ᠶᠠᠳᠠᠷᠠᠯᠳᠠᠢ ᠪᠣᠯᠪᠠᠴᠣ ᠪᠠᠶᠠᠰᠣᠯᠳᠠᠢ ᠶᠣᠮ
ᠨᠡᠶᠢᠲᠡᠯᠡᠭᠰᠡᠨ ᠴᠠᠭ᠄
2019/1/8
                                              ◆  ᠬᠥᠯᠥᠨ ᠪᠤᠶᠢᠷ ᠬᠤᠳᠠ ᠶᠢᠨ ᠬᠠᠶᠢᠯᠠᠷ                                  ᠨᠢᠭᠡᠳᠦᠭᠡᠷ ᠲᠣᠮᠳᠠᠳᠣ ᠰᠣᠷᠭᠠᠭᠤᠯᠢ   ᠣᠨᠣᠨ      ᠪᠢ ᠪᠠᠭ᠎ᠠ ᠠᠴᠠ ᠪᠠᠨ ᠮᠠᠯᠵᠢᠬᠤ ᠣᠷᠣᠨ ᠳᠤ ᠥᠰᠴᠥ᠂ ᠪᠦᠮᠪᠦᠭᠡ ᠢᠰᠬᠦᠯᠬᠦ᠂ ᠪᠥᠵᠢᠭ ᠥᠰᠥᠷᠬᠦ ᠲᠣᠷᠠᠳᠠᠢ᠃ ᠪᠠᠭ᠎ᠠ ᠶᠢᠨ ᠥᠶ᠎ᠡ ᠳᠤ ᠬᠥᠯ ᠪᠦᠮᠪᠦᠭᠡ ᠶᠢ ᠪᠣᠯ ᠨᠠᠶᠢᠵᠠ ᠨᠠᠷ ᠲᠠᠢ ᠪᠠᠨ ᠪᠦᠲᠦᠨ ᠡᠳᠦᠷ ᠢᠶᠠᠷ ᠢᠰᠬᠦᠯᠳᠡᠭ ᠥᠡᠭᠭᠡᠷᠡᠯᠳᠡ ᠲᠠᠢ ᠶᠣᠮ᠃ ᠶᠠᠭ ᠠᠬ᠎ᠠ ᠨᠠᠷ ᠨᠠᠮ᠎ᠠ ᠶᠢ ᠲᠠᠭᠠᠭᠤᠯᠣᠨ ᠪᠦᠮᠪᠦᠭᠡ ᠢᠰᠬᠦᠯᠥᠭᠰᠡᠭᠡᠷ ᠪᠠᠶᠢᠵᠣ᠂ ᠬᠤᠵᠢᠮ ᠨᠢ ᠪᠢ ᠵᠢᠩᠭᠢᠨᠢ ᠪᠠᠷ ᠬᠥᠯ ᠪᠦᠮᠪᠦᠭᠡᠴᠢᠨ ᠪᠣᠯᠬᠤ ᠪᠠᠷ ᠰᠢᠭᠤᠳᠪᠠ᠃      ᠪᠢ ᠠᠩᠬ᠎ᠠ ᠲᠣᠮᠳᠠᠳᠣ ᠠᠴᠠ ᠰᠠᠶ᠋ᠢ ᠵᠢᠩᠭᠢᠨᠢ ᠪᠠᠷ ᠬᠥᠯ ᠪᠦᠮᠪᠦᠭᠡ ᠲᠠᠢ ᠣᠶᠢᠷᠠᠲᠤᠭᠰᠠᠨ ᠳᠤ᠂ ᠠᠩᠬ᠎ᠠ ᠲᠣᠮᠳᠠᠳᠣ ᠳᠤ ᠣᠷᠣᠬᠤ ᠠᠴᠠ ᠡᠮᠥᠨ᠎ᠡ ᠲᠡᠩᠳᠡ ᠪᠥᠵᠢᠭ ᠪᠣᠯᠪᠠᠰᠣᠷᠠᠵᠣ ᠪᠠᠶᠢᠯ᠎ᠠ᠂ ᠴᠣᠬᠤᠮ ᠶᠠᠮᠠᠷ ᠬᠥᠴᠥᠨ ᠴᠢᠳᠠᠯ ᠨᠢ ᠨᠠᠮ᠎ᠠ ᠶᠢ ᠪᠥᠵᠢᠭ ᠢᠶᠠᠨ ᠲᠠᠶᠠᠭᠳᠠᠵᠣ᠂ ᠬᠥᠯ ᠪᠦᠮᠪᠦᠭᠡ ᠶᠢ ᠬᠥᠭᠡᠭᠡᠵᠥ ᠡᠬᠢᠯᠡᠭᠦᠯᠥᠭᠰᠡᠨ ᠢ ᠪᠣᠣ ᠮᠡᠳᠡ᠃ ᠠᠩᠬ᠎ᠠ ᠲᠣᠮᠳᠠᠳᠣ ᠶᠢᠨ ᠨᠢᠭᠡᠳᠦᠭᠡᠷ ᠣᠨ ᠤ ᠥᠶ᠎ᠡ ᠳᠤ ᠪᠦᠮᠪᠦᠭᠡ ᠢᠰᠬᠦᠯᠬᠦ ᠨᠢ ᠨᠠᠳᠠ ᠳᠤ ᠶᠡᠭᠡ ᠭᠤᠶᠣ ᠰᠠᠨᠠᠭᠳᠠᠭᠰᠠᠨ ᠠᠴᠠ ᠰᠣᠷᠭᠠᠭᠤᠯᠢ ᠶᠢᠨ ᠬᠥᠯ ᠪᠦᠮᠪᠦᠭᠡ ᠶᠢᠨ ᠠᠩᠭᠢ ᠳᠤ ᠣᠷᠣᠯᠴᠠᠪᠠ᠃ ᠲᠡᠷᠡ ᠥᠶ᠎ᠡ ᠳᠤ ᠪᠦᠮᠪᠦᠭᠡ ᠢᠰᠬᠦᠯᠬᠦ ᠡᠮᠡᠭᠳᠡᠢ ᠰᠣᠷᠣᠭᠴᠢ ᠲᠣᠩ ᠴᠦᠬᠡᠨ ᠪᠠᠶᠢᠵᠣ᠂ ᠪᠢ ᠵᠥᠪᠬᠡᠨ ᠡᠳᠦᠷ ᠪᠣᠯᠭᠠᠨ ᠡᠷᠡᠭᠳᠡᠢ ᠰᠣᠷᠣᠭᠴᠢ ᠶᠢ ᠲᠠᠭᠠᠨ ᠲᠣᠷ᠎ᠠ ᠪᠠᠷ ᠢᠰᠬᠦᠯᠵᠥ ᠪᠠᠶᠢᠪᠠ᠃ ᠬᠠᠷᠢᠨ ᠠᠩᠬ᠎ᠠ ᠲᠣᠮᠳᠠᠳᠣ ᠶᠢᠨ ᠨᠢᠭᠡᠳᠦᠭᠡᠷ ᠣᠨ ᠤ ᠲᠣᠣᠷ᠎ᠠ ᠬᠤᠭᠤᠴᠠᠭᠠᠨ ᠳᠤ ᠮᠢᠨᠥ ᠨᠢᠭᠡ ᠠᠬ᠎ᠠ ᠬᠥᠯ ᠪᠦᠮᠪᠦᠭᠡ ᠶᠢᠨ ᠪᠣᠯᠪᠠᠰᠣᠷᠠᠯ ᠤᠨ ᠠᠩᠭᠢ ᠡᠷᠬᠢᠯᠡᠵᠥ᠂ ᠪᠢᠳᠡ ᠡᠳᠦᠷ ᠪᠣᠯᠭᠠᠨ ᠲᠡᠬᠦᠨ ᠢ ᠲᠠᠭᠠᠨ ᠪᠣᠯᠪᠠᠰᠣᠷᠠᠵᠣ᠂ ᠮᠥᠨ ᠴᠦ ᠲᠡᠷᠡ ᠨᠠᠳᠠ ᠳᠤ ᠨᠢᠭᠡᠳᠦᠭᠡᠷ ᠣᠳᠠᠭ᠎ᠠ ᠣᠷᠣᠯᠳᠣᠭᠠᠨ ᠳᠤ ᠣᠷᠣᠯᠴᠠᠬᠤ ᠲᠣᠬᠢᠶᠠᠯ ᠥᠭᠬᠦᠭᠰᠡᠨ ᠪᠠᠶᠢᠨ᠎ᠠ᠃ ᠪᠢᠳᠡ ᠭᠠᠳᠠᠭᠰᠢ ᠭᠠᠷᠴᠣ ︽ᠬᠡᠨ ᠨᠢ ᠠᠷᠠᠳ ᠤᠨ ᠲᠣᠮᠳᠠᠬᠢ ᠪᠦᠮᠪᠦᠭᠡᠨ ᠤ ᠠᠪᠣᠷᠭᠤ ᠪᠣᠯᠬᠤ ᠲᠠᠮᠡᠴᠡᠯᠳᠡ ᠶᠢᠨ ᠣᠷᠣᠯᠳᠣᠭᠠᠨ︾ ᠳᠤ ᠣᠷᠣᠯᠴᠠᠵᠣ ᠪᠣᠯᠬᠤ ᠴᠢᠮᠡᠭᠡ ᠶᠢ ᠰᠣᠨᠣᠰᠣᠭᠠᠳ ᠲᠣᠩ ᠰᠡᠳᠬᠢᠯ ᠲᠣᠭᠳᠣᠯᠵᠣ᠂ ᠡᠳᠦᠷ ᠪᠣᠯᠭᠠᠨ ᠰᠢᠷᠭᠠᠭᠤ ᠬᠠᠳᠠᠭᠤᠵᠢᠯᠳᠠᠢ ᠪᠣᠯᠪᠠᠰᠣᠷᠠᠵᠣ᠂ ᠬᠢᠴᠢᠶᠡᠯ ᠪᠠᠭᠤᠭᠰᠠᠭᠠᠷ ᠲᠠᠮᠢᠷ ᠤᠨ ᠲᠠᠯᠠᠪᠣᠷ ᠲᠤ ᠬᠥᠷᠴᠥ ᠲᠣᠩ ᠣᠷᠣᠢ ᠪᠣᠯᠳᠠᠭ᠃ ᠭᠡᠳᠡᠯ᠎ᠡ ᠪᠢ ᠬᠥᠯ  ᠪᠦᠮᠪᠦᠭᠡᠨ ᠳᠤ ᠲᠣᠷ᠎ᠠ ᠪᠠᠭ᠋ᠠᠳᠠᠢ ᠣᠴᠢᠷ ᠶᠠᠳᠠᠷᠠᠪᠠᠴᠣ ᠪᠠᠶᠠᠷ ᠴᠡᠩᠭᠡᠯ ᠲᠠᠢ᠃      ︽ᠴᠢᠷᠮᠠᠶᠢᠯᠠᠭ᠎ᠠ ᠬᠥᠮᠥᠨ ᠢ ᠭᠤᠮᠣᠳᠠᠭᠠᠳᠠᠭ ᠥᠭᠡᠢ︾ ᠭᠡᠳᠡᠭ ᠢᠶᠠᠷ ᠪᠢᠳᠡ ︽ᠬᠡᠨ ᠨᠢ ᠠᠷᠠᠳ ᠤᠨ ᠲᠣᠮᠳᠠᠬᠢ ᠪᠦᠮᠪᠦᠭᠡᠴᠢᠨ ᠤ ᠠᠪᠣᠷᠭᠤ ᠪᠣᠯᠬᠤ ᠲᠡᠮᠡᠴᠡᠯᠳᠡ ᠶᠢᠨ ᠣᠷᠣᠯᠳᠣᠭᠠᠨ︾ ᠤ ᠥᠪᠥᠷ ᠮᠣᠩᠭᠤᠯ ᠣᠷᠣᠨ ᠤ ᠬᠡᠪᠴᠢᠶᠡᠨ ᠳᠤ ᠲᠡᠳ᠋ᠯᠡᠪᠡ᠃ ᠬᠡᠳᠦ᠋ᠢᠪᠡᠷ ᠲᠡᠷᠢᠬᠦᠨ ᠪᠣᠯᠵᠣ ᠲᠡᠶᠢᠯᠥᠭᠰᠡᠨ ᠥᠭᠡᠢ ᠪᠣᠯᠪᠠᠴᠣ ᠲᠡᠷᠡ ᠥᠶ᠎ᠡ ᠪᠢᠳᠡᠨ ᠳᠤ ᠠᠪᠴᠣ ᠬᠡᠯᠡᠪᠡᠯ ᠨᠢᠭᠡᠨᠳᠡ ᠬᠠᠮᠤᠭ ᠤᠨ ᠰᠠᠶᠢᠨ ᠬᠢᠷᠢ ᠪᠥᠳᠥᠮᠵᠢ ᠪᠣᠯᠣᠭᠰᠠᠨ ᠪᠠᠶᠢᠨ᠎ᠠ᠃ ᠬᠠᠮᠤᠭ ᠤᠨ ᠬᠥᠴᠢᠷ ᠵᠣᠪᠠᠭᠤᠷᠢ ᠲᠠᠢ ᠥᠶ᠎ᠡ ᠳᠤ ᠴᠣ᠋ ᠮᠠᠨ ᠢ ᠪᠠᠨ ᠲᠠᠶᠠᠭᠳᠠᠭᠰᠠᠨ ᠥᠭᠡᠢ ᠠᠬ᠎ᠠ ᠳᠤ ᠪᠠᠨ ᠪᠢᠳᠡ ᠣᠳᠣ ᠪᠣᠯᠳᠠᠯ᠎ᠠ ᠲᠣᠩ ᠲᠠᠯᠠᠷᠬᠠᠨ᠎ᠠ᠃ ᠢᠡᠭᠭᠢᠭᠡᠳ ᠯᠠ ᠮᠢᠨᠤ ᠠᠩᠬ᠎ᠠ ᠲᠣᠮᠳᠠᠳᠣ ᠶᠢᠨ ᠠᠮᠢᠳᠣᠷᠠᠯ ᠥᠡᠭᠭᠡᠷᠡᠭᠰᠡᠨ ᠪᠠᠶᠢᠨ᠎ᠠ ᠁      2015 ᠣᠨ ᠳᠤ ᠲᠡᠭᠡᠳᠦ ᠲᠣᠮᠳᠠᠳᠣ ᠳᠤ ᠲᠠᠪᠰᠢᠵᠣ᠂ ᠨᠠᠳᠠ ᠲᠠᠢ ᠠᠳᠠᠯᠢ ᠬᠥᠯ ᠪᠦᠮᠪᠦᠭᠡᠨ ᠳᠤ ᠲᠣᠷ᠎ᠠ ᠪᠠᠭ᠋ᠠᠳᠠᠢ ᠣᠯᠠᠨ ᠡᠮᠡᠭᠳᠡᠢ ᠰᠣᠷᠣᠭᠴᠢ ᠲᠠᠢ ᠲᠠᠨᠢᠯᠴᠠᠵᠣ᠂ ᠬᠥᠯ ᠪᠦᠮᠪᠦᠭᠡᠨ ᠲᠣᠭᠤᠢᠢᠯᠠᠩ ᠳᠤ ᠣᠷᠣᠯᠴᠠᠨ᠂ ᠲᠡᠳᠡᠨ ᠲᠠᠢ ᠬᠠᠯᠠᠭᠤᠨ ᠲᠣᠳᠣᠨᠣ ᠨᠥᠬᠦᠷᠯᠡᠯ ᠪᠠᠶᠢᠭᠤᠯᠣᠭᠰᠠᠨ ᠪᠠᠶᠢᠨ᠎ᠠ᠃ ᠬᠥᠭᠵᠢᠯᠳᠦ ᠲᠠᠰᠬᠠᠯᠵᠢᠭᠤᠯᠣᠭᠴᠢ ᠪᠣᠯᠣᠨ ᠥᠷᠭᠡᠨ ᠲᠠᠰᠬᠠᠯᠵᠢᠭᠤᠯᠣᠭᠴᠢ ᠡᠳᠦᠷ ᠪᠣᠯᠭᠠᠨ ᠤ ᠲᠣᠯᠤᠭ᠎ᠠ᠂ ᠨᠠᠢᠮᠠᠳᠣᠭᠠᠷ ᠬᠢᠴᠢᠶᠡᠯ ᠪᠢᠳᠡᠨ ᠢ ᠲᠠᠭᠠᠭᠤᠯᠣᠨ ᠪᠣᠯᠪᠠᠰᠣᠷᠠᠭᠰᠠᠨ ᠠᠴᠠ ᠴᠣᠬᠤᠮ ᠬᠦ ᠵᠢᠩᠭᠢᠨᠢ ᠪᠣᠯᠪᠠᠰᠣᠷᠠᠯ ᠲᠠᠢ ᠵᠣᠯᠭᠠᠭᠰᠠᠨ ᠪᠠᠶᠢᠨ᠎ᠠ᠃ ᠪᠢ ᠰᠠᠶ᠋ᠢ ᠪᠦᠮᠪᠦᠭᠡᠨ ᠠᠩᠭᠢ ᠳᠤ ᠣᠴᠢᠬᠤ ᠳᠤ ᠲᠣᠩ ᠪᠢᠰᠢᠭᠦᠷᠬᠡᠵᠦ᠂ ᠪᠣᠰᠣᠳ ᠲᠠᠢ ᠶᠠᠪᠣᠯᠴᠠᠵᠣ ᠴᠢᠳᠠᠬᠤ ᠥᠭᠡᠢ᠃ ᠬᠤᠶᠠᠷ ᠲᠠᠰᠬᠠᠯᠵᠢᠭᠤᠯᠤᠭᠴᠢ ᠲᠣᠩ ᠬᠦᠯᠢᠴᠡᠩᠭᠦᠢ ᠪᠠᠷ ᠨᠠᠳᠠ ᠳᠤ ᠬᠠᠷᠢᠯᠴᠠᠬᠤ ᠨᠦᠬᠦᠷᠯᠡᠯ ᠶᠢᠨ ᠣᠬᠠᠭᠠᠨ ᠢ ᠵᠢᠭᠠᠨ᠂ ᠪᠦᠮᠪᠦᠭᠡᠨ ᠠᠩᠭᠢ ᠶᠢᠨ ᠡᠭᠡᠴᠢ ᠨᠠᠷ ᠴᠦ ᠨᠠᠮ᠎ᠠ ᠶᠢ ᠲᠣᠩ ᠬᠠᠷᠠᠭᠠᠯᠵᠠᠵᠣ᠂ ᠮᠢᠨᠥ ᠮᠡᠳᠡᠬᠦ ᠥᠭᠡᠢ ᠵᠥᠢᠯ ᠢ ᠵᠢᠭᠠᠵᠣ ᠦᠭᠳᠡᠭ ᠪᠠᠶᠢᠪᠠ᠃      ᠲᠡᠭᠡᠳᠦ ᠲᠣᠮᠳᠠᠳᠣ ᠪᠣᠯᠣᠨ ᠠᠩᠬ᠎ᠠ ᠲᠣᠮᠳᠠᠳᠣ ᠶᠢᠨ ᠣᠷᠣᠯᠳᠣᠭᠠᠨ ᠤ ᠠᠭᠤᠷ ᠠᠮᠢᠰᠬᠤᠯ ᠨᠢ ᠪᠥᠷᠢᠮᠥᠰᠥᠨ ᠠᠳᠠᠯᠢ ᠪᠣᠰᠣ ᠪᠠᠶᠢᠵᠣ᠂ ᠲᠡᠭᠡᠳᠦ ᠲᠣᠮᠳᠠᠳᠣ ᠶᠢᠨ ᠨᠢᠭᠡᠳᠦᠭᠡᠷ ᠣᠨ ᠤ ︽ᠲᠡᠷᠢᠬᠦᠯᠡᠭᠴᠢ ᠬᠤᠨᠳᠠᠭᠠᠳᠣ︾ ᠣᠷᠣᠯᠳᠣᠭᠠᠨ ᠨᠢ ᠨᠠᠳᠠ ᠳᠤ ᠲᠣᠩ ᠮᠠᠷᠳᠠᠭᠳᠠᠰᠢ ᠥᠭᠡᠢ ᠣᠴᠢᠷ ᠪᠣᠯᠤᠨ᠂ ᠮᠥᠨ ᠴᠦ ᠮᠢᠨᠥ ᠲᠡᠭᠡᠳᠦ ᠲᠣᠮᠳᠠᠳᠣ ᠳᠤ ᠣᠷᠤᠭᠰᠠᠨ ᠠᠴᠠ ᠰᠡᠬᠦᠯᠡᠷᠬᠢ ᠨᠢᠭᠡᠳᠦᠭᠡᠷ ᠣᠳᠠᠭᠠᠨ ᠤ ᠲᠣᠮᠣ ᠣᠷᠣᠯᠳᠣᠭᠠᠨ ᠪᠣᠯᠬᠤ ᠶᠣᠮ᠃ ᠨᠠᠢᠮᠠ ᠠᠴᠠ ᠲᠦᠷᠪᠡ ᠳᠤ ᠲᠠᠪᠰᠢᠬᠤ ᠰᠣᠯᠢᠯᠴᠠᠭ᠎ᠠ ᠣᠷᠣᠯᠳᠣᠭᠠᠨ ᠳᠤ ᠮᠠᠨ ᠳᠤ ᠲᠠᠭᠠᠷᠠᠭᠰᠠᠨ ᠡᠰᠡᠷᠬᠦ ᠡᠳᠡᠭᠡᠳ ᠪᠠᠰᠠ ᠲᠣᠩ ᠴᠢᠩᠭ᠎ᠠ ᠪᠠᠶᠢᠵᠠᠢ᠂ ᠭᠡᠳᠡᠯ᠎ᠡ ᠲᠡᠷᠡ ᠣᠳᠠᠭ᠎ᠠ ᠪᠢᠳᠡᠨ ᠤ ᠬᠠᠮᠠᠭᠠᠯᠠᠯᠳᠠ ᠶᠢᠨ ᠲᠣᠮᠳᠠᠬᠢ ᠭᠡᠳᠡᠷᠬᠦ ᠲᠠᠭᠠᠷᠢᠯᠳᠠ ᠨᠢ ᠠᠮᠵᠢᠯᠳᠠ ᠣᠯᠵᠣ ᠨᠢᠭᠡ ᠪᠦᠮᠪᠦᠭᠡ ᠣᠷᠣᠭᠤᠯᠣᠭᠰᠠᠨ ᠠᠴᠠ ᠡᠬᠢᠯᠡᠨ ᠬᠠᠮᠠᠭᠠᠯᠠᠯᠳᠠ ᠬᠢᠭᠰᠡᠨ ᠪᠠᠶᠢᠨ᠎ᠠ᠃ ᠲᠠᠰᠬᠠᠯᠵᠢᠭᠤᠯᠣᠭᠴᠢ ᠠᠴᠠ ᠪᠢᠳᠡᠨ ᠢ ᠣᠷᠣᠯᠳᠣᠭᠠᠨ ᠲᠠᠭᠤᠰᠬᠤ ᠱᠥᠭᠯᠥ ᠲᠣᠣᠭᠠᠷᠬᠤ ᠠᠴᠠ ᠡᠮᠥᠨ᠎ᠡ ᠥᠴᠥᠬᠡᠨ ᠴᠦ ᠰᠣᠯᠠᠷᠠᠵᠣ ᠪᠣᠯᠬᠤ ᠥᠭᠡᠢ ᠭᠡᠵᠥ ᠲᠠᠬᠢᠨᠳᠠ ᠵᠠᠬᠢᠵᠣ᠂ ᠬᠠᠮᠤᠭ ᠤᠨ ᠡᠴᠦᠰ ᠤᠨ ᠨᠢᠭᠡ ᠮᠢᠨᠦ᠋ᠲ ᠲᠠᠭᠤᠰᠳᠠᠯ᠎ᠠ ᠪᠢᠳᠡ ᠬᠢᠴᠢᠶᠡᠵᠥ ᠣᠷᠣᠯᠳᠣᠭᠠᠳ᠂ ᠡᠴᠦᠰ ᠲᠤ ᠪᠠᠨ ᠪᠢᠳᠡ ᠢᠯᠠᠯ᠎ᠠ᠃ ᠬᠠᠶᠢᠯᠠᠷ ᠨᠢᠭᠡᠳᠦᠭᠡᠷ ᠲᠣᠮᠳᠠᠳᠣ ᠰᠣᠷᠭᠠᠭᠤᠯᠢ ᠶᠢᠨ ᠡᠮᠡᠭᠳᠡᠢ ᠬᠥᠯ ᠪᠦᠮᠪᠦᠭᠡ ᠶᠢᠨ ᠠᠩᠭᠢ ᠨᠢ ᠡᠮᠥᠨ᠎ᠡ ᠲᠦᠷᠪᠡ ᠳᠤ ᠲᠠᠭᠠᠷᠢᠨ ᠣᠷᠣᠵᠣ᠂ ᠰᠣᠷᠭᠠᠭᠤᠯᠢ ᠶᠢᠨ ᠲᠡᠥᠭᠡᠨ ᠲᠡᠮᠳᠡᠭᠯᠡᠯ ᠢ ᠡᠬᠦᠳᠴᠦ᠂ ᠮᠠᠨ ᠤ ᠠᠩᠭᠢ ᠶᠢᠨ ᠨᠥᠬᠦᠳ ᠪᠠᠶᠠᠷ ᠤᠨ ᠨᠢᠯᠪᠣᠰᠣ ᠪᠦᠮᠪᠥᠷᠢᠬᠦᠯᠥᠯ᠎ᠡ᠂ ᠪᠢ ᠴᠦ ᠲᠡᠷᠡ ᠠᠭᠤᠷ ᠠᠮᠢᠰᠬᠤᠯ ᠳᠤ ᠰᠡᠳᠬᠢᠯ ᠲᠣᠭᠳᠣᠯᠣᠯ᠎ᠠ᠃      ᠲᠡᠭᠡᠳᠦ ᠲᠣᠮᠳᠠᠳᠣ ᠳᠤ ᠲᠠᠪᠰᠢᠬᠤ ᠠᠴᠠ ᠡᠮᠥᠨ᠎ᠡ ᠪᠢ ᠡᠳᠦᠷ ᠪᠣᠯᠭᠠᠨ ᠬᠤᠪᠢ ᠬᠥᠮᠥᠨ ᠤ ᠮᠡᠷᠭᠡᠵᠢᠯ ᠪᠣᠯᠪᠠᠰᠣᠷᠠᠵᠣ᠂ ᠶᠡᠷᠦ ᠠᠴᠠ ᠪᠥᠯᠬᠦᠮᠳᠡᠨ ᠬᠠᠮᠵᠢᠯᠴᠠᠬᠤ ᠦᠵᠡᠯ ᠣᠬᠠᠮᠰᠠᠷ ᠪᠠᠶᠢᠭᠰᠠᠨ ᠥᠭᠡᠢ᠃ ᠬᠤᠶᠠᠷ ᠲᠠᠰᠬᠠᠯᠵᠢᠭᠤᠯᠣᠭᠴᠢ ᠶᠢᠨ ᠲᠠᠭᠠᠭᠤᠯᠭ᠎ᠠ ᠲᠣᠣᠷ᠎ᠠ ᠣᠯᠠᠨ ᠣᠳᠠᠭ᠎ᠠ ᠣᠷᠣᠯᠳᠣᠭᠠᠨ ᠳᠤ ᠣᠷᠣᠯᠴᠠᠵᠣ᠂ ᠲᠣᠩ ᠣᠯᠠᠨ ᠲᠣᠷᠰᠢᠯᠭ᠎ᠠ ᠬᠤᠷᠠᠮᠳᠣᠭᠤᠯᠣᠭᠰᠠᠨ ᠠᠴᠠ ᠢᠯᠠᠯᠳᠠ ᠣᠯᠣᠶ᠎ᠠ ᠭᠡᠪᠡᠯ ᠬᠠᠮᠳᠣ ᠪᠥᠯᠬᠦᠮ ᠴᠢᠬᠤᠯᠠ᠂ ᠬᠠᠮᠳᠣᠷᠠᠯᠴᠠᠬᠤ ᠥᠭᠡᠢ ᠪᠣᠯ ᠢᠯᠠᠯᠳᠠ ᠣᠯᠵᠣ ᠴᠢᠳᠠᠬᠤ ᠥᠭᠡᠢ᠃ ᠨᠢᠭᠡ ᠬᠥᠮᠥᠨ ᠠᠷᠪᠠᠨ ᠨᠢᠭᠡᠨ ᠬᠥᠮᠥᠨ ᠢ ᠶᠠᠭᠠᠬᠢᠵᠣ ᠲᠡᠶᠢᠯᠬᠦ ᠪᠣᠢ᠂ ᠵᠥᠪᠬᠡᠨ ᠨᠢᠭᠡ ᠬᠠᠮᠳᠣ ᠪᠥᠯᠬᠦᠮ ᠨᠢ ᠨᠥᠬᠦᠷᠯᠡᠨ ᠪᠥᠯᠬᠦᠮᠳᠡᠪᠡᠯ ᠠᠯᠢᠪᠠ ᠶᠢ ᠢᠯᠠᠵᠣ ᠲᠡᠶᠢᠯᠥᠨ᠎ᠡ ᠭᠡᠰᠡᠨ ᠶᠣᠰᠣ ᠣᠴᠢᠷ ᠢ ᠬᠥᠨ ᠣᠢᠢᠯᠠᠭᠠᠭᠰᠠᠨ ᠪᠠᠶᠢᠨ᠎ᠠ᠃      ᠠᠮᠠᠷᠠᠯᠳᠠ ᠪᠣᠯᠭᠠᠨ ᠪᠢ ᠪᠥᠷ ᠲᠣᠭᠯᠠᠯᠳᠠ ᠪᠣᠯᠣᠨ ᠬᠤᠪᠴᠠᠰᠣᠨ ᠥᠵᠡᠬᠦᠯᠭᠡ ᠶᠢᠨ ᠣᠷᠣᠯᠳᠣᠭᠠᠨ ᠳᠤ ᠣᠷᠣᠯᠴᠠᠵᠣ᠂ ᠦᠪᠡᠷ ᠤᠨ ᠠᠮᠵᠢᠯᠳᠠ ᠪᠠᠨ ᠲᠡᠬᠦᠯᠳᠡᠷᠵᠢᠬᠦᠯᠬᠦ ᠶᠢᠨ ᠲᠠᠭᠠᠣ ᠳᠤ ᠪᠠᠰᠠ ᠮᠠᠯᠵᠢᠬᠤ ᠣᠷᠣᠨ ᠳᠤ ᠪᠠᠨ ᠬᠠᠷᠢᠵᠣ᠂ ᠣᠨᠠᠭᠠᠨ ᠪᠠᠭ᠎ᠠ ᠶᠢᠨ ᠨᠠᠶᠢᠵᠠ ᠲᠠᠢ ᠪᠠᠨ ᠥᠡᠭᠭᠡᠷᠡᠭᠰᠡᠨ ᠢᠶᠠᠨ ᠲᠣᠷᠠᠰᠳᠠᠭ᠃ ᠢᠡᠭᠭᠢᠯ᠎ᠡ ᠴᠦ ᠭᠡᠰᠡᠨ ᠪᠦᠮᠪᠦᠭᠡ ᠢᠰᠬᠦᠯᠬᠦ ᠪᠠᠨ ᠥᠯᠥ ᠮᠠᠷᠳᠠᠨ᠂ ᠬᠤᠰᠢᠭᠤᠨ ᠳᠤ ᠪᠠᠨ ᠬᠠᠷᠢᠵᠣ ᠨᠢᠭᠡ ᠪᠥᠯᠥᠭ ᠨᠠᠶᠢᠵᠠ ᠨᠠᠷ ᠲᠠᠢ ᠪᠠᠨ ᠰᠦᠨᠢ ᠶᠢᠨ ᠲᠠᠯᠠᠪᠣᠷ ᠤᠨ 5 ᠬᠥᠮᠥᠨ ᠤ ᠲᠥᠷᠢᠮᠳᠦ ᠬᠥᠯ ᠪᠦᠮᠪᠦᠭᠡ ᠢᠰᠬᠦᠯᠳᠡᠭ᠃ ᠬᠤᠰᠢᠭᠤᠨ ᠳᠤ ᠡᠬᠢᠯᠡᠨ ᠶᠠᠪᠣᠭᠳᠠᠭᠤᠯᠣᠭᠰᠠᠨ 5 ᠬᠥᠮᠥᠨ ᠤ ᠲᠥᠷᠢᠮᠳᠦ ᠬᠥᠯ ᠪᠦᠮᠪᠦᠭᠡᠨ ᠣᠷᠣᠯᠳᠣᠭᠠᠨ ᠳᠤ ᠪᠠᠰᠠ ᠰᠣᠮᠣ ᠪᠠᠨ ᠲᠥᠯᠥᠭᠡᠯᠡᠨ ᠣᠷᠣᠯᠴᠠᠵᠣ᠂ ᠨᠣᠳᠤᠭ ᠲᠤ ᠪᠠᠨ ᠬᠤᠪᠢ ᠨᠡᠮᠡᠷᠢ ᠦᠵᠡᠭᠦᠯᠥᠭᠰᠡᠨ ᠪᠠᠶᠢᠨ᠎ᠠ᠃      ᠲᠣᠣᠷᠠᠬᠢ ᠪᠣᠯ ᠮᠢᠨᠥ ᠰᠣᠷᠭᠠᠭᠤᠯᠢ ᠶᠢᠨ ᠬᠥᠯ ᠪᠦᠮᠪᠦᠭᠡ ᠶᠢᠨ ᠲᠣᠭᠤᠢᠢᠯᠠᠩ ᠪᠣᠯᠣᠨ ᠬᠤᠪᠢ ᠬᠥᠮᠥᠨ ᠤ ᠢᠷᠠᠭᠤ ᠠᠯᠳᠠᠷ᠄      2014 ᠣᠨ ᠤ ︽ᠬᠡᠨ ᠨᠢ ᠠᠷᠠᠳ ᠤᠨ ᠲᠣᠮᠳᠠᠬᠢ ᠪᠦᠮᠪᠦᠭᠡᠴᠢᠨ ᠤ ᠠᠪᠣᠷᠭᠤ ᠪᠣᠯᠬᠤ ᠲᠡᠮᠡᠴᠡᠯᠳᠡ ᠶᠢᠨ ᠣᠷᠣᠯᠳᠣᠭᠠᠨ︾ ᠤ ᠥᠪᠥᠷ ᠮᠣᠩᠭᠤᠯ ᠣᠷᠣᠨ ᠤ ᠬᠡᠪᠴᠢᠶᠡᠨ ᠳᠠᠬᠢ ᠲᠡᠳ᠋ ᠲᠡᠰ      2015 ᠣᠨ ᠤ ᠬᠥᠯᠥᠨ ᠪᠤᠶᠢᠷ ᠬᠤᠳᠠ ᠶᠢᠨ ᠠᠩᠬ᠎ᠠ ᠲᠣᠮᠳᠠᠳᠣ ᠶᠢᠨ ᠲᠣᠭᠤᠢᠢᠯᠠᠩ ᠤᠨ ︽ᠬᠤᠳᠠ ᠶᠢᠨ ᠲᠠᠷᠤᠭ᠎ᠠ ᠬᠤᠨᠳᠠᠭᠠᠳᠣ︾ ᠶᠢᠨ ᠭᠤᠳᠠᠭᠠᠷ ᠲᠡᠰ      2016 ᠣᠨ ᠤ ᠬᠥᠯᠥᠨ ᠪᠤᠶᠢᠷ ᠬᠤᠳᠠ ᠶᠢᠨ ᠲᠡᠭᠡᠳᠦ ᠲᠣᠮᠳᠠᠳᠣ ᠶᠢᠨ ᠲᠣᠭᠤᠢᠢᠯᠠᠩ ᠤᠨ ︽ᠬᠤᠳᠠ ᠶᠢᠨ ᠲᠠᠷᠤᠭ᠎ᠠ ᠬᠤᠨᠳᠠᠭᠠᠳᠣ︾ ᠶᠢᠨ ᠲᠡᠷᠢᠬᠦᠨ ᠲᠡᠰ      2016 ᠣᠨ ᠤ ᠦᠪᠡᠷᠳᠡᠭᠡᠨ ᠵᠠᠰᠠᠬᠤ ᠣᠷᠣᠨ ᠤ ᠲᠡᠭᠡᠳᠦ ᠲᠣᠮᠳᠠᠳᠣ ᠶᠢᠨ ᠡᠮᠡᠭᠳᠡᠢ ᠶᠢᠨ ᠲᠣᠭᠤᠢᠢᠯᠠᠩ ᠤᠨ ︽ᠲᠡᠷᠢᠬᠦᠯᠡᠭᠴᠢ ᠬᠤᠨᠳᠠᠭᠠᠳᠣ︾ ᠶᠢᠨ ᠭᠤᠳᠠᠭᠠᠷ ᠲᠡᠰ      2016 ᠣᠨ ᠤ ᠡᠮᠡᠭᠳᠡᠢ ᠶᠢᠨ ᠬᠥᠭᠡ ᠲᠣᠭᠤᠢᠢᠯᠠᠩ ᠤᠨ ︽ᠪᠡᠶ᠎ᠡ ᠶᠢᠨ ᠲᠠᠮᠢᠷ ᠤᠨ ᠯᠧᠲ᠋ᠣᠷᠢ ᠬᠤᠨᠳᠠᠭᠠᠳᠣ︾ ᠶᠢᠨ ᠵᠢᠷᠭᠤᠳᠣᠭᠠᠷ ᠲᠡᠰ      2017 ᠣᠨ ᠤ ᠬᠥᠯᠥᠨ ᠪᠤᠶᠢᠷ ᠬᠤᠳᠠ ᠶᠢᠨ ᠲᠡᠭᠡᠳᠦ ᠲᠣᠮᠳᠠᠳᠣ ᠶᠢᠨ ᠲᠣᠭᠤᠢᠢᠯᠠᠩ ᠤᠨ ︽ᠬᠤᠳᠠ ᠶᠢᠨ ᠲᠠᠷᠤᠭ᠎ᠠ ᠬᠤᠨᠳᠠᠭᠠᠳᠣ︾ ᠶᠢᠨ ᠲᠡᠷᠢᠬᠦᠨ ᠲᠡᠰ      2017 ᠣᠨ ᠤ ᠬᠥᠯᠥᠨ ᠪᠤᠶᠢᠷ ᠬᠤᠳᠠ ᠶᠢᠨ ᠲᠡᠭᠡᠳᠦ ᠲᠣᠮᠳᠠᠳᠣ ᠶᠢᠨ ᠲᠣᠭᠤᠢᠢᠯᠠᠩ ᠤᠨ ︽ᠬᠤᠳᠠ ᠶᠢᠨ ᠲᠠᠷᠤᠭ᠎ᠠ ᠬᠤᠨᠳᠠᠭᠠᠳᠣ︾ ᠶᠢᠨ ᠬᠠᠮᠤᠭ ᠤᠨ ᠰᠠᠶᠢᠨ ᠬᠠᠷᠪᠣᠭᠠᠴᠢ      2017 ᠣᠨ ᠤ ᠦᠪᠡᠷᠳᠡᠭᠡᠨ ᠵᠠᠰᠠᠬᠤ ᠣᠷᠣᠨ ᠤ ︽ᠲᠡᠷᠢᠬᠦᠯᠡᠭᠴᠢ ᠬᠤᠨᠳᠠᠭᠠᠳᠣ︾ ᠶᠢᠨ ᠲᠡᠭᠡᠳᠦ ᠲᠣᠮᠳᠠᠳᠣ ᠶᠢᠨ ᠡᠮᠡᠭᠳᠡᠢ ᠶᠢᠨ ᠲᠣᠭᠤᠢᠢᠯᠠᠩ ᠤᠨ ᠵᠢᠷᠭᠤᠳᠣᠭᠠᠷ ᠲᠡᠰ                            
 
ᠢᠷᠡᠯᠲᠡ᠄ ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠤᠷᠭᠠᠨ ᠬᠦᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map