ᠬᠡᠯᠡᠨ ᠵᠦᠢ — ︽ᠬᠢᠵᠢᠭ︾ ᠢ ᠠᠷᠢᠯᠭᠠᠭᠴᠢ ᠰᠢᠳᠢᠲᠦ ᠵᠣᠷ
ᠨᠡᠶᠢᠲᠡᠯᠡᠭᠰᠡᠨ ᠴᠠᠭ᠄
2019/1/11
                                                       ᠠᠭᠤᠯᠠ      ᠰᠢᠨ᠎ᠡ ᠰᠤᠷᠤᠯᠭ᠎ᠠ ᠶᠢᠨ ᠬᠤᠭᠤᠴᠠᠭ᠎ᠠ ᠡᠬᠢᠯᠡᠵᠦ ᠠᠩᠬ᠎ᠠ ᠨᠢᠭᠡ ᠶᠢᠨ ᠰᠤᠷᠤᠭᠴᠢ ᠳᠤ ᠮᠣᠩᠭᠤᠯ ᠬᠡᠯᠡᠨ ᠤ ᠬᠢᠴᠢᠶᠡᠯ ᠣᠷᠣᠬᠤ ᠠᠴᠠ ᠪᠠᠨ ᠡᠮᠦᠨ᠎ᠡ ᠮᠣᠩᠭᠤᠯ ᠬᠡᠯᠡ ᠪᠠᠨ ᠤᠩᠰᠢᠵᠤ ᠪᠢᠴᠢᠵᠦ ᠴᠢᠳᠠᠳᠠᠭ ᠦᠭᠡᠢ ᠰᠤᠷᠤᠭᠴᠢ ᠪᠠᠶᠢᠬᠤ ᠡᠰᠡᠬᠦ ᠲᠤᠬᠠᠢ ᠯᠠᠪᠯᠠᠭᠰᠠᠨ ᠳᠤ ᠤᠩᠰᠢᠵᠤ ᠴᠢᠳᠠᠬᠤ ᠦᠭᠡᠢ ᠭᠡᠵᠤ ᠶᠠᠷᠢᠭᠰᠠᠨ ᠬᠡᠦᠬᠡᠳ ᠪᠠᠶᠢᠬᠤ ᠦᠭᠡᠢ᠂ ᠭᠡᠲᠡᠯ᠎ᠡ ᠪᠢᠴᠢᠵᠦ ᠴᠢᠳᠠᠬᠤ ᠦᠭᠡᠢ ᠭᠡᠰᠡᠨ ᠰᠤᠷᠤᠭᠴᠢ ᠬᠠᠭᠠᠰ ᠢᠯᠠᠭᠦᠤ ᠬᠠᠷᠢᠴᠠᠯ ᠢ ᠡᠵᠡᠯᠡᠭᠰᠡᠨ ᠨᠢ ᠨᠠᠮ᠎ᠠ ᠶᠢ ᠲᠤᠩ ᠶᠡᠭᠡ ᠰᠣᠴᠢᠭᠠᠭᠰᠠᠨ ᠶᠤᠮ᠃ ᠪᠠᠭ᠎ᠠ ᠰᠤᠷᠭᠠᠭᠤᠯᠢ ᠶᠢᠨ ᠵᠢᠷᠭᠤᠭᠠᠨ ᠵᠢᠯ ᠳᠤ ᠰᠤᠷᠤᠭᠴᠢᠳ ᠢᠶᠠᠷ ᠵᠥᠪᠬᠡᠨ ᠬᠢᠴᠢᠶᠡᠯ ᠢ ᠤᠩᠰᠢᠭᠤᠯᠤᠭᠠᠳ᠂ ᠶᠠᠷᠢᠭᠤᠯᠤᠭᠠᠳ ᠯᠠ ᠢᠷᠡᠭᠰᠡᠨ ᠠᠴᠠ ᠪᠤᠰᠤ᠂ ᠮᠣᠩᠭᠤᠯ ᠦᠰᠦᠭ ᠢᠶᠠᠨ ᠪᠢᠴᠢᠭᠦᠯᠵᠦ ᠰᠤᠷᠭᠠᠭᠰᠠᠨ ᠦᠭᠡᠢ ᠭᠡᠵᠤ ᠦᠦ︖ ᠲᠡᠳᠡᠨ ᠤ ᠳᠤᠮᠳᠠ ᠠᠴᠠ ᠬᠡᠳᠦ ᠶᠢ ᠳᠠᠭᠤᠳᠠᠨ ᠶᠠᠭᠠᠬᠢᠭᠠᠳ ᠪᠢᠴᠢᠵᠦ ᠴᠢᠳᠠᠳᠠᠭ ᠦᠭᠡᠢ ᠶᠢᠨ ᠤᠴᠢᠷ ᠰᠢᠯᠲᠠᠭᠠᠨ ᠢ ᠨᠢ ᠯᠠᠪᠯᠠᠪᠠᠯ ᠮᠣᠩᠭᠤᠯ ᠭᠠᠯᠢᠭ ᠢ ᠨᠢ ᠪᠢᠴᠢᠵᠦ ᠴᠢᠳᠠᠳᠠᠭ ᠦᠭᠡᠢ᠂ ᠬᠠᠷᠢᠨ ᠮᠣᠩᠭᠤᠯ ᠦᠰᠦᠭ ᠢ ᠨᠢ ᠪᠢᠴᠢᠵᠦ ᠴᠢᠳᠠᠳᠠᠭ ᠭᠡᠨ᠎ᠡ᠃ ᠶᠠᠭᠠᠬᠢᠭᠠᠳ ᠮᠣᠩᠭᠤᠯ ᠭᠠᠯᠢᠭ ᠢ ᠨᠢ ᠴᠢᠳᠠᠳᠠᠭ ᠦᠭᠡᠢ ᠶᠤᠮ ᠪᠣᠢ ᠭᠡᠪᠡᠯ ᠰᠤᠷᠤᠭᠰᠠᠨ ᠦᠭᠡᠢ ᠭᠡᠨ᠎ᠡ᠃ ᠪᠠᠭᠰᠢ ᠵᠢᠭᠠᠭᠰᠠᠨ ᠦᠭᠡᠢ ᠭᠡᠰᠡᠨ ᠦᠭᠡ᠃ ᠲᠡᠭᠡᠭᠡᠳ ᠶᠠᠭᠠᠬᠢᠭᠠᠳ ᠮᠣᠩᠭᠤᠯ ᠭᠠᠯᠢᠭ ᠭᠡᠵᠤ ᠮᠡᠳᠡᠭᠰᠡᠨ ᠶᠤᠮ ᠭᠡᠪᠡᠯ ᠤᠳᠠᠭ᠎ᠠ ᠪᠦᠷᠢ ᠶᠢᠨ ᠰᠢᠯᠭᠠᠯᠲᠠ ᠳᠤ ᠮᠣᠩᠭᠤᠯ ᠭᠠᠯᠢᠭ ᠤᠨ ᠰᠡᠳᠦᠪ ᠭᠠᠷᠳᠠᠭ ᠶᠤᠮ ᠭᠡᠨ᠎ᠡ᠃ ᠯᠠᠮ᠎ᠠ ᠡ᠂ ᠶᠣᠰᠣᠲᠠᠢ ᠬᠤᠪᠢᠯᠭᠠᠨ ᠬᠠᠷᠢᠭᠤᠯᠲᠠ᠃ ᠤᠳᠠᠭ᠎ᠠ ᠪᠦᠷᠢ ᠶᠢᠨ ᠰᠢᠯᠭᠠᠯᠲᠠ ᠳᠤ ᠭᠠᠷᠳᠠᠭ ᠠᠭᠤᠯᠭ᠎ᠠ ᠶᠢ ᠵᠢᠭᠠᠳᠠᠭ ᠦᠭᠡᠢ ᠲᠡᠭᠡᠭᠡᠳ ᠥᠭᠡᠷ᠎ᠡ ᠶᠠᠭᠤ ᠶᠢ ᠵᠢᠭᠠᠭᠠᠳ ᠪᠠᠶᠢᠭᠰᠠᠨ ᠶᠤᠮ ᠪᠣᠢ᠂ ᠮᠠᠨ ᠤ ᠪᠠᠭᠰᠢ ᠨᠠᠷ︖ ᠵᠢᠷᠭᠤᠭᠠᠨ ᠵᠢᠯ ᠤᠨ ᠲᠤᠷᠰᠢ᠃      ᠰᠤᠷᠤᠭᠴᠢᠳ ᠤᠨ ᠳᠠᠰᠬᠠᠯ ᠪᠤᠶᠤ ᠵᠣᠬᠢᠶᠠᠯ ᠢ ᠵᠠᠰᠠᠬᠤ ᠪᠦᠷᠢ ᠳᠠᠭᠠᠪᠤᠷᠢ ᠪᠠ ᠦᠭᠡ ᠦᠰᠦᠭ ᠤᠨ ᠲᠠᠰᠢᠶ᠎ᠠ ᠶᠢ ᠵᠠᠰᠠᠬᠤ ᠨᠢ ᠮᠣᠩᠭᠤᠯ ᠬᠡᠯᠡᠨ ᠤ ᠪᠠᠭᠰᠢ ᠨᠠᠷ ᠤᠨ ᠭᠤᠣᠯ ᠠᠵᠢᠯ᠂ ᠬᠠᠮᠤᠭ ᠤᠨ ᠶᠡᠭᠡ ᠳᠠᠷᠤᠭᠠᠰᠤ ᠪᠣᠯᠵᠠᠢ᠃ ᠳᠠᠭᠠᠪᠤᠷᠢ᠂ ᠴᠡᠭ ᠲᠡᠮᠳᠡᠭ᠂ ᠤᠯᠠᠭᠠᠨ ᠮᠥᠷ ᠪᠦᠷ ᠬᠡᠷᠡᠭᠯᠡᠳᠡᠭ ᠦᠭᠡᠢ ᠪᠣᠯᠣᠭᠰᠠᠨ ᠪᠥᠭᠡᠳ ᠬᠡᠷᠡᠭᠯᠡᠳᠡᠭ ᠨᠢᠭᠡ ᠨᠢ ᠴᠦ ᠳᠤᠷ᠎ᠠ ᠲᠠᠪᠠ ᠪᠠᠷ ᠢᠶᠠᠨ ᠬᠡᠷᠡᠭᠯᠡᠵᠤ ᠪᠠᠶᠢᠨ᠎ᠠ᠃ ︽ ᠶᠢᠨ᠂ ᠤᠨ᠂ ᠤ᠂ ᠳᠤ᠂ ᠲᠤ᠂ ᠶᠢ᠂ ᠢ᠂ ᠪᠠᠷ᠂ ᠢᠶᠠᠷ︾ ᠵᠡᠷᠭᠡ ᠲᠠᠶᠢᠨ ᠢᠯᠭᠠᠯ ᠤᠨ ᠳᠠᠭᠠᠪᠤᠷᠢ ᠪᠣᠯᠣᠨ ︽ ᠪᠠᠨ᠂ ᠢᠶᠠᠨ︾ ᠵᠡᠷᠭᠡ ᠶᠡᠷᠦᠩᠬᠡᠶᠢᠯᠡᠨ ᠬᠠᠮᠢᠶᠠᠳᠠᠭᠤᠯᠬᠤ ᠳᠠᠭᠠᠪᠤᠷᠢ ᠶᠢ ᠬᠤᠳᠬᠤᠵᠤ ᠬᠡᠷᠡᠭᠯᠡᠬᠦ ᠨᠢ ᠵᠣᠩᠭᠢ ᠶᠢᠨ ᠳᠡᠭᠡᠷ᠎ᠡ ᠨᠢᠭᠡ ᠪᠦᠯᠦᠭ ᠶᠠᠷᠢᠶᠠᠨ ᠤ ᠬᠡᠯᠡ ︽ᠲᠡᠷᠡ ᠶᠢ ︵ᠲᠡᠭᠦᠨ ᠤ︶᠂ ᠪᠢ ᠶᠢᠨ ︵ᠮᠢᠨᠤ︶᠂ ᠨᠠᠮ᠎ᠠ ᠶᠢ ︵ᠨᠠᠮ᠎ᠠ ᠶᠢ︶︾ ᠶᠢ ᠲᠡᠮᠳᠡᠭᠯᠡᠵᠦ ᠪᠢᠴᠢᠬᠦ ᠳᠤ ᠦᠭᠡ ᠶᠢᠨ ᠦᠨᠳᠦᠰᠦ ᠥᠭᠡᠷᠡᠴᠢᠯᠡᠭᠳᠡᠬᠦ ᠶᠣᠰᠣ᠂ ︽ᠥᠭᠭᠦᠪᠡ ︵ᠥᠭᠪᠡ︶᠂ ᠣᠯᠤᠵᠤ ︵ᠣᠯᠵᠤ︶᠂ ᠠᠪᠤᠵᠠᠢ ︵ᠠᠪᠴᠠᠢ︶︾ ᠮᠡᠲᠦ ᠬᠤᠯᠪᠣᠬᠤ ᠦᠰᠦᠭ ᠤᠨ ᠳᠦᠷᠢᠮ ᠳᠤ ᠬᠤᠯᠪᠣᠭᠳᠠᠬᠤ ᠦᠰᠦᠭ᠂ ︽ᠪᠠᠬᠢᠷᠠᠭᠠᠳ ︵ᠪᠠᠷᠬᠢᠷᠠᠭᠠᠳ︶᠂ ᠮᠠᠭᠠᠲᠤᠷ ︵ᠮᠠᠷᠭᠠᠰᠢ︶︾ ᠮᠡᠲᠦ ᠶᠢᠨ ᠶᠠᠷᠢᠶᠠᠨ ᠤ ᠬᠡᠯᠡᠯᠭᠡ ᠶᠢᠨ ᠪᠢᠴᠢᠯᠭᠡ ᠵᠡᠷᠭᠡ ᠶᠢ ᠳᠠᠩᠳᠠ ᠲᠠᠰᠢᠶ᠎ᠠ ᠪᠢᠴᠢᠳᠡᠭ ᠪᠠᠶᠢᠨ᠎ᠠ᠃ ᠬᠡᠯᠡᠨ ᠵᠦᠢ ᠳᠤ ᠬᠢ ᠬᠠᠮᠤᠭ ᠤᠨ ᠦᠨᠳᠦᠰᠦᠨ ᠵᠦᠢᠯ᠂ ᠵᠥᠪ ᠪᠢᠴᠢᠯᠭᠡ ᠶᠢᠨ ᠬᠠᠮᠤᠭ ᠤᠨ ᠠᠩᠬᠠᠨ ᠤ᠂ ᠬᠠᠮᠤᠭ ᠤᠨ ᠨᠠᠭᠠᠲᠤ ᠵᠠᠬ᠎ᠠ ᠶᠢᠨ ᠮᠡᠳᠡᠯᠭᠡ ᠶᠢ ᠵᠥᠪ ᠡᠵᠡᠮᠰᠢᠵᠦ ᠬᠡᠷᠡᠭᠯᠡᠬᠦ ᠦᠭᠡᠢ ᠪᠠᠷ ᠦᠰᠦᠭ ᠢᠶᠠᠨ ᠵᠥᠪ ᠪᠢᠴᠢᠴᠢᠭᠡᠨ᠎ᠡ ᠦᠦ ᠳ᠋ᠠ︖      ᠳᠠᠬᠢᠭᠠᠳ ᠥᠨᠥ ᠴᠢᠳᠠᠳᠠᠭ ᠤᠩᠰᠢᠯᠭ᠎ᠠ ᠶᠢ ᠨᠢ ᠶᠠᠷᠢᠶ᠎ᠠ᠃ ᠠᠩᠬ᠎ᠠ ᠨᠢᠭᠡ ᠶᠢᠨ ᠬᠠᠮᠤᠭ ᠤᠨ ᠠᠩᠬᠠᠨ ᠤ ᠬᠢᠴᠢᠶᠡᠯ ᠪᠣᠯ ᠮᠣᠩᠭᠤᠯ ᠤᠯᠤᠰ ᠤᠨ ᠳ᠋᠊ · ᠨᠠᠴᠤᠭᠳᠣᠷᠵᠢ ᠶᠢᠨ ︽ᠮᠢᠨᠤ ᠨᠤᠲᠤᠭ︾ ᠭᠡᠭᠦ ᠰᠢᠯᠦᠭ᠃ ᠵᠢᠩᠬᠢᠨᠢ ᠬᠢᠴᠢᠶᠠᠯᠯᠡᠭᠦ ᠠᠴᠠ ᠡᠮᠦᠨ᠎ᠡ ᠰᠤᠷᠤᠭᠴᠢᠳ ᠠᠮᠠ ᠪᠤᠯᠢᠶᠠᠯᠳᠤᠨ ᠬᠢᠴᠢᠶᠡᠯ ᠢᠶᠠᠨ ᠤᠩᠰᠢᠭᠠᠳ ᠡᠬᠢᠯᠡᠬᠦ ᠨᠢ ᠪᠦᠷ ᠪᠢ ᠤᠩᠰᠢᠵᠤ ᠴᠢᠳᠠᠨ᠎ᠠ ᠭᠡᠳᠡᠭ ᠢᠶᠠᠨ ᠮᠡᠳᠡᠭᠦᠯᠵᠦ ᠪᠠᠶᠢᠭ᠎ᠠ ᠬᠡᠷᠡᠭ᠂ ᠰᠠᠶᠢᠨ ᠤᠴᠢᠷ᠃ ᠭᠡᠲᠡᠯ᠎ᠡ ︽ᠳ᠋ᠠ ︵dα︶ ᠨᠠᠴᠤᠭᠳᠣᠷᠵᠢ︾ ᠭᠡᠵᠤ ᠤᠩᠰᠢᠵᠤ ᠡᠬᠢᠯᠡᠬᠦ ᠪᠠᠷ ᠨᠠᠮ᠎ᠠ ᠶᠢ ᠪᠠᠰᠠ ᠯᠠ ᠰᠣᠴᠢᠭᠠᠭᠰᠠᠨ ᠶᠤᠮ᠃ ᠳ᠋ᠠ ︵dα︶︖ ᠨᠣᠮ ᠳᠡᠭᠡᠷ᠎ᠡ ᠲᠣᠪ ᠲᠣᠳᠤᠷᠬᠠᠢ ︽ᠳ᠋᠊︾ ᠭᠡᠵᠤ ᠶᠠᠮᠠᠷ ᠴᠦ ᠡᠭᠡᠰᠢᠭ ᠦᠭᠡᠢ ᠳᠠᠩ ᠭᠠᠭᠴᠠ ᠭᠡᠶᠢᠭᠦᠯᠦᠭᠴᠢ ᠦᠰᠦᠭ ᠢᠶᠠᠷ ᠪᠢᠴᠢᠵᠦ ᠪᠠᠶᠢᠬᠤ ᠳᠤ ᠪᠠᠰᠠ ᠬᠠᠮᠢᠭ᠎ᠠ ᠠᠴᠠ ᠨᠢ ︽ᠠ︾ ᠡᠭᠡᠰᠢᠭ ᠲᠠᠢ ᠪᠣᠯᠵᠤ ᠤᠩᠰᠢᠬᠤ ᠪᠣᠯᠴᠢᠬᠠᠪᠠ︖ ᠡᠭᠡᠰᠢᠭ ᠲᠠᠢ ᠤᠩᠰᠢᠬᠤ ᠪᠠᠷ ᠪᠣᠳᠣᠬᠤ ᠳᠤ ᠶᠠᠭᠤᠨ ᠳᠤ ︽ᠡ︾ ᠪᠠᠷ ᠤᠩᠰᠢᠬᠤ ᠦᠭᠡᠢ ᠶᠤᠮ︖ ᠤᠴᠢᠷ ᠢ ᠯᠠᠪᠯᠠᠪᠠᠯ ᠮᠠᠨ ᠤ ᠪᠠᠭᠰᠢ ᠲᠡᠭᠡᠵᠦ ᠤᠩᠰᠢᠵᠤ᠂ ᠲᠡᠭᠡᠵᠦ ᠵᠢᠭᠠᠵᠠᠢ ᠭᠡᠨ᠎ᠡ᠂ ᠠᠮᠠ ᠬᠤᠷᠳᠤᠨ ᠨᠢᠭᠡ ᠨᠢ ᠷᠠᠳᠢᠣ᠋ ᠲᠧᠯᠸᠢᠰ ᠢᠶᠠᠷ ᠴᠦ ᠲᠡᠭᠡᠵᠦ ᠤᠩᠰᠢᠳᠠᠭ ᠶᠠ᠂ ᠬᠥᠲᠥᠯᠥᠭᠴᠢ ᠨᠡᠪᠲᠡᠷᠡᠭᠦᠯᠦᠭᠴᠢ ᠴᠦ ᠲᠡᠭᠡᠵᠦ ᠤᠩᠰᠢᠳᠠᠭ ᠡ᠂ ᠪᠠᠭᠰᠢ ᠡ ᠭᠡᠬᠦ ᠶᠤᠮ᠃ ᠶᠣᠰᠣᠲᠠᠢ ᠢᠨᠢᠶᠡᠵᠦ ᠤᠬᠢᠯᠠᠬᠤ ᠪᠠᠨ ᠣᠯᠬᠤ ᠦᠭᠡᠢ ᠪᠣᠯᠵᠠᠢ᠃ ᠮᠠᠨ ᠤ ᠪᠠᠭᠰᠢ ᠨᠠᠷ ᠴᠦ ᠲᠡᠭᠡᠵᠦ ᠤᠩᠰᠢᠵᠤ᠂ ᠲᠡᠭᠡᠵᠦ ᠵᠢᠭᠠᠭᠠᠳ ᠢᠷᠠᠵᠠᠢ ᠭᠡᠳᠡᠭ ᠢ ᠪᠢ ᠨᠢᠴᠤᠭᠠᠬᠤ ᠦᠭᠡᠢ᠂ ᠵᠥᠪᠰᠢᠶᠡᠷᠡᠨ᠎ᠡ᠂ ᠦᠨᠡᠨ ᠤᠴᠢᠷ ᠶᠤᠮ ᠴᠢᠨᠢ ᠳ᠋ᠠ᠃ ᠡᠨᠡ ᠬᠡᠦᠬᠡᠳ ᠤᠨ ᠪᠤᠷᠤᠭᠤ ᠪᠢᠰᠢ᠂ ᠮᠥᠨ ᠲᠡᠳᠡᠭᠡᠷ ᠬᠥᠲᠥᠯᠥᠭᠴᠢ ᠨᠡᠪᠲᠡᠷᠡᠭᠦᠯᠦᠭᠴᠢ ᠶᠢᠨ ᠪᠤᠷᠤᠭᠤ ᠴᠦ ᠪᠢᠰᠢ ᠪᠠᠶᠢᠵᠤ ᠮᠡᠳᠡᠨ᠎ᠡ᠂ ᠭᠡᠲᠡᠯ᠎ᠡ ᠪᠠᠭᠰᠢ ᠶᠢᠨ ᠪᠤᠷᠤᠭᠤ ᠭᠡᠳᠡᠭ ᠨᠢ ᠮᠠᠷᠭᠤᠰᠢ ᠦᠭᠡᠢ ᠪᠠᠶᠢᠨ᠎ᠠ᠃ ᠳ᠋᠊ · ᠨᠠᠴᠤᠭᠳᠣᠷᠵᠢ ᠶᠢᠨ ︽ᠳ᠋᠊︾ ᠶᠢ ᠬᠢᠲᠠᠳ ᠬᠡᠯᠡᠨ ᠳᠤ ︽达︾ ᠭᠡᠵᠤ ᠲᠡᠮᠳᠡᠭᠯᠡᠭᠰᠡᠨ ᠢ ᠮᠠᠨ ᠤ ᠮᠣᠩᠭᠤᠯᠴᠤᠳ ᠪᠤᠴᠠᠭᠠᠭᠠᠳ ᠡᠬᠡ ᠬᠡᠯᠡᠨ ᠳᠤ ᠪᠠᠨ ᠶᠠᠷᠢᠬᠤ ᠳᠤ ᠪᠠᠨ ᠰᠢᠭᠤᠳ ᠬᠢᠲᠠᠳ ᠬᠡᠯᠡᠯᠭᠡ ᠶᠢ ᠨᠢ ᠬᠡᠷᠡᠭᠯᠡᠵᠦ ᠮᠣᠩᠭᠤᠯ ᠢᠶᠠᠨ ᠮᠠᠷᠲᠠᠴᠢᠬᠠᠭᠰᠠᠨ ᠪᠠᠶᠢᠬᠤ ᠦᠭᠡᠢ ᠦᠦ︖ ᠢᠲᠡᠭᠡᠬᠦ ᠦᠭᠡᠢ ᠪᠣᠯ ᠬᠠᠯᠬᠠᠴᠤᠳ ᠶᠠᠭᠠᠬᠢᠵᠤ ᠬᠡᠯᠡᠳᠡᠭ ᠢ ᠨᠢ ᠦᠵᠡᠶ᠎ᠡ᠃      ᠮᠠᠨ ᠤ ᠬᠢᠨ ᠬᠢᠯᠢ ᠳᠠᠭᠠᠵᠤ ᠰᠠᠭᠤᠷᠢᠰᠢᠭᠰᠠᠨ ᠢᠶᠠᠷ ᠢᠶᠠᠨ ᠳᠠᠩᠳᠠ ᠬᠠᠯᠬ᠎ᠠ ᠮᠣᠩᠭᠤᠯ ᠤᠨ ᠰᠤᠷᠭᠠᠭᠤᠯᠢ ᠪᠣᠯᠣᠨ ᠪᠠᠭᠰᠢ ᠨᠠᠷ ᠲᠠᠢ ᠬᠢᠴᠢᠶᠡᠯ ᠤᠨ ᠰᠣᠯᠢᠯᠴᠠᠭ᠎ᠠ ᠬᠢᠳᠡᠭ ᠶᠤᠮ᠃ ᠲᠡᠭᠡᠵᠦ ᠬᠢᠴᠢᠶᠡᠯ ᠤᠨ ᠵᠠᠪᠰᠠᠷᠯᠠᠭ᠎ᠠ ᠶᠢᠨ ᠴᠠᠭ ᠢᠶᠠᠷ ᠡᠨᠡ ᠲᠤᠬᠠᠢ ᠲᠠᠢ ᠨᠢᠭᠡ ᠤᠳᠠᠭᠠᠨ ᠤ ᠶᠠᠷᠢᠯᠴᠠᠭᠠᠨ ᠪᠣᠯᠣᠭᠰᠠᠨ ᠶᠤᠮ᠃ ᠶᠠᠷᠢᠯᠴᠠᠭ᠎ᠠ ᠴᠦ ᠭᠡᠵᠤ ᠳ᠋ᠠ᠂ ᠵᠦᠭᠡᠷ ᠨᠢᠭᠡ ᠴᠠᠭ ᠨᠥᠭᠴᠢᠭᠡᠵᠦ ᠶᠠᠷᠢᠯᠴᠠᠭᠰᠠᠨ ᠲᠡᠳᠦᠢ᠃ ᠮᠣᠩᠭᠤᠯ ᠤᠯᠤᠰ ᠤᠨ ᠳᠣᠷᠣᠨᠠᠲᠤ ᠠᠶᠢᠮᠠᠭ ᠠᠴᠠ ᠢᠷᠡᠭᠰᠡᠨ ᠪᠠᠭᠰᠢ ᠨᠠᠷ ᠭᠡᠵᠤ ᠰᠣᠨᠣᠰᠤᠭᠰᠠᠨ ᠮᠠᠨ ᠤ ᠨᠢᠭᠡ ᠠᠬᠠᠮᠠᠳ ᠪᠠᠭᠰᠢ ᠠᠴᠠ᠄ ︽ᠲᠠ ᠨᠠᠷ ᠳᠣᠷᠣᠨᠠᠲᠤ ᠠᠶᠢᠮᠠᠭ ᠠᠴᠠ ᠢᠷᠠᠯ᠎ᠠ ᠭᠡᠪᠡ ᠦᠦ᠂ ᠲᠡᠭᠡᠪᠡᠯ ᠳ᠋᠊ ︵dα︶ ᠨᠠᠴᠤᠭᠳᠣᠷᠵᠢ ᠲᠠᠢ ᠨᠢᠭᠡ ᠨᠤᠲᠤᠭ ᠤᠨ ᠬᠢ ᠰᠢᠳᠡ︾ ᠭᠡᠪᠡᠯ ᠥᠨᠥᠬᠢ ᠨᠢ ᠤᠶᠢᠯᠠᠭᠠᠭᠰᠠᠨ ᠦᠭᠡᠢ᠃      ︽ᠬᠡᠨ ᠪᠤᠢ︖︾ ᠭᠡᠵᠤ ᠪᠤᠴᠠᠭᠤᠯᠤᠭᠠᠳ ᠠᠰᠠᠭᠤᠵᠤ ᠪᠠᠶᠢᠨ᠎ᠠ᠃      ︽ᠦᠭᠡᠢ᠂ ᠵᠣᠬᠢᠶᠠᠯᠴᠢ ᠳ᠋᠊ ︵dα︶ ᠨᠠᠴᠤᠭᠳᠣᠷᠵᠢ ᠦᠦ︖︾ ᠭᠡᠵᠤ ᠮᠠᠨ ᠤ ᠬᠥᠮᠥᠨ ᠴᠦ ᠲᠠᠬᠢᠨ ᠠᠰᠠᠭᠤᠯ᠎ᠠ᠃ ᠶᠠᠭᠤ ᠭᠡᠵᠤ ᠰᠠᠨᠠᠨ᠎ᠠ︖ ᠥᠨᠥ ᠬᠠᠯᠬ᠎ᠠ ᠮᠣᠩᠭᠤᠯ ᠤᠨ ᠪᠠᠭᠰᠢ ᠮᠥᠨ ᠯᠠ ᠠᠰᠠᠭᠤᠯᠲᠠ ᠶᠢᠨ ᠤᠬᠠᠭᠠᠨ ᠢ ᠨᠢ ᠣᠯᠣᠭᠰᠠᠨ ᠦᠭᠡᠢ ᠪᠣᠯᠣᠯᠲᠠᠢ᠂ ᠬᠡᠰᠡᠭ ᠳᠠᠭᠤᠨ ᠦᠭᠡᠢ ᠮᠡᠯᠡᠷᠡᠵᠦ ᠠᠪᠤᠭᠰᠠᠨ ᠢᠶᠠᠨ ᠬᠠᠮᠲᠦ ᠢᠷᠡᠭᠰᠡᠨ ᠬᠠᠵᠠᠭᠤ ᠳᠤ ᠬᠢ ᠬᠠᠮᠰᠠᠭᠠᠲᠠᠨ ᠠᠴᠠ ᠪᠠᠨ ᠲᠤᠰᠠᠯᠠᠮᠵᠢ ᠭᠤᠶᠤᠭᠰᠠᠨ ᠪᠠᠶᠢᠷᠢ ᠲᠠᠢ ᠬᠠᠷᠠᠪᠠᠯ ᠥᠨᠥᠬᠢ ᠨᠢ ᠴᠦ ᠤᠬᠠᠭᠠᠨ ᠢ ᠨᠢ ᠣᠯᠤᠭ᠎ᠠ ᠦᠭᠡᠢ ᠮᠠᠶ᠋ᠢᠭ ᠲᠠᠢ ᠲᠣᠯᠣᠭᠠᠢ ᠰᠡᠭᠰᠦᠷᠴᠡᠢ᠃ ᠲᠡᠭᠡᠲᠡᠯ᠎ᠡ ᠠᠷᠤ ᠶᠢᠨ ᠮᠥᠷ ᠲᠤ ᠰᠠᠭᠤᠵᠤ ᠪᠠᠶᠢᠭᠰᠠᠨ ᠮᠠᠨ ᠤ ᠨᠢᠭᠡᠨ ᠵᠠᠯᠠᠭᠤ ᠪᠠᠭᠰᠢ ᠠᠴᠠ ︽︿ᠮᠢᠨᠤ ᠨᠤᠲᠤᠭ﹀ ᠰᠢᠯᠦᠭ ᠤᠨ ᠵᠣᠬᠢᠶᠠᠭᠴᠢ ᠶᠢ ᠬᠡᠯᠡᠵᠦ ᠪᠠᠶᠢᠨ᠎ᠠ︾ ᠭᠡᠵᠤ ᠦᠭᠡ ᠬᠠᠪᠴᠢᠭᠤᠯᠪᠠᠯ ︽ᠥ᠂ ᠳ᠋᠊ ︵D︶ ᠨᠠᠴᠤᠭᠳᠣᠷᠵᠢ ᠦᠦ︖ ᠮᠥᠨ᠂ ᠮᠥᠨ︾ ᠭᠡᠳ ᠯᠠ ᠡᠮᠦᠨ᠎ᠡ ᠪᠠᠶᠢᠭ᠎ᠠ ᠴᠠᠭᠠᠰᠤᠨ ᠳᠡᠭᠡᠷ᠎ᠡ ᠺᠢᠷᠢᠯ ᠢᠶᠠᠷ ᠢᠶᠠᠨ ᠤᠷᠤᠰᠤᠮ᠎ᠠ ᠰᠠᠶᠢᠬᠠᠨ ︽D︾ ᠭᠡᠵᠤ ᠲᠣᠮᠣ ᠪᠠᠷ ᠡᠬᠢᠯᠡᠵᠦ ᠪᠢᠴᠢᠭᠡᠳ ᠨᠢᠭᠡ ᠲᠣᠰᠣᠯ ᠲᠠᠯᠪᠢᠴᠢᠬᠠᠭᠰᠠᠨ ᠤᠷᠤᠰᠤᠭᠤᠯᠵᠤ ᠭᠠᠷᠤᠯ᠎ᠠ᠃ ᠳ᠋᠊ ︵dα︶᠂ ᠨᠠᠴᠤᠭᠳᠣᠷᠵᠢ ᠭᠡᠵᠤ ᠶᠠᠷᠢᠭᠠᠳ ᠢᠷᠡᠭᠰᠡᠨ ᠮᠠᠨ ᠤ ᠠᠬᠠᠮᠠᠳ ᠪᠠᠭᠰᠢ ᠮᠢᠨᠢ ᠨᠢᠭᠡ ᠨᠠᠰᠤᠨ ᠳᠤ ᠪᠠᠨ ᠬᠡᠴᠢᠨᠡᠭᠡᠨ ᠰᠤᠷᠤᠭᠴᠢ ᠬᠥᠮᠥᠵᠢᠭᠦᠯᠦᠭᠰᠡᠨ ᠢ ᠨᠢ ᠪᠢᠳᠠ ᠮᠡᠳᠡᠬᠦ ᠦᠭᠡᠢ᠂ ᠭᠡᠪᠡᠴᠦ ᠨᠢᠭᠡ ᠨᠠᠰᠤ ᠪᠠᠷ ᠢᠶᠠᠨ ᠳ᠋᠊ ︵dα︶ ᠨᠠᠴᠤᠭᠳᠣᠷᠵᠢ ᠭᠡᠵᠤ ᠵᠢᠭᠠᠵᠤ ᠢᠷᠡᠭᠰᠡᠨ ᠨᠢ ᠮᠠᠷᠭᠤᠰᠢ ᠦᠭᠡᠢ᠃ ᠲᠡᠭᠡᠬᠦ ᠪᠠᠷ ᠢᠶᠠᠨ ᠮᠠᠨ ᠤ ᠣᠳᠣ ᠶᠢᠨ ᠥᠪᠥᠷ ᠮᠣᠩᠭᠤᠯᠴᠤᠳ ᠪᠦᠷ ᠲᠡᠭᠡᠵᠦ ᠳᠠᠭᠤᠳᠠᠭᠠᠳ ᠰᠤᠷᠤᠭᠰᠠᠨ ᠪᠠᠶᠢᠳᠠᠯ ᠲᠠᠢ᠃ ᠠᠢ ᠶᠠᠭᠠᠬᠢᠬᠤ ᠪᠤᠢ ᠳ᠋ᠠ︖ ᠭᠡᠶᠢᠭᠦᠯᠦᠭᠴᠢ ᠶᠢᠨ ᠳᠠᠭᠤᠳᠠᠯᠭ᠎ᠠ ᠪᠠᠨ ᠴᠦ ᠵᠥᠪ ᠴᠢᠳᠠᠬᠤ ᠦᠭᠡᠢ ᠪᠠᠶᠢᠨ᠎ᠠ ᠭᠡᠵᠤ ᠬᠡᠯᠡᠬᠦ ᠠᠴᠠ ᠥᠭᠡᠷ᠎ᠡ ᠶᠠᠭᠤ ᠭᠡᠵᠤ ᠬᠡᠯᠡᠨ᠎ᠡ︖ ᠡᠮᠴᠢ ᠬᠥᠮᠥᠨ ᠬᠥᠮᠥᠨ ᠢ ᠨᠢᠭᠡ ᠨᠢᠭᠡ ᠪᠠᠷ ᠬᠤᠣᠷᠯᠠᠬᠤ ᠳᠤ ᠪᠠᠭᠰᠢ ᠬᠥᠮᠥᠨ ᠴᠢᠨᠢ ᠬᠥᠮᠥᠨ ᠢ ᠪᠦᠯᠦᠭ ᠪᠦᠯᠦᠭ ᠢᠶᠠᠷ ᠬᠤᠣᠷᠯᠠᠳᠠᠭ ᠭᠡᠭᠴᠢ ᠣᠷᠣ ᠦᠭᠡᠢ ᠦᠭᠡ ᠪᠢᠰᠢ ᠯᠠ ᠳ᠋ᠠ᠃      ᠨᠢᠭᠡ ᠤᠳᠠᠭ᠎ᠠ ᠪᠢ ᠠᠬ᠎ᠠ ᠳᠡᠭᠦᠦ ᠰᠤᠷᠭᠠᠭᠤᠯᠢ ᠳᠤ ᠬᠦᠷᠴᠦ᠂ ᠠᠩᠬ᠎ᠠ ᠭᠤᠷᠪᠠ ᠶᠢᠨ ᠬᠢᠴᠢᠶᠡᠯ ᠰᠣᠨᠣᠰᠤᠭᠰᠠᠨ ᠶᠤᠮ᠃ ᠬᠢᠴᠢᠶᠡᠯ ᠴᠦ ᠭᠡᠵᠤ᠂ ᠪᠤᠰᠤᠳ ᠲᠤ ᠰᠣᠨᠣᠰᠬᠠᠵᠤ ᠪᠠᠶᠢᠭ᠎ᠠ ᠤᠴᠢᠷ ᠲᠤᠩ ᠠᠮᠵᠢᠯᠲᠠ ᠲᠠᠢ ᠰᠠᠶᠢᠬᠠᠨ ᠬᠢᠴᠢᠶᠡᠯ ᠪᠣᠯᠣᠭᠰᠠᠨ ᠨᠢ ᠮᠡᠳᠡᠭᠡᠵᠢ᠂ ᠶᠠᠷᠢᠬᠤ ᠤᠴᠢᠷ ᠦᠭᠡᠢ᠃ ᠮᠢᠨᠤ ᠠᠩᠬᠠᠷᠤᠯ ᠳᠤ ᠣᠷᠣᠭᠰᠠᠨ ᠨᠢ ᠲᠡᠷᠡ ᠬᠦ ᠰᠠᠮᠪᠠᠷ᠎ᠠ ᠳᠡᠭᠡᠭᠦᠷ ᠨᠠᠭᠠᠯᠲᠠ ᠲᠠᠢ ︽ᠢᠯᠭᠤᠬᠤ ᠮᠠᠷᠭᠠᠰᠢ︾ ᠭᠡᠰᠡᠨ ᠠᠩᠭᠢ ᠶᠢᠨ ᠵᠠᠰᠠᠯ ᠤᠨ ᠦᠰᠦᠭ ᠪᠠᠶᠢᠭ᠎ᠠ ᠶᠤᠮ᠃ ᠲᠣᠬᠢᠶᠠᠯᠳᠤᠯ ᠭᠡᠵᠤ ᠬᠡᠯᠡᠬᠦ ᠦᠦ ᠳ᠋ᠠ᠂ ᠠᠩᠭᠢ ᠶᠢᠨ ᠠᠷᠤ ᠬᠠᠨ᠎ᠠ ᠶᠢᠨ ᠬᠠᠨ᠎ᠠ ᠶᠢᠨ ᠰᠣᠨᠢᠨ ᠤ ᠰᠠᠮᠪᠠᠷ᠎ᠠ ᠳᠡᠭᠡᠷ᠎ᠡ ᠴᠦ ᠰᠤᠷᠤᠭᠴᠢᠳ ᠨᠢ ᠣ ᠶᠢᠨ ᠪᠢᠷ ᠢᠶᠠᠷ ᠮᠥᠨ ᠦᠰᠦᠭ ᠢ ᠲᠠᠷᠡ ᠬᠡᠪ ᠢᠶᠠᠷ ᠨᠢ ᠳᠠᠭᠤᠷᠢᠶᠠᠨ ᠪᠢᠴᠢᠭᠰᠡᠨ ᠪᠠᠶᠢᠬᠤ ᠦᠭᠡᠢ ᠦᠦ︖ ᠠᠩᠬ᠎ᠠ ᠭᠤᠷᠪᠠ ᠶᠢᠨ ᠰᠤᠷᠤᠭᠴᠢᠳ ᠠᠵᠢ᠂ ᠢᠷᠡᠬᠦ ᠮᠠᠷᠭᠠᠰᠢ ᠶᠢᠨ ᠢᠶᠠᠨ ᠢᠯᠠᠯᠲᠠ ᠶᠢᠨ ᠲᠥᠯᠥᠭᠡ ᠴᠢᠷᠮᠠᠶᠢᠶ᠎ᠠ ᠭᠡᠰᠡᠨ ᠵᠣᠷᠢᠯᠭ᠎ᠠ ᠲᠠᠢ ᠪᠢᠴᠢᠭᠳᠡᠭᠰᠡᠨ ᠬᠠᠨ᠎ᠠ ᠶᠢᠨ ᠰᠣᠨᠢᠨ᠂ ᠬᠡᠨ ᠴᠤ ᠣᠶᠢᠯᠠᠭᠠᠵᠤ ᠶᠠᠳᠠᠮᠠᠷ ᠵᠦᠢᠯ ᠪᠢᠰᠢ᠃ ᠭᠡᠲᠡᠯ᠎ᠡ ᠥᠨᠥᠬᠢ ᠴᠢᠨᠢ ︽ᠢᠯᠠ︾ ᠢᠵᠠᠭᠤᠷ ᠲᠠᠢ ︽ᠢᠯᠠᠭᠤᠬᠤ︾ ᠭᠡᠰᠡᠨ ᠦᠰᠦᠭ ᠪᠠᠶᠢᠪᠠᠯ ᠲᠠᠭᠠᠷᠠᠬᠤ ᠰᠠᠨ᠃ ᠠᠩᠭᠢ ᠶᠢᠨ ᠪᠠᠭᠰᠢ ᠶᠢ ᠨᠢ ᠲᠠᠨᠢᠳᠠᠭ ᠢᠶᠠᠷ ᠬᠢᠴᠢᠶᠡᠯ ᠤᠨ ᠳᠠᠷᠠᠭ᠎ᠠ ᠪᠠᠷ ᠳᠠᠭᠤᠳᠠᠨ ᠢᠷᠠᠵᠤ ᠥᠨᠥᠬᠢ ᠦᠰᠦᠭ ᠢ ᠨᠢ ᠦᠵᠡᠭᠦᠯᠵᠦ᠂ ᠳᠠᠬᠢᠭᠠᠳ ᠬᠠᠨ᠎ᠠ ᠶᠢᠨ ᠰᠣᠨᠢᠨ ᠳᠤ ᠬᠢ ᠦᠰᠦᠭ ᠢ ᠨᠢ ᠦᠵᠡᠭᠦᠯᠵᠦ ᠪᠤᠷᠤᠭᠤ ᠶᠢ ᠨᠢ ᠶᠠᠷᠢᠵᠤ ᠥᠭᠪᠡᠯ ᠭᠤᠷᠪᠠᠨ ᠵᠢᠯ ᠤᠨ ᠲᠤᠷᠰᠢ ᠨᠠᠭᠠᠭᠠᠳ ᠶᠡᠷᠦ ᠶᠠᠷᠢᠭᠰᠠᠨ ᠬᠥᠮᠥᠨ ᠦᠭᠡᠢ ᠤᠴᠢᠷ ᠠᠴᠠ ᠪᠢ ᠴᠦ ᠣᠪᠠᠶᠢᠯᠠᠭ᠎ᠠ ᠦᠭᠡᠢ ᠭᠡᠵᠤ ᠦᠨᠡᠨ ᠮᠥᠨ ᠢᠶᠠᠷ ᠢᠶᠠᠨ ᠶᠠᠷᠢᠵᠤ ᠪᠠᠶᠢᠨ᠎ᠠ᠂ ᠮᠠᠨ ᠤ ᠬᠥᠮᠥᠨ᠃ ᠬᠡᠷᠪᠡ ᠡᠨᠡ ᠪᠠᠭᠰᠢ ᠠᠩᠭᠢ ᠡᠷᠬᠢᠯᠡᠬᠦ ᠪᠦᠷᠢ ᠡᠨᠡ ᠪᠢᠴᠢᠭᠡᠰᠦ ᠶᠢ ᠰᠠᠮᠪᠠᠷ᠎ᠠ ᠳᠡᠭᠡᠷ᠎ᠡ ᠨᠠᠭᠠᠭᠠᠳ ᠢᠷᠡᠭᠰᠡᠨ ᠪᠠᠶᠢᠪᠠᠯ ᠡᠨᠡ ᠦᠰᠦᠭ ᠢ ᠴᠣᠬᠤᠮ ᠬᠡᠳᠦᠢ ᠬᠡᠦᠬᠡᠳ ᠪᠤᠷᠤᠭᠤ ᠪᠠᠷ ᠪᠢᠴᠢᠭᠡᠳ ᠪᠠᠶᠢᠪᠠ︖ ᠮᠥᠨ ᠭᠤᠷᠪᠠᠨ ᠵᠢᠯ ᠤᠨ ᠲᠤᠷᠰᠢ ᠢᠩᠭᠢᠵᠦ ᠪᠢᠴᠢᠭᠡᠳ ᠰᠤᠷᠴᠢᠬᠠᠭᠰᠠᠨ ᠬᠡᠦᠬᠡᠳ ᠬᠤᠵᠢᠮ ᠭᠤᠴᠢᠨ ᠵᠢᠯ ᠬᠡᠷᠡᠭᠰᠡᠭᠡᠳ ᠵᠥᠪ ᠢᠶᠠᠷ ᠪᠢᠴᠢᠵᠦ ᠳᠡᠶᠢᠯᠦᠨ᠎ᠡ ᠦᠦ᠂ ᠦᠭᠡᠢ ᠦᠦ ᠳ᠋ᠠ᠂ ᠪᠦᠦ ᠮᠡᠳᠡ᠃      ᠮᠠᠨ ᠤ ᠰᠤᠷᠭᠠᠭᠤᠯᠢ ᠳᠤ ᠳᠠᠳᠤᠯᠭ᠎ᠠ ᠶᠢᠨ ᠪᠠᠭᠰᠢ ᠢᠷᠡᠭᠡᠳ ᠬᠢᠴᠢᠶᠡᠯ ᠣᠷᠣᠯᠠᠵᠤ ᠣᠷᠣᠳᠠᠭ ᠨᠢ ᠬᠤᠭᠤᠴᠠᠭ᠎ᠠ ᠪᠣᠯᠭᠠᠨ ᠪᠠᠶᠢᠳᠠᠭ ᠤᠴᠢᠷ ᠮᠦᠷᠳᠡᠭᠡᠨ ᠡᠯ᠎ᠡ ᠬᠢᠴᠢᠶᠡᠯ ᠲᠥᠷᠥᠯ ᠤᠨ ᠬᠢᠴᠢᠶᠠᠯ ᠤᠷᠤᠳᠠᠬ ᠪᠢ ᠭᠠᠭᠴᠠ ᠮᠣᠩᠭᠤᠯ ᠬᠡᠯᠡᠨ ᠤ ᠪᠠᠭᠰᠢ ᠶᠢᠨ ᠬᠢᠴᠢᠶᠡᠯ ᠢ ᠯᠠ ᠠᠩᠬᠠᠷᠴᠤ ᠰᠣᠨᠣᠰᠳᠠᠭ᠃ ᠰᠠᠮᠪᠠᠷᠠᠴᠢᠯᠠᠭ᠎ᠠ ᠭᠡᠰᠡᠨ ᠦᠭᠡᠢ᠂ ᠣᠯᠠᠨ ᠵᠠᠭᠤᠴᠢᠲᠤ ᠭᠡᠰᠡᠨ ᠦᠭᠡᠢ ᠲᠠᠰᠢᠶ᠎ᠠ ᠦᠰᠦᠭ ᠳᠠᠩᠳᠠ ᠬᠠᠷᠠᠭᠳᠠᠨ᠎ᠠ᠃ ᠲᠡᠳᠡᠭᠡᠷ ᠤᠨ ᠳᠤᠮᠳᠠ ᠠᠴᠠ ᠨᠢᠭᠡ ᠪᠠᠭᠰᠢ ᠨᠢ ᠬᠤᠯᠪᠣᠬᠤ ᠦᠰᠦᠭ ᠤᠨ ᠳᠦᠷᠢᠮ ᠢ ᠰᠤᠷᠤᠭᠴᠢᠳ ᠲᠤ ᠪᠠᠨ ᠵᠢᠭᠠᠳᠠᠭ ᠶᠤᠮ ᠪᠠᠶᠢᠨ᠎ᠠ᠃ ᠦᠨᠳᠦᠰᠦᠨ ᠳᠦᠷᠢᠮ ᠪᠣᠯᠣᠨ ᠣᠨᠴᠠᠭᠠᠢ ᠳᠦᠷᠢᠮ ᠭᠡᠵᠤ ᠬᠡᠳᠦᠨ ᠵᠤᠷᠪᠤᠰ ᠶᠠᠷᠢᠭᠠᠳ ᠯᠠ ᠳᠥᠭᠦᠮ ᠰᠠᠮᠪᠠᠷᠠᠴᠢᠯᠠᠵᠤ᠂ ᠰᠤᠷᠤᠭᠴᠢᠳ ᠢᠶᠠᠷ ᠢᠶᠠᠨ ᠰᠠᠮᠪᠠᠷ᠎ᠠ ᠳᠡᠭᠡᠷ᠎ᠡ ᠪᠠᠲᠤᠳᠬᠠᠯ ᠰᠡᠳᠦᠪ ᠬᠢᠯᠭᠡᠪᠠ᠃ ᠬᠢᠴᠢᠶᠡᠯ ᠴᠦ ᠰᠤᠷᠤᠭᠴᠢ ᠶᠢᠨ ᠠᠵᠢᠯᠯᠠᠭ᠎ᠠ ᠪᠠᠷ ᠭᠤᠣᠯᠳᠠᠭᠰᠠᠨ ᠰᠢᠨ᠎ᠡ ᠬᠢᠴᠢᠶᠡᠯ ᠤᠨ ᠱᠠᠭᠠᠷᠳᠠᠯᠭ᠎ᠠ ᠳᠤ ᠵᠣᠬᠢᠴᠠᠭᠰᠠᠨ ᠭᠤᠶᠣ ᠬᠢᠴᠢᠶᠡᠯ ᠪᠣᠯᠵᠠᠢ᠃ ᠭᠡᠲᠡᠯ᠎ᠡ ᠪᠤᠷᠬᠠᠨ ᠤ ᠨᠢᠭᠤᠷ ᠢ ᠪᠠᠭᠠᠰᠤ ᠪᠠᠷ ᠭᠤᠲᠤᠭᠠᠨ᠎ᠠ ᠭᠡᠵᠤ ᠥᠨᠥ ᠪᠠᠭᠰᠢ ᠴᠢᠨᠢ ᠰᠤᠷᠤᠭᠴᠢ ᠶᠢᠨ ᠢᠶᠠᠨ ᠬᠢᠭᠰᠡᠨ ᠰᠡᠳᠦᠪ ᠤᠨ ᠵᠥᠪ ᠪᠤᠷᠤᠭᠤ ᠶᠢ ᠨᠢ ᠦᠵᠡᠵᠦ ᠭᠠᠷᠤᠭ᠎ᠠ ᠦᠭᠡᠢ ᠯᠠ᠃ ᠵᠥᠪ ᠢ ᠨᠢ ᠪᠤᠷᠤᠭᠤ ᠪᠠᠷ ᠬᠢᠨᠠᠵᠤ᠂ ᠪᠤᠷᠤᠭᠤ ᠶᠢ ᠨᠢ ᠵᠥᠪ ᠢᠶᠠᠷ ᠬᠢᠨᠠᠭᠰᠠᠨ ᠤᠴᠢᠷ ᠨᠢ ᠭᠠᠶᠢᠭᠤᠢ ᠬᠡᠷᠡᠭ᠂ ᠥᠪᠡᠷ ᠢᠶᠠᠨ ᠴᠦ ᠪᠤᠷᠤᠭᠤ ᠪᠢᠴᠢᠵᠦ᠂ ᠪᠤᠷᠤᠭᠤ ᠬᠢᠬᠦ ᠮᠥᠷᠲᠡᠭᠡᠨ ᠰᠤᠷᠤᠭᠴᠢ ᠶᠢᠨ ᠵᠥᠪ ᠬᠢᠭᠰᠡᠨ ᠢ ᠴᠦ ᠪᠤᠷᠤᠭᠤ ᠪᠠᠷ ᠬᠢᠨᠠᠵᠤ ᠬᠢᠴᠢᠶᠡᠯ ᠰᠣᠨᠣᠰᠤᠭᠰᠠᠨ ᠪᠢᠳᠠᠨ ᠢ ᠴᠣᠬᠤᠮ ᠢᠨᠢᠶᠡᠵᠦ ᠤᠬᠢᠯᠠᠬᠤ ᠶᠢᠨ ᠠᠷᠭ᠎ᠠ ᠦᠭᠡᠢ ᠪᠣᠯᠲᠠᠯ᠎ᠠ ᠠᠷᠭ᠎ᠠ ᠪᠠᠷᠠᠭᠳᠠᠭᠤᠯᠵᠤ᠂ ᠠᠷᠤ ᠨᠢᠷᠤᠭᠤᠨ ᠠᠴᠠ ᠬᠦᠢᠲᠡᠨ ᠬᠥᠯᠥᠰᠦ ᠴᠢᠬᠠᠷᠠᠭᠤᠯᠤᠭᠰᠠᠨ ᠶᠤᠮ᠃ ᠪᠦᠷ ᠮᠣᠩᠭᠤᠯ ᠬᠡᠯᠡᠨ ᠤ ᠵᠢᠩᠬᠢᠨᠢ ᠠᠩᠭᠢ ᠠᠴᠠ ᠲᠡᠭᠦᠰᠦᠭᠰᠡᠨ ᠣᠶᠤᠲᠠᠳ ᠰᠢᠤ ᠳ᠋ᠠ᠂ ᠬᠢᠴᠢᠶᠡᠯ ᠤᠨ ᠳᠠᠷᠠᠭ᠎ᠠ ᠵᠦᠭᠡᠷ ᠵᠣᠭᠤᠭ ᠳᠡᠯᠭᠡᠨ ᠯᠠᠪᠯᠠᠪᠠᠯ ᠶᠡᠭᠡ ᠰᠤᠷᠭᠠᠭᠤᠯᠢ ᠳᠤ ᠪᠠᠨ ᠬᠡᠯᠡᠨ ᠵᠦᠢ ᠨᠢᠭᠡ ᠴᠦ ᠰᠤᠷᠤᠭᠰᠠᠨ ᠦᠭᠡᠢ ᠭᠡᠵᠤ ᠬᠡᠯᠡᠬᠦ ᠶᠢᠨ ᠬᠠᠮᠲᠤ ᠮᠣᠩᠭᠤᠯ ᠬᠡᠯᠡᠨ ᠤ ᠬᠠᠮᠤᠭ ᠤᠨ ᠰᠤᠷᠬᠤ ᠳᠤᠷ᠎ᠠ ᠦᠭᠡᠢ ᠵᠦᠢᠯ ᠨᠢ ᠬᠡᠯᠡᠨ ᠵᠦᠢ ᠭᠡᠨ᠎ᠡ᠃ ᠶᠠᠭᠠᠬᠢᠬᠤ ᠳ᠋ᠠ ᠪᠤᠢ᠂ ᠤᠰᠤ ᠤᠤᠭᠤᠬᠤ ᠦᠭᠡᠢ ᠦᠬᠡᠷ ᠤᠨ ᠲᠣᠯᠣᠭᠠᠢ ᠶᠢ ᠨᠢ ᠳᠠᠷᠤᠵᠤ ᠪᠠᠶᠢᠭᠠᠳ ᠤᠰᠤ ᠤᠤᠭᠤᠯᠭᠠᠭᠰᠠᠨ ᠬᠡᠷᠡᠭ ᠪᠣᠯᠵᠠᠢ ᠭᠡᠵᠤ ᠲᠣᠰ ᠬᠢᠴᠢᠶᠡᠯᠯᠡᠭᠡ ᠶᠢ ᠳ᠋ᠦᠩᠨᠡᠵᠦ ᠬᠡᠯᠡᠬᠦ ᠠᠴᠠ ᠥᠭᠡᠷ᠎ᠡ ᠶᠠᠭᠤ ᠬᠡᠯᠡᠨ᠎ᠡ ᠳ᠋ᠠ᠂ ᠡᠭᠦᠨ ᠢ ᠴᠢᠨᠢ᠃ ᠰᠤᠷᠬᠤ ᠳᠤᠷ᠎ᠠ ᠦᠭᠡᠢ ᠭᠡᠳ ᠬᠠᠶᠠᠭᠠᠨ ᠳᠤ ᠨᠢ ᠬᠠᠶᠠᠭᠠᠳ᠂ ᠰᠤᠷᠤᠭᠰᠠᠨ ᠦᠭᠡᠢ ᠮᠡᠳᠡᠯᠭᠡ ᠶᠢ ᠨᠢ ᠣᠷᠣᠭᠤᠯᠴᠢᠬᠠᠭᠰᠠᠨ ᠶᠤᠮ ᠴᠢᠨᠢ ᠳ᠋ᠠ᠃ ᠨᠥᠭᠦᠭᠡ ᠲᠠᠯ᠎ᠠ ᠪᠠᠷ ᠣᠳᠣᠬᠠᠨ ᠤ ᠶᠡᠭᠡ ᠰᠤᠷᠭᠠᠭᠤᠯᠢ ᠶᠢᠨ ᠮᠣᠩᠭᠤᠯ ᠬᠡᠯᠡᠨ ᠤ ᠲᠤᠰᠬᠠᠢ ᠮᠡᠷᠭᠡᠵᠢᠯ ᠤᠨ ᠬᠢᠴᠢᠶᠡᠯ ᠲᠥᠷᠥᠯ ᠳᠤ ᠦᠨᠡᠨ ᠢᠶᠠᠷ ᠬᠡᠯᠡᠨ ᠤ ᠵᠦᠢ ᠶᠢ ᠵᠢᠭᠠᠬᠤ ᠦᠭᠡᠢ ᠪᠣᠯᠣᠭᠰᠠᠨ ᠪᠣᠯᠣᠯᠲᠠᠢ᠃ ᠡᠮᠦᠨᠡᠬᠡᠨ ᠮᠠᠨ ᠤ ᠰᠤᠷᠭᠠᠭᠤᠯᠢ ᠨᠢ ᠨᠡᠶᠢᠭᠡᠮ ᠳᠡᠭᠡᠷ᠎ᠡ ᠠᠴᠠ ᠮᠣᠩᠭᠤᠯ ᠬᠡᠯᠡᠨ ᠤ ᠪᠠᠭᠰᠢ ᠶᠢ ᠢᠯᠡ ᠪᠠᠷ ᠰᠢᠯᠭᠠᠨ ᠡᠯᠰᠡᠵᠦ ᠠᠪᠤᠭᠰᠠᠨ ᠶᠤᠮ᠃ ᠲᠡᠭᠡᠵᠦ ᠡᠯᠰᠡᠭᠳᠡᠵᠦ ᠢᠷᠡᠭᠰᠡᠨ ᠰᠤᠳᠤᠯᠬᠤ ᠰᠤᠷᠤᠭᠴᠢ ᠲᠡᠭᠦᠰᠦᠭᠰᠡᠨ᠂ ᠠᠰᠫᠢᠷᠠᠨᠲ ᠤᠨ ᠰᠤᠷᠤᠯᠭ᠎ᠠ ᠶᠢᠨ ᠨᠠᠮᠲᠠᠷ ᠲᠠᠢ ᠨᠢᠭᠡᠨ ᠵᠠᠯᠠᠭᠤ ᠪᠠᠭᠰᠢ ᠲᠠᠢ ᠠᠵᠢᠯ ᠤᠨ ᠴᠢᠯᠦᠭᠡ ᠪᠠᠷ ᠵᠦᠭᠡᠷ ᠵᠣᠭᠤᠭ ᠳᠡᠯᠭᠡᠨ ᠬᠡᠯᠡᠨ ᠵᠦᠢ ᠶᠢᠨ ᠲᠤᠬᠠᠢ ᠲᠠᠢ ᠶᠠᠷᠢᠶ᠎ᠠ ᠪᠣᠯᠣᠭᠰᠠᠨ ᠳᠤ ᠲᠡᠷᠡ ᠪᠠᠭᠰᠢ ᠠᠴᠠ ᠥᠪᠡᠷ ᠢ ᠪᠠᠨ ᠶᠡᠭᠡ ᠰᠤᠷᠭᠠᠭᠤᠯᠢ ᠳᠤ ᠬᠡᠯᠡᠨ ᠵᠦᠢ ᠰᠤᠷᠤᠭᠰᠠᠨ ᠦᠭᠡᠢ᠂ ᠠᠰᠫᠢᠷᠠᠨᠲ ᠦᠵᠡᠵᠦ ᠪᠠᠶᠢᠭ᠎ᠠ ᠬᠤᠭᠤᠴᠠᠭᠠᠨ ᠳᠤ ᠪᠠᠨ ᠴᠦ ᠰᠤᠷᠤᠭ᠎ᠠ ᠦᠭᠡᠢ ᠭᠡᠵᠤ ᠲᠠᠰᠤᠷᠬᠠᠢ ᠶᠠᠷᠢᠭᠰᠠᠨ ᠪᠥᠭᠡᠳ ᠣᠳᠣ ᠶᠢᠨ ᠬᠡᠯᠡᠨ ᠵᠦᠢ ᠶᠢᠨ ᠰᠠᠭᠤᠷᠢ ᠨᠢ ᠳᠡᠭᠡᠳᠦ ᠳᠤᠮᠳᠠᠳᠤ ᠳᠤ ᠪᠠᠨ ᠰᠤᠷᠤᠭᠰᠠᠨ ᠮᠡᠳᠡᠯᠭᠡ ᠪᠣᠯᠣᠨ᠎ᠠ᠂ ᠣᠳᠣ ᠪᠦᠷ ᠬᠢᠴᠢᠶᠡᠯ ᠤᠨ ᠠᠭᠤᠯᠭ᠎ᠠ ᠪᠠᠨ ᠲᠠᠭᠠᠨ ᠬᠡᠯᠡᠨ ᠵᠦᠢ ᠶᠢᠨ ᠮᠡᠳᠡᠯᠭᠡ ᠶᠢ ᠥᠪᠡᠰᠦᠪᠡᠨ ᠰᠤᠷᠴᠤ᠂ ᠵᠢᠭᠠᠵᠤ ᠪᠠᠶᠢᠨ᠎ᠠ ᠭᠡᠵᠤ ᠶᠠᠷᠢᠭᠰᠠᠨ ᠶᠤᠮ᠃ ᠥᠨᠥ ᠶᠡᠭᠡ ᠰᠤᠷᠭᠠᠭᠤᠯᠢ ᠶᠢᠨ ᠳᠦᠷᠪᠡᠨ ᠵᠢᠯ ᠂ ᠰᠤᠳᠤᠯᠬᠤ ᠰᠤᠷᠤᠭᠴᠢ ᠶᠢᠨ ᠬᠡᠳᠦᠨ ᠵᠢᠯ ᠤᠨ ᠰᠤᠷᠤᠯᠴᠠᠯᠭ᠎ᠠ ᠳᠤ ᠪᠦᠷ ᠶᠠᠭᠤ ᠰᠤᠷᠤᠭᠠᠳ ᠪᠠᠶᠢᠪᠠ ᠳ᠋ᠠ ᠭᠡᠵᠤ ᠪᠢ ᠬᠠᠷᠠᠬᠠᠨ ᠠᠰᠠᠭᠤᠵᠤ ᠳᠦᠪᠳᠡᠭᠰᠡᠨ ᠦᠭᠡᠢ ᠴᠦ ᠳᠡᠭᠡᠵᠦ ᠪᠣᠳᠣᠭᠰᠠᠨ ᠢᠶᠠᠨ ᠪᠢ ᠨᠢᠭᠤᠬᠤ ᠦᠭᠡᠢ᠃ ᠡᠰᠡᠬᠦᠯ᠎ᠡ ᠬᠡᠯᠡᠨ ᠵᠦᠢ ᠮᠥᠨ ᠬᠠᠮᠤᠭ ᠤᠨ ᠰᠤᠷᠬᠤ ᠳᠤᠷ᠎ᠠ ᠦᠭᠡᠢ ᠬᠢᠴᠢᠶᠡᠯ ᠨᠢ ᠪᠠᠶᠢᠵᠤ᠂ ᠶᠠᠭᠤ ᠴᠦ ᠰᠤᠷᠤᠭᠰᠠᠨ ᠦᠭᠡᠢ ᠶᠤᠮ ᠦᠦ ᠳ᠋ᠠ᠂ ᠪᠦᠦ ᠮᠡᠳᠡ᠃      ᠨᠢᠭᠡ ᠤᠳᠠᠭ᠎ᠠ ᠮᠢᠨᠤ ᠠᠩᠬ᠎ᠠ ᠨᠢᠭᠡ ᠶᠢᠨ ᠬᠤᠶᠠᠷ ᠰᠤᠷᠤᠭᠴᠢ ᠬᠢᠴᠢᠶᠡᠯ ᠤᠨ ᠨᠣᠮ ᠢᠶᠠᠨ ᠪᠠᠷᠢᠭᠰᠠᠭᠠᠷ ᠲᠡᠷᠭᠡᠳᠡ ᠢᠷᠡᠭᠡᠳ ᠨᠢᠭᠡ ᠨᠢ ︽ᠬᠠᠷᠢᠭᠤᠯᠠᠨ᠎ᠠ︾᠂ ᠨᠥᠭᠦᠭᠡ ᠨᠢ ︽ᠬᠤᠯᠠᠳᠤᠨ᠎ᠠ︾ ᠭᠡᠰᠡᠨ ᠦᠭᠡ ᠶᠢ ᠶᠠᠮᠠᠷ ᠤᠳᠬ᠎ᠠ ᠲᠠᠢ ᠦᠭᠡ ᠪᠣᠯᠬᠤ ᠶᠢ ᠨᠠᠳᠠ ᠠᠴᠠ ᠠᠰᠠᠭᠤᠵᠤ ᠪᠠᠶᠢᠨ᠎ᠠ᠂ ᠲᠣᠯᠢ ᠪᠢᠴᠢᠭ ᠤᠷᠪᠠᠭᠤᠯᠤᠭᠠᠳ ᠡᠷᠢᠵᠦ ᠣᠯᠤᠭ᠎ᠠ ᠦᠭᠡᠢ ᠪᠠᠭᠰᠢ ᠠᠴᠠ ᠪᠠᠨ ᠲᠤᠰᠠᠯᠠᠮᠵᠢ ᠡᠷᠢᠬᠦ ᠪᠠᠷ ᠢᠷᠠᠵᠤ ᠳ᠋ᠠ᠂ ᠲᠡᠳᠡ ᠴᠢᠨᠢ᠃ ᠪᠢ ᠦᠵᠡᠩᠭᠦᠳᠡ ᠲᠠᠰᠢᠶ᠎ᠠ ᠪᠢᠴᠢᠭᠳᠡᠭᠰᠡᠨ ᠪᠣᠯᠬᠤ ᠶᠢ ᠮᠡᠳᠡᠭᠡᠳ᠄ ︽ᠲᠠᠨᠤᠰ ᠠᠷᠠᠢ ᠲᠠᠰᠢᠶ᠎ᠠ ᠬᠠᠭᠤᠯᠵᠤ ᠪᠢᠴᠢᠭᠡ ᠦᠭᠡᠢ ᠪᠢᠵᠡ︖︾ ᠭᠡᠵᠤ ᠳᠠᠪᠲᠠᠨ ᠠᠰᠠᠭᠤᠪᠠᠯ᠄ ︽ᠦᠭᠡᠢ ᠪᠠᠭᠰᠢ ᠡ᠂ ᠡ᠊ᠨᠳᠡ ᠪᠠᠶᠢᠨ᠎ᠠ᠂ ᠥᠪᠡᠷ ᠢᠶᠠᠨ ᠦᠵᠡ︾ ᠭᠡᠳ ᠪᠠᠷᠢᠵᠤ ᠢᠷᠡᠭᠰᠡᠨ ᠬᠢᠴᠢᠶᠡᠯ ᠤᠨ ᠪᠢᠴᠢᠭ ᠢᠶᠠᠨ ᠲᠡᠯᠭᠡᠭᠡᠳ ᠦᠵᠡᠭᠦᠯᠬᠦ ᠶᠤᠮ᠃ ᠦᠨᠡᠬᠡᠷ ᠲᠡᠶᠢᠮᠦ ᠰᠢᠳᠡ᠂ ᠠᠩᠬ᠎ᠠ ᠨᠢᠭᠡ ᠶᠢᠨ ᠬᠡᠦᠬᠡᠳ ᠪᠠᠶᠢᠲᠠᠯ᠎ᠠ ᠪᠤᠷᠤᠭᠤ ᠭᠡᠵᠤ ᠮᠡᠳᠡᠵᠦ ᠭᠠᠷᠴᠤ ᠪᠠᠶᠢᠲᠠᠯ᠎ᠠ ᠮᠠᠨ ᠤ ᠨᠠᠶᠢᠷᠠᠭᠤᠯᠤᠭᠴᠢ ᠨᠠᠷ ᠴᠢᠨᠢ ᠦᠵᠡᠵᠦ ᠭᠠᠷᠤᠭ᠎ᠠ ᠦᠭᠡᠢ ᠶᠤᠮ ᠪᠠᠶᠢᠨ᠎ᠠ᠃ ᠡᠰᠡᠬᠦᠯ᠎ᠡ ᠪᠠᠰᠠ ᠯᠠ ᠥᠨᠥᠬᠢ ᠬᠡᠯᠡᠨ ᠵᠦᠢ ᠰᠤᠷᠬᠤ ᠳᠤᠷ᠎ᠠ ᠦᠭᠡᠢ ᠨᠠᠶᠢᠷᠠᠭᠤᠯᠤᠭᠴᠢ ᠨᠢ ᠨᠠᠶᠢᠷᠠᠭᠤᠯᠴᠢᠬᠠᠭᠰᠠᠨ ᠶᠤᠮ ᠦᠦ ᠳ᠋ᠠ᠂ ᠪᠦᠦ ᠮᠡᠳᠡ᠃ ᠪᠤᠷᠬᠠᠨ ᠪᠠᠶᠢᠲᠠᠯ᠎ᠠ ᠭᠤᠷᠪᠠᠨ ᠪᠥᠭᠡᠰᠦ ᠲᠠᠢ ᠭᠡᠳᠡᠭ ᠪᠠᠶᠢᠲᠠᠯ᠎ᠠ ᠲᠡᠶᠢᠮᠦ ᠣᠯᠠᠨ ᠨᠣᠮ ᠨᠠᠶᠢᠷᠠᠭᠤᠯᠵᠤ ᠪᠠᠶᠢᠭ᠎ᠠ ᠬᠥᠮᠥᠰ ᠲᠤ ᠴᠦ ᠭᠡᠰᠡᠨ ᠬᠡᠳᠦᠨ ᠪᠤᠷᠤᠭᠤ ᠪᠠᠶᠢᠵᠤ ᠪᠣᠯᠳᠠᠭ ᠯᠠ ᠪᠠᠶᠢᠯ ᠦᠭᠡᠢ ᠭᠡᠵᠤ ᠵᠠᠷᠢᠮᠠᠳ ᠨᠢ ᠮᠡᠷᠭᠡᠯᠡᠵᠦ ᠮᠡᠳᠡᠨ᠎ᠡ᠃ ᠭᠡᠲᠡᠯ᠎ᠡ ᠶᠠᠭ ᠥᠨᠥ ᠨᠠᠶᠢᠷᠠᠭᠤᠯᠤᠭᠴᠢ ᠶᠢᠨ ᠡᠨᠡ ᠨᠢᠭᠡᠯᠬᠡᠨ ᠠᠯᠳᠠᠭ᠎ᠠ ᠪᠠᠷ ᠬᠡᠴᠢᠨᠡᠭᠡᠨ ᠰᠤᠷᠤᠭᠴᠢ ᠶᠢᠨ ᠬᠡᠳᠦᠢ ᠴᠠᠭ ᠪᠣᠯᠣᠨ ᠲᠠᠷᠢᠬᠢ ᠶᠢ ᠦᠷᠡᠭᠡᠵᠦ ᠰᠦᠢᠳᠬᠡᠵᠦ ᠪᠠᠶᠢᠭ᠎ᠠ ᠶᠢ ᠬᠡᠨ ᠨᠠᠷᠢᠨ ᠪᠣᠳᠣᠵᠤ ᠦᠵᠡᠪᠡ︖ ᠳᠠᠬᠢᠭᠠᠳ ᠬᠡᠯᠡᠪᠡᠯ ᠮᠠᠨᠤᠰ ᠶᠠᠭᠤ ᠪᠦᠬᠦᠨ ᠳᠤ ᠠᠭᠤᠴᠢᠯᠠᠬᠤ ᠣᠪᠣᠷ ᠠᠪᠤᠭᠰᠠᠭᠠᠷ ᠪᠠᠶᠢᠵᠤ ᠣᠳᠣ ᠶᠠᠭᠤ ᠪᠣᠯᠵᠤ ᠪᠠᠶᠢᠭ᠎ᠠ ᠭᠡᠭᠴᠢ ᠪᠠᠨ ᠦᠵᠡᠵᠦ ᠬᠠᠷᠠᠵᠤ ᠮᠡᠳᠡᠬᠦ ᠴᠢᠬᠤᠯᠠ ᠲᠠᠢ ᠴᠦ ᠪᠣᠯᠵᠤ ᠪᠠᠶᠢᠨ᠎ᠠ ᠰᠢᠤ ᠳ᠋ᠠ᠃ ᠢᠲᠡᠭᠡᠬᠦ ᠦᠭᠡᠢ ᠪᠣᠯ ᠳᠠᠬᠢᠭᠠᠳ ᠨᠢᠭᠡ ᠤᠴᠢᠷ ᠢ ᠶᠠᠷᠢᠶ᠎ᠠ᠃ ᠨᠢᠭᠡ ᠤᠳᠠᠭᠠᠨ ᠤ ᠬᠡᠯᠡᠨ ᠵᠦᠢ ᠶᠢᠨ ᠬᠢᠴᠢᠶᠡᠯᠯᠡᠭᠡ ᠳᠤ ᠰᠤᠷᠤᠭᠴᠢᠳ ᠢᠶᠠᠷ ︽ᠰᠣᠷᠣᠯᠴᠠᠬᠤ᠂ ᠣᠷᠣᠯᠴᠠᠬᠤ︾ ᠦᠭᠡ ᠶᠢ ᠢᠵᠠᠭᠤᠷ ᠳᠠᠭᠠᠪᠤᠷᠢ ᠪᠠᠷ ᠵᠠᠳᠠᠯᠤᠭᠤᠯᠤᠭᠰᠠᠨ ᠶᠤᠮ᠃ ᠶᠠᠭᠤ ᠭᠡᠵᠤ ᠰᠠᠨᠠᠨ᠎ᠠ︖ ᠰᠤᠷᠤᠯᠴᠠᠬᠤ ᠶᠢᠨ ︽ᠰᠤᠷ︾᠂ ᠣᠷᠣᠯᠴᠠᠬᠤ ᠶᠢᠨ ᠬᠢᠨᠢ ᠴᠦ ︽ᠣᠷ︾ ᠢᠵᠠᠭᠤᠷ ᠪᠠᠶᠢᠨ᠎ᠠ᠃ ︽ᠰᠤᠷ︾ ᠪᠣᠯ ᠰᠤᠷᠤᠯᠴᠠᠬᠤ ᠶᠢᠨ ᠢᠵᠠᠭᠤᠷ ᠭᠡᠰᠡᠨ ᠳᠤ ᠡᠷᠡᠭᠡᠯᠵᠡᠭᠡ ᠲᠠᠢ ᠬᠥᠮᠥᠨ ᠪᠠᠶᠢᠬᠤ ᠦᠭᠡᠢ ᠪᠢᠵᠡ᠂ ᠭᠡᠲᠡᠯ᠎ᠡ ᠣᠷᠣᠯᠴᠠᠬᠤ ᠶᠢᠨ ᠢᠵᠠᠭᠤᠷ ᠨᠢ ︽ᠣᠷ︾ ᠭᠡᠪᠡᠯ ᠬᠡᠳᠦᠨ ᠬᠥᠮᠥᠨ ᠵᠥᠪᠰᠢᠶᠡᠷᠡᠨ᠎ᠡ︖ ︽ᠭᠡᠷ ᠲᠤ ᠣᠷᠣ︾ ᠭᠡᠳᠡᠭ ᠢ ᠪᠦᠷ ᠬᠡᠵᠢᠶ᠎ᠡ ᠠᠴᠠ ᠨᠢ ᠡᠬᠢᠯᠡᠭᠡᠳ ︽ᠭᠡᠷ ᠲᠤ ᠣᠷ︾ ᠭᠡᠵᠤ ᠪᠢᠴᠢᠬᠦ ᠪᠣᠯᠴᠢᠬᠠᠪᠠ ᠭᠡᠵᠤ ᠨᠠᠮ᠎ᠠ ᠶᠢ ᠪᠠᠭᠲᠠᠭᠠᠭᠰᠠᠨ ᠣᠯᠠᠩᠬᠢ ᠲᠣᠭᠠᠨ ᠤ ᠮᠣᠩᠭᠤᠯ ᠬᠡᠯᠡᠨ ᠤ ᠪᠠᠭᠰᠢ ᠭᠠᠶᠢᠬᠠᠯ ᠲᠥᠷᠥᠬᠦ ᠨᠢ ᠯᠠᠪᠲᠠᠢ᠃ ︽ᠣᠷᠣᠯᠴᠠᠬᠤ ︾ ᠶᠢᠨ ᠢᠵᠠᠭᠤᠷ ᠪᠤᠷᠤᠭᠤᠳᠠᠵᠠᠢ ᠭᠡᠵᠤ ᠨᠠᠮ᠎ᠠ ᠶᠢ ᠬᠡᠯᠡᠬᠦ ᠳᠤ ᠥᠨᠥ ᠰᠤᠷᠤᠭᠴᠢ ᠣᠭᠲᠣ ᠬᠦᠯᠢᠶᠡᠬᠦ ᠦᠭᠡᠢ᠂ ᠥᠪᠡᠷ ᠤᠨ ᠬᠢᠭᠰᠡᠨ ᠢᠶᠠᠨ ᠲᠠᠭᠠᠷᠠᠨ᠎ᠠ ᠭᠡᠵᠤ ᠪᠠᠷᠢᠮᠲᠠᠯᠠᠵᠤ ᠪᠠᠶᠢᠨ᠎ᠠ᠃ ᠤᠴᠢᠷ ᠢ ᠨᠢ ᠤᠬᠤᠴᠢᠯᠠᠨ ᠯᠠᠪᠯᠠᠪᠠᠯ ᠲᠣᠯᠢ ᠪᠢᠴᠢᠭ ᠳᠡᠭᠡᠷ᠎ᠡ ᠲᠡᠭᠡᠵᠦ ᠰᠠᠯᠭᠠᠵᠤ ᠪᠠᠶᠢᠨ᠎ᠠ ᠭᠡᠳ ᠥᠨᠥᠬᠢ ᠲᠣᠯᠢ ᠪᠢᠴᠢᠭ ᠢᠶᠠᠨ ᠲᠡᠪᠡᠷᠢᠵᠦ ᠢᠷᠡᠭᠡᠳ ᠤᠷᠪᠠᠭᠤᠯᠵᠤ ᠦᠵᠡᠭᠦᠯᠬᠦ ᠶᠤᠮ᠃ ᠯᠠᠮ᠎ᠠ ᠡ᠂ ᠶᠣᠰᠣᠲᠠᠢ ᠦᠰᠦᠲᠦ ᠮᠡᠯᠡᠬᠡᠢ ᠦᠵᠡᠭᠰᠡᠨ ︵ᠦᠨᠡᠨ ᠳᠤ ᠪᠠᠨ ᠲᠡᠭᠡᠵᠦ ᠰᠠᠯᠭᠠᠵᠤ ᠪᠠᠶᠢᠭᠰᠠᠨ ᠢ ᠥᠭᠡᠷ᠎ᠡ ᠨᠣᠮ ᠠᠴᠠ ᠬᠠᠷᠠᠭᠰᠠᠨ ᠯᠠ ᠳ᠋ᠠ᠂ ᠭᠡᠪᠡᠴᠦ ᠠᠩᠬ᠎ᠠ ᠳᠤᠮᠳᠠᠳᠤ ᠶᠢᠨ ᠰᠤᠷᠤᠭᠴᠢᠳ ᠢ ᠲᠡᠭᠡᠵᠦ ᠰᠣᠨᠢᠭᠤᠴᠢᠯᠠᠨ᠎ᠠ ᠭᠡᠵᠤ ᠪᠣᠳᠣᠵᠤ ᠣᠯᠣᠭᠰᠠᠨ ᠦᠭᠡᠢ︶ ᠭᠡᠳᠡᠭ ᠪᠣᠯᠵᠤ ᠪᠠᠶᠢᠭ᠎ᠠ ᠬᠡᠷᠡᠭ᠃ ᠣᠳᠣ ᠴᠢᠨᠢ ᠪᠦᠷ ᠥᠭᠡᠷᠡᠴᠢᠯᠡᠯᠲᠡ ᠶᠢᠨ ᠴᠠᠭ ᠡᠷᠢᠨ᠂ ᠶᠠᠭᠤ ᠪᠦᠬᠦᠨ ᠥᠭᠡᠷᠡᠴᠢᠯᠡᠭᠳᠡᠵᠦ ᠰᠢᠨᠡᠴᠢᠯᠡᠭᠳᠡᠵᠦ ᠪᠠᠶᠢᠭ᠎ᠠ ᠴᠠᠭ ᠦᠶ᠎ᠡ᠃ ︽ᠦᠷ︾ ᠨᠢ ᠪᠦᠷ ︽ᠦᠤᠷ︾ ᠪᠣᠯᠵᠤ᠂ ︽ᠰᠡᠷᠡᠯ︾ ᠨᠢ ︽ᠰᠠᠭᠠᠷᠠᠯ︾ ᠪᠣᠯᠵᠤ᠂ ︽ᠨᠠᠰᠢ᠂ ᠴᠠᠰᠢ︾ ᠨᠢ ︽ᠨᠠᠭᠠᠰᠢ᠂ ᠴᠠᠭᠠᠰᠢ︾ ᠪᠣᠯᠣᠨ ᠪᠢᠴᠢᠭᠳᠡᠬᠦ ᠪᠣᠯᠵᠠᠢ᠃ ︽ᠶᠠᠭᠠᠬᠢᠭᠠᠳ ᠲᠡᠭᠡᠵᠦ ᠪᠢᠴᠢᠭᠳᠡᠬᠦ ᠪᠣᠯᠪᠠ᠂ ᠪᠠᠭᠰᠢ ᠡ︖︾ ᠭᠡᠰᠡᠨ ᠰᠤᠷᠤᠭᠴᠢᠳ ᠤᠨ ᠠᠰᠠᠭᠤᠯᠲᠠ ᠶᠢᠨ ᠬᠠᠷᠢᠭᠤ ᠳᠤ ︽ᠤᠷᠲᠤ ᠪᠠᠷ ᠳᠠᠭᠤᠳᠠᠳᠠᠭ ᠪᠣᠯᠬᠤᠷ ᠯᠠ ᠳᠠᠪᠬᠤᠷ ︵ᠬᠤᠣᠰ︶ ᠡᠭᠡᠰᠢᠭ ᠪᠤᠶᠤ ᠤᠷᠲᠤᠳᠬᠠᠯ ︿‍ᠭᠠ᠊﹀ ᠨᠡᠮᠡᠵᠦ ᠲᠣᠳᠣᠷᠬᠠᠶᠢᠯᠠᠨ ᠲᠡᠮᠳᠡᠭᠯᠡᠳᠡᠭ ᠪᠣᠯᠵᠠᠢ︾ ᠭᠡᠵᠤ ᠬᠠᠷᠢᠭᠤᠯᠲᠠ ᠥᠭᠬᠦ ᠠᠴᠠ ᠥᠭᠡᠷ᠎ᠡ ᠬᠤᠷᠢᠭᠠᠳ ᠵᠢᠯ ᠮᠣᠩᠭᠤᠯ ᠬᠡᠯᠡ ᠵᠢᠭᠠᠵᠤ ᠢᠷᠡᠭᠰᠡᠨ ᠪᠢ ᠴᠦ ᠥᠪᠡᠷ ᠢᠶᠠᠨ ᠲᠡᠭᠡᠵᠦ ᠪᠢᠴᠢᠳᠡᠭ ᠪᠣᠯᠣᠭᠰᠠᠨ ᠤ ᠤᠴᠢᠷ ᠤᠬᠠᠭᠠᠨ ᠢ ᠨᠢ ᠮᠡᠳᠡᠭᠡ ᠦᠭᠡᠢ ᠭᠡᠳᠡᠭ ᠢᠶᠠᠨ ᠨᠢᠭᠤᠬᠤ ᠴᠦ ᠪᠢᠰᠢ᠂ ᠨᠢᠭᠡ ᠮᠡᠳᠡᠬᠦ ᠳᠤ ᠬᠢᠴᠢᠶᠡᠯ ᠤᠨ ᠪᠢᠴᠢᠭ᠂ ᠲᠣᠯᠢ ᠪᠢᠴᠢᠭ ᠢᠶᠠᠷ ᠪᠦᠷ ᠲᠡᠭᠡᠵᠤ ᠪᠢᠴᠢᠭᠳᠡᠬᠦ ᠪᠣᠯᠣᠭᠰᠠᠨ ᠬᠤᠶᠢᠨ᠎ᠠ᠂ ᠲᠡᠭᠡᠵᠦ ᠵᠢᠭᠠᠬᠤ ᠯᠠ ᠬᠡᠷᠡᠭ ᠳ᠋ᠠ᠃ ︽ᠰᠤᠷ + ᠊ᠯᠴᠠ — ᠰᠤᠷᠤᠯᠴᠠ︾ ᠭᠡᠳᠡᠭ ᠲᠠᠢ ᠠᠳᠠᠯᠢ ᠪᠠᠷ ︽ᠣᠷ + ᠊ᠯᠴᠠ — ᠣᠷᠣᠯᠴᠠ︾ ᠪᠣᠯᠳᠠᠭ ᠪᠠᠶᠢᠬ᠎ᠠ᠂ ᠬᠠᠷᠢᠨ ᠪᠢᠳᠠᠨ ᠤ ︽ᠣᠷᠣ + ᠊ᠯᠴᠠ — ᠣᠷᠣᠯᠴᠠ ︾ ᠭᠡᠳᠡᠭ ᠨᠢ ᠪᠦᠷ ᠪᠤᠷᠤᠭᠤ ᠵᠢᠭᠠᠭᠠᠳ ᠢᠷᠡᠭᠰᠡᠨ ᠪᠠᠶᠢᠪᠠ ᠦᠦ ᠳ᠋ᠠ ᠭᠡᠵᠤ ᠥᠪᠡᠷ ᠢ ᠪᠠᠨ ᠰᠡᠵᠢᠭᠯᠡᠬᠦ ᠳᠤ ᠬᠦᠷᠴᠡᠢ᠃ ᠶᠣᠰᠣᠲᠠᠢ ᠥᠨᠥᠬᠢ ᠠᠷᠢᠬᠢᠴᠢᠨ ᠠᠪᠤᠭᠠᠢ ᠨᠣᠮ ᠳᠡᠭᠡᠷ᠎ᠡ ᠠᠴᠠ ᠠᠷᠢᠬᠢᠨ ᠤ ᠬᠤᠣᠷ ᠬᠥᠨᠥᠭᠡᠯ ᠤᠨ ᠲᠤᠬᠠᠢ ᠣᠯᠵᠤ ᠤᠩᠰᠢᠭᠠᠳ ᠠᠶᠤᠬᠤ ᠶᠢᠨ ᠶᠡᠭᠡ ᠪᠠᠷ ᠠᠶᠤᠬᠤ ᠳᠤ ᠪᠠᠨ ᠠᠬᠢᠭᠠᠳ ᠨᠢᠭᠡ ᠣᠭᠤᠴᠢ ᠠᠷᠢᠬᠢ ᠤᠤᠭᠤᠵᠤ ᠠᠶᠤᠭᠰᠠᠨ ᠰᠡᠳᠬᠢᠯ ᠢᠶᠠᠨ ᠳᠠᠷᠤᠵᠤ ︽ᠳᠠᠬᠢᠭᠠᠳ ᠨᠣᠮ ᠦᠵᠡᠬᠦ ᠦᠭᠡᠢ᠂ ᠲᠤᠩ ᠠᠶᠤᠮᠰᠢᠭᠲᠠᠢ︾ ᠭᠡᠵᠤ ᠬᠡᠯᠡᠯ᠎ᠡ ᠭᠡᠰᠡᠨ ᠱᠤᠭ ᠦᠯᠢᠭᠡᠷ ᠰᠢᠭ ᠪᠢ ᠴᠦ ᠲᠣᠯᠢ ᠪᠢᠴᠢᠭ ᠠᠴᠠ ᠠᠶᠤᠵᠤ ᠳᠠᠬᠢᠵᠤ ᠤᠷᠪᠠᠭᠤᠯᠬᠤ ᠦᠭᠡᠢ ᠭᠡᠵᠤ ᠪᠣᠳᠣᠭᠰᠠᠨ ᠤᠳᠠᠭ᠎ᠠ ᠲᠠᠢ ᠪᠠᠨ ᠨᠢᠭᠤᠬᠤ ᠦᠭᠡᠢ᠃      ᠪᠢᠳᠠ ᠮᠡᠳᠡᠬᠦ ᠦᠭᠡᠢ ᠪᠣᠯ ᠰᠤᠷᠤᠨ᠎ᠠ᠂ ᠴᠢᠳᠠᠬᠤ ᠦᠭᠡᠢ ᠪᠣᠯ ᠠᠰᠠᠭᠤᠨ᠎ᠠ᠂ ᠮᠠᠭᠤ ᠤᠴᠢᠷ ᠪᠢᠰᠢ᠃ ᠲᠡᠭᠡᠪᠡᠯ ᠶᠠᠭᠠᠬᠢᠵᠤ ᠰᠤᠷᠳᠠᠭ ᠶᠤᠮ︖ ᠶᠠᠭᠤ ᠰᠤᠷᠳᠠᠭ ᠶᠤᠮ ᠭᠡᠪᠡᠯ ᠨᠢᠭᠡ ᠯᠠ ᠦᠭᠡ᠂ ᠬᠡᠯᠡᠨ ᠵᠦᠢ ᠶᠢ ᠰᠢᠰᠲ᠋ᠧᠮ ᠲᠠᠢ ᠰᠤᠷᠤᠨ᠎ᠠ᠃ ᠤᠴᠢᠷ ᠨᠢ ᠳᠡᠭᠡᠷ᠎ᠡ ᠶᠠᠷᠢᠭᠰᠠᠨ ᠲᠡᠷᠡ ᠪᠦᠬᠦᠨ ᠴᠢᠨᠢ ᠪᠦᠷ ᠬᠡᠯᠡᠨ ᠵᠦᠢ ᠶᠢᠨ ᠠᠰᠠᠭᠤᠳᠠᠯ ᠤᠳ᠂ ᠲᠡᠶᠢᠮᠦ ᠠᠴᠠ ᠬᠡᠯᠡᠨ ᠵᠦᠢ ᠪᠣᠯ ᠡᠳᠡᠭᠡᠷ ᠬᠢᠵᠢᠭ ᠢ ᠠᠷᠢᠯᠭᠠᠬᠤ ᠰᠢᠳᠢᠲᠦ ᠵᠣᠷ᠃ ᠬᠡᠯᠡᠨ ᠵᠦᠢ ᠯᠠ ᠰᠠᠶ᠋ᠢ ᠠᠰᠠᠭᠤᠳᠠᠯ ᠢ ᠰᠢᠢᠳᠪᠦᠷᠢᠯᠠᠬᠦ ᠵᠠᠩᠭᠢᠯᠠᠭ᠎ᠠ ᠪᠣᠯᠣᠭᠠᠳ ᠪᠣᠢ ᠭᠡᠳᠡᠭ ᠢ ᠪᠢᠳᠠ ᠦᠵᠡᠵᠦ ᠭᠠᠷᠤᠭᠰᠠᠨ ᠪᠠᠶᠢᠬᠤ ᠬᠡᠷᠡᠭᠲᠡᠢ᠂ ᠮᠡᠳᠡᠵᠦ ᠲᠠᠨᠢᠭᠰᠠᠨ ᠪᠠᠶᠢᠬᠤ ᠶᠣᠰᠣᠲᠠᠢ᠃ ᠡᠶᠢᠮᠦ ᠠᠴᠠ ᠪᠢᠳᠡ ᠡᠨᠡ ᠬᠦ ᠰᠢᠳᠢᠲᠦ ᠵᠣᠷ ᠢ ᠣᠯᠣᠶ᠎ᠠ ᠭᠡᠪᠡᠯ ᠮᠣᠩᠭᠤᠯ ᠬᠡᠯᠡᠨ ᠵᠦᠢ ᠶᠢᠨ ᠵᠢᠭᠠᠨ ᠰᠤᠷᠭᠠᠯᠲᠠ ᠶᠢ ᠬᠦᠨᠲᠦᠳᠬᠡᠪᠡᠯ ᠵᠣᠬᠢᠨ᠎ᠠ᠃      ᠨᠢᠭᠡ ᠳᠤ᠂ ᠳᠡᠭᠡᠳᠦ ᠱᠠᠲᠤᠨ ᠠᠴᠠ ᠡᠨᠡ ᠬᠦ ᠠᠰᠠᠭᠤᠳᠠᠯ ᠢ ᠡᠷᠬᠡᠪᠰᠢ ᠬᠦᠨᠲᠦᠳᠬᠡᠨ ᠦᠵᠡᠵᠦ ᠴᠠᠭ ᠲᠤᠬᠠᠢ ᠳᠤ ᠨᠢ ᠬᠦᠴᠦᠨ ᠪᠦᠬᠦᠢ ᠵᠦᠢ ᠵᠣᠬᠢᠰᠲᠠᠢ ᠠᠷᠭ᠎ᠠ ᠬᠡᠮᠵᠢᠶ᠎ᠡ ᠠᠪᠬᠤ ᠴᠢᠬᠤᠯᠠ ᠲᠠᠢ᠃      ᠬᠤᠶᠠᠷ ᠲᠤ᠂ ᠬᠠᠮᠢᠶ᠎ᠠ ᠪᠦᠬᠦᠢ ᠰᠠᠯᠠᠭ᠎ᠠ ᠮᠥᠴᠢᠷ ᠪᠣᠯᠣᠨ ᠲᠤᠰᠬᠠᠢ ᠮᠡᠷᠭᠡᠵᠢᠯᠲᠡᠨ᠂ ᠦᠨᠳᠦᠰᠦᠨ ᠱᠠᠲᠤᠨ ᠤ ᠣᠷᠣᠯᠳᠣᠯᠭ᠎ᠠ ᠲᠤᠷᠰᠢᠯᠭ᠎ᠠ ᠲᠠᠢ ᠮᠣᠩᠭᠤᠯ ᠬᠡᠯᠡᠨ ᠤ ᠪᠠᠭᠰᠢ ᠨᠠᠷ ᠢ ᠵᠣᠬᠢᠶᠠᠨ ᠪᠠᠶᠢᠭᠤᠯᠵᠤ ᠳᠤᠮᠳᠠᠳᠤ ᠪᠠᠭ᠎ᠠ ᠰᠤᠷᠭᠠᠭᠤᠯᠢ ᠶᠢᠨ ᠪᠠᠭᠰᠢ ᠰᠤᠷᠤᠭᠴᠢᠳ ᠲᠤ ᠵᠣᠷᠢᠭᠤᠯᠤᠭᠰᠠᠨ ᠬᠡᠯᠡᠨ ᠵᠦᠢ ᠶᠢᠨ ᠬᠢᠴᠢᠶᠡᠯ ᠤᠨ ᠪᠢᠴᠢᠭ᠂ ᠯᠠᠪᠯᠠᠬᠤ ᠪᠢᠴᠢᠭ ᠪᠠ ᠬᠠᠷᠠᠭᠠᠯᠵᠠᠭᠰᠠᠨ ᠪᠠᠲᠤᠳᠬᠠᠯ ᠪᠣᠯᠪᠠᠰᠤᠷᠠᠯ ᠨᠢᠭᠡ ᠢᠵᠢ ᠨᠣᠮ ᠢ ᠨᠠᠶᠢᠷᠠᠭᠤᠯᠵᠤ ᠬᠡᠪᠯᠡᠭᠦᠯᠦᠨ᠂ ᠲᠠᠷᠬᠠᠭᠠᠵᠤ ᠬᠡᠷᠡᠭᠯᠡᠨ᠎ᠡ᠃      ᠭᠤᠷᠪᠠ ᠳᠤ᠂ ᠳᠤᠮᠳᠠᠳᠤ ᠪᠠᠭ᠎ᠠ ᠰᠤᠷᠭᠠᠭᠤᠯᠢ ᠶᠢᠨ ᠪᠦᠬᠦ ᠪᠠᠭᠰᠢ ︵ᠮᠣᠩᠭᠤᠯ ᠬᠡᠯᠡᠨ ᠤ ᠪᠠᠭᠰᠢ ᠶᠢ ᠪᠠᠭᠲᠠᠭᠠᠭᠰᠠᠨ ᠪᠤᠰᠤᠳ ᠬᠢᠴᠢᠶᠡᠯ ᠲᠥᠷᠥᠯ ᠤᠨ ᠪᠠᠭᠰᠢ ᠶᠢ ᠴᠦ ᠪᠠᠭᠲᠠᠭᠠᠨ᠎ᠠ︶ ᠳᠤ ᠲᠤᠰᠬᠠᠢ ᠮᠣᠩᠭᠤᠯ ᠬᠡᠯᠡᠨ ᠵᠦᠢ ᠶᠢᠨ ᠪᠣᠯᠪᠠᠰᠤᠷᠠᠯ ᠢ ᠥᠷᠭᠦᠯᠵᠢ ᠬᠦᠷᠲᠡᠭᠡᠨ᠎ᠡ᠂ ᠲᠠᠶᠢᠯᠤᠮᠵᠢ ᠬᠢᠵᠦ ᠮᠠᠳᠠᠭ ᠢ ᠰᠢᠢᠳᠪᠦᠷᠢᠯᠡᠨ᠎ᠡ᠃ ᠢᠩᠭᠢᠵᠦ ᠪᠠᠭᠰᠢ ᠶᠢᠨ ᠬᠦᠴᠦᠨ ᠢ ᠭᠦᠢᠴᠡᠳ ᠪᠣᠯᠪᠠᠰᠤᠷᠠᠭᠤᠯᠤᠨ᠎ᠠ᠃      ᠳᠥᠷᠪᠡ ᠳᠤ᠂ ᠬᠡᠯᠡᠨ ᠵᠦᠢ ᠲᠠᠢ ᠬᠤᠯᠪᠣᠭᠳᠠᠯ ᠪᠦᠬᠦᠢ ᠠᠵᠢᠯᠯᠠᠭ᠎ᠠ ᠬᠥᠳᠡᠯᠭᠡᠭᠡᠨ ᠢ ᠢᠯᠡᠭᠦᠬᠡᠨ ᠵᠣᠬᠢᠶᠠᠨ ᠪᠠᠶᠢᠭᠤᠯᠵᠤ ᠥᠷᠨᠢᠭᠦᠯᠦᠨ᠂ ᠬᠡᠯᠡᠨ ᠵᠦᠢ ᠶᠢ ᠰᠠᠶᠢᠨ ᠰᠤᠷᠴᠤ ᠡᠵᠡᠮᠰᠢᠬᠦ ᠶᠢ ᠤᠷᠮᠠᠰᠢᠭᠤᠯᠤᠨ᠂ ᠬᠡᠯᠡᠨ ᠵᠦᠢ ᠶᠢ ᠰᠠᠶᠢᠨ ᠰᠤᠷᠬᠤ ᠪᠠᠷ ᠳᠠᠮᠵᠢᠨ ᠬᠡᠯᠡ ᠦᠰᠦᠭ ᠢᠶᠠᠨ ᠵᠥᠪ ᠰᠠᠶᠢᠬᠠᠨ ᠰᠤᠷᠴᠤ ᠬᠡᠷᠡᠭᠯᠡᠬᠦ ᠵᠥᠪ ᠦᠵᠡᠯᠲᠡ ᠲᠠᠨᠢᠯᠲᠠ ᠤᠬᠠᠮᠰᠠᠷ ᠢ ᠪᠣᠢ ᠪᠣᠯᠭᠠᠨ᠂ ᠦᠭᠡ ᠪᠠᠨ ᠵᠥᠪ ᠶᠠᠷᠢᠵᠤ ᠦᠰᠦᠭ ᠢᠶᠠᠨ ᠵᠥᠪ ᠪᠢᠴᠢᠶ᠎ᠡ᠃      ᠬᠠᠶ᠋ᠢᠬ᠄ ᠵᠡᠭᠦᠨ ᠦᠵᠦᠮᠦᠴᠢᠨ ᠬᠤᠰᠢᠭᠤᠨ ᠤ ᠮᠣᠩᠭᠤᠯ ᠳᠤᠮᠳᠠᠳᠤ ᠰᠤᠷᠭᠠᠭᠤᠯᠢ               ︵ᠰᠠᠩᠵᠠᠢ ᠨᠠᠶᠢᠷᠠᠭᠤᠯᠪᠠ︶               2018 ᠣᠨ ᠤ 7 ᠳ᠋ᠤᠭᠠᠷ ᠬᠤᠭᠤᠴᠠᠭ᠎ᠠ
 
ᠢᠷᠡᠯᠲᠡ᠄ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠤᠷᠭᠠᠨ ᠬᠦᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map