᠷ ᠨᠤᠤᠰᠤ᠂ ᠰᠤᠷ᠂ ᠲᠠᠯ᠂ ᠰᠡᠭᠦᠯ᠂ ᠰᠠᠩᠮᠠᠢ᠂ ᠮᠤᠨᠳᠠᠭ᠎ᠠ᠂ ᠤᠩᠭᠠᠰᠤ᠂ ᠦᠰᠦ ᠁︶ ᠭᠡᠭᠦ ᠮᠡᠳᠦ᠃      ᠭᠤᠷᠪᠠ᠂ ᠡᠳ᠋ᠯᠡᠯ ᠬᠡᠷᠡᠭᠰᠡᠯ ᠤᠨ ᠲᠤᠬᠠᠢ      ᠮᠤᠩᠭᠤᠯᠴᠤᠳ ᠤᠷᠳᠤ ᠤᠳᠠᠭᠠᠨ ᠨᠡᠭᠦᠳᠡᠯ ᠮᠠᠯᠵᠢᠯ ᠪᠠ ᠲᠠᠶᠢᠨ ᠲᠤᠯᠤᠯᠳᠤᠭᠠᠨ ᠤ ᠶᠠᠪᠤᠴᠠ ᠳᠤ ᠪᠠᠨ ᠭᠡᠷ ᠤᠷᠤᠨ᠂ ᠵᠡᠷ ᠵᠡᠪᠰᠡᠭ᠂ ᠬᠤᠪᠴᠠᠰᠤ ᠬᠤᠨᠠᠷ᠂ ᠠᠮᠢᠳᠤᠷᠠᠯ ᠤᠨ ᠪᠤᠰᠤᠳ ᠬᠡᠷᠡᠭᠰᠡᠯ ᠢ ᠤᠯᠠᠨ ᠬᠡᠷᠡᠭᠯᠡᠵᠦ᠂ ᠦᠪᠡᠷᠮᠢᠴᠡ ᠤᠨᠴᠠᠯᠢᠭ ᠪᠦᠬᠦᠢ ᠤᠯᠠᠨ ᠨᠡᠷᠡᠶᠢᠳᠤᠯ ᠲᠠᠢ᠂ ᠤᠯᠠᠨ ᠬᠡᠯᠪᠡᠷᠢ ᠲᠠᠢ᠂ ᠤᠯᠠᠨ ᠬᠡᠷᠡᠭᠴᠡᠭᠡ ᠲᠠᠢ ᠪᠠᠷ ᠬᠡᠷᠡᠭᠯᠡᠵᠦ ᠢᠷᠡᠵᠡᠢ᠃ ᠭᠡᠷ ᠤᠷᠤᠨ ᠤ ᠬᠤᠪᠢ ᠳᠤ᠄ ᠲᠤᠭᠤᠨᠤ᠂ ᠬᠠᠳᠠᠪᠴᠢ᠂ ᠲᠤᠳᠤᠭᠤ᠂ ᠪᠤᠱᠤᠭ᠎ᠠ᠂ ᠬᠠᠨ᠎ᠠ᠂ ᠬᠦᠯᠳᠦᠷᠭᠡ᠂ ᠪᠦᠰᠡᠯᠡᠭᠦᠷ᠂ ᠡᠷᠤᠬᠡ᠂ ᠲᠠᠭ᠎ᠠ᠂ ᠴᠠᠭᠠᠷᠢᠭ ᠁ ᠭᠡᠭᠦ ᠮᠡᠳᠦ︔ ᠬᠤᠪᠴᠠᠰᠤ ᠬᠤᠨᠠᠷ ᠤᠨ ᠬᠤᠪᠢ ᠳᠤ᠄ ᠵᠠᠭᠠᠮ᠎ᠠ᠂ ᠬᠠᠨᠴᠤᠢ᠂ ᠲᠡᠩᠬᠡᠮ᠂ ᠨᠢᠳᠤᠷᠭ᠎ᠠ᠂ ᠲᠤᠪᠴᠢ᠂ ᠰᠤᠭᠤᠪᠴᠢ᠂ ᠬᠤᠷᠮᠤᠢ᠂ ᠡᠩᠭᠡᠷ᠂ ᠡᠮᠵᠢᠶᠡᠷᠢ᠂ ᠤᠨᠤᠭᠤ ᠁ ᠭᠡᠭᠦ ᠮᠡᠳᠤ︔ ᠠᠩ ᠠᠩᠨᠠᠯ ᠪᠠ ᠵᠠᠷ ᠵᠡᠪᠰᠡᠭ ᠲᠤ᠄ ᠨᠤᠮᠤ ᠰᠤᠮᠤ᠂ ᠰᠠᠭᠠᠳᠠᠭ᠂ ᠵᠢᠳᠠ ᠰᠡᠷᠡᠭᠡ᠂ ᠫᠤᠤ ᠵᠡᠪᠰᠡᠭ᠂ ᠤᠷᠬ᠎ᠠ ᠲᠤᠤᠷ᠂ ᠤᠨᠠᠭᠤᠯᠢ᠂ ᠬᠠᠪᠬ᠎ᠠ᠂ ᠪᠢᠯᠠᠭᠤ ᠰᠢᠳᠠᠮ ᠁ ᠭᠡᠭᠦ ᠮᠡᠳᠦ︔ ᠪᠤᠰᠤᠳ ᠡᠳ᠋ᠯᠡᠯ ᠬᠡᠷᠡᠭᠰᠡᠯ ᠳᠤ᠄ ᠬᠠᠳᠠᠭ ᠬᠦᠬᠦᠷ᠂ ᠲᠤᠯᠭ᠎ᠠ ᠲᠤᠭᠤᠭ᠎ᠠ᠂ ᠬᠦᠨᠦᠭ ᠴᠦᠭᠦᠴᠡ᠂ ᠪᠠᠭᠪᠤᠷ ᠡᠷᠭᠢᠨᠡᠭ᠂ ᠰᠢᠨᠠᠭ᠎ᠠ ᠬᠤᠰᠤᠭᠤᠷ᠂ ᠲᠡᠪᠰᠢ ᠫᠢᠯᠨ᠂ ᠵᠤᠳᠤᠭ ᠯᠠᠪᠠᠷᠢ ᠁ ᠭᠡᠭᠦ ᠮᠡᠳᠦ᠃ ᠡᠳᠡᠭᠡᠷ ᠨᠢ ᠴᠦᠮ ᠠᠳᠠᠯᠢ ᠪᠤᠰᠤ ᠶᠢᠨ ᠬᠡᠯᠪᠡᠷᠢ ᠶᠠᠩᠵᠤ ᠲᠠᠢ᠂ ᠠᠳᠠᠯᠢ ᠪᠤᠰᠤ ᠶᠢᠨ ᠤᠶᠢᠯᠡᠳᠦᠯ ᠬᠡᠷᠡᠭᠴᠡᠭᠡ ᠲᠠᠢ᠂ ᠠᠳᠠᠯᠢ ᠪᠤᠰᠤ ᠶᠢᠨ ᠤᠷᠤᠨ ᠪᠠᠶᠢᠷᠢ ᠲᠠᠢ᠃ ᠡᠳᠡᠭᠡᠷ ᠠᠷᠪᠢᠨ ᠢ ᠮᠡᠳᠡᠵᠦ ᠤᠶᠢᠯᠠᠭᠠᠪᠠᠯ᠂ ᠨᠢᠭᠡ ᠲᠠᠯ᠎ᠠ ᠪᠠᠷ ᠲᠡᠭᠡᠳᠦᠰ ᠤᠨ ᠡᠳ᠋ᠯᠡᠵᠦ ᠬᠡᠷᠡᠭᠯᠡᠵᠦ ᠪᠠᠶᠢᠭᠰᠠᠨ ᠵᠦᠢᠯ᠂ ᠠᠵᠤ ᠠᠮᠢᠳᠤᠷᠠᠯ ᠤᠨ ᠪᠠᠶᠢᠳᠠᠯ ᠢ ᠤᠶᠢᠯᠠᠭᠠᠵᠤ᠂ ᠨᠦᠭᠦᠭᠡ ᠲᠠᠯ᠎ᠠ ᠪᠠᠷ ᠦᠭᠡᠰ ᠤᠨ ᠰᠠᠩ ᠢᠶᠠᠨ ᠪᠠᠶᠠᠯᠢᠬᠵᠢᠭᠤᠯᠤᠨ᠂ ᠮᠡᠳᠡᠯᠭᠡ ᠶᠢᠨ ᠬᠦᠷᠢᠶ᠎ᠡ ᠬᠡᠪᠴᠢᠶ᠎ᠡ ᠪᠠᠨ ᠦᠷᠭᠡᠳᠬᠡᠵᠦ ᠲᠡᠶᠢᠯᠦᠨ᠎ᠡ᠃      ᠳᠦᠷᠪᠡ᠂ ᠢᠳᠡᠭᠡᠨ ᠤᠮᠳᠠᠭᠠᠨ ᠤ ᠰᠤᠶᠤᠯ ᠤᠨ ᠲᠤᠬᠠᠢ      ᠮᠤᠩᠭᠤᠯ ᠦᠨᠳᠦᠰᠦᠳᠠᠨ ᠤ ᠢᠳᠡᠭᠡᠨ ᠤᠮᠳᠠᠭᠠᠨ ᠤ ᠰᠤᠶᠤᠯ ᠨᠢ ᠨᠡᠭᠦᠳᠡᠯ ᠮᠠᠯᠵᠢᠯ ᠤᠨ ᠠᠮᠢᠳᠤᠷᠠᠯ ᠲᠠᠢ ᠨᠢᠭᠳᠠ ᠬᠤᠯᠪᠤᠭ᠎ᠠ ᠲᠠᠢ᠂ ᠮᠠᠯᠵᠢᠯ ᠦᠨᠳᠦᠰᠦᠳᠠᠨ ᠤ ᠦᠪᠡᠷᠮᠢᠴᠡ ᠤᠨᠴᠠᠯᠢᠭ ᠲᠠᠢ ᠰᠤᠶᠤᠯ ᠪᠤᠯᠤᠨ᠎ᠠ᠃ ᠮᠤᠩᠭᠤᠯᠴᠤᠳ ᠢᠳᠡᠭᠡᠨ ᠤᠮᠳᠠᠭᠠᠨ ᠢᠶᠠᠨ ᠶᠡᠷᠦᠩᠬᠡᠢ ᠳᠤ ᠪᠠᠨ ᠴᠠᠭᠠᠨ ᠢᠳᠡᠭᠡᠨ᠂ ᠤᠯᠠᠭᠠᠨ ᠢᠳᠡᠭᠡᠨ᠂ ᠤᠮᠳᠠᠭᠠᠨ ᠭᠡᠵᠦ ᠭᠤᠷᠪᠠᠨ ᠲᠦᠷᠦᠯ ᠳᠤ ᠬᠤᠪᠢᠶᠠᠳᠠᠭ᠃ ᠴᠠᠭᠠᠨ ᠢᠳᠡᠭᠡᠨ ᠳᠤ ᠰᠦ᠂ ᠠᠶᠢᠷᠠᠭ᠂ ᠦᠷᠦᠮ᠎ᠡ᠂ ᠴᠦᠷᠮ᠎ᠠ᠂ ᠱᠦᠭᠦᠮᠡᠯ᠂ ᠬᠤᠭᠤᠷᠮᠠᠭ᠂ ᠴᠠᠭ᠎ᠠ᠂ ᠲᠠᠰᠢᠮᠠᠭ᠂ ᠴᠡᠭᠡ᠂ ᠠᠭᠠᠷᠴᠠ ᠁ ᠭᠡᠬᠦ ᠮᠡᠳᠤ ᠶᠢᠨ ᠰᠦ ᠰᠠᠭᠠᠯᠢ ᠲᠠᠢ ᠬᠤᠯᠪᠤᠭ᠎ᠠ ᠲᠠᠢ ᠤᠯᠠᠨ ᠨᠡᠷᠡᠶᠢᠳᠦᠯ ᠲᠠᠢ ᠮᠦᠷᠳᠡᠭᠡᠨ ᠬᠢᠬᠦ ᠠᠷᠭ᠎ᠠ ᠪᠠᠷᠢᠯ ᠨᠢ ᠠᠳᠠᠯᠢ ᠪᠤᠰᠤ᠂ ᠪᠦᠳᠦᠴᠡ ᠪᠦᠷᠢᠯᠳᠦᠭᠦᠨ ᠨᠢ ᠠᠳᠠᠯᠢ ᠪᠤᠰᠤ᠂ ᠦᠨᠦᠷ ᠠᠮᠳᠠ ᠨᠢ ᠠᠳᠠᠯᠢ ᠪᠤᠰᠤ᠂ ᠤᠶᠢᠯᠡᠳᠦᠯ ᠬᠡᠷᠡᠭᠴᠡᠭᠡ ᠨᠢ ᠠᠳᠠᠯᠢ ᠪᠤᠰᠤ᠂ ᠴᠠᠭᠠᠰᠢᠯᠠᠪᠠᠯ ᠭᠠᠵᠠᠷ ᠭᠠᠵᠠᠷ ᠲᠤ ᠦᠪᠡᠷ ᠦᠪᠡᠷ ᠤᠨ ᠤᠨᠴᠠᠯᠢᠭ ᠪᠦᠬᠦᠢ ᠲᠠᠭᠤᠳᠠᠯᠭ᠎ᠠ ᠨᠡᠷᠡᠶᠢᠳᠦᠯ ᠴᠤ ᠠᠷᠪᠢᠨ ᠪᠠᠶᠢᠳᠠᠭ᠃ ᠤᠯᠠᠭᠠᠨ ᠢᠳᠡᠭᠡᠨ ᠳᠤ ᠦᠭᠡᠷ᠂ ᠬᠤᠨᠢ᠂ ᠲᠡᠮᠡᠭᠡ᠂ ᠢᠮᠠᠭ᠎ᠠ ᠪᠠᠷ ᠭᠤᠤᠯᠯᠠᠭᠰᠠᠨ ᠮᠢᠬᠠᠨ ᠤ ᠲᠦᠷᠦᠯ ᠢ ᠵᠢᠭᠠᠵᠤ᠂ ᠪᠤᠷᠴᠠᠯᠠᠬᠤ᠂ ᠬᠠᠳᠠᠭᠠᠬᠤ᠂ ᠱᠦᠯᠦᠰᠢᠭᠦᠯᠬᠦ᠂ ᠰᠢᠭᠦᠰᠦ ᠲᠠᠯᠪᠢᠬᠤ᠂ ᠶᠠᠰᠤ ᠴᠠᠭᠠᠯᠠᠬᠤ᠂ ᠶᠠᠰᠤ ᠮᠦᠯᠵᠢᠬᠦ ᠁ ᠵᠡᠷᠭᠡ ᠦᠭᠡᠰ ᠬᠤᠯᠪᠤᠭᠳᠠᠳᠠᠭ︔ ᠤᠮᠳᠠᠭᠠᠨ ᠳᠤ ᠴᠠᠢ᠂ ᠠᠷᠢᠬᠢ᠂ ᠰᠠᠭᠠᠯᠢ ᠶᠢᠨ ᠠᠷᠢᠬᠢ᠂ ᠤᠰᠤ ᠵᠡᠷᠭᠡ ᠶᠢ ᠪᠠᠭᠳᠠᠭᠠᠳᠠᠭ᠃      ᠪᠢᠳᠠ ᠲᠡᠭᠡᠷᠡᠬᠢ ᠠᠭᠤᠯᠭ᠎ᠠ ᠪᠠᠷ ᠭᠤᠤᠯ ᠪᠤᠯᠭᠠᠵᠤ᠂ ᠤᠤᠭᠠᠯ ᠰᠤᠶᠤᠯ ᠤᠨ ᠲᠤᠬᠠᠢ ᠬᠢᠴᠢᠶᠡᠯ ᠤᠨ ᠪᠢᠴᠢᠭ ᠲᠤ ᠬᠢ ᠰᠤᠷᠠᠭ ᠵᠠᠩᠬᠢ ᠶᠢ ᠲᠡᠯᠡᠨ ᠦᠷᠭᠡᠵᠢᠭᠦᠯᠬᠦ ᠪᠤᠶᠤ ᠠᠬᠠᠮᠠᠳ ᠨᠠᠰᠤᠳᠠᠨ ᠠᠴᠠ ᠠᠰᠠᠭᠤᠨ ᠰᠤᠷᠠᠬᠤ᠂ ᠨᠤᠮ ᠲᠡᠪᠳᠡᠷ ᠠᠴᠠ ᠰᠢᠭᠰᠢᠨ ᠱᠦᠭᠦᠬᠦ ᠡᠰᠡᠬᠦᠯ᠎ᠡ ᠨᠠᠶᠢᠷ ᠨᠠᠭᠠᠳᠤᠮ᠂ ᠴᠠᠭᠠᠨ ᠰᠠᠷ᠎ᠠ᠂ ᠭᠠᠯ ᠲᠠᠬᠢᠯᠭ᠎ᠠ᠂ ᠤᠪᠤᠭ᠎ᠠ ᠲᠠᠬᠢᠯᠭ᠎ᠠ᠂ ᠴᠢᠩᠬᠢᠰ ᠤᠨ ᠤᠩᠭᠤᠨ ᠤ ᠲᠠᠬᠢᠯᠭ᠎ᠠ᠂ ᠵᠤᠭᠠᠴᠠᠯ ᠤᠨ ᠭᠠᠵᠠᠷ ᠲᠤ ᠤᠴᠢᠬᠤ ᠁ ᠵᠡᠷᠭᠡ ᠵᠠᠪᠰᠢᠶᠠᠨ ᠲᠤᠬᠢᠶᠠᠯ ᠢ ᠠᠯᠳᠠᠯ ᠦᠭᠡᠢ ᠪᠠᠷ ᠨᠠᠷᠢᠨ ᠠᠵᠢᠭᠯᠠᠬᠤ ᠪᠤᠶᠤ ᠪᠡᠶᠡᠳᠡᠨ ᠤᠷᠤᠯᠴᠠᠬᠤ ᠮᠡᠳᠤ ᠶᠢᠨ ᠤᠯᠠᠨ ᠬᠡᠯᠪᠡᠷᠢ ᠪᠠᠷ ᠤᠤᠭᠠᠯ ᠰᠤᠶᠤᠯ ᠤᠨ ᠲᠤᠬᠠᠢ ᠮᠡᠳᠡᠯᠭᠡ ᠪᠠᠨ ᠨᠡᠮᠡᠭᠳᠡᠭᠦᠯᠵᠦ᠂ ᠤᠶᠢᠯᠠᠭᠠᠯᠳᠠ ᠪᠠᠨ ᠭᠦᠨᠵᠡᠭᠡᠶᠢᠷᠡᠭᠦᠯᠭᠦ ᠴᠢᠬᠤᠯᠠ‌‍ᠲ᠋ᠠᠢ ᠪᠠᠶᠢᠨ᠎ᠠ᠃      ᠬᠠᠶ᠋ᠢᠬ᠄  ᠤᠷᠳᠤᠰ ᠬᠤᠳᠠ ᠶᠢᠨ ᠮᠤᠩᠭᠤᠯ ᠦᠨᠳᠦᠰᠦᠳᠠᠨ ᠤ ᠲᠤᠮᠳᠠᠳᠤ ᠰᠤᠷᠭᠠᠭᠤᠯᠢ                                        ︵ᠡᠾᠦ᠋ᠩ ᠮᠸᠢ ᠨᠠᠶᠢᠷᠠᠭᠤᠯᠪᠠ︶                                      2019 ᠣᠨ ᠤ 2 ᠳ᠋ᠤᠭᠠᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map