ᠠᠩᠭ᠍ᠯᠢ ᠶᠢᠨ ᠪᠠᠭ᠎ᠠ ᠰᠤᠷᠭᠠᠭᠤᠯᠢ ᠶᠢᠨ ᠰᠤᠷᠭᠠᠨ ᠭᠦᠮᠦᠵᠢᠯ ᠤᠨ ︽ᠨᠢᠭᠤᠴᠠ︾
ᠨᠡᠶᠢᠲᠡᠯᠡᠭᠰᠡᠨ ᠴᠠᠭ᠄
2019/12/30
                         ᠵᠢᠶᠠᠩ ᠹᠧᠩ      ᠰᠢᠷᠡᠭᠡ ᠲᠤᠬᠢᠷᠠᠭᠤᠯᠬᠤ ᠶᠢᠨ ᠤᠪᠠᠳᠢᠰ      ᠠᠩᠭ᠍ᠯᠢ ᠶᠢᠨ ᠭᠡᠤᠭᠡᠳ 4 ᠨᠠᠰᠤᠳᠠᠢ ᠰᠤᠷᠭᠠᠭᠤᠯᠢ ᠳᠤ ᠤᠷᠤᠳᠠᠬ᠃ ᠰᠤᠷᠭᠠᠭᠤᠯᠢ ᠳᠤ ᠤᠷᠤᠬᠤ ᠠᠴᠠ ᠡᠮᠦᠨ᠎ᠡ ᠭᠡᠷ ᠤᠨ ᠠᠬᠠᠮᠠᠳ ᠨᠢ ᠰᠤᠷᠭᠠᠭᠤᠯᠢ ᠳᠤ ᠡᠷᠡᠮᠡᠯᠵᠡᠭᠦ ᠶᠢᠨ ᠬᠠᠮᠳᠤ ᠭᠡᠤᠭᠡᠳ ᠢᠶᠠᠨ ᠲᠠᠭᠠᠭᠤᠯᠤᠨ ᠬᠢᠴᠢᠶᠡᠯᠯᠡᠭᠦ ᠭᠡᠵᠦ ᠪᠠᠶᠢᠭ᠎ᠠ ᠰᠤᠷᠭᠠᠭᠤᠯᠢ ᠶᠢ ᠲᠤᠭᠤᠷᠢᠨ ᠦᠵᠡᠭᠦᠯᠳᠡᠭ᠃      ᠠᠩᠬᠢ ᠶᠢᠨ ᠭᠡᠷ ᠲᠤ ᠬᠢ ᠰᠢᠷᠡᠭᠡ ᠰᠠᠨᠳᠠᠯᠢ ᠶᠢᠨ ᠲᠠᠯᠪᠢᠭᠤᠷ ᠳᠡᠭᠡᠷ᠎ᠠ ᠭᠤᠷᠪᠠ ᠳᠦᠷᠪᠡᠨ ᠭᠡᠤᠭᠡᠳ ᠲᠤ ᠨᠢᠭᠡ ᠯᠡ ᠵᠢᠵᠢᠭ ᠰᠢᠷᠡᠭᠡ ᠲᠤᠬᠢᠷᠠᠭᠤᠯᠳᠠᠬ ᠪᠦᠭᠡᠳ ᠠᠳᠠᠯᠢ ᠪᠤᠰᠤ ᠬᠢᠴᠢᠶᠡᠯ ᠳᠤ ᠠᠳᠠᠯᠢ ᠪᠤᠰᠤ ᠪᠠᠷ ᠪᠠᠶᠢᠷᠢᠯᠠᠭᠤᠯᠳᠠᠬ᠃ ᠬᠡᠳᠦ᠋ᠢᠪᠡᠷ ᠰᠢᠯᠭᠠᠯᠳᠠ ᠶᠢᠨ ᠬᠢᠷᠢ ᠪᠦᠳᠤᠮᠵᠢ ᠪᠠᠷ ᠵᠢᠭᠰᠠᠭᠠᠳᠠᠬ ᠦᠭᠡᠢ ᠪᠤᠯᠪᠠᠴᠤ ᠪᠠᠭᠰᠢ ᠨᠢ ᠰᠤᠷᠤᠭᠴᠢᠳ ᠤᠨ ᠰᠤᠷᠤᠯᠭ᠎ᠠ ᠶᠢᠨ ᠪᠠᠶᠢᠳᠠᠯ ᠢ ᠦᠨᠳᠤᠰᠤᠯᠠᠨ ᠰᠠᠭᠤᠳᠠᠯ ᠲᠤᠬᠢᠷᠠᠭᠤᠯᠳᠠᠬ ᠪᠠᠶᠢᠨ᠎ᠠ᠃ ᠦᠭᠡᠷ᠎ᠡ ᠪᠠᠷ ᠬᠡᠯᠡᠪᠡᠯ᠂ ᠰᠤᠷᠤᠯᠭ᠎ᠠ ᠶᠢᠨ ᠬᠢᠷᠢ ᠭᠡᠮ ᠠᠳᠠᠯᠢᠪᠳᠤᠷ ᠭᠤᠷᠪᠠ ᠳᠦᠷᠪᠡᠨ ᠭᠡᠤᠭᠡᠳ ᠢ ᠨᠢᠭᠡ ᠲᠤᠤᠷ᠎ᠠ ᠰᠠᠭᠤᠯᠭᠠᠳᠠᠬ᠃ ᠰᠢᠷᠡᠭᠡ ᠨᠢᠭᠡ ᠪᠦᠷᠢ ᠶᠢᠨ ᠬᠢᠴᠢᠶᠡᠯᠯᠡᠭᠡ ᠳᠡᠭᠡᠷᠠᠬᠢ ᠪᠤᠯᠪᠠᠰᠤᠷᠠᠯ ᠪᠠ ᠲᠠᠰᠬᠠᠯ ᠪᠦᠷ ᠠᠳᠠᠯᠢ ᠪᠤᠰᠤ ᠪᠠᠶᠢᠳᠠᠬ᠃ ᠰᠤᠷᠤᠯᠴᠠᠬᠤ ᠴᠢᠳᠠᠪᠤᠷᠢ ᠪᠠᠷ ᠰᠠᠶᠢᠨ ᠭᠡᠤᠭᠡᠳ ᠲᠤ ᠪᠠᠭᠰᠢ ᠦᠨᠳᠤᠷ ᠨᠢᠭᠡ ᠲᠠᠰ ᠤᠨ ᠰᠤᠷᠤᠯᠴᠠᠬᠤ ᠡᠭᠦᠷᠭᠡ ᠲᠤᠰᠢᠶᠠᠵᠤ᠂ ᠴᠢᠳᠠᠪᠤᠷᠢ ᠠᠨᠠᠢ᠂ ᠤᠳᠠᠭᠠᠨ ᠭᠡᠤᠭᠡᠳ ᠤᠳ ᠲᠤ ᠲᠤᠤᠷ᠎ᠠ ᠨᠢᠭᠡᠨ ᠲᠠᠰ ᠤᠨ ᠰᠤᠷᠤᠯᠴᠠᠬᠤ ᠡᠭᠦᠷᠭᠡ ᠲᠤᠬᠢᠷᠠᠭᠤᠯᠳᠠᠬ ᠠᠴᠠ ᠰᠤᠷᠤᠭᠴᠢᠳ ᠰᠤᠷᠤᠯᠴᠠᠬᠤ ᠠᠬᠢᠴᠠ ᠶᠢ ᠲᠠᠭᠠᠵᠤ ᠠᠮᠵᠢᠬᠤ ᠦᠭᠡᠢ ᠪᠤᠶᠤ ᠢᠯᠠᠭᠳᠠᠭᠰᠨᠨ ᠭᠡᠭᠦ ᠰᠡᠳᠬᠢᠯᠭᠡ ᠡᠭᠦᠰᠳᠡᠭ ᠦᠭᠡᠢ᠃ ᠰᠢᠷᠡᠭᠡᠨ ᠤ ᠨᠠᠷᠠᠶᠢᠳᠤᠯ ᠢ ᠦᠡᠭᠭᠡ ᠪᠠᠷ ᠨᠢ ᠨᠠᠷᠡᠯᠡᠭᠦ ᠠᠴᠠ ᠪᠢᠰᠢ ᠵᠢᠭᠰᠠᠭᠠᠯᠳᠠ ᠶᠢᠨ ᠰᠢᠨᠵᠢᠳᠠᠢ ᠲᠤᠭ᠎ᠠ ᠶᠢ ᠤᠭᠳᠤ ᠭᠡᠷᠡᠭᠯᠡᠭᠳᠡᠭ ᠦᠭᠡᠢ᠃ ᠭᠡᠤᠭᠡᠳ ᠤᠳ ᠤᠨ ᠰᠠᠭᠤᠳᠠᠯ ᠳᠤ ᠦᠷᠭᠦᠯᠵᠢ ᠲᠤᠬᠢᠷᠠᠭᠤᠯᠤᠯᠳᠠ ᠬᠢᠳᠡᠭ᠃ ᠭᠡᠷ ᠤᠨ ᠠᠬᠠᠮᠠᠳ ᠪᠤᠯᠤᠭᠰᠠᠨ ᠤ ᠬᠤᠪᠢ ᠳᠤ ᠪᠢ ᠭᠡᠤᠭᠡᠳ ᠤᠨ ᠢᠶᠠᠨ ᠰᠤᠷᠭᠠᠭᠤᠯᠢ ᠳᠤ ᠤᠷᠤᠭᠰᠠᠨ ᠤ ᠲᠠᠷᠠᠭ᠎ᠠ ᠰᠠᠶ᠋ᠢ ᠰᠢᠷᠡᠭᠡ ᠲᠤᠬᠢᠷᠠᠭᠤᠯᠬᠤ ᠶᠢᠨ ᠤᠪᠠᠳᠢᠰ ᠢ ᠠᠭᠠᠵᠢᠮ ᠢᠶᠠᠷ ᠤᠢᠢᠯᠠᠭᠠᠭᠰᠠᠨ ᠪᠢᠯᠡ᠃      ᠪᠢᠳᠡᠨ ᠢ ᠪᠠᠭ᠎ᠠ ᠰᠤᠷᠭᠠᠭᠤᠯᠢ ᠳᠤ ᠪᠠᠶᠢᠬᠤ ᠦᠶ᠎ᠡ ᠳᠤ ︽ᠰᠤᠷᠤᠯᠴᠠᠯᠭ᠎ᠠ︾ ᠬᠢᠭᠡᠳ ︽ᠰᠠᠬᠢᠯᠭ᠎ᠠ ᠪᠠᠳᠤ︾ ᠭᠡᠰᠡᠨ ᠬᠤᠶᠠᠷ ᠦᠭᠡ ᠶᠡᠭᠡ ᠶᠠᠷᠢᠭᠳᠠᠳᠠᠬ ᠪᠠᠶᠢᠭᠰᠠᠨ᠃ ᠰᠤᠷᠤᠯᠭ᠎ᠠ ᠶᠢᠨ ᠴᠢᠬᠤᠯᠠ ᠶᠢ ᠶᠡᠷᠦ ᠠᠴᠠ ᠬᠡᠯᠡᠭᠦ ᠤᠴᠢᠷ ᠦᠭᠡᠢ᠂ ᠰᠤᠷᠤᠯᠭ᠎ᠠ ᠰᠠᠶᠢᠨ ᠪᠤᠯ ᠠᠯᠢᠪᠠ ᠪᠦᠭᠦᠨ ᠪᠠᠷᠤᠭ ᠪᠦᠷ ᠰᠠᠶᠢᠨ ᠪᠠᠶᠢᠳᠠᠬ᠃ ᠰᠤᠷᠤᠯᠭ᠎ᠠ ᠠᠴᠠ ᠭᠠᠳᠠᠨ᠎ᠠ ᠬᠠᠮᠤᠭ ᠠᠴᠠ ᠴᠢᠬᠤᠯᠠᠴᠢᠯᠠᠳᠠᠬ ᠨᠢ ᠰᠠᠬᠢᠯᠭ᠎ᠠ ᠪᠠᠳᠤ ᠪᠤᠯᠤᠨ᠎ᠠ᠃ ᠪᠢᠳᠡᠨ ᠤ ᠰᠠᠬᠢᠯᠭ᠎ᠠ ᠪᠠᠳᠤ ᠶᠢᠨ ᠤᠯᠠᠩᠬᠢ ᠨᠢ ᠦᠭᠡᠶᠢᠰᠭᠡᠭᠦ ᠭᠡᠯᠪᠠᠷᠢ ᠪᠠᠷ ᠢᠯᠡᠷᠡᠳᠡᠭ᠃ ᠲᠠᠷᠤᠢ ᠢᠡᠭᠬᠢᠵᠤ ᠪᠤᠯᠬᠤ ᠦᠭᠡᠢ᠂ ᠲᠡᠭᠡᠵᠦ ᠪᠤᠯᠬᠤ ᠦᠭᠡᠢ ᠭᠡᠳᠡᠭ ᠪᠤᠯᠤᠨ᠎ᠠ᠃ ᠭᠡᠳᠡᠯ᠎ᠠ ᠠᠩᠭ᠍ᠯᠢ ᠶᠢᠨ ᠪᠠᠭ᠎ᠠ ᠰᠤᠷᠭᠠᠭᠤᠯᠢ ᠶᠢᠨ ᠠᠩᠬᠢ ᠶᠢᠨ ᠭᠡᠷ ᠲᠤ ᠪᠠᠭᠰᠢ ᠶᠢᠨ ︽Don’t︾ ᠪᠠᠷ ᠡᠬᠢᠯᠡᠭᠦ ᠦᠭᠡ ᠶᠢ ᠪᠠᠷᠤᠭ ᠤᠯᠵᠤ ᠰᠤᠨᠤᠰᠬᠤ ᠦᠭᠡᠢ ᠪᠠᠶᠢᠳᠠᠬ᠃ ᠭᠡᠤᠭᠡᠳ ᠤᠳ ᠭᠡᠳᠤᠷᠭᠡᠢ ᠤᠢᠢᠮᠡᠯᠳᠤᠪᠡᠯ ᠪᠠᠭᠰᠢ ᠶᠠᠷᠦ ᠳᠤ ᠪᠠᠨ ︽ᠦᠭᠡ ᠶᠠᠷᠢᠵᠤ ᠪᠤᠯᠬᠤ ᠦᠭᠡᠢ︾ ᠭᠡᠵᠦ ᠬᠡᠯᠡᠭᠦ ᠦᠭᠡᠢ ᠬᠠᠷᠢᠨ ᠲᠤᠤᠷ᠎ᠠ ᠪᠠᠨ ᠨᠢᠭᠡ ᠵᠦᠢᠯ ᠤᠨ ᠶᠠᠭᠤᠮ᠎ᠠ ᠶᠢ ᠬᠢᠭᠦ ᠲᠤᠳᠤᠷᠬᠠᠢ ᠱᠠᠭᠠᠷᠳᠠᠯᠭ᠎ᠠ ᠲᠠᠯᠪᠢᠳᠠᠬ᠃ ᠵᠢᠱᠢᠶᠡᠯᠡᠪᠡᠯ᠄ ᠲᠤᠭᠳᠠᠭᠰᠠᠨ ᠨᠢᠭᠡ ᠴᠤᠬᠢᠯᠭ᠎ᠠ ᠪᠠᠷ ᠭᠠᠷ ᠠᠯᠠᠭᠠᠳᠠᠬᠤ᠂ ᠲᠤᠯᠤᠭᠠᠢ ᠪᠠᠨ ᠠᠯᠠᠭᠠᠳᠠᠬᠤ᠂ ᠡᠪᠦᠳᠦᠭ ᠢᠶᠠᠨ ᠠᠯᠠᠭᠠᠳᠠᠬᠤ ᠭᠡᠭᠦ ᠮᠡᠳᠦ ᠪᠠᠷ ᠦᠭᠡ ᠲᠠᠢ᠂ ᠲᠠᠭᠤᠤ ᠲᠠᠢ᠂ ᠭᠦᠳᠠᠯᠭᠡᠭᠡᠨ ᠲᠠᠢ ᠠᠵᠢᠯᠯᠠᠭ᠎ᠠ ᠬᠢᠯᠭᠡᠳᠡᠭ᠃ ᠭᠡᠤᠭᠡᠳ ᠤᠳ ᠴᠤᠬᠢᠯᠭ᠎ᠠ ᠶᠢ ᠲᠠᠭᠠᠵᠤ ᠠᠮᠵᠢᠬᠤ ᠶᠢᠨ ᠲᠦᠯᠦᠭᠡ ᠠᠶᠠᠨᠳᠠᠭᠠᠨ ᠦᠢᠮᠡᠯᠳᠦᠭᠦ ᠪᠠᠨ ᠵᠤᠭᠰᠤᠵᠤ ᠭᠠᠷ ᠠᠯᠠᠭᠠᠳᠠᠬᠤ ᠴᠤᠬᠢᠯᠭ᠎ᠠ ᠲᠠᠢ ᠳᠠᠭᠤᠤ ᠪᠠᠨ ᠲᠠᠭᠤᠯᠠᠭᠠᠳ ᠲᠠᠭᠤᠰᠬᠤ ᠳᠤ ᠠᠩᠬᠢ ᠶᠢᠨ ᠭᠡᠷ ᠴᠦ ᠨᠠᠮᠵᠢᠭᠤᠨ ᠪᠤᠯᠴᠢᠬᠠᠳᠠᠬ᠃      ᠠᠩᠭ᠍ᠯᠢ ᠶᠢᠨ ᠪᠠᠭ᠎ᠠ ᠰᠤᠷᠭᠠᠭᠤᠯᠢ ᠳᠤ ᠶᠠᠭᠤ ᠶᠢ ᠬᠢᠵᠦ ᠪᠤᠯᠬᠤ ᠦᠭᠡᠢ ᠭᠡᠳᠡᠭ ᠢ ᠪᠠᠷᠤᠭ ᠲᠠᠢ ᠳᠤ ᠬᠢᠵᠠᠭᠠᠷᠯᠠᠬᠤ ᠦᠭᠡᠢ ᠪᠠᠶᠢᠵᠤ᠂ ᠭᠤᠤᠯᠳᠠᠯᠭ᠎ᠠ ᠪᠠᠨ ᠭᠡᠤᠭᠡᠳ ᠤᠨ ᠶᠠᠭᠤ ᠬᠢᠨ᠎ᠡ ᠭᠡᠳᠡᠭ ᠢ ᠵᠤᠷᠢᠬᠵᠢᠭᠤᠯᠬᠤ ᠳᠤ ᠲᠠᠯᠪᠢᠳᠠᠬ᠃ ᠵᠢᠱᠢᠶᠡᠯᠡᠭᠦ ᠳᠤ᠂ ᠢᠳᠡᠪᠬᠢᠳᠠᠢ ᠠᠰᠠᠭᠤᠯᠳᠠ ᠲᠤᠷᠠᠳᠬᠤ᠂ ᠰᠠᠨᠠᠯ ᠪᠤᠳᠤᠯ ᠢᠶᠠᠨ ᠢᠯᠠᠳᠭᠡᠭᠦ᠂ ᠶᠠᠷᠢᠯᠴᠠᠭᠠᠨ ᠳᠤ ᠤᠷᠤᠯᠴᠠᠬᠤ ᠵᠡᠷᠭᠡ ᠠᠵᠢᠯᠯᠠᠭ᠎ᠠ ᠶᠠᠪᠤᠭᠳᠠᠭᠤᠯᠤᠨ᠂ ᠠᠩᠬᠢ ᠶᠢᠨ ᠭᠡᠷ ᠲᠤ ᠭᠡᠵᠢᠶᠡᠳᠡ ᠬᠠᠪᠤᠷ ᠤᠨ ᠦᠷᠯᠦᠭᠡᠨ ᠤ ᠪᠤᠯᠵᠤᠮᠤᠷ ᠤᠨ ᠳᠠᠭᠤᠨ ᠰᠢᠬ ᠭᠦᠷ ᠪᠠᠶᠠᠷ ᠢᠶᠠᠷ ᠪᠢᠯᠬᠠᠭᠰᠠᠨ ᠭᠡᠤᠭᠡᠳ ᠤᠨ ᠳᠠᠭᠤᠨ ᠴᠤᠤᠷᠢᠶᠠᠳᠤᠵᠤ ᠪᠠᠶᠢᠳᠠᠬ᠃ ᠨᠢᠯᠬ᠎ᠠ ᠭᠡᠤᠭᠡᠳ ᠤᠨ ᠠᠩᠬᠠᠷᠤᠯ ᠶᠠᠷᠦ ᠠᠴᠠ ᠪᠠᠨ ᠲᠠᠮᠠᠢ ᠤᠳᠠᠭᠠᠨ ᠲᠦᠪᠯᠠᠷᠠᠵᠦ ᠴᠢᠳᠠᠬᠤ ᠦᠭᠡᠢ ᠪᠠᠶᠢᠳᠠᠬ ᠲᠤᠯᠠ ᠪᠠᠭᠰᠢ ᠠᠷᠪᠢᠨ ᠶᠠᠷᠢᠬᠤ ᠦᠭᠡᠢ ᠢᠯᠠᠳᠭᠡᠭᠦ ᠪᠠ ᠤᠷᠤᠯᠴᠠᠬᠤ ᠵᠠᠪᠰᠢᠶᠠᠨ ᠢ ᠰᠤᠷᠤᠭᠴᠢᠳ‌‍ᠲ᠋ᠤ ᠢᠯᠠᠭᠦᠦ ᠤᠯᠭᠤᠳᠠᠬ᠃ ᠡᠨᠡ ᠨᠢ 50 ᠭᠡᠤᠭᠡᠳ ᠲᠤ 45 ᠮᠢᠨᠦ᠋ᠲ ᠤᠨ ᠬᠢᠴᠢᠶᠡᠯ ᠢ ᠨᠠᠮᠵᠢᠭᠤᠨ ᠰᠤᠨᠤᠰᠬᠠᠬᠤ ᠠᠴᠠ ᠲᠦᠭᠦᠮ ᠮᠦᠷᠳᠡᠭᠡᠨ ᠦᠷ᠎ᠠ ᠳ᠋ᠦᠩ ᠨᠢ ᠴᠦ ᠰᠠᠶᠢᠨ ᠪᠠᠶᠢᠳᠠᠬ᠃      ᠭᠡᠤᠭᠡᠳ ᠤᠨ ᠲᠦᠷᠤᠯᠬᠢ ᠠᠪᠢᠶᠠᠰ ᠢ ᠭᠦᠨᠳᠤᠳᠭᠡᠵᠦ ᠠᠯᠢ ᠪᠤᠯᠬᠤᠷ ᠬᠢᠵᠠᠭᠠᠷᠯᠠᠬᠤ ᠦᠭᠡᠢ ᠪᠠᠶᠢᠵᠤ᠂ ᠭᠡᠤᠭᠡᠳ ᠤᠨ ᠤᠷᠤᠯᠴᠠᠬᠤ ᠪᠠ ᠭᠦᠳᠠᠯᠤᠩᠭᠦᠢ ᠰᠤᠷᠤᠯᠴᠠᠬᠤ ᠶᠢ ᠵᠤᠷᠢᠬᠵᠢᠭᠤᠯᠵᠤ᠂ ᠬᠢᠴᠢᠶᠡᠯᠯᠡᠭᠦ ᠭᠡᠯᠪᠠᠷᠢ ᠪᠠᠨ ᠠᠮᠢᠳᠤᠯᠢᠬ ᠪᠠᠶᠢᠯᠭᠠᠬᠤ ᠪᠤᠯ ᠠᠩᠭ᠍ᠯᠢ ᠶᠢᠨ ᠪᠠᠭ᠎ᠠ ᠰᠤᠷᠭᠠᠭᠤᠯᠢ ᠶᠢᠨ ᠬᠢᠴᠢᠶᠡᠯᠯᠡᠭᠡ ᠶᠢᠨ ᠨᠢᠭᠡᠨ ᠤᠨᠴᠠᠯᠢᠬ ᠪᠤᠯᠤᠨ᠎ᠠ᠃ ᠡᠭᠦᠨ ᠢ ᠪᠠᠶᠠᠯᠠᠭᠦᠯᠭᠦ ᠳᠤ ᠵᠢᠭᠠᠨ ᠰᠤᠷᠭᠠᠯᠳᠠ ᠶᠢᠨ ᠤᠨᠤᠯᠵᠢᠬᠤᠨ ᠠᠴᠠ ᠭᠠᠳᠠᠨ᠎ᠠ ᠪᠠᠭ᠎ᠠ ᠠᠩᠬᠢ ᠶᠢᠨ ᠲᠦᠷᠢᠮ ᠴᠦ ᠴᠢᠬᠤᠯᠠ ᠦᠢᠯᠡᠳᠦᠯ ᠭᠠᠷᠭᠠᠵᠠᠢ᠃ ᠠᠩᠭ᠍ᠯᠢ ᠶᠢᠨ ᠬᠤᠪᠢ ᠶᠢᠨ ᠪᠠᠭ᠎ᠠ ᠰᠤᠷᠭᠠᠭᠤᠯᠢ ᠠᠩᠬᠢ ᠨᠢᠭᠡ ᠪᠦᠷᠢ 20 ᠭᠦᠮᠦᠨ ᠠᠴᠠ ᠭᠡᠳᠤᠷᠡᠭᠦ ᠦᠭᠡᠢ᠂ ᠠᠯᠪᠠᠨ ᠤ ᠪᠠᠭ᠎ᠠ ᠰᠤᠷᠭᠠᠭᠤᠯᠢ 30 ᠭᠦᠮᠦᠨ ᠠᠴᠠ ᠭᠡᠳᠤᠷᠡᠭᠦ ᠦᠭᠡᠢ᠃ ᠭᠤᠷᠪᠠᠳᠤᠭᠠᠷ ᠠᠩᠬᠢ ᠠᠴᠠ ᠲᠤᠷᠤᠭᠰᠢ ᠠᠩᠬᠢ ᠨᠢᠭᠡ ᠪᠦᠷᠢ ᠳᠤ ᠪᠠᠰᠠ ᠬᠢᠴᠢᠶᠡᠯᠯᠡᠭᠦ ᠪᠠᠭᠰᠢ ᠶᠢᠨ ᠲᠤᠰᠠᠯᠠᠭᠴᠢ ᠲᠠᠢ ᠪᠠᠶᠢᠳᠠᠬ᠃ ᠪᠠᠭᠰᠢ ᠰᠤᠷᠤᠭᠴᠢ ᠶᠢᠨ ᠬᠠᠷᠢᠴᠠᠯ ᠤᠨ ᠵᠦᠷᠢᠶ᠎ᠠ ᠨᠢ ᠴᠦ ᠰᠤᠷᠭᠠᠨ ᠭᠦᠮᠦᠵᠢᠯ ᠤᠨ ᠪᠠᠶᠢᠭᠤᠯᠤᠮᠵᠢ ᠶᠢᠨ ᠠᠳᠠᠯᠢ ᠪᠤᠰᠤ ᠶᠢ ᠢᠯᠠᠳᠭᠡᠵᠦ ᠪᠤᠢ᠃      ᠦᠨ᠎ᠡ ᠭᠦᠷᠭᠦ ᠦᠭᠡᠢ ᠰᠤᠷᠭᠠᠭᠤᠯᠢ ᠶᠢᠨ ᠲᠤᠭᠤᠷᠢᠬ ᠤᠨ ᠭᠡᠷ ᠪᠠᠶᠢᠰᠢᠩ      ᠦᠨᠦᠳᠤᠷ ᠤᠨ ᠠᠩᠭ᠍ᠯᠢ ᠶᠢᠨ ᠪᠠᠭ᠎ᠠ ᠰᠤᠷᠭᠠᠭᠤᠯᠢ ᠶᠢ ᠶᠠᠷᠦᠩᠭᠡᠢ ᠳᠤ ᠪᠠᠨ ᠠᠯᠪᠠᠨ ᠤ ᠪᠠ ᠬᠤᠪᠢ ᠶᠢᠨ ᠭᠡᠵᠦ ᠬᠤᠪᠢᠶᠠᠵᠤ ᠪᠤᠯᠤᠨ᠎ᠠ᠃ ᠠᠩᠭ᠍ᠯᠢ ᠬᠡᠯᠡᠨ ᠳᠤ ᠠᠯᠪᠠᠨ ᠤ ᠪᠠᠭ᠎ᠠ ᠰᠤᠷᠭᠠᠭᠤᠯᠢ ᠶᠢ Primary school ᠭᠡᠵᠦ ᠬᠡᠯᠡᠳᠡᠭ᠃ ᠡᠭᠦᠨ ᠳᠤ 4~7 ᠨᠠᠰᠤᠨ ᠤ ᠭᠡᠤᠭᠡᠳ ᠤᠨ ᠰᠤᠷᠤᠯᠴᠠᠬᠤ infantschool ᠪᠠ 7~11 ᠨᠠᠰᠤᠨ ᠤ ᠭᠡᠤᠭᠡᠳ ᠤᠨ ᠰᠤᠷᠤᠯᠴᠠᠬᠤ juniorschool ᠪᠠᠭᠳᠠᠨ᠎ᠠ᠃ ᠡᠨᠡ ᠲᠦᠷᠦᠯ ᠤᠨ ᠰᠤᠷᠭᠠᠭᠤᠯᠢ ᠨᠢ ᠰᠤᠷᠤᠯᠭ᠎ᠠ ᠶᠢᠨ ᠵᠠᠷᠤᠳᠠᠯ ᠢ ᠪᠦᠷᠢᠮᠤᠰᠤᠨ ᠬᠡᠯᠳᠤᠷᠢᠭᠦᠯᠭᠦ ᠪᠠᠷ ᠪᠠᠷᠠᠬᠤ ᠦᠭᠡᠢ ᠰᠤᠷᠬᠤ ᠪᠢᠴᠢᠭ ᠪᠠ ᠪᠢᠴᠢᠭ ᠤᠨ ᠭᠡᠷᠡᠭᠰᠡᠯ ᠠᠴᠠ ᠴᠦ ᠵᠤᠭᠤᠰ ᠠᠪᠬᠤ ᠦᠭᠡᠢ᠂ ᠴᠠᠭᠠᠰᠢᠯᠠᠪᠠᠯ ᠰᠤᠷᠭᠠᠭᠤᠯᠢ ᠶᠢᠨ ᠦᠳᠡ ᠶᠢᠨ ᠬᠤᠭᠤᠯᠠ ᠶᠢ ᠴᠦ ᠭᠡᠷ ᠪᠦᠯᠢ ᠶᠢᠨ ᠤᠷᠤᠯᠭ᠎ᠠ ᠶᠢᠨ ᠪᠠᠶᠢᠳᠠᠯ ᠢᠶᠠᠨ ᠦᠨᠳᠤᠰᠤᠯᠡᠨ ᠵᠠᠷᠤᠳᠠᠯ ᠭᠠᠷᠭᠠᠬᠤ ᠦᠭᠡᠢ ᠭᠤᠶᠤᠴᠢᠯᠠᠯ ᠢ ᠲᠠᠪᠰᠢᠭᠦᠯᠵᠦ ᠪᠤᠯᠤᠨ᠎ᠠ᠃      ᠠᠯᠪᠠᠨ ᠤ ᠰᠤᠷᠭᠠᠭᠤᠯᠢ ᠳᠤ ᠤᠷᠤᠬᠤ ᠭᠤᠶᠤᠴᠢᠯᠠᠯ ᠢ ᠰᠠᠭᠤᠭ᠎ᠠ ᠭᠠᠵᠠᠷ ᠠᠴᠠ ᠪᠠᠨ ᠤᠢᠢᠷ᠎ᠠ ᠪᠠᠶᠢᠬᠤ ᠵᠠᠷᠴᠢᠮ ᠢ ᠦᠨᠳᠤᠰᠤᠯᠡᠨ ᠭᠠᠷᠭᠠᠳᠠᠬ᠃ ᠦᠭᠡᠷ᠎ᠠ ᠪᠠᠷ ᠭᠡᠯᠡᠪᠡᠯ᠂ ᠮᠠᠨ ᠤ ᠭᠡᠯᠡᠳᠡᠭ ᠰᠤᠷᠤᠯᠭ᠎ᠠ ᠶᠢᠨ ᠲᠤᠭᠤᠷᠢᠭ ᠢ ᠦᠨᠳᠤᠰᠤᠯᠠᠨ ᠬᠤᠪᠢᠶᠠᠷᠢᠯᠠᠬᠤ ᠪᠤᠯᠤᠨ᠎ᠠ᠃ ᠡᠭᠦᠨ ᠢ ᠪᠡᠭᠡᠵᠢᠩ ᠬᠤᠳᠠ ᠶᠢᠨ ᠳ᠋ᠦᠩ ᠴᠧᠨ ᠲᠤᠭᠤᠷᠢᠭ ᠤᠨ ᠱᠢ ᠵᠢᠶᠠ ᠬᠤᠳᠳᠤᠬ ᠪᠠᠭ᠎ᠠ ᠰᠤᠷᠭᠠᠭᠤᠯᠢ ᠶᠢᠨ ᠲᠠᠷᠭᠡᠳᠡᠬᠢ ᠲᠡᠭᠰᠢ ᠲᠦᠷᠪᠡᠯᠵᠢᠨ ᠮᠧᠲᠷ ᠪᠠᠶᠢᠰᠢᠩ ᠢ ᠵᠠᠭᠤᠨ ᠲᠦᠮᠡᠨ ᠲᠦᠭᠦᠷᠢᠭ ᠢᠶᠠᠷ ᠬᠤᠳᠠᠯᠳᠤᠭᠰᠠᠨ ᠲᠠᠢ ᠬᠠᠷᠢᠴᠠᠭᠤᠯᠪᠠᠯ ᠠᠩᠭ᠍ᠯᠢ ᠶᠢᠨ ᠰᠤᠷᠤᠯᠭ᠎ᠠ ᠶᠢᠨ ᠲᠤᠭᠤᠷᠢᠭ ᠤᠨ ᠭᠡᠷ ᠪᠠᠷᠢᠯᠭ᠎ᠠ ᠶᠠᠷᠦ ᠠᠴᠠ ᠦᠨ᠎ᠡ ᠭᠦᠷᠳᠡᠭ ᠦᠭᠡᠢ᠃ ᠠᠩᠭ᠍ᠯᠢ ᠳᠤ ᠭᠡᠤᠭᠡᠳ ᠢᠶᠠᠨ ᠤᠢᠢᠷ᠎ᠠ ᠤᠷᠴᠢᠮ ᠤᠨ ᠰᠤᠷᠭᠠᠭᠤᠯᠢ ᠪᠤᠶᠤ ᠰᠠᠶᠢᠨ ᠰᠤᠷᠭᠠᠭᠤᠯᠢ ᠳᠤ ᠤᠷᠤᠭᠤᠯᠬᠤ ᠶᠢᠨ ᠲᠦᠯᠦᠭᠡ ᠦᠨᠳᠤᠷ ᠦᠨ᠎ᠡ ᠪᠠᠷ ᠭᠡᠷ ᠬᠤᠳᠠᠯᠳᠤᠨ ᠠᠪᠬᠤ ᠭᠦᠮᠦᠨ ᠪᠠᠷᠤᠭ ᠪᠠᠶᠢᠬᠤ ᠦᠭᠡᠢ᠃ ᠤᠴᠢᠷ ᠨᠢ ᠡᠳᠡᠭᠡᠷ ᠰᠠᠶᠢᠨ ᠰᠤᠷᠭᠠᠭᠤᠯᠢ ᠭᠡᠳᠡᠭ ᠨᠢ ᠦᠨᠡᠨ ᠳᠤ ᠪᠠᠨ ᠲᠡᠶᠢᠮᠦ ᠰᠠᠶᠢᠨ ᠪᠢᠰᠢ ᠶᠤᠮ᠃ ᠰᠠᠶᠢᠨ ᠰᠤᠷᠭᠠᠭᠤᠯᠢ ᠭᠡᠳᠡᠭ ᠨᠢ ᠬᠤᠪᠢ ᠶᠢᠨ ᠰᠤᠷᠭᠠᠭᠤᠯᠢ ᠪᠠᠶᠢᠳᠠᠬ᠃ ᠬᠤᠪᠢ ᠶᠢᠨ ᠰᠤᠷᠭᠠᠭᠤᠯᠢ ᠳᠤ ᠤᠷᠤᠬᠤ ᠬᠢᠵᠠᠭᠠᠷᠯᠠᠯ ᠨᠢ ᠭᠡᠷ ᠤᠨ ᠰᠠᠭᠤᠭ᠎ᠠ ᠪᠠᠶᠢᠷᠢᠰᠢᠯ ᠠᠴᠠ ᠪᠢᠰᠢ ᠬᠠᠷᠢᠨ ᠭᠡᠷ ᠪᠦᠯᠢ ᠶᠢᠨ ᠤᠷᠤᠯᠭ᠎ᠠ ᠵᠢᠴᠢ ᠡᠴᠢᠭᠡ ᠡᠭᠡ ᠶᠢᠨ ᠬᠢᠨᠢ ᠭᠡᠤᠭᠡᠳ ᠲᠤ ᠪᠠᠨ ᠤᠷᠤᠭᠤᠯᠬᠤ ᠰᠤᠷᠭᠠᠨ ᠭᠦᠮᠦᠵᠢᠯ ᠤᠨ ᠪᠠᠯᠠ ᠤᠷᠤᠭᠤᠯᠤᠯᠳᠠ ᠠᠴᠠ ᠲᠤᠭᠳᠠᠭᠠᠭᠳᠠᠳᠠᠬ ᠪᠠᠶᠢᠨ᠎ᠠ᠃      ᠬᠤᠪᠢ ᠶᠢᠨ ᠰᠤᠷᠭᠠᠭᠤᠯᠢ ᠶᠢ ᠠᠩᠭ᠍ᠯᠢ ᠭᠡᠯᠡᠨ ᠳᠤ Preparatory school ᠭᠡᠳᠡᠭ᠃ ᠳᠠᠷᠤᠢ ᠨᠠᠶᠢᠳᠠ ᠶᠢᠨ ᠰᠤᠷᠭᠠᠭᠤᠯᠢ ᠳᠤ ᠤᠷᠤᠬᠤ ᠪᠠᠯᠠᠳᠭᠡᠯ ᠭᠡᠰᠡᠨ ᠤᠳᠭ᠎ᠠ ᠲᠠᠢ᠃ ᠠᠩᠭ᠍ᠯᠢ ᠶᠢᠨ ︽ᠨᠠᠶᠢᠳᠠ ᠶᠢᠨ ᠰᠤᠷᠭᠠᠭᠤᠯᠢ︾ ᠪᠤᠯ ᠬᠤᠪᠢ ᠶᠢᠨ ᠰᠤᠷᠭᠠᠭᠤᠯᠢ ᠪᠤᠯᠤᠨ᠎ᠠ᠂ ᠲᠡᠭᠦᠨ ᠤ ᠠᠩᠭ᠍ᠯᠢ ᠨᠠᠷᠠᠶᠢᠳᠤᠯ ᠨᠢ ︽public school︾ ᠪᠤᠯᠤᠨ᠎ᠠ᠃ ᠠᠯᠪᠠᠨ ᠤ ᠰᠤᠷᠭᠠᠭᠤᠯᠢ ᠭᠡᠳᠡᠭ ᠨᠢ ᠳᠠᠷᠤᠢ ᠵᠠᠰᠠᠭ ᠤᠨ ᠭᠠᠵᠠᠷ ᠠᠴᠠ ᠡᠷᠬᠢᠯᠡᠭᠰᠡᠨ ᠵᠠᠷᠤᠳᠠᠯ ᠠᠪᠬᠤ ᠦᠭᠡᠢ ᠰᠤᠷᠭᠠᠭᠤᠯᠢ ᠪᠤᠯᠤᠨ᠎ᠠ᠃ ᠲᠠᠭᠦᠨ ᠢ ︽state school︾ ᠭᠡᠵᠦ ᠨᠡᠷᠡᠯᠡᠳᠡᠭ᠃ ᠠᠩᠭ᠍ᠯᠢ ᠳᠤ ᠬᠤᠪᠢ ᠶᠢᠨ ᠰᠤᠷᠭᠠᠭᠤᠯᠢ ᠶᠢ ᠰᠠᠶ᠋ᠢ ᠡᠷᠡᠭᠲᠡᠢ ᠰᠤᠷᠭᠠᠭᠤᠯᠢ᠂  ᠡᠮᠡᠭᠳᠠᠢ ᠰᠤᠷᠭᠠᠭᠤᠯᠢ ᠭᠡᠵᠦ ᠬᠤᠪᠢᠶᠠᠳᠠᠬ᠃ ᠤᠴᠢᠷ ᠨᠢ ᠠᠩᠭ᠍ᠯᠢ ᠳᠤ ᠬᠤᠪᠢ ᠶᠢᠨ ᠰᠤᠷᠭᠠᠭᠤᠯᠢ᠂ ᠢᠯᠠᠩᠭᠤᠶ᠎ᠠ ᠡᠷᠡᠭᠲᠡᠢ ᠰᠤᠷᠭᠠᠭᠤᠯᠢ ᠪᠤᠯ ᠬᠡᠳᠤᠨ ᠵᠠᠭᠤᠨ ᠵᠢᠯ ᠤᠨ ᠤᠯᠠᠮᠵᠢᠯᠠᠯ ᠲᠠᠢ ᠶᠤᠮ᠃ ᠡᠷᠳᠠᠨ ᠤ ᠰᠤᠷᠭᠠᠨ ᠭᠦᠮᠦᠵᠢᠯ ᠨᠢ ᠪᠦᠷ ᠡᠷᠡᠭᠲᠡᠢ ᠡᠮᠡᠭᠳᠠᠢ ᠭᠡᠵᠦ ᠬᠤᠪᠢᠶᠠᠵᠤ ᠪᠠᠶᠢᠭᠰᠠᠨ ᠶᠤᠮ᠃ ᠺᠠᠮᠪᠷᠢᠵ ᠶᠡᠭᠡ ᠰᠤᠷᠭᠠᠭᠤᠯᠢ᠂ ᠨᠢᠤᠵᠢᠨ ᠶᠡᠭᠡ ᠰᠤᠷᠭᠠᠭᠤᠯᠢ ᠭᠦᠷᠳᠡᠯ᠎ᠡ ᠵᠦᠪᠭᠡᠨ ᠡᠷᠡᠭᠲᠡᠢ ᠰᠤᠷᠤᠭᠴᠢ ᠡᠯᠰᠠᠵᠦ ᠪᠠᠶᠢᠭᠰᠠᠨ ᠶᠤᠮ᠃ ᠰᠤᠷᠭᠠᠭᠤᠯᠢ ᠪᠠᠶᠢᠭᠤᠯᠤᠭᠳᠠᠭᠠᠳ ᠲᠠᠪᠤᠨ ᠵᠢᠯ ᠪᠤᠯᠤᠭᠰᠠᠨ ᠤ ᠳᠠᠷᠠᠭ᠎ᠠ ᠺᠠᠮᠪᠷᠢᠵ ᠶᠡᠭᠡ ᠰᠤᠷᠭᠠᠭᠤᠯᠢ ᠰᠠᠶ᠋ᠢ ᠡᠮᠡᠭᠲᠠᠢ ᠰᠤᠷᠤᠭᠴᠢ ᠶᠢ ᠡᠬᠢᠯᠡᠨ ᠡᠯᠰᠡᠵᠡᠢ᠃      ᠠᠩᠭ᠍ᠯᠢ ᠶᠢᠨ ᠬᠤᠪᠢ ᠶᠢᠨ ᠪᠠᠭ᠎ᠠ ᠰᠤᠷᠭᠠᠭᠤᠯᠢ ᠶᠢᠨ ᠡᠮᠡᠭᠳᠠᠢ ᠰᠤᠷᠭᠠᠭᠤᠯᠢ ᠨᠢ 7 ᠠᠩᠬᠢ ᠲᠠᠢ᠂ ᠡᠷᠡᠭᠲᠡᠢ ᠰᠤᠷᠭᠠᠭᠤᠯᠢ ᠨᠢ 9 ᠠᠩᠬᠢ ᠲᠠᠢ᠂ ᠰᠤᠷᠤᠭᠴᠢ ᠨᠢ 4~13 ᠨᠠᠰᠤᠳᠠᠢ᠂ ᠨᠠᠶᠢᠯᠠᠭᠦᠯᠦᠭᠡᠳ ᠬᠡᠳᠤᠨ ᠵᠠᠭᠤᠨ ᠰᠤᠷᠤᠭᠴᠢ ᠲᠠᠢ᠃ ᠡᠭᠦᠨ ᠢ ᠤᠯᠤᠰ ᠤᠨ ᠲᠤᠳᠤᠷᠠᠬᠢ ᠪᠠᠭ᠎ᠠ ᠰᠤᠷᠭᠠᠭᠤᠯᠢ ᠲᠠᠢ ᠬᠠᠷᠢᠴᠠᠭᠤᠯᠪᠠᠯ ᠭᠡᠪᠴᠢᠶ᠎ᠠ ᠪᠠᠷ ᠪᠠᠭ᠎ᠠ᠂ ᠭᠡᠪᠡᠴᠦ ᠪᠠᠭ᠎ᠠ ᠰᠤᠷᠭᠠᠭᠤᠯᠢ ᠶᠢᠨ ᠲᠤᠭ᠎ᠠ ᠨᠢ ᠬᠠᠷᠢᠨ ᠬᠠᠷᠢᠴᠠᠩᠭᠤᠢ ᠤᠯᠠᠨ ᠶᠤᠮ᠃ ᠪᠠᠭ᠎ᠠ ᠰᠤᠷᠭᠠᠭᠤᠯᠢ ᠨᠢᠭᠡ ᠪᠦᠷᠢ ᠳᠤ ᠲᠤᠰᠬᠠᠢ ᠪᠠᠶᠢᠭᠤᠯᠤᠮᠵᠢ ᠠᠴᠠ ᠬᠤᠶᠠᠷ ᠠᠴᠠ ᠭᠤᠷᠪᠠᠨ ᠵᠢᠯ ᠳᠤ ᠨᠢᠭᠡ ᠤᠳᠠᠭ᠎ᠠ ᠦᠨᠡᠯᠡᠯᠲᠠ ᠬᠢᠳᠡᠭ᠃ ᠭᠡᠪᠠᠴᠤ ᠠᠯᠪᠠᠨ ᠤ ᠲᠠᠯ᠎ᠠ ᠠᠴᠠ ᠨᠠᠷ᠎ᠠ ᠶᠢᠨ ᠵᠢᠭᠰᠠᠭᠠᠯᠳᠠ ᠬᠢᠭᠦ ᠦᠭᠡᠢ᠃ ᠨᠢᠭᠡ ᠪᠠᠭ᠎ᠠ ᠰᠤᠷᠭᠠᠭᠤᠯᠢ ᠶᠢᠨ ᠰᠠᠶᠢᠨ ᠮᠠᠭᠤ ᠨᠢ ᠤᠢᠢᠷ᠎ᠠ ᠤᠷᠴᠢᠮ ᠤᠨ ᠬᠤᠷᠢᠶᠠᠯᠠᠯ ᠤᠳ ᠤᠨ ᠦᠨᠡᠯᠡᠯᠲᠡ ᠳᠤ ᠲᠦᠰᠢᠭᠯᠡᠳᠡᠭ᠃      ᠠᠩᠭ᠍ᠯᠢ ᠶᠢᠨ ᠪᠠᠭ᠎ᠠ ᠰᠤᠷᠭᠠᠭᠤᠯᠢ ᠳᠤ ᠨᠢᠭᠡᠳᠤᠯᠳᠠᠢ ᠵᠢᠭᠠᠬᠤ ᠮᠠᠲ᠋ᠧᠷᠢᠶᠠᠯ ᠪᠠᠶᠢᠬᠤ ᠦᠭᠡᠢ᠃ ᠠᠯᠪᠠᠨ ᠤ ᠰᠤᠷᠭᠠᠭᠤᠯᠢ ᠳᠤ ᠵᠠᠰᠠᠭ ᠤᠨ ᠭᠠᠵᠠᠷ ᠤᠨ ᠰᠤᠷᠭᠠᠨ ᠭᠦᠮᠦᠵᠢᠯ ᠤᠨ ᠰᠠᠯᠠᠭ᠎ᠠ ᠮᠦᠴᠢᠷ ᠠᠴᠠ ᠲᠦᠭᠦᠮᠭᠡᠨ ᠯᠠᠪᠯᠠᠬᠤ ᠭᠦᠳᠦᠯᠪᠤᠷᠢ ᠶᠢ ᠭᠠᠷᠭᠠᠵᠤ᠂ ᠲᠤᠭᠳᠠᠭᠰᠠᠨ ᠨᠠᠰᠤᠨ ᠤ ᠭᠡᠤᠭᠡᠳ ᠤᠨ ᠡᠷᠭᠡᠪᠰᠢ ᠰᠤᠷᠬᠤ ᠵᠦᠢᠯ ᠢ ᠲᠤᠭᠳᠠᠭᠠᠵᠤ ᠦᠭᠳᠡᠭ᠃ ᠭᠡᠤᠭᠡᠳ ᠲᠤ ᠡᠳᠡᠭᠡᠷ ᠮᠠᠳᠠᠯᠭᠡ ᠪᠠ ᠴᠢᠳᠠᠪᠤᠷᠢ ᠶᠢ ᠭᠡᠷᠬᠢᠨ ᠤᠯᠭᠤᠬᠤ ᠭᠡᠳᠡᠭ ᠪᠤᠯ ᠰᠤᠷᠭᠠᠭᠤᠯᠢ ᠪᠤᠶᠤ ᠬᠢᠴᠢᠶᠡᠯᠯᠡᠭᠴᠢ ᠪᠠᠭᠰᠢ ᠶᠢᠨ ᠲᠤᠬᠢᠷᠠᠭᠤᠯᠤᠯᠳᠠ ᠳᠤ ᠲᠦᠰᠢᠭᠯᠡᠳᠡᠭ᠃      ᠬᠤᠪᠢ ᠶᠢᠨ ᠰᠤᠷᠭᠠᠭᠤᠯᠢ ᠡᠨᠡ ᠭᠦ ᠯᠠᠪᠯᠠᠬᠤ ᠭᠦᠳᠤᠯᠪᠤᠷᠢ ᠳᠤ ᠬᠢᠵᠠᠭᠠᠷᠯᠠᠭᠳᠠᠬᠤ ᠦᠭᠡᠢ᠂ ᠭᠡᠪᠠᠴᠤ ᠶᠡᠷᠦ ᠳᠤ ᠪᠠᠨ ᠪᠠᠷᠤᠭ ᠠᠯᠪᠠᠨ ᠤ ᠰᠤᠷᠭᠠᠭᠤᠯᠢ ᠲᠠᠢ ᠠᠳᠠᠯᠢᠪᠳᠤᠷ ᠪᠤᠯᠪᠠᠴᠤ ᠨᠡᠩ ᠭᠦᠨᠵᠡᠭᠡᠢ ᠪᠤᠶᠤ ᠤᠷᠢᠳᠴᠢᠯᠠᠭᠰᠠᠨ ᠠᠭᠤᠯᠭ᠎ᠠ ᠶᠢ ᠵᠢᠭᠠᠳᠠᠬ᠃ ᠵᠢᠱᠢᠶᠡᠯᠡᠪᠡᠯ᠄ ᠠᠯᠪᠠᠨ ᠤ ᠰᠤᠷᠭᠠᠭᠤᠯᠢ ᠶᠢᠨ ᠭᠡᠤᠭᠡᠳ ᠲᠤ 7 ᠨᠠᠰᠤᠨ ᠳᠤ ᠨᠢ ᠦᠷᠡᠵᠢᠭᠦᠯᠭᠦ ᠦᠢᠯᠡᠳᠦᠯ ᠤᠨ ᠠᠮᠠᠨ ᠤᠡᠭᠰᠢᠯᠭ᠎ᠠ ᠶᠢ ᠡᠵᠡᠮᠰᠢᠭᠦᠯᠭᠦ ᠪᠠᠷ ᠱᠠᠭᠠᠷᠳᠠᠳᠠᠬ ᠪᠤᠯ ᠬᠤᠪᠢ ᠶᠢᠨ ᠰᠤᠷᠭᠠᠭᠤᠯᠢ 6 ᠨᠠᠰᠤᠨ ᠠᠴᠠ ᠨᠢ ᠡᠬᠢᠯᠡᠨ ᠰᠤᠷᠭᠠᠳᠠᠬ᠃ ᠠᠯᠪᠠᠨ ᠤ ᠰᠤᠷᠭᠠᠭᠤᠯᠢ ᠨᠢ ᠲᠤᠤᠷ᠎ᠠ ᠤᠨ ᠤ ᠭᠡᠤᠭᠡᠳ ᠤᠳ ᠲᠤ ᠡᠩ ᠤᠨ ᠪᠠᠶᠢᠳᠠᠯ ᠳᠤ ᠲᠠᠰᠬᠠᠯ ᠦᠯᠡᠳᠡᠭᠡᠳᠡᠭ ᠦᠭᠡᠢ᠂ ᠬᠤᠪᠢ ᠶᠢᠨ ᠰᠤᠷᠭᠠᠭᠤᠯᠢ ᠨᠢ 4 ᠨᠠᠰᠤᠳᠠᠢ ᠭᠡᠤᠭᠡᠳ ᠲᠤ ᠰᠤᠷᠭᠠᠭᠤᠯᠢ ᠳᠤ ᠤᠷᠤᠭᠰᠠᠨ ᠡᠳᠦᠷ ᠠᠴᠠ ᠨᠢ ᠡᠬᠢᠯᠡᠨ ᠲᠠᠰᠬᠠᠯ ᠦᠯᠡᠳᠡᠭᠡᠳᠡᠭ᠃ ᠭᠡᠪᠡᠴᠦ ᠠᠩᠭ᠍ᠯᠢ ᠶᠢᠨ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠲᠠᠰᠬᠠᠯ ᠠᠷᠪᠢᠨ ᠪᠢᠰᠢ ᠮᠦᠷᠳᠡᠭᠡᠨ ᠲᠤᠭᠳᠠᠭᠰᠠᠨ ᠴᠠᠭ ᠲᠠᠢ ᠪᠠᠶᠢᠳᠠᠬ᠃ ᠭᠡᠷᠪᠡ ᠪᠤᠢ ᠪᠦᠭᠦᠢ ᠲᠠᠰᠬᠠᠯ ᠢ 20 ᠮᠢᠨᠦ᠋ᠲ ᠬᠢᠭᠡᠳ ᠪᠠᠷᠠᠬᠤ ᠦᠭᠡᠢ ᠪᠠᠶᠢᠪᠠᠯ ᠬᠢᠭᠦ ᠦᠭᠡᠢ ᠪᠠᠶᠢᠵᠤ ᠪᠤᠯᠤᠨ᠎ᠠ᠃      ᠬᠤᠪᠢ ᠶᠢᠨ ᠰᠤᠷᠭᠠᠭᠤᠯᠢ ᠶᠢᠨ ᠭᠤᠤᠯ ᠬᠢᠴᠢᠶᠡᠯ ᠤᠳ ᠤᠨ ᠲᠤᠬᠢᠷᠠᠭᠤᠯᠤᠯᠳᠠ ᠨᠢ ᠠᠯᠪᠠᠨ ᠤ ᠰᠤᠷᠭᠠᠭᠤᠯᠢ ᠲᠠᠢ ᠦᠨᠳᠤᠰᠤᠨ ᠳᠤ ᠪᠠᠨ ᠠᠳᠠᠯᠢ᠃ ᠵᠢᠱᠢᠶᠡᠯᠡᠪᠡᠯ᠂ ᠲᠤᠭ᠎ᠠ ᠪᠤᠳᠤᠯᠭ᠎ᠠ᠂ ᠠᠩᠭ᠍ᠯᠢ ᠭᠡᠯᠡ᠂ ᠰᠢᠨᠵᠢᠯᠡᠭᠦ ᠤᠬᠠᠭᠠᠨ᠂ ᠲᠡᠤᠭᠡ᠂ ᠭᠠᠵᠠᠷ ᠵᠦᠢ᠂ 1T ᠵᠡᠷᠭᠡ ᠪᠠᠶᠢᠳᠠᠬ᠂ ᠭᠡᠪᠠᠴᠤ ᠬᠢᠴᠢᠶᠡᠯ ᠤᠨ ᠭᠠᠳᠠᠨᠠᠬᠢ ᠭᠦᠳᠡᠯᠭᠡᠭᠡᠨ ᠮᠠᠰᠢ ᠤᠯᠠᠨ ᠪᠠᠶᠢᠳᠠᠬ᠃ ᠡᠭᠦᠨ ᠢ ᠬᠢᠴᠢᠶᠠᠯ ᠤᠨ ᠭᠦᠰᠦᠨᠦᠭᠳᠦ ᠠᠴᠠ ᠨᠢ ᠦᠵᠠᠨ ᠭᠠᠷᠴᠤ ᠪᠤᠯᠤᠨ᠎ᠠ᠃ ᠮᠠᠰᠢ ᠤᠯᠠᠨ ᠬᠤᠪᠢ ᠶᠢᠨ ᠰᠤᠷᠭᠠᠭᠤᠯᠢ ᠳᠤ ᠤᠰᠤᠨ ᠳᠤ ᠤᠮᠪᠠᠭ᠋ᠤ᠂ ᠪᠦᠵᠢᠭ᠂ ᠭᠦᠯ ᠪᠦᠮᠪᠦᠭᠡ᠂ ᠠᠷᠤᠷ᠎ᠠ ᠪᠦᠮᠪᠦᠭᠡ᠂ ᠬᠠᠪᠳᠠᠰᠤ ᠪᠦᠮᠪᠦᠭᠡ ᠵᠡᠷᠭᠡ ᠶᠢ ᠲᠤᠬᠢᠷᠠᠭᠤᠯᠤᠭᠰᠠᠨ ᠪᠠᠶᠢᠳᠠᠬ᠃ ᠡᠳᠡᠭᠡᠷ ᠨᠢ ᠪᠦᠷ ᠲᠠᠮᠢᠷ ᠤᠨ ᠬᠢᠴᠢᠶᠡᠯ ᠤᠨ ᠨᠢᠭᠡ ᠭᠡᠰᠡᠭ ᠨᠢ ᠪᠤᠯᠤᠨ᠎ᠠ᠃ ᠭᠠᠳᠠᠭᠠᠳᠤ ᠬᠡᠯᠡᠨ ᠤ ᠬᠢᠴᠢᠶᠡᠯ ᠳᠤ ᠹᠷᠠᠨᠼᠢ ᠬᠡᠯᠡ᠂ ᠢᠰᠫᠠᠨᠢ ᠬᠡᠯᠡ᠂ ᠢᠲ᠋ᠠᠯᠢ ᠭᠡᠯᠡ᠂ ᠬᠢᠳᠠᠳ ᠬᠡᠯᠡ᠂ ᠶᠠᠫᠤᠨ ᠭᠡᠯᠠ ᠭᠡᠭᠦ ᠮᠡᠳᠦ ᠤᠯᠠᠨ ᠲᠦᠷᠦᠯ ᠤᠨ ᠬᠡᠯᠡ ᠪᠤᠢ᠃ ᠨᠠᠶᠢᠷᠠᠯ ᠭᠦᠭᠵᠢᠮ ᠤᠨ ᠠᠩᠬᠢ ᠳᠤ ᠬᠢᠴᠢᠶᠡᠯᠯᠡᠳᠡᠭ ᠭᠦᠭᠵᠢᠮ ᠤᠨ ᠪᠠᠭᠰᠢ ᠰᠤᠷᠭᠠᠭᠤᠯᠢ ᠳᠤ ᠴᠦ ᠪᠦᠷ ᠪᠠᠶᠢᠳᠠᠬ ᠪᠠ ᠨᠢᠭᠡ ᠰᠤᠷᠤᠭᠴᠢ ᠨᠢᠭᠡ ᠪᠠᠭᠰᠢ ᠭᠡᠭᠦ ᠮᠡᠳᠦ ᠶᠢᠨ ᠭᠦᠭᠵᠢᠮ ᠤᠨ ᠬᠢᠴᠢᠶᠡᠯ᠂ ᠳᠠᠭᠤᠨ ᠤ ᠬᠢᠴᠢᠶᠡᠯ ᠢ ᠴᠦ ᠰᠤᠷᠭᠠᠭᠤᠯᠢ ᠳᠤ ᠪᠠᠨ ᠤᠷᠤᠳᠠᠬ᠃ ᠡᠭᠦᠨ ᠠᠴᠠ ᠭᠠᠳᠠᠨ᠎ᠠ ᠰᠤᠷᠭᠠᠭᠤᠯᠢ ᠳᠤ ᠪᠠᠰᠠ ᠮᠠᠰᠢ ᠤᠯᠠᠨ ᠠᠰ ᠢᠶᠠᠷ ᠨᠢ ᠵᠠᠷᠤᠳᠠᠯ ᠲᠤᠰᠢᠶᠠᠬᠤ ᠪᠤᠶᠤ ᠵᠠᠷᠤᠳᠠᠯ ᠬᠤᠷᠢᠶᠠᠬᠤ ᠦᠭᠡᠢ ᠬᠢᠴᠢᠶᠡᠯ ᠤᠨ ᠲᠠᠷᠠᠭᠠᠬᠢ ᠠᠩᠬᠢ ᠪᠠᠶᠢᠵᠤ᠂ ᠤᠷᠠᠨ ᠵᠢᠷᠤᠭ᠂ ᠰᠢᠳᠠᠷ᠎ᠠ ᠶᠢᠨ ᠲᠦᠷᠤᠯ᠂ ᠪᠦᠮᠪᠦᠭᠡᠨ ᠤ ᠲᠦᠷᠦᠯ᠂ ᠴᠡᠴᠡᠷᠯᠢᠭ ᠤᠨ ᠤᠷᠠᠯᠢᠬ᠂ ᠭᠠᠷ ᠤᠷᠠᠯᠠᠯ ᠵᠡᠷᠭᠡ ᠶᠢ ᠵᠢᠭᠠᠳᠠᠬ᠃      ᠬᠤᠪᠢ ᠶᠢᠨ ᠰᠤᠷᠭᠠᠭᠤᠯᠢ ᠨᠢ ᠪᠠᠶ᠎ᠠ ᠪᠠᠨ ᠲᠠᠭᠠᠭᠠᠭᠰᠠᠨ ᠡᠷᠭᠡ ᠴᠢᠯᠦᠭᠡᠳᠦ ᠰᠤᠷᠭᠠᠨ ᠭᠦᠮᠦᠵᠢᠯ ᠤᠨ ᠤᠨᠤᠯᠵᠢᠬᠤᠨ ᠢ ᠵᠠᠯᠭᠠᠮᠵᠢᠯᠠᠭᠰᠠᠨ ᠢᠶᠠᠷ ᠪᠠᠷᠠᠬᠤ ᠦᠭᠡᠢ ᠨᠡᠩ ᠴᠦ ᠡᠯᠪᠡᠭ ᠪᠠᠶᠠᠯᠢᠬ ᠰᠤᠷᠭᠠᠨ ᠭᠦᠮᠦᠵᠢᠯ ᠤᠨ ᠡᠬᠢ ᠰᠤᠷᠪᠤᠯᠵᠢ ᠶᠢ ᠡᠳ᠋ᠯᠡᠭᠰᠡᠨ ᠢᠶᠠᠷ ᠠᠩᠭ᠍ᠯᠢ ᠶᠢᠨ ᠰᠤᠳᠤᠨ ᠰᠤᠷᠭᠠᠨ ᠬᠦᠮᠦᠵᠢᠯ ᠢ ᠲᠦᠢᠯ ᠳᠤ ᠨᠢ ᠲᠤᠯᠳᠠᠯ᠎ᠠ ᠬᠢᠵᠤ ᠴᠢᠳᠠᠵᠠᠢ᠃      ᠪᠠᠶᠠᠷ ᠵᠢᠷᠭᠠᠯ ᠲᠠᠢ ᠭᠡᠤᠭᠡᠳ ᠠᠮᠵᠢᠯᠳᠠ ᠤᠯᠳᠠᠬ      ᠤᠯᠠᠨ ᠵᠢᠯ ᠤᠨ ᠳᠠᠳᠬᠠᠯ ᠠᠴᠠ ᠪᠠᠨ ᠪᠤᠯᠵᠤ ᠪᠢ ᠭᠡᠤᠭᠡᠳ ᠤᠨ ᠢᠶᠠᠨ ᠠᠩᠬᠢ ᠬᠢᠭᠡᠳ ᠤᠨ ᠳᠤ ᠬᠢ ᠵᠢᠭᠰᠠᠭᠠᠯᠳᠠ ᠶᠢ ᠤᠢᠢᠯᠠᠭᠠᠶ᠎ᠠ ᠭᠡᠵᠦ ᠪᠤᠳᠤᠭᠠᠳ ᠪᠠᠶᠢᠯ᠎ᠠ᠃ ᠭᠡᠳᠡᠯ᠎ᠠ ᠠᠩᠭ᠍ᠯᠢ ᠶᠢᠨ ᠪᠠᠭ᠎ᠠ ᠰᠤᠷᠭᠠᠭᠤᠯᠢ ᠭᠡᠷ ᠤᠨ ᠠᠬᠠᠮᠠᠳ ᠤᠨ ᠡᠨᠡ ᠭᠦ ᠱᠠᠭᠠᠷᠳᠠᠯᠭ᠎ᠠ ᠶᠢ ᠶᠠᠷᠦ ᠠᠴᠠ ᠬᠠᠨᠭ᠍ᠭᠠᠵᠤ ᠴᠢᠳᠠᠬᠤ ᠦᠭᠡᠢ ᠪᠠᠶᠢᠪᠠ᠃ ᠤᠴᠢᠷ ᠨᠢ ᠰᠤᠷᠭᠠᠭᠤᠯᠢ ᠳᠤ ᠰᠤᠷᠤᠯᠭ᠎ᠠ ᠶᠢᠨ ᠬᠢᠷᠢ ᠪᠦᠳᠤᠮᠵᠢ ᠶᠢᠨ ᠵᠢᠭᠰᠠᠭᠠᠯᠳᠠ ᠭᠡᠵᠦ ᠪᠠᠶᠢᠳᠠᠬ ᠦᠭᠡᠢ ᠭᠡᠨ᠎ᠠ᠃      ᠰᠤᠷᠤᠯᠭ᠎ᠠ ᠶᠢᠨ ᠬᠤᠭᠤᠴᠠᠭ᠎ᠠ ᠪᠦᠷᠢ ᠰᠤᠷᠤᠭᠴᠢ ᠶᠢᠨ ᠰᠤᠷᠤᠯᠴᠠᠯᠭ᠎ᠠ ᠪᠠ ᠡᠯ᠎ᠠ ᠲᠠᠯ᠎ᠠ ᠶᠢᠨ ᠢᠯᠠᠷᠠᠯ ᠢ ᠮᠠᠳᠡᠭᠳᠡᠭᠦ ᠭᠡᠷ ᠤᠨ ᠠᠬᠠᠮᠠᠳ ᠤᠨ ᠬᠤᠷᠠᠯ ᠪᠠᠶᠢᠳᠠᠬ᠃ ᠲᠠᠷᠠ ᠬᠤᠷᠠᠯ ᠨᠢ ᠨᠢᠭᠡ ᠨᠢᠭᠡ ᠭᠦᠮᠦᠨ ᠪᠠᠶᠢᠳᠠᠬ ᠪᠦᠭᠡᠳ ᠶᠠᠬ ᠬᠤᠳᠠᠯᠳᠤᠭᠠᠨ ᠤ ᠭᠡᠯᠡᠯᠴᠡᠭᠡᠷ ᠠᠳᠠᠯᠢ ᠡᠯ᠎ᠠ ᠬᠢᠴᠢᠶᠡᠯ ᠲᠦᠷᠤᠯ ᠤᠨ ᠪᠠᠭᠰᠢ ᠲᠤᠰ ᠲᠤᠰ ᠤᠨ ᠰᠢᠷᠡᠭᠡᠨ ᠳᠤ ᠪᠠᠨ ᠰᠠᠭᠤᠵᠤ᠂ ᠭᠡᠷ ᠤᠨ ᠠᠬᠠᠮᠠᠳ ᠪᠤᠯᠵᠤᠭᠰᠠᠨ ᠴᠠᠭ ᠤᠨ ᠲᠠᠷᠠᠭᠠᠯᠠᠯ ᠢᠶᠠᠷ ᠲᠠᠳᠠᠨ ᠲᠠᠢ ᠨᠢᠭᠡ ᠨᠢᠭᠡ ᠪᠠᠷ ᠶᠠᠷᠢᠯᠴᠠᠳᠠᠬ᠃ ᠭᠡᠷ ᠤᠨ ᠠᠬᠠᠮᠠᠳ ᠵᠦᠪᠭᠡᠨ ᠭᠡᠤᠭᠡᠳ ᠤᠨ ᠢᠶᠠᠨ ᠪᠠᠶᠢᠳᠠᠯ ᠢ ᠤᠢᠢᠯᠠᠭᠠᠨ᠎ᠠ᠃ ᠡᠶᠢᠮᠦ ᠠᠴᠠ ᠭᠡᠨ ᠨᠢ ᠠᠩᠬᠢ ᠳᠤ ᠪᠠᠨ ᠲᠠᠷᠢᠭᠦᠯᠡᠵᠦ ᠪᠠᠶᠢᠬᠤ᠂ ᠭᠡᠨ ᠨᠢ ᠬᠤᠴᠤᠷᠴᠤ ᠪᠠᠶᠢᠬᠤ ᠶᠢ ᠮᠡᠳᠡᠭᠦ ᠨᠢ ᠵᠦᠪᠭᠡᠨ ᠬᠢᠴᠢᠶᠡᠯᠯᠡᠭᠴᠢ ᠪᠠᠭᠰᠢ ᠶᠢᠨ ᠮᠠᠳᠡᠭᠦ ︽ᠨᠢᠭᠤᠴᠠ︾ ᠯᠠ ᠪᠤᠯᠤᠭᠰᠠᠨ ᠪᠠᠶᠢᠳᠠᠬ᠃ ᠡᠭᠦᠨ ᠢ ᠲᠤᠮᠳᠠᠳᠤ ᠤᠯᠤᠰ ᠤᠨ ᠪᠠᠭ᠎ᠠ ᠰᠤᠷᠭᠠᠭᠤᠯᠢ ᠳᠤ ᠬᠢ ᠦᠵᠡᠭᠳᠡᠭᠦ ᠦᠭᠡᠢ ᠪᠤᠯᠪᠠᠴᠤ ᠭᠦᠮᠦᠨ ᠪᠦᠭᠦᠨ ᠤ ᠮᠠᠳᠡᠳᠡᠭ ᠰᠠᠶᠢᠨ ᠰᠤᠷᠤᠭᠴᠢ ᠠᠨᠠᠢ ᠰᠤᠷᠤᠭᠴᠢ᠂ ᠲᠤᠮᠳᠠ ᠵᠡᠷᠭᠡ ᠶᠢᠨ ᠰᠤᠷᠤᠭᠴᠢ ᠭᠡᠳᠡᠭ ᠲᠡᠮᠳᠡᠭ ᠢ ᠰᠤᠷᠤᠭᠴᠢ ᠨᠢᠭᠡ ᠪᠦᠷᠢ ᠶᠢᠨ ᠲᠤᠯᠤᠭᠠᠢ ᠳᠡᠭᠡᠷ᠎ᠠ ᠨᠢ ᠨᠠᠭᠠᠳᠠᠬ ᠲᠠᠢ ᠬᠠᠷᠢᠴᠠᠭᠤᠯᠪᠠᠯ ᠮᠠᠰᠢ ᠶᠡᠭᠡ ᠵᠦᠷᠢᠶ᠎ᠡ ᠲᠠᠢ ᠪᠢᠯᠡ᠃      ᠮᠢᠨᠤ ᠦᠭᠢᠨ ᠬᠠᠮᠳᠤ ᠨᠦᠭᠦᠳ ᠲᠠᠢ ᠪᠠᠨ 7 ᠵᠢᠯ ᠬᠠᠮᠳᠤ ᠰᠤᠷᠤᠯᠴᠠᠬᠤ ᠳᠤ ᠪᠠᠨ ᠬᠠᠮᠳᠤ ᠨᠦᠭᠦᠳ ᠤᠨ ᠢᠶᠠᠨ ᠲᠦᠷᠦᠭᠰᠡᠨ ᠡᠳᠦᠷ᠂ ᠤᠨᠴᠠᠯᠢᠬ᠂ ᠰᠠᠶᠢᠨ ᠮᠠᠭᠤ ᠵᠠᠩ ᠢ ᠰᠠᠶᠢᠨ ᠮᠠᠳᠡᠳᠡᠭ ᠪᠤᠯᠪᠠᠴᠤ ᠬᠠᠷᠢᠨ ᠲᠠᠳᠡᠨ ᠤ ᠰᠤᠷᠤᠯᠭ᠎ᠠ ᠶᠢᠨ ᠬᠢᠷᠢ ᠪᠦᠳᠤᠮᠵᠢ ᠶᠢᠨ ᠵᠢᠭᠰᠠᠭᠠᠯᠳᠠ ᠶᠢ ᠤᠭᠳᠤ ᠮᠠᠳᠡᠳᠡᠭ ᠦᠭᠡᠢ ᠶᠤᠮ᠃ ᠡᠨᠡ ᠨᠢ ᠲᠡᠳᠡ ᠦᠪᠠᠷᠳᠡᠭᠡᠨ ᠪᠤᠶᠤ ᠪᠠᠭᠰᠢ ᠨᠢ ᠪᠦᠷ ᠰᠤᠷᠤᠯᠭ᠎ᠠ ᠶᠢᠨ ᠬᠢᠷᠢ ᠪᠦᠳᠤᠮᠵᠢ ᠪᠠᠷ ᠨᠢᠭᠡ ᠭᠡᠤᠭᠡᠳ ᠤᠨ ᠰᠠᠶᠢᠨ ᠮᠠᠭᠤ ᠶᠢ ᠦᠨᠡᠯᠡᠳᠡᠭ ᠦᠭᠡᠢ ᠲᠠᠢ ᠬᠤᠯᠪᠤᠭ᠎ᠠ ᠲᠠᠢ ᠪᠠᠶᠢᠵᠤ ᠮᠠᠳᠡᠭᠦ ᠶᠤᠮ᠃ ᠲᠡᠳᠡᠨ ᠤ ᠲᠡᠮᠳᠡᠭ ᠲᠠᠯᠪᠢᠵᠤ ᠦᠨᠠᠯᠠᠳᠡᠭ ᠨᠢ ᠤᠯᠠᠩᠬᠢ ᠳᠤ ᠪᠠᠨ ᠭᠦᠮᠦᠨ ᠨᠢᠭᠡ ᠪᠦᠷᠢ ᠶᠢᠨ ᠲᠠᠪᠠᠭᠤᠯᠢᠬ ᠲᠠᠯ᠎ᠠ ᠪᠤᠯᠤᠨ᠎ᠠ᠃ ᠵᠢᠱᠢᠶᠡᠯᠡᠪᠡᠯ᠄ ᠵᠠᠷᠢᠮ ᠰᠤᠷᠤᠭᠴᠢ ᠲᠤᠭᠠᠨ ᠳᠤ ᠪᠠᠨ ᠰᠠᠶᠢᠨ᠂ ᠵᠠᠷᠢᠮ ᠰᠤᠷᠤᠭᠴᠢ ᠵᠤᠬᠢᠶᠠᠨ ᠪᠢᠴᠢᠭᠦ ᠳᠤ ᠪᠠᠨ ᠰᠠᠶᠢᠨ᠂ ᠵᠠᠷᠢᠮ ᠰᠤᠷᠤᠭᠴᠢ ᠲᠠᠭᠤᠤ ᠪᠦᠵᠢᠭ᠂ ᠤᠷᠠᠨ ᠵᠢᠷᠤᠭ ᠲᠤ ᠪᠠᠨ ᠰᠠᠶᠢᠨ᠂ ᠡᠰᠡᠭᠦᠯ᠎ᠠ ᠶᠠᠮᠠᠷ ᠨᠢᠭᠡᠨ ᠲᠠᠮᠢᠷ ᠤᠨ ᠭᠦᠳᠠᠯᠭᠡᠭᠡᠨ ᠳᠤ ᠰᠠᠶᠢᠨ ᠭᠡᠭᠦ ᠮᠡᠳᠦ᠃ ᠮᠢᠨᠤ ᠭᠠᠶᠢᠬᠠᠭᠰᠠᠨ ᠨᠢ ᠨᠢᠭᠡ ᠠᠩᠬᠢ ᠶᠢᠨ 20 ᠰᠢᠬᠠᠮ ᠭᠡᠤᠭᠡᠳ ᠤᠨ ᠭᠡᠤᠭᠡᠳ ᠪᠤᠯᠭᠠᠨ ᠠᠴᠠ ᠪᠦᠷ ᠭᠦᠮᠦᠨ ᠠᠴᠠ ᠲᠠᠪᠠᠮ᠎ᠠ ᠤᠮᠤᠭᠰᠢᠭᠤᠰᠢᠳᠠᠢ ᠲᠠᠯ᠎ᠠ ᠶᠢ ᠨᠢ ᠡᠷᠢᠨ ᠭᠠᠷᠭᠠᠵᠠᠢ᠃ ᠬᠤᠭᠤᠴᠠᠭᠠᠨ ᠡᠴᠦᠰ ᠤᠨ ᠰᠢᠯᠢᠳᠡᠭ ᠢ ᠱᠠᠩᠨᠠᠬᠤ ᠴᠢᠬᠤᠯᠠ ᠨᠢᠭᠡ ᠱᠠᠩᠨᠠᠯ ᠪᠤᠯ ᠲᠤᠰ ᠬᠤᠭᠤᠴᠠᠭᠠᠨ ᠳᠤ ᠬᠢ ᠬᠠᠮᠤᠭ ᠰᠠᠶᠢᠨ ᠲᠠᠪᠰᠢᠯᠳᠠ ᠲᠠᠢ ᠭᠡᠤᠭᠡᠳ ᠪᠤᠯᠤᠨ᠎ᠠ᠂ ᠬᠠᠷᠢᠨ ᠬᠠᠮᠤᠭ ᠤᠨ ᠰᠢᠯᠢᠳᠡᠭ ᠭᠡᠤᠭᠡᠳ ᠪᠢᠰᠢ᠃      ᠠᠩᠭ᠍ᠯᠢ ᠶᠢᠨ ᠪᠠᠭ᠎ᠠ ᠰᠤᠷᠭᠠᠭᠤᠯᠢ ᠶᠢᠨ ᠪᠠᠭᠰᠢ ᠨᠠᠷ ᠬᠢᠷᠢ ᠪᠦᠳᠤᠮᠵᠢ ᠪᠠᠷ ᠰᠢᠯᠢᠳᠡᠭ ᠭᠡᠤᠭᠡᠳ ᠢ ᠤᠨᠴᠠᠭᠠᠢᠢᠯᠠᠨ ᠬᠠᠶᠢᠷᠠᠯᠠᠬᠤ ᠦᠭᠡᠢ ᠪᠦᠭᠡᠳ ᠬᠢᠷᠢ ᠪᠦᠳᠤᠮᠵᠢ ᠠᠨᠠᠢ ᠭᠡᠤᠭᠡᠳ ᠢ ᠴᠦ ᠤᠨᠴᠠᠭᠠᠢᠢᠯᠠᠨ ᠭᠠᠳᠠᠭᠤᠷᠰᠢᠶᠠᠬᠤ ᠦᠭᠡᠢ᠃ ᠨᠢᠯᠬ᠎ᠠ ᠪᠠᠭ᠎ᠠ ᠭᠡᠤᠭᠡᠳ ᠲᠤ ᠢᠯᠡᠷᠡᠭᠦ ᠰᠤᠷᠤᠯᠭ᠎ᠠ ᠶᠢᠨ ᠬᠢᠷᠢ ᠪᠦᠳᠤᠮᠵᠢ ᠶᠢᠨ ᠵᠦᠷᠢᠶ᠎ᠠ ᠶᠢ ᠲᠡᠳᠡ ᠦᠰᠤᠯᠳᠠ ᠶᠢᠨ ᠬᠤᠷᠳᠤᠨ ᠤᠳᠠᠭᠠᠨ ᠲᠠᠢ ᠬᠤᠯᠪᠤᠭᠳᠠᠨ᠎ᠠ ᠭᠡᠵᠦ ᠦᠵᠡᠳᠡᠭ ᠪᠠᠶᠢᠨ᠎ᠠ᠃      ᠠᠩᠭ᠍ᠯᠢ ᠶᠢᠨ ᠰᠤᠷᠭᠠᠭᠤᠯᠢ ᠨᠤᠭᠤᠳ ᠰᠤᠷᠤᠯᠭ᠎ᠠ ᠶᠢ ᠠᠳᠠᠯᠢᠬᠠᠨ ᠭᠦᠨᠳᠤᠳᠭᠡᠨ᠎ᠡ᠃ ᠭᠡᠪᠡᠴᠦ ᠰᠤᠷᠤᠯᠭ᠎ᠠ ᠶᠢ ᠰᠤᠷᠭᠠᠨ ᠭᠦᠮᠦᠵᠢᠯ ᠤᠨ ᠤᠭ ᠰᠠᠨᠠᠭ᠎ᠠ ᠪᠠ ᠡᠴᠦᠰ ᠤᠨ ᠴᠡᠭ ᠭᠡᠵᠦ ᠦᠵᠡᠳᠡᠭ ᠦᠭᠡᠢ᠃ ᠮᠢᠨᠤ ᠭᠦᠦ ᠶᠢᠨ ᠰᠤᠷᠤᠭᠴᠢ ᠶᠢᠨ ᠭᠠᠷ ᠲᠠᠪᠳᠡᠷ ᠤᠨ ᠠᠩᠬᠠᠨ ᠤ ᠨᠢᠭᠤᠷ ᠳᠡᠭᠡᠷ᠎ᠠ ︽ᠰᠠᠶᠢᠨ ᠰᠤᠷᠤᠯᠴᠠᠵᠤ ᠡᠳᠦᠷ ᠠᠴᠠ ᠡᠳᠦᠷ ᠲᠠᠪᠰᠢ︾᠂ ︽ᠮᠠᠳᠠᠯᠭᠡ ᠪᠤᠯ ᠭᠦᠴᠦᠨ︾ ᠭᠡᠵᠦ ᠪᠢᠴᠢᠭᠰᠡᠨ ᠦᠭᠡᠢ᠂ ᠬᠠᠷᠢᠨ ︽ᠲᠠ ᠪᠠᠶᠠᠷ ᠵᠢᠷᠭᠠᠯ ᠲᠠᠢ ᠪᠠᠶᠢᠨ᠎ᠠ ᠤᠤ︖ ᠲᠠ ᠭᠦᠮᠦᠨ ᠳᠤ ᠪᠠᠶᠠᠷ ᠵᠢᠷᠭᠠᠯ ᠠᠪᠴᠢᠷᠠᠳᠠᠬ ᠭᠦᠮᠦᠨ ᠮᠦᠨ ᠤᠤ︖︾ ᠭᠡᠵᠦ ᠪᠢᠴᠢᠭᠰᠡᠨ ᠪᠠᠶᠢᠯ᠎ᠠ᠃      ᠡᠨᠡ ᠦᠭᠦᠯᠡᠪᠤᠷᠢ ᠶᠢᠨ ᠲᠤᠤᠷ᠎ᠠ ᠨᠢ ᠵᠢᠵᠢᠭ ᠦᠰᠦᠭ ᠢᠶᠠᠷ᠄ ︽ᠪᠢᠳᠠ ᠴᠢᠨᠤ ᠰᠤᠷᠭᠠᠭᠤᠯᠢ ᠳᠤ ᠪᠠᠨ ᠪᠠᠶᠠᠷ ᠵᠢᠷᠭᠠᠯ ᠲᠠᠢ ᠪᠠᠶᠢᠬᠤ ᠶᠢ ᠬᠦᠰᠡᠵᠦ ᠪᠠᠶᠢᠨ᠎ᠠ᠃ ᠭᠡᠪᠡᠴᠤ ᠵᠠᠷᠢᠮ ᠦᠶ᠎ᠠ ᠳᠤ ᠴᠢ ᠪᠠᠰᠠ ᠤᠷᠮ᠎ᠠ ᠬᠤᠭᠤᠷᠠᠬᠤ ᠪᠤᠶᠤ ᠶᠠᠮᠠᠷ ᠨᠢᠭᠡᠨ ᠶᠠᠪᠤᠳᠠᠯ ᠳᠤ ᠵᠤᠪᠠᠵᠤ ᠠᠭᠤᠷᠯᠠᠵᠤ ᠮᠠᠳᠡᠨ᠎ᠡ᠃ ᠡᠶᠢᠮᠦ ᠪᠠᠶᠢᠳᠠᠯ ᠳᠤ ᠬᠢ ᠬᠠᠮᠤᠭ ᠤᠨ ᠰᠠᠶᠢᠨ ᠠᠷᠭ᠎ᠠ ᠪᠤᠯ ᠭᠦᠮᠦᠨ ᠲᠠᠢ ᠶᠠᠷᠢᠯᠴᠠᠬᠤ ᠪᠤᠯᠤᠨ᠎ᠠ ᠭᠡᠵᠦ ᠪᠢᠴᠢᠵᠠᠢ᠃ ᠵᠠᠯᠭᠠᠭᠠᠳ ᠰᠤᠷᠤᠭᠴᠢ ᠶᠢᠨ ᠭᠡᠵᠢᠶ᠎ᠡ ᠴᠦ ᠶᠠᠷᠢᠯᠴᠠᠬᠤ ᠳᠤ ᠪᠡᠯᠡᠭᠡᠨ ᠪᠠᠶᠢᠳᠠᠬ ᠠᠩᠬᠢ ᠶᠢᠨ ᠡᠷᠬᠢᠯᠡᠭᠴᠢ᠂ ᠪᠠᠶᠢᠷᠢ ᠶᠢᠨ ᠬᠠᠮᠢᠶᠠᠷᠤᠭᠴᠢ᠂  ᠵᠢᠭᠠᠨ ᠵᠢᠯᠤᠭᠤᠳᠤᠭᠴᠢ᠂ ᠤᠨ ᠤ ᠡᠷᠬᠢᠯᠡᠭᠴᠢ᠂ ᠵᠠᠬᠢᠷᠤᠯ ᠤᠨ ᠲᠤᠰᠠᠯᠠᠭᠴᠢ᠂ ᠰᠤᠷᠭᠠᠭᠤᠯᠢ ᠶᠢᠨ ᠡᠮᠴᠢ᠂ ᠲᠠᠳ᠋ ᠵᠠᠬᠢᠷᠤᠯ᠂ ᠰᠤᠷᠭᠠᠭᠤᠯᠢ ᠶᠢᠨ ᠵᠦᠪᠯᠡᠭᠴᠢ᠂ ᠵᠠᠬᠢᠷᠤᠯ᠂ ᠵᠠᠬᠢᠷᠤᠯ ᠤᠨ ᠬᠠᠳᠤᠨ ᠵᠡᠷᠭᠡ ᠤᠯᠠᠨ ᠭᠦᠮᠦᠰ ᠤᠨ ᠨᠠᠷ᠎ᠠ ᠶᠢ ᠪᠢᠴᠢᠵᠠᠢ᠃ ᠨᠠᠷᠠᠰ ᠤᠨ ᠬᠤᠶᠢᠨ᠎ᠠ ᠨᠢ ᠪᠠᠰᠠ ᠴᠡᠭᠡᠵᠢᠯᠡᠵᠦ ᠠᠪ᠂ ᠭᠦᠴᠢᠷᠳᠠᠢ ᠠᠰᠠᠭᠤᠳᠠᠯ ᠢᠶᠠᠨ ᠪᠤᠰᠤᠳ ᠭᠦᠮᠦᠨ ᠳᠤ ᠬᠡᠯᠡᠭᠦ ᠨᠢ ᠲᠤᠳᠤᠷ᠎ᠠ ᠪᠠᠨ ᠬᠠᠳᠠᠭᠠᠯᠠᠬᠤ ᠠᠴᠠ ᠲᠦᠭᠦᠮ ᠶᠤᠮ᠂ ᠭᠡᠷᠪᠡ ᠴᠢ ᠭᠠᠭᠴᠠᠭᠠᠷ ᠢᠶᠠᠨ ᠲᠤᠮᠤ ᠭᠦᠮᠦᠰ ᠲᠠᠢ ᠠᠭᠤᠯᠵᠠᠬᠤ ᠲᠤᠷ᠎ᠠ ᠦᠭᠡᠢ ᠪᠤᠯ ᠨᠠᠶᠢᠵᠢ ᠪᠠᠨ ᠲᠠᠭᠠᠭᠤᠯᠤᠭᠠᠳ ᠤᠴᠢᠭᠠᠷᠠᠢ︾ ᠭᠡᠵᠦ ᠰᠠᠨᠠᠭᠤᠯᠤᠨ ᠪᠢᠴᠢᠵᠠᠢ᠃      8 ᠵᠢᠯ ᠪᠤᠯᠴᠢᠬᠠᠯ᠎ᠠ᠂ ᠴᠡᠴᠡᠷᠯᠢᠭ ᠠᠴᠠ ᠡᠬᠢᠯᠡᠭᠡᠳ ᠤᠳᠠᠭ᠎ᠠ ᠪᠤᠯᠭᠠᠨ ᠭᠡᠤᠭᠡᠳ ᠢᠶᠠᠨ ᠲᠤᠰᠬᠤ ᠳᠤ ᠪᠢ ᠬᠠᠮᠤᠭ ᠲᠦᠷᠦᠭᠦᠨ ᠳᠤ᠄ ᠵᠢᠭᠠᠬᠠᠨ ᠭᠦᠦ᠂ ᠦᠨᠦᠳᠤᠷ ᠶᠠᠮᠠᠷ ᠵᠡᠷᠭᠡ ᠪᠤᠢ︖ ᠪᠠᠶᠠᠷᠯᠠᠭᠰᠠᠨ ᠤᠤ︖ ᠭᠡᠰᠡᠨ ᠦᠭᠡ ᠯᠡ ᠪᠠᠶᠢᠳᠠᠬ᠃ ᠲᠡᠷᠠ ᠮᠦᠷᠳᠡᠭᠡᠨ ᠰᠤᠷᠤᠭᠴᠢ ᠨᠢᠭᠡ ᠪᠦᠷᠢ ᠶᠢᠨ ᠭᠠᠷ ᠲᠠᠪᠳᠡᠷ ᠢ ᠦᠵᠡᠭᠦ ᠪᠤᠯᠭᠠᠨ ᠪᠢ ᠡᠨᠡ ᠰᠤᠷᠭᠠᠭᠤᠯᠢ ᠶᠢ ᠬᠠᠶᠢᠷᠠᠯᠠᠬᠤ ᠦᠭᠡᠢ ᠪᠠᠶᠢᠬᠤ ᠶᠢᠨ ᠠᠷᠭ᠎ᠠ ᠦᠭᠡᠢ ᠪᠤᠯᠳᠠᠬ᠃      ᠲᠤᠮᠳᠠᠳᠤ ᠤᠯᠤᠰ ᠤᠨ ᠲᠤᠮᠳᠠᠳᠤ ᠪᠠᠭ᠎ᠠ ᠰᠤᠷᠭᠠᠭᠤᠯᠢ ᠳᠤ ᠪᠠᠶᠠᠷᠳᠠᠢ ᠪᠠᠶᠢᠳᠠᠬ ᠨᠢ ᠭᠡᠵᠢᠶᠡᠳᠡ ᠬᠢᠷᠢ ᠪᠦᠳᠤᠮᠵᠢ ᠰᠠᠶᠢᠨ ᠰᠤᠷᠤᠭᠴᠢ ᠪᠠᠶᠢᠳᠠᠬ᠃ ᠬᠢᠷᠢ ᠪᠦᠳᠤᠮᠵᠢ ᠠᠨᠠᠢ ᠰᠤᠷᠤᠭᠴᠢ ᠦᠷᠭᠦᠯᠵᠢ ᠨᠤᠭᠤᠷᠠᠯ ᠪᠦᠳᠦᠷᠢᠯ ᠪᠠ ᠵᠤᠪᠠᠭᠤᠷᠢ ᠳᠤ ᠤᠴᠠᠷᠠᠳᠠᠬ᠃ ᠠᠩᠭ᠍ᠯᠢ ᠶᠢᠨ ᠰᠤᠷᠭᠠᠨ ᠭᠦᠮᠦᠵᠢᠯᠳᠡᠨ ᠤ ᠦᠵᠡᠭᠦ ᠪᠠᠷ ᠪᠠᠶᠠᠷ ᠵᠢᠷᠭᠠᠯ ᠲᠠᠢ ᠭᠡᠤᠭᠡᠳ ᠰᠠᠶ᠋ᠢ ᠠᠮᠵᠢᠯᠳᠠ ᠤᠯᠵᠤ ᠴᠢᠳᠠᠨ᠎ᠠ᠃ ᠲᠡᠶᠢᠮᠦ ᠠᠴᠠ ᠰᠠᠶᠢᠨ ᠰᠤᠷᠭᠠᠭᠤᠯᠢ ᠭᠡᠤᠭᠡᠳ ᠤᠨ ᠪᠠᠶᠠᠷ ᠵᠢᠷᠭᠠᠯ ᠢ ᠪᠦᠭᠦ ᠭᠦᠴᠦᠨ ᠢᠶᠠᠷ ᠢᠶᠠᠨ ᠠᠩᠬᠠᠷᠬᠤ ᠪᠠ ᠬᠠᠮᠠᠭᠠᠯᠠᠳᠠᠬ᠃      ᠠᠩᠭ᠍ᠯᠢ ᠳᠤ ᠪᠠᠭ᠎ᠠ ᠰᠤᠷᠭᠠᠭᠤᠯᠢ ᠠᠴᠠ ᠠᠩᠬ᠎ᠠ ᠲᠤᠮᠳᠠᠳᠤ ᠳᠤ ᠶᠠᠭᠠᠬᠢᠵᠤ ᠰᠢᠯᠭᠠᠳᠠᠬ ᠪᠤᠢ      ᠠᠩᠭ᠍ᠯᠢ ᠶᠢᠨ ᠠᠯᠪᠠᠨ ᠤ ᠪᠠᠭ᠎ᠠ ᠰᠤᠷᠭᠠᠭᠤᠯᠢ ᠵᠢᠴᠢ ᠬᠤᠪᠢ ᠶᠢᠨ ᠡᠮᠡᠭᠳᠠᠢ ᠰᠤᠷᠭᠠᠭᠤᠯᠢ ᠵᠢᠷᠭᠤᠳᠤᠭᠠᠷ ᠤᠨ ᠲᠡᠭᠦᠰᠪᠡᠯ ᠲᠤᠮᠳᠠᠳᠤ ᠰᠤᠷᠭᠠᠭᠤᠯᠢ ᠳᠤ ᠲᠠᠪᠰᠢᠳᠠᠬ᠃ ᠳᠠᠷᠤᠢ 11 ᠨᠠᠰᠤᠳᠠᠢ ᠳᠤ ᠪᠠᠨ ᠠᠩᠬᠢ ᠲᠠᠪᠰᠢᠳᠠᠬ᠃ ᠡᠶᠢᠮᠦ ᠠᠴᠠ ᠲᠤᠮᠳᠠᠳᠤ ᠰᠤᠷᠭᠠᠭᠤᠯᠢ ᠲᠠᠪᠰᠢᠭᠦ ᠰᠢᠯᠭᠠᠯᠳᠠ ᠶᠢ ᠲᠦᠭᠦᠮᠴᠢᠯᠡᠭᠡᠳ ︽11+︾ ᠭᠡᠳᠡᠭ᠃ ᠠᠩᠭ᠍ᠯᠢ ᠶᠢᠨ ᠬᠤᠪᠢ ᠶᠢᠨ ᠡᠷᠡᠭᠳᠠᠢ ᠰᠤᠷᠭᠠᠭᠤᠯᠢ ᠨᠢ ᠭᠡᠤᠭᠡᠳ ᠤᠳ ᠨᠠᠢᠮᠠᠳᠤᠭᠠᠷ ᠤᠨ ᠳᠤ ᠤᠷᠤᠵᠤ 13 ᠨᠠᠰᠤᠯᠠᠮᠠᠨᠵᠢᠨ ᠰᠠᠶ᠋ᠢ ᠨᠠᠶᠢᠳᠠ ᠶᠢᠨ ᠰᠤᠷᠭᠠᠭᠤᠯᠢ ᠳᠤ ᠲᠠᠪᠰᠢᠨ ᠤᠷᠤᠳᠠᠬ᠃ ᠭᠡᠷᠪᠡ ᠬᠤᠶᠠᠷ ᠤᠯᠤᠰ ᠤᠨ ᠰᠤᠷᠭᠠᠨ ᠭᠦᠮᠦᠵᠢᠯ ᠤᠨ ᠤᠨᠤᠯᠵᠢᠬᠤᠨ ᠴᠠᠭᠠᠰᠢᠯᠠᠪᠠᠯ ᠰᠤᠶᠤᠯ ᠤᠨ ᠦᠵᠡᠯᠳᠡ ᠶᠢ ᠰᠤᠳᠤᠯᠤᠶ᠎ᠠ ᠭᠡᠪᠡᠯ ᠲᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢ ᠡᠯᠰᠡᠭᠦ ᠪᠠᠷᠢᠮᠵᠢᠶ᠎ᠠ ᠨᠢ ᠮᠠᠰᠢ ᠰᠠᠶᠢᠨ ᠰᠠᠳᠤᠪ ᠪᠤᠯᠬᠤ ᠶᠤᠮ᠃      ᠠᠯᠪᠠᠨ ᠤ ᠲᠤᠮᠳᠠᠳᠤ ᠰᠤᠷᠭᠠᠭᠤᠯᠢ ᠨᠢ ᠮᠦᠨ ᠯᠡ ᠬᠡᠷ ᠤᠨ ᠰᠠᠭᠤᠭ᠎ᠠ ᠪᠠᠶᠢᠷᠢᠰᠢᠯ ᠢᠶᠠᠷ ᠨᠢ ᠬᠤᠪᠢᠶᠠᠵᠤ ᠰᠤᠷᠭᠠᠭᠤᠯᠢ ᠳᠤ ᠡᠯᠰᠡᠳᠡᠭ᠃ ᠭᠡᠪᠡᠴᠦ ︽11+︾ ᠨᠢ ᠠᠩᠭ᠍ᠯᠢ ᠳᠤ ᠶᠠᠷᠦᠩᠭᠡᠢ ᠲᠤᠭ᠎ᠠ ᠪᠠᠷ ᠭᠦᠮᠦᠨ ᠢ ᠰᠤᠴᠢᠭᠠᠮ᠎ᠠ ᠠᠵᠤ ᠠᠬᠤᠢ ᠶᠢᠨ ᠭᠡᠯᠬᠢᠶᠡᠰᠦ ᠪᠤᠯᠵᠤ ᠴᠢᠳᠠᠳᠠᠬ ᠠᠴᠠ ᠰᠢᠯᠳᠠᠭᠠᠨ ᠨᠢ ᠬᠤᠶᠠᠷ ᠲᠦᠷᠦᠯ ᠤᠨ ᠰᠤᠷᠭᠠᠭᠤᠯᠢ ᠳᠤ ᠵᠠᠪᠠᠯ ᠰᠢᠯᠭᠠᠯᠳᠠ ᠶᠢᠨ ᠭᠤᠶᠤᠴᠢᠯᠠᠯ ᠭᠠᠷᠭᠠᠬᠤ ᠭᠡᠷᠡᠭᠲᠡᠢ ᠪᠠᠶᠢᠳᠠᠬ᠃ ᠨᠢᠭᠡ ᠲᠦᠷᠦᠯ ᠨᠢ ᠠᠯᠪᠠᠨ ᠤ ᠰᠤᠷᠭᠠᠭᠤᠯᠢ ᠳᠤ ᠬᠢ ᠭᠤᠤᠯᠳᠠᠯᠭ᠎ᠠ ᠲᠠᠢ ᠰᠤᠷᠭᠠᠭᠤᠯᠢ ︵Grammar school︶ ᠪᠤᠯᠤᠨ᠎ᠠ᠃ ᠭᠤᠤᠯᠳᠠᠯᠭ᠎ᠠ ᠲᠠᠢ ᠰᠤᠷᠭᠠᠭᠤᠯᠢ ᠠᠩᠭ᠍ᠯᠢ ᠳᠤ ᠲᠤᠮᠳᠠᠳᠤ ᠵᠠᠭᠤᠨ ᠠᠴᠠ ᠡᠬᠢᠯᠡᠭᠰᠡᠨ ᠪᠠᠶᠢᠨ᠎ᠠ᠃ ᠰᠡᠭᠦᠯᠠᠷ ᠨᠢ ᠠᠭᠠᠵᠢᠮ ᠢᠶᠠᠷ ᠰᠤᠷᠤᠯᠭ᠎ᠠ ᠶᠢᠨ ᠬᠢᠷᠢ ᠪᠦᠳᠤᠮᠵᠢ ᠶᠢ ᠭᠦᠨᠳᠤᠳᠭᠡᠭᠦ ᠪᠤᠯᠤᠨ ᠬᠤᠪᠢᠷᠠᠵᠤ᠂ ᠰᠤᠷᠭᠠᠭᠤᠯᠢ ᠲᠠᠪᠰᠢᠭᠦ ᠳᠤ ᠵᠠᠪᠠᠯ ᠰᠢᠯᠭᠠᠯᠳᠠ ᠬᠢᠵᠦ ᠰᠤᠩᠭᠤᠬᠤ ᠪᠤᠯᠵᠠᠢ᠃ ᠭᠡᠪᠠᠴᠤ ᠮᠦᠨ ᠯᠡ ᠲᠦᠯᠦᠪᠤᠷᠢ ᠦᠭᠡᠢ ᠰᠤᠷᠤᠯᠴᠠᠭᠤᠯᠳᠠᠬ ᠪᠠᠶᠢᠨ᠎ᠠ᠃ ᠡᠶᠢᠮᠦ ᠰᠤᠷᠭᠠᠭᠤᠯᠢ ᠶᠢᠨ ᠰᠤᠷᠤᠭᠴᠢᠳ ᠤᠨ ᠭᠡᠪ ᠴᠢᠨᠠᠷ᠂ ᠵᠢᠭᠠᠨ ᠰᠤᠷᠭᠠᠯᠳᠠ ᠶᠢᠨ ᠶᠠᠰᠤ ᠴᠢᠨᠠᠷ᠂ ᠲᠡᠭᠦᠰᠦᠭᠰᠡᠨ ᠰᠤᠷᠤᠭᠴᠢ ᠶᠢᠨ ᠰᠤᠷᠭᠠᠭᠤᠯᠢ ᠲᠠᠪᠰᠢᠭᠦ ᠨᠤᠷᠮ᠎ᠠ ᠨᠢ ᠠᠯᠪᠠᠨ ᠤ ᠰᠤᠷᠭᠠᠭᠤᠯᠢ ᠲᠤᠳᠤᠷ᠎ᠠ ᠪᠠᠨ ᠬᠠᠮᠤᠭ ᠤᠨ ᠰᠠᠶᠢᠨ ᠪᠠᠶᠢᠳᠠᠬ᠃ ᠠᠯᠪᠠᠨ ᠤ ᠪᠠᠭ᠎ᠠ ᠰᠤᠷᠭᠠᠭᠤᠯᠢ᠂ ᠬᠤᠪᠢ ᠶᠢᠨ ᠪᠠᠭ᠎ᠠ ᠰᠤᠷᠭᠠᠭᠤᠯᠢ ᠠᠴᠠ ᠲᠡᠭᠦᠰᠦᠭᠰᠡᠨ ᠰᠤᠷᠤᠭᠴᠢᠳ ᠪᠦᠷ ᠭᠤᠤᠯᠳᠠᠯᠭ᠎ᠠ ᠲᠠᠢ ᠰᠤᠷᠭᠠᠭᠤᠯᠢ ᠳᠤ ᠭᠤᠶᠤᠴᠢᠯᠠᠵᠤ ᠪᠤᠯᠬᠤ ᠪᠦᠭᠡᠳ ᠠᠩᠭ᠍ᠯᠢ ᠭᠡᠯᠡ᠂ ᠲᠤᠭᠠᠨ ᠤ ᠤᠬᠠᠭᠠᠨ ᠤ ᠰᠢᠯᠭᠠᠯᠳᠠ ᠶᠢᠨ ᠶᠡᠷᠦᠩᠭᠡᠢ ᠬᠤᠪᠢ ᠨᠢ ᠴᠤᠷ ᠤᠨ ᠭᠠᠭᠴᠠ ᠪᠠᠷᠢᠮᠵᠢᠶ᠎ᠠ ᠪᠤᠯᠬᠤ ᠲᠤᠯᠠ ᠰᠤᠷᠭᠠᠭᠤᠯᠢ ᠲᠠᠪᠰᠢᠭᠦ ᠨᠢᠭᠡᠳᠦᠯᠳᠠᠢ ᠰᠢᠯᠭᠠᠯᠳᠠ ᠶᠢᠨ ᠦᠷᠢᠰᠦᠯᠳᠦᠭᠡᠨ ᠨᠢ ᠲᠦᠢᠯ ᠤᠨ ᠬᠤᠷᠴᠠ ᠰᠢᠷᠦᠭᠦᠨ ᠪᠠᠶᠢᠳᠠᠬ᠃      ᠪᠠᠰᠠ ᠨᠢᠭᠡ ᠲᠦᠷᠦᠯ ᠤᠨ ᠰᠢᠯᠭᠠᠯᠳᠠ ᠪᠤᠯ ᠬᠤᠪᠢ ᠶᠢᠨ ᠲᠤᠮᠳᠠᠳᠤ ᠰᠤᠷᠭᠠᠭᠤᠯᠢ ᠶᠢᠨ  ᠰᠢᠯᠭᠠᠯᠳᠠ ᠪᠤᠯᠤᠨ᠎ᠠ᠃ ᠠᠩᠭ᠍ᠯᠢ ᠶᠢᠨ ᠨᠡᠷ᠎ᠠ ᠠᠯᠳᠠᠷ ᠲᠠᠢ ᠪᠠᠶᠢᠷᠢ ᠳᠤ ᠰᠠᠭᠤᠬᠤ ᠰᠤᠷᠭᠠᠭᠤᠯᠢ  ᠨᠤᠭᠤᠳ ᠪᠦᠷ ᠡᠨᠡ ᠲᠦᠷᠦᠯ ᠳᠤ ᠪᠠᠭᠳᠠᠨ᠎ᠠ᠃ ᠭᠡᠷᠪᠡ ᠭᠤᠤᠯᠳᠠᠯᠭ᠎ᠠ ᠲᠠᠢ ᠰᠤᠷᠭᠠᠭᠤᠯᠢ ᠶᠢᠨ ᠦᠷᠢᠰᠦᠯᠳᠦᠭᠡᠨ ᠢ ᠬᠤᠷᠴᠠ ᠰᠢᠷᠦᠭᠦᠨ ᠭᠡᠭᠦ ᠳᠤ ᠭᠦᠷᠪᠡᠯ ᠬᠠᠮᠤᠭ ᠤᠨ ᠰᠠᠶᠢᠨ ᠬᠤᠪᠢ ᠶᠢᠨ ᠲᠤᠮᠳᠠᠳᠤ ᠰᠤᠷᠭᠠᠭᠤᠯᠢ ᠶᠢᠨ ᠦᠷᠢᠰᠦᠯᠳᠦᠭᠡᠨ ᠨᠢ ᠨᠡᠩ ᠬᠤᠷᠴᠠ ᠰᠢᠷᠦᠭᠦᠨ ᠪᠠᠶᠢᠳᠠᠬ᠃ ᠭᠡᠳᠡᠯ᠎ᠠ ᠵᠢᠭᠰᠠᠭᠠᠯᠳᠠ᠂ ᠨᠡᠷ᠎ᠠ ᠠᠯᠳᠠᠷ ᠢᠶᠠᠷ ᠬᠠᠷᠢᠴᠠᠩᠭᠤᠢ ᠠᠨᠠᠢ ᠰᠢᠬ ᠬᠤᠪᠢ ᠶᠢᠨ ᠲᠤᠮᠳᠠᠳᠤ ᠰᠤᠷᠭᠠᠭᠤᠯᠢ ᠪᠤᠯ ᠭᠤᠤᠯᠳᠠᠯᠭ᠎ᠠ ᠲᠠᠢ ᠰᠤᠷᠭᠠᠭᠤᠯᠢ ᠶᠢ ᠪᠤᠳᠤᠪᠠᠯ ᠭᠤᠶᠤᠴᠢᠯᠠᠬᠤ ᠳᠤ ᠲᠦᠭᠦᠮ ᠪᠠᠶᠢᠳᠠᠬ᠃ ᠭᠤᠤᠯ ᠭᠦᠴᠢᠷᠳᠠᠯ ᠨᠢ ᠭᠡᠷ ᠪᠦᠯᠢ ᠶᠢᠨ ᠠᠵᠤ ᠠᠬᠤᠢ ᠶᠢᠨ ᠴᠢᠳᠠᠪᠤᠷᠢ ᠲᠠᠢ ᠬᠤᠯᠪᠤᠭᠳᠠᠨ᠎ᠠ᠃ ᠭᠡᠭᠦ ᠳᠤ ᠪᠠᠨ ᠠᠩᠭ᠍ᠯᠢ ᠶᠢᠨ ᠬᠠᠮᠤᠭ ᠤᠨ ᠰᠠᠶᠢᠨ ᠰᠤᠷᠭᠠᠭᠤᠯᠢ ᠪᠤᠯ ᠬᠠᠰᠢ ᠯᠠ ᠬᠤᠪᠢ ᠶᠢᠨ ᠲᠤᠮᠳᠠᠳᠤ ᠪᠠᠭ᠎ᠠ ᠰᠤᠷᠭᠠᠭᠤᠯᠢ ᠪᠤᠯᠤᠨ᠎ᠠ᠃ ᠡᠨᠡ ᠲᠦᠷᠤᠯ ᠤᠨ ᠰᠤᠷᠭᠠᠭᠤᠯᠢ ᠶᠢᠨ ᠪᠠᠭᠰᠢ᠂ ᠪᠠᠯᠡᠳᠭᠡᠯ ᠲᠦᠭᠦᠭᠡᠷᠦᠮᠵᠢ᠂ ᠤᠯᠠᠮᠵᠢᠯᠠᠯ᠂ ᠰᠤᠷᠤᠭᠴᠢ ᠶᠢᠨ ᠢᠷᠠᠯᠳᠠ᠂ ᠬᠢᠴᠢᠶᠡᠯ ᠤᠨ ᠲᠤᠬᠢᠷᠠᠭᠤᠯᠤᠯᠳᠠ ᠵᠡᠷᠭᠡ ᠲᠠᠯ᠎ᠠ ᠪᠠᠷ ᠬᠢ ᠦᠷᠭᠡᠴᠡ᠂ ᠲᠡᠭᠦᠰᠦᠭᠰᠡᠨ ᠰᠤᠷᠤᠭᠴᠢ ᠶᠢᠨ ᠬᠠᠨᠳᠤᠰᠢ ᠶᠢ ᠬᠠᠷᠢᠴᠠᠭᠤᠯᠬᠤ ᠶᠢᠨ ᠠᠷᠭ᠎ᠠ ᠦᠭᠡᠢ ᠶᠤᠮ᠃ ᠬᠤᠪᠢ ᠶᠢᠨ ᠲᠤᠮᠳᠠᠳᠤ ᠰᠤᠷᠭᠠᠭᠤᠯᠢ ᠨᠢ ᠪᠦᠷᠢᠮᠤᠰᠤᠨ ᠡᠵᠡᠨ ᠮᠠᠳᠡᠨ ᠰᠤᠷᠤᠭᠴᠢ ᠡᠯᠰᠡᠭᠦ ᠡᠷᠭᠡ ᠲᠠᠢ᠃ ᠰᠢᠯᠭᠠᠯᠳᠠ ᠶᠢᠨ ᠭᠦᠷᠢᠶ᠎ᠠ ᠭᠡᠪᠴᠢᠶ᠎ᠠ᠂ ᠭᠦᠨᠳᠤᠴᠠ ᠨᠢ ᠭᠤᠤᠯᠳᠠᠯᠭ᠎ᠠ ᠲᠠᠢ ᠰᠤᠷᠭᠠᠭᠤᠯᠢ ᠠᠴᠠ ᠪᠦᠭᠦ ᠲᠠᠯ᠎ᠠ ᠶᠢᠨ ᠪᠠᠶᠢᠳᠠᠬ᠃      ︽11+︾ ᠰᠢᠯᠭᠠᠯᠳᠠ ᠶᠢᠨ ᠬᠢᠴᠢᠶᠡᠯ ᠲᠦᠷᠤᠯ ᠢ ᠰᠤᠷᠭᠠᠭᠤᠯᠢ ᠦᠪᠠᠷᠳᠡᠭᠡᠨ ᠲᠤᠭᠳᠠᠭᠠᠳᠠᠬ᠃ ᠡᠩ ᠤᠨ ᠪᠠᠶᠢᠳᠠᠯ ᠳᠤ ᠲᠤᠭᠠᠨ ᠤ ᠤᠬᠠᠭᠠᠨ᠂ ᠠᠩᠭ᠍ᠯᠢ ᠭᠡᠯᠡ᠂ ᠭᠡᠯᠡᠨ ᠤ ᠮᠠᠭᠠᠳᠯᠠᠯᠳᠠ ᠪᠠ ᠲᠤᠭᠠᠨ ᠤ ᠤᠬᠠᠭᠠᠨ ᠤ ᠮᠠᠭᠠᠳᠯᠠᠯᠳᠠ ᠵᠡᠷᠭᠡ ᠪᠠᠶᠢᠳᠠᠬ᠃ ᠲᠦᠷᠦᠭᠦᠦ ᠬᠤᠶᠠᠷ ᠲᠦᠷᠦᠯ ᠨᠢ ᠰᠤᠷᠤᠭᠴᠢ ᠶᠢᠨ ᠰᠤᠷᠤᠯᠭ᠎ᠠ ᠶᠢᠨ ᠪᠠᠶᠢᠳᠠᠯ ᠢ ᠨᠢ ᠰᠢᠯᠭᠠᠵᠤ᠂ ᠰᠡᠭᠦᠯ ᠤᠨ ᠬᠤᠶᠠᠷ ᠲᠦᠷᠦᠯ ᠨᠢ ᠰᠤᠷᠤᠭᠴᠢ ᠶᠢᠨ ᠤᠶᠤᠨ ᠤ ᠨᠤᠭᠳᠠᠪᠤᠷᠢ ᠶᠢ ᠨᠢ ᠰᠢᠯᠭᠠᠵᠤ ᠪᠠᠶᠢᠭ᠎ᠠ ᠶᠤᠮ᠃ ᠦᠭᠡᠷ᠎ᠠ ᠪᠠᠷ ᠭᠡᠯᠡᠪᠡᠯ᠂ ᠬᠤᠵᠢᠮ ᠤᠨ ᠰᠤᠷᠤᠯᠴᠠᠯᠭ᠎ᠠ ᠶᠢᠨ ᠴᠢᠳᠠᠪᠤᠷᠢ ᠶᠢ ᠨᠢ ᠰᠢᠯᠭᠠᠵᠤ ᠪᠠᠶᠢᠭ᠎ᠠ ᠶᠤᠮ᠃ ᠡᠨᠡ ᠬᠤᠶᠠᠷ ᠲᠦᠷᠤᠯ ᠤᠨ ᠰᠢᠯᠭᠠᠯᠳᠠ ᠪᠤᠯ ᠲᠠᠪᠳᠠᠯᠭ᠎ᠠ ᠪᠠ ᠪᠠᠯᠠᠳᠭᠡᠯ ᠢᠶᠠᠷ ᠳᠠᠮᠵᠢᠨ ᠦᠡᠭᠭᠡᠷᠡᠭᠡᠵᠦ ᠴᠢᠳᠠᠬᠤ ᠰᠢᠯᠭᠠᠯᠳᠠ ᠪᠢᠰᠢ᠃      ᠰᠢᠯᠭᠠᠯᠳᠠ ᠠᠴᠠ ᠭᠠᠳᠠᠨ᠎ᠠ ᠬᠤᠪᠢ ᠶᠢᠨ ᠰᠤᠷᠭᠠᠭᠤᠯᠢ ᠳᠤ ᠭᠤᠶᠤᠴᠢᠯᠠᠬᠤ ᠴᠢᠬᠤᠯᠠ ᠨᠢᠭᠡᠨ ᠵᠠᠩᠬᠢᠯᠠᠭ᠎ᠠ ᠪᠤᠯ ᠰᠤᠷᠭᠠᠭᠤᠯᠢ ᠶᠢᠨ ᠵᠠᠬᠢᠷᠤᠯ ᠤᠨ ᠲᠠᠨᠢᠯᠴᠠᠭᠤᠯᠬᠤ ᠵᠠᠬᠢᠳᠠᠯ ᠢ ᠤᠡᠭᠰᠢᠬᠤ ᠪᠠ ᠨᠢᠭᠤᠷᠳᠠᠨ ᠰᠢᠯᠭᠠᠬᠤ ᠪᠤᠯᠤᠨ᠎ᠠ᠃ ᠠᠩᠭ᠍ᠯᠢ ᠶᠢᠨ ᠬᠤᠪᠢ ᠶᠢᠨ ᠲᠤᠮᠳᠠᠳᠤ ᠰᠤᠷᠭᠠᠭᠤᠯᠢ ᠨᠢ ᠵᠢᠯ ᠤᠨ ᠲᠤᠷᠰᠢ ᠨᠡᠭᠡᠭᠡᠯᠳᠠ ᠲᠠᠢ ᠪᠠᠶᠢᠵᠤ ᠰᠤᠷᠤᠭᠴᠢ ᠪᠤᠯᠤᠨ ᠭᠡᠷ ᠤᠨ ᠠᠬᠠᠮᠠᠳ ᠤᠨ ᠲᠤᠭᠤᠷᠢᠨ ᠦᠵᠡᠭᠦ ᠶᠢ ᠪᠠᠶᠠᠷᠯᠠᠨ ᠤᠭᠳᠤᠬᠤ ᠶᠢᠨ ᠬᠠᠮᠳᠤ ᠵᠠᠬᠢᠷᠤᠯ ᠬᠢᠭᠡᠳ ᠪᠠᠭᠰᠢ ᠰᠤᠷᠤᠭᠴᠢ ᠨᠢᠭᠤᠷᠳᠠᠨ ᠶᠠᠷᠢᠯᠴᠠᠬᠤ ᠵᠠᠪᠰᠢᠶᠠᠨ ᠲᠠᠢ ᠪᠠᠶᠢᠳᠠᠬ᠃ ︽11+︾ ᠰᠢᠯᠭᠠᠯᠳᠠ ᠶᠢᠨ ᠠᠵᠢᠯᠯᠠᠭ᠎ᠠ ᠨᠢ ᠲᠠᠪᠤᠳᠤᠭᠠᠷ ᠤᠨ ︵9 ᠨᠠᠰᠤ︶ ᠠᠴᠠ ᠵᠢᠩᠬᠢᠨᠢ ᠡᠬᠢᠯᠡᠳᠡᠭ᠃ ᠤᠯᠠᠩᠬᠢ ᠭᠡᠷ ᠤᠨ ᠠᠬᠠᠮᠠᠳ ᠲᠠᠪᠤᠳᠤᠭᠠᠷ ᠤᠨ ᠤ ᠨᠢᠭᠡᠳᠤᠭᠡᠷ ᠬᠤᠭᠤᠴᠠᠭ᠎ᠠ ᠪᠤᠶᠤ ᠲᠡᠭᠦᠨ ᠠᠴᠠ ᠪᠠᠰᠠ ᠡᠷᠳᠠ ᠭᠤᠶᠤᠴᠢᠯᠠᠬᠤ ᠰᠤᠷᠭᠠᠭᠤᠯᠢ ᠪᠠᠨ ᠲᠤᠭᠳᠠᠭᠠᠴᠢᠬᠠᠳᠠᠬ᠃ ᠭᠤᠶᠤᠴᠢᠯᠠᠯ ᠬᠢᠭᠦ ᠳᠤ 100~300 ᠫᠦᠨᠳ᠋ ᠵᠤᠭᠤᠰᠤᠨ ᠤ ᠠᠳᠠᠯᠢ ᠪᠤᠰᠤ ᠵᠠᠷᠤᠳᠠᠯ ᠤᠷᠤᠳᠠᠬ᠃ ᠭᠡᠪᠡᠴᠦ ᠶᠡᠷᠦᠩᠭᠡᠢ ᠲᠤᠭᠠᠨ ᠤ ᠬᠢᠵᠠᠭᠠᠷᠯᠠᠯ ᠪᠠᠶᠢᠬᠤ ᠦᠭᠡᠢ᠃      ᠰᠤᠷᠭᠠᠭᠤᠯᠢ ᠨᠢᠭᠡ ᠪᠦᠷᠢ ᠳᠤ ᠬᠢ ᠭᠤᠶᠤᠴᠢᠯᠠᠯ ᠨᠢ ᠪᠦᠷ ᠰᠤᠷᠭᠠᠭᠤᠯᠢ ᠶᠢ ᠨᠢ ᠦᠵᠡᠭᠦ᠂ ᠤᠷᠢᠳᠴᠢᠯᠠᠨ ᠰᠤᠩᠭᠤᠬᠤ᠂ ᠰᠤᠷᠭᠠᠭᠤᠯᠢ ᠳᠤ ᠤᠷᠤᠬᠤ ᠰᠢᠯᠭᠠᠯᠳᠠ ᠳᠤ ᠤᠷᠤᠯᠴᠠᠬᠤ᠂ ᠨᠢᠭᠤᠷᠳᠠᠨ ᠰᠢᠯᠭᠠᠬᠤ᠂ ᠰᠤᠷᠤᠯᠭ᠎ᠠ ᠶᠢᠨ ᠱᠠᠩᠨᠠᠯ ᠤᠨ ᠮᠦᠡᠭᠭᠦᠨ ᠤ ᠰᠢᠯᠭᠠᠯᠳᠠ ᠳᠤ ᠤᠷᠤᠯᠴᠠᠬᠤ ᠵᠡᠷᠭᠡ ᠶᠠᠪᠤᠴᠠ ᠶᠢ ᠦᠡᠭᠭᠡᠷᠡᠭᠡᠭᠦ ᠭᠡᠷᠡᠭᠲᠡᠢ᠃ ᠵᠢᠯ ᠪᠦᠷᠢ ᠶᠢᠨ ᠪᠤᠷᠬᠠᠨ ᠮᠠᠨᠳᠦᠯᠡᠭᠰᠡᠨ ᠪᠠᠶᠠᠷ ᠤᠨ ᠲᠠᠷᠠᠭ᠎ᠠ ᠪᠤᠯ ᠤᠯᠠᠩᠬᠢ ᠬᠤᠪᠢ ᠶᠢᠨ ᠰᠤᠷᠭᠠᠭᠤᠯᠢ ᠶᠢᠨ ᠰᠢᠯᠭᠠᠯᠳᠠ ᠬᠢᠭᠦ ᠡᠳᠦᠷ ᠤᠳ ᠪᠤᠯᠤᠨ᠎ᠠ᠃ 2 ᠳ᠋ᠤᠭᠠᠷ ᠰᠠᠷ᠎ᠠ ᠪᠤᠯ ᠨᠠᠷᠡᠰ ᠢ ᠨᠠᠶᠢᠳᠡᠯᠡᠭᠦ ᠴᠠᠭ ᠪᠤᠯᠤᠨ᠎ᠠ᠃ ᠶᠠᠮᠠᠷ ᠨᠢᠭᠡᠨ ᠰᠤᠷᠭᠠᠭᠤᠯᠢ ᠳᠤ ᠰᠢᠯᠭᠠᠬᠤ ᠪᠠᠷ ᠨᠡᠷ᠎ᠠ ᠪᠠᠨ ᠮᠠᠳᠡᠭᠦᠯᠪᠡᠯ᠂ ᠡᠨᠡ ᠰᠤᠷᠭᠠᠭᠤᠯᠢ ᠳᠤ ᠭᠡᠳᠤᠨ ᠰᠠᠷ᠎ᠠ ᠶᠢᠨ ᠲᠤᠳᠤᠷ᠎ᠠ ᠠᠳᠠᠭ ᠲᠤ ᠪᠠᠨ 4 ᠤᠳᠠᠭ᠎ᠠ ᠤᠴᠢᠬᠤ ᠭᠡᠷᠡᠭᠲᠡᠢ᠃ 2017 ᠤᠨ ᠤ ᠲᠤᠤᠷ᠎ᠠ ᠬᠭᠠᠰ ᠵᠢᠯ ᠪᠢ ᠵᠦᠢᠷᠠᠢ ᠬᠤᠶᠠᠷ ᠭᠡᠤᠭᠡᠳ ᠲᠤ ᠪᠠᠨ ᠲᠤᠰ ᠪᠦᠷᠢ 5 ᠲᠤᠮᠳᠠᠳᠤ ᠰᠤᠷᠭᠠᠭᠤᠯᠢ ᠶᠢ ᠮᠡᠳᠡᠭᠦᠯᠵᠦ ᠦᠭᠴᠡᠢ᠃  ᠨᠠᠶᠢᠳᠡ 10 ᠰᠤᠷᠭᠠᠭᠤᠯᠢ᠂ ᠡᠳᠡᠭᠡᠷ ᠰᠤᠷᠭᠠᠭᠤᠯᠢ ᠳᠤ 40 ᠤᠳᠠᠭ᠎ᠠ ᠭᠦᠶᠦᠵᠠᠢ᠃ 1 ᠳ᠋ᠤᠭᠡᠷ ᠰᠠᠷ᠎ᠠ ᠶᠢᠨ ᠡᠳᠦᠷ ᠪᠦᠷᠢ ᠪᠠᠷᠤᠭ ᠪᠦᠷ ︽11+︾ ᠰᠢᠯᠭᠠᠯᠳᠠ ᠪᠠᠷ ᠲᠦᠭᠦᠷᠴᠦ ᠪᠠᠶᠢᠳᠠᠬ᠃      ᠬᠠᠮᠤᠭ ᠤᠨ ᠤᠬᠢ ᠰᠢᠯᠢᠳᠡᠭ ᠬᠤᠪᠢ ᠶᠢᠨ ᠰᠤᠷᠭᠠᠭᠤᠯᠢ ᠳᠤ ᠭᠤᠶᠤᠴᠢᠯᠠᠬᠤ ᠴᠠᠭ ᠨᠢ ᠤᠷᠳᠤ ᠪᠠᠶᠢᠳᠠᠬ᠃ ᠢᠲ᠋ᠦ᠋ᠨ ᠨᠠᠶᠢᠳᠠ ᠶᠢᠨ ᠰᠤᠷᠭᠠᠭᠤᠯᠢ ᠶᠢᠨ ᠭᠤᠶᠤᠴᠢᠯᠠᠯ ᠢ ᠤᠯᠠᠨᠳᠠ ᠦᠭᠡᠷᠡᠴᠢᠯᠡᠭᠰᠡᠨ ᠪᠤᠯᠪᠠᠴᠤ ᠮᠠᠰᠢ ᠤᠯᠠᠨ ᠢᠵᠠᠭᠤᠷᠳᠠᠨ ᠤ ᠭᠡᠷ ᠪᠦᠯᠢ ᠭᠦᠤ ᠲᠦᠷᠦᠮᠡᠭᠴᠡ ᠳᠠᠷᠤᠢ ᠭᠤᠶᠤᠴᠢᠯᠠᠯ ᠢᠶᠠᠨ ᠲᠡᠮᠳᠡᠭᠯᠡᠭᠦᠯᠳᠡᠭ᠃ ᠭᠡᠳᠦ᠋ᠢᠪᠠᠷ ᠶᠢᠰᠦᠳᠤᠭᠡᠷ ᠤᠨ ᠪᠤᠯᠤᠭᠠᠳ ᠰᠤᠷᠭᠠᠭᠤᠯᠢ ᠳᠤ ᠤᠷᠤᠳᠠᠬ ᠪᠤᠯᠪᠠᠴᠤ ᠭᠤᠤᠯ ᠪᠤᠯᠬᠤ ᠰᠤᠩᠭᠤᠯᠳᠠ ᠨᠢ ᠲᠠᠪᠤᠳᠤᠭᠠᠷ ᠤᠨ ᠳᠤ ᠪᠠᠶᠢᠳᠠᠬ᠃ ᠶᠠᠭᠤᠨ ᠤ ᠡᠮᠦᠨ᠎ᠡ ᠮᠠᠰᠢᠨ ᠢᠶᠠᠷ ᠪᠠᠶᠢᠭᠠᠯᠢ ᠶᠢᠨ ᠬᠢᠴᠢᠶᠡᠯ ᠲᠦᠷᠤᠯ ᠬᠢᠭᠡᠳ ᠦᠭᠡ ᠶᠠᠷᠢᠶᠠᠨ ᠤ ᠮᠠᠭᠠᠳᠯᠠᠯᠳᠠ ᠶᠢᠨ ᠴᠢᠳᠠᠪᠤᠷᠢ ᠶᠢ ᠰᠢᠯᠭᠠᠵᠤ᠂ ᠳᠠᠷᠠᠭ᠎ᠠ ᠨᠢ ᠪᠢᠷ ᠤᠨ ᠰᠢᠯᠭᠠᠯᠳᠠ ᠶᠢᠨ ᠤᠷᠢᠳᠴᠢᠯᠠᠭᠰᠠᠨ ᠰᠤᠩᠭᠤᠯᠳᠠ᠂ ᠨᠢᠭᠤᠷᠳᠠᠨ ᠰᠢᠯᠭᠠᠬᠤ ᠰᠢᠯᠭᠠᠯᠳᠠ ᠬᠢᠳᠡᠭ᠃ ᠲᠠᠪᠬᠤᠷ ᠲᠠᠪᠬᠤᠷ ᠰᠤᠩᠭᠤᠯᠳᠠ ᠰᠢᠯᠭᠠᠯᠳᠠ ᠶᠢᠨ ᠲᠠᠷᠠᠭ᠎ᠠ ᠵᠢᠷᠭᠤᠳᠤᠭᠠᠷ ᠤᠨ ᠪᠤᠯᠬᠤ ᠳᠤ ᠨᠦᠭᠦᠴᠡᠯ ᠲᠠᠢ ᠡᠯᠰᠡᠯᠲᠡ ᠬᠢᠵᠦ᠂ ᠨᠠᠢᠮᠠᠳᠤᠭᠠᠷ ᠤᠨ ᠪᠤᠯᠬᠤ ᠳᠤ ᠳᠠᠬᠢᠭᠠᠳ ᠠᠩᠭ᠍ᠯᠢ ᠶᠢᠨ ᠬᠤᠪᠢ ᠶᠢᠨ ᠲᠤᠮᠳᠠᠳᠤ ᠰᠤᠷᠭᠠᠭᠤᠯᠢ ᠶᠢᠨ ᠲᠡᠭᠦᠰᠭᠦ ᠰᠢᠯᠭᠠᠯᠳᠠ ᠶᠢ ᠦᠨᠳᠤᠰᠦᠯᠡᠨ ᠬᠠᠮᠤᠭ ᠡᠴᠤᠰ ᠤᠨ ᠡᠯᠰᠡᠯᠳᠠ ᠶᠢ ᠲᠤᠭᠳᠠᠭᠠᠳᠠᠬ᠃ ᠲᠡᠭᠦᠰᠭᠦ ᠰᠢᠯᠭᠠᠯᠳᠠ ᠳᠤ ᠲᠤᠭᠠᠨ ᠤ ᠤᠬᠠᠭᠠᠨ᠂ ᠠᠩᠭ᠍ᠯᠢ ᠭᠡᠯᠡ᠂ ᠰᠢᠨᠵᠢᠯᠠᠭᠦ ᠤᠬᠠᠭᠠᠨ᠂ ᠹᠷᠠᠨᠼᠢ ᠬᠡᠯᠡ ᠵᠡᠷᠭᠡ ᠭᠤᠤᠯ ᠬᠢᠴᠢᠶᠠᠯ ᠲᠦᠷᠦᠯ ᠢ ᠰᠢᠯᠭᠠᠬᠤ ᠠᠴᠠ ᠭᠠᠳᠠᠨ᠎ᠠ ᠪᠠᠰᠠ ᠯᠠᠲ᠋ᠢᠨ ᠬᠡᠯᠡ᠂ ᠡᠷᠳᠠᠨ ᠤ ᠭᠷᠧᠭ ᠬᠡᠯᠡ ᠶᠢ ᠰᠢᠯᠭᠠᠳᠠᠬ᠃      ᠲᠠᠪᠤᠳᠤᠭᠠᠷ ᠤᠨ ᠤ ᠰᠤᠷᠭᠠᠭᠤᠯᠢ ᠡᠬᠢᠯᠡᠭᠰᠡᠨ ᠠᠩᠬᠠᠨ ᠤ ᠡᠳᠦᠷ ᠮᠢᠨᠤ ᠦᠬᠢᠨ ᠨᠠᠳᠠ ᠳᠤ ᠲᠠᠳᠡᠨ ᠤ ᠠᠩᠬᠢ ᠳᠤ ᠲᠠᠷᠠ ᠬᠢᠭᠡᠳ ᠳ᠋ᠢᠨᠢ ᠬᠤᠶᠠᠷ ᠭᠡᠷ ᠤᠨ ᠪᠠᠭᠰᠢ ᠦᠭᠡᠢ ᠭᠡᠵᠦ ᠰᠠᠨᠠᠮᠰᠠᠷ ᠦᠭᠡᠢ ᠬᠡᠯᠡᠴᠢᠭᠡᠪᠡ᠃ ᠪᠢ ᠦᠭᠢᠨ ᠤ ᠪᠠᠨ ᠰᠤᠷᠤᠯᠭ᠎ᠠ ᠶᠢ ᠰᠠᠭᠠᠳᠠᠴᠢᠬᠠᠬᠤ ᠠᠴᠠ ᠵᠢᠭᠠᠬᠠᠨ ᠠᠶᠤᠯ᠎ᠠ᠃ ᠨᠢᠭᠡ ᠤᠳᠠᠭ᠎ᠠ ᠪᠢ ᠦᠭᠢᠨ ᠤ ᠪᠠᠨ ᠬᠠᠮᠳᠤ ᠰᠤᠷᠤᠭᠴᠢ ᠶᠢᠨ ᠡᠵᠢ ᠲᠠᠢ ᠨᠢ ᠴᠠᠢ ᠤᠤᠭᠤᠬᠤ ᠬᠤᠭᠤᠷᠤᠨᠳᠤ ᠡᠨᠡ ᠤᠴᠢᠷ ᠢ ᠶᠠᠷᠢᠭᠰᠠᠨ ᠳᠤ ᠮᠢᠨᠤ ᠲᠡᠷᠡ ᠨᠠᠶᠢᠵᠢ ᠨᠠᠳᠠ ᠳᠤ ᠳ᠋ᠢᠨᠢ ᠭᠤᠷᠪᠠᠳᠤᠭᠠᠷ ᠤᠨ ᠠᠴᠠ ᠪᠠᠨ ᠳᠠᠷᠤᠢ ᠭᠡᠷ ᠤᠨ ᠪᠠᠭᠰᠢ ᠲᠠᠢ᠂ ᠭᠡᠪᠡᠴᠦ ᠲᠡᠷᠡ ᠦᠭᠢᠨ ᠤ ᠪᠠᠨ ᠭᠡᠷ ᠤᠨ ᠪᠠᠭᠰᠢ ᠨᠢ ᠭᠡᠨ ᠪᠤᠯᠬᠤ ᠶᠢ ᠭᠡᠨ ᠳᠤ ᠴᠦ ᠬᠡᠯᠡᠳᠡᠭ ᠦᠭᠡᠢ ᠪᠠᠶᠢᠵᠠᠢ᠃ ᠪᠢ ᠰᠠᠨᠳᠤᠷᠬᠤ ᠳᠤ ᠪᠠᠨ ᠲᠠᠪᠤᠳᠤᠭᠠᠷ ᠤᠨ ᠳᠤ ᠰᠤᠷᠤᠯᠴᠠᠵᠤ ᠪᠠᠶᠢᠭ᠎ᠠ ᠭᠦᠤ ᠠᠴᠠ ᠪᠠᠨ ᠠᠰᠠᠭᠤᠭᠰᠠᠨ ᠳᠤ ᠲᠠᠷᠠ ᠪᠠᠰᠠ ᠠᠩᠬᠢ ᠳᠤ ᠪᠠᠨ ᠴᠤᠷ ᠤᠨ ᠭᠠᠭᠴᠠ ᠭᠡᠷ ᠤᠨ ᠪᠠᠭᠰᠢ ᠦᠭᠡᠢ ᠰᠤᠷᠤᠭᠴᠢ ᠪᠠᠶᠢᠯ᠎ᠠ᠃      ᠪᠢ ᠶᠠᠷᠦ ᠠᠴᠠ ᠪᠠᠨ ᠭᠡᠷ ᠤᠨ ᠪᠠᠭᠰᠢ ᠵᠠᠯᠠᠬᠤ ᠶᠢ ᠵᠦᠪᠰᠢᠶᠠᠷᠠᠳᠡᠭ ᠦᠭᠡᠢ ᠪᠤᠯᠪᠠᠴᠤ ᠲᠠᠪᠤᠳᠤᠭᠠᠷ ᠤᠨ ᠤ ᠭᠡᠷ ᠤᠨ ᠠᠬᠠᠮᠠᠳ ᠤᠨ ᠨᠠᠶᠢᠳᠠᠮ ᠤᠨ ᠠᠵᠢᠯᠯᠠᠭ᠎ᠠ ᠨᠢ ᠨᠠᠮ᠎ᠠ ᠶᠢ ᠮᠠᠰᠢ ᠶᠡᠭᠡ ᠰᠠᠨᠳᠤᠷᠭᠠᠪᠠ᠃ ᠲᠡᠭᠡᠭᠡᠳ ᠭᠡᠷ ᠤᠨ ᠪᠠᠭᠰᠢ ᠡᠷᠢᠭ᠍ᠰᠡᠨ ᠴᠢᠨᠢ ᠨᠢᠭᠡ ᠴᠠᠭ 70 ᠫᠦᠨᠳ᠋ ︵ᠠᠷᠠᠳ ᠵᠤᠭᠤᠰ ᠢᠶᠠᠷ 600 ᠲᠦᠭᠦᠷᠢᠭ︶ ᠤᠨ ᠵᠠᠷᠤᠳᠠᠯ ᠲᠠᠢ ᠮᠦᠷᠳᠡᠭᠡᠨ ᠪᠠᠭᠰᠢ ᠤᠯᠳᠠᠬᠤ ᠦᠭᠡᠢ ᠪᠠᠶᠢᠪᠠ᠃ ᠲᠤᠬᠢᠷᠠᠮᠵᠢᠳᠠᠢ ᠪᠠᠭᠰᠢ ᠨᠢ ᠨᠢᠭᠡ ᠵᠢᠯ ᠤᠨ ᠳᠠᠷᠠᠭ᠎ᠠ ᠰᠠᠶ᠋ᠢ ᠤᠯᠳᠠᠨ᠎ᠠ ᠭᠡᠵᠦ ᠪᠠᠶᠢᠯ᠎ᠠ᠃      ᠤᠯᠤᠰ ᠤᠨ ᠲᠤᠳᠤᠭᠠᠳᠤ ᠳᠤ ᠴᠦ ᠲᠡᠷᠡ᠂ ᠤᠯᠤᠰ ᠤᠨ ᠭᠠᠳᠠᠭᠠᠳᠤ ᠳᠤ ᠴᠦ ᠲᠡᠷᠡ ᠰᠢᠯᠢᠳᠡᠭ ᠴᠢᠳᠠᠪᠤᠷᠢᠳᠠᠨ ᠢ ᠶᠠᠷᠦ ᠳᠤ ᠪᠠᠨ ᠲᠠᠪᠬᠤᠷ ᠲᠠᠪᠬᠤᠷ ᠰᠢᠯᠭᠠᠯᠳᠠ ᠪᠠᠷ ᠰᠤᠩᠭᠤᠨ ᠭᠠᠷᠭᠠᠳᠠᠬ ᠪᠠᠶᠢᠵᠠᠢ᠃ ᠰᠤᠷᠭᠠᠨ ᠭᠦᠮᠦᠵᠢᠯ ᠤᠨ ᠤᠷᠴᠢᠨ ᠲᠤᠭᠤᠷᠢᠨ᠂ ᠰᠤᠷᠭᠠᠨ ᠭᠦᠮᠦᠵᠢᠯ ᠤᠨ ᠤᠨᠤᠯᠵᠢᠬᠤᠨ ᠭᠡᠳᠦᠢ ᠶᠡᠭᠡ ᠵᠦᠷᠢᠶ᠎ᠠ ᠲᠠᠢ ᠪᠠᠶᠢᠯ᠎ᠠ ᠭᠡᠳ ᠰᠤᠳᠤᠨ ᠰᠤᠷᠭᠠᠨ ᠭᠦᠮᠦᠵᠢᠯ ᠬᠠᠮᠢᠭ᠎ᠠ ᠴᠦ ᠭᠡᠰᠡᠨ ᠦᠷᠢᠰᠦᠯᠳᠦᠭᠡᠨ ᠢᠶᠠᠷ ᠲᠦᠭᠦᠷᠠᠩ ᠪᠠᠶᠢᠳᠠᠬ ᠠᠵᠢ︕              ︵︽ᠪᠠᠭᠰᠢ ᠶᠢᠨ ᠬᠤᠷᠸ᠎ᠠ︾ ᠰᠡᠳᠭᠦᠯ ᠤᠨ 2018 ᠤᠨ ᠤ           9 ᠳ᠋ᠤᠭᠡᠷ ᠬᠤᠭᠤᠴᠠᠭ᠎ᠠ ᠠᠴᠠ ᠰᠠᠶᠢᠨᠪᠤᠶᠠᠨ ᠤᠷᠴᠢᠭᠤᠯᠵᠤ ᠪᠠᠭᠤᠯᠭᠠᠪᠠ︶                                 ︵ᠮᠦᠡᠭᠭᠦᠨᠴᠢᠮᠡᠭ ᠨᠠᠶᠢᠷᠠᠭᠤᠯᠪᠠ︶                              2019 ᠣᠨ ᠤ 1 ᠳ᠋ᠦ᠋ᠭᠡᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map