︽ᠰᠡᠷᠡᠮᠵᠢ ᠶᠢᠨ ᠬᠤᠨᠭ᠍ᠬᠤ︾ ᠭᠡᠨ ᠤ ᠲᠥᠯᠤᠭᠡ ᠲᠤᠤᠭᠠᠷᠪᠠ
ᠨᠡᠶᠢᠲᠡᠯᠡᠭᠰᠡᠨ ᠴᠠᠭ᠄
2019/1/11
                                                          ᠫ᠊ · ᠰᠠᠶᠢᠨᠪᠠᠶᠠᠷ      ᠨᠡᠶᠢᠭᠡᠮ ᠪᠤᠯ ᠲᠠᠰᠤᠷᠡᠯᠳᠡ ᠥᠭᠡᠢ ᠭᠥᠭᠵᠢᠳᠡᠭ ᠨᠢ ᠲᠡᠤᠭᠡᠨ ᠵᠢᠮ᠎ᠡ ᠮᠥᠨ᠃ ᠤᠳᠤᠭᠢ ᠨᠡᠶᠢᠭᠡᠮ ᠤᠨ ᠭᠥᠭᠵᠢᠯᠳᠡ ᠶᠢ ᠲᠥᠯᠭᠢᠨ ᠠᠭᠢᠭᠤᠯᠬᠤ ᠭᠤᠷᠪᠠᠨ ᠭᠤᠤᠯ ᠡᠯᠧᠮᠧᠨ᠋ᠲ ᠪᠤᠯ ᠰᠢᠨᠵᠢᠯᠡᠭᠦ ᠤᠬᠠᠭᠠᠨ᠂ ᠠᠵᠤ ᠤᠶᠢᠯᠡᠳᠪᠤᠷᠢ᠂ ᠠᠵᠤ ᠠᠬᠤᠢ ᠶᠢᠨ ᠭᠤᠷᠮᠤᠰᠤᠨ ᠤᠷᠤᠰᠢᠬᠤ ᠴᠤᠭᠴᠠ ᠪᠤᠯᠤᠨ᠎ᠠ᠃ ᠰᠢᠨᠵᠢᠯᠡᠭᠦ ᠤᠬᠠᠭᠠᠨ ᠤ ᠭᠥᠭᠵᠢᠯᠳᠡ ᠨᠢ ᠠᠵᠤ ᠤᠶᠢᠯᠡᠳᠪᠤᠷᠢ ᠶᠢ ᠭᠥᠭᠵᠢᠭᠦᠯᠵᠤ᠂ ᠠᠵᠤ ᠤᠶᠢᠯᠡᠳᠪᠤᠷᠢ ᠶᠢᠨ ᠭᠥᠭᠵᠢᠯᠳᠡ ᠨᠢ ᠠᠵᠤ ᠠᠬᠤᠢ ᠶᠢᠨ ᠭᠥᠭᠵᠢᠯᠳᠡ ᠶᠢ ᠠᠪᠴᠢᠷᠠᠨ᠂ ᠠᠵᠤ ᠠᠬᠤᠢ ᠶᠢᠨ ᠭᠥᠭᠵᠢᠯᠳᠡ ᠨᠢ ᠲᠠᠭᠢᠨ ᠰᠢᠨᠵᠢᠯᠡᠭᠦ ᠤᠬᠠᠭᠠᠨ ᠤ ᠭᠥᠭᠵᠢᠯᠳᠡ ᠶᠢ ᠠᠭᠢᠭᠤᠯᠳᠠᠭ᠃ ᠮᠠᠨ ᠤ ᠠᠮᠢᠳᠤᠷᠡᠵᠤ ᠪᠠᠶᠢᠭ᠎ᠠ ᠵᠠᠭᠤᠨ ᠪᠤᠯ ᠮᠡᠳᠡᠯᠭᠡ ᠶᠢᠨ ᠲᠡᠯᠪᠡᠷᠡᠯᠳᠡ ᠶᠢᠨ ᠵᠠᠭᠤᠨ ᠮᠥᠨ᠃ ᠮᠡᠳᠡᠯᠭᠡ ᠶᠢᠨ ᠶᠢᠷᠳᠢᠨᠴᠤ ᠶᠢᠨ ᠭᠤᠷᠪᠠᠨ ᠲᠤᠮᠤ ᠲᠤᠯᠭᠠᠭᠤᠷᠢ ᠪᠤᠯ ᠰᠤᠷᠭᠠᠨ ᠭᠥᠮᠤᠵᠢᠯ᠂ ᠲᠧᠭᠨᠢᠭ ᠮᠡᠷᠭᠡᠵᠢᠯ᠂ ᠰᠤᠶᠤᠯ ᠪᠤᠯᠤᠨ᠎ᠠ᠃ ᠨᠢᠭᠡ ᠤᠯᠤᠰ ᠥᠨᠳᠤᠰᠤᠳᠡᠨ ᠭᠥᠴᠥᠷᠭᠡᠭᠵᠢᠨ ᠮᠠᠨᠳᠤᠵᠤ᠂ ᠰᠢᠭᠤᠢ ᠰᠢᠬ ᠤᠯᠠᠨ ᠤᠯᠤᠰ ᠭᠥᠷᠤᠨ ᠤ ᠲᠤᠮᠳᠡ ᠥᠪᠡᠷ ᠤᠨ ᠭᠡᠰᠡᠨ ᠤᠷᠤᠨ ᠪᠠᠶᠢᠷᠢ ᠲᠠᠢ ᠶᠠᠪᠤᠶ᠎ᠠ ᠭᠡᠪᠡᠯ ᠡᠨᠡ ︽ᠭᠤᠷᠪᠠᠨ ᠵᠡᠪᠰᠡᠭ︾ ᠢᠶᠠᠨ ᠬᠤᠷᠴᠠᠯᠠᠬᠤ ᠥᠭᠡᠢ ᠪᠠᠶᠢᠵᠤ ᠪᠤᠯᠬᠤ ᠦᠭᠡᠢ᠃ ᠰᠢᠨᠵᠢᠯᠡᠭᠦ ᠤᠬᠠᠭᠠᠨ ᠲᠧᠭᠨᠢᠭ ᠮᠡᠷᠭᠡᠵᠢᠯ ᠪᠤᠯ ᠨᠡᠶᠢᠭᠡᠮ ᠤᠨ ᠭᠥᠭᠵᠢᠯᠳᠡ ᠶᠢ ᠲᠥᠯᠭᠢᠨ ᠠᠭᠢᠭᠤᠯᠬᠤ ᠮᠤᠨᠳᠠᠭ ᠲᠤᠮᠤ ᠭᠥᠳᠡᠯᠭᠡᠭᠴᠢ ᠭᠥᠴᠤᠨ ᠮᠥᠨ᠃ ᠡᠭᠦᠨ ᠢ ᠲᠡᠯᠡᠭᠡᠢ ᠶᠢᠨ ᠭᠡᠳᠤ ᠤᠳᠠᠭᠠᠨ ᠤ ᠠᠵᠤ ᠤᠶᠢᠯᠡᠳᠪᠤᠷᠢ ᠶᠢᠨ ᠬᠤᠪᠢᠰᠬᠠᠯ ᠨᠢᠭᠡᠨᠳᠡ ᠭᠡᠷᠡᠴᠢᠯᠡᠪᠡ᠃ ᠰᠢᠨᠵᠢᠯᠡᠭᠦ ᠤᠬᠠᠭᠠᠨ ᠪᠤᠯ ᠰᠤᠷᠭᠠᠨ ᠭᠥᠮᠤᠵᠢᠯ ᠤᠨ ᠭᠥᠷᠤᠰᠤᠨ ᠳᠤ ᠲᠥᠯᠵᠢᠵᠤ ᠪᠤᠶᠢᠵᠢᠭᠰᠠᠨ ᠴᠡᠴᠡᠭ ᠶᠤᠮ᠃ ᠭᠥᠷᠤᠰᠤ ᠪᠥᠭᠦᠨ ᠳᠤ ᠴᠡᠴᠡᠭ ᠤᠷᠭᠤᠬᠤ ᠪᠢᠰᠢ᠂ ᠭᠡᠳᠡᠯ᠎ᠡ ᠭᠥᠷᠤᠰᠤ ᠰᠠᠶᠢᠨ ᠪᠤᠯ ᠴᠡᠴᠡᠭ ᠯᠠᠪ ᠰᠠᠶᠢᠨ ᠤᠷᠭᠤᠨ᠎ᠠ᠃      ᠰᠤᠷᠭᠠᠨ ᠭᠥᠮᠤᠵᠢᠯ ᠤᠨ ᠡᠴᠤᠰ ᠤᠨ ᠵᠤᠷᠢᠯᠭ᠎ᠠ ᠪᠤᠯ ᠭᠥᠮᠤᠨ ᠢ ᠭᠥᠮᠥᠵᠢᠭᠦᠯᠭᠦ ᠳᠤ ᠤᠷᠤᠰᠢᠨ᠎ᠡ᠃ ᠭᠥᠮᠤᠨ ᠪᠤᠯ ᠨᠡᠶᠢᠭᠡᠮ ᠤᠨ ᠬᠢ᠂ ᠨᠡᠶᠢᠭᠡᠮ ᠤᠨ ᠭᠥᠭᠵᠢᠯᠳᠡ ᠶᠢ ᠭᠥᠮᠤᠨ ᠲᠥᠷᠤᠯᠭᠢᠳᠡᠨ ᠲᠥᠯᠭᠢᠨ ᠠᠭᠢᠭᠤᠯᠳᠠᠭ᠃ ᠭᠥᠮᠤᠨ ᠨᠢ ᠲᠡᠭᠡᠳᠤ ᠭᠡᠮᠵᠢᠶᠡᠨ ᠤ ᠰᠤᠶᠤᠯ ᠪᠤᠯᠪᠠᠰᠤᠷᠡᠯ ᠲᠠᠢ ᠪᠠᠶᠢᠪᠠᠯ ᠨᠡᠶᠢᠭᠡᠮ ᠰᠠᠶ᠋ᠢ ᠲᠡᠭᠡᠳᠤ ᠬᠤᠷᠳᠤᠴᠠ ᠪᠠᠷ ᠭᠥᠭᠵᠢᠵᠤ ᠴᠢᠳᠠᠨ᠎ᠠ᠃ ︽ᠥᠨᠤᠳᠤᠷ ᠰᠤᠷᠭᠠᠨ ᠭᠥᠮᠤᠵᠢᠯ ᠬᠤᠴᠤᠷᠪᠠᠯ ᠮᠠᠷᠭᠠᠰᠢ ᠤᠯᠤᠰ ᠥᠨᠳᠤᠰᠤᠳᠡᠨ ᠬᠤᠴᠤᠷᠤᠨ᠎ᠠ︾ ᠭᠡᠵᠤ ᠰᠠᠴᠢᠶᠧᠷ ᠬᠠᠳᠤᠨ ᠭᠡᠯᠡᠵᠤ ᠥᠡᠭᠭᠡᠷᠡᠪᠡ᠃ ᠰᠤᠷᠭᠠᠨ ᠭᠥᠮᠤᠵᠢᠯ ᠭᠥᠭᠵᠢᠭᠰᠡᠨ ᠤᠯᠤᠰ ᠭᠥᠷᠤᠨ ᠯᠠᠪᠳᠠᠢ ᠭᠥᠴᠥᠷᠭᠡᠭᠵᠢᠭᠦ ᠨᠢ ᠵᠠᠶᠢᠯᠠᠰᠢ ᠥᠭᠡᠢ ᠥᠨᠡᠨ ᠶᠤᠰᠤ ᠮᠥᠨ᠃ ︽ᠨᠢᠭᠤᠴᠠ ᠲᠤᠪᠴᠢᠶᠡᠨ︾᠂ ︽ᠵᠢᠩᠭᠠᠷ︾᠂ ︽ᠭᠡᠰᠡᠷ︾ ᠪᠤᠯ ᠮᠤᠩᠭᠤᠯ ᠤᠨ ᠡᠷᠳᠡᠨ ᠤ ᠤᠷᠠᠨ ᠵᠤᠭᠢᠶᠡᠯ ᠤᠨ ᠭᠢᠯᠠᠯᠵᠠᠭᠰᠠᠨ ᠪᠥᠳᠤᠭᠡᠯ ᠮᠥᠨ᠃ ︽ᠬᠤᠮᠧᠷ ᠤᠨ ᠲᠤᠤᠯᠢᠰ︾᠂ ︽ᠢᠯᠢᠶᠡᠳᠡ︾ ᠲᠠᠢ ᠲᠡᠩᠴᠡᠭᠦ ᠲᠡᠯᠡᠭᠡᠢ ᠶᠢᠨ ᠲᠡᠰ ᠤᠨ ᠠᠯᠳᠠᠷᠳᠤ ᠪᠥᠳᠤᠭᠡᠯ ᠮᠥᠨ᠃ ᠮᠥᠡᠭᠭᠡ ᠬᠠᠭᠠᠨ ᠡᠾᠥ᠋ᠺᠠᠯᠢᠳ᠋ ᠤᠨ ︽ᠭᠸᠤᠮᠲᠷᠢ ᠶᠢᠨ ᠤᠭ ᠵᠤᠭᠢᠶᠡᠯ︾ ᠢ ᠤᠯᠠᠨ ᠵᠢᠯ ᠰᠢᠷᠭᠠᠭᠤ ᠰᠤᠳᠤᠯᠤᠨ᠂ ᠪᠥᠷᠢᠨ ᠭᠥᠢᠴᠡᠳ ᠲᠠᠶᠢᠯᠪᠤᠷᠢᠯᠠᠵᠤ ᠲᠡᠶᠢᠯᠥᠭᠰᠡᠨ ᠠᠩᠬᠠᠳᠠᠭᠴᠢ ᠡᠷᠳᠡᠮᠳᠡᠨ ᠪᠤᠯᠤᠭᠰᠠᠨ᠃ ᠲᠤᠮᠳᠡᠳᠤ ᠤᠯᠤᠰ ᠤᠨ ᠬᠠᠮᠤᠭ ᠤᠨ ᠠᠩᠬᠠᠨ ᠤ ᠢᠳᠡᠭᠡᠨ ᠤᠮᠳᠠᠭᠠᠨ ᠤ ᠡᠷᠡᠭᠦᠯ ᠬᠠᠮᠠᠭᠠᠯᠠᠯ ᠪᠤᠯᠤᠨ ᠰᠢᠮ᠎ᠡ ᠲᠡᠵᠢᠭᠡᠯ ᠤᠨ ᠰᠤᠳᠤᠯᠤᠯ ᠤᠨ ᠲᠤᠰᠬᠠᠢ ᠵᠤᠭᠢᠶᠡᠯ ᠪᠤᠯ ᠶᠤᠸᠠᠨ ᠤᠯᠤᠰ ᠤᠨ ᠡᠷᠳᠡᠮᠳᠡᠨ ᠭᠥᠰᠡᠭᠦᠢ ᠶᠢᠨ ︽ᠢᠳᠡᠭᠡᠨ ᠤᠮᠳᠠᠭᠠᠨ ᠤ ᠵᠢᠩᠭᠢᠨᠢ ᠲᠤᠪᠴᠢ︾ ᠮᠥᠨ᠃ ᠲᠡᠯᠡᠭᠡᠢ ᠶᠢᠨ 28242 ᠳ᠋ᠤᠭᠠᠷ ᠤᠳᠤᠨ ᠢᠶᠠᠷ ᠨᠡᠷᠡᠶᠢᠳᠥᠭᠦᠯᠥᠭᠰᠡᠨ ᠤᠳᠤᠨ ᠤᠷᠤᠨᠴᠢ ᠮᠢᠩᠭᠠᠨᠳᠤ᠂ ᠭᠥᠭᠡ ᠤᠰᠤᠨ ᠪᠥᠮᠪᠤᠷᠴᠡᠭ ᠤᠨ 101 ᠳᠤ ᠬᠢ ᠰᠠᠨᠰᠠᠷᠴᠢ ᠭᠥᠷᠤᠷᠠᠭᠴᠠ᠂ ᠬᠤᠷᠤᠭᠤ ᠰᠢᠯ ᠳᠤ ᠢᠰᠢᠭᠡ ᠪᠤᠶᠢᠵᠢᠭᠤᠯᠤᠭᠰᠠᠨ ᠰᠢᠭᠤᠷᠭᠠᠨ᠂ ᠠᠶᠢᠽ ᠡᠪᠡᠳᠴᠢᠨ ᠢ ᠵᠠᠰᠠᠬᠤ ᠲᠤᠯᠤᠭᠠᠨ ᠵᠦᠢᠯ ᠤᠨ ᠰᠢᠨ᠎ᠡ ᠡᠮ ᠢ ᠰᠤᠳᠤᠯᠤᠨ ᠭᠠᠷᠭᠠᠭᠰᠠᠨ ᠪᠤᠷᠵᠢᠭᠢᠨ ᠭᠡᠷᠡᠯᠳᠤ ᠁ ᠡᠳᠡᠭᠡᠷ ᠭᠦᠮᠦᠰ ᠪᠤᠯ ᠪᠥᠷ ᠲᠡᠯᠡᠭᠡᠢ ᠳᠤ ᠠᠯᠳᠠᠷᠳᠠᠢ ᠮᠤᠩᠭᠤᠯ ᠡᠷᠳᠡᠮᠳᠡᠨ ᠶᠤᠮ᠃ ᠲᠡᠳᠡᠨ ᠤ ᠪᠥᠳᠤᠭᠡᠯ ᠤᠳ ᠪᠤᠯ ᠮᠠᠨ ᠤ ᠥᠨᠳᠤᠰᠤᠳᠡᠨ ᠤ ᠰᠤᠶᠤᠯ ᠤᠨ ᠤᠭᠢ ᠲᠡᠯᠡᠰᠳᠤ ᠪᠥᠭᠡᠳ ᠮᠤᠩᠭᠤᠯ ᠥᠨᠳᠤᠰᠤᠳᠡᠨ ᠤ ᠲᠡᠯᠡᠭᠡᠢ ᠶᠢᠨ ᠰᠤᠶᠤᠯ ᠤᠨ ᠰᠠᠩ ᠳᠤ ᠨᠡᠮᠡᠷᠢᠯᠡᠭᠰᠡᠨ ᠪᠠᠳᠮᠠᠷᠭ᠎ᠠ ᠰᠤᠪᠤᠳ ᠪᠢᠯᠡ᠃ ︽ᠥᠡᠭᠭᠡᠷᠡᠭᠰᠡᠨ ᠢᠶᠠᠨ ᠭᠠᠷ ᠫᠤᠤ ᠪᠠᠷ ᠫᠤᠤᠳᠠᠪᠠᠯ ᠢᠷᠡᠭᠡᠳᠤᠢ ᠪᠠᠨ ᠥᠭᠡᠷ ᠫᠤᠤ ᠪᠠᠷ ᠫᠤᠤᠳᠠᠵᠤ ᠪᠠᠶᠢᠬᠤ ᠲᠠᠢ ᠠᠳᠠᠯᠢᠬᠠᠨ︾ ᠭᠡᠵᠤ ᠳ᠋ᠠᠭᠢᠰᠲ᠋ᠠᠨ ᠤ ᠢᠷᠠᠭᠤ ᠨᠠᠶᠢᠷᠠᠭᠴᠢ ᠷᠠᠰᠥ᠋ᠯ · ᠭᠠᠮᠵᠤᠲ᠋ᠤᠸ᠋ ᠭᠡᠯᠡᠵᠤ ᠥᠡᠭᠭᠡᠷᠡᠭᠰᠡᠨ ᠶᠤᠮ᠃ ᠪᠢᠳᠡ ᠲᠡᠤᠭᠡ ᠪᠠᠨ ᠵᠠᠪᠠᠯ ᠵᠥᠪ ᠤᠶᠢᠯᠠᠭᠠᠵᠤ᠂ ᠥᠪ ᠰᠤᠶᠤᠯ ᠢᠶᠠᠨ ᠥᠨᠡᠨᠬᠦ ᠤᠯᠠᠮᠵᠢᠯᠠᠵᠤ ᠶᠠᠪᠤᠬᠤ ᠴᠢᠬᠤᠯᠠᠳᠠᠢ᠃ ᠭᠡᠳᠡᠯ᠎ᠡ ᠪᠢᠳᠡ ᠥᠷᠯᠥᠭ ᠲᠡᠤᠭᠡᠨ ᠳᠤ ᠪᠠᠨ ᠤᠮᠤᠷᠬᠠᠭᠯᠠᠭᠠᠳ ᠤᠷᠤᠭᠰᠢᠯᠠᠬᠤ ᠥᠭᠡᠢ ᠪᠠᠶᠢᠵᠤ ᠥᠯᠤ ᠪᠤᠯᠤᠨ᠎ᠠ᠃ ᠥᠪ ᠰᠤᠶᠤᠯ ᠳᠤ ᠪᠠᠨ ᠡᠷᠳᠤᠭᠡᠳ ᠭᠥᠭᠵᠢᠭᠦᠯᠭᠦ ᠥᠭᠡᠢ ᠪᠠᠶᠢᠵᠤ ᠥᠯᠤ ᠪᠤᠯᠤᠨ᠎ᠠ᠃      ᠨᠢᠭᠡ᠂ ᠡᠭᠡ ᠭᠡᠯᠡᠨ ᠤ ᠵᠢᠭᠠᠨ ᠰᠤᠷᠭᠠᠯᠳᠠ ᠶᠡᠭᠡ ᠭᠥᠴᠢᠷᠳᠡᠯ ᠳᠤ ᠤᠴᠠᠷᠠᠵᠤ ᠪᠠᠶᠢᠨ᠎ᠠ᠃      ︽ᠴᠢᠭᠢᠨ ᠤ ᠴᠢᠮᠡᠭ ᠪᠤᠯᠤᠭᠰᠠᠨ ᠠᠶᠠᠯᠭᠤ ᠰᠠᠶᠢᠬᠠᠨ ᠮᠤᠩᠭᠤᠯ ᠭᠡᠯᠡ      ᠴᠢᠩ ᠵᠤᠷᠢᠭᠳᠤ ᠡᠪᠤᠭᠡᠳ ᠲᠡᠭᠡᠳᠤᠰ ᠤᠨ ᠮᠢᠨᠢ ᠥᠪ ᠶᠡᠭᠡ ᠡᠷᠳᠡᠨᠢ      ᠰᠤᠨᠤᠰᠬᠤ ᠪᠥᠷᠢ ᠢᠷᠠᠭᠤ ᠪᠠᠶᠠᠯᠢᠭ ᠢ ᠨᠢ ᠭᠠᠶᠢᠬᠠᠨ ᠪᠠᠶᠠᠰᠴᠤ      ᠰᠤᠤ ᠶᠡᠭᠡ ᠪᠢᠯᠢᠭᠳᠦ ᠲᠥᠮᠡᠨ ᠶᠦᠭᠡᠨ ᠪᠢᠰᠢᠷᠡᠨ ᠮᠠᠭᠳᠠᠮᠤ ᠪᠢ︾ ᠭᠡᠵᠤ      ᠶᠡᠭᠡ ᠪᠢᠴᠢᠭ ᠤᠨ ᠭᠥᠮᠤᠨ ᠡᠷᠳᠡᠮᠳᠡᠨ ᠭᠥᠤᠰᠢ ᠪ᠊ · ᠷᠢᠨᠴᠢᠨ ᠭᠤᠸᠠᠢ ᠮᠤᠩᠭᠤᠯ ᠭᠡᠯᠡᠨ ᠤ ᠮᠢᠨᠢ ᠲᠡᠭᠷᠢᠯᠢᠭ ᠷᠢᠳᠢ ᠰᠢᠳᠢ ᠶᠢ ᠰᠢᠯᠥᠭᠯᠡᠭᠰᠡᠨ ᠪᠢᠯᠡ᠃ ᠭᠡᠳᠡᠯ᠎ᠡ ᠡᠨᠡ ᠰᠠᠶᠢᠬᠠᠨ ᠭᠡᠯᠡ ᠪᠠᠷ ᠪᠢᠴᠢᠭᠳᠡᠭᠰᠡᠨ ᠵᠤᠭᠢᠶᠡᠯ ᠢ ᠤᠡᠭᠰᠢᠬᠤ ᠭᠥᠮᠤᠰ ᠬᠤᠪᠤᠷᠳᠠᠵᠤ ᠪᠠᠶᠢᠨ᠎ᠠ᠃ ᠤᠳᠤᠬᠠᠨ ᠤ ᠭᠡᠤᠭᠡᠳ ᠦᠷᠦᠭᠡᠯ ᠤᠨ ᠭᠡᠯᠡᠨ ᠳᠤ ᠭᠠᠷᠮᠠᠭᠠᠢ ᠪᠤᠯᠵᠤ᠂ ᠮᠤᠩᠭᠤᠯ ᠭᠡᠯᠡᠨ ᠳᠤ ᠪᠠᠨ ᠬᠠᠷᠢᠨ ᠮᠠᠭᠤ ᠪᠤᠯᠵᠠᠢ᠃ ᠴᠠᠭᠠᠨ ᠠᠷᠢᠭᠢ᠂ ᠴᠠᠭᠠᠨ ᠤᠰᠤ ᠭᠡᠵᠤ ᠭᠡᠯᠡᠭᠦ ᠭᠡᠤᠭᠡᠳ ᠠᠷᠪᠢᠳᠤᠵᠤ᠂ ᠬᠠᠳᠠᠷᠢᠶ᠎ᠠ ᠶᠥᠷᠭᠡᠭᠡ ᠭᠡᠳᠡᠯ᠎ᠡ ᠤᠯᠤᠩ᠂ ᠨᠢᠳᠤᠷᠭ᠎ᠠ᠂ ᠵᠤᠯᠤᠭ ᠭᠡᠭᠦᠴᠢᠯᠡᠨ ᠮᠤᠷᠢ ᠮᠠᠯ ᠤᠨ ᠶᠠᠪᠤᠳᠠᠯ᠂ ᠭᠡᠷᠡᠭᠰᠡᠯ ᠪᠤᠶᠤ ᠲᠡᠪᠡᠯ ᠭᠤᠳᠤᠯ ᠲᠠᠢ ᠬᠤᠯᠪᠤᠭᠳᠠᠭᠰᠠᠨ ᠨᠡᠷᠡᠶᠢᠳᠤᠯ ᠢ ᠮᠡᠳᠡᠭᠦ ᠪᠠᠶᠢᠳᠤᠭᠠᠢ ᠲᠥᠭᠦᠭᠡᠷᠡᠭᠦ ᠪᠠᠨ ᠪᠠᠰᠠ ᠪᠠᠶᠢᠴᠢᠬᠠᠵᠠᠢ᠃ ᠲᠡᠶᠢᠨᠬᠦ ᠪᠢᠳᠡ ᠠᠮᠢᠨ ᠤ ᠬᠠᠶᠢᠷᠠᠳᠠᠢ ᠠᠭᠳᠠ ᠭᠥᠯᠥᠭ ᠢᠶᠠᠨ ᠤᠷᠭᠢᠵᠤ ᠡᠭᠢᠯᠡᠯ᠎ᠡ᠃ ᠬᠠᠨᠭ᠍ᠪᠤᠨ ᠲᠡᠷᠯᠢᠭ᠂ ᠬᠠᠰᠠᠭ ᠲᠡᠷᠭᠡ ᠪᠠᠨ ᠬᠠᠶᠠᠴᠢᠬᠠᠯ᠎ᠠ᠃ ᠬᠠᠨ᠎ᠠ ᠨᠢ ᠴᠡᠮᠴᠡᠭᠡᠷ ᠮᠤᠩᠭᠤᠯ ᠭᠡᠷ ᠢᠶᠠᠨ ᠮᠠᠷᠳᠠᠴᠢᠬᠠᠯ᠎ᠠ᠃ ︽ᠨᠢᠭᠡ ᠥᠨᠳᠤᠰᠤᠳᠡᠨ ᠭᠡᠷᠪᠡ ᠲᠠᠪᠰᠢᠬᠰᠠᠨ ᠰᠤᠶᠤᠯ᠂ ᠤᠳᠤᠭᠢᠴᠢᠯᠠᠭᠰᠠᠨ ᠵᠡᠪᠰᠡᠭ ᠥᠭᠡᠢ ᠪᠤᠯ ᠴᠤᠭᠢᠮᠠᠭᠴᠠ ᠤᠰᠠᠳᠤᠨ᠎ᠠ᠃ ᠭᠡᠳᠡᠯ᠎ᠡ ᠤᠯᠠᠮᠵᠢᠯᠠᠯᠳᠤ ᠭᠥᠮᠤᠨ ᠰᠤᠶᠤᠯ ᠤᠨ ᠵᠤᠷᠢᠭ ᠰᠠᠨᠠᠭ᠎ᠠ ᠥᠭᠡᠢ ᠪᠤᠯ ᠴᠤᠭᠢᠬᠤ ᠥᠭᠡᠢ ᠴᠤ ᠥᠪᠡᠷᠳᠡᠭᠡᠨ ᠤᠰᠠᠳᠤᠨ᠎ᠠ︾ ᠭᠡᠵᠤ ᠠᠺᠧᠳᠧᠮᠢᠴᠢ ᠶᠠᠩ ᠱᠤ᠋ ᠽᠢ ᠠᠪᠤᠭᠠᠢ ᠭᠡᠯᠡᠵᠤ ᠥᠡᠭᠭᠡᠷᠡᠭᠰᠡᠨ ᠶᠤᠮ᠃      ᠥᠯᠥᠭᠡᠢ ᠳᠤ ᠠᠷᠭᠠᠳᠠᠭᠤᠯᠤᠭᠰᠠᠨ ᠭᠡᠤᠭᠡᠳ ᠥᠰᠴᠤ ᠲᠤᠮᠤᠵᠢᠭᠠᠳ ᠲᠡᠯᠡᠭᠡᠢ ᠶᠢ ᠠᠷᠭᠠᠳᠠᠨ᠎ᠠ ᠭᠡᠳᠡᠭ᠃ ᠥᠪ ᠰᠤᠶᠤᠯ ᠤᠨ ᠡᠷᠳᠡᠨᠢ ᠶᠢᠨ ᠲᠠᠯ᠎ᠠ ᠳᠤ ᠪᠠᠷᠢᠯᠳᠤᠵᠤ ᠥᠰᠥᠭᠰᠡᠨ ᠭᠡᠤᠭᠡᠳ ᠰᠠᠶ᠋ᠢ ᠥᠰᠴᠤ ᠪᠤᠵᠠᠭᠠᠶᠢᠷᠠᠭᠠᠳ ᠡᠨᠡ ᠥᠪ ᠰᠤᠶᠤᠯ ᠤᠨ ᠢᠶᠠᠨ ᠨᠠᠷᠠ ᠶᠢ ᠡᠷᠭᠦᠵᠤ ᠶᠠᠪᠤᠨ᠎ᠠ ᠰᠢᠤ ᠳ᠋ᠧ᠃ ᠭᠡᠤᠭᠡᠳ ᠨᠢ ᠮᠡᠳᠡᠳᠡᠭ ᠥᠭᠡᠢ ᠰᠤᠶᠤᠯ ᠭᠡᠨ ᠤ ᠬᠢ ᠪᠤᠯᠳᠠᠭ ᠢ ᠡ᠊ᠨᠳᠠ ᠶᠠᠷᠢᠬᠤ ᠥᠭᠡᠢ ᠴᠤ ᠭᠥᠮᠤᠨ ᠪᠥᠭᠦᠨ ᠪᠥᠷ ᠮᠡᠳᠡᠨ᠎ᠡ᠃ ᠮᠥᠴᠢᠷ ᠠᠴᠠ ᠪᠠᠨ ᠰᠠᠯᠤᠭᠰᠠᠨ ᠨᠠᠪᠴᠢ ᠢᠯᠵᠠᠷᠠᠬᠤ ᠲᠠᠪᠢᠯᠠᠩ ᠲᠠᠢ ᠪᠤᠯ ᠭᠡᠯᠡ ᠪᠠᠨ ᠮᠠᠷᠳᠠᠭᠰᠠᠨ ᠥᠨᠳᠤᠰᠤᠳᠡᠨ ᠬᠠᠶᠢᠯᠬᠤ ᠵᠠᠶᠠᠭ᠎ᠠ ᠲᠠᠢ ᠃ ᠭᠡᠯᠡ ᠪᠤᠯ ᠥᠨᠳᠤᠰᠤᠳᠡᠨ ᠤ ᠰᠢᠨᠵᠢ ᠲᠡᠮᠳᠡᠭ ᠮᠥᠨ᠃ ᠭᠡᠯᠡᠨ ᠤ ᠬᠠᠶᠢᠯᠤᠭᠳᠠᠯ ᠨᠢ ᠥᠨᠳᠤᠰᠤᠳᠡᠨ ᠤ ᠬᠠᠶᠢᠯᠤᠭᠳᠠᠯ ᠲᠠᠢ ᠰᠢᠭᠤᠳ ᠬᠠᠷᠢᠴᠠᠭᠠᠳᠤ ᠪᠤᠯᠳᠠᠭ᠃ ᠮᠤᠩᠭᠤᠯ ᠭᠡᠤᠭᠡᠳ ᠭᠢᠳᠡᠳ ᠢᠶᠠᠷ ᠪᠢᠴᠢᠭ ᠥᠵᠡᠭᠦ ᠥᠵᠡᠭᠳᠡᠯ ᠲᠤᠩ ᠭᠥᠨᠳᠤ ᠨᠤᠴᠢᠳᠠᠢ ᠪᠤᠯᠵᠠᠢ᠃ ᠭᠠᠳᠠᠭᠠᠳᠤ ᠭᠡᠯᠡ ᠶᠢ ᠭᠡᠳᠤᠢ ᠡᠷᠳᠡ ᠰᠤᠷᠪᠡᠯ ᠲᠡᠳᠤᠢ ᠰᠠᠶᠢᠨ ᠭᠡᠵᠤ ᠡᠷᠳᠡᠮᠳᠡᠳ ᠰᠤᠳᠤᠯᠤᠨ ᠭᠠᠷᠭᠠᠵᠠᠢ᠃ ᠡᠨᠡ ᠨᠢ ᠤᠨᠤᠯ ᠤᠨ ᠬᠤᠪᠢ ᠳᠤ ᠪᠤᠷᠤᠭᠤ ᠥᠭᠡᠢ ᠪᠠᠶᠢᠵᠤ ᠮᠡᠳᠡᠨ᠎ᠡ᠃ ᠭᠡᠪᠡᠴᠤ ᠪᠢᠳᠡ ᠡᠭᠦᠨ ᠢᠶᠠᠷ ᠰᠢᠯᠳᠠᠵᠤ᠂ ᠭᠡᠤᠭᠡᠳ ᠲᠤ ᠪᠠᠨ ᠤᠷᠢᠳᠡᠪᠠᠷ ᠡᠭᠡ ᠭᠡᠯᠡ ᠶᠢ ᠨᠢ ᠪᠢᠰᠢ᠂ ᠬᠠᠷᠢ ᠭᠡᠯᠡ ᠵᠢᠭᠠᠪᠠᠯ ᠰᠠᠶᠢᠨ ᠭᠡᠳᠡᠭ ᠶᠤᠰᠤ ᠶᠢ ᠮᠥᠷᠳᠡᠨ ᠭᠠᠷᠭᠠᠵᠤ ᠴᠢᠳᠠᠬᠤ ᠥᠭᠡᠢ᠃ ᠡᠸᠥ᠋ᠷᠤᠫᠡ ᠠᠮᠧᠷᠢᠺᠠ ᠶᠢᠨ ᠡᠷᠳᠡᠮᠳᠡᠳ ᠡᠨᠡ ᠥᠵᠡᠯᠳᠡ ᠶᠢ ᠲᠤᠷᠠᠳᠤᠭᠠᠳ ᠵᠠᠭᠤᠨ ᠵᠢᠯ ᠪᠤᠯᠵᠤ ᠪᠠᠶᠢᠭ᠎ᠠ ᠪᠤᠯᠪᠠᠴᠤ ᠲᠡᠳᠡ ᠶᠡᠷᠤ ᠠᠴᠠ ᠨᠢᠭᠡᠳᠤᠭᠡᠷ ᠤᠨ ᠠᠴᠠ ᠨᠢ ᠡᠭᠢᠯᠡᠵᠤ ᠵᠠᠪᠠᠯ ᠨᠢᠭᠡ ᠭᠠᠳᠠᠭᠠᠳᠤ ᠭᠡᠯᠡ ᠵᠢᠭᠠᠳᠠᠭ ᠶᠠᠪᠤᠳᠠᠯ ᠢ ᠰᠠᠨᠠᠭᠠᠴᠢᠯᠠᠭᠰᠠᠨ ᠥᠭᠡᠢ ᠪᠢᠯᠡ᠃ ᠢᠯᠠᠩᠭᠤᠶ᠎ᠠ ᠡᠭᠡ ᠭᠡᠯᠡᠨ ᠤ ᠪᠠᠨ ᠭᠢᠴᠢᠶᠡᠯ ᠢ ᠬᠠᠰᠤᠬᠤ ᠪᠤᠶᠤ ᠬᠠᠷᠢ ᠭᠡᠯᠡ ᠪᠠᠷ ᠡᠭᠡ ᠭᠡᠯᠡᠨ ᠤ ᠪᠠᠨ ᠵᠢᠭᠠᠨ ᠰᠤᠷᠭᠠᠯᠳᠠ ᠶᠢ ᠤᠷᠤᠯᠠᠭᠤᠯᠤᠨ᠎ᠠ ᠭᠡᠵᠤ ᠪᠠᠷᠭᠢᠷᠠᠭᠰᠠᠨ ᠭᠥᠮᠤᠨ ᠠᠯᠠᠭ᠎ᠠ᠃ ︽ᠮᠤᠩᠭᠤᠯᠴᠤᠳ ᠵᠠᠭᠤᠭᠠᠳ ᠵᠢᠯ ᠤᠨ ᠲᠤᠷᠰᠢ ᠪᠤᠷᠬᠠᠨ ᠤ ᠰᠤᠷᠭᠠᠯ ᠢ ᠰᠢᠳᠤᠭᠡᠳ ᠤᠬᠠᠭᠠᠨ ᠥᠭᠡᠢ ᠪᠤᠯᠤᠭᠰᠠᠨ ᠪᠤᠯᠠᠢ᠂ ᠡᠭᠦᠨ ᠢ ᠬᠠᠭᠠᠨ ᠪᠢ ᠰᠠᠶᠢᠰᠢᠶᠠᠮᠤᠢ︾ ᠭᠡᠵᠤ ᠲᠡᠭᠷᠢ ᠲᠡᠳᠭᠦᠭᠴᠢ ᠭᠡᠯᠡᠭᠰᠡᠨ ᠭᠡᠳᠡᠭ᠃ ᠤᠳᠤ ᠮᠤᠩᠭᠤᠯᠴᠤᠳ ᠤᠬᠠᠭᠠᠨ ᠥᠭᠡᠢ ᠪᠠᠷ ᠥᠯᠤ ᠪᠠᠷᠠᠨ᠂ ᠭᠡᠯᠡ ᠪᠠᠨ ᠪᠠᠰᠠ ᠠᠯᠳᠠᠵᠤ ᠪᠤᠢ᠃ ᠡᠭᠦᠨ ᠢ ᠭᠡᠨ ᠰᠠᠶᠢᠰᠢᠶᠠᠳᠠᠭ ᠪᠤᠯ⁈      ᠬᠤᠶᠠᠷ᠂ ᠲᠠᠩᠭᠢᠮ ᠤᠨ ᠭᠢᠴᠢᠶᠡᠯᠯᠡᠭᠡ ᠳᠤ ᠤᠯᠤᠯᠳᠡ ᠪᠠᠭ᠎ᠠ ᠪᠤᠯᠵᠤ ᠪᠤᠢ᠃      ᠰᠤᠷᠭᠠᠭᠤᠯᠢ ᠪᠤᠯ ᠰᠤᠶᠤᠯ ᠡᠷᠳᠡᠮ ᠤᠨ ᠲᠠᠷᠬᠠᠨ ᠥᠯᠤᠭᠡᠢ᠂ ᠰᠤᠷᠳᠠᠯ ᠭᠥᠮᠤᠵᠢᠯ ᠤᠨ ᠠᠷᠢᠭᠤᠨ ᠤᠷᠤᠨ᠃ ᠰᠤᠷᠭᠠᠭᠤᠯᠢ ᠪᠤᠯ ᠭᠡᠪᠯᠡᠭᠦ ᠤᠶᠢᠯᠡᠳᠪᠤᠷᠢ ᠪᠢᠰᠢ᠂ ᠠᠳᠠᠯᠢᠬᠠᠨ ᠲᠤᠭᠤᠰᠬ᠎ᠠ ᠰᠢᠬ ᠭᠥᠮᠤᠨ ᠢ ᠭᠥᠮᠥᠵᠢᠭᠦᠯᠭᠦ ᠪᠤᠯ ᠲᠡᠭᠦᠨ ᠤ ᠵᠤᠷᠢᠯᠭ᠎ᠠ ᠪᠢᠰᠢ ᠬᠠᠷᠢᠨ ᠤᠯᠠᠨ ᠠᠷᠪᠢᠨ ᠴᠢᠳᠠᠪᠤᠷᠢᠳᠡᠨ ᠢ ᠭᠥᠮᠥᠵᠢᠭᠦᠯᠭᠦ ᠪᠤᠯ ᠲᠡᠭᠦᠨ ᠤ ᠡᠭᠦᠷᠭᠡ ᠶᠤᠮ᠃ ᠪᠢᠳᠡ ᠵᠠᠭᠤᠨ ᠭᠡᠤᠭᠡᠳ ᠢ ᠨᠢᠭᠡ ᠯᠠ ᠭᠡᠤᠭᠡᠳ ᠪᠤᠯᠭᠠᠨ ᠭᠥᠮᠥᠵᠢᠭᠦᠯᠵᠤ ᠪᠤᠯᠬᠤ ᠥᠭᠡᠢ ᠬᠠᠷᠢᠨ ᠵᠠᠭᠤᠨ ᠭᠡᠤᠭᠡᠳ ᠢ ᠬᠤᠶᠠᠷ ᠵᠠᠭᠤᠨ ᠭᠡᠤᠭᠡᠳ ᠪᠤᠯᠭᠠᠨ ᠭᠥᠮᠥᠵᠢᠭᠦᠯᠭᠦ ᠭᠡᠷᠡᠭᠳᠡᠢ᠃ ᠲᠠᠩᠭᠢᠮ ᠤᠨ ᠭᠢᠴᠢᠶᠡᠯᠯᠡᠭᠡ ᠶᠢᠨ ᠡᠵᠡᠨ ᠪᠤᠯ ᠪᠠᠭᠰᠢ ᠪᠢᠰᠢ᠂ ᠬᠠᠷᠢᠨ ᠰᠤᠷᠤᠭᠴᠢ ᠶᠤᠮ᠃ ᠤᠳᠤᠬᠠᠨ ᠤ ᠪᠠᠶᠢᠳᠠᠯ ᠠᠴᠠ ᠥᠵᠡᠪᠡᠯ᠂ ᠨᠢᠭᠡ ᠪᠥᠯᠥᠭ ᠪᠠᠭᠰᠢ ᠨᠠᠷ ᠪᠠᠰᠠ ᠯᠠ ᠰᠤᠷᠤᠭᠰᠠᠨ ᠲᠠᠭᠤᠤ ᠪᠠᠨ ᠲᠠᠭᠤᠯᠠᠨ ᠰᠤᠷ ᠪᠥᠰᠡ ᠪᠠᠨ ᠪᠥᠰᠡᠯᠡᠵᠤ᠂ ᠥᠪᠡᠷ ᠢᠶᠠᠨ ᠵᠢᠭᠠᠬᠤ ᠲᠠᠪᠴᠠᠩ ᠲᠡᠭᠡᠷ᠎ᠡ ᠭᠤᠤᠯ ᠷᠤᠯᠢ ᠪᠤᠯᠤᠨ ᠲᠤᠭᠯᠠᠵᠤ᠂ ᠰᠤᠷᠤᠭᠴᠢᠳ ᠨᠢ ᠲᠤᠤᠷ᠎ᠠ ᠲᠡᠭᠦᠨ ᠤ ᠲᠤᠭᠯᠠᠬᠤ ᠶᠢ ᠬᠠᠷᠠᠵᠤ ᠯᠠ ᠪᠤᠢ᠃ ᠡᠶᠢᠮᠤ ᠭᠢᠴᠢᠶᠡᠯᠯᠡᠭᠡ ᠶᠢ ᠳ᠋ᠥᠡᠭᠨᠡᠪᠡᠯ ᠰᠤᠷᠤᠭᠴᠢ ᠳᠤ ︽ᠭᠤᠷᠪᠠ ᠥᠭᠡᠢ︾ — ᠲᠠᠷᠤᠢ ᠲᠡᠳᠡᠨ ᠳᠤ ᠰᠡᠳᠭᠢᠭᠦ ᠴᠠᠭ ᠥᠭᠡᠢ᠂ ᠭᠢᠭᠦ ᠴᠠᠭ ᠥᠭᠡᠢ᠂ ᠰᠤᠯᠢᠯᠴᠠᠬᠤ ᠴᠠᠭ ᠥᠭᠡᠢ᠃ ᠡᠭᠦᠨ ᠤ ᠳ᠋ᠥᠡᠭ ᠳᠤ ᠲᠡᠳᠡᠨ ᠤ ᠰᠤᠷᠤᠭᠰᠠᠨ ᠶᠠᠭᠤᠮ᠎ᠠ ᠥᠭᠦᠭᠰᠡᠨ ᠤᠰᠤ ᠰᠢᠬ ᠪᠤᠯᠤᠨ᠂ ᠭᠡᠳᠤᠨ ᠰᠠᠷ᠎ᠠ ᠡᠰᠡᠭᠦᠯ᠎ᠡ ᠭᠡᠳᠤᠨ ᠵᠢᠯ ᠤᠨ ᠲᠠᠷᠠᠭ᠎ᠠ ᠬᠠᠳᠠᠴᠢᠬᠠᠳᠠᠭ᠃ ᠥᠪᠡᠷ ᠢᠶᠠᠨ ᠰᠡᠳᠭᠢᠭᠦ ᠥᠭᠡᠢ᠂ ᠥᠪᠡᠷ ᠢᠶᠠᠨ ᠭᠢᠭᠦ ᠥᠭᠡᠢ᠂ ᠥᠵᠡᠯ ᠰᠠᠨᠠᠭ᠎ᠠ ᠪᠠᠨ ᠰᠤᠯᠢᠯᠴᠠᠬᠤ ᠥᠭᠡᠢ ᠪᠠᠷ ᠶᠠᠭᠠᠭᠢᠵᠤ ᠰᠢᠨ᠎ᠡ ᠶᠢ ᠡᠭᠦᠳᠤᠨ ᠰᠢᠯᠢᠳᠡᠭ ᠢ ᠪᠥᠳᠤᠭᠡᠭᠦ ᠪᠤᠢ︖ ᠡᠶᠢᠮᠤ ᠠᠴᠠ ᠤᠳᠤᠬᠠᠨ ᠤ ᠲᠠᠩᠭᠢᠮ ᠤᠨ ᠭᠢᠴᠢᠶᠡᠯᠯᠡᠭᠡ ᠳᠤ ᠵᠠᠪᠠᠯ ᠶᠡᠭᠡ ᠭᠡᠮᠵᠢᠶᠡᠨ ᠤ ︽ᠮᠡᠰᠡ ᠵᠠᠰᠠᠯ︾ ᠭᠢᠵᠤ ᠪᠠᠭᠰᠢ ᠶᠢᠨ ᠶᠠᠷᠢᠬᠤ ᠶᠢ ᠰᠤᠷᠤᠭᠴᠢ ᠶᠢᠨ ᠶᠠᠷᠢᠬᠤ ᠪᠠᠷ᠂ ᠪᠠᠭᠰᠢ ᠶᠢᠨ ᠭᠢᠭᠦ ᠶᠢ ᠰᠤᠷᠤᠭᠴᠢ ᠶᠢᠨ ᠭᠢᠭᠦ ᠪᠠᠷ ᠤᠷᠤᠯᠠᠭᠤᠯᠬᠤ ᠭᠡᠷᠡᠭᠳᠡᠢ᠃ ᠲᠠᠩᠭᠢᠮ ᠤᠨ ᠭᠢᠴᠢᠶᠡᠯᠯᠡᠭᠡ ᠶᠢᠨ ᠲᠤᠮᠳᠡ ᠰᠤᠷᠤᠭᠴᠢᠳ ᠲᠤ ᠵᠠᠪᠠᠯ ︽ᠭᠤᠷᠪᠠ ᠶᠢ ᠥᠭᠭᠦ︾ — ᠲᠠᠷᠤᠢ ᠲᠡᠳᠡᠨ ᠳᠤ ᠰᠡᠳᠭᠢᠭᠦ ᠴᠠᠭ᠂ ᠭᠢᠭᠦ ᠴᠠᠭ᠂ ᠰᠤᠯᠢᠯᠴᠠᠬᠤ ᠴᠠᠭ ᠢ ᠥᠭᠭᠦ ᠭᠡᠷᠡᠭᠳᠡᠢ᠃ ᠢᠡᠭᠭᠢᠪᠡᠯ ᠰᠠᠶ᠋ᠢ ᠲᠡᠳᠡ ᠮᠡᠳᠡᠯᠭᠡ ᠶᠢ ᠥᠪᠡᠷ ᠤᠨ ᠢᠶᠠᠨ ᠪᠤᠯᠭᠠᠵᠤ ᠴᠢᠳᠠᠨ᠎ᠠ᠃ ᠲᠡᠳᠡᠨ ᠤ ᠮᠡᠳᠡᠯᠭᠡ ᠨᠢ ᠵᠢᠩᠭᠢᠨᠢ ᠴᠢᠳᠠᠪᠤᠷᠢ ᠪᠤᠯᠵᠤ᠂ ᠥᠨᠢ ᠮᠥᠡᠭᠭᠡ ᠶᠢᠨ ᠡᠷᠳᠡᠨᠢ ᠪᠤᠯᠵᠤ ᠲᠡᠶᠢᠯᠤᠨ᠎ᠡ᠃      ᠰᠢᠨ᠎ᠡ ᠭᠢᠴᠢᠶᠡᠯ ᠤᠨ ᠥᠭᠡᠷᠡᠴᠢᠯᠡᠯᠳᠡ ᠳᠤ ᠰᠤᠷᠤᠭᠴᠢ ᠪᠠᠷ ᠲᠥᠪ ᠪᠤᠯᠭᠠᠬᠤ ᠶᠢ ᠬᠤᠭᠤᠯᠠᠢ ᠪᠠᠨ ᠰᠥᠭᠡᠳᠡᠯ᠎ᠡ ᠪᠠᠷᠭᠢᠷᠡᠵᠤ ᠪᠠᠶᠢᠨ᠎ᠠ᠃ ᠰᠤᠷᠤᠭᠴᠢ ᠥᠪᠡᠷ ᠢᠶᠠᠨ ᠭᠢᠭᠦ ᠶᠢ ᠱᠠᠭᠠᠷᠳᠠᠵᠤ ᠪᠠᠶᠢᠨ᠎ᠠ᠃ ᠡᠨᠡ ᠥᠭᠡᠷᠡᠴᠢᠯᠡᠯᠳᠡ ᠶᠢ ᠲᠠᠪᠠᠭᠤ ᠶᠠᠪᠤᠭᠤᠯᠵᠤ ᠪᠠᠶᠢᠨ᠎ᠠ ᠭᠡᠪᠡᠯ ᠪᠡᠭᠡᠵᠢᠩ ᠤᠨ ᠯᠢ ᠰᠢ ᠭᠥᠢ ᠵᠠᠭᠢᠷᠤᠯ ᠤᠨ ᠲᠠᠷᠤᠭᠠᠯᠠᠵᠤ ᠪᠠᠶᠢᠭ᠎ᠠ ᠰᠤᠷᠭᠠᠭᠤᠯᠢ ᠶᠢ ᠲᠤᠷᠠᠳᠴᠤ ᠪᠤᠯᠤᠨ᠎ᠠ᠃ ᠭᠡᠳᠡᠯ᠎ᠡ ᠪᠢᠳᠡ ᠴᠠᠭᠠᠰᠤᠨ ᠲᠡᠭᠡᠷ᠎ᠡ ᠰᠡᠳᠤᠪ ᠭᠢᠯᠭᠡᠵᠤ ᠯᠠ ᠪᠠᠶᠢᠬᠤ ᠠᠴᠠ ᠪᠢᠰᠢ ᠴᠠᠭ ᠭᠠᠷᠭᠠᠵᠤ ᠲᠡᠳᠡᠨ ᠢ ᠤᠶᠢᠯᠡᠳᠤᠯᠭᠡ ᠳᠤ ᠤᠷᠤᠯᠴᠠᠭᠤᠯᠵᠤ ᠪᠠᠶᠢᠨᠠᠤ︖ ᠪᠠᠭᠰᠢ ᠰᠠᠮᠪᠠᠷ᠎ᠡ ᠶᠢᠨ ᠡᠮᠤᠨ᠎ᠡ ᠪᠥᠳᠤᠨ ᠭᠢᠴᠢᠶᠡᠯ ᠠᠮᠠᠨ ᠠᠴᠠ ᠪᠠᠨ ᠭᠥᠭᠡᠰᠤ ᠵᠠᠪᠠᠭᠠᠷᠠᠳᠠᠯ᠎ᠠ ᠶᠠᠷᠢᠵᠤ ᠪᠠᠶᠢᠬᠤ ᠠᠴᠠ ᠪᠢᠰᠢ ᠭᠡᠤᠭᠡᠳ ᠲᠤ ᠰᠡᠳᠭᠢᠭᠦ ᠴᠢᠯᠤᠭᠡ ᠥᠭᠴᠤ ᠪᠠᠶᠢᠨᠠᠤ︖ ᠨᠤᠮ ᠤᠨ ᠰᠠᠩ ᠳᠤ ᠤᠴᠢᠵᠤ ᠮᠠᠲ᠋ᠧᠷᠢᠶᠠᠯ ᠤᠷᠪᠠᠭᠤᠯᠵᠤ ᠥᠵᠡᠯᠳᠡ ᠪᠠᠨ ᠪᠢᠴᠢᠭᠦ ᠴᠢᠯᠤᠭᠡ ᠥᠭᠴᠤ ᠪᠠᠶᠢᠨᠠᠤ︖      ᠠᠩᠭ᠍ᠯᠢ ᠳᠤ ︽ᠨᠢᠳᠤ ᠠᠯᠢᠪᠠ ᠶᠢ ᠤᠯᠵᠤ ᠥᠵᠡᠨ᠎ᠡ᠂ ᠭᠡᠪᠡᠴᠤ ᠲᠡᠷᠡ ᠥᠪᠡᠷ ᠢ ᠪᠠᠨ ᠤᠯᠵᠤ ᠥᠵᠡᠭᠦ ᠥᠭᠡᠢ︾ ᠭᠡᠰᠡᠨ ᠠᠯᠳᠠᠷᠳᠤ ᠰᠡᠴᠡᠨ ᠥᠭᠡ ᠪᠠᠶᠢᠳᠠᠭ᠃ ᠪᠢᠳᠡ ᠥᠨᠤᠳᠤᠷ ︽ᠨᠢᠳᠤ︾ ᠪᠤᠯᠵᠤ ᠪᠠᠶᠢᠭ᠎ᠠ ᠪᠠᠨ ᠵᠠᠪᠠᠯ ᠮᠡᠳᠡᠷᠡᠭᠦ ᠴᠢᠬᠤᠯᠠᠳᠠᠢ᠃ ᠰᠤᠷᠭᠠᠨ ᠭᠥᠮᠤᠵᠢᠯ ᠪᠤᠯ ᠨᠢᠭᠡ ᠵᠦᠢᠯ ᠤᠨ ᠭᠥᠮᠤᠨ ᠤ ᠤᠬᠠᠭᠠᠨ ᠮᠥᠨ᠃ ︽ᠮᠤᠳᠤ ᠲᠠᠷᠢᠬᠤ ᠳᠤ ᠠᠷᠪᠠᠨ ᠵᠢᠯ᠂ ᠭᠥᠮᠤᠨ ᠢ ᠭᠥᠮᠥᠵᠢᠭᠦᠯᠭᠦ ᠳᠤ ᠵᠠᠭᠤᠨ ᠵᠢᠯ︾ ᠭᠡᠳᠡᠭ ᠪᠢᠰᠢᠤ᠃ ᠪᠢᠳᠡ ᠠᠮᠧᠷᠢᠺᠠ ᠶᠠᠫᠤᠨ ᠠᠴᠠ ᠵᠠᠭᠤᠨ ᠵᠢᠯ ᠢᠶᠠᠷ ᠬᠤᠴᠤᠷᠴᠤ ᠪᠠᠶᠢᠨ᠎ᠠ ᠭᠡᠳᠡᠭ ᠴᠢᠨᠢ ᠲᠡᠷᠤᠢ ᠭᠥᠮᠤᠨ ᠢ ᠭᠥᠮᠥᠵᠢᠭᠦᠯᠭᠦ ᠤᠬᠠᠭᠠᠨ ᠲᠡᠭᠡᠷ᠎ᠡ ᠵᠠᠭᠤᠨ ᠵᠢᠯ ᠬᠤᠴᠤᠷᠴᠤ ᠪᠠᠶᠢᠨ᠎ᠠ ᠭᠡᠰᠡᠨ ᠥᠭᠡ᠃ ᠲᠡᠭᠡᠪᠡᠯ ᠰᠤᠷᠭᠠᠨ ᠭᠥᠮᠤᠵᠢᠯ ᠶᠠᠮᠠᠷ ᠪᠠᠶᠢᠪᠠᠯ ᠵᠣᠭᠢᠬᠤ ᠪᠤᠢ︖ ᠰᠤᠷᠭᠠᠨ ᠭᠥᠮᠤᠵᠢᠯ ᠪᠤᠯ ᠰᠡᠵᠢᠭᠯᠡᠯ ᠮᠥᠨ᠃ ᠲᠡᠷᠡ ᠨᠢ ᠪᠠᠭᠰᠢ ᠶᠢᠨ ᠲᠤᠭ᠎ᠠ ᠥᠭᠡᠢ ᠤᠯᠠᠨ ᠶᠠᠷᠢᠭᠰᠠᠨ ᠮᠡᠳᠡᠯᠭᠡ ᠳᠤ ᠪᠠᠶᠢᠬᠤ ᠪᠢᠰᠢ ᠬᠠᠷᠢᠨ ᠰᠤᠷᠤᠭᠴᠢ ᠶᠢᠨ ᠲᠠᠯᠪᠢᠭᠰᠠᠨ ᠤᠯᠠᠨ ︽ᠶᠠᠭᠠᠭᠢᠭᠠᠳ︖︾ ᠲᠤ ᠪᠤᠢ᠃ ᠰᠤᠷᠬᠤ ᠶᠢᠨ ᠡᠵᠡᠨ ᠭᠥᠮᠤᠨ ᠪᠤᠯ ᠰᠤᠷᠤᠭᠴᠢ ᠮᠥᠨ᠃ ᠲᠡᠷᠡ ᠨᠢ ᠪᠠᠭᠰᠢ ᠶᠢᠨ ᠥ ᠰᠡᠪ ᠥᠭᠡᠢ ᠵᠢᠭᠠᠭᠰᠠᠨ ᠳᠤ ᠪᠠᠶᠢᠬᠤ ᠪᠢᠰᠢ ᠬᠠᠷᠢᠨ ᠰᠤᠷᠤᠭᠴᠢ ᠶᠢᠨ ᠰᠤᠷᠬᠤ ᠠᠵᠢᠯᠯᠠᠭᠠᠨ ᠳᠤ ᠭᠡᠳᠤᠢ ᠤᠷᠤᠯᠴᠠᠭᠰᠠᠨ ᠳᠤ ᠪᠠᠶᠢᠨ᠎ᠠ᠃ ᠰᠤᠷᠭᠠᠭᠤᠯᠢ ᠶᠢᠨ ᠪᠠᠶᠢᠷᠢᠯᠠᠭᠤᠯᠤᠭᠰᠠᠨ ᠡᠳᠤᠷ ᠪᠥᠷᠢ ᠶᠢᠨ ᠨᠠᠢᠮᠠᠨ ᠭᠢᠴᠢᠶᠡᠯ ᠳᠤ ᠪᠠᠶᠢᠬᠤ ᠪᠢᠰᠢ ᠬᠠᠷᠢᠨ ᠰᠤᠷᠬᠤ ᠡᠳᠡᠭᠡᠳ ᠲᠤ ᠪᠠᠨ ᠭᠡᠳᠤᠢ ᠰᠤᠨᠢᠷᠬᠠᠯ ᠲᠠᠢ ᠪᠠᠶᠢᠬᠤ᠂ ᠰᠤᠷᠬᠤ ᠪᠠᠷ ᠲᠠᠮᠵᠢᠨ ᠭᠡᠳᠤᠢ ᠰᠤᠨᠢᠭᠤᠴᠢ ᠰᠡᠳᠭᠢᠯ ᠪᠠ ᠬᠠᠶᠢᠬᠤ ᠪᠤᠳᠤᠯ ᠡᠭᠦᠰᠥᠭᠰᠡᠨ ᠳᠤ ᠪᠤᠢ᠃ ᠪᠠᠭᠰᠢ ᠶᠢᠨ ᠭᠡᠳᠤᠢ ᠲᠡᠰᠬᠠᠯ ᠥᠯᠡᠳᠡᠭᠡᠭᠰᠡᠨ ᠳᠤ ᠪᠠᠶᠢᠬᠤ ᠪᠢᠰᠢ ᠬᠠᠷᠢᠨ ᠲᠡᠳᠡᠨ ᠤ ᠰᠡᠳᠭᠢᠭᠦᠢ ᠶᠢ ᠨᠢ ᠲᠡᠯᠡᠵᠤ᠂ ᠤᠷᠠᠨ ᠰᠠᠨᠠᠭᠠᠨ ᠤ ᠤᠷᠴᠢᠯᠠᠩ ᠢ ᠨᠡᠭᠡᠭᠡᠭᠦ ᠳᠤ ᠪᠤᠢ᠃ ᠰᠢᠯᠭᠠᠯᠳᠠ ᠳᠤ ᠭᠡᠳᠤᠢ ᠬᠤᠪᠢ ᠤᠯᠬᠤ ᠳᠤ ᠪᠠᠶᠢᠬᠤ ᠪᠢᠰᠢ ᠬᠠᠷᠢᠨ ᠥᠪᠡᠷ ᠤᠨ ᠭᠥᠭᠵᠢᠯᠳᠡ ᠳᠤ ᠪᠠᠨ ᠭᠡᠳᠤᠢ ᠢᠳᠡᠭᠡᠯ ᠲᠠᠢ ᠪᠠᠶᠢᠬᠤ ᠳᠤ ᠪᠤᠢ᠃ ᠶᠠᠳᠤᠭ᠎ᠠ ᠴᠢᠪᠬᠠᠳᠠᠵᠤ᠂ ᠵᠢᠷᠤᠭ ᠵᠢᠷᠤᠬᠤ ᠡᠰᠡᠭᠦᠯ᠎ᠡ ᠪᠤᠰᠤᠳ ᠤᠨᠴᠠᠭᠠᠢ ᠴᠢᠳᠠᠪᠤᠷᠢ ᠳᠤ ᠪᠠᠶᠢᠬᠤ ᠪᠢᠰᠢ ᠬᠠᠷᠢᠨ ᠲᠡᠭᠦᠨ ᠳᠤ ᠪᠠᠶᠠᠯᠢᠭ ᠤᠷᠠᠨ ᠰᠠᠨᠠᠭᠠᠨ ᠤ ᠶᠢᠷᠳᠢᠨᠴᠤ ᠪᠠ ᠰᠠᠶᠢᠨ ᠰᠠᠶᠢᠬᠠᠨ ᠭᠥᠰᠡᠯ ᠡᠷᠡᠮᠡᠯᠵᠡᠯ ᠪᠠᠶᠢᠬᠤ ᠡᠰᠡᠭᠦ ᠳᠤ ᠪᠤᠢ᠃ ᠪᠢᠳᠡ ᠡᠳᠡᠭᠡᠷ ᠢ ᠥᠨᠡᠨ ᠭᠦ ᠪᠡᠶᠡᠯᠡᠭᠦᠯᠵᠤ ᠪᠠᠶᠢᠨ᠎ᠠ ᠤᠤ⁈      ᠭᠤᠷᠪᠠ᠂ ᠥᠨᠳᠤᠰᠤᠳᠡᠨ ᠤ ᠰᠤᠷᠭᠠᠭᠤᠯᠢ ᠨᠤᠭᠤᠳ ᠤᠨ ᠬᠤᠭᠤᠷᠤᠨᠳᠤᠭᠢ ᠬᠠᠮᠵᠢᠯᠴᠠᠭ᠎ᠠ ᠲᠤᠳᠠᠭᠳᠠᠵᠤ ᠪᠤᠢ      ᠥᠨᠳᠤᠰᠤᠳᠡᠨ ᠤ ᠰᠤᠷᠭᠠᠨ ᠭᠥᠮᠤᠵᠢᠯ ᠪᠤᠯ ᠪᠥᠯᠥᠭᠳᠤ ᠴᠤᠭᠴᠠ ᠶᠢᠨ ᠰᠤᠷᠭᠠᠨ ᠭᠥᠮᠤᠵᠢᠯ ᠮᠥᠨ᠃ ᠲᠡᠷᠡ ᠨᠢ ᠭᠠᠭᠴᠠ ᠨᠢᠭᠡ᠂ ᠬᠤᠶᠠᠷ ᠭᠥᠮᠤᠨ ᠪᠤᠶᠤ ᠭᠠᠭᠴᠠ ᠨᠢᠭᠡ ᠬᠤᠶᠠᠷ ᠰᠤᠷᠭᠠᠭᠤᠯᠢ ᠶᠢᠨ ᠠᠵᠢᠯ ᠪᠢᠰᠢ᠃ ᠪᠢᠳᠡ ᠬᠠᠮᠳᠤ ᠪᠠᠷ ᠡᠨᠡ ᠠᠵᠢᠯ ᠢ ᠰᠤᠳᠤᠯᠵᠤ᠂ ᠡᠨᠡ ᠠᠵᠢᠯ ᠳᠤ ᠪᠠᠨ ᠵᠢᠳᠭᠦᠭᠦ ᠴᠢᠬᠤᠯᠠᠳᠠᠢ᠃ ᠨᠢᠭᠡ ᠳᠤ᠂ ᠮᠤᠩᠭᠤᠯ ᠰᠤᠷᠭᠠᠭᠤᠯᠢ ᠨᠤᠭᠤᠳ ᠬᠤᠭᠤᠷᠤᠨᠳᠤ ᠪᠠᠨ ᠭᠠᠳᠠᠭᠤᠷᠴᠢᠯᠠᠬᠤ ᠪᠢᠰᠢ᠂ ᠬᠠᠷᠢᠨ ᠬᠤᠯᠪᠤᠭᠠᠯᠠᠬᠤ ᠭᠡᠷᠡᠭᠳᠡᠢ᠃ ᠪᠢᠳᠡ ᠰᠤᠷᠭᠠᠨ ᠭᠥᠮᠤᠵᠢᠯ ᠤᠨ ᠡᠭᠢ ᠪᠠᠶᠠᠯᠢᠭ ᠢ ᠬᠠᠮᠳᠤ ᠪᠠᠷ ᠠᠰᠢᠭᠯᠠᠨ᠂ ᠰᠤᠷᠭᠠᠨ ᠭᠥᠮᠤᠵᠢᠯ ᠤᠨ ᠢᠳᠡᠪᠭᠢ ᠭᠥᠴᠤᠨ ᠢᠶᠠᠨ ᠬᠠᠷᠢᠯᠴᠠᠨ ᠰᠤᠯᠢᠯᠴᠠᠵᠤ᠂ ᠲᠤᠳᠠᠭᠳᠠᠯ ᠢᠶᠠᠨ ᠨᠥᠭᠦᠪᠤᠷᠢᠯᠡᠨ ᠠᠳᠠᠯᠢᠬᠠᠨ ᠭᠥᠭᠵᠢᠭᠦ ᠪᠠᠷ ᠴᠢᠷᠮᠠᠶᠢᠬᠤ ᠭᠡᠷᠡᠭᠳᠡᠢ᠃ ᠰᠤᠷᠭᠠᠭᠤᠯᠢ ᠪᠤᠯ ᠨᠢᠭᠡ ᠨᠤᠳᠤᠭ ᠤᠰᠤᠨ ᠤ ᠰᠤᠶᠤᠯ ᠤᠨ ᠠᠯᠳᠠᠨ ᠲᠤᠯᠭ᠎ᠠ ᠶᠤᠮ᠃ ᠡᠨᠡ ᠲᠤᠯᠭ᠎ᠠ ᠤᠨᠳᠠᠷᠠᠪᠠᠯ ᠡᠨᠡ ᠨᠤᠳᠤᠭ ᠤᠨ ᠰᠤᠶᠤᠯ ᠤᠰᠠᠳᠤᠯ᠎ᠠ ᠭᠡᠰᠡᠨ ᠥᠭᠡ ᠰᠢᠤ ᠳ᠋ᠧ᠃ ᠬᠤᠶᠠᠷ ᠲᠤ᠂ ᠤᠯᠠᠨ ᠶᠠᠩᠵᠤ ᠪᠠᠷ ᠰᠤᠷᠭᠠᠭᠤᠯᠢ ᠡᠷᠭᠢᠯᠡᠵᠤ ᠭᠠᠷᠬᠤ ᠵᠠᠮ ᠢᠶᠠᠨ ᠡᠷᠢᠯᠭᠢᠯᠡᠭᠦ ᠭᠡᠷᠡᠭᠳᠡᠢ᠃ ᠨᠡᠶᠢᠭᠡᠮ ᠪᠤᠯ ᠤᠯᠠᠨ ᠭᠥᠮᠤᠨ ᠤ ᠪᠥᠯᠥᠭᠳᠤ ᠴᠤᠭᠴᠠ ᠶᠤᠮ᠃ ᠡᠨᠡ ᠨᠡᠶᠢᠭᠡᠮ ᠳᠤ ᠭᠠᠭᠴᠠ ᠴᠥᠭᠡᠨ ᠭᠡᠳᠤᠨ ᠰᠢᠨᠵᠢᠯᠡᠭᠦ ᠤᠬᠠᠭᠠᠨᠳᠠᠨ ᠪᠠᠶᠢᠭᠠᠳ ᠪᠤᠯᠬᠤ ᠥᠭᠡᠢ᠃ ᠪᠠᠰᠠ ᠲᠤᠮᠳᠡ ᠵᠡᠷᠭᠡ ᠶᠢᠨ ᠴᠢᠳᠠᠪᠤᠷᠢᠳᠡᠳ ᠤᠯᠠᠨ ᠪᠠᠶᠢᠵᠤ ᠤᠯᠤᠰ ᠭᠡᠷ ᠤᠨ ᠢᠶᠠᠨ ᠪᠥᠳᠤᠭᠡᠨ ᠪᠠᠶᠢᠭᠤᠯᠤᠯᠳᠡ ᠶᠢᠨ ᠲᠤᠯᠭᠠᠭᠤᠷᠢ ᠭᠥᠴᠤᠨ ᠪᠤᠯᠬᠤ ᠭᠡᠷᠡᠭᠳᠡᠢ᠃ ᠡᠨᠡ ᠨᠢ ᠲᠠᠷᠤᠢ ᠨᠡᠶᠢᠭᠡᠮ ᠥᠨᠳᠤᠷ ᠵᠡᠷᠭᠡ ᠶᠢᠨ ᠡᠷᠳᠡᠮ ᠮᠡᠳᠡᠯᠭᠡ ᠲᠠᠢ ᠤᠶᠤᠳᠠᠨ ᠢ ᠱᠠᠭᠠᠷᠳᠠᠬᠤ ᠠᠴᠠ ᠭᠠᠳᠠᠨ᠎ᠠ ᠲᠤᠮᠳᠡ ᠵᠡᠷᠭᠡ ᠪᠤᠶᠤ ᠲᠡᠭᠡᠳᠤ ᠵᠡᠷᠭᠡ ᠶᠢᠨ ᠲᠤᠰᠬᠠᠢ ᠮᠡᠷᠭᠡᠵᠢᠯ ᠲᠠᠢ ᠰᠤᠷᠤᠭᠴᠢᠳ ᠢ ᠴᠤ ᠱᠠᠭᠠᠷᠳᠠᠨ᠎ᠠ ᠭᠡᠰᠡᠨ ᠶᠠᠪᠤᠳᠠᠯ ᠪᠤᠯᠬᠤ ᠶᠤᠮ᠃ ᠪᠢᠳᠡ ᠵᠠᠪᠠᠯ ᠪᠥᠭᠦ ᠰᠤᠷᠤᠭᠴᠢ ᠳᠤ ᠬᠠᠨᠳᠤᠵᠤ ᠂ ᠰᠤᠷᠤᠭᠴᠢ ᠶᠢᠨ ᠪᠥᠭᠦ ᠲᠠᠯ᠎ᠠ ᠳᠤ ᠬᠠᠨᠳᠤᠵᠤ ᠰᠤᠷᠭᠠᠭᠤᠯᠢ ᠡᠷᠭᠢᠯᠡᠭᠦ ᠭᠡᠷᠡᠭᠳᠡᠢ᠃ ᠲᠠᠷᠤᠢ ᠵᠠᠩᠵᠤᠨ ᠪᠤᠯᠬᠤ ᠰᠤᠷᠤᠭᠴᠢ ᠶᠢ ᠭᠥᠮᠥᠵᠢᠭᠦᠯᠭᠦ ᠮᠥᠷᠳᠡᠭᠡᠨ ᠴᠡᠷᠢᠭ ᠪᠤᠯᠬᠤ ᠰᠤᠷᠤᠭᠴᠢ ᠶᠢ ᠴᠤ ᠭᠥᠮᠥᠵᠢᠭᠦᠯᠭᠦ ᠭᠡᠷᠡᠭᠳᠡᠢ᠃ ᠡᠷᠳᠡᠮᠳᠡᠨ ᠪᠤᠯᠬᠤ ᠰᠤᠷᠤᠭᠴᠢ ᠶᠢ ᠭᠥᠮᠥᠵᠢᠭᠦᠯᠭᠦ ᠮᠥᠷᠳᠡᠭᠡᠨ ᠡᠩ ᠤᠨ ᠭᠥᠳᠡᠯᠮᠤᠷᠢᠴᠢᠨ ᠰᠤᠷᠤᠭᠴᠢ ᠶᠢ ᠴᠤ ᠭᠥᠮᠥᠵᠢᠭᠦᠯᠭᠦ ᠴᠢᠬᠤᠯᠠᠳᠠᠢ᠃      ᠰᠤᠷᠭᠠᠨ ᠭᠥᠮᠤᠵᠢᠯ ᠪᠤᠯ ᠪᠤᠯᠪᠠᠰᠤᠨ ᠢ ᠡᠷᠬᠢᠮᠯᠠᠵᠤ ᠭᠥᠭᠵᠢᠯᠳᠡ ᠶᠢ ᠠᠭᠢᠭᠤᠯᠬᠤ ᠭᠥᠳᠡᠯᠭᠡᠭᠴᠢ ᠭᠥᠴᠤᠨ ᠮᠥᠨ᠃ ᠨᠢᠭᠡ ᠤᠯᠤᠰ ᠥᠨᠳᠤᠰᠤᠳᠡᠨ ᠤ ᠭᠥᠭᠵᠢᠯᠳᠡ ᠶᠢ ᠰᠢᠯᠭᠠᠬᠤ ᠴᠢᠬᠤᠯᠠ ᠪᠠᠷᠢᠮᠵᠢᠶ᠎ᠠ ᠪᠤᠯ ᠲᠥᠮᠡᠨ ᠭᠥᠮᠤᠨ ᠪᠥᠷᠢ ᠳᠤ ᠨᠤᠭᠳᠠᠬᠤ ᠰᠢᠨᠵᠢᠯᠡᠭᠦ ᠤᠬᠠᠭᠠᠨᠳᠠᠨ ᠤ ᠲᠤᠭ᠎ᠠ ᠪᠤᠯᠤᠨ᠎ᠠ᠃ ᠡᠨᠡ ᠲᠤᠭ᠎ᠠ 2004 ᠤᠨ ᠤ ᠪᠥᠷᠢᠳᠭᠡᠯ ᠳᠤ᠂ ᠠᠮᠧᠷᠢᠺᠠ ᠳᠤ 79.6᠂ ᠶᠠᠫᠤᠨ ᠳᠤ 73.6᠂ ᠭᠧᠷᠮᠡᠨ ᠠᠩᠭ᠍ᠯᠢ ᠢᠲ᠋ᠠᠯᠢ ᠳᠤ 48~61 ᠨᠤᠭᠳᠠᠵᠤ᠂ ᠮᠠᠨ ᠤ ᠤᠯᠤᠰ ᠲᠤ 6.8 ᠨᠤᠭᠳᠠᠵᠠᠢ᠃ ᠰᠢᠨᠵᠢᠯᠡᠭᠦ ᠤᠬᠠᠭᠠᠨᠳᠠᠨ ᠪᠤᠯ ᠲᠡᠭᠷᠢ ᠠᠴᠠ ᠪᠠᠭᠤᠭᠰᠠᠳ ᠪᠢᠰᠢ᠂ ᠲᠡᠳᠡ ᠪᠤᠯ ᠰᠤᠷᠬᠤ ᠪᠠᠷ ᠲᠠᠮᠵᠢᠨ ᠡᠷᠳᠡᠮᠳᠡᠨ ᠪᠤᠯᠤᠭᠰᠠᠳ ᠪᠢᠯᠡ᠃ ᠰᠤᠷᠭᠠᠨ ᠭᠥᠮᠤᠵᠢᠯ ᠭᠥᠷᠳᠡᠭᠡᠳ ᠪᠤᠭᠳᠠ ᠭᠥᠮᠤᠨ ᠪᠤᠯᠤᠭᠰᠠᠨ ᠶᠤᠮ᠃ ᠵᠠᠭᠤᠨ ᠵᠢᠯ ᠤᠨ ᠥᠨᠳᠤᠰᠤ ᠠᠨᠤ ᠰᠤᠷᠭᠠᠨ ᠭᠥᠮᠤᠵᠢᠯ ᠭᠡᠳᠡᠭ᠃ ᠮᠢᠩᠭᠠᠨ ᠤ ᠠᠯᠤᠰ ᠢ ᠬᠠᠷᠠᠶ᠎ᠠ ᠭᠡᠪᠡᠯ ᠭᠠᠭᠴᠠ ᠲᠡᠷᠡ ᠪᠤᠢ᠂ ᠲᠡᠷᠡ ᠪᠤᠯ ᠲᠠᠷᠤᠢ ᠰᠤᠷᠭᠠᠨ ᠭᠥᠮᠤᠵᠢᠯ ᠪᠤᠯᠤᠨ᠎ᠠ᠃      ᠭᠷᠧᠭ ᠤᠨ ᠨᠢᠭᠡᠨ ᠡᠷᠳᠡᠮᠳᠡᠨ᠄ ︽ᠮᠢᠨᠤ ᠠᠮᠵᠢᠯᠳᠡ ᠤᠯᠤᠭᠰᠠᠨ ᠰᠢᠯᠳᠠᠭᠠᠨ ᠪᠤᠯ ᠰᠤᠷᠤᠭᠴᠢ ᠶᠢᠨ ᠢᠶᠠᠨ ᠠᠰᠠᠭᠤᠯᠳᠡ ᠶᠢ ᠬᠠᠷᠢᠭᠤᠯᠵᠤ ᠲᠡᠶᠢᠯᠭᠦ ᠥᠭᠡᠢ ᠳᠤ ᠪᠠᠨ ᠢᠴᠢᠭᠦᠷᠢ ᠲᠥᠷᠤᠭᠦ ᠥᠭᠡᠢ︾ ᠭᠡᠵᠤ ᠭᠡᠯᠡᠭᠰᠡᠨ ᠪᠠᠶᠢᠳᠠᠭ᠃ ᠠᠷᠢᠰᠲ᠋ᠤᠲ᠋ᠧᠯ᠄ ︽ᠪᠢ ᠪᠠᠭᠰᠢ ᠪᠠᠨ ᠭᠥᠨᠳᠤᠳᠭᠡᠨ᠎ᠡ᠂ ᠥᠨᠡᠨ ᠶᠤᠰᠤ ᠶᠢ ᠨᠡᠩ ᠭᠥᠨᠳᠤᠳᠭᠡᠨ᠎ᠡ︾ ᠭᠡᠵᠤ ᠥᠭᠦᠯᠡᠭᠰᠡᠨ ᠶᠤᠮ᠃ ᠭᠡᠳᠡᠯ᠎ᠡ ᠪᠢᠳᠡ ᠭᠢᠴᠢᠶᠡᠯ ᠲᠡᠭᠡᠷ᠎ᠡ ᠭᠡᠤᠭᠡᠳ ᠤᠨ ᠠᠰᠠᠭᠤᠯᠳᠡ ᠶᠢ ᠬᠠᠷᠢᠭᠤᠯᠵᠤ ᠲᠡᠶᠢᠯᠭᠦ ᠥᠭᠡᠢ ᠠᠴᠠ ᠥᠭᠦᠨ ᠠᠶᠤᠳᠠᠭ᠃ ᠠᠰᠠᠭᠤᠯᠳᠡ ᠪᠤᠯ ᠥᠨᠡᠨ ᠶᠤᠰᠤᠨ ᠤ ᠡᠭᠢ ᠪᠢᠯᠡ᠃ ᠭᠡᠤᠭᠡᠳ ᠤᠨ ᠢᠶᠠᠨ ᠥᠨᠡᠨ ᠶᠤᠰᠤᠨ ᠤ ᠡᠭᠢ ᠶᠢ ᠪᠤᠯᠠᠭᠰᠠᠨ ᠪᠠᠶᠢᠪᠠᠯ ᠲᠡᠳᠡ ᠶᠠᠭᠠᠭᠢᠨ ᠥᠨᠡᠨ ᠶᠤᠰᠤ ᠶᠢ ᠢᠯᠡᠷᠡᠭᠦᠯᠵᠤ ᠴᠢᠳᠠᠬᠤ ᠠᠵᠢ᠃      ᠬᠠᠶ᠋ᠢᠭ᠄ ᠤᠯᠠᠭᠠᠠᠬᠠᠳᠠ ᠳᠤ ᠬᠢ ᠮᠤᠩᠭᠤᠯ ᠥᠨᠳᠤᠰᠤᠳᠡᠨ ᠤ ᠲᠤᠮᠳᠡᠳᠤ ᠰᠤᠷᠭᠠᠭᠤᠯᠢ                    ︵ᠡᠾᠦ᠋ᠩ ᠮᠸᠢ ᠨᠠᠶᠢᠷᠠᠭᠤᠯᠪᠠ︶                     2018 ᠣᠨ ᠤ 8 ᠳ᠋ᠤᠭᠠᠷ ᠬᠤᠭᠤᠴᠠᠭ᠎ᠠ
 
ᠢᠷᠡᠯᠲᠡ᠄ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠤᠷᠭᠠᠨ ᠬᠦᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map