ᠮᠤᠩᠭᠤᠯ ᠦᠨᠳᠤᠰᠤᠳᠠᠠ ᠤ ︽ᠢᠷᠠᠭᠤ ᠨᠠᠶᠢᠷᠠᠭ ᠢᠶᠠᠷ ᠭᠡᠤᠭᠡᠳ ᠬᠥᠮᠤᠵᠢᠬᠦᠯᠬᠦ ᠤᠬᠠᠭᠠᠠ︾
ᠨᠡᠶᠢᠲᠡᠯᠡᠭᠰᠡᠨ ᠴᠠᠭ᠄
2019/1/11
                                                      ᠳ᠋᠊ · ᠪᠠᠳᠤᠨᠠᠰᠤᠠ      ᠰᠤᠷᠭᠠᠠ ᠬᠥᠮᠤᠵᠢᠯ ᠪᠤᠯ ᠨᠠᠷᠢᠠ ᠪᠤᠳᠤᠯᠢᠶᠠᠨ ᠲᠠᠢ ᠰᠡᠳᠬᠢᠬᠦᠢ ᠶᠢᠨ ᠠᠵᠢᠯᠯᠠᠭ᠎ᠠ ᠪᠤᠯᠬᠤ ᠶᠤᠮ᠃ ᠲᠡᠷᠠ ᠨᠢ ᠳᠤᠬᠠᠢ ᠶᠢᠨ ᠦᠨᠳᠤᠰᠤᠳᠠᠠ ᠤᠭᠰᠠᠭᠠᠳᠠᠠ ᠤ ᠳᠡᠯᠡᠭᠡᠢ ᠶᠢᠷᠳᠢᠨᠴᠤ ᠶᠢᠨ ᠪᠤᠳᠡᠰ ᠤᠨ ᠦᠵᠡᠭᠳᠡᠯ ᠤᠨ ᠳᠤᠬᠠᠢ ᠳᠠᠶᠢᠯᠤᠮᠵᠢ᠂ ᠠᠮᠢᠳᠤᠷᠠᠯ ᠪᠤᠶᠤ ᠶᠢᠷᠳᠢᠨᠴᠤ ᠶᠢᠨ ᠳᠤᠬᠠᠢ ᠦᠵᠡᠯᠳᠡ ᠳᠠᠨᠢᠯᠳᠠ ᠪᠠᠨ ᠬᠤᠶᠢᠴᠢ ᠦᠶ᠎ᠡ ᠳᠤ ᠪᠠᠨ ᠦᠪᠯᠡᠡ ᠤᠯᠠᠮᠵᠢᠯᠠᠬᠤ ᠠᠷᠭ᠎ᠠ ᠤᠬᠠᠭᠠᠠ ᠪᠤᠯᠵᠤ ᠪᠠᠶᠢᠳᠠᠭ᠃ ᠭᠡᠷᠪᠡ ᠡᠪᠦᠭᠡ ᠳᠡᠭᠡᠳᠤᠰ ᠠᠴᠠ ᠪᠠᠨ ᠤᠯᠠᠮᠵᠢᠯᠡᠡ ᠢᠷᠡᠭᠰᠡᠡ ᠬᠠᠮᠤᠭ ᠤᠨ ᠳᠦᠬᠦᠮ᠂ ᠬᠠᠮᠤᠭ ᠤᠨ ᠠᠩᠬᠠᠠ ᠤ ᠰᠤᠷᠭᠠᠠ ᠬᠥᠮᠤᠵᠢᠯ ᠪᠠᠶᠢᠭᠰᠠᠠ ᠦᠭᠡᠢ ᠪᠤᠯ ᠦᠨᠳᠤᠰᠤᠳᠠᠠ ᠪᠦᠬᠦᠠ ᠦᠪᠡᠷ ᠤᠨ ᠦᠪᠡᠷᠮᠢᠴᠠ ᠰᠢᠨᠵᠢ ᠪᠠᠨ ᠠᠯᠳᠠᠬᠤ ᠨᠢ ᠲᠠᠮᠵᠢᠬ ᠦᠭᠡᠢ ᠶᠤᠮ᠃      ᠰᠤᠷᠭᠠᠠ ᠬᠥᠮᠤᠵᠢᠯ ᠢ ᠰᠠᠨᠠᠭᠠᠴᠢᠯᠠᠭ᠎ᠠ ᠲᠠᠢ ᠪᠤᠶᠤ ᠰᠠᠨᠠᠭᠠᠴᠢᠯᠠᠭᠠᠳᠤ ᠪᠤᠰᠤ ᠰᠤᠷᠭᠠᠠ ᠬᠥᠮᠤᠵᠢᠯ ᠭᠡᠵᠤ ᠢᠯᠭᠠᠵᠤ ᠪᠤᠯᠤᠨ᠎ᠠ᠃ ᠠᠬᠤᠢ ᠶᠢᠷᠳᠢᠨᠴᠤ ᠠᠴᠠ ᠡᠬᠦᠰᠦᠭᠰᠡᠡ ᠰᠤᠷᠠᠭ ᠳᠤᠬᠢᠶ᠎ᠡ ᠪᠦᠬᠦᠠ ᠢ ᠭᠡᠤᠭᠡᠳ ᠰᠠᠨᠠᠭᠠᠴᠢᠯᠠᠭ᠎ᠠ ᠲᠠᠢ ᠪᠤᠶᠤ ᠰᠠᠨᠠᠭᠠᠴᠢᠯᠠᠭ᠎ᠠ ᠦᠭᠡᠢ ᠪᠠᠷ ᠬᠥᠯᠢᠶᠡᠡ ᠠᠪᠴᠤ ᠪᠠᠶᠢᠳᠠᠭ᠂ ᠳᠡᠷᠡ ᠪᠤᠯ ᠰᠠᠨᠠᠭᠠᠴᠢᠯᠠᠭᠠᠳᠤ ᠪᠤᠰᠤ ᠰᠤᠷᠭᠠᠠ ᠬᠥᠮᠤᠵᠢᠯ ᠪᠤᠯᠤᠨ᠎ᠠ᠃ ᠵᠢᠱᠢᠶᠡᠯᠡᠪᠡᠯ᠄ ᠳᠠᠭᠤᠠ ᠳᠤ ᠠᠪᠢᠶᠠᠰ ᠲᠠᠢ ᠭᠡᠤᠭᠡᠳ ᠭᠡᠡ ᠢᠶᠠᠷ ᠴᠤ ᠵᠢᠭᠠᠯᠭᠠᠯ ᠦᠭᠡᠢ ᠪᠤᠰᠤᠳ ᠤᠨ ᠳᠠᠭᠤᠯᠠᠬᠤ ᠶᠢ ᠳᠠᠭᠤᠷᠢᠶᠡᠡ ᠳᠠᠭᠤᠯᠠᠭᠰᠠᠭᠠᠷ ᠪᠠᠶᠢᠵᠤ ᠳᠠᠭᠤᠴᠢᠠ ᠪᠤᠯᠬᠤ᠃ ᠪᠢᠳᠡᠡ ᠤ ᠶᠡᠷᠦᠳᠠ ᠶᠢᠨ ᠶᠠᠷᠢᠳᠠᠭ ᠰᠤᠷᠭᠠᠠ ᠬᠥᠮᠤᠵᠢᠯ ᠪᠤᠯ ᠰᠤᠷᠭᠠᠭᠤᠯᠢ ᠶᠢᠨ ᠰᠤᠷᠭᠠᠠ ᠬᠥᠮᠤᠵᠢᠯ᠂ ᠭᠡᠷ ᠪᠦᠯᠢ ᠶᠢᠨ ᠰᠤᠷᠭᠠᠠ ᠬᠥᠮᠤᠵᠢᠯ ᠪᠤᠯᠤᠠ ᠨᠡᠶᠢᠭᠡᠮ ᠤᠨ ᠰᠠᠨᠠᠭᠠᠴᠢᠯᠠᠭᠠᠳᠤ ᠰᠤᠷᠭᠠᠠ ᠬᠥᠮᠤᠵᠢᠯ ᠢ ᠵᠢᠭᠠᠵᠤ ᠪᠠᠶᠢᠭ᠎ᠠ ᠶᠤᠮ᠂ ᠡᠳᠡᠭᠡᠷ ᠤᠨ ᠳᠤᠳᠤᠷᠡᠬᠢ ᠠᠯᠢᠪᠡ ᠵᠤᠷᠢᠯᠭ᠎ᠠ ᠲᠠᠢ ᠠᠵᠢᠯᠯᠠᠭ᠎ᠠ ᠨᠤᠭᠤᠳ ᠨᠢ ᠴᠦᠮ ᠰᠠᠨᠠᠭᠠᠴᠢᠯᠠᠭᠠᠳᠤ ᠰᠤᠷᠭᠠᠠ ᠬᠥᠮᠤᠵᠢᠯ ᠳᠤ ᠪᠠᠭᠳᠠᠨ᠎ᠠ᠃ ᠰᠤᠷᠭᠠᠭᠤᠯᠢ ᠶᠢᠨ ᠰᠤᠷᠭᠠᠠ ᠬᠥᠮᠤᠵᠢᠯ ᠪᠤᠯ ᠪᠠᠭᠰᠢ ᠨᠠᠷ ᠭᠡᠤᠭᠡᠳ ᠢ ᠵᠢᠯᠤᠭᠤᠳᠤᠠ ᠪᠠᠶᠢᠭᠠᠯᠢ ᠨᠡᠶᠢᠭᠡᠮ ᠤᠨ ᠠᠯᠢᠪᠠ ᠦᠵᠡᠭᠳᠡᠯ ᠢ ᠰᠠᠨᠠᠭᠠᠴᠢᠯᠠᠭ᠎ᠠ ᠲᠠᠢ ᠪᠠᠷ ᠮᠡᠳᠡᠷᠡᠬᠦᠯᠵᠤ ᠶᠠᠮᠠᠷ ᠨᠢᠭᠡᠡ ᠵᠤᠷᠢᠯᠭ᠎ᠠ ᠳᠤ ᠬᠥᠷᠭᠡᠵᠤ ᠪᠠᠶᠢᠳᠠᠭ ᠪᠤᠯᠬᠤᠷ ᠳᠡᠬᠦᠠ ᠤ ᠦᠷ᠎ᠡ ᠪᠦᠳᠦᠮᠵᠢ ᠨᠢ ᠳᠤᠳᠤᠷᠬᠠᠢ ᠪᠠᠶᠢᠳᠠᠭ᠃ ᠪᠢᠳᠡᠡ ᠤ ᠬᠢᠴᠢᠶᠡᠯ ᠤᠨ ᠳᠠᠩᠬᠢᠮ ᠤᠨ ᠰᠤᠷᠭᠠᠠ ᠬᠥᠮᠤᠵᠢᠯ ᠪᠤᠯ ᠪᠦᠬᠦ ᠰᠤᠷᠭᠠᠠ ᠬᠥᠮᠤᠵᠢᠯ ᠤᠨ ᠳᠤᠳᠤᠷᠡᠬᠢ ᠳᠤᠩ ᠶᠠᠯᠢᠮ ᠦᠭᠡᠢ ᠭᠡᠰᠡᠭ ᠪᠤᠯᠤᠨ᠎ᠠ᠂ ᠳᠡᠬᠦᠠ ᠢᠶᠠᠷ ᠠᠯᠢᠪᠠ ᠰᠤᠷᠭᠠᠠ ᠬᠥᠮᠤᠵᠢᠯ ᠢ ᠤᠷᠤᠯᠠᠭᠤᠯᠬᠤ ᠪᠤᠯᠬᠤ ᠦᠭᠡᠢ᠃ ᠲᠠᠶᠢᠮᠦ ᠮᠦᠷᠳᠡᠭᠡᠨ ᠳᠡᠬᠦᠠ ᠤ ᠪᠠᠭᠳᠠᠭᠠᠮᠵᠢ ᠶᠢ ᠠᠯᠢ ᠪᠤᠯᠬᠤᠷ ᠳᠡᠯᠡᠵᠤ ᠶᠠᠩᠵᠤ ᠪᠦᠷᠢ ᠶᠢᠨ ᠠᠷᠭ᠎ᠠ ᠤᠬᠠᠭᠠᠠ ᠢ ᠰᠦᠪᠡᠭᠴᠢᠯᠠᠵᠤ ᠴᠢᠳᠠᠪᠠᠯ ᠰᠤᠷᠤᠭᠴᠢᠳ ᠤᠨ ᠤᠯᠬᠤ ᠬᠥᠷᠳᠡᠭᠡᠮᠵᠢ ᠨᠢ ᠨᠡᠩ ᠪᠠᠶᠠᠯᠢᠭ ᠪᠤᠯᠳᠠᠭ᠃ ᠪᠠᠭᠰᠢ ᠶᠢᠨ ᠡᠮᠤᠰᠭᠡᠯ ᠵᠠᠰᠠᠯ᠂ ᠦᠭᠡ ᠶᠠᠷᠢᠶ᠎ᠡ᠂ ᠦᠢᠯᠠ ᠠᠵᠢᠯᠯᠠᠭ᠎ᠠ᠂ ᠵᠠᠩ ᠴᠢᠨᠠᠷ ᠪᠦᠬᠦᠠ ᠭᠡᠤᠭᠡᠳ ᠤᠨ ᠬᠦᠮᠤᠠ ᠪᠤᠯᠵᠤ ᠬᠥᠮᠤᠵᠢᠭ᠍ᠳᠡᠬᠦ ᠶᠢ ᠨᠦᠯᠦᠭᠡᠯᠡᠨ᠎ᠡ ᠭᠡᠳᠡᠭ ᠪᠤᠯ ᠡᠨ᠋ᠨ ᠬᠦ ᠦᠨᠳᠤᠰᠤᠠ ᠶᠤᠰᠤᠠ ᠤ ᠳᠤᠮᠢᠶᠠᠯᠠᠯ ᠪᠤᠯᠤᠨ᠎ᠠ᠃ ᠡᠨ᠋ᠨ ᠳᠤᠬᠠᠢ ︽ᠪᠠᠭᠰᠢ ᠶᠢᠨ ᠦᠭᠡ ᠶᠠᠷᠢᠶ᠎ᠡ ᠦᠢᠯᠠ ᠠᠵᠢᠯᠯᠠᠭ᠎ᠠ ᠨᠢᠭᠡ ᠪᠦᠷᠢ ᠨᠢ ᠰᠤᠷᠤᠭᠴᠢᠳ ᠤᠨ ᠪᠡᠶ᠎ᠡ ᠰᠡᠳᠬᠢᠯ ᠤᠨ ᠦᠰᠦᠯᠳᠠ ᠶᠢ ᠨᠦᠯᠦᠭᠡᠯᠡᠵᠤ ᠪᠠᠶᠢᠳᠠᠭ︾ ᠭᠡᠵᠤ ᠪᠧᠺᠤᠠ ᠭᠡᠯᠡᠭᠰᠡᠡ ᠪᠠᠶᠢᠳᠠᠭ᠃ ᠡ᠊ᠨᠳᠡ ᠪᠢ ᠰᠤᠷᠭᠠᠠ ᠬᠥᠮᠤᠵᠢᠯ ᠤᠨ ᠳᠤᠬᠠᠢ ᠪᠦᠬᠦ ᠳᠠᠯ᠎ᠠ ᠪᠠᠷ ᠳᠡᠯᠭᠡᠡ ᠶᠠᠷᠢᠬᠤ ᠭᠡᠰᠡᠨ ᠪᠢᠰᠢ᠂ ᠬᠠᠷᠢᠨ ᠪᠢᠳᠠᠨ ᠤ ᠡᠪᠦᠭᠡ ᠳᠡᠭᠡᠳᠤᠰ ᠤᠨ ᠢᠷᠠᠭᠤ ᠨᠠᠶᠢᠷᠠᠭ ᠤᠨ ᠭᠡᠯᠪᠡᠷᠢ ᠰᠲ᠋ᠢᠯᠢ ᠶᠢ ᠰᠤᠷᠭᠠᠠ ᠬᠥᠮᠤᠵᠢᠯ ᠳᠤ ᠭᠡᠷᠬᠢᠠ ᠠᠰᠢᠭᠯᠠᠵᠤ ᠪᠠᠶᠢᠭᠰᠠᠠ ᠳᠤᠬᠠᠢ ᠶᠠᠷᠢᠮᠠᠷ ᠪᠠᠶᠢᠨ᠎ᠠ᠃      ᠮᠤᠩᠭᠤᠯ ᠦᠨᠳᠤᠰᠤᠳᠠᠠ ᠢᠷᠠᠭᠤ ᠨᠠᠶᠢᠷᠠᠭ ᠢᠶᠠᠷ ᠬᠤᠶᠢᠴᠢ ᠦᠶ᠎ᠡ ᠶᠢᠨ ᠢᠶᠠᠨ ᠤᠢ ᠪᠢᠯᠢᠭ ᠢ ᠬᠤᠷᠴᠠᠯᠠᠠ᠂ ᠵᠦᠪ ᠬᠥᠮᠤᠠ ᠪᠤᠯᠬᠤ ᠴᠢᠭᠯᠡᠯ ᠦᠭᠡᠳᠡ ᠭᠦᠳᠤᠯᠤᠨ ᠲᠠᠭᠠᠭᠤᠯᠤᠭᠰᠠᠭᠠᠷ ᠢᠷᠡᠪᠡ᠃ ᠳᠡᠬᠦᠠ ᠤ ᠮᠤᠩᠳᠠᠰᠢ ᠦᠭᠡᠢ ᠦᠢᠯᠡᠳᠤᠯ ᠢ ᠬᠦᠩᠭᠡᠡ ᠢᠶᠠᠷ ᠦᠨᠡᠯᠡᠵᠤ ᠦᠯᠤ ᠪᠤᠯᠤᠨ᠎ᠠ᠃ ᠶᠠᠷᠢᠶᠡᠡ ᠦᠭᠡᠢ ᠬᠥᠮᠤᠠ ᠪᠤᠯᠭᠠᠠ ᠢᠷᠠᠭᠤ ᠨᠠᠶᠢᠷᠠᠭᠴᠢ ᠪᠤᠯᠬᠤ ᠪᠤᠯᠤᠮᠵᠢ ᠦᠭᠡᠢ ᠪᠦᠭᠡᠳ ᠳᠡᠶᠢᠮᠤ ᠴᠢᠬᠤᠯᠠᠴᠢᠯᠠᠭ᠎ᠠ ᠴᠤ ᠦᠭᠡᠢ᠃ ᠭᠡᠬᠦ ᠳᠤ ᠪᠠᠨ ᠢᠷᠠᠭᠤ ᠨᠠᠶᠢᠷᠠᠭ ᠪᠤᠯ ᠰᠠᠨᠠᠭ᠎ᠠ ᠤᠷᠠᠠ᠂ ᠭᠡᠯᠡᠯᠭᠡ ᠭᠤᠴᠤ᠂ ᠴᠡᠭᠡᠵᠢᠯᠡᠬᠦ ᠳᠤ ᠬᠢᠯᠪᠡᠷ ᠪᠠᠶᠢᠳᠠᠭ ᠠᠴᠠ ᠮᠤᠩᠭᠤᠯ ᠦᠨᠳᠤᠰᠤᠳᠠᠠ ᠤ ᠬᠠᠮᠤᠭ ᠤᠨ ᠳᠦᠬᠦᠮ᠂ ᠬᠠᠮᠤᠭ ᠤᠨ ᠳᠦᠭᠡᠮᠡᠯ᠂ ᠬᠠᠮᠤᠭ ᠤᠨ ᠠᠩᠬᠠᠠ ᠤ ᠰᠤᠷᠭᠠᠠ ᠬᠥᠮᠤᠵᠢᠯ ᠤᠨ ᠪᠠᠭᠠᠵᠢ ᠭᠡᠷᠡᠭᠯᠡᠬᠦᠷ ᠪᠤᠯᠤᠭᠰᠠᠭᠠᠷ ᠢᠷᠡᠭᠰᠡᠡ ᠪᠠᠶᠢᠵᠠᠢ᠃ ᠭᠡᠤᠭᠡᠳ ᠢ ᠡᠨ᠋ᠨ ᠶᠢᠷᠳᠢᠨᠴᠤ ᠳᠤ ᠵᠤᠯᠠᠶᠢᠳᠠᠠ ᠤᠨᠠᠮᠠᠭᠴᠠ ᠯᠠ ᠠᠴᠢᠳᠤ ᠡᠵᠢ ᠨᠢ ᠢᠷᠠᠭᠤ ᠨᠠᠶᠢᠷᠠᠭ ᠢᠶᠠᠷ ᠵᠡᠷᠭᠡᠯᠡᠭᠳᠡᠭᠰᠡᠡ ᠪᠦᠪᠡᠢ ᠶᠢᠨ ᠳᠠᠭᠤᠤ ᠠᠶᠠᠯᠵᠤ ︽ᠪᠤᠤ ᠠᠶᠤ᠂ ᠪᠤᠤ ᠠᠶᠤ︾ ᠭᠡᠵᠤ ᠰᠡᠳᠬᠢᠯ ᠢ ᠨᠢ ᠳᠠᠶᠢᠳᠬᠤᠷᠠᠭᠤᠯᠤᠠ ᠬᠠᠳᠠᠭᠤᠵᠢᠭᠤᠯᠳᠠᠭ ᠪᠠᠶᠢᠨ᠎ᠠ᠃ ᠳᠡᠭᠡᠭᠡᠳ ᠭᠡᠤᠭᠡᠳ ᠢ ᠭᠡᠯᠡ ᠳᠤ ᠤᠷᠤᠬᠤ ᠲᠠᠢ ᠵᠡᠷᠭᠡ ᠰᠢᠯᠦᠭ ᠴᠡᠭᠡᠵᠢᠯᠡᠬᠦᠯᠤᠠ ︵ᠭᠡᠯᠡᠴᠠ ᠦᠭᠡ᠂ ᠪᠢᠯᠢᠭ ᠰᠤᠷᠭᠠᠯ᠂ ᠶᠢᠷᠳᠢᠨᠴᠤ ᠶᠢᠨ ᠭᠤᠷᠪᠠ᠂ ᠵᠤᠭ᠎ᠠ ᠦᠭᠡ᠂ ᠵᠢᠷᠤᠭ᠎ᠠ ᠦᠭᠡ᠂ ᠠᠷᠠᠳ ᠤᠨ ᠳᠠᠭᠤᠤ ᠵᠡᠷᠭᠡ︶ ᠤᠨᠢᠰᠤᠭ᠎ᠠ ᠳᠠᠭᠠᠯᠭᠠᠬᠤ ᠪᠤᠯ ᠤᠯᠠᠠ ᠵᠠᠭᠤᠠ ᠵᠢᠯ ᠤᠨ ᠳᠡᠷᠳᠡᠭᠡ ᠠᠴᠠ ᠤᠯᠠᠮᠵᠢᠯᠠᠭᠳᠠᠵᠤ ᠢᠷᠡᠭᠰᠡᠡ ᠰᠤᠷᠭᠠᠠ ᠬᠥᠮᠤᠵᠢᠯ ᠤᠨ ᠨᠢᠭᠡᠡ ᠠᠷᠭ᠎ᠠ ᠪᠤᠯᠤᠨ᠎ᠠ᠃ ᠡᠨ᠋ᠨ ᠭᠦ ᠰᠤᠷᠭᠠᠠ ᠬᠥᠮᠤᠵᠢᠯ ᠨᠢ ᠭᠡᠷ ᠪᠦᠯᠢ ᠶᠢᠨ ᠰᠤᠷᠭᠠᠠ ᠬᠥᠮᠤᠵᠢᠯ ᠠᠴᠠ ᠡᠬᠢᠯᠠᠠ ᠰᠤᠷᠭᠠᠭᠤᠯᠢ ᠶᠢᠨ ᠱᠠᠳᠤᠠ ᠤ ᠰᠤᠷᠭᠠᠠ ᠬᠥᠮᠤᠵᠢᠯ ᠤᠨ ᠪᠦᠬᠦ᠋ᠢᠯᠠ ᠶᠠᠪᠤᠴᠠ ᠳᠤ ᠳᠤᠭᠤᠰᠢᠳᠠᠢ ᠨᠠᠶᠢᠳᠠᠪᠤᠷᠢᠵᠢᠭᠤᠯᠤᠭᠳᠠᠵᠤ ᠪᠠᠶᠢᠳᠠᠭ᠃ ᠳᠡᠷᠡ ᠨᠢ ᠭᠡᠤᠭᠡᠳ ᠤᠨ ᠤᠢ ᠪᠢᠯᠢᠭ ᠤᠨ ᠬᠥᠭᠵᠢᠯᠳᠠ ᠳᠤ ᠬᠢᠷᠢ ᠵᠡᠷᠭᠡ ᠦᠭᠬᠦᠭᠡᠵᠢ ᠲᠠᠢ ᠪᠠᠶᠢᠳᠠᠬ ᠪᠤᠢ︖      1. ᠢᠷᠠᠭᠤ ᠨᠠᠶᠢᠷᠠᠭ ᠬᠢᠭᠡᠳ ᠤᠤᠷ ᠰᠤᠶᠤᠯ ᠢᠶᠠᠷ ᠢᠶᠠᠨ ᠬᠥᠮᠤᠵᠢᠬᠦᠯᠬᠦ ᠶᠢᠨ ᠬᠠᠷᠢᠴᠠᠭ᠎ᠠ ᠢᠷᠠᠭᠤ ᠨᠠᠶᠢᠷᠠᠭ ᠪᠤᠯ ᠮᠤᠩᠭᠤᠯ ᠦᠨᠳᠤᠰᠤᠳᠠᠠ ᠤ ᠤᠷᠠᠠ ᠵᠤᠬᠢᠶᠡᠯ ᠤᠨ ᠬᠠᠮᠤᠭ ᠤᠨ ᠠᠩᠬᠠᠠ ᠤ ᠨᠢᠭᠡᠡ ᠰᠲ᠋ᠢᠯᠢ ᠪᠤᠯᠤᠨ᠎ᠠ᠃ ᠡᠷᠳᠡᠡ ᠤ ᠪᠠᠭᠠᠳᠤᠷ ᠤᠨ ᠳᠤᠤᠯᠢ ᠨᠤᠭᠤᠳ ᠢᠷᠠᠭᠤ ᠨᠠᠶᠢᠷᠠᠭ ᠢᠶᠠᠷ ᠢᠯᠡᠳᠭᠡᠬᠦ ᠠᠷᠭ᠎ᠠ ᠪᠠᠨ ᠪᠤᠯᠭᠠᠵᠤ ᠠᠷᠠᠳ ᠤᠨ ᠳᠤᠮᠳᠠ ᠠᠮᠠ ᠪᠠᠷ ᠤᠯᠠᠮᠵᠢᠯᠠᠭᠳᠠᠵᠤ ᠢᠷᠡᠪᠡ᠃ ᠳᠡᠬᠦᠠ ᠠᠴᠠ ᠰᠡᠬᠦᠯᠡᠷ ᠡᠬᠦᠰᠦᠭᠰᠡᠡ ᠠᠷᠠᠳ ᠤᠨ ᠳᠠᠭᠤᠤ ᠮᠠᠨᠢ ᠴᠤ ᠢᠷᠠᠭᠤ ᠨᠠᠶᠢᠷᠠᠭ ᠪᠠᠶᠢᠳᠠᠭ ᠯᠠ ᠳ᠋ᠠ᠃ ᠳᠡᠶᠢᠮᠤ ᠠᠴᠠ ᠳᠡᠭᠡᠷ᠎ᠡ ᠦᠶ᠎ᠡ ᠳᠤ ᠬᠥᠮᠤᠰ ᠤᠨ ᠤᠢ ᠪᠢᠯᠢᠭ ᠤᠨ ᠤᠬᠢ ᠬᠠᠨᠳᠠ ᠢᠷᠠᠭᠤ ᠨᠠᠶᠢᠷᠠᠭ ᠢᠶᠠᠷ ᠢᠯᠡᠷᠡᠡ᠂ ᠦᠢ ᠳᠦᠮᠡᠡ ᠬᠥᠮᠤᠠ ᠠᠷᠠᠳ ᠢ ᠨᠦᠯᠦᠭᠡᠯᠡᠵᠤ ᠪᠠᠶᠢᠪᠠ᠃ ᠨᠦᠬᠦᠭᠡᠳᠡᠬᠦᠷ ᠢᠷᠠᠭᠤ ᠨᠠᠶᠢᠷᠠᠭ ᠨᠢ ᠪᠠᠰᠠ ᠭᠡᠷᠡᠭᠯᠡᠭᠡᠡ ᠤ ᠵᠤᠬᠢᠶᠡᠯ ᠪᠠᠶᠢᠭᠰᠠᠠ ᠶᠤᠮ᠃ ᠦᠰᠦᠭ ᠪᠢᠴᠢᠭ ᠵᠤᠬᠢᠶᠠᠭᠳᠠᠭ᠎ᠠ ᠦᠭᠡᠢ ᠦᠶ᠎ᠡ ᠳᠤ ᠬᠥᠮᠤᠰ ᠢᠷᠠᠭᠤ ᠨᠠᠶᠢᠷᠠᠭ ᠢᠶᠠᠷ ᠵᠠᠬᠢᠶ᠎ᠡ ᠴᠢᠮᠡᠭᠡ ᠤᠯᠠᠮᠵᠢᠯᠠᠨ ᠰᠠᠨᠠᠭ᠎ᠠ ᠤᠨᠤᠭ᠎ᠠ ᠪᠠᠨ ᠤᠯᠤᠯᠴᠠᠵᠤ ᠪᠠᠶᠢᠭᠰᠠᠠ ᠮᠦᠷᠳᠡᠭᠡᠡ ᠦᠰᠦᠭ ᠪᠢᠴᠢᠭ ᠭᠠᠷᠤᠭᠰᠠᠠ ᠤ ᠳᠠᠷᠠᠭ᠎ᠠ ᠴᠤ ᠭᠡᠰᠡᠡ ᠴᠡᠷᠢᠭ ᠳᠠᠶᠢᠠ ᠤ ᠴᠢᠬᠤᠯᠠ ᠨᠢᠭᠤᠴᠠ ᠶᠢ ᠢᠷᠠᠭᠤ ᠨᠠᠶᠢᠷᠠᠭ ᠢᠶᠠᠷ ᠵᠤᠬᠢᠶᠡᠡ᠂ ᠵᠠᠷᠯᠢᠭ ᠳᠠᠮᠵᠢᠭᠤᠯᠤᠭᠴᠢ ᠳᠤ ᠴᠡᠭᠡᠵᠢᠯᠡᠬᠦᠯᠵᠤ ᠨᠢᠭᠤᠴᠠ ᠶᠢ ᠬᠠᠮᠠᠭᠠᠯᠠᠵᠤ ᠪᠠᠶᠢᠭᠰᠠᠠ ᠢᠶᠠᠷ ᠦᠵᠡᠬᠦ ᠳᠤ ᠢᠷᠠᠭᠤ ᠨᠠᠶᠢᠷᠠᠭ ᠪᠤᠯ ᠡᠷᠳᠡ ᠦᠶ᠎ᠡ ᠳᠤ ᠤᠳᠤ ᠶᠢᠨ ᠡᠨ᠋ᠨ ᠬᠦ ︽ᠤᠳᠠᠰᠤ ᠪᠠᠷ ᠬᠤᠯᠪᠤᠭ᠎ᠠ ᠪᠠᠷᠢᠬᠤ︾ ᠡᠬᠦᠷᠭᠡ ᠶᠢ ᠬᠥᠢᠴᠡᠳᠭᠡᠵᠤ ᠪᠠᠶᠢᠵᠠᠢ ︵ᠬᠤᠯᠪᠤᠭᠠᠴᠢᠠ ᠪᠠᠷᠢᠭᠳᠠᠴᠢᠬᠠᠪᠠᠴᠤ ᠳᠠᠶᠢᠰᠤᠠ ᠡᠳᠡᠭᠡᠳ ᠪᠢᠴᠢᠭ ᠪᠠᠷᠢᠮᠳᠠ ᠶᠢᠨ ᠵᠦᠢᠯ ᠤᠯᠵᠤ ᠴᠢᠳᠠᠬᠤ ᠦᠭᠡᠢ ᠳᠠᠪᠠᠭᠤᠯᠢᠭ ᠳᠠᠯ᠎ᠠ ᠲᠠᠢ ᠭᠡᠨ᠎ᠡ︶᠃ ᠢᠷᠠᠭᠤ ᠨᠠᠶᠢᠷᠠᠭ ᠤᠨ ᠴᠡᠭᠡᠵᠢᠯᠡᠵᠤ ᠳᠤᠭᠳᠠᠭᠠᠬᠤ ᠳᠤ ᠳᠦᠬᠦᠮ ᠪᠠᠶᠢᠳᠠᠭ ᠤᠨᠴᠠᠯᠢᠭ ᠢ ᠠᠰᠢᠭᠯᠠᠠ ᠢᠰᠢᠳᠠᠨᠽᠠᠨᠸᠠᠩᠵᠢᠯ ᠭᠤᠸᠠᠢ ᠡᠮ ᠤᠨ ᠵᠤᠷ ᠢ ᠰᠢᠯᠦᠭ ᠢᠶᠠᠷ ᠵᠤᠬᠢᠶᠡᠡ ᠱᠠᠪᠢ ᠨᠠᠷ ᠲᠤ ᠪᠠᠨ ᠴᠡᠭᠡᠵᠢᠯᠡᠬᠦᠯᠵᠤ ᠪᠠᠶᠢᠵᠠᠢ᠃ ᠰᠡᠬᠦᠯ ᠤᠨ ᠦᠶ᠎ᠡ ᠳᠤ ᠢᠷᠠᠭᠤ ᠨᠠᠶᠢᠷᠠᠭ ᠨᠢ ᠭᠡᠤᠭᠡᠳ ᠢ ᠰᠤᠷᠭᠠᠠ ᠬᠥᠮᠤᠵᠢᠬᠦᠯᠬᠦ ᠪᠤᠯᠤᠠ ᠠᠷᠠᠳ ᠤᠯᠠᠠ ᠳᠤ ᠤᠷᠠᠯᠢᠭ ᠤᠨ ᠭᠤᠸ᠎ᠠ ᠳᠠᠭᠠᠰᠢᠶᠡᠯ ᠤᠨ ᠬᠥᠷᠳᠡᠭᠡᠮᠵᠢ ᠤᠯᠭᠤᠬᠤ ᠬᠤᠤᠰ ᠡᠬᠦᠷᠭᠡ ᠶᠢ ᠠᠴᠢᠶᠠᠯᠠᠵᠤ᠂ ᠬᠥᠮᠤᠠ ᠪᠦᠬᠦᠠ ᠤ ᠤᠶᠤᠠ ᠤ ᠠᠮᠢᠳᠤᠷᠠᠯ ᠤᠨ ᠰᠠᠯᠵᠤ ᠪᠤᠯᠤᠰᠢ ᠦᠭᠡᠢ ᠪᠦᠷᠢᠯᠳᠦᠬᠦᠠ ᠭᠡᠰᠡᠭ ᠪᠤᠯᠤᠭᠰᠠᠠ ᠪᠠᠶᠢᠨ᠎ᠠ᠃ ᠵᠢᠱᠢᠶᠡᠯᠡᠪᠡᠯ᠄ ᠭᠡᠯᠡᠴᠠ ᠦᠭᠡ᠂ ᠶᠢᠷᠳᠢᠨᠴᠤ ᠶᠢᠨ ᠭᠤᠷᠪᠠ᠂ ᠵᠤᠭ᠎ᠠ ᠦᠭᠡ᠂ ᠵᠢᠷᠤᠭ᠎ᠠ ᠦᠭᠡ ᠭᠡᠭᠦ ᠮᠡᠳᠤᠴᠢᠯᠠᠨ ᠭᠡᠤᠭᠡᠳ ᠬᠥᠮᠤᠵᠢᠬᠦᠯᠬᠦ ᠤᠨᠴᠠᠭᠠᠢ ᠭᠡᠯᠪᠡᠷᠢ ᠶᠢᠨ ᠢᠷᠠᠭᠤ ᠨᠠᠶᠢᠷᠠᠭ ᠪᠤᠢ ᠪᠤᠯᠵᠤ᠂ ᠤᠨᠢᠰᠤᠭ᠎ᠠ ᠭᠡᠮᠡᠬᠦ ᠭᠡᠤᠭᠡᠳ ᠤᠨ ᠤᠢ ᠪᠢᠯᠢᠭ ᠢ ᠨᠡᠭᠡᠭᠡᠭᠳᠡᠬᠦᠯᠬᠦ ᠪᠠᠰᠠ ᠨᠢᠭᠡᠡ ᠳᠦᠷᠦᠯ ᠤᠨ ᠢᠷᠠᠭᠤ ᠨᠠᠶᠢᠷᠠᠭ ᠮᠡᠨᠳᠤᠯᠡᠪᠡ᠃ ᠡᠬᠦᠠ ᠤ ᠬᠠᠮᠳᠤ᠂ ᠳᠤᠤᠯᠢ ᠬᠠᠶᠢᠯᠠᠬᠤ ᠠᠴᠠ ᠤᠯᠠᠷᠢᠭᠰᠠᠠ ᠦᠯᠢᠭᠡᠷ᠂ ᠬᠤᠯᠪᠤᠭ᠎ᠠ᠂ ᠠᠷᠠᠳ ᠤᠨ ᠳᠠᠭᠤᠤ ᠮᠡᠳᠤ ᠶᠢᠨ ᠠᠶ᠎ᠠ ᠳᠠᠭᠠᠷᠠᠭᠤᠯᠤᠠ ᠤᠶᠠᠩᠭᠠᠯᠠᠬᠤ ᠢᠷᠠᠭᠤ ᠨᠠᠶᠢᠷᠠᠭ ᠪᠤᠢ ᠪᠤᠯᠵᠤ᠂ ᠬᠦᠮᠤᠰ ᠤᠨ ᠤᠷᠠᠯᠢᠭ ᠤᠨ ᠠᠮᠢᠳᠤᠷᠠᠯ ᠤᠨ ᠭᠤᠤᠯ ᠠᠭᠤᠯᠭ᠎ᠠ ᠪᠤᠯᠵᠠᠢ᠃ ᠡᠨ᠋ᠨ ᠬᠢᠷᠢ ᠢᠷᠠᠭᠤ ᠨᠠᠶᠢᠷᠠᠭ ᠤᠨ ᠠᠩᠬᠠᠠ ᠤ ᠭᠡᠯᠪᠡᠷᠢ ᠪᠤᠯᠬᠤ ᠢᠷᠦᠭᠡᠯ ᠮᠠᠭᠳᠠᠭᠠᠯ ᠴᠤ ᠬᠥᠭᠵᠢᠯ ᠢᠶᠠᠨ ᠠᠯᠳᠠᠭᠰᠠᠠ ᠦᠭᠡᠢ᠃ ᠬᠤᠷᠢᠮ ᠨᠠᠶᠢᠷ ᠤᠨ ᠵᠠᠩ ᠦᠢᠯᠠ ᠳᠤ ᠨᠡᠪᠴᠢᠠ ᠢᠳᠡᠭᠡᠰᠢᠵᠤ ᠠᠮᠠ ᠲᠠᠢ ᠪᠤᠯᠭᠠᠠ ᠬᠤᠯᠪᠤᠭ᠎ᠠ ᠬᠤᠷᠰᠢᠶ᠎ᠡ ᠲᠠᠢ ᠶᠠᠷᠢᠬᠤ ᠰᠤᠶᠤᠯ ᠤᠨ ᠤᠯᠪᠠᠭ᠎ᠠ ᠵᠤᠷᠠᠶᠢᠬᠰᠠᠨ ᠪᠠᠶᠢᠨ᠎ᠠ ᠃ ︽ᠮᠤᠩᠭᠤᠯ ᠬᠥᠮᠤᠠ ᠪᠤᠯ ᠰᠢᠯᠦᠭᠴᠢ ᠦᠨᠳᠤᠰᠤᠳᠠᠠ︾ ᠭᠡᠳᠡᠭ ᠦᠭᠡ ᠡᠶᠢᠮᠤ ᠯᠠ ᠳᠡᠤᠭᠡᠡ ᠤᠯᠪᠠᠭ᠎ᠠ ᠲᠠᠢ ᠶᠤᠮ᠃ ᠡᠬᠦᠠ ᠠᠴᠠ ᠦᠵᠡᠬᠦᠯ᠎ᠠ᠂ ᠢᠷᠠᠭᠤ ᠨᠠᠶᠢᠷᠠᠭ ᠢ ᠰᠤᠨᠢᠷᠬᠠᠵᠤ ᠴᠢᠳᠠᠬᠤ᠂ ᠬᠤᠯᠪᠤᠭ᠎ᠠ ᠦᠭᠡ ᠶᠠᠷᠢᠵᠤ ᠴᠢᠳᠠᠬᠤ᠂ ᠢᠷᠠᠭᠤ ᠨᠠᠶᠢᠷᠠᠭ ᠪᠢᠴᠢᠵᠤ ᠰᠤᠷᠬᠤ ᠨᠢ ᠪᠠᠰᠠ ᠴᠤ ᠢᠵᠠᠭᠤᠷ ᠰᠤᠶᠤᠯ ᠢᠶᠠᠨ ᠬᠠᠶᠠᠬᠤ ᠦᠭᠡᠢ ᠬᠤᠶᠢᠴᠢ ᠦᠶ᠎ᠡ ᠳᠤ ᠪᠠᠨ ᠦᠪᠯᠡᠡ ᠤᠯᠠᠮᠵᠢᠯᠠᠬᠤ ᠰᠤᠷᠭᠠᠠ ᠬᠥᠮᠤᠵᠢᠯ ᠤᠨ ᠨᠢᠭᠡᠡ ᠴᠢᠬᠤᠯᠠ ᠠᠭᠤᠯᠭ᠎ᠠ ᠪᠤᠯᠬᠤ ᠠᠵᠢ᠃ ᠳᠠᠷᠤᠢ ᠢᠷᠠᠭᠤ ᠨᠠᠶᠢᠷᠠᠭ ᠤᠨ ᠰᠤᠷᠭᠠᠠ ᠬᠥᠮᠤᠵᠢᠯ ᠪᠤᠯ ᠤᠵᠠᠭᠤᠷ ᠰᠤᠷᠭᠠᠠ ᠬᠥᠮᠤᠵᠢᠯ ᠤᠨ ᠨᠢᠭᠡᠨ ᠭᠡᠰᠡᠭ ᠪᠤᠯᠬᠤ ᠶᠣᠮ᠃ ᠭᠡᠤᠭᠡᠳ ᠤᠳ ᠢ ᠰᠢᠯᠦᠭ ᠰᠤᠨᠢᠷᠬᠠᠬᠤ ᠳᠤ ︽ᠰᠢᠯᠦᠭ ᠪᠢᠴᠢᠭᠡᠳ ᠭᠡᠳᠡᠰᠤ ᠪᠠᠨ ᠳᠡᠵᠢᠭᠡᠨ᠎ᠡ ᠤᠤ︖︾ ᠭᠡᠳᠡᠭ ᠵᠢᠮᠠᠯᠡᠯ ᠪᠤᠯ ᠪᠤᠷᠤᠭᠤ ᠶᠤᠮ᠂ ᠨᠡᠩ ᠴᠤ ᠰᠢᠯᠦᠭᠴᠢᠳ ᠢ ᠰᠤᠯᠢᠶ᠎ᠡ ᠭᠠᠯᠵᠠᠭᠤ ᠲᠠᠢ ᠬᠥᠮᠤᠠ ᠮᠡᠳᠤ ᠰᠠᠨᠠᠵᠤ ︽ᠢᠷᠠᠭᠤ ᠨᠠᠶᠢᠷᠠᠭᠴᠢ ᠪᠤᠯᠪᠠᠯ ᠶᠠᠳᠠᠭᠤᠷᠠᠬᠤ ᠶᠢᠨ ᠳᠡᠮᠳᠡᠭ︾ ᠭᠡᠳᠡᠭ ᠪᠤᠯ ᠢᠷᠠᠭᠤ ᠨᠠᠶᠢᠷᠠᠭ ᠤᠨ ᠳᠤᠬᠠᠢ ᠤᠶᠢᠯᠠᠭᠠᠯᠳᠠ ᠳᠠᠩᠴᠤ ᠮᠡᠬᠦᠰ ᠪᠠᠶᠢᠭ᠎ᠠ ᠶᠢᠨ ᠬᠢ ᠪᠢᠯᠠ᠃ ᠭᠡᠯᠡᠯᠭᠡᠡ ᠦᠭᠡᠢ ᠡᠨ᠋ᠨ ᠨᠢ ᠭᠠᠭᠴᠠ ᠨᠢᠭᠡ ᠰᠢᠯᠦᠭ ᠪᠢᠴᠢᠮᠡᠭᠴᠠ ᠦᠪᠡᠷ ᠢ ᠪᠠᠨ ᠪᠤᠰᠤᠳ ᠠᠴᠠ ᠳᠠᠪᠠᠭᠰᠠᠠ ᠬᠥᠮᠤᠠ ᠮᠡᠳᠤ ᠰᠠᠨᠠᠵᠤ ᠡᠳᠡᠭᠡᠳ ᠰᠤᠨᠢᠠ ᠢᠶᠠᠷ ᠠᠭᠠᠰᠢᠯᠠᠬᠤ ᠪᠤᠶᠤ ︽ᠢᠷᠠᠭᠤ ᠨᠠᠶᠢᠷᠠᠭᠴᠢ ᠠᠷᠢᠬᠢᠴᠢᠠ ᠪᠠᠶᠢᠬᠤ ᠶᠤᠰᠤᠳᠠᠢ︾ ᠭᠡᠬᠦ ᠮᠡᠳᠤ ᠪᠠᠷ ᠮᠠᠵᠤᠤᠯᠠᠳᠠᠭ ᠰᠡᠳᠬᠢᠴᠠ ᠶᠢᠨ ᠭᠠᠵᠢᠭ ᠲᠤ ᠤᠨᠠᠭᠰᠠᠠ ᠢᠷᠠᠭᠤ ᠨᠠᠶᠢᠷᠠᠭᠴᠢᠳ᠂ ᠬᠥᠮᠤᠰ ᠤᠨ ᠰᠡᠳᠬᠢᠯ ᠳᠤ ᠢᠷᠠᠭᠤ ᠨᠠᠶᠢᠷᠠᠭᠴᠢ ᠶᠢᠨ ᠳᠤᠬᠠᠢ ᠰᠤᠯᠤᠭᠠᠢ ᠳᠤᠰᠬᠠᠯ ᠦᠯᠡᠳᠡᠭᠡᠭᠰᠡᠡ ᠠᠴᠠ ᠪᠤᠯᠤᠭᠰᠠᠠ ᠪᠠᠶᠢᠵᠤ ᠮᠡᠳᠡᠨ᠎ᠡ᠃ ᠢᠷᠠᠭᠤ ᠨᠠᠶᠢᠷᠠᠭᠴᠢ ᠪᠤᠯᠭᠠᠠ ᠤᠮᠤᠭᠯᠠᠭᠤᠠ ᠠᠭᠰᠤᠮ ᠪᠠᠶᠢᠳᠠᠭ ᠪᠢᠰᠢ᠂ ᠮᠠᠰᠢ ᠤᠯᠠᠠ ᠳᠤᠮᠤᠴᠤᠤᠯ ᠢᠷᠠᠭᠤ ᠨᠠᠶᠢᠷᠠᠭ ᠲᠤ ᠪᠠᠭ᠋ᠠᠳᠠᠢ ᠪᠠᠶᠢᠭᠰᠠᠠ ᠪᠦᠭᠡᠳ ᠳᠡᠳᠡ ᠢᠷᠠᠭᠤ ᠨᠠᠶᠢᠷᠠᠭ ᠢᠶᠠᠷ ᠰᠡᠳᠬᠢᠯᠭᠡ ᠶᠢᠨ ᠳᠠᠯᠪᠠᠷᠠᠯᠳᠠ ᠪᠠᠨ ᠭᠠᠳᠠᠭᠰᠢᠯᠠᠭᠤᠯᠬᠤ ᠤᠷᠠᠯᠢᠭ ᠤᠨ ᠴᠤᠤᠷᠢᠶ᠎ᠡ ᠪᠤᠯᠭᠠᠵᠤ ᠪᠠᠶᠢᠭᠰᠠᠠ ᠶᠤᠮ᠃ ᠵᠢᠱᠢᠶᠡᠯᠡᠪᠡᠯ᠄ ᠪᠤᠭᠳᠠ ᠴᠢᠩᠬᠢᠰ ︵︽ᠪᠢᠯᠢᠭ ᠰᠤᠷᠭᠠᠯ︾︶᠂ ᠲᠤᠭᠤᠨᠳᠠᠮᠤᠷ ᠬᠠᠭᠠᠠ ︵︽ᠭᠡᠮᠰᠢᠯ ᠰᠢᠯᠦᠭ︾︶᠂ ᠰᠦᠨᠢᠳ ᠤᠨ ᠭᠢᠯᠤᠭᠡᠳᠠᠢ ᠪᠠᠭᠠᠳᠤᠷ ᠠᠴᠠ ᠴᠦᠷᠭᠡᠯᠡᠬᠦᠯᠤᠠ ᠨᠤᠶᠠᠠ ᠬᠤᠳᠤᠭᠳᠤ ᠳ᠋ᠠᠨᠽᠠᠠᠷᠠᠪᠵᠠᠢ᠂ ᠢᠰᠢᠳᠠᠨᠽᠠᠠᠸᠠᠩᠵᠢᠯ ᠭᠡᠬᠦ ᠮᠡᠳᠤ᠃ ᠡᠷᠳᠡᠮᠳᠡᠡ ᠪᠤᠷᠵᠢᠬᠢᠠ ᠭᠡᠷᠡᠯᠳᠤ ᠭᠤᠸᠠᠢ ᠴᠤ ᠭᠤᠶᠤ ᠰᠠᠶᠢᠬᠠᠠ ᠳᠠᠭᠤᠠ ᠤ ᠦᠭᠡ ᠪᠢᠴᠢᠵᠤ ᠳᠠᠶᠠᠭᠠᠷ ᠮᠤᠩᠭᠤᠯᠴᠤᠳ ᠢ ᠪᠠᠶᠠᠰᠬᠠᠭᠰᠠᠠ ᠢ ᠪᠢᠳᠠ ᠪᠦᠬᠦᠠ ᠶᠠᠭᠤᠠ ᠠᠠᠳᠠᠬᠤ ᠪᠤᠢ᠃ ᠳᠡᠳᠡ ᠪᠤᠯ ᠢᠷᠠᠭᠤ ᠨᠠᠶᠢᠷᠠᠭ ᠤᠨ ᠰᠤᠷᠭᠠᠠ ᠬᠥᠮᠤᠵᠢᠯ ᠤᠨ ᠷᠢᠳᠢ ᠰᠢᠳᠢ ᠶᠢ ᠬᠥᠢᠴᠡᠳ ᠮᠡᠳᠡᠳᠡᠭ ᠤᠶᠤᠠᠯᠢᠭ ᠬᠥᠮᠤᠰ ᠶᠤᠮ᠃      ᠮᠠᠠ ᠤ ᠤᠯᠤᠰ ᠨᠢ ᠭᠡᠪ ᠴᠢᠨᠠᠷ ᠤᠨ ᠰᠤᠷᠭᠠᠠ ᠬᠥᠮᠤᠵᠢᠯ ᠢ ᠶᠠᠷᠢᠭᠠᠳ ᠤᠳᠠᠵᠤ ᠪᠠᠶᠢᠭ᠎ᠠ ᠪᠤᠯᠪᠠᠴᠤ ᠪᠠᠰᠠ ᠯᠠ ︽ᠰᠤᠷᠪᠠᠯ ᠭᠡᠷᠡᠭᠯᠡᠨ᠎ᠡ᠂ ᠶᠠᠭᠤᠠ ᠳᠤ ᠭᠡᠷᠡᠭᠯᠡᠨ᠎ᠡ︖ ᠰᠢᠯᠭᠠᠯᠳᠠ ᠳᠤ ᠭᠡᠷᠡᠭᠯᠡᠨ᠎ᠡ︾ ᠭᠡᠳᠡᠭ ᠦᠷᠦᠭᠡᠰᠤᠯ ᠴᠢᠭᠯᠡᠯ ᠵᠦᠭ ᠳᠦᠢᠯᠰᠢᠷᠠᠨ᠂ ᠭᠡᠤᠭᠡᠳ ᠤᠨ ᠤᠢ ᠪᠢᠯᠢᠭ ᠢ ᠨᠡᠭᠡᠭᠡᠭᠳᠡᠬᠦᠯᠬᠦ ᠳᠤ ᠠᠩᠬᠠᠷᠤᠯ ᠳᠠᠯᠪᠢᠬᠤ ᠳᠠᠯ᠎ᠠ ᠪᠠᠷ ᠪᠠᠭᠰᠢ ᠨᠠᠷ ᠪᠤᠶᠤ ᠭᠡᠷ ᠤᠨ ᠠᠬᠠᠮᠠᠳ ᠤᠨ ᠳᠠᠨᠢᠯᠳᠠ ᠠᠳᠠᠯᠢ ᠦᠭᠡᠢ ᠪᠠᠶᠢᠬᠰᠠᠭᠠᠷ᠃ ᠮᠢᠨᠤ ᠪᠤᠳᠤᠬᠤ ᠪᠠᠷ᠂ ᠭᠡᠤᠭᠡᠳ ᠤᠨ ᠰᠡᠳᠬᠢᠬᠦᠢ ᠶᠢ ᠨᠡᠭᠡᠭᠡᠭᠳᠡᠬᠦᠯᠬᠦ ᠪᠤᠯ ᠮᠠᠠ ᠤ ᠰᠤᠷᠭᠠᠠ ᠬᠥᠮᠤᠵᠢᠯ ᠤᠨ ᠬᠠᠮᠤᠭ ᠤᠨ ᠦᠨᠳᠤᠰᠤᠠ ᠵᠤᠷᠢᠯᠳᠠ ᠶᠤᠮ᠂ ᠰᠡᠳᠬᠢᠬᠦᠢ ᠨᠢ ᠨᠡᠭᠡᠭᠡᠭᠳᠡᠭᠰᠡᠡ ᠭᠡᠤᠭᠡᠳ ᠬᠤᠵᠢᠮ ᠰᠠᠶ᠋ᠢ ᠦᠢᠯᠡᠰ ᠪᠦᠳᠦᠭᠡᠵᠤ ᠴᠢᠳᠠᠨ᠎ᠠ᠃ ᠳᠡᠭᠡᠪᠡᠯ ᠰᠢᠯᠦᠭ ᠴᠤᠬᠤᠮ ᠭᠡᠤᠭᠡᠳ ᠤᠨ ᠰᠡᠳᠬᠢᠬᠦᠢ ᠶᠢ ᠨᠡᠭᠡᠭᠡᠭᠳᠡᠬᠦᠯᠬᠦ ᠳᠤ ᠦᠢᠯᠡᠳᠤᠯ ᠭᠠᠷᠭᠠᠵᠤ ᠴᠢᠳᠠᠨ᠎ᠠ ᠤᠤ᠂ ᠦᠭᠡᠢ ᠤᠤ︖      2. ᠢᠷᠠᠭᠤ ᠨᠠᠶᠢᠷᠠᠭ ᠬᠢᠭᠡᠳ ᠰᠡᠳᠬᠢᠬᠦᠢ ᠶᠢᠨ ᠬᠥᠭᠵᠢᠯ ᠤᠨ ᠬᠠᠷᠢᠴᠠᠭ᠎ᠠ      ᠠᠶᠢᠨᠰᠲ᠋ᠧᠨ᠄ ︽ᠳᠦᠷᠰᠦᠯᠡᠡ ᠪᠣᠳᠤᠬᠤ ᠪᠤᠯ ᠮᠡᠳᠡᠯᠭᠡ ᠠᠴᠠ ᠬᠤᠯᠠ ᠴᠢᠬᠤᠯᠠ ᠶᠤᠮ᠃ ᠤᠴᠢᠷ ᠨᠢ ᠮᠡᠳᠡᠯᠭᠡ ᠪᠤᠯ ᠭᠢᠵᠠᠭᠠᠷ ᠲᠠᠢ ᠪᠠᠶᠢᠬᠤ ᠳᠤ ᠳᠦᠷᠰᠦᠯᠡᠡ ᠪᠤᠳᠤᠬᠤ ᠨᠢ ᠶᠢᠷᠳᠢᠨᠴᠤ ᠶᠢᠨ ᠠᠯᠢᠪᠠ ᠶᠢ ᠪᠠᠭᠳᠠᠭᠠᠠ ᠳᠠᠪᠰᠢᠯᠳᠠ ᠶᠢ ᠠᠬᠢᠭᠤᠯᠳᠠᠭ ᠪᠦᠭᠡᠳ ᠮᠡᠳᠡᠯᠭᠡ ᠶᠢᠨ ᠤᠯᠠᠠ ᠬᠤᠪᠢᠰᠬᠤ ᠡᠬᠢ ᠪᠤᠯᠠᠭ ᠪᠤᠯᠵᠤ ᠪᠠᠶᠢᠳᠠᠭ︾ ᠭᠡᠵᠠᠢ᠃ ᠡᠨ᠋ᠨ ᠪᠤᠯ ᠭᠡᠤᠭᠡᠳ ᠤᠨ ᠰᠡᠳᠬᠢᠴᠠ ᠶᠢ ᠨᠡᠭᠡᠭᠡᠭᠳᠡᠬᠦᠯᠬᠦ ᠨᠢ ᠮᠡᠳᠡᠯᠭᠡ ᠬᠤᠷᠠᠮᠳᠤᠭᠤᠯᠬᠤ ᠠᠴᠠ ᠴᠤ ᠴᠢᠬᠤᠯᠠ ᠪᠠᠶᠢᠳᠠᠭ ᠭᠡᠰᠡᠡ ᠰᠠᠨᠠᠭ᠎ᠠ ᠲᠠᠢ ᠦᠭᠡ ᠶᠤᠮ᠃ ᠢᠷᠠᠭᠤ ᠨᠠᠶᠢᠷᠠᠭ ᠪᠤᠯ ᠭᠡᠤᠭᠡᠳ ᠤᠨ ᠰᠡᠳᠬᠢᠴᠠ ᠶᠢ ᠨᠡᠭᠡᠭᠡᠭᠳᠡᠬᠦᠯᠬᠦ ᠬᠤᠷᠴᠠ ᠵᠡᠪᠰᠡᠭ ᠭᠡᠳᠡᠭ ᠢ ᠡᠪᠦᠭᠡ ᠳᠡᠭᠡᠳᠤᠰ ᠮᠠᠨᠢ ᠠᠯᠢ ᠡᠷᠳᠡ ᠠᠴᠠ ᠰᠡᠷᠡᠵᠤ ᠤᠯᠤᠭᠰᠠᠠ ᠪᠦᠭᠡᠳ ᠳᠡᠷᠡ ᠨᠡᠭᠡᠭᠡᠯᠳᠡ ᠨᠢ ᠤᠳᠤ ᠴᠤ ᠭᠡᠰᠡᠡ ᠨᠢᠴᠤᠭᠠᠭᠳᠠᠰᠢ ᠦᠭᠡᠢ ᠪᠠᠳᠤ ᠶᠤᠰᠤ ᠲᠠᠢ ᠪᠠᠶᠢᠭᠰᠠᠭᠠᠷ᠃ ᠵᠢᠱᠢᠶᠡᠯᠡᠪᠡᠯ᠄ ᠤᠨᠢᠰᠤᠭ᠎ᠠ ᠪᠤᠯ ᠢᠷᠠᠭᠤ ᠨᠠᠶᠢᠷᠠᠭ ᠤᠨ ᠨᠢᠭᠡᠡ ᠳᠦᠷᠤᠯ ᠵᠠᠨᠠᠷ ᠪᠤᠯᠤᠨ᠎ᠠ᠃ ᠤᠨᠢᠰᠤᠭ᠎ᠠ ᠳᠠᠭᠠᠯᠭᠠᠬᠤ ᠨᠢ ᠭᠡᠤᠭᠡᠳ ᠤᠨ ᠰᠡᠳᠬᠢᠬᠦᠢ ᠶᠢ ᠨᠡᠭᠡᠭᠡᠬᠦ ᠮᠠᠰᠢ ᠪᠦᠳᠦᠮᠵᠢ ᠲᠠᠢ ᠠᠷᠭ᠎ᠠ ᠠᠪᠴᠠᠯ ᠶᠤᠮ᠃ ︽ᠠᠳᠬᠤᠪᠠᠯ ᠠᠳᠬᠤ ᠳᠦᠬᠦᠷᠬᠦ ᠦᠭᠡᠢ᠂ ᠳᠠᠯᠪᠢᠪᠠᠯ ᠳᠠᠯ᠎ᠠ ᠳᠦᠬᠦᠷᠣᠨ᠎ᠡ︾ ᠭᠡᠳᠡᠭ ᠤᠨᠢᠰᠤᠭ᠎ᠠ ᠪᠤᠢ ︵ᠬᠤᠶᠠᠷ ᠮᠦᠷᠳᠤ ᠰᠢᠯᠦᠭ︶᠃ ᠳᠡᠬᠦᠠ ᠳᠤ ᠠᠳᠬᠤ ᠳᠦᠬᠦᠷᠤᠮ᠎ᠡ ᠦᠭᠡᠢ ᠵᠢᠵᠢᠭᠭᠡᠡ ᠨᠢᠳᠤ᠂ ᠪᠠᠶᠢᠭᠠᠯᠢ ᠳᠡᠯᠡᠭᠡᠢ ᠶᠢ ᠪᠦᠬᠦᠯᠢ ᠪᠠᠷ ᠨᠢ ᠲᠤᠯᠢᠳᠠᠵᠤ ᠴᠢᠳᠠᠳᠠᠭ ᠤᠨᠴᠠᠭᠠᠢ ᠴᠢᠳᠠᠪᠤᠷᠢ ᠶᠢ ᠦᠵᠡᠭᠳᠡᠯ ᠪᠠ ᠦᠢᠯᠡᠳᠤᠯ ᠤᠨ ᠬᠠᠷᠢᠴᠠᠭᠠᠠ ᠠᠴᠠ ᠨᠢ ᠵᠡᠷᠭᠡᠴᠡᠬᠦᠯᠤᠠ ᠳᠦᠷᠰᠦᠯᠡᠭᠰᠡᠡ ᠪᠠᠶᠢᠨ᠎ᠠ᠃ ᠡᠬᠦᠠ ᠢ ᠳᠠᠭᠠᠵᠤ ᠤᠯᠬᠤ ᠳᠤ ᠭᠡᠤᠭᠡᠳ ᠤᠳ ᠳᠦᠰᠦᠭᠡᠯᠡᠡ ᠪᠤᠳᠤᠬᠤ ᠴᠢᠳᠠᠪᠤᠷᠢ ᠪᠠᠨ ᠲᠦᠰᠢᠭᠯᠡᠡ ᠦᠵᠡᠭᠳᠡᠯ ᠠᠴᠠ ᠮᠦᠠ ᠴᠢᠨᠠᠷ ᠢ ᠤᠬᠤᠴᠢᠯᠠᠬᠤ ᠰᠡᠳᠬᠢᠴᠠ ᠶᠢᠨ ᠮᠦᠷᠳᠡᠯᠭᠡ ᠬᠢᠬᠦ ᠪᠤᠯᠤᠨ᠎ᠠ᠃ ᠳᠡᠶᠢᠠ ᠬᠦ ︽ᠠᠭᠤᠷ︾᠂ ︽ᠤᠳᠤᠭ᠎ᠠ︾᠂ ︽ᠠᠭᠠᠷ︾᠂ ︽ᠦᠨᠤᠷ︾᠂ ︽ᠳᠤᠭᠤᠰᠤ︾ ᠭᠡᠬᠦ ᠮᠡᠳᠤᠴᠢᠯᠠᠠ ᠶᠠᠩᠵᠤ ᠪᠦᠷᠢ ᠪᠠᠷ ᠳᠦᠷᠰᠦᠯᠡᠡ ᠪᠤᠳᠤᠵᠤ ᠪᠠᠶᠢᠭᠰᠠᠭᠠᠷ ᠤᠨᠤᠪᠴᠢᠳᠠᠢ ᠬᠠᠷᠢᠭᠤᠯᠳᠠ ᠶᠢ ᠨᠢ ᠤᠯᠬᠤ ᠪᠤᠯᠤᠨ᠎ᠠ᠃ ᠵᠠᠷᠢᠮ ᠬᠦᠴᠢᠷᠳᠡᠢ ᠬᠠᠷᠢᠭᠤᠯᠳᠠ ᠶᠢ ᠤᠯᠬᠤ ᠶᠢᠨ ᠳᠤᠯᠠᠳᠠ ᠤᠯᠠᠠ ᠬᠤᠨᠤᠭ ᠳᠠᠷᠢᠬᠢ ᠪᠠᠨ ᠭᠠᠰᠢᠯᠭᠠᠬᠤ ᠵᠦᠩᠳᠡᠭᠡᠡ᠂ ᠵᠠᠷᠢᠮ ᠳᠤ ᠪᠠᠨ ᠭᠡᠤᠭᠡᠳ ᠤᠳ ᠶᠡᠭᠡᠴᠤᠤᠯ ᠠᠴᠠ ᠰᠤᠷᠤᠭᠰᠠᠠ ᠤᠨᠢᠰᠤᠭ᠎ᠠ ᠶᠢ ᠬᠠᠷᠢᠯᠴᠠᠠ ᠳᠠᠭᠠᠯᠭᠠᠵᠤ ᠪᠡᠶ᠎ᠡ ᠪᠡᠶᠡᠰ ᠢᠶᠠᠨ ᠭᠠᠷᠳᠠᠭᠠᠬᠤ ᠭᠡᠵᠤ ᠴᠢᠷᠮᠡᠶᠢᠨ᠎ᠠ᠃ ᠳᠡᠭᠡᠬᠦ ᠳᠤ ᠴᠡᠭᠡᠵᠢᠯᠡᠭᠰᠡᠡ ᠤᠨᠢᠰᠤᠭ᠎ᠠ ᠬᠥᠷᠦᠯᠴᠠᠬᠦ ᠦᠭᠡᠢ ᠪᠤᠯᠤᠨ᠎ᠠ᠂ ᠳᠡᠶᠢᠮᠤ ᠦᠶᠡᠰ ᠶᠠᠭᠠᠬᠢᠬᠤ ᠪᠤᠢ︖ ᠭᠡᠪᠡᠯ ᠦᠪᠡᠷᠳᠡᠭᠡᠡ ᠤᠨᠢᠰᠤᠭ᠎ᠠ ᠵᠤᠬᠢᠶᠡᠵᠤ ᠤᠷᠤᠯᠳᠤᠨ᠎ᠠ᠃ ᠡᠨ᠋ᠨ ᠪᠤᠯ ᠢᠷᠠᠭᠤ ᠨᠠᠶᠢᠷᠠᠭ ᠵᠤᠬᠢᠶᠡᠡ ᠪᠦᠳᠦᠭᠡᠵᠤ ᠰᠤᠷᠴᠤ ᠪᠠᠶᠢᠭ᠎ᠠ ᠶᠢᠨ ᠰᠢᠨᠵᠢ᠃ ᠮᠤᠩᠭᠤᠯᠴᠤᠳ ᠢᠩᠬᠢᠵᠤ ᠯᠠ ᠭᠡᠤᠭᠡᠳ ᠤᠨ ᠰᠡᠳᠬᠢᠬᠦᠢ ᠶᠢ ᠳᠡᠯᠡᠳᠡᠭ ᠪᠠᠶᠢᠵᠠᠢ᠃ ᠳᠡᠭᠡᠪᠡᠯ ᠢᠷᠠᠭᠤ ᠨᠠᠶᠢᠷᠠᠭ ᠭᠡᠤᠭᠡᠳ ᠤᠨ ᠶᠠᠮᠠᠷ ᠶᠠᠮᠠᠷ ᠰᠡᠳᠬᠢᠬᠦᠢ ᠶᠢ ᠪᠤᠯᠪᠠᠰᠤᠷᠠᠭᠤᠯᠳᠠᠭ ᠪᠤᠢ      ︵1︶ ᠳᠦᠷᠰᠦᠯᠢᠭ ᠰᠡᠳᠬᠢᠬᠦᠢ ᠶᠢᠨ ᠬᠥᠭᠵᠢᠯ ᠢ ᠵᠢᠬᠦᠷᠯᠡᠨ᠎ᠡ ᠪᠦᠳᠦᠭᠡᠯᠴᠢ ᠰᠡᠳᠬᠢᠬᠦᠢ ᠶᠢ ᠭᠡᠷᠪᠡ ᠳᠦᠷᠪᠡᠡ ᠬᠥᠷᠳᠤ ᠲᠠᠢ ᠳᠡᠷᠭᠡ ᠭᠡᠵᠤ ᠦᠵᠡᠪᠡᠯ ᠳᠦᠷᠰᠦᠯᠢᠭ ᠰᠡᠳᠬᠢᠬᠦᠢ ᠪᠤᠯ ᠪᠦᠳᠦᠭᠡᠯᠴᠢ ᠰᠡᠳᠬᠢᠬᠦᠢ ᠶᠢᠨ ᠵᠠᠮ ᠵᠠᠯᠠᠭᠴᠢ ᠡᠮᠤᠨ᠎ᠠ ᠬᠥᠷᠳᠤ ᠪᠤᠯᠬᠤ ᠨᠢ ᠵᠠᠶᠢᠯᠠᠰᠢ ᠦᠭᠡᠢ᠃ ᠳᠦᠷᠰᠦᠯᠢᠭ ᠰᠡᠳᠬᠢᠬᠦᠢ ᠦᠭᠡᠢ ᠬᠥᠮᠤᠠ ᠰᠢᠨ᠎ᠡ ᠶᠢ ᠡᠬᠦᠳᠴᠤ ᠴᠢᠳᠠᠬᠤ ᠦᠭᠡᠢ᠂ ᠶᠠᠷᠢᠶᠡᠡ ᠦᠭᠡᠢ ᠤᠷᠠᠠ ᠪᠦᠳᠦᠭᠡᠯᠴᠢ ᠪᠤᠯᠤᠨ᠎ᠠ ᠭᠡᠳᠡᠭ ᠪᠠᠶᠢᠵᠤ ᠪᠤᠯᠤᠰᠢ ᠦᠭᠡᠢ ᠬᠡᠷᠡᠭ᠃ ᠬᠠᠷᠢᠠ ᠢᠷᠠᠭᠤ ᠨᠠᠶᠢᠷᠠᠭ ᠪᠤᠯ ᠳᠦᠷᠰᠦᠯᠢᠭ ᠰᠡᠳᠬᠢᠬᠦᠢ ᠶᠢᠨ ᠪᠠᠷᠢᠮᠠᠯ ᠪᠤᠯᠬᠤᠷ ᠳᠡᠷᠡ ᠨᠢ ᠭᠡᠤᠭᠡᠳ ᠤᠨ ᠳᠦᠷᠰᠦᠯᠢᠭ ᠰᠡᠳᠬᠢᠬᠦᠢ ᠶᠢ ᠪᠤᠢ ᠪᠤᠯᠭᠠᠬᠤ ᠳᠤ ᠮᠠᠰᠢ ᠰᠠᠶᠢᠠ ᠰᠢᠮ᠎ᠠ ᠱᠦᠯᠳᠤ ᠪᠤᠯᠬᠤ ᠶᠤᠮ᠃ ᠵᠢᠱᠢᠶᠡᠯᠡᠪᠡᠯ᠄ ᠨᠠ᠊ · ᠰᠠᠶᠢᠨᠴᠤᠭᠳᠤ ᠶᠢᠨ ︽ᠬᠥᠭᠡ ᠳᠤᠷᠭᠠᠠ ᠳᠡᠷᠯᠢᠭ︾ ᠪᠤᠯ ᠢᠷᠠᠭᠤ ᠭᠡᠯᠡᠡ ᠤ ᠤᠷᠠᠠ ᠵᠢᠷᠤᠭ ᠰᠠᠠ᠃ ᠳᠡᠬᠦᠠ ᠢ ᠤᠩᠰᠢᠬᠤ ᠳᠤ ᠳᠠᠯ᠎ᠠ ᠨᠤᠳᠤᠭ᠂ ᠮᠤᠩᠭᠤᠯ ᠭᠡᠷ᠂ ᠳᠡᠷᠯᠢᠭ ᠤᠶᠤᠵᠤ ᠪᠠᠶᠢᠭ᠎ᠠ ᠭᠡᠤᠭᠡᠡ᠂ ᠴᠠᠢ ᠴᠢᠨᠠᠵᠤ ᠪᠠᠶᠢᠭ᠎ᠠ ᠡᠮᠡᠭᠡᠡ᠂ ᠳᠠᠬᠦᠠ ᠲᠠᠢ ᠶᠠᠷᠢᠯᠴᠠᠵᠤ ᠰᠠᠭᠤᠭ᠎ᠠ ᠵᠤᠬᠢᠶᠠᠯᠴᠢ ᠠᠶᠠᠨᠳᠠᠭᠠᠠ ᠨᠢᠳᠤᠠ ᠳᠤ ᠢᠯᠡᠷᠡᠬᠦ ᠪᠤᠯᠤᠨ᠎ᠠ᠃ ᠡᠶᠢᠠ ᠬᠦ ᠭᠡᠤᠭᠡᠳ ᠤᠳ ᠰᠢᠯᠦᠭ ᠤᠩᠰᠢᠬᠤ ᠶᠢᠨ ᠳᠠᠭᠠᠤ ᠮᠦᠷ ᠪᠠᠳᠠᠭ ᠪᠤᠯᠭᠠᠠ ᠢ ᠨᠢ ᠳᠠᠷᠢᠬᠢᠠ ᠳᠤ ᠪᠠᠨ ᠪᠤᠷᠤ ᠵᠢᠷᠤᠭ ᠵᠢᠷᠤᠵᠤ ᠤᠷᠤᠯᠳᠤᠨ᠎ᠠ᠃ ᠪᠠᠭᠰᠢ ᠨᠠᠷ ᠭᠡᠤᠭᠡᠳ ᠢᠶᠠᠷ ᠰᠢᠯᠦᠭ ᠴᠡᠭᠡᠵᠢᠯᠡᠬᠦᠯᠬᠦ ᠳᠤ ᠪᠠᠨ ᠤᠷᠤᠰᠤᠮ᠎ᠠ ᠢᠷᠠᠭᠤ ᠭᠡᠯᠡᠯᠭᠡ᠂ ᠤᠷᠠᠠ ᠳᠦᠷᠰᠦᠯᠢᠭ ᠰᠡᠳᠬᠢᠬᠦᠢ ᠲᠠᠢ ᠰᠢᠯᠦᠭ ᠢ ᠰᠤᠩᠭᠤᠳᠠᠭ ᠤᠨ ᠤᠴᠢᠷ ᠨᠢ ᠡᠨ᠋ᠨ ᠶᠤᠮ᠃ ᠵᠠᠷᠢᠮ ᠰᠢᠯᠦᠭ ᠪᠤᠯ ᠭᠡᠯᠡ ᠪᠠᠷ ᠵᠢᠷᠤᠭᠰᠠᠠ ᠵᠢᠷᠤᠭ ᠰᠢᠬ ᠪᠠᠶᠢᠳᠠᠭ᠂ ᠳᠡᠶᠢᠮᠤ ᠰᠢᠯᠦᠭ ᠭᠡᠤᠭᠡᠳ ᠤᠳ ᠲᠤ ᠶᠡᠭᠡ ᠳᠤᠬᠢᠷᠠᠨ᠎ᠠ᠃ ᠵᠢᠱᠢᠶᠡᠯᠡᠪᠡᠯ᠄ ︽ᠦᠯᠢᠶᠡᠵᠤ ᠪᠠᠶᠢᠭ᠎ᠠ ᠰᠠᠯᠬᠢᠠ ᠨᠢ ᠦᠨᠤᠰᠦᠭᠡᠳ ᠪᠠᠶᠢᠭ᠎ᠠ ᠴᠤ ᠶᠤᠮ ᠰᠢᠬ / ᠦᠷᠦᠰᠢᠶᠡᠯᠳᠤ ᠡᠵᠢ ᠶᠢᠨ ᠮᠢᠨᠢ ᠭᠠᠷ ᠢᠯᠪᠢᠭᠡᠳ ᠪᠠᠶᠢᠭ᠎ᠠ ᠴᠤ ᠶᠤᠮ ᠰᠢᠬ︾᠂ ︽ᠠᠷᠤᠭ ᠡᠬᠦᠷᠦᠭᠰᠡᠡ ᠪᠦᠰᠡᠬᠦᠢ ᠪᠦᠵᠢᠭᠯᠡᠵᠤ ᠪᠠᠶᠢᠭ᠎ᠠ ᠴᠤ ᠶᠤᠮ ᠰᠢᠬ / ᠠᠴᠢᠶ᠎ᠡ ᠲᠠᠢ ᠴᠠᠭᠠᠠ ᠳᠡᠮᠡᠭᠡ ᠭᠡᠪᠳᠡᠵᠤ ᠪᠠᠶᠢᠭ᠎ᠠ ᠴᠤ ᠶᠤᠮ ᠰᠢᠬ / ᠠᠷᠰᠯᠠᠠ ᠪᠠᠷᠰ ᠬᠤᠶᠠᠷ ᠨᠤᠴᠤᠯᠳᠤᠵᠤ ᠪᠠᠶᠢᠭ᠎ᠠ ᠴᠤ ᠶᠤᠮ ᠰᠢᠬ︾᠂ ︽ᠭᠠᠵᠠᠷ ᠬᠤᠯᠠ ᠠᠴᠠ ᠰᠠᠨᠠᠬᠤ ᠳᠤ / ᠭᠠᠳᠠᠨ᠎ᠠ ᠪᠠᠨ ᠪᠦᠷᠳᠦᠯᠵᠡᠵᠤ ᠬᠠᠷᠠᠭᠳᠠᠬᠤ ᠶᠤᠮ / ᠭᠠᠯᠠᠭᠤ ᠰᠢᠪᠠᠭᠤ ᠭᠠᠩᠭᠠᠨᠠᠬᠤᠯᠠᠷ / ᠡᠵᠢ ᠶᠢ ᠪᠠᠨ ᠳᠠᠭᠤᠯᠠᠮᠠᠷ / ᠳᠠᠭᠤᠯᠠᠮᠠᠷ ᠪᠤᠯᠬᠤ ᠶᠤᠮ︾ ᠭᠡᠬᠦ ᠰᠢᠯᠦᠭ ᠢ ᠳᠦᠷᠰᠦᠯᠡᠡ ᠪᠤᠳᠤᠯᠳᠠ ᠪᠠᠷ ᠪᠢᠴᠢᠭᠰᠡᠡ ᠨᠢ ᠮᠠᠰᠢ ᠳᠤᠳᠤᠷᠬᠠᠢ ᠪᠠᠶᠢᠨ᠎ᠠ᠃ ᠡᠮᠤᠨᠡᠬᠢ ᠰᠢᠯᠦᠭ ᠲᠤ ᠵᠦᠭᠡᠯᠡᠡ ᠰᠠᠪᠢᠯᠵᠡᠬᠦ ᠰᠠᠯᠬᠢᠠ ᠢ ᠡᠵᠢ ᠶᠢᠨ ᠢᠶᠠᠨ ᠤᠷᠤᠭᠤᠯ ᠪᠤᠯᠤᠠ ᠭᠠᠷ ᠢᠶᠠᠷ ᠳᠦᠷᠰᠦᠯᠡᠡ ᠰᠡᠳᠭᠢᠭᠰᠡᠡ ᠪᠤᠯ ᠳᠤᠮᠳᠠᠬᠢ ᠰᠢᠯᠦᠭ ᠲᠤ ᠡᠬᠦᠯᠠ ᠶᠢ ᠠᠷᠤᠭ ᠡᠬᠦᠷᠦᠭᠰᠡᠡ ᠪᠦᠰᠡᠬᠦᠢ᠂ ᠠᠴᠢᠶ᠎ᠡ ᠲᠠᠢ ᠴᠠᠭᠠᠠ ᠳᠡᠮᠡᠭᠡ᠂ ᠠᠷᠰᠯᠠᠠ ᠪᠠᠷᠰ ᠲᠠᠢ ᠳᠦᠷᠰᠦᠯᠡᠡ ᠪᠤᠳᠤᠪᠠ᠃ ᠬᠠᠷᠢᠠ ᠰᠡᠬᠦᠯᠴᠢ ᠶᠢᠨ ᠰᠢᠯᠦᠭ ᠲᠤ ᠨᠠᠮᠤᠷ ᠪᠤᠯᠬᠤ ᠳᠤ ᠡᠭᠡ ᠨᠤᠳᠤᠭ ᠡᠨᠡᠷᠢᠯᠳᠤ ᠡᠵᠢ ᠪᠠᠨ ᠰᠠᠨᠠᠠ ᠮᠦᠷᠦᠭᠡᠳᠴᠤ ᠪᠠᠶᠢᠭ᠎ᠠ ᠰᠡᠳᠬᠢᠯᠭᠡ ᠶᠢ ᠨᠤᠳᠤᠭ ᠤᠰᠤ ᠪᠤᠯᠤᠠ ᠡᠵᠢ ᠨᠢ ᠠᠮᠢᠳᠤ ᠪᠤᠳᠠᠳᠠᠢ ᠪᠠᠷ ᠬᠠᠷᠠᠭᠳᠠᠵᠤ ᠪᠠᠶᠢᠭ᠎ᠠ ᠪᠠᠷ ᠪᠤᠳᠠᠳᠠᠶᠢᠵᠢᠭᠤᠯᠤᠠ ᠳᠦᠷᠰᠦᠯᠡᠵᠤ ᠭᠡᠶᠢᠰᠪᠤᠷᠢᠯᠠᠠ ᠵᠢᠷᠤᠭᠯᠠᠭᠰᠠᠠ ᠪᠠᠶᠢᠨ᠎ᠠ᠃ ᠡᠶᠢᠮᠤ ᠰᠢᠯᠦᠭ ᠪᠤᠯ ᠭᠡᠶᠢᠰᠪᠤᠷᠢ ᠤᠬᠠᠭᠳᠠᠬᠤᠨᠴᠢᠯᠠᠭᠰᠠᠠ ᠰᠢᠯᠦᠭ ᠢ ᠪᠤᠳᠤᠬᠤᠯᠠᠷ ᠰᠢᠯᠦᠭ ᠤᠨ ᠳᠤᠳᠤᠷ᠎ᠠ ᠪᠠᠨ ᠵᠢᠷᠤᠭ ᠲᠠᠢ᠂ ᠵᠢᠷᠤᠭ ᠤᠨ ᠳᠤᠳᠤᠷ᠎ᠠ ᠪᠠᠨ ᠰᠠᠨᠠᠭ᠎ᠠ ᠲᠠᠢ ᠪᠠᠶᠢᠵᠤ ᠭᠡᠤᠭᠡᠳ ᠤᠨ ᠰᠡᠳᠬᠢᠯᠭᠡ ᠶᠢ ᠶᠡᠭᠡᠭᠡᠡ ᠳᠠᠳᠠᠳᠠᠭ ᠶᠤᠮ᠃      ︵2︶ ᠬᠤᠯᠪᠤᠠ ᠪᠤᠳᠤᠯᠳᠠ ᠶᠢ ᠪᠤᠯᠪᠠᠰᠤᠷᠠᠭᠤᠯᠤᠨ᠎ᠠ      ᠬᠤᠯᠪᠤᠠ ᠪᠤᠳᠤᠯᠳᠠ ᠪᠠᠷ ᠳᠠᠮᠵᠢᠠ ᠭᠡᠤᠭᠡᠳ ᠤᠨ ᠰᠡᠳᠬᠢᠴᠠ ᠶᠢᠨ ᠤᠷᠤᠠ ᠵᠠᠢ ᠳᠡᠯᠡᠭᠳᠡᠵᠤ ᠭᠤᠸ᠎ᠠ ᠳᠠᠭᠠᠰᠢᠶᠡᠯ ᠤᠨ ᠮᠡᠳᠡᠷᠡᠮᠵᠢ ᠨᠢ ᠴᠤ ᠪᠤᠯᠪᠠᠰᠤᠷᠠᠳᠠᠭ᠃ ᠬᠤᠯᠪᠤᠠ ᠪᠤᠳᠤᠯᠳᠠ ᠪᠤᠯ ᠵᠤᠬᠢᠶᠡᠡ ᠪᠦᠳᠦᠬᠡᠬᠦ ᠵᠢᠬᠦᠷ ᠶᠤᠮ ᠂ ᠦᠭᠡᠷ᠎ᠡ ᠪᠠᠷ ᠭᠡᠯᠡᠪᠡᠯ ᠬᠤᠯᠪᠤᠠ ᠪᠤᠳᠤᠯᠳᠠ ᠪᠠᠶᠢᠮᠠᠨᠵᠢᠠ ᠬᠦᠮᠤᠠ ᠤ ᠪᠤᠳᠤᠯ ᠰᠡᠳᠬᠢᠯᠭᠡ ᠬᠢᠵᠠᠭᠠᠷ ᠦᠭᠡᠢ ᠤᠷᠤᠠ ᠵᠠᠢ ᠳᠤ ᠬᠥᠷᠴᠤ ᠴᠢᠳᠠᠨ᠎ᠠ᠃ ᠬᠤᠯᠪᠤᠠ ᠪᠤᠳᠤᠯᠳᠠ ᠨᠢ ᠪᠠᠰᠠ ᠴᠤ ᠪᠦᠳᠦᠭᠡᠯᠴᠢ ᠰᠡᠳᠬᠢᠬᠦᠢ ᠶᠢᠨ ᠵᠠᠮᠴᠢᠯᠠᠭᠤᠷ ᠶᠤᠮ᠂ ᠳᠠᠬᠢᠶ᠎ᠡ ᠶᠢ ᠦᠵᠡᠭᠡᠳ ᠰᠢᠪᠠᠭᠤᠳ ᠢ ᠪᠤᠳᠤᠵᠤ ᠤᠯᠤᠠ᠂ ᠰᠢᠪᠠᠭᠤᠳ ᠢ ᠦᠵᠡᠭᠡᠳ ᠨᠢᠰᠭᠡᠯ ᠢ ᠪᠤᠳᠤᠵᠤ ᠤᠯᠤᠠ᠂ ᠨᠢᠰᠭᠡᠯ ᠠᠴᠠ ᠴᠠᠭᠠᠰᠢ ᠪᠠᠨ ᠰᠠᠨᠰᠠᠷ ᠤᠷᠴᠢᠯᠡᠩ ᠢ ᠭᠡᠶᠢᠰᠪᠤᠷᠢᠯᠠᠠ ᠪᠤᠳᠤᠵᠤ ᠴᠢᠳᠠᠵᠤ ᠪᠠᠶᠢᠪᠠᠯ ᠰᠡᠳᠬᠢᠬᠦᠢ ᠳᠡᠯᠡᠵᠤ ᠪᠠᠶᠢᠭ᠎ᠠ ᠭᠡᠷᠡᠭ ᠶᠤᠮ᠃ ᠰᠢᠯᠦᠭ ᠤᠨ ᠰᠡᠳᠬᠢᠬᠦᠢ ᠪᠤᠯ ᠮᠦᠠ ᠴᠤ ᠬᠤᠯᠪᠤᠠ ᠪᠤᠳᠤᠯᠳᠠ ᠶᠢᠨ ᠰᠡᠳᠬᠢᠬᠦᠢ ᠶᠤᠮ᠃ ᠵᠢᠱᠢᠶᠡᠯᠡᠪᠡᠯ᠄ ︽ᠬᠥᠪ ᠳᠠᠯᠠᠢ ᠶᠢᠨ ᠬᠠᠶᠠᠭᠳᠠᠯ ᠪᠤᠯᠤᠭᠰᠠᠠ / ᠬᠥᠪᠴᠢᠠ ᠴᠠᠭᠠᠠ ᠮᠠᠩᠬ᠎ᠠ ᠮᠢᠨᠢ / ᠬᠥᠷᠦᠰᠤᠳᠤ ᠳᠡᠯᠡᠭᠡᠢ ᠶᠢᠨ ᠳᠡᠨᠤᠬᠦᠯ ᠪᠤᠯᠤᠭᠠᠳ / ᠰᠠᠯᠬᠢᠠ ᠤ ᠡᠷᠭᠡ ᠪᠠᠷ ᠤᠷᠤᠭᠤᠳᠠᠵᠤ ᠪᠠᠶᠢᠨ᠎ᠠ / ᠬᠥᠮᠤᠠ ᠳᠦᠷᠦᠯᠬᠢᠳᠠᠠ ᠤᠷᠴᠢᠯᠠᠩ ᠢᠶᠠᠷ ᠨᠢᠰᠦᠭᠡᠳ / ᠳᠠᠪᠢᠠ ᠵᠠᠭᠤᠠ ᠢᠶᠠᠷ ᠰᠤᠶᠤᠯᠵᠢᠳᠠᠯ᠎ᠠ / ᠬᠥᠭᠡᠷᠦᠬᠦᠢ ᠴᠢ ᠯᠠ ᠳᠠᠯ᠎ᠠ ᠪᠠᠷ ᠮᠦᠯᠬᠦᠭᠰᠡᠭᠡᠷ / ᠮᠢᠩᠭᠠᠠ ᠭᠠᠵᠠᠷ ᠨᠡᠬᠦᠵᠤ ᠪᠠᠶᠢᠨ᠎ᠠ / ᠡᠳᠤᠭᠡ ᠪᠢ ᠡᠷᠳᠡᠮ ᠰᠢᠨᠵᠢᠯᠡᠭᠡᠡ ᠤ / ᠰᠢᠨ᠎ᠡ ᠰᠤᠷᠭᠠᠯ ᠢ ᠰᠤᠨᠤᠰᠬᠤ ᠳᠤ / ᠡᠯᠡᠰᠤ ᠴᠢ ᠵᠠᠯᠠᠭᠤ ᠳᠤ ᠪᠠᠨ / ᠦᠨᠳᠤᠷ ᠠᠭᠤᠯᠠ ᠪᠠᠶᠢᠭᠰᠠᠠ ᠭᠡᠨ᠎ᠡ ᠁︾ ︵ᠨᠠ᠊ · ᠰᠤᠩᠳᠤᠢ ᠶᠢᠨ ︽ᠮᠠᠩᠬᠠᠠ ᠤ ᠨᠤᠭᠤᠭ᠎ᠠ︾ ᠠᠴᠠ︶ ᠭᠡᠳᠡᠭ ᠰᠢᠯᠦᠭ ᠢ ᠠᠵᠢᠭᠯᠠᠬᠤ ᠳᠤ ᠡᠯᠡᠰᠤ ᠪᠤᠯ ᠡᠷᠳᠡᠡ ᠳᠤ ᠪᠠᠨ ᠦᠨᠳᠤᠷ ᠠᠭᠤᠯᠠ ᠪᠠᠶᠢᠭᠰᠠᠠ ᠪᠦᠭᠡᠳ ᠡᠳᠤᠭᠡ ᠳᠡᠯᠡᠭᠡᠢ ᠶᠢᠷᠳᠢᠨᠴᠤ ᠶᠢᠨ ᠰᠤᠶᠤᠯ ᠪᠤᠯᠪᠠᠰᠤᠠ ᠠᠴᠠ ᠬᠤᠴᠤᠷᠤᠠ ᠳᠠᠯ᠎ᠠ ᠨᠤᠳᠤᠭ ᠢᠶᠠᠷ ᠮᠦᠯᠬᠦᠭᠰᠡᠭᠡᠷ ᠪᠠᠶᠢᠭ᠎ᠠ ᠶᠤᠮ ᠪᠠᠶᠢᠨ᠎ᠠ᠃ ᠡᠬᠦᠠ ᠢ ᠪᠠᠭᠠᠳᠤᠷᠯᠢᠭ ᠳᠡᠤᠭᠡ ᠲᠠᠢ ᠮᠤᠩᠭᠤᠯ ᠦᠨᠳᠤᠰᠤᠳᠠᠠ ᠲᠠᠢ ᠪᠠᠨ ᠬᠤᠯᠪᠤᠠ ᠪᠤᠳᠤᠵᠤ ᠪᠢᠴᠢᠭᠰᠡᠡ ᠨᠢ ᠮᠠᠰᠢ ᠳᠤᠳᠤᠷᠬᠠᠢ ᠪᠠᠶᠢᠭ᠎ᠠ ᠪᠦᠭᠡᠳ ᠡᠨᠡᠴᠢᠯᠡᠡ ᠪᠠᠳᠠᠭ ᠪᠤᠯᠭᠠᠠ ᠢ ᠶᠠᠭᠤ ᠲᠠᠢ ᠬᠤᠯᠪᠤᠠ ᠪᠤᠳᠤᠭᠰᠠᠠ ᠢ ᠰᠡᠳᠬᠢᠬᠦ ᠳᠤᠮᠳᠠ ᠭᠡᠤᠭᠡᠳ ᠤᠨ ᠰᠡᠳᠬᠢᠬᠦᠢ ᠳᠡᠯᠡᠭᠳᠡᠵᠤ ᠪᠤᠯᠬᠤ ᠶᠤᠮ᠃ ᠡᠬᠦᠠ ᠠᠴᠠ ᠦᠵᠡᠬᠦᠯ᠎ᠡ ᠬᠤᠯᠪᠤᠠ ᠪᠤᠳᠤᠯᠳᠠ ᠨᠢ ᠳᠦᠷᠰᠦᠯᠡᠡ ᠪᠤᠳᠤᠯᠳᠠ ᠲᠠᠢ ᠳᠠᠩᠭᠡᠯᠢᠭ ᠨᠡᠶᠢᠯᠡᠡ ᠡᠷᠴᠢᠮ ᠨᠢᠭᠡᠳᠴᠤ ᠤᠷᠠᠠ ᠰᠠᠨᠠᠭᠠᠠ ᠤ ᠵᠢᠬᠦᠷ ᠲᠤ ᠴᠡᠨᠡᠭ ᠦᠭᠳᠡᠭ ᠠᠵᠢ᠃      ︵3︶ ᠬᠡᠶᠢᠰᠪᠤᠷᠢ ᠰᠡᠳᠬᠢᠬᠦᠢ ᠶᠢᠨ ᠭᠦᠭᠵᠢᠯ ᠢ ᠠᠬᠢᠭᠤᠯᠤᠨ᠎ᠠ      ᠭᠡᠶᠢᠰᠪᠤᠷᠢ ᠰᠡᠳᠬᠢᠬᠦᠢ ᠭᠡᠳᠡᠭ ᠪᠤᠯ ᠪᠠᠶᠢᠬᠤ ᠦᠭᠡᠢ ᠶᠠᠭᠤᠮ᠎ᠠ ᠶᠢ ᠪᠠᠶᠢᠬᠤ ᠪᠠᠷ᠂ ᠦᠵᠡᠭᠡ ᠦᠭᠡᠢ ᠵᠦᠢᠯ ᠢ ᠦᠵᠡᠭᠰᠡᠡ ᠢᠶᠠᠷ ᠭᠡᠶᠢᠰᠪᠤᠷᠢᠯᠠᠠ ᠪᠤᠳᠤᠳᠠᠭ ᠨᠢᠭᠡ ᠵᠦᠢᠯ ᠤᠨ ᠵᠠᠳᠠᠭᠠᠢ ᠰᠡᠳᠬᠢᠬᠦᠢ ᠪᠤᠯᠤᠨ᠎ᠠ᠃ ᠳᠡᠬᠦᠠ ᠤ ᠬᠠᠮᠤᠭ ᠤᠨ ᠳᠠᠪᠠᠭᠤᠯᠢᠭ ᠳᠠᠯ᠎ᠠ ᠨᠢ ᠴᠠᠭ ᠪᠤᠯᠤᠠ ᠭᠠᠵᠠᠷ ᠤᠷᠤᠠ ᠤ ᠬᠢᠵᠠᠭᠠᠷ ᠢ ᠳᠠᠪᠠᠵᠤ᠂ ᠴᠢᠯᠦᠭᠡᠳᠠᠢ ᠪᠠᠷ ᠰᠡᠳᠬᠢᠳᠡᠭ᠃ ᠡᠷᠳᠡᠡ ᠤ ᠬᠥᠮᠤᠰ ᠶᠠᠮᠠᠷ ᠪᠠᠶᠢᠭᠰᠠᠠ ᠪᠤᠢ︖ ᠢᠷᠡᠭᠡᠳᠤᠢ ᠶᠢᠨ ᠶᠢᠷᠳᠢᠨᠴᠤ ᠶᠠᠮᠠᠷ ᠪᠤᠯᠬᠤ ᠪᠤᠢ︖ ᠡᠬᠦᠠ ᠢ ᠭᠡᠡ ᠴᠤ ᠮᠡᠳᠡᠬᠦ ᠦᠭᠡᠢ᠃ ᠴᠢᠳᠬᠦᠷ ᠰᠠᠬᠢᠭᠤᠯᠰᠤᠠ ᠪᠠᠶᠢᠳᠠᠭ ᠤᠤ︖ ᠬᠥᠮᠤᠰ ᠳᠤᠳᠤᠷ᠎ᠠ ᠪᠠᠨ ᠶᠠᠭᠤ ᠶᠠᠭᠤ ᠪᠤᠳᠤᠵᠤ ᠶᠠᠪᠤᠳᠠᠭ ᠪᠤᠢ︖ ᠠᠮᠢᠳᠠᠠ ᠠᠷᠢᠶᠡᠳᠡᠡ ᠬᠠᠷᠢᠯᠴᠠᠠ ᠶᠠᠭᠠᠬᠢᠵᠤ ᠬᠠᠷᠢᠴᠠᠳᠠᠭ ᠪᠤᠢ︖ ᠳᠡᠳᠡᠡ ᠳᠤ ᠦᠭᠡ ᠭᠡᠯᠡ ᠭᠡᠵᠤ ᠪᠠᠶᠢᠳᠠᠭ ᠤᠤ︖ ᠰᠠᠨᠰᠠᠷ ᠤᠨ ᠬᠥᠮᠤᠠ ᠶᠠᠮᠠᠷ ᠪᠠᠶᠢᠪᠠᠯ ᠵᠤᠬᠢᠬᠤ ᠪᠤᠢ︖ ᠡᠨ᠋ᠨ ᠪᠦᠬᠦᠠ ᠢ ᠤᠷᠠᠠ ᠵᠤᠬᠢᠶᠡᠯᠴᠢ ᠴᠦᠮ ᠳᠦᠷᠰᠦᠯᠡᠵᠤ ᠴᠢᠳᠠᠨ᠎ᠠ᠃ ᠭᠡᠬᠦ ᠳᠤ ᠪᠠᠨ ᠳᠡᠷᠡ ᠳᠦᠷᠰᠦᠯᠡᠯ ᠨᠢ ᠠᠩᠬᠠᠠ ᠤ ᠵᠢᠷᠤᠭ ᠳᠦᠷᠰᠤ ᠭᠡᠶᠢᠰᠪᠤᠷᠢ ᠰᠡᠳᠬᠢᠬᠦᠢ ᠪᠠᠷ ᠬᠦᠳᠦᠯᠦᠭᠳᠡᠳᠡᠭ ᠶᠤᠮ᠃ ᠤᠷᠠᠠ ᠵᠤᠬᠢᠶᠡᠯ ᠤᠨ ᠨᠢᠭᠡᠡ ᠭᠡᠯᠪᠡᠷᠢ ᠪᠤᠯᠬᠤ ᠢᠷᠠᠭᠤ ᠨᠠᠶᠢᠷᠠᠭ ᠶᠠᠭ ᠡᠨ᠋ᠨ ᠭᠡᠶᠢᠰᠪᠤᠷᠢ ᠰᠡᠳᠬᠢᠬᠦᠢ ᠪᠠᠷ ᠵᠢᠬᠦᠷ ᠢᠶᠠᠨ ᠪᠤᠯᠭᠠᠳᠠᠭ᠃ ᠢᠷᠠᠭᠤ ᠨᠠᠶᠢᠷᠠᠭ ᠤᠨ ᠰᠡᠳᠬᠢᠬᠦᠢ ᠪᠤᠯ ᠦᠰᠦᠷᠤᠯᠳᠠ ᠳᠠᠯᠠᠯᠳᠠ ᠶᠡᠭᠡᠳᠠᠢ ᠶᠤᠮ᠂ ᠢᠯᠠᠩᠭᠤᠶ᠎ᠡ ᠪᠢᠰᠢᠯᠭᠠᠯ ᠤᠨ ᠰᠢᠨᠵᠢ ᠲᠠᠢ ᠬᠥᠠ ᠤᠬᠠᠭᠠᠯᠢᠭ ᠰᠢᠯᠦᠭ᠂ ᠰᠡᠳᠬᠢᠯᠭᠡᠡ ᠤ ᠤᠶᠠᠩᠭ᠎ᠠ ᠵᠡᠷᠭᠡ ᠪᠤᠯ ᠰᠠᠨᠠᠭ᠎ᠠ ᠠᠬᠤᠢ ᠨᠢ ᠡᠯᠡᠷ ᠪᠠᠯᠠᠷ᠂ ᠬᠦᠠ ᠨᠢᠭᠤᠴᠠᠭᠠᠢ ᠪᠠᠶᠢᠵᠤ ᠴᠤᠯ ᠭᠡᠢ ᠰᠡᠳᠬᠢᠬᠦᠢ ᠪᠠᠷ ᠵᠤᠬᠢᠶᠠᠭᠳᠠᠭᠰᠠᠠ ᠪᠠᠶᠢᠳᠠᠭ᠃ ᠡᠶᠢᠮᠤ ᠰᠢᠯᠦᠭ ᠢ ᠤᠩᠰᠢᠬᠤ ᠳᠤ ᠳᠦᠷᠰᠦᠯᠢᠭ ᠰᠡᠳᠬᠢᠬᠦᠢ ᠪᠤᠶᠤ ᠯᠤᠬᠢᠭ ᠰᠡᠳᠬᠢᠬᠦᠢ ᠶᠢᠨ ᠠᠷᠭ᠎ᠠ ᠶᠢ ᠳᠦᠰᠢᠭᠯᠡᠭᠡᠳ ᠴᠡᠬᠡᠯ ᠳᠤ ᠨᠢ ᠬᠥᠷᠴᠤ ᠴᠢᠳᠠᠬᠤ ᠦᠭᠡᠢ᠃ ᠤᠴᠢᠷ ᠨᠢ ᠳᠡᠬᠦᠠ ᠤ ᠳᠦᠯᠬᠢᠬᠦᠷ ᠪᠤᠯ ᠭᠡᠶᠢᠰᠪᠤᠷᠢ ᠰᠡᠳᠬᠢᠬᠦᠢ ᠪᠠᠶᠢᠭ᠎ᠠ ᠶᠤᠮ᠃ ᠮᠤᠩᠭᠤᠯ ᠠᠷᠠᠳ ᠤᠨ ᠵᠦᠢᠷ ᠰᠡᠴᠡᠡ ᠦᠭᠡᠡ ᠳᠤ ᠭᠡᠶᠢᠰᠪᠤᠷᠢ ᠰᠡᠳᠬᠢᠬᠦᠢ ᠶᠢᠨ ᠠᠷᠭ᠎ᠠ ᠶᠢ ᠠᠯᠢ ᠡᠷᠳᠡᠡ ᠠᠴᠠ ᠭᠡᠷᠡᠭᠯᠡᠵᠤ ᠢᠷᠡᠭᠰᠡᠡ ᠪᠠᠶᠢᠪᠠ᠃ ᠵᠢᠱᠢᠶᠡᠯᠡᠪᠡᠯ᠄ ︽ᠬᠢᠯᠭᠠᠰᠤᠠ ᠳᠡᠭᠡᠬᠦᠷ ᠬᠦᠶᠤᠯᠭᠡᠬᠦ︾ ᠭᠡᠳᠡᠭ ᠰᠡᠴᠡᠡ ᠦᠭᠡ ᠪᠤᠯ ᠳᠠᠪᠠᠭᠤᠯᠤᠯ ᠤᠨ ᠠᠷᠭ᠎ᠠ ᠶᠢ ᠭᠡᠷᠡᠭᠯᠡᠭᠰᠡᠡ ᠭᠡᠢ ᠰᠡᠳᠬᠢᠬᠦᠢ ᠶᠢᠨ ᠳᠠᠯᠠᠰ ᠪᠤᠯᠤᠨ᠎ᠠ᠃ ᠶᠠᠭᠠᠬᠢᠭᠠᠳ ᠭᠡᠬᠦᠯᠡᠷ ᠬᠢᠯᠭᠠᠰᠤᠠ ᠳᠡᠭᠡᠬᠦᠷ ᠭᠡᠡ ᠴᠤ ᠬᠦᠶᠤᠵᠤ ᠪᠠᠶᠢᠭ᠎ᠠ ᠦᠭᠡᠢ ᠨᠢ ᠮᠡᠳᠡᠭᠡᠵᠢ᠃ ᠭᠡᠷᠪᠡ ᠦᠨᠡᠭᠡᠷ ᠬᠦᠶᠤᠬᠦ ᠪᠤᠯᠤᠮᠵᠢ ᠪᠠᠶᠢᠨ᠎ᠠ ᠭᠡᠳᠡᠭ ᠪᠤᠯ ᠳᠡᠬᠦᠠ ᠳᠡᠭᠡᠬᠦᠷ ᠶᠠᠪᠤᠬᠤ ᠳᠤ ᠪᠠᠭ᠎ᠠ ᠯᠠ ᠬᠠᠶᠢᠬᠤᠷᠤᠮᠵᠢ ᠦᠭᠡᠶᠢᠳᠡᠪᠡᠯ ᠤᠶᠢᠴᠢᠨ᠎ᠠ᠂ ᠡᠪ ᠦᠭᠡᠢ ᠢᠳᠡ ᠲᠠᠢ ᠬᠥᠳᠡᠯᠪᠡᠯ ᠳᠠᠰᠤᠷᠠᠨ᠎ᠠ᠂ ᠦᠨᠡᠭᠡᠷ ᠪᠤᠳᠤᠬᠤ ᠠᠴᠠ ᠵᠢᠷᠦᠭᠡ ᠳᠡᠯᠡᠰᠤᠮᠡᠷ ᠠᠶᠤᠮᠰᠢᠭ ᠲᠠᠢ ᠪᠢᠵᠠ᠃ ᠳᠤᠰ ᠦᠭᠡ ᠶᠢ ᠠᠵᠢᠯ ᠤᠨ ᠳᠤᠮᠳᠠ ᠤᠳᠤᠷᠢᠳᠤᠯᠭ᠎ᠠ ᠨᠢ ᠳᠤᠤᠷᠡᠬᠢ ᠬᠦᠮᠤᠰ ᠤᠨ ᠢᠶᠠᠨ ᠦᠢᠯᠠ ᠳᠠᠮᠤ ᠶᠢ ᠨᠢ ᠦᠵᠡᠵᠤ ᠪᠠᠶᠢᠭ᠎ᠠ ᠪᠠᠶᠢᠳᠠᠯ ᠳᠤ ᠳᠦᠷᠰᠦᠯᠡᠵᠤ ᠭᠡᠯᠡᠳᠡᠭ᠃ ᠭᠡᠬᠦ ᠳᠤ ᠪᠠᠨ ᠪᠤᠯᠤᠰᠢ ᠦᠭᠡᠢ ᠵᠦᠢᠯ ᠢ ᠪᠤᠯᠬᠤ ᠮᠡᠳᠤ ᠭᠡᠶᠢᠰᠪᠤᠷᠢᠯᠠᠠ ᠰᠡᠳᠬᠢᠵᠤ ᠳᠦᠷᠰᠦᠯᠡᠭᠰᠡᠡ ᠨᠢ ᠬᠥᠮᠤᠰ ᠲᠤ ᠮᠠᠷᠳᠠᠭᠳᠠᠰᠢ ᠦᠭᠡᠢ ᠮᠡᠳᠡᠷᠡᠮᠵᠢ ᠤᠯᠭᠤᠨ᠎ᠠ᠃ ᠮᠤᠩᠭᠤᠯ ᠰᠢᠯᠦᠭ ᠮᠠᠨᠢ ᠢᠵᠠᠭᠤᠷ ᠰᠤᠶᠤᠯ ᠤᠨ ᠢᠶᠠᠨ ᠬᠥᠷᠦᠰᠤᠠ ᠳᠤ ᠴᠡᠴᠡᠭᠯᠡᠭᠰᠡᠡ ᠪᠤᠯᠬᠤᠷ ᠭᠡᠢ ᠰᠡᠳᠬᠢᠬᠦᠢ ᠶᠢᠨ ᠠᠷᠭ᠎ᠠ ᠶᠢ ᠵᠦᠩᠳᠡᠭᠡᠡ ᠭᠡᠷᠡᠭᠯᠡᠳᠡᠭ ᠃ ᠵᠢᠱᠢᠶᠡᠯᠡᠪᠡᠯ᠄ ︽ᠦᠰᠤᠠ ᠳᠦᠯᠵᠢᠬᠦ ᠳᠤᠳᠤᠮ ᠢᠶᠠᠨ ᠪᠢ / ᠦᠨᠳᠤᠷ ᠪᠤᠯᠬᠤ ᠶᠢ ᠬᠥᠰᠡᠨᠡᠮ / ᠦᠨᠢᠷ ᠪᠠᠶᠠᠠ ᠠᠽᠢᠶ᠎ᠠ ᠶᠢᠨ ᠢᠶᠠᠨ / ᠠᠭᠤᠯᠠᠰ ᠰᠢᠬ ᠦᠰᠬᠦ ᠶᠢ ᠬᠥᠰᠡᠨᠡᠮ / ᠤᠷᠴᠢᠯᠡᠩ ᠶᠡᠭᠡ ᠳᠡᠯᠡᠭᠡᠢ ᠳᠡᠭᠡᠷ᠎ᠡ / ᠤᠷᠬᠢᠯ ᠪᠤᠯᠢᠶᠠᠯᠳᠤᠬᠤ ᠢᠵᠢᠯᠢ ᠦᠭᠡᠢ / ᠤᠮᠤᠭ ᠰᠦᠷ ᠢᠶᠠᠷ ᠢᠶᠠᠨ ᠮᠠᠨᠳᠤᠭᠰᠠᠠ / ᠡᠾᠢᠮᠠᠯᠢᠶ᠎ᠠ ᠰᠢᠭ ᠪᠤᠯᠬᠤ ᠶᠢ ᠬᠥᠰᠡᠨᠡᠮ︾ ︵ᠷᠢ᠊ · ᠴᠦᠢᠨᠤᠮ ᠤᠨ ︽ᠠᠽᠢᠶ᠎ᠠ ᠶᠢᠨ ᠳᠤᠬᠠᠢ ᠪᠠᠷᠳᠠᠮᠨᠠᠯ︾ ᠠᠴᠠ︶ ᠭᠡᠬᠦ ᠰᠢᠯᠦᠭ ᠲᠤ ᠭᠡᠢ ᠰᠡᠳᠬᠢᠬᠦᠢ ᠶᠢᠨ ᠠᠷᠭ᠎ᠠ ᠪᠠᠷ ᠦᠪᠡᠷ ᠤᠨ ᠦᠨᠳᠤᠰᠤᠳᠠᠠ ᠤ ᠪᠠᠨ ᠳᠡᠯᠡᠭᠡᠢ ᠳᠤ ᠤᠷᠦ᠋ᠢᠯᠠᠬᠤ ᠶᠢ ᠭᠦᠰᠡᠵᠦ ᠪᠠᠶᠢᠭ᠎ᠠ ᠰᠠᠨᠠᠭ᠎ᠠ ᠶᠢ ᠬᠠᠷᠠᠭᠤᠯᠪᠠ᠃ ︽ᠪᠢ︾ ᠪᠤᠯ ᠵᠤᠬᠢᠶᠠᠭᠴᠢ ᠶᠢᠨ ᠳᠤᠰ ᠪᠡᠶ᠎ᠡ ᠪᠢᠰᠢ᠂ ᠬᠠᠷᠢᠠ ᠨᠢᠭᠡ ᠦᠨᠳᠤᠰᠤᠳᠠᠠ ᠤ ᠳᠦᠯᠦᠭᠡᠯᠡᠬᠦᠯᠦᠯ ᠶᠤᠮ᠃ ᠳᠡᠬᠦᠠ ᠢ ᠪᠠᠶᠢᠭᠠᠯᠢᠯᠢᠬ ᠰᠡᠳᠬᠢᠬᠦᠢ ᠪᠠᠷ ᠤᠶᠢᠯᠠᠭᠠᠪᠠᠯ ᠳᠡᠭᠷᠢ ᠳᠤᠯᠤᠭᠰᠠᠠ ᠦᠨᠳᠤᠷ ᠬᠥᠮᠤᠠ ᠪᠤᠯᠬᠤ ᠭᠡᠰᠡᠡ ᠰᠠᠨᠠᠭ᠎ᠠ ᠶᠢ ᠭᠠᠷᠭᠠᠭᠰᠠᠠ ᠮᠡᠳᠤ᠃ ᠭᠡᠷᠡᠭ ᠳᠡᠭᠡᠷ᠎ᠡ ᠪᠠᠨ ᠳᠡᠶᠢᠮᠤ ᠪᠤᠯᠤᠯᠴᠠᠭ᠎ᠠ ᠦᠭᠡᠢ᠃ ᠬᠥᠮᠤᠠ ᠤ ᠦᠨᠳᠤᠷ ᠪᠤᠭᠤᠨᠢ ᠪᠡᠶ᠎ᠡ ᠮᠠᠬᠠᠪᠤᠳ ᠢ ᠠᠪᠤ ᠡᠵᠢ ᠤᠯᠭᠤᠳᠠᠭ ᠠᠴᠠ ᠪᠢᠰᠢ᠂ ᠰᠠᠨᠠᠭ᠎ᠠ ᠪᠠᠷ ᠪᠤᠯᠳᠠᠭ ᠦᠭᠡᠢ ᠶᠤᠮ᠃ ᠬᠠᠷᠢᠠ ᠤᠶᠤᠠ ᠮᠡᠳᠡᠯᠭᠡ᠂ ᠡᠳ᠋ ᠪᠤᠳᠡᠰ ᠤᠨ ᠪᠠᠶᠠᠯᠢᠭ ᠢ ᠬᠥᠴᠤ ᠬᠥᠳᠡᠯᠮᠤᠷᠢ ᠪᠠᠷ ᠳᠡᠮᠡᠴᠡᠵᠤ ᠤᠯᠤᠨ᠎ᠠ᠃ ᠳᠡᠶᠢᠮᠤ ᠠᠴᠠ ᠡ᠊ᠨᠳᠠ ᠭᠡᠯᠡᠵᠤ ᠪᠠᠶᠢᠭ᠎ᠠ ᠦᠨᠳᠤᠷ ᠪᠤᠯᠬᠤ ᠭᠡᠰᠡᠡ ᠰᠠᠨᠠᠭ᠎ᠠ ᠪᠤᠯ ᠦᠨᠳᠤᠰᠤᠳᠠᠠ ᠤ ᠰᠤᠶᠤᠯ ᠪᠤᠯᠪᠠᠰᠤᠠ᠂ ᠬᠥᠭᠵᠢᠯ ᠪᠠᠳᠠᠷᠠᠯ ᠳᠡᠯᠡᠭᠡᠢ ᠳᠤ ᠲᠠᠷᠢᠭᠦᠯᠡᠭᠦ ᠶᠢ ᠬᠥᠰᠡᠭᠰᠡᠡ ᠮᠦᠷᠦᠭᠡᠳᠦᠯᠳᠤ ᠰᠠᠨᠠᠭ᠎ᠠ ᠶᠢ ᠭᠡᠢ ᠰᠡᠳᠬᠢᠮᠵᠢ ᠶᠢᠨ ᠠᠷᠭ᠎ᠠ ᠪᠠᠷ ᠳᠦᠷᠰᠦᠯᠡᠭᠰᠡᠡ ᠪᠠᠶᠢᠭ᠎ᠠ ᠶᠤᠮ᠃ ᠭᠡᠢ ᠰᠡᠳᠬᠢᠬᠦᠢ ᠶᠢᠨ ᠵᠢᠬᠦᠷ ᠪᠤᠯ ᠢᠩᠬᠢᠵᠤ ᠯᠠ ᠬᠦᠮᠤᠠ ᠳᠦᠷᠦᠯᠬᠢᠳᠠᠠ ᠤ ᠪᠡᠶ᠎ᠡ ᠮᠠᠬᠠᠪᠤᠳ ᠠᠴᠠ ᠰᠤᠭᠤᠷᠠᠠ ᠭᠠᠷᠴᠤ᠂ ᠬᠦᠷᠴᠤ ᠪᠤᠯᠬᠤ ᠭᠠᠵᠠᠷ ᠬᠥᠷᠴᠤ ᠴᠢᠳᠠᠬᠤ ᠪᠠᠷ ᠪᠠᠷᠠᠬᠤ ᠦᠭᠡᠢ ᠬᠦᠷᠴᠤ ᠪᠤᠯᠤᠰᠢ ᠦᠭᠡᠢ ᠭᠠᠵᠠᠷ ᠲᠤ ᠴᠤ ᠴᠢᠯᠦᠭᠡᠳᠠᠢ ᠪᠠᠷ ᠳᠡᠬᠦᠯᠢᠠ ᠬᠥᠷᠴᠤ ᠬᠢᠵᠠᠭᠠᠷ ᠦᠭᠡᠢ ᠰᠠᠨᠠᠭᠠᠠ ᠤ ᠠᠭᠤᠳᠠᠮ ᠵᠠᠢ ᠶᠢ ᠡᠵᠡᠩᠨᠡᠳᠡᠭ ᠠᠵᠢ᠃      ︵4︶ ᠬᠤᠷᠢᠶᠠᠩᠭᠤᠶᠢᠯᠠᠬᠤ ᠰᠡᠳᠬᠢᠬᠦᠢ ᠶᠢ ᠰᠤᠷᠢᠨ᠎ᠠ      ᠢᠷᠠᠭᠤ ᠨᠠᠶᠢᠷᠠᠭ ᠪᠤᠯ ᠭᠡᠯᠡᠡ ᠳᠤ ᠪᠠᠨ ᠬᠠᠷᠠᠮᠴᠢ ᠨᠢᠭᠡ ᠵᠦᠢᠯ ᠤᠨ ᠤᠷᠠᠠ ᠵᠤᠬᠢᠶᠡᠯ ᠤᠨ ᠰᠲ᠋ᠢᠯᠢ ᠶᠤᠮ᠃ ᠳᠡᠷᠠ ᠨᠢ ᠶᠠᠭᠤᠮ᠎ᠠ ᠦᠵᠡᠭᠳᠡᠯ ᠢ ᠭᠠᠭᠴᠠ ᠬᠤᠶᠠᠷ ᠦᠭᠡ ᠪᠠᠷ ᠤᠨᠤᠭᠠᠠ ᠭᠡᠯᠡᠬᠦ ᠶᠢ ᠬᠦᠭᠡᠭᠡᠴᠡᠯᠳᠦᠳᠡᠭ ᠪᠦᠭᠡᠳ ᠭᠡᠯᠡᠡ ᠤ ᠰᠢᠷᠭᠠᠭᠠᠯᠳᠠ ᠭᠡᠳᠤᠢ ᠶᠡᠭᠡ ᠪᠤᠯᠬᠤ ᠳᠤᠰᠤᠮ ᠰᠠᠨᠠᠭ᠎ᠠ ᠠᠬᠤᠢ ᠨᠢ ᠳᠡᠳᠤᠢ ᠨᠢᠬᠳᠠ ᠪᠤᠯᠵᠤ᠂ ᠤᠩᠰᠢᠬᠤ ᠳᠤ ᠨᠦᠮᠵᠦᠭ ᠰᠠᠨᠠᠭᠳᠠᠨ᠎ᠠ᠃ ᠤᠷᠠᠠ ᠵᠤᠬᠢᠶᠡᠯ ᠢ ᠭᠡᠷᠪᠡ ᠢᠳᠡᠭᠡᠡ ᠢᠶᠠᠷ ᠳᠦᠷᠰᠦᠯᠡᠡ ᠪᠤᠳᠤᠪᠡᠯ ᠢᠷᠠᠭᠤ ᠨᠠᠶᠢᠷᠠᠭ ᠪᠤᠯ ᠦᠨᠳᠤᠷ ᠠᠭᠰᠢᠭᠠᠯᠳᠠ ᠲᠠᠢ ᠪᠤᠤᠪᠤ ᠶᠢᠨ ᠲᠦᠷᠦᠯ ᠤᠨ ᠢᠳᠡᠭᠡᠡ ᠶᠤᠮ᠂ ᠤᠮᠳᠠᠭᠠᠠ ᠢᠶᠠᠷ ᠪᠤᠳᠤᠪᠠᠯ ᠰᠠᠷᠬᠤᠳ ᠤᠨ ᠳᠦᠷᠦᠯ ᠳᠤ ᠯᠠ ᠪᠠᠭᠳᠠᠬᠤ ᠪᠠᠶᠢᠬ᠎ᠠ᠃ ᠡᠨ᠋ᠨ ᠤᠨᠴᠠᠯᠢᠭ ᠠᠴᠠ ᠪᠠᠨ ᠪᠤᠯᠵᠤ ᠢᠷᠠᠭᠤ ᠨᠠᠶᠢᠷᠠᠭ ᠨᠢ ᠬᠥᠮᠤᠠ ᠤ ᠰᠡᠳᠬᠢᠬᠦᠢ ᠶᠢᠨ ᠳᠡᠯᠡᠯᠳᠠ ᠬᠤᠷᠢᠶᠠᠩᠭᠤᠶᠢᠯᠠᠯ ᠤᠨ ᠬᠠᠷᠢᠮᠠᠬᠠᠢ ᠴᠢᠨᠠᠷ ᠢ ᠶᠡᠭᠡᠭᠡᠡ ᠱᠠᠭᠠᠷᠳᠠᠳᠠᠭ᠃ ᠮᠤᠩᠭᠤᠯ ᠠᠷᠠᠳ ᠤᠨ ᠭᠡᠪᠰᠢᠮᠡᠯ ᠦᠭᠡᠡ ᠳᠤ ᠬᠢ ᠦᠪᠡᠷᠮᠢᠴᠠ ᠭᠡᠯᠡᠴᠠ ᠨᠦᠭᠦᠳ ᠪᠤᠯ ᠳᠡᠷᠡ ᠴᠡᠭ ᠢᠶᠠᠷ ᠢᠶᠠᠨ ᠢᠷᠠᠭᠤ ᠨᠠᠶᠢᠷᠠᠭ ᠤᠨ ᠰᠡᠳᠬᠢᠬᠦᠢ ᠪᠠᠷ ᠵᠤᠬᠢᠶᠠᠭᠳᠠᠭᠰᠠᠠ ᠪᠠᠶᠢᠳᠠᠭ᠃ ᠵᠢᠱᠢᠶᠡᠯᠡᠪᠡᠯ᠄ ︽ᠨᠢᠳᠤ ᠬᠤᠵᠢᠷᠯᠠᠬᠤ︾ ᠭᠡᠪᠡᠯ ᠰᠠᠶᠢᠬᠠᠠ ᠶᠠᠭᠤᠮ᠎ᠠ ᠦᠵᠡᠵᠤ ᠭᠤᠸ᠎ᠠ ᠳᠠᠭᠠᠰᠢᠶᠡᠯ ᠤᠯᠬᠤ ᠶᠢ ᠭᠡᠯᠡᠨ᠎ᠠ᠃ ᠡᠨ᠋ᠨ ᠦᠭᠡ ᠶᠢ ᠯᠤᠬᠢᠭ ᠰᠡᠳᠬᠢᠬᠦᠢ ᠪᠠᠷ ᠯᠠᠪᠰᠢᠷᠠᠭᠤᠯᠤᠠ ᠪᠤᠳᠤᠪᠠᠯ ᠠᠮᠢᠳᠤᠷᠠᠯ ᠲᠠᠢ ᠵᠤᠬᠢᠴᠠᠬᠤ ᠦᠭᠡᠢ ᠮᠡᠳᠤ᠃ ᠤᠴᠢᠷ ᠨᠢ ᠨᠢᠳᠤᠠ ᠳᠤ ᠬᠤᠵᠢᠷ ᠤᠷᠤᠪᠠᠯ ᠨᠢᠳᠤ ᠬᠤᠷᠤᠰᠴᠤ ᠡᠪᠡᠳᠤᠠ ᠳᠠᠭᠠᠰᠢᠶᠡᠯ ᠤᠯᠬᠤ ᠪᠠᠶᠢᠳᠤᠭᠠᠢ ᠵᠤᠪᠠᠭᠤᠷᠢᠯᠠᠵᠤ ᠮᠡᠳᠡᠨ᠎ᠡ᠃ ᠭᠡᠳᠡᠯ᠎ᠡ ᠬᠤᠨᠢ ᠮᠠᠯ ᠤᠨ ᠰᠢᠨᠤᠯ ᠢ ᠶᠡᠭᠡ ᠬᠥᠳᠡᠯᠭᠡᠳᠡᠭ ᠢᠳᠡᠭᠡᠡ ᠪᠤᠯ ᠬᠤᠵᠢᠷ ᠳᠠᠪᠤᠰᠤ᠃ ᠡᠶᠢᠨ ᠬᠦ ᠨᠢᠳᠤᠠ ᠤ ᠰᠢᠨᠤᠯ ᠳᠠᠶᠢᠯᠬᠤ ᠶᠢ ᠮᠠᠯᠵᠢᠬᠤ ᠰᠡᠳᠬᠢᠬᠦᠢ ᠪᠠᠷ ᠬᠤᠯᠪᠤᠠ ᠰᠡᠳᠬᠢᠵᠤ ︽ᠳᠤᠷ᠎ᠠ ᠪᠤᠯᠢᠶᠠᠭᠰᠠᠠ ᠶᠠᠭᠤᠮ᠎ᠠ ᠦᠵᠡᠵᠤ ᠨᠢᠳᠤᠠ ᠤ ᠰᠢᠨᠤᠯ ᠢ ᠬᠠᠩᠭᠠᠯ᠎ᠠ︾ ᠭᠡᠰᠡᠡ ᠤᠷᠳᠤ ᠦᠬᠦᠯᠡᠪᠤᠷᠢ ᠶᠢᠨ ᠰᠠᠨᠠᠭ᠎ᠠ ᠶᠢ ᠬᠤᠶᠠᠷᠬᠠᠠ ᠦᠭᠡᠡ ᠳᠤ ᠪᠠᠭᠳᠠᠭᠠᠭᠰᠠᠠ ᠪᠠᠶᠢᠭ᠎ᠠ ᠶᠤᠮ᠃ ᠨᠡᠩ ᠢᠯᠠᠩᠭᠤᠶ᠎ᠠ ᠵᠦᠢᠷ ᠰᠡᠴᠡᠡ ᠦᠭᠡᠡ ᠳᠤ ᠪᠤᠯ ᠰᠢᠯᠦᠭ ᠤᠨ ᠬᠤᠷᠢᠶᠠᠩᠭᠤᠢ ᠰᠡᠳᠬᠢᠬᠦᠢ ᠮᠠᠰᠢ ᠳᠤᠳᠤ ᠠᠵᠢᠭᠯᠠᠭᠳᠠᠨ᠎ᠠ᠃ ︽ᠠᠪᠬᠤ ᠬᠥᠮᠤᠠ ᠪᠦᠬᠦ᠋ᠢᠵᠤ᠂ ᠦᠭᠬᠦ ᠬᠥᠮᠤᠠ ᠭᠡᠳᠡᠶᠢᠨ᠎ᠡ︾ ᠭᠡᠳᠡᠭ ᠰᠡᠴᠡᠡ ᠦᠭᠡ ᠪᠤᠯ ᠤᠷᠤᠭ ᠬᠤᠷᠢᠮ ᠤᠨ ᠵᠠᠩ ᠦᠢᠯᠠ ᠠᠴᠠ ᠢᠷᠡᠯ ᠲᠠᠢ ᠦᠭᠡ ᠪᠠᠶᠢᠵᠤ ᠳᠠᠭᠠᠷᠠᠨ᠎ᠠ᠃ ᠭᠡᠤᠭᠡᠡ ᠭᠤᠶᠤᠭᠴᠢ ᠠᠷᠢᠬᠢ ᠬᠠᠳᠠᠭ ᠢᠶᠠᠨ ᠡᠪᠤᠷᠳᠦᠯᠡᠡ ᠦᠬᠢᠠ ᠤ ᠳᠠᠯ᠎ᠠ ᠳᠤ ᠬᠥᠷᠴᠤ ᠭᠡᠳᠦᠨᠳᠡ ᠭᠤᠶᠤᠬᠤ ᠶᠤᠰᠤ ᠬᠥᠢᠴᠡᠳᠭᠡᠨ᠎ᠡ᠃ ᠬᠠᠷᠢᠠ ᠦᠬᠢᠠ ᠤ ᠠᠪᠤ ᠡᠵᠢ ᠳᠤᠰ ᠤᠷᠤᠭ ᠤᠨ ᠶᠠᠪᠤᠳᠠᠯ ᠳᠤ ᠳᠤᠷ᠎ᠠ ᠲᠠᠢ ᠪᠠᠶᠢᠯ᠎ᠠ ᠴᠤ ᠭᠡᠰᠡᠡ ᠳᠤᠷ᠎ᠠ ᠦᠭᠡᠢ ᠮᠡᠳᠤ ᠠᠪᠤᠷᠢᠯᠠᠠ ᠭᠡᠳᠡᠭᠡᠷ ᠪᠠᠶᠢᠬᠤ ᠦᠭᠡᠢ ᠪᠤᠯ ᠦᠬᠢᠠ ᠨᠢ ᠬᠤᠵᠢᠮ ᠬᠠᠷᠢ ᠶᠢᠨ ᠡᠬᠦᠳᠡᠡ ᠳᠤ ᠳᠤᠷᠠᠳᠠᠢ ᠬᠥᠶᠤᠠ ᠤᠴᠢᠭᠰᠠᠠ ᠳᠤ ᠳᠤᠭᠠᠴᠠᠭᠳᠠᠨ ᠬᠠᠳᠠᠮ ᠳᠤ ᠪᠠᠨ ᠬᠦᠩᠭᠡᠪᠴᠢᠯᠡᠭᠳᠡᠵᠤ ᠮᠡᠳᠡᠨ᠎ᠠ᠃ ᠡᠶᠢᠮᠤ ᠳᠤᠮᠤ ᠰᠤᠶᠤᠯ ᠢᠷᠭᠡᠨᠰᠢᠯ ᠤᠨ ᠠᠭᠤᠯᠬᠤᠠ ᠲᠠᠢ ᠰᠠᠨᠠᠭ᠎ᠠ ᠶᠢ ᠭᠠᠭᠴᠠ ᠦᠬᠦᠯᠡᠪᠤᠷᠢ ᠳᠤ ᠪᠠᠭᠳᠠᠭᠠᠨ᠎ᠠ ᠭᠡᠳᠡᠭ ᠦᠨᠡᠭᠡᠷ ᠭᠡᠯᠡᠡ ᠤ ᠭᠠᠶᠢᠬᠠᠮᠰᠢᠭ ᠪᠢᠵᠡ︖ ᠤᠳᠤ ᠡᠨ᠋ᠨ ᠦᠭᠡ ᠶᠢ ᠠᠪᠴᠤ ᠦᠭᠬᠦ ᠶᠢᠨ ᠬᠠᠷᠢᠴᠠᠭᠠᠠ ᠳᠡᠭᠡᠷ᠎ᠡ ᠶᠠᠮᠠᠷ ᠴᠤ ᠳᠤᠬᠢᠶᠡᠯᠳᠤᠯ ᠳᠤ ᠴᠢᠯᠦᠭᠡᠳᠠᠢ ᠭᠡᠷᠡᠭᠯᠡᠵᠤ ᠪᠤᠯᠬᠤ ᠪᠦᠭᠡᠳ ᠢᠷᠠᠭᠤ ᠨᠠᠶᠢᠷᠠᠭ ᠤᠨ ᠬᠤᠷᠢᠶᠠᠩᠭᠤᠢ ᠰᠡᠳᠬᠢᠬᠦᠢ ᠭᠡᠳᠡᠭ ᠪᠤᠯ ᠢᠩᠬᠢᠵᠤ ᠯᠠ ᠳᠤᠭᠤᠷᠢᠭ ᠤᠨ ᠳᠦᠪ ᠮᠡᠳᠤ ᠶᠡᠭᠡ ᠰᠠᠨᠠᠭᠠᠠ ᠤ ᠰᠢᠵᠢᠮ ᠢ ᠵᠠᠩᠬᠢᠳᠴᠤ ᠳᠠᠷᠤᠭᠰᠠᠠ ᠪᠠᠶᠢᠳᠠᠭ ᠵᠢᠷᠤᠮ ᠲᠠᠢ᠃ ᠪᠢᠳᠡ ︽ᠪᠤᠷᠵᠢᠬᠢᠨ ᠤ ᠪᠤᠷᠤ ᠳᠠᠯ᠎ᠠ︾ ᠭᠡᠳᠡᠭ ᠰᠢᠯᠦᠭ ᠠᠴᠠ ᠭᠠᠭᠴᠠ ᠪᠠᠳᠠᠭ ᠦᠵᠡᠶ᠎ᠡ᠄      ︽ᠰᠠᠨᠠᠭ᠎ᠠ ᠠᠯᠳᠠᠬᠤ ᠳᠤ / ᠡᠭᠡ ᠶᠢᠨ ᠰᠦ ᠳᠠᠩᠨᠠᠢ ᠳᠤ ᠠᠮᠳᠠᠭᠳᠠᠵᠤ / ᠰᠠᠯᠬᠢᠠ ᠤ ᠦᠵᠤᠬᠦᠷ ᠵᠠᠯᠬᠢᠯᠠᠬᠤ ᠳᠤ / ᠠᠬᠢ ᠬᠤᠭᠤᠯᠠᠢ ᠳᠤ ᠠᠷᠭᠠᠭᠰᠠᠠ / ᠪᠤᠷᠵᠢᠬᠢᠠ ᠤ ᠪᠤᠷᠤ ᠳᠠᠯ᠎ᠠ ᠮᠢᠨᠢ / ᠳᠡᠷᠭᠡᠯ ᠰᠠᠷᠠᠠ ᠳᠤᠭᠤᠯᠵᠤ ᠪᠠᠷᠠᠯ ᠦᠭᠡᠢ ᠭᠡᠭᠡᠷ᠎ᠡ ᠬᠤᠨᠤᠳᠠᠭ / ᠳᠡᠭᠷᠢ ᠶᠢᠨ ᠭᠡᠪᠳᠡᠷᠢ ᠪᠤᠭᠤᠷᠤᠯ ᠳᠠᠯ᠎ᠠ ᠮᠢᠨᠢ︾᠂ ᠳᠤᠰ ᠰᠢᠯᠦᠭ ᠤᠨ ᠡᠬᠢᠠ ᠳᠤ ︽ᠰᠠᠨᠠᠭ᠎ᠠ ᠠᠯᠳᠠᠬᠤ ᠳᠤ / ᠡᠭᠡ ᠶᠢᠨ ᠰᠦ ᠳᠠᠩᠨᠠᠢ ᠳᠤ ᠠᠮᠳᠠᠭᠳᠠᠵᠤ︾ ᠭᠡᠰᠡᠡ ᠰᠦᠷᠭᠡᠤᠴᠢᠯᠡᠯ ᠤᠨ ᠠᠷᠭ᠎ᠠ ᠪᠠᠷ ᠪᠢᠴᠢᠭᠰᠡᠡ ᠦᠭᠡ ᠪᠤᠢ᠃ ︽ᠰᠠᠨᠠᠭ᠎ᠠ ᠠᠯᠳᠠᠬᠤ︾ ᠪᠤᠯ ᠵᠤᠪᠠᠭ᠋ᠤ ᠦᠶ᠎ᠡ ᠶᠢᠨ ᠰᠡᠳᠬᠢᠯ ᠤᠨ ᠢᠯᠡᠷᠡᠯ ᠮᠦᠠ᠂ ᠬᠠᠷᠢᠠ ︽ᠡᠭᠡ ᠶᠢᠨ ᠰᠦ︾ ᠪᠤᠯ ᠵᠤᠪᠠᠭ᠋ᠤᠯᠠᠷ ᠠᠮᠠᠠ ᠳᠤ ᠠᠮᠳᠠᠭᠳᠠᠳᠠᠭ ᠵᠦᠢᠯ ᠤᠭᠳᠤ ᠪᠢᠰᠢ ︵ᠵᠤᠪᠠᠭ᠋ᠤ ᠳᠤ ᠭᠠᠰᠢᠭᠤᠠ ᠠᠮᠳᠠ ᠠᠮᠳᠠᠭᠳᠠᠨ᠎ᠠ ᠭᠡᠪᠡᠯ ᠵᠦᠪ ᠪᠢᠵᠠ︶᠃ ᠭᠡᠳᠡᠯ᠎ᠡ ᠡᠨ᠋ᠨ ᠤᠷᠴᠢᠠ ᠳᠤ ᠳᠤᠰ ᠦᠭᠡ ᠶᠢ ᠭᠡᠷᠡᠭᠯᠡᠭᠰᠡᠡ ᠨᠢ ᠰᠠᠨᠠᠭ᠎ᠠ ᠠᠯᠳᠠᠨ ᠤᠷᠳᠤ ᠠᠮᠢᠰᠬᠤᠭ᠎ᠠ ᠠᠪᠬᠤ ᠪᠦᠷᠢ ᠠᠮᠢᠰᠬᠤᠯ ᠢ ᠳᠠᠭᠠᠵᠤ ᠡᠭᠡ ᠶᠢᠨ ᠰᠦ ᠮᠡᠳᠤ ᠠᠷᠢᠭᠤᠠ ᠠᠭᠠᠷ ᠠᠮᠠᠠ ᠳᠤ ᠤᠷᠤᠰᠤᠠ ᠤᠷᠤᠨ᠎ᠠ᠃ ᠤᠴᠢᠷ ᠨᠢ ᠪᠤᠷᠵᠢᠬᠢᠠ ᠤ ᠪᠤᠷᠤ ᠳᠠᠯ᠎ᠠ ᠪᠤᠯ ᠨᠤᠳᠤᠭ ᠤᠨ ᠬᠥᠤ ᠳᠤ ᠪᠠᠨ ᠡᠵᠢ ᠳᠠᠯ᠎ᠠ ᠪᠢᠯᠠ᠃ ︽ᠰᠠᠯᠬᠢᠠ ᠤ ᠦᠵᠦᠬᠦᠷ ᠵᠠᠯᠬᠢᠯᠠᠬᠤ ᠳᠤ / ᠠᠬᠢ ᠬᠤᠭᠤᠯᠠᠢ ᠳᠤ ᠠᠷᠭᠠᠭᠰᠠᠠ︾ ᠭᠡᠬᠦ ᠬᠤᠶᠠᠳᠤᠭᠠᠷ ᠮᠦᠷ ᠤᠨ ︽ᠠᠷᠭᠠᠭᠰᠠᠠ︾ ᠭᠡᠳᠡᠭ ᠦᠭᠡ ᠶᠢ ᠳᠠᠩᠴᠤ ᠤᠨᠤᠵᠤ ᠭᠡᠯᠡᠵᠠᠢ᠃ ︽ᠠᠷᠭᠠᠬᠤ︾ ᠪᠤᠯ ᠤᠰᠤ ᠦᠭᠡᠢ ᠬᠠᠭᠤᠷᠠᠢ ᠵᠦᠢᠯ ᠢ ᠢᠳᠡᠬᠦ ᠦᠶᠡᠰ ᠠᠮᠠᠠ ᠳᠤ ᠪᠤᠳᠠᠷᠠᠬᠤ ᠶᠢ ᠭᠡᠯᠡᠨ᠎ᠡ᠃ ᠠᠬᠢ ᠡᠪᠡᠰᠤᠠ ᠤ ᠳᠤᠭᠤᠰᠤ ᠪᠤᠯ ᠬᠠᠭᠤᠷᠠᠢ ᠵᠦᠢᠯ᠂ ᠭᠡᠳᠡᠯ᠎ᠡ ᠰᠠᠯᠬᠢᠠ ᠳᠤ ᠪᠤᠳᠠᠷᠠᠬᠤ ᠠᠬᠢ ᠶᠢᠨ ᠳᠤᠭᠤᠰᠤ ᠠᠮᠢᠰᠬᠤᠯ ᠲᠠᠭᠠᠨ ᠠᠭᠤᠰᠬᠢᠠ ᠳᠤ ᠤᠷᠤᠬᠤ ᠳᠤ ᠬᠤᠭᠤᠯᠠᠢ ᠠᠷᠭᠠᠬᠤ ᠳᠤᠬᠢᠶᠡᠯᠳᠤᠯ ᠭᠠᠷᠬᠤ ᠦᠭᠡᠢ᠃ ᠡᠨ᠋ᠨ ᠪᠤᠯ ᠡᠪᠡᠰᠤᠠ ᠤ ᠰᠦᠯ ᠦᠳᠬᠡᠡ ᠭᠡᠭᠴᠢ ᠰᠠᠨᠠᠭ᠎ᠠ ᠶᠢ ᠬᠤᠷᠢᠶᠠᠩᠭᠤᠶᠢᠯᠠᠵᠤ ᠳᠦᠷᠰᠦᠯᠡᠭᠰᠡᠡ ᠦᠭᠡ ᠶᠤᠮ᠃ ︽ᠳᠡᠷᠭᠡᠯ ᠰᠠᠷᠠᠠ ᠳᠤᠭᠤᠯᠵᠤ ᠪᠠᠷᠠᠯ ᠦᠭᠡᠢ ᠭᠡᠭᠡᠷ᠎ᠡ ᠬᠤᠨᠤᠳᠠᠭ / ᠳᠡᠭᠷᠢ ᠶᠢᠨ ᠭᠡᠪᠳᠡᠷᠢ ᠪᠤᠭᠤᠷᠤᠯ ᠳᠠᠯ᠎ᠠ ᠮᠢᠨᠢ︾ ᠭᠡᠳᠡᠭ ᠦᠭᠡᠡ ᠤ ᠳᠦᠷᠰᠦᠯᠢᠭ ᠬᠤᠷᠢᠶᠠᠩᠭᠤᠢ ᠶᠢ ᠨᠡᠩ ᠶᠠᠭᠤᠠ ᠦᠬᠦᠯᠡᠬᠦ ᠠᠵᠢ︕ ᠰᠠᠷᠠ ᠰᠦᠨᠢᠵᠢᠠ ᠳᠡᠭᠡᠬᠦᠷ ᠨᠢ ᠳᠠᠪᠬᠢᠭᠠᠳ ᠵᠠᠬ᠎ᠠ ᠳᠤ ᠨᠢ ᠭᠠᠷᠴᠤ ᠴᠢᠳᠠᠬᠤ ᠦᠭᠡᠢ ᠪᠤᠯᠬᠤᠷ ᠶᠠᠳᠠᠷᠠᠬᠤ ᠳᠤ ᠪᠠᠨ ᠭᠡᠭᠡᠷ᠎ᠡ ᠬᠤᠨᠤᠴᠢᠬᠠᠳᠠᠭ᠂ ᠳᠡᠷᠡ ᠴᠤ ᠪᠠᠶᠢᠳᠤᠭᠠᠢ ᠳᠡᠭᠷᠢ ᠬᠥᠷᠳᠡᠯ᠎ᠡ ᠡᠨ᠋ᠨ ᠳᠠᠯ᠎ᠠ ᠳᠡᠭᠡᠷ᠎ᠡ ᠢᠷᠡᠵᠤ ᠭᠡᠪᠳᠡᠵᠤ ᠠᠮᠠᠷᠠᠳᠠᠭ ᠳᠡᠶᠢᠮᠤ ᠳᠤᠮᠤ ᠳᠠᠯ᠎ᠠ ᠠᠵᠢ᠃ ᠳᠠᠪᠠᠭᠤᠯᠤᠯ ᠤᠨ ᠠᠷᠭ᠎ᠠ ᠪᠠᠷ ᠳᠦᠷᠰᠦᠯᠡᠭᠳᠡᠭᠰᠡᠡ ᠡᠨ᠋ᠨ ᠮᠦᠷ ᠦᠭᠡᠡ ᠳᠤ ᠮᠤᠩᠭᠤᠯᠴᠤᠳ ᠪᠢᠳᠠ ᠰᠠᠷᠠ ᠬᠤᠨᠤᠳᠠᠭ᠂ ᠳᠡᠭᠷᠢ ᠨᠤᠳᠤᠭᠯᠠᠳᠠᠭ ᠳᠡᠶᠢᠮᠤ ᠮᠤᠨᠳᠠᠭ ᠰᠠᠶᠢᠬᠠᠠ ᠨᠤᠳᠤᠭ ᠲᠤ ᠤᠯᠠᠠ ᠵᠠᠭᠤᠠ ᠵᠢᠯ ︵︽ᠪᠤᠭᠤᠷᠤᠯ ᠳᠠᠯ᠎ᠠ︾ ᠭᠡᠰᠡᠡ ᠪᠢᠵᠠ ᠳ᠋ᠠ︖︶ ᠠᠵᠤ ᠠᠮᠢᠳᠤᠷᠠᠯ ᠢᠶᠠᠨ ᠴᠤᠭᠴᠠᠯᠠᠵᠤ ᠢᠷᠡᠯ᠎ᠡ᠂ ᠡᠶᠢᠮᠤ ᠳᠠᠯ᠎ᠠ ᠳᠡᠯᠡᠭᠡᠢ ᠶᠢᠨ ᠬᠠᠮᠢᠭ᠎ᠠ ᠴᠤ ᠦᠭᠡᠷ᠎ᠡ ᠪᠠᠶᠢᠬᠤ ᠦᠭᠡᠢ ︵ᠦᠭᠡᠷ᠎ᠡ ᠪᠠᠶᠢᠪᠠᠯ ᠰᠠᠷᠠ ᠳᠡᠭᠷᠢ ᠬᠤᠶᠠᠷ ᠳᠡᠶᠢᠰᠢ ᠪᠠᠨ ᠵᠠᠶᠢᠯᠠᠴᠢᠬᠠᠨ᠎ᠠ ᠪᠢᠵᠠ︶᠂ ᠳᠡᠭᠡᠬᠦᠯᠡᠷ ᠨᠤᠳᠤᠭ ᠤᠨ ᠰᠠᠶᠢᠬᠠᠠ ᠢ ᠡᠵᠡᠩᠨᠡᠵᠤ ᠳᠦᠷᠦᠭᠰᠡᠡ ᠮᠤᠩᠭᠤᠯᠴᠤᠳ ᠪᠢᠳᠠ ᠪᠤᠯ ᠦᠨᠡᠭᠡᠷ ᠳᠡᠭᠷᠢ ᠶᠢᠨ ᠳᠠᠭᠠᠯᠠᠯ ᠳᠤ ᠪᠠᠭᠳᠠᠭᠰᠠᠠ ᠪᠤᠶ᠋ᠨᠨᠳᠠᠢ ᠦᠨᠳᠤᠰᠤᠳᠠᠠ ᠠᠵᠢ ᠭᠡᠰᠡᠡ ᠳᠤᠮᠤ ᠰᠠᠨᠠᠭ᠎ᠠ ᠶᠢ ᠪᠠᠭᠴᠠᠯᠠᠠ ᠪᠠᠭᠳᠠᠭᠠᠭᠰᠠᠠ ᠪᠠᠶᠢᠨ᠎ᠠ᠃ ᠭᠡᠤᠭᠡᠳ ᠢ ᠰᠢᠯᠦᠭ ᠤᠨ ᠡᠶᠢᠮᠤ ᠬᠤᠷᠢᠶᠠᠩᠭᠤᠢ ᠰᠡᠳᠬᠢᠬᠦᠢ ᠶᠢᠨ ᠴᠡᠭᠡᠯ ᠳᠤ ᠬᠥᠳᠦᠯᠦᠠ ᠤᠷᠤᠭᠤᠯᠬᠤ ᠨᠢ ᠳᠡᠳᠡᠡ ᠤ ᠤᠢ ᠪᠢᠯᠢᠭ ᠤᠨ ᠵᠢᠬᠦᠷ ᠳᠡᠯᠭᠡᠭᠳᠡᠬᠦ ᠳᠤ ᠶᠠᠮᠠᠷ ᠶᠡᠭᠡ ᠳᠤᠰᠠ ᠲᠠᠢ ᠭᠡᠭᠴᠢ ᠶᠢ ᠡᠳᠡᠭᠡᠷ ᠵᠢᠱᠢᠶᠡᠡ ᠠᠴᠠ ᠦᠵᠡᠵᠤ ᠭᠠᠷᠬᠤ ᠪᠢᠰᠢ ᠤᠤ︖      3. ᠢᠷᠠᠭᠤ ᠨᠠᠶᠢᠷᠠᠭ ᠬᠢᠭᠡᠳ ᠭᠡᠯᠡᠡ ᠤ ᠪᠤᠯᠪᠠᠰᠤᠷᠠᠯ ᠤᠨ ᠬᠠᠷᠢᠴᠠᠭ᠎ᠠ      ᠢᠷᠠᠭᠤ ᠨᠠᠶᠢᠷᠠᠭ ᠪᠤᠯ ᠳᠠᠩᠰᠤᠭ ᠭᠡᠯᠡᠡ ᠤ ᠢᠷᠠᠭᠤ ᠪᠠᠶᠠᠯᠢᠭ ᠢᠶᠠᠷ ᠵᠤᠬᠢᠶᠠᠭᠳᠠᠬᠰᠠᠨ ᠤᠷᠠᠠ ᠰᠠᠨᠠᠭᠠᠨ ᠤ ᠦᠩᠭᠡ ᠢᠯᠭᠠᠷᠠᠭᠰᠠᠠ ᠴᠡᠴᠡᠭ ᠶᠤᠮ᠃ ᠭᠡᠤᠭᠡᠳ ᠭᠡᠯᠡ ᠳᠤ ᠤᠷᠤᠮᠠᠭᠴᠠ ᠬᠠᠮᠤᠭ ᠳᠦᠬᠦᠮ ᠬᠠᠷᠢᠯᠴᠠᠭᠠᠠ ᠤ ᠭᠡᠯᠡ ᠲᠠᠢ ᠪᠤᠯᠤᠨ᠎ᠠ᠃ ᠡᠳᠤᠷ ᠳᠤᠳᠤᠮ ᠤᠨ ᠬᠠᠷᠢᠯᠴᠠᠭᠠᠠ ᠳᠤ ᠳᠦᠬᠦᠮ ᠮᠦᠷᠳᠡᠭᠡᠡ ᠪᠠᠶᠢᠩᠭᠤ ᠶᠢᠨ ᠭᠡᠷᠡᠭᠯᠡᠭᠡᠡ ᠤ ᠦᠭᠡ ᠶᠢ ᠭᠡᠷᠡᠭᠯᠡᠵᠤ ᠴᠢᠳᠠᠪᠠᠯ ᠰᠠᠨᠠᠭ᠎ᠠ ᠪᠤᠳᠤᠯ ᠨᠡᠪᠳᠡᠷᠡᠯᠴᠡᠬᠦ ᠳᠤ ᠰᠢᠯᠤᠭᠤᠬᠠᠠ ᠪᠤᠯᠳᠠᠭ᠃ ᠳᠡᠭᠡᠬᠦᠯᠡᠷ ᠮᠤᠩᠭᠤᠯᠴᠤᠳ ᠢᠷᠠᠭᠤ ᠨᠠᠶᠢᠷᠠᠭ ᠢᠶᠠᠷ ᠭᠡᠯᠡ ᠪᠤᠯᠪᠠᠰᠤᠷᠠᠭᠤᠯᠵᠤ ᠭᠡᠯᠡ ᠪᠠᠨ ᠪᠠᠶᠠᠯᠢᠬᠵᠢᠭᠤᠯᠬᠤ ᠨᠢᠭᠡᠡ ᠰᠠᠶᠢᠬᠠᠠ ᠠᠷᠭ᠎ᠠ ᠶᠢ ᠪᠤᠳᠤᠵᠤ ᠤᠯᠵᠠᠢ᠃ ᠳᠡᠭᠡᠭᠡᠳ ᠰᠢᠯᠦᠭ ᠨᠢ ᠳᠡᠭᠡᠷ᠎ᠡ ᠦᠶ᠎ᠡ ᠠᠴᠠ ᠤᠳᠤ ᠪᠤᠯᠳᠠᠯ᠎ᠠ ᠭᠡᠯᠡ ᠬᠤᠷᠴᠠᠯᠠᠬᠤ ᠪᠢᠯᠡᠬᠦᠤ ᠪᠤᠯᠵᠤ ᠰᠤᠷᠭᠠᠭᠤᠯᠢ ᠶᠢᠨ ᠰᠤᠷᠭᠠᠠ ᠬᠥᠮᠤᠵᠢᠯ ᠠᠴᠠ ᠡᠮᠤᠨᠡᠬᠢ ᠴᠢᠬᠤᠯᠠ ᠨᠢᠭᠡᠡ ᠬᠢᠴᠢᠶᠡᠯ ᠳᠦᠷᠦᠯ ᠪᠤᠯᠤᠭᠰᠠᠠ ᠪᠠᠶᠢᠨ᠎ᠠ᠃ ᠳᠠᠭᠤᠤ ᠳᠠᠭᠤᠯᠠᠬᠤ᠂ ᠰᠢᠯᠦᠭ ᠤᠩᠰᠢᠬᠤ᠂ ᠭᠡᠯᠡᠴᠠ ᠦᠭᠡ ︵ᠪᠤᠶᠤ ᠪᠢᠯᠢᠭ ᠰᠤᠷᠭᠠᠯ︶ ᠴᠡᠭᠡᠵᠢᠯᠡᠬᠦ᠂ ᠤᠨᠢᠰᠤᠭ᠎ᠠ ᠳᠠᠭᠠᠯᠴᠠᠬᠤ᠂ ᠭᠡᠯᠡ ᠪᠤᠯᠪᠠᠰᠤᠷᠠᠭᠤᠯᠬᠤ ᠦᠭᠡ ᠰᠤᠷᠬᠤ ᠪᠤᠯ ᠠᠯᠢ ᠴᠤ ᠭᠡᠤᠭᠡᠳ ᠤᠨ ︽ᠨᠤᠮ ᠳᠤ ᠤᠷᠤᠬᠤ︾ ᠠᠯᠳᠠᠠ ᠬᠠᠭᠠᠯᠭ᠎ᠠ ᠶᠢᠨ ᠳᠠᠳᠠᠭᠤᠷ ᠪᠤᠯᠤᠨ᠎ᠠ᠃ ᠳᠡᠭᠡᠬᠦ ᠳᠤ ︽ᠮᠢᠨᠤ ᠭᠡᠤᠭᠡᠳ ᠬᠤᠵᠢᠮ ᠰᠢᠯᠦᠭᠴᠢ ᠪᠤᠯᠤᠭ᠂ ᠡᠰᠡᠬᠦᠯ᠎ᠡ ᠳᠠᠭᠤᠴᠢᠠ ᠪᠤᠯᠤᠭ︾ ᠭᠡᠵᠤ ᠪᠤᠳᠤᠵᠤ ᠵᠢᠭᠠᠳᠠᠭ ᠠᠪᠤ ᠡᠵᠢ ᠬᠤᠪᠤᠷ᠂ ᠬᠠᠷᠢᠠ ᠵᠦᠭᠡᠷ ᠯᠠ ᠭᠡᠤᠭᠡᠳ ᠪᠤᠯᠭᠠᠠ ᠡᠶᠢᠮᠤ ᠪᠠᠶᠢᠬᠤ ᠶᠤᠰᠤᠳᠠᠢ ᠭᠡᠵᠤ ᠰᠠᠨᠠᠨ᠎ᠠ᠃ ᠡᠨ᠋ᠨ ᠪᠤᠯ ᠡᠪᠦᠭᠡ ᠳᠡᠭᠡᠳᠤᠰ ᠤᠨ ᠮᠠᠨᠢ ᠢᠷᠠᠭᠤ ᠨᠠᠶᠢᠷᠠᠭ ᠢᠶᠠᠷ ᠭᠡᠯᠡᠡ ᠤ ᠪᠤᠯᠪᠠᠰᠤᠷᠠᠯ ᠭᠦᠷᠳᠡᠭᠡᠭᠦ ᠠᠭᠤᠤ ᠶᠡᠭᠡ ᠨᠡᠭᠡᠭᠡᠯᠳᠠ ᠶᠢᠨ ᠬᠢᠨᠢ ᠨᠢᠭᠡ ᠵᠦᠢᠯ ᠪᠤᠯᠤᠨ᠎ᠠ ᠃ ᠵᠢᠱᠢᠶᠡᠯᠡᠪᠡᠯ᠄ ︽ᠪᠤᠷᠤ ᠬᠠᠯᠵᠠᠠ ᠳᠠᠤᠯᠠᠢ / ᠪᠤᠳᠠᠠ ᠤ ᠳᠤᠮᠳᠠ ᠠᠴᠠ ᠭᠠᠷᠤᠯ᠎ᠠ / ᠪᠤᠭᠤᠷ ᠪᠤᠭᠤᠷ ᠬᠥᠶᠤᠭᠡᠳ / ᠪᠤᠰᠤᠭ᠎ᠠ ᠬᠠᠳᠠᠠ ᠳᠤ ᠤᠷᠤᠯ᠎ᠠ / ᠬᠥᠳᠡᠷ ᠪᠦᠳᠦᠬᠦᠠ ᠠᠮᠢᠳᠠᠠ / ᠬᠥᠷ ᠭᠡᠳ ᠢᠷᠡᠯ᠎ᠡ / ᠬᠥᠭᠡᠷᠦᠬᠦᠢ ᠪᠤᠷᠤ ᠳᠠᠤᠯᠠᠢ ᠶᠢᠨ / ᠬᠦᠨᠳᠡᠯᠡᠡ ᠵᠠᠮ ᠢ ᠬᠠᠰᠢᠯ᠎ᠠ᠃ / ᠵᠢᠷᠦᠭᠡ ᠪᠠᠭᠠᠳᠠᠢ ᠳᠠᠤᠯᠠᠢ / ᠵᠢᠭᠳᠡᠢ ᠠᠮᠢᠳᠠᠠ ᠲᠠᠢ ᠤᠴᠠᠷᠠᠭᠠᠳ / ᠵᠠᠮ ᠢᠶᠠᠨ ᠡᠷᠢᠵᠤ ᠶᠠᠪᠤᠬᠤ ᠪᠠᠷ / ᠵᠠᠶᠢᠯᠠᠵᠤ ᠴᠠᠭᠠᠰᠢ ᠭᠠᠷᠤᠶ᠎ᠡ ᠭᠡᠳᠡᠯ᠎ᠡ / ᠵᠤᠭᠳᠤᠷ ᠦᠰᠤ ᠨᠢ ᠯᠠᠭᠠᠷᠠᠭᠰᠠᠠ / ᠵᠤᠳᠤᠭᠠᠠ ᠭᠢᠮᠡᠷ ᠠᠮᠢᠳᠠᠠ / ᠵᠤ ᠰᠢᠯᠢ ᠪᠠᠨ ᠰᠢᠯᠭᠡᠭᠡᠳ / ᠵᠤᠭᠰᠤᠵᠤ ᠡᠮᠤᠨ᠎ᠡ ᠠᠴᠠ ᠨᠢ ᠵᠠᠩᠳᠤᠷᠪᠠ᠃︾ ᠭᠡᠬᠦ ᠭᠡᠤᠭᠡᠳ ᠤᠨ ᠰᠢᠯᠦᠭ ᠢ ᠤᠩᠰᠢᠬᠤ ᠳᠤ ᠭᠡᠯᠡ ᠪᠤᠯᠪᠠᠰᠤᠷᠠᠬᠤ ᠪᠠᠷ ᠪᠠᠷᠠᠬᠤ ᠦᠭᠡᠢ ᠦᠯᠢᠭᠡᠷᠯᠢᠭ ᠰᠢᠨᠵᠢ ᠨᠢ ᠭᠡᠤᠭᠡᠳ ᠤᠨ ᠰᠤᠨᠢᠭᠤᠴᠢ ᠰᠡᠳᠬᠢᠯ ᠢ ᠳᠠᠳᠠᠵᠤ ᠤᠳᠬ᠎ᠠ ᠵᠤᠬᠢᠶᠡᠯ ᠤᠨ ᠳᠤᠷ᠎ᠠ ᠪᠠᠭ᠋ᠠᠠ ᠳᠤ ᠠᠶᠠᠨᠳᠠᠭᠠᠠ ᠬᠥᠳᠦᠯᠦᠭᠳᠡᠵᠤ ᠤᠷᠤᠬᠤ ᠶᠤᠮ᠃ ᠡᠶᠢᠮᠤᠷᠬᠦᠤ ᠰᠤᠷᠭᠠᠠ ᠬᠥᠮᠤᠵᠢᠯ ᠤᠨ ᠠᠷᠭ᠎ᠠ ᠭᠠᠭᠴᠠ ᠬᠦ ᠮᠤᠩᠭᠤᠯᠴᠤᠳ ᠲᠤ ᠯᠠ ᠪᠠᠶᠢᠳᠠᠭ ᠪᠢᠰᠢ᠂ ᠪᠤᠰᠤᠳ ᠦᠨᠳᠤᠰᠤᠳᠠᠠ ᠴᠤ ᠭᠡᠤᠭᠡᠳ ᠢ ᠪᠢᠴᠢᠭ ᠰᠤᠷᠬᠤ ᠠᠴᠠ ᠡᠮᠤᠨ᠎ᠠ ᠰᠢᠯᠦᠭ ᠰᠤᠷᠭᠠᠬᠤ ᠠᠷᠭ᠎ᠠ ᠶᠢ ᠭᠡᠷᠡᠭᠯᠡᠭᠰᠡᠭᠡᠷ ᠢᠷᠡᠭᠰᠡᠡ ᠪᠢᠯᠠ᠃      4. ᠢᠷᠠᠭᠤ ᠨᠠᠶᠢᠷᠠᠭ ᠬᠢᠭᠡᠳ ᠭᠤᠸ᠎ᠠ ᠮᠡᠳᠡᠷᠡᠮᠵᠢ ᠶᠢᠨ ᠬᠠᠷᠢᠴᠠᠭ᠎ᠠ      ᠢᠷᠠᠭᠤ ᠨᠠᠶᠢᠷᠠᠭ ᠪᠤᠯ ᠭᠡᠯᠡ ᠪᠠᠷ ᠵᠤᠬᠢᠶᠠᠭᠳᠠᠭᠰᠠᠠ ᠵᠢᠷᠤᠭ᠂ ᠰᠡᠳᠬᠢᠯᠭᠡ ᠪᠠᠷ ᠬᠡᠯᠬᠢᠭᠳᠡᠭᠰᠡᠡ ᠦᠭᠡᠡ ᠤ ᠰᠤᠪᠤᠳ ᠮᠦᠠ᠃ ᠳᠡᠶᠢᠮᠤ ᠠᠴᠠ ᠰᠠᠶᠢᠬᠠᠠ ᠢᠷᠠᠭᠤ ᠨᠠᠶᠢᠷᠠᠭ ᠢ ᠤᠩᠰᠢᠬᠤ ᠪᠤᠶᠤ ᠰᠤᠨᠤᠰᠬᠤ ᠨᠢ ᠶᠠᠭ ᠯᠠ ᠳᠠᠭᠤᠤ ᠰᠤᠨᠤᠰᠴᠤ ᠵᠢᠷᠤᠭ ᠰᠤᠨᠢᠷᠬᠠᠬᠤ ᠲᠠᠢ ᠠᠳᠠᠯᠢ ᠬᠥᠮᠤᠰ ᠢ ᠭᠤᠸ᠎ᠠ ᠰᠠᠶᠢᠬᠠᠠ ᠤᠷᠠᠯᠢᠭ ᠤᠨ ᠤᠷᠴᠢᠠ ᠳᠤ ᠳᠠᠭᠠᠭᠤᠯᠤᠠ ᠤᠷᠤᠭᠤᠯᠵᠤ ᠬᠥᠭᠰᠡᠬᠦᠯᠦᠠ ᠳᠤᠭᠳᠤᠯᠤᠭᠤᠯᠳᠠᠭ᠃ ᠳᠡᠶᠢᠮᠤ ᠠᠴᠠ ᠢᠷᠠᠭᠤ ᠨᠠᠶᠢᠷᠠᠭ ᠪᠤᠯ ᠪᠠᠰᠠ ᠴᠦ ᠨᠠᠭᠠᠳᠤᠮ ᠴᠡᠩᠭᠡᠭᠡᠡ ᠤ ᠭᠠᠵᠠᠷ ᠵᠤᠭ᠎ᠠ ᠴᠡᠩᠭᠡᠯ ᠤᠨ ᠬᠠᠨᠤᠮᠵᠢ ᠶᠢ ᠤᠯᠭᠤᠵᠤ ᠪᠡᠶ᠎ᠡ ᠰᠡᠳᠬᠢᠯ ᠤᠨ ᠴᠢᠯᠡᠭᠡ ᠳᠠᠶᠢᠯᠬᠤ ᠠᠷᠠᠳ ᠤᠨ ᠤᠷᠠᠯᠢᠭ ᠪᠢᠯᠠ᠃ ᠰᠠᠶᠢᠬᠠᠠ ᠢᠷᠠᠭᠤ ᠨᠠᠶᠢᠷᠠᠭ ᠢ ᠰᠤᠨᠤᠰᠤᠭᠰᠠᠠ ᠤ ᠳᠠᠷᠠᠭ᠎ᠠ ᠶᠠᠮᠠᠷ ᠴᠤ ᠨᠠᠰᠤᠠ ᠤ ᠬᠦᠮᠤᠠ ᠭᠡᠶᠢᠷᠭᠡᠡ ᠳᠤᠭᠳᠤᠯᠵᠤ ᠭᠡᠳᠤᠠ ᠰᠠᠶᠢᠬᠠᠠ ᠦᠭᠡ ᠭᠡᠯᠡᠮᠡᠷ ᠰᠠᠨᠠᠭᠳᠠᠨ᠎ᠠ᠃ ᠳᠡᠷᠡ ᠪᠤᠯ ᠰᠤᠨᠤᠰᠬᠤ ᠰᠡᠷᠡᠯ ᠤᠨ ᠡᠷᠭᠡᠳᠡᠡ ᠠᠴᠠ ᠡᠬᠦᠰᠦᠭᠰᠡᠡ ᠭᠤᠸ᠎ᠠ ᠮᠡᠳᠡᠷᠡᠮᠵᠢ ᠶᠢᠨ ᠬᠠᠷᠢᠭᠤ ᠳᠤᠰᠬᠠᠯ ᠪᠤᠯᠤᠨ᠎ᠠ᠃ ᠪᠢᠳᠡ ᠳ᠋᠊ · ᠫᠥᠷᠪᠤᠳᠤᠷᠵᠢ ᠠᠭᠰᠠᠠ ᠤ ︽ᠭᠡᠷ︾ ᠭᠡᠳᠡᠭ ᠰᠢᠯᠦᠭ ᠢ ᠰᠤᠨᠢᠷᠬᠠᠶ᠎ᠡ᠄      ᠨᠣᠶᠠᠨ ᠣᠷᠭᠢᠯ ᠤᠨ ᠴᠠᠰᠤᠲᠤ ᠣᠷᠣᠢ      ᠨᠣᠭᠤᠭᠠᠨ ᠲᠠᠯ᠎ᠠ ᠶᠢᠨ ᠴᠠᠭᠠᠨ ᠰᠠᠷᠠᠨᠠᠢ      ᠨᠦᠢᠷᠰᠤᠵᠤ ᠦᠯᠡᠳᠡᠭᠰᠡᠨ ᠬᠤᠨ ᠤ ᠳᠡᠭᠳᠡᠭᠡᠬᠡᠢ      ᠮᠣᠩᠭᠤᠯ ᠭᠡᠷ ᠮᠢᠨᠤ ᠥᠷᠭᠦᠭᠡ        ᠨᠠᠷᠠ ᠪᠡᠯᠭᠡᠳᠡᠭᠰᠡᠨ ᠬᠦᠷᠳᠦᠨ ᠲᠣᠭᠤᠨᠣᠨ ᠨᠢ        ᠨᠠᠢᠮᠠᠨ ᠳᠠᠭ᠎ᠠ᠂ ᠨᠠᠢᠮᠠᠨ ᠵᠣᠪᠬᠢᠰ        ᠨᠠᠶᠠᠨ ᠨᠢᠭᠡᠨ ᠤᠯᠠᠭᠠᠨ ᠤᠨᠢ ᠨᠢ        ᠨᠠᠷᠠᠨ ᠠᠴᠠ ᠪᠠᠭᠤᠭᠰᠠᠨ ᠠᠯᠲᠠᠨ ᠰᠠᠴᠤᠷᠠᠯ      ᠡᠷᠭᠢᠨ ᠲᠣᠭᠤᠷᠢᠨ ᠲᠠᠪᠤᠨ ᠬᠠᠨ᠎ᠠ ᠨᠢ      ᠡᠬᠡ ᠣᠷᠣᠨ ᠤ ᠳᠠᠷᠬᠠᠨ ᠲᠤᠭᠤᠷᠭ᠎ᠠ      ᠡᠩᠬᠡ ᠶᠢᠨ ᠡᠭᠦᠳᠡᠨ ᠳᠤ ᠡᠷᠭᠢᠵᠦ ᠵᠣᠯᠭᠠᠭᠠᠳ      ᠡᠪ ᠨᠠᠶᠢᠷ ᠤᠨ ᠪᠠᠲᠤ ᠰᠠᠶᠢᠬᠠᠨ ᠬᠦᠷᠢᠶ᠎ᠡ            ᠳᠤᠰ ᠰᠢᠯᠦᠭ ᠮᠤᠩᠭᠤᠯ ᠭᠡᠷ ᠢ ᠮᠡᠳᠡᠳᠡᠭ ᠬᠥᠮᠤᠠ ᠪᠤᠯᠭᠠᠠ ᠤ ᠬᠠᠷᠠᠭᠠᠠ ᠳᠤ ᠦᠪᠡᠷ ᠤᠨ ᠡᠷᠭᠡ ᠦᠭᠡᠢ ᠨᠢᠭᠡᠡ ᠰᠠᠶᠢᠬᠠᠠ ᠵᠢᠷᠤᠭ ᠢ ᠳᠠᠳᠠᠵᠤ ᠠᠪᠴᠢᠷᠠᠨ᠎ᠠ᠃ ᠳᠡᠬᠦᠠ ᠤ ᠭᠠᠳᠠᠷ ᠭᠡᠯᠪᠡᠷᠢ᠂ ᠳᠤᠳᠤᠭᠠᠳᠤ ᠪᠦᠳᠦᠴᠠ ᠶᠢ ᠭᠡᠴᠢᠨᠡᠡ ᠤᠷᠠᠠ ᠭᠤᠶᠢᠳᠠ ᠳᠦᠷᠰᠦᠯᠡᠭᠰᠡᠡ ᠠᠵᠢ᠃ ᠳᠦᠷᠦᠬᠦᠤ ᠪᠠᠳᠠᠭ ᠲᠤ ᠮᠤᠩᠭᠤᠯ ᠭᠡᠷ ᠤᠨ ᠴᠠᠭᠠᠠ ᠦᠩᠭᠡ ᠶᠢ ᠨᠢ ᠴᠠᠰᠤᠳᠤ ᠤᠷᠤᠢ ᠲᠠᠢ ᠳᠦᠷᠰᠦᠯᠡᠵᠤ᠂ ᠳᠠᠷᠠᠭ᠎ᠠ ᠨᠢ ᠳᠤᠭᠤᠷᠢᠭ ᠭᠡᠯᠪᠡᠷᠢ ᠶᠢ ᠨᠢ ᠴᠠᠭᠠᠠ ᠰᠠᠷᠠᠨᠠᠢ ᠲᠠᠢ ᠬᠤᠯᠪᠤᠠ ᠰᠡᠳᠬᠢᠵᠤ᠂ ᠳᠠᠬᠢᠭᠠᠳ ᠠᠮᠤᠷ ᠳᠠᠶᠢᠪᠤᠩ ᠳᠦᠷᠦᠭᠳᠡᠯ ᠢ ᠨᠢ ᠨᠦᠢᠷᠰᠦᠬᠰᠠᠠ ᠬᠤᠠ ᠲᠠᠢ ᠵᠦᠢᠷᠯᠠᠠ᠂ ᠠᠮᠢ ᠲᠠᠢ ᠶᠠᠭᠤᠮ᠎ᠠ — ᠠᠮᠢ ᠦᠭᠡᠢ ᠪᠤᠳᠡᠰ᠂ ᠳᠤᠮᠤ ᠶᠠᠭᠤᠮ᠎ᠠ — ᠵᠢᠵᠢᠭ ᠶᠠᠭᠤᠮ᠎ᠠ ᠶᠢ ᠰᠤᠯᠢᠪᠴᠠᠭᠤᠯᠤᠠ ᠰᠡᠳᠬᠢᠭᠰᠡᠡ ᠨᠢ ᠤᠷᠠᠠ ᠪᠢᠴᠢᠯᠭᠡᠳᠡᠡ ᠤ ᠢᠳᠡᠯᠢᠭ ᠭᠤᠶᠤ ᠳᠠᠳᠠᠯᠭᠠᠠ ᠪᠢᠴᠢᠯᠭᠡ ᠶᠢ ᠪᠤᠳᠤᠭᠳᠠᠭᠤᠯᠬᠤ ᠠᠵᠢ᠃ ᠡᠬᠦᠠ ᠠᠴᠠ ᠦᠵᠡᠬᠦᠯᠡᠷ ᠭᠡᠤᠭᠡᠳ ᠢ ᠭᠡᠯᠡᠡ ᠤ ᠭᠤᠸ᠎ᠡ ᠰᠠᠶᠢᠬᠠᠠ ᠤ ᠮᠡᠳᠡᠷᠡᠮᠵᠢ ᠲᠠᠢ ᠪᠤᠯᠭᠠᠬᠤ ᠳᠤ ᠰᠢᠯᠦᠭ ᠪᠤᠯ ᠬᠠᠮᠤᠭ ᠤᠨ ᠳᠦᠬᠦᠮ ᠪᠠᠭᠠᠵᠢ ᠭᠡᠷᠡᠭᠯᠡᠬᠦᠷ ᠪᠤᠯᠬᠤ ᠶᠤᠮ᠃      5. ᠢᠷᠠᠭᠤ ᠨᠠᠶᠢᠷᠠᠭ ᠬᠢᠭᠡᠳ ᠴᠡᠭᠡᠵᠢᠯᠡᠬᠦ ᠴᠢᠳᠠᠪᠤᠷᠢ ᠶᠢᠨ ᠳᠡᠬᠦᠯᠳᠡᠷᠵᠢᠬᠦ ᠬᠠᠷᠢᠴᠠᠭ᠎ᠠ      ᠭᠡᠤᠭᠡᠳ ᠢ ᠭᠡᠯᠡ ᠳᠤ ᠤᠷᠤᠬᠤ ᠲᠠᠢ ᠨᠢ ᠵᠡᠷᠭᠡ ᠰᠢᠯᠦᠭ ᠴᠡᠭᠡᠵᠢᠯᠡᠬᠦᠯᠵᠤ ᠭᠡᠯᠠ ᠶᠢ ᠨᠢ ᠬᠤᠷᠴᠠᠯᠠᠳᠠᠭ ᠵᠠᠩᠰᠢᠯ ᠳᠤᠮᠳᠠᠳᠤ ᠤᠯᠤᠰ ᠤᠨ ᠤᠯᠠᠮᠵᠢᠯᠠᠯᠳᠤ ᠰᠤᠷᠭᠠᠠ ᠬᠥᠮᠤᠵᠢᠯ ᠤᠨ ᠨᠢᠭᠡᠡ ᠳᠠᠳᠬᠠᠯ ᠪᠤᠯᠤᠭᠰᠠᠠ ᠳᠤᠬᠠᠢ ᠳᠡᠭᠡᠷ᠎ᠡ ᠶᠠᠷᠢᠯ᠎ᠠ᠃ ᠳᠡᠬᠦᠠ ᠤ ᠪᠠᠰᠠ ᠨᠢᠭᠡ ᠵᠤᠷᠢᠯᠭ᠎ᠠ ᠨᠢ ᠰᠢᠯᠦᠭ ᠪᠤᠯ ᠴᠠᠭᠡᠵᠢᠯᠡᠵᠤ ᠳᠤᠭᠳᠠᠭᠠᠬᠤ ᠳᠤ ᠳᠦᠬᠦᠮ ᠪᠤᠯᠬᠤᠷ ᠭᠡᠤᠭᠡᠳ ᠤᠨ ᠴᠡᠭᠡᠵᠢᠯᠡᠬᠦ ᠴᠢᠳᠠᠪᠤᠷᠢ ᠶᠢ ᠪᠤᠯᠪᠠᠰᠤᠷᠠᠭᠤᠯᠬᠤ ᠶᠢᠨ ᠳᠦᠯᠦᠭᠡ ᠪᠠᠶᠢᠭ᠎ᠠ ᠪᠢᠯᠠ᠃ ᠳᠠᠷᠢᠬᠢ ᠪᠤᠯ ᠬᠢᠳᠤᠭ᠎ᠠ ᠲᠠᠢ ᠠᠳᠠᠯᠢ᠂ ᠭᠡᠬᠦ ᠳᠤ ᠪᠠᠨ ᠡᠯᠡᠭᠳᠡᠳᠡᠭ ᠦᠭᠡᠢ ᠬᠢᠳᠤᠭ᠎ᠠ᠂ ᠬᠠᠷᠢᠠ ᠭᠡᠷᠡᠭᠯᠡᠬᠦ ᠦᠭᠡᠢ ᠪᠤᠯ ᠬᠢᠯᠪᠠᠷᠬᠠᠠ ᠵᠢᠪᠡᠷᠡᠵᠤ ᠮᠤᠬᠤᠳᠠᠭ ᠬᠢᠳᠤᠭ᠎ᠠ ᠯᠤᠭ᠎ᠠ ᠠᠳᠠᠯᠢ ᠪᠠᠶᠢᠳᠠᠭ ᠳᠤᠬᠠᠢ ᠡᠷᠳᠡᠮᠳᠡᠳ ᠶᠠᠷᠢᠭᠠᠳ ᠪᠠᠶᠢᠭ᠎ᠠ ᠶᠤᠮ᠃ ᠳᠡᠷᠠ ᠬᠢᠳᠤᠭ᠎ᠠ ᠶᠢ ᠵᠢᠪᠡᠷᠡᠬᠦᠯᠬᠦ ᠦᠭᠡᠢ ᠮᠤᠬᠤᠭᠠᠬᠤ ᠦᠭᠡᠢ ᠢᠮᠠᠭᠳᠠ ᠬᠤᠷᠴᠠ ᠪᠠᠶᠢᠯᠭᠠᠬᠤ ᠰᠣᠳᠤᠠ ᠠᠷᠭ᠎ᠠ ᠪᠤᠯ ᠴᠡᠭᠡᠵᠢᠯᠡᠬᠦ᠂ ᠰᠡᠳᠬᠢᠬᠦ ᠶᠢ ᠪᠠᠶᠢᠩᠭᠤ ᠠᠵᠢᠯᠯᠠᠭᠤᠯᠬᠤ ᠶᠠᠪᠤᠳᠠᠯ ᠪᠤᠯᠤᠨ᠎ᠠ᠃ ᠳᠡᠭᠡᠬᠦᠯᠡᠷ ᠭᠡᠤᠭᠡᠳ ᠢ ᠳᠠᠷᠢᠬᠢ ᠬᠦᠩᠭᠡᠡ᠂ ᠳᠤᠰᠬᠠᠯ ᠬᠤᠷᠴᠠ᠂ ᠰᠡᠳᠬᠢᠬᠦᠢ ᠬᠥᠨ᠂ ᠴᠡᠭᠡᠵᠢᠯᠡᠵᠤ ᠳᠤᠭᠳᠠᠭᠠᠬᠤ ᠴᠢᠳᠠᠪᠤᠷᠢ ᠪᠠᠷ ᠰᠠᠶᠢᠠ ᠪᠠᠶᠢᠯᠭᠠᠶ᠎ᠡ ᠭᠡᠪᠡᠯ ᠳᠠᠷᠢᠬᠢ ᠪᠠᠨ ᠪᠠᠶᠢᠩᠭᠤ ᠠᠵᠢᠯᠯᠠᠭᠤᠯᠳᠠᠭ ᠳᠠᠳᠬᠠᠯ ᠲᠠᠢ ᠪᠤᠯᠭᠠᠬᠤ ᠨᠢ ᠴᠢᠬᠤᠯᠠ᠃ ᠳᠡᠷᠡ ᠲᠠᠳᠬᠠᠯ ᠢ ᠰᠤᠷᠢᠬᠤ ᠨᠢᠭᠡᠡ ᠠᠷᠭ᠎ᠠ ᠪᠤᠯ ᠰᠢᠯᠦᠭ ᠴᠡᠭᠡᠵᠢᠯᠡᠬᠦᠯᠬᠦ ᠪᠤᠯᠤᠨ᠎ᠠ᠃ ᠤᠳᠤ ᠪᠢᠳᠠ ᠳᠠᠰᠢᠪᠠᠯᠪᠠᠷ ᠭᠤᠸᠠᠢ ᠶᠢᠨ ︽ᠳᠡᠭᠷᠢ ᠰᠢᠭ ᠪᠠᠢ︾ ᠭᠡᠳᠡᠭ ᠰᠤᠷᠭᠠᠯ ᠰᠢᠯᠦᠭ ᠠᠴᠠ ᠭᠡᠳᠤᠠ ᠮᠦᠷ ᠰᠤᠨᠢᠷᠬᠠᠵᠤ᠂ ᠰᠢᠯᠦᠭ ᠴᠡᠭᠡᠵᠢᠯᠡᠬᠦ ᠳᠤ ᠬᠢᠷᠢ ᠠᠮᠠᠷᠬᠠᠠ ᠪᠠᠶᠢᠳᠠᠭ ᠢ ᠦᠵᠡᠭᠡᠳᠡᠭᠡᠶ᠎ᠡ᠄      ᠬᠠᠮᠤᠭ ᠪᠦᠬᠦᠳᠡᠭᠡᠷ ᠴᠢᠮ᠎ᠠ ᠶᠢ      ᠬᠠᠷᠢᠶᠠᠵᠤ ᠨᠢᠯᠪᠤᠵᠤ ᠪᠠᠶᠢᠪᠠᠴᠤ᠂ ᠳᠡᠭᠷᠢ ᠰᠢᠭ ᠪᠠᠢ      ᠬᠠᠮᠤᠭ ᠤᠨ ᠰᠠᠶᠢᠠ ᠬᠥᠮᠤᠠ ᠭᠡᠵᠤ      ᠬᠠᠰᠬᠢᠷᠴᠤ ᠢᠷᠦᠭᠡᠵᠤ ᠪᠠᠶᠢᠪᠠᠴᠤ᠂ ᠳᠡᠭᠷᠢ ᠰᠢᠭ ᠪᠠᠢ      ᠳᠠᠪᠴᠢᠶᠡᠷᠢ ᠪᠠᠷᠠᠭᠳᠠᠵᠤ ᠨᠦᠬᠦᠳ ᠴᠢᠨᠢ ᠤᠷᠭᠢᠪᠠᠴᠤ      ᠳᠡᠭᠷᠢ ᠰᠢᠭ ᠪᠠᠢ᠂ ᠮᠦᠩᠭᠡᠳᠡ ᠠᠮᠤᠭᠤᠯᠠᠩ ᠁      ᠳᠡᠷᠭᠡᠡ ᠳᠤ ᠰᠠᠭᠤᠯᠭᠠᠵᠤ᠂ ᠠᠯᠳᠠᠠ ᠳᠢᠳᠢᠮ ᠡᠮᠤᠰᠭᠡᠪᠡᠴᠤ      ᠳᠡᠭᠷᠢ ᠰᠢᠭ ᠪᠠᠢ᠂ ᠶᠠᠭᠤ ᠴᠤ ᠪᠤᠯᠤᠭ᠎ᠠ ᠦᠭᠡᠢ ᠶᠤᠮ ᠰᠢᠬ ᠁      ᠳᠤᠰ ᠰᠢᠯᠦᠭ ᠤᠨ ᠭᠡᠯᠡ ᠭᠡᠯᠡᠯᠭᠡ ᠳᠡᠳᠤᠢ ᠯᠠ ᠤᠷᠠᠠ ᠪᠢᠰᠢ᠂ ᠶᠡᠷᠦ ᠳᠤ ᠪᠠᠨ ᠯᠠ ᠶᠠᠷᠢᠶᠡᠡ ᠤ ᠭᠡᠯᠡ ᠪᠠᠷ ᠪᠢᠴᠢᠭᠳᠡᠵᠠᠢ᠃ ᠭᠡᠬᠦ ᠳᠤ ᠪᠠᠨ ᠠᠮᠢᠳᠤᠷᠠᠯ ᠳᠤ ᠢᠯᠠᠩᠭᠤᠶ᠎ᠡ ᠠᠮᠢᠳᠠᠠ ᠤ ᠳᠡᠭᠡᠳᠤ ᠪᠤᠯᠤᠭᠰᠠᠠ ᠬᠥᠮᠤᠠ ᠳᠤ ᠶᠠᠭᠠᠬᠢᠵᠤ ᠬᠠᠨᠳᠤᠬᠤ ᠳᠤᠬᠠᠢ ᠬᠥᠨ ᠤᠬᠠᠭᠠᠯᠢᠭ ᠶᠤᠰᠤ ᠶᠢ ᠴᠦᠭᠡᠡ ᠦᠭᠡ ᠪᠠᠷ ᠢᠯᠡᠷᠡᠬᠦᠯᠵᠤ ᠴᠢᠳᠠᠭᠰᠠᠠ ᠪᠠᠶᠢᠨ᠎ᠠ᠃ ᠬᠥᠮᠤᠠ ᠢ ᠦᠩᠭᠡᠷᠡᠵᠤ ᠤᠳᠬᠤ ᠴᠠᠭ ᠬᠤᠭᠤᠴᠠᠭ᠎ᠠ ᠡᠯᠡᠭᠡᠳᠡᠭ᠂ ᠴᠠᠭ ᠬᠤᠭᠤᠴᠠᠭ᠎ᠠ ᠲᠠᠢ ᠬᠠᠮᠳᠤ ᠡᠷᠬᠢᠯᠳᠤᠵᠤ ᠪᠠᠶᠢᠳᠠᠭ ᠳᠡᠷᠭᠡᠳᠡᠬᠢ ᠬᠥᠮᠤᠰ ᠴᠢᠨᠢ ᠡᠯᠡᠭᠡᠳᠡᠭ᠃ ᠬᠥᠮᠤᠰ ᠤᠨ ᠪᠠᠶᠢᠭᠠᠯᠢᠯᠢᠬ ᠢᠶᠠᠷ ᠢᠶᠠᠨ ᠠᠮᠢᠳᠤᠷᠠᠬᠤ ᠪᠤᠯᠤᠮᠵᠢ ᠶᠢ ᠲᠡᠷᠭᠡᠳᠡᠬᠢ ᠨᠦᠬᠦᠳ ᠴᠢᠨᠢ ᠪᠠᠶᠢᠩᠭᠤ ᠬᠠᠭᠠᠳᠠᠭ᠂ ᠭᠠᠳᠠᠭᠠᠳᠤ ᠶᠢᠷᠳᠢᠨᠴᠤ ᠠᠴᠠ ᠢᠷᠡᠭᠰᠡᠡ ᠪᠤᠢ ᠪᠦᠬᠦᠢ ᠰᠤᠷᠠᠭ ᠵᠠᠩᠬᠢ ᠬᠦᠮᠤᠠ ᠢ ᠪᠠᠶᠠᠷᠯᠠᠭᠤᠯᠵᠤ ᠭᠤᠮᠤᠳᠠᠭᠠᠵᠤ᠂ ᠵᠤᠪᠠᠭᠠᠵᠤ ᠳᠠᠷᠴᠢᠯᠭᠠᠵᠤ ᠠᠳᠠᠭᠠᠵᠢᠭᠤᠯᠵᠤ ᠬᠤᠷᠤᠰᠬᠠᠵᠤ᠂ ᠤᠶᠢᠳᠬᠠᠷᠠᠯᠠᠭᠤᠯᠵᠤ ᠪᠤᠬᠢᠨᠢᠳᠤᠭᠤᠯᠵᠤ᠂ ᠭᠡᠶᠤᠷᠡᠬᠦᠯᠵᠤ ᠠᠯᠭᠠᠰᠠᠭᠤᠯᠵᠤ ᠁ ᠨᠢᠭᠡ ᠯᠠ ᠮᠡᠳᠡᠬᠦ ᠳᠤ ᠳᠡᠷᠡ ᠪᠦᠬᠦᠠ ᠤ ᠮᠠᠭᠠᠵᠢᠯᠳᠠ ᠳᠤ ᠬᠦᠮᠤᠠ ᠤ ᠰᠡᠳᠬᠢᠯ ᠤᠨ ᠳᠠᠷᠤᠯᠳᠠ ᠬᠥᠨᠳᠤᠷᠠᠠ ᠪᠤᠳᠠᠭᠠᠯᠢ ᠴᠢᠨᠠᠷ ᠬᠤᠪᠢᠷᠠᠵᠤ ᠪᠡᠶ᠎ᠡ ᠮᠠᠬᠠᠪᠤᠳ ᠤᠨ ᠡᠪᠡᠳᠴᠢᠠ ᠤ ᠬᠤᠤᠷ ᠳᠤᠳᠤᠷ᠎ᠠ ᠠᠴᠠ ᠪᠠᠨ ᠤᠷᠭᠤᠬᠤ ᠶᠢᠨ ᠠᠮᠢᠳᠤ ᠬᠦᠷᠦᠰᠤ ᠪᠤᠯᠳᠠᠭ᠃ ᠳᠡᠭᠡᠬᠦᠯᠡᠷ ᠡᠶᠢᠮᠤᠷᠬᠦᠣ ᠰᠢᠯᠦᠭ ᠢ ᠴᠡᠭᠡᠵᠢᠯᠡᠵᠤ ᠪᠠᠶᠢᠪᠡᠯ ᠴᠡᠭᠡᠵᠢᠯᠡᠬᠦ ᠴᠢᠳᠠᠪᠤᠷᠢ ᠨᠡᠮᠡᠭᠳᠡᠬᠦ ᠪᠠᠷ ᠪᠠᠷᠠᠬᠤ ᠦᠭᠡᠢ ᠦᠪᠡᠷ ᠢ ᠪᠠᠨ ᠡᠵᠡᠮᠳᠡᠬᠦ ᠳᠤ ᠴᠤ ᠡᠮᠴᠢᠯᠡᠭᠡ ᠪᠤᠯᠳᠠᠭ᠃ ᠭᠡᠤᠭᠡᠳ ᠲᠤ ᠪᠠᠭ᠎ᠠ ᠠᠴᠠ ᠨᠢ ᠰᠢᠯᠦᠭ ᠴᠡᠭᠡᠵᠢᠯᠡᠬᠦᠯᠬᠦ ᠪᠤᠯ ᠵᠠᠯᠬᠠᠭᠤ ᠡᠪᠡᠳᠴᠢᠠ ᠳᠤ ᠨᠡᠷᠪᠡᠭᠳᠡᠬᠦ ᠠᠴᠠ ᠰᠡᠷᠭᠡᠶᠢᠯᠡᠬᠦ ᠰᠠᠶᠢᠠ ᠵᠤᠷ ᠮᠦᠷᠳᠡᠭᠡᠡ ᠤᠢ ᠪᠢᠯᠢᠭ ᠤᠨ ᠪᠤᠶᠢᠵᠢᠯᠳᠠ ᠶᠢ ᠠᠬᠢᠭᠤᠯᠳᠠᠭ ᠰᠢᠮ᠎ᠡ ᠳᠡᠵᠢᠭᠡᠯ ᠪᠤᠯᠳᠠᠭ ᠢ ᠡᠪᠦᠭᠡ ᠳᠡᠭᠡᠳᠤᠰ ᠮᠠᠨᠢ ᠡᠷᠳᠡ ᠠᠴᠠ ᠤᠢᠢᠯᠠᠭᠠᠵᠤ ᠮᠠᠳᠡᠭᠰᠡᠨ ᠪᠠᠶᠢᠳᠠᠬ᠃      6. ᠢᠷᠠᠭᠤ ᠨᠠᠶᠢᠷᠠᠭ ᠬᠢᠭᠡᠳ ᠵᠤᠬᠢᠶᠡᠡ ᠪᠦᠳᠦᠬᠡᠬᠦᠢ ᠶᠢᠨ ᠬᠤᠯᠪᠤᠭᠳᠠᠯ ︵ᠤᠳᠤᠷᠢᠳᠬᠠᠯ︶      ᠢᠷᠠᠭᠤ ᠨᠠᠶᠢᠷᠠᠭ ᠪᠤᠯ ᠵᠤᠬᠢᠶᠡᠡ ᠪᠦᠳᠦᠭᠡᠬᠦ ᠵᠠᠮ ᠳᠤ ᠤᠷᠤᠬᠤ ᠵᠠᠮᠴᠢᠯᠠᠭᠤᠷ ᠮᠦᠠ᠃ ᠢᠷᠠᠭᠤ ᠨᠠᠶᠢᠷᠠᠭ ᠠᠷᠪᠢᠠ ᠴᠡᠭᠡᠵᠢᠯᠡᠭᠰᠡᠡ ᠭᠡᠤᠭᠡᠳ ᠡᠬᠢᠯᠡᠭᠡᠳ ᠳᠤᠯᠤᠭᠠᠢ ᠬᠤᠯᠪᠤᠠ ᠵᠤᠬᠢᠶᠡᠡ ᠪᠦᠳᠦᠭᠡᠵᠤ ᠤᠷᠤᠯᠳᠤᠨ᠎ᠠ᠂ ᠳᠡᠷᠡ ᠨᠢ ᠭᠡᠳᠦ᠋ᠢᠪᠡᠷ ᠵᠢᠷ ᠤᠨ ᠨᠢᠭᠡᠡ ᠬᠤᠯᠪᠤᠭ᠎ᠠ ᠦᠭᠡ ᠪᠠᠶᠢᠭᠰᠠᠠ ᠴᠤ ᠤᠷᠠᠠ ᠰᠠᠨᠠᠭᠠᠠ ᠤ ᠵᠢᠬᠦᠷ ᠢᠶᠠᠨ ᠳᠡᠯᠭᠡᠬᠦ ᠠᠩᠬᠠᠠ ᠤ ᠭᠠᠷᠤᠭ᠎ᠠ ᠨᠢ ᠪᠠᠶᠢᠭ᠎ᠠ ᠶᠤᠮ᠃ ᠶᠡᠷᠤ ᠨᠢ ᠤᠯᠠᠩᠬᠢ ᠳᠤᠭᠤᠵᠢᠰ ᠤᠨ ᠵᠤᠬᠢᠶᠠᠯᠴᠢ ᠰᠢᠭᠤᠳ ᠬᠥᠤᠷᠨᠢᠯ ᠵᠤᠬᠢᠶᠡᠯ ᠢᠶᠠᠷ ᠭᠠᠷᠤᠭ᠎ᠠ ᠠᠪᠳᠠᠭ ᠦᠭᠡᠢ᠂ ᠡᠬᠢᠠ ᠤ ᠦᠶ᠎ᠡ ᠳᠤ ᠰᠢᠯᠦᠭ ᠪᠢᠴᠢᠵᠤ᠂ ᠬᠤᠵᠢᠮ ᠨᠢ ᠰᠡᠳᠬᠢᠬᠦᠢ ᠨᠢ ᠳᠡᠬᠦᠯᠳᠡᠷᠵᠢᠠ ᠭᠡᠯᠡᠯᠭᠡ ᠨᠢ ᠪᠤᠯᠪᠠᠰᠤᠷᠠᠭᠠᠳ ᠢᠷᠡᠪᠡᠯ ᠰᠠᠶ᠋ᠢ ᠤᠢ ᠪᠢᠯᠢᠭ ᠤᠨ ᠡᠨᠧᠷᠬᠢ ᠪᠠᠨ ᠰᠢᠪᠬᠠᠭᠰᠠᠠ ᠤᠷᠳᠤ ᠶᠠᠭᠤᠮ᠎ᠠ ᠪᠢᠴᠢᠬᠦ ᠵᠠᠮ ᠤᠷᠤᠭᠤ ᠠᠯᠬᠤᠳᠠᠭ ᠶᠤᠮ᠃      7. ᠢᠷᠠᠭᠤ ᠨᠠᠶᠢᠷᠠᠭ ᠬᠢᠭᠡᠳ ᠦᠵᠡᠯ ᠰᠠᠨᠠᠭ᠎ᠠ ᠪᠦᠷᠢᠯᠳᠦᠬᠦᠢ ᠶᠢᠨ ᠬᠠᠷᠢᠴᠠᠭ᠎ᠠ      ᠮᠠᠷᠺᠰ᠄ ︽ᠦᠵᠡᠯ ᠰᠠᠨᠠᠭᠠᠠ ᠤ ᠰᠢᠭᠤᠳ ᠪᠤᠶᠢᠵᠢᠯᠳᠡ ᠪᠤᠯ ᠳᠠᠷᠤᠢ ᠦᠭᠡ ᠭᠡᠯᠡ ᠮᠦᠠ︾ ᠭᠡᠵᠠᠢ᠃ ᠢᠷᠠᠭᠤ ᠨᠠᠶᠢᠷᠠᠭ ᠪᠤᠯ ᠦᠭᠡ ᠭᠡᠯᠡᠡ ᠤ ᠤᠷᠠᠯᠢᠭ ᠮᠦᠠ᠃ ᠳᠡᠷᠨ ᠨᠢ ᠵᠤᠬᠢᠶᠠᠭᠴᠢ ᠶᠢᠨ ᠰᠡᠳᠬᠢᠯᠭᠡ ᠪᠠᠷ ᠰᠦᠭ ᠰᠦᠯᠳᠠ ᠪᠠᠨ ᠪᠤᠯᠭᠠᠳᠠᠭ ᠤᠷᠠᠠ ᠵᠤᠬᠢᠶᠡᠯ ᠤᠨ ᠨᠢᠭᠡᠡ ᠭᠡᠯᠪᠡᠷᠢ ᠪᠤᠯᠤᠨ᠎ᠠ᠃ ᠵᠤᠬᠢᠶᠠᠭᠴᠢ ᠶᠢᠨ ᠰᠡᠳᠬᠢᠯᠭᠡ ᠶᠢᠨ ᠴᠡᠨᠡᠭ ᠨᠢ ᠦᠵᠡᠯ ᠰᠨᠨᠠᠭ᠎ᠠ ᠪᠤᠯᠬᠤ ᠶᠤᠮ᠃ ᠶᠠᠮᠠᠷ ᠴᠤ ᠦᠵᠡᠯ ᠰᠠᠨᠠᠭ᠎ᠠ ᠦᠭᠡᠢ ᠬᠥᠮᠤᠠ ᠢᠷᠠᠭᠤ ᠨᠠᠶᠢᠷᠠᠭᠴᠢ ᠪᠤᠯᠵᠤ ᠴᠢᠳᠠᠬᠤ ᠦᠭᠡᠢ᠃ ᠠᠮᠢᠳᠤᠷᠠᠯ ᠤᠨ ᠳᠤᠬᠠᠢ᠂ ᠨᠡᠶᠢᠭᠡᠮ ᠠᠬᠤᠢ ᠶᠢᠨ ᠳᠤᠬᠠᠢ᠂ ᠪᠠᠶᠢᠭᠠᠯᠢ ᠶᠢᠷᠳᠢᠨᠴᠤ ᠶᠢᠨ ᠳᠤᠬᠠᠢ᠂ ᠠᠮᠢ ᠨᠠᠰᠤᠠ ᠤ ᠦᠷᠳᠡᠭ ᠤᠨ ᠳᠤᠬᠠᠢ ᠭᠡᠬᠦᠴᠢᠯᠡᠡ ᠵᠤᠬᠢᠶᠠᠭᠴᠢ ᠶᠢᠨ ᠠᠬᠱᠠᠠ ᠵᠠᠭᠤᠷ᠎ᠠ ᠶᠢᠨ ᠳᠤᠭᠳᠤᠯᠤᠯᠳᠠ ᠪᠤᠶᠤ ᠳᠡᠬᠦᠠ ᠠᠴᠠ ᠪᠤᠯᠤᠭᠰᠠᠠ ᠳᠤᠳᠤᠭᠠᠳᠤ ᠰᠡᠳᠬᠢᠯᠭᠡ ᠶᠢᠨ ᠳᠡᠯᠪᠡᠷᠡᠯᠳᠠ ᠶᠢ ᠡᠷᠴᠢᠯᠡᠵᠤ ᠪᠠᠶᠢᠭ᠎ᠠ ᠳᠠᠯᠳᠠ ᠬᠥᠴᠤᠠ ᠪᠤᠯ ᠦᠵᠡᠯ ᠰᠠᠨᠠᠭ᠎ᠠ ᠪᠠᠶᠢᠵᠤ ᠳᠠᠭᠠᠷᠠᠨ᠎ᠠ᠃ ᠰᠢᠯᠦᠭᠴᠢ ᠶᠢ ᠭᠡᠢ ᠰᠤᠯᠢᠶ᠎ᠠ ᠲᠠᠢ ᠮᠡᠳᠤ ᠭᠡᠯᠡᠳᠡᠭ ᠬᠥᠮᠤᠰ ᠴᠤ ᠪᠤᠢ᠂ ᠳᠡᠷᠡ ᠬᠦ ᠭᠡᠢ ᠰᠤᠯᠢᠶ᠎ᠡ ᠶᠠᠭᠠᠬᠢᠵᠤ ᠪᠤᠢ ᠪᠤᠯᠤᠭᠰᠠᠠ ᠪᠤᠢ︖ ᠳᠠᠯᠠᠢ ᠶᠢᠨ ᠴᠠᠯᠬᠢᠯᠳᠠ᠂ ᠭᠠᠵᠠᠷ ᠬᠥᠳᠡᠯᠦᠯᠳᠡ᠂ ᠭᠠᠯᠳᠤ ᠠᠭᠤᠯᠠ ᠶᠢᠨ ᠳᠡᠯᠪᠡᠷᠡᠯᠳᠠ ᠪᠤᠯ ᠭᠠᠵᠠᠷ ᠤᠨ ᠴᠦᠮ᠎ᠠ ᠶᠢᠨ ᠬᠠᠯᠠᠭᠤᠠ ᠡᠨᠧᠷᠬᠢ ᠠᠴᠠ ᠢᠷᠡᠳᠡᠭ᠂ ᠬᠠᠷᠢᠠ ᠰᠢᠯᠦᠭᠴᠢ ᠶᠢᠨ ︽ᠭᠡᠢ ᠰᠤᠯᠢᠶᠡᠷᠡᠯ︾ ᠪᠤᠯ ᠭᠠᠳᠠᠭᠠᠳᠤ ᠶᠢᠷᠳᠢᠨᠴᠤ ᠪᠤᠯᠤᠠ ᠳᠤᠳᠤᠭᠠᠳᠤ ᠰᠡᠳᠬᠢᠯᠭᠡ ᠶᠢᠨ ᠡᠶᠡᠷᠡᠯ ᠪᠤᠶᠤ ᠬᠠᠭᠠᠷᠠᠯ ᠠᠴᠠ ᠡᠬᠦᠰᠳᠡᠭ᠃ ᠳᠡᠷᠡ ᠬᠦ ᠡᠶᠡᠷᠡᠯ ᠪᠤᠯᠤᠠ ᠬᠠᠭᠠᠷᠠᠯ ᠨᠢ ᠦᠵᠡᠯ ᠰᠠᠨᠠᠭ᠎ᠠ ᠪᠠᠷ ᠢᠯᠴᠢ ᠬᠥᠴᠤᠠ ᠢᠶᠠᠨ ᠪᠤᠯᠭᠠᠳᠠᠭ ᠶᠤᠮ᠃ ᠡᠶᠢᠮᠤ ᠠᠴᠠ ᠰᠢᠯᠦᠭ ᠪᠢᠴᠢᠬᠦ ᠨᠢ ᠭᠡᠤᠭᠡᠳ ᠤᠨ ᠦᠵᠡᠯ ᠰᠠᠨᠠᠭᠠᠠ ᠤ ᠪᠦᠷᠢᠯᠳᠦᠯ ᠳᠤ ᠶᠡᠭᠡᠭᠡᠡ ᠳᠤᠰᠠ ᠪᠤᠯᠳᠠᠭ ᠠᠵᠢ᠃ ᠶᠠᠮᠠᠷ ᠴᠤ ᠰᠡᠳᠬᠢᠯᠭᠡ ᠦᠭᠡᠢ᠂ ᠶᠠᠭᠤ ᠦᠵᠡᠵᠤ ᠶᠠᠮᠠᠷ ᠵᠦᠢᠯ ᠰᠤᠨᠤᠰᠴᠤ ᠪᠠᠶᠢᠪᠠᠴᠤ ᠰᠡᠳᠬᠢᠯᠭᠡ ᠶᠢᠨ ᠳᠤᠭᠳᠤᠯᠤᠯ ᠡᠬᠦᠰᠳᠡᠭ ᠦᠭᠡᠢ ᠬᠥᠮᠤᠠ ᠪᠤᠯ ᠠᠮᠢᠳᠠᠠ ᠮᠡᠳᠤ ᠪᠤᠯᠴᠢᠬᠠᠨ᠎ᠠ᠂ ᠳᠡᠳᠡᠡ ᠳᠤ ᠰᠦᠰᠦᠭ ᠪᠢᠰᠢᠷᠡᠯ᠂ ᠢᠳᠡᠭᠡᠯ ᠵᠤᠷᠢᠭ᠂ ᠬᠥᠰᠡᠯ ᠮᠦᠷᠦᠭᠡᠳᠤᠯ᠂ ᠭᠤᠸ᠎ᠠ ᠳᠠᠭᠠᠰᠢᠶᠡᠯ ᠤᠨ ᠬᠥᠭᠡᠭᠡᠴᠡᠯᠳᠤᠯ᠂ ᠬᠠᠶᠢᠷ᠎ᠠ ᠬᠤᠷᠤᠰᠤᠯ ᠤᠷᠤᠰᠢᠳᠠᠭ ᠦᠭᠡᠢ᠃ ᠵᠦᠪᠭᠡᠡ ᠠᠮᠢᠳᠤ ᠪᠤᠳᠡᠰ ᠤᠨ ᠬᠠᠮᠤᠭ ᠤᠨ ᠨᠠᠭᠠᠳᠤ ᠵᠠᠬ᠎ᠠ ᠶᠢᠨ ᠠᠮᠢᠳᠤᠷᠠᠯ ᠤᠨ ᠱᠠᠭᠠᠷᠳᠠᠯᠭ᠎ᠠ ᠪᠠᠷ ᠠᠮᠢᠳᠤᠷᠠᠵᠤ ᠪᠠᠶᠢᠳᠠᠭ᠃ ᠳᠡᠶᠢᠮᠤ ᠬᠥᠮᠤᠰ ᠦᠪᠡᠷ ᠤᠨ ᠪᠡᠶ᠎ᠡ ᠳᠤ ᠪᠠᠨ ᠬᠠᠷᠢᠭᠤᠴᠠᠬᠤ᠂ ᠨᠡᠶᠢᠭᠡᠮ ᠳᠤ ᠬᠠᠷᠢᠭᠤᠴᠠᠬᠤ᠂ ᠪᠤᠰᠤᠳ ᠲᠤ ᠬᠠᠷᠢᠭᠤᠴᠠᠬᠤ᠂ ᠤᠯᠤᠰ ᠦᠨᠳᠤᠰᠤᠳᠠᠠ ᠳᠤ ᠪᠠᠨ ᠬᠠᠷᠢᠭᠤᠴᠠᠬᠤ ᠤᠬᠠᠮᠰᠠᠷ ᠲᠠᠢ ᠪᠠᠶᠢᠵᠤ ᠭᠡᠷᠬᠢᠠ ᠴᠢᠳᠠᠬᠤ ᠪᠤᠢ︖ ᠯᠤ᠋ ᠰᠢᠶᠦ᠋ᠨ᠄ ︽ᠰᠢᠯᠦᠭ ᠪᠤᠯ ᠦᠨᠳᠤᠰᠤᠳᠠᠠ ᠤ ᠰᠦᠭ ᠰᠦᠨᠡᠰᠤ ᠮᠦᠠ︾ ᠭᠡᠵᠤ ᠶᠠᠷᠢᠭᠰᠠᠠ ᠪᠠᠶᠢᠳᠠᠭ᠃ ᠳᠡᠭᠡᠬᠦᠯᠡᠷ ᠦᠨᠳᠤᠰᠤᠳᠠᠠ ᠤ ᠰᠦᠭ ᠰᠦᠨᠡᠰᠤ ᠪᠠᠷ ᠨᠢ ᠲᠠᠷᠨᠢᠳᠠᠬᠤ ᠨᠢᠭᠡᠡ ᠠᠷᠭ᠎ᠠ ᠵᠠᠮ ᠪᠤᠯ ᠢᠷᠠᠭᠤ ᠨᠠᠶᠢᠷᠠᠭ ᠤᠨ ᠬᠥᠮᠤᠵᠢᠯ ᠪᠠᠶᠢᠵᠠᠢ᠃      ᠬᠠᠶ᠋ᠢᠬ᠄ ᠰᠢᠯᠢ ᠶᠢᠨ ᠭᠤᠤᠯ ᠠᠶᠢᠮᠠᠬ ᠤᠨ ᠰᠤᠷᠭᠠᠠ ᠬᠥᠮᠤᠵᠢᠯ ᠤᠨ ᠳᠤᠪᠴᠢᠶᠡᠡ ᠤ               ᠦᠨᠳᠤᠰᠤᠳᠠᠠ ᠤ ᠰᠤᠷᠭᠠᠠ ᠬᠥᠮᠤᠵᠢᠯ ᠤᠨ ᠰᠠᠯᠠᠭ᠎ᠠ                          ︵ᠰᠠᠩᠵᠠᠢ ᠨᠠᠶᠢᠷᠠᠭᠤᠯᠪᠠ︶                           2018 ᠣᠨ ᠤ 9 ᠳ᠋ᠦ᠋ᠭᠡᠷ ᠬᠤᠭᠤᠴᠠᠭ᠎ᠠ
 
ᠢᠷᠡᠯᠲᠡ᠄ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠤᠷᠭᠠᠨ ᠬᠦᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map