ᠠᠩᠬᠢ ᠶᠢᠨ ᠡᠷᠬᠢᠯᠡᠭᠴᠢ ᠶᠢᠨ ᠴᠢᠬᠤᠯᠠ ᠴᠢᠨᠠᠷ
ᠨᠡᠶᠢᠲᠡᠯᠡᠭᠰᠡᠨ ᠴᠠᠭ᠄
2019/12/30
                            ᠵᠢᠠᠬᠤᠸᠠᠷ      2014 ᠤᠨ ᠤ 12 ᠰᠠᠷ᠎ᠠ ᠳᠤ ᠪᠢ ᠵᠤᠯ ᠢᠶᠠᠷ ᠪᠠᠭᠰᠢ ᠶᠢᠨ ᠡᠩᠨᠡᠭᠡᠨ ᠤ ᠨᠢᠭᠡᠨ ᠭᠡᠰᠢᠭᠦᠨ ᠪᠤᠯᠵᠤ ᠨᠢᠭᠡᠨ ᠠᠬᠠᠮᠠᠳ ᠪᠠᠭᠰᠢ ᠶᠢ ᠲᠠᠭᠠᠨ ᠠᠩᠬᠢ ᠶᠢᠨ ᠠᠵᠢᠯ ᠳᠤ ᠨᠢ ᠬᠠᠮᠵᠢᠯᠴᠠᠭᠰᠠᠨ ᠶᠤᠮ᠃ ᠢᠩᠬᠢᠵᠦ ᠬᠥᠭᠡᠷᠦᠬᠦᠨ ᠬᠡᠥᠬᠡᠳ ᠤᠳ ᠲᠠᠢ ᠠᠩᠬ᠎ᠠ ᠡᠬᠢᠯᠡᠨ ᠲᠠᠨᠢᠯᠴᠠᠵᠤ᠂ ᠮᠦᠨ ᠲᠡᠷᠡ ᠦᠶ᠎ᠡ ᠠᠴᠠ ᠡᠬᠢᠯᠡᠨ ᠠᠩᠬᠢ ᠶᠢᠨ ᠡᠷᠬᠢᠯᠡᠭᠴᠢ ᠪᠠᠭᠰᠢ ᠪᠤᠯᠤᠶ᠎ᠡ ᠬᠡᠰᠡᠨ ᠰᠠᠶᠢᠬᠠᠨ ᠬᠦᠰᠡᠯ ᠡᠪᠦᠷᠯᠡᠭᠰᠡᠨ ᠪᠢᠯᠡ᠃ ᠳᠠᠷᠠᠭ᠎ᠠ ᠵᠢᠯ ᠨᠢ ᠡᠨᠡᠬᠦ ᠰᠠᠶᠢᠬᠠᠨ ᠬᠦᠰᠡᠯ ᠮᠠᠨᠢ ᠪᠡᠶᠡᠯᠡᠭᠳᠡᠪᠡ᠃ ᠢᠡᠭᠬᠢᠭᠡᠳ ᠤᠳᠤ ᠪᠤᠯᠳᠠᠯ᠎ᠠ ᠠᠩᠬᠢ ᠶᠢᠨ ᠡᠷᠬᠢᠯᠡᠭᠴᠢ ᠪᠤᠯᠤᠭᠠᠳ ᠳᠦᠷᠪᠡᠨ ᠵᠢᠯ ᠤᠨ ᠨᠢᠭᠤᠷ ᠦᠵᠡᠵᠦ ᠪᠠᠶᠢᠨ᠎ᠠ᠂ ᠡᠨᠡ ᠳᠦᠷᠪᠡᠨ ᠵᠢᠯ ᠳᠤ ᠠᠩᠬᠢ ᠶᠢᠨ ᠡᠷᠬᠢᠯᠡᠭᠴᠢ ᠪᠠᠭᠰᠢ ᠶᠢᠨ ᠡᠭᠦᠷᠭᠡ ᠬᠠᠷᠢᠭᠤᠴᠠᠯᠭ᠎ᠠ ᠬᠡᠴᠢᠨᠡᠨ ᠬᠦᠨᠳᠦ ᠭᠡᠳᠡᠭ ᠢ ᠤᠶᠢᠯᠠᠭᠠᠵᠤ ᠶᠠᠪᠤᠯ᠎ᠠ᠃ ᠲᠤᠤᠷ᠎ᠠ ᠪᠢ ᠥᠪᠡᠷ ᠤᠨ ᠤᠯᠤᠭᠰᠠᠨ ᠲᠤᠷᠰᠢᠯᠭ᠎ᠠ ᠰᠤᠷᠭᠠᠮᠵᠢ ᠠᠴᠠ ᠪᠠᠨ ᠳᠥᠭᠦᠮ ᠶᠠᠷᠢᠶ᠎ᠠ᠃      ᠨᠢᠭᠡ᠂ ᠠᠩᠬᠢ ᠶᠢᠨ ᠡᠷᠬᠢᠯᠡᠭᠴᠢ ᠪᠠᠭᠰᠢ ᠶᠢᠨ ᠬᠤᠪᠢ ᠪᠡᠶ᠎ᠡ ᠶᠢᠨ ᠳᠠᠯ᠎ᠠ ᠠᠴᠠ ᠠᠪᠴᠤ ᠬᠡᠯᠡᠪᠡᠯ᠄      1. ᠠᠩᠬᠢ ᠶᠢᠨ ᠡᠷᠬᠢᠯᠡᠭᠴᠢ ᠪᠠᠭᠰᠢ ᠡᠩ ᠲᠡᠷᠢᠭᠦᠨ ᠳᠤ ᠰᠤᠷᠤᠭᠴᠢ ᠶᠢᠨ ᠢᠶᠠᠨ ᠢᠲᠡᠭᠡᠯ ᠬᠥᠨᠲᠦ ᠶᠢ ᠤᠯᠬᠤ ᠬᠡᠷᠡᠭᠲᠡᠢ᠃      ᠰᠤᠷᠤᠭᠴᠢ ᠠᠩᠬ᠎ᠠ ᠰᠤᠷᠭᠠᠭᠤᠯᠢ ᠶᠢᠨ ᠪᠤᠱᠤᠭ᠎ᠠ ᠶᠢ ᠠᠯᠬᠤᠮᠠᠭᠴᠠ ᠠᠩᠬᠢ ᠶᠢᠨ ᠡᠷᠬᠢᠯᠡᠭᠴᠢ ᠪᠠᠭᠰᠢ ᠲᠠᠢ ᠲᠠᠨᠢᠯᠴᠠᠵᠤ᠂ ᠠᠩᠬᠢ ᠶᠢᠨ ᠡᠷᠬᠢᠯᠡᠭᠴᠢ ᠪᠠᠭᠰᠢ ᠶᠢ ᠥᠪᠡᠷ ᠤᠨ ᠡᠵᠢ ᠠᠪᠤ ᠪᠠᠨ ᠰᠢᠬ ᠢᠲᠡᠭᠡᠵᠦ ᠬᠠᠶᠢᠷᠠᠯᠠᠳᠠᠭ᠃ ᠰᠤᠷᠤᠭᠴᠢ ᠶᠢᠨ ᠢᠲᠡᠭᠡᠯ ᠢ ᠤᠯᠤᠮᠠᠨᠵᠢᠨ ᠰᠠᠶ᠋ᠢ ᠲᠠᠳᠡᠨ ᠲᠠᠢ ᠰᠡᠳᠬᠢᠯ ᠤᠨ ᠨᠠᠶᠢᠵᠢ ᠪᠤᠯᠤᠯᠴᠠᠵᠤ᠂ ᠰᠤᠷᠤᠭᠴᠢ ᠶᠠᠭᠤ ᠪᠦᠬᠦᠨ ᠢᠶᠠᠨ ᠴᠢᠮ᠎ᠠ ᠠᠴᠠ ᠨᠢᠭᠤᠯ ᠦᠭᠡᠢ ᠶᠠᠷᠢᠵᠤ᠂ ᠲᠡᠳᠡᠨ ᠢ ᠰᠠᠶ᠋ᠢ ᠪᠥᠬᠦ ᠲᠠᠯ᠎ᠠ ᠪᠠᠷ ᠤᠶᠢᠯᠠᠭᠠᠵᠤ ᠴᠢᠳᠠᠨ᠎ᠠ᠃ ᠡ᠊ᠨᠳᠡ ᠨᠢᠭᠡ ᠪᠤᠲᠠᠲᠠᠢ ᠵᠢᠱᠢᠶ᠎ᠡ ᠳᠠᠳᠠᠶ᠎ᠠ᠃ ᠭᠠᠷᠠᠭ ᠤᠨ ᠠᠮᠠᠷᠠᠯᠲᠠ ᠠᠴᠠ ᠡᠮᠦᠨᠡᠬᠢ ᠤᠷᠤᠢ ᠶᠢᠨ ᠳᠠᠪᠲᠠᠯᠭ᠎ᠠ ᠳᠡᠭᠡᠷ᠎ᠡ ᠪᠢ ᠰᠤᠷᠤᠭᠴᠢᠳ ᠲᠤ᠄ ︽ᠮᠠᠷᠭᠠᠰᠢ ᠭᠡᠷ ᠲᠤ ᠪᠠᠨ ᠬᠠᠷᠢᠬᠤ ᠪᠤᠯᠤᠯ᠎ᠠ᠂ ᠲᠠᠨᠤᠰ ᠪᠠᠶᠠᠷᠯᠠᠵᠤ ᠪᠠᠶᠢᠨ᠎ᠠ ᠤᠤ︖︾ ᠭᠡᠬᠦ ᠳᠤ ᠰᠤᠷᠤᠭᠴᠢᠳ᠄ ︽ᠪᠠᠶᠠᠷᠯᠠᠵᠤ ᠪᠠᠶᠢᠨ᠎ᠠ︾ ᠭᠡᠵᠡᠭᠡᠪᠡ᠃ ᠲᠡᠭᠡᠭᠦ ᠳᠤ ᠨᠢᠭᠡ ᠰᠤᠷᠤᠭᠴᠢ᠄ ︽ᠪᠢᠳᠡ ᠭᠡᠷ ᠲᠤ ᠪᠠᠨ ᠬᠠᠷᠢᠪᠠᠯ ᠪᠠᠭᠰᠢ ᠪᠢᠳᠡᠨ ᠢ ᠰᠠᠨᠠᠨ᠎ᠠ ᠤᠤ︖︾ ᠭᠡᠭᠦ ᠳᠤ ᠪᠢ ᠠᠮᠠᠨ ᠠᠶ᠎ᠠ ᠪᠠᠷ᠄ ︽ᠰᠠᠨᠠᠨ᠎ᠠ ᠡ᠂ ᠰᠠᠨᠠᠯ ᠦᠭᠡᠢ ᠶᠠᠭᠠᠬᠢᠬᠤᠪ︾  