ᠨᠠᠮᠳᠠᠷ ᠲᠡᠤᠬᠡ ᠶᠢᠨ ᠰᠣᠳᠣᠯᠬᠤ ᠠᠷᠭ᠎ᠠ ᠶᠢ ᠲᠦᠭᠦᠮ ᠰᠢᠨᠵᠢᠯᠡᠭᠦ ᠨᠢ
ᠨᠡᠶᠢᠲᠡᠯᠡᠭᠰᠡᠨ ᠴᠠᠭ᠄
2019/1/11
                                                        ᠤᠷᠭᠤᠭ᠎ᠠ            ᠨᠠᠮᠳᠠᠷ ᠲᠡᠤᠬᠡ ᠶᠢᠨ ᠰᠤᠳᠤᠯᠬᠤ ᠠᠷᠭ᠎ᠠ ᠨᠢ ᠨᠡᠶᠢᠭᠡᠮ ᠲᠡᠣᠬᠡ ᠶᠢᠨ ᠰᠣᠳᠣᠯᠬᠤ ᠠᠷᠭ᠎ᠠ ᠰᠢᠬ ᠵᠤᠬᠢᠶᠠᠯ ᠪᠦᠳᠦᠬᠡᠯ ᠤᠨ ᠨᠠᠶᠢᠭᠡᠮ ᠲᠡᠣᠬᠡ ᠶᠢ ᠰᠣᠳᠣᠯᠬᠤ ᠪᠢᠰᠢ᠂ ᠬᠠᠷᠢᠨ ᠵᠤᠬᠢᠶᠠᠯ ᠪᠦᠳᠦᠬᠡᠯ ᠪᠤᠯᠤᠨ ᠵᠤᠬᠢᠶᠠᠭᠴᠢ ᠶᠢᠨ ᠬᠤᠭᠤᠷᠤᠨᠳᠤᠬᠢ ᠬᠠᠷᠢᠴᠠᠭ᠎ᠠ ᠶᠢ ᠨᠠᠷᠢᠪᠴᠢᠯᠠᠨ ᠰᠢᠨᠵᠢᠯᠠᠵᠤ᠂ ᠵᠤᠬᠢᠶᠠᠯ ᠪᠦᠳᠦᠬᠡᠯ ᠠᠴᠠ ᠵᠤᠬᠢᠶᠠᠭᠴᠢ ᠶᠢᠨ ᠠᠮᠢᠳᠤᠷᠠᠯ ᠲᠤᠷᠰᠢᠯᠭ᠎ᠠ᠂ ᠵᠡᠩ ᠴᠢᠨᠠᠷ ᠢ ᠰᠦᠪᠡᠭᠴᠢᠯᠠᠨ ᠭᠠᠷᠭᠠᠬᠤ ᠪᠤᠶᠤ ᠵᠤᠬᠢᠶᠠᠭᠴᠢ ᠶᠢᠨ ᠠᠮᠢᠳᠦᠷᠠᠯ ᠲᠤᠷᠰᠢᠯᠭ᠎ᠠ ᠂ ᠵᠠᠩ ᠴᠢᠨᠠᠷ ᠠᠴᠠ ᠨᠢ ᠤᠴᠢᠵᠤ ᠵᠤᠬᠢᠶᠠᠯ ᠪᠦᠳᠦᠬᠡᠯ ᠢ ᠨᠢ ᠲᠠᠶᠢᠯᠪᠤᠷᠢᠯᠠᠬᠤ ᠶᠠᠪᠤᠳᠠᠯ ᠪᠤᠯᠤᠨ᠎ᠠ᠃ ᠵᠤᠬᠢᠶᠠᠯ ᠪᠦᠳᠦᠭᠡᠯ ᠤᠨ ᠠᠮᠢ ᠨᠠᠰᠦ ᠶᠢ ᠵᠣᠬᠢᠶᠠᠭᠴᠢ ᠨᠢ ᠤᠯᠭᠤᠭᠰᠠᠨ ᠪᠠᠶᠢᠳᠠᠭ ᠪᠤᠯᠬᠤᠷ ᠵᠤᠬᠢᠶᠠᠭᠴᠢ ᠶᠢ ᠰᠣᠳᠣᠯᠬᠤ ᠪᠠᠷ ᠲᠠᠮᠵᠢᠵᠤ ᠲᠡᠬᠦᠨ ᠤ ᠵᠤᠬᠢᠶᠠᠯ ᠪᠦᠳᠦᠬᠡᠯ ᠢ ᠰᠣᠳᠣᠯᠬᠤ ᠨᠢ ᠶᠤᠰᠤᠨ ᠳᠤ ᠨᠠᠶᠢᠴᠡᠭᠦ ᠤᠴᠢᠷ ᠮᠦᠨ᠃ ᠲᠠᠶᠢᠮᠦ ᠠᠴᠠ ᠨᠠᠮᠳᠠᠷ ᠲᠠᠤᠬᠡ ᠶᠢᠨ ᠰᠣᠳᠣᠯᠬᠤ ᠠᠷᠭ᠎ᠠ ᠨᠢ ᠴᠤ ᠣᠷᠠᠨ ᠵᠤᠬᠢᠶᠠᠯ ᠰᠣᠳᠣᠯᠬᠤ ᠠᠷᠭ᠎ᠠ ᠶᠢᠨ ᠲᠤᠳᠤᠷᠠᠬᠢ ᠨᠢᠬᠡᠨ ᠠᠷᠭ᠎ᠠ ᠮᠦᠨ᠃      ᠨᠠᠮᠳᠠᠷ ᠲᠡᠤᠬᠡ ᠶᠢᠨ ᠰᠤᠳᠤᠯᠬᠤ ᠠᠷᠭ᠎ᠠ ᠨᠢ ᠣᠷᠠᠨ ᠵᠤᠬᠢᠶᠠᠯ ᠤᠨ ᠰᠣᠳᠣᠯᠭᠠᠨ ᠤ ᠲᠡᠤᠬᠡᠨ ᠲᠡᠭᠡᠷ᠎ᠡ ᠡᠷᠳᠡᠨ ᠠᠴᠠ ᠠᠪᠤᠭᠠᠳ ᠦᠷᠬᠡᠨ ᠢᠶᠠᠷ ᠬᠡᠷᠡᠭᠯᠡᠭᠳᠡᠭᠰᠡᠭᠡᠷ ᠢᠷᠡᠭᠰᠡᠨ ᠶᠤᠮ᠃ ᠭᠡᠪᠡᠴᠦ ᠤᠷᠠᠨ ᠵᠤᠬᠢᠶᠠᠯ ᠤᠨ ᠰᠣᠳᠣᠯᠭᠠᠨ ᠳᠤ ᠵᠢᠩᠬᠢᠨᠢ ᠪᠠᠷ ᠪᠠᠶᠢᠷᠢ ᠪᠠᠨ ᠤᠯᠤᠭᠰᠠᠨ ᠶᠠᠪᠤᠳᠠᠯ ᠨᠢ 19 ᠳ᠋ᠤᠭᠡᠷ ᠵᠠᠭᠤᠨ ᠤ ᠹᠷᠠᠨᠼᠢ ᠶᠢᠨ ᠷᠣᠮᠠᠨᠲ᠋ᠢᠭ ᠦᠵᠡᠯ ᠤᠨ ᠰᠢᠭᠦᠮᠵᠢᠯᠡᠭᠴᠢ ᠱᠸᠡᠭ ᠫᠸᠢ ᠸᠧᠢ ᠶᠢᠨ ᠰᠢᠬᠦᠮᠵᠢᠯᠡᠬᠦ ᠠᠷᠭ᠎ᠠ ᠪᠠᠷ ᠪᠡᠯᠭᠡ ᠲᠠᠮᠳᠡᠭ ᠢᠶᠠᠨ ᠪᠤᠯᠭᠠᠭᠰᠠᠨ ᠠᠴᠠ ᠡᠬᠢᠯᠡᠵᠡᠢ᠃ ᠱᠸᠡᠭ ᠫᠸᠢ ᠸᠧᠢ ᠶᠢᠨ ᠰᠢᠬᠦᠮᠵᠢᠯᠡᠬᠦ ᠠᠷᠭ᠎ᠠ ᠨᠢ ᠨᠠᠮᠳᠠᠷ ᠲᠡᠤᠬᠡ ᠶᠢᠨ ᠰᠤᠳᠤᠯᠬᠤ ᠠᠷᠭ᠎ᠠ ᠶᠢᠨ ᠮᠠᠨᠳᠦᠯᠡᠭᠰᠡᠨ ᠢ ᠬᠠᠷᠠᠭᠤᠯᠵᠣ ᠪᠠᠶᠢᠬᠤ ᠮᠦᠷᠳᠡᠭᠡᠨ ᠨᠠᠮᠳᠠᠷ ᠲᠡᠤᠭᠡ ᠶᠢᠨ ᠠᠷᠭ᠎ᠠ ᠶᠢ ᠲᠡᠯᠬᠡᠷᠡᠬᠦᠯᠦᠭᠰᠡᠨ ᠪᠠᠶᠢᠨ᠎ᠠ᠃ ᠨᠠᠮᠳᠠᠷ ᠲᠡᠤᠬᠡ ᠶᠢᠨ ᠰᠤᠳᠤᠯᠬᠤ ᠠᠷᠭ᠎ᠠ ᠨᠢ ᠲᠡᠭᠦᠨ ᠤ ᠬᠦᠭᠵᠢᠯᠳᠡ ᠶᠢᠨ ᠶᠠᠪᠤᠴᠠ ᠲᠤᠮᠳᠡ ᠪᠠᠨ ᠵᠠᠷᠢᠮ ᠤᠷᠤᠰᠬᠠᠯ ᠪᠦᠯᠦᠭ ᠤᠨ ᠡᠰᠡᠷᠭᠦᠴᠡᠯ ᠳᠤ ᠣᠴᠠᠷᠠᠭᠰᠠᠨ ᠪᠤᠯᠪᠠᠴᠤ ᠲᠣᠷᠰᠢᠯᠭ᠎ᠠ ᠰᠣᠷᠭᠠᠮᠵᠢ ᠪᠠᠨ ᠬᠤᠷᠢᠶᠠᠩᠭᠤᠶᠢᠯᠠᠵᠤ ᠂ ᠪᠤᠰᠤᠳ ᠰᠣᠳᠣᠯᠬᠤ ᠠᠷᠭ᠎ᠠ ᠶᠢᠨ ᠰᠠᠶᠢᠨ ᠲᠠᠯ᠎ᠠ ᠶᠢ ᠰᠢᠩᠭᠡᠭᠡᠵᠣ᠂ ᠦᠷᠭᠦᠯᠵᠢᠯᠡᠨ ᠭᠦᠭᠵᠢᠭᠰᠡᠭᠡᠷ ᠢᠷᠡᠵᠡᠢ᠃ ᠦᠷᠦᠨᠡᠳᠠᠬᠢᠨ ᠤ ᠨᠠᠮᠳᠠᠷ ᠲᠡᠤᠬᠡ ᠶᠢᠨ ᠰᠣᠳᠣᠯᠬᠤ ᠠᠷᠭ᠎ᠠ ᠨᠢ ᠵᠤᠬᠢᠶᠠᠭᠴᠢ ᠶᠢᠨ ᠠᠪᠢᠶᠠᠰ ᠪᠢᠯᠢᠭ᠂ ᠰᠠᠨᠠᠭ᠎ᠠ ᠰᠡᠳᠬᠢᠯᠭᠡ ᠶᠢᠨ ᠦᠡᠭᠭᠡᠷᠡᠯᠳᠡ ᠶᠢ ᠴᠢᠬᠤᠯᠠᠴᠢᠯᠠᠨ᠂ ᠰᠢᠰᠲ᠋ᠧᠮ ᠲᠠᠢ᠂ ᠰᠢᠨᠵᠢᠯᠡᠬᠦ ᠤᠬᠠᠭᠠᠨᠴᠢ ᠪᠠᠷ ᠰᠣᠳᠣᠯᠬᠤ ᠪᠠᠷ ᠭᠤᠤᠯ ᠤᠨᠴᠠᠯᠢᠭ ᠢᠶᠠᠨ ᠪᠤᠯᠭᠠᠳᠠᠬ ᠪᠤᠯ ᠲᠤᠮᠳᠠᠳᠤ ᠤᠯᠤᠰ ᠤᠨ ᠨᠠᠮᠳᠠᠷ ᠲᠡᠤᠬᠡ ᠶᠢᠨ ᠰᠤᠳᠤᠯᠬᠤ ᠠᠷᠭ᠎ᠠ ᠨᠢ ᠬᠦᠮᠦᠨ ᠴᠢᠨᠠᠷ ᠢ ᠰᠣᠳᠣᠯᠬᠤ ᠪᠠᠷ ᠭᠤᠤᠯ ᠤᠨᠴᠠᠯᠢᠭ ᠢᠶᠠᠨ ᠪᠤᠯᠭᠠᠳᠠᠬ ᠬᠡᠵᠤ ᠤᠷᠠᠨ ᠵᠤᠬᠢᠶᠠᠯ ᠤᠨ ᠰᠤᠳᠤᠯᠭᠠᠳᠠᠳ ᠦᠵᠡᠳᠡᠭ ᠪᠤᠯᠪᠠᠴᠦ ᠨᠠᠮᠳᠠᠷ ᠲᠡᠤᠬᠡ ᠶᠢᠨ ᠰᠤᠳᠤᠯᠬᠤ ᠠᠷᠭ᠎ᠠ ᠨᠢ ︽ᠵᠤᠬᠢᠶᠠᠭᠴᠢ ᠪᠤᠯ ᠵᠤᠬᠢᠶᠠᠯ ᠪᠦᠳᠦᠬᠡᠯ ᠢ ᠡᠭᠦᠳᠤᠭ᠍ᠴᠢ ᠤᠴᠢᠷ ᠠᠴᠠ ᠵᠤᠬᠢᠶᠠᠯ ᠪᠦᠳᠦᠭᠡᠯ ᠤᠨ ᠦᠢᠯᠡ ᠶᠠᠪᠤᠴᠠ ᠶᠢ ᠤᠶᠢᠯᠠᠭᠠᠬᠤ ᠬᠡᠪᠡᠯ ᠡᠷᠬᠡᠪᠰᠢ ᠵᠣᠬᠢᠶᠠᠭᠴᠢ ᠶᠢᠨ ᠲᠤᠰ ᠪᠡᠶ᠎ᠡ ᠶᠢ ᠤᠷᠢᠳ ᠢᠶᠠᠷ ᠣᠶᠢᠯᠠᠭᠠᠭᠰᠠᠨ ᠪᠠᠶᠢᠬᠤ ᠬᠡᠷᠡᠭᠳᠡᠢ︾ ᠬᠡᠬᠦ ᠦᠵᠡᠯᠳᠡ ᠪᠠᠷ ᠢᠳᠡᠬᠡᠯ ᠪᠢᠰᠢᠷᠠᠯ ᠢᠶᠠᠨ ᠪᠤᠯᠭᠠᠭᠰᠠᠨ ᠪᠠᠶᠢᠳᠠᠭ᠃      ᠡᠩ ᠤᠨ ᠪᠠᠶᠢᠳᠠᠯ ᠳᠤ᠂ ᠨᠠᠮᠳᠠᠷ ᠲᠡᠤᠬᠡ ᠶᠢᠨ ᠰᠣᠳᠣᠯᠬᠤ ᠠᠷᠭ᠎ᠠ ᠨᠢ ᠵᠤᠬᠢᠶᠠᠭᠴᠢ ᠶᠢᠨ ᠪᠦᠬᠦ᠋ᠢᠯᠠ ᠠᠮᠢᠳᠤᠷᠠᠯ ᠲᠤᠷᠰᠢᠯᠭ᠎ᠠ ᠶᠢᠨ ᠲᠤᠮᠳᠠ ᠠᠴᠠ ᠵᠤᠬᠢᠶᠠᠯ ᠪᠦᠳᠦᠭᠡᠯ ᠢ ᠰᠤᠳᠤᠯᠬᠤ᠂ ᠵᠤᠬᠢᠶᠠᠭᠴᠢ ᠶᠢᠨ ᠨᠠᠮᠳᠠᠷ ᠪᠤᠯᠤᠨ ᠵᠤᠬᠢᠶᠠᠯ ᠪᠦᠳᠦᠭᠡᠯ ᠤᠨ ᠬᠠᠷᠢᠴᠠᠭ᠎ᠠ ᠶᠢ ᠰᠣᠳᠣᠯᠬᠤ ᠪᠠᠷ ᠭᠤᠤᠯ ᠪᠤᠯᠭᠠᠳᠠᠭ᠃ ᠳᠤᠤᠷ᠎ᠠ ᠨᠠᠮᠳᠠᠷ ᠲᠡᠤᠬᠡ ᠶᠢᠨ ᠰᠤᠳᠤᠯᠬᠤ ᠠᠷᠭ᠎ᠠ ᠶᠢᠨ ᠦᠨᠳᠦᠰᠦᠨ ᠤᠨᠴᠠᠯᠢᠭ ᠢᠶᠠᠷ ᠢᠨᠵᠠᠨᠨᠠᠰᠢ ᠪᠠ ᠲᠡᠭᠦᠨ ᠤ ᠵᠤᠬᠢᠶᠠᠯ ᠪᠦᠳᠦᠭᠡᠯ ᠢ ᠲᠦᠭᠦᠮ ᠲᠠᠨᠢᠯᠴᠠᠭᠤᠯᠤᠶ᠎ᠠ᠃      ᠨᠢᠭᠡ᠂ ᠨᠠᠮᠳᠠᠷ ᠲᠡᠤᠬᠡ ᠶᠢᠨ ᠰᠣᠳᠣᠯᠬᠤ ᠠᠷᠭ᠎ᠠ ᠨᠢ ᠵᠤᠬᠢᠶᠠᠭᠴᠢ ᠶᠢᠨ ᠲᠤᠰ ᠪᠡᠶ᠎ᠡ ᠶᠢᠨ ᠠᠮᠢᠳᠦᠷᠠᠯ ᠲᠤᠷᠰᠢᠯᠭ᠎ᠠ ᠶᠢ ᠦᠨᠳᠦᠰᠦᠯᠡᠵᠤ ᠵᠣᠬᠢᠶᠠᠯ ᠪᠦᠳᠦᠬᠡᠯ ᠢ ᠨᠢ ᠲᠠᠶᠢᠯᠪᠣᠷᠢᠯᠠᠨ᠎ᠠ᠃ ᠵᠣᠬᠢᠶᠠᠯ ᠪᠦᠳᠦᠭᠡᠯ ᠨᠢ ᠵᠤᠬᠢᠶᠠᠭᠴᠢ ᠶᠢᠨ ᠠᠮᠢᠳᠦᠷᠠᠯ ᠤᠨ ᠦᠡᠭᠭᠡᠷᠡᠯᠳᠡ ᠶᠢ ᠵᠤᠬᠢᠬᠤ ᠬᠡᠮᠵᠢᠶ᠎ᠠ ᠪᠠᠷ ᠢᠯᠡᠷᠡᠬᠦᠯᠵᠤ ᠪᠠᠶᠢᠳᠠᠭ᠃ ᠲᠠᠶᠢᠮᠦ ᠠᠴᠠ ᠵᠤᠬᠢᠶᠠᠭᠴᠢ ᠶᠢᠨ ᠲᠤᠰ ᠪᠡᠶ᠎ᠡ ᠶᠢᠨ ᠠᠮᠢᠳᠤᠷᠠᠯ ᠤᠨ ᠦᠡᠭᠭᠡᠷᠡᠯᠳᠡ ᠶᠢᠨ ᠲᠤᠮᠳᠠ ᠠᠴᠠ ᠵᠤᠬᠢᠶᠠᠯ ᠪᠦᠳᠦᠭᠡᠯ ᠢ ᠨᠢ ᠲᠠᠶᠢᠯᠪᠤᠷᠢᠯᠠᠬᠤ ᠰᠦᠪᠡᠭᠴᠢ ᠶᠢ ᠡᠷᠢᠵᠤ ᠪᠤᠯᠤᠨ᠎ᠠ᠃      ᠢᠨᠵᠠᠨᠨᠠᠰᠢ ᠪᠤᠯ ᠮᠤᠩᠭᠤᠯ ᠤᠨ ᠭᠠᠷᠮᠠᠭᠠᠢ ᠵᠤᠬᠢᠶᠠᠭᠴᠢ᠂ ᠮᠤᠩᠭᠤᠯ ᠤᠨ ᠤᠷᠠᠨ ᠵᠤᠬᠢᠶᠠᠯ ᠤᠨ ᠦᠪ ᠤᠯᠠᠮᠵᠢᠯᠠᠯ ᠢ ᠵᠠᠯᠭᠠᠮᠵᠢᠯᠠᠨ ᠬᠦᠭᠵᠢᠬᠦᠯᠦᠭᠴᠢ ᠮᠦᠨ᠃ ᠢᠨᠵᠠᠨᠨᠠᠰᠢ ᠶᠢᠨ ᠪᠠᠭ᠎ᠠ ᠶᠢᠨ ᠨᠠᠷ᠎ᠠ ᠨᠢ ᠬᠠᠰᠴᠢᠯᠠᠭᠤ᠂ ᠬᠢᠳᠠᠳ ᠨᠠᠷ᠎ᠠ ᠨᠢ ᠪᠤᠤ ᠶᠢᠩ᠂ ᠡᠷᠭᠦᠭᠰᠡᠨ ᠨᠡᠷ᠎ᠡ ᠨᠢ ᠯᠦᠨ ᠲᠢᠩ᠂ ᠴᠤᠯᠠ ᠡᠾᠸᠡᠭ ᠱᠠᠨ᠃ ᠴᠢᠩ ᠤᠯᠤᠰ ᠤᠨ ᠲᠦᠷᠦ ᠬᠡᠷᠡᠯᠳᠦ ᠶᠢᠨ ᠠᠷᠪᠠᠨ ᠲᠤᠯᠤᠳᠤᠭᠠᠷ ᠤᠨ ᠤ ᠲᠦᠷᠪᠡᠨ ᠰᠠᠷ᠎ᠠ ᠶᠢᠨ ᠠᠷᠪᠠᠨ ᠵᠢᠷᠭᠤᠭᠠᠨ ᠤ ᠡᠳᠦᠷ ᠵᠤᠰᠤᠳᠦ ᠶᠢᠨ ᠴᠢᠭᠤᠯᠭᠠᠨ ᠤ ᠲᠦᠮᠠᠳ ᠪᠠᠷᠠᠭᠤᠨ ᠬᠤᠰᠢᠭᠤᠨ ᠤ ︽ᠰᠢᠳᠤᠷᠭᠤ ᠪᠠᠳᠦ ᠬᠤᠷᠤᠭ᠎ᠠ︾ ᠬᠡᠮᠡᠨ ᠨᠢᠭᠡᠨ ᠮᠤᠩᠭᠤᠯ ᠢᠵᠡᠭᠤᠷᠳᠠᠨ ᠤ ᠭᠡᠷ ᠲᠤ ᠲᠦᠷᠦᠵᠠᠢ᠃ ᠲᠡᠭᠦᠨ ᠤ ᠦᠰᠴᠦ ᠲᠦᠷᠦᠭᠰᠡᠨ ᠴᠠᠭ ᠦᠶ᠎ᠠ ᠪᠤᠯ ᠮᠠᠨᠵᠤ ᠮᠤᠩᠭᠤᠯ ᠤᠨ ᠬᠤᠭᠤᠷᠤᠨᠳᠤᠬᠢ ᠵᠦᠷᠢᠴᠡᠯ ᠵᠢᠴᠢ ᠡᠬᠦᠨ ᠯᠦᠭᠡ ᠬᠤᠯᠪᠤᠭ᠎ᠠ ᠪᠦᠬᠦᠢ ᠮᠤᠩᠭᠤᠯ ᠦᠨᠳᠦᠰᠦᠳᠠᠨ ᠤ ᠲᠣᠳᠣᠭᠠᠳᠦᠬᠢ ᠠᠶᠢᠮᠠᠭ ᠤᠭᠰᠠᠭᠠᠳᠠᠨ ᠤ ᠬᠤᠭᠤᠷᠤᠨᠳᠣᠬᠢ ᠵᠦᠷᠢᠴᠠᠯ ᠬᠤᠷᠴᠠ ᠰᠢᠷᠦᠬᠦᠨ ᠪᠠᠶᠢᠵᠤ ᠬᠢᠮᠤᠷᠡᠯ ᠢᠶᠠᠷ ᠲᠦᠭᠦᠷᠦᠭᠰᠡᠨ ᠴᠠᠭ ᠡᠷᠢᠨ ᠪᠠᠶᠢᠪᠠ᠃ ᠢᠨᠵᠠᠨᠨᠠᠰᠢ ᠲᠦᠷᠦᠯᠬᠢ ᠶᠢᠨ ᠬᠤᠷᠴᠠ ᠰᠡᠷᠬᠦᠯᠡᠩ ᠠᠪᠬᠠᠯᠵᠢᠳᠠᠢ ᠬᠦᠮᠦᠨ ᠪᠠᠶᠢᠭᠰᠠᠨ ᠲᠤᠯᠠ ᠪᠠᠭ᠎ᠠ ᠠᠴᠠ ᠪᠠᠨ ᠡᠷᠳᠡᠮᠳᠡᠨ ᠪᠠᠭᠰᠢ ᠨᠡᠷ ᠢ ᠵᠠᠯᠠᠵᠤ ᠮᠤᠩᠭᠤᠯ᠂ ᠬᠢᠳᠡᠳ᠂ ᠮᠠᠨᠵᠤ᠂ ᠲᠦᠪᠡᠳ ᠪᠢᠴᠢᠭ ᠰᠣᠷᠣᠭᠰᠠᠨ ᠪᠠ ᠢᠯᠡᠩᠭᠤᠶ᠎ᠠ ᠮᠤᠩᠭᠤᠯ ᠬᠢᠳᠡᠳ ᠤᠨ ᠰᠣᠩᠭᠤᠳᠠᠭ ᠵᠤᠬᠢᠶᠠᠯ ᠪᠤᠯᠤᠨ ᠲᠤᠮᠳᠠᠳᠤ ᠤᠯᠤᠰ ᠤᠨ ᠲᠡᠤᠬᠡᠨ ᠳᠤ ᠬᠦᠨ ᠨᠠᠪᠳᠡᠷᠡᠭᠰᠡᠨ ᠶᠤᠮ᠃ ᠡᠭᠦᠨ ᠤ ᠲᠡᠭᠡᠷ᠎ᠠ ᠣᠷᠠᠨ ᠵᠢᠷᠤᠭ ᠲᠤ ᠠᠪᠢᠶᠠᠰ ᠲᠠᠢ ᠬᠦᠮᠦᠨ ᠪᠠᠶᠢᠵᠤ᠂ ᠬᠤᠷᠢᠨ ᠶᠢᠰᠦᠨ ᠨᠠᠰᠣᠯᠠᠳᠠᠯ᠎ᠠ ᠨᠠᠶᠢᠬᠡᠮ ᠲᠡᠭᠡᠷ᠎ᠡ ᠲᠡᠮᠡᠢ ᠠᠵᠢᠯᠯᠠᠭᠰᠠᠨ ᠦᠭᠡᠢ᠂ ᠭᠤᠤᠯᠳᠠᠭᠤ ᠡᠷᠳᠡᠮ ᠨᠤᠮ ᠰᠣᠷᠴᠦ ᠵᠤᠬᠢᠶᠠᠯ ᠪᠦᠳᠦᠭᠡᠯ ᠤᠷᠤᠯᠳᠣᠵᠣ ᠪᠠᠶᠢᠵᠠᠢ᠃ ᠬᠡᠳᠡᠯ᠎ᠠ ᠭᠤᠴᠢᠨ ᠨᠠᠰᠤᠨ ᠠᠴᠠ ᠨᠡᠶᠢᠭᠡᠮ ᠤᠨ ᠡᠯ᠎ᠡ ᠵᠦᠢᠯ ᠤᠨ ᠵᠦᠷᠢᠴᠡᠯ ᠬᠤᠷᠴᠠᠳᠴᠦ᠂ ᠢᠨᠵᠡᠨᠨᠠᠰᠢ ᠶᠢᠨ ᠭᠡᠷ ᠤᠨ ᠠᠮᠢᠳᠦᠷᠠᠯ ᠨᠢ ᠲᠤᠷᠦ᠋ᠢᠳᠡᠨ ᠪᠠᠭᠤᠷᠠᠵᠤ᠂ ᠢᠨᠵᠠᠨᠨᠠᠰᠢ ᠶᠢᠨ ᠦᠵᠡᠯ ᠰᠠᠨᠠᠭ᠎ᠠ ᠵᠢᠴᠢ ᠵᠤᠬᠢᠶᠠᠨ ᠪᠦᠳᠦᠭᠡᠬᠦ ᠠᠭᠤᠯᠭ᠎ᠠ ᠬᠡᠯᠪᠡᠷᠢ ᠳᠤ ᠪᠦᠷ ᠬᠤᠪᠢᠷᠠᠯᠳᠠ ᠭᠠᠷᠤᠭᠰᠠᠨ ᠪᠠᠶᠢᠨ᠎ᠠ᠃      ᠢᠨᠵᠠᠨᠨᠠᠰᠢ ᠶᠢᠨ ︽ᠨᠢᠯᠬ᠎ᠠ ᠶᠢᠨ ᠰᠤᠷᠤᠯᠴᠠᠭᠰᠠᠨ ᠰᠣᠯᠢᠭᠤ ᠰᠢᠯᠦᠭ︾ ᠤᠨ ᠲᠤᠪᠬᠢᠮᠠᠯ ᠳᠤ ᠤᠷᠤᠭᠰᠠᠨ ᠰᠢᠯᠦᠭ ᠤᠳ ᠪᠤᠯ ᠢᠨᠵᠡᠨᠨᠠᠰᠢ ᠶᠢᠨ ᠰᠢᠯᠦᠭ ᠤᠨ ᠵᠠᠮ ᠳᠤ ᠬᠢ ᠠᠩᠬᠠᠨ ᠤ ᠤᠯᠠ ᠮᠦᠨ᠃ ᠡᠳᠡᠭᠡᠷ ᠠᠷᠪᠠᠨ ᠬᠤᠶᠠᠷ ᠰᠢᠯᠦᠭ ᠲᠤ ᠲᠡᠬᠦᠨ ᠤ ᠪᠠᠭ᠎ᠠ ᠶᠢᠨ ᠦᠶ᠎ᠠ ᠶᠢᠨ ᠣᠴᠠᠷᠠᠯ ᠭᠤᠮᠤᠳᠠᠯ᠂ ᠪᠤᠳᠤᠯ ᠰᠡᠳᠬᠢᠯ᠂ ᠬᠦᠰᠡᠯ ᠮᠦᠷᠦᠭᠡᠳᠦᠯ ᠶᠡᠭᠡ ᠲᠤᠳᠤᠷᠬᠠᠢ ᠲᠤᠰᠬᠠᠭᠳᠠᠵᠤ ᠪᠠᠶᠢᠳᠠᠬ᠃      ᠢᠨᠵᠠᠨᠨᠠᠰᠢ ᠶᠢᠨ ᠪᠠᠭ᠎ᠠ ᠶᠢᠨ ᠦᠶ᠎ᠠ ᠶᠢᠨ ᠤᠷᠤᠭ ᠤᠨ ᠬᠡᠷᠡᠭ ᠨᠢ ᠪᠦᠳᠦᠭᠰᠡᠨ ᠦᠭᠡᠢ ᠶᠠᠪᠤᠳᠡᠯ ᠲᠡᠭᠦᠨ ᠤ ᠦᠵᠡᠯ ᠰᠠᠨᠠᠭᠠᠨ ᠳᠤ ᠶᠡᠭᠡ ᠴᠤᠬᠢᠯᠳᠠ ᠪᠤᠯᠤᠭᠰᠠᠨ ᠪᠠᠶᠢᠨ᠎ᠠ᠃ ᠲᠡᠭᠦᠨ ᠤ ᠪᠢᠴᠢᠭᠰᠡᠨ ᠠᠷᠪᠠᠨ ᠬᠤᠶᠠᠷ ᠰᠢᠯᠦᠭ ᠲᠤᠳᠤᠷ᠎ᠠ ᠠᠴᠠ ︽ᠡᠬᠡ ᠪᠠᠨ ᠮᠦᠷᠦᠬᠡᠳᠦᠭᠰᠡᠨ ᠰᠤᠯᠠ ᠰᠢᠯᠤᠭ᠍ᠯᠠᠯ︾᠂ ︽ᠦᠡᠭᠬᠡᠳᠦ ᠰᠣᠯᠣᠩᠭ᠎ᠠ ᠰᠢᠩᠬᠡᠪᠠᠢ︾᠂ ︽ᠤᠯᠠᠭᠠᠨ ᠲᠤᠭᠤᠰᠤᠳᠤ ᠤᠷᠰᠢᠭᠳᠤ ᠶᠢᠷᠳᠢᠨᠴᠦ︾᠂ ︽ᠦᠡᠭᠬᠡᠳᠦ ᠶᠢᠷᠳᠢᠨᠴᠦ ᠶᠢ ᠲᠡᠪᠴᠢᠮᠤᠢ︾᠂ ︽ᠴᠠᠭᠠᠨ ᠡᠬᠦᠯᠡ︾᠂ ︽ᠵᠢᠭᠰᠢᠮᠦᠷᠢᠳᠦ ᠵᠢᠪᠭᠦᠨ ᠬᠦᠮᠦᠨ︾᠂ ︽ᠰᠡᠷᠬᠦᠬᠡᠪᠠᠢ︾ ᠬᠡᠳᠡᠭ ᠲᠤᠯᠤᠭᠠᠨ ᠰᠢᠯᠦᠭ ᠨᠢ ᠪᠦᠷ ᠡ᠊ᠨᠡ ᠶᠠᠪᠤᠳᠠᠯ ᠳᠤ ᠴᠢᠭᠯᠡᠭᠳᠡᠭᠰᠠᠨ ᠪᠠᠶᠢᠳᠠᠭ᠃ ᠡᠬᠦᠨ ᠳᠤ ︽ᠦᠡᠭᠬᠡᠳᠦ ᠰᠣᠯᠣᠩᠭ᠎ᠠ ᠰᠢᠩᠬᠡᠪᠠᠢ︾ ᠬᠡᠳᠡᠭ ᠰᠢᠯᠦᠭ ᠲᠤ ᠲᠡᠬᠦᠨ ᠤ ᠤᠷᠤᠭ ᠤᠨ ᠶᠠᠪᠤᠳᠠᠯ ᠨᠢ ᠪᠦᠳᠦᠭᠰᠡᠨ ᠦᠭᠡᠢ ᠪᠠ ᠡᠬᠦᠨ ᠠᠴᠠ ᠪᠤᠯᠤᠭᠰᠠᠨ ᠭᠤᠮᠤᠳᠠᠯ ᠭᠤᠳᠤᠷᠠᠯ ᠪᠤᠬᠢᠨᠢᠳᠤᠭᠰᠠᠨ ᠰᠡᠳᠬᠢᠯ ᠢᠶᠠᠨ ᠤᠶᠠᠩᠭᠠᠯᠠᠭᠰᠠᠨ ᠪᠠᠶᠢᠨ᠎ᠠ᠃ ᠰᠢᠯᠦᠭ ᠲᠤ ᠢᠨᠵᠠᠨᠨᠠᠰᠢ ᠶᠢ ︽ᠬᠤᠶᠠᠷ ᠠᠷᠪᠠᠨ ᠳᠤᠷ ᠤᠶᠢᠷᠡᠳᠤᠵᠤ︾ ᠪᠠᠶᠢᠭ᠎ᠠ ᠨᠠᠰᠤᠨ ᠳᠤ ᠨᠢ ᠡᠵᠢ ᠨᠢ ᠲᠡᠬᠦᠨ ᠳᠤ ︽ᠡᠷᠬᠢᠮ ᠬᠠᠳᠣᠨ ᠡᠶᠡᠪᠡᠷᠬᠦᠤ ᠨᠦᠬᠦᠷ︾ ᠢ ᠬᠡᠯᠡᠯᠴᠠᠵᠤ ᠦᠭᠬᠦᠭᠰᠡᠨ ᠪᠠ ᠤᠷᠤᠭ ᠤᠨ ᠶᠠᠪᠤᠳᠠᠯ ᠨᠢ ᠪᠦᠳᠦᠮᠡᠷ ᠪᠠᠶᠢᠭᠠᠳ ᠬᠡᠨᠡᠳᠳᠡ ᠢᠯᠠᠭᠳᠠᠭᠰᠠᠨ ᠳᠤ ᠰᠢᠯᠤᠭ᠍ᠴᠢ ᠦᠪᠡᠷ ᠤᠨ ︽ᠵᠠᠶᠠᠭ᠎ᠠ ᠨᠢᠮᠭᠡᠨ︾ ᠳᠤ ᠪᠠᠨ ᠡᠮᠬᠡᠨᠢᠨ᠂ ᠠᠮᠢᠳᠦᠷᠠᠯ ᠤᠨ ᠢᠷᠡᠬᠡᠳᠦᠢ ᠪᠠᠨ ︽ᠦᠡᠭᠭᠡᠳᠦ ᠰᠣᠯᠣᠩᠭ᠎ᠠ ᠰᠢᠩᠭᠡᠭᠰᠡᠨ︾ ᠢᠶᠠᠷ ᠦᠵᠡᠵᠦ᠂ ᠡᠭᠦᠨ ᠤ ᠤᠯᠠᠮ ᠠᠴᠠ ︽ᠦᠮᠡᠬᠡᠢ ᠶᠢᠷᠳᠢᠨᠴᠦ︾ ᠶᠢ ᠵᠢᠭ᠍ᠰᠢᠵᠤ᠂ ︽ᠡᠷᠢᠪᠡᠴᠦ ᠡᠰᠡ ᠤᠯᠳᠠᠬᠤ ᠠᠭᠤᠯᠠ ᠵᠠᠪᠠ︾ ᠳᠤ ᠰᠢᠷᠭᠤᠭᠠᠳ ᠯᠠᠮᠠ ᠪᠤᠯᠬᠤ ᠪᠠᠷ ᠵᠤᠷᠢᠪᠠ᠃ ᠣᠷᠤᠭ ᠤᠨ ᠶᠠᠪᠤᠳᠡᠯ ᠨᠢ ᠪᠦᠳᠦᠭᠰᠡᠨ ᠦᠬᠡᠢ ᠳᠤ ᠢᠨᠵᠠᠨᠨᠠᠰᠢ ᠠᠮᠢᠳᠦᠷᠡᠯ ᠳᠤ ᠪᠠᠨ ᠢᠳᠡᠭᠡᠯ ᠠᠯᠳᠠᠬᠤ᠂ ᠰᠠᠶᠢᠨ ᠰᠠᠶᠢᠬᠠᠨ ᠬᠦᠰᠯᠡᠩ ᠢᠶᠠᠨ ︽ᠦᠡᠭᠬᠡᠳᠦ ᠰᠣᠯᠣᠩᠭ᠎ᠠ ᠰᠢᠩᠬᠡᠭᠰᠡᠨ︾ ᠲᠠᠢ ᠠᠳᠠᠯᠢ ᠦᠴᠦᠬᠡᠨ ᠴᠤ ᠡᠷᠡᠮᠡᠯᠵᠡᠯ ᠦᠭᠡᠢ ᠪᠤᠯᠤᠭᠰᠠᠨ ᠢᠶᠠᠷ ᠦᠵᠡᠵᠦ᠂ ᠴᠠᠭᠠᠰᠢᠯᠠᠪᠠᠯ ᠶᠢᠷᠳᠢᠨᠴᠦ ᠠᠴᠠ ᠠᠩᠬᠢᠵᠢᠷᠠᠬᠤ ᠪᠤᠳᠤᠯ ᠤᠷᠤᠵᠠᠢ᠃ ᠲᠤᠰ ᠣᠳᠠᠭᠠᠨ ᠤ ᠤᠷᠤᠭ ᠤᠨ ᠶᠠᠪᠤᠳᠠᠯ ᠨᠢ ᠲᠡᠭᠦᠨ ᠤ ᠰᠡᠳᠬᠢᠯ ᠰᠠᠨᠠᠭ᠎ᠠ ᠶᠢ ᠲᠦᠢᠯ ᠤᠨ ᠶᠡᠭᠡ ᠪᠠᠷ ᠲᠡᠷᠴᠢᠯᠭᠠᠵᠤ ᠵᠤᠪᠠᠭᠠᠭᠰᠠᠨ ᠨᠢ ᠢᠯᠠᠬᠡᠨ ᠪᠠᠶᠢᠳᠠᠭ᠃ ᠰᠡᠬᠦᠯᠡᠷᠬᠢ ︽ᠤᠯᠠᠭᠠᠨ ᠲᠤᠭᠤᠰᠣᠳᠦ ᠣᠷᠰᠢᠬᠳᠦ ᠶᠢᠷᠳᠢᠨᠴᠦ︾᠂ ︽ᠦᠡᠭᠬᠡᠳᠦ ᠶᠢᠷᠳᠢᠨᠴᠦ ᠶᠢ ᠲᠡᠪᠴᠢᠮᠦᠢ︾᠂ ︽ᠴᠠᠭᠠᠨ ᠡᠭᠦᠯᠡ︾ ᠬᠡᠳᠡᠭ ᠰᠢᠯᠦᠭ ᠲᠤ ᠪᠠᠨ ᠴᠤ ᠣᠷᠤᠭ ᠤᠨ ᠶᠠᠪᠤᠳᠠᠯ ᠠᠴᠠ ᠪᠤᠯᠤᠭᠰᠠᠨ ᠬᠦᠨᠳᠦ ᠨᠦᠰᠡᠷ ᠰᠡᠳᠬᠢᠯ ᠢᠶᠠᠨ ᠤᠯᠠᠮ ᠨᠢᠬᠡ ᠠᠯᠬᠤᠮ ᠯᠠᠪᠰᠢᠷᠠᠭᠤᠯᠣᠨ ᠤᠶᠠᠩᠭᠠᠯᠠᠵᠤ᠂ ᠤᠷᠤᠭ ᠤᠨ ᠶᠠᠪᠤᠳᠠᠯ ᠤᠨ ᠢᠯᠠᠭᠳᠠᠭᠰᠠᠨ ᠢᠶᠠᠨ ︽ᠬᠠᠭᠤᠷᠮᠠᠭ ᠦᠭᠡᠰ ᠢ ᠬᠠᠭᠤᠷᠠᠢ ᠬᠤᠭᠤᠯᠠᠢ ᠪᠠᠷ ᠫᠠᠷᠴᠢᠬᠢᠨᠠᠭᠤᠯᠳᠠᠭ︾᠂ ︽ᠵᠢᠭᠰᠢᠮᠦᠷᠢᠳᠦ ᠵᠢᠪᠬᠦᠨ ᠬᠦᠮᠦᠨ︾ ᠤ ᠡᠪᠳᠡᠯᠬᠡ ᠠᠴᠠ ᠪᠤᠯᠤᠯ᠎ᠠ ᠬᠡᠵᠤ ᠵᠢᠭᠠᠵᠤ ᠭᠠᠷᠭᠠᠭᠰᠠᠨ ᠪᠤᠯᠪᠠᠴᠦ᠂ ᠡᠶᠢᠮᠦ ᠬᠡᠷᠡᠭ ᠨᠢ ᠲᠤᠬᠠᠢ ᠶᠢᠨ ᠠᠬᠤᠢ ᠨᠡᠶᠢᠬᠡᠮ ᠳᠤ ᠲᠦᠬᠡᠮᠡᠯ ᠤᠷᠤᠰᠢᠵᠤ ᠪᠠᠶᠢᠭᠰᠠᠨ ᠪᠤᠯᠬᠤᠷ ᠮᠦᠨ ᠴᠢᠨᠡᠷ ᠲᠡᠭᠡᠷ᠎ᠠ ᠪᠠᠨ ︽ᠦᠮᠡᠭᠡᠢ ᠶᠢᠷᠳᠢᠨᠴᠦ︾ ᠶᠢᠨ ᠤᠷᠰᠢᠭ ᠬᠡᠵᠤ ᠲᠠᠨᠢᠭᠠᠳ᠂ ︽ᠷᠠᠩ ᠲᠠᠩᠱᠠᠪ ᠡᠮᠦᠰᠴᠦ ᠦᠮᠡᠬᠡᠢ ᠶᠢᠷᠳᠢᠨᠴᠦ ᠠᠴᠠ ᠤᠳᠤᠬᠠᠨ ᠳᠤ ᠲᠤᠨᠢᠯᠰᠤᠭᠠᠢ︾᠂ ︽ᠰᠡᠬᠦᠷᠡᠰᠦ ᠠᠯᠳᠠᠬᠤ ᠨᠢᠬᠡᠨ ᠠᠮᠢᠰᠬᠤᠯ ᠳᠤᠷ ᠦᠡᠭᠬᠡᠳᠦ ᠶᠢᠷᠳᠢᠨᠴᠦ ᠶᠢ ᠲᠡᠪᠴᠢᠮᠦᠢ︾᠂ ︽ᠤᠳᠤᠬᠠᠨ ᠴᠤ ᠶᠢᠷᠳᠢᠨᠴᠦ ᠶᠢ ᠬᠡᠬᠡᠵᠤ ᠭᠡᠷ ᠠᠴᠠ ᠭᠠᠷᠰᠤ︾ ᠬᠡᠮᠡᠨ ᠬᠢᠯᠢᠩᠳᠦ ᠲᠠᠭᠤᠨ ᠢᠶᠠᠷ ᠪᠠᠶᠢᠨ ᠲᠠᠬᠢᠨ ᠦᠨᠳᠦᠷ ᠬᠠᠰᠬᠢᠷᠴᠦ᠂ ᠦᠬᠢᠳ ᠬᠦᠪᠡᠬᠦᠳ ᠤᠨ ᠤᠷᠤᠭ ᠤᠨ ᠶᠠᠪᠤᠳᠠᠯ ᠢ ᠲᠡᠬᠢᠵᠤ ᠦᠯᠤ ᠬᠡᠯᠡᠯᠴᠡᠨ ᠂ ︽ᠤᠯᠠᠭᠠᠨ ᠲᠤᠭᠤᠰᠤᠳᠦ ᠤᠷᠰᠢᠬᠳᠦ ᠶᠢᠷᠳᠢᠨᠴᠦ︾ ᠠᠴᠠ ᠲᠦᠷᠭᠡᠨ ᠵᠠᠶᠢᠯᠠᠬᠤ ᠶᠢ ᠤᠷᠤᠯᠳᠤᠭᠰᠠᠨ ᠪᠠᠶᠢᠨ᠎ᠠ᠃      ᠢᠨᠵᠠᠨᠨᠠᠰᠢ ᠶᠢᠨ ᠡ᠊ᠨᠡ ᠭᠦ ᠲᠤᠯᠤᠭᠠᠨ ᠰᠢᠯᠦᠭ ᠨᠢ ᠲᠡᠬᠦᠨ ᠤ ᠪᠠᠭ᠎ᠠ ᠶᠢᠨ ᠦᠶ᠎ᠠ ᠶᠢᠨ ᠤᠷᠤᠭ ᠤᠨ ᠶᠠᠪᠤᠳᠠᠯ ᠤᠨ ᠦᠡᠭᠭᠡᠷᠡᠯᠳᠠ ᠲᠤᠭᠠᠴᠢᠯᠳᠠ ᠮᠦᠨ᠃ ᠪᠠᠭ᠎ᠠ ᠶᠢᠨ ᠦᠶ᠎ᠠ ᠶᠢᠨ ᠠᠮᠢᠳᠦᠷᠠᠯ ᠲᠤᠮᠳᠠᠬᠢ ᠠᠵᠠ ᠪᠤᠰᠤ ᠣᠴᠠᠷᠠᠯ ᠲᠤᠬᠢᠶᠠᠯᠳᠤᠯ ᠤᠨ ᠲᠦᠪᠯᠡᠷᠠᠩᠬᠦᠢ ᠲᠤᠰᠬᠠᠯ ᠮᠦᠨ᠃      ᠢᠨᠵᠠᠠᠨᠠᠰᠢ ᠶᠢᠨ ᠢᠳᠡᠷ ᠨᠠᠰᠤᠨ ᠤ ᠦᠶ᠎ᠠ ᠳᠤ᠂ ᠨᠡᠶᠢᠬᠡᠮ ᠲᠡᠤᠬᠡ ᠶᠢᠨ ᠨᠦᠯᠦᠬᠡ ᠠᠴᠠ ᠪᠤᠯᠵᠤ᠂ ᠭᠡᠷ ᠤᠨ ᠠᠵᠤ ᠠᠮᠢᠳᠤᠷᠠᠯ ᠨᠠᠯᠢᠶᠠᠳ ᠲᠤᠷᠦ᠋ᠢᠳᠠᠵᠤ᠂ ᠡᠮ᠎ᠡ ᠦᠷ᠎ᠡ ᠦᠭᠦᠵᠤ ᠦᠯᠵᠡᠢ ᠪᠤᠰᠤ ᠶᠠᠪᠤᠳᠠᠯ ᠲᠠᠪᠬᠤᠴᠠᠭᠰᠠᠨ ᠠᠴᠠ ᠦᠨᠳᠦᠰᠦᠳᠠᠨ ᠤ ᠪᠠᠨ ᠲᠡᠤᠬᠡ ᠶᠢ ᠰᠣᠳᠣᠯᠵᠣ ᠪᠢᠴᠢᠭ ᠤᠨ ᠵᠤᠬᠢᠶᠠᠯ ᠢᠶᠠᠷ ᠰᠡᠳᠬᠢᠯ ᠢᠶᠠᠨ ᠰᠠᠭᠠᠳᠠᠭᠤᠯᠬᠤ ᠪᠤᠯᠵᠠᠢ᠃ ᠡᠭᠦᠨ ᠠᠴᠠ ᠦᠨᠳᠦᠰᠦᠳᠠᠨ ᠤ ᠪᠠᠨ ᠠᠷᠠᠳ ᠲᠦᠮᠡᠨ ᠢ ᠰᠡᠬᠡᠬᠡᠷᠡᠬᠦᠯᠵᠤ ᠦᠨᠳᠦᠰᠦᠳᠠᠨ ᠤ ᠲᠠᠷᠤᠯᠠᠯ ᠢ ᠡᠰᠡᠷᠬᠦᠴᠠᠵᠣ ᠪᠤᠯᠬᠤ ᠵᠢᠮ᠎ᠠ ᠬᠠᠤᠯᠢ ᠶᠢ ᠮᠡᠳᠡᠵᠤ᠂ ︽ᠬᠦᠬᠡ ᠰᠣᠳᠣᠷ︾ ᠢ ᠪᠢᠴᠢᠭᠰᠡᠨ ᠪᠦᠭᠡᠳ ᠢᠯᠡ ᠪᠠᠷ ᠬᠡᠯᠡᠵᠤ ᠴᠢᠳᠠᠳᠠᠭ ᠦᠭᠡᠢ ᠦᠭᠡ ᠪᠠᠨ ︽ᠨᠢᠬᠡᠨ ᠲᠠᠪᠬᠤᠷ ᠠᠰᠠᠷ︾ ᠤᠨ ᠤᠷᠠᠨ ᠲᠦᠷᠰᠦᠯᠡᠯ ᠢᠶᠠᠷ ᠲᠠᠮᠵᠢᠭᠤᠯᠵᠤ ᠬᠡᠷᠡᠭᠯᠡᠬᠦ ᠭᠠᠵᠠᠷ ᠡᠰᠡ ᠤᠯᠳᠠᠭᠰᠠᠨ ᠡᠷᠳᠡᠮ ᠢᠶᠠᠨ ᠤᠷᠠᠨ ᠵᠤᠬᠢᠶᠠᠯ ᠢᠶᠠᠷ ᠦᠵᠡᠬᠦᠯᠦᠭᠰᠡᠨ ᠪᠠᠶᠢᠨ᠎ᠠ᠃ ᠲᠡᠭᠦᠨᠴᠢᠯᠠᠨ ᠲᠤᠰ ᠵᠤᠬᠢᠶᠠᠯ ᠳᠤ ᠪᠠᠨ ᠵᠦᠪᠬᠡᠨ ᠨᠠᠶᠢᠬᠡᠮ ᠤᠨ ᠵᠢᠵᠢᠭ ᠰᠡᠵᠢᠭ ᠦᠵᠡᠭᠳᠡᠯ ᠤᠳ ᠢ ᠲᠡᠭᠦᠪᠦᠷᠢᠯᠡᠨ ᠪᠢᠴᠢᠭᠰᠡᠨ ᠪᠢᠰᠢ᠂ ᠬᠠᠷᠢᠨ ᠲᠡᠷᠡ ᠦᠶ᠎ᠠ ᠶᠢᠨ ᠦᠪᠦᠷ ᠮᠤᠩᠭᠤᠯ ᠤᠷᠤᠨ᠂ ᠭᠤᠪᠢ ᠶᠢᠨ ᠡᠮᠦᠨᠡᠳᠦ ᠤᠷᠤᠨ ᠤ ᠹᠸᠤᠳᠠᠯ ᠢᠵᠠᠭᠤᠷᠳᠠᠨ ᠤ ᠲᠦᠪᠯᠡᠷᠡᠭᠰᠡᠨ ᠰᠢᠨᠵᠢ ᠪᠤᠯᠤᠭᠴᠢ ᠦᠪᠡᠷ ᠤᠨ ᠭᠡᠷ — ︽ᠰᠢᠳᠤᠷᠭᠤ ᠪᠠᠳᠦ ᠬᠤᠷᠤᠭ᠎ᠠ ︾ ᠶᠢ ᠲᠦᠷᠰᠣᠯᠡᠨ ᠪᠢᠴᠢᠪᠠ᠃      ︽ᠨᠢᠬᠡᠨ ᠲᠠᠪᠬᠤᠷ ᠠᠰᠠᠷ︾ ᠲᠤ ᠢᠨᠵᠠᠨᠨᠠᠰᠢ ᠶᠢᠨ ᠬᠡᠷ ᠪᠦᠯᠢ ᠶᠢᠨ ᠬᠢᠨ ᠤ ᠰᠠᠭᠦᠳᠡᠷ ᠬᠠᠷᠠᠭᠳᠠᠵᠤ ᠪᠠᠶᠢᠳᠠᠬ ᠃ ᠵᠢᠱᠢᠶᠠᠯᠠᠪᠠᠯ᠂ ᠪᠸᠢ ᠡᠾᠸᠤ ᠶᠢᠨ ᠠᠪᠤ ᠪᠸᠢ ᠳ᠋ᠤᠸᠠᠨ ᠪᠣᠯ ᠢᠨᠵᠠᠨᠨᠠᠰᠢ ᠶᠢᠨ ᠡᠯᠤᠴᠠ ᠡᠪᠦᠭᠡ ᠲᠤᠨᠳᠤᠪ ᠢ ᠵᠢᠭᠠᠭᠰᠠᠨ᠂ ᠫᠦ᠋ ᠢᠤᠢ ᠶᠢᠨ ᠬᠠᠳᠠᠮ ᠠᠪᠤ ᠰᠦ᠋ ᠵᠢᠶᠧ ᠳ᠋ᠦ᠋ ᠪᠤᠯ ᠢᠨᠵᠠᠨᠨᠠᠰᠢ ᠶᠢᠨ ᠲᠡᠭᠡᠳᠦᠰ ᠤᠨ ᠬᠠᠳᠠᠮ ᠪᠤᠯᠬᠤ ᠵᠡᠭᠦᠨ ᠲᠦᠮᠡᠳ ᠤᠨ ᠸᠠᠩ ᠰᠣᠳᠨᠤᠮᠪᠠᠯᠵᠣᠷ ᠤᠨ ᠨᠠᠷ᠎ᠠ ᠠᠴᠠ ᠠᠰᠢᠭᠯᠠᠭᠰᠠᠨ᠃ ᠰᠦ᠋ ᠵᠢᠶᠧ ᠳ᠋ᠦ᠋ ᠶᠢᠨ ᠬᠦᠪᠡᠬᠦᠨ ᠭᠤᠤ ᠯᠦᠢ ᠨᠢ ᠲᠦᠮᠡᠳ ᠤᠨ ᠲᠤᠤᠷ᠎ᠠ ᠦᠶ᠎ᠠ ᠶᠢᠨ ᠸᠠᠩ ᠭᠤᠴᠤᠷᠠᠩᠪᠠ ᠪᠤᠯᠤᠨ᠎ᠠ᠃ ᠫᠦ᠋ ᠢᠤᠢ ᠶᠢᠨ ᠲᠦᠷᠦᠭᠰᠠᠨ ᠡᠳᠦᠷ ᠪᠤᠯᠬᠤ᠂ ᠢᠯᠠᠩᠭᠤᠶ᠎ᠠ ᠪᠸᠢ ᠡᠾᠸᠤ ᠶᠢᠨ ᠴᠡᠷᠢᠭ ᠤᠨ ᠲᠦᠰᠢᠮᠠᠯ ᠪᠤᠯᠤᠭᠰᠠᠨ ᠬᠢᠬᠡᠳ ᠫᠦ᠋ ᠢᠤᠢ ᠶᠢᠨ ᠭᠤᠷᠪᠠᠨ ᠡᠬᠡᠨᠡᠷ ᠠᠪᠤᠭᠰᠠᠨ ᠯᠦ ᠮᠸᠢ᠂ ᠴᠢᠨ ᠮᠦᠸᠧ ᠨᠡᠷ ᠴᠦᠮ ᠵᠢᠶᠠᠨ ᠴᠠᠩ ᠭᠠᠵᠠᠷ ᠨᠤᠳᠤᠭ ᠲᠠᠢ᠂ ᠫᠦ᠋ ᠢᠤᠢ ᠲᠡᠭᠡᠳᠦᠰ ᠤᠨ ᠢᠶᠠᠨ ᠨᠠᠰᠤ ᠨᠦᠭᠴᠢᠭᠰᠡᠨ ᠤᠢ ᠳᠤ ︽ᠡᠾᠦ᠋ᠢ ᠨᠢᠩ ᠰᠧ ᠰᠦᠮ᠎ᠠ︾ ᠳᠤ ᠬᠦᠵᠢ ᠰᠢᠳᠡᠭᠠᠷ᠎ᠠ ᠣᠴᠢᠭᠰᠠᠨ ᠬᠡᠰᠡᠨ ᠪᠠ ᠵᠢᠴᠢ ᠡ᠊ᠨᠡ ᠵᠤᠬᠢᠶᠠᠯ ᠢ ᠤᠯᠠᠨ ᠵᠢᠯ ᠰᠣᠳᠣᠯᠣᠨ ᠣᠡᠭᠰᠢᠭ᠌ᠰᠠᠨ ᠡᠪᠣᠭᠡᠳ ᠨᠠᠰᠤᠳᠠᠨ ᠠᠴᠠ ᠦᠪᠡᠷ᠎ᠠ ᠪᠤᠰᠤᠳ ᠬᠦᠮᠦᠰ ᠤᠨ ᠤᠭ ᠢᠷᠠᠯ ᠢ ᠮᠠᠰᠢ ᠤᠯᠠᠨ ᠠᠷᠪᠢᠨ ᠢᠯᠡᠴᠢᠯᠡᠨ ᠭᠠᠷᠭᠠᠵᠤ ᠪᠠᠶᠢᠳᠠᠭ ᠪᠢᠯᠡ᠃      ᠡᠬᠦᠨ ᠤ ᠬᠠᠮᠳᠤ᠂ ᠢᠨᠵᠠᠨᠨᠠᠰᠢ ᠦᠪᠡᠷ ᠤᠨ ᠦᠡᠭᠭᠡᠷᠡᠯᠳᠡ ᠪᠠᠷ ᠢᠶᠠᠨ ᠰᠡᠳᠤᠪᠯᠠᠨ ︽ᠤᠯᠠᠭᠠᠨ ᠡᠭᠦᠯᠡᠨ ᠤ ᠨᠢᠯᠪᠣᠰᠤᠨ︾ ᠬᠡᠬᠦ ᠤᠤᠭᠠᠨ ᠷᠤᠮᠠᠨ ᠢᠶᠠᠨ ᠪᠢᠴᠢᠭᠰᠡᠨ ᠠᠴᠠ ᠭᠠᠳᠠᠨ᠎ᠠ ᠪᠠᠰᠠ ︽ᠰᠠᠷᠠᠨ ᠬᠦᠬᠦᠬᠡ ᠶᠢᠨ ᠱᠠᠰᠳᠢᠷ︾ ᠬᠡᠬᠦ ᠲᠤᠭᠤᠵᠢ ᠶᠢ ᠲᠤᠭᠤᠷᠪᠢᠨ ᠪᠢᠴᠢᠪᠠ᠃ ᠡ᠊ᠨᠠ ᠬᠦ ᠷᠤᠮᠠᠨ ᠪᠠ ᠲᠤᠭᠤᠵᠢ ᠳᠤ ᠪᠠᠨ ᠲᠤᠬᠠᠢ ᠶᠢᠨ ᠦᠶ᠎ᠠ ᠶᠢᠨ ᠢᠨᠠᠭ ᠲᠤᠷᠠᠯᠠᠯ ᠪᠠ ᠦᠵᠡᠯᠳᠡ ᠲᠠᠨᠢᠯᠳᠠ ᠪᠠᠨ ᠦᠨᠠᠨ ᠪᠤᠳᠠᠳᠠᠢ ᠪᠠᠷ ᠵᠢᠷᠤᠭᠯᠠᠨ ᠬᠠᠷᠠᠭᠤᠯᠵᠤ ᠲᠤᠭᠤᠵᠢᠰ ᠤᠨ ᠵᠤᠬᠢᠶᠠᠯ ᠤᠨ ᠲᠠᠯ᠎ᠠ ᠪᠠᠷ ᠬᠢ ᠠᠪᠢᠶᠠᠰ ᠪᠢᠯᠢᠭ ᠢᠶᠠᠨ ᠢᠯᠠᠷᠠᠬᠦᠯᠵᠠᠢ᠃      ᠡᠬᠦᠨ ᠠᠴᠠ ᠦᠵᠡᠬᠦ ᠳᠤ᠂ ᠢᠨᠵᠠᠨᠨᠠᠰᠢ ᠶᠢᠨ ᠲᠣᠰ ᠪᠡᠶ᠎ᠠ ᠶᠢᠨ ᠠᠮᠢᠳᠤᠷᠠᠯ ᠤᠨ ᠦᠡᠭᠭᠡᠷᠡᠯᠳᠠ ᠶᠢ ᠮᠡᠳᠡᠪᠡᠯ ᠲᠡᠬᠦᠨ ᠤ ᠠᠳᠠᠯᠢ ᠪᠤᠰᠤ ᠴᠠᠭ ᠦᠶ᠎ᠠ ᠳᠤ ᠬᠢ ᠵᠤᠬᠢᠶᠠᠯ ᠪᠦᠳᠦᠭᠡᠯ ᠤᠨ ᠠᠭᠤᠯᠭ᠎ᠠ᠂ ᠦᠵᠡᠯ ᠰᠠᠨᠠᠭ᠎ᠠ ᠶᠢ ᠰᠣᠳᠣᠯᠵᠣ ᠤᠶᠢᠯᠠᠭᠠᠬᠤ ᠳᠤ ᠴᠢᠬᠤᠯᠠ ᠦᠢᠯᠠᠳᠣᠯ ᠦᠵᠡᠬᠦᠯᠦᠨ᠎ᠠ᠃      ᠬᠤᠶᠠᠷ᠂ ᠨᠠᠮᠳᠠᠷ ᠲᠡᠤᠬᠡ ᠶᠢᠨ ᠰᠣᠳᠣᠯᠬᠤ ᠠᠷᠭ᠎ᠠ ᠨᠢ ᠵᠤᠬᠢᠶᠠᠭᠴᠢ ᠶᠢᠨ ᠶᠢᠷᠳᠢᠨᠴᠦ ᠳᠤ ᠬᠠᠨᠳᠤᠬᠤ ᠤᠪᠤᠷ ᠢᠶᠠᠷ ᠨᠢ ᠲᠠᠮᠵᠢᠭᠤᠯᠵᠤ ᠵᠤᠬᠢᠶᠠᠯ ᠪᠦᠳᠦᠭᠡᠯ ᠢ ᠨᠢ ᠰᠣᠳᠣᠯᠤᠨ᠎ᠠ᠃ ᠭᠤᠤᠯᠳᠠᠭᠤ ᠵᠤᠬᠢᠶᠠᠭᠴᠢ ᠶᠢᠨ ᠠᠮᠢᠳᠤᠷᠠᠬᠤᠢ ᠶᠢᠨ ᠦᠵᠡᠯᠳᠠ᠂ ᠤᠯᠤᠰ ᠲᠦᠷᠦ ᠶᠢᠨ ᠦᠵᠡᠯᠳᠡ᠂ ᠤᠨᠤᠯ ᠰᠢᠬᠦᠮᠵᠢᠯᠡᠬᠦᠢ ᠶᠢᠨ ᠦᠵᠡᠯᠳᠡ ᠪᠠᠷ ᠲᠡᠮᠵᠢᠵᠤ ᠵᠤᠬᠢᠶᠠᠯ ᠪᠦᠳᠦᠬᠡᠯ ᠢ ᠨᠢ ᠰᠣᠳᠣᠯᠬᠤ ᠶᠢ ᠬᠡᠯᠡᠨ᠎ᠡ᠃ ᠵᠤᠬᠢᠶᠠᠭᠴᠢ ᠶᠢᠨ ᠦᠪᠡᠷ ᠤᠨ ᠪᠡᠶ᠎ᠠ ᠪᠠᠷ ᠦᠡᠭᠭᠡᠷᠡᠬᠦᠯᠦᠭᠰᠡᠨ ᠦᠡᠭᠭᠡᠷᠡᠯᠳᠡ ᠨᠢ ᠲᠡᠬᠦᠨ ᠤ ᠦᠪᠡᠷ ᠤᠨ ᠪᠡᠶ᠎ᠠ ᠶᠢᠨ ᠪᠤᠳᠠᠳᠠᠢ ᠦᠢᠯᠡᠳᠦᠯᠬᠡ ᠮᠦᠨ᠃ ᠬᠡᠭᠦ ᠳᠤ ᠪᠠᠨ ᠵᠤᠬᠢᠶᠠᠭᠴᠢ ᠦᠪᠡᠷ ᠤᠨ ᠠᠮᠢᠳᠤᠷᠠᠯ ᠤᠨ ᠲᠤᠮᠳᠠᠬᠢ ᠵᠡᠷᠢᠮ ᠦᠡᠭᠭᠡᠷᠡᠯᠳᠡ ᠶᠢ ᠵᠤᠷᠢᠯᠭ᠎ᠠ ᠲᠠᠢ ᠪᠤᠶᠤ ᠵᠤᠷᠢᠯᠭ᠎ᠠ ᠦᠭᠡᠢ ᠪᠠᠷ ᠰᠣᠩᠭᠤᠯᠳᠠ ᠬᠢᠬᠦ ᠪᠤᠶᠤ ᠬᠡᠰᠡᠭᠯᠡᠨ ᠠᠪᠴᠦ ᠵᠤᠬᠢᠶᠠᠯ ᠪᠦᠳᠦᠭᠡᠯ ᠳᠤ ᠪᠠᠨ ᠬᠡᠷᠡᠭᠯᠡᠳᠡᠭ ᠪᠠᠶᠢᠨ᠎ᠠ᠃ ᠡᠭᠦᠨ ᠢ ᠵᠤᠬᠢᠶᠠᠭᠴᠢ ᠶᠢᠨ ᠨᠠᠮᠳᠠᠷ ᠲᠡᠤᠬᠡ ᠠᠴᠠ ᠡᠳᠦᠢ ᠲᠡᠳᠦᠢ ᠤᠯᠵᠤ ᠬᠠᠷᠠᠳᠠᠭ᠃ ᠬᠡᠳᠡᠯ᠎ᠡ ᠵᠤᠬᠢᠶᠠᠭᠴᠢ ᠶᠢᠨ ᠶᠢᠷᠳᠢᠨᠴᠦ ᠳᠤ ᠬᠠᠨᠳᠣᠬᠤ ᠦᠵᠡᠯᠳᠡ ᠶᠢ ᠪᠤᠯ ᠶᠠᠮᠠᠷ ᠨᠢᠬᠡᠨ ᠠᠷᠭ᠎ᠠ ᠢᠶᠠᠷ ᠲᠡᠮᠵᠢᠭᠤᠯᠵᠤ ᠢᠯᠡᠳᠬᠡᠵᠤ ᠪᠤᠯᠳᠠᠭ᠃ ᠵᠤᠬᠢᠶᠠᠭᠴᠢ ᠶᠢᠷᠳᠢᠨᠴᠤ ᠶᠢᠨ ᠦᠵᠡᠯᠳᠡ ᠪᠠᠨ ᠶᠠᠮᠠᠷ ᠨᠢᠬᠡᠨ ᠲᠠᠯᠠᠪᠤᠷ ᠲᠤ ᠰᠢᠭᠤᠳ ᠢᠯᠡᠳᠬᠡᠭᠦ ᠪᠤᠶᠤ ᠡᠰᠡᠬᠦᠯ᠎ᠡ ᠵᠤᠬᠢᠶᠠᠯ ᠪᠦᠳᠦᠭᠡᠯ ᠤᠨ ᠦᠵᠡᠯ ᠰᠡᠳᠬᠢᠯᠭᠡ ᠶᠢᠨ ᠲᠤᠮᠳᠠ ᠪᠠᠨ ᠰᠢᠭᠤᠳ ᠪᠤᠶᠤ ᠲᠠᠮ ᠢᠶᠠᠷ ᠢᠯᠡᠷᠡᠬᠦᠯᠦᠨ ᠭᠠᠷᠭᠠᠳᠠᠭ᠃ ᠶᠠᠷᠢᠶᠠᠨ ᠦᠭᠡᠢ ᠮᠡᠷᠬᠡᠨ ᠵᠤᠬᠢᠶᠠᠭᠴᠢ ᠶᠡᠷᠣᠨᠢ ᠦᠪᠡᠷ ᠤᠨ ᠤᠯᠤᠰ ᠲᠦᠷᠦ ᠶᠢᠨ ᠦᠵᠡᠯ᠂ ᠠᠮᠢᠳᠦᠷᠠᠬᠤᠢ ᠶᠢᠨ ᠦᠵᠡᠯ ᠢᠶᠠᠨ ᠦᠪᠡᠷ ᠤᠨ ᠵᠤᠬᠢᠶᠠᠯ ᠪᠦᠳᠦᠭᠡᠯ ᠤᠨ ᠦᠢᠯᠡ ᠶᠠᠪᠤᠳᠠᠯ ᠪᠤᠯᠤᠨ ᠲᠦᠷᠢ ᠶᠢᠨ ᠬᠠᠷᠢᠴᠠᠭᠠᠨ ᠤ ᠲᠤᠮᠳᠠ ᠠᠭᠤᠰᠬᠠᠨ ᠰᠢᠩᠭᠡᠭᠡᠳᠡᠭ᠃ ᠲᠠᠶᠢᠮᠦ ᠠᠴᠠ ᠵᠤᠬᠢᠶᠠᠭᠴᠢ ᠶᠢᠨ ᠶᠢᠷᠳᠢᠨᠴᠦ ᠳᠤ ᠬᠠᠨᠳᠤᠬᠤ ᠦᠵᠡᠯᠳᠡ ᠶᠢ ᠨᠡᠬᠡᠮᠵᠢᠯᠡᠨ ᠠᠰᠠᠭᠤᠬᠤ ᠨᠢ ᠵᠤᠬᠢᠶᠠᠯ ᠪᠦᠳᠦᠭᠡᠯ ᠢ ᠲᠠᠶᠢᠯᠪᠤᠷᠢᠯᠠᠬᠤ ᠳᠤ ᠠᠰᠢᠭᠳᠠᠢ ᠪᠠᠶᠢᠳᠠᠭ᠃      ᠢᠨᠵᠠᠨᠨᠠᠰᠢ ᠪᠤᠯ ᠪᠢᠴᠢᠭ ᠤᠨ ᠰᠤᠷᠭᠠᠯ ᠤᠨ ᠨᠦᠯᠦᠭᠡ ᠶᠢ ᠬᠦᠷᠳᠡᠭᠰᠡᠨ ᠶᠤᠮ᠂ ᠲᠤᠬᠠᠢ ᠶᠢᠨ ᠦᠶ᠎ᠠ ᠶᠢᠨ ᠨᠠᠶᠢᠬᠡᠮ᠂ ᠠᠩᠬᠢ ᠶᠢᠨ ᠪᠠᠶᠢᠷᠢ ᠶᠢᠨ ᠬᠤᠪᠢᠷᠠᠯᠳᠠ ᠬᠢᠭᠡᠳ ᠬᠤᠪᠢ ᠪᠡᠶ᠎ᠠ ᠶᠢᠨ ᠤᠴᠠᠷᠠᠯ ᠲᠤᠬᠢᠶᠠᠯᠳᠣᠯ ᠨᠢ ᠢᠨᠵᠠᠨᠨᠠᠰᠢ ᠶᠢᠨ ᠵᠤᠬᠢᠶᠠᠯ ᠪᠦᠳᠦᠭᠡᠯ ᠤᠨ ᠡᠬᠢ ᠰᠤᠷᠪᠤᠯᠵᠢ ᠪᠠ ᠤᠨᠤᠯ ᠤᠨ ᠰᠠᠭᠤᠷᠢ ᠪᠤᠯᠤᠭᠰᠠᠨ ᠶᠤᠮ᠃ ᠬᠡᠬᠦ ᠳᠤ ᠪᠠᠨ ᠢᠨᠵᠡᠨᠨᠠᠰᠢ ᠶᠢᠨ ᠦᠭᠦᠯᠡᠯ ᠰᠢᠬᠦᠮᠵᠢ ᠳᠤ ᠢᠯᠡᠷᠬᠡᠶᠢᠯᠡᠭᠰᠡᠨ ᠦᠵᠡᠯ ᠬᠢᠭᠡᠳ ᠤᠷᠠᠨ ᠪᠦᠳᠦᠭᠡᠯ ᠳᠤ ᠪᠠᠨ ᠲᠡᠪᠰᠢᠬᠦᠯᠦᠭᠰᠡᠨ ᠰᠠᠨᠠᠭ᠎ᠠ ᠵᠢᠴᠢ ᠬᠤᠯᠪᠤᠭᠳᠠᠯ ᠪᠦᠭᠦᠢ ᠪᠤᠰᠤᠳ ᠮᠠᠲ᠋ᠧᠷᠢᠶᠠᠯ ᠢ ᠠᠵᠢᠭᠯᠠᠪᠠᠯ᠂ ᠢᠨᠵᠠᠨᠨᠠᠰᠢ ᠶᠢᠨ ᠦᠵᠡᠯᠳᠠ ᠨᠢ ᠨᠡᠯᠢᠶᠡᠳ ᠡᠬᠡᠳᠡᠷᠡᠬᠡᠨ ᠪᠤᠳᠤᠯᠢᠶᠠᠨᠳᠠᠢ ᠪᠠᠶᠢᠳᠠᠬ᠃      ᠡᠩ ᠲᠡᠷᠢᠬᠦᠨ ᠳᠤ᠂ ᠢᠨᠵᠠᠨᠨᠠᠰᠢ ᠪᠤᠯ ᠨᠢᠭᠡᠨ ᠦᠨᠳᠦᠰᠦᠳᠡᠨ ᠤ ᠡᠷᠬᠡ ᠴᠢᠯᠦᠬᠡ᠂ ᠦᠨᠳᠦᠰᠦᠳᠡᠨ ᠤ ᠬᠦᠴᠦᠷᠬᠡᠭᠵᠢᠯ ᠢ ᠬᠦᠰᠡᠨ ᠡᠷᠡᠮᠡᠯᠵᠡᠯᠡᠭᠰᠡᠨ ᠦᠨᠳᠦᠰᠦᠳᠠᠨ ᠤ ᠦᠵᠡᠯᠳᠡᠨ ᠮᠦᠨ᠃ ︽ᠬᠦᠬᠡ ᠰᠤᠳᠤᠷ︾ ᠤᠨ ᠲᠤᠪᠴᠢᠳᠦ ᠲᠤᠯᠳᠤ ᠶᠢᠨ ᠭᠤᠳᠠᠭᠠᠷ ᠠᠩᠬᠢ ᠳᠤ᠂ ᠮᠠᠨᠵᠤ ᠴᠢᠩ ᠤᠨ ᠹᠸᠣᠳᠡᠯ ᠨᠤᠶᠠᠷᠬᠠᠭᠴᠢᠳ ᠤᠨ ᠶᠠᠯ᠎ᠠ ᠭᠡᠮ ᠢ ᠢᠯᠡᠴᠢᠯᠡᠨ ᠰᠢᠬᠦᠮᠵᠢᠯᠡᠬᠦ ᠳᠤ ᠪᠠᠨ᠄ ᠴᠢᠩ ᠤᠯᠤᠰ ᠤᠨ ᠵᠠᠰᠠᠭ ᠤᠨ ᠭᠠᠵᠠᠷ᠂ ᠮᠤᠩᠭᠤᠯᠴᠤᠳ ᠤᠨ ᠲᠣᠳᠣᠷᠠᠬᠢ ᠹᠸᠤᠳᠠᠯ ᠢᠵᠠᠭᠤᠷᠳᠠᠨ ᠨᠤᠭᠤᠳ ᠢ ︽ᠸᠠᠩ᠂ ᠪᠠᠶᠢᠯᠠ᠂ ᠪᠠᠶᠢᠰᠠ᠂ ᠬᠦᠡᠭ ᠡᠷᠬᠦᠮᠵᠢᠯᠡᠨ᠂ ᠬᠤᠭᠤᠰᠤᠨ ᠶᠡᠭᠡ ᠨᠡᠷ᠎ᠡ ᠡᠷᠭᠦᠬᠡᠳ ᠬᠤᠪᠳᠤᠬᠯᠠᠭᠤᠯᠤᠨ ᠵᠠᠷᠤᠴᠠᠯᠠᠮᠦᠢ︾ ᠬᠡᠵᠤ᠂ ᠮᠠᠨᠵᠣ ᠴᠢᠩ ᠤᠯᠤᠰ ᠤᠨ ᠡᠷᠬᠡ ᠲᠡᠭᠰᠢ ᠪᠤᠰᠤ ᠰᠢᠯᠭᠠᠭᠤᠯᠢ ᠶᠢᠨ ᠲᠦᠷᠢᠮ ᠳᠤ ᠡᠭ᠍ᠳᠡᠭᠦᠦ ᠬᠦᠷᠴᠦ ︽ᠡ᠊ᠨᠡ ᠲᠠᠶᠢᠴᠢᠩ ᠤᠯᠤᠰ ᠲᠤᠷ ᠁ ᠤᠨᠴᠠ ᠮᠤᠩᠭᠤᠯ ᠲᠤᠭᠠᠳᠠᠨ ᠪᠦᠬᠦᠨ ᠢ ᠨᠢᠬᠡᠮᠦᠰᠦᠨ ᠦᠯᠦ ᠰᠢᠯᠭᠠᠭᠤᠯᠬᠤ ᠠᠨᠤ ᠶᠠᠮᠠᠷ ᠣᠴᠢᠷ ᠪᠤᠯᠪᠠ︖︾ ᠬᠡᠮᠡᠨ ᠬᠠᠰᠬᠢᠷᠣᠨ᠂ ︽ᠮᠤᠩᠭᠤᠯ ᠠᠴᠠ ᠪᠢᠳᠠᠭᠤ ᠮᠤᠩᠬᠠᠭ ᠴᠦᠯᠢᠰ ᠪᠢᠳᠠᠭᠦᠯᠢᠬ᠂ ᠰᠢᠯᠭᠠᠪᠡᠴᠦ ᠭᠠᠷᠬᠤ ᠬᠦᠮᠦᠨ ᠦᠬᠡᠢ ᠬᠡᠵᠤ ᠰᠢᠯᠭᠠᠬᠤ ᠬᠠᠤᠯᠢ ᠡᠰᠡ ᠲᠣᠭᠳᠠᠭᠠᠪᠠ ᠬᠡᠬᠦᠯ᠎ᠡ᠂ ᠪᠠᠰᠠ ᠡ᠊ᠨᠡ ᠶᠤᠸᠠᠨ ᠤᠯᠤᠰ ᠤᠨ ᠦᠶ᠎ᠠ ᠳᠤᠷ ᠪᠤᠭᠳᠠ ᠬᠠᠳ ᠤᠳ ᠲᠦᠷᠦᠵᠤ᠂ ᠲᠡᠯᠡᠬᠡᠢ ᠳ᠋ᠠᠬᠢᠨ ᠢ ᠨᠢᠬᠡ ᠵᠠᠭᠤ ᠵᠢᠷᠠᠨ ᠬᠤᠶᠠᠷ ᠤᠨ ᠠᠮᠤᠭᠤᠯᠤᠨ ᠵᠠᠰᠠᠵᠤᠬᠤᠢ︾᠂ ︽ᠡᠬᠦᠨ ᠢ ᠪᠠᠰᠠ ᠪᠠᠶᠢᠳᠣᠭᠠᠢ᠂ ᠲᠠᠷᠤᠢ ᠮᠤᠩᠭᠤᠯ ᠢ ᠰᠢᠭᠤᠳ ᠮᠤᠩᠬᠠᠭ ᠳᠤᠷ ᠠᠨᠤ ᠰᠢᠭᠤᠳᠬᠠᠵᠤ ᠨᠢᠬᠡᠨ ᠲᠠᠰᠢ ᠲᠠᠯᠪᠢᠭᠠᠳ᠂ ᠤᠳᠤ ᠴᠡᠷᠢᠭ ᠤᠨ ᠰᠤᠷᠭᠠᠭᠤᠯᠢ ᠪᠠᠷ ᠠᠪᠴᠤ ᠬᠡᠯᠡᠯᠴᠠᠪᠠᠰᠦ᠂ ᠮᠤᠩᠭᠤᠯ ᠬᠡᠳᠦᠢ ᠰᠡᠴᠡᠨ ᠮᠡᠷᠬᠡᠨ ᠤᠶᠤᠨ ᠪᠢᠯᠢᠭ ᠦᠭᠡᠢ ᠪᠤᠯᠪᠠᠴᠦ᠂ ᠬᠤᠨᠢᠨ ᠤ ᠮᠢᠬ᠎ᠠ ᠶᠢᠨ ᠲᠠᠨᠡᠭ ᠲᠦᠬᠦᠬᠡᠢ ᠬᠦᠴᠦᠨ ᠢᠨᠤ ᠮᠠᠰᠢ ᠪᠡᠯᠡᠬᠡᠨ ᠪᠠᠶᠢᠬᠤ ᠦᠭᠡᠢ ᠤᠤ︖ ᠣᠳᠣ ᠴᠡᠷᠢᠭ ᠤᠨ ᠡᠷᠳᠡᠮ ᠢᠶᠠᠷ ᠮᠦᠨᠴᠦ ᠦᠯᠦ ᠰᠢᠯᠭᠠᠭᠤᠯᠬᠤ ᠠᠨᠤ ᠡ᠊ᠨᠡ ᠡᠬᠡᠨᠡᠭᠳᠡ ᠶᠠᠭᠤᠨ ᠤ ᠰᠢᠯᠳᠠᠭᠠᠨ ᠪᠤᠯᠪᠠ︾ ᠬᠡᠵᠤ ︽ᠰᠤᠷᠴᠦ ᠮᠡᠳᠡᠬᠦᠢ ᠶᠢᠨ ᠵᠠᠮ ᠢ ᠲᠠᠰᠦ ᠬᠠᠭᠠᠭᠠᠭᠰᠠᠨ ᠠᠨᠤ ᠲᠦᠢᠯ ᠤᠨ ᠪᠤᠷᠤᠭᠤ︾ ᠬᠡᠮᠡᠨ ᠪᠤᠷᠤᠭᠤᠰᠢᠶᠠᠭᠰᠠᠨ ᠪᠠᠶᠢᠨ᠎ᠠ᠃ ︽ᠤᠭ ᠢᠵᠠᠭᠤᠷ ᠢᠶᠠᠨ ᠮᠠᠷᠳᠠᠵᠤ ᠪᠤᠯᠬᠤ ᠦᠭᠡᠢ︾ ᠬᠡᠳᠡᠭ ᠵᠣᠬᠢᠶᠠᠯ ᠳᠤ ᠪᠠᠨ ︽︿ᠮᠠᠨ ᠤ ᠡ᠊ᠨᠡ ᠵᠡᠭᠦᠨ ᠭᠤᠷᠪᠠᠨ ᠴᠢᠭᠤᠯᠭᠠᠨ ᠪᠠ ᠲᠠᠪᠤᠨ ᠬᠠᠷᠠᠴᠢᠨ ᠤ ᠲᠠᠶᠢᠵᠢ ᠲᠠᠪᠤᠨᠠᠩ ᠤᠨ ᠲᠣᠳᠣᠷᠠᠬᠢ ᠸᠠᠩ ᠬᠦᠡᠭ ᠪᠠᠶᠢᠯᠠ ᠪᠠᠶᠢᠰᠠ ᠵᠡᠷᠭᠡᠳᠡᠨ ᠠᠴᠠ ᠲᠠᠷᠠᠭᠠᠯᠠᠨ ᠲᠡᠷᠢᠭᠦᠨ ᠲᠡᠳ᠋ ᠭᠤᠳᠠᠭᠠᠷ ᠲᠦᠳᠦᠭᠡᠷ ᠵᠡᠷᠭᠡ﹀ ᠳᠤ ᠬᠦᠷᠳᠡᠯᠠᠬᠢ ᠬᠦᠮᠦᠰ ᠠᠴᠠ ᠣᠭ ᠢᠵᠠᠭᠤᠷ ᠢ ᠨᠢ ︿ᠨᠡᠬᠡᠮᠵᠢᠯᠡᠨ ᠠᠰᠠᠭᠤᠪᠠᠰᠦ﹀ ᠲᠡᠳᠡ ᠡᠭᠡᠨᠡᠭᠳᠡ ︿ᠴᠦᠮ ᠪᠦᠷᠢᠨ ᠢᠶᠠᠷ ᠪᠦᠭᠯᠡᠷᠡᠨ ᠴᠢᠭᠯᠡᠷᠡᠭᠦᠨ᠂ ᠲᠦᠳᠡᠵᠣ ᠲᠦᠷᠪᠢᠨ᠂ ᠡᠶᠢᠮᠦ ᠬᠡᠯᠦ᠂ ᠲᠡᠶᠢᠮᠦ ᠬᠡᠯᠦ᠂ ᠬᠡᠯᠡᠢ ᠬᠡᠬᠦ ᠠᠴᠠ ᠤᠭᠳᠦ ᠭᠠᠷᠴᠦ ᠴᠢᠳᠠᠬᠤ ᠦᠭᠡᠢ︾ ᠪᠠᠶᠢᠳᠠᠭ ᠬᠡᠵᠤ ᠦᠨᠳᠦᠰᠦᠳᠡᠨ ᠤ ᠮᠡᠳᠡᠷᠡᠯ ᠢᠶᠠᠨ ᠠᠯᠳᠠᠭᠠᠳ ᠂ ᠤᠭ ᠢᠵᠠᠭᠤᠷ ᠢᠶᠠᠨ ᠮᠡᠷᠳᠠᠭᠰᠠᠨ ᠬᠦᠮᠦᠰ ᠤᠳ ᠢ ᠦᠵᠡᠨ ᠶᠡᠳᠡᠵᠤ ᠵᠢᠭᠰᠢᠭᠰᠡᠨ ᠪᠠᠶᠢᠨ᠎ᠠ᠃ ᠡᠶᠢᠮᠦ ᠠᠴᠠ ︽ᠬᠦᠬᠡ ᠰᠣᠳᠣᠷ︾ ᠤᠨ ᠢᠶᠠᠨ ᠲᠤᠪᠴᠢᠳᠦ ᠲᠤᠯᠳᠤ ᠶᠢᠨ ᠭᠤᠳᠠᠭᠠᠷ ᠠᠩᠬᠢ ᠳᠤ ︽ᠬᠦᠮᠦᠨ ᠪᠦᠭᠡᠳ ᠦᠨᠳᠦᠰᠦᠳᠡᠨ ᠢᠶᠠᠨ ᠦᠯᠦ ᠮᠡᠳᠡᠬᠦ ᠢᠨᠦ ᠠᠳᠤᠭᠤᠰᠤᠨ ᠪᠤᠶᠤ ᠲᠠᠶᠢᠵᠢ ᠪᠦᠭᠡᠳ ᠡᠪᠦᠭᠡ ᠶᠦᠭᠡᠨ ᠦᠯᠦ ᠮᠡᠳᠡᠬᠦ ᠢᠨᠦ ᠮᠠᠯ ᠪᠤᠶᠤ᠂ ᠨᠢᠳᠦ ᠪᠤᠢ ᠪᠦᠭᠡᠳ ᠲᠡᠤᠬᠡ ᠶᠦᠭᠡᠨ ᠦᠯᠦ ᠦᠵᠡᠬᠦ ᠢᠨᠦ ᠰᠣᠬᠤᠷ ᠨᠤᠮᠤᠨ ᠪᠤᠶᠤ᠂ ᠮᠡᠳᠡᠯᠳᠡᠢ ᠪᠦᠭᠡᠳ ᠢᠵᠠᠭᠤᠷ ᠢᠶᠠᠨ ᠦᠯᠦ ᠰᠡᠳᠬᠢᠬᠦ ᠢᠨᠦ ᠮᠤᠩᠬᠠᠭ ᠭᠠᠭ᠋ᠠᠢ ᠪᠤᠶᠤ︾ ᠬᠡᠪᠡ᠃ ᠡ᠊ᠨᠡ ᠮᠡᠳᠦ ᠪᠠᠷ ᠢᠨᠵᠠᠨᠨᠠᠰᠢ ᠦᠪᠡᠷ ᠤᠨ ᠦᠨᠳᠦᠰᠦᠳᠡᠨ ᠢᠶᠠᠨ ᠬᠠᠶᠢᠷᠠᠯᠠᠬᠤ ᠰᠡᠳᠬᠢᠯᠬᠡ ᠦᠨᠳᠦᠰᠦᠳᠡᠨ ᠤ ᠪᠠᠨ ᠲᠦᠯᠦᠬᠡ ᠬᠡᠬᠦ ᠰᠡᠳᠬᠢᠯᠬᠡ ᠪᠠᠨ ᠦᠪᠡᠷ ᠤᠨ ᠵᠤᠬᠢᠶᠠᠯ ᠪᠦᠳᠦᠬᠡᠯ ᠳᠤ ᠪᠠᠨ ᠠᠭᠤᠰᠬᠠᠨ ᠰᠢᠩᠬᠡᠬᠡᠵᠤ᠂ ᠦᠨᠳᠦᠰᠦᠳᠡᠨ ᠤ ᠲᠠᠷᠦᠯᠡᠯ ᠢ ᠡᠰᠡᠷᠭᠦᠴᠡᠵᠤ᠂ ᠦᠨᠳᠦᠰᠦᠳᠡᠨ ᠤ ᠡᠷᠬᠡ ᠲᠡᠭᠰᠢ᠂ ᠦᠨᠳᠦᠰᠦᠳᠡᠨ ᠤ ᠬᠦᠴᠦᠷᠬᠡᠭᠵᠢᠯ ᠢ ᠬᠦᠰᠡᠨ ᠡᠷᠡᠮᠡᠯᠵᠡᠭᠰᠡᠨ ᠦᠵᠡᠯ ᠰᠡᠳᠬᠢᠯᠬᠡ ᠪᠠᠨ ᠢᠯᠡᠳᠬᠡᠭᠰᠡᠨ ᠶᠤᠮ᠃      ᠲᠠᠷᠠᠭᠠᠯᠠᠪᠠᠯ᠂ ᠢᠨᠵᠠᠨᠨᠠᠰᠢ ᠪᠤᠯ ᠨᠢᠬᠡᠨ ᠠᠷᠠᠳᠴᠢᠯᠠᠭᠰᠠᠨ ᠦᠵᠡᠯᠳᠡᠨ ᠮᠦᠨ᠃ ᠢᠨᠵᠠᠨᠨᠠᠰᠢ ᠶᠢᠨ ᠦᠵᠡᠯ ᠰᠠᠨᠠᠭᠠᠨ ᠤ ᠲᠤᠳᠤᠷ᠎ᠡ ᠬᠦᠮᠦᠰ ᠤᠨ ᠬᠤᠭᠤᠷᠤᠨᠳᠤᠬᠢ ᠡᠷᠬᠡ ᠲᠡᠭᠰᠢ ᠶᠢ ᠡᠷᠬᠢᠮᠯᠡᠭᠰᠡᠨ ᠠᠷᠠᠳᠴᠢᠯᠠᠬᠰᠠᠨ ᠦᠵᠡᠯ ᠴᠤ ᠲᠤᠩ ᠴᠢᠬᠤᠯᠠ ᠪᠠᠶᠢᠷᠢ ᠶᠢ ᠡᠵᠡᠯᠡᠨ᠎ᠠ᠃ ᠲᠡᠭᠦᠨ ᠤ ᠠᠷᠠᠳᠴᠢᠯᠠᠬᠰᠠᠨ ᠦᠵᠡᠯ ᠪᠤᠯ ᠲᠤᠬᠠᠢ ᠶᠢᠨ ᠦᠶ᠎ᠡ ᠳᠤ ᠬᠢ ᠨᠠᠶᠢᠬᠡᠮ ᠤᠨ ᠵᠦᠷᠢᠴᠡᠯ ᠲᠡᠮᠡᠴᠡᠯ ᠪᠠ ᠲᠡᠭᠦᠨ ᠤ ᠲᠤᠰ ᠪᠡᠶ᠎ᠠ ᠶᠢᠨ ᠬᠢᠨᠢ ᠤᠴᠠᠷᠠᠯ ᠲᠤᠬᠢᠶᠠᠯᠳᠣᠯ ᠲᠠᠢ ᠬᠠᠷᠢᠴᠠᠭ᠎ᠠ ᠲᠠᠢ ᠪᠠᠶᠢᠳᠠᠬ᠃      ᠢᠨᠵᠠᠨᠨᠠᠰᠢ ︽ᠬᠦᠬᠡ ᠰᠤᠳᠤᠷ︾ ᠲᠤ ᠪᠠᠨ ᠡᠮᠡᠭᠳᠡᠢ ᠬᠦᠮᠦᠨ ᠤ ᠬᠢᠯᠡᠯᠵᠠᠩᠰᠠᠨ ᠲᠦᠷᠢ ᠶᠢ ᠨᠡᠯᠢᠶᠠᠳ ᠪᠢᠴᠢᠵᠤ ᠤᠷᠤᠭᠤᠯᠤᠭᠰᠠᠨ ᠪᠠᠶᠢᠨ᠎ᠠ᠃ ᠨᠠᠢᠮᠠᠨ ᠤ ᠬᠤᠭ᠍ᠭᠤᠷᠵᠤᠯᠠ᠂ ᠬᠡᠷᠡᠶᠢᠳ ᠤᠨ ᠰᠤᠯᠤᠩᠭᠤᠸ᠎ᠠ ᠪᠠ ᠰᠤᠯᠤᠩᠭᠤᠰ ᠤᠨ ᠰᠡᠷᠡᠨ ᠬᠦᠡᠭᠵᠤ ᠶᠢᠨ ᠲᠦᠷᠢ ᠪᠠᠷ ᠲᠡᠮᠵᠢᠵᠦ᠂ ᠡᠮᠡᠭᠳᠡᠶᠢᠴᠤᠳ ᠤᠨ ᠡᠷᠡᠰ ᠵᠤᠷᠢᠭ᠂ ᠡᠷᠡᠯᠬᠡᠭ ᠪᠠᠭᠠᠳᠦᠷ᠂ ᠤᠶᠤᠨ ᠤᠬᠠᠭᠠᠨ ᠪᠠ ᠡᠷᠳᠡᠮ ᠴᠢᠳᠡᠯ ᠢ ᠪᠢᠴᠢᠵᠠᠢ᠃ ᠬᠤᠭ᠍ᠭᠤᠷᠵᠤᠯᠠ ᠪᠠ ᠰᠤᠯᠤᠩᠭᠤᠸ᠎ᠠ ᠬᠡᠤᠬᠡᠨ ᠡᠷᠡᠭᠳᠡᠢ ᠬᠦᠮᠦᠨ ᠲᠠᠢ ᠠᠳᠠᠯᠢ ᠪᠠᠷ ᠲᠠᠶᠢᠨ ᠪᠠᠶᠢᠯᠳᠣᠭᠠᠨ ᠳᠤ ᠤᠷᠤᠯᠴᠠᠳᠠᠭ ᠪᠦᠭᠡᠳ ᠰᠤᠯᠤᠩᠭᠤᠸ᠎ᠠ᠂ ᠰᠠᠷᠠᠨ ᠭᠦᠡᠭᠵᠤ ᠬᠤᠶᠠᠭᠤᠯᠠ ᠲᠦᠷᠦ ᠶᠢᠨ ᠶᠡᠭᠡ ᠬᠡᠷᠡᠭ ᠢ ᠡᠷᠡᠭᠳᠡᠶᠢᠴᠤᠳ ᠠᠴᠠ ᠴᠤ ᠢᠯᠡᠭᠦᠦ ᠰᠢᠢᠳᠪᠦᠷᠢᠯᠡᠵᠤ ᠴᠢᠳᠡᠨ᠎ᠠ᠃ ᠢᠡᠭᠬᠢᠵᠤ ᠢᠨᠵᠠᠨᠨᠠᠰᠢ ᠡᠮᠡᠭᠳᠠᠢ ᠬᠦᠮᠦᠨ ᠤ ᠡᠷᠳᠡᠮ ᠴᠢᠳᠠᠯ ᠢ ᠦᠨᠡᠯᠡᠭᠰᠡᠨ ᠶᠠᠪᠤᠳᠡᠯ ᠪᠤᠯ ᠢᠨᠵᠠᠨᠨᠠᠰᠢ ᠶᠢᠨ ᠡᠷᠡᠭᠳᠡᠢ ᠡᠮᠡᠭᠳᠡᠢ ᠶᠢᠨ ᠡᠷᠬᠡ ᠲᠡᠭᠰᠢ ᠪᠠᠶᠢᠬᠤ ᠬᠡᠷᠡᠭᠳᠡᠢ ᠬᠡᠰᠡᠨ ᠠᠷᠠᠳᠴᠢᠯᠠᠭᠰᠠᠨ ᠦᠵᠡᠯ ᠤᠨ ᠬᠢᠨᠢ ᠢᠯᠡᠷᠠᠯ ᠪᠤᠯᠤᠨ᠎ᠠ᠃ ᠢᠨᠵᠠᠨᠨᠠᠰᠢ ᠶᠢᠨ ︽ᠨᠢᠬᠡᠨ ᠲᠠᠪᠬᠤᠷ ᠠᠰᠠᠷ︾᠂ ︽ᠤᠯᠠᠭᠠᠨ᠎ᠠ ᠤᠬᠢᠯᠠᠬᠤ ᠲᠢᠩᠬᠢᠮ︾ ᠪᠤᠯ ᠢᠨᠠᠭ ᠤᠨ ᠠᠰᠠᠭᠤᠳᠠᠯ ᠢᠶᠠᠷ ᠭᠤᠤᠯ ᠰᠡᠳᠦᠪ ᠪᠤᠯᠭᠠᠭᠰᠠᠨ ᠵᠤᠬᠢᠶᠠᠯ ᠶᠤᠮ᠃ ᠫᠦ᠋ ᠢᠤᠢ ᠭᠤᠷᠪᠠᠨ ᠬᠡᠤᠬᠡᠨ ᠲᠠᠢ ᠢᠨᠠᠭᠯᠠᠭᠰᠠᠨ ᠪᠤᠯᠪᠠᠴᠦ ᠡᠴᠦᠰ ᠲᠤ ᠪᠠᠨ ᠠᠯᠢᠨ ᠲᠠᠢ ᠨᠢ ᠴᠤ ᠤᠷᠤᠭᠯᠠᠵᠤ ᠴᠢᠳᠠᠭᠰᠠᠨ ᠦᠭᠡᠢ᠂ ᠬᠦᠰᠡᠭᠰᠡᠨ ᠪᠤᠳᠤᠯ ᠰᠠᠨᠠᠭᠰᠠᠨ ᠭᠡᠷᠡᠭ ᠨᠢ ᠵᠡᠬᠦᠳᠦᠨ ᠳᠤ ᠪᠡᠶᠡᠯᠡᠭᠳᠡᠬᠦ ᠠᠴᠠ ᠪᠢᠰᠢ ᠪᠤᠳᠠᠳᠠᠢ ᠲᠡᠭᠡᠷ᠎ᠡ ᠪᠠᠨ ᠪᠡᠶᠡᠯᠡᠭᠳᠡᠵᠤ ᠴᠢᠳᠠᠬᠤ ᠦᠭᠡᠢ ᠭᠤᠨᠢᠭᠳᠤ ᠲᠡᠭᠦᠰᠭᠡᠯ ᠪᠤᠯᠤᠭᠰᠠᠨ ᠪᠠᠶᠢᠨ᠎ᠠ᠃ ᠡᠶᠢᠮᠦᠷᠬᠦᠦ ᠭᠤᠨᠢᠬᠳᠦ ᠲᠡᠭᠦᠰᠭᠡᠯ ᠨᠢ ᠢᠨᠵᠡᠨᠨᠡᠰᠢ ᠶᠢᠨ ᠪᠤᠳᠠᠭᠠᠯᠢ ᠴᠢᠨᠡᠷ ᠢ ᠴᠢᠯᠦᠬᠡᠯᠡᠬᠦ ᠦᠵᠡᠯ ᠢᠶᠠᠷ ᠹᠸᠤᠳᠡᠯ ᠤᠨ ᠣᠷᠤᠭ ᠤᠨ ᠶᠣᠰᠣᠨ ᠤ ᠶᠠᠯ᠎ᠠ ᠬᠡᠮ ᠢ ᠢᠯᠡᠴᠢᠯᠡᠨ᠂ ᠡᠷᠬᠡ ᠴᠢᠯᠦᠬᠡ ᠲᠠᠢ ᠪᠠᠷ ᠣᠷᠤᠭ ᠪᠠᠷᠢᠯᠳᠣᠬᠤ ᠶᠢ ᠬᠦᠰᠡᠭᠰᠡᠨ ᠦᠵᠡᠯᠳᠡ ᠨᠢ ᠪᠦᠬᠦ ᠵᠤᠬᠢᠶᠠᠯ ᠤᠨ ᠦᠢᠯᠡ ᠶᠠᠪᠤᠳᠠᠯ ᠪᠠ ᠵᠤᠬᠢᠶᠠᠯ ᠤᠨ ᠪᠠᠭᠠᠳᠤᠷ ᠤᠨ ᠵᠠᠩ ᠴᠢᠨᠠᠷ ᠲᠡᠭᠡᠷ᠎ᠡ ᠢᠯᠡᠷᠡᠬᠦ ᠪᠦᠬᠡᠳ ︽ᠨᠢᠬᠡᠨ ᠲᠠᠪᠬᠤᠷ ᠠᠰᠠᠷ︾ ᠤᠨ ᠬᠤᠷᠢᠨ ᠶᠢᠰᠦᠳᠦᠭᠡᠷ ᠪᠦᠯᠦᠭ ᠲᠤ ᠰᠦ᠋ ᠵᠢᠶᠧ ᠳ᠋ᠦ᠋ ᠳᠤ ᠫᠦ᠋ ᠢᠤᠢ ᠶᠢᠨ ᠵᠤᠬᠢᠶᠠᠵᠤ ᠦᠵᠡᠭᠦᠯᠦᠭᠰᠡᠨ ︽ᠴᠠᠭᠠᠨ ᠡᠭᠦᠯᠡᠨ ᠤ ᠰᠢᠯᠦᠭ︾ ᠲᠤ ᠲᠦᠪᠯᠡᠷᠡᠨ ᠬᠠᠷᠠᠭᠳᠠᠨ᠎ᠠ᠃      ᠢᠨᠵᠡᠨᠨᠠᠰᠢ ᠶᠢᠨ ᠠᠷᠠᠳᠴᠢᠯᠠᠭᠰᠡᠨ ᠦᠵᠡᠯ ᠪᠤᠯ ᠬᠠᠭᠤᠴᠢᠨ ᠠᠷᠠᠳᠴᠢᠯᠠᠭᠰᠠᠨ ᠬᠤᠪᠢᠰᠬᠠᠯ ᠤᠨ ᠦᠵᠡᠯ ᠰᠠᠨᠠᠭᠠᠨ ᠤ ᠤᠷᠤᠰᠬᠠᠯ ᠳᠤ ᠪᠠᠭᠳᠠᠬᠤ ᠠᠷᠠᠳᠴᠢᠯᠠᠭᠰᠠᠨ ᠦᠵᠡᠯ ᠮᠦᠨ᠃ ᠲᠡᠭᠦᠨ ᠤ ᠡ᠊ᠨᠡ ᠠᠷᠠᠳᠴᠢᠯᠠᠭᠰᠠᠨ ᠦᠵᠡᠯ ᠨᠢ ᠹᠸᠤᠳᠡᠯ ᠤᠨ ᠲᠠᠷᠤᠯᠠᠯ ᠪᠠ ᠶᠤᠰᠦ ᠰᠤᠷᠳᠠᠬᠤᠨ ᠤ ᠡᠰᠡᠷᠬᠦ ᠴᠢᠭᠯᠡᠭᠰᠡᠨ ᠤ ᠬᠤᠪᠢ ᠳᠤ ᠲᠤᠬᠠᠢ ᠶᠢᠨ ᠦᠶ᠎ᠠ ᠳᠤ ᠪᠠᠨ ᠲᠠᠪᠰᠢᠩᠭᠤᠢ ᠠᠴᠢ ᠬᠤᠯᠪᠤᠭᠳᠠᠯ ᠲᠠᠢ ᠪᠠᠶᠢᠵᠤ ᠵᠤᠬᠢᠶᠠᠯ ᠪᠦᠳᠦᠭᠡᠯ ᠳᠤ ᠪᠠᠨ ᠤᠷᠠᠯᠢᠭ ᠢᠶᠠᠷ ᠢᠯᠡᠷᠡᠬᠦᠯᠦᠭᠰᠡᠨ ᠪᠠᠶᠢᠨ᠎ᠠ᠃      ᠭᠤᠷᠪᠠ᠂ ᠨᠠᠮᠳᠠᠷ ᠲᠡᠦᠭᠡ ᠶᠢᠨ ᠰᠤᠳᠤᠯᠬᠤ ᠠᠷᠭ᠎ᠠ ᠨᠢ ᠵᠤᠬᠢᠶᠠᠭᠴᠢ ᠶᠢᠨ ᠡᠬᠦᠳᠦᠨ ᠪᠦᠳᠦᠭᠡᠬᠦ ᠵᠤᠷᠢᠯᠭ᠎ᠠ ᠠᠴᠠ ᠵᠤᠬᠢᠶᠠᠯ ᠪᠦᠳᠦᠭᠡᠯ ᠢ ᠲᠠᠶᠢᠯᠪᠤᠷᠢᠯᠠᠬᠤ᠃ ᠵᠤᠬᠢᠶᠠᠭᠴᠢ ᠵᠤᠬᠢᠶᠠᠯ ᠪᠦᠳᠦᠭᠡᠯ ᠢᠶᠠᠨ ᠡᠬᠦᠳᠦᠨ ᠪᠦᠳᠦᠭᠡᠬᠦ ᠠᠴᠠ ᠭᠠᠳᠠᠨ᠎ᠠ᠂ ᠦᠬᠦᠯᠡᠨ ᠪᠢᠴᠢᠬᠦ᠂ ᠡᠳᠦᠷ ᠤᠨ ᠲᠡᠮᠳᠡᠭᠯᠡᠯ᠂ ᠵᠡᠬᠢᠳᠡᠯ ᠪᠢᠴᠢᠬᠦ᠂ ᠶᠠᠷᠢᠯᠴᠠᠭ᠎ᠠ ᠵᠡᠷᠬᠡ ᠬᠡᠯᠪᠡᠷᠢ ᠪᠠᠷ ᠲᠡᠮᠵᠢᠵᠣ ᠦᠪᠡᠷ ᠤᠨ ᠡᠭᠦᠳᠦᠨ ᠪᠦᠳᠦᠭᠡᠬᠦ ᠵᠤᠷᠢᠯᠭ᠎ᠠ ᠪᠠᠨ ᠢᠯᠡᠳᠬᠡᠨ ᠭᠠᠷᠭᠠᠳᠠᠭ᠃ ᠲᠡᠶᠢᠮᠦ ᠠᠴᠠ ᠵᠤᠬᠢᠶᠠᠭᠴᠢ ᠶᠢᠨ ᠡᠭᠦᠳᠦᠨ ᠪᠦᠳᠦᠭᠡᠬᠦ ᠵᠤᠷᠢᠯᠭ᠎ᠠ ᠶᠢ ᠰᠣᠳᠣᠯᠬᠤ ᠨᠢ ᠵᠤᠬᠢᠶᠠᠯ ᠪᠦᠳᠦᠬᠡᠯ ᠤᠨ ᠭᠤᠤᠯ ᠰᠠᠨᠠᠭ᠎ᠠ ᠶᠢ ᠤᠯᠬᠤ ᠳᠤ ᠠᠰᠢᠭᠳᠠᠢ᠃ ᠬᠡᠳᠦ᠋ᠢᠪᠡᠷ ᠡᠷᠳᠡᠨ ᠤ ᠵᠤᠬᠢᠶᠠᠯᠴᠢᠳ ᠲᠤᠬᠠᠢ ᠶᠢᠨ ᠦᠶ᠎ᠡ ᠶᠢᠨ ᠨᠦᠬᠦᠴᠡᠯ ᠰᠢᠯᠳᠠᠭᠠᠨ ᠠᠴᠠ ᠪᠤᠯᠵᠤ ᠡᠭᠦᠳᠦᠨ ᠪᠦᠳᠦᠭᠡᠯᠳᠡ ᠶᠢᠨ ᠲᠠᠨᠢᠯᠴᠠᠭᠤᠯᠭ᠎ᠠ ᠪᠠᠶᠢᠬᠤ ᠦᠭᠡᠢ ᠪᠤᠯᠪᠠᠴᠦ ᠣᠳᠣᠬᠠᠨ ᠤ ᠤᠯᠠᠩᠬᠢ ᠵᠤᠬᠢᠶᠠᠭᠴᠢᠳ ᠡᠬᠦᠳᠦᠨ ᠪᠦᠳᠦᠭᠡᠬᠦ ᠵᠤᠷᠢᠯᠭ᠎ᠠ ᠪᠠᠨ ᠰᠢᠭᠤᠳ ᠢᠯᠡᠳᠬᠡᠵᠤ᠂ ᠨᠠᠮᠳᠠᠷ ᠲᠡᠤᠬᠡ ᠶᠢᠨ ᠰᠣᠳᠣᠯᠭᠠᠨ ᠳᠤ ᠲᠦᠭᠦᠮ ᠦᠵᠡᠭᠦᠯᠵᠠᠢ᠃      ᠢᠨᠵᠠᠨᠨᠠᠰᠢ ᠠᠴᠠ ᠦᠪᠡᠷ ᠤᠨ ᠢᠶᠠᠨ ᠬᠤᠯᠪᠤᠭᠳᠠᠯ ᠪᠦᠬᠦᠢ ᠵᠤᠬᠢᠶᠠᠯ ᠦᠬᠦᠯᠡᠯ ᠤᠨ ᠲᠤᠳᠤᠷ᠎ᠠ᠂ ᠦᠪᠡᠷ ᠤᠨ ᠦᠵᠡᠯᠳᠡ ᠲᠠᠨᠢᠯᠳᠠ ᠪᠠᠨ ᠴᠦᠬᠡᠨ ᠪᠤᠰᠤ ᠲᠤᠷᠠᠳᠤᠭᠰᠠᠨ ᠪᠠᠶᠢᠳᠠᠭ᠃ ᠢᠨᠵᠡᠨᠡᠰᠢ ᠶᠢᠨ ᠲᠡᠳᠡᠭᠡᠷ ᠦᠭᠡ ᠶᠠᠷᠢᠶ᠎ᠠ ᠨᠢ ᠲᠡᠬᠦᠨ ᠤ ︽ᠬᠦᠬᠡ ᠰᠤᠳᠤᠷ︾᠂ ︽ᠨᠢᠬᠡᠨ ᠲᠡᠪᠬᠤᠷ ᠠᠰᠠᠷ︾᠂ ︽ᠤᠯᠠᠭᠠᠨ᠎ᠠ ᠤᠬᠢᠯᠠᠬᠤ ᠲᠢᠩᠬᠢᠮ︾ ᠮᠡᠳᠦ ᠶᠢᠨ ᠵᠤᠬᠢᠶᠠᠯ ᠪᠦᠳᠦᠭᠡᠯ ᠢ ᠰᠣᠳᠣᠯᠬᠤ ᠳᠤ ᠴᠢᠬᠤᠯᠠ ᠬᠢᠨᠠᠯᠳᠠ ᠶᠢᠨ ᠮᠠᠲ᠋ᠧᠷᠢᠶᠠᠯ ᠪᠤᠯᠬᠤ ᠮᠦᠷᠳᠡᠬᠡᠨ ᠵᠡᠷᠢᠮ ᠤᠳᠬ᠎ᠠ ᠤᠷᠠᠯᠢᠭ ᠤᠨ ᠤᠨᠤᠯ ᠤᠨ ᠲᠠᠯ᠎ᠠ ᠪᠠᠷ ᠬᠢ ᠦᠵᠡᠯᠳᠡ ᠨᠢ ᠮᠠᠨ ᠤ ᠮᠤᠩᠭᠤᠯ ᠦᠨᠳᠦᠰᠦᠳᠠᠨ ᠤ ᠤᠳᠬ᠎ᠠ ᠤᠷᠠᠯᠢᠭ ᠤᠨ ᠤᠨᠤᠯ ᠤᠨ ᠬᠦᠭᠵᠢᠯᠳᠠ ᠳᠤ ᠴᠢᠬᠤᠯᠠ ᠬᠤᠪᠢ ᠨᠠᠮᠠᠷᠢ ᠦᠵᠡᠬᠦᠯᠦᠭᠰᠡᠨ ᠶᠤᠮ᠃      ᠢᠨᠵᠠᠨᠨᠠᠰᠢ ︽ᠬᠦᠬᠡ ᠰᠤᠳᠤᠷ︾ ᠤᠨ ᠲᠤᠪᠴᠢᠳᠤ ᠲᠤᠯᠳᠤ ᠶᠢᠨ ᠬᠤᠶᠠᠳᠣᠭᠠᠷ ᠠᠩᠬᠢ ᠳᠤ ᠬᠡᠯᠡᠬᠦ ᠳᠤ ᠪᠠᠨ ᠄ ︽ᠮᠢᠨᠤ ᠪᠠᠶ᠎ᠠ ᠭᠤᠴᠢᠨ ᠨᠠᠰᠦᠨ ᠠᠴᠠ ᠤᠯᠠᠷᠢᠯ ᠮᠠᠭᠤᠳᠠᠵᠤ᠂ ᠢᠳᠡᠭᠡᠵᠤ ᠵᠠᠷᠤᠴᠠᠯᠠᠭᠰᠠᠨ ᠭᠡᠷ ᠤᠨ ᠪᠤᠭᠤᠯ ᠨᠡᠷ ᠭᠡᠷ ᠤᠨ ᠬᠦᠷᠦᠩᠭᠡ ᠶᠢ ᠵᠠᠭᠤᠨ ᠵᠦᠢᠯ ᠢᠶᠠᠷ ᠬᠤᠯᠭᠤᠨ ᠬᠤᠨᠵᠢᠵᠤ᠂ ᠪᠠᠰᠠ ᠭᠠᠳᠠᠨ᠎ᠠ ᠪᠤᠯᠪᠠᠰᠦ ᠬᠤᠳᠠᠯᠳᠤᠭ᠎ᠠ ᠠᠷᠠᠯᠵᠢᠶ᠎ᠠ ᠡᠬᠡ ᠦᠨ᠎ᠡ ᠶᠢ ᠠᠯᠳᠠᠵᠤ᠂ ᠲᠠᠷᠢᠶ᠎ᠠ ᠲᠦᠮᠦᠰᠦ ᠭᠠᠷᠴᠦ᠂ ᠲᠤᠳᠤᠷ᠎ᠠ ᠪᠦᠬᠡᠰᠦ ᠡᠮ᠎ᠡ ᠦᠷ᠎ᠡ ᠦᠬᠦᠵᠤ᠂ ᠭᠡᠷ ᠤᠨ ᠪᠤᠭᠤᠯ ᠴᠡᠬᠡᠮᠢᠭ᠂ ᠵᠢᠨᠪᠦᠦ ᠨᠡᠷ ᠲᠡᠷᠰᠯᠡᠨ ᠬᠤᠯᠭᠤᠵᠤ᠂ ᠵᠠᠭᠤᠨ ᠵᠦᠢᠯ ᠢᠶᠠᠷ ᠡᠯ᠎ᠡ ᠦᠢᠯᠡ ᠳᠤᠷ ᠦᠴᠦᠬᠡᠨ ᠴᠤ ᠡᠰᠡᠷᠡᠭ ᠦᠭᠡᠢ᠃ ᠭᠤᠴᠢᠨ ᠲᠦᠷᠪᠡᠨ ᠨᠠᠰᠤᠯᠡᠵᠤ᠂ ᠦᠪᠡᠷ ᠤᠨ ᠦᠢᠯᠡ ᠳᠤᠷ ᠲᠠᠨᠴᠢᠬᠦᠷᠡᠨ ᠬᠤᠷᠤᠰᠴᠦ᠂ ᠨᠠᠩ ᠪᠤᠳᠤᠬᠤᠢ ᠳᠤᠷ ᠨᠠᠩ ᠴᠢᠬᠤᠯᠳᠠᠵᠤ᠂ ᠤᠯᠡᠮ ᠰᠠᠨᠠᠬᠤᠢ ᠳᠤᠷ ᠤᠯᠠᠮ ᠪᠠᠴᠢᠮᠳᠠᠨ᠂ ᠠᠷᠠᠢ ᠡᠪᠡᠳᠴᠢᠨ ᠪᠤᠯᠬᠤᠢ ᠳᠤᠷ ᠬᠦᠷᠦᠯ᠎ᠠ︾ ᠬᠡᠵᠡᠢ᠃ ᠢᠨᠵᠡᠨᠨᠠᠰᠢ ︽ᠭᠤᠴᠢᠨ ᠨᠠᠰᠦᠨ ᠠᠴᠠ ᠤᠯᠠᠷᠢᠯ ᠮᠠᠭᠤᠳᠠᠵᠤ︾ ᠡᠬᠢᠯᠡᠭᠰᠡᠨ ︽ᠦᠪᠡᠷ ᠤᠨ ᠦᠢᠯᠡ︾ ᠪᠠᠨ ᠢᠡᠭᠬᠢᠵᠤ ᠡᠷᠬᠢᠴᠡᠭᠦᠯᠦᠨ ᠪᠤᠳᠤᠬᠤ ᠶᠠᠪᠤᠴᠠ ᠳᠤ ᠪᠠᠨ ᠰᠤᠯᠠ ᠰᠠᠭᠤᠵᠤ ᠵᠢᠷᠭᠠᠵᠤ ᠴᠡᠩᠬᠡᠬᠦ ᠶᠠᠪᠤᠳᠠᠯ ᠢ ᠴᠡᠭᠡᠷᠯᠡᠬᠦ ᠪᠤᠯᠤᠭᠰᠠᠨ ᠪᠠᠶᠢᠨ᠎ᠠ᠃ ᠲᠡᠬᠦᠨ ᠤ ᠦᠵᠡᠯ ᠰᠠᠨᠠᠭᠠᠨ ᠲᠡᠭᠡᠷᠡᠬᠢ ᠡ᠊ᠨᠡ ᠬᠤᠪᠢᠷᠠᠯᠳᠠ ᠨᠢ ︽ᠬᠦᠬᠡ ᠰᠣᠳᠣᠷ︾ ᠤᠨ ᠲᠤᠪᠴᠢᠳᠦ ᠲᠤᠯᠳᠦ ᠶᠢᠨ ᠵᠢᠷᠭᠤᠳᠤᠭᠠᠷ ᠠᠩᠬᠢ ᠳᠤ ᠲᠤᠳᠤᠷᠬᠠᠢ ᠢᠯᠡᠷᠡᠵᠤ ᠪᠤᠢ᠃ ᠲᠤᠬᠠᠶᠢᠯᠠᠪᠠᠯ᠂ ᠢᠨᠵᠠᠨᠨᠠᠰᠢ ᠠᠴᠠ᠄ ︽ᠭᠠᠷ ᠢᠶᠠᠨ ᠪᠡᠷᠢᠵᠤ ᠡᠪᠤᠳᠦᠭ ᠢᠶᠠᠨ ᠲᠡᠪᠡᠷᠢᠨ ᠪᠡᠶ᠎ᠡ ᠪᠠᠨ ᠰᠤᠪᠢᠯᠠᠨ ᠬᠡᠪᠡᠯᠢ ᠪᠠᠨ ᠬᠡᠯᠪᠢᠵᠣ ᠰᠣᠯᠠ ᠰᠠᠭᠤᠨ ᠵᠢᠷᠭᠠᠬᠤᠢ ᠶᠢ ᠪᠢ ᠬᠠᠷᠢᠨ ᠵᠢᠷᠭᠠᠯ ᠳᠤᠷ ᠦᠵᠡᠬᠦ ᠦᠬᠡᠢ︾ ᠬᠡᠵᠡᠢ᠃ ᠲᠡᠬᠦᠨ ᠤ ᠦᠵᠡᠬᠦ ᠪᠠᠷ᠂ ᠰᠤᠯᠠ ᠰᠠᠭᠤᠵᠤ ᠵᠢᠷᠭᠠᠬᠤ ᠪᠠᠨ ᠪᠤᠯᠢᠭᠠᠳ ᠬᠠᠷᠢᠨ ︽ᠪᠢᠷ ᠪᠡᠬᠡᠰ ᠤᠨ ᠨᠦᠵᠢᠳ ᠴᠠᠩᠬᠡᠯ︾ ᠳᠤ ᠤᠷᠤᠵᠤ᠂ ︽ᠵᠦᠪ ᠵᠦᠭᠡᠷ ᠲᠡᠪ ᠲᠡᠯᠡᠭᠠᠷ ᠨᠢᠭᠡᠨ ᠲᠦᠷᠦᠭᠰᠡᠨ ᠪᠠᠶ᠎ᠠ ᠶᠢ ᠦᠡᠭᠭᠡᠷᠡᠭᠦᠯᠵᠤ ᠲᠦᠪᠳᠡᠬᠦ ᠦᠭᠡᠢ︾ ᠳᠤ ᠪᠠᠨ ᠵᠤᠬᠢᠶᠠᠨ ᠪᠦᠳᠦᠭᠡᠬᠦ ᠠᠵᠢᠯᠯᠠᠭ᠎ᠠ ᠪᠠᠷ ᠲᠠᠮᠵᠢᠭᠤᠯᠤᠨ ᠨᠡᠶᠢᠭᠡᠮ ᠤᠨ ᠠᠰᠠᠭᠤᠳᠠᠯ ᠢ ᠨᠠᠷᠢᠪᠴᠢᠯᠠᠨ ᠰᠢᠨᠵᠢᠯᠡᠵᠠᠢ᠃ ︽ᠬᠦᠬᠡ ᠰᠤᠳᠤᠷ︾ ᠢ ᠵᠤᠬᠢᠶᠠᠭᠰᠠᠨ ᠶᠠᠪᠣᠳᠠᠯ ᠨᠢ ᠲᠠᠷᠤᠢ ᠡᠭᠦᠨ ᠤ ᠪᠤᠳᠠᠳᠠᠢ ᠭᠡᠷᠡᠴᠢ ᠪᠤᠯᠤᠨ᠎ᠠ᠃      ᠢᠨᠵᠠᠨᠨᠠᠰᠢ ᠶᠢᠨ ︽ᠨᠢᠬᠡᠨ ᠲᠡᠪᠬᠤᠷ ᠠᠰᠠᠷ︾ ᠲᠤ ᠡᠶᠢᠮᠦ ᠪᠠᠳᠠᠭ ᠰᠢᠯᠦᠭ ᠪᠤᠢ᠄ ︽ᠬᠦᠯᠳᠡᠵᠤ ᠬᠡᠮᠬᠡᠷᠡᠭᠰᠡᠨ ᠴᠠᠭᠠᠨ ᠬᠠᠰ ᠶᠠᠭᠤᠳᠠᠢ ᠡᠶᠢᠮᠦ ᠪᠤᠯᠪᠠᠷᠠᠢ / ᠬᠦᠨᠳᠦᠷᠴᠦ ᠠᠰᠬᠠᠭᠰᠠᠨ ᠰᠢᠷ᠎ᠠ ᠮᠦᠬᠦᠯᠢᠭ ᠦᠨᠡᠭᠡᠷ ᠮᠠᠰᠢ ᠵᠦᠭᠡᠯᠡᠨ / ᠬᠦᠢᠳᠡᠨ ᠢ ᠡᠰᠡᠷᠬᠦᠯᠡᠨ ᠮᠡᠳᠡᠭᠡ ᠶᠢ ᠤᠯᠰᠤᠭᠠᠢ ᠬᠡᠮᠡᠨ ᠡᠴᠢᠭᠰᠡᠨ ᠳᠤᠷ / ᠬᠦᠷᠢᠶᠠᠨ ᠤ ᠲᠤᠳᠤᠷᠠᠬᠢ ᠮᠦᠡᠭᠭᠦᠨ ᠬᠤᠮᠠᠭ ᠲᠤᠷ ᠬᠦᠯ ᠤᠨ ᠬᠡᠪ ᠲᠦᠭᠦᠷᠢᠭ︾ ᠁ ᠡ᠊ᠨᠡ ᠪᠤᠯ ᠵᠤᠬᠢᠶᠠᠯ ᠤᠨ ᠲᠤᠳᠤᠷᠡᠬᠢ ᠳ᠋ᠧ ᠴᠢᠩ᠂ ᠱᠢ ᠴᠢᠩ᠂ ᠫᠦ᠋ ᠢᠤᠢ᠂ ᠴᠢᠨ ᠮᠦᠸᠧ ᠵᠡᠷᠬᠡ ᠶᠢᠨ ᠲᠦᠷᠪᠡᠨ ᠬᠦᠮᠦᠨ᠂ ᠴᠠᠰᠤ ᠤᠷᠤᠵᠤ ᠰᠠᠯᠬᠢ ᠰᠢᠭᠤᠷᠤᠭᠰᠠᠨ ᠡᠪᠤᠯ ᠤᠨ ᠨᠢᠬᠡᠨ ᠡᠳᠦᠷ ᠲᠤ ᠲᠡᠯᠭᠡᠷᠡᠭᠰᠡᠨ ᠲᠡᠷᠢᠬᠦᠯᠡᠭᠴᠢ ᠴᠡᠴᠡᠭ ᠪᠠ ᠲᠡᠬᠦᠨ ᠤ ᠤᠷᠴᠢᠨ ᠲᠤᠭᠤᠷᠢᠨ ᠤ ᠪᠠᠶᠢᠳᠠᠯ ᠢ ᠦᠵᠡᠵᠤ ᠪᠠᠶᠢᠭᠠᠳ ᠬᠠᠮᠳᠤ ᠳᠤ ᠪᠠᠨ ᠵᠤᠬᠢᠶᠠᠭᠰᠠᠨ ︽ᠬᠦᠢᠳᠡᠨ︾ ᠬᠡᠮᠡᠬᠦ ᠰᠢᠯᠦᠭ ᠪᠤᠯᠤᠨ᠎ᠠ᠃ ᠡᠩ ᠲᠡᠷᠢᠬᠦᠨ ᠳᠤ᠂ ᠳ᠋ᠧ ᠴᠢᠩ ᠠᠴᠠ ᠲᠡᠷᠢᠬᠦᠯᠡᠭᠴᠢ ᠴᠡᠴᠡᠭ ᠤᠨ ᠬᠡᠰᠡᠷ ᠢ ᠦᠵᠡᠬᠡᠳ᠂ ︽ᠬᠦᠯᠳᠡᠵᠤ ᠬᠡᠮᠬᠡᠷᠡᠭᠰᠡᠨ ᠴᠠᠭᠠᠨ ᠬᠠᠰ ᠶᠠᠭᠤᠳᠠᠢ ᠡᠶᠢᠮᠦ ᠪᠤᠯᠪᠠᠷᠠᠢ︾ ᠬᠡᠮᠡᠨ ᠰᠢᠯᠦᠭᠯᠡᠵᠠᠢ᠃ ᠲᠠᠷᠠᠭ᠎ᠠ ᠨᠢ ᠱᠢ ᠴᠢᠩ ᠠᠴᠠ ᠲᠡᠷᠢᠬᠦᠯᠡᠭᠴᠢ ᠴᠡᠴᠡᠭ ᠤᠨ ᠰᠢᠷ᠎ᠠ ᠭᠤᠤᠯ ᠢ ᠦᠵᠡᠭᠡᠳ ︽ᠬᠦᠨᠳᠦᠷᠴᠦ ᠠᠰᠬᠠᠭᠰᠠᠨ ᠰᠢᠷ᠎ᠠ ᠮᠦᠬᠦᠯᠢᠭ ᠦᠨᠡᠭᠡᠷ ᠮᠠᠰᠢ ᠵᠦᠭᠡᠯᠡᠨ︾ ᠬᠡᠵᠤ ᠤᠶᠠᠩᠭᠠᠯᠠᠵᠠᠢ᠃ ᠭᠤᠳᠠᠭᠠᠷ ᠳᠤ᠂ ᠫᠦ᠋ ᠢᠤᠢ ᠠᠴᠠ ︽ᠬᠦᠢᠳᠡᠨ ᠢ ᠡᠰᠡᠷᠬᠦᠯᠡᠨ ᠮᠡᠳᠡᠭᠡ ᠶᠢ ᠤᠯᠰᠤᠭᠠᠢ ᠬᠡᠮᠡᠨ ᠡᠴᠢᠭᠰᠡᠨ ᠳᠤᠷ︾ ᠬᠡᠮᠡᠨ ᠰᠢᠯᠤᠭ᠍ᠯᠡᠭᠰᠡᠨ ᠳᠤ᠂ ᠴᠢᠨ ᠮᠦᠸᠧ ᠡᠭᠦᠨ ᠢ ᠨᠢ ᠡᠯᠬᠦᠵᠤ ᠠᠪᠤᠭᠠᠳ ︽ᠬᠦᠷᠢᠶᠠᠨ ᠤ ᠲᠤᠳᠤᠷᠠᠬᠢ ᠮᠦᠡᠭᠭᠦᠨ ᠬᠤᠮᠠᠭ ᠲᠤᠷ ᠬᠦᠯ ᠤᠨ ᠬᠡᠪ ᠲᠦᠭᠦᠷᠡᠩ︾ ᠬᠡᠵᠠᠢ᠃ ᠴᠢᠨ ᠮᠦᠸᠧ ᠶᠢᠨ ᠨᠡᠶᠢᠯᠡᠬᠦᠯᠦᠭᠰᠡᠨ ᠡ᠊ᠨᠡ ᠮᠦᠷ ︽ᠬᠦᠯ ᠤᠨ ᠬᠡᠪ ᠲᠦᠭᠦᠷᠢᠭ︾ ᠬᠡᠰᠡᠨ ᠦᠬᠡ ᠶᠢ ᠫᠦ᠋ ᠢᠣᠢ ᠰᠣᠨᠣᠰᠣᠭᠰᠠᠨ ᠤ ᠰᠡᠭᠦᠯᠡᠷ ᠮᠢᠨᠦ ᠬᠦᠯ ᠤᠨ ᠮᠦᠷ ᠴᠢᠮᠠᠳᠦ ︽ᠡᠯᠵᠢᠭᠡ ᠮᠠᠳᠣ ᠦᠵᠡᠭᠳᠡᠪᠠᠤ︾ ᠬᠡᠮᠡᠨ ᠡᠭ᠍ᠳᠡᠬᠦᠴᠡᠵᠠᠢ᠃ ᠴᠢᠨ ᠮᠦᠸᠧ ᠶᠠᠭᠤᠨ ᠤ ᠤᠴᠢᠷ ᠲᠤ ︽ᠬᠦᠯ ᠤᠨ ᠬᠡᠪ ᠲᠦᠭᠦᠷᠢᠭ︾ ᠬᠡᠵᠤ ᠰᠢᠯᠦᠭᠯᠡᠭᠰᠡᠨ ᠢᠶᠠᠨ ᠲᠠᠶᠢᠯᠪᠤᠷᠢᠯᠡᠨ ᠬᠡᠯᠡᠬᠦ ᠳᠤ ᠪᠠᠨ᠄ ︽ᠡ᠊ᠨᠡ ᠰᠢᠯᠦᠭ ᠤᠨ ᠲᠡᠷᠢᠬᠦᠨ ᠪᠠᠳᠠᠭ ᠲᠤᠷ ᠴᠡᠴᠡᠭ ᠤᠨ ᠬᠡᠯᠳᠡᠰ ᠢ ᠦᠬᠦᠯᠡᠪᠡ᠃ ᠲᠡᠳ᠋ ᠪᠠᠳᠠᠭ ᠲᠤᠷ ᠮᠦᠨ ᠭᠠᠭᠴᠠ ᠴᠡᠴᠡᠭ ᠤᠨ ᠦᠷ᠎ᠡ ᠭᠤᠤᠯ ᠢ ᠭᠠᠷᠭᠠᠪᠠ᠃ ᠭᠤᠳᠠᠭᠠᠷ ᠪᠠᠳᠠᠭ ᠲᠤᠷ ᠰᠡᠶ᠋ᠢ ᠬᠦᠢᠳᠡᠨ ᠪᠠ ᠡᠴᠢᠭᠰᠡᠨ ᠤᠴᠢᠷ ᠲᠠᠢ ᠬᠠᠮᠳᠦ ᠪᠠᠷ ᠲᠤᠭᠠᠴᠠᠴᠢᠵᠤᠬᠤᠢ᠃ ᠡ᠊ᠨᠡ ᠭᠤᠷᠪᠠᠨ ᠪᠠᠳᠠᠭ ᠲᠤᠷ ᠶᠡᠷᠦ ᠰᠡᠯᠬᠢᠨ ᠪᠠ ᠴᠠᠰᠤᠨ ᠢ ᠤᠭᠳᠦ ᠲᠤᠷᠠᠳᠤᠭᠰᠠᠨ ᠦᠭᠡᠢ᠃ ᠲᠡᠶᠢᠨ ᠬᠦ ᠲᠦᠳᠦᠬᠡᠷ ᠪᠠᠳᠠᠭ ᠲᠤᠷ ᠬᠦᠷᠢᠶ᠎ᠠ ᠪᠠ ᠴᠠᠰᠦ᠂ ᠬᠦᠮᠦᠨ ᠢ ᠴᠦᠮ ᠪᠢᠴᠢᠭᠰᠡᠨ ᠪᠤᠯᠪᠠᠴᠦ ᠭᠠᠭᠴᠠ ᠰᠠᠯᠬᠢᠨ ᠢ ᠲᠡᠯᠭᠡᠷᠡᠩᠭᠦᠢ ᠪᠢᠴᠢᠵᠤ ᠡᠰᠡ ᠴᠢᠳᠠᠭᠰᠠᠨ ᠲᠤᠯᠠ᠂ ᠲᠠᠶᠢᠨ ᠬᠦ ᠬᠦᠯ ᠤᠨ ᠮᠦᠷ ᠤᠨ ᠲᠠᠰᠢᠷᠡᠮ᠎ᠠ ᠲᠦᠬᠦᠷᠢᠭ ᠬᠡᠮᠡᠭᠦ ᠨᠢᠭᠡᠨ ᠦᠰᠦᠭ ᠲᠤᠷ ᠬᠤᠷᠢᠶᠠᠩᠭᠤᠶᠢᠯᠠᠨ ᠭᠠᠷᠭᠠᠵᠤᠬᠤᠢ᠃ ᠬᠦᠯ ᠤᠨ ᠬᠡᠪ ᠬᠡᠮᠡᠭᠴᠢ ᠤᠷᠳᠦ ᠲᠦᠷᠪᠡᠯᠵᠢᠨ ᠪᠦᠬᠡᠳᠡᠯ᠎ᠡ ᠶᠠᠭᠤᠨ ᠤ ᠣᠴᠢᠷ ᠲᠤᠷ ᠲᠦᠭᠦᠷᠢᠭ ᠪᠤᠯᠬᠤ ᠠᠵᠢ᠃ ᠡᠭᠦᠨ ᠤ ᠪᠤᠳᠤᠭᠰᠠᠨ ᠳᠤᠷ ᠲᠠᠷᠤᠢ ᠬᠢᠰᠬᠢᠭᠰᠡᠨ ᠬᠤᠶᠢᠨ᠎ᠠ ᠬᠦᠯ ᠤᠨ ᠤᠷᠤᠮ ᠤᠨ ᠴᠠᠰᠤ ᠶᠢ ᠰᠠᠯᠬᠢᠨ ᠬᠡᠶᠢᠰᠬᠡᠵᠤ᠂ ᠬᠠᠭᠠᠰ ᠢ ᠠᠨᠤ ᠪᠠᠯᠠᠷᠠᠭᠤᠯᠣᠭᠰᠠᠨ ᠢ ᠮᠠᠳᠠᠪᠠᠰᠦ ᠪᠤᠯᠬᠤ ᠪᠤᠯᠠᠢ᠃ ᠡᠭᠦᠨ ᠢ ᠲᠠᠷᠤᠢ ᠤᠳᠬ᠎ᠠ ᠤᠶᠠᠩᠭ᠎ᠠ ᠶᠢ ᠲᠠᠪᠬᠤᠴᠠᠭᠤᠯᠤᠨ ᠢᠯᠡᠳᠬᠡᠬᠦ ᠠᠷᠭ᠎ᠠ ᠬᠡᠮᠡᠮᠦᠢ︾ ᠬᠡᠰᠡᠨ ᠪᠠᠶᠢᠨ᠎ᠠ᠃ ᠡ᠊ᠨᠳᠡ ᠢᠨᠵᠠᠨᠨᠠᠰᠢ ᠠᠴᠠ ᠴᠢᠨ ᠮᠦᠸᠧ ᠶᠢᠨ ᠦᠬᠡ ᠪᠠᠷ ᠲᠡᠮᠵᠢᠭᠤᠯᠤᠨ ᠰᠢᠯᠦᠭ ᠤᠨ ᠤᠷᠠᠨ ᠰᠠᠨᠠᠭᠠᠨ ᠤ ᠲᠤᠬᠠᠢ ᠦᠪᠡᠷ ᠤᠨ ᠢᠶᠠᠨ ᠨᠢᠬᠡᠨ ᠵᠦᠢᠯ ᠤᠨ ᠪᠤᠳᠠᠳᠠᠢ ᠦᠵᠡᠯᠳᠡ ᠶᠢ ᠮᠠᠰᠢ ᠭᠦᠨ ᠭᠦᠨᠵᠡᠭᠡᠢ ᠢᠯᠡᠳᠬᠡᠭᠰᠡᠨ ᠪᠠᠶᠢᠨ᠎ᠠ᠃ ᠡᠬᠦᠨ ᠠᠴᠠ ᠭᠠᠳᠠᠨ᠎ᠠ᠂ ᠢᠨᠵᠠᠨᠨᠠᠰᠢ ᠦᠪᠡᠷ ᠤᠨ ᠦᠵᠡᠯᠳᠡ ᠵᠤᠷᠢᠯᠳᠠ ᠪᠠᠨ ᠦᠪᠡᠷ ᠤᠨ ᠵᠤᠬᠢᠶᠠᠯ ᠪᠦᠳᠦᠭᠡᠯ ᠳᠤ ᠪᠠᠨ ᠠᠳᠠᠯᠢ ᠪᠤᠰᠤ ᠬᠡᠯᠪᠡᠷᠢ ᠪᠠᠷ ᠤᠷᠤᠭᠤᠯᠤᠭᠰᠠᠨ ᠪᠠᠶᠢᠳᠠᠭ᠃ ᠵᠢᠱᠢᠶᠡᠯᠡᠪᠡᠯ᠄ ︽ᠨᠤᠮ ᠪᠠ ᠪᠢᠴᠢᠭ︾ ᠲᠤ ︽ᠪᠢᠴᠢᠭ ᠰᠣᠳᠣᠷ᠂ ᠱᠠᠰᠳᠢᠷ ᠲᠡᠮᠳᠡᠭᠯᠡᠯ ᠬᠡᠮᠡᠭᠴᠢ ᠡᠬᠡᠨᠡᠭᠳᠡ ᠨᠢᠭᠡᠭᠡᠨ ᠦᠨᠡᠨ ᠬᠡᠷᠡᠭ ᠦᠢᠯᠡᠰ ᠤᠨ ᠵᠠᠩ ᠲᠠᠩᠰᠠ᠂ ᠦᠢᠯᠡᠳᠪᠦᠷᠢ ᠲᠡᠪᠳᠡᠷ ᠤᠳ ᠪᠤᠶᠤ︾᠂ ︽ᠨᠣᠮᠴᠢ ᠶᠢᠨ ᠬᠠᠭᠤᠷᠮᠠᠭ︾ ᠲᠤ ︽ᠪᠢᠴᠢᠭ ᠪᠤᠯᠪᠠᠰᠤ ᠦᠨᠡᠨ ᠬᠡᠷᠡᠴᠢ ᠪᠠᠷᠢᠮᠳᠠ ᠲᠠᠢ ᠪᠠᠶᠢᠬᠤ ᠬᠡᠷᠡᠭᠳᠠᠢ︾ ᠬᠡᠬᠦ ᠮᠡᠳᠦ᠃      ᠡᠬᠦᠨ ᠠᠴᠠ ᠦᠵᠡᠬᠦ ᠳᠤ᠂ ᠢᠨᠵᠠᠨᠨᠠᠰᠢ ᠶᠢᠨ ᠦᠵᠡᠯᠳᠡ ᠵᠤᠷᠢᠯᠭ᠎ᠠ ᠦᠬᠦᠯᠡᠯ ᠲᠡᠮᠳᠡᠭᠯᠡᠯ᠂ ᠦᠬᠡ ᠶᠠᠷᠢᠶ᠎ᠠ ᠠᠴᠠ ᠲᠡᠭᠦᠨ ᠤ ᠵᠤᠬᠢᠶᠠᠯ ᠪᠦᠳᠦᠭᠡᠯ ᠢ ᠨᠠᠩ ᠬᠦᠨᠵᠡᠬᠡᠢ ᠤᠶᠢᠯᠡᠭᠠᠵᠤ ᠪᠤᠯᠤᠨ᠎ᠠ᠃      ᠤᠷᠠᠨ ᠵᠤᠬᠢᠶᠠᠯ ᠤᠨ ᠰᠤᠳᠤᠯᠭᠠᠨ ᠪᠤᠯ ᠤᠷᠠᠨ ᠪᠦᠳᠦᠭᠡᠯ ᠢᠶᠠᠷ ᠭᠤᠤᠯ ᠰᠣᠳᠣᠯᠣᠭᠳᠠᠬᠤᠨ ᠢᠶᠠᠨ ᠪᠤᠯᠭᠠᠵᠤ᠂ ᠵᠤᠬᠢᠶᠠᠭᠴᠢ — ᠵᠤᠬᠢᠶᠠᠯ ᠪᠦᠳᠦᠭᠡᠯ — ᠤᠡᠭᠰᠢᠭ᠌ᠴᠢ ᠶᠢᠨ ᠨᠢᠬᠡᠳᠦᠮᠡᠯ ᠴᠤᠭᠴᠠ ᠠᠴᠠ ᠤᠴᠢᠵᠤ ᠤᠷᠠᠨ ᠪᠦᠳᠦᠬᠡᠯ ᠢ ᠰᠣᠳᠣᠯᠬᠤ ᠠᠴᠠ ᠪᠢᠰᠢ᠂ ᠭᠠᠭᠴᠠ ᠨᠠᠮᠳᠠᠷ ᠲᠡᠤᠬᠡ ᠶᠢᠨ ᠰᠣᠳᠣᠯᠬᠤ ᠠᠷᠭ᠎ᠠ ᠪᠠᠷ ᠤᠷᠠᠨ ᠪᠦᠳᠦᠭᠡᠯ ᠢ ᠰᠣᠳᠣᠯᠬᠤ ᠪᠢᠰᠢ ᠶᠤᠮ᠃ ᠨᠠᠮᠳᠠᠷ ᠲᠡᠤᠬᠡ ᠶᠢᠨ ᠰᠣᠳᠣᠯᠬᠤ ᠠᠷᠭ᠎ᠠ ᠨᠢ ᠵᠦᠪᠬᠡᠨ ᠣᠷᠠᠨ ᠪᠦᠳᠦᠬᠡᠯ ᠢ ᠰᠣᠳᠣᠯᠬᠤ ᠠᠷᠭ᠎ᠠ ᠶᠢᠨ ᠨᠢᠬᠡᠨ ᠠᠷᠭ᠎ᠠ ᠠᠪᠴᠠᠯ ᠲᠡᠳᠦᠢ᠃ ᠨᠠᠮᠳᠠᠷ ᠲᠡᠤᠬᠡ ᠶᠢᠨ ᠰᠣᠳᠣᠯᠬᠤ ᠠᠷᠭ᠎ᠠ ᠨᠢ ᠤᠷᠠᠨ ᠵᠤᠬᠢᠶᠠᠯ ᠢ ᠰᠣᠳᠣᠯᠬᠤ ᠨᠢᠬᠡᠨ ᠠᠷᠭ᠎ᠠ ᠪᠤᠯᠤᠭᠰᠠᠨ ᠤ ᠬᠤᠪᠢ ᠳᠤ ᠲᠡᠷᠡ ᠨᠢ ᠦᠪᠡᠷ ᠤᠨ ᠵᠤᠬᠢᠬᠤ ᠠᠴᠢ ᠬᠤᠯᠪᠤᠭᠳᠠᠯ ᠲᠠᠢ ᠪᠠᠶᠢᠳᠠᠬ᠃ ᠨᠠᠮᠳᠠᠷ ᠲᠡᠤᠬᠡ ᠶᠢᠨ ᠰᠣᠳᠣᠯᠬᠤ ᠠᠷᠭ᠎ᠠ ᠨᠢ ᠵᠤᠬᠢᠶᠠᠭᠴᠢ ᠪᠤᠯᠤᠨ ᠵᠤᠬᠢᠶᠠᠯ ᠪᠦᠳᠦᠬᠡᠯ ᠤᠨ ᠬᠠᠷᠢᠴᠠᠭᠠᠨ ᠠᠴᠠ ᠤᠷᠠᠨ ᠪᠦᠳᠦᠬᠡᠯ ᠢ ᠰᠣᠳᠣᠯᠬᠤ ᠪᠠᠷ ᠭᠤᠤᠯ ᠤᠨᠴᠠᠯᠢᠭ ᠪᠤᠯᠭᠠᠳᠠᠭ᠃ ᠬᠡᠪᠡᠴᠦ ᠵᠤᠬᠢᠶᠠᠭᠴᠢ ᠶᠢᠨ ᠨᠠᠮᠳᠠᠷ ᠲᠤ ᠭᠠᠷᠤᠭᠰᠠᠨ ᠠᠮᠢᠳᠦᠷᠠᠯ ᠤᠨ ᠦᠡᠭᠭᠡᠷᠡᠯᠳᠡ᠂ ᠵᠤᠬᠢᠶᠠᠭᠴᠢ ᠶᠢᠨ ᠨᠠᠮᠳᠠᠷ ᠪᠤᠯᠤᠨ ᠤᠷᠠᠨ ᠵᠤᠬᠢᠶᠠᠯ ᠨᠢ ᠪᠦᠷᠢᠮᠦᠰᠦᠨ ᠲᠡᠩᠴᠡᠬᠦᠦ ᠪᠢᠰᠢ᠃ ᠤᠷᠠᠨ ᠵᠤᠬᠢᠶᠠᠯ ᠲᠤᠳᠤᠷᠠᠬᠢ ᠦᠢᠯᠡ ᠶᠠᠪᠤᠳᠠᠯ᠂ ᠤᠷᠠᠨ ᠲᠦᠷᠢ ᠨᠢ ᠵᠤᠬᠢᠶᠠᠭᠴᠢ ᠶᠢᠨ ᠨᠡᠮᠳᠠᠷ ᠲᠤ ᠭᠠᠷᠤᠭᠰᠠᠨ ᠠᠮᠢᠳᠦᠷᠠᠯ ᠤᠨ ᠦᠡᠭᠭᠡᠷᠡᠯᠳᠡ᠂ ᠵᠤᠬᠢᠶᠠᠭᠴᠢ ᠶᠢᠨ ᠲᠤᠰ ᠪᠠᠶ᠎ᠠ ᠲᠠᠢ ᠪᠦᠷᠢᠮᠦᠰᠦᠨ ᠲᠡᠩᠴᠡᠭᠦᠦ ᠪᠢᠰᠢ᠃ ᠤᠴᠢᠷ ᠨᠢ ᠵᠤᠬᠢᠶᠠᠭᠴᠢ ᠪᠤᠯ ᠵᠤᠬᠢᠶᠠᠯ ᠤᠨ ᠲᠤᠰ ᠪᠠᠶ᠎ᠠ᠂ ᠤᠷᠠᠨ ᠪᠦᠳᠦᠭᠡᠯ ᠪᠤᠯ ᠵᠤᠬᠢᠶᠠᠭᠴᠢ ᠶᠢᠨ ᠵᠤᠬᠢᠶᠠᠵᠤ ᠪᠦᠳᠦᠭᠡᠭᠰᠡᠨ ᠪᠦᠳᠦᠭᠡᠯ ᠮᠦᠨ᠃ ᠨᠡᠮᠳᠡᠷ ᠲᠡᠤᠬᠡ ᠶᠢᠨ ᠰᠣᠳᠣᠯᠬᠤ ᠠᠷᠭ᠎ᠠ ᠨᠢ ᠬᠡᠳᠦ᠋ᠢᠪᠡᠷ ᠵᠤᠬᠢᠶᠠᠬᠴᠢ ᠶᠢᠨ ᠨᠠᠮᠳᠠᠷ ᠪᠤᠯᠤᠨ ᠵᠤᠬᠢᠶᠠᠯ ᠪᠦᠳᠦᠭᠡᠯ ᠤᠨ ᠬᠠᠷᠢᠴᠠᠭ᠎ᠠ ᠶᠢ ᠰᠣᠳᠣᠯᠬᠤ ᠪᠠᠷ ᠭᠤᠤᠯ ᠤᠨᠴᠠᠯᠢᠭ ᠢᠶᠠᠨ ᠪᠤᠯᠭᠠᠳᠠᠭ ᠪᠤᠯᠪᠠᠴᠦ᠂ ᠵᠤᠬᠢᠶᠠᠭᠴᠢ ᠶᠢᠨ ᠨᠠᠮᠳᠠᠷ ᠪᠤᠯᠤᠨ ᠵᠤᠬᠢᠶᠠᠯ ᠪᠦᠳᠦᠭᠡᠯ ᠢ ᠨᠢ ᠨᠢᠬᠡ ᠨᠢᠬᠡ ᠶᠢᠨ ᠬᠠᠷᠠᠭᠠᠯᠵᠠᠯ ᠢᠶᠠᠷ ᠰᠣᠳᠣᠯᠳᠠᠭ ᠪᠢᠰᠢ᠂ ᠬᠠᠷᠢᠨ ᠵᠤᠬᠢᠶᠠᠭᠴᠢ ᠶᠢᠨ ᠨᠠᠮᠳᠠᠷ ᠢᠶᠠᠷ ᠲᠠᠮᠵᠢᠵᠤ ᠵᠤᠬᠢᠶᠠᠯ ᠪᠦᠳᠦᠭᠡᠯ ᠤᠨ ᠬᠢᠨ ᠤᠳᠬ᠎ᠠ ᠰᠠᠨᠠᠭ᠎ᠠ ᠶᠢ ᠨᠢ ᠤᠶᠢᠯᠠᠭᠠᠬᠤ ᠪᠠᠷ ᠭᠤᠤᠯ ᠵᠤᠷᠢᠯᠭ᠎ᠠ ᠪᠠᠨ ᠪᠤᠯᠭᠠᠳᠠᠭ᠃ ᠨᠠᠮᠳᠡᠷ ᠲᠡᠦᠭᠡ ᠶᠢᠨ ᠰᠤᠳᠤᠯᠬᠤ ᠠᠷᠭ᠎ᠠ ᠨᠢ ᠦᠪᠡᠷ ᠤᠨ ᠢᠶᠠᠨ ᠲᠤᠳᠠᠭᠳᠠᠯ ᠲᠠᠢ ᠲᠠᠯ᠎ᠠ ᠲᠠᠢ ᠪᠠᠶᠢᠳᠠᠬ ᠪᠤᠯᠪᠠᠴᠤ ᠤᠷᠠᠨ ᠵᠤᠬᠢᠶᠠᠯ ᠤᠨ ᠰᠤᠳᠤᠯᠬᠤ ᠠᠷᠭ᠎ᠠ ᠶᠢᠨ ᠨᠢᠭᠡ ᠪᠤᠯᠤᠭᠰᠠᠨ ᠤ ᠬᠤᠪᠢ ᠳᠤ ᠮᠦᠨ ᠴᠦ ᠲᠡᠭᠦᠨ ᠤ ᠪᠠᠨ ᠦᠨ᠎ᠠ ᠦᠷᠳᠡᠭ ᠲᠠᠢ ᠪᠠᠶᠢᠳᠠᠬ᠃      ᠵᠡᠬᠦᠯᠳᠡ᠄      ① ᠸᠠᠩ ᠶᠤᠸᠠᠢ ᠴᠤᠸᠠᠨ᠂ ᠬᠤ᠋ ᠶᠢᠨ ᡁᠢ ︽ᠤᠳᠬ᠎ᠠ ᠵᠤᠬᠢᠶᠠᠯ ᠭᠤᠸ᠎ᠠ ᠵᠦᠢ ᠶᠢᠨ ᠠᠷᠭ᠎ᠠ ᠶᠢᠨ ᠤᠨᠤᠯ︾ ᠪᠡᠬᠡᠵᠢᠩ ᠶᠡᠭᠡ ᠰᠣᠷᠭᠠᠭᠤᠯᠢ ᠶᠢᠨ ᠬᠡᠪᠯᠡᠯ ᠤᠨ ᠬᠤᠷᠢᠶ᠎ᠠ᠂ p54᠂ p57᠂ p60      ② ᠵᠡᠯᠭ᠎ᠠ ︽ᠢᠨᠵᠡᠨᠨᠠᠰᠢ ᠶᠢᠨ ᠤᠨ ᠤ ᠪᠢᠴᠢᠭ︾ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 1995 ᠤᠨ᠂ p1      ③ ︽ᠢᠨᠵᠡᠨᠨᠡᠰᠢ ᠶᠢᠨ ᠲᠤᠬᠠᠢ ᠰᠣᠳᠣᠯᠭᠠᠨ ᠤ ᠦᠬᠦᠯᠡᠯ ᠤᠨ ᠲᠡᠬᠦᠪᠦᠷᠢ︾ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 1982 ᠤᠨ᠂ p249     ᠬᠠᠶ᠋ᠢᠬ᠄ ᠤᠯᠠᠭᠠᠠᠬᠠᠳᠠ ᠳᠤ ᠬᠢ ᠮᠤᠩᠭᠤᠯ ᠦᠨᠳᠦᠰᠦᠳᠡᠨ ᠤ ᠲᠤᠮᠳᠠᠳᠤ ᠰᠤᠷᠭᠠᠭᠤᠯᠢ                     ︵ᠰᠠᠩᠵᠠᠢ ᠨᠠᠶᠢᠷᠠᠭᠤᠯᠪᠠ︶                     2018 ᠣᠨ ᠤ 10 ᠳ᠋ᠤᠭᠠᠷ ᠬᠤᠭᠤᠴᠠᠭ᠎ᠠ
 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠥᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map