ᠲᠤᠩᠭᠠᠯᠠᠭ ᠲᠠᠮᠢᠷ ᠤᠨ ᠬᠦᠪᠡᠭᠡᠨ ᠳᠤ
ᠨᠡᠶᠢᠲᠡᠯᠡᠭᠰᠡᠨ ᠴᠠᠭ᠄
2019/1/11
                   — ︽ᠲᠤᠩᠭᠠᠯᠠᠭ ᠲᠡᠮᠢᠷ︾ ᠢ ᠤᠩᠰᠢᠭᠰᠠᠨ ᠤᠯᠤᠯᠳᠠ ᠲᠦᠷᠦᠭᠳᠡᠯ                                                                 ᠵᠢ᠊ · ᠠᠯᠳᠠᠨᠴᠢᠮᠡᠭ      ᠵᠠᠭᠦᠳᠤ ᠨᠦᠢᠷ ᠤᠨ ᠲᠤᠮᠳᠠ ᠪᠢ ︽ᠲᠤᠩᠭᠠᠯᠠᠭ ᠲᠠᠮᠢᠷ︾ ᠤᠨ ᠡᠷᠳᠡᠨᠢ᠂ ᠴᠠᠬᠢᠭᠤᠷ ᠲᠡᠮᠦᠷ ᠤᠨ ᠳᠤ ᠵᠤᠴᠢᠨ ᠪᠤᠯᠤᠨ ᠰᠠᠭᠠᠳᠠᠯ᠎ᠠ᠃ ᠲᠠᠮᠢᠷ ᠤᠨ ᠭᠤᠤᠯ ᠤᠨ ᠵᠡᠬᠦᠨ ᠲᠡᠨᠵᠢᠨ ᠳᠤ ᠵᠡᠷᠭᠡᠴᠡᠨ ᠪᠠᠭᠤᠭᠰᠠᠨ ᠠᠷᠪᠠᠭᠠᠳ ᠠᠶᠢᠯ ᠤᠨ ᠪᠠᠷᠠᠭᠤᠨ ᠭᠡᠷ ᠠᠴᠠ ᠲᠤᠯᠭᠠᠷ᠂ ᠲᠤᠯᠮ᠎ᠠ ᠬᠤᠶᠠᠷ ᠽᠠᠨᠳᠠᠨ ᠰᠠᠭᠤᠯᠠᠭ᠎ᠠ ᠪᠠᠨ ᠲᠤᠬᠤᠶᠢᠯᠳᠠᠨ ᠢᠨᠢᠶᠡᠳᠦ ᠴᠠᠯᠬᠢᠭᠤᠯᠤᠭᠰᠠᠭᠠᠷ ᠵᠡᠯ᠎ᠡ ᠤᠷᠤᠭᠤ ᠪᠠᠨ ᠭᠠᠩᠬᠤᠨ᠎ᠠ᠃ ᠲᠤᠮᠳᠠ ᠶᠢᠨ ᠲᠤᠮᠤ ᠭᠡᠷ ᠲᠤ ᠤᠷᠤᠪᠠᠯ ᠡᠷᠳᠡᠨᠢ᠂ ᠲᠡᠮᠦᠷ ᠬᠤᠶᠠᠭᠤᠯᠠ ᠴᠠᠢ ᠴᠤᠢ ᠪᠠᠨ ᠶᠠᠭᠠᠷᠠᠩᠬᠠᠨ ᠤᠤᠭᠤᠵᠤ ᠪᠠᠶᠢᠯ᠎ᠠ᠃ ᠪᠢ ᠴᠤ ᠰᠠᠨᠳᠤᠷᠤᠨ ᠡᠪᠦᠷ ᠠᠴᠠ ᠪᠠᠨ ᠬᠠᠯᠳᠠᠷ ᠮᠠᠨᠦᠨ ᠬᠦᠬᠦᠦᠷ ᠢᠶᠠᠨ ᠭᠠᠷᠭᠠᠨ ᠤᠷᠳᠤᠰ ᠵᠠᠩ ᠢᠶᠠᠷ ᠢᠶᠠᠨ ᠵᠤᠯᠭᠠᠬᠤ ᠭᠡᠳᠡᠯ᠎ᠡ ᠰᠤᠴᠢᠨ ᠰᠡᠷᠡᠯ᠎ᠠ᠃      ᠦᠴᠦᠭᠡᠳᠦᠷ ᠤᠷᠤᠢ ᠶᠢᠨ ᠬᠤᠷᠠᠯ ᠲᠡᠭᠡᠷ᠎ᠡ ᠰᠤᠷᠭᠠᠭᠤᠯᠢ ᠶᠢᠨ ᠲᠠᠯ᠎ᠠ ᠠᠴᠠ ︽ᠤᠳᠤᠭ ᠤᠨ ᠰᠤᠷᠭᠠᠨ ᠬᠦᠮᠦᠵᠢᠯ︾ ᠰᠡᠳᠬᠦᠯ ᠳᠤ ᠡᠭᠡ ᠪᠢᠴᠢᠭ ᠢᠶᠠᠨ ᠲᠠᠪᠰᠢᠭᠦᠯᠭᠦ ᠲᠤᠬᠠᠢ ᠱᠠᠭᠠᠷᠳᠠᠯᠭ᠎ᠠ ᠲᠤᠷᠠᠳᠴᠤ᠂ ᠤᠩᠰᠢᠭᠰᠠᠨ ᠨᠤᠮ ᠤᠨ ᠢᠶᠠᠨ ᠲᠤᠬᠠᠢ ᠤᠯᠤᠯᠳᠠ ᠲᠦᠷᠦᠭᠳᠡᠯ ᠢᠶᠠᠨ ᠪᠢᠴᠢᠬᠦ ᠡᠭᠦᠷᠭᠡ ᠤᠨᠤᠭᠳᠠᠭᠰᠠᠨ ᠶᠤᠮ᠃ ︽ᠶᠠᠭᠤ ᠪᠠᠶᠢᠬᠤ ᠪᠤᠢ᠂ ᠲᠤᠷ᠎ᠠ ᠶᠢᠨ ᠨᠢᠭᠡ ᠠᠴᠠ ᠨᠢ ᠰᠤᠩᠭᠤᠭᠠᠳ ᠦᠭᠪᠡᠯ ᠪᠤᠯᠤᠯ᠎ᠠ ᠰᠢᠦ ᠳ᠋ᠠ︾ ᠭᠡᠵᠦ ᠶᠡᠭᠡ ᠯᠠ ᠬᠦᠩᠭᠡᠪᠴᠢᠯᠠᠵᠤ ᠪᠠᠶᠢᠭᠰᠠᠨ ᠢᠶᠠᠨ ᠦᠳᠡᠰᠢ ᠺᠤᠮᠫᠢᠦ᠋ᠲ᠋ᠧᠷ ᠤᠨ ᠢᠶᠠᠨ ᠡᠮᠦᠨ᠎ᠡ ᠰᠠᠭᠤᠭᠠᠳ ᠪᠢᠴᠢᠴᠢᠭᠡᠶ᠎ᠡ ᠭᠡᠰᠡᠨ ᠴᠢᠨᠢ ᠠᠯᠢ ᠨᠢ ᠪᠠᠶᠢᠭᠰᠠᠨ ᠴᠤ ᠦᠭᠡᠳᠡ ᠲᠠᠢ ᠶᠠᠭᠤᠮ᠎ᠠ ᠪᠤᠯᠬᠤ ᠰᠢᠨᠵᠢ ᠦᠭᠡᠢ᠃      ᠦᠨᠡᠨ ᠳᠤ ᠪᠠᠨ ᠪᠢ ︽ᠲᠤᠩᠭᠠᠯᠠᠭ ᠲᠠᠮᠢᠷ︾ ᠲᠠᠢ ᠤᠨᠴᠠ ᠶᠢᠨ ᠪᠠᠷᠢᠯᠳᠤᠯᠭ᠎ᠠ ᠲᠠᠢ᠃ 1997 ᠤᠨ ᠳᠤ ᠦᠪᠦᠷ ᠮᠤᠩᠭᠤᠯ ᠤᠨ ᠦᠨᠳᠦᠰᠦᠳᠡᠨ ᠤ ᠪᠠᠭᠰᠢ ᠶᠢᠨ ᠰᠤᠷᠭᠠᠭᠤᠯᠢ ᠳᠤ ᠠᠩᠬᠠᠯᠠᠨ ᠭᠦᠷᠭᠦ ᠳᠤ ᠸᠠᠩ ᠬᠦᠢ ᠷᠦᠩ ᠭᠡᠮᠡᠬᠦ ᠪᠠᠭᠰᠢ ᠮᠠᠨ ᠳᠤ ᠦᠰᠦᠨ ᠪᠢᠷ ᠤᠨ ᠪᠢᠴᠢᠯᠭᠡ ᠵᠢᠭᠠᠵᠤ ᠪᠠᠶᠢᠭᠰᠠᠨ᠂ ᠲᠠᠷᠠ ᠪᠠᠭᠰᠢ ᠮᠢᠨᠢ ᠪᠢᠳᠠᠨ ᠳᠤ᠄ ︽ᠪᠢ ︿ᠲᠤᠩᠭᠠᠯᠠᠭ ᠲᠠᠮᠢᠷ﹀ ᠢ ᠠᠷᠪᠠᠨ ᠵᠢᠷᠭᠤᠭ᠎ᠠ ᠤᠳᠠᠭ᠎ᠠ ᠤᠩᠰᠢᠵᠤ ᠪᠠᠶᠢᠮᠠᠨ ᠦᠬᠦᠯᠡᠯ ᠪᠢᠴᠢᠵᠤ ᠰᠤᠳᠤᠯᠬᠤ ᠰᠤᠷᠤᠭᠴᠢ ᠪᠠᠨ ᠲᠡᠬᠦᠰᠦᠭᠰᠡᠨ︾ ᠭᠡᠵᠦ ᠭᠡᠯᠡᠪᠡ᠃ ᠪᠢ ᠰᠤᠨᠢᠷᠬᠠᠯ ᠳᠤ ᠪᠠᠨ ᠭᠦᠳᠦᠯᠦᠭᠳᠡᠨ ᠰᠢᠠᠬᠤᠸᠠ ᠨᠤᠮ ᠤᠨ ᠲᠡᠯᠭᠡᠬᠦᠷ ᠢ ᠭᠡᠷᠦᠨ ᠭᠡᠷᠦᠨ ᠪᠠᠶᠢᠮᠠᠨᠵᠢᠨ ᠰᠠᠶ᠋ᠢ ︽ᠲᠤᠩᠭᠠᠯᠠᠭ ᠲᠠᠮᠢᠷ︾ ᠢ ᠲᠤᠯᠤᠭᠠᠨ ᠲᠦᠬᠦᠷᠢᠭ ᠲᠠᠪᠢᠨ ᠮᠦᠩᠭᠦ ᠪᠠᠷ ᠬᠤᠳᠠᠯᠳᠤᠨ ᠠᠪᠴᠤ ᠲᠦᠷᠪᠠᠨ ᠵᠢᠯ ᠤᠨ ᠲᠤᠷᠰᠢ ᠵᠢᠷᠭᠤᠭ᠎ᠠ ᠤᠳᠠᠭ᠎ᠠ ᠤᠩᠰᠢᠭᠰᠠᠨ ᠪᠤᠯᠪᠠᠴᠤ ᠶᠠᠮᠠᠷ ᠴᠤ ᠲᠡᠮᠳᠡᠭᠯᠡᠯ ᠬᠢᠭᠡ ᠦᠭᠡᠢ᠃ ᠨᠡᠩ ᠬᠠᠷᠠᠮᠰᠠᠯᠳᠠᠢ ᠨᠢ᠂ ᠪᠠᠭᠰᠢ ᠶᠢᠨ ᠰᠤᠷᠭᠠᠭᠤᠯᠢ ᠪᠠᠨ ᠲᠡᠬᠦᠰᠬᠦ ᠶᠢᠨ ᠠᠯᠳᠠᠰ ᠢᠶᠠᠷ ︽ᠲᠤᠩᠭᠠᠯᠠᠭ ᠲᠠᠮᠢᠷ︾ ᠤᠨ ᠢᠶᠠᠨ ᠲᠤᠤᠷᠠᠳᠤ ᠲᠡᠪᠳᠡᠷ ᠢ ᠭᠡᠭᠡᠴᠢᠭᠡᠯ᠎ᠡ᠃ ᠬᠤᠵᠢᠮ ᠨᠢ ᠪᠢ ᠨᠡᠶᠢᠭᠡᠮ ᠲᠡᠭᠡᠷ᠎ᠡ ᠭᠠᠷᠤᠭᠠᠳ ᠪᠠᠭᠰᠢ ᠶᠢᠨ ᠠᠯᠪᠡᠨ ᠳᠤ ᠵᠢᠳᠭᠦᠭᠰᠡᠨ ᠤ ᠬᠤᠶᠢᠨ᠎ᠠ ᠡᠳᠦᠢ ᠲᠡᠳᠦᠢ ᠨᠤᠮ ᠤᠩᠰᠢᠭᠰᠠᠨ ᠪᠤᠯᠪᠠᠴᠤ ︽ᠲᠤᠩᠭᠠᠯᠠᠭ ᠲᠠᠮᠢᠷ︾ ᠢ ᠤᠷᠪᠠᠭᠤᠯᠤᠭᠰᠠᠨ ᠦᠭᠡᠢ᠃ ᠭᠡᠪᠡᠴᠦ ᠰᠤᠷᠤᠭᠴᠢᠳ ᠲᠤ ᠪᠠᠨ ᠲᠠᠩᠳᠠ ︽ᠲᠤᠩᠭᠠᠯᠠᠬ ᠲᠠᠮᠢᠷ︾ ᠢ ᠲᠠᠨᠢᠯᠴᠠᠭᠤᠯᠵᠤ᠂ ᠦᠯᠢᠭᠡᠷ ᠦᠢᠯᠡ ᠶᠢ ᠨᠢ ᠶᠠᠷᠢᠵᠤ ᠦᠭᠳᠡᠭ᠃ ᠶᠡᠭᠡ ᠦᠬᠢᠨ ᠢ ᠪᠠᠨ ᠭᠤᠷᠪᠠᠳᠤᠭᠠᠷ ᠤᠨ ᠢᠶᠠᠨ ᠲᠡᠬᠦᠰᠬᠦ ᠳᠤ ᠨᠢ ᠠᠯᠪᠠᠳᠠᠵᠤ ᠪᠠᠶᠢᠭᠠᠳ ︽ᠲᠤᠩᠭᠠᠯᠠᠭ ᠲᠠᠮᠢᠷ︾ ᠢ ᠤᠩᠰᠢᠭᠤᠯᠵᠤ ᠲᠠᠭᠤᠰᠬᠠᠭᠰᠠᠨ᠃ ᠪᠠᠭ᠎ᠠ ᠦᠬᠢᠨ ᠮᠢᠨᠢ ᠰᠠᠶ᠋ᠢ ᠭᠤᠷᠪᠠᠳᠤᠭᠠᠷ ᠤᠨ ᠳᠤ ᠰᠤᠷᠤᠯᠴᠠᠵᠤ ᠪᠠᠶᠢᠭ᠎ᠠ ᠪᠤᠯᠪᠠᠴᠤ ᠡᠭᠡᠴᠢ ᠶᠢᠨ ᠢᠶᠠᠨ ᠨᠦᠯᠦᠭᠡ ᠪᠠᠷ ᠡᠬᠢᠯᠡᠨ ᠤᠩᠰᠢᠵᠤ ᠪᠠᠶᠢᠨ᠎ᠠ᠃      ᠲᠡᠭᠡᠷ᠎ᠡ ᠵᠢᠯ ᠤᠨ ᠡᠨᠡ ᠦᠶᠡᠰ ᠢᠶᠠᠷ ᠰᠠᠨ᠂ ᠪᠢ ᠸᠢᠴᠠᠲ ᠬᠤᠯᠪᠤᠭᠠᠨ ᠲᠡᠭᠡᠷ᠎ᠡ ᠠᠴᠠ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠨᠢᠭᠡᠨ ᠡᠷᠳᠡᠮᠳᠡᠨ ᠪᠠᠭᠰᠢ᠄ ︽ᠤᠳᠤᠬᠢ ᠶᠢᠨ ᠬᠡᠦᠭᠡᠳ ᠤᠳ ᠨᠤᠮ ᠦᠵᠡᠬᠦ ᠪᠠᠨ ᠲᠠᠭ ᠪᠠᠶᠢᠴᠢᠬᠠᠵᠠᠢ᠂ ᠦᠨᠦ ᠵᠢᠯ ᠮᠠᠨ ᠤ ᠰᠠᠯᠪᠤᠷᠢ ᠳᠤ ᠰᠢᠯᠭᠠᠭᠳᠠᠵᠤ ᠢᠷᠡᠭᠰᠡᠨ ᠵᠢᠷᠠ ᠭᠠᠷᠤᠢ ᠰᠤᠷᠤᠭᠴᠢ ᠶᠢᠨ ᠲᠤᠳᠤᠷ᠎ᠠ ︿ᠲᠤᠩᠭᠠᠯᠠᠭ ᠲᠠᠮᠢᠷ﹀ ᠢ ᠮᠡᠳᠡᠬᠦ ᠭᠡᠦᠭᠡᠳ ᠭᠠᠭᠴᠠ ᠬᠤᠶᠠᠷᠬᠠᠨ ᠪᠠᠶᠢᠨ᠎ᠠ᠂ ᠢᠯᠠᠢ ᠬᠠᠯᠠᠭ᠂ ᠡᠶᠢᠮᠦ ᠲᠤᠮᠤ ᠪᠦᠳᠦᠭᠡᠯ ᠢ ᠤᠩᠰᠢᠬᠤ ᠪᠠᠶᠢᠳᠤᠭᠠᠢ ᠨᠠᠭᠠᠳᠤ ᠵᠠᠬ᠎ᠠ ᠳᠤ ᠪᠠᠨ ᠮᠡᠳᠡᠬᠦ ᠴᠤ ᠦᠭᠡᠢ ᠭᠡᠳᠡᠭ ᠨᠢ ᠁︾ ᠭᠡᠵᠦ ᠬᠠᠷᠠᠮᠰᠠᠨ ᠦᠬᠦᠯᠡᠵᠦ ᠪᠠᠶᠢᠬᠤ ᠶᠢ ᠰᠤᠨᠤᠰᠤᠭᠠᠳ ᠪᠢ ᠦᠪᠡᠷ ᠤᠨ ᠢᠶᠠᠨ ᠬᠠᠷᠢᠭᠤᠴᠠᠯᠭ᠎ᠠ ᠶᠢᠨ ᠢᠶᠠᠨ ᠲᠤᠬᠠᠢ᠂ ᠮᠤᠩᠭᠤᠯ ᠭᠡᠦᠭᠡᠳ ᠤᠳ ᠤᠨ ᠨᠤᠮ ᠤᠩᠰᠢᠬᠤ ᠵᠢᠴᠢ ᠢᠷᠡᠭᠡᠳᠦᠢ ᠶᠢᠨ ᠲᠦᠯᠦᠭᠡᠨ᠎ᠡ ᠤᠯᠠᠨ ᠢ ᠪᠤᠳᠤᠭᠰᠠᠨ ᠪᠦᠭᠡᠳ ᠵᠢᠯ ᠪᠤᠯᠭᠠᠨ ᠨᠢᠭᠡ ᠤᠳᠠᠭ᠎ᠠ ︽ᠲᠤᠩᠭᠠᠯᠠᠭ ᠲᠠᠮᠢᠷ︾ ᠢ ᠤᠩᠰᠢᠬᠤ ᠪᠠᠷ ᠰᠢᠢᠳᠦᠯ᠎ᠠ᠃ ᠰᠤᠷᠤᠭᠴᠢᠳ ᠮᠠᠨᠢ ᠴᠤ ᠮᠢᠨᠤ ᠭᠠᠷᠠᠭ ᠪᠤᠯᠭᠠᠨ ᠤ ᠤᠩᠰᠢᠵᠤ ᠪᠠᠶᠢᠭ᠎ᠠ ᠨᠤᠮ ᠢ ᠮᠢᠨᠢ ᠶᠡᠭᠡᠭᠡᠨ ᠠᠩᠬᠠᠷᠤᠨ ᠦᠵᠡᠳᠡᠭ ᠪᠤᠯᠬᠤᠷ ᠪᠢ ᠡᠨᠡ ᠬᠦ ᠤᠨᠤᠭ᠎ᠠ ᠶᠢ ᠲᠠᠭᠠᠷᠠᠭᠤᠯᠵᠤ ︽ᠲᠤᠩᠭᠠᠯᠠᠭ ᠲᠠᠮᠢᠷ︾ ᠢ ᠠᠪᠤᠭᠠᠳ ᠶᠠᠪᠤᠳᠠᠭ ᠠᠴᠠ ᠬᠤᠶᠠᠷ ᠠᠩᠭᠢ ᠶᠢᠨ ᠰᠤᠷᠤᠭᠴᠢᠳ ᠤᠨ ᠲᠤᠮᠳᠠ ︽ᠲᠤᠩᠭᠠᠯᠠᠭ ᠲᠠᠮᠢᠷ︾ ᠢ ᠤᠩᠰᠢᠬᠤ ᠬᠠᠯᠠᠭᠤᠷᠠᠯ ᠪᠤᠯᠤᠯ᠎ᠠ᠃ ᠡᠨᠡ ᠪᠤᠯ ᠶᠠᠭ ᠮᠢᠨᠤ ᠵᠤᠷᠢᠯᠭ᠎ᠠ ᠶᠤᠮ᠃ ᠲᠡᠳᠡᠨ ᠢ ᠪᠠᠨ ᠬᠠᠷᠠᠭᠠᠳ ᠪᠢ ᠵᠤᠷᠢᠬᠵᠢᠬᠤ ᠦᠭᠡᠢ ᠪᠠᠶᠢᠵᠤ ᠴᠢᠳᠠᠬᠤ ᠦᠭᠡᠢ᠃ ᠪᠢ ᠴᠤ ᠦᠨᠦ ᠨᠢᠭᠡ ᠵᠢᠯ ᠤᠨ ᠬᠤᠭᠤᠷᠤᠨᠳᠤ ᠲᠤᠰ ᠷᠤᠮᠠᠨ ᠢ ᠭᠤᠷᠪᠠ ᠤᠳᠠᠭ᠎ᠠ ᠤᠩᠰᠢᠯ᠎ᠠ᠃ ᠶᠠᠭᠠᠬᠢᠬᠤ ᠪᠤᠢ᠂ ᠤᠷᠢᠳ ᠬᠤᠵᠢᠳ ᠶᠢᠰᠦ ᠤᠳᠠᠭ᠎ᠠ ᠤᠩᠰᠢᠭᠰᠠᠨ ᠪᠤᠯᠬᠤᠷ ᠰᠢᠯᠢ ᠶᠢᠨ ᠰᠠᠶᠢᠨ ᠡᠷ᠎ᠡ — ᠴᠠᠬᠢᠭᠤᠷ ᠲᠡᠮᠦᠷ ᠭᠤᠸᠠᠢ ᠠᠬ᠎ᠠ ᠲᠠᠢ ᠪᠠᠨ ᠮᠢᠨᠤ ᠵᠡᠬᠦᠳᠦᠨ ᠳᠤ ᠢᠷᠡᠭᠰᠡᠨ ᠪᠠᠶᠢᠯᠬᠦᠢ ᠳ᠋ᠠ᠃      ︽ᠲᠤᠩᠭᠠᠯᠠᠭ ᠲᠡᠮᠢᠷ︾ ᠷᠤᠮᠠᠨ ᠳᠤ ᠵᠠᠭᠤ ᠭᠤᠴᠢᠭᠠᠳ ᠪᠠᠭᠠᠳᠤᠷ ᠤᠨ ᠦᠭᠡᠷ᠎ᠡ ᠦᠭᠡᠷ᠎ᠡ ᠵᠠᠩ ᠲᠦᠷᠬᠦ᠂ ᠬᠤᠪᠢ ᠵᠠᠶᠠᠭ᠎ᠠ ᠶᠢ ᠲᠤᠰᠬᠠᠭᠰᠠᠨ ᠪᠠᠶᠢᠳᠠᠭ᠃ ᠲᠡᠷᠡ ᠨᠢ ᠶᠡᠷᠦᠩᠭᠡᠢ ᠳᠤ ᠪᠠᠨ ᠭᠤᠷᠪᠠᠨ ᠦᠶ᠎ᠡ ᠶᠢᠨ ᠬᠦᠮᠦᠨ ᠤ ᠰᠢᠨᠵᠢ ᠲᠦᠷᠬᠦ᠂ ᠦᠵᠡᠯ ᠰᠠᠨᠠᠭ᠎ᠠ᠂ ᠬᠤᠪᠢ ᠵᠠᠶᠠᠭ᠎ᠠ ᠶᠢ ᠲᠤᠷᠠᠶᠢᠯᠭᠠᠵᠠᠢ᠃ ᠨᠢᠭᠡᠳᠦᠭᠡᠷ ᠦᠶ᠎ᠡ ᠶᠢᠨ ᠬᠢ ᠨᠢ ᠬᠠᠮᠵᠢᠯᠭᠠᠳᠤ ᠨᠡᠶᠢᠭᠡᠮ ᠤᠨ ᠬᠠᠷᠠᠩᠭᠤᠢ ᠶᠤᠰᠤ᠂ ᠪᠤᠷᠬᠠᠨ ᠶᠤᠰᠤᠨ ᠤ ᠪᠤᠷᠤᠩᠬᠤᠢ ᠨᠤᠮᠯᠠᠯ ᠳᠤ ᠮᠠᠩᠰᠢᠭᠤᠷᠠᠵᠤ᠂ ᠠᠮᠢᠳᠤᠷᠠᠯ ᠤᠨ ᠢᠶᠠᠨ ᠰᠠᠶᠢᠨ ᠰᠠᠶᠢᠬᠠᠨ ᠢ ᠬᠤᠶᠢᠳᠤ ᠨᠠᠰᠤᠨ ᠳᠤ ᠪᠠᠨ ᠲᠠᠭᠠᠳᠬᠠᠵᠤ᠂ ᠡᠨᠡ ᠨᠠᠰᠤᠨ ᠤ ᠪᠠᠨ ᠵᠤᠪᠠᠯᠠᠩ ᠵᠦᠳᠡᠬᠦᠷᠢ᠂ ᠤᠢ ᠭᠠᠰᠢᠭᠤᠨ ᠢ ᠨᠠᠮᠠᠨᠴᠢᠯᠠᠵᠤ ᠶᠠᠪᠤᠭ᠎ᠠ ᠲᠤᠯᠵᠢᠨ᠂ ᠭᠡᠰᠢᠭᠳᠦ ᠨᠠᠷ ᠤᠨ ᠲᠦᠷᠢ ᠪᠢᠯᠠ᠃ ᠡᠶᠢᠮᠦ ᠪᠠᠶᠢᠳᠠᠯ ᠨᠢ ᠨᠡᠶᠢᠭᠡᠮ ᠤᠨ ᠲᠦᠨᠠᠷ ᠬᠠᠷᠠᠩᠭᠤᠢ ᠠᠴᠠ ᠭᠠᠷᠴᠤ ᠤᠬᠠᠭᠠᠨ ᠮᠡᠳᠡᠷᠡᠯ ᠢᠶᠠᠨ ᠰᠡᠷᠬᠦᠭᠡᠬᠦ ᠳᠤ ᠶᠠᠮᠠᠷ ᠴᠤ ᠬᠤᠪᠢ ᠨᠡᠮᠡᠷᠢ ᠤᠷᠤᠭᠤᠯᠵᠤ ᠴᠢᠳᠠᠭ᠎ᠠ ᠦᠭᠡᠢ᠂ ᠬᠠᠷᠢᠨ ᠨᠡᠷᠮᠡᠭᠡᠰᠦ ᠪᠤᠯᠵᠤ ᠪᠠᠶᠢᠭᠰᠠᠨ ᠲᠡᠦᠭᠡ ᠲᠠᠢ᠃ ᠡᠬᠦᠨ ᠤ ᠭᠠᠢ ᠪᠠᠷ ᠮᠤᠩᠭᠤᠯ ᠤᠷᠤᠨ ᠲᠠᠯᠠᠭᠡᠢ ᠶᠢᠨ ᠭᠦᠭᠵᠢᠯᠳᠠ ᠠᠴᠠ ᠬᠤᠴᠤᠷᠴᠤ᠂ ᠬᠦᠮᠦᠨ ᠠᠷᠠᠳ ᠨᠢ ᠪᠤᠶᠠᠨ ᠭᠡᠰᠢᠭ ᠢᠶᠠᠨ ᠤᠬᠢᠶᠠᠴᠢᠬᠠᠭᠤᠵᠠᠢ ᠭᠡᠵᠦ ᠡᠮᠢᠶᠡᠭᠰᠡᠭᠡᠷ ᠭᠭᠢᠷ ᠪᠤᠷᠳᠠᠭ ᠠᠴᠠ ᠪᠠᠨ ᠰᠠᠯᠵᠦ ᠴᠢᠳᠠᠬᠤ ᠪᠠᠨ ᠪᠤᠯᠢᠭᠰᠠᠨ ᠪᠠᠶᠢᠨ᠎ᠠ᠃ ᠬᠤᠶᠠᠳᠤᠭᠠᠷ ᠦᠶ᠎ᠡ ᠶᠢᠨ ᠬᠢᠨ ᠤ ᠲᠡᠮᠡᠴᠡᠯ ᠪᠤᠯ ᠨᠢᠬᠦᠯ ᠪᠢᠰᠢ ᠪᠤᠶᠠᠨ᠂ ᠬᠦᠳᠡᠯᠮᠦᠷᠢ ᠪᠤᠯ ᠲᠠᠮᠤ ᠪᠢᠰᠢ ᠵᠢᠷᠭᠠᠯ ᠮᠦᠨ ᠭᠡᠮᠡᠭᠰᠡᠨ ᠬᠤᠪᠢᠰᠬᠠᠯ ᠤᠨ ᠪᠦᠷᠢᠶᠠᠨ ᠲᠠᠭᠤ ᠪᠠᠷ ᠤᠯᠠᠨ ᠵᠠᠭᠤᠨ ᠵᠢᠯ ᠤᠨ ᠨᠦᠢᠷ ᠠᠴᠠ ᠰᠠᠷᠢᠭ᠍ᠰᠡᠨ ᠦᠶ᠎ᠠ ᠶᠢᠨ ᠬᠢᠨ ᠶᠤᠮ᠃ ᠢᠲᠡᠭᠡᠯ ᠵᠤᠷᠢᠭ᠂ ᠡᠪ ᠨᠢᠭᠡᠳᠦᠯ ᠢ ᠡᠷᠬᠢᠮᠯᠡᠳᠡᠭ ᠡᠷᠳᠡᠨᠢ᠂ ᠭᠠᠯᠰᠠᠩ᠂ ᠬᠤᠶᠠᠭ᠂ ᠲᠤᠷᠵᠢ ᠂ ᠲᠤᠯᠭᠠᠷ᠂ ᠲᠤᠯᠮ᠎ᠠ ᠨᠠᠷ ᠨᠡᠶᠢᠭᠡᠮ ᠢ ᠰᠢᠨᠡᠴᠢᠯᠡᠵᠦ᠂ ᠦᠨᠳᠤᠰᠤᠳᠠᠨ ᠢᠶᠠᠨ ᠠᠪᠤᠷᠠᠬᠤ ᠬᠦᠴᠦᠳᠡᠨ ᠪᠤᠯᠵᠠᠢ᠃ ᠲᠡᠳᠡ ᠬᠤᠪᠢᠰᠬᠠᠯ ᠬᠢᠵᠦ ᠠᠮᠢᠳᠤᠷᠠᠯ ᠢᠶᠠᠨ ᠰᠢᠨ᠎ᠠ ᠪᠠᠷ ᠵᠤᠬᠢᠶᠠᠵᠤ ᠡᠬᠢᠯᠡᠭᠰᠡᠨ ᠰᠠᠨ᠃ ᠭᠤᠷᠪᠠᠳᠤᠭᠠᠷ ᠦᠶ᠎ᠡ ᠶᠢᠨ ᠬᠢᠨ ᠬᠤᠪᠢᠰᠬᠠᠯ ᠤᠨ ᠦᠢᠯᠠᠰ ᠢ ᠵᠠᠯᠭᠠᠮᠵᠢᠯᠠᠨ ᠠᠪᠴᠤ᠂ ᠰᠢᠨ᠎ᠠ ᠨᠡᠶᠢᠭᠡᠮ ᠢ ᠪᠠᠶᠢᠭᠤᠯᠵᠤ᠂ ᠰᠢᠨᠵᠢᠯᠡᠬᠦ ᠤᠬᠠᠭᠠᠨ ᠢ ᠡᠵᠡᠮᠰᠢᠬᠦ ᠬᠤᠪᠢ ᠵᠠᠶᠠᠭ᠎ᠠ ᠶᠢ ᠲᠡᠦᠭᠡ ᠶᠢᠨ ᠲᠠᠪᠢᠯᠠᠩ ᠢᠶᠠᠷ ᠬᠦᠯᠢᠶᠡᠵᠦ ᠠᠪᠤᠭᠰᠠᠨ ᠶᠤᠮ᠃ ᠲᠡᠶᠢᠮᠦ ᠬᠤᠪᠢ ᠵᠠᠶᠠᠭ᠎ᠠ ᠪᠠᠨ ᠬᠠᠮᠠᠭᠠᠯᠠᠨ ᠲᠡᠮᠡᠴᠡᠵᠦ ᠶᠠᠪᠤᠭ᠎ᠠ ᠪᠠᠳᠤ᠂ ᠵᠢᠷᠭᠠᠯ ᠨᠠᠷ ᠤᠨ ᠲᠦᠷᠢ ᠶᠢ ᠦᠵᠡᠬᠦ ᠳᠤ ᠪᠠᠬ᠎ᠠ ᠲᠠᠢ᠃ ᠭᠡᠶ᠎ᠡ᠂ ᠪᠢ ᠵᠡᠬᠦᠳᠦᠨ ᠳᠤ ᠮᠠᠨᠠᠭᠳᠠᠭᠰᠠᠨ ᠡᠷᠳᠡᠨᠢ᠂ ᠴᠠᠬᠢᠭᠤᠷ ᠲᠡᠮᠦᠷ ᠠᠬ᠎ᠠ ᠲᠡᠬᠦᠦ ᠬᠤᠶᠠᠷ ᠤᠨ ᠲᠤᠬᠠᠢ ᠯᠠ ᠪᠢᠴᠢᠵᠦ ᠲᠠ ᠪᠦᠬᠦᠨ ᠲᠠᠢ ᠪᠠᠨ ᠬᠤᠪᠢᠶᠠᠯᠴᠠᠶ᠎ᠠ᠃      ᠲᠤᠰ ᠷᠤᠮᠠᠨ ᠤ ᠲᠦᠷᠢ ᠨᠦᠭᠦᠳ ᠤᠨ ᠲᠤᠳᠤᠷ᠎ᠠ ᠠᠴᠠ ᠤᠨᠴᠠᠭᠠᠢ᠂ ᠭᠤᠤᠯ ᠪᠤᠯᠵᠤ ᠪᠠᠶᠢᠭ᠎ᠠ ᠲᠦᠷᠢ ᠶᠢᠨ ᠨᠢᠭᠡ ᠪᠤᠯ ᠡᠷᠳᠠᠨᠢ ᠶᠤᠮ᠃ ᠵᠤᠬᠢᠶᠠᠭᠴᠢ ᠴ᠊ · ᠯᠤᠳᠦ᠋ᠢᠳᠠᠮᠪᠠ᠄ ︽ᠪᠢ ᠡᠨᠡ ᠵᠤᠬᠢᠶᠠᠯ ᠤᠨ ᠡᠷᠳᠡᠨᠢ ᠶᠢᠨ ᠲᠦᠷᠢ ᠪᠠᠷ ᠠᠪᠤ ᠶᠢ ᠪᠠᠨ ᠮᠦᠩᠭᠡᠵᠢᠬᠦᠯᠬᠦ ᠭᠡᠵᠦ ᠪᠢᠴᠢᠭᠰᠡᠨ ᠶᠤᠮ︾ ᠭᠡᠵᠦ ᠭᠡᠯᠡᠭᠰᠡᠨ ᠪᠠᠶᠢᠳᠠᠭ᠃ ᠡᠷᠳᠡᠨᠢ ᠪᠤᠯ ︽ᠲᠤᠩᠭᠠᠯᠠᠭ ᠲᠠᠮᠢᠷ︾ ᠷᠤᠮᠠᠨ ᠤ ᠦᠢᠯᠡ ᠶᠠᠪᠤᠳᠠᠯ᠂ ᠦᠵᠡᠯ ᠰᠠᠨᠠᠭ᠎ᠠ᠂ ᠵᠦᠷᠢᠴᠡᠯ ᠲᠡᠮᠡᠴᠡᠯ ᠤᠨ ᠬᠦᠪᠦᠷᠡᠬᠦ ᠭᠤᠤᠯ ᠭᠤᠭᠴᠤᠭ᠎ᠠ ᠪᠤᠯᠵᠤ ᠪᠠᠶᠢᠨ᠎ᠠ᠃ ᠵᠦᠪᠯᠡᠯᠳᠦ ᠶᠢᠨ ᠨᠢᠭᠡᠨ ᠡᠷᠳᠡᠮᠳᠡᠨ ᠤ ᠰᠢᠨᠵᠢᠯᠡᠨ ᠳ᠋ᠦᠩᠨᠡᠭᠰᠡᠨ ᠢᠶᠠᠷ᠄ ︽ᠡᠷᠳᠡᠨᠢ ᠵᠠᠷᠤᠴᠠ ᠶᠠᠳᠠᠭᠤ ᠠᠴᠠ ᠪᠠᠨ ᠤᠬᠠᠮᠰᠠᠷᠳᠠᠢ ᠬᠤᠪᠢᠰᠬᠠᠯᠴᠢ ᠪᠤᠯᠳᠠᠯ᠎ᠠ ᠪᠠᠨ ᠪᠡᠶ᠎ᠡ ᠪᠡᠶ᠎ᠡ ᠲᠠᠢ ᠪᠠᠨ ᠤᠷᠢᠶᠠᠴᠠᠯᠳᠤᠨ ᠡᠭᠡᠳᠡᠷᠡᠭᠰᠡᠨ ᠨᠠᠷᠢᠨ ᠲᠦᠪᠡᠭᠳᠡᠢ ᠤᠷᠳᠤ ᠵᠠᠮ ᠢ ᠲᠤᠭᠤᠯᠵᠠᠢ︾ ᠭᠡᠵᠡᠢ᠃ ᠲᠡᠶᠢᠮᠦ ᠡ᠂ ᠡᠷᠳᠡᠨᠢ ᠨᠤᠳᠤᠭ ᠤᠨ ᠲᠠᠶᠢᠵᠢ ᠨᠠᠷ ᠤᠨ ᠲᠠᠷᠤᠯᠠᠯ ᠮᠦᠯᠵᠢᠯ ᠢ ᠲᠡᠰᠴᠤ ᠶᠠᠳᠠᠨ᠂ ᠴᠢᠯᠦᠭᠡᠳᠦ ᠠᠮᠢᠳᠤᠷᠠᠯ ᠢ ᠬᠠᠶᠢᠵᠤ᠂ ᠭᠡᠳᠦᠨ ᠵᠠᠭᠤᠨ ᠺᠢᠯᠤᠮᠧᠲᠷ ᠢ ᠲᠤᠭᠤᠯᠤᠨ ᠨᠡᠬᠦᠵᠦ᠂ ᠠᠯᠳᠠᠢ ᠠᠴᠠ ᠬᠠᠩᠭᠠᠢ ᠶᠢᠨ ᠨᠢᠷᠤᠭᠤ᠂ ᠲᠠᠮᠢᠷ ᠤᠨ ᠭᠤᠤᠯ ᠳᠤ ᠬᠦᠷᠴᠦ ᠢᠷᠡᠭᠰᠡᠨ ᠪᠤᠯᠪᠠᠴᠤ ᠰᠠᠶᠢᠨ ᠰᠠᠶᠢᠬᠠᠨ ᠠᠮᠢᠳᠤᠷᠠᠯ ᠢ ᠤᠯᠵᠤ ᠦᠵᠡᠭᠰᠡᠨ ᠦᠭᠡᠢ᠃ ᠲᠡᠷᠡ ᠡᠴᠡᠵᠦ ᠶᠠᠳᠠᠷᠠᠬᠤ ᠶᠢ ᠮᠡᠳᠡᠳᠡᠭ ᠦᠭᠡᠢ᠂ ᠡᠷᠡᠯᠭᠡᠭ ᠵᠤᠷᠢᠭᠳᠠᠢ᠂ ᠲᠤᠩ ᠭᠡᠷᠰᠡᠦ᠂ ᠰᠢᠨᠳᠠᠷᠠᠰᠢ ᠦᠭᠡᠢ ᠡᠷ᠎ᠡ ᠪᠢᠯᠠ᠃ ᠲᠡᠬᠦᠨ ᠤ ᠪᠠᠨ ᠬᠦᠴᠦ ᠪᠠᠷ ᠵᠠᠶ᠎ᠠ ᠶᠢᠨ ᠭᠡᠭᠡᠨ ᠤ ᠭᠡᠶᠢᠳ ᠤᠨ ᠬᠢᠨ ᠤ ᠤᠵᠢᠳ ᠴᠡᠩᠭᠡᠯ᠂ ᠢᠳᠡᠭᠡᠯᠳᠦ ᠶᠢᠨ ᠤᠷᠠᠬᠠᠨ ᠠᠴᠠ ᠵᠢᠭᠤᠳᠠᠨ ᠵᠠᠶᠢᠯᠠᠵᠤ᠂ ᠶᠡᠭᠡ ᠬᠦᠷᠢᠶ᠎ᠠ ᠤᠷᠤᠵᠤ ᠮᠤᠩᠭᠠᠨᠢᠵᠤ ᠶᠠᠪᠤᠭᠰᠠᠭᠠᠷ ᠵᠠᠮ ᠢᠶᠠᠨ ᠤᠯᠵᠠᠢ᠃ ᠡᠷᠳᠡᠨᠢ ᠶᠢᠨ ᠰᠡᠳᠬᠢᠯ ᠢ ᠴᠠᠭ ᠲᠦᠷᠦ ᠶᠢᠨ ᠦᠢᠮᠡᠭᠡᠨ ᠶᠡᠭᠡ ᠲᠠᠳᠠᠵᠤ ᠭᠠᠭᠴᠠ ᠬᠦ ᠬᠤᠪᠢᠰᠬᠠᠯ ᠨᠢᠳᠦ ᠶᠢ ᠨᠢ ᠨᠡᠭᠡᠭᠡᠵᠦ ᠦᠭᠴᠡᠢ᠃ ᠠᠮᠢᠳᠤᠷᠠᠯ ᠤᠨ ᠶᠡᠭᠡ ᠰᠤᠷᠭᠠᠭᠤᠯᠢ ᠡᠷᠳᠡᠨᠢ ᠳᠤ ᠭᠤᠤᠯᠴᠢ᠂ ᠵᠠᠷᠴᠢᠮᠴᠢ ᠴᠢᠨᠠᠷ ᠢ ᠰᠤᠷᠭᠠᠭᠰᠠᠨ ᠶᠤᠮ᠃ ᠡᠷᠳᠡᠨᠢ ᠬᠤᠪᠢᠰᠬᠠᠯ ᠤᠨ ᠠᠩᠬᠠᠨ ᠤ ᠡᠳᠦᠷ ᠠᠴᠠ ᠡᠬᠢᠯᠡᠭᠡᠳ ᠨᠡᠮ᠂ ᠤᠯᠤᠰ ᠤᠨ ᠠᠵᠢᠯ ᠳᠤ ᠵᠢᠳᠬᠦᠵᠤ ᠶᠠᠪᠤᠭᠰᠠᠭᠠᠷ ᠶᠠᠮᠠᠷ ᠴᠤ ᠪᠤᠳᠤᠯᠢᠶᠠᠨ ᠲᠠᠢ ᠰᠢᠷᠦᠬᠦᠨ ᠦᠶ᠎ᠡ ᠳᠤ᠂ ᠲᠡᠮᠡᠴᠡᠯ ᠲᠤᠯᠤᠯᠳᠤᠭᠠᠨ ᠤ ᠡᠭᠡᠵᠡᠭ ᠲᠠᠢ ᠬᠠᠷᠠᠩᠭᠤᠢ ᠴᠠᠭ ᠲᠤ ᠪᠠᠶᠢᠳᠠᠯ ᠢ ᠨᠠᠷᠢᠨ ᠠᠵᠢᠭᠯᠠᠵᠤ᠂ ᠠᠮᠢ ᠪᠠᠨ ᠠᠷᠭᠠᠯᠠᠵᠤ ᠠᠶᠠᠳᠠᠶᠢᠬᠠᠨ ᠠᠮᠢᠳᠤᠷᠠᠵᠤ ᠴᠢᠳᠠᠳᠠᠭ᠂ ᠶᠠᠭᠤᠮᠠᠨ ᠤ ᠡᠪ ᠢ ᠤᠯᠳᠠᠭ ᠠᠪᠬᠠᠯᠵᠢᠳᠠᠢ ᠤᠪᠵᠢᠩ ᠬᠦᠮᠦᠨ ᠤ ᠲᠦᠷᠢ ᠮᠦᠨ᠃      ᠢᠩᠭᠢᠬᠦ ᠳᠤ ᠴᠠᠬᠢᠭᠤᠷ ᠲᠡᠮᠦᠷ ᠡᠷᠳᠡᠨᠢ ᠲᠠᠢ ᠡᠷᠡᠰ ᠦᠭᠡᠷ᠎ᠠ ᠬᠠᠳᠠᠭᠤ ᠵᠤᠷᠢᠭᠳᠠᠢ᠂ ᠦᠨᠡᠨᠴᠢ ᠰᠢᠳᠤᠷᠭᠤ ᠨᠢᠩᠵᠢᠨ ᠰᠡᠳᠬᠢᠯ ᠲᠠᠢ ᠬᠦᠮᠦᠨ᠃ ᠲᠠᠷᠠ ᠶᠠᠭᠠᠬᠢᠬᠤ ᠶᠢᠨ ᠠᠷᠭ᠎ᠠ ᠦᠭᠡᠢ ᠠᠷᠤ ᠬᠠᠯᠬ᠎ᠠ ᠶᠢᠨ ᠰᠢᠯᠢ ᠶᠢᠨ ᠰᠠᠶᠢᠨ ᠡᠷ᠎ᠡ ᠳᠤ ᠪᠠᠭᠳᠠᠬᠤ ᠶᠢᠨ ᠤᠴᠢᠷ ᠪᠢ ᠠᠩᠬᠠᠯᠠᠨ ᠰᠢᠯᠢ ᠶᠢᠨ ᠰᠠᠶᠢᠨ ᠡᠷ᠎ᠡ ᠶᠢᠨ ᠲᠤᠬᠠᠢ ᠬᠠᠮᠢᠶ᠎ᠠ ᠪᠦᠬᠦᠢ ᠨᠤᠮ ᠵᠤᠬᠢᠶᠠᠯ ᠢ ᠬᠠᠶᠢᠵᠤ ᠤᠡᠭᠰᠢᠭ᠌ᠰᠠᠨ ᠶᠤᠮ᠃      ᠮᠤᠩᠭᠤᠯ ᠤᠨ ᠠᠷᠠᠳ ᠲᠦᠮᠡᠨ ︽ᠬᠠᠷᠬᠢᠰ ᠠᠩᠭᠢ᠂ ᠮᠦᠯᠵᠢᠮᠡᠳᠡᠬᠡᠢ ᠬᠤᠳᠠᠯᠳᠤᠭᠠᠴᠢᠳ ᠤᠨ ᠮᠠᠯ ᠬᠦᠷᠦᠩᠭᠡ ᠶᠢ ᠦᠪᠡᠷ ᠤᠨ ᠠᠷᠭ᠎ᠠ ᠤᠬᠠᠭᠠᠨ᠂ ᠡᠷ᠎ᠡ ᠴᠢᠳᠠᠯ ᠤᠨ ᠬᠦᠴᠦ ᠪᠠᠷ ᠪᠤᠯᠢᠶᠠᠨ ᠠᠪᠴᠤ᠂ ᠶᠠᠳᠠᠷᠠᠭᠰᠠᠨ ᠤᠯᠠᠨ ᠳᠤ ᠪᠠᠨ ᠲᠠᠷᠬᠠᠭᠠᠵᠤ ᠦᠭᠳᠡᠭ ᠪᠤᠶᠠᠨᠳᠠᠢ ᠬᠦᠮᠦᠰ︾ ᠭᠡᠵᠦ ᠰᠢᠯᠢ ᠶᠢᠨ ᠰᠠᠶᠢᠨ ᠡᠷᠡᠴᠦᠳ ᠢᠶᠠᠨ ᠪᠢᠰᠢᠷᠡᠭᠰᠡᠭᠡᠷ ᠢᠷᠡᠭᠰᠡᠨ ᠲᠡᠦᠭᠡ ᠲᠠᠢ᠃ ᠲᠡᠭᠡᠳᠡᠯ᠎ᠡ ᠮᠠᠨᠵᠦ᠂ ᠬᠢᠳᠡᠳ ᠤᠨ ᠨᠤᠶᠠᠳ ᠲᠦᠰᠢᠮᠡᠳ᠂ ᠰᠢᠨᠤᠬᠠᠢ ᠬᠤᠳᠠᠯᠳᠤᠭᠠᠴᠢᠳ ᠠᠷᠤ ᠬᠠᠯᠬ᠎ᠠ ᠶᠢᠨ ᠰᠢᠯᠢ ᠶᠢᠨ ᠰᠠᠶᠢᠨ ᠡᠷᠡᠴᠦᠳ ᠢ ︽ᠮᠠᠭᠤ ᠬᠤᠯᠠᠭᠠᠶᠢᠴᠢ︾᠂ ︽ᠲᠦᠷᠦ ᠶᠢᠨ ᠪᠦᠭᠡᠰᠦ︾ ᠭᠡᠵᠦ ᠬᠤᠶᠠᠷ ᠶᠠᠩᠵᠤ ᠪᠠᠷ ᠨᠡᠷᠡᠯᠡᠭᠰᠡᠭᠡᠷ ᠢᠷᠡᠵᠡᠢ᠃ ᠰᠢᠯᠢ ᠶᠢᠨ ᠰᠠᠶᠢᠨ ᠡᠷᠡᠰ ᠤᠨ ᠵᠠᠷᠢᠮ ᠨᠢ ᠦᠪᠡᠷ ᠤᠨ ᠡᠷᠭᠡ ᠠᠰᠢᠭ ᠤᠨ ᠢᠶᠠᠨ ᠲᠦᠯᠦᠭᠡ ᠬᠤᠪᠢ ᠪᠠᠨ ᠪᠤᠳᠤᠵᠤ ᠪᠠᠶᠢᠬᠤ ᠳᠤ ᠲᠡᠶᠢᠯᠦᠩᠭᠢ ᠨᠢ ᠠᠷᠠᠳ ᠲᠦᠮᠡᠨ ᠢ ᠲᠠᠷᠤᠯᠠᠨ ᠮᠦᠯᠵᠢᠵᠦ ᠪᠠᠶᠢᠭ᠎ᠠ ᠬᠠᠷᠬᠢᠰ ᠠᠩᠭᠢ᠂ ᠰᠢᠨᠤᠬᠠᠢ ᠬᠤᠳᠠᠯᠳᠤᠭᠠᠴᠢᠳ ᠢ ᠡᠰᠡᠷᠬᠦᠴᠡᠨ ᠲᠡᠮᠡᠴᠡᠵᠦ ᠂ ᠲᠡᠳᠡᠨ ᠤ ᠮᠠᠯ ᠬᠦᠷᠦᠩᠭᠡ ᠶᠢ ᠬᠤᠯᠠᠭᠠᠢᠢᠯᠠᠨ ᠠᠪᠴᠦ᠂ ᠠᠷᠠᠳ ᠤᠯᠠᠨ ᠳᠤ ᠬᠤᠪᠢᠶᠠᠵᠤ ᠦᠭᠭᠦᠭᠰᠡᠭᠡᠷ ᠢᠷᠡᠵᠠᠢ᠃ ᠲᠡᠬᠦᠨᠴᠢᠯᠡᠨ ᠰᠢᠯᠢ ᠶᠢᠨ ᠰᠠᠶᠢᠨ ᠡᠷᠡᠴᠦᠳ ᠠᠮᠢᠳᠤᠷᠠᠯ ᠢᠶᠠᠷ ᠰᠢᠯᠭᠠᠷᠠᠭᠰᠠᠨ᠂ ᠨᠡᠶᠢᠳᠡ ᠪᠠᠷ ᠲᠠᠭᠠᠵᠤ ᠮᠦᠷᠳᠡᠬᠦ ᠪᠢᠴᠢᠭᠳᠡᠭᠡ ᠦᠭᠡᠢ ᠬᠠᠤᠯᠢ᠂ ᠶᠤᠰᠤ ᠭᠤᠷᠢᠮ ᠲᠠᠢ᠂ ᠬᠠᠶᠠᠭ᠎ᠠ ᠪᠠᠨ ᠬᠠᠳᠤᠷᠳᠠᠭ ᠦᠭᠡᠢ᠂ ᠭᠤᠶᠤᠭᠠᠳ ᠦᠭᠳᠡᠭ ᠦᠭᠡᠢ ᠪᠤᠯ ᠭᠤᠶᠠᠳᠠᠭᠠᠳ ᠠᠪᠳᠠᠭ ᠨᠡᠶᠢᠳᠡᠯᠢᠭ ᠵᠠᠷᠴᠢᠮ ᠲᠠᠢ᠂ ᠡᠷᠭᠦᠭᠰᠡᠨ ᠲᠠᠩᠭᠠᠷᠢᠭ ᠲᠠᠢ ᠭᠦᠮᠦᠰ ᠪᠠᠶᠢᠵᠠᠢ᠃      ᠰᠢᠯᠢ ᠶᠢᠨ ᠰᠠᠶᠢᠨ ᠡᠷᠡᠴᠦᠳ ᠶᠡᠭᠡᠩᠭᠢ ᠳᠤ ᠪᠠᠨ ᠬᠦᠳᠡᠷ ᠴᠢᠬᠢᠷᠠᠭ ᠪᠡᠶ᠎ᠡ ᠲᠠᠢ᠂ ᠡᠷ᠎ᠡ ᠵᠤᠷᠢᠭ ᠲᠠᠢ᠂ ᠪᠢᠷ᠎ᠡ ᠲᠡᠩᠭᠡᠭᠡ ᠲᠠᠢ ᠬᠦᠮᠦᠰ ᠪᠦᠭᠡᠳ ᠭᠠᠵᠠᠷ ᠭᠠᠵᠠᠷ ᠤᠨ ᠰᠠᠶᠢᠨ ᠡᠷᠡᠴᠦᠳ ᠤᠨ ᠭᠡᠷᠡᠭᠯᠡᠵᠦ ᠪᠠᠶᠢᠭᠰᠠᠨ ᠪᠠᠭᠠᠵᠢ ᠭᠡᠷᠡᠭᠰᠡᠯ ᠨᠢ ᠦᠭᠡᠷ᠎ᠡ ᠦᠭᠡᠷ᠎ᠡ ᠪᠠᠶᠢᠭᠰᠠᠨ ᠴᠤ ᠶᠡᠭᠡᠩᠭᠢ ᠳᠤ ᠪᠠᠨ ᠬᠤᠷᠳᠤᠨ ᠰᠠᠶᠢᠨ ᠮᠤᠷᠢ᠂ ᠰᠠᠶᠢᠨ ᠬᠢᠳᠤᠭ᠎ᠠ᠂ ᠪᠦᠳᠦᠬᠦᠨ ᠲᠡᠩᠰᠡᠨ ᠲᠠᠰᠢᠭᠤᠷ᠂ ᠤᠷᠭ᠎ᠠ᠂ ᠪᠤᠭᠤᠶᠢᠮᠢ᠂ ᠬᠠᠵᠠᠭᠠᠷ ᠨᠤᠭᠳᠤ᠂ ᠠᠶᠠᠭ᠎ᠠ᠂ ᠲᠠᠰᠢᠮᠠᠭ᠂ ᠠᠷᠠᠰᠤᠨ ᠲᠤᠯᠤᠮ ᠵᠡᠷᠭᠡ ᠠᠪᠴᠤ ᠶᠠᠪᠤᠬᠤ ᠳᠤ ᠬᠦᠩᠭᠡᠨ ᠬᠢᠯᠪᠡᠷ ᠵᠦᠢᠯᠡᠰ ᠪᠠᠶᠢᠳᠠᠭ᠃ ᠵᠠᠷᠢᠮ ᠨᠢ ᠨᠤᠮᠤ ᠰᠤᠮᠤ᠂ ᠴᠠᠬᠢᠭᠤᠷ ᠫᠤᠤ ᠬᠦᠷᠳᠡᠯ᠎ᠡ ᠭᠡᠷᠡᠭᠯᠡᠳᠡᠭ ᠪᠠᠶᠢᠭᠰᠠᠨ ᠭᠡᠳᠡᠭ᠃ ᠰᠠᠶᠢᠨ ᠡᠷᠡᠴᠦᠳ ᠠᠩᠭᠠᠮᠠᠯ ᠶᠡᠭᠡ ᠭᠤᠪᠢ ᠳᠤ ᠬᠦᠵᠡᠭᠡᠨ ᠳᠤ ᠤᠰᠤ ᠬᠢᠵᠤ ᠨᠢᠭᠤᠵᠤ ᠲᠠᠯᠪᠢᠭᠠᠳ ᠡᠰᠠᠨ ᠮᠠᠨᠳᠤ ᠭᠡᠳᠤᠯᠳᠡᠭ᠂ ᠠᠶᠠᠭ᠎ᠠ ᠪᠠᠨ ᠬᠦᠮᠦᠷᠢᠭᠡᠳ ᠲᠠᠭᠤ ᠴᠢᠮᠡᠭᠡ ᠴᠢᠩᠨᠠᠳᠠᠭ᠂ ᠮᠤᠷᠢᠨ ᠤ ᠪᠠᠨ ᠰᠡᠬᠦᠯ ᠠᠴᠠ ᠲᠤᠭ ᠦᠰᠦ ᠠᠪᠴᠤ ᠵᠠᠩᠭᠢᠳᠤᠭᠠᠳ ᠲᠤᠬᠢᠶ᠎ᠠ ᠪᠤᠯᠭᠠᠳᠠᠭ᠂ ᠨᠤᠭᠳᠤ᠂ ᠪᠤᠭᠤᠶᠢᠮᠢ᠂ ᠠᠷᠭᠠᠮᠵᠢᠶ᠎ᠠ ᠪᠠᠨ ᠵᠡᠪᠰᠡᠭ ᠪᠤᠯᠭᠠᠨ ᠠᠰᠢᠭᠯᠠᠳᠠᠭ᠃ ᠰᠢᠯᠢ ᠶᠢᠨ ᠰᠠᠶᠢᠨ ᠡᠷᠡᠴᠤᠳ ᠤᠨ ᠦᠭᠡᠷ᠎ᠡ ᠨᠢᠭᠡ ᠤᠨᠴᠠᠯᠢᠭ ᠴᠢᠨᠠᠷ ᠨᠢ ᠡᠭᠡᠨᠡᠷ ᠭᠡᠦᠭᠡᠳ ᠲᠤ ᠪᠠᠨ ᠬᠤᠷᠭᠤᠳᠠᠭᠠᠳ ᠤᠷᠤᠨ ᠭᠡᠷ ᠲᠤ ᠪᠠᠨ ᠰᠢᠬᠢᠳᠴᠤ ᠰᠠᠭᠤᠳᠠᠭ ᠦᠭᠡᠢ᠂ ᠬᠠᠷᠢᠨ ᠭᠡᠭᠡᠷ᠎ᠡ ᠪᠠᠷ ᠭᠡᠷ᠂ ᠭᠡᠳᠡ ᠪᠠᠷ ᠲᠡᠷ᠎ᠡ ᠬᠢᠵᠦ ᠮᠤᠷᠢᠨ ᠲᠡᠯ ᠲᠡᠭᠡᠷ᠎ᠡ ᠭᠡᠶᠢᠰᠴᠤ ᠶᠠᠪᠤᠬᠤ ᠶᠢ ᠡᠷᠬᠢᠮ ᠳᠤ ᠦᠵᠡᠳᠡᠭ᠃ ᠲᠡᠷᠡ ᠴᠤ ᠤᠳᠬ᠎ᠠ ᠪᠠᠷ ᠢᠶᠠᠨ ᠵᠤᠷᠢᠭᠰᠠᠨ ᠦᠢᠯᠡ ᠭᠡᠷᠡᠭ ᠢᠶᠠᠨ ᠴᠤᠭ ᠵᠢᠪᠬᠤᠯᠠᠩ ᠲᠠᠢ ᠪᠠᠷ ᠪᠦᠳᠦᠭᠡᠳᠡᠭ᠃      ᠶᠠᠭ ᠡᠶᠢᠮᠦ ᠶᠢᠨ ᠲᠤᠯᠠᠳᠠ᠂ ᠲᠡᠮᠦᠷ ᠭᠤᠸᠠᠢ ᠬᠠᠭᠤᠴᠢᠨ ᠴᠠᠭ ᠲᠤ ᠰᠠᠪᠠᠭ᠎ᠠ ᠦᠭᠡᠢ ᠳᠤ ᠪᠠᠨ ᠪᠢᠰᠢ᠂ ᠮᠦᠯᠵᠢᠯᠭᠡ ᠶᠢ ᠦᠵᠡᠨ ᠶᠠᠳᠠᠬᠤ ᠶᠢᠨ ᠡᠷᠭᠡ ᠪᠠᠷ ︽ᠰᠠᠶᠢᠨ ᠡᠷ᠎ᠡ︾ ᠶᠢᠨ ᠵᠠᠮ ᠢᠶᠠᠷ ᠶᠠᠪᠤᠵᠤ᠂ ᠠᠶᠢᠮᠠᠭ ᠬᠤᠰᠢᠭᠤ ᠠᠯᠤᠰᠯᠠᠨ ᠬᠤᠯᠠᠭᠠᠢ ᠬᠢᠵᠤ᠂ ᠶᠠᠳᠠᠭᠤᠴᠤᠳ ᠢ ᠲᠡᠳᠬᠦᠵᠦ ᠶᠠᠪᠤᠭᠰᠠᠨ ᠪᠤᠯᠪᠠᠴᠤ ᠰᠢᠨ᠎ᠠ ᠴᠠᠭ ᠲᠤ ᠲᠡᠬᠦᠨ ᠢ ᠪᠠᠨ ᠵᠢᠭᠰᠢᠨ ᠦᠵᠡᠵᠦ᠄ ︽ᠤᠳᠤ ᠴᠠᠭ ᠲᠤ ᠲᠠᠶᠢᠵᠢ ᠨᠠᠷ ᠠᠴᠠ ᠡᠴᠢᠭᠡ ᠡᠪᠦᠭᠡᠳ ᠤᠨ ᠢᠶᠠᠨ ᠬᠠᠷᠢᠭᠤ ᠶᠢ ᠠᠪᠬᠤ ᠭᠡᠷᠡᠭᠳᠡᠢ︾ ᠭᠡᠵᠦ ᠭᠡᠯᠡᠵᠦ ᠦᠩᠭᠡᠷᠡᠭᠰᠡᠨ ᠪᠢᠯᠠ᠃ ᠡᠨᠡ ᠦᠵᠡᠯ ᠤᠨ ᠡᠬᠦᠳᠡᠨ ᠠᠴᠠ ᠴᠤ ᠬᠤᠩᠭᠤᠷ ᠤᠨ ᠪᠦᠳᠦᠯ ᠦᠭᠡᠢ ᠶᠠᠪᠤᠳᠠᠯ ᠢ ᠵᠢᠮᠠᠯᠠᠵᠤ᠂ ᠡᠰᠡᠷᠬᠦᠦ ᠨᠠᠷ ᠤᠨ ᠪᠠᠯᠠᠮᠠᠳ ᠶᠠᠪᠤᠳᠠᠯ ᠢ ᠦᠵᠡᠨ ᠶᠠᠳᠠᠵᠤ᠂ ᠦᠨᠡᠨ ᠢ ᠨᠢ ᠤᠯᠠᠭᠠᠨ ᠨᠢᠭᠤᠷ ᠲᠤ ᠨᠢ ᠰᠢᠭᠤᠳ ᠭᠡᠯᠡᠨ ᠲᠡᠮᠡᠴᠡᠭᠰᠡᠨ ᠶᠤᠮ᠃ ᠲᠡᠷᠡ᠄ ︽ᠤᠯᠡᠨ ᠲᠦᠮᠡᠨ ᠮᠢᠨᠢ ᠨᠢᠳᠦ ᠪᠠᠨ ᠨᠡᠭᠡᠭᠡᠵᠡᠭᠡ︕ ᠲᠦᠷᠦ ᠳᠤ ᠲᠡᠷᠰᠯᠡᠭᠰᠡᠨ ᠡᠨᠡ ᠵᠡᠨᠳᠡᠯᠴᠢᠨ ᠨᠠᠷ ᠢ ᠪᠠᠷᠢᠵᠠᠭᠠᠶ᠎ᠠ︕︾ ᠭᠡᠵᠦ ᠡᠷᠡᠰ ᠰᠢᠢᠳᠮᠡᠭᠡᠢ ᠭᠡᠯᠡᠭᠡᠳ ᠡᠰᠡᠷᠬᠦᠦ ᠨᠠᠷ ᠲᠤ ᠫᠤᠤᠳᠠᠭᠤᠯᠵᠤ ᠪᠠᠶᠢᠪᠠ᠃ ᠲᠡᠮᠦᠷ ᠢᠩᠭᠢᠵᠤ ᠯᠠ ᠭᠡᠯᠡᠬᠦ ᠠᠴᠠ ᠦᠭᠡᠷ᠎ᠡ ᠠᠷᠭ᠎ᠠ ᠦᠭᠡᠢ ᠪᠤᠯᠤᠭᠰᠠᠨ ᠶᠤᠮ᠃      ᠯᠤᠳᠦ᠋ᠢᠳᠠᠮᠪᠠ ᠪᠠᠭᠰᠢ ᠶᠢᠨ ᠠᠴᠢᠳᠦ ᠡᠴᠢᠭᠡ ᠶᠢᠨ ᠢᠶᠠᠨ ᠭᠡᠭᠡᠨ ᠲᠤᠷᠠᠰᠬᠠᠯ ᠳᠤ ᠵᠤᠷᠢᠭᠤᠯᠤᠨ ᠪᠢᠴᠢᠭᠰᠡᠨ ᠡᠨᠡ ᠬᠦ ᠠᠪᠤᠷᠭᠤ ᠪᠦᠳᠦᠭᠡᠯ ᠨᠢ ᠦᠨᠳᠦᠰᠦᠳᠡᠨ ᠤ ᠲᠦᠮᠡ ᠲᠦᠮᠡᠨ ᠦᠶ᠎ᠡ ᠶᠢᠨ ᠦᠷ᠎ᠡ ᠠᠴᠢ ᠨᠠᠷ ᠤᠨ ᠤᠶᠤᠨ ᠰᠠᠩ ᠢ ᠨᠢ ᠤᠮᠳᠠᠯᠠᠬᠤ ᠨᠢ ᠯᠠᠪᠳᠠᠢ︕      ᠮᠤᠷᠢ ᠲᠠᠢ ᠪᠤᠯᠤᠭᠠᠳ ᠵᠠᠪ ᠲᠠᠢ ᠪᠤᠯᠪᠠᠯ ︽ᠲᠤᠩᠭᠠᠯᠠᠭ ᠲᠠᠮᠢᠷ︾ ᠤᠨ ᠬᠦᠪᠡᠭᠡ ᠪᠠᠷ ᠵᠤᠴᠢᠨ ᠪᠤᠯᠤᠨ ᠰᠠᠭᠠᠳᠠᠭᠠᠷᠠᠢ᠃      ᠬᠠᠶ᠋ᠢᠬ᠄ ᠤᠳᠤᠭ ᠬᠤᠰᠢᠭᠤᠨ ᠤ ᠮᠤᠩᠭᠤᠯ ᠦᠨᠳᠦᠰᠦᠳᠡᠨ ᠤ ᠲᠤᠮᠳᠠᠳᠤ ᠰᠤᠷᠭᠠᠭᠤᠯᠢ                 ︵ᠦᠭᠡᠯᠠᠳ ᠪᠠᠭᠠᠳᠤᠷ ᠨᠠᠶᠢᠷᠠᠭᠤᠯᠪᠠ︶                   2018 ᠣᠨ ᠤ 3 ᠳ᠋ᠤᠭᠠᠷ ᠬᠤᠭᠤᠴᠠᠭ᠎ᠠ
 
ᠢᠷᠡᠯᠲᠡ᠄ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠤᠷᠭᠠᠨ ᠬᠦᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map