ᠪᠠᠭ᠎ᠠ ᠰᠣᠷᠭᠠᠭᠤᠯᠢ ᠶᠢᠨ ᠲᠣᠭᠠᠨ ᠤ ᠣᠬᠠᠭᠠᠨ ᠤ ︽ᠭᠤᠷᠪᠠᠨ ᠠᠯᠬᠤᠮᠳᠣ ᠵᠢᠭᠠᠬᠤ ᠠᠷᠭ᠎ᠠ︾ ᠪᠠᠷ ᠬᠢᠴᠢᠶᠡᠯᠯᠡᠬᠦ ᠪᠣᠳᠠᠳᠣ ᠠᠷᠭ᠎ᠠ ᠪᠠᠷᠢᠯ ᠤᠨ ᠲᠣᠷᠰᠢᠯᠭ᠎ᠠ ᠬᠤᠷᠠᠮᠳᠣᠭᠤᠯᠣᠯ
ᠨᠡᠶᠢᠲᠡᠯᠡᠭᠰᠡᠨ ᠴᠠᠭ᠄
2019/1/11
                                                       ᠪᠠᠢ ᠶᠢᠨ ᠬᠤᠸ᠋ᠨ      ᠪᠠᠭ᠎ᠠ ᠰᠣᠷᠭᠠᠭᠤᠯᠢ ᠶᠢᠨ ᠲᠣᠭᠠᠨ ᠤ ᠣᠬᠠᠭᠠᠨ ᠤ ︽ᠭᠤᠷᠪᠠᠨ ᠠᠯᠬᠤᠮᠳᠣ ᠵᠢᠭᠠᠬᠤ ᠠᠷᠭ᠎ᠠ︾ ᠶᠢ ᠲᠣᠷᠰᠢᠭᠰᠠᠨ ᠬᠤᠶᠠᠷ ᠵᠢᠯ ᠤᠨ ᠲᠣᠷᠰᠢᠳᠡ ᠨᠡᠶᠢᠳᠡ 400 ᠢᠯᠡᠭᠦᠣ ᠬᠢᠴᠢᠶᠡᠯᠯᠡᠭᠡ ᠶᠢᠨ ᠪᠣᠳᠠᠳᠣ ᠲᠣᠷᠰᠢᠯᠳᠡ᠂ ᠰᠣᠳᠣᠯᠭᠠᠨ ᠢᠶᠠᠷ ᠲᠠᠮᠵᠢᠨ ᠨᠢᠭᠡᠨ ᠨᠡᠯᠢᠶᠡᠳ ᠰᠢᠰᠲ᠋ᠧᠮᠴᠢᠯᠡᠭᠰᠡᠨ ᠮᠦᠷᠳᠡᠭᠡᠨ ᠨᠢᠳᠣᠨ ᠳᠤ ᠦᠵᠡᠭᠳᠡᠵᠦ ᠭᠠᠷ ᠲᠤ ᠪᠠᠷᠢᠭᠳᠠᠬᠤ ᠪᠣᠳᠠᠳᠠᠢ ᠠᠷᠭ᠎ᠠ ᠪᠠᠷᠢᠯ ᠪᠣᠯᠭᠠᠨ ᠬᠤᠷᠢᠶᠠᠩᠭᠤᠶᠢᠯᠠᠭᠰᠠᠨ ᠲᠣᠯᠠᠳᠠ ᠡ᠊ᠨᠳᠡ ᠬᠤᠷᠠᠮᠳᠣᠭᠤᠯᠣᠭᠰᠠᠨ ᠠᠷᠭ᠎ᠠ ᠲᠣᠷᠰᠢᠯᠭ᠎ᠠ ᠪᠠᠨ ᠮᠥᠴᠢᠳ ᠳ᠋ᠥᠡᠭᠨᠡᠨ᠂ ︽ᠭᠤᠷᠪᠠᠨ ᠠᠯᠬᠤᠮᠳᠣ ᠵᠢᠭᠠᠬᠤ ᠠᠷᠭ᠎ᠠ︾ ᠶᠢ ᠦᠷᠭᠦᠯᠵᠢᠯᠡᠨ ᠰᠦᠪᠡᠭᠴᠢᠯᠡᠬᠦ ᠳᠤ ᠯᠠᠪᠯᠠᠯᠳᠠ ᠪᠣᠯᠭᠠᠬᠤ ᠶᠢ ᠵᠣᠷᠢᠪᠠ︕      ᠨᠢᠭᠡ᠂ ︽ᠭᠤᠷᠪᠠᠨ ᠠᠯᠬᠤᠮᠳᠣ ᠵᠢᠭᠠᠬᠤ ᠠᠷᠭ᠎ᠠ︾ ᠪᠠᠷ ᠬᠢᠴᠢᠶᠡᠯᠯᠡᠬᠦ ᠶᠠᠪᠣᠴᠠ ᠶᠢᠨ ᠬᠤᠷᠢᠶᠠᠩᠭᠤᠶᠢᠯᠠᠯ      ︽ᠭᠤᠷᠪᠠᠨ ᠠᠯᠬᠤᠮᠳᠣ ᠵᠢᠭᠠᠬᠤ ᠠᠷᠭ᠎ᠠ︾ ᠶᠢᠨ ᠬᠢᠴᠢᠶᠡᠯᠯᠡᠬᠦ ᠶᠠᠪᠣᠴᠠ ᠶᠢ ᠵᠠᠭᠪᠣᠷᠴᠢᠯᠠᠪᠠᠯ᠄ ᠣᠷᠢᠳ ᠢᠶᠠᠷ ᠣᠷᠣᠯᠳᠣᠭᠤᠯᠵᠣ᠂ ᠣᠷᠣᠯᠳᠣᠭᠰᠡᠨ ᠰᠡᠳᠬᠢᠮᠵᠢ ᠶᠢ ᠶᠢ ᠶᠠᠷᠢᠭᠤᠯᠣᠨ᠎ᠠ︔ ᠲᠠᠷᠠᠭ᠎ᠠ ᠨᠢ ᠵᠢᠷᠣᠭᠤᠯᠵᠣ᠂ ᠵᠢᠷᠣᠭᠰᠡᠨ ᠰᠡᠳᠬᠢᠮᠵᠢ ᠶᠢ ᠨᠢ ᠶᠠᠷᠢᠭᠤᠯᠣᠨ᠎ᠠ︔ ᠲᠠᠷᠠᠭ᠎ᠠ ᠨᠢ ᠪᠣᠳᠣᠭᠤᠯᠵᠣ᠂ ᠪᠣᠳᠣᠭᠰᠡᠨ ᠰᠡᠳᠬᠢᠮᠵᠢ ᠶᠢ ᠨᠢ ᠶᠠᠷᠢᠭᠤᠯᠣᠨ᠎ᠠ︔ ᠬᠠᠮᠤᠭ ᠰᠡᠭᠦᠯ ᠳᠤ ᠲᠣᠰ ᠡᠳᠦᠷ ᠤᠨ ᠰᠣᠷᠣᠭᠰᠡᠨ ᠮᠡᠳᠡᠯᠭᠡ ᠪᠠᠨ ᠠᠰᠢᠭᠯᠠᠨ ᠠᠰᠠᠭᠤᠳᠠᠯ ᠢ ᠰᠢᠢᠳᠪᠦᠷᠢᠯᠡᠬᠦ ᠪᠠᠳᠣᠳᠬᠠᠯ ᠪᠣᠯᠪᠠᠰᠣᠷᠠᠯ ᠬᠢᠨ᠎ᠡ᠃      ᠬᠤᠶᠠᠷ᠂ ︽ᠭᠤᠷᠪᠠᠨ ᠠᠯᠬᠤᠮᠳᠣ ᠵᠢᠭᠠᠬᠤ ᠠᠷᠭ᠎ᠠ︾ ᠪᠠᠷ ᠬᠢᠴᠢᠶᠡᠯ ᠪᠡᠯᠡᠳᠭᠡᠬᠦ ᠪᠣᠶᠣ ᠬᠢᠴᠢᠶᠡᠯᠯᠡᠬᠦ ᠶᠠᠪᠣᠴᠠ ᠳᠤ ᠬᠢ ᠠᠩᠬᠠᠷᠬᠤ ᠴᠢᠬᠤᠯᠠᠳᠠᠢ ᠵᠦᠢᠯᠡᠰ      ᠲᠣᠷᠰᠢᠯᠳᠡ ᠪᠠᠷ ᠲᠠᠮᠵᠢᠨ ︽ᠭᠤᠷᠪᠠᠨ ᠠᠯᠬᠤᠮᠳᠣ ᠵᠢᠭᠠᠬᠤ ᠠᠷᠭ᠎ᠠ︾ ᠪᠠᠷ ᠬᠢᠴᠢᠶᠡᠯᠯᠡᠬᠦ ᠳᠤ ᠲᠠᠷᠠᠭᠠᠬᠢ ᠲᠣᠯᠣᠭᠠᠨ ᠲᠠᠯ᠎ᠠ ᠶᠢ ᠠᠩᠬᠠᠷᠬᠤ ᠴᠢᠬᠤᠯᠠᠳᠠᠢ ᠪᠠᠶᠢᠨ᠎ᠠ᠃      1. ᠶᠡᠷᠦ ᠶᠢᠨ ᠪᠠᠶᠢᠳᠠᠯ ᠲᠣᠣᠷ᠎ᠡ ᠬᠢᠴᠢᠶᠡᠯ ᠤᠨ ᠪᠢᠴᠢᠭ ᠲᠤ ᠬᠢ ᠰᠢᠨ᠎ᠡ ᠰᠣᠷᠬᠤ ᠠᠭᠤᠯᠭ᠎ᠠ ᠶᠢ ᠰᠣᠷᠣᠭᠴᠢᠳ ᠢᠶᠠᠷ ᠣᠷᠢᠳᠴᠢᠯᠠᠵᠣ ᠲᠠᠪᠳᠠᠭᠤᠯᠬᠤ ᠴᠢᠬᠤᠯᠠ ᠦᠭᠡᠢ᠃ ᠣᠴᠢᠷ ᠨᠢ ︽ᠭᠤᠷᠪᠠᠨ ᠠᠯᠬᠤᠮᠳᠣ ᠵᠢᠭᠠᠬᠤ ᠠᠷᠭ᠎ᠠ︾ ᠶᠢᠨ ᠭᠤᠣᠯᠯᠠᠭᠴᠢ ᠦᠵᠡᠯ ᠰᠠᠨᠠᠭ᠎ᠠ ᠪᠣᠯ ︽ᠬᠡᠯᠡᠵᠦ ᠰᠣᠷᠭᠠᠬᠤ ᠪᠠᠷ ᠬᠢᠯᠭᠡᠵᠦ ᠰᠣᠷᠭᠠᠬᠤ︾ ᠲᠣᠯᠠ ᠰᠢᠨ᠎ᠡ ᠰᠣᠷᠬᠤ ᠮᠡᠳᠡᠯᠭᠡ ᠶᠢ ᠰᠣᠷᠣᠭᠴᠢᠳ ᠦᠪᠡᠷᠳᠡᠭᠡᠨ ᠣᠷᠣᠯᠳᠣᠨ ᠰᠦᠪᠡᠭᠴᠢᠯᠡᠵᠦ ᠰᠣᠷᠣᠯᠴᠠᠬᠤ ᠴᠢᠬᠤᠯᠠᠳᠠᠢ︔ ᠬᠡᠷᠪᠡ ᠬᠢᠴᠢᠶᠡᠯ ᠤᠨ ᠪᠢᠴᠢᠭ ᠤᠨ ᠠᠭᠤᠯᠭ᠎ᠠ ᠶᠢ ᠣᠷᠢᠳᠴᠢᠯᠠᠵᠣ ᠲᠠᠪᠳᠠᠪᠠᠯ ᠰᠣᠷᠣᠭᠴᠢᠳ ᠤᠨ ᠰᠡᠳᠬᠢᠬᠦᠢ ᠨᠢ ᠬᠢᠴᠢᠶᠡᠯ ᠤᠨ ᠪᠢᠴᠢᠭ ᠲᠤ ᠢᠯᠡᠷᠡᠭᠰᠡᠨ ᠠᠷᠭ᠎ᠠ ᠳᠤ ᠯᠠ ᠬᠦᠯᠢᠶᠡᠰᠦᠯᠡᠭᠳᠡᠬᠦ ᠪᠣᠯᠣᠨ᠎ᠠ︔ ᠭᠡᠳᠡᠯ᠎ᠡ ᠲᠣᠭᠠᠨ ᠤ ᠣᠬᠠᠭᠠᠨ ᠤ ᠰᠣᠷᠣᠯᠴᠠᠯᠭ᠎ᠠ ᠪᠣᠯ ᠨᠢᠭᠡᠨ ᠰᠡᠳᠬᠢᠬᠦᠢ ᠶᠢᠨ ᠪᠣᠯᠪᠠᠰᠣᠷᠠᠯ ᠪᠠᠶᠢᠵᠣ᠂ ᠰᠡᠳᠬᠢᠬᠦᠢ ᠶᠢᠨ ᠪᠣᠯᠪᠠᠰᠣᠷᠠᠯ ᠨᠢ ᠮᠡᠳᠡᠯᠭᠡ ᠰᠣᠷᠣᠯᠴᠠᠬᠤ ᠠᠴᠠ ᠨᠠᠩ ᠴᠢᠬᠤᠯᠠ ᠪᠣᠯᠬᠤ ᠣᠴᠢᠷ ᠠᠴᠠ ᠪᠢᠳᠡ ᠰᠣᠷᠣᠯᠴᠠᠬᠤ ᠠᠭᠤᠯᠭ᠎ᠠ ᠶᠢ ᠴᠢᠯᠦᠭᠡᠳᠠᠢ ᠦᠭᠴᠦ ᠰᠡᠳᠬᠢᠨ ᠣᠷᠣᠯᠳᠣᠭᠤᠯᠬᠤ ᠨᠢ ᠴᠢᠬᠤᠯᠠ ᠠᠴᠠ ᠴᠢᠬᠤᠯᠠ ᠶᠣᠮ᠃      2. ᠵᠢᠭᠠᠬᠤ ᠮᠠᠲ᠋ᠧᠷᠢᠶᠠᠯ ᠳᠤ ᠬᠢ ᠵᠢᠱᠢᠶ᠎ᠡ ᠰᠡᠳᠦᠪ ᠢ ᠠᠮᠢᠳᠣᠯᠢᠭ ᠪᠦᠳᠦᠭᠡᠯᠴᠢ ᠪᠠᠷ ᠠᠰᠢᠭᠯᠠᠨ᠂ ᠵᠢᠱᠢᠶ᠎ᠡ ᠰᠡᠳᠦᠪ ᠢᠶᠠᠨ ᠰᠣᠷᠣᠭᠴᠢᠳ ᠤᠨ ᠰᠠᠶᠢᠨ ᠮᠡᠳᠡᠳᠡᠭ ᠠᠮᠢᠳᠣᠷᠠᠯ ᠤᠨ ᠲᠣᠷᠰᠢᠯᠭ᠎ᠠ ᠲᠠᠢ ᠣᠶᠠᠯᠳᠣᠭᠤᠯᠣᠨ ᠨᠠᠶᠢᠷᠠᠭᠤᠯᠵᠣ᠂ ᠰᠣᠷᠣᠭᠴᠢ ᠶᠢᠨ ᠣᠷᠮ᠎ᠡ ᠪᠠᠬ᠎ᠠ ᠶᠢ ᠲᠠᠳᠠᠭᠰᠠᠨ ᠮᠦᠷᠳᠡᠭᠡᠨ ᠲᠣᠪᠴᠢ ᠣᠶᠢᠯᠠᠭᠠᠮᠵᠢᠳᠠᠢ ᠪᠠᠶᠢᠬᠤ ᠶᠢ ᠠᠩᠬᠠᠷᠬᠤ ᠬᠡᠷᠡᠭᠳᠡᠢ᠃      3. ᠰᠢᠨ᠎ᠡ ᠰᠣᠷᠬᠤ ᠮᠡᠳᠡᠯᠭᠡ ︵ᠵᠢᠱᠢᠶ᠎ᠡ ᠰᠡᠳᠦᠪ︶ ᠶᠢ ᠡᠷᠬᠡᠪᠰᠢ ᠰᠣᠷᠣᠭᠴᠢ ᠪᠠᠷ ᠪᠡᠶᠡᠴᠢᠯᠡᠨ ᠣᠷᠣᠯᠳᠣᠭᠤᠯᠵᠣ᠂ ᠵᠢᠷᠣᠭᠴᠢᠯᠠᠬᠤ ᠪᠠ ᠪᠣᠳᠣᠭᠤᠯᠣᠨ ᠰᠦᠪᠡᠭᠴᠢᠯᠡᠭᠦᠯᠬᠦ ᠴᠠᠭ ᠪᠠ ᠨᠠᠮ ᠰᠡᠯᠡᠭᠦᠣ ᠣᠷᠴᠢᠨ ᠢ ᠬᠦᠷᠦᠯᠴᠡᠭᠦ᠋ᠢᠴᠡ ᠬᠠᠨᠭ᠍ᠭᠠᠨ ᠦᠭᠬᠦ ᠬᠡᠷᠡᠭᠳᠡᠢ︔ ᠰᠣᠷᠣᠭᠴᠢᠳ ᠪᠡᠶᠡᠴᠢᠯᠡᠨ ᠣᠷᠣᠯᠳᠣᠵᠣ᠂ ᠵᠢᠷᠣᠭᠴᠢᠯᠠᠬᠤ ᠪᠠ ᠪᠣᠳᠣᠵᠣ ᠰᠦᠪᠡᠭᠴᠢᠯᠡᠬᠦ ᠶᠠᠪᠣᠴᠠ ᠳᠤ ᠪᠠᠭᠰᠢ ᠨᠢᠭᠡᠳ ᠨᠢᠭᠡ ᠪᠠᠷ ᠲᠣᠭᠤᠷᠢᠨ ᠠᠵᠢᠭᠯᠠᠬᠤ ᠶᠢᠨ ᠵᠡᠷᠭᠡᠪᠡᠷ ᠬᠦᠴᠢᠷᠳᠡᠵᠦ ᠪᠠᠶᠢᠭ᠎ᠠ ᠰᠣᠷᠣᠭᠴᠢ ᠶᠢ ᠵᠣᠬᠢᠰᠳᠠᠢ ᠵᠢᠯᠣᠭᠤᠳᠴᠣ᠂ ᠪᠠᠰᠠ ᠰᠣᠷᠣᠭᠴᠢ ᠪᠦᠷᠢ ᠶᠢᠨ ᠣᠷᠣᠯᠳᠣᠵᠣ᠂ ᠵᠢᠷᠣᠭᠴᠢᠯᠠᠵᠣ᠂ ᠪᠣᠳᠣᠵᠣ ᠪᠠᠶᠢᠭ᠎ᠠ ᠪᠠᠶᠢᠳᠠᠯ ᠳᠤ ᠴᠦᠮ ᠭᠦᠢᠴᠡᠳ ᠣᠶᠢᠯᠠᠭᠠᠯᠳᠠ ᠲᠠᠢ ᠪᠠᠶᠢᠬᠤ ᠬᠡᠷᠡᠭᠳᠡᠢ᠃ ᠡᠨᠡᠬᠦ ᠶᠠᠪᠣᠴᠠ ᠳᠤ ᠣᠷᠣᠯᠳᠣᠭᠤᠯᠬᠤ᠂ ᠵᠢᠷᠣᠭᠤᠯᠬᠤ ᠪᠣᠶᠣ ᠪᠣᠳᠣᠭᠤᠯᠬᠤ ᠱᠠᠭᠠᠷᠳᠠᠯᠭ᠎ᠠ ᠪᠠᠨ ︽ᠣᠷᠣᠯᠳᠣᠯᠭ᠎ᠠ ᠶᠢᠨ ᠬᠠᠭᠤᠳᠠᠰᠣ︾ ᠪᠣᠶᠣ ᠲᠡᠯᠭᠡᠴᠡ ᠳᠤ ᠵᠦᠪ ᠣᠨᠣᠪᠴᠢᠳᠠᠢ᠂ ᠲᠣᠪᠴᠢ ᠲᠣᠳᠣᠷᠬᠠᠢ᠂ ᠣᠶᠢᠯᠠᠭᠠᠮᠵᠢᠳᠠᠢ ᠪᠠᠷ ᠵᠣᠷᠪᠣᠰᠯᠠᠨ ᠲᠣᠰᠢᠶᠠᠬᠤ ᠨᠢ ᠪᠦᠬᠦ᠋ᠢᠯᠡ ᠬᠢᠴᠢᠶᠡᠯᠯᠡᠭᠡ ᠶᠢᠨ ᠣᠷᠣᠭᠰᠢᠳᠠᠢ ᠶᠠᠪᠣᠭᠳᠠᠬᠤ ᠶᠢᠨ ᠪᠠᠳᠣᠯᠠᠭ᠎ᠠ ᠪᠣᠯᠣᠨ᠎ᠠ᠃      4. ᠰᠣᠷᠣᠭᠴᠢᠳ ᠪᠡᠶᠡᠴᠢᠯᠡᠨ ᠣᠷᠣᠯᠳᠣᠭᠰᠡᠨ᠂ ᠵᠢᠷᠣᠭᠴᠢᠯᠠᠭᠰᠡᠨ ᠪᠠ ᠪᠣᠳᠣᠭᠰᠡᠨ ᠰᠡᠳᠬᠢᠮᠵᠢ ᠪᠠᠨ ᠡᠷᠬᠡᠪᠰᠢ ᠶᠠᠷᠢᠬᠤ ᠬᠡᠷᠡᠭᠳᠡᠢ᠃ ᠦᠪᠡᠷ ᠤᠨ ᠰᠡᠳᠬᠢᠮᠵᠢ ᠪᠠᠨ ᠶᠠᠷᠢᠵᠣ ᠢᠯᠡᠳᠭᠡᠵᠦ ᠴᠢᠳᠠᠪᠠᠯ ᠰᠠᠶ᠋ᠢ ᠦᠨᠡᠨᠬᠦ ᠲᠣᠳᠣᠷᠬᠠᠢ ᠣᠶᠢᠯᠠᠭᠠᠭᠰᠠᠨ ᠢ ᠬᠠᠷᠠᠭᠤᠯᠵᠣ ᠪᠠᠶᠢᠬᠤ ᠲᠣᠯᠠ ᠲᠣᠰ ᠶᠠᠪᠣᠴᠠ ᠶᠢ ᠬᠡᠷᠬᠢᠪᠡᠴᠦ ᠣᠮᠳᠤᠭᠠᠶᠢᠯᠠᠵᠣ ᠪᠣᠯᠬᠤ ᠦᠭᠡᠢ᠃ ᠰᠡᠳᠬᠢᠮᠵᠢ ᠶᠢ ᠶᠠᠷᠢᠭᠤᠯᠬᠤ ᠳᠤ ᠠᠳᠠᠯᠢ ᠪᠣᠰᠣ ᠠᠷᠭ᠎ᠠ ᠪᠠᠷ ᠵᠦᠪ ᠰᠡᠳᠬᠢᠭᠰᠡᠨ ᠰᠣᠷᠣᠭᠴᠢ ᠪᠠᠷ ᠶᠠᠷᠢᠭᠤᠯᠬᠤ ᠮᠦᠷᠳᠡᠭᠡᠨ ᠪᠣᠷᠣᠭᠤ ᠰᠡᠳᠬᠢᠭᠰᠡᠨ ᠰᠣᠷᠣᠭᠴᠢ ᠶᠢ ᠴᠦ ᠶᠠᠷᠢᠭᠤᠯᠬᠤ ᠪᠠᠷ ᠲᠠᠮᠵᠢᠨ ᠵᠢᠭᠠᠨ ᠵᠢᠯᠣᠭᠤᠳᠬᠤ ᠴᠢᠬᠤᠯᠠᠳᠠᠢ᠃      5. ᠪᠠᠳᠣᠳᠬᠠᠯ ᠪᠣᠯᠪᠠᠰᠣᠷᠠᠯ ᠢ ᠨᠠᠷᠢᠯᠢᠬ ᠲᠦᠰᠦᠪᠯᠡᠵᠦ᠂ ᠦᠨᠡᠨᠬᠦ ᠰᠣᠷᠣᠭᠰᠠᠨ ᠮᠡᠳᠡᠯᠭᠡ ᠪᠠᠨ ᠪᠠᠳᠣᠳᠬᠠᠨ ᠦᠷᠭᠡᠵᠢᠬᠦᠯᠬᠦ ᠵᠣᠷᠢᠯᠭ᠎ᠠ ᠳᠤ ᠬᠦᠷᠦᠭᠰᠡᠨ ᠪᠠᠶᠢᠬᠤ ᠬᠡᠷᠡᠭᠳᠡᠢ᠃ ᠪᠠᠳᠣᠳᠬᠠᠯ ᠪᠣᠯᠪᠠᠰᠣᠷᠠᠯ ᠢ ᠶᠡᠷᠦ ᠳᠤ ᠪᠠᠨ ᠦᠨᠳᠦᠰᠦᠨ ᠪᠠᠳᠣᠳᠬᠠᠯ᠂ ᠦᠷᠭᠡᠳᠭᠡᠯ ᠪᠠᠳᠣᠳᠬᠠᠯ ᠪᠠ ᠠᠰᠠᠭᠤᠳᠠᠯ ᠢ ᠰᠢᠢᠳᠪᠦᠷᠢᠯᠡᠬᠦ ᠵᠡᠷᠭᠡ ᠭᠤᠷᠪᠠᠨ ᠵᠦᠢᠯ ᠤᠨ ᠪᠠᠳᠣᠳᠬᠠᠯ ᠪᠣᠯᠪᠠᠰᠣᠷᠠᠯ ᠲᠣᠬᠢᠷᠠᠭᠤᠯᠪᠠᠯ ᠵᠣᠬᠢᠨ᠎ᠠ᠃ ᠲᠣᠬᠠᠶᠢᠯᠠᠪᠠᠯ᠂ ᠦᠨᠳᠦᠰᠦᠨ ᠪᠠᠳᠣᠳᠬᠠᠯ ᠨᠢ ᠵᠢᠱᠢᠶ᠎ᠡ ᠰᠡᠳᠦᠪ ᠲᠠᠢ ᠠᠳᠠᠯᠢᠪᠳᠣᠷ ᠲᠦᠰᠦᠪᠯᠡᠵᠦ᠂ ᠰᠣᠷᠣᠭᠴᠢᠳ ᠤᠨ ᠨᠡᠶᠢᠳᠡᠮ ᠤᠨ ᠡᠵᠡᠮᠰᠢᠭᠰᠡᠨ ᠪᠠᠶᠢᠳᠠᠯ ᠢ ᠣᠶᠢᠯᠠᠭᠠᠨ᠎ᠠ᠃ ᠡᠭᠦᠨ ᠤ ᠰᠠᠭᠤᠷᠢᠨ ᠲᠡᠭᠡᠷ᠎ᠡ ᠵᠣᠬᠢᠬᠤ ᠦᠷᠭᠡᠳᠭᠡᠯ ᠲᠠᠢ ᠪᠣᠯᠪᠠᠰᠣᠷᠠᠯ ᠲᠣᠬᠢᠷᠠᠭᠤᠯᠵᠣ᠂ ᠰᠣᠷᠣᠭᠴᠢᠳ ᠤᠨ ᠰᠣᠷᠣᠭᠰᠡᠨ ᠮᠡᠳᠡᠯᠭᠡ ᠪᠠᠨ ᠨᠠᠩ ᠠᠮᠢᠳᠣᠯᠢᠭ᠂ ᠪᠠᠳᠣᠳᠠᠢ ᠡᠵᠡᠮᠰᠢᠬᠦ ᠳᠤ ᠨᠢ ᠲᠣᠰᠠᠯᠠᠮᠵᠢ ᠦᠵᠡᠭᠦᠯᠦᠨ᠎ᠡ᠃ ᠬᠠᠮᠤᠭ ᠰᠡᠭᠦᠯ ᠳᠤ ︽ᠭᠤᠷᠪᠠᠨ ᠠᠯᠬᠤᠮᠳᠣ ᠵᠢᠭᠠᠬᠤ ᠠᠷᠭ᠎ᠠ︾ ᠶᠢᠨ ᠬᠠᠮᠤᠭ ᠤᠨ ᠦᠨᠳᠦᠷ ᠪᠠᠷᠢᠮᠵᠢᠶ᠎ᠠ — ᠲᠣᠰ ᠬᠢᠴᠢᠶᠡᠯ ᠤᠨ ᠰᠣᠷᠣᠭᠰᠡᠨ ᠮᠡᠳᠡᠯᠭᠡ ᠪᠠᠨ ᠠᠰᠢᠭᠯᠠᠨ ᠠᠮᠢᠳᠣᠷᠠᠯ ᠲᠣᠮᠳᠡᠬᠢ ᠪᠣᠳᠠᠳᠠᠢ ᠠᠰᠠᠭᠤᠳᠠᠯ ᠢ ᠰᠢᠢᠳᠪᠦᠷᠢᠯᠡᠬᠦ ᠪᠣᠯᠪᠠᠰᠣᠷᠠᠯ ᠢ ᠲᠣᠬᠢᠷᠠᠭᠤᠯᠣᠨ᠂ ᠪᠠᠰᠠ ᠴᠠᠭ ᠲᠣᠬᠠᠢ ᠳᠤ ᠨᠢ ᠬᠢᠨᠠᠨ ᠵᠢᠯᠣᠭᠤᠳᠣᠨ᠎ᠠ᠃      6. ︽ᠣᠷᠣᠯᠳᠣᠯᠭ᠎ᠠ ᠶᠢᠨ ᠬᠠᠭᠤᠳᠠᠰᠣ︾ ᠶᠢ ᠨᠠᠷᠢᠯᠢᠬ ᠮᠦᠷᠳᠡᠭᠡᠨ ᠴᠢᠨᠠᠷᠯᠢᠭ ᠲᠦᠰᠦᠪᠯᠡᠨ ᠠᠰᠢᠭᠯᠠᠬᠤ ᠶᠢᠨ ᠬᠠᠮᠳᠣ ᠨᠠᠷᠢᠨ ᠵᠠᠳᠠᠯᠣᠯᠳᠡ ᠬᠢᠬᠦ ᠶᠢᠨ ᠲᠠᠭᠠᠣ ᠬᠢᠴᠢᠶᠡᠯ ᠤᠨ ᠲᠠᠷᠠᠭᠠᠬᠢ ᠡᠷᠬᠢᠴᠡᠭᠦᠯᠦᠨ ᠲᠣᠩᠭᠠᠯᠳᠠ ᠪᠠᠨ ᠪᠦᠬᠦ ᠲᠠᠯ᠎ᠠ ᠪᠠᠷ ᠨᠠᠷᠢᠨ ᠲᠣᠩᠭᠠᠨ᠂ ᠠᠮᠵᠢᠯᠳᠡ ᠲᠠᠢ ᠲᠠᠯ᠎ᠠ ᠪᠡ ᠣᠷᠣᠰᠢᠵᠣ ᠪᠦᠬᠦᠢ ᠠᠰᠠᠭᠤᠳᠠᠯ ᠢᠶᠠᠨ ᠴᠠᠭ ᠲᠣᠬᠠᠢ ᠳᠤ ᠨᠢ ᠳ᠋ᠦᠡᠭᠨᠡᠨ ᠬᠤᠷᠠᠮᠳᠣᠭᠤᠯᠵᠣ᠂ ᠲᠠᠷᠠᠭᠠᠴᠢ ᠶᠢᠨ ᠵᠢᠭᠠᠨ ᠰᠣᠷᠭᠠᠯᠳᠠ ᠶᠢ ᠲᠦᠰᠦᠪᠯᠡᠬᠦ ᠳᠤ ᠪᠠᠨ ᠯᠠᠪᠯᠠᠯᠳᠠ ᠪᠣᠯᠭᠠᠨ ᠭᠦᠢᠴᠡᠳ ᠠᠰᠢᠭᠯᠠᠬᠤ ᠬᠡᠷᠡᠭᠳᠡᠢ᠃      7. ᠰᠣᠷᠣᠭᠴᠢᠳ ᠲᠤ ᠬᠢᠴᠢᠶᠡᠯ ᠲᠡᠭᠡᠷ᠎ᠡ ᠬᠢᠨᠠᠮᠠᠭᠠᠢ ᠰᠣᠨᠣᠰᠬᠤ᠂ ᠢᠳᠡᠪᠬᠢᠳᠠᠢ ᠰᠡᠳᠬᠢᠬᠦ᠂ ᠰᠠᠨᠠᠭᠠᠴᠢᠯᠠᠭ᠎ᠠ ᠠᠴᠠ ᠪᠠᠨ ᠰᠦᠪᠡᠭᠴᠢᠯᠡᠬᠦ᠂ ᠬᠠᠮᠵᠢᠯᠴᠠᠨ ᠰᠣᠯᠢᠯᠴᠠᠬᠤ᠂ ᠲᠠᠰᠬᠠᠯ ᠪᠣᠯᠪᠠᠰᠣᠷᠠᠯ ᠢᠶᠠᠨ ᠴᠡᠪᠡᠷ ᠲᠡᠭᠰᠢ ᠪᠦᠷᠢᠨ ᠭᠦᠢᠴᠡᠳ ᠪᠡᠶᠡᠯᠡᠭᠦᠯᠬᠦ ᠮᠦᠷᠳᠡᠭᠡᠨ ᠪᠣᠷᠣᠭᠤ ᠪᠠᠨ ᠴᠠᠭ ᠲᠣᠬᠠᠢ ᠳᠤ ᠨᠢ ᠬᠠᠯᠠᠨ ᠵᠠᠰᠠᠬᠤ ᠮᠡᠳᠦ ᠲᠣᠭᠠᠨ ᠤ ᠣᠬᠠᠭᠠᠨ ᠢ ᠰᠠᠶᠢᠳᠣᠷ ᠰᠣᠷᠣᠯᠴᠠᠬᠤ ᠰᠠᠶᠢᠨ ᠰᠠᠶᠢᠬᠠᠨ ᠲᠠᠳᠬᠠᠯ ᠢ ᠬᠦᠮᠦᠵᠢᠭᠦᠯᠬᠦ ᠶᠢ ᠰᠠᠨᠠᠭᠠᠴᠢᠯᠠᠭ᠎ᠠ ᠲᠠᠢ ᠵᠢᠯᠣᠭᠤᠳᠣᠨ᠎ᠠ᠃      ᠭᠤᠷᠪᠠ᠂ ︽ᠲᠤᠭ᠎ᠠ ᠪᠠ ᠠᠯᠭᠧᠪᠷᠨ︾᠂ ︽ᠵᠢᠷᠤᠭ ᠲᠦᠷᠰᠦ ᠪᠠ ᠭᠸᠣᠮᠧᠲᠷᠢ︾᠂ ︽ᠪᠦᠷᠢᠳᠭᠡᠯ ᠪᠠ ᠲᠣᠬᠢᠶᠠᠯᠳᠣᠮᠵᠢ︾᠂ ︽ᠠᠰᠠᠭᠤᠳᠠᠯ ᠢ ᠰᠢᠢᠳᠪᠦᠷᠢᠯᠡᠬᠦ︾ ᠵᠡᠷᠭᠡ ᠬᠢᠴᠢᠶᠡᠯ ᠤᠨ ᠠᠭᠤᠯᠭ᠎ᠠ ᠶᠢᠨ ᠣᠨᠴᠠᠯᠢᠭ ᠲᠤ ᠵᠣᠬᠢᠴᠠᠭᠤᠯᠣᠨ ︽ᠭᠤᠷᠪᠠᠨ ᠠᠯᠬᠤᠮᠳᠣ ᠵᠢᠭᠠᠬᠤ ᠠᠷᠭ᠎ᠠ︾ ᠪᠠᠷ ᠵᠢᠭᠠᠬᠤ ᠪᠣᠳᠠᠳᠣ ᠵᠢᠱᠢᠶ᠎ᠡ ᠶᠢᠨ ᠲᠠᠶᠢᠯᠣᠮᠵᠢ      ︵ᠨᠢᠭᠡ︶ ︽ᠲᠤᠭ᠎ᠠ ᠪᠠ ᠠᠯᠭᠧᠪᠷᠨ︾ ᠶᠢᠨ ᠠᠭᠤᠯᠭ᠎ᠠ ᠳᠤ ᠲᠣᠭᠠᠨ ᠤ ᠣᠳᠬ᠎ᠠ᠂ ᠪᠣᠳᠣᠯᠭ᠎ᠠ ᠶᠢᠨ ᠣᠳᠬ᠎ᠠ ᠪᠠ ᠪᠣᠳᠣᠬᠤ ᠠᠷᠭ᠎ᠠ᠂ ᠦᠷᠭᠦᠯᠵᠢ ᠲᠣᠬᠢᠶᠠᠯᠳᠣᠳᠠᠭ ᠬᠡᠮᠵᠢᠭᠳᠡᠭᠦᠨ ᠵᠢᠴᠢ ᠵᠢᠮ᠎ᠡ ᠶᠣᠰᠣ ᠶᠢ ᠰᠦᠪᠡᠭᠴᠢᠯᠡᠬᠦ ᠭᠡᠬᠦ ᠲᠦᠷᠪᠡᠨ ᠲᠠᠯ᠎ᠠ ᠶᠢᠨ ᠠᠭᠤᠯᠭ᠎ᠠ ᠪᠠᠭᠳᠠᠳᠠᠭ᠃ ᠡᠭᠦᠨ ᠳᠤ ᠲᠣᠭᠠᠨ ᠤ ᠣᠳᠬ᠎ᠠ ᠪᠠ ᠪᠣᠳᠣᠬᠤ ᠠᠷᠭ᠎ᠠ ᠶᠢ ᠬᠡᠷᠬᠢᠨ ︽ᠭᠤᠷᠪᠠᠨ ᠠᠯᠬᠤᠮᠳᠣ ᠵᠢᠭᠠᠬᠤ ᠠᠷᠭ᠎ᠠ︾ ᠪᠠᠷ ᠵᠢᠭᠠᠬᠤ ᠲᠣᠬᠠᠢ ᠲᠦᠭᠦᠮ ᠲᠠᠨᠢᠯᠴᠠᠭᠤᠯᠪᠠᠯ᠄      ᠵᠢᠱᠢᠶ᠎ᠡ 1᠄ ᠲᠣᠭᠠᠨ ᠤ ᠣᠳᠬ᠎ᠠ ᠶᠢ ᠰᠣᠷᠣᠭᠴᠢᠳ ︽ᠭᠤᠷᠪᠠᠨ ᠠᠯᠬᠤᠮᠳᠣ ᠵᠢᠭᠠᠬᠤ ᠠᠷᠭ᠎ᠠ︾ ᠪᠠᠷ ᠪᠡᠶᠡᠴᠢᠯᠡᠵᠦ ᠰᠣᠷᠣᠯᠴᠠᠬᠤ ᠳᠤ ᠰᠢᠨ᠎ᠡ ᠰᠣᠷᠬᠤ ᠮᠡᠳᠡᠯᠭᠡ ᠶᠢ ᠰᠣᠷᠣᠭᠴᠢᠳ ᠢᠶᠠᠷ ᠰᠢᠭᠤᠳ ᠣᠷᠣᠯᠳᠣᠭᠤᠯᠬᠤ ᠪᠣᠶᠣ ᠵᠢᠷᠣᠭᠤᠯᠬᠤ ᠪᠠᠷ ᠲᠠᠮᠵᠢᠨ ᠲᠣᠭᠠᠨ ᠤ ᠣᠳᠬ᠎ᠠ ᠶᠢ ᠦᠪᠡᠷᠳᠡᠭᠡᠨ ᠰᠦᠪᠡᠭᠴᠢᠯᠡᠨ ᠢᠯᠡᠷᠡᠭᠦᠯᠬᠦ ᠪᠣᠯ ᠵᠠᠩᠬᠢᠯᠠᠭ᠎ᠠ ᠪᠣᠯᠣᠨ᠎ᠠ᠃ ᠲᠠᠪᠣᠳᠣᠭᠠᠷ ᠣᠨ ᠤ ᠲᠣᠣᠷᠠᠳᠣ ᠬᠤᠭᠤᠴᠠᠭᠠᠨ ᠤ ︽ᠪᠣᠳᠠᠷᠬᠠᠢ ᠶᠢᠨ ᠣᠳᠬ᠎ᠠ︾ ᠭᠡᠬᠦ ᠬᠢᠴᠢᠶᠡᠯ ᠢᠶᠠᠷ ᠵᠢᠱᠢᠶᠡᠯᠡᠪᠡᠯ᠂ ᠬᠢᠴᠢᠶᠡᠯ ᠡᠬᠢᠯᠡᠮᠡᠭᠴᠡ ᠰᠣᠷᠣᠭᠴᠢᠳ ︽1/2 ᠶᠢᠨ ᠣᠳᠬ᠎ᠠ ᠶᠢ ᠦᠪᠡᠷ ᠤᠨ ᠲᠣᠷᠠᠳᠠᠢ ᠵᠢᠷᠤᠭ ᠲᠦᠷᠰᠦ ᠪᠠᠷ ᠠᠳᠠᠯᠢ ᠪᠣᠰᠣ ᠠᠷᠭ᠎ᠠ ᠪᠠᠷ ᠵᠢᠷᠣᠵᠣ ᠢᠯᠡᠳᠭᠡ︾ ᠭᠡᠬᠦ ᠱᠠᠭᠠᠷᠳᠠᠯᠭ᠎ᠠ ᠪᠠᠷ ᠪᠡᠶ᠎ᠡ ᠪᠠᠨ ᠲᠠᠭᠠᠭᠠᠵᠣ ᠰᠦᠪᠡᠭᠴᠢᠯᠡᠨ ᠣᠷᠣᠯᠳᠣᠪᠠ᠃ ᠰᠣᠷᠣᠭᠴᠢᠳ ᠲᠤ ᠨᠠᠮ ᠰᠡᠯᠡᠭᠦᠣ ᠣᠷᠴᠢᠨ ᠳᠤ ᠰᠦᠪᠡᠭᠴᠢᠯᠡᠬᠦ ᠴᠠᠭ ᠢ ᠬᠦᠷᠦᠯᠴᠡᠭᠦ᠋ᠢᠴᠡ ᠬᠠᠨᠭ᠍ᠭᠠᠵᠣ ᠦᠭᠭᠦᠭᠰᠡᠨ ᠠᠴᠠ ︽ᠨᠢᠭᠡ ᠪᠡᠶ᠎ᠡ᠂ ᠨᠢᠭᠡ ᠬᠡᠮᠵᠢᠯᠳᠡ ᠶᠢᠨ ᠨᠢᠭᠡᠴᠢ ᠪᠣᠶᠣ ᠨᠢᠭᠡ ᠪᠦᠯᠦᠭ ᠪᠠᠶ᠎ᠠ ᠶᠢ ᠴᠦᠮ ᠨᠢᠭᠡᠴᠢ 1 ᠪᠠᠷ ᠦᠵᠡᠵᠦ ᠪᠣᠯᠣᠨ᠎ᠠ︾ ᠭᠡᠬᠦ ᠪᠣᠳᠠᠷᠬᠠᠢ ᠶᠢᠨ ᠵᠠᠩᠭᠢᠯᠠᠭ᠎ᠠ ᠶᠢᠨ ᠣᠬᠠᠭᠳᠠᠬᠤᠨ ᠢ ᠪᠡᠶᠡᠴᠢᠯᠡᠵᠦ ᠣᠶᠢᠯᠠᠭᠠᠪᠠ᠃ ᠲᠣᠬᠠᠶᠢᠯᠠᠪᠠᠯ᠂ ᠰᠣᠷᠣᠭᠴᠢᠳ 6 ᠪᠣᠣᠪᠤ᠂ 10 ᠪᠠᠭᠴᠠ ᠴᠡᠴᠡᠭ᠂ 100m᠂ 100 ᠲᠦᠭᠦᠷᠢᠭ᠂ 4 ᠠᠯᠮᠣᠷᠠᠳ᠂ 2 ᠬᠦᠮᠦᠨ ᠁ ᠢ ᠴᠦᠮ ᠨᠢᠭᠡ ᠪᠦᠬᠦᠯᠢ ᠴᠣᠭᠴᠠ ᠪᠠᠷ ᠦᠵᠡᠵᠦ᠂ ᠲᠡᠭᠦᠨ ᠤ 1/2 ᠨᠢ ᠬᠡᠳᠦᠢ ᠪᠣᠯᠬᠤ ᠶᠢ ᠪᠡᠶᠡᠴᠢᠯᠡᠨ ᠰᠦᠪᠡᠭᠴᠢᠯᠡᠵᠦ ᠵᠢᠷᠣᠭᠴᠢᠯᠠᠵᠣ ᠴᠢᠳᠠᠭᠰᠠᠨ ᠠᠴᠠ ᠪᠣᠳᠠᠷᠬᠠᠢ ᠶᠢᠨ ᠣᠳᠬ᠎ᠠ ᠳᠤ ᠲᠣᠳᠣᠷᠬᠠᠢ ᠲᠦᠷᠢ ᠪᠦᠳᠦᠵᠦ᠂ ᠰᠠᠶᠢᠳᠣᠷ ᠡᠵᠡᠮᠰᠢᠵᠦ ᠴᠢᠳᠠᠭᠰᠡᠨ ᠮᠦᠷᠳᠡᠭᠡᠨ ᠰᠣᠷᠣᠭᠰᠡᠨ ᠮᠡᠳᠡᠯᠭᠡ ᠪᠠᠨ ᠠᠰᠢᠭᠯᠠᠨ ᠠᠮᠢᠳᠣᠷᠠᠯ ᠲᠣᠮᠳᠡᠬᠢ ᠪᠣᠳᠠᠳᠠᠢ ᠠᠰᠠᠭᠤᠳᠠᠯ ᠢ ᠰᠢᠢᠳᠪᠦᠷᠢᠯᠡᠬᠦ ᠰᠡᠳᠦᠪ ᠨᠠᠶᠢᠷᠠᠭᠤᠯᠵᠣ ᠰᠢᠢᠳᠪᠦᠷᠢᠯᠡᠵᠦ ᠴᠢᠳᠠᠬᠤ ᠪᠣᠯᠪᠠ᠃      ᠵᠢᠱᠢᠶ᠎ᠡ 2᠄ ᠰᠣᠷᠣᠭᠴᠢᠳ ᠨᠡᠮᠡᠬᠦ ᠬᠠᠰᠣᠬᠤ ᠪᠠ ᠦᠷᠡᠵᠢᠭᠦᠯᠬᠦ ᠣᠶᠢᠯᠡᠳᠦᠯ ᠤᠨ ᠪᠢᠷ ᠢᠶᠠᠷ ᠪᠣᠳᠣᠬᠤ ᠠᠷᠭ᠎ᠠ ᠶᠢ ︽ᠭᠤᠷᠪᠠᠨ ᠠᠯᠬᠤᠮᠳᠣ ᠵᠢᠭᠠᠬᠤ ᠠᠷᠭ᠎ᠠ︾ ᠪᠠᠷ ᠪᠡᠶᠡᠴᠢᠯᠡᠵᠦ ᠰᠣᠷᠣᠯᠴᠠᠬᠤ ᠳᠤ ᠶᠡᠷᠦ ᠳᠤ ᠪᠠᠨ ᠣᠷᠢᠳ ᠢᠶᠠᠷ ᠴᠡᠭᠡᠵᠢ ᠪᠠᠷ ᠪᠣᠳᠣᠬᠤ ᠠᠷᠭ᠎ᠠ ᠶᠢ ᠪᠡᠶᠡᠴᠢᠯᠡᠵᠦ ᠵᠢᠷᠣᠭᠴᠢᠯᠠᠨ᠂ ᠵᠢᠷᠣᠭᠴᠢᠯᠠᠭᠰᠡᠨ ᠰᠡᠳᠬᠢᠮᠵᠢ ᠪᠠᠨ ᠶᠠᠷᠢᠯᠴᠠᠬᠤ ᠪᠠᠷ ᠲᠠᠮᠵᠢᠨ ᠪᠣᠳᠣᠬᠤ ᠠᠷᠭ᠎ᠠ ᠶᠢ ᠠᠮᠠᠷᠬᠠᠨ ᠡᠵᠡᠮᠰᠢᠵᠦ ᠴᠢᠳᠠᠳᠠᠭ ᠪᠠᠶᠢᠨ᠎ᠠ᠃ ᠵᠢᠱᠢᠶᠡᠯᠡᠪᠡᠯ᠂ ᠭᠤᠷᠪᠠᠳᠣᠭᠠᠷ ᠣᠨ ᠤ ᠲᠣᠣᠷᠠᠳᠣ ᠬᠤᠭᠤᠴᠠᠭᠠᠨ ᠳᠤ ᠬᠢ ︽ᠬᠤᠶᠠᠷ ᠣᠷᠣᠨᠳᠣ ᠲᠤᠭ᠎ᠠ ᠶᠢ ᠬᠤᠶᠠᠷ ᠣᠷᠣᠨᠳᠣ ᠲᠤᠭ᠎ᠠ ᠪᠠᠷ ᠦᠷᠡᠵᠢᠬᠦᠯᠬᠦ ᠪᠢᠷ ᠪᠣᠳᠣᠯᠭ᠎ᠠ︾ ︵p58 ᠲᠠᠷᠠᠭᠠᠯᠠᠨ ᠣᠷᠣᠨ ᠲᠠᠪᠰᠢᠬᠤ︶ ᠶᠢ ︽ᠭᠤᠷᠪᠠᠨ ᠠᠯᠬᠤᠮᠳᠣ ᠵᠢᠭᠠᠬᠤ ᠠᠷᠭ᠎ᠠ︾ ᠪᠠᠷ ᠬᠢᠴᠢᠶᠡᠯᠯᠡᠬᠦ ᠳᠤ ᠶᠡᠷᠦ ᠳᠤ ᠪᠠᠨ ᠲᠠᠷᠠᠭᠠᠬᠢ ᠵᠢᠷᠭᠤᠭᠠᠨ ᠶᠠᠪᠣᠴᠠ ᠪᠠᠷ ᠣᠷᠣᠯᠳᠣᠭᠤᠯᠪᠠᠯ᠂ ᠰᠣᠷᠣᠭᠴᠢᠳ ᠦᠪᠡᠷᠳᠡᠭᠡᠨ ᠪᠡᠶᠡᠴᠢᠯᠡᠨ ᠡᠵᠡᠮᠰᠢᠵᠦ ᠴᠢᠳᠠᠨ᠎ᠠ᠃      1. ᠬᠢᠴᠢᠶᠡᠯ ᠤᠨ ᠪᠢᠴᠢᠭ ᠲᠤ ᠬᠢ ᠵᠢᠱᠢᠶ᠎ᠡ 48 × 37 ᠭᠡᠬᠦ ᠰᠡᠳᠦᠪ ᠤᠨ ᠲᠤᠭ᠎ᠠ ᠶᠢ ᠪᠠᠭᠠᠰᠬᠠᠵᠣ 23 × 14 ᠭᠡᠬᠦ ᠰᠡᠳᠦᠪ ᠪᠣᠯᠭᠠᠨ ᠦᠭᠡᠷᠡᠴᠢᠯᠡᠨ ︽ᠣᠷᠣᠯᠳᠣᠯᠭ᠎ᠠ ᠶᠢᠨ ᠬᠠᠭᠤᠳᠠᠰᠣ︾ ᠳᠤ ᠨᠢᠭᠡ ᠳᠤ᠂ ᠴᠡᠭᠡᠵᠢ ᠪᠠᠷ ᠪᠣᠳᠣᠬᠤ ᠠᠷᠭ᠎ᠠ ᠶᠢ ᠵᠢᠷᠣᠭᠴᠢᠯᠠᠵᠣ︔ ᠬᠤᠶᠠᠷ ᠲᠤ᠂ ᠴᠡᠭᠡᠵᠢ ᠪᠠᠷ ᠪᠣᠳᠣᠭᠰᠡᠨ ᠶᠠᠪᠣᠴᠠ ᠪᠠᠨ ᠪᠢᠴᠢᠵᠦ᠂ ᠵᠢᠷᠣᠭᠰᠡᠨ ᠪᠠ ᠪᠣᠳᠣᠭᠰᠡᠨ ᠰᠡᠳᠬᠢᠮᠵᠢ ᠪᠠᠨ ᠶᠠᠷᠢᠬᠤ ᠪᠠᠷ ᠲᠠᠮᠵᠢᠨ ᠪᠢᠷ ᠢᠶᠠᠷ ᠪᠣᠳᠣᠬᠤ ᠠᠷᠭ᠎ᠠ ᠳᠤ ᠠᠩᠬᠠᠨ ᠤ ᠲᠦᠷᠢ ᠶᠢ ᠪᠣᠢ ᠪᠣᠯᠭᠠᠨ᠎ᠠ᠃      2. 23 × 14 ᠶᠢ ᠪᠡᠶᠡᠴᠢᠯᠡᠵᠦ ᠪᠢᠷ ᠢᠶᠠᠷ ᠪᠣᠳᠣᠭᠠᠳ ᠪᠠᠰᠠ ᠪᠣᠳᠣᠭᠰᠡᠨ ᠰᠡᠳᠬᠢᠮᠵᠢ ᠪᠠᠨ ᠶᠠᠷᠢᠬᠤ ᠪᠠᠷ ᠲᠠᠮᠵᠢᠨ ︽ᠬᠤᠶᠠᠷ ᠣᠷᠣᠨᠳᠣ ᠲᠤᠭ᠎ᠠ ᠶᠢ ᠬᠤᠶᠠᠷ ᠣᠷᠣᠨᠳᠣ ᠲᠤᠭ᠎ᠠ ᠪᠠᠷ ᠦᠷᠡᠵᠢᠬᠦᠯᠬᠦ ᠪᠢᠷ ᠪᠣᠳᠣᠯᠭ᠎ᠠ︾ ᠶᠢᠨ ᠪᠣᠳᠣᠬᠤ ᠠᠷᠭ᠎ᠠ ᠳᠤ ᠣᠯᠠᠮ ᠨᠢᠭᠡ ᠠᠯᠬᠤᠮ ᠤᠨ ᠲᠣᠳᠣᠷᠬᠠᠢ ᠲᠠᠨᠢᠯᠳᠡ ᠲᠠᠢ ᠪᠣᠯᠣᠨ᠎ᠠ᠃      3. 48 × 37 ︵ᠵᠢᠱᠢᠶ᠎ᠡ ᠰᠡᠳᠦᠪ︶ ᠢ ᠪᠡᠶ᠎ᠡ ᠪᠠᠨ ᠲᠠᠭᠠᠭᠠᠨ ᠪᠢᠷ ᠢᠶᠠᠷ ᠪᠣᠳᠣᠵᠣ᠂ ᠪᠠᠰᠠ ᠪᠣᠳᠣᠭᠰᠡᠨ ᠰᠡᠳᠬᠢᠮᠵᠢ ᠪᠠᠨ ᠶᠠᠷᠢᠬᠤ ᠪᠠᠷ ᠲᠠᠮᠵᠢᠨ ᠲᠠᠷᠠᠭᠠᠯᠠᠨ ᠣᠷᠣᠨ ᠲᠠᠪᠰᠢᠬᠤ ᠦᠷᠡᠵᠢᠭᠦᠯᠬᠦ ᠣᠶᠢᠯᠡᠳᠦᠯ ᠤᠨ ᠪᠢᠷ ᠪᠣᠳᠣᠯᠭ᠎ᠠ ᠶᠢᠨ ᠠᠷᠭ᠎ᠠ ᠳᠤ ᠲᠣᠳᠣᠷᠬᠠᠢ ᠲᠦᠷᠢ ᠶᠢ ᠪᠦᠳᠦᠭᠡᠨ᠎ᠡ᠃      4. ᠪᠠᠭᠰᠢ ᠠᠴᠠ 48 × 37 ᠶᠢ ᠰᠠᠮᠪᠠᠷ᠎ᠠ ᠳᠤ ᠲᠠᠬᠢᠨ ᠨᠢᠭᠡ ᠣᠳᠠᠭ᠎ᠠ ᠲᠦᠷᠢᠮᠴᠢᠯᠠᠨ ᠪᠣᠳᠣᠬᠤ ᠪᠠᠷ ᠲᠠᠮᠵᠢᠨ ᠠᠩᠬᠠᠷᠬᠤ ᠵᠦᠢᠯᠡᠰ ᠢ ᠰᠠᠨᠠᠭᠤᠯᠣᠨ ᠮᠡᠳᠡᠯᠭᠡ ᠪᠠᠨ ᠣᠯᠠᠮ ᠨᠢᠭᠡ ᠠᠯᠬᠤᠮ ᠲᠣᠳᠣᠷᠬᠠᠢ ᠡᠵᠡᠮᠰᠢᠬᠦ ᠳᠤ ᠨᠢ ᠲᠣᠰᠠᠯᠠᠮᠵᠢ ᠪᠣᠯᠣᠨ᠎ᠠ᠃      5. ᠪᠠᠳᠣᠳᠬᠠᠬᠤ ᠪᠣᠯᠪᠠᠰᠣᠷᠠᠯ ᠲᠣᠬᠢᠷᠠᠭᠤᠯᠵᠣ᠂ ︽ᠬᠤᠶᠠᠷ ᠣᠷᠣᠨᠳᠣ ᠲᠤᠭ᠎ᠠ ᠶᠢ ᠬᠤᠶᠠᠷ ᠣᠷᠣᠨᠳᠣ ᠲᠤᠭ᠎ᠠ ᠪᠠᠷ ᠦᠷᠡᠵᠢᠬᠦᠯᠬᠦ ᠪᠢᠷ ᠪᠣᠳᠣᠯᠭ᠎ᠠ︾ ᠶᠢᠨ ᠪᠣᠳᠣᠬᠤ ᠠᠷᠭ᠎ᠠ ᠪᠠ ᠵᠦᠪ ᠣᠨᠣᠪᠴᠢᠳᠠᠢ ᠪᠣᠳᠣᠵᠣ ᠴᠢᠳᠠᠬᠤ ᠵᠣᠷᠢᠯᠭ᠎ᠠ ᠳᠤ ᠬᠦᠷᠦᠨ᠎ᠡ᠃      6. ᠦᠨᠦᠳᠦᠷ ᠤᠨ ᠰᠣᠷᠣᠭᠰᠡᠨ ᠮᠡᠳᠡᠯᠭᠡ ᠪᠠᠨ ᠠᠰᠢᠭᠯᠠᠨ ᠠᠰᠠᠭᠤᠳᠠᠯ ᠢ ᠰᠢᠢᠳᠪᠦᠷᠢᠯᠡᠬᠦ ᠰᠡᠳᠦᠪ ᠨᠠᠶᠢᠷᠠᠭᠤᠯᠵᠣ ᠪᠠᠰᠠ ᠪᠣᠳᠣᠵᠣ ᠬᠠᠷᠢᠭᠤᠯᠬᠤ ᠪᠠᠷ ᠲᠠᠮᠵᠢᠨ ᠰᠣᠷᠣᠭᠴᠢᠳ ᠨᠢᠭᠡᠨᠳᠡ ᠰᠣᠷᠣᠭᠰᠡᠨ ᠮᠡᠳᠡᠯᠭᠡ ᠪᠠᠨ ᠠᠮᠢᠳᠣᠷᠠᠯ ᠲᠣᠮᠳᠠ ᠬᠡᠷᠡᠭᠯᠡᠵᠦ ᠴᠢᠳᠠᠬᠤ ᠣᠬᠠᠮᠰᠡᠷ ᠪᠠ ᠴᠢᠳᠠᠪᠣᠷᠢ ᠶᠢ ᠬᠦᠮᠦᠵᠢᠭᠦᠯᠦᠨ᠎ᠡ᠃      ︵ᠬᠤᠶᠠᠷ︶ ᠰᠣᠷᠣᠭᠴᠢᠳ ︽ᠠᠰᠠᠭᠤᠳᠠᠯ ᠢ ᠰᠢᠢᠳᠪᠦᠷᠢᠯᠡᠬᠦ︾ ᠠᠭᠤᠯᠭ᠎ᠠ ᠶᠢ ︽ᠭᠤᠷᠪᠠᠨ ᠠᠯᠬᠤᠮᠳᠣ ᠵᠢᠭᠠᠬᠤ ᠠᠷᠭ᠎ᠠ︾ ᠪᠠᠷ ᠪᠡᠶᠡᠴᠢᠯᠡᠵᠦ ᠰᠣᠷᠣᠯᠴᠠᠬᠤ ᠳᠤ ᠲᠠᠷᠠᠭᠠᠬᠢ ᠲᠠᠪᠣᠨ ᠶᠠᠪᠣᠴᠠ ᠪᠠᠷ ᠪᠡᠶᠡᠴᠢᠯᠡᠵᠦ ᠰᠦᠪᠡᠭᠴᠢᠯᠡᠪᠡᠯ ᠨᠡᠯᠢᠶᠡᠳ ᠪᠦᠳᠦᠮᠵᠢᠳᠠᠢ ᠪᠠᠶᠢᠳᠠᠭ᠃      1. ᠰᠡᠳᠦᠪ ᠤᠨ ᠣᠳᠬ᠎ᠠ ᠶᠢ ᠪᠣᠳᠠᠳᠣ ᠪᠠᠭᠠᠵᠢ ᠪᠠᠷ ᠦᠷᠦᠭᠦᠯᠵᠦ ᠣᠷᠣᠯᠳᠣᠭᠤᠯᠬᠤ ᠶᠢᠨ ᠬᠠᠮᠳᠣ ᠣᠷᠣᠯᠳᠣᠭᠰᠡᠨ ᠰᠡᠳᠬᠢᠮᠵᠢ ᠪᠠᠨ ᠶᠠᠷᠢᠬᠤ ᠪᠠᠷ ᠲᠠᠮᠵᠢᠨ ᠰᠡᠳᠦᠪ ᠤᠨ ᠣᠳᠬ᠎ᠠ ᠳᠤ ᠠᠩᠬᠠᠨ ᠤ ᠣᠶᠢᠯᠠᠭᠠᠯᠳᠠ ᠲᠠᠢ ᠪᠣᠯᠣᠨ᠎ᠠ᠃      2. ᠰᠡᠳᠦᠪ ᠤᠨ ᠣᠳᠬ᠎ᠠ ᠶᠢ ᠵᠢᠷᠣᠭᠴᠢᠯᠠᠬᠤ ᠪᠠ ᠵᠢᠷᠣᠭᠰᠡᠨ ᠰᠡᠳᠬᠢᠮᠵᠢ ᠪᠠᠨ ᠶᠠᠷᠢᠬᠤ ᠪᠠᠷ ᠲᠠᠮᠵᠢᠨ ᠰᠡᠳᠦᠪ ᠤᠨ ᠣᠳᠬ᠎ᠠ ᠳᠤ ᠨᠠᠩ ᠲᠣᠳᠣᠷᠬᠠᠢ ᠲᠦᠷᠢ ᠪᠦᠳᠦᠵᠦ ᠴᠢᠳᠠᠨ᠎ᠠ᠃      3. ᠦᠷᠦᠭᠰᠡᠨ ᠪᠠ ᠵᠢᠷᠣᠭᠰᠡᠨ ᠰᠡᠳᠬᠢᠮᠵᠢ ᠪᠠᠨ ᠦᠨᠳᠦᠰᠦᠯᠡᠵᠦ᠂ ᠠᠳᠠᠯᠢ ᠪᠣᠰᠣ ᠶᠢᠨ ᠠᠷᠭ᠎ᠠ ᠪᠠᠷ ᠪᠣᠳᠣᠵᠣ ᠬᠠᠷᠢᠭᠤᠯᠣᠨ᠎ᠠ᠃      4. ᠵᠢᠱᠢᠶ᠎ᠡ ᠰᠡᠳᠦᠪ ᠲᠠᠢ ᠠᠳᠠᠯᠢᠪᠳᠣᠷ ᠦᠨᠳᠦᠰᠦᠨ ᠪᠠᠳᠣᠳᠬᠠᠯ ᠪᠣᠯᠪᠠᠰᠣᠷᠠᠯ ᠬᠢᠵᠦ᠂ ᠡᠵᠡᠮᠰᠢᠭᠰᠡᠨ ᠪᠠᠶᠢᠳᠠᠯ ᠢ ᠪᠠᠶᠢᠴᠠᠭᠠᠨ ᠣᠶᠢᠯᠠᠭᠠᠬᠤ ᠶᠢᠨ ᠬᠠᠮᠳᠣ᠂ ᠠᠰᠠᠭᠤᠳᠠᠯ ᠢ ᠰᠢᠢᠳᠪᠦᠷᠢᠯᠡᠬᠦ ᠠᠷᠭ᠎ᠠ ᠪᠠᠨ ᠣᠯᠠᠮ ᠨᠢᠭᠡ ᠠᠯᠬᠤᠮ ᠪᠠᠳᠣᠳᠬᠠᠨ᠎ᠠ᠃      5. ᠲᠣᠰ ᠬᠢᠴᠢᠶᠡᠯ ᠤᠨ ᠰᠣᠷᠣᠭᠰᠡᠨ ᠠᠰᠠᠭᠤᠳᠠᠯ ᠢ ᠰᠢᠢᠳᠪᠦᠷᠢᠯᠡᠬᠦ ᠠᠷᠭ᠎ᠠ ᠪᠠᠨ ᠠᠰᠢᠭᠯᠠᠨ ᠠᠰᠠᠭᠤᠳᠠᠯ ᠢ ᠰᠢᠢᠳᠪᠦᠷᠢᠯᠡᠬᠦ ᠰᠡᠳᠦᠪ ᠨᠠᠶᠢᠷᠠᠭᠤᠯᠣᠭᠠᠳ ᠪᠠᠰᠠ ᠪᠣᠳᠣᠵᠣ ᠬᠠᠷᠢᠭᠤᠯᠣᠨ᠎ᠠ᠃      ︵ᠭᠤᠷᠪᠠ︶ ᠰᠣᠷᠣᠭᠴᠢᠳ ︽ᠪᠦᠷᠢᠳᠭᠡᠯ ᠪᠠ ᠲᠣᠬᠢᠶᠠᠯᠳᠣᠮᠵᠢ︾ ᠶᠢᠨ ᠠᠭᠤᠯᠭ᠎ᠠ ᠶᠢ ︽ᠭᠤᠷᠪᠠᠨ ᠠᠯᠬᠤᠮᠳᠣ ᠵᠢᠭᠠᠬᠤ ᠠᠷᠭ᠎ᠠ︾ ᠪᠠᠷ ᠪᠡᠶᠡᠴᠢᠯᠡᠵᠦ ᠰᠣᠷᠣᠯᠴᠠᠬᠤ ᠳᠤ ᠶᠠᠷᠦ ᠳᠤ ᠪᠠᠨ ᠰᠢᠨ᠎ᠠ ᠰᠣᠷᠬᠤ ᠮᠡᠳᠡᠯᠭᠡ ᠶᠢ ᠲᠠᠷᠠᠭᠠᠬᠢ ᠵᠢᠷᠭᠤᠭᠠᠨ ᠶᠠᠪᠣᠴᠠ ᠪᠠᠷ ᠪᠡᠶᠡᠴᠢᠯᠡᠵᠦ ᠰᠦᠪᠡᠭᠴᠢᠯᠡᠪᠡᠯ᠂ ᠰᠡᠳᠬᠢᠬᠦᠢ ᠶᠢ ᠪᠣᠯᠪᠠᠰᠣᠷᠠᠭᠤᠯᠬᠤ ᠮᠦᠷᠳᠡᠭᠡᠨ ᠲᠣᠳᠣᠷᠬᠠᠢ ᠲᠦᠷᠢ ᠪᠦᠳᠦᠵᠦ ᠴᠢᠳᠠᠬᠤ ᠪᠣᠯᠣᠨ᠎ᠠ᠃ ᠵᠢᠱᠢᠶᠡᠯᠡᠪᠡᠯ᠄ ᠲᠦᠷᠪᠡᠳᠦᠭᠡᠷ ᠣᠨ ᠤ ᠲᠡᠭᠡᠳᠦ ᠲᠡᠪᠳᠡᠷ ᠤᠨ ︽ᠰᠠᠪᠠᠭᠠᠨ ᠪᠦᠷᠢᠳᠭᠡᠯ ᠤᠨ ᠵᠢᠷᠤᠭ︾ ᠤᠨ ᠭᠤᠷᠪᠠᠨ ᠵᠢᠱᠢᠶ᠎ᠡ ᠶᠢ ᠨᠢᠭᠡᠯᠡ ᠬᠢᠴᠢᠶᠡᠯ ᠤᠨ ᠴᠠᠭ ᠲᠤ ᠲᠣᠬᠢᠷᠠᠭᠤᠯᠣᠨ ᠰᠣᠷᠣᠯᠴᠠᠭᠤᠯᠪᠠᠯ ᠨᠠᠩ ᠦᠷ᠎ᠡ ᠠᠰᠢᠭ ᠲᠠᠢ ᠮᠦᠷᠳᠡᠭᠡᠨ ᠴᠠᠭ ᠲᠤ ᠠᠷᠪᠢᠳᠠᠢ ᠪᠣᠯᠵᠣ ᠴᠢᠳᠠᠨ᠎ᠠ᠃      1. ᠵᠢᠱᠢᠶ᠎ᠡ 1 ᠶᠢᠨ ᠲᠠᠪᠣᠨ ᠵᠦᠢᠯ ᠤᠨ ᠠᠳᠠᠯᠢ ᠪᠣᠰᠣ ᠶᠢᠨ ᠴᠠᠭ ᠠᠭᠤᠷ ᠤᠨ ᠡᠳᠦᠷ ᠤᠨ ᠪᠠᠶᠢᠳᠠᠯ ᠢ ᠶᠠᠭᠠᠬᠢᠵᠦ ᠪᠦᠷᠢᠳᠭᠡᠪᠡᠯ ᠣᠯᠠᠨ ᠴᠦᠬᠡᠨ ᠢ ᠠᠮᠠᠷᠬᠠᠨ ᠦᠵᠡᠵᠦ ᠭᠠᠷᠬᠤ ᠶᠢ ᠰᠣᠷᠣᠭᠴᠢᠳ ᠦᠪᠡᠷ ᠤᠨ ᠲᠣᠷᠠᠳᠠᠢ ᠠᠷᠭ᠎ᠠ ᠪᠠᠷ ᠪᠦᠷᠢᠳᠭᠡᠨ ᠵᠢᠷᠣᠭᠴᠢᠯᠠᠵᠣ᠂ ᠵᠢᠷᠣᠭᠰᠡᠨ ᠰᠡᠳᠬᠢᠮᠵᠢ ᠪᠠᠨ ᠶᠠᠷᠢᠯᠴᠠᠬᠤ ᠪᠠᠷ ᠲᠠᠮᠵᠢᠨ ᠰᠠᠪᠠᠭᠠᠨ ᠪᠦᠷᠢᠳᠭᠡᠯ ᠤᠨ ᠵᠢᠷᠤᠭ ᠲᠤ ᠠᠩᠬᠠᠨ ᠤ ᠲᠠᠨᠢᠯᠳᠠ ᠲᠠᠢ ᠪᠣᠯᠣᠨ᠎ᠠ᠃      2. ᠪᠠᠭᠰᠢ ᠠᠴᠠ ᠰᠠᠪᠠᠭᠠᠨ ᠪᠦᠷᠢᠳᠭᠡᠯ ᠤᠨ ᠵᠢᠷᠤᠭ ᠤᠨ ᠪᠦᠳᠦᠴᠡ ᠪᠠ ᠡᠯ᠎ᠡ ᠬᠡᠰᠡᠭ ᠤᠨ ᠨᠡᠷᠡᠶᠢᠳᠦᠯ ᠢ ᠲᠠᠨᠢᠯᠴᠠᠭᠤᠯᠣᠨ᠎ᠠ᠃      3. ᠰᠣᠷᠣᠭᠴᠢᠳ ᠵᠢᠱᠢᠶ᠎ᠡ 1 ᠶᠢ ᠰᠠᠪᠠᠭᠠᠨ ᠪᠦᠷᠢᠳᠭᠡᠯ ᠤᠨ ᠵᠢᠷᠤᠭ ᠢᠶᠠᠷ ᠵᠢᠷᠣᠵᠣ ᠢᠯᠡᠳᠭᠡᠭᠡᠳ᠂ ᠵᠢᠷᠣᠭᠰᠡᠨ ᠰᠡᠳᠬᠢᠮᠵᠢ ᠪᠠᠨ ᠶᠠᠷᠢᠯᠴᠠᠨ᠎ᠠ᠃      4. ᠵᠢᠱᠢᠶ᠎ᠡ 2 ᠪᠠ ᠵᠢᠱᠢᠶ᠎ᠡ 3 ᠶᠢ ᠰᠣᠷᠣᠭᠴᠢᠳ ᠪᠡᠶ᠎ᠡ ᠪᠠᠨ ᠲᠠᠭᠠᠭᠠᠨ ᠰᠠᠪᠠᠭᠠᠨ ᠪᠦᠷᠢᠳᠭᠡᠯ ᠤᠨ ᠵᠢᠷᠤᠭ ᠢᠶᠠᠷ ᠢᠯᠡᠳᠭᠡᠬᠦ ᠶᠢᠨ ᠬᠠᠮᠳᠣ ᠰᠡᠳᠬᠢᠮᠵᠢ ᠪᠠᠨ ᠶᠠᠷᠢᠬᠤ ᠪᠠᠷ ᠲᠠᠮᠵᠢᠨ ᠵᠢᠱᠢᠶ᠎ᠡ 1᠂ 2 ᠪᠠ 3 ᠶᠢᠨ ᠠᠳᠠᠯᠢ ᠪᠣᠯᠣᠨ ᠠᠳᠠᠯᠢ ᠪᠣᠰᠣ ᠲᠠᠯ᠎ᠠ ᠶᠢ ᠬᠠᠷᠢᠴᠠᠭᠤᠯᠣᠨ ᠭᠤᠷᠪᠠᠨ ᠵᠢᠱᠢᠶ᠎ᠡ ᠶᠢ ᠨᠠᠩ ᠰᠠᠶᠢᠳᠣᠷ ᠡᠵᠡᠮᠰᠢᠵᠦ ᠴᠢᠳᠠᠨ᠎ᠠ᠃      5. ᠭᠤᠷᠪᠠᠨ ᠵᠢᠱᠢᠶ᠎ᠡ ᠶᠢᠨ ᠲᠤᠭ᠎ᠠ ᠪᠠᠷᠢᠮᠳᠠ ᠳᠤ ᠵᠠᠳᠠᠯᠣᠯᠳᠠ ᠬᠢᠨ᠎ᠡ᠃      6. ᠦᠨᠳᠦᠰᠦᠨ ᠪᠠᠳᠣᠳᠬᠠᠯ ᠪᠣᠯᠪᠠᠰᠣᠷᠠᠯ ᠬᠢᠵᠦ ᠪᠠᠰᠠ ᠲᠣᠰ ᠴᠠᠭ ᠤᠨ ᠰᠣᠷᠣᠭᠰᠡᠨ ᠮᠡᠳᠡᠯᠭᠡ ᠪᠠᠨ ᠠᠰᠢᠭᠯᠠᠨ ᠨᠢᠭᠡᠨ ᠰᠠᠪᠠᠭᠠᠨ ᠪᠦᠷᠢᠳᠭᠡᠯ ᠤᠨ ᠵᠢᠷᠤᠭ ᠲᠦᠰᠦᠪᠯᠡᠨ ᠵᠢᠷᠣᠨ᠎ᠠ᠃      ︵ᠲᠦᠷᠪᠡ︶ ᠰᠣᠷᠣᠭᠴᠢᠳ ︽ᠵᠢᠷᠤᠭ ᠲᠦᠷᠰᠦ ᠪᠠ ᠭᠸᠣᠮᠧᠲᠷᠢ︾ ᠶᠢᠨ ᠠᠭᠤᠯᠭ᠎ᠠ ᠶᠢᠨ ᠪᠣᠳᠠᠳᠠᠢ ᠪᠠᠨ ᠦᠨᠳᠦᠰᠦᠯᠡᠨ ︽ᠭᠤᠷᠪᠠᠨ ᠠᠯᠬᠤᠮᠳᠣ ᠵᠢᠭᠠᠬᠤ ᠠᠷᠭ᠎ᠠ︾ ᠪᠠᠷ ᠪᠡᠶᠡᠴᠢᠯᠡᠨ ᠣᠷᠣᠯᠳᠣᠵᠣ ᠰᠦᠪᠡᠭᠴᠢᠯᠡᠨ ᠰᠣᠷᠣᠯᠴᠠᠨ᠎ᠠ᠃ ᠵᠢᠱᠢᠶᠡᠯᠡᠪᠡᠯ᠄ ᠵᠢᠷᠭᠤᠳᠣᠭᠠᠷ ᠣᠨ ᠤ ᠲᠡᠭᠡᠳᠦ ᠲᠡᠪᠳᠡᠷ ᠤᠨ ᠲᠣᠭᠤᠷᠢᠭ ᠢ ᠲᠠᠨᠢᠬᠤ ᠠᠭᠤᠯᠭ᠎ᠠ ᠶᠢ ᠲᠠᠷᠠᠭᠠᠬᠢ ᠲᠦᠷᠪᠡᠨ ᠶᠠᠪᠣᠴᠠ ᠪᠠᠷ ᠪᠡᠶᠡᠴᠢᠯᠡᠵᠦ ᠰᠣᠷᠣᠯᠴᠠᠪᠠᠯ ᠲᠣᠩ ᠦᠷ᠎ᠡ ᠠᠰᠢᠭ ᠲᠠᠢ ᠪᠣᠯᠳᠠᠭ᠃      1. ᠰᠣᠷᠣᠭᠴᠢᠳ ᠪᠡᠶ᠎ᠡ ᠪᠠᠨ ᠲᠠᠭᠠᠭᠠᠨ ᠭᠤᠷᠳᠢᠭ ᠢᠶᠠᠷ ᠶᠡᠭᠡ ᠪᠠᠭ᠎ᠠ ᠨᠢ ᠠᠳᠠᠯᠢ ᠪᠣᠰᠣ ᠡᠳᠦᠢ ᠲᠡᠳᠦᠢ ᠲᠣᠭᠤᠷᠢᠭ ᠢ ᠲᠣᠷᠰᠢᠨ ᠵᠢᠷᠣᠨ᠎ᠠ︔ ᠲᠣᠭᠤᠷᠢᠭ ᠢ ᠲᠣᠷᠰᠢᠨ ᠵᠢᠷᠣᠬᠤ ᠶᠠᠪᠣᠴᠠ ᠳᠤ ᠲᠣᠭᠤᠷᠢᠭ ᠤᠨ ᠶᠡᠭᠡ ᠪᠠᠭ᠎ᠠ ᠨᠢ ᠶᠠᠭᠤ ᠲᠠᠢ ᠬᠤᠯᠪᠣᠭᠳᠠᠯ ᠲᠠᠢ ᠪᠠᠶᠢᠬᠤ ᠪᠠ ᠲᠣᠭᠤᠷᠢᠭ ᠵᠢᠷᠣᠬᠤ ᠠᠷᠭ᠎ᠠ ᠶᠢ ᠠᠵᠢᠭᠯᠠᠵᠣ᠂ ᠲᠠᠷᠠᠭ᠎ᠠ ᠨᠢ ᠲᠣᠭᠤᠶᠢᠯᠠᠩ ᠲᠣᠳᠣᠷ᠎ᠡ ᠪᠠᠨ ᠶᠠᠷᠢᠯᠴᠠᠭᠠᠳ ᠬᠠᠷᠢᠭᠤ ᠮᠡᠳᠡᠭᠦᠯᠦᠨ᠎ᠡ᠃      2. ᠬᠢᠴᠢᠶᠡᠯ ᠤᠨ ᠪᠢᠴᠢᠭ ᠠᠴᠠ ᠲᠣᠭᠤᠷᠢᠭ ᠤᠨ ᠡᠯ᠎ᠡ ᠬᠡᠰᠡᠭ ᠤᠨ ᠨᠡᠷᠡᠶᠢᠳᠦᠯ ᠢ ᠦᠪᠡᠷᠳᠡᠭᠡᠨ ᠰᠣᠷᠣᠯᠴᠠᠵᠣ ᠂ ᠵᠢᠷᠣᠭᠰᠠᠨ ᠲᠣᠭᠤᠷᠢᠭ ᠲᠡᠭᠡᠷ᠎ᠡ ᠪᠠᠨ ᠲᠡᠮᠳᠡᠭᠯᠡᠵᠦ ᠪᠠᠳᠣᠳᠬᠠᠭᠠᠳ ᠪᠠᠰᠠ ᠰᠣᠷᠣᠯᠴᠠᠭᠰᠠᠨ ᠣᠶᠢᠯᠠᠭᠠᠯᠳᠠ ᠪᠠᠨ ᠬᠠᠷᠢᠭᠤ ᠮᠡᠳᠡᠭᠦᠯᠦᠨ᠎ᠡ᠃ ᠰᠣᠷᠣᠭᠴᠢᠳ ᠲᠣᠮᠳᠠ ᠣᠨ ᠪᠣᠯᠬᠤ ᠦᠶᠡᠰ ᠡᠶᠢᠮᠦᠷᠭᠦᠤ ᠨᠡᠯᠢᠶᠡᠳ ᠠᠮᠠᠷᠬᠠᠨ ᠠᠭᠤᠯᠭ᠎ᠠ ᠶᠢ ᠪᠡᠶ᠎ᠡ ᠪᠠᠨ ᠲᠠᠭᠠᠭᠠᠨ ᠬᠢᠴᠢᠶᠡᠯ ᠤᠨ ᠪᠢᠴᠢᠭ ᠢᠶᠠᠨ ᠦᠪᠡᠷᠳᠡᠭᠡᠨ ᠰᠣᠷᠣᠯᠴᠠᠬᠤ ᠲᠠᠳᠬᠠᠯ ᠢ ᠢᠳᠡᠭ ᠢᠳᠡᠭ ᠢᠶᠠᠷ ᠬᠦᠮᠦᠵᠢᠭᠦᠯᠬᠦ ᠨᠢ ᠲᠣᠩ ᠴᠢᠬᠤᠯᠠ ᠶᠣᠮ᠃      3. ᠲᠣᠭᠤᠷᠢᠭ ᠤᠨ ᠶᠡᠭᠡ ᠪᠠᠭ᠎ᠠ ᠨᠢ ᠶᠠᠭᠤ ᠪᠠᠷ ᠲᠣᠭᠳᠠᠭᠠᠭᠳᠠᠵᠣ ᠪᠠᠶᠢᠬᠤ ᠪᠠ ᠳ᠋ᠢᠶᠠᠮᠧᠲᠷ ᠪᠣᠯᠣᠨ ᠷᠠᠳᠢᠣᠰ ᠤᠨ ᠬᠤᠭᠤᠷᠣᠨᠳᠤᠬᠢ ᠬᠤᠯᠪᠣᠭᠳᠠᠯ ᠵᠢᠴᠢ ᠢᠵᠢᠯᠢ ᠨᠢᠭᠡᠨ ᠲᠣᠭᠤᠷᠢᠭ ᠲᠣᠳᠣᠷᠠᠬᠢ ᠳ᠋ᠢᠶᠠᠮᠧᠲᠷ ︵ᠷᠠᠳᠢᠣᠰ︶ ᠤᠳ ᠤᠨ ᠬᠤᠯᠪᠣᠭᠳᠠᠯ ᠢ ᠪᠡᠶᠡᠴᠢᠯᠡᠵᠦ ᠰᠦᠪᠡᠭᠴᠢᠯᠡᠭᠦᠯᠦᠨ᠎ᠡ᠃      4. ᠲᠣᠰ ᠴᠠᠭ ᠤᠨ ᠰᠣᠷᠣᠭᠰᠡᠨ ᠮᠡᠳᠡᠯᠭᠡ ᠪᠠᠨ ᠠᠰᠢᠭᠯᠠᠨ ᠲᠣᠭᠤᠷᠢᠭ ᠨᠢ ᠬᠦᠮᠦᠰ ᠤᠨ ᠠᠮᠢᠳᠣᠷᠠᠯ ᠳᠤ ᠶᠠᠮᠠᠷ ᠬᠡᠷᠡᠭᠴᠡᠭᠡ ᠲᠠᠢ ᠪᠠᠶᠢᠬᠤ ᠶᠢ ᠪᠣᠳᠠᠳᠣ ᠵᠢᠱᠢᠶ᠎ᠡ ᠲᠠᠢ ᠲᠠᠶᠢᠯᠪᠣᠷᠢ ᠬᠢᠨ᠎ᠡ᠃      ᠶᠡᠷᠦᠩᠬᠡᠶᠢᠯᠡᠪᠡᠯ᠂ ︽ᠪᠣᠳᠣᠯᠭ᠎ᠠ ᠪᠣᠯ ᠴᠦᠮ ᠲᠡᠮᠳᠡᠭ︔ ᠲᠡᠮᠳᠡᠭ ᠤᠨ ᠴᠠᠭᠠᠨ᠎ᠠ ᠲᠦᠷᠢ ᠨᠢᠭᠤᠭᠳᠠᠵᠣ ᠪᠣᠢ︔ ᠲᠦᠷᠢ ᠶᠢᠨ ᠴᠠᠭᠠᠨ᠎ᠠ ᠣᠷᠣᠯᠳᠣᠯᠭ᠎ᠠ ᠨᠢᠭᠤᠭᠳᠠᠵᠣ ᠪᠣᠢ︾ ᠲᠣᠯᠠ ᠡᠯᠪᠡᠭ ᠪᠠᠶᠠᠯᠢᠭ ᠪᠡᠶᠡᠴᠢ ᠣᠷᠣᠯᠳᠣᠯᠭ᠎ᠠ ᠨᠢ ᠴᠢᠬᠤᠯᠠ ᠠᠴᠠ ᠴᠢᠬᠤᠯᠠ᠃ ︽ᠭᠤᠷᠪᠠᠨ ᠠᠯᠬᠤᠮᠳᠣ ᠵᠢᠭᠠᠬᠤ ᠠᠷᠭ᠎ᠠ︾ ᠨᠢ ᠠᠮᠢᠳᠣᠷᠠᠯ ᠠᠴᠠ ᠢᠷᠠᠯᠳᠠᠢ ᠪᠠᠶᠢᠳᠠᠭ ᠣᠴᠢᠷ ᠠᠴᠠ ᠪᠢᠳᠡ ︽ᠬᠡᠯᠡᠵᠦ ᠰᠣᠷᠭᠠᠬᠤ ᠪᠠᠷ ᠬᠢᠯᠭᠡᠵᠦ ᠰᠣᠷᠭᠠᠬᠤ︾ ᠨᠢ ᠬᠡᠣᠬᠡᠳ ᠤᠨ ᠲᠠᠨᠢᠨ ᠮᠡᠳᠡᠷᠡᠬᠦᠢ ᠶᠢᠨ ᠵᠢᠮ᠎ᠡ ᠶᠣᠰᠣᠨ ᠳᠤ ᠵᠣᠬᠢᠴᠠᠨ᠂ ᠰᠣᠷᠣᠭᠴᠢᠳ ᠤᠨ ᠪᠡᠶᠡᠴᠢ ᠣᠷᠣᠯᠳᠣᠯᠭ᠎ᠠ ᠪᠠᠷ ᠭᠤᠣᠯᠯᠠᠵᠣ᠂ ᠲᠣᠭᠠᠨ ᠤ ᠣᠬᠠᠭᠠᠨ ᠤ ᠰᠡᠳᠬᠢᠬᠦᠢ ᠶᠢ ᠪᠣᠯᠪᠠᠰᠣᠷᠠᠭᠤᠯᠣᠨ᠂ ᠰᠣᠷᠣᠭᠰᠡᠨ ᠮᠡᠳᠡᠯᠭᠡ ᠪᠠᠨ ᠠᠰᠢᠭᠯᠠᠨ ᠠᠮᠢᠳᠣᠷᠠᠯ ᠲᠣᠮᠳᠡᠬᠢ ᠪᠣᠳᠠᠳᠠᠢ ᠠᠰᠠᠭᠤᠳᠠᠯ ᠢ ᠰᠢᠢᠳᠪᠦᠷᠢᠯᠡᠬᠦ ᠴᠢᠳᠠᠪᠣᠷᠢ ᠶᠢ ᠬᠦᠮᠦᠵᠢᠭᠦᠯᠵᠦ ᠴᠢᠳᠠᠬᠤ ᠠᠰᠢᠭᠳᠠᠢ ᠰᠣᠷᠣᠯᠴᠠᠬᠤ ᠠᠷᠭ᠎ᠠ ᠵᠠᠮ ᠮᠦᠨ ᠭᠡᠰᠡᠨ ᠢ ᠬᠤᠶᠠᠷ ᠵᠢᠯ ᠤᠨ ᠪᠣᠳᠠᠳᠣ ᠲᠣᠷᠰᠢᠯᠳᠡ ᠣᠯᠠᠮ ᠨᠢᠭᠡ ᠠᠯᠬᠤᠮ ᠭᠡᠷᠡᠴᠢᠯᠡᠭᠰᠡᠨ ᠪᠠᠶᠢᠨ᠎ᠠ᠃           ᠬᠠᠶ᠋ᠢᠭ᠄ ᠰᠢᠯᠢ ᠶᠢᠨ ᠬᠤᠳᠠ ᠶᠢᠨ ᠵᠢᠭᠠᠬᠤ ᠶᠢ ᠰᠣᠳᠣᠯᠬᠤ ᠲᠦᠪ                  ︵ᠦᠭᠡᠯᠠᠳ ᠪᠠᠭᠠᠳᠤᠷ ᠨᠠᠶᠢᠷᠠᠭᠤᠯᠪᠠ︶                   2018 ᠣᠨ ᠤ 2 ᠳ᠋ᠤᠭᠠᠷ ᠬᠤᠭᠤᠴᠠᠭ᠎ᠠ
 
ᠢᠷᠡᠯᠲᠡ᠄ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠤᠷᠭᠠᠨ ᠬᠦᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map