︽ᠣᠷᠤᠯᠳᠤᠯᠭ᠎ᠠ ᠪᠠᠷ ᠲᠦᠷᠢ ᠪᠦᠲᠦᠭᠡᠬᠦ︾ ᠵᠢᠭᠠᠬᠤ ᠠᠷᠭ᠎ᠠ ᠶᠢ ᠪᠤᠳᠠᠳᠦ ᠬᠢᠴᠢᠶᠡᠯᠯᠡᠭᠡ ᠳᠤ ᠦᠢᠯᠡᠳᠦᠯᠭᠡᠵᠢᠭᠦᠯᠦᠭᠰᠡᠨ ᠶᠠᠪᠣᠴᠠ
ᠨᠡᠶᠢᠲᠡᠯᠡᠭᠰᠡᠨ ᠴᠠᠭ᠄
2019/1/11
                  —  ᠬᠦᠯᠦᠨ ᠪᠤᠶᠢᠷ ᠬᠤᠳᠠ ᠶᠢᠨ ᠰᠢᠨ᠎ᠡ ᠪᠠᠷᠭᠤ ᠪᠠᠷᠠᠭᠤᠨ ᠬᠤᠰᠢᠭᠤᠨ ᠤ                         ᠨᠢᠭᠡᠳᠦᠭᠡᠷ ᠳᠤᠮᠳᠠᠳᠤ ᠰᠤᠷᠭᠠᠭᠤᠯᠢ ᠶᠢᠨ ᠪᠣᠥ ᠢᠤᠢ ᠯᠢᠶᠠᠨ                         ᠪᠠᠭᠰᠢ ᠶᠢᠨ ᠦᠢᠯᠨ ᠠᠵᠢᠯᠯᠠᠭ᠎ᠠ ᠠᠴᠠ                                                               ᠵᠢᠷᠭᠠᠯᠲᠦ      ᠶᠠᠮᠠᠷᠪᠠ ᠬᠡᠷᠡᠭ ᠪᠤᠳᠠᠰ ᠪᠤᠯ ᠪᠦᠷ ᠲᠠᠰᠤᠷᠠᠯᠳᠠ ᠦᠬᠡᠢ ᠬᠤᠪᠢᠷᠠᠯ ᠬᠦᠭᠵᠢᠯ ᠤᠨ ᠲᠤᠮᠳ᠋ᠨ ᠤᠷᠤᠰᠢᠵᠤ ᠪᠠᠶᠢᠳᠠᠭ᠃ ᠦᠬᠡᠷᠡᠴᠢᠯᠡᠯᠳ᠋ᠨ ᠬᠢᠬᠦ ᠨᠢ ᠬᠡᠷᠡᠭ ᠪᠤᠳᠠᠰ ᠤᠨ ᠬᠤᠪᠢᠷᠠᠯ ᠢ ᠲᠦᠷᠭᠡᠳᠭᠡᠵᠦ᠂ ᠨᠡᠩ ᠲᠦᠷᠭᠡᠨ ᠢᠶᠠᠷ ᠬᠦᠭᠵᠢᠯᠳ᠋ᠨ ᠶᠢᠨ ᠨᠤᠶᠠᠨ ᠤᠷᠬᠢᠯ ᠳᠤ ᠬᠦᠷᠭᠡᠵᠦ ᠴᠢᠳᠠᠨ᠎ᠠ᠃ ᠰᠣᠷᠭᠠᠨ ᠬᠦᠮᠦᠵᠢᠯ ᠪᠤᠯ ᠨᠢᠭᠡ ᠣᠯᠣᠰ ᠦᠨᠳᠦᠰᠦᠳᠡᠨ ᠤ ᠬᠦᠭᠵᠢᠯᠳ᠋ᠨ ᠶᠢᠨ ᠦᠨᠳᠦᠰᠦ᠂ ᠭᠠᠭᠴᠠ ᠭᠦ ᠰᠣᠷᠭᠠᠨ ᠬᠦᠮᠦᠵᠢᠯ ᠢ ᠴᠢᠩᠭ᠎ᠠ ᠠᠳᠬᠤᠪᠠᠯ ᠰᠠᠶ᠋ᠢ ᠨᠢᠭᠡᠨ ᠤᠯᠤᠰ ᠦᠨᠳᠦᠰᠦᠳᠡᠨ ᠤ ᠲᠤᠭᠲᠠᠭᠤᠨ ᠬᠦᠭᠵᠢᠯᠳ᠋ᠨ ᠶᠢ ᠪᠠᠲᠤᠯᠠᠵᠤ ᠴᠢᠳᠠᠨ᠎ᠠ᠃ ᠵᠦᠪ ᠰᠠᠶᠢᠨ ᠦᠬᠡᠷᠡᠴᠢᠯᠡᠯᠳ᠋ᠨ ᠪᠠᠷ ᠲᠠᠮᠵᠢᠨ ᠰᠤᠷᠭᠠᠨ ᠬᠦᠮᠦᠵᠢᠯ ᠨᠢ ᠰᠠᠶ᠋ᠢ ᠬᠦᠭᠵᠢᠯᠳ᠋ᠨ ᠪᠠᠨ ᠤᠯᠵᠤ᠂ ᠰᠢᠨᠵᠢᠯᠡᠬᠦ ᠤᠬᠠᠭᠠᠨ᠂ ᠨᠡᠶᠢᠭᠡᠮ᠂ ᠤᠯᠤᠰ ᠤᠨ ᠶᠠᠷᠤᠩᠭᠡᠶᠢᠯᠡᠭᠰᠡᠨ ᠭᠦᠴᠦᠨ ᠤ ᠬᠦᠭᠵᠢᠯᠳ᠋ᠨ ᠶᠢ ᠠᠬᠢᠭᠤᠯᠬᠤ ᠳᠤ ᠵᠠᠩᠬᠢᠯᠠᠭ᠎ᠠ ᠶᠢᠨ ᠤᠶᠢᠯᠡᠳᠦᠯ ᠢᠶᠠᠨ ᠪᠠᠳᠠᠷᠠᠭᠤᠯᠵᠦ ᠴᠢᠳᠠᠬᠤ ᠶᠤᠮ᠃      ᠤᠯᠤᠰ ᠤᠨ ᠰᠤᠷᠭᠠᠨ ᠬᠦᠮᠦᠵᠢᠯ ᠤᠨ ᠦᠬᠡᠷᠡᠴᠢᠯᠡᠯᠳ᠋ᠨ ᠶᠢ ᠲᠠᠭᠠᠯᠳᠤᠨ ᠦᠨᠳᠦᠰᠦᠳᠡᠨ ᠤ ᠰᠣᠷᠭᠠᠨ ᠬᠦᠮᠦᠵᠢᠯ ᠴᠤ ᠦᠪᠡᠷ ᠤᠨ ᠤᠨᠴᠠᠯᠢᠭ ᠲᠤ ᠪᠠᠨ ᠲᠤᠬᠢᠷᠠᠭᠰᠠᠨ ᠦᠬᠡᠷᠡᠴᠢᠯᠡᠯᠳ᠋ᠨ ᠶᠢᠨ ᠠᠷᠭ᠎ᠠ ᠬᠡᠮᠵᠢᠶ᠎ᠡ ᠶᠢ ᠠᠪᠴᠣ ᠪᠤᠢ᠃ ᠬᠡᠪᠰᠢᠮᠠᠯ ᠬᠢᠴᠢᠶᠠᠯ ᠤᠨ ᠲᠠᠩᠬᠢᠮ ᠤᠨ ᠵᠢᠭᠠᠨ ᠰᠤᠷᠭᠠᠯᠳ᠋ᠨ ︵ᠪᠠᠭᠰᠢ ᠶᠢᠨ ᠶᠠᠷᠢᠬᠤ ᠪᠠᠷ ᠭᠤᠤᠯᠯᠠᠭᠰᠠᠨ ᠵᠢᠭᠠᠨ ᠰᠣᠷᠭᠠᠯᠳ᠋ᠨ︶ ᠶᠢᠨ ᠬᠡᠯᠪᠡᠷᠢ ᠠᠴᠠ ᠰᠤᠷᠤᠭᠴᠢ ᠪᠠᠷ ᠭᠤᠣᠯ ᠴᠣᠭᠴᠠ ᠪᠣᠯᠭᠠᠭᠰᠠᠨ᠂ ᠰᠣᠷᠣᠭᠴᠢ ᠦᠪᠡᠷᠳᠡᠭᠡᠨ ᠡᠵᠡᠨ ᠮᠡᠳᠡᠨ ᠰᠣᠷᠣᠯᠴᠠᠬᠤ᠂ ᠬᠤᠷᠰᠢᠨ ᠰᠣᠷᠣᠯᠴᠠᠬᠤ᠂ ᠰᠦᠪᠡᠭᠴᠢᠯᠡᠨ ᠰᠣᠷᠣᠯᠴᠠᠬᠤ᠂ ᠪᠠᠭᠰᠢ ᠠᠴᠠ ᠰᠡᠩᠭᠡᠷᠡᠭᠦᠯᠦᠨ ᠵᠢᠯᠤᠭᠤᠳᠬᠤ ᠬᠡᠯᠪᠡᠷᠢ ᠳᠤ ᠠᠶᠠᠨᠳᠠᠭᠠᠨ ᠰᠢᠯᠵᠢᠬᠦ ᠰᠢᠯᠵᠢᠯᠳᠡ ᠶᠢ ᠴᠢᠷᠮᠠᠶᠢᠨ ᠪᠡᠶᠡᠯᠡᠬᠦᠯᠵᠦ ᠪᠤᠢ᠃ ᠡᠶᠢᠮᠦᠷᠬᠦᠤ ᠦᠬᠡᠷᠡᠴᠢᠯᠡᠯᠳ᠋ᠨ ᠳᠤ ᠵᠠᠯᠠᠭᠤ ᠢᠳᠡᠷ ᠪᠠᠭᠰᠢ ᠨᠠᠷ ᠢᠳᠡᠪᠬᠢᠳᠠᠢ ᠭᠠᠪᠰᠢᠭᠠᠶᠢᠯᠠᠵᠦ᠂ ᠰᠣᠷᠭᠠᠨ ᠬᠦᠮᠦᠵᠢᠯ ᠤᠨ ᠦᠬᠡᠷᠡᠴᠢᠯᠡᠯᠳ᠋ᠨ ᠶᠢᠨ ᠲᠡᠷᠢᠬᠦᠨ ᠤ ᠬᠤᠰᠢᠭᠤᠴᠢ ᠡᠩᠨᠡᠭᠡ ᠪᠤᠯᠵᠤ ᠪᠦᠷᠢᠯᠳᠦᠵᠦ ᠪᠤᠢ᠃      ᠬᠦᠯᠦᠨ ᠪᠤᠶᠢᠷ ᠬᠤᠳᠠ ᠶᠢᠨ ᠰᠢᠨ᠎ᠡ ᠪᠠᠷᠭᠤ ᠪᠠᠷᠠᠭᠤᠨ ᠬᠤᠰᠢᠭᠤᠨ ᠤ ᠨᠢᠭᠡᠳᠦᠭᠡᠷ ᠳᠤᠮᠳᠠᠳᠤ ᠰᠤᠷᠭᠠᠭᠤᠯᠢ ᠶᠢᠨ ᠪᠤᠤ ᠢᠤᠢ ᠯᠢᠶᠠᠨ ᠪᠠᠭᠰᠢ ᠪᠤᠯ ᠶᠠᠭ ᠡᠨᠡ ᠬᠦ ᠬᠤᠰᠢᠭᠤᠴᠢ ᠡᠩᠨᠡᠭᠡᠨ ᠳᠤ ᠤᠷᠦ᠋ᠢᠯᠠᠵᠦ ᠪᠠᠶᠢᠭ᠎ᠠ ᠵᠠᠯᠠᠭᠤ ᠪᠠᠭᠰᠢ ᠪᠤᠯᠬᠤ ᠶᠤᠮ᠃ ᠲᠡᠷᠨ ᠪᠠᠷ 2016 ᠤᠨ ᠠᠴᠠ ᠡᠬᠢᠯᠡᠨ ᠪᠦᠬᠦ ᠤᠷᠤᠨ ᠤ ᠬᠡᠪᠴᠢᠶᠡᠨ ᠳᠤ ᠶᠠᠪᠤᠭᠳᠠᠭᠤᠯᠵᠤ ᠪᠠᠶᠢᠭ᠎ᠠ ᠳᠣᠮᠳᠠᠲᠣ ᠰᠣᠷᠭᠠᠭᠤᠯᠢ ᠶᠢᠨ ᠪᠠᠶᠢᠭᠠᠯᠢ ᠶᠢᠨ ᠰᠢᠨᠵᠢᠯᠡᠬᠦ ᠣᠬᠠᠭᠠᠨ ᠤ ᠬᠢᠴᠢᠶᠡᠯ ᠲᠦᠷᠦᠯ ᠤᠨ ︽ᠣᠷᠤᠯᠳᠤᠯᠭ᠎ᠠ ᠪᠠᠷ ᠲᠦᠷᠢ ᠪᠦᠲᠦᠭᠡᠬᠦ︾ ᠵᠢᠭᠠᠬᠤ ᠠᠷᠭ᠎ᠠ ᠲᠠᠢ ᠠᠩᠬ᠎ᠠ ᠲᠠᠨᠢᠯᠴᠠᠭᠰᠠᠨ ᠠᠴᠠ ᠪᠠᠨ ᠤᠳᠤ ᠪᠤᠯᠳᠠᠯ᠎ᠠ ᠤᠯᠠᠨ ᠤᠳᠠᠭ᠎ᠠ ᠪᠦᠬᠦ ᠣᠷᠣᠨ ᠤ ᠪᠠᠶᠢᠭᠠᠯᠢ ᠶᠢᠨ ᠬᠢᠴᠢᠶᠡᠯ ᠲᠦᠷᠦᠯ ᠤᠨ ᠪᠠᠭᠰᠢ ᠶᠢᠨ ᠪᠤᠯᠪᠠᠰᠤᠷᠠᠯ ᠳᠤ ᠤᠷᠤᠯᠴᠠᠬᠤ ᠶᠢᠨ ᠬᠠᠮᠳᠦ ᠪᠦᠬᠦ ᠤᠷᠤᠨ ᠤ ᠪᠠᠭᠰᠢ ᠶᠢᠨ ᠪᠤᠯᠪᠠᠰᠤᠷᠠᠯ᠂ ᠬᠦᠯᠦᠨ ᠪᠤᠶᠢᠷ ᠬᠤᠲᠠ ᠶᠢᠨ ᠪᠠᠭᠰᠢ ᠶᠢᠨ ᠪᠤᠯᠪᠠᠰᠤᠷᠠᠯ᠂ ᠪᠠᠷᠠᠭᠤᠨ ᠪᠠᠷᠭᠤ ᠬᠤᠰᠢᠭᠤᠨ ᠤ ᠪᠠᠭᠰᠢ ᠶᠢᠨ ᠪᠤᠯᠪᠠᠰᠤᠷᠠᠯ ᠳᠤ ︽ᠣᠷᠤᠯᠳᠤᠯᠭ᠎ᠠ ᠪᠠᠷ ᠳᠦᠷᠢ ᠪᠦᠲᠦᠭᠡᠬᠦ︾ ᠵᠢᠭᠠᠨ ᠰᠤᠷᠭᠠᠬᠤ ᠠᠷᠭ᠎ᠠ ᠶᠢᠨ ᠲᠤᠬᠠᠢ ᠶᠠᠷᠢᠶ᠎ᠠ ᠲᠠᠶᠢᠯᠣᠮᠵᠢ ᠪᠠ ᠲᠠᠭᠤᠷᠢᠶᠠᠯ ᠤᠨ ᠬᠢᠴᠢᠶᠡᠯ ᠢ ᠤᠯᠠᠨᠳᠠ ᠬᠢᠵᠦ᠂ ᠲᠣᠰᠬᠠᠢ ᠮᠡᠷᠭᠡᠵᠢᠯᠳᠡᠳ ᠪᠠ ᠪᠠᠭᠰᠢ ᠨᠠᠷ ᠤᠨ ᠥᠨᠳᠦᠷ ᠦᠨᠡᠯᠡᠯᠳ᠋ᠨ ᠶᠢ ᠤᠯᠵᠠᠢ᠃ ᠲᠡᠬᠦᠨ ᠤ ︽ᠤᠷᠤᠯᠳᠤᠯᠭ᠎ᠠ ᠪᠠᠷ ᠳᠦᠷᠢ ᠪᠦᠳᠦᠭᠡᠬᠦ︾ ᠵᠢᠭᠠᠬᠤ ᠠᠷᠭ᠎ᠠ ᠶᠢ ᠤᠶᠢᠯᠡᠳᠦᠯᠭᠡᠵᠢᠬᠦᠯᠦᠭᠰᠡᠨ ᠪᠠᠶᠢᠳᠠᠯ ᠢ ᠤᠯᠠᠨ ᠪᠠᠭᠰᠢ ᠨᠠᠷ ᠲᠤ ᠪᠠᠨ ᠲᠠᠨᠢᠯᠴᠠᠭᠤᠯᠤᠶ᠎ᠠ᠃      ᠨᠢᠭᠡ᠂ ᠬᠢᠴᠢᠶᠡᠯ ᠲᠦᠷᠦᠯ ᠤᠨ ᠵᠢᠭᠠᠨ ᠰᠤᠷᠭᠠᠯᠳᠠ ᠳᠤ ᠪᠠᠨ ︽ᠤᠷᠤᠯᠳᠤᠯᠭ᠎ᠠ ᠪᠠᠷ ᠳᠦᠷᠢ ᠪᠦᠳᠦᠭᠡᠭᠦ︾ ᠵᠢᠭᠠᠬᠤ ᠠᠷᠭ᠎ᠠ ᠶᠢ ᠬᠡᠷᠡᠭᠵᠢᠭᠦᠯᠦᠭᠰᠡᠨ ᠪᠠᠶᠢᠳᠠᠯ      ︵ᠨᠢᠭᠡ︶ ᠰᠤᠳᠤᠯᠤᠭᠳᠠᠬᠤᠨ      ᠬᠦᠯᠦᠨ ᠪᠤᠶᠢᠷ ᠬᠤᠳᠠ ᠶᠢᠨ ᠰᠢᠨ᠎ᠡ ᠪᠠᠷᠭᠤ ᠪᠠᠷᠠᠭᠤᠨ ᠬᠤᠰᠢᠭᠤᠨ ᠤ ᠨᠢᠭᠡᠳᠦᠭᠡᠷ ᠳᠤᠮᠳᠠᠳᠤ ᠰᠤᠷᠭᠠᠭᠤᠯᠢ ᠶᠢᠨ ᠶᠢᠰᠦᠳᠦᠭᠡᠷ ᠣᠨ ᠤ ᠲᠠᠪᠤᠳᠤᠭᠠᠷ ᠠᠩᠭᠢ ᠪᠠ ᠵᠢᠷᠭᠤᠳᠤᠭᠠᠷ ᠠᠩᠭᠢ ᠶᠢ ᠰᠤᠩᠭᠤᠵᠦ ᠰᠤᠳᠤᠯᠤᠭᠳᠠᠬᠤᠨ ᠪᠤᠯᠭᠠᠵᠠᠢ᠃ ᠡᠬᠦᠨ ᠳᠤ ᠶᠢᠰᠦᠳᠦᠭᠡᠷ ᠤᠨ ᠤ ᠵᠢᠷᠭᠤᠳᠤᠭᠠᠷ ᠠᠩᠬᠢ ᠳᠤ ︽ᠣᠷᠤᠯᠳᠤᠯᠭ᠎ᠠ ᠪᠠᠷ ᠲᠦᠷᠢ ᠪᠦᠲᠦᠭᠡᠬᠦ︾ ᠵᠢᠭᠠᠬᠤ ᠠᠷᠭ᠎ᠠ ᠶᠢ ᠬᠡᠷᠡᠭᠯᠡᠵᠦ᠂ ᠶᠢᠰᠦᠳᠦᠭᠡᠷ ᠤᠨ ᠤ ᠲᠠᠪᠤᠳᠤᠭᠠᠷ ᠠᠩᠭᠢ ᠳᠤ ᠣᠯᠠᠮᠵᠢᠯᠠᠯᠳᠣ ᠵᠢᠭᠠᠨ ᠰᠣᠷᠭᠠᠯᠳᠠ ᠶᠢᠨ ᠬᠡᠯᠪᠡᠷᠢ ᠶᠢ ᠬᠡᠷᠡᠭᠵᠢᠭᠦᠯᠦᠨ ᠬᠠᠷᠢᠴᠠᠭᠤᠯᠤᠭᠴᠢ ᠠᠩᠭᠢ ᠪᠤᠯᠭᠠᠵᠦ᠂ ᠵᠢᠭᠠᠬᠤ ᠠᠭᠤᠯᠭ᠎ᠠ ᠪᠠ ᠠᠬᠢᠴᠠ ᠶᠢ ᠢᠵᠢᠯᠢ ᠠᠯᠬᠤᠮ ᠢᠶᠠᠷ ᠶᠠᠪᠤᠭᠳᠠᠭᠤᠯᠬᠤ ᠶᠢ ᠠᠩᠬᠠᠷᠤᠪᠠ᠃ ᠶᠢᠰᠦᠳᠦᠭᠡᠷ ᠤᠨ ᠤ ᠵᠢᠷᠭᠤᠳᠤᠭᠠᠷ ᠠᠩᠬᠢ ᠶᠢᠨ ᠠᠩᠬᠢ ᠶᠢᠨ ᠡᠷᠬᠢᠯᠡᠭᠴᠢ ᠲᠠᠢ ᠬᠠᠮᠵᠢᠯᠴᠠᠨ ᠰᠤᠷᠤᠭᠴᠢ ᠶᠢᠨ ᠰᠤᠷᠤᠯᠴᠠᠯᠭ᠎ᠠ ᠶᠢᠨ ᠳᠤᠭᠤᠢᠢᠯᠠᠩ ᠪᠠᠶᠢᠭᠤᠯᠵᠦ᠂ ᠲᠤᠭᠤᠶᠢᠯᠠᠩ ᠪᠦᠷᠢ ᠳᠤ ᠳᠥᠷᠪᠡᠨ ᠰᠤᠷᠤᠭᠴᠢ ᠬᠤᠪᠢᠶᠠᠵᠤ᠂ ᠰᠤᠷᠤᠯᠭ᠎ᠠ ᠶᠢᠨ ᠬᠢᠷᠢ ᠪᠦᠲᠦᠮᠵᠢ ᠪᠠᠷ ᠭᠤᠷᠪᠠᠨ ᠲᠡᠰ ᠬᠤᠪᠢᠶᠠᠨ᠂ ᠨᠢᠭᠡ ᠳᠤᠭᠤᠶᠢᠯᠠᠩ ᠳᠤ ᠳᠡᠰ ᠪᠦᠷᠢ ᠶᠢᠨ ᠰᠤᠷᠤᠭᠴᠢ ᠶᠢ ᠪᠠᠭᠳᠠᠭᠠᠵᠦ᠂ ᠬᠤᠪᠢᠶᠠᠬᠤ ᠳᠤ ᠪᠠᠨ ᠴᠢᠨᠠᠷ ᠤᠨ ᠢᠯᠭᠠᠯ ᠂ ᠵᠠᠩ ᠠᠭᠠᠯᠢ᠂ ᠠᠪᠢᠶᠠᠰ ᠴᠢᠳᠠᠪᠦᠷᠢ᠂ ᠣᠶᠤᠨ ᠤ ᠪᠤᠰᠤ ᠲᠠᠯ᠎ᠠ ᠵᠡᠷᠭᠡ ᠶᠢ ᠠᠩᠬᠠᠷᠴᠠᠢ᠃ ᠡᠭᠦᠨ ᠳᠤ ᠳᠤᠭᠤᠶᠢᠯᠠᠩ ᠤᠨ ᠬᠤᠭᠤᠷᠤᠨᠳᠤ ᠬᠦᠮᠦᠨ ᠤ ᠲᠤᠭ᠎ᠠ ᠲᠡᠩᠴᠡᠬᠦᠤ᠂ ᠳᠤᠭᠤᠶᠢᠯᠠᠩ ᠤᠨ ᠭᠡᠰᠢᠭᠦᠳ ᠬᠤᠭᠤᠷᠤᠨᠳᠤ ᠪᠠᠨ ᠢᠯᠭᠠᠭ᠎ᠠ ᠲᠠᠢ ᠪᠠᠶᠢᠬᠤ ᠶᠢ ᠪᠠᠷᠢᠮᠳᠠᠯᠠᠵᠤ᠂ ᠳᠤᠭᠤᠶᠢᠯᠠᠩ ᠤᠨ ᠨᠡᠷ᠎ᠡ᠂ ᠳᠤᠭᠤᠶᠢᠯᠠᠩ ᠤᠨ ᠳᠠᠷᠤᠭ᠎ᠠ᠂ ᠳᠤᠭᠤᠶᠢᠯᠠᠩ ᠤᠨ ᠭᠡᠰᠢᠭᠦᠨ ᠪᠦᠷᠢ ᠶᠢᠨ ᠡᠭᠦᠷᠭᠡ ᠬᠠᠷᠢᠭᠤᠴᠠᠯᠭ᠎ᠠ᠂ ᠳᠤᠭᠤᠶᠢᠯᠠᠩ ᠤᠨ ᠤᠷᠢᠶ᠎ᠠ᠂ ᠳᠤᠭᠤᠶᠢᠯᠠᠩ ᠤᠨ ᠬᠠᠷᠠᠯᠲᠠ᠂ ᠳᠤᠭᠤᠶᠢᠯᠠᠩ ᠤᠨ ᠳᠠᠭᠤᠤ᠂ ᠳᠤᠭᠤᠶᠢᠯᠠᠩ ᠤᠨ ᠲᠦᠷᠢᠮ ᠭᠠᠷᠭᠠᠵᠤ᠂ ᠰᠤᠷᠤᠯᠭ᠎ᠠ ᠶᠢ ᠬᠠᠮᠢᠶᠠᠷᠬᠤ ᠪᠠ ᠰᠠᠬᠢᠯᠭ᠎ᠠ ᠪᠠᠳᠤ ᠶᠢ ᠬᠠᠮᠢᠶᠠᠷᠬᠤ ᠳᠤᠭᠤᠶᠢᠯᠠᠩ ᠤᠨ ᠲᠠᠷᠤᠭ᠎ᠠ ᠬᠤᠶᠠᠷ ᠰᠤᠷᠤᠭᠴᠢ ᠶᠢ ᠲᠤᠰ ᠲᠤᠰ ᠰᠤᠩᠭᠤᠨ ᠭᠠᠷᠭᠠᠵᠤ᠂ ᠳᠤᠭᠤᠶᠢᠯᠠᠩ ᠤᠨ ᠰᠤᠷᠤᠯᠭ᠎ᠠ ᠪᠠ ᠮᠤᠷᠠᠯ ᠤᠨ ᠠᠵᠢᠯ ᠢ ᠬᠠᠷᠢᠭᠤᠴᠠᠭᠤᠯᠵᠠᠢ᠃ ᠬᠢᠴᠢᠶᠡᠯᠯᠡᠭᠡ ᠶᠢᠨ ᠶᠠᠪᠤᠴᠠ ᠳᠤ ︽ᠣᠷᠤᠯᠳᠤᠯᠭ᠎ᠠ ᠪᠠᠷ ᠳᠦᠷᠢ ᠪᠦᠲᠦᠭᠡᠬᠦ︾ ᠵᠢᠭᠠᠬᠤ ᠠᠷᠭ᠎ᠠ ᠪᠠᠨ ᠤᠷᠭᠠᠨᠢᠭ ᠢᠶᠠᠷ ᠬᠡᠷᠡᠭᠯᠡᠵᠦ᠂ 45 ᠮᠢᠨᠦ᠋ᠲ ᠤᠨ ᠬᠢᠴᠢᠶᠡᠯᠯᠡᠭᠡ ᠶᠢᠨ ᠶᠠᠪᠤᠴᠠ ᠪᠠᠨ ᠵᠤᠬᠢᠰᠳᠠᠢ ᠲᠤᠬᠢᠷᠠᠭᠤᠯᠬᠤ ᠶᠢ ᠪᠠᠷᠢᠮᠳᠠᠯᠠᠵᠠᠢ᠃      ︵ᠬᠤᠶᠠᠷ︶ ᠲᠤᠷᠰᠢᠯᠳᠠ ᠶᠠᠪᠤᠭᠳᠠᠭᠤᠯᠤᠭᠰᠠᠨ ᠠᠷᠭ᠎ᠠ ᠬᠡᠯᠪᠡᠷᠢ      ᠶᠢᠰᠦᠳᠦᠭᠡᠷ ᠤᠨ ᠤ ᠲᠠᠪᠤᠳᠤᠭᠠᠷ ᠠᠩᠭᠢ ᠳᠤ ᠤᠤᠯ ᠶᠤᠰᠤᠭᠠᠷ ᠪᠠᠭᠰᠢ ᠠᠴᠠ ᠬᠢᠴᠢᠶᠡᠯ ᠲᠠᠶᠢᠯᠪᠦᠷᠢᠯᠠᠵᠦ᠂ ᠰᠤᠷᠤᠭᠴᠢ ᠰᠤᠨᠤᠰᠬᠤ ᠠᠷᠭ᠎ᠠ ᠬᠡᠯᠪᠡᠷᠢ ᠪᠠᠨ ᠪᠠᠷᠢᠮᠳᠠᠯᠠᠵᠦ᠂ ᠵᠢᠱᠢᠶ᠎ᠡ ᠰᠡᠲᠣᠪ ᠪᠣᠶᠣ ᠬᠤᠯᠪᠣᠭᠳᠠᠯ ᠪᠦᠬᠦᠢ ᠳᠠᠪᠳᠠᠯᠭ᠎ᠠ ᠬᠢᠯᠭᠡᠵᠦ᠂ ᠬᠢᠴᠢᠶᠡᠯ ᠤᠨ ᠲᠠᠷᠠᠭ᠎ᠠ ᠪᠠᠳᠣᠳᠬᠠᠯ ᠪᠣᠯᠪᠠᠰᠣᠷᠠᠯ ᠢ ᠴᠠᠭ ᠲᠣᠬᠠᠢ ᠳᠤ ᠨᠢ ᠪᠡᠶᠡᠯᠡᠬᠦᠯᠬᠦ ᠪᠠ ᠤᠶᠢᠯᠠᠭᠠᠭᠰᠠᠨ ᠦᠭᠡᠢ ᠵᠦᠢᠯ ᠢᠶᠠᠨ ᠪᠠᠭᠰᠢ ᠪᠠᠨ ᠡᠷᠢᠵᠣ ᠠᠰᠠᠭᠤᠬᠤ ᠵᠡᠷᠭᠡ ᠠᠯᠬᠤᠮ ᠲᠠᠷᠠᠭ᠎ᠠ ᠪᠠᠷ ᠶᠠᠪᠤᠭᠳᠠᠭᠤᠯᠵᠠᠢ ᠃ ᠶᠢᠰᠦᠳᠦᠭᠡᠷ ᠤᠨ ᠤ ᠵᠢᠷᠭᠤᠳᠤᠭᠠᠷ ᠠᠩᠭᠢ ᠳᠤ ︽ᠣᠷᠤᠯᠳᠤᠯᠭ᠎ᠠ ᠪᠠᠷ ᠲᠦᠷᠢ ᠪᠦᠲᠦᠭᠡᠬᠦ︾ ᠵᠢᠭᠠᠨ ᠰᠣᠷᠭᠠᠬᠤ ᠠᠷᠭ᠎ᠠ ᠶᠢ ᠬᠡᠷᠡᠭᠵᠢᠬᠦᠯᠵᠥ᠂ ᠪᠠᠭᠰᠢ ᠠᠴᠠ ᠠᠰᠠᠭᠤᠳᠠᠯ ᠤᠨ ᠣᠷᠴᠢᠨ ᠢ ᠲᠦᠰᠦᠪᠯᠡᠨ᠂ ᠪᠦᠳᠦᠮᠵᠢᠳᠣ ᠵᠢᠭᠠᠨ ᠰᠣᠷᠭᠠᠯᠳᠠ ᠶᠢᠨ ᠡᠬᠢ ᠪᠡᠶᠠᠯᠢᠭ ᠢ ᠬᠠᠩᠭᠠᠨ᠂ ᠠᠰᠠᠭᠤᠳᠠᠯ ᠢ ᠢᠯᠡᠷᠡᠭᠦᠯᠬᠦ᠂ ᠠᠰᠠᠭᠤᠳᠠᠯ ᠲᠣᠷᠠᠳᠬᠤ᠂ ᠠᠰᠠᠭᠤᠳᠠᠯ ᠢ ᠵᠠᠳᠠᠯᠬᠤ᠂ ᠠᠰᠠᠭᠤᠳᠠᠯ ᠢ ᠰᠢᠢᠳᠪᠦᠷᠢᠯᠡᠬᠦ ᠪᠠᠷ ᠭᠤᠣᠯ ᠰᠢᠵᠢᠮ ᠪᠣᠯᠭᠠᠵᠣ᠂ ᠪᠠᠭᠰᠢ ᠶᠢᠨ ᠵᠢᠯᠣᠭᠤᠳᠣᠯᠭ᠎ᠠ ᠲᠣᠣᠷ᠎ᠡ᠂ ᠰᠣᠷᠣᠭᠴᠢᠳ ᠬᠤᠷᠰᠢᠨ ᠰᠦᠪᠡᠭᠴᠢᠯᠡᠵᠦ ᠰᠣᠷᠣᠯᠴᠠᠬᠤ ᠪᠠᠷ ᠲᠠᠮᠵᠢᠨ᠂ ᠣᠣᠯ ᠤᠨ ᠮᠡᠳᠡᠯᠭᠡ ᠲᠣᠷᠰᠢᠯᠭ᠎ᠠ ᠶᠢᠨ ᠢᠶᠠᠨ ᠰᠠᠭᠤᠷᠢᠨ ᠲᠡᠭᠡᠷ᠎ᠡ ᠰᠢᠨ᠎ᠡ ᠮᠡᠳᠡᠯᠭᠡ ᠲᠣᠷᠰᠢᠯᠭ᠎ᠠ ᠶᠢᠨ ᠰᠢᠰᠲ᠋ᠧᠮ ᠢ ᠪᠦᠲᠦᠭᠡᠵᠦ᠂ ᠰᠦᠪᠡᠭᠴᠢᠯᠡᠨ ᠰᠣᠷᠣᠯᠴᠠᠬᠤ ᠪᠠᠷ ᠭᠤᠣᠯ ᠰᠣᠷᠣᠯᠴᠠᠬᠤ ᠠᠷᠭ᠎ᠠ ᠪᠣᠯᠭᠠᠨ᠂ ᠰᠣᠷᠣᠭᠴᠢ ᠶᠢᠨ ᠣᠣᠯ ᠳᠦᠷᠢ ᠶᠢ ᠢᠵᠢᠯᠢᠰᠢᠬᠦᠯᠬᠦ ᠪᠣᠶᠣ ᠵᠣᠬᠢᠴᠠᠭᠤᠯᠵᠣ᠂ ᠣᠣᠯ ᠲᠡᠩᠴᠡᠭᠦᠷᠢ ᠶᠢ ᠡᠪᠳᠡᠵᠣ᠂ ᠰᠢᠨ᠎ᠠ ᠳᠦᠷᠢ ᠶᠢ ᠪᠦᠳᠦᠭᠡᠬᠦ ᠶᠢ ᠵᠣᠷᠢᠨ ᠬᠢᠴᠢᠶᠡᠯᠯᠡᠵᠠᠢ᠃      ᠲᠣᠷᠰᠢᠯᠳᠠ ᠶᠢᠨ ᠡᠬᠢᠨ ᠤ ᠨᠢᠭᠡ ᠰᠠᠷ᠎ᠠ ᠳᠤ ᠬᠢᠷᠢ ᠪᠦᠳᠦᠮᠵᠢ ᠲᠡᠶᠢᠮᠦ ᠶᠡᠭᠡ ᠬᠤᠪᠢᠷᠠᠯᠳᠠ ᠭᠠᠷᠣᠭᠰᠠᠨ ᠦᠭᠡᠢ ᠪᠤᠯᠪᠠᠴᠦ ᠶᠢᠰᠦᠳᠦᠭᠡᠷ ᠤᠨ ᠤ ᠵᠢᠷᠭᠤᠳᠤᠭᠠᠷ ᠠᠩᠬᠢ ᠶᠢᠨ ᠰᠣᠷᠣᠭᠴᠢᠳ ᠤᠨ ᠬᠢᠴᠢᠶᠡᠯᠯᠡᠬᠦ ᠣᠷᠮ᠎ᠠ ᠪᠠᠬ᠎ᠠ ᠮᠡᠳᠡᠭᠳᠡᠮ᠎ᠠ ᠲᠡᠭᠡᠭᠰᠢᠯᠡᠯᠳᠠ ᠲᠠᠢ ᠪᠤᠯᠪᠠ᠃ ᠬᠤᠭᠤᠴᠠᠭᠠᠨ ᠡᠴᠦᠰ ᠪᠤᠯᠬᠤ ᠳᠤ ᠬᠤᠶᠠᠷ ᠠᠩᠬᠢ ᠶᠢᠨ ᠶᠡᠷᠦᠩᠭᠡᠢ ᠬᠢᠷᠢ ᠭᠡᠮᠵᠢᠶ᠎ᠡ ᠳᠤ ᠴᠦ ᠢᠯᠡᠷᠭᠡᠢ ᠬᠤᠪᠢᠷᠠᠯᠳᠠ ᠭᠠᠷᠴᠠᠢ᠃      1. ᠲᠤᠷᠰᠢᠯᠳᠠ ᠶᠢᠨ ᠶᠠᠪᠤᠴᠠ ᠳᠤ ᠪᠠᠭᠰᠢ ᠶᠢᠨ ᠲᠠᠯ᠎ᠠ ᠠᠴᠠ ᠪᠡᠶᠡᠯᠡᠭᠦᠯᠦᠭᠰᠡᠨ ᠠᠵᠢᠯ      ︵1︶ ᠰᠤᠷᠤᠯᠴᠠᠯᠭ᠎ᠠ ᠪᠠᠨ ᠴᠢᠩᠭᠠᠳᠬᠠᠨ᠂ ᠰᠤᠳᠤᠯᠭᠠᠨ ᠤ ᠴᠢᠳᠠᠪᠦᠷᠢ ᠪᠠᠨ ᠳᠡᠭᠡᠭᠰᠢᠯᠡᠬᠦᠯᠵᠦ᠂ ᠤᠨᠤᠯ ᠤᠨ ᠰᠠᠭᠤᠷᠢ ᠪᠠᠨ ᠪᠠᠳᠤᠳᠬᠠᠪᠠ᠃ ︽ᠣᠷᠤᠯᠳᠤᠯᠭ᠎ᠠ ᠪᠠᠷ ᠳᠦᠷᠢ ᠪᠦᠲᠦᠭᠡᠬᠦ︾ ᠵᠢᠭᠠᠬᠤ ᠠᠷᠭ᠎ᠠ ᠶᠢᠨ ᠲᠤᠷᠰᠢᠯᠳᠠ ᠶᠢᠨ ᠶᠠᠪᠤᠴᠠ ᠳᠤ ᠪᠠᠨ᠂ ᠲᠤᠰ ᠪᠠᠭᠰᠢ ᠠᠴᠠ ᠦᠪᠡᠷ ᠤᠨ ᠤᠨᠤᠯ ᠤᠨ ᠰᠤᠷᠤᠯᠴᠠᠯᠭ᠎ᠠ ᠪᠠᠨ ᠴᠢᠩᠭᠠᠳᠬᠠᠪᠠ᠃ ᠡᠬᠦᠨ ᠳᠤ ︽ᠣᠷᠣᠯᠳᠣᠯᠭ᠎ᠠ ᠪᠠᠷ ᠲᠥᠷᠢ ᠪᠦᠲᠥᠭᠡᠬᠦ︾ ᠵᠢᠭᠠᠬᠤ ᠠᠷᠭ᠎ᠠ ᠵᠢᠴᠢ ᠬᠢᠮᠢ ᠶᠢᠨ ᠬᠢᠴᠢᠶᠡᠯ ᠤᠨ ︽ᠰᠢᠨ᠎ᠡ ᠬᠢᠴᠢᠶᠡᠯ ᠤᠨ ᠪᠠᠷᠢᠮᠵᠢᠶ᠎ᠠ︾ ᠶᠢᠨ ᠬᠠᠷᠢᠴᠠᠭᠠᠨ ᠤ ᠲᠤᠬᠠᠢ᠂ ︽ᠣᠷᠤᠯᠳᠤᠯᠭ᠎ᠠ ᠪᠠᠷ ᠳᠦᠷᠢ ᠪᠦᠲᠦᠭᠡᠬᠦ︾ ᠵᠢᠭᠠᠬᠤ ᠠᠷᠭ᠎ᠠ ᠶᠢᠨ ᠤᠨᠤᠯ ᠤᠨ ᠰᠠᠭᠤᠷᠢ᠂ ︽ᠤᠷᠤᠯᠳᠤᠯᠭ᠎ᠠ ᠪᠠᠷ ᠲᠥᠷᠢ ᠪᠦᠳᠥᠭᠡᠬᠦ︾ ᠵᠢᠭᠠᠬᠤ ᠠᠷᠭ᠎ᠠ ᠪᠠ ᠮᠤᠩᠭᠤᠯ ᠦᠨᠳᠦᠰᠦᠳᠡᠨ ᠤ ᠤᠯᠠᠮᠵᠢᠯᠠᠯᠲᠦ ᠰᠤᠶᠤᠯ ᠯᠤᠭ᠎ᠠ ᠶᠢᠨ ᠬᠠᠷᠢᠴᠠᠭ᠎ᠠ ᠵᠡᠷᠭᠡ ᠶᠢ ᠬᠦᠨᠵᠡᠭᠡᠢ ᠰᠤᠳᠤᠯᠪᠠ᠃      ︵2︶ ᠰᠤᠳᠤᠯᠭᠠᠨ ᠤ ᠠᠵᠢᠯ ᠤᠨ ᠬᠠᠮᠢᠶᠠᠷᠤᠯᠳᠠ ᠪᠠᠨ ᠴᠢᠩᠭᠠᠳᠬᠠᠨ᠂ ᠲᠦᠷᠢᠮᠵᠢᠬᠦᠯᠦᠯᠳ᠋ᠨ ᠶᠢᠨ ᠠᠵᠢᠯ ᠢ ᠴᠢᠩᠭᠠᠳᠬᠠᠪᠠ᠃ ᠰᠤᠷᠭᠠᠭᠤᠯᠢ ᠶᠢᠨ ᠵᠠᠰᠠᠭ ᠤᠨ ᠲᠠᠯ᠎ᠠ ᠠᠴᠠ ᠪᠠᠶᠢᠭᠠᠯᠢ ᠶᠢᠨ ᠰᠢᠨᠵᠢᠯᠡᠭᠡᠨ ᠤ ᠬᠢᠴᠢᠶᠡᠯ ᠲᠥᠷᠦᠯ ᠤᠨ ︽ᠣᠷᠤᠯᠳᠤᠯᠭ᠎ᠠ ᠪᠠᠷ ᠳᠦᠷᠢ ᠪᠦᠲᠦᠭᠡᠬᠦ︾ ᠵᠢᠭᠠᠬᠤ ᠠᠷᠭ᠎ᠠ ᠶᠢᠨ ᠰᠤᠳᠤᠯᠭᠠᠨ ᠤ ᠠᠵᠢᠯ ᠢ ᠪᠦᠬᠦ ᠲᠠᠯ᠎ᠠ ᠶᠢᠨ ᠠᠵᠢᠯ ᠤᠨ ᠢᠶᠠᠨ ᠭᠤᠤᠯᠳᠠᠯᠭ᠎ᠠ ᠶᠢᠨ ᠭᠤᠤᠯᠳᠠᠯᠭ᠎ᠠ ᠪᠤᠯᠭᠠᠨ ᠠᠳᠬᠤᠵᠦ᠂ ᠡᠳᠦᠷ ᠲᠤᠳᠤᠮ ᠤᠨ ᠠᠯᠢᠪᠠ ᠵᠠᠷᠤᠳᠠᠯ ᠮᠦᠡᠭᠬᠦ ᠪᠠ ᠬᠦᠮᠦᠨ ᠤ ᠬᠦᠴᠦᠨ ᠢ ᠭᠦᠢᠴᠡᠳ ᠬᠠᠩᠭᠠᠵᠠᠢ᠃ ᠡᠭᠦᠨ ᠳᠤ᠂ ᠰᠠᠷ᠎ᠠ ᠪᠦᠷᠢ ᠨᠢᠬᠡ ᠤᠳᠠᠭ᠎ᠠ ᠪᠦᠬᠦ ᠰᠤᠷᠭᠠᠭᠤᠯᠢ ᠶᠢᠨ ᠬᠡᠪᠴᠢᠶᠡᠨ ᠳᠤ ᠰᠤᠳᠤᠯᠭᠠᠨ ᠤ ᠬᠦᠳᠡᠯᠭᠡᠭᠡᠨ ᠢ ᠵᠤᠬᠢᠶᠠᠨ ᠪᠠᠶᠢᠭᠤᠯᠤᠨ ᠦᠷᠨᠢᠭᠦᠯᠵᠦ᠂ ᠵᠢᠭᠠᠬᠤ ᠶᠢ ᠰᠤᠳᠤᠯᠬᠤ ᠳᠤᠭᠤᠶᠢᠯᠠᠩ ᠨᠢ ᠭᠠᠷᠠᠭ ᠪᠦᠷᠢ ᠠᠳᠠᠭ ᠲᠤ ᠪᠠᠨ ᠨᠢᠭᠡ ᠤᠳᠠᠭᠠᠨ ᠤ ᠬᠠᠮᠳᠦ ᠶᠢᠨ ᠬᠦᠳᠡᠯᠭᠡᠭᠡᠨ ᠢ ᠵᠤᠬᠢᠶᠠᠨ ᠪᠠᠶᠢᠭᠤᠯᠵᠦ᠂ ᠲᠤᠷᠰᠢᠯᠭ᠎ᠠ ᠰᠤᠯᠢᠯᠴᠠᠬᠤ ᠠᠵᠢᠯ ᠢ ᠭᠤᠤᠯᠴᠢᠯᠠᠨ ᠠᠳᠬᠤᠵᠦ᠂ ᠡᠳᠡᠭᠡᠷ ᠬᠦᠳᠡᠯᠭᠡᠭᠡᠨ ᠢ ᠰᠤᠷᠭᠠᠭᠤᠯᠢ ᠠᠴᠠ ᠵᠢᠭᠠᠨ ᠰᠤᠷᠭᠠᠯᠲᠠ ᠶᠢᠨ ᠰᠤᠳᠤᠯᠭᠠᠨ ᠰᠢᠨᠵᠢᠯᠡᠭᠡᠨ ᠤ ᠬᠠᠮᠢᠶᠠᠷᠤᠯᠳᠠ ᠶᠢᠨ ᠳᠦᠷᠢᠮ ᠳᠤᠭᠳᠠᠭᠠᠯ ᠳᠤ ᠤᠷᠤᠭᠤᠯᠵᠦ᠂ ᠲᠤᠰᠬᠠᠢ ᠬᠦᠮᠦᠨ ᠬᠠᠷᠢᠭᠤᠴᠠᠨ᠂ ᠲᠤᠰᠬᠠᠢ ᠦᠵᠡᠭᠦᠯᠦᠯᠭᠡ ᠶᠢᠨ ᠦᠷᠦᠭᠡ ᠪᠠᠶᠢᠭᠤᠯᠵᠦ᠂ ᠲᠠᠩᠰᠠ ᠡᠪᠬᠡᠮᠡᠯ᠂ ᠮᠠᠲ᠋ᠧᠷᠢᠶᠠᠯ ᠤᠨ ᠴᠤᠭᠯᠠᠭᠤᠯᠬᠤ᠂ ᠲᠡᠮᠳᠡᠭᠯᠡᠬᠦ᠂ ᠲᠠᠷᠤᠮᠠᠯᠯᠠᠬᠤ᠂ ᠬᠠᠳᠠᠬᠤ᠂ ᠲᠠᠩᠰᠠᠯᠠᠬᠤ ᠵᠠᠷᠭᠡ ᠲᠠᠯ᠎ᠠ ᠳᠤ ᠲᠦᠬᠦᠮ ᠦᠵᠡᠬᠦᠯᠵᠦ᠂ ᠳᠦᠷᠢᠮᠵᠢᠭᠦᠯᠦᠯᠳ᠋ᠨ ᠲᠠᠷᠤᠮᠠᠯᠯᠠᠬᠤ ᠬᠠᠮᠢᠶᠠᠷᠤᠯᠳᠠ ᠪᠠᠨ ᠴᠢᠩᠭᠠᠳᠬᠠᠭᠰᠠᠨ ᠪᠠᠶᠢᠨ᠎ᠠ᠃      ︵3︶ ᠲᠠᠪᠰᠢᠭᠰᠠᠨ ᠣᠷᠣᠨ ᠤ ᠵᠢᠭᠠᠨ ᠰᠣᠷᠭᠠᠯᠳᠠ ᠶᠢᠨ ᠲᠣᠷᠰᠢᠯᠭ᠎ᠠ᠂ ︽ᠣᠷᠤᠯᠳᠤᠯᠭ᠎ᠠ ᠪᠠᠷ ᠲᠦᠷᠢ ᠪᠦᠲᠦᠭᠡᠬᠦ︾ ᠵᠢᠭᠠᠬᠤ ᠠᠷᠭ᠎ᠠ ᠶᠢᠨ ᠲᠤᠬᠠᠢ ᠣᠷᠣᠨ᠂ ᠬᠤᠳᠠ᠂ ᠬᠤᠰᠢᠭᠤᠨ ᠠᠴᠠ ᠡᠷᠭᠢᠯᠡᠭᠰᠡᠨ ᠰᠣᠷᠣᠯᠴᠠᠯᠭ᠎ᠠ ᠪᠣᠯᠪᠠᠰᠣᠷᠠᠯ ᠳᠤ ᠢᠳᠡᠪᠭᠢᠳᠡᠢ ᠤᠷᠤᠯᠴᠠᠭᠰᠠᠨ ᠪᠠᠶᠢᠨ᠎ᠠ᠃ ᠪᠦᠬᠦ ᠣᠷᠣᠨ ᠤ ︽ᠣᠷᠣᠯᠳᠣᠯᠭ᠎ᠠ ᠪᠠᠷ ᠳᠦᠷᠢ ᠪᠦᠳᠦᠭᠡᠬᠦ︾ ᠵᠢᠭᠠᠬᠤ ᠠᠷᠭ᠎ᠠ ᠶᠢᠨ ᠶᠠᠷᠢᠯᠴᠠᠨ ᠰᠣᠳᠣᠯᠬᠤ ᠬᠤᠷᠠᠯ᠂ ᠪᠦᠬᠦ ᠣᠷᠣᠨ ᠤ ᠭᠤᠣᠯᠯᠠᠭᠴᠢ ᠪᠠᠭᠰᠢ ᠶᠢᠨ ᠦᠨᠳᠣᠷ ᠲᠡᠰ ᠤᠨ ᠰᠣᠳᠣᠯᠭᠠᠨ ᠤ ᠪᠤᠯᠪᠠᠰᠣᠷᠠᠯ ᠤᠨ ᠬᠤᠷᠠᠯ᠂ ᠪᠦᠬᠦ ᠣᠷᠣᠨ ᠤ ᠮᠣᠩᠭᠤᠯ ᠢᠶᠠᠷ ᠬᠢᠴᠢᠶᠡᠯᠯᠡᠬᠦ ᠠᠩᠬ᠎ᠠ ᠲᠣᠮᠳᠠᠳᠣ ᠶᠢᠨ ᠹᠢᠽᠢᠺ᠂ ᠬᠢᠮᠢ᠂ ᠠᠮᠢᠳᠣ ᠪᠣᠳᠠᠰ ᠤᠨ ᠪᠠᠭᠰᠢ ᠶᠢᠨ ᠪᠣᠯᠪᠠᠰᠣᠷᠠᠯ᠂ ᠪᠦᠬᠦ ᠣᠷᠣᠨ ᠤ ᠮᠣᠩᠭᠤᠯ ᠢᠶᠠᠷ ᠬᠢᠴᠢᠶᠡᠯᠯᠡᠬᠦ ᠲᠣᠮᠳᠠᠳᠣ ᠪᠠᠭ᠎ᠠ ᠰᠣᠷᠭᠠᠭᠤᠯᠢ ᠶᠢᠨ ︽ᠨᠡᠷᠡᠳᠦ ᠪᠠᠭᠰᠢ ᠶᠢᠨ ᠠᠵᠢᠯ ᠤᠨ ᠬᠠᠮᠳᠣᠯᠢᠭ︾ ᠤᠨ ᠡᠷᠬᠢᠯᠡᠭᠴᠢ ᠶᠢᠨ ᠠᠵᠢᠯ ᠤᠨ ᠬᠤᠷᠠᠯ᠂ ᠪᠦᠬᠦ ᠣᠷᠣᠨ ᠤ ︽ᠨᠡᠷᠡᠲᠦ ᠪᠠᠭᠰᠢ ᠶᠢᠨ ᠬᠠᠮᠲᠣᠯᠢᠭ︾ ᠤᠨ ᠡᠷᠬᠢᠯᠡᠭᠴᠢ ᠶᠢᠨ ᠬᠤᠷᠠᠯ᠂ ᠪᠦᠬᠦ ᠣᠷᠣᠨ ᠤ ᠮᠣᠩᠭᠤᠯ ᠢᠶᠠᠷ ᠬᠢᠴᠢᠶᠡᠯᠯᠡᠬᠦ ᠠᠩᠬ᠎ᠠ ᠲᠣᠮᠳᠠᠳᠣ ᠶᠢᠨ ᠹᠢᠽᠢᠺ᠂ ᠬᠢᠮᠢ᠂ ᠠᠮᠢᠳᠣ ᠪᠣᠳᠠᠰ ᠤᠨ ᠬᠢᠴᠢᠶᠡᠯ ᠲᠥᠷᠦᠯ ᠤᠨ ᠪᠠᠭᠰᠢ ᠶᠢᠨ ᠪᠣᠯᠪᠠᠰᠣᠷᠠᠯ᠂ ᠪᠦᠬᠦ ᠣᠷᠣᠨ ᠤ ᠮᠣᠩᠭᠤᠯ ᠢᠶᠠᠷ ᠬᠢᠴᠢᠶᠡᠯᠯᠡᠬᠦ ᠠᠩᠬ᠎ᠠ ᠲᠣᠮᠳᠠᠳᠣ ᠶᠢᠨ ᠪᠠᠶᠢᠭᠠᠯᠢ ᠶᠢᠨ ᠬᠢᠴᠢᠶᠡᠯ ᠲᠥᠷᠦᠯ ᠤᠨ ︽ᠣᠷᠣᠯᠳᠣᠯᠭ᠎ᠠ ᠪᠠᠷ ᠳᠦᠷᠢ ᠪᠦᠳᠦᠭᠡᠬᠦ︾ ᠵᠢᠭᠠᠬᠤ ᠠᠷᠭ᠎ᠠ ᠶᠢᠨ ᠰᠢᠯᠢᠳᠡᠭ ᠵᠢᠭᠠᠨ ᠰᠤᠷᠭᠠᠬᠤ ᠲᠥᠰᠦᠪᠯᠡᠯ ᠤᠨ ᠴᠤᠪᠤᠷᠠᠯ ᠪᠢᠴᠢᠭ ᠢ ᠨᠠᠶᠢᠷᠠᠭᠤᠯᠬᠤ ᠰᠤᠳᠤᠯᠭᠠᠨ ᠤ ᠲᠤᠬᠠᠢ ᠪᠣᠯᠪᠠᠰᠤᠷᠠᠯ᠂ ᠪᠦᠬᠦ ᠣᠷᠤᠨ ᠤ ᠮᠣᠩᠭᠤᠯ ᠢᠶᠠᠷ ᠬᠢᠴᠢᠶᠡᠯᠯᠡᠬᠦ ᠠᠩᠬ᠎ᠠ ᠲᠣᠮᠳᠠᠲᠣ ᠶᠢᠨ ᠪᠠᠶᠢᠭᠠᠯᠢ ᠶᠢᠨ ᠰᠢᠨᠵᠢᠯᠡᠬᠦ ᠤᠬᠠᠭᠠᠨ ᠤ ᠬᠢᠴᠢᠶᠡᠯ ᠤᠨ ᠪᠠᠭᠰᠢ ᠶᠢᠨ ᠪᠢᠴᠢᠯ ᠬᠢᠴᠢᠶᠡᠯ ᠢ ᠲᠥᠰᠦᠪᠯᠡᠵᠦ ᠬᠢᠬᠦ ᠵᠢᠴᠢ ᠵᠢᠭᠠᠨ ᠰᠣᠷᠭᠠᠯᠳ᠋ᠨ ᠳᠤ ᠬᠢ ᠬᠡᠷᠡᠭᠯᠡᠯᠳᠡ ᠶᠢᠨ ᠲᠤᠬᠠᠢ ᠪᠣᠯᠪᠠᠰᠤᠷᠠᠯ ᠂ ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠤ ᠮᠣᠩᠭᠤᠯ ᠢᠶᠠᠷ ᠬᠢᠴᠢᠶᠡᠯᠯᠡᠬᠦ ᠲᠤᠮᠳᠠᠳᠣ ᠰᠤᠷᠭᠠᠭᠤᠯᠢ ᠶᠢᠨ ᠪᠠᠶᠢᠭᠠᠯᠢ ᠶᠢᠨ ᠰᠢᠨᠵᠢᠯᠡᠭᠡᠨ ᠤ ᠭᠤᠣᠯᠯᠠᠭᠴᠢ ᠪᠠᠭᠰᠢ ᠶᠢᠨ ᠲᠡᠭᠡᠳᠦ ᠵᠡᠷᠭᠡ ᠶᠢᠨ ᠪᠣᠯᠪᠠᠰᠤᠷᠠᠯ ᠵᠡᠷᠭᠡ ᠤᠯᠠᠨ ᠣᠳᠠᠭᠠᠨ ᠤ ᠪᠣᠯᠪᠠᠰᠣᠷᠠᠯ ᠳᠤ ᠤᠷᠤᠯᠴᠠᠵᠦ᠂ ᠰᠤᠳᠤᠯᠭᠠᠨ ᠤ ᠴᠢᠳᠠᠪᠦᠷᠢ ᠮᠡᠷᠭᠡᠵᠢᠯ ᠤᠨ ᠳᠡᠭᠡᠭᠰᠢᠯᠡᠯᠳᠡ ᠪᠠᠨ ᠪᠠᠳᠤᠯᠠᠵᠠᠢ᠃      ︵4︶ ᠰᠤᠷᠭᠠᠭᠤᠯᠢ ᠶᠢᠨ ᠲᠤᠷᠰᠢᠯᠳᠠ ᠶᠢᠨ ᠲᠠᠰᠤᠭ ᠤᠨ ᠲᠤᠨᠤᠭ ᠲᠦᠬᠦᠭᠡᠷᠦᠮᠵᠢ᠂ ᠲᠤᠷᠰᠢᠯᠳᠠ ᠶᠢᠨ ᠡᠮ ᠵᠡᠷᠭᠡ ᠶᠢ ᠪᠦᠷᠢᠨᠰᠢᠬᠦᠯᠵᠦ᠂ ᠰᠣᠷᠣᠭᠴᠢ ᠦᠪᠡᠷᠳᠡᠭᠡᠨ ᠡᠵᠡᠨ ᠮᠡᠳᠡᠨ ᠰᠣᠷᠣᠯᠴᠠᠬᠤ᠂ ᠬᠤᠷᠰᠢᠨ ᠰᠣᠷᠣᠯᠴᠠᠬᠤ᠂ ᠰᠦᠪᠡᠭᠴᠢᠯᠡᠨ ᠰᠣᠷᠣᠯᠴᠠᠬᠤ ᠳᠤ ᠭᠦᠢᠴᠡᠳ ᠨᠦᠬᠦᠴᠡᠯ ᠢ ᠬᠠᠩᠭᠠᠵᠦ ᠦᠭᠬᠦ ᠶᠢ ᠬᠢᠴᠢᠶᠡᠵᠠᠢ᠃ ︽ᠤᠷᠤᠯᠳᠤᠯᠭ᠎ᠠ ᠪᠠᠷ ᠳᠦᠷᠢ ᠪᠦᠳᠦᠭᠡᠬᠦ︾ ᠵᠢᠭᠠᠬᠤ ᠠᠷᠭ᠎ᠠ ᠶᠢᠨ ᠶᠠᠪᠤᠴᠠ ᠶᠢᠨ ᠳᠤᠮᠳᠠᠬᠢ ᠰᠦᠪᠡᠭᠴᠢᠯᠡᠯᠳᠡ ᠶᠢᠨ ᠴᠢᠳᠠᠪᠦᠷᠢ᠂ ᠲᠤᠷᠰᠢᠯᠳᠠ ᠶᠢᠨ ᠴᠢᠳᠠᠪᠤᠷᠢ ᠶᠢ ᠬᠦᠮᠦᠵᠢᠭᠦᠯᠬᠦ ᠲᠣᠷᠰᠢᠯᠳᠠ ᠶᠢ ᠪᠦᠷᠢᠨ ᠨᠡᠭᠡᠭᠡᠬᠦ ᠶᠢ ᠪᠠᠳᠤᠯᠠᠵᠦ᠂ ᠰᠦᠪᠡᠭᠴᠢᠯᠡᠯ ᠤᠨ ᠲᠣᠷᠰᠢᠯᠳᠠ ᠶᠢᠨ ᠮᠡᠳᠡᠭᠦᠯᠦᠯᠳᠡ ᠪᠢᠴᠢᠬᠦ ᠶᠢ ᠱᠠᠭᠠᠷᠳᠠᠭᠰᠠᠨ ᠪᠠᠶᠢᠨ᠎ᠠ᠃      ︵5︶ ᠰᠤᠷᠤᠭᠴᠢ ᠶᠢᠨ ᠲᠤᠷᠰᠢᠯᠲᠠ ᠶᠢᠨ ᠪᠠᠭᠠᠵᠢ ᠳᠦᠬᠦᠬᠡᠷᠦᠮᠵᠢ ᠶᠢ ᠲᠠᠨᠢᠬᠤ ᠪᠠ ᠳᠦᠷᠢᠮᠵᠢᠬᠦᠨ ᠵᠢᠷᠤᠬᠤ ᠤᠷᠤᠯᠳᠤᠭᠠᠨ ᠢ ᠵᠣᠬᠢᠶᠠᠨ ᠪᠠᠶᠢᠭᠤᠯᠵᠣ᠂ ᠰᠣᠷᠣᠭᠴᠢᠳ ᠤᠨ ᠠᠵᠢᠭᠯᠠᠬᠤ ᠴᠢᠳᠠᠪᠤᠷᠢ᠂ ᠲᠣᠷᠰᠢᠨ ᠤᠷᠣᠯᠳᠣᠬᠤ ᠴᠢᠳᠠᠪᠤᠷᠢ ᠪᠠ ᠰᠤᠷᠤᠭᠰᠠᠨ ᠮᠡᠳᠡᠯᠭᠡ ᠪᠠᠷ ᠢᠶᠠᠨ ᠪᠣᠳᠠᠳᠤ ᠠᠰᠠᠭᠤᠳᠠᠯ ᠢ ᠰᠢᠢᠳᠪᠦᠷᠢᠯᠡᠬᠦ ᠴᠢᠳᠠᠪᠣᠷᠢ ᠶᠢ ᠬᠦᠮᠦᠵᠢᠭᠦᠯᠬᠦ ᠬᠢᠴᠢᠶᠡᠯ ᠤᠨ ᠭᠠᠳᠠᠭᠤᠷᠬᠢ ᠲᠤᠷᠰᠢᠯᠲᠠ ︽ᠦᠪᠡᠰᠦᠪᠡᠨ ᠲᠦᠬᠦᠮᠬᠡᠨ ᠤᠰᠤ ᠴᠡᠪᠡᠷᠰᠢᠭᠦᠯᠦᠦᠷ ᠦᠢᠯᠡᠳᠬᠦ︾ ᠭᠡᠬᠦ ᠮᠡᠳᠦ ᠶᠢᠨ ᠭᠡᠷ ᠤᠨ ᠪᠠᠭ᠎ᠠ ᠲᠤᠷᠰᠢᠯᠲᠠ ᠶᠢᠨ ᠱᠠᠩᠨᠠᠯᠳᠦ ᠤᠷᠤᠯᠲᠤᠭᠠᠨ ᠢ ᠵᠤᠬᠢᠶᠠᠨ ᠪᠠᠶᠢᠭᠤᠯᠵᠥ ᠂ ᠬᠢᠮᠢ ᠰᠤᠷᠬᠤ ᠤᠷᠮᠠᠰᠢᠯ ᠢ ᠲᠠᠶᠢᠴᠢᠯᠠᠵᠥ᠂ ᠬᠤᠶᠠᠳᠤᠭᠠᠷ ᠬᠢᠴᠢᠶᠡᠯ ᠤᠨ ᠲᠠᠩᠬᠢᠮ ᠤᠨ ᠠᠭᠤᠷ ᠠᠮᠢᠰᠬᠤᠯ ᠢ ᠬᠦᠭᠵᠢᠭᠡᠨ᠂ ᠦᠷᠢᠰᠦᠯᠳᠦᠠ ᠰᠣᠷᠣᠯᠴᠠᠬᠤ ᠵᠣᠷᠢᠭ ᠰᠠᠨᠠᠭ᠎ᠠ ᠶᠢ ᠬᠦᠮᠦᠵᠢᠭᠦᠯᠵᠠᠢ᠃      ︵6︶ ᠴᠠᠬᠢᠯᠭᠠᠨᠵᠢᠭᠰᠠᠨ ᠵᠢᠭᠠᠨ ᠰᠣᠷᠭᠠᠯᠳᠠ ᠶᠢᠨ ᠠᠷᠭ᠎ᠠ ᠶᠢ ᠬᠡᠷᠡᠭᠯᠡᠨ ᠬᠤᠶᠠᠷ ᠲᠡᠪᠲᠡᠷ ᠤᠨ ᠺᠤᠣᠷᠰᠸᠠᠶᠢᠷ ᠢ ᠵᠤᠬᠢᠶᠠᠨ ᠦᠢᠯᠡᠳᠦᠭᠰᠡᠨ ᠮᠥᠷᠲᠡᠭᠡᠨ ᠠᠭᠤᠯᠭ᠎ᠠ ᠪᠦᠷᠢ ᠶᠢᠨ ᠺᠤᠣᠷᠰᠸᠠᠶᠢᠷ ᠢ ᠰᠢᠭᠤᠳ ᠬᠢᠴᠢᠶᠡᠯᠯᠡᠭᠡ ᠳᠤ ᠠᠰᠢᠭᠯᠠᠭᠰᠠᠨ ᠪᠠᠶᠢᠨ᠎ᠠ᠃ ︽ᠣᠷᠤᠯᠳᠤᠯᠭ᠎ᠠ ᠪᠠᠷ ᠳᠦᠷᠢ ᠪᠦᠲᠦᠭᠡᠬᠦ︾ ᠵᠢᠭᠠᠬᠤ ᠠᠷᠭ᠎ᠠ ᠪᠠᠷ ᠬᠢᠮᠢ ᠶᠢᠨ ᠶᠢᠰᠦᠳᠦᠭᠡᠷ ᠣᠨ ᠤ ᠲᠡᠭᠡᠲᠦ ᠲᠣᠣᠷᠠᠳᠣ ᠬᠤᠶᠠᠷ ᠲᠡᠪᠲᠡᠷ ᠤᠨ ᠠᠭᠤᠯᠭ᠎ᠠ ᠶᠢᠨ ᠵᠢᠭᠠᠨ ᠰᠤᠷᠭᠠᠬᠤ ᠲᠥᠰᠦᠪ ᠢ 108 ᠬᠤᠪᠢ ᠪᠢᠴᠢᠵᠣ᠂ ᠬᠢᠴᠢᠶᠡᠯ ᠪᠦᠬᠦᠨ ᠳᠤ ᠡᠷᠬᠢᠴᠡᠬᠦᠯᠦᠯ ᠪᠢᠴᠢᠵᠦ᠂ ᠲᠣᠰᠬᠠᠢ ᠡᠮᠬᠢᠯᠡᠨ ᠲᠠᠩᠰᠠ ᠡᠪᠬᠡᠮᠡᠯ ᠳᠤ ᠪᠠᠨ ᠤᠷᠤᠭᠤᠯᠵᠠᠢ᠃      ︵7︶ ᠰᠤᠳᠤᠯᠭᠠᠨ ᠤ ᠶᠠᠪᠤᠴᠠ ᠳᠤ ᠪᠠᠨ᠂ ᠬᠤᠰᠢᠭᠤ᠂ ᠬᠤᠳ᠋ᠨ ᠶᠢᠨ ᠬᠡᠪᠴᠢᠶᠡᠨ ᠤ ︽ᠣᠷᠤᠯᠳᠤᠯᠭ᠎ᠠ ᠪᠠᠷ ᠳᠦᠷᠢ ᠪᠦᠲᠦᠭᠡᠬᠦ︾ ᠵᠢᠭᠠᠬᠤ ᠠᠷᠭ᠎ᠠ ᠶᠢᠨ ᠲᠤᠬᠠᠢ ᠲᠠᠶᠢᠯᠤᠮᠵᠢ ᠬᠢᠵᠦ᠂ ᠤᠯᠠᠨ ᠰᠤᠷᠭᠠᠭᠤᠯᠢ ᠶᠢᠨ ᠪᠠᠭᠰᠢ ᠨᠠᠷ ᠲᠠᠢ ᠬᠠᠮᠳᠣ ᠪᠠᠷ ᠬᠢᠴᠢᠶᠡᠯ ᠪᠡᠯᠡᠳᠬᠡᠨ᠂ ᠳᠤᠭᠤᠶᠢᠯᠠᠩ ᠪᠠ ᠪᠦᠬᠦ ᠰᠣᠷᠭᠠᠭᠤᠯᠢ ᠶᠢᠨ ᠬᠡᠪᠴᠢᠶᠡᠨ ᠳᠤ ᠦᠵᠡᠭᠦᠯᠭᠡ ᠶᠢᠨ ᠬᠢᠴᠢᠶᠡᠯ ᠪᠠ ᠲᠠᠭᠤᠷᠢᠶᠠᠯ ᠬᠢᠴᠢᠶᠡᠯ ᠤᠯᠠᠨ ᠤᠳᠠᠭ᠎ᠠ ᠤᠷᠤᠵᠠᠢ᠃      2. ᠰᠣᠷᠣᠭᠴᠢ ᠶᠢᠨ ᠲᠠᠯ᠎ᠠ ᠠᠴᠠ ᠪᠡᠶᠡᠯᠡᠭᠦᠯᠦᠭᠰᠡᠨ ᠠᠵᠢᠯ      ︵1︶ ᠰᠣᠷᠣᠭᠴᠢᠳ ᠰᠣᠷᠣᠭᠰᠠᠨ ᠠᠭᠤᠯᠭ᠎ᠠ ᠪᠠᠨ ᠪᠤᠳᠠᠳᠠᠶᠢᠵᠢᠭᠤᠯᠣᠨ ᠪᠠᠳᠣᠳᠬᠠᠵᠣ᠂ ᠪᠡᠶ᠎ᠡ ᠪᠠᠨ ᠲᠠᠭᠠᠭᠠᠨ ᠰᠡᠳᠬᠢᠨ ᠪᠤᠳᠣᠯᠬᠢᠯᠠᠵᠣ᠂ ᠵᠣᠷᠢᠭᠳᠠᠢ ᠪᠠᠷ ᠰᠢᠨ᠎ᠡ ᠶᠢ ᠡᠭᠦᠳᠬᠦ ᠬᠠᠶᠢᠨ ᠰᠦᠪᠡᠭᠴᠢᠯᠡᠯᠳᠡ ᠬᠢᠵᠦ᠂ ᠲᠣᠤᠷᠠᠬᠢ ᠮᠡᠳᠤ ᠪᠠᠭᠠᠵᠢ ᠦᠢᠯᠡᠳᠭᠦ ᠪᠠ ᠬᠡᠷ ᠤᠨ ᠪᠠᠭ᠎ᠠ ᠲᠣᠷᠰᠢᠯᠳᠠ ᠬᠢᠵᠠᠢ᠃ ︽ᠯᠠ ᠰᠢᠲᠠᠬᠤ ᠶᠢ ᠠᠵᠢᠭᠯᠠᠬᠤ︾᠂ ︽ᠲᠦᠭᠡᠭᠡᠯ ᠣᠰᠣᠨ ᠤ ᠬᠠᠳᠠᠭᠤᠴᠨ ᠶᠢ ᠢᠯᠭᠠᠨ ᠲᠠᠨᠢᠬᠤ︾᠂ ︽ᠪᠠᠯ ᠴᠢᠯᠠᠭᠤᠨ ᠤ ᠴᠠᠬᠢᠯᠭᠠᠨ ᠲᠠᠮᠵᠢᠭᠤᠯᠬᠤ ᠲᠤᠷᠰᠢᠯᠲᠠ︾᠂ ︽ᠢᠲᠡᠪᠬᠢᠵᠢᠭᠦᠯᠦᠭᠰᠡᠨ ᠨᠡᠭᠦᠷᠡᠰᠦ ᠪᠠᠷ ᠭᠦᠯᠲᠡᠭᠡᠭᠦᠷ ᠲᠤ ᠬᠢ ᠦᠨᠦᠷ ᠢ ᠠᠷᠢᠯᠭᠠᠬᠤ︾᠂ ︽ᠦᠪᠡᠰᠦᠪᠡᠨ ᠴᠢᠱᠦ᠋ᠢ ᠬᠢᠬᠦ︾᠂ ︽ᠨᠠᠪᠴᠢᠨ ᠰᠣᠳᠠᠰᠣᠨ ᠪᠢᠴᠢᠭ ᠤᠨ ᠱᠤᠰᠢᠭ᠎ᠠ ᠶᠢ ᠬᠢᠬᠦ︾᠂ ︽ᠦᠨᠳᠡᠭᠡᠨ ᠬᠠᠯᠢᠰᠤᠨ ᠤ ᠬᠡᠮᠬᠡᠳᠡᠭ ᠢ ᠼᠣᠣ ᠶᠢᠨ ᠤᠬᠢ ᠳᠤ ᠠᠭᠤᠰᠬᠠᠬᠤ︾᠂ ︽ᠢᠲᠡᠭᠡᠨ ᠤ ᠼᠣᠣ ᠪᠠᠷ ᠭᠤᠯᠢᠷ ᠪᠠ ᠪᠠᠭ᠎ᠠ ᠰᠤᠲᠠ ᠶᠢ ᠢᠯᠭᠠᠬᠤ︾᠂ ︽ᠢᠲᠡᠭᠡᠨ ᠤ ᠼᠣᠣ ᠪᠠᠷ ᠨᠠᠩᠬᠤ ᠶᠢᠨ ᠤᠰᠤᠨ ᠬᠠᠭ ᠢ ᠠᠷᠢᠯᠭᠠᠬᠤ︾᠂ ︽ᠲᠡᠮᠦᠷᠯᠢᠭ ᠤᠨ ᠢᠳᠡᠭᠳᠡᠯ ᠪᠠ ᠬᠠᠮᠠᠭᠠᠯᠠᠯᠳ᠋ᠨ︾᠂ ︽ᠭᠦᠩᠭᠡᠨᠴᠠᠭᠠᠨ ᠡᠳ᠋ᠯᠡᠯ ᠭᠡᠷᠡᠭᠰᠡᠯ ᠤᠨ ᠭᠠᠲᠠᠷᠭᠤ ᠶᠢ ᠴᠡᠪᠡᠷᠯᠡᠭᠦ ᠪᠦᠮᠪᠦᠭᠡ ᠪᠠᠷ ᠠᠷᠴᠢᠵᠥ ᠪᠤᠯᠬᠤ ᠦᠭᠡᠢ︾᠂ ︽ᠲᠣᠩᠭᠠᠯᠠᠭ ᠪᠠᠶᠢᠪᠠᠩ ᠤᠨ ᠲᠠᠯᠠᠰᠲᠦ ᠶᠢ ᠭᠠᠷᠭᠠᠨ ᠠᠪᠬᠤ︾᠂ ︽ᠬᠤᠭᠤᠯᠠᠨ ᠤ ᠰᠠᠪᠠ ᠬᠡᠷᠡᠭᠰᠡᠯ ᠢ ᠤᠬᠢᠶᠠᠨ ᠴᠡᠪᠡᠷᠯᠡᠬᠦ︾᠂ ︽ᠭᠦᠪᠤᠩ᠂ ᠬᠤᠨᠢᠨ ᠨᠤᠤᠰᠦ᠂ ᠨᠡᠶᠢᠯᠡᠯᠭᠡ ᠰᠢᠷᠭᠡᠭ ᠢ ᠢᠯᠭᠠᠨ ᠲᠠᠨᠢᠬᠤ︾ ᠵᠡᠷᠭᠡ ᠲᠤᠷᠰᠢᠯᠳᠠ ᠶᠢ ᠲᠦᠰᠦᠪᠯᠡᠨ ᠬᠦᠢᠴᠡᠳᠭᠡᠪᠡ᠃      ︵2︶ ᠵᠢᠵᠢᠭ ᠦᠭᠦᠯᠡᠯ᠂ ᠡᠷᠬᠢᠴᠡᠬᠦᠯᠦᠯ ᠪᠠ ᠲᠦᠷᠦᠭᠳᠡᠯ ᠪᠢᠴᠢᠬᠦ ᠬᠦᠳᠡᠯᠭᠡᠭᠡᠨ ᠢ ᠵᠤᠬᠢᠶᠠᠨ ᠪᠠᠶᠢᠭᠤᠯᠵᠦ᠂ ᠬᠢᠮᠢ ᠶᠢᠨ ᠬᠢᠴᠢᠶᠡᠯ ᠤᠨ ᠰᠣᠨᠢᠷᠬᠠᠯᠳᠤ ᠴᠢᠨᠠᠷ ᠪᠠ ᠬᠢᠮᠢ ᠶᠢ ᠬᠡᠷᠬᠢᠨ ᠰᠠᠶᠢᠨ ᠰᠣᠷᠬᠤ ᠲᠤᠬᠠᠢ ᠦᠪᠡᠷ ᠤᠨ ᠪᠤᠳᠤᠯ ᠳᠦᠷᠦᠭᠳᠡᠯ ᠢᠶᠠᠨ ᠵᠤᠷᠢᠭᠳᠠᠢ ᠢᠯᠡᠳᠭᠡᠵᠤ᠂ ᠡᠳᠦᠷ ᠲᠤᠳᠤᠮ ᠤᠨ ᠠᠮᠢᠳᠣᠷᠠᠯ ᠲᠣᠮᠳᠠᠬᠢ ᠬᠠᠶᠠᠭᠳᠠᠮᠠᠯ ᠡᠳ᠋ ᠪᠤᠳᠠᠰ ᠢ ᠬᠢᠴᠢᠶᠡᠯ ᠳᠤ ᠪᠠᠨ ᠠᠰᠢᠭᠯᠠᠨ᠂ ᠬᠢᠮᠢ ᠪᠤᠯᠤᠨ ᠠᠮᠢᠳᠣᠷᠠᠯ ᠤᠨ ᠤᠷᠤᠨ ᠵᠠᠢ ᠶᠢ ᠤᠯᠠᠮ ᠢᠶᠠᠷ ᠤᠶᠢᠷᠠᠳᠤᠭᠤᠯᠤᠨ᠂ ᠰᠢᠨᠵᠢᠯᠡᠬᠦ ᠣᠬᠠᠭᠠᠨ ᠪᠠ ᠨᠡᠶᠢᠭᠡᠮ᠂ ᠰᠢᠨᠵᠢᠯᠡᠬᠦ ᠣᠬᠠᠭᠠᠨ ᠪᠠ ᠡᠳᠦᠷ ᠲᠤᠳᠤᠮ ᠤᠨ ᠠᠮᠢᠳᠤᠷᠠᠯ ᠯᠤᠭ᠎ᠠ ᠶᠢᠨ ᠬᠠᠷᠢᠴᠠᠭᠠᠨ ᠳᠤ ᠪᠤᠳᠠᠳᠦ ᠤᠶᠢᠯᠠᠭᠠᠯᠳᠠ ᠬᠢᠵᠠᠢ᠃      ︵3︶ ᠰᠤᠷᠤᠭᠴᠢᠳ ᠬᠤᠭᠤᠷᠤᠨᠲᠦ ᠪᠠᠨ ᠰᠠᠶᠢᠨ ᠰᠠᠶᠢᠬᠠᠨ ᠰᠣᠷᠤᠯᠴᠠᠬᠤ ᠠᠷᠭ᠎ᠠ ᠪᠠᠨ ᠬᠠᠷᠢᠯᠴᠠᠨ ᠬᠠᠷᠠᠮ ᠦᠭᠡᠢ ᠲᠠᠨᠢᠯᠴᠠᠭᠤᠯᠵᠦ᠂ ᠬᠠᠷᠢᠯᠴᠠᠨ ᠵᠤᠷᠢᠬᠵᠢᠭᠤᠯᠵᠦ᠂ ᠬᠢᠷᠢ ᠪᠦᠳᠦᠮᠵᠢ ᠠᠨᠠᠢ ᠰᠣᠷᠤᠭᠴᠢᠳ ᠦᠪᠡᠷ ᠤᠨ ᠰᠤᠷᠤᠯᠴᠠᠯᠭ᠎ᠠ ᠶᠢᠨ ᠲᠤᠮᠳᠠ ᠣᠷᠤᠰᠢᠵᠣ ᠪᠠᠶᠢᠭ᠎ᠠ ᠠᠰᠠᠭᠤᠳᠠᠯ ᠳᠤ ᠪᠠᠨ ᠵᠣᠷᠢᠭᠳᠠᠢ ᠪᠠᠷ ᠵᠠᠳᠠᠯᠣᠯᠳᠠ ᠬᠢᠵᠤ ᠵᠤᠷᠢᠭ ᠢᠶᠠᠨ ᠢᠯᠡᠳᠭᠡᠳᠡᠭ ᠪᠥᠭᠡᠳ ᠵᠠᠷᠢᠮ ᠦᠶ᠎ᠡ ᠳᠤ ᠬᠢᠴᠢᠶᠡᠯᠯᠡᠭᠡ ᠶᠢᠨ ᠶᠠᠪᠤᠴᠠ ᠳᠤ ᠲᠣᠭᠯᠠᠭᠠᠮ ᠬᠠᠪᠰᠤᠷᠭᠠᠬᠤ ᠠᠷᠭ᠎ᠠ ᠪᠠᠷ ᠬᠢᠴᠢᠶᠡᠯ ᠤᠨ ᠠᠭᠤᠯᠭ᠎ᠠ ᠪᠠᠨ ᠪᠠᠳᠤᠳᠬᠠᠪᠠ᠃      ︵ᠭᠤᠷᠪᠠ︶ ︽ᠣᠷᠤᠯᠳᠤᠯᠭ᠎ᠠ ᠪᠠᠷ ᠲᠦᠷᠢ ᠪᠦᠲᠦᠭᠡᠬᠦ︾ ᠵᠢᠭᠠᠨ ᠰᠣᠷᠭᠠᠬᠤ ᠠᠷᠭ᠎ᠠ ᠶᠢ ᠦᠢᠯᠡᠳᠦᠯᠭᠡ ᠳᠤ ᠬᠡᠷᠡᠭᠵᠢᠭᠦᠯᠦᠭᠰᠡᠨ ᠦᠷ᠎ᠡ ᠳ᠋ᠦᠩ      ᠲᠤᠷᠰᠢᠯᠳᠠ ᠶᠢᠨ ᠡᠬᠢᠨ ᠤ ᠦᠶ᠎ᠡ ᠳᠤ ᠲᠣᠰ ᠬᠤᠶᠠᠷ ᠠᠩᠬᠢ ᠶᠢᠨ ᠬᠢᠮᠢ ᠶᠢᠨ ᠬᠢᠴᠢᠶᠡᠯ ᠤᠨ ᠬᠢᠷᠢ ᠪᠦᠲᠦᠮᠵᠢ ᠳᠤ ᠠᠳᠠᠯᠢᠳᠬᠠᠯ ᠬᠢᠬᠦ ᠳᠤ᠂ ᠶᠢᠰᠦ ᠶᠢᠨ ᠲᠠᠪᠤ ᠶᠢᠨ ᠬᠢᠷᠢ ᠪᠦᠳᠦᠮᠵᠢ ᠨᠢ ᠬᠠᠷᠢᠴᠠᠩᠭᠤᠢ ᠦᠨᠲᠦᠷ ᠰᠢᠭ ᠪᠠᠶᠢᠪᠠ᠃      ︽ᠤᠷᠤᠯᠳᠤᠯᠭ᠎ᠠ ᠪᠠᠷ ᠳᠦᠷᠢ ᠪᠦᠲᠦᠭᠡᠬᠦ︾ ᠵᠢᠭᠠᠬᠤ ᠠᠷᠭ᠎ᠠ ᠶᠢ ᠬᠡᠷᠡᠭᠵᠢᠭᠦᠯᠤᠭ᠍ᠰᠡᠨ ᠤ ᠲᠠᠷᠠᠭ᠎ᠠ ᠨᠢᠭᠡ ᠬᠤᠭᠤᠴᠠᠭ᠎ᠠ ᠲᠤᠷᠰᠢᠨ ᠶᠠᠪᠤᠭᠳᠠᠭᠤᠯᠬᠤ ᠪᠠᠷ ᠲᠠᠮᠵᠢᠭᠠᠳ ᠪᠠᠭᠰᠢ ᠪᠠ ᠰᠤᠷᠤᠭᠴᠢ᠂ ᠬᠤᠶᠠᠷ ᠠᠩᠬᠢ ᠶᠢᠨ ᠶᠡᠷᠦᠩᠭᠡᠢ ᠬᠢᠷᠢ ᠪᠦᠳᠦᠮᠵᠢ ᠵᠡᠷᠭᠡ ᠲᠠᠯ᠎ᠠ ᠪᠠᠷ ᠮᠠᠰᠢ ᠶᠡᠭᠡ ᠬᠤᠪᠢᠷᠠᠯᠳᠠ ᠭᠠᠷᠴᠠᠢ᠃ ᠳᠠᠷᠠᠭᠠᠬᠢ ᠪᠦᠷᠢᠳᠭᠡᠯ ᠪᠤᠯ ᠨᠢᠬᠡ ᠬᠤᠭᠤᠴᠠᠭᠠᠨ ᠤ ᠲᠦᠷᠪᠡ ᠤᠳᠠᠭᠠᠨ ᠤ ᠰᠣᠷᠢᠯᠳ᠋ᠨ ᠶᠢᠨ ᠰᠢᠯᠭᠠᠯᠳᠠ ᠶᠢᠨ ᠬᠢᠷᠢ ᠪᠦᠲᠦᠮᠵᠢ ᠶᠢᠨ ᠪᠦᠷᠢᠳᠬᠡᠯ ᠪᠤᠯᠬᠤ ᠶᠤᠮ᠃ ᠡᠬᠦᠨ ᠠᠴᠠ ᠪᠢᠳᠠ ᠦᠵᠡᠵᠦ ᠭᠠᠷᠬᠤ ᠨᠢ ᠶᠢᠰᠦᠳᠦᠭᠡᠷ ᠤᠨ ᠤ ᠵᠢᠷᠭᠤᠳᠤᠭᠠᠷ ᠠᠩᠭᠢ ᠶᠢᠨ ᠬᠢᠷᠢ ᠪᠦᠲᠦᠮᠵᠢ 10 ᠳ᠋ᠣᠭᠠᠷ ᠰᠠᠷ᠎ᠠ ᠠᠴᠠ ᠡᠬᠢᠯᠡᠨ ᠢᠯᠡᠷᠬᠡᠢ ᠳᠡᠭᠡᠭᠰᠢᠯᠡᠯᠳᠡ ᠲᠠᠢ ᠪᠤᠯᠵᠦ᠂ ᠬᠠᠷᠢᠨ ᠶᠢᠰᠦᠳᠦᠭᠡᠷ ᠤᠨ ᠤ ᠲᠠᠪᠤᠳᠤᠭᠠᠷ ᠠᠩᠭᠢ ᠶᠢᠨ ᠬᠢᠷᠢ ᠪᠦᠲᠦᠮᠵᠢ 10 ᠳ᠋ᠣᠭᠠᠷ ᠰᠠᠷ᠎ᠠ ᠠᠴᠠ ᠪᠠᠨ ᠢᠯᠡᠷᠬᠡᠢ ᠬᠤᠪᠢᠷᠠᠯᠳ᠋ᠨ ᠭᠠᠷᠣᠭᠰᠠᠨ ᠦᠬᠡᠢ ᠪᠠᠶᠢᠨ᠎ᠠ᠃ ᠪᠦᠷᠢᠳᠭᠡᠯ ᠳᠤ ᠬᠢ ᠡᠮᠦᠨᠡᠬᠢ ᠨᠢ ᠶᠢᠰᠦᠳᠦᠭᠡᠷ ᠤᠨ ᠤ ᠲᠠᠪᠤᠳᠤᠭᠠᠷ ᠠᠩᠭᠢ ︵9.5︶ ᠶᠢ ᠲᠥᠯᠦᠭᠡᠯᠡᠵᠦ᠂ ᠬᠤᠶᠢᠨᠠᠬᠢ ᠨᠢ ᠶᠢᠰᠦᠳᠦᠭᠡᠷ ᠤᠨ ᠤ ᠵᠢᠷᠭᠤᠳᠤᠭᠠᠷ ᠠᠩᠭᠢ ︵9.6︶ ᠶᠢ ᠲᠥᠯᠦᠭᠡᠯᠡᠨ᠎ᠡ᠃      ᠶᠢᠰᠦᠳᠤᠭᠡᠷ ᠤᠨ ᠤ ᠵᠢᠷᠭᠤᠳᠤᠭᠠᠷ ᠠᠩᠬᠢ ᠶᠢᠨ ᠬᠤᠪᠢᠷᠠᠯᠳᠠ ᠶᠢ ᠨᠢ ᠳᠠᠷᠠᠭᠠᠯᠠᠨ ᠲᠤᠭᠠᠴᠢᠪᠠᠯ᠄ ᠨᠢᠭᠡ ᠳᠤ᠂ ᠰᠤᠷᠤᠭᠴᠢᠳ ᠤᠨ ᠰᠤᠷᠤᠯᠭ᠎ᠠ ᠬᠢᠴᠢᠶᠡᠯ ᠳᠤ ᠲᠤᠷ᠎ᠠ ᠦᠭᠡᠶᠢᠴᠡᠬᠦ ᠦᠵᠡᠭᠳᠡᠯ ᠮᠡᠳᠡᠭᠳᠡᠮ᠎ᠠ ᠴᠦᠬᠡᠷᠡᠵᠦ᠂ ᠬᠢᠴᠢᠶᠡᠯᠯᠡᠭᠡ ᠳᠤ ᠦᠨᠳᠤᠰᠤᠨ ᠳᠤ ᠪᠠᠨ ᠪᠦᠬᠦᠨ ᠢᠶᠠᠷ ᠢᠶᠠᠨ ᠤᠷᠤᠯᠴᠠᠵᠤ᠂ ᠦᠪᠡᠷ ᠢ ᠪᠠᠨ ᠢᠯᠡᠷᠡᠭᠦᠯᠬᠦ ᠵᠠᠪᠰᠢᠶᠠᠨ ᠲᠠᠢ ᠪᠤᠯᠵᠦ᠂ ᠪᠡᠶ᠎ᠡ ᠳᠤ ᠪᠠᠨ ᠢᠳᠡᠭᠡᠬᠦ᠂ ᠵᠤᠷᠢᠭᠳᠠᠢ ᠪᠠᠷ ᠶᠠᠷᠢᠵᠦ ᠢᠯᠡᠳᠭᠡᠬᠦ᠂ ᠤᠷᠤᠯᠳᠤᠨ ᠲᠤᠷᠰᠢᠬᠤ᠂ ᠵᠣᠬᠢᠶᠠᠨ ᠪᠠᠶᠢᠭᠤᠯᠬᠤ᠂ ᠬᠤᠷᠰᠢᠨ ᠰᠤᠷᠤᠯᠴᠠᠬᠤ ᠣᠪᠤᠷ ᠰᠤᠷᠲᠠᠯ ᠨᠢ ᠢᠯᠡᠳᠳᠡ ᠰᠠᠶᠢᠵᠢᠷᠠᠵᠦ᠂ ᠠᠰᠠᠭᠤᠳᠠᠯ ᠳᠤᠷᠠᠳᠬᠤ ᠤᠬᠠᠮᠰᠠᠷ ᠲᠠᠢ ᠰᠤᠷᠤᠭᠴᠢ ᠣᠯᠠᠰᠢᠷᠠᠨ᠂ ᠰᠡᠵᠢᠭᠯᠡᠬᠦ ᠰᠡᠳᠬᠢᠬᠦ ᠳᠠᠳᠬᠠᠯ ᠪᠣᠢ ᠪᠣᠯᠵᠤ᠂ ᠬᠠᠮᠳᠤ ᠨᠡᠶᠢᠳ᠋ᠨ ᠶᠢᠨ ᠤᠬᠠᠮᠰᠠᠷ ᠵᠢᠴᠢ ᠦᠷᠢᠰᠦᠯᠳᠦᠨ ᠳᠠᠪᠰᠢᠬᠤ ᠦᠵᠡᠯ ᠰᠠᠨᠠᠭ᠎ᠠ ᠲᠠᠢ ᠪᠤᠯᠵᠦ᠂ ᠵᠦᠪ ᠦᠷᠲᠡᠭ ᠤᠨ ᠦᠵᠡᠯᠲᠡ ᠠᠭᠠᠵᠢᠮ ᠢᠶᠠᠷ ᠪᠦᠷᠢᠯᠳᠦᠵᠦ ᠪᠠᠶᠢᠨ᠎ᠠ᠃ ᠬᠤᠶᠠᠷ ᠲᠤ᠂ ︽ᠤᠷᠤᠯᠳᠤᠯᠭ᠎ᠠ ᠪᠠᠷ ᠳᠦᠷᠢ ᠪᠦᠲᠦᠭᠡᠬᠦ︾ ᠵᠢᠭᠠᠬᠤ ᠠᠷᠭ᠎ᠠ ᠶᠢᠨ ᠲᠠᠪᠤᠨ ᠭᠤᠭᠴᠤᠭ᠎ᠠ ᠶᠢ ᠠᠮᠢᠳᠤᠷᠠᠯ ᠰᠤᠷᠤᠯᠴᠠᠯᠭ᠎ᠠ ᠶᠢᠨ ᠳᠤᠮᠳᠠ ᠪᠠᠨ ᠬᠡᠷᠡᠭᠯᠡᠵᠦ ᠠᠰᠠᠭᠤᠳᠠᠯ ᠰᠢᠢᠳᠪᠦᠷᠢᠯᠡᠵᠤ ᠪᠠᠶᠢᠭ᠎ᠠ ᠪᠠᠶᠢᠳᠠᠯ ᠪᠣᠢ ᠪᠣᠯᠵᠣ ᠪᠣᠢ᠃ ᠭᠤᠷᠪᠠ ᠳᠤ᠂ ᠠᠩᠭᠢ ᠨᠢᠭᠡᠴᠢ ᠪᠠ ᠳᠤᠭᠤᠶᠢᠯᠠᠩ ᠤᠨ ᠴᠤᠭᠴᠠᠯᠠᠯᠲᠠ ᠶᠢᠨ ᠵᠣᠬᠢᠶᠠᠨ ᠪᠠᠶᠢᠭᠤᠯᠤᠯᠳᠠ ᠲᠢᠭᠯᠢᠮ ᠲᠠᠢ ᠪᠤᠯᠵᠦ᠂ ᠠᠩᠭᠢ ᠶᠢᠨ ᠬᠢᠷᠢ ᠪᠦᠲᠦᠮᠵᠢ ᠢᠯᠡᠷᠬᠡᠢ ᠳᠡᠭᠡᠭᠰᠢᠯᠡᠵᠦ ᠡᠬᠢᠯᠡᠪᠡ᠃ ᠭᠠᠷ ᠬᠦᠳᠡᠯᠦᠨ ᠤᠷᠤᠯᠳᠤᠬᠤ ᠴᠢᠳᠠᠪᠦᠷᠢ ᠳᠡᠭᠡᠭᠰᠢᠯᠡᠵᠦ ᠲᠤᠷᠰᠢᠯᠲᠡ ᠶᠢᠨ ᠬᠢᠴᠢᠶᠡᠯ ᠳᠤ ᠳᠤᠷ᠎ᠠ ᠪᠠᠬ᠎ᠠ ᠲᠠᠢ ᠪᠤᠯᠤᠭᠰᠠᠨ ᠢᠶᠠᠷ ᠪᠠᠷᠠᠬᠤ ᠦᠭᠡᠢ ᠲᠤᠷᠰᠢᠯᠲᠠ ᠶᠢᠨ ᠬᠤᠷᠳᠤᠴᠠ᠂ ᠤᠨᠤᠪᠴᠢ ᠶᠢᠨ ᠬᠡᠮᠵᠢᠶ᠎ᠡ ᠴᠦᠮ ᠳᠡᠭᠡᠭᠰᠢᠯᠡᠵᠦ ᠡᠬᠢᠯᠡᠵᠡᠢ᠃ ᠳᠦᠷᠪᠡ ᠳᠤ᠂ ᠰᠤᠷᠤᠭᠴᠢ ᠪᠠᠭᠰᠢ ᠶᠢᠨ ᠬᠠᠷᠢᠴᠠᠭ᠎ᠠ ᠤᠯᠠᠮ ᠡᠶ᠎ᠡ ᠨᠠᠶᠢᠷᠳᠠᠢ ᠪᠣᠯᠵᠤ᠂ ᠬᠢᠴᠢᠶᠡᠯ ᠳᠤ ᠤᠨᠲᠠᠬᠤ ᠰᠤᠷᠤᠭᠴᠢ᠂ ᠰᠤᠯᠨ ᠦᠭᠡ ᠶᠠᠷᠢᠬᠤ ᠰᠤᠷᠤᠭᠴᠢ ᠦᠭᠡᠢ ᠪᠤᠯᠵᠠᠢ᠃ ᠲᠠᠪᠤ ᠳᠤ᠂ ᠨᠢᠭᠳᠠᠷᠠᠯ ᠪᠦᠯᠬᠦᠮᠳᠡᠯ ᠤᠨ ᠬᠦᠴᠦᠨ ᠴᠢᠳᠠᠯ ᠢ ᠤᠶᠢᠯᠠᠭᠠᠵᠦ᠂ ᠬᠠᠮᠳᠦ ᠶᠢᠨ ᠤᠬᠠᠮᠰᠠᠷ ᠨᠢ ᠳᠡᠭᠡᠭᠰᠢᠯᠡᠪᠡ᠃ ᠵᠢᠷᠭᠤᠭ᠎ᠠ ᠳᠤ᠂ ᠨᠤᠮ ᠪᠢᠴᠢᠭ ᠢ ᠤᠩᠰᠢᠨ ᠤᠶᠢᠯᠠᠭᠠᠬᠤ ᠴᠢᠳᠠᠪᠦᠷᠢ ᠨᠢ ᠳᠡᠭᠡᠭᠰᠢᠯᠡᠵᠦ᠂ ᠪᠡᠶ᠎ᠡ ᠳᠤ ᠪᠠᠨ ᠲᠤᠬᠢᠷᠠᠭᠰᠠᠨ ᠰᠤᠷᠬᠤ ᠠᠷᠭ᠎ᠠ ᠶᠢ ᠡᠷᠢᠵᠦ ᠬᠠᠶᠢᠬᠤ ᠪᠤᠯᠪᠠ᠃ ᠳᠣᠯᠤᠭ᠎ᠠ ᠳᠤ᠂ ᠪᠠᠭᠰᠢ ᠪᠠ ᠰᠤᠷᠤᠭᠴᠢ ᠶᠢᠨ ᠪᠠᠶᠢᠷᠢ ᠶᠢᠨ ᠬᠤᠪᠢᠷᠠᠯᠳᠠ ᠭᠠᠷᠪᠠ᠃ ᠪᠠᠭᠰᠢ ᠶᠢᠨ ᠡᠵᠡᠨ ᠪᠡᠶ᠎ᠡ ᠶᠢᠨ ᠪᠠᠶᠢᠷᠢ ᠰᠠᠭᠤᠷᠢ ᠨᠢ ᠵᠤᠬᠢᠶᠠᠨ ᠪᠠᠶᠢᠭᠤᠯᠤᠭᠴᠢ᠂ ᠰᠡᠩᠬᠡᠷᠡᠭᠦᠯᠤᠭ᠍ᠴᠢ᠂ ᠤᠷᠤᠯᠴᠠᠭᠴᠢ ᠪᠠᠷ ᠰᠤᠯᠢᠭᠳᠠᠨ᠂ ᠰᠤᠷᠤᠭᠴᠢ ᠨᠢ ᠬᠦᠯᠢᠶᠡᠨ ᠠᠪᠤᠭᠴᠢ᠂ ᠰᠤᠨᠤᠰᠤᠭᠴᠢ᠂ ᠴᠡᠭᠡᠵᠢᠯᠡᠭᠴᠢ ᠪᠠᠶᠢᠭᠰᠠᠨ ᠠᠴᠠ ᠪᠠᠨ ᠤᠷᠤᠯᠴᠠᠭᠴᠢ᠂ ᠰᠦᠪᠡᠭᠴᠢᠯᠡᠭᠴᠢ᠂ ᠳ᠋ᠦᠩᠨᠡᠭᠴᠢ᠂ ᠦᠨᠡᠯᠡᠭᠴᠢ ᠶᠢᠨ ᠪᠠᠶᠢᠷᠢᠨ ᠳᠤ ᠰᠢᠯᠵᠢᠪᠡ᠃      ︽ᠴᠢᠷᠮᠠᠶᠢᠯᠭ᠎ᠠ ᠬᠦᠮᠦᠨ ᠢ ᠭᠤᠮᠤᠳᠠᠭᠠᠬᠤ ᠦᠭᠡᠢ︾ ᠭᠡᠭᠦ ᠰᠠᠶᠢᠬᠠᠨ ᠦᠭᠡ ᠪᠠᠶᠢᠳᠠᠭ ᠰᠠᠨ᠃ ᠪᠤᠤ ᠢᠤᠢ ᠯᠢᠶᠠᠨ ᠪᠠᠭᠰᠢ ᠶᠢᠨ ᠰᠢᠷᠭᠠᠭᠤ ᠴᠢᠷᠮᠠᠶᠢᠯᠭ᠎ᠠ ᠨᠢ ᠬᠤᠶᠠᠷ ᠵᠢᠯ ᠰᠢᠬᠠᠮ ᠤᠨ ᠤᠬᠤᠷᠬᠠᠨ ᠬᠤᠭᠤᠴᠠᠭᠠᠨ ᠳᠤ ᠪᠤᠳᠠᠳᠦ ᠦᠷ᠎ᠡ ᠳ᠋ᠦᠩ ᠤᠯᠵᠦ᠂ ᠢᠳᠡᠷ ᠵᠠᠯᠠᠭᠤ ᠪᠠᠭᠰᠢ ᠨᠠᠷ ᠤᠨ ᠳᠤᠮᠳᠠ ᠤᠶᠢᠯᠡ ᠠᠵᠢᠯᠯᠠᠭ᠎ᠠ ᠪᠠᠷ ᠢᠶᠠᠨ ᠤᠷᠦ᠋ᠢᠯᠠᠨ ᠴᠤᠯᠭᠤᠷᠠᠭᠰᠠᠨ ᠶᠤᠮ᠃ ᠲᠤᠰ ᠪᠠᠭᠰᠢ ᠠᠴᠠ ︽ᠣᠷᠤᠯᠳᠤᠯᠭ᠎ᠠ ᠪᠠᠷ ᠲᠦᠷᠢ ᠪᠦᠲᠦᠭᠡᠬᠦ︾ ᠵᠢᠭᠠᠬᠤ ᠠᠷᠭ᠎ᠠ ᠶᠢ ᠰᠣᠷᠣᠭᠴᠢᠳ ᠲᠤ ᠵᠤᠷᠢᠭᠲᠠᠢ ᠪᠠᠷ ᠬᠢᠵᠦ᠂ ᠰᠣᠷᠣᠭᠴᠢ ᠶᠢᠨ ᠡᠵᠡᠨ ᠪᠡᠶ᠎ᠡ ᠶᠢᠨ ᠪᠠᠶᠢᠷᠢ ᠶᠢ ᠪᠠᠲᠤᠯᠠᠨ᠂ ᠰᠤᠷᠤᠭᠴᠢᠳ ᠢ ᠪᠡᠶ᠎ᠡ ᠪᠠᠨ ᠲᠠᠭᠠᠭᠠᠨ ᠰᠣᠳᠣᠯᠣᠯᠳ᠋ᠨ ᠲᠠᠢ ᠰᠣᠷᠣᠯᠴᠠᠬᠤ᠂ ᠬᠠᠮᠳᠣᠷᠠᠨ ᠰᠣᠷᠣᠯᠴᠠᠵᠤ ᠰᠢᠨ᠎ᠡ ᠶᠢ ᠡᠬᠦᠳᠬᠦ ᠵᠠᠮ ᠳᠤ ᠬᠦᠳᠦᠯᠦᠭᠰᠡᠨ ᠠᠴᠠ ᠰᠣᠷᠣᠭᠴᠢᠳ ᠤᠨ ᠰᠣᠷᠬᠤ ᠣᠷᠮᠠᠰᠢᠯ᠂ ᠬᠢᠮᠢ ᠶᠢᠨ ᠬᠢᠴᠢᠶᠡᠯ ᠤᠨ ᠬᠢᠷᠢ ᠪᠦᠳᠦᠮᠵᠢ ᠪᠠᠶᠠᠷᠯᠠᠭᠤᠰᠢᠳᠠᠢ ᠦᠷ᠎ᠠ ᠳ᠋ᠦᠩ ᠳᠤ ᠬᠦᠷᠴᠦ ᠴᠢᠳᠠᠭᠰᠠᠨ ᠢᠶᠠᠷ ᠪᠠᠷᠠᠬᠤ ᠦᠭᠡᠢ᠂ ᠳᠡᠷᠡ ᠪᠠᠰᠠ ᠦᠪᠡᠷ ᠤᠨ ᠣᠷᠣᠯᠳᠣᠯᠭ᠎ᠠ ᠪᠠᠨ ᠦᠬᠦᠯᠡᠯ ᠪᠤᠯᠭᠠᠨ ᠪᠢᠴᠢᠵᠤ᠂ ᠤᠷᠤᠨ ᠤ ᠳᠤᠳᠤᠨ᠎ᠠ ᠭᠠᠳᠠᠨᠠᠬᠢ ᠨᠡᠯᠢᠶᠡᠳ ᠤᠯᠠᠨ ᠰᠡᠳᠭᠦᠯ ᠳᠤ ᠨᠡᠶᠢᠳᠡᠯᠡᠬᠦᠯᠵᠠᠢ᠃ ᠮᠦᠨᠴᠦ ᠰᠣᠳᠣᠯᠬᠤ ᠰᠣᠷᠣᠭᠴᠢ ᠶᠢᠨ ᠲᠡᠭᠦᠰᠬᠦ ᠦᠬᠦᠯᠡᠯ ᠢᠶᠠᠨ ︽ᠣᠷᠤᠯᠳᠤᠯᠭ᠎ᠠ ᠪᠠᠷ ᠲᠦᠷᠢ ᠪᠦᠲᠦᠭᠡᠬᠦ︾ ᠵᠢᠭᠠᠬᠤ ᠠᠷᠭ᠎ᠠ ᠶᠢᠨ ᠰᠤᠳᠤᠯᠭᠠᠨ ᠢᠶᠠᠷ ᠰᠡᠳᠦᠪᠯᠡᠵᠦ ᠪᠢᠴᠢᠭᠰᠡᠨ ᠠᠴᠠ ᠵᠢᠯᠤᠭᠤᠳᠤᠭᠴᠢ ᠪᠠᠭᠰᠢ ᠶᠢᠨ ᠦᠨᠳᠦᠷ ᠦᠨᠡᠯᠡᠯᠳ᠋ᠨ ᠶᠢ ᠬᠦᠷᠳᠡᠭᠰᠡᠨ ᠪᠠᠶᠢᠨ᠎ᠠ᠃      2016 ᠣᠨ ᠤ 5 ᠰᠠᠷ᠎ᠠ ᠳᠤ ᠪᠦᠬᠦ ᠬᠤᠲᠠ ᠶᠢᠨ ᠮᠣᠩᠭᠤᠯ ᠢᠶᠠᠷ ᠬᠢᠴᠢᠶᠡᠯᠯᠡᠬᠦ ᠠᠩᠬ᠎ᠠ ᠲᠣᠮᠳᠠᠳᠣ ᠶᠢᠨ ᠬᠢᠮᠢ ᠶᠢᠨ ᠤᠶᠤᠨ ᠤ ᠤᠷᠤᠯᠳᠤᠭᠠᠨ ᠳᠤ ᠲᠡᠬᠦᠨ ᠤ ᠵᠢᠯᠤᠭᠤᠳᠤᠭᠰᠠᠨ ᠰᠤᠷᠤᠭᠴᠢ ᠵᠤᠤ ᠰᠢᠨ ᠯᠧᠢ ᠬᠤᠪᠢ ᠬᠥᠮᠦᠨ ᠤ ᠲᠡᠷᠢᠭᠦᠨ ᠤ ᠱᠠᠩᠨᠠᠯ ᠢ ᠬᠦᠷᠲᠡᠵᠦ᠂ ᠰᠣᠷᠣᠭᠴᠢ ᠢᠷᠠᠭᠤ ᠬᠤᠶᠠᠳᠤᠭᠠᠷ ᠲᠡᠰ ᠤᠨ ᠱᠠᠩᠨᠠᠯ ᠢ ᠤᠯᠪᠠ᠃ 2016 ᠣᠨ ᠳᠤ ᠡᠷᠬᠢᠯᠡᠭᠰᠡᠨ ᠠᠩᠭᠢ ᠶᠢᠨ ᠬᠢᠮᠢ ᠶᠢᠨ ᠬᠢᠴᠢᠶᠡᠯ ᠲᠥᠷᠦᠯ ᠤᠨ ᠲᠡᠭᠰᠢᠳᠭᠡᠯ ᠬᠤᠪᠢ ᠪᠠ ᠬᠢᠷᠢ ᠲᠡᠩᠴᠡᠯᠳ᠋ᠨ ᠶᠢᠨ ᠨᠤᠷᠮ᠎ᠠ ᠪᠦᠬᠦ ᠬᠤᠳ᠋ᠨ ᠳᠤ ᠪᠠᠨ ᠲᠡᠷᠢᠬᠦᠯᠡᠵᠦ᠂ ᠰᠤᠷᠤᠭᠴᠢ ᠵᠣᠣ ᠰᠢᠨ ᠯᠧᠢ᠂ ᠢᠷᠠᠭᠤ ᠰᠢᠯᠢᠳᠡᠭ ᠬᠢᠷᠢ ᠪᠦᠲᠦᠮᠵᠢ ᠪᠠᠷ ᠬᠥᠬᠡᠬᠤᠲᠠ ᠶᠢᠨ ᠪᠠᠭᠰᠢ ᠶᠢᠨ ᠶᠡᠭᠡ ᠰᠤᠷᠭᠠᠭᠤᠯᠢ ᠶᠢᠨ ᠬᠠᠷᠢᠶᠠᠲᠤ ᠲᠤᠮᠳᠠᠳᠣ ᠰᠤᠷᠭᠠᠭᠤᠯᠢ ᠳᠤ ᠰᠢᠯᠭᠠᠨ ᠣᠷᠤᠵᠤ᠂ ᠺᠠᠩ ᠱᠣᠣ ᠵᠢᠶᠦ᠋ᠨ᠂ ᠪᠤᠤ ᠵᠢᠶᠦ᠋ᠨ ᠵᠢᠶᠧ᠂ ᠰᠠᠴᠣᠷᠨ᠂ ᠴᠢ ᠾᠦᠢ᠂ ᠲᠢᠩ ᠲᠢᠩ᠂ ᠴᠢ ᠶᠠᠨ ᠲᠢᠩ᠂ ᠵᠢᠩ ᠵᠢᠩ ᠵᠡᠷᠭᠡ ᠳᠣᠯᠤᠭᠠᠨ ᠰᠤᠷᠤᠭᠴᠢ ᠬᠠᠶᠢᠯᠠᠷ ᠨᠢᠭᠡᠳᠦᠭᠡᠷ ᠲᠤᠮᠳᠠᠳᠣ ᠰᠤᠷᠭᠠᠭᠤᠯᠢ ᠶᠢᠨ ᠲᠣᠷᠰᠢᠯᠳ᠋ᠨ ᠶᠢᠨ ᠠᠩᠭᠢ ᠳᠤ ᠰᠢᠯᠭᠠᠨ ᠣᠷᠤᠵᠤ᠂ ᠡᠷᠬᠢᠯᠡᠭᠰᠡᠨ ᠠᠩᠬᠢ ᠨᠢ ᠬᠤᠰᠢᠭᠤᠨ ᠲᠠᠰ ᠤᠨ ᠰᠢᠯᠢᠳᠡᠭ ᠠᠩᠬᠢ ᠨᠢᠬᠡᠴᠢ ᠪᠠ ᠬᠤᠰᠢᠭᠤᠨ ᠲᠡᠰ ᠤᠨ ᠪᠤᠯᠪᠠᠰᠤᠨ ᠠᠩᠭᠢ ᠨᠢᠭᠡᠴᠢ ᠪᠠᠷ ᠰᠤᠩᠭᠤᠭᠳᠠᠵᠤ᠂ ᠰᠤᠷᠤᠭᠴᠢ ᠴᠢ ᠾᠦᠢ ᠬᠤᠰᠢᠭᠤᠨ ᠲᠡᠰ ᠤᠨ ︽ᠰᠢᠯᠢᠳᠡᠭ ᠰᠤᠷᠤᠭᠴᠢ︾ ᠪᠤᠯᠵᠤ᠂ ᠰᠤᠷᠤᠭᠴᠢ ᠰᠦᠶᠦᠭᠡ ᠬᠤᠰᠢᠭᠤᠨ ᠲᠡᠰ ᠤᠨ ︽ᠰᠢᠯᠢᠳᠡᠭ ᠠᠩᠬᠢ ᠶᠢᠨ ᠺᠠᠳ᠋ᠷ︾᠂ ᠰᠤᠷᠤᠭᠴᠢ ᠵᠤᠤ ᠰᠢᠨ ᠯᠸᠢ ᠬᠤᠳ᠋ᠨ ᠶᠢᠨ ᠲᠡᠰ ᠤᠨ ︽ᠰᠢᠯᠢᠳᠡᠭ ᠰᠤᠷᠤᠭᠴᠢ︾ ᠢᠶᠠᠷ ᠲᠤᠰ ᠪᠦᠷᠢ ᠬᠦᠬᠢᠬᠦᠯᠦᠭᠳᠡᠭᠰᠡᠨ ᠪᠠᠶᠢᠨ᠎ᠠ᠃ 2017 ᠣᠨ ᠤ 5 ᠰᠠᠷ᠎ᠠ ᠳᠤ ᠪᠦᠬᠦ ᠬᠤᠲᠠ ᠶᠢᠨ ᠮᠣᠩᠭᠤᠯ ᠢᠶᠠᠷ ᠬᠢᠴᠢᠶᠡᠯᠯᠡᠬᠦ ᠠᠩᠬ᠎ᠠ ᠲᠣᠮᠳᠠᠳᠣ ᠶᠢᠨ ᠬᠢᠮᠢ ᠶᠢᠨ ᠤᠶᠤᠨ ᠤ ᠤᠷᠤᠯᠳᠤᠭᠠᠨ ᠳᠤ ᠰᠤᠷᠤᠭᠴᠢ ᠯᠢᠶᠠᠩ ᠸᠧᠨ ᠵᠢᠶᠤᠸᠠᠨ ᠬᠤᠪᠢ ᠬᠥᠮᠦᠨ ᠤ ᠲᠡᠷᠢᠭᠦᠨ ᠤ ᠱᠠᠩᠨᠠᠯ ᠢ ᠬᠦᠷᠳᠡᠪᠡ᠃ 2018 ᠣᠨ ᠤ ᠪᠦᠬᠦ ᠬᠤᠲᠠ ᠶᠢᠨ ᠳᠣᠮᠳᠠᠲᠣ ᠰᠢᠯᠭᠠᠯᠲᠠ ᠳᠤ ᠲᠡᠭᠦᠨ ᠤ ᠲᠡᠭᠦᠰᠭᠡᠭᠰᠡᠨ ᠠᠩᠭᠢ ᠶᠢᠨ ᠬᠢᠮᠢ ᠶᠢᠨ ᠲᠡᠭᠰᠢᠳᠭᠡᠭᠰᠡᠨ ᠬᠢᠷᠢ ᠪᠦᠲᠦᠮᠵᠢ ᠨᠢ ᠬᠤᠲᠠ ᠳᠤ ᠪᠠᠨ ᠲᠡᠷᠢᠭᠦᠯᠡᠭᠰᠡᠨ ᠪᠠᠶᠢᠨ᠎ᠠ᠃      ᠳᠡᠭᠡᠷ᠎ᠡ ᠶᠠᠷᠢᠭᠰᠠᠨ ᠠᠭᠤᠯᠭ᠎ᠠ ᠪᠤᠯ ᠪᠤᠤ ᠢᠤᠢ ᠯᠢᠶᠠᠨ ᠪᠠᠭᠰᠢ ᠶᠢᠨ ᠪᠤᠳᠠᠳᠦ ᠵᠢᠭᠠᠨ ᠰᠤᠷᠭᠠᠯᠳᠠ ᠲᠤᠮᠳᠠ ︽ᠤᠷᠤᠯᠳᠤᠯᠭ᠎ᠠ ᠪᠠᠷ ᠲᠦᠷᠢ ᠪᠦᠳᠦᠭᠡᠬᠦ︾ ᠵᠢᠭᠠᠬᠤ ᠠᠷᠭ᠎ᠠ ᠶᠢ ᠬᠢᠮᠢ ᠶᠢᠨ ᠬᠢᠴᠢᠶᠡᠯᠯᠡᠭᠡ ᠳᠤ ᠪᠠᠨ ᠬᠡᠷᠡᠭᠵᠢᠬᠦᠯᠦᠭᠰᠡᠨ ᠪᠠᠶᠢᠳᠠᠯ ᠤᠨ ᠲᠤᠬᠠᠢ ᠲᠤᠭᠠᠴᠢᠯᠳᠠ ᠪᠤᠯᠤᠨ᠎ᠠ᠃      ᠬᠤᠶᠠᠷ᠂ ︽ᠣᠷᠤᠯᠳᠤᠯᠭ᠎ᠠ ᠪᠠᠷ ᠲᠦᠷᠢ ᠪᠦᠲᠦᠭᠡᠬᠦ︾ ᠵᠢᠭᠠᠨ ᠰᠣᠷᠭᠠᠬᠤ ᠠᠷᠭ᠎ᠠ ᠶᠢ ᠦᠢᠯᠡᠳᠦᠯᠭᠡ ᠳᠤ ᠬᠡᠷᠡᠭᠵᠢᠬᠦᠯᠬᠦ ᠶᠠᠪᠤᠴᠨ ᠳᠤ ᠤᠷᠤᠰᠢᠵᠤ ᠪᠠᠶᠢᠭ᠎ᠠ ᠠᠰᠠᠭᠤᠳᠠᠯ      ᠪᠦᠬᠦ ᠤᠷᠤᠨ ᠤ ᠬᠡᠪᠴᠢᠶᠡᠨ ᠳᠤ᠂ ᠮᠤᠩᠭᠤᠯ ᠢᠶᠠᠷ ᠬᠢᠴᠢᠶᠡᠯᠯᠡᠵᠦ ᠪᠠᠶᠢᠭ᠎ᠠ ᠳᠤᠮᠳᠠᠳᠦ ᠰᠤᠷᠭᠠᠭᠤᠯᠢ ᠶᠢᠨ ᠪᠠᠶᠢᠭᠠᠯᠢ ᠶᠢᠨ ᠰᠢᠨᠵᠢᠯᠡᠭᠡᠨ ᠤ ᠬᠢᠴᠢᠶᠡᠯ ᠲᠦᠷᠦᠯ ᠤᠨ ᠵᠢᠭᠠᠨ ᠰᠤᠷᠭᠠᠯᠳᠠ ᠳᠤ ︽ᠤᠷᠤᠯᠳᠤᠯᠭ᠎ᠠ ᠪᠠᠷ ᠲᠦᠷᠢ ᠪᠦᠳᠦᠭᠡᠬᠦ︾ ᠵᠢᠭᠠᠬᠤ ᠠᠷᠭ᠎ᠠ ᠶᠢ ᠬᠡᠷᠡᠭᠯᠡᠭᠡᠳ ᠬᠤᠶᠠᠷ ᠵᠢᠯ ᠭᠠᠷᠤᠢ ᠪᠤᠯᠵᠦ ᠪᠠᠶᠢᠨ᠎ᠠ᠃ ᠡᠨᠡ ᠬᠦ ᠬᠤᠭᠤᠴᠠᠭᠠᠨ ᠳᠤ ︽ᠤᠷᠤᠯᠳᠤᠯᠭ᠎ᠠ ᠪᠠᠷ ᠳᠦᠷᠢ ᠪᠦᠳᠦᠭᠡᠬᠦ︾ ᠵᠢᠭᠠᠬᠤ ᠠᠷᠭ᠎ᠠ ᠶᠢᠨ ᠰᠤᠳᠤᠯᠭᠠᠨ ᠤ ᠠᠵᠢᠯ ᠨᠢ ᠲᠦᠰᠦᠪᠯᠡᠭᠰᠡᠨ ᠶᠤᠰᠤᠭᠠᠷ ᠠᠮᠵᠢᠯᠳᠠ ᠪᠦᠳᠦᠮᠵᠢ ᠲᠠᠢ ᠶᠠᠪᠤᠭᠳᠠᠭᠰᠠᠨ ᠪᠠᠶᠢᠨ᠎ᠠ᠃ ᠬᠡᠪᠡᠴᠦ ᠪᠠᠰᠠ ᠵᠤᠬᠢᠬᠤ ᠬᠡᠮᠵᠢᠶᠡᠨ ᠳᠤ ᠠᠰᠠᠭᠤᠳᠠᠯ ᠤᠷᠤᠰᠢᠭᠰᠠᠭᠠᠷ ᠪᠦᠭᠡᠳ ᠪᠢᠳᠠ ᠨᠠᠷ ᠦᠷᠬᠦᠯᠵᠢᠯᠡᠨ ᠦᠭᠡᠷᠡᠴᠢᠯᠡᠨ ᠰᠠᠶᠢᠵᠢᠷᠠᠭᠤᠯᠬᠤ ᠴᠢᠬᠤᠯᠠ ᠲᠠᠢ ᠪᠢᠯᠡ᠃      ︵ᠨᠢᠭᠡ︶ ᠪᠠᠭᠰᠢ ᠨᠠᠷ ᠤᠨ ᠪᠤᠯᠪᠠᠰᠤᠷᠠᠯ ᠳᠤᠳᠠᠮᠠᠭ᠂ ᠤᠶᠢᠯᠠᠭᠠᠯᠳ᠋ᠨ ᠳᠠᠨᠢᠯᠳᠠ ᠬᠦᠢᠴᠡᠳ ᠪᠤᠰᠤ ᠪᠦᠬᠦ ᠤᠷᠤᠨ ᠤ ᠬᠡᠪᠴᠢᠶᠡᠨ ᠳᠤ᠂ ᠮᠤᠩᠭᠤᠯ ᠢᠶᠠᠷ ᠬᠢᠴᠢᠶᠡᠯᠯᠡᠵᠦ ᠪᠠᠶᠢᠭ᠎ᠠ ᠳᠤᠮᠳᠠᠳᠦ ᠰᠤᠷᠭᠠᠭᠤᠯᠢ ᠶᠢᠨ ᠪᠠᠶᠢᠭᠠᠯᠢ ᠶᠢᠨ ᠰᠢᠨᠵᠢᠯᠡᠭᠡᠨ ᠤ ᠬᠢᠴᠢᠶᠡᠯ ᠲᠦᠷᠦᠯ ᠤᠨ ᠪᠠᠭᠰᠢ ᠨᠡᠶᠢᠳᠡ 2952 ᠪᠠᠶᠢᠵᠦ᠂ ᠬᠤᠶᠠᠷ ᠵᠢᠯ ᠭᠠᠷᠤᠢ ᠶᠢᠨ ᠬᠤᠭᠤᠴᠠᠭᠠᠨ ᠳᠤ ︽ᠤᠷᠤᠯᠳᠤᠯᠭ᠎ᠠ ᠪᠠᠷ ᠳᠦᠷᠢ ᠪᠦᠳᠦᠭᠡᠬᠦ︾ ᠵᠢᠭᠠᠬᠤ ᠠᠷᠭ᠎ᠠ ᠶᠢᠨ ᠪᠤᠯᠪᠠᠰᠤᠷᠠᠯ ᠳᠤ ᠤᠷᠤᠯᠴᠠᠭᠰᠠᠳ 1600 ᠬᠦᠮᠦᠨ ᠣᠳᠠᠭ᠎ᠠ ᠬᠦᠷᠴᠦ᠂ ︽ᠤᠷᠤᠯᠳᠤᠯᠭ᠎ᠠ ᠪᠠᠷ ᠳᠦᠷᠢ ᠪᠦᠳᠦᠭᠡᠬᠦ︾ ᠵᠢᠭᠠᠬᠤ ᠠᠷᠭ᠎ᠠ ᠶᠢ ᠵᠢᠩᠬᠢᠨᠢ ᠡᠵᠡᠮᠰᠢᠭᠡᠳ ᠪᠣᠲᠠᠲᠠᠢ ᠵᠢᠭᠠᠨ ᠰᠣᠷᠭᠠᠯᠲᠠ ᠳᠤ ᠪᠠᠨ ᠦᠨᠡᠨᠬᠦ ᠬᠡᠷᠡᠭᠵᠢᠭᠦᠯᠵᠦ ᠪᠠᠶᠢᠭ᠎ᠠ ᠪᠠᠭᠰᠢ ᠣᠯᠠᠩᠬᠢ ᠲᠤᠭ᠎ᠠ ᠶᠢ ᠡᠵᠡᠯᠡᠵᠦ ᠪᠠᠶᠢᠨ᠎ᠠ᠂ ᠭᠡᠪᠡᠴᠦ ᠪᠠᠰᠠ ᠴᠦᠬᠡᠨ ᠲᠣᠭᠠᠨ ᠤ ᠪᠠᠭᠰᠢ ᠲᠣᠰ ᠠᠷᠭ᠎ᠠ ᠶᠢ ᠪᠦᠷᠢᠮᠦᠰᠦᠨ ᠡᠵᠡᠮᠰᠢᠵᠦ ᠴᠢᠳᠠᠭᠠᠳᠣᠢ᠂ ᠠᠷᠭ᠎ᠠ ᠮᠡᠷᠭᠡᠵᠢᠯ ᠤᠨ ᠲᠠᠯ᠎ᠠ ᠪᠠᠷ ᠪᠦᠷᠢᠮᠦᠰᠦᠨ ᠰᠢᠨᠡᠴᠢᠯᠡᠭᠳᠡᠵᠦ ᠴᠢᠳᠠᠭᠠᠳᠤᠢ ᠪᠠᠶᠢᠭᠰᠠᠭᠠᠷ᠃ ᠵᠢᠭᠠᠨ ᠰᠤᠷᠭᠠᠯᠳᠠ ᠶᠢᠨ ᠳᠤᠮᠳᠠ ᠪᠠᠭᠰᠢ ᠰᠤᠷᠤᠭᠴᠢ ᠶᠢᠨ ᠪᠠᠶᠢᠷᠢ ᠶᠢᠨ ᠰᠤᠯᠢᠭᠳᠠᠯ ᠨᠢ ᠤᠳᠠᠭᠠᠨ ᠪᠠᠶᠢᠵᠦ᠂ ᠤᠯᠠᠮᠵᠢᠯᠠᠯᠳᠦ ᠵᠢᠭᠠᠨ ᠰᠤᠷᠭᠠᠯᠳᠠ ᠶᠢᠨ ᠬᠦᠷᠢᠶᠡᠨ ᠠᠴᠠ ᠭᠦᠢᠴᠡᠳ ᠭᠠᠷᠴᠦ ᠴᠢᠳᠠᠭᠠᠳᠤᠢ᠃ ᠰᠢᠨ᠎ᠡ ᠬᠢᠴᠢᠶᠡᠯ ᠤᠨ ᠦᠭᠡᠷᠡᠴᠢᠯᠡᠯᠳᠡ ᠳᠤ ᠬᠡᠷᠬᠢᠨ ᠠᠵᠢᠯᠯᠠᠪᠠᠯ ᠰᠠᠶ᠋ᠢ ︽ᠣᠷᠤᠯᠳᠤᠯᠭ᠎ᠠ ᠪᠠᠷ ᠲᠦᠷᠢ ᠪᠦᠲᠦᠭᠡᠬᠦ︾ ᠵᠢᠭᠠᠬᠤ ᠠᠷᠭ᠎ᠠ ᠳᠠᠰᠤᠷᠠᠯᠳᠠ ᠦᠭᠡᠢ ᠦᠢᠯᠡᠳᠦᠯᠭᠡᠵᠢᠭᠦᠯᠭᠦ ᠶᠢᠨ ᠬᠠᠮᠳᠤ ᠠᠮᠢᠵᠢᠷᠠᠯ ᠤᠨ ᠬᠦᠴᠦᠨ ᠨᠢ ᠭᠦᠢᠴᠡᠳ ᠢᠯᠡᠷᠡᠭᠦ ᠠᠰᠠᠭᠤᠳᠠᠯ ᠨᠢ ᠬᠤᠶᠢᠰᠢᠳᠠ ᠤᠯᠠᠮ ᠨᠢᠭᠡ ᠠᠯᠬᠤᠮ ᠰᠤᠳᠤᠯᠤᠭᠤᠰᠢᠳᠠᠢ ᠠᠰᠠᠭᠤᠳᠠᠯ ᠪᠤᠯᠤᠨ ᠪᠢᠳᠠᠨ ᠤ ᠡᠮᠦᠨ᠎ᠡ ᠲᠠᠯᠪᠢᠭᠳᠠᠵᠦ ᠪᠠᠶᠢᠨ᠎ᠠ᠃ ᠦᠨᠡᠨ ᠳᠤ ᠪᠠᠨ ᠵᠠᠬᠢᠷᠤᠯ ᠪᠤᠯᠤᠨ ᠪᠠᠭᠰᠢ ᠨᠠᠷ ᠤᠨ ᠦᠵᠡᠯᠳᠡ ᠲᠠᠨᠢᠯᠳᠠ ᠪᠠᠨ ᠬᠤᠪᠢᠷᠠᠭᠤᠯᠬᠤ ᠠᠰᠠᠭᠤᠳᠠᠯ ᠪᠤᠯ ᠰᠢᠨ᠎ᠡ ᠬᠢᠴᠢᠶᠡᠯᠯᠡᠭᠡ ᠶᠢᠨ ᠦᠭᠡᠷᠡᠴᠢᠯᠡᠯᠳᠡ ᠶᠢᠨ ᠵᠤᠷᠢᠯᠭ᠎ᠠ ᠳᠤ ᠬᠦᠷᠬᠦ ᠬᠠᠮᠤᠭ ᠤᠨ ᠴᠢᠬᠤᠯᠠ ᠭᠤᠭᠴᠤᠭ᠎ᠠ ᠪᠤᠯᠤᠨ᠎ᠠ᠃ ᠤᠴᠢᠷ ᠨᠢ ᠦᠵᠡᠯᠳᠡ ᠪᠤᠯ ᠦᠢᠯᠨ ᠠᠵᠢᠯᠯᠠᠭᠠᠨ ᠤ ᠰᠦᠭ ᠰᠦᠨᠡᠰᠦ ᠶᠤᠮ᠃ ᠪᠠᠭᠰᠢ ᠶᠢᠨ ᠦᠵᠡᠯᠳᠡ ᠳᠠᠨᠢᠯᠳᠠ ᠨᠢ ᠵᠢᠭᠠᠨ ᠰᠤᠷᠭᠠᠯᠳᠠ ᠲᠣᠮᠳ᠋ᠨ ᠰᠤᠷᠤᠭᠴᠢᠳ ᠤᠨ ᠰᠤᠷᠤᠯᠴᠠᠬᠤ ᠶᠢ ᠰᠢᠭᠤᠳ ᠨᠦᠯᠦᠭᠡᠯᠡᠳᠡᠭ᠃      ︵ᠬᠤᠶᠠᠷ︶ ᠦᠨᠳᠦᠰᠦᠨ ᠱᠠᠳᠤᠨ ᠤ ᠰᠤᠷᠭᠠᠭᠤᠯᠢ ᠶᠢᠨ ᠪᠡᠯᠡᠳᠬᠡᠯ ᠲᠦᠬᠦᠬᠡᠷᠦᠮᠵᠢ ᠪᠦᠷᠢᠨ ᠪᠤᠰᠤ ᠪᠤᠶᠢᠳᠠ ᠪᠦᠭᠯᠡᠬᠦᠦ ᠭᠠᠵᠠᠷ ᠤᠷᠤᠨ ᠤ ᠦᠨᠳᠦᠰᠦᠨ ᠱᠠᠳᠤᠨ ᠤ ᠰᠤᠷᠭᠠᠭᠤᠯᠢ ᠨᠤᠭᠤᠳ ᠬᠤᠳᠠ ᠠᠴᠠ ᠵᠠᠶᠢᠳᠠᠢ᠂ ᠡᠯ᠎ᠡ ᠳᠠᠯ᠎ᠠ ᠶᠢᠨ ᠨᠦᠬᠦᠴᠡᠯ ᠪᠤᠯᠤᠮᠵᠢ ᠬᠠᠷᠢᠴᠠᠩᠭᠤᠢ ᠠᠨᠠᠢ ᠪᠠᠶᠢᠳᠠᠭ ᠠᠴᠠ ᠪᠡᠯᠡᠳᠬᠡᠯ ᠳᠦᠬᠦᠬᠡᠷᠦᠮᠵᠢ ᠶᠢᠨ ᠨᠦᠬᠦᠴᠡᠯ ᠭᠦᠢᠴᠠᠳ ᠪᠤᠰᠤ ᠪᠠᠶᠢᠭᠰᠠᠭᠠᠷ᠃ ᠡᠶᠢᠮᠦᠷᠬᠦᠤ ᠦᠵᠡᠭᠳᠡᠯ ᠨᠢ ᠵᠤᠬᠢᠬᠤ ᠭᠡᠮᠵᠢᠶᠡᠨ ᠳᠤ ᠰᠤᠷᠭᠠᠭᠤᠯᠢ ᠶᠢᠨ ᠵᠢᠭᠠᠨ ᠰᠤᠷᠭᠠᠯᠳᠠ ᠶᠢᠨ ᠶᠠᠰᠤ ᠴᠢᠨᠠᠷ ᠢ ᠨᠦᠯᠦᠬᠡᠯᠡᠬᠦ ᠪᠠᠰᠠ ᠨᠢᠭᠡᠨ ᠡᠯᠧᠮᠧᠨ᠋ᠲ ᠪᠤᠯᠵᠤ ᠪᠠᠶᠢᠭ᠎ᠠ ᠶᠤᠮ᠃ ᠲᠤᠭ᠎ᠠ᠂ ᠬᠢᠮᠢ᠂ ᠹᠢᠽᠢᠺ᠂ ᠠᠮᠢᠳᠦ ᠪᠤᠳᠠᠰ ᠤᠨ ᠬᠢᠴᠢᠶᠡᠯ ᠲᠦᠷᠦᠯ ᠤᠨ ᠤᠨᠴᠠᠯᠢᠭ ᠠᠴᠠ ᠠᠪᠴᠦ ᠭᠡᠯᠡᠪᠡᠯ᠂ ᠪᠦᠷᠢᠨ ᠲᠦᠬᠦᠷ ᠪᠠᠭᠠᠵᠢ ᠬᠡᠷᠡᠭᠰᠡᠯ᠂ ᠲᠤᠨᠤᠭ ᠲᠦᠬᠦᠭᠡᠷᠦᠮᠵᠢ᠂ ᠲᠤᠷᠰᠢᠯᠳᠠ ᠶᠢᠨ ᠲᠠᠰᠤᠭ ᠵᠡᠷᠭᠡ ᠶᠢᠨ ᠨᠦᠬᠦᠴᠡᠯ ᠨᠢ ︽ᠣᠷᠤᠯᠳᠤᠯᠭ᠎ᠠ ᠪᠠᠷ ᠲᠦᠷᠢ ᠪᠦᠲᠦᠭᠡᠬᠦ︾ ᠵᠢᠭᠠᠬᠤ ᠠᠷᠭ᠎ᠠ ᠶᠢ ᠠᠮᠵᠢᠯᠳᠠᠳᠠᠢ ᠶᠠᠪᠤᠭᠳᠠᠭᠤᠯᠬᠤ ᠳᠤ ᠳᠤᠳᠠᠭᠳᠠᠵᠤ ᠪᠤᠯᠬᠤ ᠦᠭᠡᠢ ᠬᠦᠴᠦᠨ ᠵᠦᠢᠯ ᠪᠤᠯᠵᠦ ᠪᠠᠶᠢᠳᠠᠭ᠃      ᠭᠤᠷᠪᠠ᠂ ︽ᠣᠷᠤᠯᠳᠤᠯᠭ᠎ᠠ ᠪᠠᠷ ᠳᠦᠷᠢ ᠪᠦᠲᠦᠭᠡᠬᠦ︾ ᠵᠢᠭᠠᠬᠤ ᠠᠷᠭ᠎ᠠ ᠶᠢ ᠲᠦᠭᠡᠮᠡᠯᠵᠢᠬᠦᠯᠬᠦ ᠠᠷᠭ᠎ᠠ ᠪᠠ ᠠᠩᠬᠠᠷᠬᠤ ᠵᠦᠢᠯ      ᠵᠢᠭᠠᠨ ᠰᠤᠷᠭᠠᠯᠳᠠ ᠶᠢᠨ ᠦᠭᠡᠷᠡᠴᠢᠯᠡᠯᠳᠡ ᠨᠢ ᠴᠠᠭ ᠦᠶ᠎ᠡ ᠶᠢᠨ ᠱᠠᠭᠠᠷᠳᠠᠯᠭ᠎ᠠ ᠳᠤ ᠨᠡᠶᠢᠴᠡᠭᠰᠡᠨ ᠪᠠᠶᠢᠬᠤ ᠶᠢ ᠱᠠᠭᠠᠷᠳᠠᠳᠠᠭ᠃ ᠵᠠᠩᠭᠢᠯᠠᠭ᠎ᠠ ᠶᠢᠨ ᠴᠢᠳᠠᠪᠦᠷᠢ ᠶᠢ ᠪᠦᠷᠢᠯᠳᠦᠭᠦᠯᠦᠭᠰᠡᠨ᠂ ᠵᠦᠪ ᠶᠢᠷᠳᠢᠨᠴᠤ ᠶᠢᠨ ᠦᠵᠡᠯᠳᠡ᠂ ᠠᠮᠢᠳᠦᠷᠠᠬᠤᠢ ᠶᠢᠨ ᠦᠵᠡᠯᠳᠡ᠂ ᠦᠷᠳᠡᠭ ᠤᠨ ᠦᠵᠡᠯᠳᠡ ᠲᠠᠢ ᠰᠤᠷᠤᠭᠴᠢᠳ ᠢ ᠬᠦᠮᠦᠵᠢᠬᠦᠯᠬᠦ ᠳᠤ ᠴᠠᠭ ᠦᠶ᠎ᠡ ᠶᠢᠨ ᠠᠯᠬᠤᠭ᠎ᠠ ᠲᠠᠢ ᠨᠡᠶᠢᠴᠡᠭᠰᠡᠨ ᠵᠢᠭᠠᠬᠤ ᠠᠷᠭ᠎ᠠ ᠭᠡᠷᠡᠭᠳᠠᠢ ᠪᠠᠶᠢᠳᠠᠭ᠃ ᠳᠤᠮᠳᠠᠳᠤ ᠰᠤᠷᠭᠠᠭᠤᠯᠢ ᠶᠢᠨ ᠰᠤᠷᠤᠭᠴᠢᠳ ᠪᠤᠯ ᠶᠠᠭ ᠰᠠᠶᠢᠬᠠᠨ ᠵᠠᠩᠭᠢᠯᠠᠭ᠎ᠠ ᠶᠢᠨ ᠴᠢᠳᠠᠪᠦᠷᠢ ᠶᠢ ᠪᠦᠷᠢᠯᠳᠦᠭᠦᠯᠬᠦ᠂ ᠶᠢᠷᠳᠢᠨᠴᠤ ᠶᠢᠨ ᠦᠵᠡᠯᠳᠡ᠂ ᠦᠷᠳᠡᠭ ᠤᠨ ᠦᠵᠡᠯᠳᠡ᠂ ᠠᠮᠢᠳᠦᠷᠠᠬᠤᠢ ᠶᠢᠨ ᠦᠵᠡᠯᠳᠡ ᠲᠦᠯᠦᠪᠰᠢᠷᠡᠬᠦ ᠵᠠᠩᠬᠢᠯᠠᠭ᠎ᠠ ᠶᠢᠨ ᠨᠠᠰᠤᠨ ᠤ ᠰᠤᠷᠤᠭᠴᠢᠳ ᠶᠤᠮ᠃ ᠡᠨᠡ ᠱᠠᠳᠤ ᠦᠶ᠎ᠡ ᠳᠤ ᠵᠢᠭᠠᠨ ᠰᠤᠷᠭᠠᠯᠳᠠ ᠶᠢᠨ ᠬᠦᠩᠭᠡᠪᠴᠢᠯᠡᠯ ᠠᠴᠠ ᠪᠤᠯᠵᠤ᠂ ᠵᠠᠩᠭᠢᠯᠠᠭ᠎ᠠ ᠶᠢᠨ ᠴᠢᠳᠠᠪᠦᠷᠢ ᠶᠢ ᠪᠦᠷᠢᠯᠳᠦᠭᠦᠯᠬᠦ᠂ ᠰᠤᠷᠤᠭᠴᠢᠳ ᠤᠨ ᠦᠷᠳᠡᠭ ᠤᠨ ᠦᠵᠡᠯᠳᠡ᠂ ᠠᠮᠢᠳᠣᠷᠠᠬᠤᠢ ᠶᠢᠨ ᠦᠵᠡᠯᠳᠡ᠂ ᠶᠢᠷᠳᠢᠨᠴᠤ ᠶᠢᠨ ᠦᠵᠡᠯᠳᠡ ᠶᠢᠨ ᠪᠦᠷᠢᠯᠳᠦᠯ ᠳᠤ ᠨᠠᠵᠠᠭᠠᠢ ᠨᠦᠯᠦᠭᠡ ᠦᠵᠡᠭᠦᠯᠪᠡᠯ ᠨᠠᠰᠤᠨ ᠳᠤᠷᠰᠢᠳᠠ ᠵᠠᠯᠠᠷᠠᠭᠤᠯᠬᠤᠶ᠎ᠠ ᠪᠡᠷᠬᠡ ᠪᠤᠯᠳᠠᠭ᠃ ᠡᠶᠢᠮᠦ ᠠᠴᠠ ᠬᠢᠴᠢᠶᠡᠯ ᠲᠥᠷᠦᠯ ᠤᠨ ᠦᠭᠡᠷᠡᠴᠢᠯᠡᠯᠳᠡ ᠨᠢ ᠤᠯᠠᠮᠵᠢᠯᠠᠯᠳᠤ ᠮᠠᠶ᠋ᠢᠭ ᠤᠨ ᠪᠠᠭᠰᠢ ᠠᠴᠠ ᠮᠡᠳᠡᠯᠭᠡ ᠴᠢᠳᠬᠤᠳᠠᠭ ᠪᠠᠶᠢᠳᠠᠯ ᠢ ᠦᠭᠡᠷᠡᠴᠢᠯᠡᠵᠦ᠂ ᠤᠯᠠᠨ ᠲᠦᠷᠦᠯ ᠤᠨ ᠡᠯᠪᠡᠭ ᠪᠠᠶᠠᠯᠢᠭ ᠠᠭᠤᠯᠭ᠎ᠠ ᠲᠠᠢ ᠬᠢᠴᠢᠶᠡᠯᠯᠡᠭᠡ ᠪᠠᠷ ᠳᠠᠮᠵᠢᠨ ᠰᠤᠷᠤᠭᠴᠢᠳ ᠤᠨ ᠵᠦᠪ ᠶᠢᠷᠳᠢᠨᠴᠦ ᠶᠢᠨ ᠦᠵᠡᠯᠳᠡ ᠶᠢᠨ ᠪᠦᠷᠢᠯᠳᠦᠬᠦ ᠶᠢ ᠠᠬᠢᠭᠤᠯᠬᠤ ᠵᠤᠷᠢᠯᠭ᠎ᠠ ᠪᠠᠨ ᠡᠷᠭᠡᠪᠰᠢ ᠪᠠᠷᠢᠮᠳᠠᠯᠠᠬᠤ ᠭᠡᠷᠡᠭᠳᠠᠢ᠃ ᠪᠢᠳᠡ ᠳᠤᠮᠳᠠᠳᠤ ᠰᠤᠷᠭᠠᠭᠤᠯᠢ ᠶᠢᠨ ᠵᠢᠭᠠᠨ ᠰᠤᠷᠭᠠᠯᠳᠠ ᠳᠤᠮᠳᠠ ︽ᠤᠷᠤᠯᠳᠤᠯᠭ᠎ᠠ ᠪᠠᠷ ᠳᠦᠷᠢ ᠪᠦᠳᠦᠭᠡᠭᠦ︾ ᠵᠢᠭᠠᠬᠤ ᠠᠷᠭ᠎ᠠ ᠶᠢ ᠬᠡᠷᠡᠭᠵᠢᠭᠦᠯᠵᠦ ᠪᠠᠶᠢᠭ᠎ᠠ ᠨᠢ ︽ᠤᠷᠤᠯᠳᠤᠯᠭ᠎ᠠ ᠪᠠᠷ ᠲᠥᠷᠢ ᠪᠦᠳᠥᠭᠡᠬᠦ︾ ᠵᠢᠭᠠᠬᠤ ᠠᠷᠭ᠎ᠠ ᠪᠤᠯ ᠵᠢᠭᠠᠨ ᠰᠤᠷᠭᠠᠯᠲᠠ ᠶᠢᠨ ᠶᠤᠰᠤ ᠵᠦᠢ ᠳᠤ ᠨᠡᠶᠢᠴᠡᠭᠰᠡᠨ᠂ ᠬᠡᠣᠬᠡᠳ ᠤᠨ ᠦᠰᠦᠨ ᠪᠤᠶᠢᠵᠢᠯᠲᠠ ᠶᠢᠨ ᠵᠢᠮ᠎ᠡ ᠬᠠᠣᠯᠢ ᠲᠠᠢ ᠨᠡᠶᠢᠴᠡᠭᠰᠡᠨ᠂ ᠰᠤᠷᠤᠭᠴᠢ ᠶᠢᠨ ᠪᠤᠳᠠᠳᠤ ᠪᠠᠶᠢᠳᠠᠯ ᠳᠤ ᠵᠤᠬᠢᠴᠠᠭᠰᠠᠨ᠂ ᠣᠯᠣᠰ ᠤᠨ ᠬᠢᠴᠢᠶᠡᠯ ᠤᠨ ᠪᠠᠷᠢᠮᠵᠢᠶ᠎ᠠ ᠶᠢᠨ ᠱᠠᠭᠠᠷᠳᠠᠯᠭ᠎ᠠ ᠳᠤ ᠲᠣᠬᠢᠷᠠᠭᠰᠠᠨ᠂ ᠰᠤᠷᠤᠭᠴᠢ ᠶᠢᠨ ᠬᠦᠭᠵᠢᠯᠲᠡ ᠶᠢᠨ ᠭᠤᠣᠯᠯᠠᠭᠴᠢ ᠬᠡᠪ ᠪᠣᠯᠪᠠᠰᠣᠷᠠᠯ ᠢ ᠬᠦᠮᠦᠵᠢᠭᠦᠯᠵᠣ᠂ ᠰᠣᠷᠣᠭᠴᠢ ᠶᠢ ᠪᠦᠬᠦ ᠲᠠᠯ᠎ᠠ ᠪᠠᠷ ᠬᠦᠭᠵᠢᠭᠦᠯᠬᠦ ᠪᠠᠷ ᠤᠷᠢᠳᠠᠯ ᠪᠤᠯᠭᠠᠭᠰᠠᠨ ᠦᠷ᠎ᠡ ᠠᠰᠢᠭᠲᠤ ᠵᠢᠭᠠᠨ ᠰᠤᠷᠭᠠᠯᠲᠠ ᠶᠢᠨ ᠠᠷᠭ᠎ᠠ ᠪᠤᠯᠬᠤ ᠳᠤ ᠤᠷᠤᠰᠢᠨ᠎ᠠ᠃      ᠳᠤᠮᠳᠠᠳᠤ ᠰᠤᠷᠭᠠᠭᠤᠯᠢ ᠶᠢᠨ ᠪᠠᠶᠢᠭᠠᠯᠢ ᠶᠢᠨ ᠰᠢᠨᠵᠢᠯᠡᠭᠡᠨ ᠤ ᠬᠢᠴᠢᠶᠡᠯ ᠲᠦᠷᠦᠯ ᠤᠨ ᠵᠢᠭᠠᠨ ᠰᠤᠷᠭᠠᠯᠳᠠ ᠳᠤᠮᠳᠠ ︽ᠤᠷᠤᠯᠳᠤᠯᠭ᠎ᠠ ᠪᠠᠷ ᠳᠦᠷᠢ ᠪᠦᠳᠦᠭᠡᠭᠦ︾ ᠵᠢᠭᠠᠬᠤ ᠠᠷᠭ᠎ᠠ ᠶᠢ ᠳᠦᠭᠡᠮᠡᠯᠵᠢᠭᠦᠯᠵᠦ ᠬᠡᠷᠡᠭᠵᠢᠭᠦᠯᠬᠦ ᠳᠤ ᠪᠠᠭᠰᠢ ᠨᠠᠷ ᠵᠢᠴᠢ ᠬᠠᠮᠢᠶ᠎ᠠ ᠪᠦᠬᠦᠢ ᠮᠡᠷᠭᠡᠵᠢᠯᠳᠡᠳ ᠠᠴᠠ ᠨᠠᠷᠢᠨ ᠰᠤᠳᠤᠯᠵᠤ᠂ ᠦᠷ᠎ᠡ ᠠᠰᠢᠭ ᠢ ᠳᠠᠰᠤᠷᠠᠯᠳᠠ ᠦᠭᠡᠢ ᠰᠢᠨᠡᠴᠢᠯᠡᠵᠦ᠂ ᠨᠡᠩ ᠤᠯᠠᠨ ᠰᠤᠷᠭᠠᠭᠤᠯᠢ᠂ ᠨᠡᠩ ᠤᠯᠠᠨ ᠪᠠᠭᠰᠢ ᠨᠠᠷ᠂ ᠰᠤᠷᠤᠭᠴᠢᠳ ᠲᠤ ᠳᠠᠨᠢᠭᠤᠯᠬᠤ ᠬᠡᠷᠡᠭᠳᠡᠢ ᠶᠤᠮ᠃      ᠪᠠᠭᠰᠢ ᠨᠠᠷ ᠤᠨ ᠳᠤᠮᠳᠠ ᠳᠤᠭᠳᠠᠭᠰᠠᠨ ᠬᠤᠭᠤᠴᠠᠭ᠎ᠠ ᠲᠠᠢ ︽ᠤᠷᠤᠯᠳᠤᠯᠭ᠎ᠠ ᠪᠠᠷ ᠳᠦᠷᠢ ᠪᠦᠳᠦᠭᠡᠭᠦ︾ ᠵᠢᠭᠠᠬᠤ ᠠᠷᠭ᠎ᠠ ᠶᠢᠨ ᠲᠤᠬᠠᠢ ᠪᠤᠯᠪᠠᠰᠤᠷᠠᠯ ᠡᠷᠬᠢᠯᠡᠨ᠎ᠡ᠃ ︽ᠤᠷᠤᠯᠳᠤᠯᠭ᠎ᠠ ᠪᠠᠷ ᠳᠦᠷᠢ ᠪᠦᠳᠦᠭᠡᠭᠦ︾ ᠵᠢᠭᠠᠬᠤ ᠠᠷᠭ᠎ᠠ ᠶᠢᠨ ᠦᠷ᠎ᠡ ᠠᠰᠢᠭ ᠢ ᠭᠦᠢᠴᠡᠳ ᠪᠠᠳᠠᠷᠠᠭᠤᠯᠤᠶ᠎ᠠ ᠭᠡᠪᠡᠯ᠂ ᠡᠩ ᠲᠡᠷᠢᠬᠦᠨ ᠳᠤ ᠪᠠᠭᠰᠢ ᠨᠠᠷ ᠤᠨ ᠦᠵᠡᠯᠳᠡ ᠳᠠᠨᠢᠯᠳᠠ ᠶᠢ ᠳᠡᠭᠡᠭᠰᠢᠯᠡᠭᠦᠯᠬᠦ ᠪᠤᠯᠪᠠᠰᠤᠷᠠᠯ ᠢ ᠡᠷᠬᠢᠯᠡᠬᠦ ᠨᠢ ᠵᠠᠩᠬᠢᠯᠠᠭ᠎ᠠ ᠪᠤᠯᠬᠤ ᠶᠤᠮ᠃ ᠪᠤᠯᠪᠠᠰᠤᠷᠠᠯ ᠡᠷᠬᠢᠯᠡᠬᠦ ᠳᠤ ᠳᠤᠤᠷᠠᠬᠢ ᠬᠡᠳᠦᠨ ᠳᠠᠯ᠎ᠠ ᠶᠢ ᠠᠩᠬᠠᠷᠬᠤ ᠬᠡᠷᠡᠭᠳᠡᠢ᠃      ᠪᠤᠯᠪᠠᠰᠤᠷᠠᠯ ᠳᠤ ᠤᠷᠤᠯᠴᠠᠵᠤ ᠪᠠᠶᠢᠭ᠎ᠠ ᠪᠠᠭᠰᠢ ᠨᠠᠷ ᠢᠶᠠᠷ ︽ᠤᠷᠤᠯᠳᠤᠯᠭ᠎ᠠ ᠪᠠᠷ ᠳᠦᠷᠢ ᠪᠦᠳᠦᠭᠡᠭᠦ︾ ᠵᠢᠭᠠᠬᠤ ᠠᠷᠭ᠎ᠠ ᠶᠢᠨ ᠳᠤᠬᠠᠢ ᠦᠵᠡᠯᠳᠡ ᠳᠠᠨᠢᠯᠳᠠ ᠶᠢ ᠨᠢ ᠰᠤᠯᠢᠯᠴᠠᠭᠤᠯᠬᠤ ᠶᠢᠨ ᠬᠠᠮᠳᠤ ᠪᠠᠭᠰᠢ ᠨᠠᠷ ᠤᠨ ︽ᠤᠷᠤᠯᠳᠤᠯᠭ᠎ᠠ ᠪᠠᠷ ᠳᠦᠷᠢ ᠪᠦᠳᠦᠭᠡᠭᠦ︾ ᠵᠢᠭᠠᠬᠤ ᠠᠷᠭ᠎ᠠ ᠶᠢᠨ ᠵᠢᠭᠠᠨ ᠰᠤᠷᠭᠠᠬᠤ ᠲᠦᠰᠦᠪ ᠢ ᠳᠡᠯᠭᠡᠨ ᠦᠵᠡᠬᠦᠯᠵᠦ ᠂ ᠠᠳᠠᠯᠢᠳᠬᠠᠯ ᠰᠢᠯᠭᠠᠷᠠᠭᠤᠯᠤᠯᠳᠠ ᠶᠠᠪᠤᠭᠳᠠᠭᠤᠯᠵᠦ ᠪᠤᠯᠤᠨ᠎ᠠ᠃ ᠢᠩᠬᠢᠬᠦ ᠨᠢ ᠬᠠᠷᠢᠯᠴᠠᠨ ᠰᠤᠷᠤᠯᠴᠠᠵᠤ᠂ ᠬᠠᠮᠳᠦ ᠪᠠᠷ ᠳᠡᠭᠡᠭᠰᠢᠯᠡᠬᠦ ᠳᠤ ᠠᠰᠢᠭᠳᠠᠢ ᠶᠤᠮ᠃      ᠡᠯ᠎ᠡ ᠰᠤᠷᠭᠠᠭᠤᠯᠢ ᠨᠤᠭᠤᠳ ᠤᠷᠤᠨ᠂ ᠠᠶᠢᠮᠠᠭ᠂ ᠬᠤᠰᠢᠭᠤᠨ ᠤ ᠬᠤᠯᠪᠤᠭᠳᠠᠯ ᠪᠦᠬᠦᠢ ᠰᠠᠯᠠᠭ᠎ᠠ ᠮᠦᠴᠢᠷ ᠠᠴᠠ ᠡᠷᠬᠢᠯᠡᠭᠰᠡᠨ ᠡᠯ᠎ᠡ ᠲᠡᠰ ᠤᠨ ᠪᠤᠯᠪᠠᠰᠤᠷᠠᠯ ᠳᠤ ᠪᠠᠭᠰᠢ ᠨᠠᠷ ᠢ ᠪᠠᠨ ᠢᠳᠡᠪᠬᠢᠳᠠᠢ ᠤᠷᠤᠯᠴᠠᠭᠤᠯᠵᠦ᠂ ᠰᠢᠨ᠎ᠡ ᠪᠠᠶᠢᠳᠠᠯ᠂ ᠰᠢᠨ᠎ᠡ ᠠᠷᠭ᠎ᠠ ᠶᠢ ᠴᠠᠭ ᠲᠤᠬᠠᠢ ᠳᠤ ᠨᠢ ᠡᠵᠡᠮᠰᠢᠵᠦ᠂ ᠰᠢᠨ᠎ᠡ ᠪᠠᠶᠢᠳᠠᠯ ᠳᠤ ᠦᠳᠳᠠᠷ ᠲᠦᠷᠬᠡᠨ ᠲᠠᠳᠬᠠᠯᠵᠢᠬᠤ ᠳᠤ ᠨᠢ ᠨᠦᠬᠦᠴᠡᠯ ᠪᠤᠯᠤᠮᠵᠢ ᠶᠢ ᠬᠦᠢᠴᠡᠳ ᠬᠠᠩᠭᠠᠬᠤ ᠴᠢᠬᠤᠯᠠ ᠲᠠᠢ ᠪᠠᠶᠢᠨ᠎ᠠ᠃      ︽ᠣᠷᠤᠯᠳᠤᠯᠭ᠎ᠠ ᠪᠠᠷ ᠳᠦᠷᠢ ᠪᠦᠲᠦᠭᠡᠬᠦ︾ ᠵᠢᠭᠠᠬᠤ ᠠᠷᠭ᠎ᠠ ᠨᠢ ᠤᠳᠤᠬᠠᠨ ᠤ ᠵᠢᠭᠠᠨ ᠰᠤᠷᠭᠠᠯᠳᠠ ᠶᠢᠨ ᠴᠢᠬᠤᠯᠠ ᠨᠢᠭᠡᠨ ᠬᠠᠨᠳᠤᠰᠢ ᠪᠤᠯᠵᠤ᠂ ᠪᠠᠭᠰᠢ ᠰᠤᠷᠤᠭᠴᠢᠳ ᠤᠨ ᠳᠤᠮᠳᠠ ᠦᠷᠭᠡᠨ ᠬᠡᠷᠡᠭᠯᠡᠭᠳᠡᠬᠦ ᠪᠠᠶᠢᠳᠠᠯ ᠲᠠᠢ ᠪᠤᠯᠤᠭᠰᠠᠨ ᠶᠤᠮ᠃ ᠪᠠᠭᠰᠢ ᠰᠤᠷᠤᠭᠴᠢᠳ ᠡᠳᠦᠷ ᠠᠴᠠ ᠡᠳᠦᠷ ︽ᠣᠷᠤᠯᠳᠤᠯᠭ᠎ᠠ ᠪᠠᠷ ᠳᠦᠷᠢ ᠪᠦᠲᠦᠭᠡᠬᠦ︾ ᠵᠢᠭᠠᠬᠤ ᠠᠷᠭ᠎ᠠ ᠶᠢᠨ ᠠᠴᠢ ᠬᠤᠯᠪᠤᠭᠳᠠᠯ ᠢ ᠳᠠᠨᠢᠵᠤ᠂ ᠡᠬᠢᠯᠡᠨ ᠬᠡᠷᠡᠭᠵᠢᠭᠦᠯᠵᠦ ᠪᠠᠶᠢᠭ᠎ᠠ ᠨᠢ ᠵᠢᠭᠠᠨ ᠰᠤᠷᠭᠠᠯᠳᠠ ᠶᠢᠨ ᠬᠦᠭᠵᠢᠯᠳᠡ ᠭᠡᠵᠦ ᠦᠵᠡᠵᠦ ᠪᠤᠯᠤᠨ᠎ᠠ᠃ ᠪᠠᠶᠢᠭᠠᠯᠢ ᠶᠢᠨ ᠰᠢᠨᠵᠢᠯᠡᠭᠡᠨ ᠤ ᠬᠢᠴᠢᠶᠡᠯ ᠨᠢ ᠳᠤᠮᠳᠠᠳᠤ ᠰᠤᠷᠭᠠᠭᠤᠯᠢ ᠶᠢᠨ ᠱᠠᠳᠤᠨ ᠳᠤ ᠠᠪᠴᠤ ᠬᠡᠯᠡᠪᠡᠯ ᠭᠤᠤᠯᠳᠠᠯᠭᠠᠳᠤ ᠬᠢᠴᠢᠶᠡᠯ ᠪᠣᠯᠬᠤ ᠪᠦᠭᠡᠳ ᠬᠦᠴᠢᠷᠳᠡᠯᠭᠡ ᠲᠠᠢ ᠬᠢᠴᠢᠶᠡᠯ ᠳᠤ ᠪᠠᠭᠳᠠᠳᠠᠭ᠃ ᠡᠶᠢᠮᠦ ᠪᠠᠶᠢᠳᠠᠯ ᠳᠤᠤᠷ᠎ᠠ ᠪᠠᠶᠢᠭᠠᠯᠢ ᠶᠢᠨ ᠰᠢᠨᠵᠢᠯᠡᠭᠡᠨ ᠤ ᠵᠢᠭᠠᠨ ᠰᠤᠷᠭᠠᠯᠳᠠ ᠳᠤᠮᠳᠠ ︽ᠣᠷᠤᠯᠳᠤᠯᠭ᠎ᠠ ᠪᠠᠷ ᠳᠦᠷᠢ ᠪᠦᠲᠦᠭᠡᠬᠦ︾ ᠵᠢᠭᠠᠬᠤ ᠠᠷᠭ᠎ᠠ ᠶᠢ ᠲᠦᠬᠡᠮᠡᠯᠵᠢᠬᠦᠯᠬᠦ ᠨᠢ ᠳᠤᠮᠳᠠᠳᠤ ᠰᠤᠷᠭᠠᠭᠤᠯᠢ ᠶᠢᠨ ᠪᠠᠶᠢᠭᠠᠯᠢ ᠶᠢᠨ ᠰᠢᠨᠵᠢᠯᠡᠭᠡᠨ ᠤ ᠬᠢᠴᠢᠶᠡᠯ ᠲᠦᠷᠦᠯ ᠤᠨ ᠵᠢᠭᠠᠨ ᠰᠤᠷᠭᠠᠯᠳᠠ ᠶᠢᠨ ᠠᠮᠵᠢᠯᠳᠠ ᠤᠯᠬᠤ ᠳᠤ ᠳᠤᠳᠠᠭᠳᠠᠵᠤ ᠪᠤᠯᠤᠰᠢ ᠦᠭᠡᠢ ᠶᠤᠮ᠃      ᠤᠳᠤᠬᠠᠨ ᠳᠤ ᠵᠠᠷᠢᠮ ᠪᠠᠭᠰᠢ ᠨᠠᠷ ︽ᠣᠷᠤᠯᠳᠤᠯᠭ᠎ᠠ ᠪᠠᠷ ᠳᠦᠷᠢ ᠪᠦᠲᠦᠭᠡᠬᠦ︾ ᠵᠢᠭᠠᠬᠤ ᠠᠷᠭ᠎ᠠ ᠶᠢ ᠭᠦᠢᠴᠡᠳ ᠡᠵᠡᠮᠰᠢᠵᠦ ᠴᠢᠳᠠᠭ᠎ᠠ ᠦᠭᠡᠢ ᠪᠤᠯᠬᠤᠷ ︽ᠣᠷᠤᠯᠳᠤᠯᠭ᠎ᠠ ᠪᠠᠷ ᠳᠦᠷᠢ ᠪᠦᠲᠦᠭᠡᠬᠦ︾ ᠵᠢᠭᠠᠬᠤ ᠠᠷᠭ᠎ᠠ ᠶᠢ ᠢᠯᠭᠤᠮ ᠤᠷᠤᠭᠰᠢᠳᠠᠢ ᠶᠠᠪᠤᠭᠳᠠᠭᠤᠯᠵᠤ ᠴᠢᠳᠠᠭ᠎ᠠ ᠦᠭᠡᠢ ᠪᠠᠶᠢᠭ᠎ᠠ ᠶᠤᠮ᠃ ᠡᠶᠢᠮᠦ ᠪᠠᠶᠢᠳᠠᠯ ᠳᠤᠤᠷ᠎ᠠ ᠰᠤᠷᠭᠠᠭᠤᠯᠢ ᠪᠠ ᠬᠠᠮᠢᠶ᠎ᠠ ᠪᠦᠬᠦᠢ ᠰᠠᠯᠠᠭ᠎ᠠ ᠮᠦᠴᠢᠷ ᠨᠢ ᠪᠠᠶᠢᠭᠠᠯᠢ ᠶᠢᠨ ᠬᠢᠴᠢᠶᠡᠯ ᠲᠥᠷᠦᠯ ᠤᠨ ᠪᠠᠭᠰᠢ ᠨᠠᠷ ᠲᠤ ᠬᠠᠨᠳᠤᠭᠤᠯᠤᠨ ︽ᠣᠷᠤᠯᠳᠤᠯᠭ᠎ᠠ ᠪᠠᠷ ᠳᠦᠷᠢ ᠪᠦᠲᠦᠭᠡᠬᠦ︾ ᠵᠢᠭᠠᠬᠤ ᠠᠷᠭ᠎ᠠ ᠶᠢᠨ ᠲᠤᠬᠠᠢ ᠪᠤᠯᠪᠠᠰᠤᠷᠠᠯ ᠤᠨ ᠠᠩᠬᠢ ᠡᠷᠬᠢᠯᠡᠵᠦ᠂ ᠳᠡᠳᠡᠨ ᠤ ︽ᠣᠷᠤᠯᠳᠤᠯᠭ᠎ᠠ ᠪᠠᠷ ᠳᠦᠷᠢ ᠪᠦᠲᠦᠭᠡᠬᠦ︾ ᠵᠢᠭᠠᠬᠤ ᠠᠷᠭ᠎ᠠ ᠶᠢᠨ ᠳᠤᠬᠠᠢ ᠦᠵᠡᠯᠳᠡ ᠳᠠᠨᠢᠯᠳᠠ ᠶᠢ ᠳᠡᠭᠡᠭᠰᠢᠯᠡᠭᠦᠯᠬᠦ ᠬᠡᠷᠡᠭᠳᠡᠢ ᠪᠦᠭᠡᠳ ᠴᠢᠳᠠᠪᠤᠷᠢ ᠶᠢᠨ ᠪᠤᠯᠪᠠᠰᠤᠷᠠᠯ ᠬᠦᠷᠳᠡᠭᠡᠬᠦ ᠬᠡᠷᠡᠭᠳᠡᠢ ᠶᠤᠮ᠃ ᠮᠦᠨ ᠰᠤᠷᠤᠭᠴᠢᠳ ᠤᠨ ᠢᠳᠡᠪᠬᠢᠵᠢᠯ᠂ ᠤᠷᠮ᠎ᠠ ᠪᠠᠬ᠎ᠠ ᠶᠢ ᠳᠠᠶᠢᠴᠢᠯᠠᠬᠤ ᠠᠵᠢᠯ ᠢ ᠦᠷᠭᠦᠯᠵᠢᠯᠡᠨ ᠬᠢᠵᠦ᠂ ᠰᠤᠷᠤᠭᠴᠢ ᠪᠠᠷ ᠭᠤᠤᠯ ᠴᠣᠭᠴᠠ ᠪᠤᠯᠭᠠᠬᠤ ᠵᠢᠭᠠᠨ ᠰᠤᠷᠭᠠᠯᠳᠠ ᠶᠢᠨ ᠦᠵᠡᠯᠳᠡ ᠪᠠᠨ ᠪᠠᠷᠢᠮᠳᠠᠯᠠᠬᠤ ᠬᠡᠷᠡᠭᠳᠡᠢ᠃ ᠡᠯ᠎ᠡ ᠰᠤᠷᠭᠠᠭᠤᠯᠢ ᠶᠢᠨ ᠨᠦᠬᠦᠴᠡᠯ ᠪᠠᠶᠢᠳᠠᠯ ᠠᠳᠠᠯᠢ ᠦᠭᠡᠢ ᠠᠴᠠ ᠪᠤᠯᠵᠤ᠂ ︽ᠣᠷᠤᠯᠳᠤᠯᠭ᠎ᠠ ᠪᠠᠷ ᠳᠦᠷᠢ ᠪᠦᠲᠦᠭᠡᠬᠦ︾ ᠵᠢᠭᠠᠬᠤ ᠠᠷᠭ᠎ᠠ ᠶᠢ ᠬᠡᠷᠡᠭᠵᠢᠭᠦᠯᠬᠦ ᠪᠠᠶᠢᠳᠠᠯ ᠴᠦ ᠠᠳᠠᠯᠢ ᠦᠭᠡᠢ ᠪᠠᠶᠢᠳᠠᠭ᠃ ᠡᠭᠦᠨ ᠳᠤ ᠳᠤᠯᠭᠠᠷᠠᠬᠤ ᠠᠰᠠᠭᠤᠳᠠᠯ ᠴᠦ ᠠᠳᠠᠯᠢ ᠦᠭᠡᠢ ᠪᠠᠶᠢᠵᠤ᠂ ᠡᠯ᠎ᠡ ᠰᠤᠷᠭᠠᠭᠤᠯᠢ ᠨᠢ ᠦᠪᠡᠷ ᠦᠪᠡᠷ ᠤᠨ ᠤᠨᠴᠠᠯᠢᠭ ᠲᠤ ᠪᠠᠨ ᠳᠤᠬᠢᠷᠠᠭᠰᠠᠨ ᠠᠷᠭ᠎ᠠ ᠬᠡᠮᠵᠢᠶ᠎ᠡ ᠶᠢ ᠠᠪᠬᠤ ᠬᠡᠷᠡᠭᠳᠡᠢ ᠶᠤᠮ᠃ ︽ᠬᠠᠭᠤᠴᠢᠨ ᠨᠢ ᠤᠯᠠ᠂ ᠰᠢᠨ᠎ᠡ ᠨᠢ ᠵᠤᠯᠠ︾ ᠪᠣᠯᠤᠭᠰᠠᠨ ᠲᠦᠷᠭᠡᠨ ᠬᠥᠭᠵᠢᠯᠲᠡ ᠶᠢᠨ ᠴᠠᠭ ᠦᠶ᠎ᠡ ᠳᠤ᠂ ᠮᠡᠳᠡᠯᠭᠡ ᠮᠡᠷᠭᠡᠰᠢᠯ ᠤᠨ ᠬᠠᠭᠤᠴᠢᠷᠠᠯ ᠪᠠ ᠬᠠᠶᠠᠭᠳᠠᠯ ᠨᠢ ᠬᠥᠮᠦᠨ ᠲᠦᠷᠥᠯᠬᠢᠳᠡᠨ ᠳᠤ ᠶᠠᠭᠠᠬᠢᠬᠤ ᠶᠢᠨ ᠠᠷᠭ᠎ᠠ ᠦᠭᠡᠢ ᠥᠷᠢᠰᠦᠯᠳᠦᠭᠡᠨ ᠢ ᠠᠪᠴᠢᠷᠠᠬᠤ ᠬᠡᠮᠵᠢᠶᠡᠨ ᠳᠤ ᠬᠦᠷᠴᠠᠢ᠃ ︽ᠮᠡᠳᠡᠯᠭᠡ ᠪᠣᠯ ᠬᠦᠴᠦᠨ︾ ᠭᠡᠬᠦ ᠠᠴᠠ ︽ᠪᠦᠯᠬᠦᠮᠳᠡᠯ ᠪᠣᠯ ᠬᠦᠴᠦᠨ︾ ᠭᠡᠬᠦ ᠶᠢ ᠡᠷᠬᠢᠮᠯᠡᠬᠦ ᠨᠢ ᠨᠡᠩ ᠴᠢᠬᠤᠯᠠ ᠪᠣᠯᠵᠠᠢ᠃ ᠡᠶᠢᠨᠬᠦ ︽ᠬᠤᠷᠳᠤᠨ ᠶᠠᠪᠤᠶ᠎ᠠ ᠭᠡᠪᠡᠯ ᠭᠠᠭᠴᠠᠭᠠᠷ ᠶᠠᠪᠤ᠂ ᠬᠤᠯᠠ ᠶᠠᠪᠤᠶ᠎ᠠ ᠭᠡᠪᠡᠯ ᠬᠠᠮᠳᠤ ᠪᠠᠷ ᠶᠠᠪᠤ︾ ᠭᠡᠳᠡᠭᠴᠢᠯᠡᠨ ᠬᠡᠷᠡᠭ ᠪᠣᠳᠠᠰ ᠤᠨ ᠲᠠᠨᠢᠯᠲᠠ ᠶᠢᠨ ᠲᠦᠪᠰᠢᠨ ᠢ ᠬᠦᠨᠵᠡᠬᠡᠶᠢᠷᠡᠬᠦᠯᠦᠨ ᠪᠠᠳᠤᠳᠬᠠᠬᠤ ᠬᠠᠮᠤᠭ ᠤᠨ ᠰᠠᠶᠢᠨ ᠠᠷᠭ᠎ᠠ ᠪᠣᠯ ᠬᠠᠮᠳᠤ ᠪᠠᠷ ᠪᠦᠯᠭᠦᠮᠳᠡᠬᠦ ᠠᠵᠢᠯᠯᠠᠭᠠᠨ ᠶᠤᠮ᠃ ᠪᠢᠳᠠ ᠤᠯᠠᠨ ᠪᠦᠬᠦᠳᠡᠭᠡᠷ ᠪᠦᠯᠬᠦᠮᠳᠡᠨ ᠨᠢᠭᠡᠳᠴᠦ᠂ ᠵᠢᠭᠠᠨ ᠰᠤᠷᠭᠠᠯᠳᠠ ᠶᠢᠨ ᠠᠵᠢᠯ ᠢᠶᠠᠨ ᠠᠬᠢᠨ ᠨᠢᠭᠡ ᠦᠨᠳᠦᠷ ᠲᠦᠪᠰᠢᠨ ᠳᠤ ᠬᠦᠷᠭᠡᠬᠦ ᠪᠠᠷ ᠴᠢᠷᠮᠠᠶᠢᠵᠠᠭᠠᠶ᠎ᠠ᠃      ᠬᠠᠶ᠋ᠢᠬ᠄ ᠦᠪᠤᠷ ᠮᠤᠩᠭᠤᠯ ᠤᠨ ᠦᠪᠠᠷᠳᠡᠭᠡᠨ ᠵᠠᠰᠠᠬᠤ ᠤᠷᠤᠨ ᠤ ᠵᠢᠭᠠᠬᠤ ᠶᠢ ᠰᠤᠳᠤᠯᠬᠤ ᠲᠠᠰᠤᠬ                     2018 ᠣᠨ ᠤ 8 ᠳ᠋ᠤᠭᠠᠷ ᠬᠤᠭᠤᠴᠠᠭ᠎ᠠ
 
ᠢᠷᠡᠯᠲᠡ᠄ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠤᠷᠭᠠᠨ ᠬᠦᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map