ᠮᠢᠨᠤ ︽ᠮᠣᠩᠭᠤᠯ ᠲᠣᠮᠳᠠᠳᠣ ᠰᠣᠷᠭᠠᠭᠤᠯᠢ ᠶᠢᠨ ᠠᠩᠭᠢ︾
ᠨᠡᠶᠢᠲᠡᠯᠡᠭᠰᠡᠨ ᠴᠠᠭ᠄
2019/1/8
                  ◆ ᠣᠯᠠᠭᠠᠨᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ                          ᠳ᠋ᠠᠪᠠᠨ ᠮᠣᠩᠭᠤᠯ ᠲᠣᠮᠳᠠᠳᠣ ᠰᠣᠷᠭᠠᠭᠤᠯᠢ   ᠣᠷᠢᠬᠠᠨ      ᠦᠡᠭᠭᠡᠷᠡᠭᠰᠡᠨ ᠳᠤ ᠥᠪᠥᠷ ᠮᠣᠩᠭᠤᠯ ᠤᠨ ᠦᠷᠭᠡᠨ ᠠᠭᠤᠳᠠᠮ ᠲᠠᠯ᠎ᠠ ᠨᠣᠳᠤᠭ ᠲᠡᠭᠡᠷ᠎ᠡ ᠬᠥᠮᠥᠰ ᠬᠥᠯ ᠪᠦᠮᠪᠦᠭᠡ ᠶᠢ ᠲᠣᠷᠠᠳᠬᠤ ᠪᠠᠨ ᠪᠠᠶᠢᠵᠣ᠂ ᠬᠥᠯ ᠪᠦᠮᠪᠦᠭᠡ ᠢᠰᠬᠦᠯᠬᠦ ᠬᠡᠥᠭᠡᠳ ᠤᠳ ᠴᠦ ᠣᠯᠠᠮ ᠠᠴᠠ ᠣᠯᠠᠮ ᠴᠦᠭᠡᠷᠡᠵᠥ᠂ ᠡ᠊ᠨᠡ ᠬᠦ ᠬᠥᠳᠡᠯᠭᠡᠭᠡᠨ ᠨᠢ ᠪᠠᠷᠤᠭ ᠨᠦᠢᠷᠰᠣᠭᠰᠠᠨ ᠪᠠᠶᠢᠳᠠᠯ ᠳᠤ ᠣᠷᠣᠵᠠᠢ᠂ ᠣᠯᠣᠰ ᠤᠨ ᠲᠥᠷᠥ ᠶᠢᠨ ᠪᠣᠳᠣᠯᠭ᠎ᠠ ᠡ᠊ᠨᠡ ᠬᠦ ᠨᠠᠮ ᠵᠢᠮ ᠲᠠᠭᠤᠳᠠᠨ ᠰᠡᠷᠢᠭᠡᠭᠰᠡᠨ ᠠᠴᠠ ᠬᠥᠯ ᠪᠦᠮᠪᠦᠭᠡ ᠨᠢ ᠰᠣᠷᠭᠠᠭᠤᠯᠢ ᠶᠢᠨ ᠬᠥᠷᠢᠶᠡᠨ ᠳᠤ ᠳᠠᠷᠬᠠᠨ ᠲᠡᠯᠭᠡᠷᠡᠭᠰᠡᠨ ᠴᠢᠬᠤᠯᠠ ᠨᠢᠭᠡᠨ ᠬᠥᠳᠡᠯᠭᠡᠭᠡᠨ ᠪᠣᠯᠣᠭᠰᠠᠨ ᠪᠠᠶᠢᠨ᠎ᠠ᠃      ᠪᠢ ᠪᠣᠯ ᠣᠷᠢᠬᠠᠨ᠂ ᠭᠤᠴᠢ ᠭᠠᠷᠴᠤ ᠪᠠᠶᠢᠨ᠎ᠠ᠂ ᠮᠣᠩᠭᠤᠯ ᠲᠣᠮᠳᠠᠳᠣ ᠰᠣᠷᠭᠠᠭᠤᠯᠢ ᠶᠢᠨ ᠲᠠᠮᠢᠷ ᠤᠨ ᠪᠠᠭᠰᠢ᠃ ᠪᠢ ᠬᠠᠷᠠᠬᠠᠨ ᠪᠠᠭ᠎ᠠ ᠠᠴᠠ ᠪᠠᠨ ᠬᠥᠯ ᠪᠦᠮᠪᠦᠭᠡᠨ ᠤ ᠬᠥᠳᠡᠯᠭᠡᠭᠡᠨ ᠳᠤ ᠬᠠᠯᠠᠮᠰᠢᠵᠣ᠂ ᠪᠠᠰᠠ ᠬᠥᠯ ᠪᠦᠮᠪᠦᠭᠡᠨ ᠳᠤ ᠪᠠᠭ᠋ᠠᠳᠠᠢ ᠪᠠᠭᠠᠴᠣᠳ ᠠᠴᠠ ᠪᠥᠷᠢᠯᠳᠥᠭᠰᠡᠨ ︽ᠥᠨᠢᠳᠡ︾ ᠬᠥᠯ ᠪᠦᠮᠪᠦᠭᠡ ᠶᠢᠨ ᠠᠩᠭᠢ ᠶᠢ ᠵᠣᠬᠢᠶᠠᠨ ᠪᠠᠶᠢᠭᠤᠯᠵᠣ᠂ ᠣᠯᠠᠨ ᠣᠳᠠᠭ᠎ᠠ ᠬᠤᠳᠠ ᠠᠴᠠ ᠡᠷᠬᠢᠯᠡᠨ ᠶᠠᠪᠣᠭᠳᠠᠭᠤᠯᠣᠭᠰᠠᠨ ᠪᠠᠭᠠᠴᠣᠳ ᠤᠨ ᠬᠥᠯ ᠪᠦᠮᠪᠦᠭᠡ ᠶᠢᠨ ᠣᠷᠣᠯᠳᠣᠭᠠᠨ ᠳᠤ ᠣᠷᠣᠯᠴᠠᠵᠣ᠂ ᠰᠢᠯᠢᠳᠡᠭ ᠬᠢᠷᠢ ᠪᠥᠳᠥᠮᠵᠢ ᠬᠥᠷᠳᠡᠨ ᠱᠠᠩᠨᠠᠯ ᠬᠥᠬᠢᠬᠦᠯᠥᠯ ᠣᠯᠣᠭᠰᠠᠨ ᠪᠠᠶᠢᠨ᠎ᠠ᠃ ᠠᠩᠬ᠎ᠠ ᠲᠣᠮᠳᠠᠳᠣ ᠪᠠᠨ ᠲᠡᠬᠦᠰᠥᠭᠰᠡᠨ ᠤ ᠲᠠᠷᠠᠭ᠎ᠠ ᠬᠥᠯ ᠪᠦᠮᠪᠦᠭᠡ ᠶᠢᠨ ᠬᠥᠰᠡᠯ ᠡᠪᠦᠷᠯᠡᠭᠰᠡᠨ ᠪᠢ ᠭᠠᠭᠴᠠᠭᠠᠷ ᠪᠡᠭᠡᠵᠢᠩ ᠶᠢᠨ ᠺᠣᠸᠠᠨ ᠯᠢ ᠬᠥᠯ ᠪᠦᠮᠪᠦᠭᠡ ᠶᠢᠨ ᠺᠯᠦ᠋ᠪ ᠲᠤ ᠢᠷᠡᠵᠥ ᠬᠥᠯ ᠪᠦᠮᠪᠦᠭᠡ ᠶᠢᠨ ᠲᠣᠰᠬᠠᠢ ᠮᠡᠷᠭᠡᠵᠢᠯ ᠤᠨ ᠪᠣᠯᠪᠠᠰᠣᠷᠠᠯ ᠬᠥᠷᠳᠡᠭᠰᠡᠨ ᠪᠠᠶᠢᠨ᠎ᠠ᠃ ᠡ᠊ᠩ ᠤᠨ ᠴᠠᠭ ᠲᠤ ᠰᠢᠷᠭᠠᠭᠤ ᠬᠠᠳᠠᠭᠤᠵᠢᠯᠳᠠᠢ ᠪᠣᠯᠪᠠᠰᠣᠷᠠᠭᠰᠠᠨ ᠠᠴᠠ ᠮᠢᠨᠥ ᠥᠨᠳᠥᠰᠥᠨ ᠮᠡᠷᠭᠡᠵᠢᠯ ᠣᠬᠤᠷᠬᠠᠨ ᠬᠤᠭᠤᠴᠠᠭᠠᠨ ᠳᠤ ᠲᠡᠭᠡᠭᠰᠢᠯᠡᠭᠰᠡᠨ ᠮᠥᠷᠳᠡᠭᠡᠨ ᠲᠠᠰᠬᠠᠯᠵᠢᠭᠤᠯᠣᠭᠴᠢ ᠶᠢᠨ ᠪᠠᠭ᠋ᠠᠷᠬᠠᠯ ᠢ ᠣᠯᠵᠣ᠂ ᠺᠣᠸᠠᠨ ᠯᠢ ᠬᠥᠯ ᠪᠦᠮᠪᠦᠭᠡ ᠶᠢᠨ ᠺᠯᠦ᠋ᠪ ᠤᠨ ᠨᠢᠭᠡᠳᠦᠭᠡᠷ ᠱᠣᠭᠤᠮ ᠤᠨ ᠬᠥᠯ ᠪᠦᠮᠪᠦᠭᠡ ᠶᠢᠨ ᠲᠣᠭᠤᠢᠢᠯᠠᠩ ᠳᠤ ᠲᠠᠨᠢᠯᠴᠠᠭᠤᠯᠣᠭᠳᠠᠪᠠ᠃ ᠭᠡᠳᠡᠯ᠎ᠡ ᠮᠢᠨᠤ ᠬᠥᠯ ᠪᠦᠮᠪᠦᠭᠡ ᠶᠢᠨ ᠵᠠᠮᠨᠡᠯ ᠨᠢ ᠴᠢᠷᠮᠠᠶᠢᠭᠰᠠᠨ ᠴᠢᠷᠮᠠᠶᠢᠯᠳᠠ ᠲᠠᠢ ᠲᠡᠩᠴᠡᠬᠦᠥ ᠪᠣᠰᠣ ᠪᠠᠶᠢᠵᠣ᠂ ᠭᠤᠷᠪᠠᠨ ᠵᠢᠯ ᠤᠨ ᠲᠠᠷᠠᠭ᠎ᠠ᠂ ᠡᠯ᠎ᠡ ᠵᠥᠢᠯ ᠤᠨ ᠭᠠᠳᠠᠭᠠᠳᠣ ᠰᠢᠯᠳᠠᠭᠠᠨ ᠠᠴᠠ ᠪᠣᠯᠵᠣ᠂ ᠪᠢ ᠨᠣᠳᠤᠭ ᠲᠤ ᠪᠠᠨ ᠬᠠᠷᠢᠵᠣ ᠪᠢᠴᠢᠭ ᠵᠢᠭᠠᠬᠤ ᠪᠠᠷ ᠪᠣᠯᠵᠣ᠂ ᠪᠠᠭ᠎ᠠ ᠠᠴᠠ ᠪᠠᠷᠢᠮᠳᠠᠯᠠᠭᠰᠠᠨ ᠬᠥᠯ ᠪᠦᠮᠪᠦᠭᠡ ᠶᠢᠨ ᠬᠥᠰᠡᠯ ᠮᠢᠨᠢ ᠡ᠊ᠨᠳᠡ ᠬᠥᠷᠥᠭᠡᠳ ᠨᠢᠭᠡ ᠬᠡᠰᠡᠭ ᠥᠨᠳᠥᠷᠯᠡᠬᠦ ᠪᠣᠯᠣᠭᠰᠠᠨ ᠪᠠᠶᠢᠨ᠎ᠠ᠃      ︽ᠴᠢᠷᠮᠠᠶᠢᠯᠭ᠎ᠠ ᠬᠥᠮᠥᠨ ᠢ ᠭᠤᠮᠣᠳᠠᠭᠠᠳᠠᠭ ᠥᠭᠡᠢ︾ ᠭᠡᠳᠡᠭ ᠢᠶᠠᠷ 2014 ᠣᠨ ᠳᠤ ᠥᠪᠥᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠨᠢ ᠰᠣᠷᠭᠠᠭᠤᠯᠢ ᠶᠢᠨ ᠬᠥᠯ ᠪᠦᠮᠪᠦᠭᠡ ᠪᠡ ᠨᠡᠶᠢᠭᠡᠮ ᠤᠨ ᠬᠥᠯ ᠪᠦᠮᠪᠦᠭᠡ ᠶᠢ ᠶᠡᠭᠡ ᠪᠠᠷ ᠲᠡᠯᠭᠡᠷᠡᠬᠦᠯᠬᠦ ᠪᠥᠬᠦ ᠣᠯᠣᠰ ᠤᠨ ᠬᠥᠯ ᠪᠦᠮᠪᠦᠭᠡ ᠶᠢᠨ ᠥᠭᠡᠷᠡᠴᠢᠯᠡᠨ ᠬᠥᠭᠵᠢᠬᠦᠯᠬᠦ ᠠᠩᠬᠠᠳᠠᠭᠴᠢ ᠲᠣᠷᠰᠢᠯᠳᠠ ᠶᠢᠨ ᠣᠷᠣᠨ ᠢᠶᠠᠷ ᠲᠣᠭᠳᠠᠭᠠᠭᠳᠠᠪᠠ᠃ ᠡ᠊ᠨᠡ ᠬᠦ ᠣᠯᠣᠰ ᠤᠨ ᠲᠥᠷᠥ ᠶᠢᠨ ᠪᠣᠳᠣᠯᠭ᠎ᠠ ᠨᠢ ᠮᠢᠨᠥ ᠰᠡᠳᠬᠢᠯ ᠤᠨ ᠵᠣᠯᠠ ᠶᠢ ᠲᠠᠬᠢᠨᠳᠠ ᠠᠰᠠᠭᠠᠭᠰᠠᠨ ᠪᠠᠶᠢᠨ᠎ᠠ᠃ 2009 ᠣᠨ ᠳᠤ ᠰᠣᠷᠭᠠᠭᠤᠯᠢ ᠶᠢᠨ ᠬᠦᠷᠢᠶᠡᠨ ᠤ ᠬᠥᠯ ᠪᠦᠮᠪᠦᠭᠡ ᠨᠢ ᠨᠡᠶᠢᠭᠡᠮ ᠳᠤ ᠠᠩᠬᠠᠷᠣᠭᠳᠠᠬᠤ ᠠᠴᠠ ᠡᠮᠥᠨ᠎ᠡ ᠪᠢ ᠮᠣᠩᠭᠤᠯ ᠲᠣᠮᠳᠠᠳᠣ ᠰᠣᠷᠭᠠᠭᠤᠯᠢ ᠠᠴᠠ ᠨᠢᠭᠡ ᠪᠥᠯᠥᠭ ᠬᠥᠯ ᠪᠦᠮᠪᠦᠭᠡᠨ ᠳᠤ ᠪᠠᠭ᠋ᠠᠳᠠᠢ ᠰᠣᠷᠣᠭᠴᠢᠳ ᠢ ᠰᠣᠩᠭᠤᠵᠣ᠂ ᠬᠥᠯ ᠪᠦᠮᠪᠦᠭᠡ ᠶᠢ ᠠᠩᠭᠢ ᠵᠣᠬᠢᠶᠠᠨ ᠪᠠᠶᠢᠭᠤᠯᠵᠣ᠂ ᠥᠷᠯᠥᠭᠡ ᠪᠣᠶᠣ ᠬᠢᠴᠢᠶᠡᠯ ᠤᠨ ᠵᠠᠪᠰᠠᠷᠯᠠᠭ᠎ᠠ ᠤᠨ ᠴᠠᠭ ᠢ ᠠᠰᠢᠭᠯᠠᠨ ᠲᠡᠳᠡᠨ ᠳᠤ ᠥᠨᠳᠥᠰᠥᠨ ᠮᠡᠷᠭᠡᠵᠢᠯ ᠵᠢᠭᠠᠨ ᠦᠭᠴᠦ ᠪᠣᠯᠪᠠᠰᠣᠷᠠᠭᠤᠯᠳᠠᠭ᠃ ᠬᠡᠳᠦ᠋ᠢᠪᠡᠷ ᠲᠣᠷ᠎ᠠ ᠪᠠᠬ᠎ᠠ ᠲᠠᠢ ᠠᠴᠠ ᠪᠣᠯᠵᠣ ᠶᠠᠮᠠᠷ ᠴᠣ᠋ ᠵᠣᠷᠢᠯᠭ᠎ᠠ᠂ ᠥᠷᠢᠰᠥᠯᠳᠥᠭᠡᠨ ᠥᠭᠡᠢ ᠪᠠᠷ ᠪᠣᠯᠪᠠᠰᠣᠷᠠᠯ ᠬᠢᠳᠡᠭ ᠪᠣᠯᠪᠠᠴᠣ ᠥᠡᠭᠭᠡᠷᠡᠭᠰᠡᠨ ᠳᠤ ᠮᠢᠨᠥ ᠪᠦᠮᠪᠦᠭᠡ ᠶᠢᠨ ᠲᠣᠭᠤᠢᠢᠯᠠᠩ ᠠᠴᠠ ᠶᠡᠭᠡ ᠰᠣᠷᠭᠠᠭᠤᠯᠢ ᠳᠤ ᠰᠢᠯᠭᠠᠨ ᠣᠷᠣᠭᠰᠠᠨ ᠰᠣᠷᠣᠭᠴᠢᠳ ᠪᠦᠷ ᠶᠡᠭᠡ ᠰᠣᠷᠭᠠᠭᠤᠯᠢ ᠶᠢᠨ ᠬᠤᠯᠪᠣᠭᠠᠳᠣ ᠣᠷᠣᠯᠳᠣᠭᠠᠨ ᠳᠤ ᠣᠷᠣᠯᠴᠠᠵᠣ ᠰᠢᠯᠢᠳᠡᠭ ᠬᠢᠷᠢ ᠪᠥᠳᠥᠮᠵᠢ ᠣᠯᠣᠭᠰᠠᠨ ᠪᠠᠶᠢᠨ᠎ᠠ᠃ ᠣᠳᠠᠭ᠎ᠠ ᠪᠥᠷᠢ ᠡᠶᠢᠮᠥᠷᠬᠦᠥ ᠴᠢᠮᠡᠭᠡ ᠶᠢ ᠰᠣᠨᠣᠰᠬᠤ ᠳᠤ ᠰᠡᠳᠬᠢᠯ ᠳᠤ ᠶᠡᠭᠡ ᠲᠠᠭᠠᠯᠠᠮᠵᠢᠳᠠᠢ ᠪᠠᠶᠢᠳᠠᠭ᠃      2015 ᠣᠨ ᠤ ᠨᠠᠮᠣᠷ᠂ ᠪᠢ ᠰᠣᠷᠣᠭᠴᠢ ᠶᠢᠨ ᠬᠥᠯ ᠪᠦᠮᠪᠦᠭᠡ ᠶᠢᠨ ᠲᠣᠭᠤᠢᠢᠯᠠᠩ ᠢ ᠲᠠᠭᠠᠭᠤᠯᠵᠣ᠂ ᠠᠩᠬ᠎ᠠ ᠣᠳᠠᠭ᠎ᠠ ᠬᠤᠳᠠ ᠶᠢᠨ ᠰᠣᠷᠭᠠᠨ ᠬᠥᠮᠥᠵᠢᠯ ᠤᠨ ᠲᠣᠪᠴᠢᠶᠠᠨ ᠠᠴᠠ ᠡᠷᠬᠢᠯᠡᠨ ᠶᠠᠪᠣᠭᠳᠠᠭᠤᠯᠣᠭᠰᠠᠨ ᠠᠩᠬᠠᠳᠠᠭᠴᠢ ᠬᠤᠭᠤᠴᠠᠭᠠᠨ ᠤ ︽ᠬᠤᠳᠠ ᠶᠢᠨ ᠲᠠᠷᠤᠭ᠎ᠠ ᠬᠤᠨᠳᠠᠭᠠᠳᠣ︾ ᠰᠣᠷᠭᠠᠭᠤᠯᠢ ᠶᠢᠨ ᠬᠦᠷᠢᠶᠡᠨ ᠤ ᠬᠥᠯ ᠪᠦᠮᠪᠦᠭᠡ ᠶᠢᠨ ᠬᠤᠯᠪᠣᠭᠠᠳᠣ ᠣᠷᠣᠯᠳᠣᠭᠠᠨ ︵ᠠᠩᠬ᠎ᠠ ᠲᠣᠮᠳᠠᠳᠣ ᠶᠢᠨ ᠲᠣᠭᠤᠢᠢᠯᠠᠩ︶ ᠳᠤ ᠣᠷᠣᠯᠴᠠᠵᠣ᠂ ᠡᠷᠡᠭᠳᠡᠢ ᠶᠢᠨ ᠲᠠᠪᠣᠳᠣᠭᠠᠷ᠂ ᠡᠮᠡᠭᠳᠡᠢ ᠶᠢᠨ ᠲᠡᠷᠢᠬᠦᠨ ᠳᠤ ᠣᠷᠤᠭᠰᠠᠨ ᠰᠠᠶᠢᠨ ᠬᠢᠷᠢ ᠪᠥᠳᠥᠮᠵᠢ ᠣᠯᠣᠭᠰᠠᠨ ᠪᠠᠶᠢᠨ᠎ᠠ᠃ ᠡᠬᠦᠨ ᠠᠴᠠ ᠡᠬᠢᠯᠡᠨ᠂ ᠮᠣᠩᠭᠤᠯ ᠲᠣᠮᠳᠠᠳᠣ ᠰᠣᠷᠭᠠᠭᠤᠯᠢ ᠶᠢᠨ ᠬᠦᠷᠢᠶᠡᠨ ᠤ ᠬᠥᠯ ᠪᠦᠮᠪᠦᠭᠡ ᠶᠢᠨ ᠲᠣᠭᠤᠢᠢᠯᠠᠩ ᠨᠢ ᠡᠯ᠎ᠡ ᠵᠥᠢᠯ ᠤᠨ ᠣᠷᠣᠯᠳᠣᠭᠠᠨ ᠳᠤ ᠣᠷᠣᠯᠴᠠᠵᠣ᠂ ᠪᠢ ᠲᠠᠰᠬᠠᠯᠵᠢᠭᠤᠯᠣᠭᠴᠢ ᠪᠣᠯᠣᠭᠰᠠᠨ ᠤ ᠬᠤᠪᠢ ᠳᠤ ᠪᠠᠰᠠ ᠦᠪᠡᠷ ᠢ ᠪᠠᠨ ᠲᠠᠰᠤᠷᠤᠯᠲᠠ ᠦᠭᠡᠢ ᠲᠡᠭᠦᠯᠳᠡᠷᠵᠢᠭᠦᠯᠦᠨ ᠪᠣᠯᠪᠠᠰᠣᠷᠠᠯ ᠳᠤ ᠣᠷᠣᠯᠴᠠᠵᠣ᠂ ᠪᠦᠮᠪᠦᠭᠡ ᠶᠢᠨ ᠠᠩᠭᠢ ᠪᠠᠨ ᠲᠠᠭᠠᠭᠤᠯᠣᠨ ᠬᠤᠰᠢᠭᠤ᠂ ᠬᠤᠳᠠ᠂ ᠣᠷᠣᠨ ᠤ ᠡᠷᠬᠢᠯᠡᠨ ᠶᠠᠪᠣᠭᠳᠠᠭᠤᠯᠣᠭᠰᠠᠨ ᠣᠯᠠᠨ ᠣᠷᠤᠯᠳᠤᠭᠠᠨ ᠳᠤ ᠣᠷᠤᠯᠴᠠᠭᠰᠠᠨ ᠪᠠ ᠴᠢᠨᠠᠭᠰᠢᠯᠠᠨ ᠲᠣᠮᠳᠠᠳᠣ᠂ ᠮᠣᠩᠭᠤᠯ᠂ ᠣᠷᠣᠰ ᠭᠤᠷᠪᠠᠨ ᠣᠯᠣᠰ ᠤᠨ ᠵᠠᠯᠠᠭᠤᠴᠣᠳ ᠪᠠᠭᠠᠴᠣᠳ ᠤᠨ ᠬᠥᠯ ᠪᠦᠮᠪᠦᠭᠡ ᠶᠢᠨ ᠣᠷᠣᠯᠳᠣᠭᠠᠨ ᠳᠤ ᠴᠤ ᠣᠷᠣᠯᠴᠠᠭᠰᠠᠨ ᠪᠠᠶᠢᠨ᠎ᠠ᠃ 2016 ᠣᠨ ᠳᠤ ᠬᠤᠳᠠ ᠶᠢᠨ ᠰᠣᠷᠭᠠᠨ ᠬᠥᠮᠥᠵᠢᠯ ᠤᠨ ᠲᠣᠪᠴᠢᠶᠠᠨ ᠠᠴᠠ ᠡᠷᠬᠢᠯᠡᠨ ᠶᠠᠪᠣᠭᠳᠠᠭᠤᠯᠣᠭᠰᠠᠨ ᠬᠤᠶᠠᠳᠣᠭᠠᠷ ᠬᠤᠭᠤᠴᠠᠭᠠᠨ ᠤ ︽ᠬᠤᠳᠠ ᠶᠢᠨ ᠲᠠᠷᠤᠭ᠎ᠠ ᠬᠤᠨᠳᠠᠭᠠᠳᠣ︾ ᠰᠣᠷᠭᠠᠭᠤᠯᠢ ᠶᠢᠨ ᠬᠦᠷᠢᠶᠡᠨ ᠤ ᠬᠥᠯ ᠪᠦᠮᠪᠦᠭᠡ ᠶᠢᠨ ᠬᠤᠯᠪᠣᠭᠠᠳᠣ ᠣᠷᠣᠯᠳᠣᠭᠠᠨ ︵ᠠᠩᠬ᠎ᠠ ᠲᠣᠮᠳᠠᠳᠣ ᠶᠢᠨ ᠲᠣᠭᠤᠢᠢᠯᠠᠩ︶ ᠳᠤ ᠣᠷᠣᠯᠴᠠᠵᠣ᠂ ᠡᠷᠡᠭᠳᠡᠢ ᠶᠢᠨ ᠭᠤᠳᠠᠭᠠᠷ᠂ ᠡᠮᠡᠭᠳᠡᠢ ᠶᠢᠨ ᠲᠡᠷᠢᠬᠦᠨ ᠤ ᠰᠠᠶᠢᠨ ᠬᠢᠷᠢ ᠪᠥᠳᠥᠮᠵᠢ ᠣᠯᠵᠣ᠂ ᠡᠷᠡᠭᠳᠡᠢ ᠡᠮᠡᠭᠳᠡᠢ ᠬᠥᠯ ᠪᠦᠮᠪᠦᠭᠡ ᠶᠢᠨ ᠠᠩᠭᠢ ᠨᠢ ᠣᠷᠣᠨ ᠤ ᠡᠷᠬᠢᠯᠡᠨ ᠶᠠᠪᠣᠭᠳᠠᠭᠤᠯᠣᠭᠰᠠᠨ ︽ᠲᠡᠷᠢᠬᠦᠯᠡᠭᠴᠢ ᠬᠤᠨᠳᠠᠭᠠᠳᠣ︾ ᠵᠠᠯᠠᠭᠤᠴᠣᠳ ᠪᠠᠭᠠᠴᠣᠳ ᠤᠨ ᠰᠣᠷᠭᠠᠭᠤᠯᠢ ᠶᠢᠨ ᠬᠦᠷᠢᠶᠡᠨ ᠤ ᠬᠥᠯ ᠪᠦᠮᠪᠦᠭᠡ ᠶᠢᠨ ᠣᠷᠣᠯᠳᠣᠭᠠᠨ ᠳᠤ ᠣᠷᠣᠯᠴᠠᠵᠣ᠂ ᠡᠮᠡᠭᠳᠡᠢ ᠶᠢᠨ ᠭᠤᠳᠠᠭᠠᠷ ᠨᠡᠷ᠎ᠡ ᠶᠢᠨ ᠰᠢᠯᠢᠳᠡᠭ ᠬᠢᠷᠢ ᠪᠥᠳᠥᠮᠵᠢ ᠣᠯᠣᠭᠰᠠᠨ ᠪᠠᠶᠢᠨ᠎ᠠ᠃ 2017 ᠣᠨ ᠳᠤ ᠭᠤᠷᠪᠠᠳᠣᠭᠠᠷ ᠬᠤᠭᠤᠴᠠᠭᠠᠨ ᠤ ︽ᠬᠤᠳᠠ ᠶᠢᠨ ᠲᠠᠷᠤᠭ᠎ᠠ ᠬᠤᠨᠳᠠᠭᠠᠳᠣ︾ ᠰᠣᠷᠭᠠᠭᠤᠯᠢ ᠶᠢᠨ ᠬᠦᠷᠢᠶᠡᠨ ᠤ ᠬᠥᠯ ᠪᠦᠮᠪᠦᠭᠡ ᠶᠢᠨ ᠬᠤᠯᠪᠣᠭᠠᠳᠣ ᠣᠷᠣᠯᠳᠣᠭᠠᠨ ︵ᠠᠩᠬ᠎ᠠ ᠲᠣᠮᠳᠠᠳᠣ ᠶᠢᠨ ᠲᠣᠭᠤᠢᠢᠯᠠᠩ︶ ᠳᠤ ᠣᠷᠣᠯᠴᠠᠵᠣ᠂ ᠡᠷᠡᠭᠳᠡᠢ ᠶᠢᠨ ᠲᠡᠷᠢᠬᠦᠨ᠂ ᠡᠮᠡᠭᠳᠡᠢ ᠶᠢᠨ ᠲᠡᠳ᠋ ᠨᠡᠷ᠎ᠡ ᠳᠤ ᠣᠷᠤᠭᠰᠠᠨ ᠰᠢᠯᠢᠳᠡᠭ ᠬᠢᠷᠢ ᠪᠥᠳᠥᠮᠵᠢ ᠣᠯᠵᠣ᠂ ᠵᠠᠯᠭᠠᠭᠠᠳ ᠣᠷᠣᠨ ᠤ ︽ᠲᠡᠷᠢᠬᠦᠯᠡᠭᠴᠢ ᠬᠤᠨᠳᠠᠭᠠᠳᠣ︾ ᠵᠠᠯᠠᠭᠤᠴᠣᠳ ᠪᠠᠭᠠᠴᠣᠳ ᠤᠨ ᠬᠥᠯ ᠪᠦᠮᠪᠦᠭᠡ ᠶᠢᠨ ᠣᠷᠣᠯᠳᠣᠭᠠᠨ ᠳᠤ ᠴᠤ ᠡᠷᠡᠭᠳᠡᠢ᠂ ᠡᠮᠡᠭᠳᠡᠢ ᠲᠣᠭᠤᠢᠢᠯᠠᠩ ᠴᠦᠮ ᠣᠷᠣᠯᠴᠠᠪᠠ᠃ ᠡᠬᠦᠨ ᠠᠴᠠ ᠭᠠᠳᠠᠨ᠎ᠠ ᠪᠠᠰᠠ 2015 ᠣᠨ᠂ 2016 ᠣᠨ ᠳᠤ ᠬᠤᠳᠠ ᠶᠢᠨ ᠪᠡᠶ᠎ᠡ ᠶᠢᠨ ᠲᠠᠮᠢᠷ ᠤᠨ ᠲᠣᠪᠴᠢᠶᠠᠨ ᠠᠴᠠ ᠡᠷᠬᠢᠯᠡᠨ ᠶᠠᠪᠣᠭᠳᠠᠭᠤᠯᠣᠭᠰᠠᠨ U16 ᠵᠠᠯᠠᠭᠤᠴᠣᠳ ᠪᠠᠭᠠᠴᠣᠳ ᠤᠨ ᠬᠥᠯ ᠪᠦᠮᠪᠦᠭᠡ ᠶᠢᠨ ᠣᠷᠣᠯᠳᠣᠭᠠᠨ ᠳᠤ ᠣᠷᠣᠯᠴᠠᠵᠣ᠂ ᠡᠷᠡᠭᠳᠡᠢ ᠡᠮᠡᠭᠳᠡᠢ ᠶᠢᠨ ᠬᠤᠣᠰ ᠲᠡᠷᠢᠬᠦᠨ ᠤ ᠰᠠᠶᠢᠨ ᠬᠢᠷᠢ ᠪᠥᠳᠥᠮᠵᠢ ᠣᠯᠵᠠᠢ᠃ 2017 ᠣᠨ ᠤ U14 ᠵᠠᠯᠠᠭᠤᠴᠣᠳ ᠪᠠᠭᠠᠴᠣᠳ ᠤᠨ ᠬᠥᠯ ᠪᠦᠮᠪᠦᠭᠡᠨ ᠣᠷᠣᠯᠳᠣᠭᠠᠨ ᠳᠤ ᠡᠷᠡᠭᠳᠡᠢ ᠶᠢᠨ ᠭᠤᠳᠠᠭᠠᠷ᠂ ᠡᠮᠡᠭᠳᠡᠢ ᠶᠢᠨ ᠲᠡᠷᠢᠬᠦᠨ ᠤ ᠰᠠᠶᠢᠨ ᠬᠢᠷᠢ ᠪᠥᠳᠥᠮᠵᠢ ᠣᠯᠵᠠᠢ᠃ 2015 ᠣᠨ ᠳᠤ ᠮᠠᠨᠵᠣᠣᠷ ᠬᠤᠳᠠ ᠳᠤ ᠪᠣᠯᠣᠭᠰᠠᠨ ᠥᠪᠡᠷᠳᠡᠭᠡᠨ ᠵᠠᠰᠠᠬᠤ ᠣᠷᠣᠨ ᠤ ᠵᠠᠯᠠᠭᠤᠴᠣᠳ ᠪᠠᠭᠠᠴᠣᠳ ᠤᠨ ᠡᠮᠡᠭᠳᠡᠢ ᠶᠢᠨ ᠬᠥᠯ ᠪᠦᠮᠪᠦᠭᠡᠨ ᠤ ᠮᠠᠩᠯᠠᠢ ᠰᠢᠯᠭᠠᠷᠠᠭᠤᠯᠬᠤ ᠣᠷᠣᠯᠳᠣᠭᠠᠨ ᠳᠤ ᠭᠤᠳᠠᠭᠠᠷ ᠲᠤ ᠲᠣᠳᠣᠷᠠᠵᠣ᠂ 2017 ᠣᠨ ᠳᠤ ᠡᠷᠢᠶᠡᠨ ᠬᠤᠳᠠ ᠠᠴᠠ ᠡᠷᠬᠢᠯᠡᠨ ᠶᠠᠪᠣᠭᠳᠠᠭᠤᠯᠣᠭᠰᠠᠨ ︽ᠡᠷᠢᠶᠡᠨ — ᠵᠠᠮ ᠤᠨ ᠡᠬᠦᠳᠡ︾ ᠬᠤᠨᠳᠠᠭᠠᠳᠣ ᠣᠯᠠᠨ ᠣᠯᠣᠰ ᠤᠨ ᠵᠠᠯᠠᠭᠤᠴᠣᠳ ᠪᠠᠭᠠᠴᠤᠳ ᠤᠨ ᠬᠥᠯ ᠪᠦᠮᠪᠦᠭᠡ ᠶᠢᠨ ᠣᠷᠢᠯᠭ᠎ᠠ ᠶᠢᠨ ᠣᠷᠣᠯᠳᠣᠭᠠᠨ ᠳᠤ ᠡᠮᠡᠭᠳᠡᠢ ᠶᠢᠨ ᠲᠡᠳ᠋ ᠨᠡᠷ᠎ᠡ ᠳᠤ ᠣᠷᠤᠭᠰᠠᠨ ᠰᠠᠶᠢᠨ ᠪᠥᠳᠥᠮᠵᠢ ᠣᠯᠵᠠᠢ᠃ 2016 ᠣᠨ ᠳᠤ ᠬᠠᠶᠢᠨᠠᠨ ᠤ ᠪᠣᠯᠪᠠᠰᠣᠷᠠᠯ ᠤᠨ ᠰᠠᠭᠤᠷᠢᠨ ᠭᠠᠵᠠᠷ ᠲᠤ ᠶᠠᠪᠣᠭᠳᠠᠭᠰᠠᠨ ᠥᠪᠥᠷ ᠮᠣᠩᠭᠤᠯ ᠤᠨ ᠣᠯᠠᠨ ᠣᠯᠣᠰ ᠤᠨ ᠵᠠᠯᠠᠭᠤᠴᠣᠳ ᠪᠠᠭᠠᠴᠣᠳ ᠤᠨ ᠰᠣᠷᠭᠠᠭᠤᠯᠢ ᠶᠢᠨ ᠬᠦᠷᠢᠶᠡᠨ ᠤ ᠬᠥᠯ ᠪᠦᠮᠪᠦᠭᠡ ᠶᠢᠨ ᠡᠪᠦᠯ ᠤᠨ ᠠᠮᠠᠷᠠᠯᠳᠠ ᠶᠢᠨ ᠭᠠᠵᠠᠷ ᠤᠨ ︽ᠮᠧᠩ ᠼᠣᠣ ᠬᠤᠨᠳᠠᠭᠠᠳᠣ︾ ᠣᠷᠣᠯᠳᠣᠭᠠᠨ ᠳᠤ ᠡᠮᠡᠭᠳᠡᠢ ᠶᠢᠨ ᠲᠡᠷᠢᠬᠦᠨ ᠤ ᠰᠠᠶᠢᠨ ᠬᠢᠷᠢ ᠪᠥᠳᠥᠮᠵᠢ ᠶᠢ ᠣᠯᠵᠠᠢ᠃      ᠶᠠᠮᠠᠷ ᠴᠤ ᠰᠠᠭᠤᠷᠢ ᠪᠣᠯᠪᠠᠰᠤᠷᠠᠯ ᠦᠭᠡᠢ ᠨᠢᠭᠡ ᠪᠦᠮᠪᠦᠭᠡ ᠶᠢᠨ ᠠᠩᠭᠢ ᠶᠢᠨ ᠬᠡᠰᠢᠬᠦᠳ ᠤᠨ ᠣᠷᠣᠯᠳᠣᠭᠠᠨ ᠳᠤ ᠲᠡᠷᠢᠬᠦᠯᠡᠬᠦ ᠭᠡᠭᠴᠢ ᠬᠢᠯᠪᠠᠷ ᠪᠢᠰᠢ ᠪᠠᠶᠢᠳᠠᠭ᠃ ᠡ᠊ᠨᠡ ᠬᠡᠳᠦᠨ ᠵᠢᠯ ᠳᠤ ᠪᠢ ᠦᠪᠡᠷ ᠤᠨ ᠪᠡᠶ᠎ᠡ ᠳᠤ ᠪᠠᠨ ᠴᠢᠩᠭ᠎ᠠ ᠱᠠᠭᠠᠷᠳᠠᠯᠭ᠎ᠠ ᠲᠠᠯᠪᠢᠬᠤ ᠪᠠᠨ ᠶᠡᠷᠦ ᠠᠴᠠ ᠰᠣᠯᠠᠷᠠᠭᠤᠯᠣᠭᠰᠠᠨ ᠥᠭᠡᠢ᠂ ᠣᠳᠠᠭ᠎ᠠ ᠪᠣᠯᠭᠠᠨ ᠤ ᠪᠣᠯᠪᠠᠰᠣᠷᠠᠯ ᠳᠤ ᠣᠷᠣᠯᠴᠠᠵᠣ ᠲᠠᠭᠤᠰᠣᠭᠰᠠᠨ ᠤ ᠲᠠᠷᠠᠭ᠎ᠠ ᠨᠠᠷᠢᠨ ᠬᠢᠨᠠᠮᠠᠭᠠᠢ ᠳ᠋ᠦᠩᠨᠡᠯᠲᠡ ᠬᠢᠵᠣ᠂ ᠣᠯᠵᠣ ᠰᠣᠷᠣᠭᠰᠠᠨ ᠵᠥᠢᠯ ᠢᠶᠠᠨ ᠪᠣᠳᠠᠳᠠᠢ ᠪᠣᠯᠪᠠᠰᠣᠷᠠᠯ ᠲᠣᠮᠳᠠ ᠵᠠᠷᠣᠵᠣ᠂ ᠣᠨᠣᠯ ᠪᠣᠯᠣᠨ ᠥᠢᠯᠡᠳᠥᠯᠭᠡ ᠶᠢ ᠦᠨᠡᠨ ᠬᠦ ᠣᠶᠠᠯᠳᠣᠭᠤᠯᠣᠨ᠂ ᠭᠡᠰᠢᠬᠦᠳ ᠤᠨ ᠢᠶᠠᠨ ᠮᠡᠷᠭᠡᠵᠢᠯ ᠢ ᠥᠳᠳᠡᠷ ᠲᠦᠷᠭᠡᠨ ᠳᠡᠭᠡᠭᠰᠢᠯᠡᠭᠦᠯᠬᠦ ᠶᠢ ᠵᠣᠷᠢᠵᠠᠢ᠃ 2017 ᠣᠨ ᠤ ᠡᠬᠢᠨ ᠳᠤ ᠪᠢ ᠥᠪᠥᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠰᠣᠷᠭᠠᠨ ᠬᠥᠮᠥᠵᠢᠯ ᠤᠨ ᠲᠢᠩᠭᠢᠮ ᠤᠨ ᠵᠣᠬᠢᠶᠠᠨ ᠪᠠᠶᠢᠭᠤᠯᠣᠭᠰᠠᠨ ᠰᠣᠷᠭᠠᠭᠤᠯᠢ ᠶᠢᠨ ᠬᠦᠷᠢᠶᠡᠨ ᠤ ᠬᠥᠯ ᠪᠦᠮᠪᠦᠭᠡ ᠶᠢᠨ ᠲᠠᠰᠬᠠᠯᠵᠢᠭᠤᠯᠣᠭᠴᠢ ᠶᠢᠨ ᠠᠩᠭ᠍ᠯᠢ ᠳᠤ ᠪᠣᠯᠤᠭᠰᠠᠨ ᠰᠣᠷᠭᠠᠨ ᠬᠥᠮᠥᠵᠢᠯ ᠬᠥᠷᠳᠡᠬᠦ ᠪᠣᠯᠪᠠᠰᠣᠷᠠᠯ ᠳᠤ ᠣᠷᠣᠯᠴᠠᠵᠣ᠂ ᠭᠠᠳᠠᠭᠠᠳᠣ ᠶᠢᠨ ᠵᠠᠯᠠᠭᠤᠴᠣᠳ ᠪᠠᠭᠠᠴᠣᠳ ᠨᠢ ᠬᠡᠷᠬᠢᠨ ᠪᠦᠮᠪᠦᠭᠡ ᠢᠰᠬᠦᠯᠬᠦ᠂ ᠭᠠᠳᠠᠭᠠᠳᠣ ᠶᠢᠨ ᠲᠠᠰᠬᠠᠯᠵᠢᠭᠤᠯᠣᠭᠴᠢ ᠨᠢ ᠬᠡᠷᠬᠢᠨ ᠵᠢᠭᠠᠨ ᠰᠣᠷᠭᠠᠵᠣ ᠪᠠᠶᠢᠭ᠎ᠠ ᠶᠢ ᠥᠪᠡᠷ ᠤᠨ ᠨᠢᠳᠦ ᠪᠠᠷ ᠢᠶᠠᠨ ᠦᠵᠡᠨ ᠰᠣᠷᠣᠯᠴᠠᠵᠣ᠂ ᠲᠥᠬᠦᠷᠡᠩ ᠣᠯᠣᠯᠳᠠ ᠲᠠᠢ ᠬᠠᠷᠢᠵᠣ ᠢᠷᠡᠭᠰᠡᠨ ᠪᠠᠶᠢᠨ᠎ᠠ᠃      ᠪᠢ ᠵᠠᠰᠠᠭ ᠤᠨ ᠣᠷᠳᠣᠨ ᠪᠣᠯᠣᠨ ᠬᠠᠮᠢᠶ᠎ᠠ ᠪᠥᠬᠦᠢ ᠪᠠᠶᠢᠭᠤᠯᠭ᠎ᠠ ᠨᠢ ᠬᠥᠯ ᠪᠦᠮᠪᠦᠭᠡ ᠶᠢᠨ ᠠᠩᠭᠢ ᠶᠢᠨ ᠬᠡᠥᠭᠡᠳ ᠤᠳ ᠤᠨ ᠢᠷᠡᠭᠡᠳᠥᠢ ᠶᠢᠨ ᠰᠣᠷᠭᠠᠭᠤᠯᠢ ᠲᠠᠪᠰᠢᠬᠤ ᠠᠰᠠᠭᠤᠳᠠᠯ ᠪᠣᠯᠣᠨ ᠬᠤᠵᠢᠮ ᠤᠨ ᠬᠥᠭᠵᠢᠯᠳᠡ ᠶᠢᠨ ᠠᠰᠠᠭᠤᠳᠠᠯ ᠢ ᠴᠢᠬᠤᠯᠠᠴᠢᠯᠠᠨ ᠦᠵᠡᠵᠦ ᠪᠠᠶᠢᠭ᠎ᠠ ᠡ᠊ᠨᠡ ᠬᠦ ᠠᠰᠠᠭᠤᠳᠠᠯ ᠳᠤ ᠴᠢᠭᠯᠡᠬᠦᠯᠥᠨ᠂ ᠬᠠᠮᠢᠶ᠎ᠠ ᠪᠥᠬᠦᠢ ᠳᠦᠷᠢᠮ ᠲᠣᠭᠲᠠᠭᠠᠯ ᠲᠣᠭᠳᠠᠭᠠᠵᠣ᠂ ᠡᠳᠡᠭᠡᠷ ᠬᠥᠯ ᠪᠦᠮᠪᠦᠭᠡᠨ ᠳᠤ ᠠᠪᠢᠶᠠᠰ ᠲᠠᠢ ᠬᠡᠥᠭᠡᠳ ᠤᠳ ᠲᠤ ᠲᠥᠳᠡ ᠵᠠᠮ ᠨᠡᠭᠡᠭᠡᠨ ᠦᠭᠬᠦ ᠪᠠᠷ ᠴᠢᠷᠮᠠᠶᠢᠵᠠᠢ᠂ ᠬᠠᠮᠤᠭ ᠤᠨ ᠰᠡᠭᠦᠯ ᠳᠤ ᠲᠡᠳᠡᠨ ᠤ ᠬᠥᠯ ᠪᠦᠮᠪᠦᠭᠡ ᠶᠢᠨ ᠵᠠᠮ ᠢᠶᠠᠷ ᠣᠯᠠᠮ ᠬᠤᠯᠠ ᠶᠠᠪᠣᠬᠤ ᠶᠢ ᠵᠣᠷᠢᠬᠵᠢᠭᠤᠯᠬᠤ ᠶᠢ ᠬᠥᠰᠡᠨ ᠵᠥᠡᠭᠨᠡᠶ᠎ᠡ᠃
 
ᠢᠷᠡᠯᠲᠡ᠄ ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠤᠷᠭᠠᠨ ᠬᠦᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map