︽ᠬᠦᠵᠦᠷ ᠺᠠᠷᠲ ᠢᠶᠠᠷ ᠦᠰᠦᠭᠯᠡᠯ ᠤᠨ ᠪᠣᠭᠤᠮᠲᠠ ᠲᠠᠪᠠᠭᠤᠯᠬᠤ︾ ᠰᠣᠳᠤᠯᠭᠠᠨ ᠤ ᠲᠣᠬᠠᠢ ᠦᠭᠦᠯᠡᠬᠦ ᠨᠢ
ᠨᠡᠶᠢᠲᠡᠯᠡᠭᠰᠡᠨ ᠴᠠᠭ᠄
2019/1/11
                                                         ᠪᠠᠶᠠᠨ᠋ᠧᠴᠢᠷ      ᠨᠢᠭᠡ᠂ ᠰᠣᠳᠣᠯᠭᠠᠨ ᠬᠢᠭᠰᠡᠨ ᠶᠠᠪᠤᠴᠠ      1. ᠬᠦᠵᠦᠷ ᠲᠣᠭᠯᠠᠭᠠᠮ ᠢᠶᠠᠷ ᠵᠢᠭᠠᠬᠤ ᠪᠣᠳᠣᠯ ᠤᠷᠤᠭᠰᠠᠨ      1995 ᠣᠨ ᠳᠤ ᠠᠵᠢᠯ ᠤᠨ ᠱᠠᠭᠠᠷᠳᠠᠯᠭ᠎ᠠ ᠠᠴᠠ ᠪᠤᠯᠵᠤ ᠪᠢ ᠬᠤᠷᠴᠢᠨ ᠪᠠᠷᠠᠭᠤᠨ ᠭᠠᠷᠣᠨ ᠲᠣᠮᠳᠠᠳᠣ ᠬᠤᠰᠢᠭᠤᠨ ᠤ ᠬᠠᠷᠠᠨᠠᠭᠤᠷ ᠰᠣᠷᠭᠠᠭᠤᠯᠢ ᠶᠢᠨ ᠲᠦᠰᠢᠶᠡᠳᠦ ᠭᠠᠴᠠᠭᠠᠨ ᠤ ᠵᠢᠭᠠᠨ ᠰᠣᠷᠭᠠᠬᠤ ᠴᠡᠭ ᠲᠤ ᠠᠵᠢᠯ ᠰᠢᠯᠵᠢᠭᠰᠡᠨ ᠶᠤᠮ᠃ ᠲᠣᠬᠠᠢ ᠶᠢᠨ ᠦᠶᠡᠰ 1~4 ᠳ᠋ᠣᠭᠡᠷ ᠣᠨ ᠳᠤ ᠨᠠᠶᠢᠳᠠ 46 ᠬᠡᠤᠭᠡᠳ ᠪᠠᠶᠢᠯ᠎ᠠ᠃ ᠨᠢᠭᠡ ᠭᠤᠷᠪᠠᠳᠤᠭᠠᠷ ᠣᠨ ᠤ ᠬᠡᠦᠭᠡᠳ ᠢ ᠨᠢᠭᠡ ᠦᠷᠦᠭᠡᠨ ᠳᠤ ᠲᠠᠪᠬᠤᠷ ᠪᠦᠯᠦᠭ ᠢᠶᠠᠷ ᠬᠢᠴᠢᠶᠡᠯᠯᠡᠵᠦ᠂ ᠬᠤᠶᠠᠷ ᠲᠦᠷᠪᠡᠳᠦᠭᠡᠷ ᠣᠨ ᠤ ᠬᠡᠦᠭᠡᠳ ᠢ ᠨᠦᠬᠦᠭᠡ ᠦᠷᠦᠭᠡᠨ ᠳᠤ ᠲᠠᠪᠬᠤᠷ ᠪᠦᠯᠦᠭ ᠢᠶᠠᠷ ᠬᠢᠴᠢᠶᠡᠯᠯᠡᠳᠡᠭ ᠪᠠᠶᠢᠪᠠ᠃ ᠨᠢᠭᠡ ᠠᠩᠭᠢ ᠳᠤ ᠨᠢ ᠪᠠᠭᠰᠢ ᠬᠢᠴᠢᠶᠡᠯ ᠣᠷᠣᠪᠠᠯ ᠨᠦᠬᠦᠭᠡ ᠠᠩᠭᠢ ᠳᠤ ᠨᠢ ᠰᠣᠷᠣᠭᠴᠢᠳ ᠪᠡᠶ᠎ᠡ ᠪᠠᠨ ᠲᠠᠭᠠᠭᠠᠵᠣ ᠲᠠᠰᠬᠠᠯ ᠢᠶᠠᠨ ᠬᠢᠳᠡᠭ᠃ ᠡᠶᠢᠮᠦᠷᠬᠦᠤ ᠪᠠᠶᠢᠳᠠᠯ ᠢᠶᠠᠷ ᠬᠢᠴᠢᠶᠡᠯᠯᠠᠵᠤ ᠪᠠᠶᠢᠬᠤ ᠳᠤ ᠨᠢᠭᠡᠨ ᠰᠤᠨᠢᠷᠬᠠᠯᠳᠠᠢ ᠣᠴᠢᠷ ᠲᠠᠭᠠᠷᠠᠯᠳᠤᠵᠠᠢ᠃ ᠨᠢᠭᠡ ᠠᠩᠭᠢ ᠳᠤ ᠨᠢ ᠲᠠᠰᠬᠠᠯ ᠲᠣᠬᠢᠷᠠᠭᠤᠯᠵᠤ ᠨᠦᠬᠦᠭᠡ ᠠᠩᠭᠢ ᠳᠤ ᠨᠢ ᠬᠢᠴᠢᠶᠡᠯ ᠣᠷᠣᠭᠠᠳ ᠪᠤᠴᠠᠵᠤ ᠦᠭᠭᠦ ᠳᠤ ᠲᠠᠰᠬᠠᠯ ᠲᠤᠬᠢᠷᠠᠭᠤᠯᠤᠭᠰᠠᠨ ᠠᠩᠬᠢ ᠶᠢᠨ ᠬᠡᠦᠭᠡᠳ ᠤᠳ ᠬᠦᠵᠦᠷ ᠲᠣᠭᠯᠠᠭᠠᠳ ᠬᠦᠭᠡᠷᠦᠯᠳᠣᠵᠦ ᠪᠠᠶᠢᠪᠠ᠃ ᠪᠠᠭᠰᠢ ᠠᠴᠠ ᠡᠨᠡ ᠭᠦ ᠪᠠᠶᠢᠳᠠᠯ ᠢ ᠬᠤᠷᠢᠬᠯᠠᠬᠤ ᠳᠤ ᠲᠡᠲᠡ ᠲᠡᠮᠡᠢ ᠣᠶᠢᠰᠢᠶᠠᠬᠤ ᠦᠭᠡᠢ ᠮᠦᠷᠳᠡᠭᠡᠨ ᠬᠦᠵᠦᠷ ᠫᠠᠢ ᠶᠢ ᠨᠢ ᠬᠤᠷᠢᠶᠠᠭᠠᠳ ᠠᠪᠴᠢᠬᠠᠬᠤ ᠳᠤ ᠲᠡᠯᠭᠡᠬᠦᠷ ᠲᠤ ᠬᠦᠷᠴᠦ ᠣᠴᠢᠭᠠᠳ ᠲᠠᠬᠢᠭᠠᠳ ᠯᠠ ᠬᠤᠳᠠᠯᠳᠣᠭᠠᠳ ᠠᠪᠴᠢᠬᠠᠨ᠎ᠠ᠃ ᠶᠠᠭᠤ ᠶᠢ ᠰᠠᠭᠠᠲᠠᠭᠠᠭᠰᠠᠨ ᠴᠦ ᠬᠦᠵᠦᠷ ᠢ ᠯᠡ ᠶᠠᠭ ᠰᠠᠭᠠᠳᠠᠭᠠᠬᠤ ᠦᠭᠡᠢ ᠳᠤ ᠠᠷᠭ᠎ᠠ ᠪᠠᠷᠠᠭᠳᠠᠵᠤ ᠨᠦᠢᠷ ᠬᠤᠭᠤᠯᠠ ᠦᠭᠡᠢ ᠪᠣᠯᠬᠤ ᠭᠡᠮᠵᠢᠶᠠᠨ ᠳᠤ ᠭᠦᠷᠴᠠᠢ᠃ ᠬᠡᠦᠭᠡᠳ ᠬᠦᠵᠦᠷ ᠲᠤ ᠰᠢᠨᠣᠬᠤ ᠪᠣᠯᠣᠭᠰᠠᠨ ᠨᠢ ᠬᠡᠨ ᠨᠢᠭᠡᠨ ᠤ ᠬᠢᠨᠢ ᠠᠵᠢᠯ ᠢᠶᠠᠨ ᠰᠠᠶᠢᠨ ᠬᠢᠭᠰᠡᠨ ᠦᠭᠡᠢ ᠠᠴᠠ ᠪᠤᠯᠤᠭᠰᠠᠨ ᠴᠦ ᠪᠢᠯᠢᠦ ᠭᠡᠵᠦ ᠪᠣᠳᠣᠯ᠎ᠠ᠃ ᠭᠡᠪᠡᠴᠦ ᠠᠬᠢᠭᠠᠳ ᠬᠦᠨᠵᠡᠭᠡᠢ ᠰᠢᠭ ᠪᠤᠳᠤᠯᠬᠢᠯᠠᠪᠠᠯ ᠡᠨᠡ ᠪᠣᠯ ᠬᠡᠦᠭᠡᠳ ᠤᠨ ᠲᠣᠷ᠎ᠠ ᠪᠠᠬ᠎ᠠ᠂ ᠲᠣᠷ᠎ᠠ ᠳᠤ ᠨᠢ ᠲᠠᠭᠠᠷᠠᠭᠤᠯᠪᠠᠯ ᠶᠠᠭᠠᠬᠢᠳᠠᠭ ᠪᠣᠯ︖ ᠭᠡᠭᠦ ᠪᠤᠳᠤᠯ ᠲᠦᠷᠦᠭᠳᠡᠵᠦ ᠮᠣᠩᠭᠤᠯ ᠦᠰᠦᠭ ᠤᠨ ᠦᠶ᠎ᠡ ᠶᠢᠨ ᠬᠦᠵᠦᠷ ᠬᠢᠶ᠎ᠠ ᠭᠡᠵᠤ ᠪᠤᠳᠤᠭᠰᠠᠨ ᠶᠤᠮ᠃ ᠨᠢᠭᠡᠳᠦᠭᠡᠷ ᠣᠨ ᠤ ᠬᠢᠴᠢᠶᠡᠯ ᠳᠤ ᠬᠢ ᠲᠠᠩ ᠦᠭᠡ ᠶᠢᠨ ᠵᠢᠭᠠᠨ ᠰᠤᠷᠭᠠᠯᠳᠠ ᠳᠤ ᠬᠠᠷᠠᠭᠠᠯᠵᠠᠭᠤᠯᠵᠣ ᠨᠢᠭᠡ ᠨᠢᠭᠡ ᠦᠶ᠎ᠡ ᠪᠠᠷ ᠬᠦᠵᠦᠷ ᠬᠢᠭᠡᠳ ᠨᠠᠭᠠᠳᠣᠭᠤᠯᠵᠣ ᠦᠵᠡᠯ᠎ᠡ᠃ ᠡᠬᠢᠨ ᠳᠤ ᠪᠠᠨ ᠬᠡᠦᠭᠡᠳ ᠲᠠᠮᠡᠢ ᠯᠠ ᠲᠣᠭᠤᠭᠰᠠᠨ ᠮᠠᠶ᠋ᠢᠭ ᠦᠭᠡᠢ ᠪᠠᠶᠢᠪᠠ᠃ ᠣᠬᠠᠭᠠᠨ ᠢ ᠨᠢ ᠣᠯᠣᠭᠰᠠᠨ ᠤ ᠪᠠᠨ ᠲᠠᠷᠠᠭ᠎ᠠ ᠬᠡᠦᠭᠡᠳ ᠲᠤ ᠰᠣᠨᠢᠨ ᠭᠠᠶᠢᠬᠠᠯᠳᠠᠢ ᠰᠠᠨᠠᠭᠳᠠᠵᠤ᠂ ᠲᠡᠭᠡᠷ᠎ᠡ ᠲᠣᠣᠷ᠎ᠠ ᠣᠨ ᠦᠭᠡᠢ ᠪᠣᠯᠢᠶᠠᠯᠳᠣᠵᠣ ᠨᠠᠭᠠᠳᠬᠤ ᠪᠣᠯᠵᠠᠢ᠃ ᠨᠠᠭᠠᠳᠣᠭᠰᠠᠭᠠᠷ ᠪᠠᠶᠢᠵᠣ ᠬᠡᠦᠭᠡᠳ ᠮᠣᠩᠭᠤᠯ ᠬᠡᠯᠡ ᠪᠠᠨ ᠰᠣᠷᠬᠤ ᠲᠣᠷᠠᠳᠠᠢ ᠪᠣᠯᠪᠠ᠃ ᠬᠡᠯᠡᠨ ᠤ ᠪᠠᠨ ᠵᠢᠮ᠎ᠡ ᠶᠣᠰᠣ ᠶᠢ ᠨᠢ ᠮᠡᠳᠡᠭᠡᠳ ᠣᠴᠢᠷ ᠣᠬᠠᠭᠠᠨ ᠢ ᠨᠢ ᠰᠣᠪᠢᠵᠣ ᠣᠯᠣᠭᠠᠳ᠂ ᠣᠷᠮ᠎ᠠ ᠪᠠᠬ᠎ᠠ ᠨᠢ ᠬᠦᠭᠵᠢᠭᠡᠳ ᠢᠷᠡᠯ᠎ᠡ᠃ ᠣᠳᠠᠯ ᠦᠭᠡᠢ ᠢᠷᠡᠬᠦ ᠵᠢᠯ ᠨᠢ ᠪᠣᠯᠵᠣ᠂ ᠪᠦᠬᠦ ᠲᠣᠭᠤᠷᠢᠭ ᠨᠢᠭᠡᠴᠢ ᠶᠢᠨ ᠵᠢᠯ ᠤᠨ ᠡᠴᠦᠰ ᠤᠨ ᠰᠣᠷᠣᠯᠭ᠎ᠠ ᠶᠢᠨ ᠬᠢᠷᠢ ᠪᠦᠲᠦᠮᠵᠢ ᠶᠢ ᠦᠨᠡᠯᠡᠬᠦ ᠰᠢᠯᠭᠠᠯᠲᠠ ᠬᠦᠷᠦᠭᠡᠳ ᠢᠷᠡᠯ᠎ᠡ᠃ ︽ᠨᠡᠷᠡᠲᠡᠢ︾ ᠪᠠᠶᠢᠭᠰᠠᠨ ᠰᠣᠷᠭᠠᠭᠤᠯᠢ ᠨᠡᠷᠡᠲᠦ ᠰᠣᠷᠭᠠᠭᠤᠯᠢ ᠪᠣᠯᠵᠣ ᠬᠤᠪᠢᠷᠠᠭᠠᠳ ᠣᠨ ᠨᠢᠭᠡᠴᠢ ᠳᠤ ᠪᠠᠨ ᠲᠡᠷᠢᠭᠦᠯᠡᠪᠠ᠃      2. ᠮᠣᠩᠭᠤᠯ ᠦᠶ᠎ᠡ ᠶᠢᠨ ᠲᠣᠭᠤᠷᠢᠭ ᠬᠦᠵᠦᠷ ᠢ ᠬᠢᠭᠰᠡᠨ      ︵1︶ ᠲᠣᠭᠤᠷᠢᠭᠤ ᠵᠠᠮ      ︽ᠲᠠᠰᠬᠠᠯ ᠳᠤ ᠲᠠᠷᠣᠭᠲᠠᠵᠣ ᠪᠠᠶᠢᠭᠰᠠᠨ ᠠᠴᠠ ᠪᠠᠨ ᠬᠦᠵᠦᠷ ᠲᠤ ᠪᠣᠯᠠᠭᠳᠠᠬᠤ ᠨᠢ ᠡ︕︾ ᠭᠡᠵᠦ ᠵᠠᠷᠢᠮ ᠬᠦᠮᠦᠨ ᠤ ᠳᠠᠭᠠᠷᠢᠭᠤᠯᠵᠤ ᠬᠡᠯᠡᠵᠤ ᠪᠠᠶᠢᠭᠰᠠᠨ ᠨᠢ ᠣᠷᠣ ᠦᠭᠡᠢ ᠦᠭᠡ ᠪᠢᠰᠢ ᠶᠣᠮ᠃ ᠲᠣᠬᠠᠢ ᠶᠢᠨ ᠦᠶ᠎ᠡ ᠳᠤ ᠴᠠᠭᠠᠨ ᠴᠠᠭᠠᠰᠤ ᠶᠢ ᠭᠤᠷᠪᠠ ᠪᠠᠷ ᠲᠠᠪᠬᠤᠷᠯᠠᠵᠤ ᠴᠠᠷᠳᠠᠵᠤ ᠨᠠᠭᠠᠭᠠᠳ ᠲᠦᠷᠪᠡᠯᠵᠢᠨ ᠬᠦᠵᠦᠷ ᠤᠨ ᠮᠠᠶ᠋ᠢᠭ ᠲᠠᠢ ᠬᠠᠶᠢᠴᠢᠯᠠᠵᠤ ᠰᠠᠯᠭᠠᠭᠠᠳ᠂ ᠬᠢᠴᠢᠶᠡᠯ ᠤᠨ ᠦᠭᠡ ᠪᠠᠨ ᠰᠣᠩᠭᠤᠨ ᠲᠣᠭᠲᠠᠭᠠᠭᠰᠠᠨ ᠤ ᠲᠠᠷᠠᠭ᠎ᠠ ᠨᠢᠭᠡ ᠨᠢᠭᠡ ᠦᠶ᠎ᠡ ᠪᠠᠷ ᠬᠦᠵᠦᠷ ᠲᠡᠭᠡᠷ᠎ᠡ ᠪᠢᠴᠢᠭᠡᠳ ᠬᠡᠦᠭᠡᠳ ᠢᠶᠠᠷ ᠢᠶᠠᠨ ᠲᠣᠭᠯᠠᠭᠤᠯᠵᠤ ᠨᠠᠭᠠᠳᠤᠭᠤᠯᠵᠤ ᠪᠠᠶᠢᠵᠠᠢ᠃ ᠬᠢᠴᠢᠶᠡᠯ ᠪᠤᠯᠭᠠᠨ ᠳᠤ ᠨᠢᠭᠡ ᠠᠳᠬᠤ ᠬᠦᠵᠦᠷ ᠬᠢᠬᠦ ᠴᠢᠬᠤᠯᠠ ᠲᠠᠢ ᠪᠠᠶᠢᠭᠰᠠᠨ ᠠᠴᠠ ᠬᠡᠦᠭᠡᠳ ᠤᠳ ᠦᠨᠡᠭᠡᠷ ᠪᠣᠭᠴᠤ ᠨᠢ ᠲᠦᠭᠦᠷᠠᠩ ᠬᠦᠵᠦᠷ ᠲᠠᠢ ᠪᠣᠯᠴᠢᠬᠠᠭᠠᠳ ᠪᠠᠶᠢᠪᠠ᠃ ᠪᠢᠳᠡ ᠰᠦᠨᠢ ᠶᠢᠨ ᠠᠷᠪᠠᠨ ᠬᠤᠶᠠᠷ ᠴᠠᠭ ᠪᠣᠯᠳᠠᠯ᠎ᠠ ᠴᠠᠭᠠᠰᠤ ᠪᠠᠨ ᠨᠠᠭᠠᠨ᠎ᠠ᠂ ᠺᠠᠷᠲ ᠢᠶᠠᠨ ᠬᠠᠶᠢᠴᠢᠯᠠᠨ᠎ᠠ᠂ ᠦᠶ᠎ᠡ ᠪᠠᠨ ᠪᠢᠴᠢᠨ᠎ᠡ ᠁ ᠵᠠᠪ ᠲᠠᠢ ᠪᠣᠯ ᠬᠦᠵᠦᠷ ᠤᠨ ᠲᠡᠭᠡᠷ᠎ᠡ ᠪᠠᠰᠠ ᠲᠦᠬᠦᠮᠬᠡᠨ ᠵᠢᠭᠢᠷᠢᠭ ᠵᠢᠷᠤᠭ ᠵᠢᠷᠤᠭᠠᠳ ᠦᠭᠴᠢᠬᠡᠳᠡᠭ ᠪᠠᠶᠢᠭᠰᠠᠨ ᠶᠤᠮ᠃ ᠲᠡᠷᠡ ᠦᠶ᠎ᠡ ᠠᠴᠠ ᠡᠬᠢᠯᠡᠨ ︽ᠪᠣᠢ ᠪᠦᠬᠦᠢ ᠮᠣᠩᠭᠤᠯ ᠦᠭᠡ ᠶᠢ ᠴᠦᠮ ᠬᠤᠯᠪᠣᠵᠣ ᠪᠦᠲᠦᠭᠡᠵᠦ ᠲᠡᠶᠢᠯᠬᠦ ᠴᠢᠳᠠᠮᠵᠢ ᠲᠠᠢ ᠮᠣᠩᠭᠤᠯ ᠬᠡᠯᠡᠨ ᠤ ᠬᠦᠵᠦᠷ ᠪᠠᠶᠢᠭᠰᠠᠨ ᠪᠣᠯ ᠬᠡᠴᠢᠨᠡᠨ ᠭᠤᠶᠤ ᠪᠢᠯᠡ︕︾ ᠭᠡᠬᠦ ᠪᠤᠳᠤᠯ ᠤᠷᠤᠭᠰᠠᠨ ᠪᠢᠯᠡ᠃      ᠮᠠᠨ ᠤ ᠮᠣᠩᠭᠤᠯ ᠬᠡᠯᠡᠨ ᠤ ᠦᠶ᠎ᠡ ᠶᠢᠨ ᠪᠦᠲᠦᠴᠡ ᠠᠴᠠ ᠦᠵᠡᠪᠡᠯ᠂ ᠴᠠᠭᠠᠨ ᠲᠣᠯᠣᠭᠠᠢ ᠶᠢᠨ ᠣᠭ ᠲᠦᠷᠰᠦ 112᠂ ᠭᠤᠷᠪᠠᠨ ᠬᠤᠪᠢᠷᠠᠯ ᠨᠡᠶᠢᠳᠡ 339 ᠥᠶ᠎ᠡ ᠪᠣᠢ᠃ ᠴᠠᠭᠠᠨ ᠲᠣᠯᠣᠭᠠᠢ ᠶᠢᠨ ᠡᠬᠢᠨ ᠳᠤ ᠣᠷᠣᠬᠤ ᠦᠶ᠎ᠡ ᠪᠠ ᠲᠣᠮᠲᠠ ᠣᠷᠣᠬᠤ ᠦᠶ᠎ᠡ ᠶᠢᠨ ᠲᠠᠷᠠᠭ᠎ᠠ 11 ᠲᠡᠪᠢᠰᠭᠡᠷ ᠦᠰᠦᠭ ᠤᠨ 25 ᠲᠦᠷᠰᠦ ᠶᠢ ᠵᠠᠯᠭᠠᠪᠠᠯ ᠲᠠᠪᠢᠰᠭᠡᠷᠲᠦ ᠦᠶ᠎ᠡ ᠡᠭᠦᠰᠦᠨ᠎ᠡ᠃ ᠲᠡᠪᠢᠰᠭᠡᠷᠲᠦ ᠦᠶ᠎ᠡ ᠶᠢᠨ ᠣᠭ ᠲᠦᠷᠰᠦ ᠨᠡᠶᠢᠳᠡ 1309᠂ ᠡᠭᠦᠨ ᠳᠤ ᠦᠭᠡ ᠡᠬᠢᠨ ᠳᠤ ᠣᠷᠣᠬᠤ ᠨᠢ 1309᠂ ᠲᠣᠮᠲᠠ ᠪᠠ ᠠᠳᠠᠭ ᠲᠤ ᠣᠷᠣᠬᠤ ᠨᠢ ᠲᠤᠰ ᠲᠤᠰ 1155 ᠪᠠᠶᠢᠳᠠᠭ᠃ ᠡᠶᠢᠮᠥ ᠠᠴᠠ ᠲᠡᠪᠢᠰᠭᠡᠷᠲᠦ ᠥᠶ᠎ᠡ ᠨᠡᠶᠢᠳᠡ 4928᠂ ᠭᠠᠯᠢᠭ ᠥᠶ᠎ᠡ ᠨᠡᠶᠢᠳᠡ 1800 ᠪᠠᠶᠢᠵᠤ᠂ ᠮᠣᠩᠭᠤᠯ ᠬᠡᠯᠡᠨ ᠤ ᠪᠦᠭᠦᠲᠡ ᠦᠶ᠎ᠡ ᠨᠠᠶᠢᠯᠠᠭᠡᠳ 7179 ᠪᠠᠶᠢᠳᠠᠬ᠃ ᠡᠳᠡᠭᠡᠷ ᠥᠶ᠎ᠡ ᠨᠦᠭᠦᠳ ᠢ ᠪᠦᠭᠦᠨ ᠢ ᠬᠦᠵᠦᠷ ᠪᠣᠯᠭᠠᠵᠤ ᠬᠡᠦᠭᠡᠳ ᠲᠤ ᠲᠣᠭᠯᠠᠭᠤᠯᠬᠤ ᠭᠡᠭᠴᠢ ᠪᠡᠶᠡᠯᠡᠭᠳᠡᠰᠢ ᠦᠭᠡᠢ ᠤᠴᠢᠷ ᠪᠤᠯᠬᠤᠷ ᠲᠥᠷᠰᠥ ᠶᠢᠨ ᠴᠣᠮᠬᠠᠳᠬᠠᠯ ᠬᠢᠬᠦ ᠠᠷᠭ᠎ᠠ ᠠᠪᠴᠤ ᠲᠥᠷᠰᠥ ᠢᠵᠢᠯ ᠥᠶ᠎ᠡ ᠳᠤ ᠣᠯᠠᠨ ᠢ ᠨᠢᠭᠡ ᠪᠠᠷ ᠢᠯᠡᠳᠭᠡᠬᠦ ᠪᠠ ᠲᠡᠪᠢᠰᠭᠡᠷ ᠥᠰᠥᠭ ᠢ ᠰᠠᠯᠭᠠᠵᠣ᠂ ᠭᠠᠯᠢᠭ ᠥᠶ᠎ᠡ ᠶᠢ ᠭᠠᠷᠭᠠᠬᠤ ᠠᠷᠭ᠎ᠠ ᠠᠪᠣᠭᠰᠠᠨ ᠤ ᠲᠠᠷᠠᠭ᠎ᠠ ᠠᠩᠬ᠎ᠠ 132 ᠲᠥᠷᠰᠥ ᠪᠠᠷ ᠲᠣᠭᠳᠠᠵᠣ ᠵᠠᠷᠢᠮ ᠥᠶ᠎ᠡ ᠲᠠᠪᠳᠠᠵᠣ ᠣᠷᠣᠭᠰᠠᠨ ᠢᠶᠠᠷ ᠨᠡᠶᠢᠳᠡ 150 ᠺᠠᠷᠲ ᠲᠠᠢ ︽ᠮᠣᠩᠭᠤᠯ ᠥᠶ᠎ᠡ ᠶᠢᠨ ᠦᠨᠳᠦᠰᠦᠨ ᠬᠥᠵᠥᠷ︾ ᠪᠦᠳᠦᠪᠡ᠃ ᠡᠨᠡ 150 ᠺᠠᠷᠲ ᠢᠶᠠᠷ ᠣᠯᠠᠩᠬᠢ ᠦᠭᠡ ᠶᠢ ᠴᠦᠮ ᠬᠤᠯᠪᠤᠵᠤ ᠪᠦᠲᠦᠭᠡᠵᠦ ᠴᠢᠳᠠᠳᠠᠭ ᠪᠠᠶᠢᠯ᠎ᠠ᠃ ᠭᠡᠳᠡᠯ᠎ᠡ ᠣᠯᠠᠩᠬᠢ ᠦᠶ᠎ᠡ ᠨᠢ ᠬᠦᠵᠦᠷ ᠲᠤ ᠨᠢᠭᠡ ᠯᠡ ᠬᠠᠭᠤᠳᠠᠰᠣ ᠪᠠᠷ ᠣᠷᠣᠯᠴᠠᠭᠰᠠᠨ ᠲᠣᠯᠠ ᠦᠭᠡ ᠪᠦᠲᠦᠭᠦ ᠳᠤ ᠲᠣᠩ ᠬᠦᠰᠢᠬᠦᠨ ᠪᠠᠶᠢᠪᠠ᠃ ᠡᠨᠡ ᠬᠦ ᠪᠠᠶᠢᠳᠠᠯ ᠢ ᠦᠭᠡᠷᠡᠴᠢᠯᠡᠬᠦ ᠶᠢᠨ ᠲᠦᠯᠦᠭᠡ ᠪᠢᠳᠡ ᠦᠭᠡ ᠬᠠᠷᠠᠭᠠᠯᠵᠠᠭᠤᠯᠬᠤ ᠠᠷᠭ᠎ᠠ ᠠᠪᠴᠣ ︽ᠪᠦᠷᠢᠨ ᠴᠢᠳᠠᠯᠲᠣ ᠮᠣᠩᠭᠤᠯ ᠦᠶ᠎ᠠ ᠶᠢᠨ ᠬᠦᠵᠦᠷ︾ ᠢ ᠬᠢᠵᠡᠢ᠃ ᠬᠦᠵᠦᠷ ᠲᠤ ᠦᠶ᠎ᠡ ᠨᠦᠭᠦᠳ ︵ᠴᠢᠬᠤᠯᠠ ᠪᠦᠬᠦᠢ ᠭᠡᠶᠢᠬᠦᠯᠦᠭᠴᠢ ᠦᠰᠦᠭ᠂ ᠭᠠᠯᠢᠭ ᠦᠰᠦᠭ᠂ ᠲᠡᠶᠢᠨ ᠢᠯᠭᠠᠯ᠂ ᠣᠯᠠᠨ ᠲᠤᠭ᠎ᠠ᠂ ᠬᠠᠮᠢᠶᠠᠳᠠᠭᠤᠯᠬᠤ ᠲᠠᠭᠠᠪᠣᠷᠢ ᠨᠤᠭᠤᠳ ᠢ ᠲᠠᠭᠠᠭᠤᠯᠵᠣ ᠣᠷᠣᠭᠤᠯᠵᠠᠢ︶ ᠢ ᠠᠷᠪᠠᠨ ᠬᠠᠭᠤᠳᠠᠰᠤ ᠣᠷᠣᠭᠤᠯᠵᠤ᠂ ᠨᠡᠶᠢᠲᠡ 3200 ᠺᠠᠷᠲ ᠲᠠᠢ ᠬᠦᠵᠦᠷ ᠦᠢᠯᠡᠳᠦᠭᠰᠡᠨ ᠪᠠᠶᠢᠯ᠎ᠠ᠃ ᠲᠣᠰ ᠺᠠᠷᠲ ᠪᠦᠬᠦ᠋ᠢᠯᠡ ᠮᠣᠩᠭᠤᠯ ᠦᠬᠡ ᠶᠢ ᠬᠤᠯᠪᠣᠵᠣ ᠪᠦᠲᠦᠬᠡᠬᠦ ᠴᠢᠳᠠᠮᠵᠢ ᠲᠠᠢ ᠪᠣᠯᠬᠤᠷ ︽ᠪᠦᠷᠢᠨ ᠴᠢᠳᠠᠯᠳᠣ︾ ᠭᠡᠵᠤ ᠨᠡᠷᠡᠶᠢᠳᠪᠡ᠃ ᠡᠨᠡ ᠨᠢ ᠮᠦᠨ ᠪᠣᠯᠪᠠᠰᠣᠷᠠᠬᠤ ᠦᠭᠡ ᠪᠠᠨ ᠲᠣᠭᠲᠠᠭᠠᠭᠰᠠᠨ ᠤ ᠲᠠᠷᠠᠭ᠎ᠠ ᠲᠣᠬᠠᠢ ᠶᠢᠨ ᠦᠭᠡᠨ ᠳᠤ ᠣᠷᠣᠯᠴᠠᠬᠤ ᠦᠶ᠎ᠡ ᠦᠰᠦᠭ ᠢ ᠬᠦᠵᠦᠷ ᠺᠠᠷᠲ ᠤᠨ ᠲᠣᠳᠣᠷ᠎ᠠ ᠠᠴᠠ ᠰᠣᠩᠭᠤᠵᠣ ᠠᠪᠣᠭᠠᠳ ᠨᠢᠭᠡᠨ ᠠᠳᠬᠤ ᠬᠦᠵᠦᠷ ᠪᠣᠯᠭᠠᠵᠣ ᠲᠣᠭᠯᠠᠳᠠᠭ᠃ ᠨᠡᠶᠢᠲᠡ 3200 ᠺᠠᠷᠲ ᠲᠠᠢ ᠬᠦᠵᠦᠷ ᠺᠠᠷᠲ ᠬᠡᠭᠴᠢ ᠮᠦᠨ ᠴᠦ ᠨᠢᠭᠡ ᠮᠣᠨᠳᠠᠭ ᠶᠠᠭᠤᠮ᠎ᠠ ᠲᠣᠯᠠ ᠠᠪᠴᠣ ᠶᠠᠪᠣᠬᠤ ᠳᠤ ᠲᠦᠭᠦᠮ ᠦᠭᠡᠢ ᠪᠦᠭᠡᠳ ᠬᠦᠵᠦᠷ ᠺᠠᠷᠲ ᠤᠨ ᠲᠣᠲᠣᠷ᠎ᠠ ᠠᠴᠠ ᠬᠡᠷᠡᠭᠯᠡᠬᠦ ᠦᠶ᠎ᠡ ᠪᠠᠨ ᠡᠷᠢᠵᠦ ᠣᠯᠬᠤ ᠨᠢ ᠴᠦ ᠬᠡᠲᠦᠷᠭᠡᠢ ᠶᠠᠷᠰᠢᠭ ᠲᠦᠪᠡᠭ ᠪᠣᠯᠣᠭᠠᠳ ᠬᠡᠷᠡᠭᠯᠡᠭᠳᠡᠬᠦ ᠪᠣᠯᠣᠮᠵᠢ ᠲᠣᠩ ᠲᠣᠣᠷ᠎ᠠ ᠭᠡᠳᠡᠭ ᠢ ᠲᠡᠷᠡ ᠲᠣᠣᠷ᠎ᠠ ᠪᠠᠨ ᠰᠡᠷᠡᠵᠦ ᠮᠡᠳᠡᠭᠰᠡᠨ ᠶᠤᠮ᠃ ᠲᠡᠭᠡᠭᠡᠳ ᠬᠦᠵᠦᠷ ᠤᠨ ᠨᠢᠭᠤᠷ ᠬᠠᠭᠤᠳᠠᠰᠣ ᠶᠢ ᠶᠠᠭᠠᠬᠢᠵᠣ ᠴᠤᠮᠬᠠᠳᠬᠠᠬᠤ ᠪᠠ ᠵᠢᠭᠠᠨ ᠰᠣᠷᠭᠠᠬᠤ ᠣᠭ ᠰᠠᠨᠠᠭ᠎ᠠ ᠶᠢ ᠶᠠᠭᠠᠬᠢᠵᠣ ᠢᠯᠡᠷᠡᠭᠦᠯᠦᠨ᠂ ᠬᠦᠵᠦᠷ ᠫᠠᠢ ᠶᠢᠨ ᠬᠤᠯᠪᠣᠵᠣ ᠪᠦᠲᠦᠬᠦ ᠪᠣᠯᠣᠮᠵᠢ ᠨᠦᠬᠦᠴᠡᠯ ᠢ ᠶᠠᠭᠠᠬᠢᠵᠣ ᠬᠠᠮᠤᠭ ᠤᠨ ᠦᠨᠳᠦᠷ ᠲᠦᠪᠰᠢᠨ ᠳᠤ ᠬᠦᠷᠳᠡᠯ᠎ᠡ ᠲᠡᠭᠡᠭᠰᠢᠯᠡᠬᠦᠯᠬᠦ ᠠᠰᠠᠭᠤᠳᠠᠯ ᠢ ᠬᠠᠯᠠᠰᠢᠷᠠᠯ ᠦᠭᠡᠢ ᠰᠦᠪᠡᠭᠴᠢᠯᠡᠭᠰᠡᠭᠡᠷ ᠢᠷᠠᠯ᠎ᠠ᠃      ︵2︶ ᠰᠠᠨᠠᠭᠠᠨ ᠳᠤ ᠦᠭᠡᠢ ᠣᠯᠣᠯᠲᠠ      2013 ᠣᠨ ᠤ ᠬᠠᠪᠣᠷ ᠤᠨ ᠨᠢᠭᠡᠨ ᠣᠷᠢᠨ ᠲᠣᠯᠠᠭᠠᠨ ᠡᠳᠦᠷ ᠪᠠᠶᠢᠯ᠎ᠠ᠃ ᠬᠢᠴᠢᠶᠡᠯ ᠤᠨ ᠵᠠᠪᠰᠠᠷᠯᠠᠭ᠎ᠠ ᠪᠠᠷ ᠪᠢ ᠨᠠᠷᠠᠨ ᠡᠯᠢᠭᠡᠨ ᠳᠤ ᠬᠡᠦᠭᠡᠳ ᠤᠨ ᠴᠠᠭᠠᠰᠣᠨ ᠬᠠᠪᠳᠠᠰᠣ ᠴᠣᠬᠢᠵᠣ ᠨᠠᠭᠠᠳᠬᠤ ᠶᠢ ᠦᠵᠡᠵᠦ ᠴᠢᠯᠡᠭᠡ ᠲᠠᠶᠢᠯᠵᠤ ᠵᠣᠭᠰᠣᠵᠣ ᠪᠠᠶᠢᠪᠠ᠃ ᠦᠵᠡᠭᠡᠳ ᠦᠵᠡᠭᠡᠳ ᠪᠠᠶᠢᠬᠤᠯᠠᠷ ᠨᠡᠳᠠ ᠶᠠᠭᠤ ᠨᠢᠭᠡ ᠶᠢ ᠪᠣᠳᠣᠭᠳᠠᠭᠤᠯᠪᠠ᠃ ︽ᠴᠠᠭᠠᠰᠣᠨ ᠬᠠᠪᠲᠠᠰᠣ ᠲᠣᠭᠤᠷᠢᠭ ᠬᠡᠯᠪᠡᠷᠢᠲᠡᠢ᠂ ᠬᠦᠵᠦᠷ ᠤᠨ ᠨᠢᠭᠤᠷ ᠲᠦᠷᠪᠡᠯᠵᠢᠨ ᠬᠡᠯᠪᠡᠷᠢᠲᠡᠢ᠂ ᠬᠦᠵᠦᠷ ᠲᠤ ᠨᠢᠭᠡ ᠯᠡ ᠲᠡᠮᠲᠡᠭ ᠦᠰᠦᠭ ᠲᠠᠢ᠂ ᠲᠡᠭᠦᠨ ᠢ ᠲᠣᠭᠤᠷᠢᠭ ᠬᠡᠯᠪᠡᠷᠢᠲᠡᠢ ᠪᠣᠯᠭᠠᠵᠣ ᠬᠤᠪᠢᠷᠠᠭᠤᠯᠪᠠᠯ ᠁︾ ᠭᠡᠵᠦ ᠪᠤᠳᠤᠭᠰᠠᠨ ᠢᠶᠠᠨ ᠶᠠᠭᠠᠷᠠᠯᠳᠠᠢ ᠪᠠᠷ ᠠᠯᠪᠠᠨ ᠭᠡᠷ ᠢᠶᠠᠨ ᠴᠢᠭᠯᠡᠪᠡ᠃ ᠢᠩᠭᠢᠭᠡᠳ ᠲᠡᠮᠡᠢ ᠣᠳᠠᠯ ᠦᠭᠡᠢ ᠨᠢᠭᠡ ᠬᠠᠭᠤᠳᠠᠰᠣᠨ ᠳᠤ ᠣᠯᠠᠨ ᠲᠡᠮᠲᠡᠭ ᠦᠰᠦᠭ ᠲᠠᠢ ︽ᠮᠣᠩᠭᠤᠯ ᠦᠶ᠎ᠡ ᠶᠢᠨ ᠲᠣᠭᠤᠷᠢᠭ ᠬᠦᠵᠦᠷ︾ ᠵᠣᠬᠢᠶᠠᠭᠳᠠᠭᠰᠠᠨ ᠶᠣᠮ᠃ ︽ᠮᠣᠩᠭᠤᠯ ᠦᠶ᠎ᠡ ᠶᠢᠨ ᠲᠣᠭᠤᠷᠢᠭ ᠬᠦᠵᠦᠷ︾ ᠨᠢ ᠬᠦᠵᠦᠷ ᠤᠨ ᠨᠢᠭᠤᠷ ᠬᠠᠭᠤᠳᠠᠰᠤ ᠶᠢ ᠲᠤᠭᠤᠷᠢᠭ ᠬᠡᠯᠪᠡᠷᠢ ᠲᠠᠢ ᠵᠢᠷᠤᠵᠤ ᠲᠦᠯᠦᠪᠯᠡᠨ᠂ ᠨᠢᠭᠡ ᠬᠠᠭᠤᠳᠠᠰᠤᠨ ᠳᠤ ᠣᠯᠠᠨ ᠲᠡᠮᠲᠡᠭ ᠦᠰᠦᠭ ᠢ ᠪᠠᠭᠲᠠᠭᠠᠭᠰᠠᠨ ᠣᠨᠴᠠᠯᠢᠭ ᠲᠠᠢ᠃ ᠣᠯᠠᠮᠵᠢᠯᠠᠯᠳᠣ ᠬᠦᠵᠦᠷ ᠤᠨ 54 ᠬᠠᠭᠤᠳᠠᠰᠣ ᠶᠢᠨ ᠣᠨᠴᠠᠯᠢᠭ ᠰᠢᠨᠵᠢ ᠶᠢ ᠬᠠᠳᠠᠭᠠᠯᠠᠵᠣ ᠪᠣᠢ ᠪᠦᠬᠦᠢ ᠦᠨᠳᠦᠰᠦᠨ ᠦᠭᠡ ᠶᠢ ᠪᠦᠷ ᠬᠤᠯᠪᠤᠵᠤ ᠪᠦᠲᠦᠭᠡᠵᠦ ᠴᠢᠳᠠᠨ᠎ᠠ᠃ ᠬᠦᠵᠦᠷ ᠤᠨ ᠨᠢᠭᠤᠷ ᠬᠠᠭᠤᠳᠠᠰᠤᠨ ᠤ ᠵᠢᠷᠤᠭ ᠲᠦᠯᠦᠪᠯᠡᠭᠡ ᠶᠢᠨ ᠲᠠᠯ᠎ᠠ ᠪᠠᠷ ᠮᠣᠩᠭᠤᠯ ᠬᠡᠯᠡᠨ ᠤ ᠣᠨᠴᠠᠯᠢᠭ ᠰᠢᠨᠵᠢ ᠶᠢ ᠬᠠᠷᠠᠭᠤᠯᠵᠤ᠂ ᠵᠢᠭᠠᠬᠤ ᠪᠠ ᠰᠤᠷᠬᠤ ᠶᠢᠨ ᠣᠭ ᠰᠠᠨᠠᠭ᠎ᠠ ᠶᠢ ᠬᠦᠢᠴᠡᠳ ᠢᠯᠡᠷᠡᠬᠦᠯᠵᠦ᠂ ᠰᠢᠨᠵᠢᠯᠡᠬᠦ ᠤᠬᠠᠭᠠᠨᠴᠢ ᠴᠢᠨᠠᠷ ᠬᠢᠭᠡᠳ ᠨᠠᠶᠢᠳᠠᠪᠤᠷᠢᠲᠤ ᠴᠢᠨᠠᠷ ᠢ ᠪᠦᠷᠢᠯᠳᠦᠭᠦᠯᠦᠭᠰᠡᠨ ᠪᠠᠶᠢᠨ᠎ᠠ᠃      ᠬᠤᠶᠠᠷ᠂ ᠰᠣᠳᠣᠯᠭᠠᠨ ᠤ ᠦᠨᠳᠦᠰᠦᠯᠡᠯ      1. ᠬᠦᠵᠦᠷ ᠲᠣᠭᠯᠠᠭᠠᠮ ᠢᠶᠠᠷ ᠬᠡᠯᠡ ᠪᠢᠴᠢᠭ ᠵᠢᠭᠠᠬᠤ ᠦᠢᠯᠡᠳᠦᠯᠭᠡ ᠬᠦᠵᠦᠷ ᠲᠣᠭᠯᠠᠭᠠᠮ ᠢᠶᠠᠷ ᠬᠡᠯᠡ ᠪᠢᠴᠢᠭ ᠰᠤᠷᠬᠤ ᠪᠣᠯ ᠣᠯᠠᠮᠵᠢᠯᠠᠯᠲᠤ ᠬᠦᠵᠦᠷ ᠤᠨ ᠨᠢᠭᠤᠷ ᠬᠠᠭᠤᠳᠠᠰᠤᠨ ᠤ ᠵᠢᠷᠤᠭ ᠲᠦᠯᠦᠪᠯᠡᠭᠡ ᠶᠢᠨ ᠲᠠᠯ᠎ᠠ ᠳᠤ ᠦᠭᠡᠷᠡᠴᠢᠯᠡᠯᠲᠡ ᠬᠢᠵᠦ᠂ ᠬᠦᠵᠦᠷ ᠤᠨ ᠲᠡᠮᠲᠡᠭ ᠦᠰᠦᠭ ᠢ ᠨᠢ ᠮᠣᠩᠭᠤᠯ ᠬᠡᠯᠡᠨ ᠤ ᠪᠠᠨ ᠦᠶ᠎ᠡ ᠦᠰᠦᠭ ᠪᠣᠯᠭᠠᠨ ᠬᠤᠪᠢᠷᠠᠭᠤᠯᠤᠭᠰᠠᠨ ᠤ ᠲᠠᠷᠠᠭ᠎ᠠ ᠬᠦᠵᠦᠷ ᠲᠣᠭᠯᠠᠭᠠᠮ ᠤᠨ ᠲᠣᠮᠲᠠ ᠬᠡᠦᠭᠡᠳ ᠲᠤ ᠦᠶ᠎ᠡ ᠲᠠᠨᠢᠭᠤᠯᠤᠨ ᠦᠭᠡ ᠡᠵᠡᠮᠰᠢᠬᠦᠯᠲᠡᠭ ᠨᠢᠭᠡ ᠵᠦᠢᠯ ᠤᠨ ᠠᠷᠭ᠎ᠠ ᠬᠡᠯᠪᠡᠷᠢ ᠪᠣᠯᠬᠤ ᠶᠤᠮ᠃ ᠬᠦᠵᠦᠷ ᠲᠣᠭᠯᠠᠭᠠᠮ ᠨᠢ ᠨᠢᠭᠡ ᠵᠦᠢᠯ ᠤᠨ ᠵᠢᠭᠠᠬᠤ ᠠᠷᠭ᠎ᠠ ᠪᠣᠯᠬᠤ ᠪᠦᠭᠡᠳ ᠪᠠᠰᠠ ᠴᠦ ᠨᠢᠭᠡ ᠵᠦᠢᠯ ᠤᠨ ᠰᠣᠷᠬᠤ ᠠᠷᠭ᠎ᠠ ᠪᠣᠯᠣᠨ᠎ᠠ᠃ ᠬᠡᠦᠬᠡᠳ ᠬᠦᠵᠦᠷ ᠲᠣᠭᠯᠠᠵᠣ ᠬᠦᠭᠡᠷᠴᠦ ᠨᠠᠷᠬᠢᠬᠤ ᠲᠣᠮᠲᠠ ᠲᠦᠪ ᠭᠤᠣᠯᠴᠢ ᠪᠠᠷ ᠦᠷᠢᠰᠴᠦ ᠣᠷᠣᠯᠳᠣᠨ ᠠᠶᠠᠨᠳᠠᠭᠠᠨ ᠮᠡᠳᠡᠯᠭᠡ ᠡᠵᠡᠮᠰᠢᠨ ᠴᠢᠳᠠᠪᠣᠷᠢ ᠬᠦᠷᠳᠡᠵᠦ᠂ ᠣᠶᠣᠨ ᠢᠶᠠᠨ ᠨᠡᠭᠡᠭᠡᠭᠳᠡᠭᠦᠯᠦᠨ᠂ ᠲᠤᠷ᠎ᠠ ᠰᠤᠨᠢᠷᠬᠠᠯ ᠢᠶᠠᠨ ᠬᠦᠭᠵᠢᠭᠡᠳᠡᠭ᠃ ᠬᠦᠵᠦᠷ ᠲᠣᠭᠯᠠᠭᠠᠮ ᠢᠶᠠᠷ ᠵᠢᠭᠠᠬᠤ ᠠᠷᠭ᠎ᠠ ᠪᠣᠯ ᠬᠦᠵᠦᠷ ᠬᠢᠭᠡᠳ ᠵᠢᠭᠠᠬᠤ ᠠᠷᠭ᠎ᠠ ᠶᠢᠨ ᠵᠤᠬᠢᠰᠳᠠᠢ ᠤᠶᠠᠯᠳᠤᠯ ᠮᠦᠨ᠃ ᠲᠡᠷᠡ ᠨᠢ ᠣᠯᠠᠮᠵᠢᠯᠠᠯᠳᠣ ᠬᠦᠵᠦᠷ ᠫᠠᠢ ᠠᠴᠠ ᠡᠬᠢ ᠠᠪᠴᠣ᠂ ᠲᠣᠭᠯᠠᠭᠠᠮᠵᠢᠭᠤᠯᠬᠤ ᠠᠷᠭ᠎ᠠ ᠠᠴᠠ ᠰᠢᠯᠵᠢᠵᠦ ᠢᠷᠡᠭᠰᠡᠨ ᠪᠦᠭᠡᠳ ᠵᠢᠭᠠᠨ ᠰᠣᠷᠭᠠᠬᠤ ᠬᠦᠳᠡᠯᠭᠡᠭᠡᠨ ᠤ ᠶᠠᠪᠣᠴᠠ ᠳᠤ ᠬᠦᠭᠵᠢᠯᠲᠡ ᠪᠠᠨ ᠣᠯᠣᠭᠰᠠᠨ ᠦᠪᠡᠷ ᠤᠨ ᠰᠢᠰᠲ᠋ᠧᠮ ᠲᠠᠢ᠂ ᠪᠡᠶ᠎ᠡ ᠪᠠᠨ ᠲᠠᠭᠠᠭᠠᠭᠰᠠᠨ᠂ ᠦᠪᠡᠷᠮᠢᠴᠡ ᠣᠨᠴᠠᠯᠢᠭ ᠪᠦᠬᠦᠢ ᠴᠣ ᠰᠢᠨ᠎ᠡ ᠬᠡᠯᠪᠡᠷᠢ ᠶᠢᠨ ᠵᠢᠭᠠᠨ ᠰᠣᠷᠭᠠᠬᠤ ᠠᠷᠭ᠎ᠠ ᠠᠪᠴᠠᠯ ᠶᠤᠮ᠃      ᠣᠷᠣᠯᠴᠠᠭᠴᠢ ︵ᠪᠠᠭᠰᠢ ᠠᠬᠠᠮᠠᠳ ᠵᠢᠴᠢ ᠬᠡᠦᠬᠡᠳ ᠢ ᠪᠠᠭᠳᠠᠭᠠᠭᠰᠠᠨ︶᠂ ᠪᠠᠭᠠᠵᠢ ︵ᠦᠰᠦᠭ ᠲᠠᠨᠢᠬᠤ ᠬᠦᠵᠦᠷ ᠺᠠᠷᠲ︶᠂ ᠭᠤᠣᠯ ᠰᠡᠳᠦᠪ ︵ᠵᠢᠭᠠᠬᠤ ᠪᠠ ᠰᠣᠷᠬᠤ ᠠᠷᠭ᠎ᠠ︶᠂ ᠶᠠᠪᠣᠴᠠ ︵ᠵᠢᠭᠠᠬᠤ ᠪᠠ ᠰᠣᠷᠬᠤ ᠶᠠᠪᠣᠴᠠ︶ ᠪᠣᠯ ᠬᠦᠵᠦᠷ ᠲᠣᠭᠯᠠᠭᠠᠮ ᠢᠶᠠᠷ ᠵᠢᠭᠠᠬᠤ ᠦᠨᠳᠦᠰᠦᠨ ᠲᠦᠷᠪᠡᠨ ᠡᠯᠧᠮᠧᠨ᠋ᠲ ᠮᠦᠨ᠃ ᠬᠦᠵᠦᠷ ᠲᠣᠭᠯᠠᠭᠠᠮ ᠢᠶᠠᠷ ᠵᠢᠭᠠᠬᠤ ᠠᠷᠭ᠎ᠠ ᠨᠢ ᠭᠤᠣᠯ ᠰᠡᠳᠦᠪᠲᠦ ᠣᠨᠣᠯ ᠤᠨ ᠰᠠᠭᠤᠷᠢ ᠳᠤ ᠦᠨᠳᠦᠰᠦᠨ ᠲᠦᠷᠪᠡᠨ ᠡᠯᠧᠮᠧᠨ᠋ᠲ ᠢ ᠴᠢᠩᠭ᠎ᠠ ᠠᠳᠬᠤᠵᠣ᠂ ᠪᠠᠭᠰᠢ ᠠᠬᠠᠮᠠᠳ ᠤᠨ ᠭᠤᠣᠯᠯᠠᠭᠴᠢ ᠦᠢᠯᠡᠳᠦᠯ ᠬᠢᠭᠡᠳ ᠰᠣᠷᠣᠭᠴᠢ ᠶᠢᠨ ᠲᠣᠰ ᠪᠡᠶ᠎ᠡ ᠶᠢᠨ ᠭᠤᠣᠯ ᠴᠣᠭᠴᠠ ᠶᠢᠨ ᠦᠢᠯᠡᠳᠦᠯ ᠢ ᠬᠦᠢᠴᠡᠳ ᠪᠠᠳᠠᠷᠠᠭᠤᠯᠵᠣ᠂ ᠬᠢᠴᠢᠶᠡᠯ ᠦᠭᠡᠷᠡᠴᠢᠯᠡᠯᠳᠡ ᠶᠢᠨ ᠵᠣᠷᠢᠭ ᠰᠠᠨᠠᠭ᠎ᠠ ᠶᠢ ᠰᠠᠶᠢᠳᠣᠷ ᠬᠡᠷᠡᠭᠵᠢᠬᠦᠯᠵᠦ᠂ ᠵᠢᠭᠠᠬᠤ ᠠᠭᠤᠯᠭ᠎ᠠ ᠶᠢᠨ ᠲᠤᠭᠤᠷᠢᠨ ᠳᠤ ᠲᠣᠭᠯᠠᠭᠠᠮ ᠤᠨ ᠠᠭᠤᠯᠭ᠎ᠠ ᠬᠢᠭᠡᠳ ᠠᠷᠭ᠎ᠠ ᠪᠠᠷᠢᠯ ᠢ ᠲᠣᠭᠲᠠᠭᠠᠵᠣ᠂ ᠬᠦᠷᠢᠶ᠎ᠡ ᠬᠡᠪᠴᠢᠶ᠎ᠡ ᠶᠢ ᠲᠣᠬᠢᠲᠠᠢ ᠬᠢᠵᠠᠭᠠᠷᠯᠠᠨ ᠲᠦᠷᠢᠮᠵᠢᠬᠦᠯᠬᠦ ᠪᠠ ᠰᠢᠰᠲ᠋ᠧᠮᠵᠢᠬᠦᠯᠬᠦ ᠪᠠᠷ ᠲᠠᠮᠵᠢᠨ ᠰᠢᠨ᠎ᠡ ᠬᠢᠴᠢᠶᠡᠯᠯᠡᠭᠡ ᠶᠢᠨ ᠨᠢᠭᠡᠨ ᠦᠯᠢᠭᠡᠷ ᠬᠡᠪ ᠪᠣᠯᠵᠣ ᠪᠦᠷᠢᠯᠳᠦᠭᠰᠡᠨ ᠪᠠᠶᠢᠨ᠎ᠠ᠃      ᠬᠦᠮᠦᠰ ᠤᠨ ᠣᠶᠢᠯᠠᠭᠠᠯᠲᠠ ᠳᠤ ᠬᠢ ᠬᠦᠵᠦᠷ ᠪᠣᠯ ᠵᠦᠪᠬᠡᠨ ᠨᠠᠭᠠᠳᠴᠦ ᠲᠣᠭᠯᠠᠬᠤ ᠵᠤᠭ᠎ᠠ ᠴᠡᠩᠭᠡᠯ ᠤᠨ ᠪᠠᠭᠠᠵᠢ ᠲᠡᠳᠦᠢ ᠪᠠᠶᠢᠭᠰᠠᠨ ᠶᠤᠮ᠃ ᠭᠡᠳᠡᠯ᠎ᠡ ᠦᠨᠦᠳᠦᠷ ᠬᠦᠵᠦᠷ ᠲᠣᠭᠯᠠᠭᠠᠮ ᠢᠶᠠᠷ ᠵᠢᠭᠠᠨ ᠰᠣᠷᠭᠠᠬᠤ ᠲᠤᠮᠳᠠ ᠬᠦᠵᠦᠷ ᠤᠨ ᠲᠣᠬᠠᠢ ᠪᠢᠳᠡ ᠰᠢᠨ᠎ᠡ ᠨᠢᠭᠡᠨ ᠣᠶᠢᠯᠠᠭᠠᠯᠲᠠ ᠲᠠᠢ ᠪᠤᠯᠵᠦ᠂ ᠨᠠᠭᠠᠳᠴᠣ ᠲᠣᠭᠯᠠᠵᠣ ᠬᠦᠭᠡᠷᠴᠦ ᠨᠠᠷᠬᠢᠬᠤ ᠠᠴᠠ ᠨᠡᠩ ᠴᠢᠬᠤᠯᠠ ᠰᠢᠨ᠎ᠡ ᠬᠡᠷᠡᠭᠴᠡᠭᠡ — ᠦᠰᠦᠭ ᠲᠠᠨᠢᠵᠣ᠂ ᠦᠭᠡ ᠡᠵᠡᠮᠰᠢᠵᠦ ᠪᠣᠯᠳᠠᠭ ᠭᠡᠰᠡᠨ ᠢ ᠲᠠᠨᠢᠵᠤ ᠤᠬᠠᠭᠠᠷᠠᠵᠠᠢ᠃ ᠡᠶᠢᠮᠦ ᠠᠴᠠ ᠡᠬᠦᠨ ᠢ ᠬᠦᠵᠦᠷ ᠲᠣᠭᠯᠠᠭᠠᠮ ᠢᠶᠠᠷ ︽ᠦᠰᠦᠭᠯᠡᠯ ᠤᠨ ᠪᠤᠭᠤᠮᠳᠠ ᠶᠢ ᠲᠠᠪᠠᠭᠤᠯᠬᠤ︾ ᠵᠢᠭᠠᠬᠤ ᠠᠷᠭ᠎ᠠ ᠭᠡᠵᠦ ᠨᠡᠷᠡᠯᠡᠭᠡᠳ ᠲᠣᠰᠬᠠᠢ ᠰᠣᠳᠤᠯᠭᠠᠨ ᠪᠣᠯᠭᠠᠭᠰᠠᠨ ᠪᠠᠶᠢᠨ᠎ᠠ᠃ ᠬᠦᠵᠦᠷ ᠲᠣᠭᠯᠠᠭᠠᠮ ᠢᠶᠠᠷ ᠵᠢᠭᠠᠬᠤ ᠠᠷᠭ᠎ᠠ ᠨᠢ ᠤᠷᠤᠭᠤᠯᠭ᠎ᠠ ᠪᠠᠭ᠎ᠠ ᠣᠯᠣᠯᠲᠠ ᠶᠡᠭᠡ ᠪᠠᠶᠢᠵᠣ ᠬᠢᠴᠢᠶᠡᠯ ᠦᠭᠡᠷᠡᠴᠢᠯᠡᠯᠲᠡ ᠶᠢᠨ ᠣᠨᠴᠠᠯᠢᠭ ᠢ ᠬᠦᠢᠴᠡᠳ ᠬᠠᠷᠠᠭᠤᠯᠣᠭᠰᠠᠨ ᠪᠠᠶᠢᠳᠠᠭ᠃ ᠬᠦᠵᠦᠷ ᠲᠣᠭᠯᠠᠭᠠᠮ ᠢᠶᠠᠷ ᠵᠢᠭᠠᠬᠤ ᠪᠣᠯ ᠣᠯᠠᠮᠵᠢᠯᠠᠯᠲᠣ ᠬᠦᠵᠦᠷ ᠲᠣᠭᠯᠠᠭᠠᠮ ᠳᠤ ᠰᠢᠨ᠎ᠡ ᠠᠮᠢᠯᠠᠯ ᠤᠨ ᠬᠦᠴᠦᠨ ᠢ ᠣᠯᠭᠤᠭᠰᠠᠨ ᠶᠠᠪᠣᠳᠠᠯ ᠮᠦᠨ᠃ ᠪᠢᠲᠡ ᠬᠡᠷᠬᠢᠨ ᠬᠡᠦᠭᠡᠳ ᠲᠤ ᠰᠣᠷᠬᠤᠢ ᠶᠢᠨ ᠡᠵᠡᠨ ᠪᠠᠶᠢᠷᠢ ᠶᠢ ᠤᠯᠭᠤᠬᠤ ᠪᠤᠢ︖ ᠵᠠᠩᠬᠢᠯᠠᠭ᠎ᠠ ᠨᠢ ᠲᠠᠷᠣᠢ ᠠᠷᠭ᠎ᠠ ᠪᠦᠬᠦᠨ ᠢ ᠰᠦᠪᠡᠭᠴᠢᠯᠡᠵᠦ ᠰᠤᠷᠤᠭᠴᠢ ᠶᠢᠨ ᠰᠤᠷᠤᠯᠴᠠᠬᠤ ᠢᠳᠡᠪᠬᠢᠵᠢᠯ ᠢ ᠵᠤᠭᠰᠤᠩᠭᠤᠢ ᠠᠴᠠ ᠬᠦᠳᠡᠯᠦᠩᠬᠦᠢ ᠲᠡᠶᠢᠰᠢ ᠠᠬᠢᠭᠤᠯᠬᠤ᠂ ᠰᠤᠷᠤᠯᠴᠠᠯᠭ᠎ᠠ ᠶᠢ ᠠᠯᠪᠠᠳᠠᠯᠭ᠎ᠠ ᠶᠢᠨ ᠴᠢᠨᠠᠷ ᠠᠴᠠ ᠦᠪᠡᠷ ᠤᠨ ᠬᠢᠨᠢ ᠲᠣᠷᠠᠰᠢᠯ᠂ ᠪᠠᠶᠠᠷ ᠪᠠᠭ᠋ᠠᠳᠣᠯ ᠬᠢᠭᠡᠳ ᠵᠣᠯ ᠵᠢᠷᠭᠠᠯ ᠪᠣᠯᠭᠠᠵᠣ ᠬᠤᠪᠢᠷᠠᠭᠤᠯᠬᠤ ᠲᠡᠭᠡᠷ᠎ᠡ ᠪᠠᠶᠢᠨ᠎ᠠ᠃ ᠡᠭᠦᠨ ᠢ ᠪᠡᠶᠡᠯᠡᠬᠦᠯᠬᠦ ᠳᠤ ᠬᠦᠵᠦᠷ ᠲᠤᠭᠯᠠᠭᠠᠮ ᠢᠶᠠᠷ ᠵᠢᠭᠠᠬᠤ ᠠᠷᠭ᠎ᠠ ᠶᠢ ᠬᠡᠷᠡᠭᠯᠡᠬᠦ ᠨᠢ ᠵᠤᠬᠢᠬᠤ ᠦᠢᠯᠡᠳᠦᠯ ᠲᠠᠢ ᠬᠡᠳᠡᠭ ᠢ ᠦᠢᠯᠡᠳᠦᠯᠬᠡ ᠲᠤᠮᠳᠠ ᠭᠡᠷᠡᠴᠢᠯᠡᠭᠰᠡᠨ ᠶᠤᠮ᠃      ᠬᠦᠵᠦᠷ ᠲᠣᠭᠯᠠᠭᠠᠮ ᠢᠶᠠᠷ ᠵᠢᠭᠠᠬᠤ ᠨᠢ ᠲᠣᠷ᠎ᠠ ᠵᠣᠷᠢᠭ ᠤᠨ ᠶᠠᠭᠤᠮ᠎ᠠ ᠪᠢᠰᠢ᠂ ᠲᠡᠷᠡ ᠪᠤᠯ ᠵᠣᠷᠢᠯᠭ᠎ᠠ ᠲᠣᠳᠣ᠂ ᠠᠯᠬᠤᠮ ᠲᠠᠷᠠᠭ᠎ᠠ ᠲᠣᠳᠣᠷᠬᠠᠢ ᠪᠦᠬᠡᠳ ᠨᠢᠭᠲᠠ ᠴᠢᠩᠭ᠎ᠠ ᠵᠣᠬᠢᠶᠠᠨ ᠪᠠᠶᠢᠭᠤᠯᠣᠯᠲᠠ ᠲᠠᠢ ᠵᠢᠭᠠᠬᠤ ᠪᠠ ᠰᠣᠷᠬᠤ ᠠᠷᠭ᠎ᠠ ᠬᠡᠯᠪᠡᠷᠢ ᠪᠣᠯᠬᠤ ᠶᠣᠮ᠃ ᠬᠦᠵᠦᠷ ᠲᠣᠭᠯᠠᠭᠠᠮ ᠢᠶᠠᠷ ᠵᠢᠭᠠᠬᠤ ᠶᠠᠪᠣᠴᠠ ᠶᠢᠨ ᠲᠣᠮᠲᠠ ᠪᠠᠭᠰᠢ ᠠᠬᠠᠮᠠᠳ ᠤᠨ ᠲᠠᠨᠢᠯᠲᠠ ᠶᠢᠨ ᠶᠠᠪᠣᠴᠠ᠂ ᠰᠣᠷᠣᠭᠴᠢ ᠶᠢᠨ ᠬᠦᠯᠢᠶᠡᠨ ᠠᠪᠬᠤ ᠶᠠᠪᠣᠴᠠ᠂ ᠬᠢᠴᠢᠶᠡᠯᠯᠡᠭᠡ ᠳᠤ ᠬᠡᠷᠡᠭᠯᠡᠬᠦ ᠶᠠᠪᠣᠴᠠ᠂ ᠬᠢᠴᠢᠶᠡᠯ ᠤᠨ ᠭᠠᠳᠠᠨ᠎ᠠ ᠦᠷᠭᠡᠳᠭᠡᠬᠦ ᠶᠠᠪᠣᠴᠠ ᠭᠡᠵᠦ ᠲᠦᠷᠪᠡᠨ ᠲᠠᠯ᠎ᠠ ᠶᠢ ᠪᠠᠭᠲᠠᠭᠠᠳᠠᠭ᠃ ᠪᠠᠭᠰᠢ ᠠᠬᠠᠮᠠᠳ ᠤᠨ ᠲᠠᠨᠢᠯᠲᠠ ᠶᠢᠨ ᠶᠠᠪᠣᠴᠠ ᠳᠤ ᠬᠦᠵᠦᠷ ᠺᠠᠷᠲ ᠢ ᠬᠦᠯᠢᠶᠠᠨ ᠠᠪᠬᠤ ᠶᠠᠪᠣᠴᠠ᠂ ᠲᠦᠷᠢᠮ ᠬᠢᠭᠡᠳ ᠠᠷᠭ᠎ᠠ ᠶᠢ ᠡᠵᠡᠮᠰᠢᠬᠦ ᠶᠠᠪᠣᠴᠠ᠂ ᠰᠣᠷᠣᠭᠴᠢ ᠶᠢ ᠦᠨᠡᠯᠡᠬᠦ ᠶᠠᠪᠣᠴᠠ᠂ ᠵᠣᠷᠢᠯᠭ᠎ᠠ ᠪᠠᠨ ᠲᠣᠭᠲᠠᠭᠠᠵᠣ ᠠᠭᠤᠯᠭ᠎ᠠ ᠪᠠᠨ ᠰᠣᠩᠭᠤᠬᠤ ᠶᠠᠪᠣᠴᠠ᠂ ᠵᠢᠭᠠᠬᠤ ᠠᠭᠤᠯᠭ᠎ᠠ ᠲᠠᠢ ᠤᠶᠠᠯᠳᠤᠨ ᠨᠢᠭᠡᠳᠬᠦ ᠶᠠᠪᠣᠴᠠ ᠵᠡᠷᠭᠡ ᠠᠯᠬᠤᠮ ᠶᠠᠪᠣᠴᠠ ᠶᠢ ᠪᠠᠭᠲᠠᠭᠠᠨ᠎ᠠ᠃ ᠰᠣᠷᠣᠭᠴᠢ ᠶᠢᠨ ᠲᠠᠯ᠎ᠠ ᠳᠤ᠂ ᠬᠦᠵᠦᠷ ᠤᠨ ᠨᠢᠭᠤᠷ ᠬᠠᠭᠤᠳᠠᠰᠣ ᠶᠢ ᠲᠠᠨᠢᠬᠤ ᠶᠠᠪᠣᠴᠠ ︵ᠬᠦᠵᠦᠷ ᠤᠨ ᠬᠡᠪ ᠢ ᠣᠩᠰᠢᠵᠤ ᠲᠠᠨᠢᠬᠤ︶᠂ ᠬᠦᠵᠦᠷ ᠺᠠᠷᠲ ᠢ ᠬᠡᠷᠡᠭᠯᠡᠵᠦ ᠰᠣᠷᠬᠤ ᠶᠠᠪᠣᠴᠠ ︵ᠬᠤᠯᠪᠤᠵᠤ ᠪᠦᠲᠦᠭᠡᠬᠦ ᠠᠷᠭ᠎ᠠ ᠶᠢ ᠰᠤᠷᠬᠤ︶᠂ ᠬᠦᠵᠦᠷ ᠲᠣᠭᠯᠠᠭᠠᠮ ᠤᠨ ᠶᠠᠪᠣᠴᠠ ᠵᠡᠷᠭᠡ ᠠᠯᠬᠤᠮ ᠶᠠᠪᠣᠴᠠ ᠶᠢ ᠪᠠᠭᠲᠠᠭᠠᠨ᠎ᠠ᠃ ᠬᠢᠴᠢᠶᠡᠯᠯᠡᠭᠡ ᠶᠢᠨ ᠲᠠᠯ᠎ᠠ ᠳᠤ᠂ ᠬᠦᠵᠦᠷ ᠺᠠᠷᠲ ᠢ ᠬᠡᠷᠡᠭᠯᠡᠵᠦ ᠬᠢᠴᠢᠶᠡᠯ ᠳᠤ ᠪᠡᠯᠡᠳᠭᠡᠬᠦ ᠶᠠᠪᠣᠴᠠ᠂ ᠬᠢᠴᠢᠶᠡᠯ ᠳᠤ ᠣᠳᠣᠷᠢᠳᠬᠤ ᠶᠠᠪᠣᠴᠠ᠂ ᠰᠢᠨ᠎ᠡ ᠮᠡᠳᠡᠯᠭᠡ ᠣᠯᠠᠮᠵᠢᠯᠠᠬᠤ ᠶᠠᠪᠣᠴᠠ᠂ ᠰᠣᠷᠣᠭᠰᠠᠨ ᠮᠡᠳᠡᠯᠭᠡ ᠪᠠᠨ ᠪᠠᠳᠤᠳᠬᠠᠬᠤ ᠶᠠᠪᠣᠴᠠ᠂ ᠰᠣᠷᠣᠭᠰᠠᠨ ᠮᠡᠳᠡᠯᠭᠡ ᠪᠠᠨ ᠦᠨᠡᠯᠡᠵᠦ ᠲᠣᠭᠲᠠᠭᠠᠬᠤ ᠶᠠᠪᠣᠴᠠ᠂ ᠦᠷᠭᠡᠳᠭᠡᠵᠦ ᠰᠦᠪᠡᠭᠴᠢᠯᠡᠨ ᠰᠣᠷᠬᠤ ᠶᠠᠪᠣᠴᠠ ᠶᠢ ᠪᠠᠭᠲᠠᠭᠠᠨ᠎ᠠ᠃ ᠬᠢᠴᠢᠶᠡᠯ ᠤᠨ ᠭᠠᠳᠠᠨ᠎ᠠ ᠦᠷᠭᠡᠳᠭᠡᠵᠦ ᠬᠡᠷᠡᠭᠯᠡᠬᠦ ᠳᠤ ᠣᠷᠣᠨ ᠵᠠᠢ ᠳᠤ ᠬᠢᠵᠠᠭᠠᠷᠯᠠᠭᠳᠠᠬᠤ ᠦᠭᠡᠢ᠂ ᠰᠣᠷᠭᠠᠭᠤᠯᠢ ᠶᠢᠨ ᠬᠦᠷᠢᠶ᠎ᠡ᠂ ᠬᠤᠭᠤᠯᠠᠨ ᠭᠡᠷ᠂ ᠬᠤᠨᠤᠭ ᠤᠨ ᠦᠷᠦᠭᠡ᠂ ᠵᠣᠭᠠᠴᠠᠯ ᠤᠨ ᠲᠠᠯᠠᠪᠣᠷ ᠵᠡᠷᠭᠡ ᠣᠷᠣᠨ ᠵᠠᠢ ᠲᠠᠢ ᠯᠠ ᠶᠣᠮ ᠪᠣᠯ ᠬᠤᠶᠠᠷ ᠭᠤᠷᠪᠠ ᠪᠠᠷ ᠢᠶᠠᠨ ᠨᠡᠶᠢᠯᠡᠭᠡᠳ ᠪᠦᠷ ᠬᠦᠵᠦᠷ ᠲᠣᠭᠯᠠᠵᠣ ᠬᠦᠭᠡᠷᠴᠦ ᠪᠣᠯᠳᠠᠭ᠃ ᠴᠠᠭ ᠤᠨ ᠲᠠᠯ᠎ᠠ ᠳᠤ ᠲᠠᠪᠲᠠᠯᠭ᠎ᠠ ᠶᠢᠨ ᠴᠠᠭ᠂ ᠬᠦᠳᠡᠯᠭᠡᠭᠡᠨ ᠤ ᠴᠠᠭ᠂ ᠠᠮᠠᠷᠠᠬᠤ ᠴᠢᠯᠦᠭᠡ᠂ ᠠᠮᠠᠷᠠᠯᠲᠠ ᠶᠢᠨ ᠡᠳᠦᠷ ᠢᠶᠠᠷ ᠲᠣᠷ᠎ᠠ ᠪᠠᠬ᠎ᠠ ᠬᠦᠳᠡᠯᠦᠭᠰᠡᠨ ᠦᠶ᠎ᠡ ᠳᠤ ᠪᠦᠷ ᠴᠦ ᠴᠢᠯᠦᠭᠡᠲᠡᠢ ᠲᠣᠭᠯᠠᠵᠣ ᠪᠣᠯᠳᠠᠭ᠃ ᠬᠦᠮᠦᠨ ᠤ ᠲᠠᠯ᠎ᠠ ᠳᠤ ᠠᠩᠭᠢ ᠶᠢᠨ ᠨᠦᠭᠦᠳ᠂ ᠬᠠᠮᠳᠣ ᠨᠠᠶᠢᠵᠢ᠂ ᠲᠡᠭᠡᠷ᠎ᠡ ᠲᠣᠣᠷ᠎ᠠ ᠣᠨ ᠤ ᠰᠣᠷᠣᠭᠴᠢ᠂ ᠪᠠᠭᠰᠢ ᠰᠣᠷᠣᠭᠴᠢ᠂ ᠦᠲᠡᠯᠦᠭᠰᠡᠨ ᠵᠠᠯᠠᠭᠤ ᠭᠡᠵᠦ ᠢᠯᠭᠠᠯ ᠦᠭᠡᠢ ᠴᠤᠭ ᠰᠠᠭᠤᠵᠣ ᠬᠠᠮᠳᠣ ᠲᠣᠭᠯᠠᠨ ᠬᠦᠭᠡᠷᠴᠦ ᠨᠠᠷᠬᠢᠬᠤ ᠲᠣᠮᠲᠠ ᠮᠡᠳᠡᠯᠭᠡ ᠴᠢᠳᠠᠪᠣᠷᠢ ᠶᠢ ᠡᠵᠡᠮᠰᠢᠨ᠂ ᠰᠣᠷᠣᠯᠴᠠᠯᠭ᠎ᠠ ᠠᠮᠢᠳᠣᠷᠠᠯ ᠤᠨ ᠢᠶᠠᠨ ᠣᠳᠬ᠎ᠠ ᠠᠭᠤᠯᠭ᠎ᠠ ᠶᠢ ᠨᠡᠮᠡᠭᠳᠡᠭᠦᠯᠦᠨ᠂ ᠬᠦᠮᠦᠰ ᠤᠨ ᠬᠤᠭᠤᠷᠣᠨᠳᠣᠬᠢ ᠬᠠᠷᠢᠴᠠᠭ᠎ᠠ ᠬᠤᠯᠪᠣᠭ᠎ᠠ ᠪᠠᠨ ᠨᠢᠭᠲᠠᠷᠠᠭᠤᠯᠵᠣ ᠪᠣᠯᠳᠠᠬ᠃      ᠬᠦᠵᠦᠷ ᠲᠣᠭᠯᠠᠭᠠᠮ ᠢᠶᠠᠷ ᠵᠢᠭᠠᠬᠤ ᠲᠣᠮᠲᠠ ᠪᠠᠭᠰᠢ ᠠᠬᠠᠮᠠᠳ ᠤᠨ ︽ᠲᠣᠭᠯᠠᠬᠤ︾ ᠣᠷᠣᠨ ᠪᠠᠶᠢᠷᠢ ᠶᠢᠨ ᠲᠠᠯ᠎ᠠ ᠳᠤ ᠦᠨᠳᠦᠰᠦᠨ ᠴᠢᠨᠠᠷ ᠤᠨ ᠬᠤᠪᠢᠷᠠᠯᠲᠠ ᠭᠠᠷᠴᠠᠢ᠃ ᠪᠠᠭᠰᠢ ︽ᠪᠣᠭᠲᠠ︾ ᠪᠢᠰᠢ᠂ ᠬᠢᠴᠢᠶᠡᠯᠯᠡᠭᠡ ᠨᠢ ᠪᠠᠭᠰᠢ ᠶᠢᠨ ᠡᠷᠬᠡ ᠮᠡᠳᠡᠯ ᠢ ᠪᠡᠶᠡᠯᠡᠬᠦᠯᠬᠦ ︽ᠰᠢᠬᠦᠬᠦ ᠲᠠᠯᠠᠪᠣᠷ︾ ᠪᠢᠰᠢ᠂ ᠭᠡᠷ ᠤᠨ ᠠᠬᠠᠮᠠᠳ ᠨᠢ ᠠᠮᠣ ᠬᠦᠨᠡᠰᠦ ᠶᠢ ᠯᠡ ᠬᠠᠩᠭᠠᠬᠤ ᠠᠷᠣ ᠲᠠᠯ᠎ᠠ ᠶᠢᠨ ︽ᠴᠡᠷᠢᠭ︾ ᠪᠢᠰᠢ᠂ ᠵᠢᠭᠠᠬᠤ ᠨᠢ ᠭᠠᠭᠴᠠ ᠪᠠᠭᠰᠢ ᠶᠢᠨ ᠣᠴᠢᠷ ᠪᠢᠰᠢ᠂ ᠰᠣᠷᠬᠤ ᠨᠢ ᠭᠠᠭᠴᠠ ᠰᠣᠷᠣᠭᠴᠢ ᠶᠢᠨ ᠣᠴᠢᠷ ᠪᠢᠰᠢ᠂ ᠬᠠᠷᠢᠨ ᠵᠢᠭᠠᠵᠤ ᠰᠣᠷᠬᠤ ᠲᠣᠮᠲᠠ ᠪᠠᠭᠰᠢ ᠠᠬᠠᠮᠠᠳ ᠪᠣᠯ ᠬᠡᠦᠭᠡᠳ ᠤᠨ ᠬᠠᠮᠵᠢᠬᠤ ᠡᠳᠡᠭᠡᠳ᠂ ᠲᠣᠳᠣᠨᠣ ᠨᠠᠶᠢᠵᠠ ᠪᠠᠶᠢᠵᠤ᠂ ᠬᠡᠦᠭᠡᠳ ᠤᠨ ᠬᠦᠭᠵᠢᠯᠲᠡ ᠳᠤ ᠪᠦᠬᠦ ᠲᠠᠯ᠎ᠠ ᠶᠢᠨ ᠬᠠᠷᠢᠭᠤᠴᠠᠯᠭ᠎ᠠ ᠡᠭᠦᠷᠭᠡᠯᠡᠬᠦ ᠪᠣᠯᠣᠭᠰᠠᠨ ᠪᠠᠶᠢᠨ᠎ᠠ᠃ ᠬᠦᠵᠦᠷ ᠲᠣᠭᠯᠠᠭᠠᠮ ᠢᠶᠠᠷ ᠵᠢᠭᠠᠨ ᠰᠣᠷᠭᠠᠬᠤ ᠳᠤ ᠪᠠᠭᠰᠢ ᠠᠬᠠᠮᠠᠳ ᠬᠢᠭᠡᠳ ᠬᠡᠦᠭᠡᠳ ᠤᠨ ᠬᠤᠭᠤᠷᠣᠨᠳᠣᠬᠢ ᠬᠠᠷᠢᠴᠠᠭ᠎ᠠ ᠨᠢ ᠬᠠᠷᠢᠯᠴᠠᠨ ᠬᠠᠮᠵᠢᠯᠴᠠᠵᠣ᠂ ᠬᠠᠷᠢᠯᠴᠠᠨ ᠲᠦᠰᠢᠯᠴᠡᠨ᠂ ᠬᠠᠷᠢᠯᠴᠠᠨ ᠠᠬᠢᠭᠤᠯᠬᠤ ᠬᠠᠷᠢᠴᠠᠭ᠎ᠠ ᠪᠣᠯᠵᠤ ᠬᠦᠭᠵᠢᠵᠦ ᠴᠢᠳᠠᠵᠠᠢ᠃      ᠰᠣᠷᠣᠭᠴᠢ ᠪᠣᠯ ᠰᠢᠨ᠎ᠡ ᠬᠢᠴᠢᠶᠡᠯ ᠤᠨ ᠦᠭᠡᠷᠡᠴᠢᠯᠡᠯᠲᠡ ᠶᠢᠨ ᠭᠤᠣᠯ ᠴᠦᠮ᠎ᠡ ᠮᠦᠨ᠂ ᠪᠠᠰᠠ ᠴᠦ ᠬᠦᠵᠦᠷ ᠲᠣᠭᠯᠠᠭᠠᠮ ᠢᠶᠠᠷ ᠵᠢᠭᠠᠨ ᠰᠣᠷᠭᠠᠬᠤ ᠶᠢᠨ ᠭᠤᠣᠯ ᠴᠤᠭᠴᠠ ᠮᠦᠨ᠃ ᠰᠣᠷᠣᠭᠴᠢ ᠪᠣᠯ ᠮᠡᠳᠡᠯᠭᠡ ᠶᠡᠭᠦᠯᠡᠬᠦ ᠪᠡ ᠴᠢᠳᠬᠤᠬᠤ ︽ᠮᠧᠬᠠᠨᠢᠭ ᠰᠠᠪᠠ︾ ᠪᠢᠰᠢ᠂ ᠪᠠᠭᠰᠢ ᠶᠢᠨ ︽ᠵᠠᠷᠯᠢᠭ︾ ᠢ ᠲᠠᠭᠠᠵᠣ ᠡᠭᠦᠷᠭᠡ ᠬᠦᠢᠴᠡᠳᠭᠡᠬᠦ ︽ᠠᠯᠪᠠᠳᠣ ᠪᠣᠭᠤᠯ︾ ᠨᠡᠩ ᠴᠦ ᠪᠢᠰᠢ᠃ ᠬᠦᠵᠦᠷ ᠲᠣᠭᠯᠠᠭᠠᠮ ᠢᠶᠠᠷ ᠰᠤᠷᠬᠤ ᠳᠤ ᠪᠠᠭᠰᠢ ᠰᠣᠷᠣᠭᠴᠢ ᠬᠢᠭᠡᠳ ᠭᠡᠷ ᠤᠨ ᠠᠬᠠᠮᠠᠳ ᠪᠣᠯ ᠪᠦᠷ ᠠᠳᠠᠯᠢᠬᠠᠨ ᠡᠷᠭᠡ ᠲᠡᠭᠰᠢ ᠣᠷᠣᠯᠴᠠᠭᠴᠢ ᠮᠦᠨ᠃ ᠬᠦᠵᠦᠷ ᠲᠣᠭᠯᠠᠭᠠᠮ ᠢᠶᠠᠷ ᠰᠣᠷᠬᠤ ᠨᠢ ᠰᠣᠷᠣᠭᠴᠢ ᠶᠢᠨ ᠰᠣᠷᠬᠤ ᠶᠢᠨ ᠡᠵᠡᠨ ᠪᠡᠶ᠎ᠡ ᠶᠢᠨ ᠪᠠᠶᠢᠷᠢ ᠰᠠᠭᠤᠷᠢ ᠶᠢ ᠣᠯᠠᠮ ᠨᠢᠭᠡ ᠠᠯᠬᠤᠮ ᠪᠣᠲᠠᠲᠠᠢ ᠲᠤᠭᠤᠰᠢᠯᠠᠭᠤᠯᠵᠤ ᠴᠢᠳᠠᠵᠠᠢ᠃ ᠬᠦᠵᠦᠷ ᠲᠣᠭᠯᠠᠭᠠᠮ ᠢᠶᠠᠷ ᠵᠢᠭᠠᠨ ᠰᠣᠷᠭᠠᠬᠤ ᠶᠢᠨ ᠬᠠᠮᠤᠭ ᠤᠨ ᠡᠴᠦᠰ ᠤᠨ ᠵᠣᠷᠢᠯᠭ᠎ᠠ ᠨᠢ ᠬᠡᠦᠬᠡᠳ ᠤᠨ ᠪᠦᠬᠦ ᠲᠠᠯ᠎ᠠ ᠶᠢᠨ ᠬᠦᠭᠵᠢᠯᠲᠡ ᠶᠢ ᠠᠬᠢᠭᠤᠯᠬᠤ ᠶᠠᠪᠣᠳᠠᠯ ᠮᠦᠨ᠃ ᠬᠦᠵᠦᠷ ᠲᠣᠭᠯᠠᠭᠠᠮ ᠢᠶᠠᠷ ᠵᠢᠭᠠᠬᠤ ᠳᠤ ᠰᠣᠷᠣᠭᠴᠢᠳ ᠡᠷᠭᠡ ᠲᠡᠭᠰᠢ ᠪᠠᠷ ᠣᠷᠣᠯᠴᠠᠵᠣ᠂ ᠪᠣᠲᠠᠲᠠᠢ ᠣᠷᠣᠯᠴᠠᠬᠤ ᠲᠣᠮᠲᠠ ᠮᠡᠳᠡᠯᠭᠡ ᠶᠢ ᠡᠵᠡᠮᠰᠢᠵᠦ ᠴᠢᠳᠠᠪᠣᠷᠢ ᠶᠢ ᠣᠯᠳᠠᠭ ᠲᠣᠯᠠ ᠣᠯᠣᠭᠰᠠᠨ ᠮᠡᠳᠡᠯᠭᠡ ᠴᠢᠳᠠᠪᠣᠷᠢ ᠨᠢ ᠰᠡᠳᠬᠢᠯᠭᠡ ᠶᠢᠨ ᠦᠩᠭᠡ ᠪᠣᠳᠤᠭ ᠢᠶᠠᠷ ᠪᠢᠯᠬᠠᠮ᠎ᠠ ᠪᠠᠶᠢᠵᠣ ᠵᠢᠩᠬᠢᠨᠢ ᠦᠪᠡᠷ ᠤᠨ ᠬᠢᠨᠢ ᠲᠠᠨᠢᠯᠲᠠ ᠪᠤᠯᠵᠤ ᠪᠦᠷᠢᠯᠳᠦᠳᠡᠭ᠃      ᠮᠣᠩᠭᠤᠯ ᠬᠦᠵᠦᠷ ᠪᠤᠯ ᠬᠡᠯᠡ ᠪᠢᠴᠢᠭ ᠵᠢᠭᠠᠬᠤ ᠪᠠ ᠰᠣᠷᠬᠤ ᠳᠤ ᠦᠢᠯᠡᠴᠢᠯᠡᠳᠡᠭ ᠲᠣᠭᠯᠠᠭᠠᠮ ᠤᠨ ᠺᠠᠷᠲ ᠮᠦᠨ᠃ ᠮᠣᠩᠭᠤᠯ ᠬᠦᠵᠦᠷ ᠢ ᠨᠡᠭᠡᠭᠡᠨ ᠠᠰᠢᠭᠯᠠᠬᠤ ᠳᠤ ᠡᠷᠬᠡᠪᠰᠢ ᠵᠢᠭᠠᠬᠤ ᠠᠭᠤᠯᠭ᠎ᠠ ᠶᠢᠨ ᠲᠤᠭᠤᠷᠢᠨ ᠳᠤ ᠬᠢᠴᠢᠶᠡᠯ ᠤᠨ ᠦᠭᠡᠷᠡᠴᠢᠯᠡᠯᠲᠡ ᠶᠢᠨ ᠵᠣᠷᠢᠭ ᠰᠠᠨᠠᠭ᠎ᠠ ᠶᠢ ᠬᠦᠢᠴᠡᠳ ᠢᠯᠡᠷᠡᠭᠦᠯᠵᠦ᠂ ᠰᠣᠷᠣᠯᠴᠠᠯᠭ᠎ᠠ ᠶᠢᠨ ᠲᠣᠮᠳᠠᠬᠢ ᠭᠤᠣᠯᠳᠠᠯᠭ᠎ᠠ ᠶᠢ ᠲᠣᠪᠤᠶᠢᠯᠭᠠᠨ ᠬᠦᠴᠢᠷᠳᠡᠯᠭᠡ ᠶᠢ ᠰᠢᠢᠳᠪᠦᠷᠢᠯᠡᠬᠦ ᠪᠠᠷ ᠵᠤᠷᠢᠯᠳᠠ ᠪᠤᠯᠭᠠᠬᠤ ᠬᠡᠷᠡᠭᠲᠡᠢ᠃      2. ᠪᠡᠯᠡᠳᠭᠡᠵᠦ ᠲᠠᠪᠲᠠᠬᠤ ᠬᠢᠭᠡᠳ ᠬᠦᠵᠦᠷ ᠲᠣᠭᠯᠠᠭᠠᠮ      ᠬᠢᠴᠢᠶᠡᠯ ᠳᠤ ᠪᠡᠯᠡᠳᠭᠡᠵᠦ ᠲᠠᠪᠲᠠᠬᠤ ᠪᠣᠯ ᠬᠢᠴᠢᠶᠡᠯ ᠳᠤ ᠣᠷᠣᠯᠴᠠᠬᠤ ᠶᠢᠨ ᠦᠨᠳᠦᠰᠦᠨ ᠬᠦᠲᠡᠯᠭᠡᠭᠴᠢ ᠬᠦᠴᠦᠨ ᠮᠦᠨ᠃ ᠬᠢᠴᠢᠶᠡᠯ ᠳᠤ ᠪᠡᠯᠡᠳᠭᠡᠬᠦ ᠨᠢ ᠶᠠᠭ ᠨᠢᠭᠡ ᠰᠠᠭᠤᠷᠢ ᠭᠦᠳᠠᠯᠭᠡᠭᠦᠷ ᠮᠠᠰᠢᠨ ᠰᠢᠬ ᠬᠢᠴᠢᠶᠡᠯ ᠳᠤ ᠰᠢᠨ᠎ᠡ ᠠᠮᠢᠯᠠᠯ ᠤᠨ ᠬᠦᠴᠦᠨ ᠣᠯᠭᠤᠳᠠᠭ᠃ ᠪᠡᠯᠡᠳᠭᠡᠵᠦ ᠲᠠᠪᠲᠠᠬᠤ ᠨᠢ ᠰᠣᠷᠣᠭᠴᠢᠳ ᠤᠨ ᠬᠢᠴᠢᠶᠡᠯ ᠳᠤ ᠣᠷᠣᠯᠴᠠᠬᠤ ᠦᠷ᠎ᠡ ᠪᠦᠲᠦᠮᠵᠢ ᠶᠢ ᠲᠡᠭᠡᠭᠰᠢᠯᠡᠬᠦᠯᠵᠦ᠂ ᠦᠪᠡᠰᠦᠪᠠᠨ ᠰᠣᠷᠬᠤ ᠴᠢᠳᠠᠪᠣᠷᠢ᠂ ᠪᠡᠶ᠎ᠡ ᠪᠠᠨ ᠲᠠᠭᠠᠭᠠᠬᠤ ᠴᠢᠳᠠᠪᠣᠷᠢ ᠵᠢᠴᠢ ᠰᠣᠷᠣᠯᠴᠠᠬᠤ ᠵᠠᠩ ᠲᠠᠳᠬᠠᠯ ᠬᠢᠭᠡᠳ ᠣᠷᠮ᠎ᠠ ᠪᠠᠬ᠎ᠠ ᠶᠢ ᠬᠦᠭᠵᠢᠭᠡᠬᠦ ᠳᠤ ᠠᠰᠢᠭᠲᠠᠢ ᠪᠠᠶᠢᠳᠠᠭ᠃ ᠤᠳᠤᠬᠠᠨ ᠳᠤ ᠪᠡᠯᠡᠳᠭᠡᠯ ᠲᠠᠪᠲᠠᠯᠭ᠎ᠠ ᠨᠢ ᠬᠡᠯᠪᠡᠷᠢ ᠲᠡᠳᠦᠢ ᠪᠣᠯᠵᠣ ᠪᠣᠲᠠᠲᠣ ᠦᠢᠯᠡᠳᠦᠯ ᠢᠶᠠᠨ ᠠᠯᠳᠠᠭᠰᠠᠨ ᠪᠠᠶᠢᠳᠠᠯ ᠣᠷᠣᠰᠢᠵᠤ ᠪᠠᠶᠢᠨ᠎ᠠ᠃ ᠢᠢᠮᠦᠷᠬᠦᠤ ᠠᠰᠠᠭᠤᠳᠠᠯ ᠢ ᠡᠭᠦᠰᠭᠡᠭᠰᠡᠨ ᠤ ᠴᠢᠬᠤᠯᠠ ᠰᠢᠯᠲᠠᠭᠠᠨ ᠨᠢ ᠰᠣᠷᠬᠤ ᠣᠷᠮ᠎ᠠ ᠲᠤᠳᠠᠭᠳᠠᠭᠰᠠᠨ ᠠᠰᠠᠭᠤᠳᠠᠯ ᠪᠣᠯᠣᠨ᠎ᠠ᠃ ᠡᠬᠦᠨ ᠳᠤ ᠪᠢᠲᠡ ᠵᠠᠪᠠᠯ ᠰᠢᠨ᠎ᠡ ᠨᠢᠭᠡᠨ ᠬᠠᠷᠠᠭᠠᠰᠣ ᠪᠠᠷ ᠠᠰᠠᠭᠤᠳᠠᠯ ᠢ ᠰᠢᠨᠵᠢᠵᠦ᠂ ᠰᠢᠨ᠎ᠡ ᠨᠢᠭᠡᠨ ᠵᠣᠭᠰᠣᠴᠠ ᠠᠴᠠ ᠠᠰᠠᠭᠤᠳᠠᠯ ᠢ ᠰᠢᠢᠳᠪᠦᠷᠢᠯᠡᠬᠦ ᠴᠢᠬᠤᠯᠠ ᠲᠠᠢ ᠶᠤᠮ᠃ ᠬᠦᠵᠦᠷ ᠲᠣᠭᠯᠠᠭᠠᠮ ᠢ ᠬᠡᠷᠡᠭᠯᠡᠵᠤ ᠬᠢᠴᠢᠶᠡᠯ ᠳᠤ ᠪᠡᠯᠡᠳᠭᠡᠬᠦ ᠨᠢ ᠰᠣᠷᠣᠯᠴᠠᠯᠭ᠎ᠠ ᠶᠢᠨ ᠲᠣᠮᠳᠠᠬᠢ ᠠᠮᠲᠠ ᠰᠢᠮᠲᠡ ᠦᠭᠡᠢ ᠵᠦᠳᠡᠷᠡᠩᠭᠦᠢ ᠪᠠᠶᠢᠳᠠᠯ ᠢ ᠠᠷᠢᠯᠭᠠᠨ ᠰᠤᠷᠤᠭᠴᠢᠳ ᠤᠨ ᠣᠷᠮ᠎ᠠ ᠪᠠᠬ᠎ᠠ ᠶᠢ ᠭᠦᠭᠵᠢᠭᠡᠨ᠂ ᠲᠠᠳᠠ ᠨᠠᠷ ᠢ ᠬᠦᠴᠢᠷ ᠲᠦᠪᠡᠭ ᠢ ᠬᠢᠯᠪᠠᠷᠬᠠᠨ ᠢᠶᠠᠷ ᠢᠯᠠᠨ ᠲᠠᠪᠠᠭᠤᠯᠬᠤ ᠪᠤᠯᠭᠠᠨ᠎ᠠ᠃ ᠨᠢᠭᠡᠳᠦᠭᠡᠷ ᠣᠨ ᠤ ᠱᠠᠳᠣᠨ ᠳᠤ ᠬᠦᠵᠦᠷ ᠺᠠᠷᠲ ᠢ ᠬᠡᠷᠡᠭᠯᠡᠨ ᠬᠡᠦᠭᠡᠳ ᠢ ᠬᠡᠯᠡ ᠪᠢᠴᠢᠭ ᠤᠨ ᠬᠢᠴᠢᠶᠡᠯ ᠳᠤ ᠪᠡᠯᠡᠳᠭᠡᠯ ᠬᠢᠯᠭᠡᠪᠡᠯ ᠬᠡᠦᠭᠡᠳ ᠤᠨ ᠰᠣᠨᠢᠭᠤᠴᠢ ᠰᠡᠳᠬᠢᠯ ᠢ ᠬᠦᠭᠵᠢᠭᠡᠵᠦ ᠭᠡᠷ ᠤᠨ ᠠᠬᠠᠮᠠᠳ ᠢ ᠴᠦ ᠬᠢᠴᠢᠶᠡᠯ ᠳᠤ ᠣᠷᠢᠶᠠᠯᠠᠨ ᠲᠠᠭᠤᠳᠠᠵᠣ᠂ ᠰᠢᠨ᠎ᠡ ᠨᠢᠭᠡᠨ ᠬᠡᠯᠡ ᠪᠢᠴᠢᠭ ᠤᠨ ᠰᠤᠷᠤᠯᠴᠠᠯᠭ᠎ᠠ ᠶᠢᠨ ᠠᠭᠤᠷ ᠠᠮᠢᠰᠬᠤᠯ ᠢ ᠪᠣᠢ ᠪᠤᠯᠭᠠᠳᠠᠭ᠃      3. ᠬᠢᠴᠢᠶᠡᠯ ᠳᠤ ᠣᠷᠣᠯᠴᠠᠬᠤ ᠬᠢᠭᠡᠳ ᠬᠦᠵᠦᠷ ᠲᠣᠭᠯᠠᠭᠠᠮ      ᠵᠠᠷᠢᠮ ᠪᠠᠶᠢᠳᠠᠯ ᠳᠤ ᠰᠢᠨ᠎ᠡ ᠬᠢᠴᠢᠶᠡᠯᠯᠡᠭᠡ ᠶᠢᠨ ᠲᠤᠮᠳᠠ ᠲᠣᠭᠤᠶᠢᠯᠠᠩ ᠢᠶᠠᠷ ᠨᠢᠭᠡᠴᠢ ᠪᠤᠯᠭᠠᠨ ᠲᠡᠯᠭᠡᠵᠦ ᠦᠵᠡᠬᠦᠯᠬᠦ᠂ ᠶᠠᠷᠢᠯᠴᠠᠬᠤ᠂ ᠬᠤᠷᠰᠢᠵᠣ ᠬᠠᠮᠳᠣᠷᠠᠯᠴᠠᠬᠤ᠂ ᠬᠠᠮᠳᠣ ᠪᠠᠷ ᠰᠦᠪᠡᠭᠴᠢᠯᠡᠬᠦ ᠵᠡᠷᠭᠡ ᠨᠢ ᠬᠡᠦᠭᠡᠳ ᠤᠨ ᠬᠢᠴᠢᠶᠡᠯ ᠳᠤ ᠣᠷᠣᠯᠴᠠᠬᠤ ᠤᠷᠮ᠎ᠠ ᠶᠢ ᠶᠡᠭᠡ ᠪᠠᠷ ᠲᠡᠭᠡᠭᠰᠢᠯᠡᠬᠦᠯᠦᠭᠰᠡᠨ ᠭᠡᠳᠡᠭ ᠪᠣᠯᠪᠠᠴᠣ ᠣᠯᠠᠩᠬᠢ ᠪᠠᠶᠢᠳᠠᠯ ᠳᠤ ᠵᠦᠪᠭᠡᠨ ᠴᠦᠭᠡᠨ ᠬᠡᠳᠦᠨ ᠢᠳᠡᠪᠬᠢᠲᠡᠨ ᠳᠤ ᠶᠠᠷᠢᠵᠣ ᠢᠯᠡᠳᠭᠡᠬᠦ ᠪᠠ ᠦᠪᠡᠷ ᠢ ᠪᠠᠨ ᠢᠯᠡᠷᠡᠭᠦᠯᠬᠦ ᠵᠠᠪᠰᠢᠶᠠᠨ ᠣᠯᠭᠤᠵᠣ᠂ ᠤᠯᠠᠩᠬᠢ ᠲᠤᠭᠠᠨ ᠤ ᠰᠤᠷᠤᠭᠴᠢ ᠪᠣᠰᠣᠳ ᠢ ᠲᠠᠭᠤᠷᠢᠶᠠᠵᠣ᠂ ᠪᠣᠰᠣᠳ ᠤᠨ ᠴᠢᠷᠠᠢ ᠬᠠᠷᠠᠵᠣ ︽ᠪᠡᠯᠡᠨ ᠪᠣᠳᠠᠭ᠎ᠠ ᠢᠳᠡᠬᠦ︾ ᠠᠴᠠ ᠪᠠᠨ ᠭᠠᠷᠴᠣ ᠴᠢᠳᠠᠭᠰᠠᠨ ᠦᠭᠡᠢ ᠪᠠᠶᠢᠳᠠᠭ᠃ ᠬᠦᠵᠦᠷ ᠲᠣᠭᠯᠠᠭᠠᠮ ᠤᠨ ᠵᠣᠬᠢᠶᠠᠨ ᠪᠠᠶᠢᠭᠤᠯᠬᠤ ᠬᠡᠯᠪᠡᠷᠢ ᠨᠢ ᠰᠢᠨ᠎ᠡ ᠬᠢᠴᠢᠶᠡᠯᠯᠡᠭᠡ ᠶᠢᠨ ᠲᠣᠭᠤᠶᠢᠯᠠᠩ ᠨᠢᠭᠡᠴᠢ ᠪᠠᠷ ᠵᠣᠬᠢᠶᠠᠨ ᠪᠠᠶᠢᠭᠤᠯᠬᠤ ᠬᠡᠯᠪᠡᠷᠢ ᠲᠠᠢ ᠨᠢᠭᠡᠳᠥᠯᠳᠡᠢ ᠪᠠᠶᠢᠵᠤ᠂ ᠬᠦᠵᠦᠷ ᠲᠣᠭᠯᠠᠭᠠᠮ ᠢᠶᠠᠷ ᠰᠣᠷᠬᠤ ᠠᠷᠭ᠎ᠠ ᠶᠠᠪᠣᠴᠠ ᠨᠢ ᠰᠢᠨ᠎ᠡ ᠬᠢᠴᠢᠶᠡᠯᠯᠡᠭᠡ ᠶᠢᠨ ᠡᠵᠡᠨ ᠮᠡᠳᠡᠬᠦ᠂ ᠬᠤᠷᠰᠢᠨ ᠬᠠᠮᠳᠣᠷᠠᠬᠤ᠂ ᠬᠠᠮᠲᠣ ᠪᠠᠷ ᠰᠦᠪᠡᠭᠴᠢᠯᠡᠵᠦ ᠰᠣᠷᠬᠤ ᠠᠷᠭ᠎ᠠ ᠶᠠᠪᠣᠴᠠ ᠲᠠᠢ ᠨᠢᠭᠡᠳᠦᠯᠲᠡᠢ ᠪᠤᠯᠵᠤ ᠂ ᠰᠢᠨ᠎ᠡ ᠬᠢᠴᠢᠶᠡᠯᠯᠡᠭᠡ ᠶᠢᠨ ᠲᠣᠮᠳᠠᠬᠢ ᠢᠯᠡᠷᠬᠡᠢ ᠬᠦᠴᠢᠷᠳᠡᠯᠭᠡ ᠶᠢ ᠰᠢᠢᠳᠪᠦᠷᠢᠯᠡᠭᠰᠡᠨ ᠪᠠᠶᠢᠳᠠᠭ᠃      4. ᠡᠵᠡᠨ ᠮᠡᠳᠡᠬᠦ᠂ ᠬᠤᠷᠰᠢᠨ ᠬᠠᠮᠲᠣᠷᠠᠬᠤ᠂ ᠰᠦᠪᠡᠭᠴᠢᠯᠡᠵᠦ ᠰᠣᠷᠬᠤ ᠬᠢᠭᠡᠳ ᠬᠦᠵᠦᠷ ᠲᠣᠭᠯᠠᠭᠠᠮ      ᠡᠵᠡᠨ ᠮᠡᠳᠡᠬᠦ᠂ ᠬᠤᠷᠰᠢᠨ ᠬᠠᠮᠲᠣᠷᠠᠬᠤ᠂ ᠰᠦᠪᠡᠭᠴᠢᠯᠡᠵᠦ ᠰᠣᠷᠬᠤ ᠪᠣᠯ ᠰᠢᠨ᠎ᠡ ᠬᠢᠴᠢᠶᠡᠯᠯᠡᠭᠡ ᠶᠢᠨ ᠬᠠᠮᠤᠭ ᠤᠨ ᠦᠨᠳᠦᠰᠦᠨ ᠰᠣᠷᠬᠤ ᠠᠷᠭ᠎ᠠ ᠬᠡᠯᠪᠡᠷᠢ ᠮᠦᠨ᠃ ᠬᠦᠵᠦᠷ ᠲᠣᠭᠯᠠᠭᠠᠮ ᠤᠨ ᠲᠣᠮᠲᠠ ᠤᠷᠤᠯᠴᠠᠭᠴᠢ ᠪᠦᠷ ᠬᠠᠷᠢᠴᠠᠩᠭᠤᠢ ᠪᠡᠶ᠎ᠡ ᠪᠠᠨ ᠲᠠᠭᠠᠭᠠᠬᠤ ᠴᠢᠨᠠᠷ ᠲᠠᠢ ᠪᠠᠶᠢᠵᠤ ᠬᠤᠪᠢᠳᠠᠵᠤ ᠠᠪᠤᠭᠰᠠᠨ ᠺᠠᠷᠲ ᠢᠶᠠᠨ ᠡᠮᠬᠢᠯᠡᠵᠦ ᠲᠡᠭᠰᠢᠯᠡᠬᠦ᠂ ᠬᠤᠯᠪᠤᠵᠤ ᠪᠦᠲᠦᠭᠡᠬᠦ ᠡᠭᠦᠷᠭᠡ ᠬᠠᠷᠢᠭᠤᠴᠠᠯᠭ᠎ᠠ ᠲᠠᠢ ᠪᠠᠶᠢᠳᠠᠭ ᠪᠣᠯᠬᠤᠷ ᠬᠦᠮᠦᠨ ᠪᠦᠬᠦᠨ ᠳᠤ ᠡᠷᠭᠡ ᠲᠡᠭᠰᠢ ᠡᠵᠡᠨ ᠮᠡᠳᠡᠵᠦ ᠰᠣᠷᠬᠤ ᠲᠤᠬᠢᠶᠠᠯ ᠵᠠᠪᠰᠢᠶᠠᠨ ᠢ ᠣᠯᠭᠤᠵᠠᠢ᠃ ᠬᠦᠵᠦᠷ ᠲᠣᠭᠯᠠᠭᠠᠮ ᠤᠨ ᠲᠣᠮᠳᠠ ᠣᠷᠣᠯᠴᠠᠭᠴᠢ ᠬᠤᠭᠤᠷᠣᠨᠳᠣ ᠪᠠᠨ ᠬᠠᠷᠢᠯᠴᠠᠨ ᠦᠷᠢᠰᠦᠯᠳᠦᠬᠦ ᠨᠢ ᠮᠦᠨ ᠣᠨᠴᠠᠭᠠᠢ ᠨᠢᠭᠡᠨ ᠬᠡᠯᠪᠡᠷᠢ ᠪᠠᠷ ᠬᠠᠷᠢᠯᠴᠠᠨ ᠬᠢᠨᠠᠵᠣ᠂ ᠬᠠᠷᠢᠯᠴᠠᠨ ᠰᠡᠩᠭᠡᠷᠡᠭᠦᠯᠵᠦ᠂ ᠬᠠᠷᠢᠯᠴᠠᠨ ᠰᠣᠷᠴᠣ᠂ ᠬᠤᠷᠰᠢᠨ ᠬᠠᠮᠳᠣᠷᠠᠯᠴᠠᠵᠣ ᠬᠠᠮᠳᠣ ᠪᠠᠷ ᠲᠠᠪᠰᠢᠵᠣ ᠪᠠᠶᠢᠭ᠎ᠠ ᠶᠠᠪᠣᠳᠠᠯ ᠮᠦᠨ᠃ ᠬᠦᠵᠦᠷ ᠲᠣᠭᠯᠠᠭᠠᠮ ᠤᠨ ᠲᠣᠮᠳᠠ ᠬᠡᠦᠭᠡᠳ ᠦᠷᠢᠰᠴᠦ ᠣᠷᠣᠯᠳᠣᠬᠤ ᠶᠢᠨ ᠲᠠᠷᠣᠯᠲᠠ᠂ ᠢᠯᠠᠵᠣ ᠢᠯᠠᠭᠳᠠᠬᠤ ᠶᠢᠨ ᠣᠴᠢᠷ᠂ ᠠᠮᠵᠢᠯᠲᠠ ᠬᠦᠰᠡᠬᠦ ᠶᠢᠨ ᠬᠡᠷᠡᠭᠴᠡᠭᠡ ᠠᠴᠠ ᠪᠣᠯᠵᠣ ᠠᠶᠠᠨᠳᠠᠭᠠᠨ ᠲᠠᠰᠣᠷᠠᠯᠲᠠ ᠦᠭᠡᠢ ᠪᠡᠶ᠎ᠡ ᠪᠠᠨ ᠲᠠᠭᠠᠭᠠᠵᠣ ᠰᠣᠳᠣᠯᠵᠣ ᠨᠢᠭᠳᠠᠯᠠᠨ ᠦᠪᠡᠷ ᠤᠨ ᠡᠷᠭᠡ ᠦᠭᠡᠢ ᠦᠷᠭᠡᠳᠭᠡᠵᠦ ᠰᠦᠪᠡᠭᠴᠢᠯᠡᠨ ᠢᠳᠡᠪᠬᠢ ᠬᠦᠳᠡᠯᠦᠩᠭᠦᠢ ᠲᠡᠶᠢᠰᠢ ᠬᠦᠭᠵᠢᠳᠡᠭ᠃      5. ᠬᠢᠴᠢᠶᠡᠯ ᠦᠷᠨᠢᠯᠳᠡ ᠬᠢᠭᠡᠳ ᠬᠦᠵᠦᠷ ᠲᠣᠭᠯᠠᠭᠠᠮ      ᠬᠢᠴᠢᠶᠡᠯ ᠳᠤ ᠵᠢᠭᠠᠬᠤ ᠵᠣᠷᠢᠯᠭ᠎ᠠ ᠬᠢᠭᠡᠳ ᠡᠭᠦᠷᠭᠡ ᠠᠴᠠ ᠨᠡᠩ ᠲᠠᠪᠠᠭᠤ ᠬᠢᠴᠢᠶᠡᠯ ᠦᠷᠨᠢᠯᠳᠡ ᠭᠡᠵᠦ ᠪᠠᠶᠢᠳᠠᠭ᠃ ᠲᠤᠬᠠᠶᠢᠯᠠᠪᠠᠯ᠂ ᠰᠣᠷᠬᠤ ᠶᠠᠪᠣᠴᠠ ᠳᠤ ᠲᠠᠨᠢᠬᠤᠢ ᠠᠴᠠ ᠨᠡᠩ ᠦᠨᠳᠦᠷ ᠣᠪᠣᠷ ᠬᠢᠭᠡᠳ ᠰᠡᠳᠬᠢᠯᠭᠡ ᠶᠢᠨ ᠡᠭᠦᠰᠦᠯᠲᠡ ᠨᠢ ᠰᠣᠷᠣᠭᠴᠢ ᠶᠢᠨ ᠰᠣᠷᠬᠤ ᠶᠠᠪᠣᠴᠠ ᠳᠤ ᠬᠢ ᠦᠷᠨᠢᠯᠳᠡ ᠶᠢᠨ ᠶᠠᠪᠣᠴᠠ ᠪᠠᠶᠢᠵᠤ ᠰᠤᠷᠬᠤ ᠦᠷ᠎ᠡ ᠪᠦᠲᠦᠮᠵᠢ ᠳᠤ ᠬᠦᠷᠬᠦ ᠳᠤ ᠰᠢᠢᠳᠪᠦᠷᠢᠯᠡᠭᠴᠢ ᠦᠢᠯᠡᠳᠦᠯ ᠦᠵᠡᠬᠦᠯᠦᠨ᠎ᠡ᠃ ᠰᠣᠷᠣᠭᠴᠢ ᠦᠢᠯᠡᠳᠦᠯᠭᠡ ᠶᠢᠨ ᠬᠦᠳᠡᠯᠭᠡᠭᠡᠨ ᠳᠤ ᠣᠷᠣᠯᠴᠠᠪᠠᠯ ᠰᠠᠶ᠋ᠢ ᠪᠦᠳᠦᠭᠡᠯᠴᠢ ᠴᠢᠳᠠᠪᠣᠷᠢ ᠪᠠᠨ ᠬᠦᠭᠵᠢᠭᠦᠯᠵᠤ ᠴᠢᠳᠠᠬᠤ ᠪᠠᠷ ᠪᠠᠷᠠᠬᠤ ᠦᠬᠡᠢ ᠰᠡᠳᠬᠢᠯᠬᠡ ᠶᠢᠨ ᠲᠠᠨᠢᠯᠳᠠ ᠪᠠᠨ ᠦᠷᠨᠢᠭᠦᠯᠵᠤ ᠮᠡᠳᠡᠯᠬᠡ ᠶᠢ ᠲᠠᠰᠤᠷᠠᠯᠳᠠ ᠦᠭᠡᠢ ᠰᠦᠪᠡᠭᠴᠢᠯᠡᠵᠤ ᠴᠢᠳᠠᠳᠠᠭ᠃ ᠬᠡᠯᠡ ᠪᠢᠴᠢᠭ ᠤᠨ ᠬᠢᠴᠢᠶᠡᠯᠯᠡᠭᠡ ᠳᠤ ᠬᠦᠵᠦᠷ ᠲᠣᠭᠯᠠᠭᠠᠮ ᠢ ᠣᠳᠣᠷᠢᠳᠣᠨ ᠣᠷᠣᠭᠤᠯᠪᠠᠯ ᠬᠦᠵᠦᠷ ᠲᠣᠭᠯᠠᠭᠠᠮ ᠤᠨ ᠲᠣᠮᠲᠠ ᠬᠡᠦᠭᠡᠳ ᠪᠣᠲᠠᠲᠠᠢ ᠭᠠᠷ ᠬᠦᠳᠡᠯᠵᠦ ᠬᠢᠵᠦ ᠣᠷᠣᠯᠳᠤᠳᠠᠭ ᠪᠣᠯᠬᠤᠷ ᠬᠡᠯᠡᠨ ᠤ ᠮᠡᠳᠡᠷᠡᠮᠵᠢ ᠠᠴᠠ ᠬᠡᠯᠡᠨ ᠤ ᠴᠢᠳᠠᠪᠤᠷᠢ ᠳᠤ ᠬᠦᠷᠭᠡᠵᠦ᠂ ᠬᠡᠯᠡ ᠪᠢᠴᠢᠭ ᠰᠣᠷᠬᠤ ᠣᠷᠣᠨ ᠵᠠᠢ ᠶᠢ ᠨᠡᠩ ᠦᠷᠭᠡᠳᠭᠡᠵᠦ᠂ ᠬᠢᠴᠢᠶᠡᠯ ᠰᠣᠷᠣᠯᠴᠠᠯᠭ᠎ᠠ ᠶᠢ ᠵᠢᠩᠬᠢᠨᠢ ᠦᠷᠨᠢᠯᠳᠡ ᠲᠠᠢ ᠪᠣᠯᠭᠠᠵᠤ ᠴᠢᠳᠠᠨ᠎ᠠ᠃      ᠭᠤᠷᠪᠠ᠂ ᠰᠣᠳᠣᠯᠭᠠᠨ ᠤ ᠰᠢᠨ᠎ᠡ ᠡᠭᠦᠲᠦᠯᠲᠡ ᠶᠢᠨ ᠴᠡᠭ      ᠦᠰᠦᠭ ᠲᠠᠨᠢᠬᠤ ᠬᠦᠵᠦᠷ ᠪᠤᠯ ᠬᠡᠯᠡ ᠪᠢᠴᠢᠭ ᠤᠨ ᠵᠢᠭᠠᠨ ᠰᠤᠷᠭᠠᠯᠲᠠ ᠶᠢᠨ ᠰᠢᠨ᠎ᠡ ᠡᠭᠦᠳᠦᠯᠳᠡ ᠮᠦᠨ᠃ ᠬᠢᠴᠢᠶᠡᠯᠯᠡᠭᠡ ᠶᠢᠨ ᠲᠠᠯ᠎ᠠ ᠳᠤ᠂ ᠦᠰᠦᠭ ᠲᠠᠨᠢᠬᠤ ᠮᠣᠩᠭᠤᠯ ᠬᠦᠵᠦᠷ ᠨᠢ ᠬᠢᠴᠢᠶᠡᠯᠯᠡᠭᠡ ᠶᠢ ᠨᠡᠩ ᠠᠮᠢᠳᠤ ᠲᠦᠷᠰᠦᠯᠢᠭ ᠪᠤᠯᠭᠠᠵᠠᠢ᠃ ᠰᠣᠷᠣᠭᠴᠢ ᠶᠢᠨ ᠲᠠᠯ᠎ᠠ ᠳᠤ᠂ ᠦᠰᠦᠭ ᠲᠠᠨᠢᠬᠤ ᠮᠣᠩᠭᠤᠯ ᠬᠦᠵᠦᠷ ᠨᠢ ᠰᠢᠨ᠎ᠡ ᠨᠢᠭᠡ ᠰᠣᠷᠬᠤ ᠪᠠᠭᠠᠵᠢ ᠬᠢᠭᠡᠳ ᠰᠤᠷᠬᠤ ᠠᠷᠭ᠎ᠠ ᠶᠢ ᠬᠠᠨᠭ᠍ᠭᠠᠵᠠᠢ᠃ ᠪᠠᠭᠰᠢ ᠶᠢᠨ ᠲᠠᠯ᠎ᠠ ᠳᠤ᠂ ᠦᠰᠦᠭ ᠲᠠᠨᠢᠬᠤ ᠮᠣᠩᠭᠤᠯ ᠬᠦᠵᠦᠷ ᠨᠢ ᠰᠢᠨ᠎ᠡ ᠨᠢᠭᠡ ᠵᠢᠭᠠᠬᠤ ᠪᠠᠭᠠᠵᠢ ᠪᠠ ᠵᠢᠭᠠᠬᠤ ᠠᠷᠭ᠎ᠠ ᠶᠢ ᠪᠤᠢ ᠪᠤᠯᠭᠠᠪᠠ᠃ ᠭᠡᠷ ᠤᠨ ᠠᠬᠠᠮᠠᠳ ᠤᠨ ᠲᠠᠯ᠎ᠠ ᠳᠤ᠂ ᠦᠰᠦᠭ ᠲᠠᠨᠢᠬᠤ ᠮᠣᠩᠭᠤᠯ ᠬᠦᠵᠦᠷ ᠨᠢ ᠰᠢᠨ᠎ᠡ ᠨᠢᠭᠡ ᠬᠠᠪᠰᠣᠷᠣᠨ ᠵᠢᠯᠣᠭᠤᠳᠬᠤ ᠪᠠᠭᠠᠵᠢ ᠬᠢᠭᠡᠳ ᠵᠢᠯᠤᠭᠤᠳᠬᠤ ᠠᠷᠭ᠎ᠠ ᠶᠢ ᠬᠠᠨᠭ᠍ᠭᠠᠵᠠᠢ᠃ ᠨᠡᠶᠢᠭᠡᠮ ᠨᠡᠶᠢᠲᠡ ᠶᠢᠨ ᠲᠠᠯ᠎ᠠ ᠳᠤ᠂ ᠦᠰᠦᠭ ᠲᠠᠨᠢᠬᠤ ᠮᠣᠩᠭᠤᠯ ᠬᠦᠵᠦᠷ ᠨᠢ ᠰᠣᠷᠭᠠᠭᠤᠯᠢ᠂ ᠭᠡᠷ ᠪᠦᠯᠢ᠂ ᠨᠡᠶᠢᠭᠡᠮ ᠤᠨ ᠬᠤᠭᠤᠷᠣᠨᠳᠣᠬᠢ ᠬᠠᠮᠵᠢᠯᠴᠠᠭ᠎ᠠ ᠶᠢ ᠴᠢᠩᠭᠠᠳᠬᠠᠵᠤ᠂ ᠦᠪᠡᠷᠮᠢᠴᠡ ᠨᠢᠭᠡᠨ ᠬᠡᠯᠪᠡᠷᠢ ᠶᠢᠨ ᠰᠣᠷᠣᠯᠴᠠᠯᠭ᠎ᠠ ᠶᠢᠨ ᠠᠭᠤᠷ ᠠᠮᠢᠰᠬᠤᠯ᠂ ᠤᠷᠤᠨ ᠵᠠᠢ ᠶᠢ ᠪᠣᠢ ᠪᠣᠯᠭᠠᠵᠣ᠂ ᠰᠢᠨᠵᠢᠯᠡᠬᠦ ᠣᠬᠠᠭᠠᠨᠴᠢ ᠰᠣᠷᠭᠠᠨ ᠬᠦᠮᠦᠵᠢᠯ ᠤᠨ ᠦᠵᠡᠯ ᠰᠠᠨᠠᠭ᠎ᠠ ᠬᠢᠭᠡᠳ ᠣᠪᠣᠷ ᠰᠣᠷᠲᠠᠯ ᠢ ᠲᠦᠭᠡᠮᠡᠯᠵᠢᠭᠦᠯᠵᠠᠢ᠃      ᠲᠦᠷᠪᠡ᠂ ᠰᠣᠳᠣᠯᠭᠠᠨ ᠤ ᠭᠤᠤᠯ ᠠᠭᠤᠯᠭ᠎ᠠ      1. ᠬᠦᠵᠦᠷ ᠺᠠᠷᠲ ᠢᠶᠠᠷ ᠦᠶ᠎ᠡ ᠲᠠᠨᠢᠭᠤᠯᠬᠤ ᠠᠷᠭ᠎ᠠ      ᠬᠦᠵᠦᠷ ᠺᠠᠷᠲ ᠢᠶᠠᠷ ᠦᠶ᠎ᠡ ᠲᠠᠨᠢᠭᠤᠯᠬᠤ ᠠᠷᠭ᠎ᠠ ᠶᠢᠨ ᠭᠤᠣᠯ ᠠᠴᠢᠶᠠᠯᠠᠪᠤᠷᠢ ᠪᠠᠭᠠᠵᠢ ᠨᠢ ︽ᠮᠣᠩᠭᠤᠯ ᠬᠡᠯᠡᠨ ᠤ ᠦᠶ᠎ᠡ ᠶᠢᠨ ᠺᠠᠷᠲ︾ ᠪᠣᠯᠣᠨ᠎ᠠ᠃ ︽ᠮᠣᠩᠭᠤᠯ ᠬᠡᠯᠡᠨ ᠤ ᠦᠶ᠎ᠡ ᠶᠢᠨ ᠺᠠᠷᠲ︾ ᠪᠣᠯ ᠬᠦᠵᠦᠷ ᠤᠨ ᠨᠢᠭᠤᠷ ᠬᠠᠭᠤᠳᠠᠰᠤ ᠶᠢ ᠲᠣᠭᠤᠷᠢᠭ ᠬᠡᠯᠪᠡᠷᠢ ᠲᠠᠢ ᠵᠢᠷᠤᠵᠤ ᠲᠦᠯᠦᠪᠯᠡᠨ ᠨᠢᠭᠡ ᠬᠠᠭᠤᠳᠠᠰᠤᠨ ᠳᠤ ᠣᠯᠠᠨ ᠲᠡᠮᠲᠡᠭ ᠦᠰᠦᠭ ᠢ ᠪᠠᠭᠲᠠᠭᠠᠭᠰᠠᠨ ᠣᠨᠴᠠᠯᠢᠭ ᠲᠠᠢ᠃ ᠴᠠᠭᠠᠨ ᠲᠣᠯᠣᠭᠠᠢ ᠶᠢᠨ ᠲᠦᠷᠦᠯ ᠦᠶ᠎ᠡ ᠶᠢᠨ ᠠᠶᠢᠮᠠᠭ ᠨᠢᠭᠡᠪᠦᠷᠢ ᠶᠢ ᠨᠢᠭᠡ ᠬᠡᠪ ᠲᠤ ᠣᠷᠣᠭᠤᠯᠵᠤ ᠨᠡᠶᠢᠲᠡ 16 ᠬᠡᠪ ᠢ ᠬᠡᠷᠡᠭᠯᠡᠵᠡᠢ᠂ ᠡᠬᠦᠨ ᠤ ᠲᠡᠭᠡᠷ᠎ᠡ ᠲᠡᠪᠢᠰᠭᠡᠷ ᠦᠰᠦᠭ ᠤᠨ ᠲᠣᠮᠲᠠ ᠪᠠ ᠠᠳᠠᠭ ᠲᠤ ᠣᠷᠣᠬᠤ ᠲᠦᠷᠰᠦ ᠶᠢ ᠨᠢᠭᠡ ᠬᠡᠪ ᠲᠤ ᠣᠷᠣᠭᠤᠯᠵᠤ᠂ ᠲᠡᠶᠢᠨ ᠢᠯᠭᠠᠯ ᠤᠨ ᠨᠦᠬᠦᠴᠡᠯ᠂ ᠣᠯᠠᠨ ᠲᠣᠭᠠᠨ ᠤ ᠨᠦᠬᠦᠴᠡᠯ᠂ ᠶᠡᠷᠦᠩᠭᠡᠶᠢᠯᠡᠨ ᠬᠠᠮᠢᠶᠠᠳᠠᠭᠤᠯᠬᠤ ᠨᠦᠬᠦᠴᠡᠯ᠂ ᠠᠩᠬ᠎ᠠ ᠦᠬᠦᠯᠡᠪᠦᠷᠢ ᠵᠣᠬᠢᠶᠠᠵᠤ ᠰᠤᠷᠬᠤ ᠳᠤ ᠬᠡᠷᠡᠭᠯᠡᠳᠡᠭ ᠦᠨᠳᠦᠰᠦᠨ ᠴᠡᠭ ᠲᠡᠮᠲᠡᠭ ᠢ ᠨᠢᠭᠡ ᠬᠡᠪ ᠲᠤ ᠣᠷᠣᠭᠤᠯᠣᠭᠰᠠᠨ ᠠᠴᠠ ᠨᠡᠶᠢᠲᠡ 18 ᠬᠡᠪ ᠲᠠᠢ ᠪᠣᠯᠵᠠᠢ᠃ ᠡᠳᠡᠭᠡᠷ ᠬᠦᠵᠦᠷ ᠤᠨ ᠬᠡᠪ ᠢ ᠠᠳᠠᠯᠢ ᠪᠤᠰᠤ ᠲᠤᠭ᠎ᠠ ᠨᠣᠷᠮ᠎ᠠ ᠪᠠᠷ ᠣᠷᠣᠯᠴᠠᠭᠤᠯᠤᠭᠰᠠᠨ ᠤ ᠲᠠᠷᠠᠭ᠎ᠠ ︽ᠮᠣᠩᠭᠤᠯ ᠦᠶ᠎ᠡ ᠶᠢᠨ ᠬᠦᠵᠦᠷ︾ ᠨᠢ ᠠᠳᠬᠤ ᠪᠦᠷᠢ ᠳᠤ 98 ᠺᠠᠷᠲ ᠲᠠᠢ ᠪᠣᠯᠵᠠᠢ᠃ ᠴᠠᠭᠠᠨ ᠲᠣᠯᠣᠭᠠᠢ ᠶᠢᠨ ᠣᠭ ᠲᠦᠷᠰᠦ᠂ ᠭᠤᠷᠪᠠᠨ ᠬᠤᠪᠢᠷᠠᠯ᠂ ᠲᠠᠪᠢᠰᠭᠡᠷ ᠦᠰᠦᠭ᠂ ᠵᠦᠪ ᠲᠠᠭᠤᠳᠠᠯᠭ᠎ᠠ᠂ ᠨᠦᠬᠦᠴᠡᠯ ᠵᠡᠷᠭᠡ ᠶᠢ ᠤᠩᠰᠢᠬᠤ ᠲᠣᠮᠲᠠ ᠬᠦᠵᠦᠷ ᠤᠨ ᠬᠡᠪ ᠢ ᠲᠠᠨᠢᠭᠤᠯᠤᠨ᠎ᠠ᠃ ᠲᠡᠪᠢᠰᠭᠡᠷᠲᠦ ᠦᠶ᠎ᠡ ᠶᠢ ᠬᠦᠵᠦᠷ ᠺᠠᠷᠲ ᠢᠶᠠᠷ ᠢᠶᠠᠨ ᠬᠤᠯᠪᠤᠵᠤ ᠪᠦᠲᠦᠭᠡᠬᠦ ᠲᠣᠮᠲᠠ ᠪᠠᠨ ᠲᠠᠨᠢᠵᠤ ᠡᠵᠡᠮᠰᠢᠨ᠎ᠡ᠃ ᠦᠩᠭᠡ ᠪᠤᠳᠤᠭ ᠤᠨ ᠣᠨᠴᠠᠯᠢᠭ ᠢᠶᠠᠷ ᠦᠶ᠎ᠡ ᠶᠢᠨ ᠴᠢᠩᠭ᠎ᠠ ᠬᠦᠨᠲᠡᠢ ᠰᠠᠭᠠᠷᠮᠠᠭ᠂ ᠬᠠᠲᠠᠭᠤ ᠵᠦᠭᠡᠯᠡᠨ ᠡᠭᠡᠰᠢᠭ ᠲᠡᠪᠢᠰᠭᠡᠷ ᠢ ᠢᠯᠭᠠᠨ ᠲᠠᠨᠢᠨ᠎ᠠ᠃      ︽ᠮᠣᠩᠭᠤᠯ ᠦᠶ᠎ᠡ ᠶᠢᠨ ᠬᠦᠵᠦᠷ︾ ᠢ ᠣᠯᠠᠨ ᠵᠦᠢᠯ ᠤᠨ ᠠᠷᠭ᠎ᠠ ᠪᠠᠷ ᠲᠣᠭᠯᠠᠵᠤ ᠨᠠᠭᠠᠳᠴᠤ ᠪᠣᠯᠳᠠᠭ ᠪᠦᠭᠡᠳ ᠨᠠᠭᠠᠳᠬᠤ ᠠᠷᠭ᠎ᠠ ᠨᠢᠭᠡᠪᠦᠷᠢ ᠨᠢ ᠴᠦᠮ ᠲᠣᠭᠲᠠᠭᠰᠠᠨ ᠨᠢᠭᠡᠨ ᠮᠡᠳᠡᠯᠭᠡ ᠶᠢᠨ ᠬᠠᠷᠠᠭᠠᠰᠤ ᠶᠢ ᠴᠢᠭᠯᠡᠭᠰᠡᠨ ᠪᠠᠶᠢᠳᠠᠭ᠃ ᠺᠠᠷᠲ ᠣᠩᠰᠢᠬᠤ ᠲᠣᠭᠯᠠᠭᠠᠮ ᠪᠠ ᠦᠶ᠎ᠡ ᠡᠷᠢᠬᠦ ᠲᠣᠭᠯᠠᠭᠠᠮ ᠪᠣᠯ ᠬᠠᠮᠤᠭ ᠤᠨ ᠡᠬᠢᠨ ᠤ ᠦᠶ᠎ᠡ ᠲᠠᠨᠢᠭᠤᠯᠬᠤ ᠠᠷᠭ᠎ᠠ ᠮᠦᠨ᠃ ᠲᠠᠪᠢᠰᠭᠡᠷᠲᠦ ᠦᠶ᠎ᠡ ᠬᠤᠯᠪᠤᠵᠤ ᠪᠦᠲᠦᠭᠡᠬᠦ ᠲᠣᠭᠯᠠᠭᠠᠮ ᠪᠣᠯ ︽ᠨᠢᠭᠡ ᠭᠤᠣᠯᠳᠠᠯᠭ᠎ᠠ ᠲᠦᠷᠪᠡᠨ ᠵᠢᠮ᠎ᠡ ᠶᠤᠰᠤ︾ ᠪᠠᠨ ᠪᠣᠲᠠᠲᠠᠢ ᠬᠡᠷᠡᠭᠵᠢᠬᠦᠯᠵᠦ ᠪᠠᠶᠢᠭ᠎ᠠ ᠶᠠᠪᠤᠳᠠᠯ ᠮᠦᠨ᠃ ᠲᠠᠩ ᠦᠭᠡ ᠬᠤᠯᠪᠤᠵᠤ ᠤᠷᠤᠯᠳᠤᠬᠤ ᠲᠤᠭᠯᠠᠭᠠᠮ᠂ ᠡᠭᠦᠲᠡ ᠨᠡᠭᠡᠭᠡᠬᠦ ᠲᠣᠭᠯᠠᠭᠠᠮ ᠪᠣᠯ ᠦᠶ᠎ᠡ ᠬᠤᠯᠪᠤᠵᠤ ᠦᠭᠡ ᠪᠦᠲᠦᠭᠡᠬᠦ ᠬᠡᠯᠡᠨ ᠤ ᠵᠢᠮ᠎ᠡ ᠶᠤᠰᠤ ᠶᠢ ᠮᠡᠳᠡᠬᠦᠯᠬᠦ ᠶᠢᠨ ᠲᠦᠯᠦᠭᠡ ᠶᠤᠮ᠃ ᠦᠭᠦᠯᠡᠪᠦᠷᠢ ᠬᠤᠯᠪᠣᠬᠤ ᠲᠣᠭᠯᠠᠭᠠᠮ ᠪᠣᠯ ᠦᠬᠦᠯᠡᠪᠦᠷᠢ ᠶᠢᠨ ᠬᠡᠯᠪᠡᠷᠢ ᠶᠢ ᠰᠤᠷᠭᠠᠵᠤ᠂ ᠦᠬᠦᠯᠡᠪᠦᠷᠢ ᠵᠣᠬᠢᠶᠠᠬᠤ ᠶᠠᠪᠤᠴᠠ ᠶᠢ ᠬᠠᠮᠲᠤ ᠶᠢᠨ ᠶᠠᠷᠢᠯᠴᠠᠭᠠᠨ ᠤ ᠲᠡᠪᠴᠠᠩ ᠪᠣᠯᠭᠠᠨ ᠬᠤᠪᠢᠷᠠᠭᠤᠯᠬᠤ ᠶᠢᠨ ᠲᠦᠯᠦᠭᠡ ᠶᠤᠮ᠃      ᠲᠠᠩ ᠦᠭᠡ ᠬᠤᠯᠪᠤᠵᠤ ᠪᠦᠲᠦᠭᠡᠬᠦ ᠪᠠ ᠦᠭᠦᠯᠡᠪᠦᠷᠢ ᠬᠤᠯᠪᠤᠵᠤ ᠪᠦᠲᠦᠭᠡᠬᠦ ᠲᠣᠭᠯᠠᠭᠠᠮ ᠪᠣᠯ ᠬᠠᠮᠤᠭ ᠠᠴᠠ ᠦᠷᠭᠡᠨ ᠬᠡᠷᠡᠭᠯᠡᠭᠳᠡᠬᠦ ᠲᠣᠭᠯᠠᠭᠠᠮ ᠤᠨ ᠠᠷᠭ᠎ᠠ ᠮᠦᠨ᠃ ᠬᠡᠦᠭᠡᠳ ᠤᠨ ᠦᠶ᠎ᠡ ᠲᠠᠨᠢᠬᠤ ᠪᠠ ᠦᠭᠡᠰ ᠤᠨ ᠬᠤᠷᠠᠮᠳᠤᠭᠤᠯᠤᠯ ᠳᠤ ᠬᠠᠮᠤᠭ ᠠᠴᠠ ᠶᠡᠭᠡ ᠲᠣᠰᠠᠯᠠᠳᠠᠭ ᠨᠢ ᠮᠦᠨ ᠡᠨᠡ ᠬᠤᠶᠠᠷ ᠵᠦᠢᠯ ᠤᠨ ᠲᠣᠭᠯᠠᠬᠤ ᠠᠷᠭ᠎ᠠ ᠶᠤᠮ ᠃ ᠲᠣᠷᠰᠢᠯᠲᠠ ᠶᠢᠨ ᠪᠠᠶᠢᠳᠠᠯ ᠠᠴᠠ ᠦᠵᠡᠪᠡᠯ᠂ ᠭᠡᠷ ᠤᠨ ᠠᠬᠠᠮᠠᠳ ᠤᠨ ᠪᠣᠯᠪᠠᠰᠤᠷᠠᠯ ᠤᠨ ᠬᠢᠷᠢ ᠬᠡᠮᠵᠢᠶ᠎ᠡ ᠠᠴᠠ ᠪᠣᠯᠵᠤ ᠦᠭᠡᠰ ᠤᠨ ᠰᠠᠩ ᠤᠨ ᠬᠤᠷᠠᠮᠳᠤᠭᠤᠯᠭ᠎ᠠ ᠬᠢᠬᠦ ᠪᠠ ᠦᠬᠦᠯᠡᠪᠦᠷᠢ ᠶᠢᠨ ᠬᠡᠯᠪᠡᠷᠢ ᠰᠤᠷᠬᠤ ᠲᠣᠬᠠᠢ ᠵᠢᠯᠤᠭᠤᠳᠤᠯᠭ᠎ᠠ ᠶᠢ ᠨᠡᠩ ᠴᠢᠩᠭᠠᠳᠬᠠᠬᠤ ᠴᠢᠬᠤᠯᠠ ᠲᠠᠢ ᠪᠠᠶᠢᠨ᠎ᠠ᠃      ᠬᠦᠵᠦᠷ ᠲᠣᠭᠯᠠᠬᠤ ᠪᠣᠯ ᠭᠤᠣᠯ ᠠᠷᠭ᠎ᠠ ᠪᠠᠷᠢᠯ ᠮᠦᠨ᠃ ᠠᠭᠤᠯᠭ᠎ᠠ ᠶᠢᠨ ᠬᠤᠪᠢ ᠳᠤ᠂ ᠦᠨᠳᠦᠰᠦᠨ ᠦᠶ᠎ᠡ ᠪᠠᠷ ᠲᠠᠩ ᠦᠭᠡ ᠬᠤᠯᠪᠤᠬᠤ᠂ ᠲᠠᠪᠢᠰᠭᠡᠷᠲᠦ ᠦᠶ᠎ᠡ ᠣᠷᠣᠯᠴᠠᠭᠤᠯᠵᠤ ᠲᠠᠩ ᠦᠭᠡ ᠬᠤᠯᠪᠤᠬᠤ᠂ ᠲᠡᠶᠢᠨ ᠢᠯᠭᠠᠯ ᠤᠨ ᠨᠦᠬᠦᠴᠡᠯ ᠬᠤᠯᠪᠤᠬᠤ᠂ ᠣᠯᠠᠨ ᠲᠣᠭᠠᠨ ᠤ ᠨᠦᠬᠦᠴᠡᠯ ᠬᠤᠯᠪᠤᠬᠤ᠂ ᠦᠬᠦᠯᠡᠪᠦᠷᠢ ᠬᠤᠯᠪᠤᠬᠤ ᠮᠡᠳᠦ ᠶᠢᠨ ᠠᠳᠠᠯᠢ ᠪᠣᠰᠤ ᠬᠢᠷᠢ ᠬᠡᠮᠵᠢᠶᠡᠨ ᠤ ᠠᠭᠤᠯᠭ᠎ᠠ ᠶᠢ ᠬᠡᠦᠭᠡᠳ ᠤᠨ ᠣᠨ ᠠᠩᠭᠢ ᠶᠢᠨ ᠪᠠᠶᠢᠳᠠᠯ ᠳᠤ ᠲᠣᠬᠢᠷᠠᠭᠤᠯᠵᠤ ᠲᠣᠭᠯᠠᠭᠤᠯᠵᠤ ᠪᠣᠯᠣᠨ᠎ᠠ᠃ ᠡ᠊ᠨᠳᠡ ᠦᠬᠦᠯᠡᠪᠦᠷᠢ ᠬᠤᠯᠪᠤᠵᠤ ᠨᠠᠭᠠᠳᠬᠤ ᠳᠤ ᠯᠠ ᠰᠠᠶ᠋ᠢ ᠪᠦᠬᠦᠯᠢ ᠠᠳᠬᠤ ᠬᠦᠵᠦᠷ ᠢ ᠬᠡᠷᠡᠭᠯᠡᠵᠦ ︽ᠦᠩᠭᠡᠷᠡᠭᠡᠬᠦ ᠠᠷᠭ᠎ᠠ︾ ᠪᠠᠷ ᠲᠠᠰᠤᠷᠠᠯᠲᠠ ᠦᠭᠡᠢ ᠠᠳᠬᠤᠨ ᠳᠤ ᠬᠢ ᠺᠠᠷᠲ ᠢᠶᠠᠨ ᠨᠡᠮᠡᠭᠳᠡᠭᠦᠯᠦᠭᠰᠡᠭᠡᠷ ᠪᠠᠶᠢᠵᠤ ᠪᠦᠲᠦᠨ ᠦᠭᠦᠯᠡᠪᠦᠷᠢ ᠶᠢ ᠬᠤᠯᠪᠤᠵᠤ ᠪᠦᠲᠦᠭᠡᠨ ᠪᠣᠭᠤᠮᠲᠠ ᠲᠠᠪᠠᠳᠠᠭ ᠪᠠᠶᠢᠨ᠎ᠠ᠃ ᠲᠣᠣᠷᠠᠳᠤ ᠣᠨ ᠤ ᠱᠠᠲᠤᠨ ᠳᠤ ᠬᠠᠮᠤᠭ ᠤᠨ ᠰᠠᠶᠢᠨ ᠤᠷᠮ᠎ᠠ ᠬᠦᠭᠵᠢᠭᠡᠬᠦ ᠠᠷᠭ᠎ᠠ ᠪᠤᠯ ᠲᠠᠷᠤᠢ ᠱᠣᠰᠢᠭ᠎ᠠ ᠪᠣᠯᠢᠶᠠᠯᠳᠤᠬᠤ ᠪᠣᠯᠣᠨ᠎ᠠ᠃      ᠦᠭᠡ ᠬᠠᠷᠠᠭᠠᠯᠵᠠᠭᠤᠯᠵᠤ ᠬᠦᠵᠦᠷ ᠲᠣᠭᠯᠠᠬᠤ ᠪᠣᠯ ᠵᠣᠷᠢᠯᠭ᠎ᠠ ᠲᠠᠢ᠂ ᠲᠦᠯᠦᠪᠯᠡᠭᠡ ᠲᠠᠢ᠂ ᠠᠯᠬᠤᠮ ᠲᠠᠷᠠᠭ᠎ᠠ ᠲᠠᠢ ᠪᠠᠷ ᠦᠭᠡᠰ ᠤᠨ ᠬᠤᠷᠠᠮᠳᠤᠭᠤᠯᠤᠯ ᠢ ᠠᠬᠢᠭᠤᠯᠬᠤ ᠲᠣᠬᠢᠷᠠᠮᠵᠢᠲᠠᠢ ᠠᠷᠭ᠎ᠠ ᠶᠤᠮ᠃ ᠬᠠᠷᠠᠭᠠᠯᠵᠠᠭᠤᠯᠬᠤ ᠦᠭᠡᠰ ᠨᠢ ᠲᠠᠷᠤᠢ ᠰᠢᠨ᠎ᠡ ᠰᠣᠷᠬᠤ ᠦᠭᠡᠰ ᠪᠣᠯᠣᠨ᠎ᠠ᠂ ᠬᠢᠴᠢᠶᠡᠯ ᠳᠤ ᠰᠤᠷᠬᠤ ᠰᠢᠨ᠎ᠡ ᠦᠭᠡᠰ ᠪᠠᠶᠢᠵᠤ ᠪᠣᠯᠣᠨ᠎ᠠ᠂ ᠦᠷᠭᠡᠳᠭᠡᠵᠦ ᠰᠦᠪᠡᠭᠴᠢᠯᠡᠵᠦ ᠰᠤᠷᠬᠤ ᠰᠢᠨ᠎ᠡ ᠦᠭᠡᠰ ᠪᠠᠶᠢᠵᠤ ᠪᠣᠯᠣᠨ᠎ᠠ᠃ ᠡᠳᠡᠭᠡᠷ ᠦᠭᠡᠰ ᠢᠶᠠᠨ ᠴᠠᠭᠠᠰᠤᠨ ᠳᠤ ᠪᠢᠴᠢᠵᠦ ᠲᠡᠮᠲᠡᠭᠯᠡᠨ ᠤᠷᠢᠳᠠᠪᠠᠷ ᠬᠦᠵᠦᠷ ᠺᠠᠷᠲ ᠢᠶᠠᠷ ᠢᠶᠠᠨ ᠬᠤᠯᠪᠤᠵᠤ ᠪᠦᠲᠦᠭᠡᠨ᠎ᠡ᠃ ᠬᠦᠵᠦᠷ ᠤᠨ ᠬᠡᠪ ᠬᠦᠷᠦᠯᠴᠡᠬᠦ ᠦᠭᠡᠢ ᠪᠠᠶᠢᠳᠠᠯ ᠭᠠᠷᠪᠠᠯ ᠬᠡᠷᠡᠭᠯᠡᠭᠰᠡᠨ ᠬᠡᠪ ᠢᠶᠠᠨ ᠲᠠᠬᠢᠵᠤ ᠠᠪᠤᠭᠠᠳ ᠬᠡᠷᠡᠭᠯᠡᠨ᠎ᠡ᠃ ᠪᠣᠯᠪᠠᠰᠤᠷᠠᠬᠤ ᠦᠭᠡ ᠪᠠᠨ ᠬᠦᠵᠦᠷ ᠺᠠᠷᠲ ᠢᠶᠠᠨ ᠬᠡᠷᠡᠭᠯᠡᠵᠦ ᠬᠤᠯᠪᠤᠵᠤ ᠪᠦᠲᠦᠭᠡᠭᠰᠡᠨ ᠤ ᠪᠠᠨ ᠲᠠᠷᠠᠭ᠎ᠠ ᠪᠦᠭᠦᠲᠡ ᠶᠢ ᠨᠡᠶᠢᠯᠡᠭᠦᠯᠦᠭᠡᠳ ᠨᠢᠭᠡ ᠠᠳᠬᠤ ᠬᠦᠵᠦᠷ ᠪᠣᠯᠭᠠᠵᠤ ᠬᠡᠷᠡᠭᠯᠡᠭᠰᠡᠨ ᠦᠭᠡᠢ ᠬᠡᠰᠡᠭ ᠢ ᠬᠠᠶᠢᠷᠴᠠᠭ ᠲᠤ ᠨᠢ ᠪᠣᠴᠠᠭᠠᠵᠤ ᠬᠢᠨ᠎ᠡ᠃ ᠬᠦᠵᠦᠷ ᠲᠣᠭᠯᠠᠭᠠᠮ ᠤᠨ ᠠᠷᠭ᠎ᠠ ᠪᠠᠷ ᠲᠣᠭᠯᠠᠬᠤ ᠳᠤ ᠪᠠᠨ ᠬᠤᠯᠪᠤᠵᠤ ᠪᠦᠲᠦᠭᠡᠬᠦ ᠪᠠᠷ ᠰᠣᠩᠭᠤᠭᠰᠠᠨ ᠡᠳᠡᠭᠡᠷ ᠦᠭᠡᠰ ᠢᠶᠠᠷ ᠬᠢᠵᠠᠭᠠᠷᠯᠠᠨ᠎ᠠ᠃ ᠱᠣᠰᠢᠭ᠎ᠠ ᠪᠣᠯᠢᠶᠠᠯᠳᠤᠬᠤ ᠠᠷᠭ᠎ᠠ ᠪᠠᠷ ᠤᠷᠮ᠎ᠠ ᠬᠦᠭᠵᠢᠭᠡᠵᠦ᠂ ᠬᠤᠯᠪᠤᠵᠤ ᠪᠦᠲᠦᠭᠡᠭᠰᠡᠨ ᠦᠭᠡ ᠶᠢᠨ ᠲᠡᠭᠡᠷ᠎ᠡ ︽√︾ ᠲᠡᠮᠲᠡᠭ ᠲᠠᠯᠪᠢᠭᠰᠠᠭᠠᠷ ᠲᠦᠬᠦᠷᠡᠩ ᠪᠤᠯᠭᠠᠬᠤ ᠮᠡᠳᠤ ᠲᠣᠭᠲᠠᠭᠰᠠᠨ ᠲᠤᠭᠠᠨ ᠤ ᠱᠣᠰᠢᠭ᠎ᠠ ᠱᠦᠬᠦᠯᠴᠡᠬᠦ ᠠᠷᠭ᠎ᠠ ᠪᠠᠷ ᠲᠣᠭᠯᠠᠪᠠᠯ ᠦᠷ᠎ᠡ ᠪᠦᠲᠦᠮᠵᠢ ᠨᠢ ᠨᠡᠩ ᠦᠨᠳᠤᠷ ᠪᠣᠯᠣᠨ᠎ᠠ᠃      ᠲᠣᠷᠰᠢᠯᠲᠠ ᠶᠢᠨ ᠪᠠᠶᠢᠳᠠᠯ ᠠᠴᠠ ᠦᠵᠡᠪᠡᠯ ᠬᠦᠵᠦᠷ ᠤᠨ ᠬᠡᠪ ᠢ ᠲᠠᠨᠢᠵᠤ᠂ ᠬᠤᠯᠪᠤᠵᠤ ᠪᠦᠲᠦᠭᠡᠬᠦ ᠠᠷᠭ᠎ᠠ ᠶᠢ ᠨᠢ ᠮᠡᠳᠡᠵᠦ᠂ ᠲᠠᠩ ᠦᠭᠡ ᠠᠴᠠ ᠦᠬᠦᠯᠡᠪᠦᠷᠢ ᠳᠤ ᠬᠦᠷᠲᠡᠯ᠎ᠡ ᠬᠤᠯᠪᠤᠵᠤ ᠪᠦᠲᠦᠭᠡᠬᠦ ᠳᠤ ᠲᠡᠮᠡᠢ ᠬᠦᠴᠢᠷᠳᠡᠬᠦ ᠦᠭᠡᠢ᠂ ᠬᠠᠷᠢᠨ ᠬᠦᠵᠦᠷ ᠲᠣᠭᠯᠠᠭᠠᠮ ᠤᠨ ᠠᠷᠭ᠎ᠠ ᠶᠢ ᠰᠤᠷᠬᠤ ᠳᠤ ᠬᠠᠮᠤᠭ ᠠᠴᠠ ᠶᠡᠭᠡ ᠬᠦᠴᠢᠷᠳᠡᠵᠦ ᠪᠠᠶᠢᠨ᠎ᠠ᠃ ᠬᠦᠵᠦᠷ ᠲᠣᠭᠯᠠᠬᠤ ᠲᠣᠮᠲᠠ ᠲᠠᠩ ᠦᠭᠡ ᠬᠤᠯᠪᠤᠵᠤ ᠪᠦᠲᠦᠭᠡᠨ᠎ᠡ᠂ ᠨᠡᠩ ᠣᠯᠠᠨ ᠦᠶ᠎ᠡ ᠦᠰᠦᠭ ᠣᠷᠣᠯᠴᠠᠭᠰᠠᠨ ᠲᠠᠩ ᠦᠭᠡ ᠶᠢ ᠬᠤᠯᠪᠤᠵᠤ ᠪᠦᠲᠦᠭᠡᠬᠦ ᠳᠤ ᠬᠦᠴᠢᠷᠳᠡᠯᠭᠡ ᠣᠷᠣᠰᠢᠨ᠎ᠠ᠂ ᠡᠬᠦᠨ ᠤ ᠰᠢᠯᠲᠠᠭᠠᠨ ᠨᠢ ᠲᠠᠳᠬᠠᠯ ᠤᠨ ᠲᠠᠯ᠎ᠠ ᠶᠢᠨ ᠠᠰᠠᠭᠤᠳᠠᠯ ᠠᠴᠠ ᠪᠣᠯᠵᠤ ᠬᠤᠶᠠᠷ ᠭᠤᠷᠪᠠᠭ᠋ᠠᠨ ᠦᠶ᠎ᠡ ᠣᠷᠣᠯᠴᠠᠭᠰᠠᠨ ᠲᠠᠩ ᠦᠭᠡ ᠶᠢ ᠬᠤᠯᠪᠤᠵᠤ ᠪᠦᠲᠦᠭᠡᠬᠦ ᠲᠣᠷᠠᠲᠠᠢ ᠪᠠᠶᠢᠳᠠᠭ ᠲᠤ ᠪᠤᠢ᠃ ᠡᠬᠦᠨ ᠢ ᠬᠤᠪᠢ ᠨᠡᠮᠡᠬᠦ ᠲᠦᠷᠢᠮ ᠤᠨ ᠲᠠᠯ᠎ᠠ ᠪᠠᠷ ᠲᠣᠬᠢᠲᠠᠢ ᠠᠷᠭ᠎ᠠ ᠠᠪᠴᠤ ᠰᠢᠢᠳᠪᠦᠷᠢᠯᠡᠵᠦ ᠪᠣᠯᠣᠨ᠎ᠠ᠃ ᠬᠦᠵᠦᠷ ᠲᠣᠭᠯᠠᠭᠠᠮ ᠤᠨ ᠲᠣᠮᠲᠠ ᠦᠭᠦᠯᠡᠪᠦᠷᠢ ᠬᠤᠯᠪᠤᠵᠤ ᠪᠦᠲᠦᠭᠡᠬᠦ ᠶᠢ ᠲᠣᠮᠲᠠ ᠣᠨ ᠤ ᠱᠠᠲᠤᠨ ᠤ ᠭᠤᠣᠯ ᠪᠣᠯᠬᠤ ᠪᠣᠯᠪᠠᠰᠤᠷᠠᠯ ᠤᠨ ᠠᠭᠤᠯᠭ᠎ᠠ ᠪᠤᠯᠭᠠᠪᠠᠯ ᠵᠣᠬᠢᠰᠲᠠᠢ ᠶᠤᠮ᠃      ᠬᠦᠵᠦᠷ ᠲᠣᠭᠯᠠᠭᠠᠮ ᠤᠨ ᠲᠣᠮᠲᠠ ᠦᠶ᠎ᠡ ᠬᠤᠯᠪᠤᠵᠤ ᠦᠭᠡ ᠪᠦᠲᠦᠭᠡᠨ ᠦᠬᠦᠯᠡᠪᠦᠷᠢ ᠶᠢᠨ ᠬᠡᠯᠪᠡᠷᠢ ᠶᠢ ᠰᠤᠷᠬᠤ ᠨᠢ ᠬᠡᠦᠭᠡᠳ ᠤᠨ ᠣᠶᠣᠨ ᠢ ᠨᠡᠭᠡᠭᠡᠭᠳᠡᠬᠦᠯᠵᠦ᠂ ᠴᠢᠳᠠᠪᠤᠷᠢ ᠶᠢ ᠨᠢ ᠬᠦᠭᠵᠢᠭᠡᠬᠦ ᠦᠢᠯᠡᠳᠦᠯ ᠲᠠᠢ ᠤᠴᠢᠷ ᠠᠴᠠ ᠪᠠᠭᠰᠢ ᠠᠬᠠᠮᠠᠳ ᠠᠴᠠ ᠵᠦᠪ ᠢᠶᠠᠷ ᠣᠶᠢᠯᠠᠭᠠᠵᠤ ᠲᠡᠰᠪᠦᠷᠢ ᠲᠡᠪᠴᠢᠶᠡᠷᠢ ᠲᠠᠢ ᠬᠠᠨᠳᠤᠪᠠᠯ ᠵᠣᠬᠢᠨ᠎ᠠ᠃      ︽ᠭᠠᠯᠢᠭ ᠦᠶ᠎ᠡ ᠶᠢᠨ ᠺᠠᠷᠲ︾ ᠢ ᠬᠢᠬᠦ ᠳᠤ ᠪᠠᠨ ᠬᠤᠶᠠᠳᠣᠭᠠᠷ ᠣᠨ ᠤ ᠲᠡᠭᠡᠳᠦ ᠲᠡᠪᠲᠡᠷ ᠤᠨ 5᠂ 6 ᠳ᠋ᠣᠭᠠᠷ ᠬᠢᠴᠢᠶᠡᠯ ᠤᠨ ᠲᠠᠩ ᠦᠭᠡ ᠪᠠᠷ ᠭᠤᠣᠯ ᠠᠭᠤᠯᠭ᠎ᠠ ᠪᠠᠨ ᠪᠣᠯᠭᠠᠵᠤ ᠭᠠᠯᠢᠭ ᠦᠶ᠎ᠡ ᠶᠢ ᠲᠠᠨᠢᠵᠤ᠂ ᠭᠠᠯᠢᠭ ᠦᠭᠡ ᠡᠵᠡᠮᠰᠢᠬᠦ ᠳᠤ ᠵᠣᠷᠢᠭᠤᠯᠵᠤ ᠬᠢᠵᠡᠢ᠃ ᠬᠦᠵᠦᠷ ᠤᠨ ᠵᠡᠬᠦᠨ ᠲᠡᠭᠡᠲᠦ ᠦᠨᠴᠦᠭ ᠪᠠ ᠪᠠᠷᠠᠭᠤᠨ ᠲᠣᠣᠷᠠᠳᠤ ᠦᠨᠴᠦᠭ ᠲᠤ ᠢᠵᠢᠯ ᠨᠢᠭᠡᠨ ᠦᠶ᠎ᠡ ᠶᠢ ᠬᠠᠷᠢᠯᠴᠠᠨ ᠲᠣᠩᠭᠤᠷᠤᠭᠤᠯᠵᠤ ᠬᠡᠪᠯᠡᠵᠡᠢ᠃ ᠪᠠᠷᠠᠭᠤᠨ ᠲᠡᠭᠡᠳᠦ ᠦᠨᠴᠦᠭ ᠪᠠ ᠵᠡᠬᠦᠨ ᠲᠣᠣᠷᠠᠳᠤ ᠦᠨᠴᠦᠭ ᠲᠤ ᠨᠢ ᠬᠤᠯᠪᠣᠵᠣ ᠪᠦᠲᠦᠭᠡᠬᠦ ᠲᠠᠩ ᠦᠭᠡ ᠶᠢ ᠮᠦᠨ ᠬᠠᠷᠢᠯᠴᠠᠨ ᠲᠣᠩᠭᠤᠷᠣᠭᠤᠯᠵᠣ ᠬᠡᠪᠯᠡᠵᠡᠢ᠃ ᠬᠦᠵᠦᠷ ᠲᠤ ᠣᠷᠣᠯᠴᠠᠭᠰᠠᠨ ᠲᠠᠩ ᠦᠭᠡᠨ ᠳᠤ ᠵᠢᠷᠤᠭ ᠬᠠᠳᠠᠵᠤ ᠣᠳᠬ᠎ᠠ ᠶᠢ ᠨᠢ ᠲᠠᠨᠢᠭᠤᠯᠤᠭᠰᠠᠨ ᠪᠦᠭᠡᠳ ᠬᠦᠵᠦᠷ ᠤᠨ ᠲᠣᠮᠲᠠ ᠬᠡᠰᠡᠭ ᠲᠤ ᠬᠤᠯᠪᠣᠭᠳᠠᠬᠤ ᠭᠠᠯᠢᠭ ᠦᠶ᠎ᠡ ᠨᠦᠭᠦᠳ ᠢ ᠴᠦ ᠲᠠᠭᠠᠭᠤᠯᠵᠤ ᠣᠷᠣᠭᠤᠯᠣᠭᠰᠠᠨ ᠪᠠᠶᠢᠨ᠎ᠠ᠃ ᠬᠦᠵᠦᠷ ᠲᠤ ︽ᠠᠽᠢᠶ᠎ᠡ᠂ ᠾᠧᠨᠠᠨ᠂ ᠾᠦᠩᠨᠤ᠂ ᠺᠢᠨᠣ᠋᠂ ᠺᠣᠹᠧ᠂ ᠪᠠᠾᠠᠮᠠ᠂ ᠸᠠᠭᠠᠷ᠂ ᠺᠤᠮᠫᠢᠦ᠋ᠲ᠋ᠧᠷ᠂ ᠬᠦᠸᠧ ᠮᠦᠸᠧ ᠿᠦᠸᠧ᠂ ᠯᠢ ᠰᠧ ᠭᠤᠸᠠᠩ᠂ ᠮᠦᠽᠸᠢ᠂ ᠾᠢᠮᠠᠯᠠᠶ᠎ᠠ᠂ ᠸᠢᠲ᠋ᠠᠮᠢᠨ᠂ ᠯᠸᠢ ᠹᠧᠩ᠂ ᡀᠠᠰᠠ᠂ ᡀᠠᠰᠦ᠋ᠷᠦᠩ᠂ ᠽᠠᠨᠳᠠᠨ᠂ ᠹᠣᠰᠹᠣᠷ᠂ ᠼᠣᠣ᠂ ᠹᠷᠠᠨᠼᠢ᠂ ᠹᠢᠯᠢᠮ︾ ᠵᠡᠷᠭᠡ 21 ᠦᠭᠡ ᠶᠢ ᠰᠣᠩᠭᠤᠵᠤ ᠨᠡᠶᠢᠲᠡ 54 ᠺᠠᠷᠲ ᠬᠡᠷᠡᠭᠯᠡᠭᠰᠡᠨ ᠪᠠᠶᠢᠨ᠎ᠠ᠃ ︽ᠼᠣᠣ᠂ ᠬᠦᠸᠧ᠂ ᠮᠦᠸᠧ᠂ ᠿᠦᠸᠧ᠂ ᠯᠢ᠂ ᠰᠧ᠂ ᠭᠤᠸᠠᠩ︾ ᠲᠠᠩ ᠢᠶᠠᠷ ᠢᠶᠠᠨ ᠦᠭᠡ ᠪᠦᠲᠦᠵᠦ ᠪᠣᠯᠣᠨ᠎ᠠ᠃ ᠬᠡᠷᠡᠭᠯᠡᠬᠦ ᠠᠷᠭ᠎ᠠ ᠶᠢᠨ ᠲᠠᠯ᠎ᠠ ᠳᠤ ︽ᠮᠣᠩᠭᠤᠯ ᠬᠡᠯᠡᠨ ᠤ ᠦᠶ᠎ᠡ ᠶᠢᠨ ᠺᠠᠷᠲ︾ ᠲᠠᠢ ᠦᠨᠳᠦᠰᠦᠨ ᠳᠤ ᠪᠠᠨ ᠠᠳᠠᠯᠢᠬᠠᠨ ᠪᠠᠶᠢᠳᠠᠭ᠃ ᠪᠡᠯᠡᠳᠭᠡᠯ ᠱᠠᠳᠣᠨ ᠳᠤ ︽ᠺᠠᠷᠲ ᠣᠩᠰᠢᠬᠤ ᠲᠣᠭᠯᠠᠭᠠᠮ︾᠂ ︽ᠭᠠᠯᠢᠭ ᠦᠶ᠎ᠡ ᠡᠷᠢᠬᠦ ᠲᠣᠭᠯᠠᠭᠠᠮ︾ ᠢ ᠢᠯᠡᠭᠦᠭᠡᠨ ᠬᠢᠯᠭᠡᠪᠡᠯ ᠭᠠᠯᠢᠭ ᠦᠶ᠎ᠡ ᠶᠢᠨ ᠲᠣᠬᠠᠢ ᠰᠠᠭᠤᠭᠳᠠᠯ ᠢ ᠨᠢ ᠬᠦᠨᠵᠡᠭᠡᠶᠢᠷᠡᠭᠦᠯᠵᠦ ᠪᠣᠯᠳᠠᠭ᠃ ᠣᠳᠤᠬᠠᠨ ᠤ ᠬᠡᠮᠵᠢᠶᠡᠨ ᠳᠤ ︽ᠭᠠᠯᠢᠭ ᠦᠶ᠎ᠡ ᠶᠢᠨ ᠺᠠᠷᠲ︾ ᠪᠣᠯ ᠵᠦᠪᠬᠡᠨ ᠬᠢᠴᠢᠶᠡᠯ ᠤᠨ ᠦᠭᠡ ᠡᠵᠡᠮᠰᠢᠬᠦ ᠪᠠ ᠭᠠᠯᠢᠭ ᠦᠶ᠎ᠡ ᠶᠢ ᠲᠠᠨᠢᠬᠤ ᠳᠤ ᠯᠠ ᠲᠣᠰᠠᠯᠠᠵᠤ ᠴᠢᠳᠠᠨ᠎ᠠ᠃ ᠬᠡᠦᠭᠡᠳ ᠤᠨ ᠭᠠᠯᠢᠭ ᠦᠭᠡ ᠡᠵᠡᠮᠰᠢᠬᠦ ᠠᠰᠠᠭᠤᠳᠠᠯ ᠢ ︽ᠦᠰᠦᠭ ᠤᠨ ᠬᠦᠵᠦᠷ︾ ᠢᠶᠠᠷ ᠪᠦᠷᠢᠮᠦᠰᠦᠨ ᠰᠢᠢᠳᠪᠦᠷᠢᠯᠡᠵᠦ ᠪᠣᠯᠣᠨ᠎ᠠ᠃ ᠭᠡᠲᠡᠯ᠎ᠡ ᠪᠠᠭ᠎ᠠ ᠰᠤᠷᠭᠠᠭᠤᠯᠢ ᠶᠢᠨ ᠱᠠᠲᠤᠨ ᠳᠤ ᠦᠰᠦᠭ ᠤᠨ ᠬᠦᠵᠦᠷ ᠢ ᠬᠡᠷᠡᠭᠯᠡᠬᠦ ᠳᠤ ᠮᠠᠰᠢ ᠬᠦᠴᠢᠷ ᠲᠣᠯᠠ ᠰᠣᠷᠠᠭ ᠵᠠᠩᠭᠢ ᠪᠣᠯᠣᠨ ᠰᠦᠯᠵᠢᠶᠡᠨ ᠤ ᠨᠦᠬᠦᠴᠡᠯ ᠢ ᠠᠰᠢᠭᠯᠠᠨ ᠴᠢᠬᠤᠯᠠ ᠪᠦᠬᠦᠢ ᠪᠣᠯᠪᠠᠰᠤᠷᠠᠬᠤ ᠦᠭᠡᠰ ᠢ ᠦᠭᠡ ᠬᠠᠷᠠᠭᠠᠯᠵᠠᠭᠤᠯᠬᠤ ᠠᠷᠭ᠎ᠠ ᠪᠠᠷ ᠰᠢᠢᠳᠪᠦᠷᠢᠯᠡᠬᠦ ᠪᠣᠯ ᠬᠠᠮᠤᠭ ᠤᠨ ᠰᠢᠨᠵᠢᠯᠡᠬᠦ ᠤᠬᠠᠭᠠᠨᠴᠢ ᠠᠷᠭ᠎ᠠ ᠮᠦᠨ᠃      ︽ᠮᠣᠩᠭᠤᠯ ᠬᠡᠯᠡᠨ ᠤ ᠦᠰᠦᠭ ᠤᠨ ᠬᠦᠵᠦᠷ︾ ᠲᠤ᠂ ᠡᠭᠡᠰᠢᠭ ᠦᠰᠦᠭ ᠤᠨ ᠦᠭᠡ ᠶᠢᠨ ᠡᠬᠢᠨ᠂ ᠲᠣᠮᠲᠠ ᠂ ᠠᠳᠠᠭ ᠲᠤ ᠣᠷᠣᠬᠤ ᠲᠦᠷᠰᠦ ᠨᠢ ᠲᠣᠰ ᠪᠦᠷᠢ ᠨᠢᠭᠡ ᠭᠡᠪ ᠡᠵᠡᠯᠡᠵᠦ᠂ ᠬᠡᠶᠢᠬᠦᠯᠦᠭᠴᠢ ᠦᠰᠦᠭ ᠤᠨ ᠦᠭᠡ ᠶᠢᠨ ᠡᠬᠢᠨ᠂ ᠲᠣᠮᠲᠠ᠂ ᠠᠳᠠᠭ ᠲᠤ ᠣᠷᠣᠬᠤ ᠲᠦᠷᠰᠦ ᠨᠢ ᠲᠣᠰ ᠪᠦᠷᠢ ᠨᠢᠭᠡ ᠭᠡᠪ ᠡᠵᠡᠯᠡᠨ᠂ ᠭᠠᠯᠢᠭ ᠦᠰᠦᠭ ᠤᠨ ᠦᠭᠡ ᠶᠢᠨ ᠡᠬᠢᠨ᠂ ᠲᠣᠮᠲᠠ᠂ ᠠᠳᠠᠭ ᠲᠤ ᠣᠷᠣᠬᠤ ᠲᠦᠷᠰᠦ ᠨᠢ ᠲᠣᠰ ᠪᠦᠷᠢ ᠨᠢᠭᠡ ᠭᠡᠪ ᠡᠵᠡᠯᠡᠵᠦ ᠨᠡᠶᠢᠲᠡ 9 ᠬᠡᠪ 54 ᠺᠠᠷᠲ ᠲᠠᠢ᠃ ᠲᠣᠮᠳᠠᠬᠢ ᠭᠡᠶᠢᠬᠦᠯᠦᠭᠴᠢ ᠳᠤ ᠬᠡᠷᠡᠭᠯᠡᠬᠦ ᠵᠢᠱᠢᠶ᠎ᠡ ᠦᠭᠡ ᠲᠠᠭᠠᠯᠳᠣᠭᠤᠯᠪᠠ᠃ ᠡᠭᠡᠰᠢᠭ ᠬᠡᠶᠢᠬᠦᠯᠦᠭᠴᠢ ᠦᠰᠦᠭ ᠲᠤ ᠴᠦᠮ ᠲᠠᠭᠤᠳᠠᠯᠭ᠎ᠠ ᠶᠢ ᠨᠢ ᠬᠠᠳᠠᠪᠠ᠃ ᠲᠦᠷᠰᠦ ᠢᠵᠢᠯ ᠲᠠᠭᠤᠳᠠᠯᠭ᠎ᠠ ᠣᠨᠳᠣᠣ ᠦᠰᠦᠭ ᠢ ᠰᠢᠢᠳᠪᠤᠷᠢᠯᠡᠬᠦ ᠳᠤ ᠣᠯᠠᠨ ᠢ ᠨᠢᠭᠡ ᠪᠠᠷ ᠲᠦᠯᠦᠭᠡᠯᠡᠬᠦᠯᠵᠡᠢ᠃ ᠡᠭᠡᠰᠢᠭ ᠦᠰᠦᠭ ᠲᠤ ᠬᠠᠷ᠎ᠠ ᠦᠩᠭᠡ ᠪᠠᠷ ᠪᠣᠳᠤᠭ ᠣᠷᠣᠭᠤᠯᠵᠣ᠂ ᠬᠡᠶᠢᠬᠦᠯᠦᠭᠴᠢ ᠦᠰᠦᠭ ᠲᠤ ᠬᠦᠭᠡ ᠦᠩᠭᠡ ᠪᠠᠷ ᠪᠣᠳᠤᠭ ᠣᠷᠣᠭᠤᠯᠣᠨ᠂ ᠭᠠᠯᠢᠭ ᠦᠰᠦᠭ ᠲᠤ ᠨᠣᠭᠤᠭᠠᠨ ᠦᠩᠭᠡ ᠪᠠᠷ ᠪᠣᠳᠤᠭ ᠣᠷᠣᠭᠤᠯᠵᠠᠢ᠃ ︽ᠪᠤ᠂ ᠪᠦ᠊᠂ ᠬᠦ᠊︾ ᠮᠡᠳᠦ ᠬᠤᠯᠪᠣᠬᠤ ᠦᠭᠡᠨ ᠳᠤ ᠠᠷᠣ ᠬᠦᠩᠬᠦᠷ ᠲᠤ ᠨᠢ ᠠᠩᠭᠠᠷᠬᠠᠢ ᠭᠠᠷᠳᠠᠭ ᠭᠠᠵᠠᠷ ᠲᠤ ᠨᠢ ᠲᠣᠰᠬᠠᠢ ᠬᠡᠷᠡᠭᠯᠡᠬᠦ ᠲᠣᠮᠲᠠ ᠪᠠ ᠠᠳᠠᠭ ᠤᠨ ᠡᠭᠡᠰᠢᠭ ᠪᠣᠢ᠂ ᠡᠬᠦᠨ ᠢ ᠰᠣᠷᠣᠭᠴᠢᠳ ᠲᠤ ᠣᠨᠴᠠᠭᠠᠢ ᠪᠠᠶᠢᠳᠠᠯ ᠢᠶᠠᠷ ᠲᠠᠨᠢᠭᠤᠯᠵᠤ ᠬᠡᠷᠡᠭᠯᠡᠬᠦᠯᠬᠦ ᠬᠡᠷᠡᠭᠲᠡᠢ᠃ ᠠᠳᠬᠤ ᠪᠦᠷᠢ ᠳᠤ ᠡᠬᠢᠨ ᠤ ᠡᠭᠡᠰᠢᠭ 4᠂ ᠭᠡᠶᠢᠭᠦᠯᠦᠭᠴᠢ ᠭᠡᠪ ᠪᠦᠷᠢ 5 ᠣᠷᠣᠯᠴᠠᠵᠣ᠂ ᠭᠠᠯᠢᠭ ᠦᠰᠦᠭ ᠬᠡᠪ ᠪᠦᠷᠢ 5 ᠣᠷᠣᠯᠴᠠᠨ ᠲᠣᠮᠳᠠᠬᠢ ᠡᠭᠡᠰᠢᠭ 12 ᠣᠷᠣᠯᠴᠠᠨ᠂ ᠠᠳᠠᠭ ᠤᠨ ᠡᠭᠡᠰᠢᠭ 8 ᠣᠷᠣᠯᠴᠠᠭᠠᠳ ᠨᠡᠶᠢᠲᠡ 54 ᠺᠠᠷᠲ ᠲᠠᠢ ᠪᠣᠯᠵᠠᠢ᠃      ᠵᠢᠭᠠᠬᠤ ᠠᠭᠤᠯᠭ᠎ᠠ ᠬᠢᠭᠡᠳ ︽ᠬᠢᠴᠢᠶᠡᠯ ᠤᠨ ᠪᠠᠷᠢᠮᠵᠢᠶ᠎ᠠ︾ ᠶᠢᠨ ᠲᠣᠭᠲᠠᠭᠠᠯ ᠢ ᠦᠨᠳᠦᠰᠦᠯᠡᠵᠦ ︽ᠦᠰᠦᠭ ᠤᠨ ᠬᠦᠵᠦᠷ︾ ᠢ ᠠᠩᠬ᠎ᠠ ᠲᠣᠮᠲᠠᠳᠤ ᠶᠢᠨ ᠱᠠᠲᠤᠨ ᠤ ᠰᠤᠷᠬᠤ ᠠᠭᠤᠯᠭ᠎ᠠ ᠪᠣᠯᠭᠠᠵᠤ ᠦᠶ᠎ᠡ ᠶᠢᠨ ᠪᠦᠲᠦᠴᠡ ᠶᠢ ᠣᠯᠠᠮ ᠨᠢᠭᠡ ᠠᠯᠬᠤᠮ ᠬᠦᠨᠵᠡᠭᠡᠶᠢᠷᠡᠭᠦᠯᠵᠦ ᠣᠶᠢᠯᠠᠭᠠᠭᠤᠯᠤᠨ᠂ ᠭᠠᠯᠢᠭ ᠦᠭᠡ ᠶᠢ ᠬᠤᠯᠪᠤᠵᠤ ᠪᠦᠲᠦᠭᠡᠬᠦ ᠵᠢᠮ᠎ᠡ ᠶᠣᠰᠤ ᠶᠢ ᠡᠵᠡᠮᠰᠢᠭᠦᠯᠬᠦ ᠠᠰᠠᠭᠤᠳᠠᠯ ᠢ ᠰᠢᠢᠳᠪᠤᠷᠢᠯᠡᠵᠤ ᠪᠤᠯᠤᠨ᠎ᠠ᠃      2. ᠦᠭᠡ ᠶᠢᠨ ᠤᠷᠴᠢᠨ ᠳᠤ ᠦᠶ᠎ᠡ ᠲᠠᠨᠢᠭᠤᠯᠬᠤ ᠠᠷᠭ᠎ᠠ      ᠰᠣᠷᠣᠭᠰᠠᠨ ᠦᠶ᠎ᠡ ᠪᠠᠨ ᠲᠠᠩ ᠦᠭᠡ ᠠᠴᠠ᠂ ᠬᠤᠯᠪᠤᠭ᠎ᠠ ᠦᠭᠡ ᠠᠴᠠ᠂ ᠦᠭᠦᠯᠡᠪᠦᠷᠢ ᠳᠤ ᠪᠣᠲᠠᠲᠠᠢ ᠬᠡᠷᠡᠭᠯᠡᠬᠦ ᠲᠣᠮᠲᠠ ᠠᠴᠠ ᠲᠠᠨᠢᠵᠤ ᠡᠵᠡᠮᠰᠢᠪᠡᠯ ᠰᠠᠶ᠋ᠢ ᠬᠦᠨᠵᠡᠭᠡᠢ ᠲᠣᠭᠲᠠᠭᠠᠳᠠᠭ ᠶᠣᠮ᠃ ᠪᠣᠲᠠᠲᠠᠢ ᠪᠠᠷ ᠬᠡᠯᠡᠪᠡᠯ᠂ ᠬᠡᠦᠭᠡᠳ ᠲᠤ ᠴᠠᠭᠠᠨ ᠲᠣᠯᠣᠭᠠᠢ ᠶᠢᠨ ᠭᠤᠷᠪᠠᠨ ᠬᠤᠪᠢᠷᠠᠯ ᠪᠠ ᠲᠡᠪᠢᠰᠭᠡᠷᠲᠦ ᠦᠶ᠎ᠡ ᠪᠠᠨ ᠲᠠᠨᠢᠭᠤᠯᠤᠭᠰᠠᠨ ᠤ ᠲᠠᠷᠠᠭ᠎ᠠ ᠡᠳᠡᠭᠡᠷ ᠦᠶ᠎ᠡ ᠨᠦᠭᠦᠳ ᠢ ᠴᠡᠭᠡᠵᠢ ᠪᠠᠷ ᠪᠢᠴᠢᠬᠦᠯᠬᠦ ᠲᠡᠭᠡᠷ᠎ᠡ ᠭᠤᠣᠯ ᠬᠦᠴᠦ ᠪᠠᠨ ᠲᠠᠯᠪᠢᠬᠤ ᠪᠢᠰᠢ ᠬᠠᠷᠢᠨ ᠦᠶ᠎ᠡ ᠬᠤᠯᠪᠤᠵᠤ ᠦᠭᠡ ᠪᠦᠲᠦᠭᠡᠬᠦ ᠶᠢᠨ ᠲᠠᠭᠠᠤ ᠠᠯᠭᠤᠷ ᠠᠭᠠᠵᠢᠮ ᠢᠶᠠᠷ ᠪᠦᠬᠦᠯᠢ ᠴᠤᠭᠴᠠ ᠶᠢᠨ ᠲᠠᠯ᠎ᠠ ᠠᠴᠠ ᠶᠡᠷᠦᠩᠭᠡᠶᠢᠯᠡᠵᠦ ᠲᠠᠨᠢᠭᠤᠯᠬᠤ ᠶᠢ ᠴᠢᠬᠤᠯᠠᠴᠢᠯᠠᠬᠤ ᠭᠡᠷᠡᠭᠳᠠᠢ᠃ ᠬᠢᠴᠢᠶᠡᠯ ᠤᠨ ᠪᠢᠴᠢᠭ ᠲᠤ ᠨᠢᠭᠡᠳᠦᠭᠡᠷ ᠣᠨ ᠤ ᠲᠡᠭᠡᠲᠦ ᠬᠤᠭᠤᠴᠠᠭᠠᠨ ᠳᠤ ᠦᠶ᠎ᠡ ᠲᠠᠨᠢᠭᠤᠯᠬᠤ ᠶᠢᠨ ᠲᠠᠭᠠᠤ ᠳᠤ 135 ᠲᠠᠩ ᠦᠭᠡ ᠶᠢ ᠣᠩᠰᠢᠵᠤ ᠪᠢᠴᠢᠬᠦᠯᠬᠦ ᠠᠭᠤᠯᠭ᠎ᠠ ᠶᠢ ᠲᠣᠬᠢᠷᠠᠭᠤᠯᠤᠭᠰᠠᠨ ᠪᠠᠶᠢᠳᠠᠭ᠃ ᠬᠦᠵᠦᠷ ᠲᠣᠭᠯᠠᠭᠠᠮ ᠢᠶᠠᠷ ᠰᠤᠷᠬᠤ ᠳᠤ ᠰᠤᠷᠬᠤ ᠤᠷᠮ᠎ᠠ ᠪᠠᠬ᠎ᠠ ᠵᠢᠴᠢ ᠰᠤᠷᠭᠠᠭᠤᠯᠢ ᠭᠡᠷ ᠪᠦᠯᠢ ᠶᠢᠨ ᠬᠤᠭᠤᠷᠣᠨᠳᠤᠬᠢ ᠨᠢᠭᠲᠠ ᠬᠠᠮᠵᠢᠯᠴᠠᠭ᠎ᠠ ᠪᠠᠷ ᠲᠠᠮᠵᠢᠭᠤᠯᠵᠣ 600 ᠣᠷᠴᠢᠮ ᠲᠠᠩ ᠦᠭᠡ ᠶᠢ ᠬᠤᠯᠪᠤᠵᠤ ᠪᠦᠲᠦᠭᠡᠨ ᠣᠩᠰᠢᠵᠤ ᠣᠶᠢᠯᠠᠭᠠᠬᠤ ᠶᠢᠨ ᠲᠠᠭᠠᠤ ᠳᠤ ᠴᠠᠭᠠᠰᠢ ᠨᠡᠩ ᠣᠯᠠᠨ ᠦᠷᠭᠡᠳᠭᠡᠨ ᠰᠦᠪᠡᠭᠴᠢᠯᠡᠬᠦ ᠣᠷᠣᠨ ᠵᠠᠢ ᠶᠢ ᠲᠠᠯᠪᠢᠵᠤ ᠴᠢᠳᠠᠭᠰᠠᠨ ᠪᠠᠶᠢᠨ᠎ᠠ᠃ ᠦᠭᠡ ᠶᠢᠨ ᠣᠷᠴᠢᠨ ᠳᠤ ᠦᠶ᠎ᠡ ᠲᠠᠨᠢᠭᠤᠯᠬᠤ ᠠᠷᠭ᠎ᠠ ᠨᠢ ᠦᠶ᠎ᠡ ᠲᠠᠨᠢᠭᠤᠯᠬᠤ ᠪᠠ ᠦᠭᠡ ᠡᠵᠡᠮᠰᠢᠬᠦᠯᠬᠦ ᠪᠣᠯ ᠬᠠᠷᠢᠯᠴᠠᠨ ᠲᠦᠰᠢᠯᠴᠡᠵᠦ᠂ ᠬᠠᠷᠢᠯᠴᠠᠨ ᠠᠬᠢᠭᠤᠯᠬᠤ ᠬᠠᠷᠢᠴᠠᠭ᠎ᠠ ᠲᠠᠢ ᠭᠡᠳᠡᠭ ᠢ ᠵᠦᠪ ᠢᠶᠠᠷ ᠣᠶᠢᠯᠠᠭᠠᠵᠤ ᠲᠠᠨᠢᠭᠰᠠᠨ ᠶᠤᠮ᠃ ᠡᠨᠡ ᠨᠢ ᠦᠶ᠎ᠡ ᠲᠠᠨᠢᠭᠤᠯᠬᠤ ᠠᠴᠠ ᠦᠶ᠎ᠡ ᠶᠢ ᠬᠡᠷᠡᠭᠯᠡᠬᠦ ᠲᠡᠶᠢᠰᠢ ᠬᠦᠭᠵᠢᠭᠦᠯᠵᠤ ᠴᠢᠳᠠᠭᠰᠠᠨ ᠪᠠᠶᠢᠨ᠎ᠠ᠃      ᠦᠭᠡ ᠶᠢᠨ ᠤᠷᠴᠢᠨ ᠳᠤ ᠦᠶ᠎ᠡ ᠲᠠᠨᠢᠭᠤᠯᠬᠤ ᠠᠷᠭ᠎ᠠ ᠪᠣᠯ ᠰᠢᠨᠵᠢᠯᠡᠬᠦ ᠤᠬᠠᠭᠠᠨᠴᠢ ᠣᠪᠣᠷ ᠬᠢᠭᠡᠳ ᠠᠷᠭ᠎ᠠ ᠪᠣᠳᠤᠯᠭ᠎ᠠ ᠳᠤ ᠲᠦᠰᠢᠭᠯᠡᠨ᠎ᠡ᠃ ᠭᠤᠣᠯ ᠣᠨᠣᠯᠲᠠ ᠨᠢ ᠦᠶ᠎ᠡ ᠲᠠᠨᠢᠭᠤᠯᠬᠤ ᠪᠠ ᠦᠭᠡ ᠡᠵᠡᠮᠰᠢᠬᠦᠯᠬᠦ ᠶᠠᠪᠤᠴᠠ ᠶᠢ ᠤᠶᠠᠯᠳᠤᠭᠤᠯᠤᠨ ᠨᠢᠭᠡᠳᠭᠡᠵᠦ ᠬᠡᠦᠭᠡᠳ ᠤᠨ ᠲᠠᠨᠢᠨ ᠮᠡᠳᠡᠬᠦᠢ ᠶᠢᠨ ᠵᠢᠮ᠎ᠡ ᠶᠤᠰᠤ ᠪᠣᠯᠣᠨ ᠬᠡᠯᠡᠨ ᠤ ᠵᠢᠮ᠎ᠡ ᠶᠢ ᠵᠦᠪ ᠢᠶᠠᠷ ᠡᠵᠡᠮᠰᠢᠬᠦ ᠳᠤ ᠪᠠᠶᠢᠳᠠᠭ᠃ ᠬᠡᠦᠭᠡᠳ ᠢ ᠠᠯᠪᠠᠳᠠᠵᠤ ᠲᠠᠷᠤᠨ ᠪᠢᠴᠢᠬᠦᠯᠦᠭᠡᠳ ᠪᠠᠶᠢᠬᠤ ᠨᠢ ᠶᠠᠷᠢᠶᠠᠨ ᠦᠭᠡᠢ ᠰᠢᠨᠵᠢᠯᠡᠬᠦ ᠤᠬᠠᠭᠠᠨᠴᠢ ᠠᠷᠭ᠎ᠠ ᠪᠠᠷᠢᠯ ᠪᠢᠰᠢ᠂ ᠭᠡᠳᠡᠯ᠎ᠡ ᠦᠶ᠎ᠡ ᠪᠠᠨ ᠪᠦᠬᠦᠯᠢ ᠴᠣᠭᠴᠠ ᠶᠢᠨ ᠲᠠᠯ᠎ᠠ ᠠᠴᠠ ᠶᠡᠷᠦᠩᠭᠡᠶᠢᠯᠡᠵᠦ ᠲᠠᠨᠢᠭᠤᠯᠬᠤ ᠦᠭᠡᠢ ᠲᠠᠩᠲᠠ ᠯᠠ ᠦᠭᠡ ᠡᠵᠡᠮᠰᠢᠬᠦᠯᠬᠦ ᠲᠡᠶᠢᠰᠢ ᠭᠡᠳᠦᠷᠭᠡᠢ ᠬᠡᠯᠪᠠᠶᠢᠪᠡᠯ ᠮᠦᠨ ᠴᠦ ᠠᠳᠠᠯᠢᠬᠠᠨ ᠲᠣᠬᠢᠲᠠᠢ ᠰᠠᠶᠢᠨ ᠦᠷ᠎ᠡ ᠪᠦᠲᠦᠮᠵᠢ ᠳᠤ ᠬᠦᠷᠴᠦ ᠴᠢᠳᠠᠬᠤ ᠦᠭᠡᠢ ᠶᠤᠮ᠃ ᠢᠢᠮᠦ ᠠᠴᠠ ᠦᠶ᠎ᠡ ᠲᠠᠨᠢᠭᠤᠯᠬᠤ ᠪᠠ ᠦᠭᠡ ᠡᠵᠡᠮᠰᠢᠬᠦᠯᠬᠦ ᠶᠢᠨ ᠬᠠᠷᠢᠴᠠᠭᠠᠨ ᠤ ᠲᠣᠮᠲᠠ ᠠᠯᠢ ᠨᠢᠭᠡ ᠲᠡᠶᠢᠰᠢ ᠨᠢ ᠬᠡᠯᠪᠠᠶᠢᠬᠦ ᠶᠠᠪᠤᠳᠠᠯ ᠪᠢᠰᠢ᠂ ᠬᠠᠷᠢᠨ ᠵᠡᠷᠭᠡ ᠪᠠᠷ ᠠᠳᠬᠤᠵᠤ ᠬᠠᠮᠲᠤ ᠪᠠᠷ ᠲᠡᠭᠡᠭᠰᠢᠯᠡᠬᠦᠯᠬᠦ ᠴᠢᠬᠤᠯᠠ ᠲᠠᠢ ᠪᠠᠶᠢᠳᠠᠭ᠃ ᠡᠬᠦᠨ ᠤ ᠭᠤᠣᠯ ᠵᠠᠩᠬᠢᠯᠠᠭ᠎ᠠ ᠨᠢ᠄ ᠨᠢᠭᠡ ᠳᠤ᠂ ᠬᠦᠵᠦᠷ ᠺᠠᠷᠲ ᠤᠨ ᠤᠷᠮ᠎ᠠ ᠶᠢ ᠬᠦᠭᠵᠢᠭᠡᠬᠦ ᠦᠢᠯᠡᠳᠦᠯ ᠢ ᠬᠡᠷᠬᠢᠨ ᠪᠠᠳᠠᠷᠠᠭᠤᠯᠬᠤ ᠳᠤ ᠪᠠᠶᠢᠨ᠎ᠠ︔ ᠬᠤᠶᠠᠷ ᠲᠤ᠂ ᠰᠤᠷᠭᠠᠨ ᠬᠦᠮᠦᠵᠢᠯ ᠤᠨ ᠡᠬᠢ ᠪᠠᠶᠠᠯᠢᠭ ᠢ ᠪᠦᠬᠦ ᠲᠠᠯ᠎ᠠ ᠪᠠᠷ ᠠᠭᠤᠳᠠᠯᠠᠨ ᠭᠡᠷ ᠤᠨ ᠠᠬᠠᠮᠠᠳ ᠢ ᠬᠢᠴᠢᠶᠡᠯ ᠳᠤ ᠤᠷᠢᠶᠠᠯᠠᠨ ᠲᠠᠭᠤᠲᠠᠬᠤ ᠳᠤ ᠪᠠᠶᠢᠨ᠎ᠠ᠃      3. ︽ᠠᠷᠪᠠᠨ ᠬᠤᠶᠠᠷ ᠰᠠᠮᠪᠠᠷ᠎ᠠ︾ ᠤᠩᠰᠢᠭᠤᠯᠬᠤ      ︽ᠠᠷᠪᠠᠨ ᠬᠤᠶᠠᠷ ᠰᠠᠮᠪᠠᠷ᠎ᠠ︾ ᠪᠣᠯ ᠮᠠᠰᠢ ᠤᠷᠳᠤ ᠣᠳᠠᠭᠠᠨ ᠲᠡᠦᠭᠡ ᠲᠠᠢ ᠣᠯᠠᠮᠵᠢᠯᠠᠯᠳᠤ ᠦᠶ᠎ᠡ ᠲᠠᠨᠢᠭᠤᠯᠬᠤ ᠠᠷᠭ᠎ᠠ ᠪᠣᠯᠣᠨ᠎ᠠ᠃ ᠲᠡᠷᠡ ᠨᠢ ᠮᠣᠩᠭᠤᠯ ᠬᠡᠯᠡᠨ ᠤ ᠦᠶ᠎ᠡ ᠶᠢᠨ ᠲᠣᠬᠠᠢ ᠦᠪᠡᠷᠮᠢᠴᠡ ᠨᠢᠭᠡᠨ ᠪᠦᠷᠢᠳᠭᠡᠯ ᠤᠨ ᠬᠦᠰᠦᠨᠦᠭᠲᠦ ᠪᠣᠯᠬᠤ ᠮᠦᠷᠲᠡᠭᠡᠨ ᠦᠶ᠎ᠡ ᠲᠠᠨᠢᠭᠤᠯᠬᠤ ᠪᠦᠷᠢᠨ ᠲᠡᠭᠦᠯᠲᠡᠷ ᠠᠷᠭ᠎ᠠ ᠪᠠᠷᠢᠯ ᠪᠣᠯᠬᠤ ᠶᠤᠮ᠃ ᠦᠨᠦᠲᠦᠷ ᠪᠢᠲᠠ ᠬᠡᠦᠭᠡᠳ ᠲᠤ ᠪᠠᠨ ︽ᠠᠷᠪᠠᠨ ᠬᠤᠶᠠᠷ ᠰᠠᠮᠪᠠᠷ᠎ᠠ︾ ᠶᠢ ᠣᠩᠰᠢᠭᠤᠯᠵᠤ ᠪᠠᠶᠢᠭ᠎ᠠ ᠨᠢ ᠤᠯᠠᠮᠵᠢᠯᠠᠯᠲᠤ ᠵᠢᠭᠠᠬᠤ ᠠᠷᠭ᠎ᠠ ᠪᠠᠨ ᠣᠳᠣᠬᠢᠴᠢᠯᠠᠵᠤ ᠬᠡᠷᠡᠭᠯᠡᠭᠰᠡᠨ ᠶᠠᠪᠤᠳᠠᠯ ᠪᠣᠯᠣᠨ᠎ᠠ᠃      ︽ᠠᠷᠪᠠᠨ ᠬᠤᠶᠠᠷ ᠰᠠᠮᠪᠠᠷ᠎ᠠ︾ ᠳᠤ᠄ ︽ᠴᠠᠭᠠᠨ ᠲᠣᠯᠣᠭᠠᠢ ᠶᠢᠨ ᠰᠠᠮᠪᠠᠷ᠎ᠠ︾᠂ ︽ᠠᠨ ᠰᠠᠮᠪᠠᠷ᠎ᠠ︾᠂ ︽ᠠᠮ ᠰᠠᠮᠪᠠᠷ᠎ᠠ︾᠂ ︽ᠠᠯ ᠰᠠᠮᠪᠠᠷ᠎ᠠ︾᠂ ︽ᠠᠩ ᠰᠠᠮᠪᠠᠷ᠎ᠠ︾᠂ ︽ᠠᠪ ᠰᠠᠮᠪᠠᠷ᠎ᠠ︾᠂ ︽ᠠᠭ ᠰᠠᠮᠪᠠᠷ᠎ᠠ︾᠂ ︽ᠠᠷ ᠰᠠᠮᠪᠠᠷ᠎ᠠ︾᠂ ︽ᠠᠰ ᠰᠠᠮᠪᠠᠷ᠎ᠠ︾᠂ ︽ᠠᠳ ᠰᠠᠮᠪᠠᠷ᠎ᠠ︾᠂ ︽ᠠᠢ ᠰᠠᠮᠪᠠᠷ᠎ᠠ︾᠂ ︽ᠠᠤ ᠰᠠᠮᠪᠠᠷ᠎ᠠ︾ ᠪᠠᠭᠲᠠᠨ᠎ᠠ᠃ ︽ᠯᠠᠪᠯᠠᠬᠤ ᠪᠢᠴᠢᠭ︾ ᠲᠤ ᠲᠣᠲᠣᠷᠬᠠᠶᠢᠯᠠᠭᠰᠠᠨ ︽ᠨᠢᠭᠡ ᠭᠤᠣᠯᠳᠠᠯᠭ᠎ᠠ᠂ ᠲᠦᠷᠪᠡᠨ ᠵᠢᠮ᠎ᠡ ᠶᠤᠰᠤ︾ ᠪᠣᠯ ᠲᠡᠪᠢᠰᠭᠡᠷᠲᠦ ᠦᠶ᠎ᠡ ᠶᠢ ᠵᠢᠮ᠎ᠡ ᠶᠤᠰᠤᠨ ᠤ ᠲᠠᠯ᠎ᠠ ᠠᠴᠠ ᠨᠢ ᠲᠠᠨᠢᠭᠤᠯᠬᠤ ᠠᠷᠭ᠎ᠠ ᠪᠠᠷᠢᠯ ᠮᠦᠨ᠃ ︽ᠨᠢᠭᠡ ᠭᠤᠣᠯᠳᠠᠯᠭ᠎ᠠ᠂ ᠲᠦᠷᠪᠡᠨ ᠵᠢᠮ᠎ᠡ ᠶᠤᠰᠤ︾ ᠨᠢ ︽ᠠᠷᠪᠠᠨ ᠬᠤᠶᠠᠷ ᠰᠠᠮᠪᠠᠷ᠎ᠠ︾ ᠣᠩᠰᠢᠭᠤᠯᠬᠤ ᠠᠷᠭ᠎ᠠ ᠲᠠᠢ ᠤᠶᠠᠯᠳᠤᠪᠠᠯ ᠰᠠᠶ᠋ᠢ ᠨᠢᠭᠡᠨ ᠪᠦᠷᠢᠨ ᠪᠦᠲᠦᠨ ᠦᠶ᠎ᠡ ᠲᠠᠨᠢᠭᠤᠯᠬᠤ ᠠᠷᠭ᠎ᠠ ᠪᠠᠷᠢᠯ ᠢ ᠪᠦᠷᠢᠯᠳᠤᠭᠦᠯᠳᠡᠭ᠃ ︽ᠠᠷᠪᠠᠨ ᠬᠤᠶᠠᠷ ᠰᠠᠮᠪᠠᠷ᠎ᠠ︾ ᠶᠢ ᠤᠩᠰᠢᠪᠠᠯ ᠰᠠᠶ᠋ᠢ ᠬᠡᠦᠭᠡᠳ ᠮᠣᠩᠭᠤᠯ ᠬᠡᠯᠡᠨ ᠤ ᠪᠠᠨ ᠦᠶ᠎ᠡ ᠶᠢ ᠰᠢᠰᠲ᠋ᠧᠮ ᠲᠠᠢ ᠣᠶᠢᠯᠠᠭᠠᠵᠤ ᠪᠦᠬᠦᠯᠢ ᠴᠣᠭᠴᠠ ᠶᠢᠨ ᠲᠠᠯ᠎ᠠ ᠶᠢᠨ ᠪᠣᠲᠠᠲᠤ ᠲᠠᠨᠢᠯᠲᠠ ᠲᠠᠢ ᠪᠣᠯᠵᠤ ᠴᠢᠳᠠᠨ᠎ᠠ᠃ ︽ᠠᠷᠪᠠᠨ ᠬᠤᠶᠠᠷ ᠰᠠᠮᠪᠠᠷ᠎ᠠ︾ ᠶᠢ ᠣᠩᠰᠢᠭᠤᠯᠬᠤ ᠳᠤ ᠨᠢᠭᠡ ᠯᠠ ᠠᠷᠭ᠎ᠠ ᠳᠤ ᠪᠠᠷᠢᠭᠳᠠᠨ᠂ ᠨᠢᠭᠡ ᠯᠠ ᠬᠦᠭ ᠢᠶᠠᠷ ᠨᠣᠷᠰᠢᠵᠣ ᠣᠩᠰᠢᠭᠤᠯᠵᠤ ᠪᠣᠯᠬᠤ ᠦᠭᠡᠢ᠃ ᠵᠠᠪᠠᠯ ᠣᠯᠠᠨ ᠵᠦᠢᠯ ᠤᠨ ᠠᠷᠭ᠎ᠠ ᠶᠢ ᠬᠡᠷᠡᠭᠯᠡᠵᠦ ᠬᠡᠦᠭᠡᠳ ᠤᠨ ᠲᠣᠷ᠎ᠠ ᠪᠠᠬ᠎ᠠ ᠶᠢ ᠲᠠᠲᠠᠬᠤ ᠬᠡᠷᠡᠭᠲᠡᠢ᠃ ︽ᠠᠷᠪᠠᠨ ᠬᠤᠶᠠᠷ ᠰᠠᠮᠪᠠᠷ᠎ᠠ︾ ᠶᠢ ᠬᠡᠦᠭᠡᠳ ᠲᠤ ᠴᠡᠭᠡᠵᠢᠯᠡᠬᠦᠯᠬᠦ ᠪᠣᠶᠣ ᠪᠢᠴᠢᠬᠦᠯᠬᠦ ᠭᠡᠵᠤ ᠠᠯᠪᠠᠳᠠᠵᠤ ᠲᠠᠷᠤᠭᠰᠠᠨ ᠤ ᠬᠡᠷᠡᠭ ᠦᠭᠡᠢ᠂ ᠣᠩᠰᠢᠯᠭ᠎ᠠ ᠪᠠᠷ ᠲᠠᠮᠵᠢᠭᠠᠳ ᠬᠡᠦᠭᠡᠳ ᠵᠢᠮ᠎ᠡ ᠶᠣᠰᠣ ᠪᠠᠷ ᠨᠢ ᠮᠦᠷᠳᠡᠪᠡᠯ ᠲᠡᠪᠢᠰᠭᠡᠷᠲᠦ ᠦᠶ᠎ᠡ ᠶᠢ ᠠᠶᠠᠨᠳᠠᠭᠠᠨ ᠲᠣᠭᠲᠠᠭᠠᠬᠤ ᠪᠣᠯᠣᠨ᠎ᠠ᠃ ︽ᠠᠷᠪᠠᠨ ᠬᠤᠶᠠᠷ ᠰᠠᠮᠪᠠᠷ᠎ᠠ︾ ᠣᠩᠰᠢᠭᠤᠯᠬᠤ ᠠᠷᠭ᠎ᠠ ᠶᠢ ᠪᠣᠲᠠᠲᠠᠢ ᠬᠡᠷᠡᠭᠵᠢᠬᠦᠯᠬᠦ ᠳᠤ ᠪᠠᠨ ᠬᠦᠵᠦᠷ ᠺᠠᠷᠲ ᠢᠶᠠᠷ ᠦᠶ᠎ᠡ ᠲᠠᠨᠢᠭᠤᠯᠬᠤ ᠠᠷᠭ᠎ᠠ ᠲᠠᠢ ᠤᠶᠠᠯᠳᠤᠭᠤᠯᠬᠤ ᠂ ᠦᠭᠡ ᠶᠢᠨ ᠣᠷᠴᠢᠨ ᠳᠤ ᠦᠶ᠎ᠡ ᠲᠠᠨᠢᠭᠤᠯᠬᠤ ᠠᠷᠭ᠎ᠠ ᠲᠠᠢ ᠤᠶᠠᠯᠳᠤᠭᠤᠯᠬᠤ ᠶᠢ ᠣᠨᠴᠠ ᠠᠩᠬᠠᠷᠴᠦ᠂ ᠲᠡᠲᠡᠭᠡᠷ ᠤᠨ ᠣᠶᠠᠯᠳᠤᠯ ᠤᠨ ᠴᠡᠭ ᠬᠢᠭᠡᠳ ᠡᠵᠡᠯᠡᠬᠦ ᠪᠣᠲᠠᠲᠠᠢ ᠣᠷᠣᠨ ᠵᠠᠢ ᠶᠢ ᠨᠢ ᠵᠦᠪ ᠢᠶᠠᠷ ᠠᠳᠬᠤᠬᠤ ᠪᠣᠯ ᠬᠠᠮᠤᠭ ᠤᠨ ᠴᠢᠬᠤᠯᠠ ᠪᠠᠶᠢᠳᠠᠭ ᠶᠣᠮ᠃      ᠬᠦᠵᠦᠷ ᠲᠣᠭᠯᠠᠭᠠᠮ ᠢᠶᠠᠷ ᠰᠣᠷᠬᠤ ᠪᠣᠯ ᠲᠣᠷ᠎ᠠ ᠵᠣᠷᠢᠭ ᠤᠨ ᠶᠠᠭᠤᠮ᠎ᠠ ᠪᠢᠰᠢ᠂ ᠬᠦᠵᠦᠷ ᠰᠠᠶᠢᠨ ᠭᠡᠳ ᠬᠠᠮᠢᠶ᠎ᠠ ᠨᠠᠮᠢᠶ᠎ᠠ ᠦᠭᠡᠢ ᠬᠡᠷᠡᠭᠯᠡᠬᠦ ᠶᠠᠪᠤᠳᠠᠯ ᠪᠢᠰᠢ᠂ ᠪᠣᠢ ᠪᠦᠬᠦᠢ ᠵᠢᠭᠠᠬᠤ ᠠᠭᠤᠯᠭ᠎ᠠ ᠲᠡᠷᠡ ᠪᠦᠬᠦᠨ ᠢ ᠵᠠᠪᠠᠯ ᠬᠦᠵᠦᠷ ᠲᠣᠭᠯᠠᠭᠠᠮ ᠢᠶᠠᠷ ᠰᠢᠢᠳᠪᠦᠷᠢᠯᠡᠬᠦ ᠭᠡᠰᠡᠨ ᠣᠴᠢᠷ ᠴᠤ ᠪᠢᠰᠢ᠂ ᠶᠠᠮᠠᠷ ᠦᠶ᠎ᠡ ᠳᠤ ᠬᠦᠵᠦᠷ ᠲᠣᠭᠯᠠᠭᠠᠮ ᠢ ᠰᠣᠩᠭᠤᠵᠣ ᠬᠡᠷᠡᠭᠯᠡᠬᠦ ᠭᠡᠳᠡᠭ ᠢ ᠵᠠᠪᠠᠯ ᠨᠢᠭᠡᠨ ᠲᠣᠭᠲᠠᠭᠰᠠᠨ ᠵᠣᠷᠢᠯᠭ᠎ᠠ ᠶᠢᠨ ᠡᠭᠦᠲᠡᠨ ᠠᠴᠠ ᠰᠠᠶᠢᠳᠣᠷ ᠲᠤᠩᠭᠠᠨ ᠪᠣᠳᠣᠯᠬᠢᠯᠠᠬᠤ ᠬᠡᠷᠡᠭᠲᠡᠢ᠃ ᠬᠦᠵᠦᠷ ᠲᠣᠭᠯᠠᠭᠠᠮ ᠢᠶᠠᠷ ᠵᠢᠭᠠᠬᠤ ᠪᠠ ᠪᠣᠰᠣᠳ ᠵᠦᠢᠯ ᠤᠨ ᠵᠢᠭᠠᠬᠤ ᠠᠷᠭ᠎ᠠ ᠶᠢ ᠣᠶᠠᠯᠳᠣᠭᠤᠯᠵᠣ ᠭᠡᠷᠡᠭᠯᠡᠬᠦ ᠶᠢ ᠠᠩᠬᠠᠷᠬᠤ ᠬᠡᠷᠡᠭᠲᠡᠢ᠃ ᠶᠠᠭᠠᠬᠢᠭᠰᠠᠨ ᠴᠦ ᠬᠦᠵᠦᠷ ᠢᠶᠠᠷ ᠵᠢᠭᠠᠬᠤ ᠪᠣᠯᠣᠭᠰᠠᠨ ᠠᠴᠠ ᠪᠣᠰᠣᠳ ᠵᠦᠢᠯ ᠤᠨ ᠠᠷᠭ᠎ᠠ ᠬᠡᠷᠡᠭ ᠦᠭᠡᠢ ᠪᠣᠯᠣᠭᠰᠠᠨ ᠭᠡᠵᠦ ᠦᠵᠡᠵᠦ ᠪᠣᠯᠬᠤ ᠦᠭᠡᠢ᠃ ᠬᠦᠵᠦᠷ ᠲᠣᠭᠯᠠᠭᠠᠮ ᠢᠶᠠᠷ ᠵᠢᠭᠠᠬᠤ ᠶᠢᠨ ᠦᠨᠳᠦᠰᠦᠨ ᠵᠣᠷᠢᠯᠭ᠎ᠠ ᠨᠢ ᠬᠡᠦᠬᠡᠳ ᠢ ᠨᠠᠭᠠᠳᠴᠣ ᠲᠣᠭᠯᠠᠭᠤᠯᠬᠤ ᠲᠡᠭᠡᠷ᠎ᠡ ᠪᠠᠶᠢᠭ᠎ᠠ ᠪᠢᠰᠢ᠂ ᠬᠠᠷᠢᠨ ᠨᠠᠭᠠᠳᠴᠣ ᠨᠠᠷᠬᠢᠬᠤ ᠠᠴᠠ ᠰᠣᠷᠴᠣ ᠰᠣᠳᠣᠯᠬᠤ ᠲᠡᠶᠢᠰᠢ ᠬᠦᠭᠵᠢᠭᠡᠵᠦ᠂ ᠰᠣᠷᠴᠣ ᠰᠣᠳᠣᠯᠬᠤ ᠶᠢᠨ ᠠᠮᠲᠠᠷᠬᠠᠯ ᠬᠢᠭᠡᠳ ᠣᠷᠮ᠎ᠠ ᠵᠣᠷᠢᠭ ᠢ ᠣᠯᠭᠤᠬᠤ ᠲᠡᠭᠡᠷ᠎ᠡ ᠪᠠᠶᠢᠭ᠎ᠠ ᠶᠣᠮ᠃      ᠣᠯᠠᠮᠵᠢᠯᠠᠯᠳᠣ ᠬᠦᠵᠦᠷ ᠲᠣᠭᠯᠠᠭᠠᠮ ᠨᠢ ᠬᠢᠴᠢᠶᠡᠯᠯᠡᠭᠡ ᠶᠢᠨ ᠡᠬᠢ ᠪᠠᠶᠠᠯᠢᠭ ᠪᠤᠯᠵᠤ ᠬᠤᠪᠢᠷᠠᠭᠰᠠᠨ ᠶᠠᠪᠤᠳᠠᠯ ᠪᠣᠯ ᠨᠢᠭᠡ ᠵᠦᠢᠯ ᠤᠨ ᠦᠵᠡᠯᠲᠡ ᠲᠠᠨᠢᠯᠲᠠ ᠶᠢᠨ ᠲᠡᠭᠡᠭᠰᠢᠯᠡᠯᠳᠡ ᠮᠦᠨ᠃ ᠬᠦᠵᠦᠷ ᠲᠣᠭᠯᠠᠭᠠᠮ ᠢᠶᠠᠷ ᠰᠣᠷᠬᠤ ᠨᠢ ᠬᠢᠴᠢᠶᠡᠯ ᠪᠦᠬᠦᠨ ᠢ ᠵᠠᠪᠠᠯ ᠬᠦᠵᠦᠷ ᠢᠶᠠᠷ ᠲᠦᠭᠦᠷᠭᠡᠬᠦ ᠭᠡᠰᠡᠨ ᠣᠴᠢᠷ ᠪᠢᠰᠢ᠂ ᠬᠦᠵᠦᠷ ᠲᠣᠭᠯᠠᠭᠠᠮ ᠢᠶᠠᠷ ᠵᠢᠭᠠᠬᠤ ᠪᠣᠯ ᠬᠤᠶᠠᠳᠣᠭᠠᠷ ᠬᠢᠴᠢᠶᠡᠯᠯᠡᠭᠡ ᠶᠢᠨ ᠬᠡᠯᠪᠡᠷᠢ ᠮᠦᠨ᠂ ᠲᠡᠷᠡ ᠨᠢ ᠶᠡᠷᠦ ᠶᠢᠨ ᠬᠢᠴᠢᠶᠡᠯᠯᠡᠭᠡ ᠶᠢ ᠤᠷᠤᠯᠠᠵᠤ ᠴᠢᠳᠠᠬᠤ ᠦᠭᠡᠢ᠃ ᠲᠡᠷᠡ ᠪᠣᠯ ᠬᠢᠴᠢᠶᠡᠯ ᠤᠨ ᠭᠠᠳᠠᠨ᠎ᠠ ᠠᠴᠠ ᠬᠢᠴᠢᠶᠡᠯ ᠳᠤ ᠦᠢᠯᠡᠴᠢᠯᠡᠬᠦ᠂ ᠭᠡᠷ ᠪᠦᠯᠢ ᠠᠴᠠ ᠬᠢᠴᠢᠶᠡᠯ ᠳᠤ ᠬᠠᠮᠵᠢᠬᠤ ᠣᠨᠴᠠᠯᠢᠭ ᠲᠠᠢ᠃ ᠬᠡᠦᠭᠡᠳ ᠬᠢᠴᠢᠶᠡᠯ ᠤᠨ ᠭᠠᠳᠠᠨ᠎ᠠ᠂ ᠭᠡᠷ ᠲᠤ ᠪᠠᠨ ᠬᠦᠵᠦᠷ ᠲᠣᠭᠯᠠᠵᠣ ᠮᠡᠳᠡᠯᠭᠡ ᠶᠢᠨ ᠬᠠᠷᠠᠭᠠᠰᠣ ᠪᠠᠨ ᠦᠷᠭᠡᠳᠭᠡᠨ ᠴᠢᠳᠠᠪᠤᠷᠢ ᠪᠠᠨ ᠭᠦᠭᠵᠢᠭᠦᠯᠳᠡᠭ᠃ ︽ᠬᠦᠵᠦᠷ ᠲᠣᠭᠯᠠᠭᠠᠮ ᠢᠶᠠᠷ ᠰᠤᠷᠬᠤ ᠠᠷᠭ᠎ᠠ︾ ᠨᠢ ᠭᠤᠤᠯᠳᠠᠭᠤ ᠭᠡᠷ ᠪᠦᠯᠢ ᠳᠤ ᠲᠦᠰᠢᠭᠯᠡᠳᠡᠭ ᠪᠣᠯᠬᠤᠷ ᠭᠡᠷ ᠤᠨ ᠠᠬᠠᠮᠠᠳ ᠢ ᠤᠷᠢᠶᠠᠯᠠᠨ ᠲᠠᠭᠤᠳᠠᠵᠤ᠂ ᠲᠠᠳᠠ ᠨᠠᠷ ᠲᠠᠢ ᠨᠢᠭᠲᠠ ᠬᠠᠮᠵᠢᠯᠴᠠᠵᠤ᠂ ᠲᠣᠬᠢᠲᠠᠢ ᠪᠣᠯᠪᠠᠰᠤᠷᠠᠯ ᠤᠨ ᠠᠷᠭ᠎ᠠ ᠬᠡᠮᠵᠢᠶ᠎ᠡ ᠠᠪᠴᠤ ᠴᠢᠳᠠᠭᠰᠠᠨ ᠪᠠᠶᠢᠬᠤ ᠬᠡᠷᠡᠭᠲᠡᠢ᠃      ᠬᠠᠶ᠋ᠢᠬ᠄ ᠬᠤᠷᠴᠢᠨ ᠪᠠᠷᠠᠭᠤᠨ ᠭᠠᠷᠤᠨ ᠲᠣᠮᠲᠠᠲᠤ ᠬᠤᠰᠢᠭᠤᠨ ᠤ               ᠪᠠᠶᠠᠨᠬᠤᠰᠢᠭᠤ ᠲᠦᠷᠪᠡᠳᠦᠭᠡᠷ ᠪᠠᠭ᠎ᠠ ᠰᠣᠷᠭᠠᠭᠤᠯᠢ                    ︵ᠰᠦᠶ᠎ᠠ ᠨᠠᠶᠢᠷᠠᠭᠤᠯᠪᠠ︶                      2018 ᠣᠨ ᠤ 8 ᠳ᠋ᠤᠭᠠᠷ ᠬᠤᠭᠤᠴᠠᠭ᠎ᠠ
 
ᠢᠷᠡᠯᠲᠡ᠄ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠤᠷᠭᠠᠨ ᠬᠦᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map