ᠭᠡᠳ ᠳᠠᠮᠠᠢ ᠴᠦ ᠶᠠᠭᠤᠮ᠎ᠠ ᠪᠤᠯᠭᠠᠯ ᠦᠭᠡᠢ ᠦᠡᠭᠭᠡᠷᠡᠵᠡᠢ᠃ ᠳᠠᠪᠲᠠᠯᠭ᠎ᠠ ᠪᠠᠭᠤᠵᠤ ᠪᠢ ᠳ᠋ᠧᠩ ᠤᠨᠳᠠᠷᠠᠭᠠᠭᠠᠳ ᠶᠠᠪᠤᠬᠤ ᠭᠡᠳᠡᠯ᠎ᠡ ᠰᠠᠶ᠋ᠢ ᠶᠢᠨ ᠲᠡᠷᠡ ᠬᠡᠥᠬᠡᠳ ᠭᠠᠳᠠᠨ᠎ᠠ ᠡᠬᠦᠳᠡᠨ ᠳᠤ ᠨᠠᠭᠠᠳᠴᠤ ᠪᠠᠶᠢᠭ᠎ᠠ ᠶᠢ ᠤᠯᠵᠤ ᠬᠠᠷᠠᠯ᠎ᠠ᠂ ︽ᠶᠠᠭᠠᠬᠢᠭᠠᠳ ᠭᠠᠭᠴᠠᠭᠠᠷ ᠢᠶᠠᠨ ᠬᠤᠴᠤᠷᠤᠭᠰᠠᠨ ᠪᠤᠢ︖ ᠬᠤᠷᠳᠦᠨ ᠪᠠᠶᠢᠷᠢ ᠳᠤ ᠪᠠᠨ ᠶᠠᠪᠤ ᠡ︾ ᠭᠡᠬᠦ ᠳᠤ ᠲᠡᠷᠡ ᠬᠡᠥᠬᠡᠳ ᠪᠠᠶᠢᠷᠢ ᠵᠦᠭ ᠢᠶᠠᠨ ᠭᠦᠶᠦᠭᠰᠡᠭᠡᠷ᠄ ︽ᠪᠠᠭᠰᠢ ᠡ᠂ ᠲᠠ ᠦᠨᠡᠬᠡᠷ ᠮᠠᠨᠤᠰ ᠢ ᠰᠠᠨᠠᠨ᠎ᠠ ᠤᠤ︖︾ ᠭᠡᠪᠡ᠃ ᠲᠡᠷᠡ ᠬᠤᠷᠤᠮ ᠳᠤ ᠵᠢᠷᠦᠬᠡ ᠮᠢᠨᠢ ᠡᠮᠵᠡᠭᠯᠡᠵᠦ᠂ ᠬᠡᠥᠬᠡᠳ ᠤᠨ ᠰᠡᠳᠬᠢᠯ ᠬᠡᠴᠢᠨᠡᠨ ᠭᠡᠨᠡᠨ ᠴᠠᠶᠢᠯᠭᠠᠨ ᠭᠡᠳᠡᠭ ᠢ ᠰᠠᠶ᠋ᠢ ᠯᠠ ᠤᠬᠠᠭᠠᠷᠠᠬᠤ ᠰᠢᠤᠬᠠᠨ ᠪᠤᠯᠤᠭᠰᠠᠨ ᠶᠤᠮ᠃ ᠲᠡᠭᠦᠨ ᠠᠴᠠ ᠬᠤᠶᠢᠰᠢ ᠦᠪᠡᠷ ᠤᠨ ᠪᠠᠶ᠎ᠡ ᠳᠤ ᠪᠠᠨ ᠬᠡᠥᠬᠡᠳ ᠤᠨ ᠰᠡᠳᠬᠢᠯ ᠢ ᠭᠤᠮᠤᠳᠠᠭᠠᠵᠤ ᠶᠠᠪᠤᠬᠤ ᠦᠭᠡᠢ ᠭᠡᠰᠡᠨ ᠱᠠᠭᠠᠷᠳᠠᠯᠭ᠎ᠠ ᠲᠠᠯᠪᠢᠭᠰᠠᠨ ᠶᠤᠮ᠃      2. ᠠᠩᠬᠢ ᠶᠢᠨ ᠡᠷᠬᠢᠯᠡᠭᠴᠢ ᠪᠠᠭᠰᠢ ᠵᠠᠪᠠᠯ ᠰᠤᠷᠤᠭᠴᠢ ᠶᠢᠨ ᠢᠶᠠᠨ ᠬᠠᠮᠤᠭ ᠤᠨ ᠪᠢᠰᠢᠷᠡᠨ ᠲᠤᠭᠤᠳᠠᠭ ᠬᠦᠮᠦᠨ ᠪᠤᠯᠬᠤ ᠬᠡᠷᠡᠭᠲᠡᠢ᠃      ᠬᠦᠮᠦᠰ ᠶᠡᠷᠦ ᠨᠢ ᠥᠪᠡᠷ ᠤᠨ ᠪᠢᠰᠢᠷᠡᠨ ᠲᠤᠭᠤᠳᠠᠭ ᠬᠦᠮᠦᠨ ᠢᠶᠠᠷ ᠢᠶᠠᠨ ᠳᠠᠭᠤᠷᠢᠶᠠᠯ ᠪᠤᠯᠭᠠᠵᠤ᠂ ᠲᠡᠭᠦᠨ ᠰᠢᠭ ᠬᠦᠮᠦᠨ ᠪᠤᠯᠤᠶ᠎ᠠ ᠭᠡᠵᠦ ᠰᠡᠳᠬᠢᠯ ᠤᠨ ᠤᠭ ᠠᠴᠠ ᠪᠠᠨ ᠪᠤᠳᠤᠳᠠᠭ᠃ ᠶᠠᠭ ᠡᠶᠢᠮᠦ ᠠᠴᠠ ᠠᠩᠬᠢ ᠶᠢᠨ ᠡᠷᠬᠢᠯᠡᠭᠴᠢ ᠪᠠᠭᠰᠢ ᠪᠤᠯᠤᠭᠰᠠᠳ ᠰᠤᠷᠤᠭᠴᠢᠳ ᠤᠨ ᠢᠶᠠᠨ ᠰᠡᠳᠬᠢᠯ ᠳᠤᠲᠤᠷᠠᠬᠢ ᠲᠡᠷᠡ ᠨᠢᠭᠡ ᠬᠦᠮᠦᠨ ᠨᠢ ᠪᠤᠯᠬᠤ ᠶᠤᠰᠤᠲᠠᠢ᠃ ᠰᠤᠷᠤᠭᠴᠢᠳ ᠢᠶᠠᠨ ᠶᠠᠮᠠᠷ ᠰᠢᠤ ᠬᠦᠮᠦᠨ ᠪᠤᠯᠭᠠᠶ᠎ᠠ ᠭᠡᠪᠡᠯ ᠵᠠᠪᠠᠯ ᠰᠤᠷᠤᠭᠴᠢ ᠶᠢᠨ ᠢᠶᠠᠨ ᠡᠮᠦᠨ᠎ᠡ ᠲᠡᠷᠡ ᠨᠢᠭᠡ ᠲᠦᠷᠢ ᠪᠠᠷ ᠢᠯᠡᠷᠡᠬᠦ ᠬᠡᠷᠡᠭᠲᠡᠢ᠃ ᠦᠭᠡ ᠪᠠᠷ ᠨᠥᠯᠦᠭᠡᠯᠡᠬᠦ ᠪᠠᠷ ᠢᠶᠠᠨ ᠦᠢᠯᠡᠳᠦᠯᠭᠡ ᠪᠠᠷ ᠢᠶᠠᠨ ᠳᠠᠶᠢᠴᠢᠯᠠᠵᠤ ᠳᠠᠭᠠᠭᠤᠯᠤᠶ᠎ᠠ᠃ ᠵᠠᠷᠢᠮ ᠪᠠᠭᠰᠢ ᠰᠤᠷᠤᠭᠴᠢᠳ ᠢ ᠨᠤᠮ ᠤᠩᠰᠢᠭᠤᠯᠬᠤ ᠲᠤᠬᠠᠢ ᠵᠢᠷᠦᠬᠡᠨ ᠳᠤ ᠨᠢ ᠰᠢᠷ᠎ᠠ ᠤᠰᠤ ᠲᠤᠨᠳᠠᠯ᠎ᠠ ᠶᠠᠩᠰᠢᠳᠠᠭ ᠪᠤᠯᠪᠠᠴᠤ ᠳᠡᠮᠡᠢ ᠦᠢᠯᠡᠳᠦᠯ ᠦᠭᠡᠢ ᠪᠠᠶᠢᠳᠠᠭ᠃ ᠡᠬᠦᠨ ᠤ ᠤᠷᠤᠨ ᠳᠤ ᠥᠪᠡᠷᠲᠡᠭᠡᠨ ᠦᠯᠢᠭᠡᠷ ᠳᠠᠭᠤᠷᠢᠶᠠᠯ ᠦᠵᠡᠭᠦᠯᠵᠦ᠂ ᠤᠡᠭᠰᠢᠵᠤ ᠪᠠᠶᠢᠭ᠎ᠠ ᠨᠤᠮ ᠳᠤ ᠬᠢ ᠰᠤᠨᠢᠨ ᠰᠡᠪᠡᠭᠦᠨ᠂ ᠰᠤᠷᠤᠭᠴᠢ ᠶᠢᠨ ᠠᠩᠬᠠᠷᠤᠯ ᠢ ᠳᠠᠲᠠᠬᠤ ᠵᠦᠢᠯᠡᠰ ᠢ ᠰᠠᠨᠠᠮᠰᠠᠷ ᠲᠠᠢ ᠰᠠᠨᠠᠮᠰᠠᠷ ᠦᠭᠡᠢ ᠪᠠᠷ ᠰᠤᠷᠤᠭᠴᠢ ᠶᠢᠨ ᠡᠮᠦᠨ᠎ᠡ ᠶᠠᠷᠢᠵᠤ ᠯᠠ ᠪᠠᠶᠢᠪᠠᠯ᠂ ᠰᠤᠷᠤᠭᠴᠢᠳ ᠠᠶᠠᠨᠳᠠᠭᠠᠨ ᠨᠤᠮ ᠤᠡᠭᠰᠢᠬᠤ ᠲᠤᠷ᠎ᠠ ᠪᠠᠬ᠎ᠠ ᠲᠠᠢ ᠪᠤᠯᠳᠠᠭ᠃ ᠮᠠᠨ ᠤ ᠰᠤᠷᠭᠠᠭᠤᠯᠢ ᠳᠤ ᠶᠠᠬ ᠰᠠᠶᠢᠬᠠᠨ ᠨᠤᠮ ᠤᠩᠰᠢᠬᠤ ᠰᠠᠷ᠎ᠠ ᠶᠢᠨ ᠬᠥᠳᠡᠯᠭᠡᠭᠡᠨ ᠥᠷᠨᠢᠭᠦᠯᠵᠦ ᠪᠠᠶᠢᠨ᠎ᠠ᠃ ᠡᠶᠢᠮᠦ ᠠᠴᠠ ᠪᠠᠭᠰᠢ ᠰᠤᠷᠤᠭᠴᠢ ᠪᠤᠯᠭᠠᠨ ᠨᠤᠮ ᠰᠦᠢᠷᠠᠭᠠᠳ ᠶᠠᠪᠤᠵᠤ ᠪᠠᠶᠢᠬᠤ ᠬᠠᠷᠠᠭᠳᠠᠨ᠎ᠠ᠂ ᠨᠤᠮ ᠳᠡᠮᠡᠢ ᠤᠩᠰᠢᠳᠠᠭ ᠦᠭᠡᠢ ᠰᠤᠷᠤᠭᠴᠢᠳ ᠴᠦ ᠨᠠᠶᠢᠵᠢ ᠨᠥᠭᠦᠳ ᠤᠨ ᠢᠶᠠᠨ ᠨᠤᠮ ᠢ ᠰᠢᠨᠵᠢᠵᠤ᠂ ᠪᠠᠭᠰᠢ ᠶᠢᠨ ᠤᠩᠰᠢᠵᠤ ᠪᠠᠶᠢᠬᠤ ᠨᠤᠮ ᠢ ᠠᠩᠬᠠᠷᠳᠠᠭ ᠪᠤᠯᠤᠯ᠎ᠠ᠃ ᠡᠶᠢᠮᠦ ᠠᠴᠠ ᠬᠡᠯᠡᠵᠦ ᠰᠤᠷᠭᠠᠬᠤ ᠶᠢᠨ ᠤᠷᠤᠨ ᠳᠤ ᠥᠪᠡᠷ ᠤᠨ ᠪᠡᠶ᠎ᠡ ᠪᠠᠷ ᠢᠶᠠᠨ ᠲᠥᠷᠢᠮ ᠦᠵᠡᠭᠦᠯᠵᠦ ᠰᠤᠷᠭᠠᠬᠤ ᠨᠢ ᠨᠡᠩ ᠢᠯᠡᠬᠦᠦ ᠦᠷ᠎ᠡ ᠠᠰᠢᠭ ᠲᠠᠢ ᠭᠡᠳᠡᠭ ᠢ ᠤᠯᠵᠤ ᠬᠠᠷᠠᠵᠤ ᠪᠤᠯᠤᠨ᠎ᠠ᠃      3. ᠠᠩᠬᠢ ᠶᠢᠨ ᠡᠷᠬᠢᠯᠡᠭᠴᠢ ᠪᠤᠯᠬᠤ ᠳᠤ ᠡᠷᠬᠡᠪᠰᠢ ᠪᠦᠷᠢᠯᠳᠦᠭᠦᠯᠬᠦ ᠨᠥᠬᠦᠴᠡᠯ — ᠤᠳᠠᠭᠠᠨ ᠳᠠᠭᠠᠭᠠᠮᠠᠭᠠᠢ ᠲᠡᠰᠪᠦᠷᠢ ᠬᠠᠲᠠᠭᠤᠵᠢᠯ ᠲᠠᠢ ᠪᠠᠶᠢᠬᠤ᠃      ᠨᠢᠭᠡ ᠬᠦᠮᠦᠨ ᠢ ᠬᠥᠮᠦᠵᠢᠭᠦᠯᠬᠦ ᠳᠤ ᠵᠠᠭᠤᠨ ᠵᠢᠯ ᠭᠡᠷᠡᠭᠰᠡᠳᠡᠭ ᠭᠡᠳᠡᠭᠴᠢᠯᠡᠨ ᠰᠤᠷᠤᠭᠴᠢ ᠬᠥᠮᠦᠵᠢᠭᠦᠯᠬᠦ ᠨᠢ ᠨᠢᠭᠡ ᠬᠤᠶᠠᠷ ᠡᠳᠦᠷ᠂ ᠨᠢᠭᠡ ᠬᠤᠶᠠᠷ ᠵᠢᠯ ᠤᠨ ᠶᠠᠪᠤᠳᠠᠯ ᠪᠢᠰᠢ ᠶᠤᠮ᠃      4. ᠥᠪᠡᠷ ᠤᠨ ᠮᠡᠳᠡᠯᠭᠡ ᠶᠢᠨ ᠬᠦᠷᠢᠶ᠎ᠡ ᠬᠡᠪᠴᠢᠶ᠎ᠡ ᠪᠠᠨ ᠦᠷᠭᠡᠳᠭᠡᠭᠦ ᠬᠡᠷᠡᠭᠲᠡᠢ᠃      ᠬᠤᠶᠠᠷ᠂ ᠰᠤᠷᠤᠭᠴᠢ ᠶᠢ ᠬᠥᠮᠦᠵᠢᠭᠦᠯᠬᠦ ᠲᠠᠯ᠎ᠠ ᠠᠴᠠ ᠠᠪᠴᠤ ᠬᠡᠯᠡᠪᠡᠯ᠄      1. ᠠᠮᠢᠳᠤᠷᠠᠯ ᠤᠨ ᠵᠠᠩ ᠳᠠᠳᠬᠠᠯ᠂ ᠰᠤᠷᠤᠯᠴᠠᠬᠤ ᠵᠠᠩ ᠳᠠᠳᠬᠠᠯ ᠢ ᠬᠥᠮᠦᠵᠢᠭᠦᠯᠬᠦ ᠨᠢ ᠨᠡᠩ ᠴᠢᠬᠤᠯᠠ᠃      ᠰᠤᠷᠤᠭᠴᠢᠳ ᠢᠶᠠᠨ ᠰᠠᠶᠢᠨ ᠰᠠᠶᠢᠬᠠᠨ ᠠᠮᠢᠳᠤᠷᠠᠯ ᠰᠤᠷᠤᠯᠴᠠᠯᠭ᠎ᠠ ᠶᠢᠨ ᠵᠠᠩ ᠳᠠᠳᠬᠠᠯ ᠲᠠᠢ ᠪᠤᠯᠭᠠᠵᠤ ᠲᠡᠶᠢᠯᠭᠦ ᠡᠰᠡᠭᠦ ᠨᠢ ᠪᠠᠭ᠎ᠠ ᠰᠤᠷᠭᠠᠭᠤᠯᠢ ᠶᠢᠨ ᠪᠠᠭᠰᠢ ᠨᠠᠷ ᠲᠤ ᠲᠠᠭᠠᠯᠭᠠᠭᠰᠠᠨ ᠭᠦᠨᠳᠤ ᠡᠭᠦᠷᠭᠡ ᠪᠤᠯᠬᠤ ᠶᠤᠮ᠃ ᠭᠡᠪᠡᠴᠤ ᠪᠠᠭᠰᠢ ᠨᠠᠷ ᠰᠤᠷᠤᠯᠭ᠎ᠠ ᠶᠢᠨ ᠬᠢᠷᠢ ᠪᠦᠳᠤᠮᠵᠢ ᠶᠢ ᠲᠠᠩᠳᠡᠭᠦᠦ ᠠᠩᠬᠠᠷᠳᠠᠬ ᠠᠴᠠ ᠡᠨᠡᠭᠦ ᠲᠠᠯ᠎ᠠ ᠶᠢᠨ ᠠᠵᠢᠯ ᠨᠢ ᠤᠮᠳᠤᠭᠠᠢᠢᠯᠠᠭᠳᠠᠳᠠᠬ᠃ ᠨᠠᠳᠠ ᠳᠤ ᠴᠦ ᠡᠨᠡ ᠲᠠᠯ᠎ᠠ ᠶᠢᠨ ᠲᠤᠳᠠᠭᠳᠠᠯ ᠤᠷᠤᠰᠢᠳᠠᠬ ᠠᠴᠠ ᠮᠠᠨ ᠤ ᠰᠤᠷᠤᠭᠴᠢᠳ ᠤᠳᠤ ᠪᠤᠯᠲᠠᠯ᠎ᠠ ᠠᠮᠢᠳᠤᠷᠠᠯ᠂ ᠰᠤᠷᠤᠯᠴᠠᠭ᠎ᠠ ᠳᠤ ᠪᠠᠨ ᠬᠠᠷᠠᠬᠠᠨ ᠪᠡᠶ᠎ᠡ ᠪᠠᠨ ᠳᠠᠭᠠᠭᠠᠵᠤ ᠳᠡᠶᠢᠯᠦᠭᠡ ᠦᠭᠡᠢ ᠪᠠᠶᠢᠭᠰᠠᠭᠠᠷ᠃ ᠮᠠᠨ ᠤ ᠰᠤᠷᠭᠠᠭᠤᠯᠢ ᠶᠢᠨ ᠬᠤᠶᠠᠳᠤᠭᠠᠷ ᠤᠨ ᠤ ᠠᠩᠬᠢ ᠶᠢᠨ ᠡᠷᠬᠢᠯᠡᠭᠴᠢ ᠪᠠᠭᠰᠢ ᠤᠤᠯ ᠨᠢ ᠴᠡᠷᠢᠭ ᠲᠤ ᠶᠠᠪᠤᠭᠰᠠᠨ ᠦᠡᠭᠭᠡᠷᠡᠯᠲᠡ ᠲᠠᠢ ᠤᠴᠢᠷ ᠠᠴᠠ ᠵᠠᠩ ᠳᠠᠳᠬᠠᠯ ᠤᠨ ᠲᠠᠯ᠎ᠠ ᠪᠠᠷ ᠰᠤᠷᠤᠭᠴᠢᠳ ᠢᠶᠠᠨ ᠨᠢᠭᠡ ᠤᠨ ᠠᠴᠠ ᠨᠢ ᠡᠬᠢᠯᠡᠨ ᠴᠢᠩᠭ᠎ᠠ ᠱᠠᠭᠠᠷᠳᠠᠭᠰᠠᠨ ᠪᠤᠯᠬᠤᠷ ᠲᠦᠡᠭᠭᠡᠵᠢ ᠬᠤᠶᠠᠳᠤᠭᠠᠷ ᠤᠨ ᠪᠤᠯᠵᠤ ᠪᠠᠶᠢᠭ᠎ᠠ ᠰᠤᠷᠤᠭᠴᠢᠳ ᠪᠠᠭᠰᠢ ᠪᠠᠶᠢᠭᠰᠠᠨ ᠴᠦ ᠦᠭᠡᠢ ᠴᠦ ᠴᠥᠮ ᠪᠡᠶ᠎ᠡ ᠪᠠᠨ ᠳᠠᠭᠠᠭᠠᠵᠤ ᠬᠡᠪ ᠤᠨ ᠶᠠᠩᠵᠤ ᠪᠠᠷ ᠰᠤᠷᠤᠯᠴᠠᠳᠠᠭ᠃      2. ᠵᠥᠪ ᠰᠠᠶᠢᠬᠠᠨ ᠰᠤᠷᠤᠯᠴᠠᠬᠤ ᠤᠪᠤᠷ ᠰᠤᠷᠲᠠᠯ ᠲᠠᠢ ᠪᠤᠯᠭᠠᠬᠤ᠃ ᠠᠯᠢᠪᠠ ᠪᠦᠬᠦᠨ ᠤᠪᠤᠷ ᠰᠤᠷᠲᠠᠯ ᠠᠴᠠ ᠳᠤᠭᠲᠠᠭᠠᠭᠳᠠᠳᠠᠭ᠃ ᠰᠢᠯᠢᠳᠡᠭ ᠰᠠᠶᠢᠨ ᠰᠤᠷᠤᠯᠴᠠᠬᠤ ᠤᠪᠤᠷ ᠰᠤᠷᠲᠠᠯ ᠲᠠᠢ ᠪᠤᠯᠤᠭᠠᠳ ᠴᠢᠳᠠᠴᠢᠬᠠᠪᠠᠯ ᠰᠤᠷᠤᠭᠴᠢᠳ ᠤᠨ ᠡᠯ᠎ᠡ ᠲᠡᠯ᠎ᠡ ᠶᠢᠨ ᠬᠢᠷᠢ ᠪᠦᠳᠤᠮᠵᠢ ᠠᠶᠠᠨᠳᠠᠭᠠᠨ ᠳᠡᠭᠡᠭᠰᠢᠯᠡᠬᠦ ᠪᠤᠯᠤᠨ᠎ᠠ᠃ ᠵᠠᠷᠢᠮ ᠰᠤᠷᠤᠭᠴᠢ ᠶᠡᠭᠡ ᠠᠳᠠᠭ᠎ᠠ ᠲᠠᠢ ᠰᠤᠷᠤᠯᠴᠠᠳᠠᠭ᠂ ᠭᠡᠪᠡᠴᠦ ᠠᠳᠠᠭ᠎ᠠ ᠨᠢ ᠬᠡᠳᠦᠷᠡᠪᠡᠯ ᠭᠡᠳᠡᠷᠬᠦ ᠦᠢᠯᠡᠳᠦᠯ ᠦᠵᠡᠭᠦᠯᠳᠡᠭ᠃ ᠮᠠᠨ ᠤ ᠠᠩᠬᠢ ᠶᠢᠨ ᠨᠢᠭᠡ ᠬᠡᠥᠬᠡᠨ ᠰᠤᠷᠤᠭᠴᠢ ᠶᠠᠭᠤᠨ ᠳᠤ ᠪᠠᠨ ᠴᠦ ᠶᠡᠭᠡ ᠠᠲᠠᠭ᠎ᠠ ᠲᠠᠢ ᠪᠠᠶᠢᠳᠠᠭ᠃ ᠤᠶᠢᠯᠠᠭᠠᠭᠰᠠᠨ ᠢᠶᠠᠷ᠂ ᠡᠨᠡ ᠰᠤᠷᠤᠭᠴᠢ ᠲᠡᠭᠦᠨ ᠠᠴᠠ ᠬᠢᠷᠢ ᠪᠥᠲᠦᠮᠵᠢ ᠪᠠᠷ ᠰᠠᠶᠢᠨ ᠨᠥᠬᠦᠳ ᠲᠤ ᠪᠠᠨ ᠶᠡᠭᠡ ᠲᠤᠷ᠎ᠠ ᠦᠭᠡᠶᠢᠴᠡᠳᠡᠭ᠃ ᠡᠨᠡᠬᠦ ᠪᠠᠶᠢᠳᠠᠯ ᠳᠤ ᠬᠠᠨᠳᠤᠭᠤᠯᠵᠤ ᠪᠢ ᠰᠤᠯᠠ ᠴᠠᠭ ᠭᠠᠷᠪᠠᠯ ᠲᠡᠬᠦᠨ ᠲᠠᠢ ᠢᠯᠡᠭᠦᠦ ᠶᠠᠷᠢᠯᠴᠠᠵᠤ ᠵᠤᠭᠤᠭᠳᠠᠨ᠂ ᠲᠡᠭᠦᠨ ᠠᠴᠠ ᠤᠷᠦ᠋ᠢᠯᠠᠵᠤ ᠪᠠᠶᠢᠭ᠎ᠠ ᠨᠥᠭᠦᠳ ᠲᠠᠢ ᠪᠠᠨ ᠰᠠᠶᠢᠨ ᠨᠠᠶᠢᠵᠢ ᠪᠤᠯᠤᠯᠴᠠᠨ᠂ ᠬᠠᠷᠢᠯᠴᠠᠨ ᠵᠤᠷᠢᠬᠵᠢᠭᠤᠯᠵᠤ ᠰᠤᠷᠤᠯᠴᠠᠨ᠂ ᠥᠪᠡᠷ ᠤᠨ ᠮᠡᠳᠡᠬᠦ ᠦᠭᠡᠢ ᠤᠶᠢᠯᠠᠭᠠᠬᠤ ᠦᠭᠡᠢ ᠪᠠᠨ ᠡᠳᠡᠭᠡᠷ ᠨᠥᠭᠦᠳ ᠠᠴᠠ ᠢᠯᠡᠭᠦᠦ ᠠᠰᠠᠭᠤᠨ᠂ ᠥᠪᠡᠷ ᠤᠨ ᠮᠡᠳᠡᠳᠡᠭ ᠢᠶᠠᠨ ᠲᠡᠳᠡᠭᠡᠷ ᠰᠤᠷᠤᠭᠴᠢ ᠲᠠᠢ ᠬᠤᠪᠢᠶᠠᠯᠴᠠᠵᠤ᠂ ᠬᠤᠪᠢᠶᠠᠯᠴᠠᠨ ᠰᠤᠷᠤᠯᠴᠠᠬᠤ ᠶᠢᠨ ᠬᠠᠪᠤ ᠴᠠᠩᠬᠡᠯ ᠢ ᠡᠳ᠋ᠯᠡᠭᠦᠯᠦᠨ᠂ ᠬᠠᠮᠲᠤ ᠪᠠᠷ ᠳᠠᠪᠰᠢᠨ ᠬᠠᠮᠲᠤ ᠪᠠᠷ ᠤᠷᠤᠭᠰᠢᠯᠠᠬᠤ ᠦᠵᠡᠯ ᠰᠠᠨᠠᠭᠠᠨ ᠤ ᠬᠥᠮᠦᠵᠢᠯ ᠬᠢᠭᠰᠡᠭᠡᠷ ᠪᠠᠶᠢᠭᠠᠳ ᠤᠳᠤ ᠡᠨᠡ ᠰᠤᠷᠤᠭᠴᠢ ᠶᠢᠨ ᠰᠤᠷᠤᠯᠭ᠎ᠠ ᠠᠩᠬᠢ ᠳᠤ ᠪᠠᠨ ᠤᠷᠦ᠋ᠢᠯᠠᠭᠰᠠᠨ ᠢᠶᠠᠷ ᠪᠠᠷᠠᠬᠤ ᠦᠭᠡᠢ ᠰᠤᠷᠤᠭᠴᠢ ᠨᠥᠬᠦᠳ ᠤᠨ ᠢᠶᠠᠨ ᠬᠦᠷᠢᠶᠡᠯᠡᠯ ᠢ ᠴᠦ ᠤᠯᠵᠤ ᠴᠢᠳᠠᠭᠰᠠᠨ ᠪᠠᠶᠢᠨ᠎ᠠ᠃      3. ᠰᠤᠷᠤᠭᠴᠢ ᠶᠢᠨ ᠬᠤᠪᠢ ᠪᠡᠶ᠎ᠡ ᠶᠢᠨ ᠤᠨᠴᠠᠯᠢᠭ ᠲᠤ ᠲᠤᠬᠢᠷᠠᠭᠤᠯᠤᠨ ᠬᠥᠮᠦᠵᠢᠭᠦᠯᠦᠨ᠎ᠡ᠃      ᠰᠤᠷᠤᠭᠴᠢ ᠶᠢᠨ ᠤᠤᠷ ᠴᠢᠨᠠᠷ ᠲᠤ ᠲᠤᠬᠢᠷᠠᠭᠤᠯᠤᠨ ᠬᠥᠮᠦᠵᠢᠭᠦᠯᠬᠦ ᠠᠷᠭ᠎ᠠ ᠠᠪᠴᠠᠯ ᠠᠪᠬᠤ ᠬᠡᠷᠡᠭᠲᠡᠢ᠃ ᠰᠤᠷᠤᠯᠭ᠎ᠠ ᠪᠤᠯ ᠵᠤᠷᠢᠯᠭ᠎ᠠ ᠪᠢᠰᠢ᠂ ᠰᠤᠷᠤᠯᠭ᠎ᠠ ᠪᠠᠷ ᠳᠠᠮᠵᠢᠨ ᠰᠡᠳᠬᠢᠭᠦᠢ ᠪᠠᠨ  ᠨᠡᠬᠡᠭᠡᠭᠳᠡᠭᠦᠯᠬᠦ ᠪᠤᠯ ᠵᠤᠷᠢᠯᠭ᠎ᠠ ᠮᠥᠨ᠃ ᠮᠠᠨ ᠤ ᠠᠩᠬᠢ ᠳᠤ ᠠᠷᠪᠠᠭᠠᠳ ᠰᠤᠷᠤᠭᠴᠢ ᠲᠠᠢ᠂ ᠥᠪᠡᠷ ᠥᠪᠡᠷ ᠤᠨ ᠢᠶᠠᠨ ᠵᠠᠩ ᠠᠷᠠᠨᠰᠢᠨ᠂ ᠳᠠᠪᠠᠭᠤᠯᠢᠭ ᠲᠠᠯ᠎ᠠ᠂ ᠠᠪᠢᠶᠠᠰ ᠪᠢᠯᠢᠭ ᠲᠠᠢ  ᠪᠠᠶᠢᠳᠠᠭ᠃ ᠮᠠᠨ ᠤ ᠠᠩᠬᠢ ᠶᠢᠨ ᠨᠢᠭᠡ ᠬᠦᠦ ᠰᠤᠷᠤᠭᠴᠢ ᠰᠤᠷᠤᠯᠭ᠎ᠠ ᠳᠤ ᠪᠠᠨ ᠤᠷᠦ᠋ᠢᠯᠠᠵᠤ ᠪᠠᠶᠢᠬᠤ ᠦᠭᠡᠢ ᠪᠤᠯᠪᠠᠴᠤ ᠪᠦᠵᠢᠭ ᠲᠤ ᠪᠠᠨ ᠲᠤᠩ ᠠᠪᠢᠶᠠᠰ ᠲᠠᠢ ᠪᠠᠶᠢᠳᠠᠬ᠃ ᠲᠡᠭᠡᠭᠡᠳ ᠪᠢ ᠲᠡᠭᠦᠨ ᠢ ᠵᠠᠪᠰᠢᠶᠠᠨ ᠲᠠᠢ ᠪᠤᠯ ᠤᠯᠠᠨ ᠤ ᠡᠮᠦᠨ᠎ᠡ ᠭᠠᠷᠭᠠᠨ ᠲᠤᠭᠯᠠᠭᠤᠯᠵᠤ᠂ ᠤᠷᠠᠯᠢᠭ ᠤᠨ ᠪᠠᠭᠰᠢ ᠲᠠᠢ ᠨᠢ ᠬᠠᠮᠵᠢᠯᠴᠠᠨ ᠵᠢᠷᠭᠤᠭᠠᠨ ᠰᠠᠷ᠎ᠠ ᠶᠢᠨ ᠨᠢᠭᠡᠨ ᠤ ᠤᠷᠠᠨ ᠰᠠᠶᠢᠬᠠᠨ ᠤ ᠬᠥᠳᠡᠯᠭᠡᠭᠡᠨ ᠳᠤ ᠢᠯᠡᠭᠦᠦ ᠤᠷᠤᠯᠴᠠᠭᠤᠯᠤᠨ᠂ ᠬᠤᠶᠠᠳᠤᠭᠠᠷ ᠤᠨ ᠪᠠᠶᠢᠬᠤ ᠳᠤ ᠬᠤᠶᠠᠷ ᠬᠦᠦ ᠬᠤᠶᠠᠷ ᠬᠡᠥᠬᠡᠨ ᠰᠤᠷᠤᠭᠴᠢ ᠶᠢᠨ ᠳᠥᠷᠪᠡᠨ ᠬᠦᠮᠦᠨ ᠤ ᠳᠠᠭᠤᠤ ᠪᠥᠵᠢᠭ ᠢᠶᠠᠷ ᠢᠶᠠᠨ ᠰᠢᠯᠢᠳᠡᠭ ᠲᠤᠭᠯᠠᠯᠲᠠ ᠶᠢᠨ ᠱᠠᠩᠨᠠᠯ ᠲᠤᠰᠤᠭᠰᠠᠨ ᠠᠴᠠ ᠪᠡᠶ᠎ᠡ ᠳᠤ ᠪᠠᠨ ᠨᠡᠩ ᠢᠳᠡᠭᠡᠯ ᠲᠠᠢ᠂ ᠰᠤᠷᠤᠯᠭ᠎ᠠ ᠳᠤ ᠪᠠᠨ ᠴᠦ ᠴᠢᠷᠮᠠᠶᠢᠯᠲᠠ ᠲᠠᠢ ᠪᠤᠯᠤᠭᠠᠳ᠂ ᠰᠤᠷᠤᠯᠴᠠᠬᠤ ᠤᠪᠤᠷ ᠢᠳᠡᠪᠬᠢᠵᠢᠯ ᠪᠦᠷ ᠳᠡᠭᠡᠭᠰᠢᠯᠡᠯᠲᠡ ᠲᠠᠢ ᠪᠤᠯᠤᠭᠰᠠᠨ ᠪᠠᠶᠢᠨ᠎ᠠ᠃ ᠰᠤᠷᠤᠭᠴᠢ ᠶᠢᠨ ᠲᠤᠷ᠎ᠠ ᠰᠤᠨᠢᠷᠬᠠᠯ ᠳᠤ ᠵᠤᠬᠢᠴᠠᠭᠤᠯᠤᠨ ᠤᠷᠮ᠎ᠠ ᠪᠠᠬ᠎ᠠ ᠶᠢ ᠨᠢ ᠬᠥᠭᠵᠢᠭᠡᠵᠦ᠂ ᠢᠳᠡᠪᠬᠢᠵᠢᠯ ᠢ ᠨᠢ ᠳᠠᠶᠢᠴᠢᠯᠠᠪᠠᠯ᠂ ᠰᠤᠷᠤᠭᠴᠢ ᠠᠶᠠᠨᠳᠠᠭᠠᠨ ᠪᠡᠶ᠎ᠡ ᠳᠤ ᠪᠠᠨ ᠢᠲᠡᠭᠡᠯ ᠲᠠᠢ᠂ ᠪᠠᠶᠠᠷ ᠪᠠᠶᠠᠰᠤᠯ ᠲᠠᠢ ᠪᠤᠯᠵᠤ᠂ ᠶᠠᠭᠤ ᠪᠤᠯᠭᠠᠨ ᠳᠤ ᠢᠳᠡᠪᠬᠢᠲᠠᠢ ᠤᠷᠤᠯᠴᠠᠵᠤ᠂ ᠵᠥᠪ ᠰᠠᠶᠢᠬᠠᠨ ᠰᠤᠷᠤᠯᠴᠠᠬᠤ ᠤᠪᠤᠷ ᠲᠠᠢ ᠪᠤᠯᠵᠤ᠂ ᠦᠨᠡᠨ ᠬᠦ ᠰᠤᠷᠤᠯᠴᠠᠬᠤ᠂ ᠳᠠᠪᠰᠢᠬᠤ ᠵᠤᠷᠢᠯᠭ᠎ᠠ ᠳᠤ ᠪᠠᠨ ᠬᠦᠷᠴᠦ ᠴᠢᠳᠠᠨ᠎ᠠ᠃      4. ᠰᠢᠯᠢᠳᠡᠭ ᠠᠩᠬᠢ ᠶᠢᠨ ᠺᠠᠳ᠋ᠷ ᠢ ᠬᠥᠮᠦᠵᠢᠭᠦᠯᠤᠨ᠎ᠠ᠃      ᠨᠢᠭᠡ ᠠᠩᠬᠢ ᠶᠢᠨ ᠵᠤᠬᠢᠶᠠᠨ ᠪᠠᠶᠢᠭᠤᠯᠤᠯᠳᠠ ᠳᠤ ᠵᠠᠪᠠᠯ ᠰᠢᠯᠢᠳᠡᠭ ᠰᠠᠶᠢᠨ ᠠᠩᠬᠢ ᠶᠢᠨ ᠺᠠᠳ᠋ᠷ ᠤᠨ ᠡᠩᠨᠡᠭᠡ ᠪᠠᠶᠢᠬᠤ ᠬᠡᠷᠡᠭᠲᠡᠢ᠃ ᠨᠢᠭᠡ ᠠᠩᠬᠢ ᠶᠢᠨ ᠬᠡᠪ ᠰᠤᠷᠳᠠᠯ ᠶᠠᠮᠠᠷ ᠰᠢᠤ ᠪᠠᠶᠢᠬᠤ ᠨᠢ ᠠᠩᠬᠢ ᠶᠢᠨ ᠺᠠᠳ᠋ᠷ ᠬᠢᠷᠢ ᠵᠡᠷᠭᠡ ᠪᠠᠶᠢᠬᠤ ᠠᠴᠠ ᠲᠤᠩ ᠶᠡᠭᠡ ᠰᠢᠯᠳᠠᠭᠠᠯᠠᠭᠳᠠᠳᠠᠬ᠃ ᠤᠬᠢ ᠰᠢᠯᠢᠳᠡᠭ ᠠᠩᠬᠢ ᠶᠢᠨ ᠺᠠᠳ᠋ᠷ ᠰᠤᠩᠭᠤᠨ ᠬᠥᠮᠦᠵᠢᠭᠦᠯᠪᠡᠯ ᠠᠩᠬᠢ ᠶᠢᠨ ᠡᠷᠬᠢᠯᠡᠭᠴᠢ ᠶᠢᠨ ᠠᠵᠢᠯ ᠰᠠᠶ᠋ᠢ ᠤᠯᠠᠮ ᠠᠴᠠ ᠤᠯᠠᠮ ᠢᠯᠭᠤᠮ ᠤᠷᠤᠭᠰᠢᠲᠠᠢ ᠪᠤᠯᠵᠤ ᠴᠢᠳᠠᠨ᠎ᠠ᠃ ᠰᠤᠩᠭᠤᠭᠰᠠᠨ ᠠᠩᠬᠢ ᠶᠢᠨ ᠺᠠᠳ᠋ᠷ ᠵᠠᠪᠠᠯ ᠨᠡᠯᠢᠶᠡᠳ ᠰᠠᠶᠢᠨ ᠵᠤᠬᠢᠶᠠᠨ ᠪᠠᠶᠢᠭᠤᠯᠬᠤ ᠴᠢᠳᠠᠪᠤᠷᠢ ᠲᠠᠢ ᠪᠠᠷ ᠪᠠᠷᠠᠬᠤ ᠦᠭᠡᠢ ᠥᠪᠡᠷ ᠢ ᠪᠠᠨ ᠴᠦ ᠴᠢᠩᠭ᠎ᠠ ᠬᠠᠮᠢᠶᠠᠷᠴᠤ ᠳᠤᠳᠤᠮᠳᠠᠬᠤ ᠴᠢᠳᠠᠪᠤᠷᠢ ᠪᠠᠶᠢᠬᠤ ᠬᠡᠷᠡᠭᠲᠡᠢ᠃      ᠡᠩ ᠲᠡᠷᠢᠭᠦᠨ ᠳᠤ ᠠᠩᠬᠢ ᠶᠢᠨ ᠺᠠᠳ᠋ᠷ ᠤᠨ ᠰᠠᠶᠢᠨ ᠲᠠᠢ ᠲᠠᠯ᠎ᠠ ᠶᠢ ᠢᠯᠡᠬᠦᠦ ᠤᠯᠵᠤ ᠬᠠᠷᠠᠨ᠂ ᠤᠯᠠᠨ ᠤ ᠲᠤᠮᠳᠠ ᠮᠠᠭᠲᠠᠨ ᠰᠠᠶᠢᠰᠢᠶᠠᠵᠤ᠂ ᠤᠬᠢ ᠰᠠᠶᠢᠨ ᠦᠢᠯᠡ ᠠᠵᠢᠯᠯᠠᠭ᠎ᠠ ᠶᠢ ᠨᠢ ᠬᠥᠬᠢᠭᠦᠯᠦᠨ᠂ ᠰᠤᠷᠤᠭᠴᠢ ᠨᠥᠬᠦᠳ ᠤᠨ ᠳᠤᠲᠤᠷ᠎ᠠ ᠪᠠᠨ ᠢᠲᠡᠭᠡᠯ ᠬᠦᠨᠳᠦ ᠲᠠᠢ ᠪᠤᠯᠬᠤ ᠳᠤ ᠨᠢ ᠬᠠᠪᠰᠤᠷᠤᠮᠵᠢ ᠪᠤᠯᠤᠨ᠎ᠠ᠃ ᠳᠠᠷᠠᠭ᠎ᠠ ᠨᠢ ᠵᠤᠷᠢᠭᠲᠠᠢ ᠠᠵᠢᠯᠯᠠᠬᠤ ᠶᠢ ᠵᠤᠷᠢᠬᠵᠢᠭᠤᠯᠬᠤ ᠶᠢᠨ ᠬᠠᠮᠲᠤ ᠠᠵᠢᠯ ᠢᠶᠠᠨ ᠥᠷᠨᠢᠭᠦᠯᠬᠦ ᠠᠷᠭ᠎ᠠ ᠠᠪᠴᠠᠯ ᠢ ᠵᠢᠭᠠᠨ ᠵᠢᠯᠤᠭᠤᠳᠬᠤ᠂ ᠠᠩᠬᠢ ᠶᠢᠨ ᠺᠠᠳ᠋ᠷ ᠤᠨ ᠰᠤᠷᠤᠯᠭ᠎ᠠ ᠴᠢᠳᠠᠪᠤᠷᠢ ᠶᠢ ᠬᠤᠤᠰᠯᠠᠭᠤᠯᠬᠤ ᠶᠢ ᠱᠠᠭᠠᠷᠳᠠᠵᠤ᠂ ᠰᠠᠬᠢᠯᠭ᠎ᠠ ᠪᠠᠲᠤ ᠵᠡᠷᠭᠡ ᠡᠯ᠎ᠡ ᠲᠠᠯ᠎ᠠ ᠪᠠᠷ ᠳᠠᠭᠤᠷᠢᠶᠠᠯ ᠪᠤᠯᠵᠤ᠂ ᠪᠦᠬᠦ ᠠᠩᠬᠢ ᠶᠢᠨ ᠰᠤᠷᠤᠭᠴᠢ ᠪᠠᠨ ᠪᠦᠬᠦᠨ ᠢ ᠳᠠᠶᠢᠴᠢᠯᠠᠵᠤ ᠳᠡᠶᠢᠯᠬᠦ ᠬᠡᠷᠡᠭᠲᠡᠢ᠃ ᠭᠤᠷᠪᠠ ᠳᠤ᠂ ᠠᠩᠬᠢ ᠶᠢᠨ ᠺᠠᠳ᠋ᠷ ᠤᠳ ᠬᠠᠮᠲᠤ ᠪᠠᠷ ᠤᠷᠤᠭᠰᠢ ᠳᠠᠪᠰᠢᠬᠤ ᠦᠵᠡᠯ ᠰᠠᠨᠠᠭ᠎ᠠ ᠲᠠᠢ ᠪᠤᠯᠭᠠᠵᠤ᠂ ᠠᠩᠬᠢ ᠶᠢᠨ ᠺᠠᠳ᠋ᠷ ᠤᠨ ᠪᠠᠭ᠎ᠠ ᠨᠢᠭᠡᠴᠢ ᠪᠠᠷ ᠢᠶᠠᠨ ᠪᠦᠬᠦ ᠠᠩᠬᠢ ᠨᠢᠭᠡᠴᠢ ᠶᠢᠨ ᠠᠭᠤᠷ ᠠᠮᠢᠰᠬᠤᠯ ᠢ ᠳᠠᠶᠢᠴᠢᠯᠠᠨ᠎ᠠ᠃      5. ᠥᠷᠭᠦᠯᠵᠢ ᠶᠢᠨ ᠴᠢᠨᠠᠷᠲᠠᠢ ᠬᠠᠮᠲᠤ ᠨᠡᠶᠢᠲᠡ ᠶᠢᠨ ᠬᠥᠳᠡᠯᠭᠡᠭᠡᠨ ᠥᠷᠨᠢᠭᠦᠯᠤᠨ᠎ᠠ᠃      ᠡᠯ᠎ᠡ ᠵᠦᠢᠯ ᠤᠨ ᠬᠥᠳᠡᠯᠭᠡᠭᠡᠨ ᠢᠶᠠᠷ ᠳᠠᠮᠵᠢᠨ ᠰᠤᠷᠤᠭᠴᠢᠳ ᠤᠨ ᠤᠷ᠎ᠠ ᠠᠪᠢᠶᠠᠰ ᠢ ᠢᠯᠡᠷᠡᠭᠦᠯᠵᠦ᠂ ᠰᠤᠷᠤᠭᠴᠢᠳ ᠤᠨ ᠤᠷᠮ᠎ᠠ ᠪᠠᠬ᠎ᠠ ᠶᠢ ᠳᠠᠶᠢᠴᠢᠯᠠᠨ᠎ᠠ᠃      ᠭᠤᠷᠪᠠ᠂ ᠭᠡᠷ ᠤᠨ ᠠᠬᠠᠮᠠᠳ ᠲᠠᠢ ᠬᠠᠮᠵᠢᠯᠴᠠᠬᠤ ᠲᠠᠯ᠎ᠠ ᠠᠴᠠ ᠠᠪᠴᠤ ᠬᠡᠯᠡᠪᠡᠯ᠄      ᠠᠩᠬᠢ ᠶᠢᠨ ᠡᠷᠬᠢᠯᠡᠭᠴᠢ ᠪᠠᠭᠰᠢ ᠪᠤᠯ ᠰᠤᠷᠭᠠᠭᠤᠯᠢ ᠪᠤᠯᠤᠨ ᠭᠡᠷ ᠤᠨ ᠠᠬᠠᠮᠠᠳ ᠤᠨ ᠬᠤᠭᠤᠷᠤᠨᠳᠤᠬᠢ ᠵᠠᠭᠤᠴᠢ ᠪᠤᠯᠵᠤ ᠪᠠᠶᠢᠭ᠎ᠠ ᠶᠤᠮ᠃ ᠭᠡᠷ ᠤᠨ ᠠᠬᠠᠮᠠᠳ ᠲᠠᠢ ᠰᠠᠶᠢᠲᠤᠷ ᠬᠠᠮᠵᠢᠯᠴᠠᠪᠠᠯ ᠬᠡᠥᠬᠡᠳ ᠢ ᠦᠨᠡᠨ ᠬᠦ ᠪᠦᠬᠦ ᠲᠠᠯ᠎ᠠ ᠠᠴᠠ ᠤᠶᠢᠯᠠᠭᠠᠵᠤ᠂ ᠰᠤᠷᠭᠠᠨ ᠬᠥᠮᠦᠵᠢᠯ ᠤᠨ ᠠᠷᠭ᠎ᠠ ᠠᠪᠴᠠᠯ ᠢᠶᠠᠨ ᠠᠮᠢᠳᠤᠯᠢᠭ ᠢᠶᠠᠷ ᠳᠤᠭᠲᠠᠭᠠᠵᠤ ᠴᠢᠳᠠᠨ᠎ᠠ᠃ ᠭᠡᠷ ᠤᠨ ᠠᠬᠠᠮᠠᠳ ᠲᠤ ᠭᠡᠷ ᠪᠦᠯᠢ ᠶᠢᠨ ᠬᠥᠮᠦᠵᠢᠯ ᠤᠨ ᠲᠤᠬᠠᠢ ᠵᠥᠪ ᠰᠠᠨᠠᠯ ᠰᠠᠨᠠᠭᠤᠯᠤᠮᠵᠢ ᠥᠭᠬᠦ ᠬᠡᠷᠡᠭᠲᠡᠢ᠃ ᠤᠳᠤᠬᠠᠨ ᠤ ᠭᠡᠷ ᠤᠨ ᠠᠬᠠᠮᠠᠳ ᠤᠨ ᠦᠵᠡᠯ ᠰᠠᠨᠠᠭᠠᠨ ᠤ ᠬᠠᠨᠲᠤᠰᠢ ᠪᠤᠯ ᠬᠡᠥᠬᠡᠳ ᠤᠨ ᠢᠶᠠᠨ ᠠᠶ᠎ᠠ ᠶᠢ ᠳᠠᠭᠠᠭᠤᠯᠵᠤ᠂ ᠬᠠᠶᠠᠭᠠᠨ ᠳᠤ ᠨᠢ ᠬᠠᠶᠠᠵᠤ᠂ ᠥᠯᠦ ᠬᠠᠶᠢᠬᠤᠷᠬᠤ ᠤᠪᠤᠷ ᠲᠠᠢ ᠪᠠ ᠭᠡᠷ ᠤᠨ ᠬᠥᠮᠦᠵᠢᠯ ᠤᠨ ᠴᠢᠬᠤᠯᠠ ᠴᠢᠨᠠᠷ ᠢ ᠤᠶᠢᠯᠠᠭᠠᠬᠤ ᠦᠭᠡᠢ᠂ ᠬᠡᠥᠬᠡᠳ ᠬᠥᠮᠦᠵᠢᠭᠦᠯᠬᠦ ᠪᠤᠯ ᠲᠡᠷᠡ ᠴᠡᠭ ᠢᠶᠠᠷ ᠢᠶᠠᠨ ᠰᠤᠷᠭᠠᠭᠤᠯᠢ ᠶᠢᠨ ᠶᠠᠪᠤᠳᠠᠯ ᠭᠡᠵᠦ ᠰᠤᠷᠭᠠᠭᠤᠯᠢ ᠳᠤ ᠲᠦᠯᠬᠢᠳᠡᠭ᠃ ᠪᠠᠭᠰᠢ ᠠᠬᠠᠮᠠᠳ ᠢᠶᠠᠨ ᠬᠥᠨᠳᠦᠳᠭᠡᠨ᠎ᠡ ᠭᠡᠳᠡᠭ ᠢ ᠮᠡᠳᠡᠬᠦ ᠦᠭᠡᠢ ᠪᠤᠯᠵᠤ᠂ ᠬᠠᠮᠲᠤ ᠨᠥᠭᠦᠳ ᠠᠩᠭ᠎ᠠ ᠳᠡᠭᠦᠦ ᠨᠡᠷ ᠲᠤ ᠪᠠᠨ ᠨᠠᠶᠢᠷ ᠳᠠᠯᠪᠢᠨ᠎ᠠ ᠭᠡᠳᠡᠭ ᠢ ᠮᠡᠳᠡᠬᠦ ᠦᠭᠡᠢ ᠪᠤᠯᠵᠠᠢ᠃ ᠶᠠᠭ ᠡᠶᠢᠮᠦ ᠤᠴᠢᠷ ᠠᠴᠠ ᠪᠢᠳᠡ ᠭᠡᠷ ᠤᠨ ᠠᠬᠠᠮᠠᠳ ᠲᠠᠢ ᠨᠡᠩ ᠨᠢᠭᠲᠠ ᠬᠠᠷᠢᠯᠴᠠᠵᠤ᠂ ᠭᠡᠷ ᠤᠨ ᠠᠬᠠᠮᠠᠳ ᠤᠨ ᠦᠵᠡᠯᠲᠡ ᠲᠠᠨᠢᠯᠲᠠ ᠶᠢ ᠳᠡᠭᠡᠭᠰᠢᠯᠡᠬᠦᠯᠬᠦ ᠬᠡᠷᠡᠭᠲᠡᠢ᠃      1. ᠨᠥᠭᠦᠴᠡᠯ ᠪᠤᠯᠤᠯᠴᠠᠭ᠎ᠠ ᠬᠠᠩᠭᠠᠵᠤ ᠭᠡᠷ ᠤᠨ ᠠᠬᠠᠮᠠᠳ ᠢ ᠰᠤᠷᠤᠭᠴᠢᠳ ᠲᠠᠢ ᠢᠯᠡᠭᠦᠦ ᠤᠶᠢᠷᠠᠲᠤᠭᠤᠯᠬᠤ ᠭᠡᠷᠡᠭᠳᠠᠢ᠃      ᠤᠳᠤ ᠶᠢᠨ ᠭᠡᠷ ᠤᠨ ᠠᠬᠠᠮᠠᠳ ᠨᠡᠶᠢᠳᠡᠮ ᠳᠤ ᠪᠠᠨ ᠬᠡᠥᠬᠡᠳ ᠲᠠᠢ ᠪᠠᠨ ᠳᠡᠮᠡᠢ ᠵᠤᠭᠤᠭᠲᠠᠵᠤ᠂ ᠰᠡᠳᠬᠢᠯ ᠤᠨ ᠦᠭᠡ ᠪᠠᠨ ᠰᠤᠯᠢᠯᠴᠠᠬᠤ ᠦᠭᠡᠢ᠂ ᠴᠠᠭᠠᠰᠢᠯᠠᠨ ᠬᠡᠥᠬᠡᠳ ᠢᠶᠠᠨ ᠤᠶᠢᠯᠠᠭᠠᠬᠤ ᠨᠢ ᠪᠠᠭᠰᠢ ᠨᠠᠷ ᠢ ᠴᠦ ᠬᠦᠷᠬᠦ ᠦᠭᠡᠢ ᠪᠠᠶᠢᠳᠠᠭ᠃ ᠭᠡᠷ ᠲᠤ ᠪᠠᠨ ᠬᠠᠷᠢᠭᠰᠠᠭᠠᠷ ᠵᠠᠭᠤᠷᠠᠯᠳᠤᠭᠠᠨ ᠲᠡᠮᠡᠴᠡᠯᠳᠦᠭᠡᠨ ᠪᠤᠯᠵᠤ ᠪᠠᠶᠢᠭᠠᠳ ᠪᠠᠳᠤᠳᠬᠠᠯ ᠪᠤᠯᠪᠠᠰᠤᠷᠠᠯ ᠢ ᠨᠢ ᠬᠢᠯᠭᠡᠵᠦ ᠪᠠᠶᠢᠬᠤ ᠴᠢᠨᠢ ᠨᠡᠯᠢᠶᠡᠳ ᠬᠠᠷᠢᠭᠤᠴᠠᠯᠭ᠎ᠠ ᠲᠠᠢ ᠭᠡᠷ ᠤᠨ ᠠᠬᠠᠮᠠᠳ ᠲᠤ ᠪᠠᠨ ᠤᠷᠤᠴᠢᠬᠠᠨ᠎ᠠ᠃ ᠳᠠᠰᠬᠠᠯ ᠬᠢᠭᠰᠡᠨ ᠨᠢ ᠬᠢᠷᠢ ᠵᠡᠷᠭᠡ᠂ ᠭᠡᠭᠡᠵᠦ ᠤᠷᠬᠢᠬᠳᠠᠭᠤᠯᠤᠭᠰᠠᠨ ᠡᠰᠡᠭᠦ ᠶᠢ ᠪᠠᠶᠢᠴᠠᠭᠠᠬᠤ ᠴᠦ ᠦᠭᠡᠢ᠃ ᠬᠡᠥᠬᠡᠳ ᠤᠨ ᠬᠢᠨᠢ ᠰᠤᠷᠤᠯᠭ᠎ᠠ ᠶᠢᠨ ᠬᠢᠷᠢ ᠲᠥᠪᠰᠢᠨ ᠬᠤᠪᠢᠷᠠᠯᠳᠠ ᠭᠠᠷᠪᠠᠯ ᠶᠠᠮᠠᠷ ᠰᠢᠯᠳᠠᠭᠠᠨ ᠠᠴᠠ ᠪᠤᠯᠤᠭᠰᠠᠨ ᠢ ᠤᠭᠲᠤᠬᠠᠨ ᠴᠦ ᠤᠶᠢᠯᠠᠭᠠᠬᠤ ᠦᠭᠡᠢ ᠪᠠᠶᠢᠳᠠᠭ᠃ ᠡᠨᠡᠬᠦ ᠪᠠᠶᠢᠳᠠᠯ ᠢ ᠳᠡᠪᠴᠢᠨ᠎ᠡ ᠭᠡᠪᠡᠯ ᠵᠠᠪᠠᠯ ᠭᠡᠷ ᠤᠨ ᠠᠬᠠᠮᠠᠳ ᠤᠨ ᠳᠡᠮᠵᠢᠯᠭᠡ ᠳᠤ ᠲᠥᠰᠢᠭᠯᠡᠨ᠎ᠡ᠃ ᠨᠢᠭᠡ ᠬᠡᠥᠬᠡᠳ ᠢ ᠬᠥᠮᠦᠨ ᠪᠤᠯᠭᠠᠵᠤ ᠬᠥᠮᠦᠵᠢᠭᠦᠯᠬᠦ ᠳᠤ ᠭᠠᠭᠴᠠ ᠪᠠᠭᠰᠢ᠂ ᠰᠤᠷᠭᠠᠭᠤᠯᠢ ᠳᠤ ᠲᠥᠰᠢᠭᠯᠡᠭᠡᠳ ᠪᠤᠯᠬᠤ ᠦᠭᠡᠢ᠂ ᠭᠡᠷ ᠤᠨ ᠠᠬᠠᠮᠠᠳ ᠤᠨ ᠦᠢᠯᠡᠳᠦᠯ ᠨᠥᠯᠦᠭᠡ ᠶᠠᠭᠠᠬᠢᠭᠰᠠᠨ ᠴᠦ ᠤᠮᠳᠤᠭᠠᠶᠢᠯᠠᠭᠳᠠᠵᠤ ᠪᠤᠯᠬᠤ ᠦᠭᠡᠢ ᠶᠤᠮ᠃ ᠮᠠᠨ ᠤ ᠰᠤᠷᠭᠠᠭᠤᠯᠢ ᠪᠠᠭᠰᠢ᠂ ᠭᠡᠷ ᠤᠨ ᠠᠬᠠᠮᠠᠳ᠂ ᠰᠤᠷᠤᠭᠴᠢ ᠬᠠᠮᠲᠤᠷᠠᠨ ᠤᠷᠤᠯᠴᠠᠭᠰᠠᠨ ᠰᠢᠯᠦᠭ ᠤᠨ ᠤᠷᠤᠯᠳᠤᠭᠠᠨ ᠶᠠᠪᠤᠭᠤᠯᠬᠤ ᠳᠤ᠂ ᠪᠠᠭᠰᠢ ᠢᠳᠡᠪᠬᠢᠯᠡᠨ ᠤᠷᠤᠯᠴᠠᠬᠤ ᠶᠢ ᠳᠠᠭᠠᠯᠳᠤᠨ ᠭᠡᠷ ᠤᠨ ᠠᠬᠠᠮᠠᠳ ᠴᠦ ᠬᠡᠥᠬᠡᠳ ᠢᠶᠠᠨ ᠳᠠᠭᠠᠭᠤᠯᠤᠨ ᠲᠤᠩ  ᠢᠳᠡᠪᠬᠢᠲᠡᠢ ᠤᠷᠤᠯᠴᠠᠵᠤ᠂ ᠭᠡᠷ ᠤᠨ ᠠᠬᠠᠮᠠᠳ ᠤᠨ ᠢᠳᠡᠪᠬᠢᠵᠢᠯ ᠢ ᠳᠠᠶᠢᠴᠢᠯᠠᠵᠤ ᠴᠢᠳᠠᠭᠰᠠᠨ ᠢᠶᠠᠷ ᠪᠠᠷᠠᠬᠤ ᠦᠭᠡᠢ᠂ ᠡᠨᠡᠬᠦ ᠤᠳᠠᠭᠠᠨ ᠤ ᠬᠥᠳᠡᠯᠭᠡᠭᠡᠨ ᠢᠶᠠᠷ ᠳᠠᠮᠵᠢᠨ ᠪᠠᠭᠰᠢ᠂ ᠭᠡᠷ ᠤᠨ ᠠᠬᠠᠮᠠᠳ ᠴᠦ ᠢᠯᠡᠭᠦᠦ ᠤᠶᠢᠯᠠᠭᠠᠯᠴᠠᠵᠤ᠂ ᠪᠠᠭᠰᠢ ᠭᠡᠷ ᠤᠨ ᠠᠬᠠᠮᠠᠳ ᠴᠦᠮ ᠬᠡᠥᠬᠡᠳ ᠲᠠᠢ ᠪᠠᠨ ᠨᠡᠩ ᠤᠶᠢᠷ᠎ᠠ ᠳᠤᠲᠤᠨᠤ ᠪᠤᠯᠤᠭᠰᠠᠨ ᠪᠠᠶᠢᠨ᠎ᠠ᠃      2. ᠭᠡᠷ ᠤᠨ ᠠᠬᠠᠮᠠᠳ ᠤᠨ ᠲᠥᠯᠦᠭᠡᠯᠡᠭᠴᠢᠳ ᠤᠨ ᠦᠢᠯᠡᠳᠦᠯ ᠢ ᠪᠠᠳᠠᠷᠠᠭᠤᠯᠤᠨ᠎ᠠ᠃      ᠨᠢᠭᠡ ᠠᠩᠬᠢ ᠳᠤ ᠭᠤᠷᠪᠠᠨ ᠭᠡᠷ ᠤᠨ ᠠᠬᠠᠮᠠᠳ ᠤᠨ ᠲᠥᠯᠦᠭᠡᠯᠡᠭᠴᠢ ᠪᠠᠶᠢᠳᠠᠬ᠃ ᠭᠡᠷ ᠤᠨ ᠠᠬᠠᠮᠠᠳ ᠬᠤᠭᠤᠷᠤᠨᠳᠤ ᠪᠠᠨ ᠰᠡᠳᠬᠢᠯ ᠰᠠᠨᠠᠭ᠎ᠠ ᠪᠠᠨ ᠨᠡᠪᠲᠡᠷᠡᠯᠴᠡᠬᠦ ᠳᠤ ᠨᠡᠩ ᠲᠥᠭᠦᠮ ᠪᠠᠶᠢᠳᠠᠭ ᠤᠨᠴᠠᠯᠢᠬ ᠢ ᠠᠰᠢᠭᠯᠠᠵᠤ᠂ ᠤᠷᠢᠳᠠᠪᠠᠷ ᠬᠡᠷ ᠤᠨ ᠠᠬᠠᠮᠠᠳ ᠤᠨ ᠲᠥᠯᠦᠭᠡᠯᠡᠭᠴᠢᠳ ᠢ ᠭᠦᠳᠡᠯᠭᠡᠵᠦ᠂ ᠲᠡᠳᠡᠨᠦᠰ ᠢᠶᠠᠷ ᠳᠠᠶᠢᠴᠢᠯᠠᠯᠲᠠ ᠶᠢᠨ ᠭᠦᠳᠠᠯᠭᠡᠭᠡᠨ ᠬᠢᠯᠭᠡᠵᠦ ᠪᠤᠯᠤᠨ᠎ᠠ᠃ ᠡᠨᠡ ᠨᠢ ᠠᠰᠢᠭᠳᠠᠢ ᠠᠷᠭ᠎ᠠ ᠪᠤᠯᠬᠤ ᠶᠤᠮ᠃      3. ᠲᠤᠭᠳᠠᠭᠰᠠᠨ ᠬᠤᠭᠤᠴᠠᠭ᠎ᠠ ᠲᠠᠢ ᠭᠡᠷ ᠤᠨ ᠠᠬᠠᠮᠠᠳ ᠤᠨ ᠬᠤᠷᠠᠯ ᠬᠢᠨ᠎ᠡ᠃      ᠭᠡᠷ ᠤᠨ ᠠᠬᠠᠮᠠᠳ ᠤᠨ ᠬᠤᠷᠠᠯ ᠢᠶᠠᠷ ᠳᠠᠮᠵᠢᠨ᠂ ᠭᠡᠷ ᠤᠨ ᠠᠬᠠᠮᠠᠳ ᠲᠤ ᠰᠤᠷᠤᠭᠴᠢ ᠪᠤᠯᠭᠠᠨ ᠤ ᠪᠤᠲᠠᠲᠠᠢ ᠪᠠᠶᠢᠳᠠᠯ ᠳᠤ ᠲᠤᠬᠢᠷᠠᠭᠤᠯᠤᠨ ᠬᠥᠮᠦᠵᠢᠭᠦᠯᠬᠦ ᠶᠢᠨ ᠴᠢᠬᠤᠯᠠ ᠴᠢᠨᠠᠷ ᠢ ᠮᠡᠳᠡᠭᠦᠯᠬᠦ ᠶᠢᠨ ᠬᠠᠮᠲᠤ ᠡᠩ ᠤᠨ ᠴᠠᠭ ᠲᠤ ᠬᠡᠥᠬᠡᠳ ᠲᠤ ᠪᠠᠨ ᠵᠤᠬᠢᠬᠤ ᠬᠡᠮᠵᠢᠶᠡᠨ ᠤ ᠲᠠᠷᠤᠯᠲᠠ ᠦᠭᠴᠦ ᠥᠪᠡᠷ ᠤᠨ ᠪᠤᠲᠠᠲᠠᠢ ᠪᠠᠶᠢᠳᠠᠯ ᠢᠶᠠᠨ ᠦᠵᠡᠵᠤ ᠪᠠᠶᠢᠭᠠᠳ ᠴᠢᠷᠮᠠᠶᠢᠬᠤ ᠬᠡᠷᠡᠭᠲᠡᠢ ᠭᠡᠵᠦ ᠵᠢᠯᠤᠭᠤᠳᠬᠤ ᠠᠴᠠ ᠪᠢᠰᠢ ᠬᠡᠮᠵᠢᠶᠡᠨ ᠠᠴᠠ ᠨᠢ ᠬᠡᠲᠤᠷᠡᠲᠡᠯ᠎ᠡ ᠳᠠᠷᠤᠯᠲᠠ ᠥᠭᠬᠦ ᠪᠤᠶᠤ ᠬᠡᠲᠤ ᠰᠤᠯᠠ ᠵᠠᠳᠠᠭᠠᠢ ᠪᠠᠶᠢᠬᠤ ᠶᠢᠨ ᠬᠤᠤᠷ ᠭᠦᠨᠦᠭᠡᠯ ᠪᠠ ᠬᠡᠥᠬᠡᠳ ᠤᠨ ᠰᠡᠳᠬᠢᠴᠡ ᠶᠢᠨ ᠳᠠᠯ᠎ᠠ ᠳᠤ ᠵᠥᠪ ᠵᠢᠯᠤᠭᠤᠳᠤᠯᠭ᠎ᠠ ᠬᠢᠬᠦ ᠲᠤᠬᠠᠢ ᠰᠠᠨᠠᠭᠤᠯᠤᠮᠵᠢ ᠥᠭᠭᠦᠨ᠎ᠡ᠃ ᠬᠡᠥᠬᠡᠳ ᠨᠤᠭᠤᠷᠠᠯ ᠪᠦᠳᠦᠷᠡᠯ ᠳᠤ ᠤᠴᠠᠷᠠᠬᠤ᠂ ᠠᠮᠵᠢᠯᠲᠠ ᠤᠯᠬᠤ ᠲᠡᠷᠡ ᠲᠠᠷᠤᠢ ᠳᠤ ᠨᠢ ᠰᠡᠳᠬᠢᠯ ᠢ ᠨᠢ ᠳᠠᠶᠢᠳᠬᠤᠷᠠᠭᠤᠯᠬᠤ ᠪᠤᠶᠤ ᠮᠠᠭᠲᠠᠨ ᠰᠠᠶᠢᠰᠢᠶᠠᠬᠤ ᠬᠡᠷᠡᠭᠲᠡᠢ᠃ ᠡᠮᠦᠨ᠎ᠡ ᠬᠤᠶᠠᠷ ᠡᠳᠦᠷ ᠮᠠᠨ ᠤ ᠠᠩᠬᠢ ᠳᠤ ᠪᠠᠨ ᠰᠢᠯᠦᠭ ᠤᠨ ᠤᠷᠤᠯᠳᠤᠭᠠᠨ ᠶᠠᠪᠤᠭᠤᠯᠤᠭᠰᠠᠨ ᠶᠤᠮ᠂ ᠤᠷᠤᠯᠳᠤᠭᠠᠨ ᠤ ᠳᠠᠷᠠᠭ᠎ᠠ ᠨᠢᠭᠡ ᠰᠤᠷᠤᠭᠴᠢ᠄ ︽ᠪᠠᠭᠰᠢ ᠡ᠂ ᠪᠢ ᠤᠩᠰᠢᠵᠤ ᠪᠠᠶᠢᠬᠤ ᠳᠤ ᠪᠠᠨ ᠬᠢᠳᠠᠳ ᠬᠡᠯᠡᠨ ᠤ ᠪᠠᠭᠰᠢ ᠦᠭᠡᠳᠡ ᠠᠴᠠ ᠢᠨᠢᠶᠡᠵᠦ ᠪᠠᠶᠢᠬᠤ ᠶᠢ ᠤᠯᠵᠤ ᠦᠵᠡᠭᠡᠳ ᠨᠡᠩ ᠰᠠᠶᠢᠨ ᠴᠢᠷᠮᠠᠶᠢᠵᠦ ᠤᠩᠰᠢᠭᠰᠠᠨ ᠰᠢᠤ︾ ᠭᠡᠪᠡ᠃ ᠡᠭᠦᠨ ᠠᠴᠠ ᠦᠵᠡᠪᠡᠯ ᠪᠠᠭᠰᠢ ᠶᠢᠨ ᠢᠨᠢᠶᠡᠳᠦ ᠬᠦᠷᠲᠡᠯ᠎ᠡ ᠰᠤᠷᠤᠭᠴᠢ ᠳᠤ ᠮᠠᠰᠢ ᠶᠡᠭᠡ ᠵᠤᠷᠢᠬᠵᠢᠭᠤᠯᠤᠯ ᠪᠤᠯᠳᠠᠭ ᠪᠠᠶᠢᠨ᠎ᠠ᠃      4. ᠭᠡᠷ ᠤᠨ ᠠᠬᠠᠮᠠᠳ ᠴᠦ ᠰᠤᠷᠤᠯᠴᠠᠬᠤ ᠴᠢᠬᠤᠯᠠᠲᠠᠢ ᠭᠡᠳᠡᠭ ᠢ ᠤᠶᠢᠯᠠᠭᠠᠭᠤᠯᠤᠨ᠎ᠠ᠃      ᠨᠡᠶᠢᠭᠡᠮ ᠤᠨ ᠨᠢᠰᠬᠦ ᠮᠡᠳᠦ ᠲᠥᠷᠭᠡᠨ ᠬᠥᠭᠵᠢᠯᠲᠡ ᠶᠢ ᠳᠠᠭᠠᠯᠳᠤᠨ ᠬᠦᠮᠦᠨ ᠪᠤᠯᠭᠠᠨ ᠥᠪᠡᠷ ᠢ ᠪᠠᠨ ᠴᠠᠭ ᠢᠮᠠᠭᠲᠠ ᠳᠡᠭᠡᠭᠰᠢᠯᠡᠬᠦᠯᠬᠦ ᠴᠢᠬᠤᠯᠠᠲᠠᠢ᠃ ᠤᠯᠠᠩᠬᠢ ᠭᠡᠷ ᠤᠨ ᠠᠬᠠᠮᠠᠳ ᠪᠢ ᠮᠡᠳᠡᠬᠦ ᠦᠭᠡᠢ ᠴᠢᠳᠠᠬᠤ ᠦᠭᠡᠢ ᠭᠡᠳ ᠤᠬᠤᠷᠢᠭᠠᠳ ᠯᠠ ᠪᠠᠶᠢᠨ᠎ᠠ᠂ ᠴᠢ ᠤᠬᠤᠷᠢᠪᠠᠯ ᠬᠡᠥᠬᠡᠳ ᠴᠢᠨᠢ ᠪᠠᠰᠠ ᠳᠠᠭᠠᠭᠠᠳ ᠤᠬᠤᠷᠢᠬᠤ ᠪᠤᠯᠤᠨ᠎ᠠ᠃ ᠴᠢᠳᠠᠬᠤ ᠦᠭᠡᠢ ᠮᠡᠳᠡᠬᠦ ᠦᠭᠡᠢ ᠪᠤᠯ ᠬᠡᠥᠬᠡᠳ ᠲᠠᠢ ᠪᠠᠨ ᠴᠤᠭ ᠢᠶᠠᠷ ᠰᠤᠷᠤᠯᠴᠠᠨ᠎ᠠ᠂ ᠳᠠᠭᠠᠭᠤᠯᠵᠤ ᠰᠤᠷᠤᠯᠴᠠᠨ᠎ᠠ᠃ ᠴᠢᠮ᠎ᠠ ᠶᠢ ᠳᠠᠭᠠᠭᠠᠳ ᠬᠡᠥᠬᠡᠳ ᠴᠢᠨᠢ ᠰᠤᠷᠬᠤ ᠤᠷᠮ᠎ᠠ᠂ ᠰᠤᠷᠬᠤ ᠵᠤᠷᠢᠭ ᠲᠠᠢ ᠪᠤᠯᠳᠠᠭ᠃      ᠬᠠᠶ᠋ᠢᠬ᠄ ᠤᠡᠭᠨᠢᠭᠤᠳ ᠬᠤᠰᠢᠭᠤᠨ ᠤ ᠭᠡᠷᠰᠡᠩ ᠭᠤᠤᠯ ᠪᠠᠭ᠎ᠠ ᠰᠤᠷᠭᠠᠭᠤᠯᠢ                              ︵ᠡᠾᠦ᠋ᠩ ᠮᠸᠢ ᠨᠠᠶᠢᠷᠠᠭᠤᠯᠪᠠ︶                                 2019 ᠣᠨ ᠤ 1 ᠳ᠋ᠦ᠋ᠭᠡᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map