2024 ᠣᠨ ᠤ ᠰᠦᠯᠵᠢᠶᠡᠨ ᠤ ᠦᠵᠡᠵᠦ ᠰᠣᠨᠣᠰᠬᠤ ᠫᠷᠤᠭ᠍ᠷᠠᠮ ᠤᠨ ᠤᠯᠠᠷᠢᠯ ᠤᠨ ᠰᠢᠯᠢᠳᠡᠭ ᠢ ᠲᠠᠨᠢᠯᠴᠠᠭᠤᠯᠬᠤ ᠠᠵᠢᠯ ᠢ ᠥᠷᠨᠢᠭᠦᠯᠬᠦ ᠲᠤᠬᠠᠶ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠷᠠᠳᠢᠣ᠋ ᠲᠧᠯᠸᠢᠰ ᠤᠨ ᠲᠣᠪᠴᠢᠶ᠎ᠠ ᠶᠢᠨ ᠮᠡᠳᠡᠭᠳᠡᠯ
ᠨᠡᠶᠢᠲᠡᠯᠡᠭᠰᠡᠨ ᠴᠠᠭ᠄
2024/3/29
 ᠡᠯ᠎ᠡ ᠠᠶᠢᠮᠠᠭ ᠬᠤᠲᠠ ᠪᠣᠯᠤᠨ ᠮᠠᠨᠵᠤᠤᠷ ᠬᠤᠲᠠ᠂ ᠡᠷᠢᠶᠡᠨ ᠬᠤᠲᠠ ᠶᠢᠨ ᠷᠠᠳᠢᠣ᠋ ᠲᠧᠯᠸᠢᠰ ᠤᠨ ᠵᠠᠰᠠᠭ ᠵᠠᠬᠢᠷᠭᠠᠨ ᠤ ᠬᠠᠮᠢᠶᠠᠷᠤᠯᠲᠠ ᠶᠢᠨ ᠰᠠᠯᠠᠭ᠎ᠠ ᠮᠥᠴᠢᠷ᠂ ᠥᠪᠥᠷ ᠮᠣᠩᠭᠤᠯ ᠤᠨ ᠡᠳᠦᠷ ᠤᠨ ᠰᠣᠨᠢᠨ ᠤ ᠬᠤᠷᠢᠶ᠎ᠠ᠂ ᠥᠪᠥᠷ ᠮᠣᠩᠭᠤᠯ ᠤᠨ ᠷᠠᠳᠢᠤ᠋ ᠲᠧᠯᠸᠢᠰ ᠬᠤᠷᠢᠶ᠎ᠠ᠂ ᠥᠪᠥᠷ ᠮᠣᠩᠭᠤᠯ ᠤᠨ ᠦᠢᠯᠡᠳᠦᠯᠭᠡ ᠰᠡᠳᠬᠦᠯ ᠤᠨ ᠬᠤᠷᠢᠶ᠎ᠠ᠂ ᠥᠪᠥᠷ ᠮᠣᠩᠭᠤᠯ ᠤᠨ ᠺᠢᠨᠣ᠋ ᠶᠢᠨ ᠪᠦᠯᠦᠭᠯᠡᠯ᠂ ᠡᠯ᠎ᠡ ᠬᠤᠯᠪᠤᠭᠳᠠᠯ ᠪᠦᠬᠦᠢ ᠶᠡᠭᠡ ᠳᠡᠭᠡᠳᠦ ᠰᠤᠷᠭᠠᠭᠤᠯᠢ ︵ᠳᠡᠭᠡᠳᠦ ᠰᠤᠷᠭᠠᠭᠤᠯᠢ ᠰᠠᠯᠪᠤᠷᠢ︶ ᠳᠤ᠄  ᠨᠠᠮ ᠤᠨ ᠬᠤᠷᠢᠳᠤᠭᠠᠷ ᠶᠡᠭᠡ ᠬᠤᠷᠠᠯ ᠪᠣᠯᠣᠨ ᠬᠤᠷᠢᠳᠤᠭᠠᠷ ᠬᠤᠭᠤᠴᠠᠭᠠᠨ ᠤ ᠬᠤᠶᠠᠳᠤᠭᠠᠷ ᠪᠦᠭᠦᠳᠡ ᠬᠤᠷᠠᠯ ᠤᠨ ᠵᠣᠷᠢᠭ ᠰᠠᠨᠠᠭ᠎ᠠ ᠶᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠰᠢ ᠶᠢᠨ ᠫᠢᠩ ᠤᠨ ᠰᠣᠶᠣᠯ ᠤᠨ ᠦᠵᠡᠯ ᠰᠠᠨᠠᠭ᠎ᠠ ᠶᠢ ᠭᠦᠨᠵᠡᠭᠡᠢ ᠰᠤᠷᠤᠯᠴᠠᠨ ᠲᠤᠭᠤᠰᠢᠯᠠᠭᠤᠯᠵᠤ᠂ ᠶᠡᠷᠦᠩᠬᠡᠢ ᠱᠦᠵᠢ ᠰᠢ ᠶᠢᠨ ᠫᠢᠩ ᠤᠨ ᠥᠪᠥᠷ ᠮᠣᠩᠭᠤᠯ ᠳᠤ ᠲᠤᠰᠢᠶᠠᠭᠰᠠᠨ ︽ᠲᠠᠪᠤᠨ ᠶᠡᠭᠡ ᠡᠭᠦᠷᠭᠡ︾ ᠪᠣᠯᠣᠨ ︽ᠵᠢᠱᠢᠶᠡᠴᠢ ᠥᠪᠡᠷᠲᠡᠭᠡᠨ ᠵᠠᠰᠠᠬᠤ ᠣᠷᠣᠨ︾ ᠢ ᠪᠦᠬᠦ ᠲᠠᠯ᠎ᠠ ᠪᠠᠷ ᠪᠦᠲᠦᠭᠡᠨ ᠪᠠᠶᠢᠭᠤᠯᠬᠤ ᠬᠤᠶᠠᠷ ᠶᠡᠭᠡ ᠶᠠᠪᠤᠳᠠᠯ ᠢ ᠨᠠᠶᠢᠳᠠᠪᠤᠷᠢᠵᠢᠭᠤᠯᠵᠤ᠂ ᠤᠮᠠᠷᠠᠲᠤ ᠬᠢᠯᠢ ᠶᠢᠨ ᠰᠣᠶᠣᠯ ᠢ ᠡᠭᠦᠳᠬᠦ ᠳᠤ ᠤᠯᠠᠮ ᠨᠢᠭᠡ ᠠᠯᠬᠤᠮ ᠬᠦᠴᠦ ᠨᠡᠮᠡᠷᠢᠯᠡᠵᠦ᠂ ᠰᠦᠯᠵᠢᠶᠡᠨ ᠤ ᠦᠵᠡᠵᠦ ᠰᠣᠨᠣᠰᠬᠤ ᠠᠵᠢᠯ ᠲᠥᠷᠥᠯ ᠤᠨ ᠴᠢᠨᠠᠷ ᠰᠠᠶᠢᠲᠠᠢ ᠦᠵᠡᠵᠦ ᠰᠣᠨᠣᠰᠬᠤ ᠠᠭᠤᠯᠭ᠎ᠠ ᠶᠢ ᠵᠣᠬᠢᠶᠠᠨ ᠪᠦᠲᠦᠭᠡᠵᠦ ᠦᠢᠯᠡᠳᠪᠦᠷᠢᠯᠡᠬᠦ ᠶᠢ ᠵᠣᠷᠢᠭᠵᠢᠭᠤᠯᠵᠤ᠂ ᠰᠦᠯᠵᠢᠶᠡᠨ ᠤ ᠦᠵᠡᠵᠦ ᠰᠣᠨᠣᠰᠬᠤ ᠰᠢᠯᠢᠳᠡᠭ ᠪᠦᠲᠦᠭᠡᠯ ᠤᠨ ᠵᠢᠱᠢᠶ᠎ᠡ ᠦᠵᠡᠭᠦᠯᠵᠦ ᠬᠥᠲᠥᠯᠥᠨ ᠳᠠᠭᠠᠭᠤᠯᠬᠤ ᠦᠢᠯᠡᠳᠦᠯ ᠢ ᠭᠦᠢᠴᠡᠳ ᠪᠠᠳᠠᠷᠠᠭᠤᠯᠬᠤ ᠶᠢᠨ ᠲᠤᠰᠠᠳᠠ᠂ 2024 ᠣᠨ ᠳᠤ ᠮᠠᠨ ᠤ ᠲᠣᠪᠴᠢᠶ᠎ᠠ ᠰᠦᠯᠵᠢᠶᠡᠨ ᠤ ᠦᠵᠡᠵᠦ ᠰᠣᠨᠣᠰᠬᠤ ᠫᠷᠤᠭ᠍ᠷᠠᠮ ᠤᠨ ᠤᠯᠠᠷᠢᠯ ᠤᠨ ᠰᠢᠯᠢᠳᠡᠭ ᠢ ᠲᠠᠨᠢᠯᠴᠠᠭᠤᠯᠬᠤ ᠠᠵᠢᠯ ᠢ ᠦᠷᠭᠦᠯᠵᠢᠯᠡᠨ ᠥᠷᠨᠢᠭᠦᠯᠵᠦ᠂ ᠳᠣᠣᠷᠠᠬᠢ ᠮᠡᠲᠦ ᠮᠡᠳᠡᠭᠳᠡᠪᠡ᠄  ᠨᠢᠭᠡ᠂ ᠰᠢᠯᠭᠠᠷᠠᠭᠤᠯᠤᠯᠲᠠ ᠳᠤ ᠣᠷᠣᠯᠴᠠᠬᠤ ᠪᠠᠶᠢᠭᠤᠯᠤᠮᠵᠢ  ᠡᠯ᠎ᠡ ᠰᠦᠯᠵᠢᠶᠡᠨ ᠤ ᠦᠵᠡᠵᠦ ᠰᠣᠨᠣᠰᠬᠤ ᠫᠷᠤᠭ᠍ᠷᠠᠮ ᠤᠨ ᠦᠢᠯᠡᠴᠢᠯᠡᠭᠡᠨ ᠤ ᠨᠢᠭᠡᠴᠢ᠂ ᠷᠠᠳᠢᠣ᠋ ᠲᠧᠯᠸᠢᠰ ᠤᠨ ᠫᠷᠤᠭ᠍ᠷᠠᠮ ᠦᠢᠯᠡᠳᠴᠦ ᠡᠵᠡᠩᠨᠡᠬᠦ ᠪᠠᠶᠢᠭᠤᠯᠤᠮᠵᠢ᠂ ᠬᠤᠯᠪᠤᠭᠳᠠᠯ ᠪᠥᠬᠦᠶ ᠠᠵᠢᠯ ᠲᠥᠷᠥᠯ ᠤᠨ ᠺᠢᠨᠣ᠋ ᠲᠧᠯᠸᠢᠰ ᠫᠷᠤᠭ᠍ᠷᠠᠮ ᠦᠢᠯᠡᠳᠬᠦ ᠪᠠᠶᠢᠭᠤᠯᠤᠮᠵᠢ᠂ ᠬᠤᠯᠪᠤᠭᠳᠠᠯ ᠪᠥᠬᠦᠶ ᠶᠡᠭᠡ ᠳᠡᠭᠡᠳᠦ ᠰᠤᠷᠭᠠᠭᠤᠯᠢ ︵ᠳᠡᠭᠡᠳᠦ ᠰᠤᠷᠭᠠᠭᠤᠯᠢ ᠰᠠᠯᠪᠤᠷᠢ︶᠂ ᠬᠤᠪᠢ ᠬᠥᠮᠦᠨ ᠵᠡᠷᠭᠡ᠃  ᠬᠤᠶᠠᠷ᠂ ᠰᠢᠯᠢᠳᠡᠭ ᠢ ᠲᠠᠨᠢᠯᠴᠠᠭᠤᠯᠬᠤ ᠬᠡᠪᠴᠢᠶ᠎ᠡ  ᠰᠢᠯᠭᠠᠷᠠᠭᠤᠯᠤᠯᠲᠠ ᠳᠤ ᠣᠷᠣᠯᠴᠠᠬᠤ ᠪᠦᠲᠦᠭᠡᠯ ᠨᠢ ᠭᠤᠶᠤᠴᠢᠯᠠᠨ ᠮᠡᠳᠡᠭᠦᠯᠬᠦ ᠪᠠᠶᠢᠭᠤᠯᠤᠮᠵᠢ ᠶᠢᠨ ᠤᠤᠭᠠᠯ ᠪᠦᠲᠦᠭᠡᠯ ᠮᠦᠷᠲᠡᠭᠡᠨ ᠬᠡᠪᠯᠡᠯ ᠤᠨ ᠡᠷᠬᠡ ᠲᠠᠢ ᠪᠠᠶᠢᠬᠤ ᠬᠡᠷᠡᠭᠲᠡᠶ ᠪᠥᠭᠡᠳ ᠱᠠᠭᠠᠷᠳᠠᠭᠰᠠᠨ ᠴᠠᠭ ᠤᠨ ᠬᠡᠪᠴᠢᠶᠡᠨ ᠳᠣᠲᠣᠷ᠎ᠠ ᠡᠯ᠎ᠡ ᠦᠨᠡᠮᠯᠡᠯ ᠪᠠ ᠰᠦᠯᠵᠢᠶᠡᠨ ᠤ ᠦᠵᠡᠵᠦ ᠰᠣᠨᠣᠰᠬᠤ ᠲᠠᠪᠴᠠᠩ ᠳᠤ ᠠᠩᠬ᠎ᠠ ᠨᠡᠪᠲᠡᠷᠡᠭᠦᠯᠬᠦ ᠪᠦᠲᠦᠭᠡᠯ ᠪᠠᠶᠢᠬᠤ ᠬᠡᠷᠡᠭᠲᠡᠶ᠃ ᠨᠢᠭᠡᠳᠦᠭᠡᠷ ᠤᠯᠠᠷᠢᠯ ᠤᠨ ᠰᠢᠯᠭᠠᠷᠠᠭᠤᠯᠤᠯᠲᠠ ᠳᠤ ᠣᠷᠣᠯᠴᠠᠬᠤ ᠨᠡᠪᠲᠡᠷᠡᠭᠦᠯᠬᠦ ᠴᠠᠭ ᠤᠨ ᠬᠡᠪᠴᠢᠶ᠎ᠡ ᠨᠢ ᠳᠡᠭᠡᠷ᠎ᠡ ᠵᠢᠯ ᠤᠨ 12 ᠳ᠋ᠤᠭᠠᠷ ᠰᠠᠷ᠎ᠠ ᠠᠴᠠ 2 ᠳ᠋ᠤᠭᠠᠷ ᠰᠠᠷ᠎ᠠ ᠪᠣᠯᠲᠠᠯ᠎ᠠ ᠶᠠᠪᠤᠭᠳᠠᠨ᠎ᠠ︔ ᠬᠤᠶᠠᠳᠤᠭᠠᠷ ᠤᠯᠠᠷᠢᠯ ᠤᠨ ᠰᠢᠯᠭᠠᠷᠠᠭᠤᠯᠤᠯᠲᠠ ᠳᠤ ᠣᠷᠣᠯᠴᠠᠬᠤ ᠫᠷᠤᠭ᠍ᠷᠠᠮ ᠤᠨ ᠨᠡᠪᠲᠡᠷᠡᠭᠦᠯᠬᠦ ᠴᠠᠭ ᠤᠨ ᠬᠡᠪᠴᠢᠶ᠎ᠡ ᠨᠢ 3 ᠳ᠋ᠤᠭᠠᠷ ᠰᠠᠷ᠎ᠠ ᠠᠴᠠ 5 ᠳ᠋ᠤᠭᠠᠷ ᠰᠠᠷ᠎ᠠ ᠪᠣᠯᠤᠨ᠎ᠠ︔ ᠭᠤᠷᠪᠠᠳᠤᠭᠠᠷ ᠤᠯᠠᠷᠢᠯ ᠤᠨ ᠰᠢᠯᠭᠠᠷᠠᠭᠤᠯᠤᠯᠲᠠ ᠳᠤ ᠣᠷᠣᠯᠴᠠᠬᠤ ᠫᠷᠤᠭ᠍ᠷᠠᠮ ᠤᠨ ᠨᠡᠪᠲᠡᠷᠡᠭᠦᠯᠬᠦ ᠴᠠᠭ ᠤᠨ ᠬᠡᠪᠴᠢᠶ᠎ᠡ ᠨᠢ 6 ᠳ᠋ᠤᠭᠠᠷ ᠰᠠᠷ᠎ᠠ ᠠᠴᠠ 8 ᠳ᠋ᠤᠭᠠᠷ ᠰᠠᠷ᠎ᠠ ᠪᠣᠯᠤᠨ᠎ᠠ︔ ᠳᠥᠷᠪᠡᠳᠦᠭᠡᠷ ᠤᠯᠠᠷᠢᠯ ᠤᠨ ᠰᠢᠯᠭᠠᠷᠠᠭᠤᠯᠤᠯᠲᠠ ᠳᠤ ᠣᠷᠣᠯᠴᠠᠬᠤ ᠫᠷᠤᠭ᠍ᠷᠠᠮ ᠤᠨ ᠨᠡᠪᠲᠡᠷᠡᠭᠦᠯᠬᠦ ᠴᠠᠭ ᠤᠨ ᠬᠡᠪᠴᠢᠶ᠎ᠡ ᠨᠢ 9 ᠳ᠋ᠦ᠋ᠭᠡᠷ ᠰᠠᠷ᠎ᠠ ᠠᠴᠠ 11 ᠳ᠋ᠦ᠋ᠭᠡᠷ ᠰᠠᠷ᠎ᠠ ᠪᠣᠯᠤᠨ᠎ᠠ᠃ ᠬᠡᠷᠪᠡ ᠪᠦᠲᠦᠭᠡᠯ ᠢ ᠨᠡᠪᠲᠡᠷᠡᠭᠦᠯᠬᠦ ᠴᠠᠭ ᠤᠨ ᠠᠯᠭᠠᠰᠠᠯ ᠨᠡᠯᠢᠶᠡᠳ ᠶᠡᠭᠡ ᠪᠣᠯ ᠰᠢᠯᠭᠠᠷᠠᠭᠤᠯᠤᠯᠲᠠ ᠳᠤ ᠣᠷᠣᠯᠴᠠᠬᠤ ᠪᠦᠲᠦᠭᠡᠯ ᠤᠨ ᠰᠢᠯᠢᠳᠡᠭ ᠢ ᠲᠠᠨᠢᠯᠴᠠᠭᠤᠯᠬᠤ ᠤᠯᠠᠷᠢᠯ ᠤᠨ ᠬᠡᠪᠴᠢᠶᠡᠨ ᠳᠤ ᠨᠡᠪᠲᠡᠷᠡᠭᠦᠯᠵᠦ ᠳᠠᠭᠤᠰᠬᠠᠬᠤ ᠬᠡᠷᠡᠭᠲᠡᠢ᠃ ᠪᠦᠲᠦᠭᠡᠯ ᠤᠨ ᠲᠥᠷᠥᠯ ᠵᠦᠢᠯ ᠳᠤ ᠰᠦᠯᠵᠢᠶᠡᠨ ᠤ ᠪᠠᠷᠢᠮᠲᠠᠲᠤ ᠹᠢᠯᠢᠮ᠂ ᠰᠦᠯᠵᠢᠶᠡᠨ ᠤ ᠶᠡᠷᠦᠩᠬᠡᠶᠢᠯᠡᠭᠰᠡᠨ ᠤᠷᠠᠯᠢᠭ ᠤᠨ ᠫᠷᠤᠭ᠍ᠷᠠᠮ᠂ ᠰᠦᠯᠵᠢᠶᠡᠨ ᠤ ᠺᠠᠷᠲ᠋ᠣᠨ ᠺᠢᠨᠣ᠋᠂ ᠰᠦᠯᠵᠢᠶᠡᠨ ᠤ ᠵᠦᠴᠦᠭᠡ᠂ ᠰᠦᠯᠵᠢᠶᠡᠨ ᠤ ᠺᠢᠨᠣ᠋᠂ ᠰᠦᠯᠵᠢᠶᠡᠨ ᠤ ᠪᠢᠴᠢᠯ ᠣᠬᠤᠷ ᠵᠦᠴᠦᠭᠡ᠂ ᠰᠦᠯᠵᠢᠶᠡᠨ ᠤ ᠪᠢᠴᠢᠯ ᠺᠢᠨᠣ᠋᠂ ᠰᠦᠯᠵᠢᠶᠡᠨ ᠤ ᠰᠢᠭᠤᠳ ᠨᠡᠪᠲᠡᠷᠡᠭᠦᠯᠭᠡ ᠶᠢᠨ ᠫᠷᠤᠭ᠍ᠷᠠᠮ᠂ ᠰᠦᠯᠵᠢᠶᠡᠨ ᠤ ᠲᠠᠭᠤᠨ ᠤ ᠫᠷᠤᠭ᠍ᠷᠠᠮ᠂ ᠣᠬᠤᠷ ᠸᠢᠳᠢᠣ᠋᠂ ᠰᠦᠯᠵᠢᠶᠡᠨ ᠤ ᠨᠡᠶᠢᠲᠡ ᠶᠢᠨ ᠠᠰᠠᠷᠠᠮᠵᠢ ᠶᠢᠨ ᠣᠬᠤᠷ ᠹᠢᠯᠢᠮ ᠵᠡᠷᠭᠡ ᠶᠢ ᠪᠠᠭᠲᠠᠭᠠᠨ᠎ᠠ᠃  ᠭᠤᠷᠪᠠ᠂ ᠰᠢᠯᠢᠳᠡᠭ ᠢ ᠲᠠᠨᠢᠯᠴᠠᠭᠤᠯᠬᠤ ᠪᠠᠷᠢᠮᠵᠢᠶ᠎ᠠ  ᠲᠣᠣᠷᠠᠬᠢ ᠰᠦᠯᠵᠢᠶᠡᠨ ᠤ ᠦᠵᠡᠵᠦ ᠰᠣᠨᠣᠰᠬᠤ ᠫᠷᠤᠭ᠍ᠷᠠᠮ ᠢ ᠭᠤᠤᠯᠳᠡᠯᠭ᠎ᠠ ᠲᠠᠢ ᠵᠣᠷᠢᠠᠠᠵᠢᠭᠤᠯᠥᠨ᠎ᠠ᠄  ︵ᠨᠢᠭᠡ︶ ᠦᠵᠡᠯ ᠰᠠᠨᠠᠭᠠᠨ ᠤ ᠲᠤᠭ ᠢ ᠥᠨᠳᠥᠷ ᠮᠠᠨᠳᠤᠭᠤᠯᠵᠤ᠂ ᠨᠠᠮ ᠪᠣᠯᠤᠨ ᠤᠯᠤᠰ ᠤᠨ ᠠᠵᠢᠯ ᠤᠨ ᠶᠡᠭᠡ ᠲᠠᠯ᠎ᠠ ᠳᠤ ᠦᠢᠯᠡᠴᠢᠯᠡᠨ᠎ᠡ᠃ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠶᠢ ᠭᠦᠨᠵᠡᠭᠡᠢ ᠤᠬᠠᠭᠤᠯᠤᠨ ᠲᠠᠶᠢᠯᠪᠤᠷᠢᠯᠠᠵᠤ᠂ ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠶᠢ ᠰᠤᠷᠤᠯᠴᠠᠨ ᠤᠬᠠᠭᠤᠯᠵᠤ ᠲᠤᠭᠤᠰᠢᠯᠠᠭᠤᠯᠬᠤ ᠭᠤᠣᠯ ᠰᠡᠳᠦᠪ ᠭᠤᠣᠯ ᠰᠢᠵᠢᠮ ᠲᠠᠢ ᠨᠢᠭᠲᠠ ᠤᠶᠠᠯᠳᠤᠭᠤᠯᠵᠤ᠂ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ᠂ ᠰᠢᠨ᠎ᠡ ᠬᠥᠭᠵᠢᠯᠲᠡ ᠶᠢᠨ ᠤᠢᠢᠯᠠᠭᠠᠭᠳᠠᠬᠤᠨ ᠢ ᠲᠤᠭᠤᠰᠢᠯᠠᠭᠤᠯᠬᠤ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ᠂ ᠠᠮᠢ ᠠᠬᠤᠢ ᠶᠢᠨ ᠪᠣᠯᠪᠠᠰᠤᠨ ᠤ ᠪᠦᠲᠦᠭᠡᠨ ᠪᠠᠶᠢᠭᠤᠯᠤᠯᠲᠠ ᠵᠡᠷᠭᠡ ᠴᠢᠬᠤᠯᠠ ᠶᠡᠭᠡ ᠭᠤᠣᠯ ᠰᠡᠳᠦᠪ ᠲᠤ ᠠᠩᠬᠠᠷᠤᠯ ᠢᠶᠠᠨ ᠲᠥᠪᠯᠡᠷᠡᠭᠦᠯᠵᠦ᠂ ᠰᠦᠯᠵᠢᠶᠡᠨ ᠤ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠵᠤ᠂ ᠨᠡᠶᠢᠭᠡᠮ ᠵᠢᠷᠤᠮ ᠤᠨ ᠣᠳᠣᠬᠢᠴᠢᠯᠠᠭᠰᠠᠨ ᠤᠯᠤᠰ ᠢ ᠪᠦᠬᠦ ᠲᠠᠯ᠎ᠠ ᠪᠠᠷ ᠪᠦᠳᠦᠭᠡᠨ ᠪᠠᠶᠢᠭᠤᠯᠬᠤ ᠰᠢᠨ᠎ᠡ ᠠᠶᠠᠨ ᠳᠤ ᠣᠯᠤᠭᠰᠠᠨ ᠲᠡᠦᠬᠡᠲᠦ ᠴᠢᠨᠠᠷᠲᠠᠢ ᠠᠮᠵᠢᠯᠲᠠ ᠪᠦᠲᠦᠮᠵᠢ᠂ ᠡᠭᠦᠰᠦᠭᠰᠡᠨ ᠲᠡᠦᠬᠡᠲᠦ ᠴᠢᠨᠠᠷᠲᠠᠢ ᠬᠤᠪᠢᠰᠤᠯᠲᠠ ᠶᠢ ᠠᠮᠢᠳᠤᠯᠢᠭ ᠢᠶᠠᠷ ᠢᠯᠡᠷᠡᠭᠦᠯᠬᠦ ᠬᠡᠷᠡᠭᠲᠡᠢ᠃  ︵ᠬᠤᠶᠠᠷ︶ ᠡᠬᠡ ᠣᠷᠣᠨᠴᠢ ᠦᠵᠡᠯ ᠢ ᠢᠯᠡᠷᠡᠭᠦᠯᠵᠦ᠂ ᠨᠡᠢᠭᠡᠮ ᠵᠢᠷᠤᠮ ᠤᠨ ᠭᠤᠣᠯᠯᠠᠭᠴᠢ ᠥᠷᠲᠡᠭ ᠤᠨ ᠦᠵᠡᠯᠲᠡ ᠶᠢ ᠪᠠᠳᠠᠷᠠᠭᠤᠯᠤᠨ᠎ᠠ᠃ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠪᠠᠶᠢᠭᠤᠯᠤᠭᠳᠠᠭᠰᠠᠨ 75 ᠵᠢᠯ ᠤᠨ ᠤᠢ ᠶᠢ ᠪᠡᠯᠭᠡᠯᠡᠬᠦ ᠶᠢᠨ ᠲᠣᠭᠤᠷᠢᠨ ᠳᠤ᠂ ᠨᠠᠮ ᠪᠠᠶᠢᠭᠤᠯᠤᠭᠰᠠᠨ ᠠᠭᠤᠤ ᠶᠡᠭᠡ ᠵᠣᠷᠢᠭ ᠰᠠᠨᠠᠭ᠎ᠠ ᠪᠠᠷ ᠡᠬᠢ ᠰᠤᠷᠪᠤᠯᠵᠢ ᠪᠣᠯᠭᠠᠭᠰᠠᠨ ᠳᠤᠮᠳᠠᠳᠤ ᠤᠯᠤᠰ ᠤᠨ ᠡᠪ ᠬᠠᠮᠲᠤᠴᠤᠳ ᠤᠨ ᠵᠣᠷᠢᠭ ᠰᠠᠨᠠᠭᠠᠨ ᠤ ᠤᠳᠤᠮᠰᠢᠯ ᠢ ᠠᠮᠢᠳᠤᠯᠢᠭ ᠢᠶᠠᠷ ᠢᠯᠡᠷᠡᠭᠦᠯᠵᠦ᠂ ᠡᠬᠡ ᠣᠷᠣᠨᠴᠢ ᠦᠵᠡᠯ᠂ ᠨᠡᠶᠢᠲᠡᠴᠢ ᠦᠵᠡᠯ᠂ ᠨᠡᠶᠢᠭᠡᠮ ᠵᠢᠷᠤᠮ ᠤᠨ ᠬᠥᠮᠦᠵᠢᠯ ᠢ ᠦᠭᠡ ᠳᠠᠭᠤᠨ ᠦᠭᠡᠢ ᠪᠠᠷ ᠭᠦᠨᠵᠡᠭᠡᠶᠢᠷᠡᠭᠦᠯᠵᠦ᠂ ᠡᠷᠳᠡᠮᠲᠡᠨ ᠮᠡᠷᠭᠡᠳ ᠠᠴᠠ ᠲᠠᠭᠠᠨ ᠰᠤᠷᠤᠯᠴᠠᠬᠤ᠂ ᠪᠠᠭᠠᠲᠤᠷᠴᠤᠳ ᠢᠶᠠᠨ ᠡᠷᠬᠢᠮᠯᠡᠬᠦ᠂ ᠬᠤᠰᠢᠭᠤᠴᠢ ᠪᠣᠯᠬᠤ ᠪᠠᠷ ᠴᠢᠷᠮᠠᠶᠢᠬᠤ ᠶᠢ ᠠᠬᠢᠭᠤᠯᠵᠤ᠂ ᠬᠥᠳᠡᠯᠮᠦᠷᠢ ᠶᠢᠨ ᠵᠣᠷᠢᠭ ᠰᠠᠨᠠᠭ᠎ᠠ᠂ ᠲᠡᠮᠡᠴᠡᠯ ᠤᠨ ᠵᠣᠷᠢᠭ ᠰᠠᠨᠠᠭ᠎ᠠ᠂ ᠬᠠᠷᠠᠮ ᠦᠭᠡᠢ ᠵᠣᠷᠢᠭᠤᠯᠬᠤ ᠵᠣᠷᠢᠭ ᠰᠠᠨᠠᠭ᠎ᠠ᠂ ᠠᠳᠠᠯ ᠦᠢᠯᠡᠰ ᠴᠣᠭᠴᠠᠯᠠᠬᠤ ᠵᠣᠷᠢᠭ ᠰᠠᠨᠠᠭ᠎ᠠ᠂ ᠠᠵᠢᠯᠴᠢ ᠠᠷᠪᠢᠴᠢ ᠪᠠᠷ ᠠᠷᠪᠢᠯᠠᠨ ᠭᠠᠮᠨᠠᠬᠤ ᠵᠣᠷᠢᠭ ᠰᠠᠨᠠᠭ᠎ᠠ ᠶᠢ ᠰᠠᠨᠠᠭᠠᠴᠢᠯᠠᠵᠤ᠂ ᠠᠷᠠᠳ ᠲᠦᠮᠡᠨ ᠢ ᠬᠥᠲᠥᠯᠥᠨ ᠵᠢᠯᠣᠭᠤᠳᠴᠤ ᠪᠠᠶᠢᠭᠠᠳ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠬᠠᠮᠲᠤ ᠶᠢᠨ ᠬᠦᠰᠡᠯᠡᠩ ᠢ ᠲᠠᠰᠤᠷᠠᠯᠲᠠ ᠦᠭᠡᠢ ᠪᠠᠲᠤᠳᠬᠠᠬᠤ ᠬᠡᠷᠡᠭᠲᠡᠢ᠃  ︵ᠭᠤᠷᠪᠠ︶ ᠰᠣᠶᠣᠯ ᠤᠨ ᠢᠲᠡᠭᠡᠯ ᠢ ᠪᠠᠲᠤᠳᠬᠠᠵᠤ᠂ ᠰᠣᠶᠣᠯ ᠤᠨ ᠤᠯᠠᠮᠵᠢᠯᠠᠨ ᠵᠠᠯᠭᠠᠮᠵᠢᠯᠠᠵᠤ ᠬᠥᠭᠵᠢᠭᠦᠯᠬᠦ ᠶᠢ ᠠᠬᠢᠭᠤᠯᠤᠨ᠎ᠠ᠃ ᠳᠤᠮᠳᠠᠳᠤ ᠶᠢᠨ ᠰᠣᠶᠣᠯ ᠤᠨ ᠵᠣᠭᠰᠣᠯᠲᠠ ᠶᠢ ᠪᠠᠲᠤ ᠰᠠᠬᠢᠵᠤ᠂ ᠡᠷᠲᠡᠨ ᠤ ᠬᠢ ᠶᠢ ᠡᠳᠦᠭᠡ ᠳᠤ ᠬᠡᠷᠡᠭᠯᠡᠬᠦ᠂ ᠬᠠᠭᠤᠴᠢᠨ ᠢ ᠤᠷᠬᠢᠵᠤ ᠰᠢᠨ᠎ᠡ ᠶᠢ ᠡᠭᠦᠳᠬᠦ ᠶᠢ ᠪᠠᠷᠢᠮᠲᠠᠯᠠᠵᠤ᠂ ᠳᠤᠮᠳᠠᠳᠤ ᠶᠢᠨ ᠪᠣᠯᠪᠠᠰᠤᠨ ᠤ ᠳᠤᠪᠤᠶᠢᠮ᠎ᠠ ᠦᠷᠭᠦᠯᠵᠢᠯᠡᠬᠦ᠋ᠢᠴᠡ ᠴᠢᠨᠠᠷ᠂ ᠰᠢᠨ᠎ᠡ ᠶᠢ ᠡᠭᠦᠳᠬᠦ ᠴᠢᠨᠠᠷ᠂ ᠨᠢᠭᠡᠳᠦᠮᠡᠯ ᠴᠢᠨᠠᠷ᠂ ᠪᠠᠭᠲᠠᠭᠠᠮᠵᠢᠲᠤ ᠴᠢᠨᠠᠷ᠂ ᠡᠶ᠎ᠡ ᠨᠠᠶᠢᠷᠠᠮᠳᠠᠭᠤ ᠴᠢᠨᠠᠷ ᠢ ᠠᠮᠢᠳᠤᠯᠢᠭ ᠢᠶᠠᠷ ᠢᠯᠡᠷᠡᠭᠦᠯᠵᠦ᠂ ᠳᠤᠮᠳᠠᠳᠤ ᠶᠢᠨ ᠰᠢᠯᠢᠳᠡᠭ ᠤᠯᠠᠮᠵᠢᠯᠠᠯᠲᠤ ᠰᠣᠶᠣᠯ ᠤᠨ ᠪᠦᠲᠦᠭᠡᠯᠴᠢ ᠴᠢᠨᠠᠷᠲᠠᠢ ᠬᠤᠪᠢᠷᠠᠭᠤᠯᠤᠯᠲᠠ᠂ ᠰᠢᠨ᠎ᠡ ᠶᠢ ᠡᠭᠦᠳᠬᠦ ᠴᠢᠨᠠᠷᠲᠠᠢ ᠬᠥᠭᠵᠢᠯᠲᠡ ᠶᠢ ᠠᠬᠢᠭᠤᠯᠵᠤ᠂ ᠲᠥᠪ ᠶᠣᠰᠣ ᠶᠢ ᠰᠠᠬᠢᠵᠤ ᠰᠢᠨ᠎ᠡ ᠶᠢ ᠡᠭᠦᠳᠬᠦ ᠲᠥᠪ ᠰᠤᠷᠲᠠᠯ ᠪᠠ ᠣᠮᠤᠭ ᠰᠦᠷ ᠢᠶᠠᠷ ᠲᠡᠦᠬᠡ ᠰᠣᠶᠣᠯ ᠤᠨ ᠰᠤᠳᠠᠰᠤ ᠶᠢ ᠦᠷᠭᠦᠯᠵᠢᠯᠡᠭᠦᠯᠵᠦ᠂ ᠤᠳᠤ ᠦᠶ᠎ᠡ ᠶᠢᠨ ᠢᠷᠠᠭᠤ ᠬᠠᠭᠤᠳᠠᠰᠤ ᠶᠢ ᠪᠢᠴᠢᠭᠯᠡᠬᠦ ᠬᠡᠷᠡᠭᠲᠡᠢ᠃  ︵ᠲᠦᠷᠪᠡ︶ ᠪᠣᠳᠠᠲᠤ ᠠᠮᠢᠳᠤᠷᠠᠯ ᠳᠤ ᠦᠨᠳᠦᠰᠦᠯᠡᠵᠦ᠂ ᠠᠷᠠᠳ ᠣᠯᠠᠨ ᠤ ᠣᠶᠤᠨ ᠰᠠᠨᠠᠭᠠᠨ ᠤ ᠬᠦᠴᠦᠨ ᠢ ᠨᠡᠮᠡᠭᠳᠡᠭᠦᠯᠦᠨ᠎ᠡ᠃ ᠠᠷᠠᠳ ᠤᠯᠠᠨ ᠤ ᠡᠳᠦᠷ ᠢᠷᠡᠬᠦᠶ᠎ᠡ ᠨᠡᠮᠡᠭᠳᠡᠵᠦ ᠪᠠᠶᠢᠭ᠎ᠠ ᠤᠶᠤᠨ ᠤ ᠪᠠ ᠰᠤᠶᠤᠯ ᠤᠨ ᠬᠡᠷᠡᠭᠴᠡᠭᠡ ᠶᠢ ᠡᠵᠡᠮᠳᠡᠵᠦ᠂ ᠠᠷᠠᠳ ᠲᠦᠮᠡᠨ ᠤ ᠦᠢᠯᠡᠳᠦᠯᠭᠡ ᠳᠤ ᠦᠨᠳᠦᠰᠦᠯᠡᠵᠦ᠂ ᠴᠠᠭ ᠦᠶ᠎ᠡ ᠶᠢᠨ ᠤᠷᠤᠰᠬᠠᠯ ᠢ ᠰᠠᠯᠤᠯ ᠦᠭᠡᠢ ᠳᠠᠭᠠᠵᠤ᠂ ᠠᠬᠤᠢᠢᠴᠢ ᠦᠵᠡᠯ ᠤᠨ ᠵᠤᠷᠢᠭ ᠰᠠᠨᠠᠭ᠎ᠠ ᠪᠠ ᠷᠤᠮᠠᠨᠲ᠋ᠢᠭ ᠦᠵᠡᠯ ᠤᠨ ᠬᠠᠶᠢᠷ᠎ᠠ ᠰᠡᠳᠭᠢᠯᠭᠡ ᠪᠠᠷ ᠠᠬᠤᠶᠢᠴᠢ ᠠᠮᠢᠳᠤᠷᠠᠯ ᠢ ᠬᠠᠷᠠᠭᠠᠯᠵᠠᠨ᠂ ᠠᠷᠠᠳ ᠲᠦᠮᠡᠨ ᠤ ᠬᠦᠰᠡᠯ ᠡᠷᠡᠮᠡᠯᠵᠡᠯ ᠳᠤ ᠨᠡᠶᠢᠴᠡᠭᠦᠯᠵᠦ᠂ ᠠᠷᠠᠳ ᠲᠦᠮᠡᠨ ᠤ ᠠᠩᠬᠠᠷᠴᠤ ᠪᠠᠶᠢᠭ᠎ᠠ ᠠᠰᠠᠭᠤᠳᠠᠯ ᠢ ᠲᠤᠰᠬᠠᠵᠤ᠂ ᠲᠡᠮᠡᠴᠡᠯ ᠤᠨ ᠠᠮᠢᠳᠤᠷᠠᠯ ᠢ ᠮᠠᠭᠲᠠᠨ ᠳᠠᠭᠤᠯᠠᠵᠤ᠂ ᠬᠠᠮᠤᠭ ᠤᠨ ᠭᠤᠶᠤ ᠬᠥᠮᠦᠰ ᠢ ᠵᠢᠷᠤᠭᠯᠠᠵᠤ᠂ ᠳᠤᠮᠳᠠᠳᠤ ᠶᠢᠨ ᠬᠥᠮᠦᠨ ᠤ ᠬᠦᠰᠡᠯ ᠵᠡᠭᠦᠳᠦ ᠪᠠᠨ ᠬᠥᠭᠡᠭᠡᠴᠡᠯᠳᠦᠬᠦ᠂ ᠵᠡᠭᠦᠳᠦ ᠪᠠᠨ ᠲᠡᠷᠭᠡᠯᠰᠢᠭᠦᠯᠬᠦ᠂ ᠵᠡᠭᠦᠳᠦ ᠪᠠᠨ ᠲᠡᠷᠭᠡᠯᠰᠢᠭᠦᠯᠦᠭᠰᠡᠨ ᠦᠯᠢᠭᠡᠷ ᠢ ᠰᠠᠶᠢᠲᠤᠷ ᠶᠠᠷᠢᠵᠤ᠂ ᠲᠠᠰᠤᠷᠠᠯᠳᠠ ᠦᠭᠡᠢ ᠤᠯᠠᠷᠢᠨ ᠮᠠᠨᠳᠤᠭᠰᠠᠨ ᠠᠷᠠᠳ ᠤᠨ ᠲᠤᠤᠯᠢᠰ ᠢ ᠪᠢᠴᠢᠭᠯᠡᠬᠦ ᠬᠡᠷᠡᠭᠲᠡᠢ᠃  ︵ᠲᠠᠪᠤ︶ ᠰᠣᠶᠣᠯ ᠤᠨ ᠰᠣᠯᠢᠯᠴᠠᠭ᠎ᠠ ᠶᠢ ᠠᠬᠢᠭᠤᠯᠵᠤ᠂ ᠳᠤᠮᠳᠠᠳᠤ ᠶᠢᠨ ᠦᠯᠢᠭᠡᠷ ᠢ ᠭᠠᠳᠠᠭᠠᠲᠤ ᠳᠤ ᠰᠠᠶᠢᠲᠤᠷ ᠶᠠᠷᠢᠨ᠎ᠠ᠃ ᠤᠯᠠᠨ ᠤᠯᠤᠰ ᠤᠨ ᠳᠠᠮᠵᠢᠭᠤᠯᠭ᠎ᠠ ᠶᠢᠨ ᠬᠦᠷᠢᠶᠡᠨ ᠤ ᠰᠢᠯᠵᠢᠯᠲᠡ᠂ ᠨᠡᠶᠢᠭᠡᠮ ᠤᠨ ᠬᠠᠷᠢᠯᠴᠠᠭ᠎ᠠ᠂ ᠦᠵᠡᠭᠳᠡᠬᠦ᠋ᠢᠴᠡ ᠬᠠᠨᠳᠤᠰᠢ ᠶᠢ ᠡᠵᠡᠮᠳᠡᠵᠦ᠂ ᠨᠡᠬᠡᠭᠡᠯᠲᠡᠲᠡᠢ ᠪᠠᠭᠲᠠᠭᠠᠮᠵᠢᠲᠠᠢ ᠪᠠᠶᠢᠬᠤ ᠶᠢ ᠪᠠᠷᠢᠮᠲᠠᠯᠠᠨ᠂ ᠭᠠᠳᠠᠭᠠᠳᠤ ᠶᠢᠨ ᠰᠢᠯᠢᠳᠡᠭ ᠤᠳᠬ᠎ᠠ ᠤᠷᠠᠯᠢᠭ ᠢ ᠰᠤᠷᠤᠯᠴᠠᠨ ᠲᠣᠯᠢᠯᠠᠵᠤ᠂ ᠭᠠᠳᠠᠨ᠎ᠠ ᠠᠴᠠ ᠢᠷᠡᠭᠰᠡᠨ ᠰᠣᠶᠣᠯ ᠢ ᠰᠤᠷᠤᠯᠴᠠᠨ ᠲᠤᠯᠢᠳᠠᠵᠤ᠂ ᠳᠤᠮᠳᠠᠳᠤ ᠤᠯᠤᠰ ᠤᠨ ᠭᠤᠸ᠎ᠠ ᠰᠠᠶᠢᠬᠠᠨ ᠤ ᠵᠣᠷᠢᠯᠲᠠ ᠳᠤᠷ᠎ᠠ ᠰᠣᠨᠢᠷᠬᠠᠯ ᠢ ᠢᠯᠡᠷᠡᠭᠦᠯᠵᠦ᠂ ᠤᠳᠤ ᠦᠶ᠎ᠡ ᠶᠢᠨ ᠳᠤᠮᠳᠠᠳᠤ ᠤᠯᠤᠰ ᠤᠨ ᠦᠷᠳᠡᠭ ᠤᠨ ᠦᠵᠡᠯᠲᠡ ᠶᠢ ᠳᠠᠮᠵᠢᠭᠤᠯᠵᠤ᠂ ᠪᠦᠬᠦ ᠬᠥᠮᠦᠨ ᠲᠥᠷᠥᠯᠬᠢᠲᠡᠨ ᠤ ᠬᠠᠮᠲᠤ ᠶᠢᠨ ᠦᠷᠳᠡᠭ ᠤᠨ ᠬᠥᠭᠡᠭᠡᠴᠡᠯᠳᠦᠯ ᠢ ᠲᠤᠰᠬᠠᠵᠤ᠂ ᠤᠯᠠᠨ ᠤᠯᠤᠰ ᠤᠨ ᠵᠠᠬ᠎ᠠ ᠳᠡᠯᠭᠡᠭᠦᠷ ᠤᠨ ᠥᠷᠢᠰᠥᠯᠳᠦᠭᠡᠨ ᠤ ᠳᠤᠮᠳᠠ ᠭᠠᠳᠠᠭᠠᠳᠤ ᠶᠢᠨ ᠬᠦᠯᠢᠶᠡᠨ ᠠᠪᠤᠭᠴᠢᠳ ᠢ ᠣᠯᠵᠤ᠂ ᠢᠲᠡᠭᠡᠯᠲᠡᠢ᠂ ᠬᠠᠶᠢᠷᠠᠲᠠᠢ᠂ ᠬᠦᠨᠳᠦᠳᠬᠡᠭᠦᠰᠢᠲᠡᠢ ᠳᠤᠮᠳᠠᠳᠤ ᠤᠯᠤᠰ ᠤᠨ ᠲᠦᠷᠢ ᠲᠥᠷᠬᠦ ᠶᠢ ᠢᠯᠡᠷᠡᠭᠦᠯᠬᠦ ᠬᠡᠷᠡᠭᠲᠡᠢ᠃  ︵ᠵᠢᠷᠭᠤᠭ᠎ᠠ︶ ᠢᠳᠡᠪᠬᠢᠲᠡᠢ ᠪᠠᠷ ᠰᠢᠨ᠎ᠡ ᠶᠢ ᠡᠭᠦᠳᠦᠨ ᠪᠦᠲᠦᠭᠡᠵᠦ᠂ ᠰᠦᠯᠵᠢᠶᠡᠨ ᠤ ᠦᠵᠡᠵᠦ ᠰᠣᠨᠣᠰᠬᠤ ᠤᠳᠬ᠎ᠠ ᠤᠷᠠᠯᠢᠭ ᠤᠨ ᠰᠢᠨ᠎ᠡ ᠠᠬᠤᠢ ᠪᠠᠶᠢᠳᠠᠯ ᠢ ᠨᠡᠭᠡᠭᠡᠨ᠎ᠡ᠃ ᠢᠨᠲ᠋ᠧᠷ ᠰᠦᠯᠵᠢᠶᠡᠨ ᠤ ᠮᠡᠷᠭᠡᠵᠢᠯ ᠪᠠ ᠰᠢᠨ᠎ᠡ ᠵᠠᠭᠤᠴᠢᠯᠠᠭᠤᠷ ᠤᠨ ᠤᠳᠬ᠎ᠠ ᠤᠷᠠᠯᠢᠭ ᠤᠨ ᠬᠡᠯᠪᠡᠷᠢ ᠪᠠᠶᠢᠳᠠᠯ ᠳᠠᠬᠢ ᠭᠦᠨᠵᠡᠭᠡᠢ ᠨᠥᠯᠥᠭᠡ ᠶᠢ ᠡᠵᠡᠮᠰᠢᠵᠦ᠂ ᠭᠤᠣᠯ ᠤᠷᠤᠰᠬᠠᠯ ᠤᠨ ᠥᠷᠲᠡᠭ ᠤᠨ ᠦᠵᠡᠯᠲᠡ ᠪᠠ ᠤᠳᠬ᠎ᠠ ᠤᠷᠠᠯᠢᠭ ᠤᠨ ᠭᠤᠸ᠎ᠠ ᠰᠠᠶᠢᠬᠠᠨ ᠤ ᠬᠥᠭᠡᠭᠡᠴᠡᠯᠳᠦᠯ ᠢ ᠪᠠᠲᠤ ᠰᠠᠬᠢᠬᠤ ᠤᠷᠢᠲᠠᠯ ᠳᠣᠣᠷ᠎ᠠ᠂ ᠰᠦᠯᠵᠢᠶᠡᠨ ᠤ ᠦᠵᠡᠵᠦ ᠰᠣᠨᠣᠰᠬᠤ ︽ᠤᠷᠠᠯᠢᠭ + ᠮᠡᠷᠭᠡᠵᠢᠯ︾ ᠤᠨ ᠳᠠᠪᠠᠭᠤᠯᠢᠭ ᠢ ᠭᠦᠢᠴᠡᠳ ᠪᠠᠳᠠᠷᠠᠭᠤᠯᠵᠤ᠂ ᠣᠶᠢᠯᠠᠭᠠᠭᠳᠠᠬᠤᠨ᠂ ᠠᠭᠤᠯᠭ᠎ᠠ᠂ ᠬᠡᠪ ᠨᠠᠮᠪᠠ᠂ ᠤᠷᠤᠰᠬᠠᠯ ᠪᠦᠯᠦᠭ ᠢ ᠵᠣᠷᠢᠭᠲᠠᠢ ᠪᠠᠷ ᠰᠢᠨᠡᠴᠢᠯᠡᠵᠦ᠂ ᠰᠡᠳᠦᠪ᠂ ᠰᠲ᠋ᠢᠯᠢ᠂ ᠬᠡᠯᠪᠡᠷᠢ᠂ ᠠᠷᠭ᠎ᠠ ᠪᠠᠷᠢᠯ ᠢ ᠢᠳᠡᠪᠬᠢᠲᠡᠢ ᠪᠠᠷ ᠰᠢᠨᠡᠴᠢᠯᠡᠵᠦ᠂ ᠪᠦᠲᠦᠭᠡᠯᠴᠢ ᠰᠡᠳᠬᠢᠮᠵᠢ ᠶᠢᠨ ᠲᠦᠪᠰᠢᠨ ᠢ ᠶᠡᠭᠡ ᠪᠠᠷ ᠳᠡᠭᠡᠭᠰᠢᠯᠡᠭᠦᠯᠵᠦ᠂ ᠤᠷᠠᠯᠢᠭ ᠤᠨ ᠢᠯᠡᠳᠭᠡᠬᠦ ᠬᠡᠪᠴᠢᠶ᠎ᠡ ᠶᠢ ᠢᠳᠡᠪᠬᠢᠲᠡᠢ ᠥᠷᠭᠡᠳᠭᠡᠬᠦ ᠬᠡᠷᠡᠭᠲᠡᠢ᠃  ︵ᠳᠤᠯᠤᠭ᠎ᠠ︶ ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ 75 ᠵᠢᠯ ᠤᠨ ᠤᠢ᠂ ᠳ᠋ᠧᠩ ᠰᠢᠶᠤᠤ ᠫᠢᠩ ᠨᠥᠬᠦᠷ ᠤᠨ ᠮᠡᠨᠳᠦᠯᠡᠭᠰᠡᠨ 120 ᠵᠢᠯ ᠤᠨ ᠤᠢ᠂ ᠣᠣᠮᠧᠨ ᠤ ᠡᠬᠡ ᠤᠯᠤᠰ ᠲᠤ ᠪᠠᠨ ᠪᠤᠴᠠᠨ ᠢᠷᠡᠭᠰᠡᠨ 25 ᠵᠢᠯ ᠤᠨ ᠤᠢ᠂ ᠲᠠᠪᠤᠨ ᠰᠠᠷ᠎ᠠ ᠶᠢᠨ ᠳᠥᠷᠪᠡᠨ ᠤ ᠬᠥᠳᠡᠯᠭᠡᠭᠡᠨ ᠤ 105 ᠵᠢᠯ ᠤᠨ ᠤᠢ᠂ ᠰᠢᠨᠵᠢᠶᠠᠩ ᠤᠨ ᠦᠢᠯᠡᠳᠪᠦᠷᠢᠯᠡᠯ ᠪᠦᠳᠦᠭᠡᠨ ᠪᠠᠶᠢᠭᠤᠯᠤᠯᠲᠠ ᠶᠢᠨ ᠪᠢᠩᠲ᠋ᠤᠸᠠᠨ ᠪᠠᠶᠢᠭᠤᠯᠤᠭᠳᠠᠭᠰᠠᠨ 70 ᠵᠢᠯ ᠤᠨ ᠤᠢ᠂ ᠰᠦᠯᠵᠢᠶᠡᠨ ᠤ ᠬᠦᠴᠦᠷᠬᠡᠭ ᠤᠯᠤᠰ ᠤᠨ ᠪᠠᠶᠢᠯᠳᠤᠬᠤ ᠪᠤᠳᠤᠯᠭ᠎ᠠ ᠶᠢᠨ ᠬᠠᠷᠠᠯᠲᠠ ᠶᠢ ᠳᠤᠷᠠᠳᠤᠭᠰᠠᠨ 10 ᠵᠢᠯ ᠤᠨ ᠤᠢ ᠵᠡᠷᠭᠡ ᠴᠢᠬᠤᠯᠠ ᠴᠠᠭ ᠬᠤᠭᠤᠴᠠᠭ᠎ᠠ ᠶᠢᠨ ᠵᠠᠩᠭᠢᠯᠠᠭ᠎ᠠ ᠶᠢᠨ ᠴᠡᠭ ᠲᠠᠢ ᠨᠢᠭᠲᠠ ᠤᠶᠠᠯᠳᠤᠭᠤᠯᠤᠨ᠂ ᠳᠣᠯᠣᠳᠤᠭᠠᠷ ᠬᠤᠭᠤᠴᠠᠭᠠᠨ ᠤ ᠳᠤᠮᠳᠠᠳᠤ ᠤᠯᠤᠰ ᠤᠨ ᠤᠯᠠᠨ ᠤᠯᠤᠰ ᠤᠨ ᠭᠠᠳᠠᠭᠠᠳᠤ ᠣᠷᠣᠭᠤᠯᠤᠯᠲᠠ ᠶᠢᠨ ᠦᠵᠡᠰᠬᠦᠯᠡᠩ ᠤᠨ ᠴᠤᠭᠯᠠᠭᠠᠨ᠂ 2024 ᠣᠨ ᠤ ᠳᠤᠮᠳᠠᠳᠤ ᠤᠯᠤᠰ ᠤᠨ ᠤᠯᠠᠨ ᠤᠯᠤᠰ ᠤᠨ ᠦᠢᠯᠡᠴᠢᠯᠡᠭᠡᠨ ᠤ ᠠᠷᠠᠯᠵᠢᠶᠠᠨ ᠤ ᠴᠤᠭᠯᠠᠭᠠᠨ᠂ ᠳᠤᠮᠳᠠᠳᠤ ᠠᠹᠷᠢᠺᠠ ᠶᠢᠨ ᠬᠠᠮᠲᠤᠷᠠᠯᠴᠠᠭᠠᠨ ᠤ ᠶᠠᠷᠢᠶᠠᠨ ᠤ ᠲᠠᠪᠴᠠᠩ ᠵᠡᠷᠭᠡ ᠴᠢᠬᠤᠯᠠ ᠶᠡᠭᠡ ᠠᠵᠢᠯᠯᠠᠭ᠎ᠠ᠂ 2024 ᠣᠨ ᠤ ᠫᠠᠷᠢᠰ ᠤᠨ ᠣᠯᠢᠮᠫᠢᠺ ᠤᠨ ᠴᠤᠭᠯᠠᠭᠠᠨ ᠵᠡᠷᠭᠡ ᠪᠡᠶ᠎ᠡ ᠶᠢᠨ ᠲᠠᠮᠢᠷ ᠤᠨ ᠤᠷᠤᠯᠳᠤᠭᠠᠨ ᠤ ᠰᠢᠯᠢᠳᠡᠭ ᠪᠦᠲᠦᠭᠡᠯ᠃  ︵ᠨᠠᠢᠮᠠ︶ ᠶᠡᠷᠦᠩᠬᠡᠶ ᠱᠦᠵᠢ ᠰᠢ ᠶᠢᠨ ᠫᠢᠩ ᠤᠨ ᠥᠪᠥᠷ ᠮᠣᠩᠭᠤᠯ ᠳᠤ ᠲᠤᠰᠢᠶᠠᠭᠰᠠᠨ ︽ᠲᠠᠪᠤᠨ ᠶᠡᠭᠡ ᠡᠭᠦᠷᠭᠡ︾ ᠶᠢ ᠠᠮᠢᠳᠤᠯᠢᠭ ᠢᠶᠠᠷ ᠢᠯᠡᠷᠡᠭᠦᠯᠵᠦ᠂ ︽ᠵᠢᠱᠢᠶᠡᠴᠢ ᠥᠪᠡᠷᠲᠡᠭᠡᠨ ᠵᠠᠰᠠᠬᠤ ᠣᠷᠣᠨ︾ ᠢ ᠪᠥᠬᠦ ᠲᠠᠯ᠎ᠠ ᠪᠠᠷ ᠪᠥᠲᠥᠭᠡᠨ ᠪᠠᠶᠢᠭᠤᠯᠵᠤ᠂ ︽ᠮᠣᠩᠭᠤᠯ ᠮᠣᠷᠢᠨ ᠤ ᠵᠣᠷᠢᠭ  ᠰᠠᠨᠠᠭ᠎ᠠ︾᠂ ︽ᠤᠮᠠᠷᠠᠲᠤ  ᠬᠢᠯᠢ  ᠶᠢᠨ ᠰᠣᠶᠣᠯ︾᠂ ︽ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ︾ ᠵᠡᠷᠭᠡ ᠶᠢ ᠤᠬᠠᠭᠤᠯᠵᠤ᠂ ᠥᠪᠥᠷ ᠮᠣᠩᠭᠤᠯ ᠤᠨ ᠰᠠᠶᠢᠨ ᠰᠠᠶᠢᠬᠠᠨ ᠳᠦᠷᠢ ᠲᠥᠷᠬᠦ ᠶᠢ ᠪᠣᠶ ᠪᠣᠯᠭᠠᠭᠰᠠᠨ ᠪᠠ ᠢᠯᠡᠷᠡᠭᠦᠯᠦᠭᠰᠡᠨ ᠰᠢᠯᠢᠳᠡᠭ ᠪᠦᠲᠦᠭᠡᠯ ᠪᠠᠶᠢᠬᠤ ᠬᠡᠷᠡᠭᠲᠡᠢ᠃  ᠳᠥᠷᠪᠡ᠂ ᠮᠡᠳᠡᠭᠦᠯᠦᠨ ᠬᠦᠷᠭᠡᠬᠦ ᠵᠢᠴᠢ ᠰᠢᠯᠭᠠᠷᠠᠭᠤᠯᠬᠤ  ︵ᠨᠢᠭᠡ︶ ᠤᠯᠠᠷᠢᠯ ᠤᠨ ᠰᠢᠯᠢᠳᠡᠭ ᠢ ᠲᠠᠨᠢᠯᠴᠠᠭᠤᠯᠬᠤ ᠶᠢ ᠭᠤᠶᠤᠴᠢᠯᠠᠨ ᠮᠡᠳᠡᠭᠦᠯᠬᠦ ᠠᠵᠢᠯ ᠤᠨ ᠪᠥᠬᠦ ᠶᠠᠪᠤᠴᠠ ᠶᠢ ᠰᠦᠯᠵᠢᠶᠡᠨ ᠳᠡᠭᠡᠷ᠎ᠡ ᠶᠠᠪᠤᠭᠳᠠᠭᠤᠯᠤᠨ᠎ᠠ᠃ ᠭᠤᠶᠤᠴᠢᠯᠠᠨ ᠮᠡᠳᠡᠭᠦᠯᠬᠦ ᠪᠠᠶᠢᠭᠤᠯᠤᠮᠵᠢ ᠪᠤᠶᠤ ᠬᠤᠪᠢ ᠬᠥᠮᠦᠨ ᠤᠯᠠᠷᠢᠯ ᠪᠦᠷᠢ ᠮᠡᠳᠡᠭᠦᠯᠦᠨ ᠬᠦᠷᠭᠡᠬᠦ ᠠᠴᠠ ᠡᠮᠦᠨ᠎ᠡ ︽ᠰᠢᠯᠢᠳᠡᠭ ᠰᠦᠯᠵᠢᠶᠡᠨ ᠤ ᠦᠵᠡᠵᠦ ᠰᠣᠨᠣᠰᠬᠤ ᠪᠦᠲᠦᠭᠡᠯ ᠢ ᠰᠣᠩᠭᠤᠬᠤ ᠠᠵᠢᠯᠯᠠᠭ᠎ᠠ ᠶᠢ ᠮᠡᠳᠡᠭᠦᠯᠬᠦ ᠰᠢᠰᠲ᠋ᠧᠮ︾ ︵http://wlst.pingshen.nrta.gov.cn ︶ ᠳᠤ ᠳᠠᠩᠰᠠᠯᠠᠭᠤᠯᠵᠤ᠂ ᠬᠡᠷᠡᠭᠯᠡᠭᠴᠢ ᠶᠢᠨ ᠭᠠᠷ ᠳᠡᠪᠲᠡᠷ ᠢ ᠬᠢᠨᠠᠮᠠᠭᠠᠶ ᠤᠩᠰᠢᠵᠤ᠂ ᠲᠠᠪᠴᠠᠩ ᠤᠨ ᠬᠠᠮᠢᠶ᠎ᠠ ᠪᠥᠬᠦᠶ ᠲᠣᠳᠣᠷᠬᠠᠶᠢᠯᠠᠯᠲᠠ ᠶᠢ ᠦᠨᠳᠦᠰᠦᠯᠡᠨ᠂ ᠬᠡᠷᠡᠭᠰᠡᠬᠦ ᠮᠡᠳᠡᠭᠡ ᠵᠠᠩᠭᠢ ᠶᠢ ᠪᠦᠷᠢᠨ ᠪᠦᠲᠦᠨ ᠲᠠᠭᠯᠠᠵᠤ᠂ ︽ᠮᠤᠵᠢ ᠶᠢᠨ ᠲᠣᠪᠴᠢᠶ᠎ᠠ ᠳᠤ ᠮᠡᠳᠡᠭᠦᠯᠬᠦ︾ ᠨᠢᠭᠡ ᠪᠤᠯᠤᠩ ᠢ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠷᠠᠳᠢᠣ᠋ ᠲᠧᠯᠸᠢᠰ ᠤᠨ ᠲᠣᠪᠴᠢᠶ᠎ᠠ︾ ᠪᠠᠷ ᠰᠣᠩᠭᠤᠬᠤ ᠶᠢᠨ ᠬᠠᠮᠲᠤ ᠭᠤᠶᠤᠴᠢᠯᠠᠨ ᠮᠡᠳᠡᠭᠦᠯᠬᠦ ᠪᠠᠷ ᠲᠤᠰᠢᠶᠠᠨ᠎ᠠ᠃  ︵ᠬᠤᠶᠠᠷ︶ ᠭᠤᠶᠤᠴᠢᠯᠠᠨ ᠮᠡᠳᠡᠭᠦᠯᠬᠦ ᠪᠠᠶᠢᠭᠤᠯᠤᠮᠵᠢ ᠪᠤᠶᠤ ᠬᠤᠪᠢ ᠬᠥᠮᠦᠨ ᠫᠷᠤᠭ᠍ᠷᠠᠮ ᠤᠨ ᠮᠡᠳᠡᠭᠡ ᠵᠠᠩᠭᠢ ᠶᠢ ᠲᠠᠭᠯᠠᠨ ᠮᠡᠳᠡᠭᠦᠯᠦᠭᠰᠡᠨ ᠤ ᠳᠠᠷᠠᠭ᠎ᠠ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠷᠠᠳᠢᠣ᠋ ᠲᠧᠯᠸᠢᠰ ᠤᠨ ᠲᠣᠪᠴᠢᠶ᠎ᠠ ᠠᠴᠠ 30 ᠪᠦᠲᠦᠭᠡᠯ ᠢ ᠰᠢᠯᠭᠠᠷᠠᠭᠤᠯᠵᠤ᠂ ᠳ᠋ᠦᠩ ᠢ ᠨᠢ ᠥᠪᠡᠷᠲᠡᠭᠡᠨ ᠵᠠᠰᠠᠬᠤ ᠣᠷᠣᠨ ᠤ ᠷᠠᠳᠢᠣ᠋ ᠲᠧᠯᠸᠢᠰ ᠤᠨ ᠲᠣᠪᠴᠢᠶ᠎ᠠ ᠠᠴᠠ ᠥᠪᠡᠷᠲᠡᠭᠡᠨ ᠵᠠᠰᠠᠬᠤ ᠣᠷᠣᠨ ᠤ ᠷᠠᠳᠢᠣ᠋ ᠲᠧᠯᠸᠢᠰ ᠤᠨ ᠲᠣᠪᠴᠢᠶ᠎ᠠ ᠶᠢᠨ ᠵᠠᠰᠠᠭ ᠤᠨ ᠣᠷᠳᠣᠨ ᠤ ᠰᠦᠯᠵᠢᠶ᠎ᠡ ︵https://gbdsj.nmg.gov.cn ︶ ᠪᠠᠷ ᠳᠠᠮᠵᠢᠭᠤᠯᠤᠨ ᠨᠡᠶᠢᠭᠡᠮ ᠳᠤ ᠨᠡᠶᠢᠲᠡᠯᠡᠵᠦ᠂ ᠮᠠᠭᠲᠠᠨ ᠰᠠᠶᠢᠰᠢᠶᠠᠵᠤ ᠢᠷᠠᠭᠤ ᠠᠯᠳᠠᠷ ᠤᠨ ᠦᠨᠡᠮᠯᠡᠯ ᠣᠯᠭᠤᠬᠤ ᠶᠢᠨ ᠬᠠᠮᠲᠤ ᠰᠢᠯᠢᠳᠡᠭ ᠢ ᠨᠢ ᠰᠣᠩᠭᠤᠭᠰᠠᠨ10 ᠪᠦᠲᠦᠭᠡᠯ ᠢ ᠤᠯᠤᠰ ᠤᠨ ᠷᠠᠳᠢᠣ᠋ ᠲᠧᠯᠸᠢᠰ ᠤᠨ ᠶᠡᠷᠦᠩᠬᠡᠢ ᠲᠣᠪᠴᠢᠶ᠎ᠠ ᠳᠤ ᠲᠠᠨᠢᠯᠴᠠᠭᠤᠯᠤᠨ ᠪᠦᠬᠦ ᠤᠯᠤᠰ ᠤᠨ ᠰᠢᠯᠭᠠᠷᠠᠭᠤᠯᠤᠯᠲᠠ ᠳᠤ ᠣᠷᠣᠯᠴᠠᠭᠤᠯᠤᠨ᠎ᠠ᠃  ︵ᠭᠤᠷᠪᠠ︶ ᠮᠡᠳᠡᠭᠦᠯᠦᠨ ᠬᠦᠷᠭᠡᠬᠦ ᠴᠠᠭ᠃ ᠪᠠᠶᠢᠭᠤᠯᠤᠮᠵᠢ ᠪᠠ ᠬᠤᠪᠢ ᠬᠥᠮᠦᠨ ᠤ ᠤᠯᠠᠷᠢᠯ ᠪᠦᠷᠢ ᠶᠢᠨ ᠲᠠᠭᠯᠠᠨ ᠮᠡᠳᠡᠭᠦᠯᠬᠦ ᠫᠷᠤᠭ᠍ᠷᠠᠮ ᠤᠨ ᠮᠡᠳᠡᠭᠡ ᠵᠠᠩᠭᠢ ᠶᠢᠨ ᠡᠳᠦᠷ ᠨᠢ 4 ᠳ᠋ᠦ᠋ᠭᠡᠷ ᠰᠠᠷ᠎ᠠ ᠶᠢᠨ 8 ᠤ ᠡᠳᠦᠷ᠂ 6 ᠳ᠋ᠤᠭᠠᠷ ᠰᠠᠷ᠎ᠠ ᠶᠢᠨ 15 ᠤ ᠡᠳᠦᠷ᠂ 9 ᠳ᠋ᠦ᠋ᠭᠡᠷ ᠰᠠᠷ᠎ᠠ ᠶᠢᠨ 15 ᠤ ᠡᠳᠦᠷ᠂ 12 ᠳ᠋ᠤᠭᠠᠷ ᠰᠠᠷ᠎ᠠ ᠶᠢᠨ 15 ᠤ ᠡᠳᠦᠷ ᠠᠴᠠ ᠡᠮᠦᠨ᠎ᠡ ᠪᠣᠯᠤᠨ᠎ᠠ᠃  ︵ᠲᠦᠷᠪᠡ︶ ᠵᠣᠬᠢᠶᠠᠭᠴᠢ ᠪᠤᠶᠤ ᠭᠤᠣᠯ ᠡᠭᠦᠳᠦᠭᠴᠢ ᠭᠤᠶᠤᠴᠢᠯᠠᠨ ᠮᠡᠳᠡᠭᠦᠯᠬᠦ᠃ ᠵᠣᠬᠢᠶᠠᠭᠴᠢ ᠪᠤᠶᠤ ᠭᠤᠣᠯ ᠡᠭᠦᠳᠦᠭᠴᠢ ᠰᠢᠯᠭᠠᠷᠠᠭᠤᠯᠤᠯᠲᠠ ᠳᠤ ᠣᠷᠣᠯᠴᠠᠭᠤᠯᠬᠤ ᠲᠥᠷᠥᠯ ᠵᠦᠢᠯ᠂ ᠪᠦᠲᠦᠭᠡᠯ ᠤᠨ ᠲᠥᠷᠥᠯ ᠢᠯᠭᠠᠯ ᠢᠶᠠᠷ ᠪᠣᠳᠠᠲᠤ ᠪᠠᠶᠢᠳᠠᠯ ᠢ ᠦᠨᠳᠦᠰᠦᠯᠡᠨ ᠭᠤᠶᠤᠴᠢᠯᠠᠨ ᠮᠡᠳᠡᠭᠦᠯᠬᠦ ᠬᠡᠷᠡᠭᠲᠡᠶ᠃ ᠵᠣᠬᠢᠶᠠᠭᠴᠢ ᠪᠤᠶᠤ ᠭᠤᠣᠯ ᠡᠭᠦᠳᠦᠭᠴᠢ ᠶᠢᠨ ᠲᠤᠭ᠎ᠠ ᠨᠢ ᠲᠣᠭᠲᠠᠭᠠᠯ ᠠᠴᠠ ᠬᠡᠲᠦᠷᠡᠭᠰᠡᠨ ᠪᠠᠶᠢᠪᠠᠯ᠂ ︽ᠬᠠᠮᠲᠤ ᠨᠢᠭᠡᠴᠢ︾ ᠶᠢᠨ ᠶᠣᠰᠣᠭᠠᠷ ᠭᠤᠶᠤᠴᠢᠯᠠᠨ ᠮᠡᠳᠡᠭᠦᠯᠦᠨ᠎ᠡ᠃ ᠡᠯ᠎ᠡ ᠲᠦᠷᠦᠯ ᠵᠦᠢᠯ ᠤᠨ ᠦᠨᠡᠯᠡᠯᠲᠡ ᠳᠤ ᠣᠷᠣᠯᠴᠠᠭᠰᠠᠨ ᠪᠦᠲᠦᠭᠡᠯ ᠤᠨ ᠵᠣᠬᠢᠶᠠᠭᠴᠢ ᠪᠤᠶᠤ ᠭᠤᠣᠯ ᠡᠭᠦᠳᠦᠭᠴᠢ ᠶᠢᠨ ᠭᠤᠶᠤᠴᠢᠯᠠᠨ ᠮᠡᠳᠡᠭᠦᠯᠦᠭᠰᠡᠨ ᠲᠤᠭ᠎ᠠ ᠨᠢ ᠳᠣᠣᠷᠠᠬᠢ ᠮᠡᠲᠦ᠄
微信图片_20240403092440.png
  ᠲᠠᠪᠤ᠂ ᠠᠵᠢᠯ ᠤᠨ ᠱᠠᠭᠠᠷᠳᠠᠯᠭ᠎ᠠ  ᠡᠯ᠎ᠡ ᠠᠶᠢᠮᠠᠭ ᠬᠤᠲᠠ ᠪᠣᠯᠤᠨ ᠮᠠᠨᠵᠤᠤᠷ ᠬᠤᠲᠠ᠂ ᠡᠷᠢᠶᠡᠨ ᠬᠤᠲᠠ ᠶᠢᠨ ᠷᠠᠳᠢᠣ᠋ ᠲᠧᠯᠸᠢᠰ ᠤᠨ ᠵᠠᠰᠠᠭ ᠵᠠᠬᠢᠷᠭᠠᠨ ᠤ ᠬᠠᠮᠢᠶᠠᠷᠤᠯᠲᠠ ᠶᠢᠨ ᠰᠠᠯᠠᠭ᠎ᠠ ᠮᠥᠴᠢᠷ ᠵᠢᠴᠢ ᠡᠯ᠎ᠡ ᠬᠤᠯᠪᠤᠭᠳᠠᠯ ᠪᠦᠬᠦᠢ ᠨᠢᠭᠡᠴᠢ ᠡᠷᠬᠡᠪᠰᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠨ ᠦᠵᠡᠵᠦ᠂ ᠲᠤᠰ ᠠᠵᠢᠯᠯᠠᠭ᠎ᠠ ᠶᠢ ᠪᠦᠬᠦ ᠵᠢᠯ ᠤᠨ ᠦᠵᠡᠵᠦ ᠰᠣᠨᠣᠰᠬᠤ ᠫᠷᠤᠭ᠍ᠷᠠᠮ ᠤᠨ ᠰᠢᠨ᠎ᠡ ᠶᠢ ᠡᠭᠦᠳᠴᠦ ᠰᠢᠯᠢᠳᠡᠭ ᠢ ᠡᠭᠦᠳᠬᠦ‍ ᠨᠢᠭᠡ ᠵᠦᠢᠯ ᠤᠨ ᠭᠤᠣᠯᠳᠠᠯᠭ᠎ᠠ ᠲᠠᠢ ᠠᠵᠢᠯ ᠪᠣᠯᠭᠠᠵᠤ᠂ ᠬᠠᠷᠢᠶ᠎ᠠ ᠣᠷᠣᠨ ᠤ ᠳᠣᠲᠣᠷᠠᠬᠢ ᠬᠤᠯᠪᠤᠭᠳᠠᠯ ᠪᠦᠬᠦᠢ ᠪᠠᠶᠢᠭᠤᠯᠤᠮᠵᠢ᠂ ᠲᠤᠰ ᠨᠢᠭᠡᠴᠢ ᠶᠢᠨ ᠡᠯ᠎ᠡ ᠬᠠᠮᠢᠶ᠎ᠠ ᠪᠦᠬᠦᠢ ᠰᠠᠯᠠᠭ᠎ᠠ ᠮᠥᠴᠢᠷ ᠢ ᠬᠢᠨᠠᠮᠠᠭᠠᠶ ᠵᠣᠬᠢᠶᠠᠨ ᠪᠠᠶᠢᠭᠤᠯᠤᠨ ᠢᠳᠡᠪᠬᠢᠲᠡᠢ ᠣᠷᠣᠯᠴᠠᠭᠤᠯᠵᠤ᠂ ᠤᠯᠠᠷᠢᠯ ᠪᠦᠷᠢ ᠶᠢᠨ ᠴᠠᠭ ᠤᠨ ᠵᠠᠩᠭᠢᠶᠠᠰᠤ ᠶᠢᠨ ᠱᠠᠭᠠᠷᠳᠠᠯᠭ᠎ᠠ ᠶᠣᠰᠣᠭᠠᠷ ᠰᠢᠯᠢᠳᠡᠭ ᠪᠦᠲᠦᠭᠡᠯ ᠢᠶᠠᠨ ᠮᠡᠳᠡᠭᠦᠯᠦᠨ ᠬᠦᠷᠭᠡᠬᠦ ᠶᠢᠨ ᠬᠠᠮᠲᠤ ᠬᠠᠷᠢᠶ᠎ᠠ ᠪᠠ ᠡᠷᠬᠢᠯᠡᠭᠰᠡᠨ ᠦᠵᠡᠵᠦ ᠰᠣᠨᠣᠰᠬᠤ ᠫᠷᠤᠭ᠍ᠷᠠᠮ ᠤᠨ ᠰᠦᠯᠵᠢᠶ᠎ᠡ᠂ ᠰᠢᠯᠵᠢᠮᠡᠯ ᠬᠡᠷᠡᠭᠯᠡᠭᠴᠢ ᠶᠢᠨ ᠦᠵᠦᠭᠦᠷ ᠤᠨ ᠲᠡᠷᠢᠭᠦᠨ ᠨᠢᠭᠤᠷ ᠲᠤ ᠴᠤᠭᠯᠠᠭᠤᠯᠬᠤ ᠠᠵᠢᠯᠯᠠᠭ᠎ᠠ ᠶᠢᠨ ᠮᠡᠳᠡᠭᠡ ᠵᠠᠩᠭᠢ ᠶᠢ ᠥᠷᠭᠡᠨ ᠢᠶᠠᠷ ᠨᠡᠶᠢᠲᠡᠯᠡᠨ᠎ᠡ᠃  ᠣᠨᠴᠠᠭᠠᠶᠢᠯᠠᠨ ᠮᠡᠳᠡᠭᠳᠡᠪᠡ᠃    ᠦᠪᠦᠷ ᠮᠣᠩᠭᠤᠯ ᠤᠨ ᠦᠪᠡᠷᠲᠡᠭᠡᠨ ᠵᠠᠰᠠᠬᠤ ᠤᠷᠤᠨ ᠤ ᠷᠠᠳᠢᠣ᠋ ᠲᠧᠯᠸᠢᠰ ᠤᠨ ᠲᠤᠪᠴᠢᠶ᠎ᠠ2024 ᠣᠨ ᠤ 3 ᠳ᠋ᠤᠭᠠᠷ ᠰᠠᠷ᠎ᠠ ᠶᠢᠨ 29 ᠤ ᠡᠳᠦᠷ   ︵ᠬᠠᠷᠢᠯᠴᠠᠬᠤ ᠬᠥᠮᠦᠨ᠄ ᠰᠢᠩ ᠶᠦᠩ ᠵᠢᠶᠧ᠂ ᠬᠠᠷᠢᠯᠴᠠᠬᠤ ᠤᠲᠠᠰᠤ᠄ 0471 – 4590042︶ 
ᠢᠷᠡᠯᠲᠡ᠄ ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠷᠠᠳᠢᠤ᠋ ᠲᠧᠯᠸᠢᠰ ᠤᠨ ᠲᠤᠪᠴᠢᠶ᠎ᠠ
Baidu
map