ᠪᠢ ᠠᠩᠬ᠎ᠠ ᠡᠬᠢᠯᠡᠬᠦ ᠳᠤ ᠥᠬᠢᠨ ᠤ ᠪᠠᠨ ᠬᠥᠯ ᠪᠦᠮᠪᠦᠭᠡ ᠢᠰᠬᠦᠯᠬᠦ ᠶᠢ ᠡᠰᠡᠷᠬᠦᠴᠡᠵᠥ ᠪᠠᠶᠢᠭᠰᠠᠨ
ᠨᠡᠶᠢᠲᠡᠯᠡᠭᠰᠡᠨ ᠴᠠᠭ᠄
2019/1/8
               ◆  ᠣᠷᠳᠣᠰ ᠬᠤᠳᠠ ᠶᠢᠨ ᠳ᠋ᠦᠡᠭᠱᠧᠩ ᠲᠣᠭᠤᠷᠢᠭ ᠤᠨ ᠲᠣᠷᠰᠢᠯᠳᠠ ᠶᠢᠨ                       ᠪᠠᠭ᠎ᠠ  ᠰᠣᠷᠭᠠᠭᠤᠯᠢ ᠶᠢᠨ ᠵᠢᠷᠭᠤᠳᠣᠭᠠᠷ ᠣᠨ ᠤ ᠭᠤᠷᠪᠠᠳᠣᠭᠠᠷ                       ᠠᠩᠭᠢ ᠶᠢᠨ ᠴᠢᠥ ᠱᠦ ᠰᠢᠶᠠᠨ ᠤ ᠭᠡᠷ ᠤᠨ ᠠᠬᠠᠮᠠᠳ      ᠪᠢ ᠥᠡᠭᠭᠡᠷᠡᠭᠰᠡᠨ ᠳᠤ ᠮᠥᠨ ᠴᠦ ᠨᠢᠭᠡ ᠲᠠᠮᠢᠷ ᠤᠨ ᠲᠣᠷ᠎ᠠ ᠪᠠᠭ᠋ᠠᠳᠠᠨ ᠪᠠᠶᠢᠵᠠᠢ᠃ ᠭᠡᠳᠡᠯ᠎ᠡ ᠮᠢᠨᠤ ᠬᠡᠥᠭᠡᠨ ᠰᠣᠷᠭᠠᠭᠤᠯᠢ ᠶᠢᠨ ᠬᠥᠯ ᠪᠦᠮᠪᠦᠭᠡᠨ ᠤ ᠬᠥᠳᠡᠯᠭᠡᠭᠡᠨ ᠳᠤ ᠣᠷᠣᠯᠴᠠᠬᠤ ᠪᠠᠷ ᠱᠠᠭᠠᠷᠳᠠᠬᠤ ᠥᠶᠡᠰ᠂ ᠪᠢ ᠬᠠᠷᠢᠨ ᠡᠷᠡᠰ ᠡᠰᠡᠷᠬᠦᠴᠡᠪᠡ᠃ ᠶᠠᠭᠠᠬᠢᠭᠠᠳ ᠭᠡᠪᠡᠯ︖ ᠨᠢᠭᠡ ᠳᠤ᠂ ᠮᠠᠨ ᠤ ᠭᠡᠷ ᠤᠨ ᠬᠡᠦᠬᠡᠳ ᠪᠣᠯ ᠥᠬᠢᠨ ᠬᠦᠮᠦᠨ ᠪᠣᠯᠬᠤᠷ᠂ ᠲᠡᠬᠦᠨ ᠤ ᠲᠠᠭᠤᠣ ᠪᠥᠵᠢᠭ ᠤᠨ ᠲᠠᠯ᠎ᠠ ᠪᠠᠷ ᠲᠣᠷ᠎ᠠ ᠰᠣᠨᠢᠷᠬᠠᠯ ᠲᠠᠢ ᠪᠠᠶᠢᠬᠤ ᠶᠢ ᠬᠥᠰᠡᠵᠥ᠂ ᠢᠡᠭᠭᠢᠪᠡᠯ ᠰᠠᠶ᠋ᠢ ᠬᠡᠥᠭᠡᠨ ᠬᠥᠮᠥᠨ ᠤ ᠲᠠᠷᠣᠣ ᠨᠣᠮᠤᠬᠠᠨ ᠵᠠᠩ ᠠᠭᠠᠯᠢ ᠲᠠᠢ ᠵᠣᠬᠢᠴᠠᠳᠠᠭ ᠭᠡᠵᠦ ᠦᠵᠡᠵᠦ ᠪᠠᠶᠢᠵᠠᠢ᠃ ᠬᠤᠶᠠᠷ ᠲᠤ᠂ ᠣᠴᠢᠷ ᠨᠢ ᠪᠢ ᠦᠪᠡᠷᠳᠡᠭᠡᠨ ᠪᠣᠯ ᠨᠢᠭᠡ ᠲᠠᠮᠢᠷᠴᠢᠨ᠂ ᠮᠢᠨᠤ ᠦᠵᠡᠬᠦ ᠪᠠᠷ ᠲᠠᠮᠢᠷ ᠤᠨ ᠪᠣᠯᠪᠠᠰᠣᠷᠠᠯ ᠲᠣᠮᠳᠠ᠂ ᠰᠣᠷᠭᠠᠭᠤᠯᠢ ᠵᠥᠪᠬᠡᠨ ᠮᠥᠷᠦ᠋ᠢᠴᠡᠭᠡᠨ ᠤ ᠬᠢᠷᠢ ᠪᠥᠳᠥᠮᠵᠢ ᠶᠢ ᠴᠢᠩᠭ᠎ᠠ ᠠᠳᠬᠤᠵᠣ᠂ ᠬᠠᠷᠢᠨ ᠰᠣᠶᠣᠯ ᠤᠨ ᠬᠢᠷᠢ ᠪᠥᠳᠥᠮᠵᠢ ᠶᠢ ᠣᠮᠳᠣᠭᠠᠢᠢᠯᠠᠳᠠᠭ᠃ ᠭᠤᠳᠠᠭᠠᠷ ᠲᠤ᠂  ᠬᠡᠥᠭᠡᠳ ᠬᠥᠯ ᠪᠦᠮᠪᠦᠭᠡ ᠰᠣᠷᠣᠯᠴᠠᠭᠰᠠᠨ ᠤ ᠰᠡᠭᠦᠯᠡᠷ ᠠᠮᠣᠷ ᠲᠥᠪᠰᠢᠨ ᠤ ᠠᠰᠠᠭᠤᠳᠠᠯ ᠭᠠᠷᠬᠤ ᠠᠴᠠ ᠰᠠᠨᠠᠭ᠎ᠠ ᠵᠣᠪᠠᠭᠰᠠᠨ ᠪᠦᠭᠡᠳ ᠮᠥᠨ ᠴᠦ ᠬᠡᠷᠪᠡ ᠬᠤᠵᠢᠮ ᠳᠤ ᠪᠠᠨ ᠰᠣᠷᠭᠠᠭᠤᠯᠢ ᠶᠢᠨ ᠴᠢᠬᠤᠯᠠᠴᠢᠯᠠᠭ᠎ᠠ ᠶᠢ ᠬᠥᠷᠳᠡᠬᠦ ᠥᠭᠡᠢ ᠪᠣᠯ ᠲᠣᠮᠳᠠ ᠠᠴᠠ ᠨᠢ ᠬᠠᠶᠠᠬᠤ ᠤᠴᠢᠷ ᠪᠣᠯᠬᠤ ᠠᠴᠠ ᠡᠷᠬᠡᠯᠵᠡᠵᠡᠢ᠃ ᠲᠡᠭᠡᠷᠡᠬᠢ ᠬᠡᠳᠦᠨ ᠰᠢᠯᠳᠠᠭᠠᠨ ᠠᠴᠠ ᠪᠣᠯᠵᠣ᠂ ᠪᠢ ᠬᠡᠥᠭᠡᠨ ᠤ ᠪᠠᠨ ᠬᠥᠯ ᠪᠦᠮᠪᠦᠭᠡ ᠰᠣᠷᠣᠯᠴᠠᠬᠤ ᠱᠠᠭᠠᠷᠳᠠᠯᠭ᠎ᠠ ᠶᠢ ᠲᠠᠲᠠᠭᠠᠯᠵᠠᠭᠰᠠᠨ ᠪᠠᠶᠢᠨ᠎ᠠ᠃      ᠭᠡᠪᠡᠴᠦ ᠰᠡᠬᠦᠯ ᠳᠤ ᠨᠢ ᠪᠢ ᠬᠠᠷᠢᠨ ᠰᠠᠨᠠᠭ᠎ᠠ ᠪᠤᠳᠤᠯ ᠪᠠᠨ ᠥᠭᠡᠷᠡᠴᠢᠯᠡᠭᠰᠡᠨ ᠪᠠᠶᠢᠨ᠎ᠠ᠄ ᠡ᠊ᠨᠡ ᠨᠢ ᠬᠡᠥᠭᠡᠨ ᠤ ᠬᠥᠯ ᠪᠦᠮᠪᠦᠭᠡᠨ ᠤ ᠲᠣᠷ᠎ᠠ ᠪᠠᠬ᠎ᠠ ᠪᠣᠯᠣᠨ ᠪᠠᠭᠰᠢ ᠶᠢᠨ ᠬᠠᠯᠠᠭᠤᠨ ᠬᠠᠯᠠᠮᠵᠢᠯᠠᠭ᠎ᠠ᠂ ᠨᠡᠩ ᠢᠯᠠᠩᠭᠤᠶ᠎ᠠ ᠣᠯᠣᠰ ᠭᠡᠷ ᠤᠨ ᠰᠣᠷᠣᠭᠴᠢ ᠶᠢᠨ ᠲᠠᠮᠢᠷ ᠤᠨ ᠲᠣᠬᠠᠢ ᠴᠢᠬᠤᠯᠠᠴᠢᠯᠠᠭ᠎ᠠ ︵ᠶᠡᠭᠡ ᠪᠡᠯᠡ ᠮᠥᠡᠭᠭᠦ ᠣᠷᠣᠭᠤᠯᠵᠣ᠂ ᠨᠥᠬᠦᠴᠡᠯ ᠰᠠᠶᠢᠨ ᠬᠥᠯ ᠪᠦᠮᠪᠦᠭᠡᠨ ᠤ ᠲᠠᠯᠠᠪᠣᠷ ᠢ ᠪᠦᠳᠦᠭᠡᠨ ᠪᠠᠶᠢᠭᠤᠯᠵᠣ᠂ ᠰᠣᠷᠣᠭᠴᠢᠳ ᠲᠤ ᠲᠣᠩ ᠰᠠᠶᠢᠨ ᠬᠥᠯ ᠪᠦᠮᠪᠦᠭᠡᠨ ᠤ ᠲᠠᠯᠠᠪᠣᠷ ᠪᠠᠶᠢᠭᠤᠯᠵᠣ᠂ ᠲᠣᠩ ᠰᠠᠶᠢᠨ ᠪᠣᠯᠪᠠᠰᠣᠷᠠᠯ ᠤᠨ ᠨᠥᠬᠦᠴᠡᠯ ᠢ ᠪᠥᠷᠢᠯᠳᠥᠬᠦᠯᠵᠥ ᠥᠭᠴᠡᠢ︶ ᠠᠴᠠ ᠰᠢᠯᠳᠠᠭᠠᠯᠠᠭᠳᠠᠨ᠎ᠠ᠃ ᠡᠬᠦᠨ ᠤ ᠲᠠᠭᠠᠣ᠂ ᠰᠣᠷᠭᠠᠭᠤᠯᠢ ᠠᠴᠠ ᠡᠷᠬᠢᠯᠡᠨ ᠶᠠᠪᠣᠭᠳᠠᠭᠤᠯᠵᠣ ᠪᠠᠶᠢᠭ᠎ᠠ ᠰᠣᠷᠭᠠᠭᠤᠯᠢ ᠶᠢᠨ ᠬᠥᠯ ᠪᠦᠮᠪᠦᠭᠡᠨ ᠤ ᠠᠵᠢᠯᠯᠠᠭᠠᠨ ᠨᠢ᠂ ᠬᠡᠥᠭᠡᠳ ᠥᠶ᠎ᠡ ᠠᠴᠠ ᠨᠢ ᠠᠳᠬᠤᠵᠣ᠂ ᠪᠠᠭ᠎ᠠ ᠰᠣᠷᠭᠠᠭᠤᠯᠢ ᠠᠴᠠ ᠠᠩᠬ᠎ᠠ ᠲᠣᠮᠳᠠᠳᠣ᠂ ᠲᠡᠭᠡᠳᠦ ᠲᠣᠮᠳᠠᠳᠣ᠂ ᠶᠡᠭᠡ ᠰᠣᠷᠭᠠᠭᠤᠯᠢ ᠬᠥᠷᠳᠡᠯᠡᠬᠢ ᠰᠣᠷᠭᠠᠭᠤᠯᠢ ᠶᠢᠨ ᠬᠦᠷᠢᠶᠡᠨ ᠤ ᠬᠥᠯ ᠪᠦᠮᠪᠦᠭᠡᠨ ᠤ ᠬᠤᠯᠪᠤᠭᠠᠳᠣ ᠣᠷᠣᠯᠳᠣᠭᠠᠨ ᠢ ᠥᠨᠡᠨ ᠬᠦ ᠪᠠᠶᠢᠭᠤᠯᠵᠣ᠂ ᠡᠬᠦᠨ ᠤ ᠲᠣᠮᠳᠠ ᠠᠴᠠ ᠬᠥᠯ ᠪᠦᠮᠪᠦᠭᠡᠨ ᠳᠤ ᠪᠠᠨ ᠠᠪᠢᠶᠠᠰ ᠲᠠᠢ ᠬᠡᠥᠭᠡᠳ ᠢ ᠢᠯᠡᠷᠡᠬᠦᠯᠥᠨ᠂ ᠲᠣᠮᠳᠠᠳᠣ ᠣᠯᠣᠰ ᠤᠨ ᠬᠥᠯ ᠪᠦᠮᠪᠦᠭᠡᠨ ᠤ ᠪᠡᠯᠡᠳᠭᠡᠯ ᠴᠢᠳᠠᠪᠣᠷᠢᠳᠠᠨ ᠢ ᠨᠥᠬᠡᠴᠡᠯᠡᠬᠦ ᠶᠢᠨ ᠲᠥᠯᠥᠭᠡ ᠭᠡᠰᠡᠨ ᠢ ᠣᠢᠢᠯᠠᠭᠠᠵᠣ ᠣᠬᠠᠭᠠᠷᠠᠵᠠᠢ᠃ ᠰᠣᠷᠭᠠᠭᠤᠯᠢ ᠨᠢ ᠪᠠᠰᠠ ᠡᠪᠦᠯ ᠵᠣᠨ ᠤ ᠠᠮᠠᠷᠠᠯᠳᠠ ᠶᠢᠨ ᠬᠤᠭᠤᠴᠠᠭᠠᠨ ᠳᠤ ᠬᠥᠯ ᠪᠦᠮᠪᠦᠭᠡᠨ ᠤ ᠡᠪᠣᠯ ᠵᠣᠨ ᠤ ᠵᠣᠰᠠᠯᠠᠩ ᠢ ᠵᠣᠬᠢᠶᠠᠨ ᠪᠠᠶᠢᠭᠤᠯᠵᠣ᠂ ᠰᠣᠷᠭᠠᠭᠤᠯᠢ ᠶᠢᠨ ᠬᠦᠷᠢᠶᠡᠨ ᠤ ᠬᠥᠯ ᠪᠦᠮᠪᠦᠭᠡᠨ ᠤ ᠬᠤᠯᠪᠣᠭᠠᠳᠣ ᠣᠷᠣᠯᠳᠣᠭᠠᠨ ᠳᠤ ᠬᠢᠷᠢ ᠪᠥᠳᠥᠮᠵᠢ ᠨᠢ ᠰᠠᠶᠢᠨ ᠬᠡᠥᠭᠡᠳ ᠤᠳ ᠲᠤ ᠬᠠᠷᠢᠯᠴᠠᠨ ᠰᠣᠷᠣᠯᠴᠠᠬᠤ ᠪᠠ ᠰᠣᠯᠢᠯᠴᠠᠬᠤ ᠵᠠᠪᠰᠢᠶᠠᠨ ᠲᠣᠬᠢᠶᠠᠯ ᠣᠯᠭᠤᠵᠣ᠂ ᠣᠳᠠᠭ᠎ᠠ ᠪᠣᠯᠭᠠᠨ ᠬᠡᠥᠭᠡᠳ ᠰᠤᠷᠭᠠᠭᠤᠯᠢ ᠲᠠᠷᠬᠠᠵᠤ ᠬᠠᠷᠢᠵᠤ ᠢᠷᠡᠭᠡᠳ ᠰᠣᠷᠭᠠᠭᠤᠯᠢ ᠶᠢᠨ ᠣᠯᠠᠨ ᠶᠠᠩᠵᠣ ᠶᠢᠨ ᠲᠠᠮᠢᠷ ᠤᠨ ᠬᠥᠳᠡᠯᠭᠡᠭᠡᠨ ᠪᠠ ᠬᠥᠯ ᠪᠦᠮᠪᠦᠭᠡᠨ ᠣᠷᠣᠯᠳᠣᠭᠠᠨ ᠤ ᠪᠠᠶᠢᠳᠠᠯ ᠢ  ᠶᠠᠷᠢᠵᠤ ᠦᠭᠬᠦ ᠳᠤ ᠪᠢᠳᠡ ᠪᠠᠰᠠ ᠰᠡᠳᠬᠢᠯ ᠪᠠᠶᠠᠷᠯᠠᠭᠤᠰᠢᠳᠠᠢ ᠪᠠᠶᠢᠳᠠᠭ᠃      ᠬᠡᠥᠭᠡᠳ ᠤᠳ ᠡᠶᠢᠮᠥ ᠰᠠᠶᠢᠨ ᠰᠣᠷᠭᠠᠯ ᠪᠣᠯᠪᠠᠰᠣᠷᠠᠯ ᠬᠥᠷᠳᠡᠭᠰᠡᠨ ᠠᠴᠠ ᠪᠢ ᠦᠪᠡᠷ ᠤᠨ ᠰᠠᠨᠠᠭ᠎ᠠ ᠪᠠᠨ ᠠᠷᠭ᠎ᠠ ᠥᠭᠡᠢ ᠥᠭᠡᠷᠡᠴᠢᠯᠡᠵᠥ᠂ ᠬᠡᠥᠭᠡᠨ ᠤ ᠪᠠᠨ ᠬᠥᠯ ᠪᠦᠮᠪᠦᠭᠡᠨ ᠤ ᠪᠣᠯᠪᠠᠰᠣᠷᠠᠯ ᠳᠤ ᠣᠷᠣᠯᠴᠠᠬᠤ ᠶᠢ ᠲᠡᠮᠵᠢᠪᠡ᠃ ᠣᠳᠠᠭ᠎ᠠ ᠪᠣᠯᠭᠠᠨ ᠪᠢ ᠰᠣᠷᠭᠠᠭᠤᠯᠢ ᠳᠤ ᠣᠴᠢᠵᠣ ᠬᠡᠥᠭᠡᠳ ᠤᠳ ᠤᠨ ᠪᠣᠯᠪᠠᠰᠣᠷᠠᠯ ᠪᠣᠯᠣᠨ ᠣᠷᠣᠯᠳᠣᠭᠠᠨ ᠢ ᠦᠵᠡᠬᠦ ᠳᠤ᠂ ᠲᠠᠮᠢᠷ ᠤᠨ ᠪᠠᠭᠰᠢ ᠶᠢᠨ ᠨᠠᠷᠢᠨ ᠬᠢᠨᠠᠮᠠᠭᠠᠢ ᠮᠥᠷᠳᠡᠭᠡᠨ ᠠᠮᠢᠳᠣᠯᠢᠭ ᠣᠯᠠᠨ ᠶᠠᠩᠵᠣ ᠶᠢᠨ ᠪᠣᠯᠪᠠᠰᠣᠷᠠᠯ ᠤᠨ ᠬᠡᠯᠪᠡᠷᠢ ᠮᠠᠶ᠋ᠢᠭ ᠢ ᠣᠯᠵᠣ ᠬᠠᠷᠠᠨ᠂ ᠮᠠᠨ ᠤ ᠲᠣᠮᠳᠠᠳᠣ ᠣᠯᠣᠰ ᠤᠨ ᠬᠥᠯ ᠪᠦᠮᠪᠦᠭᠡᠨ ᠤ ᠢᠷᠡᠭᠡᠳᠥᠢ ᠳᠤ ᠢᠳᠡᠭᠡᠯ ᠵᠣᠷᠢᠭ ᠲᠠᠢ ᠪᠣᠯᠳᠠᠭ ᠪᠠᠶᠢᠨ᠎ᠠ᠃ ᠬᠡᠳᠦᠨ ᠵᠢᠯ ᠤᠨ ᠣᠷᠣᠯᠳᠣᠭᠠᠨ ᠢᠶᠠᠷ ᠲᠠᠮᠵᠢᠨ᠂ ᠬᠠᠳᠠᠭᠤ ᠴᠢᠩᠭ᠎ᠠ ᠱᠠᠭᠠᠷᠳᠠᠯᠭ᠎ᠠ ᠰᠢᠷᠭᠠᠭᠤ ᠬᠠᠳᠠᠭᠤᠵᠢᠯᠳᠠᠢ ᠪᠣᠯᠪᠠᠰᠣᠷᠠᠯ ᠢ ᠥᠡᠭᠭᠡᠷᠡᠭᠦᠯᠥᠭᠰᠡᠨ ᠠᠴᠠ ᠬᠡᠥᠭᠡᠳ ᠤᠳ ᠢᠲᠡᠭᠡᠯ ᠵᠣᠷᠢᠭ ᠲᠠᠢ ᠪᠣᠯᠵᠤ ᠠᠶᠣᠵᠣ ᠰᠥᠷᠳᠡᠬᠦ ᠥᠭᠡᠢ ᠪᠣᠯᠣᠭᠰᠠᠨ ᠪᠠᠶᠢᠨ᠎ᠠ᠃ ᠲᠡᠳᠡ ᠪᠣᠯᠪᠠᠰᠣᠷᠠᠯ ᠤᠨ ᠲᠡᠯᠠᠪᠣᠷ ᠲᠡᠭᠡᠷ᠎ᠡ ᠠᠴᠠ ᠡᠷᠡᠰ ᠬᠠᠳᠠᠭᠤ ᠲᠡᠰᠪᠥᠷᠢᠯᠡᠬᠦ᠂ ᠨᠣᠭᠤᠷᠠᠯ ᠪᠥᠳᠥᠷᠢᠯ ᠪᠠ ᠢᠯᠠᠭᠳᠠᠯ ᠳᠤ ᠵᠥᠪ ᠢᠶᠠᠷ ᠬᠠᠨᠳᠣᠬᠤ᠂ ᠦᠪᠡᠷ ᠤᠨ ᠪᠡᠶ᠎ᠡ ᠰᠡᠳᠬᠢᠴᠡ ᠶᠢᠨ ᠪᠠᠶᠢᠳᠠᠯ ᠪᠣᠯᠣᠨ ᠲᠡᠮᠡᠴᠡᠭᠡᠨ ᠤ ᠪᠠᠶᠢᠳᠠᠯ ᠢ ᠴᠠᠭ ᠲᠣᠬᠠᠢ ᠳᠤᠨᠢ ᠵᠣᠬᠢᠴᠠᠭᠤᠯᠬᠤ᠂ ᠬᠠᠨᠢ ᠨᠥᠬᠦᠳ ᠢᠶᠠᠨ ᠬᠠᠷᠠᠭᠠᠯᠵᠠᠬᠤ ᠶᠢᠨ ᠲᠠᠭᠠᠣ ᠨᠢᠬᠳᠠ ᠬᠠᠮᠳᠣᠷᠠᠯᠴᠠᠨ ᠪᠥᠯᠬᠦᠮᠳᠡᠬᠦ᠂ ᠡᠰᠡᠷᠬᠦ ᠡᠳᠡᠭᠡᠳ ᠢᠶᠠᠨ ᠬᠥᠳᠥᠯᠵᠥ᠂ ᠡᠷᠬᠡ ᠲᠡᠭᠰᠢ ᠲᠡᠮᠡᠴᠡᠬᠦ ᠵᠣᠷᠢᠭ ᠰᠠᠨᠠᠭ᠎ᠠ ᠶᠢ ᠣᠯᠵᠣ ᠰᠣᠷᠣᠯᠴᠠᠭᠰᠠᠨ ᠪᠠᠶᠢᠨ᠎ᠠ᠃ ᠬᠡᠥᠭᠡᠳ ᠤᠨ ᠲᠣᠷᠠᠳᠠᠢ ᠬᠥᠯ ᠪᠦᠮᠪᠦᠭᠡᠨ ᠤ ᠬᠥᠳᠡᠯᠭᠡᠭᠡᠨ ᠲᠣᠮᠳᠠ ᠠᠴᠠ ᠲᠡᠳᠡ ᠨᠠᠷ ᠠᠴᠠ ᠥᠡᠭᠭᠡᠷᠡᠭᠰᠡᠨ ᠳᠤ ᠪᠠᠶᠢᠳᠠᠭ ᠥᠭᠡᠢ ᠢᠳᠡᠭᠡᠯ ᠵᠣᠷᠢᠭ ᠢ ᠣᠯᠵᠣ ᠬᠠᠷᠠᠭᠰᠠᠨ ᠪᠠᠶᠢᠨ᠎ᠠ᠃ ᠡᠬᠦᠨ ᠳᠤ ᠭᠡᠷ ᠤᠨ ᠠᠬᠠᠮᠠᠳ ᠪᠣᠯᠣᠭᠰᠠᠨ ᠤ ᠬᠤᠪᠢ ᠳᠤ ᠴᠢᠩ ᠦᠨᠡᠨ ᠰᠡᠳᠬᠢᠯ ᠠᠴᠠ ᠪᠠᠨ ᠪᠡᠶᠠᠷᠯᠠᠵᠣ ᠪᠠᠶᠢᠨ᠎ᠠ᠃      ᠬᠡᠥᠭᠡᠳ ᠤᠳ ᠬᠥᠯ ᠪᠦᠮᠪᠦᠭᠡᠨ ᠠᠴᠠ ᠬᠢᠴᠢᠶᠡᠯ ᠲᠡᠭᠡᠷ᠎ᠡ ᠣᠯᠵᠣ ᠰᠣᠷᠬᠤ ᠥᠭᠡᠢ ᠣᠯᠠᠨ ᠵᠥᠢᠯ ᠤᠨ ᠮᠡᠳᠡᠯᠭᠡ ᠰᠣᠷᠣᠯᠴᠠᠵᠣ᠂ ᠰᠢᠷᠭᠠᠭᠤ ᠬᠠᠳᠠᠭᠤᠵᠢᠯᠳᠠᠢ ᠪᠣᠯᠪᠠᠰᠣᠷᠠᠯ ᠪᠣᠯᠣᠨ ᠴᠢᠩᠭ᠎ᠠ ᠰᠢᠷᠥᠬᠦᠨ ᠣᠷᠣᠯᠳᠣᠭᠠᠨ ᠠᠴᠠ ᠬᠤᠵᠢᠮ ᠤᠨ ᠠᠮᠢᠳᠣᠷᠠᠯ ᠲᠣᠮᠳᠠᠬᠢ ᠡᠷᠬᠢᠮ ᠨᠠᠨᠳᠢᠨ ᠥᠪ ᠬᠥᠷᠥᠩᠭᠡ ᠶᠢ ᠬᠤᠷᠠᠮᠳᠣᠭᠤᠯᠵᠣ ᠴᠢᠳᠠᠭᠰᠠᠨ ᠪᠠᠶᠢᠨ᠎ᠠ᠃      ᠰᠣᠷᠭᠠᠭᠤᠯᠢ ᠨᠢ ᠰᠣᠷᠣᠭᠴᠢ ᠶᠢᠨ ᠪᠡᠶ᠎ᠡ ᠶᠢᠨ ᠲᠠᠮᠢᠷ ᠤᠨ ᠴᠢᠳᠠᠪᠣᠷᠢ ᠶᠢ ᠬᠥᠮᠥᠵᠢᠬᠦᠯᠬᠦ ᠶᠠᠪᠣᠴᠠ ᠲᠣᠮᠳᠠ ᠪᠡᠶ᠎ᠡ ᠮᠠᠬᠠᠪᠣᠳ ᠤᠨ ᠥᠰᠥᠨ ᠪᠤᠶᠢᠵᠢᠯᠳᠠ ᠪᠣᠯᠣᠨ ᠣᠶᠣᠨ ᠤ ᠬᠥᠭᠵᠢᠯᠳᠡ ᠶᠢ ᠠᠬᠢᠭᠤᠯᠵᠣ ᠬᠥᠳᠡᠯᠭᠡᠭᠡᠨ ᠤ ᠠᠭᠤᠯᠭ᠎ᠠ ᠪᠣᠯᠣᠨ ᠬᠡᠯᠪᠡᠷᠢ ᠮᠠᠶ᠋ᠢᠭ ᠢ ᠠᠰᠢᠭᠯᠠᠵᠣ᠂ ᠰᠣᠷᠣᠭᠴᠢᠳ ᠲᠤ ᠰᠡᠳᠬᠢᠯᠭᠡ ᠪᠠᠨ ᠰᠣᠯᠢᠯᠴᠠᠬᠤ ᠪᠠᠶᠢᠳᠠᠯ ᠲᠣᠮᠳᠠ ᠪᠠᠶᠢᠯᠭᠠᠵᠣ᠂ ᠬᠥᠯ ᠪᠦᠮᠪᠦᠭᠡᠨ ᠤ ᠪᠠᠶᠠᠷ ᠴᠡᠩᠭᠡᠯ ᠢ ᠡᠳ᠋ᠯᠡᠬᠦᠯᠵᠥ᠂ ᠰᠣᠷᠣᠭᠴᠢ ᠪᠣᠯᠭᠠᠨ ᠤ ᠪᠡᠶ᠎ᠡ ᠶᠢᠨ ᠲᠠᠮᠢᠷ ᠤᠨ ᠲᠣᠷ᠎ᠠ ᠰᠣᠨᠢᠷᠬᠠᠯ ᠢ ᠬᠥᠭᠵᠢᠭᠡᠨ᠂ ᠪᠡᠶ᠎ᠡ ᠶᠢᠨ ᠲᠠᠮᠢᠷ ᠢ ᠡᠷᠬᠢᠮᠨᠡᠬᠦ᠂ ᠪᠡᠶ᠎ᠡ ᠶᠢᠨ ᠲᠠᠮᠢᠷ ᠤᠨ ᠬᠥᠳᠡᠯᠭᠡᠭᠡᠨ ᠳᠤ ᠬᠠᠶᠢᠷᠠᠳᠠᠢ ᠪᠠᠶᠢᠬᠤ ᠰᠠᠶᠢᠨ ᠰᠠᠶᠢᠬᠠᠨ ᠵᠠᠩ ᠲᠠᠳᠬᠠᠯ ᠢ ᠬᠥᠮᠥᠵᠢᠬᠦᠯᠵᠥ᠂ ᠡᠷᠡᠬᠦᠯ ᠴᠢᠬᠢᠷᠠᠭ ᠪᠡᠶ᠎ᠡ ᠮᠠᠬᠠᠪᠣᠳ ᠢ ᠲᠠᠪᠳᠠᠨ ᠪᠣᠯᠪᠠᠰᠣᠷᠠᠭᠤᠯᠬᠤ ᠰᠢᠨᠵᠢᠯᠡᠬᠦ ᠣᠬᠠᠭᠠᠨᠴᠢ ᠰᠣᠶᠣᠯ ᠮᠡᠳᠡᠯᠭᠡ ᠶᠢ ᠰᠣᠷᠣᠯᠴᠠᠬᠤ ᠳᠤ ᠰᠠᠶᠢᠨ ᠰᠠᠶᠢᠬᠠᠨ ᠰᠠᠭᠤᠷᠢ ᠲᠠᠯᠪᠢᠭᠰᠠᠨ ᠪᠠᠶᠢᠨ᠎ᠠ᠃ ᠡ᠊ᠨᠡ ᠬᠦ ᠶᠠᠭ ᠥᠰᠦᠨ ᠪᠤᠶᠢᠵᠢᠵᠣ ᠪᠠᠶᠢᠭ᠎ᠠ ᠬᠥᠯ ᠪᠦᠮᠪᠦᠭᠡᠨ ᠤ ᠠᠩᠭᠢ ᠨᠢ ᠬᠥᠰᠡᠯ ᠡᠷᠡᠮᠡᠯᠵᠡᠯ ᠢᠶᠠᠷ ᠪᠢᠯᠬᠠᠵᠣ᠂ ᠠᠩᠭᠢ ᠶᠢᠨ ᠬᠡᠰᠢᠬᠦᠳ ᠤᠨ ᠪᠡᠶ᠎ᠡ ᠲᠡᠭᠡᠷ᠎ᠡ ᠠᠴᠠ ᠭᠠᠶᠢᠬᠠᠮᠰᠢᠭ ᠭᠠᠷᠬᠤ ᠶᠢ ᠢᠳᠡᠭᠡᠬᠦ ᠥᠭᠡᠢ ᠪᠠᠶᠢᠬᠤ ᠶᠢᠨ ᠠᠷᠭ᠎ᠠ ᠥᠭᠡᠢ ᠶᠣᠮ᠃      ᠬᠡᠥᠭᠡᠳ ᠤᠨ ᠲᠥᠯᠥᠭᠡ᠂ ᠬᠡᠥᠭᠡᠳ ᠤᠨ ᠰᠡᠳᠬᠢᠯ ᠳᠠᠬᠢ ᠰᠠᠶᠢᠨ ᠰᠠᠶᠢᠬᠠᠨ ᠬᠥᠯ ᠪᠦᠮᠪᠦᠭᠡᠨ ᠤ ᠬᠥᠰᠡᠯ ᠡᠷᠡᠮᠡᠯᠵᠡᠯ ᠤᠨ ᠲᠥᠯᠥᠭᠡ ᠴᠢᠷᠮᠠᠶᠢᠶ᠎ᠠ︕
 
ᠢᠷᠡᠯᠲᠡ᠄ ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠤᠷᠭᠠᠨ ᠬᠦᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map