ᠵᠢᠭᠠᠬᠤ ᠰᠤᠷᠬᠤ ᠰᠣᠳᠤᠯᠬᠤ ᠶᠢᠨ ᠤᠴᠢᠷᠯᠠᠯ
ᠨᠡᠶᠢᠲᠡᠯᠡᠭᠰᠡᠨ ᠴᠠᠭ᠄
2019/1/11
             — ᠨᠠᠨᠵᠢᠩ ᠳᠤ ᠪᠣᠯᠤᠭᠰᠠᠨ ᠪᠥᠬᠦ ᠣᠷᠤᠨ ᠤ ᠮᠣᠩᠭᠤᠯ ᠢᠶᠠᠷ ᠬᠢᠴᠢᠶᠡᠯᠯᠡᠬᠦ ᠳᠣᠮᠳᠠᠳᠤ                   ᠰᠤᠷᠭᠠᠭᠤᠯᠢ ᠶᠢᠨ ᠨᠡᠶᠢᠭᠡᠮ ᠤᠨ ᠰᠢᠨᠵᠢᠯᠡᠭᠡᠨ ᠤ ᠭᠤᠣᠯᠯᠠᠭᠴᠢ ᠪᠠᠭᠰᠢ ᠶᠢᠨ                   ᠳᠡᠭᠡᠳᠦ ᠵᠡᠷᠭᠡ ᠵᠢᠨ‌‍ᠪᠣᠯᠪᠠᠰᠤᠷᠠᠯ ᠳᠤ ᠣᠷᠤᠯᠴᠠᠭᠰᠠᠨ ᠲᠥᠷᠦᠭᠳᠡᠯ                                                                ᠡᠷᠳᠠᠨᠢᠪᠠᠶᠠᠷ      ︽ᠨᠠᠨᠵᠢᠩ ᠳᠤ ᠣᠴᠢᠵᠤ ᠮᠤᠩᠭᠤᠯ ᠪᠠᠭᠰᠢ ᠨᠠᠷ ᠤᠨ ᠪᠣᠯᠪᠠᠰᠣᠷᠠᠯ ᠳᠤ ᠣᠷᠣᠯᠴᠠᠬᠤ ᠭᠡᠨ᠎ᠠ︖︾ ᠭᠡᠬᠦ ᠰᠣᠨᠢᠭᠤᠴᠢᠯᠠᠭᠰᠠᠨ ᠠᠰᠠᠭᠤᠯᠲᠠ ᠲᠠᠭᠠᠭᠤᠯᠵᠤ ᠪᠢ ᠡᠷᠡᠭᠡᠯᠵᠡᠭᠡ ᠲᠠᠢ ᠨᠢ ᠠᠷᠭ᠎ᠠ ᠦᠭᠡᠢ ᠨᠠᠨᠵᠢᠩ ᠢ ᠵᠣᠷᠢᠯ᠎ᠠ᠃ ᠤᠮᠠᠷᠠᠳᠤ ᠣᠷᠤᠨ ᠳᠤ ᠬᠦᠢᠲᠡᠨ ᠤ ᠡᠷᠴᠢ ᠴᠢᠩᠭᠠᠷᠠᠵᠤ ᠪᠠᠶᠢᠭᠰᠠᠨ ᠴᠤ ᠨᠠᠨᠵᠢᠩ ᠳᠤ ᠬᠠᠷᠢᠨ ᠴᠡᠴᠡᠭ ᠵᠤᠯᠭᠠᠷᠠᠭᠠᠳᠣᠢ ᠪᠠᠶᠢᠭᠰᠠᠨ ᠠᠵᠤᠭᠤ᠃      ᠡᠬᠢᠯᠡᠯᠲᠡ ᠶᠢᠨ ᠶᠤᠰᠤᠯᠠᠯ ᠪᠣᠯᠪᠠ᠃ ︽ᠪᠥᠬᠦ ᠣᠷᠤᠨ ᠤ ᠮᠣᠩᠭᠤᠯ ᠢᠶᠠᠷ ᠬᠢᠴᠢᠶᠡᠯᠯᠡᠬᠦ ᠳᠣᠮᠳᠠᠳᠤ ᠰᠤᠷᠭᠠᠭᠤᠯᠢ ᠶᠢᠨ ᠨᠡᠶᠢᠭᠡᠮ ᠤᠨ ᠰᠢᠨᠵᠢᠯᠡᠭᠡᠨ ᠤ ᠭᠤᠣᠯᠯᠠᠭᠴᠢ ᠪᠠᠭᠰᠢ ᠶᠢᠨ ᠳᠡᠭᠡᠳᠦ ᠵᠡᠷᠭᠡ ᠶᠢᠨ ᠪᠣᠯᠪᠠᠰᠤᠷᠠᠯ︾ ᠭᠡᠬᠦ ᠪᠣᠰᠤᠭ᠎ᠠ ᠮᠤᠩᠭᠤᠯ ᠦᠰᠦᠭ ᠬᠠᠨᠠᠨ ᠲᠠᠭᠡᠷ᠎ᠠ ᠲᠤᠷᠠᠶᠢᠬᠤ ᠳᠤ ᠴᠥᠭᠡᠨ ᠮᠣᠩᠭᠤᠯᠴᠣᠳ ᠮᠢᠨᠢ ᠨᠠᠨᠵᠢᠩ ᠬᠤᠲᠠ ᠳᠤ ᠬᠥᠯ ᠭᠢᠰᠬᠢᠵᠦ᠂ ᠮᠤᠩᠭᠤᠯ ᠬᠡᠯᠡ ᠪᠠᠨ ᠰᠤᠷᠴᠤ ᠰᠤᠳᠤᠯᠤᠨ᠎ᠠ ᠭᠡᠭᠴᠢ ᠪᠠᠭ᠋ᠠᠷᠬᠠᠯᠲᠠᠢ ᠪᠦᠭᠡᠳ ᠣᠮᠤᠭᠰᠢᠯᠲᠠᠢ ᠰᠠᠨᠠᠭᠳᠠᠯ᠎ᠠ᠃      ᠵᠢᠶᠠᠩᠰᠤ᠂ ᠨᠠᠨᠵᠢᠩ ᠪᠣᠯ ᠳᠤᠮᠳᠠᠳᠣ ᠤᠯᠤᠰ ᠤᠨ ᠵᠢᠭᠠᠨ ᠰᠤᠷᠭᠠᠯᠳᠠ ᠶᠢᠨ ᠬᠠᠮᠤᠭ ᠤᠨ ᠰᠠᠶᠢᠨ ᠮᠤᠵᠢ ᠬᠤᠲᠠ ᠶᠢᠨ ᠨᠢᠭᠡ ᠨᠢ ᠶᠤᠮ᠃ ᠬᠢᠲᠠᠳ ᠤᠨ ᠲᠠᠪᠰᠢᠭᠰᠠᠨ ᠵᠢᠭᠠᠨ ᠰᠤᠷᠭᠠᠯᠲᠠ ᠶᠢ ᠰᠤᠷᠴᠣ ᠰᠤᠳᠤᠯᠤᠨ ᠦᠪᠡᠷ ᠤᠨ ᠵᠢᠭᠠᠨ ᠰᠤᠷᠭᠠᠯᠲᠠ ᠪᠠᠨ ᠤᠯᠠᠮ ᠲᠡᠭᠦᠯᠳᠡᠷᠵᠢᠭᠦᠯᠬᠦ ᠪᠠᠷ ᠪᠦᠭᠦ ᠤᠷᠤᠨ ᠤ ᠰᠢᠯᠢᠳᠡᠭ ᠬᠢᠴᠢᠶᠡᠯᠯᠡᠭᠴᠢ ᠪᠠᠭᠰᠢ ᠨᠠᠷ ᠠᠳᠠ ᠢᠷᠡᠭᠰᠡᠨ ᠠᠵᠢ᠃ ᠵᠣᠷᠢᠯᠲᠠ ᠲᠣᠳᠤᠷᠬᠠᠢ᠂ ᠡᠭᠦᠷᠭᠡ ᠬᠦᠨᠳᠦ ᠪᠣᠯᠪᠠ᠃      ᠡᠨᠡ ᠤᠳᠠᠭᠠᠨ ᠤ ᠪᠣᠯᠪᠠᠰᠤᠷᠠᠯ ᠢ ᠦᠪᠡᠷᠲᠡᠭᠡᠨ ᠵᠠᠰᠠᠬᠤ ᠣᠷᠤᠨ ᠤ ᠰᠤᠷᠭᠠᠨ ᠬᠦᠮᠦᠵᠢᠯ ᠤᠨ ᠲᠢᠩᠬᠢᠮ ᠠᠴᠠ ᠡᠷᠬᠢᠯᠡᠵᠦ ᠪᠠᠶᠢᠭ᠎ᠠ ᠠᠵᠢ᠃ ᠪᠤᠯᠪᠠᠰᠤᠷᠠᠯ ᠤᠨ ᠡᠬᠢᠨ ᠳᠤ ᠪᠣᠶᠠᠨᠲᠣᠭᠳᠠᠬᠤ ᠲᠠᠷᠤᠭ᠎ᠠ ᠶᠢᠨ ︽ᠤᠯᠠᠮᠵᠢᠯᠠᠯᠲᠤ ᠵᠢᠭᠠᠬᠤ ᠠᠷᠭ᠎ᠠ ᠶᠢᠨ ᠰᠠᠭᠤᠷᠢᠨ ᠳᠡᠭᠡᠷ᠎ᠡ ᠬᠢᠴᠢᠶᠡᠯᠯᠡᠭᠡ ᠶᠢᠨ ᠦᠭᠡᠷᠡᠴᠢᠯᠡᠯᠲᠡ ᠬᠢᠬᠦ ᠬᠡᠷᠡᠭᠳᠡᠢ︾ ᠭᠡᠵᠦ ᠬᠡᠯᠡᠭᠰᠡᠨ ᠦᠭᠡ ᠨᠢ ᠰᠡᠳᠭᠢᠯ ᠳᠤ ᠮᠠᠰᠢ ᠲᠠᠭᠠᠯᠠᠭᠳᠠᠯ᠎ᠠ᠃ ᠣᠨᠴᠠᠭᠠᠶᠢᠯᠠᠨ ᠬᠡᠯᠡ ᠪᠢᠴᠢᠭ ᠤᠨ ᠬᠢᠴᠢᠶᠡᠯᠯᠡᠭᠡ ᠳᠤ ᠤᠯᠠᠮᠵᠢᠯᠠᠯᠲᠤ ᠵᠢᠭᠠᠬᠤ ᠠᠷᠭ᠎ᠠ ᠲᠤᠩ ᠪᠦᠳᠦᠮᠵᠢᠲᠡᠢ ᠶᠤᠮ ᠭᠡᠵᠦ ᠪᠢ ᠦᠵᠡᠳᠡᠭ᠃ ᠪᠢᠳᠡ ᠴᠦᠮ ᠤᠯᠠᠮᠵᠢᠯᠠᠯᠲᠤ ᠵᠢᠭᠠᠬᠤ ᠠᠷᠭ᠎ᠠ ᠶᠢᠨ ᠲᠥᠷᠦᠳᠡᠰᠦ ᠶᠤᠮ᠃ ᠬᠡᠯᠡ ᠪᠢᠴᠢᠭ ᠵᠢᠭᠠᠬᠤ ᠠᠷᠭ᠎ᠠ ᠮᠠᠨᠢ ᠤᠳᠠᠭᠠᠨ ᠵᠢᠯ ᠤᠨ ᠵᠢᠭᠠᠨ ᠰᠤᠷᠭᠠᠬᠤ ᠲᠤᠷᠰᠢᠯᠭ᠎ᠠ ᠠᠴᠠ ᠰᠢᠷᠭᠠᠭᠳᠠᠨ ᠭᠠᠷᠴᠤ ᠢᠷᠡᠭᠰᠡᠨ ᠣᠬᠢ ᠰᠢᠯᠢᠳᠡᠭ ᠵᠢᠭᠠᠬᠤ ᠠᠷᠭ᠎ᠠ ᠪᠣᠯᠬᠤᠷ ᠲᠡᠷᠡ ᠨᠢ ᠬᠡᠯᠡ ᠰᠤᠷᠬᠤ ᠮᠠᠰᠢ ᠲᠣᠬᠢᠷᠠᠮᠵᠢᠲᠠᠢ ᠠᠷᠭ᠎ᠠ ᠮᠦᠨ ᠭᠡᠵᠦ ᠪᠢ ᠦᠵᠡᠨ᠎ᠠ᠃ ᠮᠦᠨ ᠬᠦ ᠮᠣᠩᠭᠤᠯ ᠬᠡᠯᠡ ᠪᠣᠯ ᠦᠪᠡᠷ ᠤᠨ ᠣᠨᠴᠠᠯᠢᠭ ᠲᠠᠢ᠂ ᠦᠪᠡᠷ ᠤᠨ ᠬᠥᠭᠵᠢᠯ ᠤᠨ ᠵᠢᠮ᠎ᠡ ᠬᠠᠤᠯᠢ ᠲᠠᠢ ᠬᠡᠯᠡ ᠪᠣᠯᠬᠤᠷ ᠦᠪᠡᠷ ᠤᠨ ᠬᠡᠰᠡᠨ ᠵᠢᠭᠠᠬᠤ ᠠᠷᠭ᠎ᠠ᠂ ᠰᠤᠷᠬᠤ ᠠᠷᠭ᠎ᠠ ᠲᠠᠢ ᠪᠠᠶᠢᠬᠤ ᠨᠢ ᠶᠠᠷᠢᠶᠠᠨ ᠦᠭᠡᠢ᠃ ᠡᠨᠠ ᠨᠢ ︽ᠬᠠᠭᠤᠴᠢᠨ ᠢᠶᠠᠨ ᠪᠠᠷᠢᠮᠲᠠᠯᠠᠵᠤ᠂ ᠮᠣᠵᠢᠭᠤᠳᠠᠯᠠᠵᠤ ᠪᠠᠶᠢᠭ᠎ᠠ ︾ ᠬᠡᠷᠡᠭ ᠪᠢᠰᠢ᠃ ᠪᠢ ᠤᠯᠠᠮᠵᠢᠯᠠᠯᠲᠤ ᠵᠢᠭᠠᠬᠤ ᠠᠷᠭ᠎ᠠ ᠪᠠᠨ ᠪᠠᠷᠢᠮᠲᠠᠯᠠᠳᠠᠭ ᠴᠤ ᠬᠢᠴᠢᠶᠡᠯ ᠤᠨ ᠦᠭᠡᠷᠡᠴᠢᠯᠡᠯᠲᠡ ᠶᠢ ᠡᠰᠡᠷᠭᠦᠴᠡᠳᠡᠭ ᠦᠭᠡᠢ᠃ ᠨᠡᠩ ᠴᠤ ᠵᠢᠭᠠᠬᠤ ᠠᠷᠭ᠎ᠠ ᠶᠢᠨ ᠰᠢᠨᠡᠴᠢᠯᠡᠯᠲᠡ ᠶᠢ ᠤᠤᠬᠠᠢ ᠶᠢᠨ ᠲᠠᠰᠦ ᠵᠦᠪᠰᠢᠶᠡᠷᠡᠳᠡᠭ ᠨᠢᠭᠡ ᠨᠢ᠃ ᠴᠠᠭ ᠦᠶ᠎ᠡ ᠬᠤᠪᠢᠷᠠᠵᠠᠢ᠂ ᠠᠮᠢᠳᠤᠷᠠᠯ ᠤᠨ ᠬᠡᠯᠪᠡᠷᠢ ᠬᠤᠪᠢᠷᠠᠵᠠᠢ᠃ ᠡᠳᠡᠭᠡᠷ ᠬᠤᠪᠢᠷᠠᠯᠲᠠ ᠶᠢ ᠲᠠᠭᠠᠯᠳᠤᠨ ᠬᠡᠯᠡ ᠰᠣᠶᠤᠯ ᠤᠨ ᠵᠠᠷᠢᠮ ᠵᠦᠢᠯ ᠴᠤ ᠬᠤᠪᠢᠷᠠᠵᠠᠢ᠂ ᠴᠢᠨᠠᠭᠰᠢᠯᠠᠪᠠᠯ ᠬᠡᠣᠬᠡᠳ ᠴᠤ ᠬᠤᠪᠢᠷᠠᠵᠤ ᠪᠠᠶᠢᠨ᠎ᠠ ᠃ ᠭᠠᠭᠴᠠ ᠵᠢᠱᠢᠶ᠎ᠡ ᠲᠠᠲᠠᠬᠤ ᠳᠤ᠄ ᠮᠣᠩᠭᠤᠯ ᠦᠭᠡ ᠬᠡᠯᠡ ᠮᠠᠨᠢ ᠨᠡᠭᠦᠳᠡᠯ ᠮᠠᠯᠵᠢᠯ ᠰᠤᠶᠤᠯ ᠲᠠᠢ ᠪᠠᠨ ᠤᠶᠠᠯᠳᠤᠨ ᠡᠭᠦᠰᠦᠭᠰᠡᠨ ᠦᠭᠡ ᠮᠠᠰᠢ ᠤᠯᠠᠨ ᠪᠠᠶᠢᠳᠠᠭ᠃ ᠭᠡᠳᠡᠯ᠎ᠠ ᠡᠳᠤᠭᠡ ᠬᠠᠰᠠᠭ ᠲᠡᠷᠭᠡ᠂ ᠬᠠᠨᠠᠲᠤ ᠭᠡᠷ᠂ ᠮᠣᠷᠢᠨ ᠤ ᠵᠢᠰᠦᠮ ᠂ ᠮᠠᠯ ᠢ ᠨᠠᠰᠤ ᠬᠦᠢᠰᠦ ᠪᠠᠷ ᠨᠡᠷᠡᠯᠡᠬᠦ ᠁ ᠮᠡᠲᠦ ᠶᠢᠨ ᠶᠡᠷᠦ ᠶᠢᠨ ᠮᠡᠳᠡᠯᠬᠡ ᠨᠢ ᠰᠤᠷᠤᠭᠴᠢᠳ ᠤᠨ ᠬᠦᠨᠳᠦ ᠦᠭᠡᠰ ᠤᠨ ᠵᠢᠭᠰᠠᠭᠠᠯᠲᠠ ᠳᠤ ᠣᠷᠤᠵᠠᠢ᠃ ᠬᠠᠷᠢᠨ ᠰᠢᠨ᠎ᠡ ᠴᠠᠭ ᠤᠨ ᠰᠢᠨᠵᠢᠯᠡᠬᠦ ᠤᠬᠠᠭᠠᠨ ᠤ ᠨᠡᠷ᠎ᠡ ᠲᠣᠮᠢᠶ᠎ᠠ ᠶᠢ ᠰᠤᠷᠤᠭᠴᠢᠳ ᠪᠠᠭᠰᠢ ᠠᠴᠠ ᠪᠠᠨ ᠨᠡᠩ ᠬᠤᠷᠳᠤᠨ ᠬᠦᠯᠢᠶᠡᠨ ᠠᠪᠴᠤ ᠴᠢᠳᠠᠳᠠᠬ᠃ ᠪᠢᠳᠡ ᠴᠤ ᠵᠢᠭᠠᠨ ᠰᠤᠷᠭᠠᠯᠲᠠ ᠳᠤ ᠪᠠᠨ ᠦᠭᠡᠷᠡᠴᠢᠯᠡᠯᠲᠡ ᠬᠢᠬᠦ ᠴᠢᠬᠤᠯᠠ ᠲᠠᠢ ᠪᠣᠯᠵᠠᠢ᠃ ᠡᠶᠢᠮᠦᠷᠭᠦᠤ ᠪᠠᠶᠢᠳᠠᠯ ᠳᠤ ᠪᠢᠳᠡ ᠬᠡᠯᠡ ᠰᠤᠶᠤᠯ ᠢᠶᠠᠨ ᠶᠠᠭᠠᠬᠢᠵᠦ ᠤᠯᠠᠮᠵᠢᠯᠠᠬᠤ ᠪᠣᠢ︖ ᠶᠠᠭᠠᠬᠢᠵᠦ ᠵᠢᠭᠠᠪᠠᠯ ᠬᠠᠮᠤᠭ ᠤᠨ ᠪᠦᠳᠦᠮᠵᠢᠲᠡᠢ ᠪᠣᠢ︖ ᠬᠤᠪᠢᠷᠠᠯᠳᠠ ᠬᠥᠭᠵᠢᠯᠲᠡ ᠲᠠᠢ ᠬᠡᠷᠬᠢᠨ ᠵᠣᠬᠢᠴᠠᠬᠤ ᠪᠣᠢ︖ ᠭᠡᠳᠡᠭ ᠢ ᠬᠦᠮᠦᠨ ᠪᠣᠯᠭᠠᠨ ᠪᠣᠳᠤᠯᠬᠢᠯᠠᠬᠤ ᠴᠠᠭ ᠪᠣᠯᠵᠠᠢ᠃ ᠨᠡᠶᠢᠭᠡᠮ ᠨᠢ ᠪᠠᠭᠰᠢ ᠶᠢ ᠵᠢᠮᠡᠯᠡᠵᠦ᠂ ᠪᠠᠭᠰᠢ ᠨᠢ ᠭᠡᠷ ᠤᠨ ᠠᠬᠠᠮᠠᠳ ᠲᠤ ᠲᠦᠯᠬᠢᠭᠡᠳ᠂ ᠰᠤᠷᠤᠭᠴᠢ ᠨᠢ ᠦᠢᠯᠡ ᠲᠠᠮᠤ ᠪᠠᠨ ᠦᠵᠡᠭᠡᠳ ᠮᠦᠨ ᠰᠤᠷᠴᠤ ᠲᠡᠶᠢᠯᠬᠦ ᠦᠭᠡᠢ ᠪᠠᠶᠢᠭ᠎ᠠ ᠪᠠ ᠵᠢᠭᠠᠬᠤ ᠲᠤᠳᠤᠮ ᠦᠷ᠎ᠡ ᠳ᠋ᠦᠩ ᠠᠨᠠᠢ ᠪᠣᠯᠵᠤ ᠪᠠᠶᠢᠭ᠎ᠠ ᠶᠢ ᠪᠢᠳᠡ ᠰᠣᠳᠤᠯᠬᠤ ᠦᠭᠡᠢ ᠪᠠᠶᠢᠬᠤ ᠶᠢᠨ ᠠᠷᠭ᠎ᠠ ᠦᠭᠡᠢ ᠪᠣᠯᠪᠠ᠃ ᠡᠨᠡ ᠶᠡᠭᠡ ᠬᠢᠮᠦᠷᠠᠯ ᠠᠴᠠ ᠪᠢᠳᠡ ᠵᠠᠪᠠᠯ ᠲᠠᠪᠠᠵᠤ ᠭᠠᠷᠬᠤ ᠣᠴᠢᠷ ᠲᠠᠢ ᠪᠣᠯᠪᠠ᠃ ︽ᠬᠥᠭᠵᠢᠯᠲᠡ ᠪᠣᠯ ᠬᠠᠲᠠᠭᠤ ᠶᠣᠰᠤ︾ ᠭᠡᠳᠡᠭ ᠢᠶᠠᠷ ︽ᠥᠭᠡᠷᠡᠴᠢᠯᠡᠯᠳᠡ ᠪᠣᠯ ᠵᠠᠶᠢᠯᠠᠰᠢ ᠦᠭᠡᠢ︾ ᠪᠣᠯᠵᠠᠢ᠃ ᠭᠡᠬᠦ ᠳᠤ ᠪᠠᠨ ︽ᠵᠢᠭᠠᠨ ᠰᠤᠷᠭᠠᠯᠲᠠ ᠶᠢᠨ ᠥᠭᠡᠷᠡᠴᠢᠯᠡᠯᠲᠠ︾ ᠭᠡᠵᠦ ᠬᠡᠳᠦᠨ ᠵᠢᠯ ᠶᠠᠷᠢᠭᠰᠠᠨ ᠪᠣᠯᠪᠠᠴᠤ ᠠᠬᠢᠴᠠ ᠪᠠᠷ ᠠᠨᠠᠢ ᠪᠠᠶᠢᠵᠤ ᠮᠦᠨ ᠯᠡ ᠰᠢᠨ᠎ᠡ ᠭᠤᠳᠣᠯ ᠡᠮᠦᠰᠴᠦ ᠬᠠᠭᠤᠴᠢᠨ ᠵᠠᠮ ᠢᠶᠠᠷ ᠢᠶᠠᠨ ᠠᠯᠬᠤᠯᠠᠵᠤ ᠶᠠᠪᠤᠭ᠎ᠠ ᠦᠵᠡᠭᠳᠡᠯ ᠣᠷᠤᠰᠢᠵᠦ ᠪᠠᠶᠢᠭ᠎ᠠ ᠶᠤᠮ᠃ ᠦᠭᠡᠷᠡᠴᠢᠯᠠᠯᠳᠠ ᠶᠢᠨ ᠰᠠᠭᠤᠷᠢ ᠪᠤᠯ ᠤᠯᠠᠮᠵᠢᠯᠠᠯ ᠶᠤᠮ᠃ ᠤᠯᠠᠮᠵᠢᠯᠠᠯᠳᠤ ︽ᠦᠶᠠᠴᠢᠯᠠᠵᠤ ᠤᠡᠭᠰᠢᠬᠤ︾ ᠵᠢᠭᠠᠨ ᠰᠤᠷᠭᠠᠬᠤ ᠠᠷᠭ᠎ᠠ ᠪᠠᠷ ᠵᠢᠱᠢᠶᠠᠯᠠᠭᠦ ᠳᠤ ᠲᠠᠷᠠ ᠨᠢ ᠮᠤᠩᠭᠤᠯ ᠭᠡᠯᠠᠨ ᠤ ᠲᠠᠭᠤᠳᠠᠯᠭ᠎ᠠ ᠪᠠ ᠪᠢᠴᠢᠯᠭᠡ ᠰᠠᠯᠤᠩᠬᠢᠷᠠᠭᠰᠠᠨ ᠵᠠᠯᠭᠠᠮᠠᠯ ᠭᠡᠯᠠᠨ ᠤ ᠤᠨᠴᠠᠯᠢᠬ ᠲᠤ ᠵᠤᠬᠢᠴᠠᠭᠰᠠᠨ ᠬᠠᠮᠤᠭ ᠰᠢᠨᠵᠢᠯᠠᠭᠦ ᠤᠬᠠᠭᠠᠨᠴᠢ ᠵᠢᠭᠠᠬᠤ ᠠᠷᠭ᠎ᠠ ᠶᠤᠮ᠃ ᠬᠢᠳᠠᠳ ᠲᠦᠷᠤᠯ ᠭᠡᠯᠠᠨ ᠤ ︽ᠦᠰᠦᠭᠯᠡᠨ ᠤᠡᠭᠰᠢᠬᠤ︾ ᠵᠢᠭᠠᠬᠤ ᠠᠷᠭ᠎ᠠ ᠳᠤ ᠭᠡᠷᠬᠢᠨ ᠦᠨᠳᠤᠰᠤᠯᠠᠵᠤ ᠪᠤᠯᠬᠤ ᠪᠤᠢ᠃ ᠪᠢᠳᠠ ᠤᠯᠠᠮᠵᠢᠯᠠᠯ ᠤᠨ ᠰᠢᠯᠢᠳᠡᠭ ᠢ ᠦᠯᠠᠳᠠᠭᠡᠭᠦ ᠭᠡᠳᠡᠭ ᠢ ᠵᠦᠪ ᠲᠠᠨᠢᠪᠠᠯ ᠵᠤᠬᠢᠨ᠎ᠠ᠃      ᠵᠢᠷᠭᠠᠯᠲᠤ ᠪᠠᠭᠰᠢ ︽︿ᠨᠡᠷᠡᠲᠦ ᠪᠠᠭᠰᠢ ᠶᠢᠨ ᠠᠵᠢᠯ ᠤᠨ ᠬᠠᠮᠲᠤᠯᠢᠭ﹀ ᠤᠨ ᠪᠦᠳᠦᠭᠡᠨ ᠪᠠᠶᠢᠭᠤᠯᠤᠯᠳᠠ ᠶᠢᠨ ᠲᠤᠬᠠᠢ︾᠂ ︽ᠭᠤᠣᠯᠯᠠᠭᠴᠢ ᠪᠠᠭᠰᠢ ᠶᠢᠨ ᠪᠣᠯᠪᠠᠰᠤᠷᠠᠯ ᠬᠢᠭᠡᠳ ᠪᠠᠭᠰᠢ ᠶᠢᠨ ᠲᠤᠰᠬᠠᠶᠢᠵᠢᠯᠲᠠ︾ ᠭᠡᠬᠦ ᠰᠡᠳᠦᠪ ᠢᠶᠠᠷ ᠬᠢᠴᠢᠶᠡᠯ ᠤᠷᠣᠯ᠎ᠠ᠃ ᠦᠭᠡ ᠶᠢ ᠴᠢᠩᠭ᠎ᠠ ᠶᠠᠷᠢᠳᠠᠭ ᠠᠴᠠ ᠨᠢ ᠪᠣᠯᠪᠠ ᠦᠦ᠂ ᠮᠠᠰᠢ ᠢᠳᠡᠯᠢᠭ ᠰᠠᠨᠠᠭᠳᠠᠵᠤ ᠬᠦᠮᠦᠰ ᠲᠤ ᠡᠷᠴᠢᠮ ᠬᠦᠴᠦ ᠨᠡᠮᠡᠵᠦ ᠪᠠᠶᠢᠯ᠎ᠠ᠃ ︽ᠨᠡᠷᠡᠲᠦ ᠪᠠᠭᠰᠢ ᠶᠢᠨ ᠠᠵᠢᠯ ᠤᠨ ᠦᠷᠦᠭᠡ︾᠂ ︽ᠨᠡᠷᠡᠲᠦ ᠪᠠᠭᠰᠢ ᠶᠢᠨ ᠠᠵᠢᠯ ᠤᠨ ᠬᠠᠮᠲᠤᠯᠢᠭ︾ ᠭᠡᠬᠦ ᠬᠤᠯᠪᠤᠭ᠎ᠠ ᠰᠦᠯᠵᠢᠶ᠎ᠡ ᠪᠠᠷ ᠲᠠᠮᠵᠢᠨ ᠬᠠᠮᠲᠤᠷᠠᠨ ᠠᠵᠢᠯᠯᠠᠬᠤ ᠠᠷᠭ᠎ᠠ ᠮᠡᠷᠭᠡᠵᠢᠯ ᠤᠨ ᠲᠤᠬᠠᠢ ᠶᠠᠷᠢᠯ᠎ᠠ᠃ ︽ᠨᠢᠭᠡ ᠬᠦᠮᠦᠨ ᠤ ᠣᠬᠠᠭᠠᠨ ᠵᠠᠷᠤᠭᠠᠳ ᠬᠦᠷᠬᠦ ᠦᠭᠡᠢ᠂ ᠬᠤᠶᠠᠷ ᠬᠦᠮᠦᠨ ᠤ ᠣᠬᠠᠭᠠᠨ ᠵᠠᠷᠤᠭᠠᠳ ᠪᠠᠷᠠᠬᠤ ᠦᠭᠡᠢ︾ ᠭᠡᠳᠡᠭ ᠢᠶᠠᠷ ᠬᠠᠮᠵᠢᠯᠴᠠᠵᠦ ᠬᠤᠷᠰᠢᠯᠴᠠᠬᠤ ᠨᠢ ᠵᠦᠢᠲᠡᠢ ᠰᠠᠨ᠃ ︽ᠨᠠᠳᠠ ᠳᠤ ᠨᠢᠭᠡ ᠠᠯᠮᠤᠷᠠᠳ ᠲᠠᠢ᠂ ᠴᠢᠮ᠎ᠠ ᠳᠤ ᠨᠢᠭᠡ ᠠᠯᠮᠤᠷᠠᠳ ᠲᠠᠢ᠃ ᠬᠠᠷᠢᠯᠴᠠᠨ ᠰᠣᠯᠢᠯᠴᠠᠬᠤ ᠳᠤ ᠮᠦᠨ ᠯᠡ ᠨᠢᠭᠡ ᠨᠢᠭᠡ ᠠᠯᠮᠤᠷᠠᠳ᠃ ᠭᠡᠬᠦ ᠳᠤ ᠨᠠᠳᠠ ᠳᠤ ᠨᠢᠭᠡ ᠦᠵᠡᠯ ᠰᠠᠨᠠᠭ᠎ᠠ ᠲᠠᠢ᠂ ᠴᠢᠮ᠎ᠠ ᠳᠤ ᠨᠢᠭᠡ ᠦᠵᠡᠯ ᠰᠠᠨᠠᠭ᠎ᠠ ᠲᠠᠢ᠂ ᠬᠠᠷᠢᠯᠴᠠᠨ ᠰᠣᠯᠢᠯᠴᠠᠪᠠᠯ ᠬᠠᠷᠢᠨ ᠬᠤᠶᠠᠷ ᠦᠵᠡᠯ ᠰᠠᠨᠠᠭ᠎ᠠ ᠲᠠᠢ ᠪᠣᠯᠤᠨ᠎ᠠ︾ ᠭᠡᠳᠡᠭ ᠪᠢᠯᠡ᠃ ᠬᠢᠷᠢ ᠲᠡᠩᠴᠡᠭᠰᠡᠨ ᠪᠠᠭᠰᠢ ᠪᠣᠯᠬᠤ᠂ ᠰᠠᠶᠢᠨ ᠪᠠᠭᠰᠢ ᠪᠣᠯᠬᠤ᠂ ᠨᠡᠷᠡᠲᠦ ᠪᠠᠭᠰᠢ ᠪᠣᠯᠬᠤ ᠪᠣᠯ ᠪᠠᠭᠰᠢ ᠪᠤᠯᠭᠠᠨ ᠤ ᠮᠥᠷᠦᠭᠡᠳᠦᠯ ᠲᠡᠮᠡᠴᠡᠯ ᠪᠠᠶᠢᠬᠤ ᠤᠴᠢᠷᠲᠠᠢ ᠪᠢᠯᠡ᠃ ᠭᠡᠬᠦ ᠳᠤ ᠪᠠᠨ ᠪᠠᠭᠰᠢ ᠪᠣᠯᠭᠠᠨ ᠲᠤᠭᠤᠷᠠᠳᠠᠯ᠎ᠠ ᠮᠡᠳᠡᠵᠦ ᠪᠠᠶᠢᠪᠠᠴᠤ ᠪᠠᠷᠢᠮᠲᠠᠯᠠᠵᠤ ᠲᠡᠶᠢᠯᠬᠦ ᠦᠭᠡᠢ ᠠᠴᠠ ᠪᠣᠯᠵᠤ ᠵᠠᠮ ᠳᠤᠮᠳᠠ ᠠᠴᠠ ᠪᠠᠨ ᠪᠤᠴᠠᠳᠠᠭ ᠠᠴᠠ ᠠᠮᠵᠢᠯᠲᠠ ᠶᠢᠨ ᠠᠯᠲᠠᠨ ᠳᠦᠷᠦᠭᠡ ᠶᠢ ᠲᠡᠷᠡ ᠪᠣᠯᠭᠠᠨ ᠭᠢᠰᠭᠢᠵᠦ ᠲᠡᠶᠢᠯᠳᠡᠭ ᠦᠭᠡᠢ᠃ ᠪᠠᠭᠰᠢ ᠶᠢᠨ ᠠᠵᠢᠯ ᠪᠣᠯ ᠤᠳᠠᠭᠠᠨ ᠳᠠᠭᠠᠭᠠᠮᠠᠭᠠᠢ ᠴᠢᠨᠠᠷ ᠲᠠᠢ ᠲᠡᠰᠪᠦᠷᠢ ᠲᠡᠪᠴᠢᠶᠡᠷᠢ ᠱᠠᠭᠠᠷᠳᠠᠭᠳᠠᠬᠤ ᠠᠵᠢᠯ ᠮᠦᠨ᠃ ᠶᠠᠭᠠᠷᠠᠵᠤ ᠰᠠᠨᠳᠤᠷᠴᠦ ᠦᠯᠦ ᠪᠣᠯᠬᠤ ᠪᠦᠭᠡᠳ ᠤᠷᠮ᠎ᠠ ᠬᠤᠭᠤᠷᠠᠵᠤ ᠵᠠᠮ ᠠᠴᠠ ᠨᠢ ᠣᠷᠬᠢᠬᠤ ᠠᠵᠢᠯ ᠤᠭᠲᠤ ᠪᠢᠰᠢ᠃ ᠲᠠᠷᠢᠶ᠎ᠠ ᠪᠠᠨ ︽ᠤᠷᠭᠤᠭᠤᠯᠬᠤ ᠭᠡᠳ ᠦᠭᠳᠡᠭᠡᠵᠦ︾ ᠪᠣᠯᠬᠤ ᠦᠭᠡᠢ ᠶᠤᠮ ᠴᠢᠨᠢ ᠨᠡᠩ ᠴᠤ ᠬᠡᠣᠭᠡᠳ ᠢ ᠬᠦᠮᠦᠵᠢᠬᠦᠯᠬᠦ ᠳᠤ ᠦᠰᠦᠨ ᠪᠤᠶᠢᠵᠢᠯᠲᠠ ᠶᠢᠨ ᠵᠢᠮ᠎ᠡ ᠬᠠᠣᠯᠢ ᠳᠤ ᠨᠢ ᠵᠣᠬᠢᠴᠠᠭᠤᠯᠬᠤ ᠬᠡᠷᠡᠭᠳᠡᠢ ᠶᠤᠮ᠃ ᠵᠢᠷᠭᠠᠯᠲᠤ ᠪᠠᠭᠰᠢ ᠶᠢᠨ ︽ᠬᠢᠴᠢᠶᠡᠯ ᠤᠨ ᠪᠠᠷᠢᠮᠵᠢᠶ᠎ᠠ ᠶᠢ ᠴᠢᠬᠤᠯᠠᠴᠢᠯᠠᠬᠤ︾ ︽ᠬᠢᠴᠢᠶᠡᠯ ᠲᠥᠷᠦᠯ ᠤᠨ ᠳᠤᠰᠬᠠᠢ ᠮᠡᠷᠭᠡᠵᠢᠯᠲᠡᠨ ᠪᠣᠯᠬᠤ︾ ᠲᠤᠬᠠᠢ ᠶᠠᠷᠢᠭᠰᠠᠨ ᠨᠢ ᠰᠡᠳᠭᠢᠯ ᠳᠤ ᠭᠦᠨ ᠬᠠᠳᠠᠩᠰᠢᠯ᠎ᠡ᠃ ︽ᠬᠢᠴᠢᠶᠡᠯ ᠤᠨ ᠪᠠᠷᠢᠮᠵᠢᠶ᠎ᠠ ᠶᠢ ᠴᠢᠬᠤᠯᠠᠴᠢᠯᠠᠬᠤ︾ ᠶᠢ ᠪᠠᠭᠰᠢ ᠪᠣᠯᠭᠠᠨ ᠮᠡᠳᠡᠳᠡᠭ ᠴᠤ ᠰᠣᠳᠤᠯᠵᠤ ᠬᠡᠷᠡᠭᠵᠢᠭᠦᠯᠵᠦ ᠪᠠᠶᠢᠭ᠎ᠠ ᠨᠢ ᠳᠦᠢᠯ ᠤᠨ ᠴᠥᠭᠡᠨ᠃ ︽ᠬᠢᠴᠢᠶᠡᠯ ᠤᠨ ᠪᠠᠷᠢᠮᠵᠢᠶ᠎ᠠ︾ ᠪᠣᠯ ᠮᠠᠰᠢ ᠣᠯᠠᠨ ᠬᠦᠮᠦᠨ ᠤ ᠣᠢ ᠤᠬᠠᠭᠠᠨ᠂ ᠬᠦᠴᠦ ᠬᠥᠳᠡᠯᠮᠦᠷᠢ ᠪᠠᠷ ᠲᠠᠮᠵᠢᠨ ᠪᠤᠯᠪᠠᠰᠤᠷᠠᠭᠤᠯᠤᠭᠳᠠᠨ ᠭᠠᠷᠴᠤ ᠢᠷᠡᠭᠰᠡᠨ ᠵᠢᠭᠠᠨ ᠰᠤᠷᠭᠠᠯᠲᠠ᠂ ᠰᠤᠷᠭᠠᠨ ᠬᠦᠮᠦᠵᠢᠯ ᠳᠤ ᠲᠣᠬᠢᠷᠠᠭᠰᠠᠨ ᠵᠦᠪ ᠣᠨᠤᠪᠴᠢᠳᠤ ᠴᠢᠨᠠᠷ ᠢᠶᠠᠷ ᠦᠨᠳᠦᠷ ᠵᠢᠭᠠᠨ ᠰᠤᠷᠭᠠᠯᠲᠠ ᠶᠢᠨ ᠵᠥᠭᠯᠡᠭᠦᠷ ᠪᠣᠯᠬᠤ ᠶᠤᠮ᠃ ︽ᠬᠢᠴᠢᠶᠡᠯ ᠤᠨ ᠪᠠᠷᠢᠮᠵᠢᠶ᠎ᠠ︾ ᠶᠢ ᠠᠮᠢᠳᠤᠯᠢᠭ ᠠᠰᠢᠭᠯᠠᠵᠤ ᠬᠠᠷᠠᠯᠲᠠ ᠲᠠᠢ ᠵᠢᠭᠠᠨ ᠰᠤᠷᠭᠠᠬᠤ ᠨᠢ ᠵᠢᠭᠠᠨ ᠰᠤᠷᠭᠠᠯᠲᠠ ᠶᠢᠨ ᠠᠮᠵᠢᠯᠳᠠ ᠳᠤ ᠭᠦᠷᠭᠦ ᠵᠠᠶᠢᠯᠠᠰᠢ ᠦᠭᠡᠢ ᠵᠠᠮ ᠶᠤᠮ᠃ ᠬᠢᠴᠢᠶᠡᠯ ᠲᠥᠷᠦᠯ ᠤᠨ ᠢᠶᠠᠨ ᠲᠤᠰᠬᠠᠢ ᠮᠡᠷᠭᠡᠵᠢᠯᠲᠡᠨ ᠪᠣᠯᠤᠨ᠎ᠠ ᠭᠡᠳᠡᠭ ᠬᠠᠷᠢᠨ ᠬᠢᠯᠪᠠᠷ ᠪᠢᠰᠢ ᠡ᠃ ᠦᠪᠡᠷ ᠤᠨ ᠳᠤᠰᠬᠠᠢ ᠮᠡᠷᠭᠡᠵᠢᠯ ᠳᠤ ᠪᠠᠨ ᠮᠡᠷᠭᠡᠰᠢᠵᠦ ᠴᠠᠭᠠᠷᠠᠨ᠎ᠠ ᠭᠡᠳᠡᠭ ᠨᠦᠷᠢ ᠶᠡᠭᠡ ᠬᠥᠳᠡᠯᠮᠦᠷᠢ᠂ ᠣᠶᠢᠭ᠎ᠠ ᠦᠭᠡᠢ ᠴᠢᠷᠮᠠᠶᠢᠯᠭ᠎ᠠ ᠬᠡᠷᠡᠭᠳᠡᠢ᠃ ᠥᠷᠭᠦᠯᠵᠢ ᠰᠣᠳᠤᠯᠵᠤ᠂ ᠲᠠᠰᠤᠷᠠᠯ ᠦᠭᠡᠢ ᠬᠤᠷᠠᠮᠳᠤᠭᠤᠯᠵᠤ᠂ ᠢᠮᠠᠭᠲᠠ ᠵᠢᠳᠭᠦᠵᠦ ᠪᠠᠶᠢᠵᠤ ᠲᠡᠷᠡ ᠬᠡᠮᠵᠢᠶᠡᠨ ᠳᠤ ᠬᠦᠷᠬᠦ ᠶᠢ ᠵᠢᠭᠠᠨ᠎ᠠ᠃ ᠪᠠᠭᠰᠢ ᠨᠠᠷ ᠵᠢᠭᠠᠨ ᠰᠤᠷᠭᠠᠬᠤ ᠶᠠᠪᠤᠴᠠ ᠳᠤ ᠪᠠᠨ ᠥᠪᠡᠷ ᠤᠨ ᠲᠤᠰᠬᠠᠢ ᠮᠡᠷᠭᠡᠵᠢᠯ ᠤᠨ ᠲᠤᠬᠠᠢ ᠣᠨᠤᠯ ᠤᠨ ᠲᠤᠭᠳᠠᠯᠴᠠᠭ᠎ᠠ ᠶᠢ ᠪᠦᠷᠢᠯᠳᠦᠭᠦᠯᠪᠡᠯ ᠵᠦᠢ ᠲᠠᠢ᠃ ᠪᠠᠭᠰᠢ ᠪᠤᠯᠭᠠᠨ ᠭᠦᠦᠱᠢ ᠪᠣᠯᠵᠤ ᠴᠢᠳᠠᠬᠤ ᠦᠭᠡᠢ ᠴᠤ ᠲᠤᠰᠬᠠᠢ ᠮᠡᠷᠭᠡᠵᠢᠯ ᠤᠨ ᠬᠤᠪᠢ ᠳᠤ ︽ᠥᠪᠡᠷ ᠤᠨ ᠬᠡᠰᠡᠨ ᠶᠠᠭᠤᠮ᠎ᠠ ᠲᠠᠢ ᠪᠠᠶᠢᠬᠤ︾ ᠨᠢ ᠲᠡᠭᠡᠷ᠎ᠡ ᠶᠤᠮ᠃      ᠦᠳᠡ ᠶᠢᠨ ᠬᠤᠶᠢᠨ᠎ᠠ ᠨᠢ ᠪᠠᠭᠰᠢ ᠨᠠᠷ ᠢ ᠳᠤᠭᠤᠶᠢᠯᠠᠩ ᠬᠤᠪᠢᠶᠠᠵᠤ ︽ᠠᠵᠢᠯ ᠤᠨ ᠬᠠᠮᠲᠤᠯᠢᠭ︾ ᠪᠠᠶᠢᠭᠤᠯᠵᠠᠢ᠃ ᠳᠡᠭᠡᠳᠦ ᠳᠤᠮᠳᠠᠳᠤ ᠶᠢᠨ ᠬᠡᠯᠡ ᠪᠢᠴᠢᠭ ᠤᠨ ᠪᠠᠭᠰᠢ ᠬᠤᠶᠠᠷ ᠳᠤᠭᠤᠶᠢᠯᠠᠩ ᠳᠤ ᠬᠤᠪᠢᠶᠠᠭᠳᠠᠯ᠎ᠠ᠃ ᠰᠤᠷᠤᠯᠴᠠᠯᠭ᠎ᠠ ᠶᠢᠨ ᠬᠤᠭᠤᠴᠠᠭᠠᠨ ᠳᠤ ᠳᠣᠭᠤᠶᠢᠯᠠᠩ ᠢᠶᠠᠷ ᠬᠠᠮᠵᠢᠯᠴᠠᠵᠤ ᠰᠤᠳᠤᠯᠤᠨ ᠰᠤᠷᠤᠯᠴᠠᠬᠤ ᠠᠵᠢ᠃ ᠳᠤᠭᠤᠶᠢᠯᠠᠩ ᠪᠠᠶᠢᠭᠤᠯᠤᠭᠳᠠᠮᠠᠭᠴᠠ ᠦᠷᠢᠰᠦᠯᠳᠦᠭᠡᠨ ᠡᠬᠢᠯᠡᠯ᠎ᠡ᠃ ᠣᠷᠢᠳ ᠢᠶᠠᠷ ᠳᠣᠭᠤᠶᠢᠯᠠᠩ ᠪᠦᠷᠢ ᠳᠤ ᠨᠢᠭᠡ ᠪᠠᠭᠴᠠ ᠭᠤᠮ ᠭᠤᠤᠷᠰᠤ ᠦᠭᠴᠦ᠂ ︽ᠭᠠᠷ ᠬᠥᠳᠡᠯᠦᠯᠴᠡᠵᠦ ᠬᠠᠮᠤᠭ ᠤᠨ ᠦᠨᠳᠦᠷ ᠬᠠᠮᠤᠭ ᠤᠨ ᠰᠠᠭᠤᠷᠢ ᠲᠠᠢ ᠭᠡᠷ ᠪᠥᠲᠦᠭᠡ︾ ᠭᠡᠬᠦ ᠡᠭᠦᠷᠭᠡ ᠥᠭᠬᠦᠯ᠎ᠡ᠃ ᠰᠤᠷᠤᠭᠴᠢ ᠶᠢ ᠵᠠᠬᠢᠵᠤ ︽ᠳᠣᠭᠤᠶᠢᠯᠠᠩ ᠤᠨ ᠠᠵᠢᠯᠯᠠᠭᠠᠨ︾ ᠬᠢᠯᠭᠡᠳᠡᠭ ᠪᠠᠭᠰᠢ ᠨᠠᠷ ᠡᠨᠡ ᠠᠵᠢᠯ ᠳᠤ ᠪᠠᠭ᠋ᠠᠨ ᠪᠠᠷᠢᠴᠠ ᠠᠯᠳᠠᠵᠤ ᠲᠤᠭᠳᠠᠭᠰᠠᠨ ᠴᠠᠭ ᠲᠤ ᠬᠢᠷᠢ ᠲᠡᠩᠴᠡᠭᠰᠡᠨ ᠴᠢᠨᠠᠷ ᠲᠠᠢ ᠰᠠᠶᠢᠬᠠᠨ ᠭᠡᠷ ᠪᠤᠰᠬᠠᠵᠤ ᠴᠢᠳᠠᠭ᠎ᠠ ᠦᠭᠡᠢ ᠨᠢ ᠭᠠᠶᠢᠬᠠᠮᠠᠷ ᠶᠤᠮ᠃ ᠬᠡᠷᠪᠡ ᠰᠤᠷᠤᠭᠴᠢᠳ ᠢᠶᠠᠷ ᠬᠢᠯᠭᠡᠭᠰᠡᠨ ᠪᠣᠯ ᠡᠬᠦᠨ ᠠᠴᠠ ᠠᠷᠪᠠᠨ ᠳᠠᠬᠢᠨ ᠲᠡᠭᠡᠷ᠎ᠡ ᠪᠠᠶᠢᠬ᠎ᠠ ᠳ᠋ᠠ᠃ ︽ᠪᠠᠭᠰᠢ ᠶᠢᠨ ᠬᠠᠮᠵᠢᠯᠴᠠᠭ᠎ᠠ︾ ᠶᠠᠭᠤ ᠪᠤᠯᠵᠤ ᠪᠠᠶᠢᠨ᠎ᠠ︖ ᠪᠢᠳᠡᠨ ᠳᠤ ᠰᠤᠷᠬᠤ ᠶᠠᠭᠤᠮ᠎ᠠ ᠣᠯᠠᠨ ᠪᠣᠢ ᠰᠢᠦ ᠳ᠋ᠠ᠃ ᠵᠠᠯᠭᠠᠭᠠᠳ ᠳᠣᠭᠤᠶᠢᠯᠠᠩ ᠤᠨ ᠨᠡᠷ᠎ᠡ᠂ ᠤᠷᠢᠶ᠎ᠠ᠂ ᠬᠠᠷᠠᠯᠲᠠ ᠂ ᠳᠠᠭᠤᠤ᠂ ᠲᠥᠯᠦᠪᠯᠡᠭᠡ ᠪᠠᠨ ᠲᠣᠭᠲᠠᠭᠠᠨ᠎ᠠ᠃ ᠭᠠᠷ ᠬᠥᠳᠡᠯᠵᠦ ᠬᠢᠬᠦ ᠠᠵᠢᠯ ᠳᠤ ᠲᠠᠭᠠᠷᠠᠤᠬᠠᠨ ᠴᠤ ᠣᠶᠤᠨ ᠣᠬᠠᠭᠠᠨ ᠬᠡᠷᠡᠭᠯᠡᠬᠦ ᠠᠵᠢᠯ ᠳᠤ ᠪᠠᠭᠰᠢ ᠨᠠᠷ ᠬᠠᠷᠢᠨ ᠮᠠᠰᠢ ᠰᠠᠴᠠᠨ ᠮᠡᠷᠭᠡᠨ ᠶᠤᠮ᠂ ᠤᠳᠠᠯ ᠦᠭᠡᠢ ᠭᠤᠶᠤ ᠰᠠᠶᠢᠬᠠᠨ ᠨᠡᠷ᠎ᠡ᠂ ᠢᠳᠡᠯᠢᠭ ᠬᠦᠴᠦᠲᠡᠢ ᠤᠷᠢᠶ᠎ᠠ᠂ ᠰᠡᠳᠭᠢᠯ ᠳᠣᠭᠳᠤᠯᠤᠮ᠎ᠠ ᠬᠠᠷᠠᠯᠲᠠ᠂ ᠭᠤᠴᠤ ᠲᠠᠭᠤᠤ᠂ ᠣᠢ ᠲᠣᠢ ᠳᠤ ᠣᠷᠤᠮ᠎ᠠ ᠦᠭᠡᠢ ᠰᠠᠶᠢᠨ ᠲᠥᠯᠥᠪᠯᠡᠭᠡ ᠮᠡᠨᠳᠦᠯᠡᠵᠦ᠂ ᠮᠠᠰᠢ ᠤᠷᠠᠨ ᠰᠠᠨᠠᠭ᠎ᠠ ᠲᠠᠢ ᠵᠢᠷᠤᠭ ᠤᠷᠠᠯᠠᠯ ᠲᠠᠢ ᠪᠥᠲᠦᠭᠡᠯ ᠭᠠᠷᠭᠠᠨ ᠭᠠᠶᠢᠬᠠᠭᠤᠯᠵᠠᠭᠠᠯ᠎ᠠ᠃ ᠵᠠᠷᠢᠮ ᠳᠤᠭᠤᠶᠢᠯᠠᠩ ᠨᠢ ᠪᠦᠷ ᠴᠤ ᠦᠪᠡᠷ ᠢᠶᠠᠨ ᠲᠠᠭᠤᠨ ᠤ ᠦᠭᠡ ᠠᠶᠠᠯᠭᠤ ᠵᠣᠬᠢᠶᠠᠵᠤ ᠲᠠᠭᠤᠯᠠᠭᠰᠠᠨ ᠨᠢ ᠮᠣᠨᠳᠠᠭ ᠪᠣᠯᠵᠠᠢ᠃ ᠬᠠᠷᠠᠯᠲᠠ ᠲᠥᠯᠥᠪᠯᠡᠭᠡ ᠲᠠᠢ ᠪᠣᠯᠵᠠᠭᠠᠭᠰᠠᠨ ᠪᠢᠳᠠ ᠶᠠᠭᠤ ᠬᠢᠬᠦ ᠪᠣᠢ︖ ᠶᠠᠭᠠᠬᠢᠵᠦ ᠬᠢᠬᠦ ᠪᠣᠢ︖ ᠭᠡᠵᠦ ᠣᠬᠠᠭᠠᠨ ᠲᠡᠯᠡᠵᠦ ᠡᠬᠢᠯᠡᠯ᠎ᠡ ᠁      ᠳᠠᠷᠠᠭ᠎ᠠ ᠬᠤᠶᠠᠷ ᠡᠳᠦᠷ ᠨᠢ ᠪᠢᠳᠡ ᠨᠠᠨᠵᠢᠩ ᠤᠨ ᠪᠠᠭᠰᠢ ᠶᠢᠨ ᠶᠡᠭᠡ ᠰᠤᠷᠭᠠᠭᠤᠯᠢ ᠶᠢᠨ ᠬᠠᠷᠢᠶᠠᠲᠤ ᠲᠤᠷᠰᠢᠯᠲᠠ ᠶᠢᠨ ᠳᠣᠮᠳᠠᠳᠤ ᠰᠤᠷᠭᠠᠭᠤᠯᠢ ᠪᠠ ᠪᠦᠸᠧ ᠯᠧ ᠳᠤᠮᠳᠠᠳᠤ ᠰᠤᠷᠭᠠᠭᠤᠯᠢ ᠳᠤ ᠬᠥᠷᠴᠦ ᠬᠢᠴᠢᠶᠡᠯ ᠰᠤᠨᠤᠰᠤᠯ᠎ᠠ᠃ ᠮᠠᠨ ᠤ ᠳᠣᠭᠤᠶᠢᠯᠠᠩ ᠤᠨ ᠬᠢᠨ ᠬᠡᠯᠡ ᠪᠢᠴᠢᠭ ᠤᠨ ᠬᠢᠴᠢᠶᠡᠯ ᠢ ᠰᠣᠩᠭᠤᠵᠤ ᠰᠣᠨᠤᠰᠤᠭᠰᠠᠨ ᠪᠢᠯᠠ᠃ ᠬᠤᠶᠠᠷ ᠡᠳᠦᠷ ᠤᠨ ᠬᠢᠴᠢᠶᠡᠯ ᠰᠤᠨᠤᠰᠤᠭᠰᠠᠨ ᠶᠠᠪᠤᠴᠠ ᠳᠤ ᠣᠯᠤᠭᠰᠠᠨ ᠣᠯᠤᠯᠲᠠ ᠲᠥᠷᠦᠭᠳᠡᠯ ᠪᠠᠭ᠎ᠠ ᠪᠤᠰᠤ᠃      1. ᠬᠡᠯᠡ ᠪᠢᠴᠢᠭ ᠤᠨ ᠵᠢᠭᠠᠨ ᠰᠤᠷᠭᠠᠯᠳᠠ ᠳᠤ ᠵᠢᠮ᠎ᠠ ᠬᠠᠤᠯᠢ ᠪᠠᠶᠢᠳᠠᠭ᠂ ᠲᠠᠷᠠ ᠨᠢ ᠠᠯᠢ ᠬᠡᠯᠡᠨ ᠳᠤ ᠴᠤ ᠠᠳᠠᠯᠢᠬᠠᠨ ᠭᠡᠳᠡᠭ ᠢ ᠨᠡᠩ ᠬᠦᠨᠵᠡᠭᠡᠢ ᠣᠶᠢᠯᠠᠭᠠᠯ᠎ᠠ᠃ ᠲᠠᠷᠦᠢ ᠤᠩᠰᠢᠬᠤ᠂ ᠣᠶᠢᠯᠠᠭᠠᠬᠤ᠂ ᠪᠢᠴᠢᠬᠦ᠂ ᠶᠠᠷᠢᠵᠤ ᠢᠯᠡᠳᠭᠡᠬᠦ ᠪᠠᠷ ᠳᠠᠮᠵᠢᠨ ᠬᠡᠯᠡ ᠪᠢᠴᠢᠭ ᠤᠨ ᠮᠡᠳᠡᠯᠭᠡ ᠴᠢᠳᠠᠪᠤᠷᠢ ᠶᠢ ᠣᠯᠭᠤᠨ᠎ᠠ᠃ ᠬᠢᠲᠠᠳ ᠤᠨ ᠬᠢᠴᠢᠶᠡᠯ ᠵᠢᠭᠠᠵᠤ ᠪᠦᠬᠦᠢ ᠶᠠᠪᠤᠴᠠ ᠮᠦᠨ ᠯᠡ ᠵᠤᠬᠢᠶᠠᠭᠴᠢ ᠶᠢ ᠲᠠᠨᠢᠯᠴᠠᠭᠤᠯᠬᠤ᠂ ᠦᠭᠡ ᠥᠭᠦᠯᠡᠪᠦᠷᠢ ᠶᠢ ᠰᠢᠨᠵᠢᠬᠦ᠂ ᠠᠭᠤᠯᠭ᠎ᠠ ᠰᠠᠨᠠᠭ᠎ᠠ ᠶᠢ ᠬᠤᠷᠢᠶᠠᠩᠭᠤᠶᠢᠯᠠᠬᠤ᠂ ᠪᠣᠯᠪᠠᠰᠤᠷᠠᠯ ᠳᠠᠳᠤᠯᠭ᠎ᠠ ᠬᠢᠯᠭᠡᠬᠦ ᠁ ᠮᠡᠲᠤ ᠪᠠᠷ ᠶᠠᠪᠤᠭᠳᠠᠵᠤ ᠪᠣᠢ᠃ ᠬᠡᠯᠡ ᠪᠢᠴᠢᠭ ᠵᠢᠭᠠᠬᠤ ᠬᠡᠯᠪᠡᠷᠢ ᠨᠢ ᠠᠳᠠᠯᠢ ᠴᠤ ᠬᠠᠷᠢᠨ ᠵᠢᠭᠠᠬᠤ ᠠᠷᠭ᠎ᠠ ᠶᠢᠨ ᠲᠠᠯ᠎ᠠ ᠪᠠᠷ ᠠᠳᠠᠯᠢ ᠪᠣᠰᠤ ᠵᠦᠢᠯ ᠵᠦᠩᠳᠡᠭᠡᠨ ᠬᠠᠷᠠᠭᠳᠠᠵᠤ ᠪᠣᠢ᠃ ᠮᠢᠨᠦ ᠬᠡᠯᠡ ᠪᠢᠴᠢᠭ ᠵᠢᠭᠠᠳᠠᠭ ᠵᠣᠷ ᠭᠡᠪᠡᠯ ︽ᠨᠣᠮ ᠣᠩᠰᠢᠭᠤᠯᠬᠤ ᠪᠠ ᠵᠣᠬᠢᠶᠠᠯ ᠪᠢᠴᠢᠭᠦᠯᠬᠦ︾ ᠠᠷᠭ᠎ᠠ ᠪᠣᠯᠤᠨ᠎ᠠ᠃ ᠰᠤᠷᠤᠭᠴᠢᠳ ᠢᠶᠠᠷ ᠣᠯᠠᠨ ᠣᠯᠠᠨ ᠨᠣᠮ ᠣᠩᠰᠢᠭᠤᠯᠳᠠᠭ᠃ ᠰᠤᠷᠤᠭᠴᠢᠳ ᠢ ᠨᠣᠮ ᠴᠤᠭᠯᠠᠭᠤᠯᠬᠤ ᠵᠠᠩᠰᠢᠯ ᠲᠠᠢ ᠪᠤᠯᠭᠠᠬᠤ᠂ ᠨᠣᠮ ᠬᠤᠳᠠᠯᠳᠤᠨ ᠠᠪᠬᠤ ᠲᠠᠳᠬᠠᠯ ᠲᠠᠢ ᠪᠣᠯᠭᠠᠬᠤ᠂ ᠨᠣᠮ ᠪᠢᠴᠢᠭ ᠢ ᠬᠠᠶᠢᠷᠠᠯᠠᠵᠤ᠂ ᠦᠷᠭᠦᠯᠵᠢ ᠣᠩᠰᠢᠵᠤ ᠪᠠᠶᠢᠬᠤ ᠶᠢ ᠢᠮᠠᠭᠲᠠ ᠱᠠᠭᠠᠷᠳᠠᠭᠰᠠᠭᠠᠷ ᠢᠷᠡᠵᠡᠢ᠃ ᠣᠷᠠᠨ ᠵᠣᠬᠢᠶᠠᠯ ᠤᠨ ᠢᠳᠡ ᠠᠮᠲᠠ ᠭᠡᠭᠴᠢ ᠬᠦᠮᠦᠨ ᠤ ᠰᠡᠳᠭᠢᠯ ᠢ ᠣᠷᠢᠶᠠᠯᠠᠨ ᠳᠠᠯᠠᠯᠵᠤ᠂ ᠤᠷᠮᠠᠰᠢᠭᠤᠯᠤᠨ ᠬᠥᠭᠵᠢᠭᠡᠵᠦ ᠰᠠᠷᠬᠤᠳ ᠰᠢᠬ ᠰᠣᠭᠲᠤᠭᠤᠷᠠᠭᠤᠯᠵᠤ ᠣᠷᠬᠢᠳᠠᠭ᠃ ᠲᠡᠷᠡ ᠠᠮᠲᠠ ᠶᠢ ᠨᠣᠮ ᠣᠩᠰᠢᠳᠠᠭ ᠬᠦᠮᠦᠨ ᠯᠡ ᠰᠡᠷᠡᠵᠦ ᠮᠡᠳᠡᠳᠡᠭ ᠰᠠᠨ᠃ ᠦᠪᠡᠷ ᠤᠨ ᠢᠶᠠᠨ ᠨᠣᠮ ᠢᠶᠠᠨ ᠵᠢᠭᠡᠯᠡᠬᠦᠯᠵᠦ ᠤᠡᠭᠰᠢᠭᠤᠯᠴᠢᠬᠠᠭᠠᠳ ᠬᠡᠳᠦᠨ ᠰᠠᠶᠢᠨ ᠨᠣᠮ ᠭᠡᠭᠡᠭᠰᠡᠨ ᠢ ᠡᠰᠡ ᠲᠣᠭᠠᠴᠢᠪᠠᠯ ᠣᠭᠳᠤ ᠬᠠᠷᠠᠮᠰᠠᠯ ᠦᠭᠡᠢ ᠪᠦᠭᠡᠳ ᠣᠯᠣᠯᠲᠠ ᠮᠠᠰᠢ ᠶᠡᠭᠡ ᠪᠠᠶᠢᠨᠠᠮ᠃ ᠢᠩᠬᠢᠵᠦ ᠵᠢᠯᠤᠭᠤᠳᠣᠭᠰᠠᠨ ᠠᠴᠠ ᠰᠤᠷᠤᠭᠴᠢ ᠣᠩᠰᠢᠯᠭ᠎ᠠ ᠶᠢᠨ ᠪᠣᠭᠤᠮᠲᠠ ᠶᠢ ᠠᠶᠠᠨᠳᠠᠭᠠᠨ ᠳᠠᠪᠠᠵᠦ ᠰᠤᠷᠬᠤ ᠳᠤ ᠬᠦᠴᠢᠷᠳᠡᠬᠦ ᠦᠭᠡᠢ ᠪᠣᠯᠳᠠᠭ᠃ ︽ᠬᠡᠣᠬᠡᠳ ᠰᠤᠷᠭᠠᠭᠤᠯᠢ ᠳᠤ ᠮᠠᠭᠤ ᠰᠤᠷᠳᠠᠭ ᠨᠢ ᠣᠩᠰᠢᠯᠭ᠎ᠠ ᠮᠠᠭᠤᠳᠠᠭᠰᠠᠨ ᠠᠴᠠ ᠪᠣᠯᠵᠠᠢ︾ ᠭᠡᠬᠦ ᠳ᠋ᠦᠩᠨᠡᠯᠲᠡ ᠪᠠᠶᠢᠳᠠᠭ ᠳ᠋ᠠ᠃ ᠵᠣᠬᠢᠶᠠᠯ ᠪᠢᠴᠢᠭᠦᠯᠬᠦ ᠪᠣᠯ ᠲᠦᠢᠯ ᠤᠨ ᠤᠷᠮ᠎ᠠ ᠪᠠᠬ᠎ᠠ ᠲᠠᠢ ᠳᠠᠰᠬᠠᠯ ᠪᠣᠯᠬᠤ ᠶᠤᠮ᠃ ᠵᠣᠬᠢᠶᠠᠯ ᠪᠢᠴᠢᠬᠦ ᠪᠠᠷ ᠳᠠᠮᠵᠢᠨ ᠰᠤᠷᠤᠭᠴᠢ ᠦᠪᠡᠷ ᠤᠨ ᠦᠵᠡᠯ ᠪᠣᠳᠤᠯ ᠢᠶᠠᠨ ᠳᠡᠯᠭᠡᠵᠦ ᠴᠢᠳᠠᠬᠤ ᠪᠦᠭᠡᠳ ᠬᠡᠯᠡ ᠰᠤᠷᠤᠭᠰᠠᠨ ᠢᠶᠠᠨ ᠭᠠᠶᠢᠬᠠᠭᠤᠯᠵᠤ ᠦᠵᠡᠭᠦᠯᠬᠦ ᠰᠠᠶᠢᠨ ᠲᠤᠬᠢᠶᠠᠯ ᠮᠦᠨ᠃ ᠵᠣᠬᠢᠶᠠᠯ ᠨᠢ ᠲᠡᠷᠡ ᠴᠢᠭ ᠢᠶᠠᠷ ᠢᠶᠠᠨ ᠰᠤᠷᠤᠭᠴᠢ ᠶᠢᠨ ᠡᠭᠦᠳᠦᠨ ᠪᠦᠳᠦᠭᠡᠯ ᠪᠣᠯᠬᠤ ᠲᠤᠯᠠ ᠮᠠᠰᠢ ᠦᠨ᠎ᠡ ᠥᠷᠲᠡᠭ ᠲᠠᠢ ᠶᠤᠮ᠃ ︽ᠤᠷᠮ᠎ᠠ ᠶᠢ ᠨᠢ ᠬᠤᠭᠤᠯᠬᠤ ᠪᠠᠷ ᠤᠭᠤᠴᠠ ᠶᠢ ᠨᠢ ᠬᠤᠭᠤᠯ︾ ᠭᠡᠳᠡᠭ ᠢᠶᠠᠷ ᠵᠣᠬᠢᠶᠠᠨ ᠪᠢᠴᠢᠯᠭᠡ ᠳᠤ ᠤᠷᠮᠠᠰᠢᠭᠤᠯᠬᠤ ᠨᠢ ᠬᠡᠯᠡ ᠪᠢᠴᠢᠭ ᠰᠤᠷᠬᠤ ᠮᠠᠰᠢ ᠰᠠᠶᠢᠨ ᠠᠷᠭ᠎ᠠ ᠪᠣᠯᠠᠢ᠃ ᠮᠢᠨᠦ ᠰᠤᠷᠤᠭᠴᠢ ᠠᠴᠠ ᠠᠩᠭᠢ ᠪᠠᠷ ᠢᠶᠠᠨ ᠲᠡᠭᠦᠪᠦᠷᠢ ᠭᠠᠷᠭᠠᠴᠢᠬᠠᠳᠠᠭ᠂ ᠦᠪᠡᠷ ᠢᠶᠠᠨ ᠲᠡᠭᠦᠪᠦᠷᠢ ᠭᠠᠷᠭᠠᠭᠰᠠᠨ ᠵᠢᠱᠢᠶ᠎ᠡ ᠬᠡᠳᠦ ᠪᠣᠢ᠃ ᠵᠣᠬᠢᠶᠠᠯ ᠢ ᠰᠠᠶᠢᠨ ᠪᠢᠴᠢᠵᠤ ᠴᠢᠳᠠᠵᠤ ᠪᠠᠶᠢᠨ᠎ᠠ ᠭᠡᠳᠡᠭ ᠴᠢᠨᠢ ᠬᠡᠯᠡ ᠪᠠᠨ ᠰᠠᠶᠢᠨ ᠰᠤᠷᠴᠤ ᠪᠠᠶᠢᠨ᠎ᠠ ᠭᠡᠵᠦ ᠦᠵᠡᠬᠦ ᠳᠤ ᠲᠠᠰᠢᠶᠠᠷᠠᠬᠤ ᠦᠭᠡᠢ ᠪᠣᠢ ‍ᠶ᠎ᠠ᠃      2. ᠦᠭᠡ ᠦᠭᠦᠯᠡᠪᠦᠷᠢ ᠪᠠᠨ ᠡᠵᠡᠮᠰᠢᠭᠦᠯᠬᠦ᠂ ᠬᠡᠯᠡᠨ ᠤ ᠮᠡᠳᠡᠷᠡᠮᠵᠢ ᠶᠢ ᠲᠡᠭᠡᠭᠰᠢᠯᠡᠭᠦᠯᠬᠦ᠂ ᠬᠡᠯᠡᠨ ᠤ ᠬᠤᠷᠠᠮᠳᠤᠭᠤᠯᠤᠯ ᠢ ᠪᠠᠶᠠᠯᠢᠬᠵᠢᠭᠤᠯᠵᠤ᠂ ᠣᠩᠰᠢᠯᠭ᠎ᠠ ᠶᠢ ᠵᠢᠯᠤᠭᠤᠳᠬᠤ ᠶᠢ ᠴᠢᠬᠤᠯᠠᠴᠢᠯᠠᠨ᠎ᠠ᠃ ᠡᠨᠡ ᠲᠠᠯ᠎ᠠ ᠪᠠᠷ ᠬᠢᠲᠠᠳ ᠬᠡᠯᠡ ᠪᠠ ᠮᠣᠩᠭᠤᠯ ᠬᠡᠯᠡᠨ ᠤ ᠵᠢᠭᠠᠨ ᠰᠤᠷᠭᠠᠯᠲᠠ ᠨᠢᠭᠡᠳᠦᠯᠳᠡᠢ ᠪᠠᠶᠢᠨ᠎ᠠ᠃ ᠦᠭᠡ ᠦᠭᠦᠯᠡᠪᠦᠷᠢ ᠪᠠᠨ ᠵᠦᠪ ᠣᠩᠰᠢᠵᠦ᠂ ᠵᠦᠪ ᠪᠢᠴᠢᠵᠦ᠂ ᠵᠦᠪ ᠬᠡᠷᠡᠭᠯᠡᠵᠦ ᠴᠢᠳᠠᠬᠤ ᠪᠣᠯ ᠭᠡᠯᠠ ᠰᠤᠷᠬᠤ ᠶᠢᠨ ᠵᠠᠩᠬᠢᠯᠠᠭ᠎ᠠ ᠮᠦᠨ᠃ ᠬᠡᠯᠡ ᠰᠤᠷᠬᠤ ᠶᠢᠨ ᠪᠠᠰᠠ ᠨᠢᠭᠡᠨ ᠵᠣᠷᠢᠯᠭ᠎ᠠ ᠮᠦᠨ᠃ ᠬᠦᠮᠦᠰ ᠣᠩᠰᠢᠯᠭ᠎ᠠ ᠪᠠᠷ ᠲᠠᠮᠵᠢᠨ ᠬᠡᠯᠡᠨ ᠤ ᠮᠡᠳᠡᠷᠡᠮᠵᠢ ᠶᠢ ᠣᠯᠵᠤ ᠬᠡᠯᠡᠨ ᠤ ᠬᠤᠷᠠᠮᠳᠤᠭᠤᠯᠤᠯ ᠲᠠᠢ ᠪᠣᠯᠳᠠᠭ᠃ ᠣᠯᠨᠨ ᠨᠣᠮ ᠣᠩᠰᠢᠵᠦ ᠪᠠᠶᠢᠨ᠎ᠠ ᠭᠡᠳᠡᠭ ᠴᠢᠨᠢ ᠦᠭᠡᠰ ᠤᠨ ᠰᠠᠩ ᠳᠤ ᠥᠪ ᠬᠥᠷᠦᠩᠭᠡ ᠨᠡᠮᠡᠭᠳᠡᠵᠦ ᠪᠣᠢ ᠯᠡ ᠬᠡᠰᠡᠨ ᠦᠭᠡ᠃      3. ᠪᠠᠭᠰᠢ ᠨᠠᠷ ᠤᠨ ᠬᠤᠷᠰᠢᠨ ᠠᠵᠢᠯᠯᠠᠬᠤ ᠨᠢ ᠦᠷ᠎ᠡ ᠪᠦᠳᠦᠮᠵᠢ ᠪᠠᠷ ᠨᠡᠩ ᠰᠠᠶᠢᠨ ᠪᠠᠶᠢᠳᠠᠭ ᠢ ᠤᠯᠠᠮ ᠭᠦᠨᠵᠡᠭᠡᠢ ᠣᠶᠢᠯᠠᠭᠠᠯ᠎ᠠ᠃ ᠪᠠᠭᠰᠢ ᠨᠠᠷ ᠤᠨ ᠬᠤᠷᠰᠢᠨ ᠠᠵᠢᠯᠯᠠᠵᠤ ᠪᠠᠶᠢᠭ᠎ᠠ ᠶᠢ ᠪᠦᠸᠧ ᠯᠧ ᠳᠤᠮᠳᠠᠳᠤ ᠰᠤᠷᠭᠠᠭᠤᠯᠢ ᠠᠴᠠ ᠬᠠᠷᠠᠯ᠎ᠠ᠃ ᠲᠡᠳᠡ ᠨᠢᠭᠡ ᠬᠢᠴᠢᠶᠡᠯ ᠢ ᠬᠡᠳᠦᠨ ᠪᠠᠭᠰᠢ ᠪᠡᠯᠡᠳᠭᠡᠨ ᠵᠢᠭᠠᠬᠤ ᠳᠤ ᠪᠠᠨ ᠮᠡᠳᠡᠯᠭᠡ ᠴᠢᠳᠠᠪᠤᠷᠢ ᠶᠢᠨ ᠬᠠᠷᠠᠯᠲᠠ ᠪᠠᠨ ᠬᠤᠪᠢᠳᠠᠨ ᠠᠪᠴᠦ ᠬᠠᠷᠢᠯᠴᠠᠨ ᠬᠠᠮᠵᠢᠬᠤ ᠬᠡᠯᠪᠡᠷᠢ ᠪᠠᠷ ᠵᠣᠷᠢᠯᠭ᠎ᠠ ᠳᠤ ᠪᠠᠨ ᠬᠦᠷᠳᠡᠭ ᠪᠠᠶᠢᠨ᠎ᠠ᠃ ᠪᠠᠭᠰᠢ ᠶᠢᠨ ᠵᠢᠭᠠᠭᠰᠠᠨ ᠬᠢᠴᠢᠶᠡᠯ ᠢ ᠦᠨᠡᠯᠡᠬᠦ ᠳᠤ ᠪᠠᠨ ᠬᠡᠳᠦᠨ ᠪᠠᠭᠰᠢ ᠠᠴᠠ ᠠᠳᠠᠯᠢ ᠪᠣᠰᠤ ᠬᠠᠷᠠᠭᠠᠰᠤ ᠠᠴᠠ ᠳ᠋ᠦᠩᠨᠡᠨ ᠶᠠᠷᠢᠵᠠᠢ᠃ ᠵᠢᠱᠢᠶᠡᠯᠡᠬᠦ ᠳᠤ᠄ ᠨᠢᠭᠡ ᠪᠠᠭᠰᠢ ᠨᠢ ᠬᠢᠴᠢᠶᠡᠯ ᠢ ᠳᠥᠰᠦᠪᠯᠡᠬᠦ᠂ ᠨᠢᠭᠡ ᠨᠢ ᠬᠢᠴᠢᠶᠡᠯ ᠢ ᠵᠢᠭᠠᠬᠤ᠂ ᠨᠢᠭᠡ ᠨᠢ ᠰᠤᠷᠤᠭᠴᠢ ᠶᠢᠨ ᠰᠤᠷᠬᠤ ᠳᠤ ᠣᠷᠤᠯᠴᠠᠵᠤ ᠪᠠᠶᠢᠭ᠎ᠠ ᠶᠢ ᠪᠠᠶᠢᠴᠠᠭᠠᠵᠤ᠂ ᠨᠢᠭᠡ ᠨᠢ ᠪᠠᠭᠰᠢ ᠶᠢᠨ ᠬᠢᠴᠢᠶᠡᠯ ᠳᠤ ᠬᠢ ᠠᠵᠢᠯᠯᠠᠭᠠᠨ ᠢ ᠠᠵᠢᠭᠯᠠᠵᠤ᠂ ᠨᠢᠭᠡ ᠨᠢ ᠰᠤᠷᠤᠭᠴᠢ ᠶᠢᠨ ᠬᠢᠴᠢᠶᠡᠯ ᠳᠤ ᠬᠢ ᠠᠵᠢᠯᠯᠠᠭ᠎ᠠ ᠶᠢ ᠪᠠᠶᠢᠴᠠᠭᠠᠨ᠎ᠠ ᠁ ᠭᠡᠬᠦ ᠮᠡᠲᠦ᠃ ᠬᠢᠴᠢᠶᠡᠯ ᠤᠨ ᠳᠠᠷᠠᠭ᠎ᠠ ᠡᠳᠡᠭᠡᠷ ᠪᠠᠭᠰᠢ ᠨᠠᠷ ᠦᠪᠡᠷ ᠦᠪᠡᠷ ᠤᠨ ᠬᠤᠪᠢᠳᠠᠭᠰᠠᠨ ᠠᠵᠢᠭᠯᠠᠯᠲᠠ ᠪᠠᠨ ᠬᠤᠪᠢᠶᠠᠯᠴᠠᠵᠤ ᠣᠯᠵᠤ ᠠᠯᠳᠠᠭᠰᠠᠨ ᠢᠶᠠᠨ ᠳ᠋ᠦᠡᠭᠨᠠᠵᠤ ᠪᠣᠢ᠃ ᠮᠦᠨ ᠳᠠᠷᠠᠭ᠎ᠠ ᠬᠢᠴᠢᠶᠡᠯ ᠤᠨ ᠬᠠᠷᠠᠯᠲᠠ ᠪᠠᠨ ᠶᠠᠷᠢᠯᠴᠠᠨ ᠲᠣᠭᠲᠠᠵᠤ ᠡᠭᠦᠷᠭᠡ ᠪᠠᠨ ᠬᠤᠪᠢᠳᠠᠨ ᠠᠪᠳᠠᠭ ᠪᠠᠶᠢᠪᠠ᠃ ᠡᠨᠡ ᠳᠤᠷᠰᠢᠯᠭ᠎ᠠ ᠶᠢ ᠠᠮᠢᠳᠤᠯᠢᠭ ᠠᠰᠢᠭᠯᠠᠵᠤ ᠪᠠᠭᠰᠢ ᠨᠠᠷ ᠦᠷᠭᠦᠯᠵᠢ ᠶᠢᠨ ᠴᠢᠨᠠᠷ ᠲᠠᠢ ᠬᠠᠮᠵᠢᠯᠴᠠᠪᠠᠯ ᠰᠠᠶᠢᠨ ᠳ᠋ᠠ᠃ ᠪᠠᠰᠠ ᠨᠢᠭᠡᠨ ᠰᠤᠷᠤᠯᠴᠠᠭᠤᠰᠢᠲᠠᠢ ᠨᠢ ᠬᠢᠳᠡᠳ ᠪᠠᠭᠰᠢ ᠶᠢᠨ ᠬᠢᠴᠢᠶᠡᠯ ᠢᠶᠠᠨ ᠮᠠᠰᠢ ᠨᠠᠷᠢᠯᠢᠬ ᠪᠡᠯᠡᠳᠭᠡᠨ ᠨᠢᠮᠪᠠᠢ ᠵᠢᠭᠠᠵᠤ ᠪᠠᠶᠢᠭ᠎ᠠ᠂ ᠮᠠᠰᠢᠲᠠ ᠲᠡᠰᠪᠦᠷᠢ ᠲᠡᠪᠴᠢᠶᠡᠷᠢᠳᠡᠢ ᠲᠠᠢ ᠬᠠᠨᠳᠤᠵᠤ ᠪᠠᠶᠢᠭ᠎ᠠ ᠣᠪᠤᠷ ᠵᠢᠴᠢ ᠪᠠᠭᠰᠢ ᠨᠠᠷ ᠨᠢ ᠬᠢᠴᠢᠶᠡᠯ ᠲᠥᠷᠥᠯ ᠤᠨ ᠳᠤᠰᠬᠠᠢ ᠮᠡᠷᠭᠡᠵᠢᠯᠲᠡᠨ ᠪᠣᠯᠬᠤ ᠪᠠᠷ ᠴᠢᠷᠮᠠᠶᠢᠵᠤ ᠪᠠᠶᠢᠭ᠎ᠠ ᠶᠢ ᠠᠩᠬᠠᠷᠴᠦ ᠮᠡᠳᠡᠯ᠎ᠡ᠃ ᠡᠳᠡᠭᠡᠷ ᠵᠢᠭᠠᠬᠤ ᠠᠷᠭ᠎ᠠ ᠮᠤᠩᠭᠤᠯ ᠪᠠᠭᠰᠢ ᠶᠢᠨ ᠲᠤᠮᠳᠠ ᠠᠯᠠᠭ᠎ᠠ ᠭᠡᠰᠡᠨ ᠪᠤᠰᠤ᠂ ᠬᠠᠷᠢᠨ ᠪᠦᠷᠢᠨ ᠲᠦᠬᠦᠷ ᠪᠣᠯᠵᠤ ᠰᠢᠰᠲ᠋ᠧᠮᠴᠢᠯᠡᠵᠦ ᠲᠡᠶᠢᠯᠦᠭᠡ ᠦᠭᠡᠢ ᠪᠠᠶᠢᠭ᠎ᠠ ᠪᠠᠨ ᠮᠡᠳᠡᠷᠡᠬᠦ ᠬᠡᠷᠡᠭᠳᠡᠢ ᠶᠤᠮ᠃ ︽ᠵᠢᠭᠠᠬᠤ ᠠᠷᠭ᠎ᠠ ᠪᠣᠯ ᠲᠤᠭᠲᠠᠭᠰᠠᠨ ᠪᠢᠰᠢ︾ ᠲᠤᠯᠠ ᠪᠢᠳᠡ ᠬᠢᠲᠠᠳ ᠤᠨ ᠵᠢᠭᠠᠨ ᠰᠤᠷᠭᠠᠯᠲᠠ ᠶᠢᠨ ︽ᠰᠢᠮ᠎ᠡ ᠶᠢ ᠨᠢ ᠰᠢᠩᠭᠡᠭᠡᠵᠦ᠂ ᠰᠢᠭᠠᠷᠤ ᠶᠢ ᠨᠢ ᠣᠷᠬᠢᠬᠤ︾ ᠣᠪᠤᠷ ᠢᠶᠠᠷ ᠬᠠᠨᠳᠤᠪᠠᠯ ᠪᠣᠯᠴᠢᠬᠠᠨ᠎ᠠ᠃ ᠦᠪᠡᠷ ᠤᠨ ᠣᠨᠴᠠᠯᠢᠭ ᠲᠤ ᠪᠠᠨ ᠳᠣᠬᠢᠷᠠᠭᠤᠯᠵᠤ ᠠᠮᠢᠳᠤᠯᠢᠭ ᠬᠡᠷᠡᠭᠯᠡᠪᠡᠯ ᠪᠣᠯᠴᠢᠬᠠᠨ᠎ᠠ᠃      4. ᠬᠢᠳᠠᠳ ᠦᠨᠳᠦᠰᠦᠳᠡᠨ ᠡᠷᠳᠡᠨ ᠤ ᠣᠯᠠᠮᠵᠢᠯᠠᠯᠲᠦ ᠰᠤᠶᠤᠯ ᠤᠷᠤᠭᠤ ᠪᠠᠨ ᠶᠡᠭᠡᠳᠡ ᠦᠩᠭᠡᠶᠢᠨ ᠬᠠᠷᠠᠵᠤ ᠪᠠᠶᠢᠭ᠎ᠠ ᠶᠤᠮ ᠪᠠᠶᠢᠨ᠎ᠠ᠃ ᠡᠷᠳᠡᠨ ᠤ ᠰᠢᠯᠢᠳᠡᠭ ᠥᠪ ᠤᠯᠠᠮᠵᠢᠯᠠᠯ ᠠᠴᠠ ᠪᠠᠨ ᠡᠷᠴᠢᠮ ᠬᠦᠴᠦ᠂ ᠰᠢᠮ᠎ᠡ ᠲᠡᠵᠢᠭᠡᠯ ᠠᠪᠬᠤ ᠨᠢ ᠵᠦᠢᠳᠡᠢ᠃ ᠬᠢᠲᠠᠳ ᠦᠨᠳᠦᠰᠦᠳᠡᠨ ᠤᠯᠤᠰ ᠤᠨ ᠰᠢᠯᠭᠠᠯᠲᠠ ᠶᠢᠨ ᠰᠡᠳᠦᠪ ᠲᠤ ᠪᠠᠨ ᠮᠦᠨ ᠡᠷᠲᠡᠨ ᠤ ᠵᠣᠬᠢᠶᠠᠯ ᠪᠦᠳᠦᠭᠡᠯ ᠠᠴᠠ ᠪᠠᠨ ᠮᠠᠲ᠋ᠧᠷᠢᠶᠠᠯ ᠠᠪᠴᠤ ᠬᠡᠷᠡᠭᠯᠡᠬᠦ ᠵᠤᠷᠪᠣᠰ ᠲᠣᠭᠲᠠᠭᠠᠨ ᠬᠡᠷᠡᠭᠵᠢᠭᠦᠯᠵᠦ ᠪᠠᠶᠢᠨ᠎ᠠ᠃ ᠲᠡᠳᠡ ︽ᠳᠥᠷᠪᠡᠨ ᠪᠢᠴᠢᠭ︾ ︽ᠲᠠᠪᠤᠨ ᠨᠣᠮ︾ ᠢᠶᠠᠨ ᠰᠤᠷᠬᠤ ᠪᠢᠴᠢᠭ ᠲᠤ ᠪᠠᠨ ᠶᠡᠬᠡᠲᠡ ᠬᠡᠷᠡᠭᠯᠡᠵᠦ ᠪᠣᠢ᠃ ᠪᠦᠸᠧ ᠯᠧ ᠳᠤᠮᠳᠠᠳᠤ ᠰᠤᠷᠭᠠᠭᠤᠯᠢ ᠳᠤ ᠶᠠᠭ ᠰᠠᠶ᠋ᠢᠬᠠᠨ ᠡᠷᠲᠡᠨ ᠤ ᠬᠡᠯᠡᠨ ᠤ ᠵᠣᠬᠢᠶᠠᠯ ᠵᠢᠭᠠᠵᠤ ᠪᠠᠶᠢᠭ᠎ᠠ ᠲᠠᠢ ᠲᠠᠭᠠᠷᠠᠯ᠎ᠠ᠃ ︽ᠰᠢᠯᠦᠭᠯᠡᠯᠲᠦ ᠨᠣᠮ︾ ᠠᠴᠠ ᠪᠠᠨ ᠰᠣᠩᠭᠤᠭᠰᠠᠨ ︽ᠬᠤᠯᠤᠰᠤ︾ ᠭᠡᠬᠦ ᠵᠣᠬᠢᠶᠠᠯ ᠢ ᠬᠤᠶᠠᠷ ᠪᠠᠭᠰᠢ ᠠᠳᠠᠯᠢ ᠪᠣᠰᠤ ᠬᠠᠷᠠᠯᠲᠠ ᠠᠴᠠ ᠬᠢᠴᠢᠶᠡᠯᠯᠡᠯ᠎ᠡ᠃ ᠨᠢᠭᠡ ᠨᠢ ᠵᠣᠬᠢᠶᠠᠯ ᠤᠨ ᠭᠤᠸ᠎ᠠ ᠲᠠᠭᠠᠰᠢᠶᠠᠯ᠂ ᠤᠷᠠᠨ ᠰᠣᠨᠢᠷᠬᠠᠮᠵᠢ ᠶᠢ ᠨᠢ ᠴᠢᠬᠤᠯᠠᠴᠢᠯᠠᠭᠰᠠᠨ ᠪᠠᠶᠢᠬᠤ ᠳᠤ ᠨᠦᠭᠦᠭᠡ ᠨᠢ ᠣᠩᠰᠢᠯᠭ᠎ᠠ ᠶᠢ ᠵᠢᠯᠤᠭᠤᠳᠴᠤ ᠬᠡᠯᠡᠨ ᠤ ᠮᠡᠳᠡᠷᠡᠮᠵᠢ ᠶᠢ ᠴᠢᠬᠤᠯᠠᠴᠢᠯᠠᠭᠰᠠᠨ ᠪᠠᠶᠢᠨ᠎ᠠ᠃ ︽ᠲᠡᠨᠡᠭ ᠡᠪᠦᠭᠡᠨ ᠠᠭᠤᠯᠠ ᠶᠢ ᠨᠡᠭᠦᠯᠭᠡᠭᠰᠡᠨ︾ ᠭᠡᠬᠦ ᠬᠢᠴᠢᠶᠡᠯ ᠢ ᠰᠤᠷᠭᠠᠭᠤᠯᠢ ᠶᠢᠨ ᠵᠠᠬᠢᠷᠤᠯ ᠨᠢ ᠵᠢᠭᠠᠯ᠎ᠠ᠃ ᠣᠳᠤ ᠶᠢᠨ ᠳᠡᠭᠡᠳᠦ ᠬᠥᠭᠵᠢᠯ ᠲᠠᠢ ᠴᠠᠭ ᠲᠤ ᠡᠶᠢᠮᠦᠷᠭᠦᠤ ᠬᠠᠭᠤᠮᠠᠭᠠᠢ ᠰᠢᠨᠵᠢ ᠲᠠᠢ ᠦᠯᠢᠭᠡᠷ ᠳᠣᠮᠤᠭ ᠢ ᠵᠢᠭᠠᠵᠤ ᠪᠠᠶᠢᠭ᠎ᠠ ᠨᠢ ᠬᠢᠲᠠᠳ ᠤᠨ ᠰᠤᠷᠭᠠᠨ ᠬᠦᠮᠦᠵᠢᠯ ᠡᠷᠲᠡᠨ ᠤ ᠰᠤᠶᠤᠯ ᠠᠴᠠ ᠪᠠᠨ ᠦᠭᠡ ᠬᠡᠯᠡ᠂ ᠦᠵᠡᠯ ᠰᠠᠨᠠᠭ᠎ᠠ ᠡᠷᠢᠵᠦ ᠪᠠᠶᠢᠭ᠎ᠠ ᠨᠢ ᠢᠯᠡ᠃ ᠰᠤᠷᠭᠠᠭᠤᠯᠢ ᠶᠢᠨ ᠵᠠᠬᠢᠷᠦᠯ ᠨᠢ ᠲᠥᠮᠡᠨ ᠶᠠᠭᠠᠷᠠᠤ ᠶᠢᠨ ᠳᠤᠮᠳᠠ ᠬᠢᠴᠢᠶᠡᠯ ᠵᠢᠭᠠᠵᠤ᠂ ᠬᠢᠴᠢᠶᠡᠯ ᠢᠶᠠᠨ ᠰᠤᠨᠤᠰᠬᠠᠵᠤ ᠪᠠᠶᠢᠭ᠎ᠠ ᠨᠢ ᠪᠠᠭ᠋ᠠᠷᠬᠠᠯᠲᠠᠢ ᠰᠠᠨᠠᠭᠳᠠᠯ᠎ᠠ᠃ ᠭᠠᠶᠢᠬᠠᠰᠢ ᠲᠥᠷᠦᠭᠦᠯᠦᠭᠰᠡᠨ ᠨᠢᠭᠡᠨ ᠵᠦᠢᠯ ᠢ ᠦᠭᠦᠯᠡᠪᠡᠰᠦ᠄ ᠨᠢᠭᠡᠨ ᠪᠠᠭᠰᠢ ᠶᠢᠨ ᠰᠤᠷᠤᠭᠴᠢ ᠳᠤ ᠪᠠᠨ ᠦᠭᠭᠦᠭᠰᠡᠨ ᠰᠤᠷᠬᠤ ᠳᠥᠰᠦᠪ ᠲᠤ ᠨᠢ ᠶᠤᠸᠠᠨ ᠤᠯᠤᠰ ᠤᠨ ᠮᠣᠩᠭᠤᠯ ᠰᠢᠯᠦᠭᠴᠢ ᠰᠠᠳᠤᠯᠠ ᠶᠢᠨ ᠰᠢᠯᠦᠭ ᠪᠠᠶᠢᠭᠰᠠᠨ ᠢ ᠦᠵᠡᠪᠡᠢ᠃ ᠲᠡᠷᠡ ᠨᠢ ᠰᠠᠳᠤᠯᠠ ᠶᠢᠨ ︽ᠮᠠᠨ ᠵᠢᠶᠠᠩ ᠬᠤᠩ ᠳᠠᠭᠤᠯᠠᠯ︾ ᠬᠡᠮᠡᠬᠦ ᠪᠦᠳᠦᠭᠡᠯ ᠪᠠᠶᠢᠯ᠎ᠠ᠃ ᠤᠤᠯ ᠨᠢ ᠡᠨᠡ ᠰᠢᠯᠦᠭ ᠨᠠᠨᠵᠢᠩ ᠲᠠᠢ ᠬᠤᠯᠪᠤᠭ᠎ᠠ ᠲᠠᠢ ᠪᠠᠶᠢᠭᠰᠠᠨ ᠠᠴᠠ ᠬᠡᠷᠡᠭᠯᠡᠭᠰᠡᠨ ᠪᠣᠯᠪᠠ ᠦᠦ᠃ ᠲᠡᠷᠡ ᠰᠢᠯᠦᠭ ᠲᠤ ︽ ᠶᠢᠨ ᠯᠢᠩ ᠳᠤᠷ ᠡᠷᠲᠡᠨ ᠢ ᠰᠠᠨᠠᠭᠠᠯᠵᠠᠭᠰᠠᠨ ᠢᠨᠦ︾ ᠭᠡᠵᠦ ᠲᠣᠳᠤᠷᠬᠠᠶᠢᠯᠠᠵᠤ ᠪᠣᠢ᠃ ᠶᠣᠸᠠᠨ ᠤᠯᠤᠰ ᠤᠨ ᠦᠶ᠎ᠡ ᠳᠤ ᠨᠠᠨᠵᠢᠩ ᠢ ᠶᠢᠨ ᠯᠢᠩ ᠭᠡᠵᠦ ᠳᠠᠭᠤᠳᠠᠵᠤ ᠪᠠᠶᠢᠵᠠᠢ᠃ ᠰᠠᠳᠤᠯᠠ ᠶᠢᠨ ᠰᠢᠯᠦᠭ ᠲᠤ᠄      ᠵᠢᠷᠭᠤᠭᠠᠨ ᠦᠶ᠎ᠡ ᠶᠢᠨ ᠢᠳᠡᠷᠭᠡᠭ ᠰᠦᠷᠯᠢᠭ᠃      ᠵᠤᠨ ᠪᠣᠯᠬᠤ ᠣᠶᠢᠷᠠᠲᠤᠪᠠᠢ᠂      ᠵᠢᠭᠠᠬᠠᠨ ᠴᠤ ᠴᠢᠮᠡᠭᠡ ᠢᠮᠡᠭᠡ ᠦᠭᠡᠢ᠃      ᠤᠶᠢᠳᠬᠠᠷᠯᠠᠨ ᠪᠠᠷᠠᠯᠠᠬᠤᠶ᠎ᠠ ᠬᠤᠭᠤᠰᠤᠷ᠂      ᠠᠭᠤᠯᠠ ᠤᠰᠤᠨ ᠤ ᠲᠥᠷᠰᠦ ᠭᠡᠳᠦ᠋ᠢᠳᠦᠭᠡᠳ      ᠤᠤᠯ ᠤᠨ ᠰᠢᠨᠵᠢ ᠨᠢᠭᠡᠨᠲᠡ ᠪᠣᠰᠤ᠂      ᠸᠠᠩ᠂ ᠰᠢᠶᠧ ᠣᠪᠤᠭᠲᠤ ᠶᠢᠨ ᠬᠠᠷᠰᠢ ᠶᠢᠨ ᠡᠮᠦᠨᠡᠬᠢ ᠬᠤᠣᠰ ᠬᠠᠷᠢᠶᠠᠴᠠᠢ      ᠡᠦ ᠢ ᠭᠤᠳᠤᠮᠵᠢ ᠶᠢᠨ ᠠᠮᠠᠰᠠᠷ ᠳᠡᠭᠡᠷ᠎ᠡ ᠲᠠᠨᠢᠯᠴᠠᠨ ᠥᠩᠬᠡᠷᠡᠪᠡᠢ᠃      ᠦᠳᠡᠰᠢ ᠶᠢᠨ ᠭᠦᠨ ᠤ ᠤᠶᠢᠳᠬᠠᠷ ᠭᠠᠩᠰᠠᠷᠠᠯ ᠥᠨᠦᠴᠢᠨ ᠬᠤᠲᠠᠨ᠎ᠠ ᠴᠣᠬᠢᠬᠤ ᠶᠢ ᠰᠣᠨᠤᠰᠬᠤᠶ᠎ᠠ᠂      ᠬᠠᠪᠤᠷ ᠤᠨ ᠲᠣᠯᠭᠢᠶ᠎ᠠ ᠲᠠᠪᠴᠢᠭᠤ᠃      ᠡᠮᠦᠨᠡᠬᠢ ᠬᠡᠷᠡᠭ ᠢ ᠡᠷᠭᠢᠴᠡᠭᠦᠯᠬᠦᠶ᠎ᠡ      ᠦᠰᠦᠨ ᠠᠴᠠ ᠵᠤᠵᠠᠭᠠᠨ ᠵᠣᠪᠠᠨᠢᠯ᠃      ᠦᠩᠬᠡᠷᠡᠭᠰᠡᠨ ᠤᠯᠤᠰ ᠢ ᠰᠠᠨᠠᠭᠠᠯᠵᠠᠬᠤᠶ᠎ᠠ      ᠦᠯᠡᠳᠡᠭᠰᠡᠨ ᠮᠥᠷ ᠲᠡᠳᠦᠢ᠃      ᠳᠠᠩᠳᠠ ᠬᠤᠶᠢᠯᠠᠷᠠᠭᠰᠠᠨ ᠤᠲᠤᠭ᠎ᠠ ᠬᠤᠪᠠᠭ᠋ᠠᠶᠢᠷᠠᠭᠰᠠᠨ ᠡᠪᠡᠰᠦ᠂      ᠲᠠᠰᠢᠭᠰᠠᠨ ᠨᠠᠷᠠᠨ ᠳᠤᠷ ᠬᠡᠷᠢᠶ᠎ᠡ ᠰᠦᠯᠵᠢᠮᠦᠢ᠃      ᠡᠷᠳᠡᠨᠢᠲᠦ ᠮᠣᠳᠤᠨ ᠲᠠᠭᠤᠯᠠᠯ ᠳᠣᠷᠦ᠋ᠢᠳᠠᠭᠤᠯᠵᠤ ᠬᠠᠪᠤᠷ ᠤᠨ ᠰᠢᠭᠦᠳᠡᠷᠢ ᠵᠢᠭᠡᠭᠦᠨ᠂      ᠡᠩᠰᠡᠭᠲᠦ ᠬᠤᠳᠳᠤᠭ ᠰᠦᠢᠳᠴᠦ ᠡᠪᠳᠡᠷᠡᠬᠦᠶ᠎ᠡ ᠬᠦᠢᠲᠡᠨ ᠤ ᠲᠠᠷᠴᠠ ᠤᠬᠢᠯᠠᠨᠠᠮ᠃      ᠡᠨᠡ ᠡᠳᠦᠷ ᠪᠣᠯᠬᠤᠶ᠎ᠠ᠂      ᠵᠢᠶᠠᠩ ᠱᠠᠨ ᠠᠭᠤᠯᠠᠨ ᠭᠠᠭᠴᠠ ᠬᠥᠬᠡᠷᠡᠭᠡᠳ      ᠴᠢᠨ ᠬᠤᠸᠠᠢ ᠨᠣᠭᠤᠭᠠᠷᠠᠮᠤᠢ︾ ᠭᠡᠵᠦ ᠣᠶᠠᠩᠭᠠᠯᠠᠭᠰᠠᠨ ᠪᠠᠶᠢᠨᠠᠮ᠃ ᠰᠡᠳᠦᠪ ᠤᠨ ᠠᠰᠠᠭᠤᠯᠲᠠ ᠨᠢ᠄ ᠲᠤᠰ ᠰᠢᠯᠦᠭ ᠲᠤ ︽ᠡᠷᠲᠡᠨ ᠢ ᠰᠠᠨᠠᠭᠠᠯᠵᠠᠬᠤ︾ ᠪᠠᠷ ︽ᠥᠩᠬᠡᠷᠡᠭᠰᠡᠨ ᠣᠴᠢᠷ︾ ᠢ ᠳᠤᠷᠠᠰᠤᠭᠰᠠᠨ ᠪᠣᠯ ︽ᠦᠰᠦᠨ ᠠᠴᠠ ᠵᠤᠵᠠᠭᠠᠨ ᠵᠣᠪᠠᠨᠢᠯ︾ ᠭᠡᠳᠡᠭ ᠤᠨ ︽ᠵᠣᠪᠠᠨᠢᠯ︾ ᠤᠨ ᠠᠭᠤᠯᠭ᠎ᠠ ᠶᠢ ᠶᠠᠷᠢᠵᠤ ᠦᠵᠡᠭᠡᠷᠡᠢ ᠬᠡᠰᠡᠨ ᠪᠠᠶᠢᠯ᠎ᠠ᠃ ︽ᠮᠢᠩᠭᠠᠨ ᠣᠩᠰᠢᠬᠴᠢ ᠳᠤ ᠮᠢᠩᠭᠠᠨ ᠬᠠᠮᠧᠯᠲ ᠲᠠᠢ︾ ᠭᠡᠳᠡᠭ ᠢᠶᠠᠷ ᠡᠨᠡ ᠰᠡᠳᠦᠪ ᠲᠤ ᠣᠯᠠᠨ ᠬᠠᠷᠢᠭᠤᠯᠲᠠ ᠲᠠᠢ ᠪᠠᠶᠢᠬ᠎ᠠ ᠳ᠋ᠠ᠃ ᠤᠷᠠᠨ ᠵᠣᠬᠢᠶᠠᠯ ᠪᠠ ᠤᠯᠤᠰ ᠲᠥᠷᠦ ᠶᠢ ᠬᠤᠳᠬᠤᠵᠤ ᠪᠣᠯᠬᠤ ᠦᠭᠡᠢ ᠶᠤᠮ᠃ ᠨᠡᠮᠡᠵᠦ ᠬᠡᠯᠡᠬᠦ ᠳᠤ ᠪᠠᠭᠰᠢ ᠶᠢᠨ ᠲᠠᠯᠪᠢᠭᠰᠠᠨ ᠠᠷᠪᠠᠨ ᠰᠠᠶᠢᠨ ᠠᠰᠠᠭᠤᠯᠲᠠ ᠠᠴᠠ ᠰᠤᠷᠤᠭᠴᠢ ᠶᠢᠨ ᠲᠤᠷᠠᠳᠣᠭᠰᠠᠨ ᠨᠢᠭᠡ ᠮᠠᠭᠤ ᠠᠰᠠᠭᠤᠯᠲᠠ ᠲᠡᠭᠡᠷ᠎ᠡ ᠪᠠᠶᠢᠬᠤ ᠲᠤᠬᠢᠶᠠᠯᠳᠤᠯ ᠪᠤᠢ᠃      ᠪᠢᠳᠡ ᠴᠤ ᠣᠯᠠᠮᠵᠢᠯᠠᠯᠲᠦ ᠰᠤᠶᠤᠯ ᠢᠶᠠᠨ ᠵᠠᠯᠭᠠᠮᠵᠢᠯᠠᠵᠤ ᠬᠦᠭᠵᠢᠬᠦᠯᠵᠦ ᠪᠠᠳᠠᠷᠠᠭᠤᠯᠵᠤ ᠁ ᠬᠡᠮᠡᠨ ᠣᠷᠢᠶᠠᠯᠠᠭᠰᠠᠭᠠᠷ ᠢᠷᠡᠯ᠎ᠡ᠃ ᠣᠳᠤ ᠪᠣᠳᠠᠳᠠᠢ ᠬᠢᠬᠦ ᠯᠠ ᠦᠯᠠᠳᠠᠵᠤ ᠪᠤᠢ᠃ ᠮᠠᠨ ᠤ ︽ᠨᠢᠭᠤᠴᠠ ᠲᠤᠪᠴᠢᠶᠠᠨ︾ ᠮᠠᠨᠢ ︽ᠭᠠᠨᠵᠤᠤᠷ ᠳ᠋ᠠᠨᠵᠤᠤᠷ︾ ︽ᠠᠷᠢᠭᠤᠨ ᠨᠤᠮ︾ ︽ᠺᠦᠷᠠᠨ ᠰᠤᠳᠤᠷ︾ ᠠᠴᠠ ᠲᠤᠤᠷᠠᠳᠠᠬᠤ ᠦᠭᠡᠢ ᠦᠨᠡᠳᠦ ᠪᠥᠲᠦᠭᠡᠯ᠃ ︽ᠨᠢᠭᠤᠴᠠ ᠲᠤᠪᠴᠢᠶᠠᠨ︾ ᠮᠠᠨᠢ ᠬᠡᠯᠡ᠂ ᠲᠡᠤᠬᠡ᠂ ᠤᠷᠠᠨ ᠵᠣᠬᠢᠶᠠᠯ ᠢ ᠤᠶᠠᠯᠳᠤᠭᠤᠯᠤᠭᠰᠠᠨ ᠲᠠᠪᠳᠠᠭᠳᠠᠰᠢ ᠦᠭᠡᠢ ᠠᠪᠤᠷᠭᠤ ᠪᠦᠳᠦᠭᠡᠯ ᠪᠣᠯᠬᠤ ᠲᠤᠯᠠ ᠵᠢᠭᠠᠬᠤ ᠰᠤᠷᠬᠤ ᠳᠤ ᠪᠦᠷ ᠲᠤᠬᠢᠷᠠᠮᠵᠢᠳᠠᠢ ᠪᠦᠭᠡᠳ ᠨᠡᠩ ᠴᠢᠬᠤᠯᠠ ᠨᠢ ᠵᠣᠷᠢᠭ ᠰᠠᠨᠠᠭ᠎ᠠ᠂ ᠬᠡᠯᠡ ᠣᠬᠠᠭᠠᠨ ᠰᠤᠷᠬᠤ ᠨᠢ ᠦᠨᠡᠯᠡᠰᠢ ᠦᠭᠡᠢ ᠪᠣᠢ ‍ᠶ᠎ᠠ᠃ ︽ᠬᠡᠰᠡᠷ︾ ︽ᠵᠢᠩᠭᠠᠷ︾ ︽ᠠᠯᠲᠠᠨ ᠲᠤᠪᠴᠢ︾ ︽ᠡᠷᠳᠡᠨᠢ ᠲᠤᠪᠴᠢ︾ ︽ᠪᠣᠯᠤᠷ ᠡᠷᠢᠬᠡ︾ ︽ᠤᠶᠤᠨ ᠲᠦᠯᠬᠢᠭᠦᠷ︾ ︽ᠬᠦᠬᠡ ᠰᠣᠳᠤᠷ︾ ︽ᠮᠣᠩᠭᠤᠯ ᠣᠷᠠᠨ ᠵᠣᠬᠢᠶᠠᠯ ᠤᠨ ᠲᠡᠭᠡᠵᠢ ᠪᠢᠴᠢᠭ︾ ︽ᠠᠷᠠᠳ ᠤᠨ ᠠᠮᠠᠨ ᠦᠯᠢᠭᠡᠷ︾ ᠁ ᠮᠡᠲᠦ ᠨᠡᠯᠦᠭᠡᠷ ᠶᠡᠭᠡ ᠡᠷᠳᠡᠮ ᠤᠨ ᠳᠠᠯᠠᠢ ᠠᠴᠠ ᠡᠷᠳᠡᠨᠢ ᠠᠭᠤᠳᠠᠯᠬᠤ ᠳᠤ ᠪᠠᠷᠠᠭᠳᠠᠰᠢ ᠦᠭᠡᠢ᠃ ᠴᠢᠨᠠᠭᠰᠢᠳᠠ ᠦᠭᠦᠯᠠᠭᠦ ︽ᠮᠣᠩᠭᠤᠯ ᠠᠷᠠᠳ ᠤᠨ ᠲᠠᠭᠤᠤ︾ ᠶᠢ ᠰᠤᠷᠬᠤ ᠪᠢᠴᠢᠭ ᠲᠤ ᠲᠥᠯᠥᠪᠯᠡᠭᠡ ᠲᠠᠢ᠂ ᠬᠠᠷᠠᠯᠲᠠ ᠲᠠᠢ᠂ ᠠᠯᠬᠤᠮ ᠳᠠᠷᠠᠭ᠎ᠠ ᠲᠠᠢ ᠣᠷᠤᠭᠤᠯᠪᠠᠯ ᠰᠢᠯᠦᠭ ᠯᠡ ᠲᠡᠳᠦᠢ ᠪᠣᠰᠤ ᠬᠠᠷᠢᠨ ᠮᠠᠰᠢ ᠶᠡᠭᠡ ᠬᠦᠮᠦᠵᠢᠯ ᠤᠨ ᠭᠠᠶᠢᠬᠠᠮᠰᠢᠭᠲᠤ ᠬᠦᠴᠦ ᠲᠠᠢ ᠭᠡᠵᠦ ᠦᠵᠡᠨᠡᠮ᠃ ᠠᠷᠠᠳ ᠤᠨ ᠳᠠᠭᠤᠤ ᠶᠢᠨ ᠦᠭᠡ ᠰᠢᠯᠦᠭ ᠢ ᠲᠠᠪᠠᠭ᠋ᠤ ᠰᠢᠯᠦᠭ ᠴᠦᠭᠡᠨ ᠰᠢᠦ ᠳ᠋ᠠ᠂ ᠰᠤᠨᠤᠰᠤᠩᠭᠤᠲᠠ ᠴᠡᠭᠡᠵᠢᠯᠡᠭᠳᠡᠳᠡᠭ ᠶᠠᠮᠠᠷ ᠰᠠᠶᠢᠬᠠᠨ ᠬᠡᠯᠡᠯᠭᠡ ᠪᠣᠢ︕ ᠨᠤᠲᠤᠭ ᠤᠰᠤ ᠪᠠᠨ ᠮᠠᠭᠲᠠᠭᠰᠠᠨ᠂ ᠠᠪᠤ ᠡᠵᠢ ᠪᠠᠨ ᠬᠠᠶᠢᠷᠠᠯᠠᠭᠰᠠᠨ᠂ ᠠᠮᠠᠷᠠᠭ ᠬᠤᠩᠭᠤᠷ ᠢᠶᠠᠨ ᠰᠠᠨᠠᠭᠰᠠᠨ᠂ ᠠᠭᠲᠠ ᠬᠦᠯᠦᠭ ᠢᠶᠠᠨ ᠪᠠᠭ᠋ᠠᠷᠬᠠᠭᠰᠠᠨ᠂ ᠠᠷᠤᠤᠬᠠᠨ ᠪᠠᠭᠠᠲᠤᠷ ᠢᠶᠠᠨ ᠳᠠᠭᠤᠯᠠᠵᠤ ᠠᠲᠠᠭᠠᠲᠠᠨ ᠳᠠᠶᠢᠰᠦᠨ ᠳᠤ ᠬᠤᠷᠣᠰᠤᠭᠰᠠᠨ᠂ ᠦᠨᠡᠨ ᠰᠠᠶᠢᠨ ᠰᠠᠶᠢᠬᠠᠨ ᠢ ᠬᠦᠰᠡᠵᠦ᠂ ᠬᠤᠳᠠᠯ ᠮᠠᠭᠤ ᠮᠠᠭᠤᠬᠠᠢ ᠶᠢ ᠵᠢᠭᠰᠢᠭᠰᠡᠨ ᠁ ᠶᠠᠮᠠᠷ ᠰᠠᠶᠢᠬᠠᠨ ᠰᠢᠯᠦᠭ ᠲᠠᠢ ᠶᠠᠮᠠᠷ ᠤᠶᠠᠷᠠᠮ᠎ᠠ ᠠᠶᠠᠯᠭᠤ ᠲᠠᠢ ᠳᠠᠭᠤᠤ ᠭᠡᠭᠴᠢ ᠪᠣᠢ᠃ ᠲᠡᠷᠡ ᠣᠷᠠᠨ ᠦᠭᠡ ᠠᠴᠠ ᠬᠡᠯᠡ ᠰᠤᠷᠴᠤ᠂ ᠲᠡᠷᠡ ᠣᠶᠠᠩᠭ᠎ᠠ ᠰᠡᠳᠭᠢᠯ ᠠᠴᠠ ᠬᠠᠶᠢᠷ᠎ᠠ ᠬᠥᠷᠲᠡᠵᠦ ᠬᠦᠮᠦᠨ ᠪᠣᠯᠤᠨ᠎ᠠ ᠰᠢᠦ ᠳ᠋ᠠ᠃ ᠪᠢ ᠦᠰᠦᠭ ᠲᠠᠨᠢᠬᠤ ᠠᠴᠠ ᠪᠠᠨ ᠤᠷᠢᠳ ᠠᠷᠠᠳ ᠤᠨ ᠳᠠᠭᠤᠨ ᠤ ᠦᠭᠡ ᠠᠶᠠᠯᠭᠤ ᠶᠢ ᠲᠣᠭᠲᠠᠭᠠᠨ ᠳᠠᠭᠤᠯᠠᠵᠤ ᠭᠢᠩᠰᠢᠨ᠂ ᠤᠶᠠᠷᠠᠵᠤ ᠬᠠᠶᠢᠯᠠᠵᠤ ᠭᠤᠨᠢᠵᠦ ᠪᠠᠶᠠᠰᠤᠨ᠂ ᠵᠢᠷᠭᠠᠵᠤ ᠵᠣᠪᠠᠵᠤ ᠦᠰᠦᠭᠰᠡᠨ ᠶᠤᠮᠰᠠᠨ᠃ ᠣᠳᠤ ᠶᠢᠨ ᠬᠡᠣᠬᠡᠳ ᠤᠨ ᠰᠣᠨᠢᠷᠬᠠᠨ ᠲᠠᠭᠠᠰᠢᠶᠠᠳᠠᠭ ᠤᠷᠤᠰᠬᠠᠯ ᠲᠠᠭᠤᠤ᠂ ᠳᠡᠯᠭᠡᠷᠡᠭᠡ ᠲᠠᠭᠤᠤ᠂ ᠨᠠᠶᠢᠭᠤᠭ᠎ᠠ ᠲᠠᠭᠤᠤ᠂ ᠬᠠᠰᠭᠢᠷᠤᠭ᠎ᠠ ᠳᠠᠭᠤᠤ᠂ ᠬᠢᠲᠠᠳ ᠳᠠᠭᠤᠤ ᠠᠴᠠ ᠲᠡᠶᠢᠮᠦᠷᠭᠦᠤ ᠬᠦᠮᠦᠵᠢᠯ ᠬᠦᠷᠲᠡᠬᠦ ᠭᠡᠭᠴᠢ ᠬᠥᠴᠢᠷ ᠠᠰᠠᠭᠤᠳᠠᠯ᠃      ᠥᠷᠬᠦᠯᠵᠢᠯᠡᠨ ᠬᠤᠶᠠᠷ ᠡᠳᠦᠷ ᠡᠷᠳᠡᠮᠳᠡᠨ ᠪᠠᠭᠰᠢ ᠨᠠᠷ ᠤᠨ ᠢᠯᠡᠳᠭᠡᠯ ᠢ ᠰᠣᠨᠤᠰᠴᠠᠭᠠᠯ᠎ᠠ᠃ ᠣᠢ ᠳᠣᠢ ᠳᠤ ᠣᠷᠤᠮ᠎ᠠ ᠦᠭᠡᠢ ᠰᠢᠨ᠎ᠡ ᠰᠠᠶᠢᠬᠠᠨ ᠣᠨᠣᠯ ᠳᠤᠷᠠᠳᠴᠤ ᠪᠠᠶᠢᠯ᠎ᠠ᠃ ᠣᠴᠢᠷ ᠢ ᠨᠢ ᠣᠯᠵᠤ ᠬᠤᠵᠢᠷ ᠢ ᠨᠢ ᠲᠤᠩᠭᠠᠪᠠᠯ ᠶᠠᠭᠤᠮ᠎ᠠ ᠪᠤᠯᠭᠠᠨ ᠰᠣᠳᠤᠯᠤᠭᠤᠰᠢᠲᠠᠢ ᠠᠵᠢ᠃ ᠡᠷᠳᠡᠮ ᠰᠢᠨᠵᠢᠯᠡᠭᠡᠨ ᠪᠠ ᠵᠢᠭᠠᠨ ᠰᠤᠷᠭᠠᠯᠲᠠ ᠶᠢ ᠠᠩᠭᠢᠲᠠ ᠦᠵᠡᠳᠡᠭ ᠪᠣᠳᠤᠯ ᠮᠢᠨᠢ ᠠᠷᠠᠢ ᠬᠤᠪᠢᠷᠠᠵᠤ ᠡᠬᠢᠯᠡᠵᠦ ᠪᠠᠶᠢᠯ᠎ᠠ᠃ ᠡᠶᠢᠮᠦᠷᠭᠦᠤ ᠪᠣᠯᠪᠠᠰᠤᠷᠠᠯ ᠮᠠᠨ ᠳᠤ ᠮᠠᠰᠢ ᠴᠢᠬᠤᠯᠠ ᠪᠦᠭᠡᠳ ᠬᠤᠵᠢᠮ ᠬᠤᠶᠢᠰᠢᠲᠠ ᠮᠣᠩᠭᠤᠯ ᠪᠠᠭᠰᠢ ᠨᠠᠷ ᠢᠶᠠᠨ ᠢᠯᠡᠭᠦᠭᠡᠨ ᠳᠠᠶᠢᠴᠢᠯᠠᠵᠤ ᠲᠤᠰᠬᠠᠢ ᠮᠡᠷᠭᠡᠵᠢᠯᠲᠡᠨ ᠢ ᠬᠦᠮᠦᠵᠢᠭᠦᠯᠵᠦ ᠮᠤᠩᠭᠤᠯ ᠢᠶᠠᠷ ᠢᠯᠡᠳᠭᠡᠯ ᠬᠢᠯᠭᠡᠪᠡᠯ ᠬᠡᠴᠢᠨᠡᠭᠡᠨ ᠰᠠᠶᠢᠨ ᠪᠤᠢ᠃ ᠮᠠᠨ ᠳᠤ ᠴᠢᠩ ᠦᠨᠡᠨᠴᠢ ᠰᠡᠳᠭᠢᠯ ᠢᠶᠠᠷ ᠠᠵᠢᠯ ᠬᠢᠳᠡᠭ ᠲᠠᠯ᠎ᠠ ᠰᠢᠬ ᠰᠡᠳᠭᠢᠯ ᠲᠠᠢ ᠠᠭᠤᠯᠠ ᠰᠢᠬ ᠬᠦᠮᠦᠰ ᠬᠡᠷᠡᠭᠳᠡᠢ᠃ ᠰᠡᠭᠦᠯᠴᠢ ᠶᠢᠨ ᠡᠳᠦᠷ ︽ᠠᠵᠢᠯ ᠤᠨ ᠬᠠᠮᠲᠤᠯᠢᠭ︾ ᠤᠨ ᠬᠢᠨ ᠨᠢᠭᠡ ᠵᠢᠯ ᠤᠨ ᠠᠵᠢᠯ ᠤᠨ ᠲᠥᠯᠥᠪᠯᠡᠭᠡ ᠪᠠᠨ ᠲᠤᠭᠳᠠᠭᠠᠨ᠂ ᠣᠯᠠᠨ ᠳᠤ ᠶᠠᠷᠢᠵᠦ ᠦᠭᠭᠦᠭᠰᠡᠨ ᠪᠠ ᠪᠦᠭᠦᠳᠡᠭᠡᠷ ᠭᠠᠷ ᠬᠥᠳᠡᠯᠦᠯᠴᠡᠵᠦ ︽ᠰᠤᠷᠬᠤ ᠲᠦᠰᠦᠪ︾ ᠬᠢᠵᠡᠭᠡᠯ᠎ᠡ᠃ ᠣᠯᠠᠨ ᠬᠦᠮᠦᠨ ᠤ ᠣᠬᠠᠭᠠᠨ ᠭᠡᠭᠴᠢ ᠬᠡᠴᠡᠭᠦᠦ ᠯᠡ ᠳ᠋ᠠ᠃ ᠣᠯᠠᠨ ᠰᠠᠶᠢᠬᠠᠨ ᠲᠥᠰᠦᠪ ᠮᠡᠨᠳᠦᠯᠡᠵᠦ ᠪᠠᠶᠢᠯ᠎ᠠ᠃ ᠬᠠᠷᠢᠯᠴᠠᠨ ᠰᠣᠯᠢᠯᠴᠠᠵᠤ ᠣᠬᠠᠭᠠᠨ ᠲᠡᠯᠡᠵᠦ ᠪᠠᠶᠢᠯ᠎ᠠ᠃      ᠬᠥᠬᠡ ᠮᠦᠷᠡᠨ ᠤ ᠬᠦᠪᠡᠭᠡᠨ ᠳᠤ ᠬᠢ ᠨᠠᠨᠵᠢᠩ ᠠᠴᠠ ᠬᠦᠬᠡ ᠮᠤᠩᠭᠤᠯ ᠤᠨ ᠦᠨᠳᠦᠷᠯᠢᠭ ᠲᠤ ᠪᠠᠨ ᠬᠡᠯᠡᠬᠦ ᠶᠠᠭᠤᠮ᠎ᠠ ᠲᠠᠢ᠂ ᠬᠢᠬᠦ ᠮᠥᠷᠦᠭᠡᠳᠦᠯ ᠲᠠᠢ ᠪᠤᠴᠠᠨ᠎ᠠ ᠭᠡᠵᠦ ᠣᠯᠵᠠ ᠪᠣᠰᠤ ᠦᠦ︕ ᠡ᠊ᠨᠳᠡ ᠥᠪᠦᠷ ᠮᠣᠩᠭᠤᠯ ᠤᠷᠤᠨ ᠤ ᠡᠷᠳᠡᠮᠳᠡᠨ ᠪᠠᠭᠰᠢ᠂ ᠬᠡᠯᠡᠨ ᠤ ᠳᠠᠷᠬᠠᠳ ᠲᠠᠢ ᠲᠠᠨᠢᠯᠴᠠᠨ ᠨᠠᠶᠢᠵᠠᠯᠠᠭᠰᠠᠨ ᠨᠢ ᠲᠣᠮᠤᠬᠠᠨ ᠣᠯᠵᠠ ᠪᠢᠯᠡ᠃ ᠠᠯᠳᠠᠭ ᠣᠨᠤᠭ ᠲᠣᠭᠲᠠᠭᠠᠭᠰᠠᠨ ᠲᠦᠭᠦᠬᠡᠢ ᠱᠦᠭᠦᠷᠬᠡᠢ ᠪᠣᠳᠤᠯ ᠢᠶᠠᠨ ᠴᠢᠳᠠᠨ ᠶᠠᠳᠠᠨ ᠬᠡᠯᠬᠢᠵᠦ ᠬᠤᠯᠪᠤᠨ ︽ᠵᠢᠭᠠᠬᠤ ᠰᠤᠷᠬᠤ ᠰᠣᠳᠤᠯᠬᠤ ᠶᠢᠨ ᠣᠴᠢᠷᠯᠠᠯ︾ ᠬᠡᠮᠡᠪᠡᠢ᠃ ︽ᠣᠯᠵᠠ ᠶᠢ ᠣᠯᠠᠨ ᠢᠶᠠᠷ ᠢᠶᠠᠨ︾ ᠭᠡᠳᠡᠭ᠃ ᠦᠵᠡᠬᠦ ᠮᠡᠷᠭᠡᠳ ᠰᠢᠭᠦᠮᠵᠢᠯᠡᠮᠦ︕            ᠬᠠᠶ᠋ᠢᠭ᠄ ᠣᠩᠨᠢᠭᠤᠳ ᠬᠤᠰᠢᠭᠤᠨ ᠤ ᠪᠣᠷᠤᠬᠤᠲᠠ ᠮᠣᠩᠭᠤᠯ ᠳᠤᠮᠳᠠᠳᠤ ᠰᠤᠷᠭᠠᠭᠤᠯᠢ                   ︵ᠾᠥᠩ ᠮᠸᠢ ᠨᠠᠶᠢᠷᠠᠭᠤᠯᠪᠠ︶                     2018 ᠣᠨ ᠤ 2 ᠳ᠋ᠤᠭᠠᠷ ᠬᠤᠭᠤᠴᠠᠭ᠎ᠠ
 
ᠢᠷᠡᠯᠲᠡ᠄ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠤᠷᠭᠠᠨ ᠬᠦᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map