ᠠᠭᠤᠴᠢᠯᠠᠯ
ᠨᠡᠶᠢᠲᠡᠯᠡᠭᠰᠡᠨ ᠴᠠᠭ᠄
2019/1/11
                                             ᠪ᠊ · ᠠᠷᠠᠳᠴᠢ            ᠪᠢ ᠠᠪᠤ ᠡᠵᠢ ᠶᠢᠨ ᠢᠶᠠᠨ ᠤᠤᠭᠠᠨ ᠭᠡᠦᠭᠡᠳ ᠨᠢ ᠶᠤᠮ ᠡ᠃ ᠪᠠᠶᠢᠬᠤ ᠳᠤ ᠡᠵᠢ ᠳᠤ ᠪᠠᠨ ᠲᠤᠭ᠎ᠠ ᠦᠭᠡᠢ ᠤᠯᠠᠨ ᠤᠳᠠᠭ᠎ᠠ ᠵᠢᠮᠡᠯᠡᠭᠳᠡᠵᠤ ᠵᠤᠳᠤᠭᠳᠠᠵᠤ ᠪᠠᠶᠢᠪᠠ᠃ ᠭᠤᠷᠪᠠᠨ ᠲᠡᠭᠦᠦ ᠶᠢᠨ ᠢᠶᠠᠨ ᠡᠭᠡᠴᠢ ᠨᠢ ᠪᠠᠶᠢᠭᠠᠳ ᠲᠡᠭᠦᠦ ᠨᠠᠷ ᠢᠶᠠᠨ ᠬᠠᠷᠠᠭᠠᠯᠵᠠᠵᠤ ᠴᠢᠳᠠᠭᠰᠠᠨ ᠦᠭᠡᠢ ᠶᠤᠮ ᠤᠤ︖ ᠡᠰᠡᠭᠦᠯ᠎ᠠ ᠠᠯᠢᠶ᠎ᠠ ᠠᠬᠠᠳᠠᠭᠰᠠᠨ ᠤ ᠶᠤᠮ ᠤᠤ ᠶᠠᠭᠤ ᠪᠤᠯᠤᠭᠰᠠᠨ ᠴᠤ ᠪᠢ ᠡᠵᠢ ᠳᠤ ᠪᠠᠨ ᠵᠤᠳᠤᠭᠳᠠᠵᠤ ᠵᠠᠩᠨᠠᠭᠳᠠᠬᠤ ᠬᠤᠪᠢ ᠵᠠᠶᠠᠭ᠎ᠠ ᠠᠴᠠ ᠮᠤᠯᠳᠤᠷᠴᠤ ᠲᠡᠶᠢᠯᠳᠡᠭ ᠦᠭᠡᠢ ᠪᠠᠶᠢᠯ᠎ᠠ᠃ ᠤᠳᠤ ᠪᠤᠳᠤᠬᠤ ᠳᠤ ᠮᠠᠭᠤ ᠡᠵᠢ ᠶᠢ ᠪᠠᠨ ᠭᠡᠳᠤᠢ ᠴᠤ ᠠᠭᠤᠷᠯᠠᠭᠤᠯᠵᠤ ᠪᠠᠶᠢᠭᠰᠠᠨ ᠪᠤᠯ ᠳ᠋ᠠ᠂ ᠨᠢᠭᠡ ᠤᠳᠠᠭ᠎ᠠ ᠬᠠᠷᠢᠨ ᠵᠤᠳᠤᠭᠳᠠᠬᠤ ᠠᠴᠠ ᠮᠤᠯᠳᠤᠷᠠᠭᠰᠠᠨ ᠶᠤᠮ᠂ ᠡᠨᠡ ᠨᠢ ᠬᠤᠶᠢᠰᠢᠳᠠ ᠶᠢᠨ ᠠᠮᠢᠳᠤᠷᠠᠯ ᠦᠢᠯᠡᠰ ᠢ ᠮᠢᠨᠢ ᠨᠦᠯᠦᠭᠡᠯᠡᠵᠤ᠂ ᠨᠠᠰᠤᠨ ᠤ ᠭᠦᠷᠦᠩᠭᠡ ᠪᠤᠯᠵᠤ ᠦᠯᠡᠳᠡᠵᠡᠢ᠃      ᠪᠠᠭ᠎ᠠ ᠰᠤᠷᠭᠠᠭᠤᠯᠢ ᠶᠢᠨ ᠲᠠᠪᠤᠳᠤᠭᠠᠷ ᠠᠩᠭᠢ ᠶᠢᠨ ᠰᠤᠷᠤᠭᠴᠢ ᠪᠤᠯᠤᠬᠰᠠᠨ ᠪᠢ ᠠᠯᠢᠶ᠎ᠠ ᠵᠠᠩ ᠢᠶᠠᠨ ᠬᠠᠶᠠᠵᠤ ᠪᠤᠯᠬᠤ ᠯᠨ ᠪᠠᠶᠢᠭᠰᠠᠨ ᠶᠤᠮ᠃ ᠭᠡᠪᠡᠴᠤ ᠪᠢ ᠪᠠᠰᠨ ᠯᠨ ᠠᠩᠭᠢ ᠶᠢᠨ ᠢᠶᠠᠨ ᠠᠯᠢᠶ᠎ᠠ ︽ᠭᠠᠶᠢᠬᠠᠯ︾ ᠤᠳ ᠲᠠᠢ ᠬᠠᠮᠳᠤ ᠪᠠᠷ ᠨᠦᠭᠦᠳ ᠢᠶᠠᠨ ᠤᠶᠢᠮᠡᠭᠦᠯᠦᠭᠰᠡᠭᠡᠷ ᠪᠠᠶᠢᠪᠠ᠃ ᠨᠢᠭᠡ ᠤᠳᠠᠭ᠎ᠠ ᠶᠢᠨ ᠡᠷᠳᠡ ᠶᠢᠨ ᠲᠠᠪᠳᠠᠯᠭ᠎ᠠ ᠳᠤ ᠲᠠᠰᠬᠠᠯ ᠢᠶᠠᠨ ᠭᠢᠵᠤ ᠪᠠᠶᠢᠳᠠᠯ᠎ᠠ ᠭᠡᠩᠰᠢᠭᠦᠨ ᠦᠨᠤᠷ ᠦᠨᠤᠷᠳᠤᠭ᠍ᠳᠡᠵᠤ ᠪᠢ ᠰᠠᠨᠳᠤᠷᠤᠨ ᠭᠦᠶᠤᠨ ᠪᠤᠰᠬᠤ ᠳᠤ ᠭᠢᠰᠡ ᠶᠢᠨ ᠬᠠᠯᠠᠭᠤᠨ ᠭᠤᠬ᠎ᠠ ᠳᠤ ᠲᠡᠪᠡᠯ ᠮᠢᠨᠢ ᠲᠦᠯᠡᠭᠳᠡᠨ ᠪᠠᠷᠠᠭᠤᠨ ᠡᠩᠭᠡᠷ ᠲᠤ ᠨᠢ ᠲᠤᠮᠤ ᠨᠦᠭᠡ ᠭᠠᠷᠴᠤ ᠲᠤᠭᠤᠷᠢᠭᠠᠳ ᠪᠦᠷ ᠠᠳᠤᠷᠢᠴᠢᠬᠠᠭᠰᠠᠨ ᠪᠠᠶᠢᠪᠠ᠃ ᠤᠤᠯ ᠨᠢ ᠦᠯᠵᠡᠢ ᠰᠢᠷᠡᠭᠡ ᠶᠢ ᠰᠢᠷᠠᠵᠤ ᠦᠨᠤᠷ ᠭᠠᠷᠭᠠᠨ ᠨᠠᠮᠠᠢᠢ ᠦᠢᠮᠡᠭᠦᠯᠭᠦ ᠭᠡᠵᠤ ᠪᠠᠶᠢᠭᠰᠠᠨ ᠢᠶᠠᠨ ᠲᠡᠪᠡᠯ ᠢ ᠰᠢᠳᠠᠭᠠᠴᠢᠬᠠᠵᠠᠢ᠃ ᠠᠩᠭᠢ ᠶᠢᠨ ᠨᠦᠭᠦᠳ ᠤᠳ ᠠᠮᠨ ᠪᠢᠳᠡᠭᠦᠯᠤᠨ ᠢᠨᠢᠶᠡᠯᠴᠡᠭᠦ ᠳᠤ ᠪᠢ ᠰᠠᠨᠳᠤᠷᠬᠤ ᠳᠤ ᠪᠠᠨ ᠤᠭᠢᠯᠠᠴᠢᠬᠠᠪᠠ᠃ ᠦᠯᠵᠡᠢ ᠨᠢᠭᠤᠷ ᠴᠢᠷᠠᠢ ᠪᠠᠨ ᠤᠯᠠᠶᠢᠯᠠᠭᠠᠭᠰᠠᠭᠠᠷ ᠶᠠᠭᠠᠭᠢᠬᠤ ᠪᠠᠨ ᠤᠯᠬᠤ ᠦᠭᠡᠢ ᠪᠤᠯᠵᠠᠢ᠃ ᠦᠯᠵᠡᠢ ᠶᠢᠨ ᠠᠪᠤ ᠡᠵᠢ ᠨᠢ ᠪᠠᠭᠰᠢ ᠪᠠᠶᠢᠭᠰᠠᠨ ᠪᠤᠯᠬᠤᠷ ᠪᠢ ᠡᠷᠢᠵᠤ ᠤᠴᠢᠭᠠᠳ ᠵᠠᠭᠠᠯᠳᠤᠬᠤ ᠶᠢ ᠰᠠᠨᠠᠭᠰᠠᠨ ᠪᠤᠯᠪᠠᠴᠤ ᠵᠤᠷᠢᠭ ᠭᠦᠷᠦᠭᠰᠡᠨ ᠦᠭᠡᠢ᠃ ᠲᠡᠷᠨ ᠡᠳᠤᠷ ᠤᠨ ᠭᠢᠴᠢᠶᠡᠯ ᠳᠡᠭᠡᠷ᠎ᠠ ᠪᠠᠭᠰᠢ ᠨᠠᠷ ᠤᠨ ᠲᠠᠶᠢᠯᠪᠤᠷᠢᠯᠠᠭᠰᠠᠨ ᠵᠦᠢᠯ ᠮᠢᠨᠤ ᠵᠡᠭᠦᠨ ᠴᠢᠭᠢ ᠪᠠᠷ ᠤᠷᠤᠵᠤ ᠪᠠᠷᠠᠭᠤᠨ ᠴᠢᠭᠢ ᠪᠠᠷ ᠭᠠᠷᠤᠭᠠᠳ ᠯᠨ ᠪᠠᠶᠢᠪᠠ᠃ ᠲᠡᠪᠡᠯ ᠢᠶᠠᠨ ᠬᠠᠷᠠᠬᠤ ᠲᠤᠳᠤᠮ ᠬᠠᠶᠢᠷᠠᠯᠠᠵᠤ᠂ ᠭᠡᠷ ᠲᠤ ᠪᠠᠨ ᠬᠠᠷᠢᠪᠠᠯ ᠡᠵᠢ ᠳᠤ ᠪᠠᠨ ᠶᠠᠭᠠᠭᠢᠵᠤ ᠬᠡᠯᠡᠭᠦ᠂ ᠶᠠᠭᠠᠭᠢᠪᠡᠯ ᠰᠠᠶ᠋ᠢ ᠵᠤᠳᠤᠭᠳᠠᠬᠤ ᠦᠭᠡᠢ ᠪᠠᠷ ᠦᠩᠭᠡᠷᠡᠭᠦ ᠁ ᠮᠡᠳᠤ ᠵᠦᠢᠯ ᠨᠢ ᠴᠡᠭᠡᠵᠢᠨ ᠳᠤ ᠤᠯᠤᠰᠤᠨ ᠤᠳᠠᠰᠤ ᠭᠡᠮᠡᠷ ᠤᠷᠢᠶᠠᠯᠳᠤᠵᠤ ᠯᠨ ᠪᠠᠶᠢᠯ᠎ᠠ᠃      ᠪᠠᠭ᠎ᠠ ᠶᠢᠨ ᠦᠶ᠎ᠡ ᠳᠤ ᠠᠮᠢᠳᠤᠷᠠᠯ ᠶᠠᠳᠠᠭᠤᠬᠠᠨ᠂ ᠰᠢᠨ᠎ᠠ ᠬᠤᠪᠴᠠᠰᠤ ᠤᠯᠵᠤ ᠡᠮᠤᠰᠭᠦ ᠭᠡᠳᠡᠭ ᠶᠤᠰᠤᠳᠠᠢ ᠴᠤ ᠡᠳᠦᠷ ᠤᠨ ᠤᠳᠤ ᠪᠠᠶᠢᠭᠰᠠᠨ ᠶᠤᠮ᠃ ᠭᠡᠷ ᠤᠨ ᠵᠦᠭᠡᠷᠭᠡᠨ ᠠᠮᠢᠳᠤᠷᠠᠯ ᠲᠠᠢ ᠭᠡᠦᠭᠡᠳ ᠵᠢᠯ ᠴᠠᠭᠠᠨ ᠰᠠᠷ᠎ᠠ ᠪᠤᠯᠬᠤ ᠳᠤ ᠨᠢᠭᠡ ᠵᠠᠬ᠎ᠠ ᠰᠢᠨ᠎ᠠ ᠬᠤᠪᠴᠠᠰᠤ ᠤᠯᠵᠤ ᠡᠮᠤᠰᠳᠡᠭ᠃ ᠪᠢ ᠲᠡᠪᠡᠯ ᠤᠨ ᠢᠷᠡᠯᠳᠡ ᠪᠠᠨ ᠲᠤᠳᠤᠷᠬᠠᠢ ᠮᠡᠳᠡᠨ᠎ᠠ᠃ ᠨᠠᠮᠤᠷ ᠤᠨ ᠴᠠᠭ ᠲᠤ ᠡᠵᠢ ᠮᠢᠨᠢ ᠠᠶᠢᠯ ᠤᠨ ᠪᠠᠷᠠᠭᠤᠨ ᠮᠠᠩᠬᠠᠨ ᠳᠤ ᠭᠦᠢᠯᠡᠰᠤᠨ ᠦᠷ᠎ᠡ ᠲᠡᠭᠦᠵᠤ ᠬᠤᠳᠠᠯᠳᠤᠭᠠᠳ ᠨᠠᠳᠠ ᠳᠤ ᠰᠢᠨ᠎ᠠ ᠲᠡᠪᠡᠯ ᠬᠢᠵᠤ ᠦᠭᠭᠦᠭᠰᠡᠨ ᠶᠤᠮ᠃ ᠪᠢ ᠡ᠊ᠨᠡ ᠲᠡᠪᠡᠯ ᠢᠶᠠᠨ ᠲᠦᠢᠯ ᠢᠶᠠᠷ ᠬᠠᠶᠢᠷᠠᠯᠠᠵᠤ᠂ ᠭᠤᠶᠤᠯᠠᠯ ᠤᠨ ᠬᠤᠪᠴᠠᠰᠤ ᠪᠤᠯᠭᠠᠳᠠᠭ᠃ ᠭᠡᠳᠡᠯ᠎ᠠ ᠦᠨᠤᠳᠤᠷ ᠶᠠᠭᠤᠨ ᠳᠤ ᠡ᠊ᠨᠡ ᠬᠤᠪᠴᠠᠰᠤ ᠪᠠᠨ ᠡᠮᠤᠰᠴᠤ ᠭᠢᠴᠢᠶᠡᠯᠯᠡᠭᠦ ᠪᠠᠷ ᠢᠷᠡᠯ᠎ᠠ ᠳ᠋ᠠ ᠭᠡᠵᠤ ᠪᠤᠳᠤᠬᠤ ᠳᠤ ᠰᠡᠳᠭᠢᠯ ᠳᠤ ᠬᠠᠷᠠᠮᠰᠠᠯ ᠪᠢᠯᠬᠠᠨ᠂ ᠦᠪᠡᠷ ᠢ ᠪᠠᠨ ᠠᠭᠤᠴᠢᠯᠠᠵᠤ ᠲᠡᠶᠢᠯᠤᠰᠢ ᠦᠭᠡᠢ ᠪᠤᠯᠵᠤ ᠪᠠᠶᠢᠨ ᠲᠠᠭᠢᠨ ᠰᠠᠨᠠᠭ᠎ᠠ ᠠᠯᠳᠠᠯ᠎ᠠ᠃      ᠰᠤᠷᠭᠠᠭᠤᠯᠢ ᠲᠠᠷᠬᠠᠪᠠ᠃ ᠭᠡᠷ ᠲᠤ ᠪᠠᠨ ᠬᠠᠷᠢᠪᠠᠯ ᠡᠵᠢ ᠳᠤ ᠪᠠᠨ ᠵᠠᠩᠨᠠᠭᠳᠠᠬᠤ ᠪᠠᠷ ᠪᠠᠷᠠᠬᠤ ᠦᠭᠡᠢ ᠰᠠᠶᠢᠨ ᠨᠢᠭᠡ ᠵᠤᠳᠤᠭᠤᠯᠬᠤ ᠪᠠᠨ ᠮᠠᠳᠠᠵᠤ ᠪᠠᠶᠢᠭ᠎ᠠ ᠪᠤᠯᠬᠤᠷ ᠠᠶᠢᠯ ᠭᠡᠰᠤᠵᠤ᠂ ᠴᠠᠭ ᠨᠦᠭᠴᠢᠭᠡᠭᠦ ᠯᠨ ᠴᠢᠬᠤᠯᠨ ᠲᠠᠢ ᠪᠤᠯᠵᠠᠢ᠃ ᠠᠶᠢᠯ ᠤᠨ ᠭᠡᠦᠭᠡᠳ ᠤᠳ ᠲᠠᠢ ᠨᠠᠭᠠᠳᠴᠤ ᠤᠷᠤᠢ ᠪᠤᠯᠵᠤ᠂ ᠭᠡᠳᠡᠰᠤ ᠭᠤᠷᠴᠢᠭᠢᠨᠠᠨ ᠲᠤᠤᠭᠠᠷᠴᠤ ᠪᠠᠶᠢᠭᠰᠠᠨ ᠴᠤ ᠭᠡᠷ ᠲᠤ ᠤᠷᠤᠬᠤ ᠵᠤᠷᠢᠭ ᠭᠦᠷᠦᠭᠰᠡᠨ ᠦᠭᠡᠢ᠃      ᠤᠳᠠᠯ ᠦᠭᠡᠢ ᠨᠠᠷᠨ ᠪᠠᠷᠠᠭᠤᠨᠰᠢ ᠭᠡᠯᠪᠠᠶᠢᠵᠤ᠂ ᠭᠡᠭᠡᠷ᠎ᠡ ᠶᠢᠨ ᠭᠦᠮᠤᠰ ᠭᠡᠷ ᠵᠦᠭ ᠢᠶᠠᠨ ᠬᠠᠨᠳᠤᠭᠰᠠᠨ ᠪᠦᠭᠡᠳ ᠠᠶᠢᠯ ᠤᠨ ᠭᠡᠦᠭᠡᠳ ᠤᠳ ᠮᠠᠯ ᠲᠤᠰᠬᠤ ᠪᠠᠷ ᠭᠦᠶᠤᠯᠴᠡᠪᠡ᠃ ᠤᠳᠤ ᠶᠠᠭᠠᠭᠢᠳᠠᠭ ᠪᠢᠯᠨ︖ ᠰᠦᠨᠢ ᠶᠢᠨ ᠭᠦᠰᠢᠭᠡ ᠠᠭᠠᠵᠢᠮ ᠢᠶᠠᠷ ᠲᠤᠰᠬᠤᠨ ᠢ ᠶᠡᠪ ᠲᠠᠷᠤᠬᠤ ᠳᠤ ᠪᠢ ᠭᠡᠷ ᠲᠤ ᠪᠠᠨ ᠰᠡᠮᠭᠡᠨ ᠭᠤᠯᠭᠢᠨ ᠤᠷᠤᠵᠤ᠂ ᠡᠪᠦᠭᠡ ᠶᠢᠨ ᠢᠶᠠᠨ ᠠᠷᠤ ᠪᠠᠷ ᠰᠢᠷᠭᠤᠪᠠ᠃ ᠡᠪᠦᠭᠡ ᠮᠠᠨᠢ ᠨᠠᠮᠠᠢᠢ ᠬᠠᠷᠠᠭᠰᠠᠨ ᠢᠶᠠᠨ ᠮᠠᠭᠤ ᠦᠭᠢᠨ ᠮᠢᠨᠢ ᠶᠠᠭᠠᠭᠢᠭᠠᠳ ᠡᠶᠢᠮᠤ ᠤᠷᠤᠢ ᠭᠦᠷᠴᠤ ᠢᠷᠡᠭᠰᠡᠨ ᠪᠤᠢ ᠭᠡᠵᠤ ᠠᠰᠠᠭᠤᠬᠤ ᠳᠤ ᠡᠮᠡᠭᠡ ᠴᠦ ᠢᠷᠡᠭᠡᠳ ᠨᠠᠮ᠎ᠠ ᠠᠴᠠ ᠡ᠊ᠨᠡ ᠲᠡᠷᠨ ᠶᠢ ᠠᠰᠠᠭᠤᠵᠤ ᠯᠨ ᠪᠠᠶᠢᠯ᠎ᠠ᠃ ᠪᠢ ᠡᠵᠡᠨ ᠳᠤ ᠪᠠᠨ ᠴᠤᠭᠢᠭᠤᠯᠤᠭᠰᠠᠨ ᠭᠦᠯᠦᠭᠡ ᠶᠢᠨ ᠨᠢᠳᠤ ᠪᠠᠷ ᠬᠤᠶᠠᠷ ᠨᠠᠰᠤᠳᠠᠨ ᠢ ᠡᠭᠡᠯᠵᠢᠯᠡᠨ ᠰᠢᠷᠳᠡᠵᠤ᠂ ᠠᠮᠨ ᠨᠡᠭᠡᠭᠡᠵᠤ ᠲᠡᠶᠢᠯᠭᠦ ᠦᠭᠡᠢ ᠰᠠᠨᠳᠤᠷᠴᠤ ᠪᠠᠶᠢᠳᠠᠯ᠎ᠠ ᠡᠵᠢ ᠭᠠᠳᠠᠨ᠎ᠠ ᠠᠴᠠ ᠤᠷᠤᠵᠤ ᠢᠷᠡᠪᠡ᠃ ᠡᠵᠢ ᠨᠠᠮᠠᠢᠢ ᠲᠤᠭᠤᠯ ᠲᠠᠳᠠᠭᠰᠠᠨ ᠦᠭᠡᠢ ᠭᠡᠵᠤ ᠲᠦᠳᠤᠨᠡᠵᠤ ᠪᠠᠶᠢᠭᠰᠠᠨ ᠢᠶᠠᠨ ᠬᠠᠮᠢᠭ᠎ᠠ ᠨᠠᠭᠠᠳᠤᠭᠠᠳ ᠬᠤᠭᠤᠯᠠ ᠪᠠᠨ ᠢᠳᠡᠭᠦ ᠪᠠᠨ ᠬᠦᠷᠳᠡᠯ᠎ᠠ ᠮᠠᠷᠳᠠᠴᠢᠬᠠᠬᠰᠠᠨ ᠪᠤᠢ ᠭᠡᠳ ᠪᠤᠭᠴᠤ ᠶᠢ ᠠᠪᠤᠪᠠ᠃ ᠪᠢ ᠰᠠᠨᠳᠤᠷᠬᠤ ᠳᠤ ᠪᠠᠨ ︽ᠸᠨ — ᠳ᠋ᠢ︾ ᠭᠡᠳ ᠲᠤᠮᠤ ᠲᠠᠭᠤ ᠪᠠᠷ ᠤᠭᠢᠯᠠᠴᠢᠬᠠᠯ᠎ᠠ᠃ ᠡᠵᠢ ᠪᠤᠭᠴᠤ ᠪᠠᠷ ᠢᠶᠠᠨ ᠲᠠᠯᠳᠠᠯᠠᠵᠤ ᠪᠠᠶᠢᠭᠰᠠᠨ ᠲᠡᠪᠡᠯ ᠤᠨ ᠡᠩᠭᠡᠷ ᠢ ᠬᠠᠷᠠᠭᠰᠠᠨ ᠢᠶᠠᠨ ᠲᠡᠷᠨ ᠤᠳᠠᠭ᠎ᠠ ᠶᠠᠭᠠᠭᠢᠭᠠᠳ ᠲᠡᠶᠢᠮᠤ ᠲᠠᠯᠪᠢᠭᠤᠨ ᠪᠤᠯᠤᠭᠰᠠᠨ ᠢ ᠮᠡᠳᠡᠭᠦ ᠦᠭᠡᠢ᠂ ᠨᠠᠮᠠᠢᠢ ᠵᠠᠩᠨᠠᠵᠤ ᠵᠤᠳᠤᠭᠰᠠᠨ ᠦᠭᠡᠢ᠂ ᠬᠠᠷᠢᠨ ᠢᠨᠢᠶᠡᠮᠰᠦᠭᠯᠡᠩᠭᠦᠢ ᠴᠢᠷᠠᠶᠢᠯᠠᠴᠢᠬᠠᠭᠠᠳ᠄ ︽ᠲᠠᠭᠠᠷᠠᠭᠰᠠᠨ ᠤᠤ︖ ᠶᠠᠭᠠᠭᠢᠵᠤ ᠪᠠᠶᠢᠭᠠᠳ ᠲᠡᠪᠡᠯ ᠢᠶᠠᠨ ᠰᠢᠳᠠᠭᠠᠴᠢᠬᠠᠭᠰᠠᠨ ᠶᠤᠮ ᠪᠤᠢ︖︾ ᠭᠡᠪᠡ᠃ ᠪᠢ ᠡᠵᠢ ᠳᠤ ᠦᠯᠵᠡᠢ ᠶᠢᠨ ᠦᠢᠯᠡᠳᠦᠭᠰᠡᠨ ᠬᠡᠷᠡᠭ ᠢ ᠶᠠᠷᠢᠵᠤ ᠦᠭᠭᠦᠭᠡᠳ ᠰᠢᠨ᠎ᠠ ᠬᠤᠪᠴᠠᠰᠤ ᠠᠪᠤᠭᠤᠯᠤᠨ᠎ᠠ ᠭᠡᠳ ᠤᠯᠠᠮ ᠤᠭᠢᠯᠠᠪᠠ᠃ ᠡᠵᠢ ᠢᠨᠢᠶᠡᠴᠢᠭᠡᠭᠡᠳ᠄ ︽ᠬᠠᠮᠳᠤ ᠰᠤᠷᠤᠯᠭᠠᠳᠠᠨ ᠳᠤ ᠪᠠᠨ ᠭᠠᠯ ᠢᠶᠠᠷ ᠨᠠᠭᠠᠳᠴᠤ ᠪᠤᠯᠬᠤ ᠦᠭᠡᠢ ᠭᠡᠳᠡᠭ ᠢ ᠰᠠᠨᠠᠭᠤᠯᠵᠤ ᠪᠠᠶᠢᠭᠠᠷᠠᠢ᠂ ᠬᠢᠴᠢᠶᠡᠭᠦ ᠭᠡᠷᠡᠭᠳᠡᠢ ᠰᠢᠤ︕︾ ᠭᠡᠵᠤ ᠨᠠᠳᠠᠳᠤ ᠤᠯᠠᠨ ᠵᠦᠢᠯ ᠢ ᠶᠠᠷᠢᠭᠰᠠᠨ ᠢᠶᠠᠨ ᠪᠤᠳᠠᠭ᠎ᠠ ᠨᠤᠭᠤᠭ᠎ᠠ ᠬᠠᠯᠠᠭᠤᠯᠵᠤ ᠦᠭᠪᠡ᠃ ᠲᠡᠷᠨ ᠤᠷᠤᠢ ᠨᠢ ᠡᠵᠢ ᠲᠡᠪᠡᠯ ᠤᠨ ᠰᠢᠳᠠᠭᠠᠭᠳᠠᠭᠰᠠᠨ ᠭᠡᠰᠡᠭ ᠲᠤ ᠭᠦᠭᠡ ᠪᠦᠰ ᠢᠶᠠᠷ ᠲᠠᠰᠠᠮ᠎ᠠ ᠤᠷᠤᠭᠤᠯᠵᠤ ᠨᠦᠭᠦᠵᠤ ᠦᠭᠪᠡ᠃      ᠭᠢᠯᠢᠰᠳᠠᠯ ᠭᠤᠮᠤᠳᠠᠯ ᠢᠶᠠᠷ ᠲᠦᠭᠦᠷᠦᠭᠰᠡᠨ ᠰᠡᠳᠭᠢᠯ ᠮᠢᠨᠢ ᠲᠡᠷᠨ ᠯᠠ ᠳᠤ ᠲᠠᠶᠢᠳᠬᠤᠷᠠᠵᠤ ᠰᠠᠷᠠᠭᠤᠯᠵᠢᠬᠰᠠᠨ ᠪᠢᠯᠨ᠃ ᠲᠡᠭᠦᠨ ᠠᠴᠠ ᠰᠡᠭᠦᠯᠡᠷ ᠪᠢ ᠲᠡᠶᠢᠮᠤ ᠯᠨ ᠬᠤᠷᠳᠤᠨ ᠤᠬᠠᠭᠠᠨ ᠰᠠᠭᠤᠵᠤ᠂ ᠡᠵᠢ ᠳᠤ ᠪᠠᠨ ᠵᠤᠳᠤᠭᠳᠠᠬᠤ ᠦᠭᠡᠢ ᠪᠤᠯᠤᠭᠰᠠᠨ ᠪᠦᠭᠡᠳ ᠡᠵᠢ ᠴᠦ ᠵᠤᠳᠤᠬᠤ ᠦᠭᠡᠢ ᠪᠤᠯᠪᠠ᠃ ᠡᠵᠢ ᠮᠢᠨᠢ ᠨᠠᠮᠠᠢᠢ ᠲᠤᠮᠤ ᠪᠤᠯᠴᠢᠬᠠᠯ᠎ᠠ ᠭᠡᠵᠤ ᠮᠡᠳᠡᠷᠡᠭᠰᠡᠨ ᠴᠤ ᠶᠤᠮ ᠤᠤ︖      ᠲᠤᠮᠤ ᠪᠤᠯᠤᠭᠰᠠᠨ ᠤ ᠲᠠᠷᠠᠭ᠎ᠠ ᠬᠠᠮᠳᠤ ᠰᠤᠷᠤᠭᠴᠢ ᠦᠯᠵᠡᠢ ᠠᠭᠤᠯᠵᠠᠬᠤ ᠪᠤᠯᠭᠠᠨ ᠳᠤ ᠪᠠᠨ ᠲᠠᠷᠠ ᠭᠦ ᠤᠴᠢᠷ ᠢ ᠲᠤᠷᠠᠳᠴᠤ ᠬᠡᠷᠡᠭ ᠡᠳᠦᠭᠰᠡᠨ ᠲᠠᠷᠠ ᠡᠳᠦᠷ ᠨᠢᠭᠡ ᠰᠦᠨᠢ ᠤᠨᠳᠠᠵᠤ ᠲᠡᠶᠢᠯᠦᠭᠰᠡᠨ ᠦᠭᠡᠢ᠂ ᠠᠪᠤ ᠡᠵᠢ ᠠᠴᠠ ᠪᠠᠨ ᠶᠠᠭᠠᠭᠢᠵᠤ ᠵᠤᠭᠤᠰ ᠤᠯᠵᠤ ᠲᠡᠪᠡᠯ ᠢ ᠮᠢᠨᠢ ᠲᠦᠯᠦᠭᠦ ᠪᠢᠯᠨ ᠭᠡᠵᠤ ᠲᠠᠷᠢᠭᠢ ᠪᠠᠨ ᠰᠢᠪᠬᠠᠨ ᠪᠤᠳᠤᠭᠰᠠᠨ ᠭᠡᠨ᠎ᠡ᠃ ᠮᠠᠷᠭᠠᠰᠢ ᠨᠢ ᠮᠢᠨᠦ ᠶᠠᠭᠤ ᠴᠤ ᠪᠤᠯᠤᠭ᠎ᠠ ᠦᠭᠡᠢ ᠶᠤᠮ ᠰᠢᠬ ᠠᠯᠢᠶᠠᠷᠬᠠᠵᠤ ᠪᠠᠶᠢᠬᠤ ᠶᠢ ᠦᠵᠡᠭᠡᠳ ᠰᠡᠳᠭᠢᠯ ᠤᠨ ᠲᠡᠭᠡᠭᠡᠷ᠎ᠡ ᠲᠠᠷᠤᠭᠠᠰᠤ ᠨᠢ ᠠᠷᠢᠯᠤᠭᠰᠠᠨ ᠭᠡᠳᠡᠭ᠃      ᠰᠠᠭᠦᠯᠠᠷ ᠨᠢ ᠲᠤᠮᠤᠭᠠᠵᠢᠵᠤ ᠤᠬᠠᠭᠠᠨ ᠰᠠᠭᠤᠭᠰᠠᠨ ᠪᠦᠭᠦᠨ ᠭᠠᠶᠢᠭᠤᠢ ᠰᠤᠷᠳᠠᠬ ᠪᠤᠯᠬᠤᠷ ᠰᠤᠮᠤ ᠶᠢᠨ ᠲᠤᠮᠳᠠᠳᠤ ᠰᠤᠷᠭᠠᠭᠤᠯᠢ ᠶᠢᠨ ᠬᠤᠶᠠᠷ ᠠᠩᠭᠢ ᠶᠢᠨ ᠰᠤᠷᠤᠭᠴᠢᠳ ᠠᠴᠠ ᠪᠠᠨ ᠭᠠᠭᠴᠠᠭᠠᠷ ᠢᠶᠠᠨ ᠬᠤᠰᠢᠭᠤᠨ ᠤ ᠲᠦᠪ ᠤᠨ ᠭᠤᠤᠯᠳᠠᠯᠭᠠᠳᠤ ᠲᠡᠭᠡᠳᠤ ᠲᠤᠮᠳᠠᠳᠤ ᠰᠤᠷᠭᠠᠭᠤᠯᠢ ᠳᠤ ᠰᠢᠯᠭᠠᠭᠳᠠᠨ ᠤᠷᠤᠵᠠᠢ᠃ ᠠᠪᠤ ᠡᠵᠢ ᠮᠢᠨᠢ ᠪᠠᠶᠠᠷᠯᠠᠵᠤ ᠨᠠᠮᠠᠢᠢ ᠬᠤᠰᠢᠭᠤᠨ ᠲᠦᠪ ᠲᠤ ᠭᠦᠷᠭᠡᠵᠤ ᠤᠴᠢᠭᠰᠠᠨ ᠪᠦᠭᠡᠳ ᠪᠢ ᠠᠪᠠᠭ᠎ᠠ ᠡᠵᠢ ᠶᠢᠨ ᠭᠡᠷ ᠲᠤ ᠰᠠᠭᠤᠵᠤ ᠨᠠᠭᠠᠰᠢ ᠴᠠᠭᠠᠰᠢ ᠶᠠᠪᠤᠵᠤ ᠪᠢᠴᠢᠭ ᠦᠵᠡᠭᠦ ᠪᠤᠯᠪᠠ᠃ ᠨᠢᠭᠡ ᠬᠤᠭᠤᠴᠠᠭ᠎ᠠ ᠦᠩᠭᠡᠷᠡᠭᠰᠡᠨ ᠤ ᠲᠠᠷᠠᠭ᠎ᠠ ᠠᠪᠤ ᠡᠵᠢ ᠢᠳᠡᠵᠤ ᠤᠤᠭᠤᠬᠤ ᠪᠠᠨ ᠠᠷᠪᠢᠯᠠᠵᠤ ᠪᠠᠶᠢᠭᠠᠳ ᠨᠠᠳᠠ ᠳᠤ ᠲᠤᠬᠠᠢ ᠶᠢᠨ ᠦᠶᠡᠰ ᠴᠦᠭᠡᠨ ᠪᠠᠶᠢᠭᠰᠠᠨ ᠲᠤᠭᠤᠢ ᠲᠡᠷᠭᠡ ᠶᠢ ᠠᠪᠴᠤ ᠦᠭᠭᠦᠯ᠎ᠠ᠃ ᠪᠢ ᠲᠤᠭᠤᠢ ᠲᠡᠷᠭᠡ ᠤᠨᠤᠵᠤ ᠰᠤᠷᠭᠠᠭᠤᠯᠢ ᠳᠤ ᠪᠠᠨ ᠶᠠᠪᠤᠬᠤ ᠪᠤᠯᠤᠭᠰᠠᠨ ᠠᠴᠠ ᠲᠦᠢᠯ ᠤᠨ ᠲᠦᠭᠦᠮ ᠪᠤᠯᠵᠤ᠂ ᠵᠠᠷᠢᠮ ᠳᠤ ᠪᠠᠨ ᠪᠠᠭ᠎ᠠ ᠰᠤᠷᠭᠠᠭᠤᠯᠢ ᠳᠤ ᠪᠠᠶᠢᠭᠰᠠᠨ ᠪᠦᠯᠤ ᠲᠡᠭᠦᠦ ᠪᠠᠨ ᠴᠤ ᠲᠤᠭᠤᠢ ᠲᠡᠷᠭᠡᠨ ᠳᠤ ᠪᠠᠨ ᠠᠪᠤᠭᠠᠳ ᠶᠠᠪᠤᠳᠠᠭ᠃      ᠲᠡᠭᠡᠳᠤ ᠲᠤᠮᠳᠠᠳᠤ ᠰᠤᠷᠭᠠᠭᠤᠯᠢ ᠶᠢᠨ ᠬᠤᠶᠠᠳᠤᠭᠠᠷ ᠤᠨ ᠤ ᠦᠶ᠎ᠡ ᠳᠤ ᠪᠢᠯᠨ᠃ ᠮᠠᠨ ᠤ ᠠᠩᠭᠢ ᠶᠢᠨ ᠪᠠᠳᠤ ᠮᠢᠨᠤ ᠲᠤᠭᠤᠢ ᠶᠢ ᠵᠢᠭᠡᠯᠡᠵᠤ ᠭᠡᠷ ᠲᠤ ᠪᠠᠨ ᠬᠠᠷᠢᠬᠤ ᠭᠡᠪᠡ᠃ ᠲᠤᠬᠠᠢ ᠶᠢᠨ ᠦᠶ᠎ᠡ ᠳᠤ ᠵᠠᠮ ᠬᠠᠷᠢᠯᠴᠠᠭ᠎ᠠ ᠲᠦᠭᠦᠮ ᠦᠭᠡᠢ᠂ ᠭᠠᠯᠳᠤ ᠲᠡᠷᠭᠡᠨ ᠳᠤ ᠰᠠᠭᠤᠬᠤ ᠪᠤᠶᠤ ᠶᠠᠪᠠᠭᠠᠨ ᠶᠠᠪᠤᠬᠤ ᠠᠴᠠ ᠦᠭᠡᠷ᠎ᠡ ᠠᠷᠭ᠎ᠠ ᠴᠦᠭᠡᠨ ᠪᠠᠶᠢᠭᠰᠠᠨ ᠶᠤᠮ᠃ ᠪᠠᠳᠤ ᠲᠤᠭᠤᠢ ᠲᠡᠷᠭᠡ ᠤᠨᠤᠪᠠᠯ ᠪᠠᠯᠭᠠᠰᠤ ᠠᠴᠠ ᠭᠤᠴᠢᠭᠠᠳ ᠭᠠᠵᠠᠷ ᠵᠠᠢ ᠲᠠᠢ ᠪᠠᠶᠢᠭ᠎ᠠ ᠭᠡᠷ ᠲᠤ ᠪᠠᠨ ᠭᠦᠷᠴᠤ ᠲᠡᠶᠢᠯᠭᠦ ᠪᠦᠭᠡᠳ ᠡᠳᠤᠷ ᠲᠤ ᠪᠠᠨ ᠢᠷᠡᠵᠤ ᠲᠡᠶᠢᠯᠭᠦ ᠶᠤᠮ᠃ ᠡᠵᠢ ᠨᠢ ᠡᠪᠡᠳᠴᠢᠨ ᠲᠠᠢ ᠪᠤᠯᠬᠤᠷ ᠡᠮ ᠠᠪᠴᠤ ᠭᠦᠷᠭᠡᠭᠦ ᠶᠤᠮ ᠭᠡᠨ᠎ᠡ᠃ ᠪᠢ ᠲᠤᠭᠤᠢ ᠪᠠᠨ ᠬᠠᠶᠢᠷᠠᠯᠠᠵᠤ᠂ ᠦᠭᠭᠦ ᠲᠤᠷ᠎ᠠ ᠦᠭᠡᠢ ᠪᠠᠶᠢᠭᠰᠠᠨ ᠴᠤ ᠡᠵᠢ ᠳᠤ ᠪᠠᠨ ᠡᠮ ᠭᠦᠷᠭᠡᠭᠦ ᠭᠡᠵᠤ ᠪᠠᠶᠢᠭ᠎ᠠ ᠪᠤᠯᠬᠤᠷ ᠠᠷᠭ᠎ᠠ ᠦᠭᠡᠢ ᠲᠡᠭᠦᠨ ᠳᠤ ᠵᠢᠭᠡᠯᠡᠭᠦᠯᠵᠤ ᠦᠭᠭᠦᠯ᠎ᠠ᠃ ᠭᠡᠳᠡᠯ᠎ᠠ ᠪᠠᠳᠤ ᠭᠡᠷ ᠠᠴᠠ ᠪᠠᠨ ᠪᠤᠴᠠᠵᠤ ᠢᠷᠡᠭᠡᠳ ᠨᠢᠭᠡ ᠲᠡᠯᠭᠡᠭᠦᠷ ᠲᠤ ᠤᠷᠤᠭᠠᠳ ᠭᠠᠷᠴᠤ ᠢᠷᠡᠭᠦ ᠳᠤ ᠲᠤᠭᠤᠢ ᠲᠡᠷᠭᠡ ᠠᠯᠠᠭ᠎ᠠ ᠪᠤᠯᠴᠢᠬᠠᠭᠰᠠᠨ ᠪᠠᠶᠢᠵᠠᠢ᠃ ᠪᠢ ᠲᠡᠭᠦᠨ ᠳᠤ ᠠᠭᠤᠷᠯᠠᠭᠠᠳ ᠲᠤᠭᠤᠢ ᠲᠡᠷᠭᠡ ᠪᠠᠨ ᠲᠦᠯᠤᠵᠤ ᠠᠪᠤᠶ᠎ᠠ ᠭᠡᠵᠤ ᠲᠤᠩ ᠰᠠᠨᠠᠪᠠ᠃ ᠭᠡᠪᠡᠴᠤ ᠲᠤᠬᠠᠢ ᠶᠢᠨ ᠦᠶ᠎ᠡ ᠳᠤ ᠭᠡ᠊ᠨᠡᠳᠳᠡ ᠡᠵᠢ ᠶᠢᠨ ᠨᠠᠮᠠᠢᠢ ᠠᠭᠤᠴᠢᠯᠠᠭᠰᠠᠨ ᠤᠴᠢᠷ ᠲᠠᠷᠢᠭᠢᠨ ᠳᠤ ᠬᠠᠷᠪᠤᠨ ᠤᠷᠤᠵᠤ ᠢᠷᠡᠭᠡᠳ ᠨᠦᠭᠦᠳ ᠢᠶᠠᠨ ᠠᠭᠤᠴᠢᠯᠠᠵᠤ ᠪᠠᠶᠢᠭᠠᠷᠠᠢ ᠭᠡᠵᠤ ᠴᠢᠭᠢᠨ ᠳᠤ ᠰᠢᠪᠡᠨᠡᠭᠰᠡᠨ ᠰᠢᠭ ᠪᠤᠯᠬᠤᠯᠠᠷ ᠪᠠᠳᠤ ᠶᠢᠨ ᠡᠵᠢ ᠨᠢ ᠡᠪᠡᠳᠴᠢᠨ ᠲᠠᠢ᠂ ᠠᠮᠢᠳᠤᠷᠠᠯ ᠤᠨ ᠨᠦᠭᠦᠴᠡᠯ ᠨᠢ ᠲᠡᠶᠢᠮᠤ ᠰᠠᠶᠢᠨ ᠪᠢᠰᠢ ᠪᠠᠶᠢᠳᠠᠭ ᠵᠡᠷᠭᠡ ᠨᠢ ᠰᠡᠳᠭᠢᠯ ᠳᠤ ᠲᠦᠭᠦᠷᠪᠡ᠃ ᠪᠢ ᠲᠡᠭᠦᠨ ᠢ ᠠᠭᠤᠴᠢᠯᠠᠵᠤ᠂ ᠲᠡᠷᠭᠡ ᠪᠠᠨ ᠲᠦᠯᠦᠵᠤ ᠠᠪᠤᠭᠰᠠᠨ ᠦᠭᠡᠢ ᠭᠡᠪᠡᠴᠦ ᠦᠭᠡᠷ᠎ᠡ ᠲᠤᠭᠤᠢ ᠠᠪᠬᠤ ᠨᠦᠭᠦᠴᠡᠯ ᠪᠠᠶᠢᠭᠰᠠᠨ ᠦᠭᠡᠢ ᠪᠤᠯᠬᠤᠷ ᠶᠠᠪᠠᠭᠠᠨ ᠢᠶᠠᠷ ᠦᠭᠡᠳᠡ ᠤᠷᠤᠭᠤ ᠶᠠᠪᠤᠵᠤ ᠪᠢᠴᠢᠭ ᠦᠵᠡᠭᠦ ᠬᠤᠪᠢ ᠲᠠᠪᠢᠯᠠᠩ ᠲᠠᠢ ᠪᠤᠯᠪᠠ᠃      ᠲᠡᠭᠡᠳᠤ ᠲᠤᠮᠳᠠᠳᠤ ᠲᠡᠭᠦᠰᠤᠭᠡᠳ ᠠᠷᠪᠠᠭᠠᠳ ᠵᠢᠯ ᠤᠨ ᠲᠠᠷᠠᠭ᠎ᠠ ᠪᠢ ᠪᠠᠳᠤ ᠲᠠᠢ ᠠᠭᠤᠯᠵᠠᠭᠠᠳ ᠵᠤᠭᠤᠭ ᠲᠡᠯᠭᠡᠭᠦ ᠳᠤ ᠲᠠᠷᠠ ᠲᠤᠬᠠᠢ ᠶᠢᠨ ᠦᠶ᠎ᠡ ᠪᠢ ᠲᠤᠭᠤᠢ ᠪᠠᠨ ᠲᠦᠯᠦᠵᠤ ᠠᠪᠤᠭᠰᠠᠨ ᠪᠠᠶᠢᠪᠠᠯ ᠲᠡᠭᠦᠨ ᠳᠤ ᠶᠠᠮᠠᠷᠬᠠᠨ ᠲᠠᠷᠤᠭᠠᠰᠤ ᠪᠤᠯᠬᠤ ᠤᠴᠢᠷᠯᠠᠵᠤ ᠨᠢᠳᠤᠨ ᠳᠤ ᠪᠠᠨ ᠨᠢᠯᠪᠤᠰᠤ ᠴᠠᠭᠠᠷᠢᠭᠯᠠᠭᠤᠯᠵᠤ ᠪᠠᠶᠢᠯ᠎ᠠ᠃ ᠲᠡᠷᠨ ᠪᠠᠶᠠᠷᠯᠠᠵᠤ ᠲᠠᠯᠠᠷᠬᠠᠭᠰᠠᠨ ᠰᠡᠳᠭᠢᠯᠭᠡ ᠪᠠᠨ ᠶᠠᠷᠢᠬᠤ ᠲᠤᠭᠢᠶᠠᠯ ᠤᠯᠤᠭᠰᠠᠨ ᠳᠤ ᠪᠠᠨ ᠰᠡᠳᠭᠢᠯ ᠨᠢ ᠲᠤᠭᠳᠤᠯᠤᠩᠭᠤᠢ ᠪᠠᠶᠢᠭᠰᠠᠨ ᠪᠦᠭᠡᠳ ᠲᠤᠭᠤᠢ ᠲᠡᠷᠭᠡ ᠪᠠᠨ ᠲᠦᠯᠤᠵᠤ ᠠᠪᠤᠪᠠᠯ ᠭᠡᠳᠤᠢ ᠦᠨ᠎ᠡ ᠪᠠᠷ ᠴᠤ ᠲᠦᠯᠦᠵᠤ ᠲᠡᠶᠢᠯᠤᠨ᠎ᠠ ᠭᠡᠵᠤ ᠪᠠᠷᠳᠠᠮ ᠶᠠᠷᠢᠵᠤ ᠪᠠᠶᠢᠭᠰᠠᠨ ᠶᠤᠮ᠃ ᠤᠳᠤ ᠪᠤᠳᠤᠬᠤ ᠳᠤ ᠲᠠᠷᠠ ᠦᠶᠠᠰ ᠬᠠᠮᠳᠤ ᠰᠤᠷᠤᠯᠭᠠᠳᠠᠨ ᠢᠶᠠᠨ ᠠᠭᠤᠴᠢᠯᠠᠵᠤ ᠴᠢᠳᠠᠭᠰᠠᠨ ᠮᠢᠨᠢ ᠨᠠᠳᠠ ᠳᠤ ᠠᠪᠴᠤ ᠬᠡᠯᠡᠪᠡᠯ ᠲᠤᠮᠤ ᠤᠯᠤᠯᠳᠠ᠃ ᠭᠡᠷᠪᠡ ᠪᠢ ᠬᠠᠮᠳᠤ ᠰᠤᠷᠤᠯᠭᠠᠳᠠᠨ ᠢᠶᠠᠨ ᠵᠤᠪᠠᠭᠠᠭᠰᠠᠨ ᠪᠤᠯ ᠬᠤᠵᠢᠮ ᠠᠭᠤᠯᠵᠠᠬᠤ ᠳᠤ ᠨᠢᠭᠤᠷ ᠮᠢᠨᠢ ᠨᠢᠯᠴᠢᠬᠢᠨᠡᠭᠦ ᠪᠠᠶᠢᠭ᠎ᠠ ᠭᠡᠵᠤ ᠦᠷᠭᠦᠯᠵᠢ ᠪᠤᠳᠤᠳᠠᠬ᠃      ᠲᠡᠭᠦᠨ ᠠᠴᠠ ᠬᠤᠵᠢᠮ ᠨᠢ ᠪᠢ ᠶᠡᠭᠡ ᠰᠤᠷᠭᠠᠭᠤᠯᠢ ᠲᠡᠭᠦᠰᠤᠭᠡᠳ ᠬᠤᠰᠢᠭᠤᠨ ᠲᠦᠪ ᠤᠨ ᠢᠶᠠᠨ ᠲᠡᠭᠡᠳᠤ ᠲᠤᠮᠳᠠᠳᠤ ᠰᠤᠷᠭᠠᠭᠤᠯᠢ ᠳᠤ ᠪᠠᠭᠰᠢᠯᠠᠪᠠ᠃ ᠡᠵᠢ ᠶᠢᠨ ᠨᠠᠮᠠᠢᠢ ᠠᠭᠤᠴᠢᠯᠠᠭᠰᠠᠨ ᠶᠠᠪᠤᠳᠠᠯ ᠨᠢ ᠮᠢᠨᠤ ᠰᠤᠷᠤᠭᠴᠢ ᠭᠦᠮᠤᠵᠢᠭᠦᠯᠭᠦ ᠨᠠᠨᠳᠢᠨ ᠰᠤᠷᠭᠠᠯ ᠪᠤᠯᠵᠤ᠂ ᠰᠤᠷᠤᠭᠴᠢᠳ ᠢᠶᠠᠨ ᠠᠭᠤᠴᠢᠯᠠᠯ ᠢᠶᠠᠷ ᠬᠦᠮᠤᠵᠢᠭᠦᠯᠭᠦ ᠭᠡᠳᠡᠭ ᠢ ᠮᠠᠷᠳᠠᠭ᠎ᠠ ᠦᠭᠡᠢ᠃ ᠰᠤᠷᠤᠭᠴᠢᠳ ᠮᠠᠨᠢ ᠠᠭᠤᠷ ᠶᠡᠭᠡᠳᠡᠢ ᠭᠡᠵᠤ ᠨᠠᠳᠠ ᠠᠴᠠ ᠠᠶᠤᠳᠠᠬ ᠴᠤ ᠵᠠᠩᠭᠢᠯᠠᠭ᠎ᠠ ᠶᠢᠨ ᠦᠶ᠎ᠡ ᠳᠤ ᠲᠡᠳᠡᠨ ᠢ ᠠᠭᠤᠴᠢᠯᠠᠳᠠᠬ ᠠᠴᠠ ᠨᠠᠮ᠎ᠠ ᠶᠢ ᠲᠦᠢᠯ ᠢᠶᠠᠷ ᠭᠦᠨᠳᠤᠳᠭᠡᠳᠡᠭ᠃ ᠠᠩᠭᠢ ᠶᠢᠨ ᠡᠷᠭᠢᠯᠡᠭᠴᠢ ᠪᠤᠯᠤᠭᠰᠠᠨ ᠤ ᠲᠠᠷᠠᠭ᠎ᠠ ᠨᠢᠭᠡ ᠤᠷᠤᠢ ᠶᠢᠨ ᠲᠠᠪᠳᠠᠯᠭ᠎ᠠ ᠳᠤ ᠠᠩᠭᠢ ᠶᠢᠨ ᠰᠤᠷᠤᠭᠴᠢᠳ ᠢᠶᠠᠨ ᠪᠠᠶᠢᠴᠠᠭᠠᠬᠤ ᠳᠤ ᠬᠤᠶᠠᠷ ᠰᠤᠷᠤᠭᠴᠢ ᠶᠢᠨ ᠤᠷᠤ ᠬᠤᠭᠤᠰᠤᠨ ᠪᠠᠶᠢᠯ᠎ᠠ᠃ ᠶᠡᠷᠤ ᠶᠢᠨ ᠦᠶ᠎ᠡ ᠳᠤ ᠲᠠᠪᠳᠠᠯᠭ᠎ᠠ ᠶᠢᠨ ᠴᠠᠭ ᠢᠩᠭᠢᠵᠤ ᠤᠷᠭᠤᠳᠠᠭ ᠰᠤᠷᠤᠭᠴᠢ ᠪᠠᠶᠢᠳᠠᠭ ᠦᠭᠡᠢ ᠶᠤᠮ ᠡ᠃ ᠡ᠊ᠨᠡ ᠤᠷᠤᠢ ᠶᠠᠭᠠᠭᠢᠭᠠᠳ ᠁ ᠭᠡᠵᠤ ᠰᠤᠨᠢᠭᠤᠴᠢᠯᠠᠭᠰᠠᠭᠠᠷ ᠰᠤᠷᠭᠠᠭᠤᠯᠢ ᠶᠢᠨ ᠤᠶᠢᠷ᠎ᠠ ᠪᠠᠶᠢᠭ᠎ᠠ ᠲᠤᠭᠯᠠᠭᠠᠮ ᠤᠨ ᠭᠠᠵᠠᠷ ᠤᠳ ᠢᠶᠠᠷ ᠲᠠᠷᠠᠭᠠᠯᠠᠨ ᠤᠷᠤᠵᠤ ᠰᠤᠷᠤᠭᠴᠢ ᠪᠠᠨ ᠡᠷᠢᠭ᠍ᠰᠡᠨ ᠴᠢᠨᠢ ᠮᠠᠨ ᠤ ᠬᠤᠶᠠᠷ ᠴᠢᠴᠢᠭᠦᠷ ᠪᠦᠮᠪᠤᠭᠡᠨ ᠭᠡᠷ ᠲᠤ ᠶᠡᠭᠡ ᠯᠨ ᠭᠦᠭᠵᠢᠶᠡᠨ ᠲᠠᠢ ᠨᠠᠭᠠᠳᠴᠤ ᠪᠠᠶᠢᠪᠠ᠃ ᠪᠢ ᠲᠦᠢᠯ ᠢᠶᠠᠷ ᠠᠭᠤᠷᠯᠠᠵᠤ ᠲᠠᠷᠠ ᠬᠤᠶᠠᠭᠤᠯᠠ ᠶᠢ ᠠᠯᠪᠠᠨ ᠭᠡᠷ ᠲᠤ ᠪᠠᠨ ᠭᠦᠭᠡᠭᠡᠵᠤ ᠠᠪᠴᠢᠷᠠᠭᠠᠳ ᠪᠤᠷᠤᠭᠤ ᠮᠡᠳᠡᠭᠦ ᠪᠢᠴᠢᠭ ᠪᠢᠴᠢᠭᠦ ᠭᠡᠷᠡᠭᠳᠡᠢ᠂ ᠡᠰᠨ ᠲᠡᠶᠢᠮᠤ ᠪᠤᠯ ᠮᠠᠷᠭᠠᠰᠢ ᠭᠢᠴᠢᠶᠡᠯ ᠤᠷᠤᠭᠤᠯᠬᠤ ᠦᠭᠡᠢ ᠭᠡᠵᠤ ᠭᠡᠰᠡᠨ ᠶᠤᠮ ᠃ ᠮᠠᠷᠭᠠᠰᠢ ᠦᠷᠯᠦᠭᠡ ᠨᠢ ᠡᠷᠳᠡ ᠶᠢᠨ ᠲᠠᠪᠳᠠᠯᠭ᠎ᠠ ᠶᠢᠨ ᠲᠠᠷᠠᠭ᠎ᠠ ᠠᠭᠤᠳᠠᠮ ᠦᠨᠡᠭᠡᠷ ᠭᠢᠴᠢᠶᠡᠯ ᠤᠷᠤᠭᠰᠠᠨ ᠦᠭᠡᠢ ᠪᠦᠭᠡᠳ ᠨᠦᠭᠦᠳ ᠨᠢ ᠴᠤ ᠪᠢᠴᠢᠭ ᠦᠵᠡᠭᠦ ᠦᠭᠡᠢ ᠭᠡᠳ ᠶᠠᠪᠤᠴᠢᠬᠠᠬᠰᠠᠨ ᠭᠡᠪᠡ᠃ ᠰᠤᠨᠤᠰᠤᠭᠠᠳ ᠲᠦᠢᠯ ᠢᠶᠠᠷ ᠰᠠᠨᠳᠤᠷᠴᠤ ᠭᠡᠷ ᠤᠨ ᠭᠦᠮᠤᠰ ᠲᠠᠢ ᠨᠢ ᠬᠠᠷᠢᠯᠴᠠᠵᠤ ᠠᠭᠤᠳᠠᠮ ᠢ ᠰᠤᠷᠠᠬᠯᠠᠬᠤ ᠳᠤ ᠲᠠᠷᠠ ᠭᠦᠯᠤᠰᠤᠨ ᠠᠵᠢᠯ ᠭᠢᠭᠦ ᠪᠠᠷ ᠶᠠᠪᠤᠭᠰᠠᠨ ᠢ ᠮᠡᠳᠡᠪᠡ᠃      ᠡ᠊ᠨᠡ ᠤᠴᠢᠷ ᠢ ᠰᠤᠷᠭᠠᠭᠤᠯᠢ ᠮᠡᠳᠡᠭᠰᠡᠨ ᠤ ᠲᠠᠷᠠᠭ᠎ᠠ ᠰᠤᠷᠭᠠᠭᠤᠯᠢ ᠶᠢᠨ ᠮᠤᠷᠠᠯ ᠭᠦᠮᠤᠵᠢᠯ ᠤᠨ ᠭᠠᠵᠠᠷ ᠠᠴᠠ ᠠᠭᠤᠳᠠᠮ ᠢ ᠡᠷᠭᠢᠵᠤ ᠢᠷᠡᠪᠡᠯ ᠠᠩᠭᠢ ᠳᠤ ᠪᠠᠨ ᠤᠷᠤᠭᠤᠯᠵᠤ ᠪᠤᠯᠬᠤ ᠦᠭᠡᠢ ᠭᠡᠰᠡᠨ ᠬᠠᠳᠠᠭᠤ ᠵᠠᠷᠯᠢᠭ ᠪᠠᠭᠤᠯᠭᠠᠪᠠ᠃ ᠲᠤᠬᠠᠢ ᠶᠢᠨ ᠦᠶ᠎ᠡ ᠳᠤ ᠡᠵᠢ ᠶᠢᠨ ᠮᠢᠨᠢ ᠦᠪᠡᠷ ᠤᠨ ᠭᠡᠦᠭᠡᠳ ᠢᠶᠠᠨ ᠠᠭᠤᠴᠢᠯᠠᠵᠤ ᠴᠢᠳᠠᠭᠰᠠᠨ ᠮᠦᠷᠳᠡᠭᠡᠨ ᠦᠷᠦᠭᠡᠯ ᠤᠨ ᠭᠡᠦᠭᠡᠳ ᠢ ᠴᠤ ᠠᠭᠤᠴᠢᠯᠠᠵᠤ ᠴᠢᠳᠠᠭᠰᠠᠨ ᠶᠠᠪᠤᠳᠠᠯ ᠨᠢ ᠮᠢᠨᠤ ᠲᠠᠷᠢᠭᠢᠨ ᠳᠤ ᠪᠠᠶᠢᠨ ᠳᠠᠬᠢᠨ ᠡᠷᠬᠢᠯᠳᠦᠵᠦ᠂ ᠲᠠᠭᠦᠨ ᠳᠤ ᠯᠠᠪᠳᠠᠢ ᠶᠠᠮᠠᠷ ᠨᠢᠭᠡᠨ ᠰᠡᠳᠭᠢᠯ ᠤᠨ ᠡᠭᠡᠳᠡᠷᠡᠭᠡᠨ ᠤᠴᠠᠷᠠᠭᠰᠠᠨ ᠪᠠᠶᠢᠯᠭᠦᠢ ᠭᠡᠵᠤ ᠪᠤᠳᠤᠭᠰᠠᠭᠠᠷ ᠨᠢᠭᠡ ᠲᠠᠯ᠎ᠠ ᠪᠠᠷ᠂ ᠰᠤᠷᠤᠭᠴᠢ ᠪᠠᠨ ᠠᠭᠤᠴᠢᠯᠠᠵᠤ ᠨᠦᠭᠦᠭᠡ ᠲᠠᠯ᠎ᠠ ᠪᠠᠷ ᠦᠪᠠᠷ ᠢ ᠪᠠᠨ ᠪᠤᠷᠤᠭᠤᠳᠬᠠᠪᠠ᠃ ᠭᠡᠳᠤᠨ ᠡᠳᠤᠷ ᠤᠨ ᠲᠠᠷᠠᠭ᠎ᠠ ᠠᠭᠤᠳᠠᠮ ᠤᠨ ᠭᠡᠷ ᠤᠨ ᠠᠬᠠᠮᠠᠳ ᠨᠢ ᠲᠡᠭᠦᠨ ᠢ ᠲᠠᠭᠠᠭᠤᠯᠤᠭᠠᠳ ᠢᠷᠡᠭᠦ ᠳᠤ ᠪᠢ ᠰᠤᠷᠭᠠᠭᠤᠯᠢ ᠳᠤ ᠠᠮᠠᠯᠳᠤᠭᠰᠠᠭᠠᠷ ᠰᠤᠷᠤᠭᠴᠢ ᠪᠠᠨ ᠦᠯᠡᠳᠡᠭᠡᠵᠤ ᠠᠪᠤᠯ᠎ᠠ᠃ ᠴᠢᠷᠮᠠᠶᠢᠨ ᠰᠤᠷᠤᠯᠴᠠᠵᠤ ᠲᠤᠬᠠᠢ ᠶᠢᠨ ᠵᠢᠯ ᠳᠤ ᠪᠠᠨ ᠦᠪᠤᠷ ᠮᠤᠩᠭᠤᠯ ᠤᠨ ᠲᠠᠷᠢᠶᠠᠯᠠᠩ ᠤᠨ ᠶᠡᠭᠡ ᠰᠤᠷᠭᠠᠭᠤᠯᠢ ᠳᠤ ᠰᠢᠯᠭᠠᠭᠤᠯᠤᠨ ᠤᠷᠤᠵᠠᠢ᠃      ᠭᠦᠮᠤᠵᠢᠯ ᠤᠨ ᠭᠦᠴᠤᠨ ᠭᠢᠵᠠᠭᠠᠷᠯᠠᠰᠢ ᠦᠭᠡᠢ ᠪᠠᠶᠢᠳᠠᠬ᠃ ᠭᠡᠷ ᠤᠨ ᠭᠦᠮᠤᠵᠢᠯ᠂ ᠰᠤᠷᠭᠠᠭᠤᠯᠢ ᠶᠢᠨ ᠭᠦᠮᠤᠵᠢᠯ ᠪᠠ ᠨᠡᠶᠢᠭᠡᠮ ᠤᠨ ᠭᠦᠮᠤᠵᠢᠯ ᠳᠤ ᠠᠭᠤᠴᠢᠯᠠᠯ ᠪᠠᠶᠢᠮᠠᠨᠵᠢᠨ ᠰᠠᠶ᠋ᠢ ᠦᠷ᠎ᠡ ᠬᠤᠶᠢᠴᠢᠰ ᠲᠤ ᠪᠠᠨ ᠪᠠᠷᠠᠭᠳᠠᠰᠢ ᠦᠭᠡᠢ ᠤᠶᠤᠨ ᠤᠬᠠᠭᠠᠨ ᠢ ᠰᠤᠶᠤᠷᠬᠠᠵᠤ᠂ ᠲᠡᠳᠡᠨ ᠤ ᠢᠳᠡᠪᠭᠢᠳᠡᠢ ᠦᠢᠯᠨ ᠭᠦᠳᠡᠯᠤᠯ ᠢ ᠲᠠᠶᠢᠴᠢᠯᠠᠨ᠂ ᠢᠳᠡᠭᠡᠯ ᠵᠤᠷᠢᠭ ᠢ ᠨᠢ ᠭᠦᠪᠴᠢᠯᠡᠵᠤ ᠴᠢᠳᠠᠳᠠᠭ ᠪᠠᠶᠢᠨ᠎ᠠ᠃     ᠬᠠᠶ᠋ᠢᠬ᠄ ᠦᠪᠤᠷ ᠮᠤᠩᠭᠤᠯ ᠤᠨ ᠦᠨᠳᠤᠰᠤᠳᠠᠨ ᠤ ᠵᠠᠯᠠᠭᠤᠴᠤᠳ ᠪᠠᠭᠠᠴᠤᠳ ᠤᠨ ᠰᠡᠳᠭᠦᠯ ᠤᠨ ᠬᠤᠷᠢᠶᠠᠨ ᠤ ︽ᠦᠪᠤᠷ ᠮᠤᠩᠭᠤᠯ ᠤᠨ ᠵᠠᠯᠠᠭᠤᠴᠤᠳ︾ ᠰᠡᠳᠭᠦᠯ ᠤᠨ ᠨᠠᠶᠢᠷᠠᠭᠤᠯᠬᠤ ᠭᠡᠯᠳᠡᠰ               ︵ᠦᠨᠡᠨᠪᠠᠳᠤ ᠨᠠᠶᠢᠷᠠᠭᠤᠯᠪᠠ︶                 2018 ᠣᠨ ᠤ 10 ᠳ᠋ᠤᠭᠠᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠥᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map