︵ 2024 ᠣᠨ ᠤ 9 ᠰᠠᠷ᠎ᠠ ᠶᠢᠨ 4 ᠤ ᠡᠳᠦᠷ ᠂ ᠪᠡᠭᠡᠵᠢᠩ ᠳᠤ ︶ | ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠡᠷᠢᠭᠦᠯᠡᠭᠴᠢ ᠰᠢ ᠶᠢᠨ ᠫᠢᠩ | | ᠬᠦᠨᠳᠦᠲᠦ ᠶᠡᠷᠦᠩᠬᠡᠶᠢᠯᠡᠭᠴᠢ ᠹᠠᠶᠧ ᠂ ᠬᠦᠨᠳᠦᠲᠦ ᠬᠠᠮᠲᠤ ᠠᠵᠢᠯᠯᠠᠭᠴᠢ ᠪᠠ ᠬᠠᠲᠤᠭᠲᠠᠢ ᠨᠠᠷ ᠂ ᠡᠷᠬᠢᠮ ᠨᠠᠶᠢᠵᠠ ᠨᠠᠷ ᠂ ᠡᠷᠬᠢᠮ ᠵᠣᠴᠢᠳ ᠠ᠋᠄ | ᠦᠳᠡᠰᠢ ᠶᠢᠨ ᠮᠡᠨᠳᠦ ᠠᠶᠢᠯᠠᠳᠬᠠᠶ᠎ᠠ︕ | ᠲᠠ ᠤᠯᠠᠨ ᠲᠠᠢ ᠬᠠᠮᠲᠤ ᠪᠠᠷ ᠰᠢᠨ᠎ᠡ ᠨᠢᠭᠡ ᠤᠳᠠᠭᠠᠨ ᠤ ᠳᠤᠮᠳᠠᠳᠤ ᠠᠹᠷᠢᠺᠠ ᠶᠢᠨ ᠬᠠᠮᠲᠤᠷᠠᠯᠴᠠᠭᠠᠨ ᠤ ᠶᠠᠷᠢᠶᠠᠨ ᠤ ᠲᠠᠪᠴᠠᠩ ᠤᠨ ᠲᠦᠷᠦᠭᠦᠴᠦᠳ ᠤᠨ ᠬᠤᠷᠠᠯ ᠢ | ᠤᠭᠲᠤᠬᠤ ᠪᠣᠯᠤᠭᠰᠠᠨ ᠳᠠᠭᠠᠨ ᠮᠠᠰᠢ ᠪᠠᠶᠠᠷᠲᠠᠢ ᠪᠠᠶᠢᠨ᠎ᠠ ᠃ ᠪᠢ ᠳᠤᠮᠳᠠᠳᠤ ᠤᠯᠤᠰ ᠤᠨ ᠵᠠᠰᠠᠭ ᠤᠨ ᠣᠷᠳᠣᠨ ᠪᠣᠯᠣᠨ ᠳᠤᠮᠳᠠᠳᠤ ᠤᠯᠤᠰ ᠤᠨ ᠠᠷᠠᠳ ᠲᠦᠮᠡᠨ ᠤ | ᠡᠮᠦᠨ᠎ᠡ ᠠᠴᠠ ᠂ ᠬᠠᠲᠤᠨ ᠲᠠᠢ ᠪᠠᠨ ᠬᠠᠮᠲᠤ ᠂ ᠡᠷᠬᠢᠮ ᠵᠣᠴᠢᠳ ᠤᠨ ᠬᠦᠷᠦᠯᠴᠡᠨ ᠢᠷᠡᠭᠰᠡᠨ ᠢ ᠬᠠᠯᠠᠭᠤᠨ ᠢᠶᠠᠷ ᠤᠭᠲᠤᠵᠤ ᠪᠠᠶᠢᠬᠤ ᠪᠠᠨ ᠢᠯᠡᠳᠬᠡᠶ᠎ᠡ︕ | ᠬᠠᠷᠢᠯᠴᠠᠨ ᠮᠡᠳᠡᠯᠴᠡᠪᠡᠯ ᠬᠤᠯᠠ ᠣᠶᠢᠷ᠎ᠠ ᠳᠤ ᠨᠥᠯᠥᠭᠡᠯᠡᠭᠳᠡᠬᠦ ᠦᠭᠡᠢ ᠂ ᠲᠦᠮᠡᠨ ᠭᠠᠵᠠᠷ ᠬᠤᠯᠠ ᠪᠠᠶᠢᠪᠠᠴᠤ ᠬᠥᠷᠰᠢ ᠵᠡᠷᠭᠡᠯᠡᠳᠡᠭᠡ ᠪᠣᠯᠵᠤ ᠪᠣᠯᠣᠨ᠎ᠠ ᠃ ᠪᠢ ᠠᠹᠷᠢᠺᠠ | ᠲᠢᠪ ᠲᠤ 10 ᠤᠳᠠᠭ᠎ᠠ ᠠᠶᠢᠯᠴᠢᠯᠠᠵᠤ ᠥᠩᠭᠡᠷᠡᠭᠰᠡᠨ ᠪᠥᠭᠡᠳ ᠠᠹᠷᠢᠺᠠ ᠲᠢᠪ ᠤᠨ ᠮᠠᠰᠢ ᠤᠯᠠᠨ ᠤᠯᠤᠰ ᠤᠨ ᠤᠳᠤᠷᠢᠳᠬᠤ ᠬᠥᠮᠥᠰ ᠤᠨ ᠳᠤᠮᠳᠠᠳᠤ ᠤᠯᠤᠰ ᠲᠠᠬᠢ | ᠠᠶᠢᠯᠴᠢᠯᠠᠯᠳᠠ ᠶᠢ ᠭᠥᠯᠢᠶᠡᠨ ᠠᠪᠴᠤ ᠥᠩᠭᠡᠷᠡᠭᠰᠡᠨ ᠶᠤᠮ ᠃ ᠠᠹᠷᠢᠺᠠ ᠲᠢᠪ ᠤᠨ ᠨᠠᠶᠢᠵᠠ ᠨᠠᠷ ᠲᠠᠢ ᠠᠭᠤᠯᠵᠠᠬᠤ ᠪᠦᠷᠢ ᠂ ᠪᠢ ᠮᠠᠰᠢ ᠳᠣᠲᠣᠨᠣ ᠰᠠᠨᠠᠭᠳᠠᠳᠠᠭ ᠂ | ᠢᠯᠠᠩᠭᠤᠶ᠎ᠠ ᠳᠤᠮᠳᠠᠳᠤ ᠠᠹᠷᠢᠺᠠ ᠶᠢᠨ ᠬᠤᠪᠢ ᠵᠠᠶᠠᠭᠠᠨ ᠤ ᠬᠠᠮᠲᠤ ᠶᠢᠨ ᠴᠣᠭᠴᠠ ᠶᠢᠨ ᠪᠠᠶᠢᠭᠤᠯᠤᠯᠲᠠ ᠶᠢᠨ ᠰᠠᠭᠤᠷᠢ ᠪᠠᠲᠤ ᠂ ᠡᠭᠢᠯᠡᠯᠲᠡ ᠶᠢᠨ ᠴᠡᠭ ᠥᠨᠳᠥᠷ ᠂ ᠠᠯᠤᠰ | ᠢᠷᠡᠭᠡᠳᠦᠢ ᠥᠷᠭᠡᠨ ᠠᠭᠤᠳᠠᠮ ᠪᠠᠶᠢᠵᠤ ᠂ ᠬᠥᠮᠥᠨ ᠲᠥᠷᠥᠯᠬᠢᠲᠡᠨ ᠤ ᠬᠤᠪᠢ ᠵᠠᠶᠠᠭᠠᠨ ᠤ ᠬᠠᠮᠲᠤ ᠶᠢᠨ ᠴᠣᠭᠴᠠ ᠶᠢ ᠪᠠᠶᠢᠭᠤᠯᠬᠤ ᠳᠤ ᠭᠡᠷᠡᠯ ᠰᠠᠴᠤᠷᠠᠩᠭᠤᠢ ᠬᠡᠪ | ᠳᠠᠭᠤᠷᠢᠶᠠᠯ ᠦᠵᠡᠭᠦᠯᠦᠭᠰᠡᠨ ᠢ ᠭᠦᠨᠵᠡᠭᠡᠢ ᠮᠡᠳᠡᠷᠡᠵᠦ ᠣᠯᠳᠠᠭ ᠃ | ᠳᠤᠮᠳᠠᠳᠤ ᠠᠹᠷᠢᠺᠠ ᠶᠢᠨ ᠬᠤᠪᠢ ᠵᠠᠶᠠᠭᠠᠨ ᠤ ᠬᠠᠮᠲᠤ ᠶᠢᠨ ᠴᠣᠭᠴᠠ ᠤᠯᠠᠮᠵᠢᠯᠠᠯᠲᠤ ᠨᠥᠬᠦᠷᠯᠡᠯ ᠳᠤ ᠦᠨᠳᠦᠰᠦᠯᠡᠭᠰᠡᠨ ᠶᠤᠮ ᠃ ᠳᠡᠭᠡᠷ᠎ᠡ ᠵᠠᠭᠤᠨ ᠤ | ᠳᠤᠮᠳᠠᠴᠢ ᠠᠴᠠ ᠨᠠᠭᠠᠰᠢ ᠂ ᠪᠢᠳᠡ ᠡᠵᠡᠷᠬᠡᠭ ᠲᠦᠷᠢᠮᠡᠬᠡᠶᠢᠲᠡᠨ ᠢ ᠡᠰᠡᠷᠭᠦᠴᠡᠬᠦ ᠺᠣᠯᠣᠨᠢᠴᠢᠯᠠᠯ ᠢ ᠡᠰᠡᠷᠭᠦᠴᠡᠬᠦ ᠡᠵᠡᠷᠬᠡᠬᠦ ᠦᠵᠡᠯ ᠢ ᠡᠰᠡᠷᠭᠦᠴᠡᠬᠦ ᠲᠡᠮᠡᠴᠡᠯ ᠳᠤᠮᠳᠠ ᠮᠥᠷᠥ | ᠵᠡᠷᠭᠡᠴᠡᠨ ᠲᠡᠮᠡᠴᠡᠵᠦ ᠂ ᠬᠥᠭᠵᠢᠨ ᠮᠠᠨᠳᠤᠬᠤ ᠂ ᠬᠦᠰᠡᠯ ᠵᠡᠭᠦᠳᠦ ᠪᠠᠨ ᠲᠡᠷᠭᠡᠯᠰᠢᠭᠦᠯᠬᠦ ᠣᠳᠣᠬᠢᠴᠢᠯᠠᠯᠲᠠ ᠶᠢᠨ ᠵᠠᠮ ᠳᠡᠭᠡᠷ᠎ᠡ ᠭᠠᠷ ᠬᠤᠯᠪᠣᠨ ᠬᠠᠮᠲᠤ ᠪᠠᠷ ᠤᠷᠤᠭᠰᠢᠯᠠᠪᠠ ᠃ | ᠳᠡᠯᠡᠬᠡᠢ ᠶᠢᠨ ᠪᠠᠶᠢᠳᠠᠯ ᠶᠠᠭᠠᠬᠢᠵᠤ ᠬᠤᠪᠢᠷᠠᠭᠰᠠᠨ ᠴᠤ ᠂ ᠳᠤᠮᠳᠠᠳᠤ ᠠᠹᠷᠢᠺᠠ ᠶᠢᠨ ᠨᠥᠬᠦᠷᠯᠡᠯ ᠦᠷᠭᠦᠯᠵᠢᠯᠡᠨ ᠤᠯᠠᠮᠵᠢᠯᠠᠭᠳᠠᠵᠤ ᠂ ᠶᠠᠪᠤᠬᠤ ᠲᠤᠳᠤᠮ ᠪᠠᠬᠢᠵᠢᠪᠡ ᠃ | ᠳᠤᠮᠳᠠᠳᠤ ᠠᠹᠷᠢᠺᠠ ᠶᠢᠨ ᠬᠤᠪᠢ ᠵᠠᠶᠠᠭᠠᠨ ᠤ ᠬᠠᠮᠲᠤ ᠶᠢᠨ ᠴᠣᠭᠴᠠ ᠨᠢ ᠬᠠᠮᠲᠤᠷᠠᠯᠴᠠᠵᠤ ᠬᠠᠮᠲᠤ ᠪᠠᠷ ᠠᠰᠢᠭ ᠭᠦᠷᠳᠡᠭᠦ ᠳᠡᠭᠡᠷ᠎ᠡ ᠢᠯᠡᠷᠡᠨ᠎ᠡ ᠃ 24 ᠵᠢᠯ ᠤᠨ | ᠡᠮᠦᠨ᠎ᠡ ᠂ ᠳᠤᠮᠳᠠᠳᠤ ᠠᠹᠷᠢᠺᠠ ᠶᠢᠨ ᠬᠠᠮᠲᠤᠷᠠᠯᠴᠠᠭᠠᠨ ᠤ ᠶᠠᠷᠢᠶᠠᠨ ᠤ ᠲᠠᠪᠴᠠᠩ ᠰᠢᠨ᠎ᠡ ᠵᠠᠭᠤᠨ ᠤ ᠦᠷ ᠤᠨ ᠲᠤᠶᠠᠭ᠎ᠠ ᠶᠢ ᠤᠭᠲᠤᠨ ᠮᠡᠨᠳᠦᠯᠡᠪᠡ ᠃ ᠡᠨᠡ ᠬᠦ ᠴᠢᠬᠤᠯᠠ | ᠲᠠᠪᠴᠠᠩ ᠳᠤ ᠲᠦᠰᠢᠭᠯᠡᠨ ᠂ ᠪᠢᠳᠡ ᠭᠠᠷ ᠬᠤᠯᠪᠣᠨ ᠵᠠᠰᠠᠮᠠᠯ ᠵᠠᠮ ᠂ ᠲᠡᠮᠦᠷ ᠵᠠᠮ ᠂ ᠰᠤᠷᠭᠠᠭᠤᠯᠢ ᠂ ᠡᠮᠨᠡᠯᠭᠡ ᠶᠢᠨ ᠬᠤᠷᠢᠶ᠎ᠠ ᠂ ᠠᠵᠤ ᠦᠢᠯᠡᠳᠪᠦᠷᠢ ᠶᠢᠨ ᠬᠦᠷᠢᠶᠡᠯᠡᠩ | ᠲᠣᠭᠤᠷᠢᠭ ᠂ ᠠᠵᠤ ᠠᠬᠤᠢ ᠶᠢᠨ ᠣᠨᠴᠠᠭᠠᠢ ᠣᠷᠣᠨ ᠢ ᠪᠠᠶᠢᠭᠤᠯᠵᠤ ᠂ ᠲᠤᠭ᠎ᠠ ᠲᠣᠮᠰᠢ ᠦᠭᠡᠢ ᠬᠥᠮᠥᠰ ᠤᠨ ᠠᠮᠢᠳᠤᠷᠠᠯ ᠪᠠ ᠬᠤᠪᠢ ᠵᠠᠶᠠᠭ᠎ᠠ ᠶᠢ ᠬᠤᠪᠢᠷᠠᠭᠤᠯᠪᠠ ᠃ | ᠳᠤᠮᠳᠠᠳᠤ ᠠᠹᠷᠢᠺᠠ ᠶᠢᠨ ᠬᠤᠪᠢ ᠵᠠᠶᠠᠭᠠᠨ ᠤ ᠬᠠᠮᠲᠤ ᠶᠢᠨ ᠴᠣᠭᠴᠠ ᠴᠠᠭ ᠦᠶ᠎ᠡ ᠲᠠᠢ ᠵᠡᠷᠭᠡ ᠪᠠᠷ ᠤᠷᠤᠭᠰᠢᠯᠠᠪᠠ ᠃ 2021 ᠣᠨ ᠤ ᠶᠠᠷᠢᠶᠠᠨ ᠤ ᠲᠠᠪᠴᠠᠩ ᠤᠨ | ᠳ᠋ᠠᠺᠠᠷ ᠤᠨ ᠬᠤᠷᠠᠯ ᠠᠴᠠ ᠨᠠᠭᠠᠰᠢ ᠂ ᠪᠢᠳᠡ ︽ ᠶᠢᠰᠦᠨ ᠵᠦᠢᠯ ᠤᠨ ᠢᠨᠵᠧᠨᠧᠷᠢᠩ ︾ ᠵᠡᠷᠭᠡ ᠬᠤᠷᠠᠯ ᠤᠨ ᠦᠷ᠎ᠡ ᠪᠦᠲᠦᠭᠡᠯ ᠢ ᠨᠠᠶᠢᠳᠠᠪᠤᠷᠢᠵᠢᠭᠤᠯᠬᠤ ᠶᠢ ᠪᠦᠭᠦ | ᠬᠦᠴᠦ ᠪᠠᠷ ᠢᠶᠠᠨ ᠠᠬᠢᠭᠤᠯᠵᠤ ᠂ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠲᠠᠢ ᠲᠡᠮᠡᠴᠡᠬᠦ ᠳᠤᠮᠳᠠ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠵᠤ ᠂ | ᠴᠢᠬᠤᠯᠠ ᠶᠡᠭᠡ ᠳᠡᠯᠡᠬᠡᠢ ᠶᠢᠨ ᠪᠠ ᠭᠠᠵᠠᠷ ᠣᠷᠣᠨ ᠤ ᠠᠰᠠᠭᠤᠳᠠᠯ ᠳᠡᠭᠡᠷ᠎ᠡ ᠬᠦᠴᠦ ᠪᠠᠨ ᠬᠠᠮᠲᠤᠳᠬᠠᠨ ᠬᠠᠮᠵᠢᠯᠴᠠᠵᠤ ᠂ ᠪᠦᠭᠦ ᠪᠥᠮᠪᠥᠷᠴᠡᠭ ᠤᠨ ᠬᠥᠭᠵᠢᠵᠦ ᠪᠠᠶᠢᠭ᠎ᠠ | ᠤᠯᠤᠰ ᠤᠳ ᠤᠨ ᠴᠠᠭ ᠦᠶ᠎ᠡ ᠶᠢᠨ ᠬᠦᠴᠦᠷᠬᠡᠭ ᠳᠠᠭᠤᠨ ᠢ ᠬᠠᠮᠲᠤ ᠪᠠᠷ ᠬᠠᠩᠭᠢᠨᠠᠭᠤᠯᠪᠠ ᠃ | ᠨᠠᠶᠢᠵᠠ ᠨᠠᠷ ᠠ᠋ ᠂ ᠡᠷᠬᠢᠮ ᠵᠣᠴᠢᠳ ᠠ᠋ ︕ | ᠬᠤᠪᠢ ᠵᠠᠶᠠᠭᠠᠨ ᠤ ᠬᠠᠮᠲᠤ ᠶᠢᠨ ᠴᠣᠭᠴᠠ ᠶᠢ ᠪᠠᠶᠢᠭᠤᠯᠬᠤ ᠪᠣᠯ ᠬᠥᠮᠥᠨ ᠲᠥᠷᠥᠯᠬᠢᠲᠡᠨ ᠤ ᠬᠠᠮᠲᠤ ᠶᠢᠨ ᠬᠦᠰᠡᠯ ᠵᠡᠭᠦᠳᠦ ᠮᠥᠨ ᠂ ᠣᠳᠣᠬᠢᠴᠢᠯᠠᠯᠲᠠ ᠪᠣᠯ ᠬᠦᠰᠡᠯ | ᠵᠡᠭᠦᠳᠦ ᠶᠢ ᠪᠣᠳᠠᠲᠤ ᠠᠬᠤᠢ ᠲᠠᠢ ᠬᠤᠯᠪᠣᠬᠤ ᠳᠤ ᠵᠠᠶᠢᠯᠠᠰᠢ ᠦᠭᠡᠢ ᠶᠠᠪᠤᠬᠤ ᠵᠠᠮ ᠮᠥᠨ ᠃ ᠥᠩᠭᠡᠷᠡᠭᠰᠡᠨ ᠪᠠ ᠤᠳᠤ ᠭᠡᠰᠡᠨ ᠦᠭᠡᠢ ᠂ ᠳᠤᠮᠳᠠᠳᠤ ᠠᠹᠷᠢᠺᠠ ᠪᠣᠯ ᠴᠥᠮ | ᠬᠤᠪᠢ ᠵᠠᠶᠠᠭᠠᠨ ᠤ ᠬᠠᠮᠲᠤ ᠶᠢᠨ ᠴᠣᠭᠴᠠ ᠶᠢ ᠪᠠᠶᠢᠭᠤᠯᠬᠤ ᠶᠢᠨ ᠬᠤᠰᠢᠭᠤᠴᠢ ᠮᠥᠨ ᠂ ᠢᠷᠡᠭᠡᠳᠦᠢ ᠳᠤ ᠪᠠᠰᠠ ᠯᠠᠪᠲᠠᠢ ᠭᠠᠷ ᠬᠤᠯᠪᠣᠨ ᠣᠳᠣᠬᠢᠴᠢᠯᠠᠯᠲᠠ ᠶᠢᠨ | ᠠᠬᠢᠴᠠ ᠶᠢᠨ ᠡᠮᠦᠨ᠎ᠡ ᠡᠩᠨᠡᠭᠡᠨ ᠳᠤ ᠶᠠᠪᠤᠬᠤ ᠪᠣᠯᠣᠨ᠎ᠠ ᠃ 28 ᠳ᠋ᠦᠩᠰᠢᠭᠤᠷ ᠭᠠᠷᠤᠢ ᠳᠤᠮᠳᠠᠳᠤ ᠠᠹᠷᠢᠺᠠ ᠶᠢᠨ ᠠᠷᠠᠳ ᠲᠦᠮᠡᠨ ᠨᠢᠭᠡ ᠰᠡᠳᠬᠢᠯ ᠨᠢᠭᠡ ᠴᠢᠭᠯᠡᠯ ᠢᠶᠠᠷ | ᠤᠷᠤᠭᠰᠢᠯᠠᠳᠠᠭ ᠯᠠ ᠶᠤᠮ ᠪᠣᠯ ᠯᠠᠪᠲᠠᠢ ᠣᠳᠣᠬᠢᠴᠢᠯᠠᠯᠲᠠ ᠶᠢᠨ ᠵᠠᠮ ᠳᠡᠭᠡᠷ᠎ᠡ ᠭᠡᠷᠡᠯ ᠰᠠᠴᠤᠷᠠᠩᠭᠤᠢ ᠠᠮᠵᠢᠯᠲᠠ ᠶᠢ ᠬᠠᠮᠲᠤ ᠪᠠᠷ ᠡᠭᠦᠳᠴᠦ ᠂ ᠪᠦᠭᠦ ᠪᠥᠮᠪᠥᠷᠴᠡᠭ ᠤᠨ | ᠬᠥᠭᠵᠢᠵᠦ ᠪᠠᠶᠢᠭ᠎ᠠ ᠤᠯᠤᠰ ᠤᠳ ᠤᠨ ᠣᠳᠣᠬᠢᠴᠢᠯᠠᠯᠲᠠ ᠶᠢᠨ ᠦᠢᠯᠡᠰ ᠤᠨ ᠥᠷᠨᠢᠨ ᠬᠥᠭᠵᠢᠬᠦ ᠶᠢ ᠬᠥᠲᠥᠯᠥᠨ ᠳᠠᠭᠠᠭᠤᠯᠵᠤ ᠂ ᠬᠥᠮᠥᠨ ᠲᠥᠷᠥᠯᠬᠢᠲᠡᠨ ᠤ ᠬᠤᠪᠢ | ᠵᠠᠶᠠᠭᠠᠨ ᠤ ᠬᠠᠮᠲᠤ ᠶᠢᠨ ᠴᠣᠭᠴᠠ ᠶᠢ ᠪᠠᠶᠢᠭᠤᠯᠬᠤ ᠳᠤ ᠨᠡᠩ ᠶᠡᠭᠡ ᠬᠤᠪᠢ ᠨᠡᠮᠡᠷᠢ ᠦᠵᠡᠭᠦᠯᠭᠦ ᠪᠣᠯᠣᠨ᠎ᠠ ᠭᠡᠳᠡᠭ ᠢ ᠪᠢ ᠢᠲᠡᠭᠡᠵᠦ ᠪᠠᠶᠢᠨ᠎ᠠ ᠃ | ᠤᠳᠤ ᠤᠯᠠᠨ ᠢᠶᠠᠷ ᠢᠶᠠᠨ ᠄ | ᠳᠤᠮᠳᠠᠳᠤ ᠤᠯᠤᠰ ᠪᠣᠯᠣᠨ ᠠᠹᠷᠢᠺᠠ ᠲᠢᠪ ᠤᠨ ᠡᠯ᠎ᠡ ᠤᠯᠤᠰ ᠤᠨ ᠬᠥᠭᠵᠢᠯ ᠴᠡᠴᠡᠭᠯᠡᠯ ᠂ ᠠᠷᠠᠳ ᠲᠦᠮᠡᠨ ᠤ ᠵᠣᠯ ᠵᠢᠷᠭᠠᠯ ᠤᠨ ᠲᠥᠯᠥᠭᠡ ᠂ | ᠳᠤᠮᠳᠠᠳᠤ ᠠᠹᠷᠢᠺᠠ ᠶᠢᠨ ᠠᠷᠠᠳ ᠲᠦᠮᠡᠨ ᠤ ᠦᠶ᠎ᠡ ᠶᠢᠨ ᠦᠶ᠎ᠡ ᠳᠡᠭᠡᠨ ᠨᠥᠭᠦᠷᠰᠡᠭ ᠪᠠᠶᠢᠬᠤ ᠶᠢᠨ ᠲᠥᠯᠥᠭᠡ ᠂ | ᠡᠨᠡ ᠤᠳᠠᠭᠠᠨ ᠤ ᠲᠦᠷᠦᠭᠦᠴᠦᠳ ᠤᠨ ᠬᠤᠷᠠᠯ ᠲᠡᠭᠦᠰ ᠠᠮᠵᠢᠯᠲᠠ ᠲᠠᠢ ᠬᠤᠷᠠᠯᠳᠤᠬᠤ ᠶᠢᠨ ᠲᠥᠯᠥᠭᠡ ᠂ | ᠡᠷᠬᠢᠮ ᠵᠣᠴᠢᠳ ᠵᠢᠴᠢ ᠭᠡᠷ ᠪᠦᠯᠢ ᠶᠢᠨ ᠲᠠᠨᠢ ᠡᠷᠡᠭᠦᠯ ᠮᠡᠨᠳᠦ ᠶᠢᠨ ᠲᠥᠯᠥᠭᠡ | ᠬᠤᠨᠳᠠᠭ᠎ᠠ ᠡᠷᠭᠦᠵᠡᠭᠡᠶ᠎ᠡ ︕ | | | |