︽ᠳᠤᠮᠳᠠᠳᠤ ᠤᠯᠤᠰ ᠤᠨ ᠦᠵᠡᠵᠦ ᠰᠣᠨᠣᠰᠬᠤ  ᠪᠦᠬᠦ ᠪᠥᠮᠪᠥᠷᠴᠡᠭ ᠤᠨ ᠨᠡᠪᠲᠡᠷᠡᠭᠦᠯᠭᠡ︾ ᠨᠡᠷᠡᠲᠦ ᠲᠡᠮᠳᠡᠭᠲᠦ ᠶᠢ ᠡᠭᠦᠳᠴᠦ᠂ ᠳᠤᠮᠳᠠᠳᠤ ᠤᠯᠤᠰ ᠤᠨ ᠵᠦᠴᠦᠭᠡ ᠶᠢᠨ ᠲᠡᠭᠦᠪᠦᠷᠢ ᠨᠢ ᠭᠠᠳᠠᠭᠠᠳᠤ ᠶᠢᠨ ᠬᠦᠯᠢᠶᠡᠨ ᠠᠪᠴᠤ ᠦᠵᠡᠬᠦ ᠬᠠᠯᠠᠭᠤᠨ ᠦᠷᠨᠢᠯᠲᠡ ᠶᠢ ᠪᠣᠢ ᠪᠣᠯᠭᠠᠪᠠ
ᠨᠡᠶᠢᠲᠡᠯᠡᠭᠰᠡᠨ ᠴᠠᠭ᠄
2024/10/9
  ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ 75 ᠵᠢᠯ ᠤᠨ ᠤᠢ ᠶᠢ ᠪᠡᠯᠭᠡᠯᠡᠬᠦ ︽ᠳᠤᠮᠳᠠᠳᠤ ᠤᠯᠤᠰ ᠤᠨ ᠦᠵᠡᠵᠦ ᠰᠣᠨᠣᠰᠬᠤ   ᠪᠦᠬᠦ ᠪᠥᠮᠪᠥᠷᠴᠡᠭ ᠤᠨ ᠨᠡᠪᠲᠡᠷᠡᠭᠦᠯᠭᠡ︾ ᠶᠢᠨ ᠠᠵᠢᠯᠯᠠᠭ᠎ᠠ 2024 ᠣᠨ ᠤ ᠡᠬᠢ ᠠᠴᠠ ᠡᠬᠢᠯᠡᠭᠰᠡᠨ ᠠᠴᠠ ᠨᠠᠭᠠᠰᠢ᠂ ︽ᠪᠦᠬᠦ ᠪᠥᠮᠪᠥᠷᠴᠡᠭ ᠤᠨ ᠬᠥᠭᠵᠢᠯᠲᠡ ᠶᠢᠨ ᠰᠠᠨᠠᠭᠠᠴᠢᠯᠠᠭ᠎ᠠ︾᠂ ︽ᠪᠦᠬᠦ ᠪᠥᠮᠪᠥᠷᠴᠡᠭ ᠤᠨ ᠠᠮᠤᠷ ᠲᠦᠪᠰᠢᠨ ᠤ ᠰᠠᠨᠠᠭᠠᠴᠢᠯᠠᠭ᠎ᠠ︾᠂ ︽ᠪᠦᠬᠦ ᠪᠥᠮᠪᠥᠷᠴᠡᠭ ᠤᠨ ᠪᠣᠯᠪᠠᠰᠤᠨ ᠤ ᠰᠠᠨᠠᠭᠠᠴᠢᠯᠠᠭ᠎ᠠ︾᠂ ︽ᠬᠥᠮᠦᠨ ᠲᠥᠷᠥᠯᠬᠢᠲᠡᠨ ᠤ ᠬᠤᠪᠢ ᠵᠠᠶᠠᠭᠠᠨ ᠤ ᠬᠠᠮᠲᠤ ᠶᠢᠨ ᠴᠣᠭᠴᠠ︾᠂ ︽ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ︾ ᠵᠡᠷᠭᠡ ᠲᠠᠪᠤᠨ ᠶᠡᠭᠡ ᠭᠤᠣᠯ ᠰᠡᠳᠦᠪ ᠲᠤ ᠠᠩᠬᠠᠷᠤᠯ ᠢᠶᠠᠨ ᠲᠥᠪᠯᠡᠷᠡᠭᠦᠯᠵᠦ᠂ ᠪᠠᠷᠤᠭ 300 ᠭᠠᠷᠤᠢ ᠤᠳᠠᠭ᠎ᠠ ᠤᠯᠠᠨ ᠬᠡᠯᠡᠨ ᠤ ᠦᠵᠡᠵᠦ ᠰᠣᠨᠣᠰᠬᠤ ᠪᠦᠲᠦᠭᠡᠯ 100 ᠭᠠᠷᠤᠢ ᠭᠠᠳᠠᠭᠠᠳᠤ ᠶᠢᠨ ᠭᠤᠣᠯ ᠵᠠᠭᠤᠴᠢᠯᠠᠭᠤᠷ ᠪᠣᠯᠤᠨ ᠰᠢᠨ᠎ᠡ ᠵᠠᠭᠤᠴᠢᠯᠠᠭᠤᠷ ᠤᠨ ᠲᠠᠪᠴᠠᠩ ᠳᠤ ᠨᠡᠪᠲᠡᠷᠡᠭᠦᠯᠬᠦ ᠶᠢ ᠠᠬᠢᠭᠤᠯᠵᠤ᠂ ᠳᠤᠮᠳᠠᠳᠤ ᠤᠯᠤᠰ ᠤᠨ ᠵᠦᠴᠦᠭᠡ ᠶᠢ ᠭᠠᠳᠠᠭᠠᠳᠤ ᠳᠤ ᠬᠦᠯᠢᠶᠡᠨ ᠠᠪᠴᠤ ᠦᠵᠡᠬᠦ ᠬᠠᠯᠠᠭᠤᠨ ᠥᠷᠨᠢᠯᠲᠡ ᠶᠢ ᠪᠤᠢ ᠪᠣᠯᠭᠠᠪᠠ᠃ ︽ᠠᠯᠲᠠᠢ ᠮᠢᠨᠢ︾᠂ ︽ᠰᠢᠨ᠎ᠡ ᠠᠮᠢᠳᠤᠷᠠᠯ︾ ᠵᠡᠷᠭᠡ ᠪᠣᠳᠠᠲᠤ ᠰᠡᠳᠦᠪᠲᠦ ᠵᠦᠴᠦᠭᠡ ᠶᠢᠨ ᠲᠡᠭᠦᠪᠦᠷᠢ ᠭᠠᠳᠠᠭᠠᠳᠤ ᠳᠤ ᠠᠮᠵᠢᠯᠲᠠ ᠣᠯᠵᠤ᠂ ︽ᠪᠠᠶᠠᠷᠲᠤ ᠣᠨ 2︾᠂ ︽ᠪᠠᠷᠠᠭᠠᠨ ᠪᠣᠷᠣᠭᠠᠨ ᠡᠭᠦᠯᠡᠨ ᠤ ᠳᠤᠮᠳᠠ︾ ᠵᠡᠷᠭᠡ ᠡᠷᠲᠡᠨ ᠤ ᠰᠡᠳᠦᠪᠲᠦ ᠵᠦᠴᠦᠭᠡ ᠶᠢ ᠣᠯᠠᠨ ᠤᠯᠤᠰ ᠤᠨ ᠵᠠᠭᠤᠴᠢᠯᠠᠭᠤᠷ ᠤᠨ ᠲᠠᠪᠴᠠᠩ ᠳᠤ ᠨᠡᠪᠲᠡᠷᠡᠭᠦᠯᠪᠡ᠃ ︽ᠳᠤᠮᠳᠠᠳᠤ ᠤᠯᠤᠰ ᠤᠨ ᠦᠵᠡᠵᠦ ᠰᠣᠨᠣᠰᠬᠤ  ᠪᠦᠬᠦ ᠪᠥᠮᠪᠥᠷᠴᠡᠭ ᠤᠨ ᠨᠡᠪᠲᠡᠷᠡᠭᠦᠯᠭᠡ︾ ᠨᠠᠷᠠᠲᠤ ᠲᠡᠮᠳᠡᠭᠲᠦ ᠶᠢᠨ ᠨᠥᠯᠥᠭᠡ ᠪᠠ ᠳᠠᠮᠵᠢᠭᠤᠯᠭ᠎ᠠ ᠶᠢᠨ ᠥᠷᠲᠡᠭ ᠡᠳᠦᠷ ᠢᠷᠡᠬᠦᠶ᠎ᠡ ᠲᠣᠪᠤᠶᠢᠮ᠎ᠠ ᠪᠣᠯᠵᠣ᠂ ᠠᠵᠢᠯᠯᠠᠭ᠎ᠠ ᠶᠢᠨ ᠳᠠᠶᠢᠴᠢᠯᠠᠯᠲᠠ ᠳᠣᠤᠷ᠎ᠠ᠂ ᠳᠤᠮᠳᠠᠳᠤ ᠤᠯᠤᠰ ᠤᠨ ᠵᠦᠴᠦᠭᠡ ᠶᠢᠨ ᠲᠡᠭᠦᠪᠦᠷᠢ ᠴᠦ ᠪᠥᠬᠦ ᠪᠥᠮᠪᠥᠷᠴᠡᠭ ᠤᠨ ᠴᠢᠬᠤᠯᠠ ᠰᠣᠶᠣᠯ ᠤᠨ ᠪᠦᠲᠦᠭᠡᠭᠳᠡᠬᠦᠨ ᠪᠣᠯᠵᠣ᠂ ᠠᠭᠤᠯᠭ᠎ᠠ ᠨᠢ ᠨᠠᠷᠢᠯᠢᠭ᠂ ᠰᠡᠳᠦᠪ ᠨᠢ ᠣᠯᠠᠨ ᠶᠠᠩᠵᠤᠴᠢᠯᠠᠭᠰᠠᠨ᠂ ᠠᠷᠭ᠎ᠠ ᠵᠠᠮ ᠢ ᠪᠣᠰᠤᠭ᠎ᠠ ᠴᠣᠭᠴᠠᠵᠢᠭᠤᠯᠤᠭᠰᠠᠨ᠂ ᠨᠡᠪᠲᠡᠷᠡᠭᠦᠯᠭᠡ ᠶᠢ ᠵᠡᠷᠭᠡ ᠪᠠᠷ ᠤᠷᠤᠭᠰᠢᠯᠠᠭᠤᠯᠤᠭᠰᠠᠨ ᠰᠢᠨ᠎ᠡ ᠣᠨᠴᠠᠯᠢᠭ ᠢᠯᠡᠷᠡᠪᠡ᠃  ᠨᠢᠭᠡ᠂ ᠠᠭᠤᠯᠭ᠎ᠠ ᠡᠯᠪᠡᠭ ᠪᠠᠶᠠᠯᠢᠭ ᠰᠡᠳᠦᠪ ᠣᠯᠠᠨ ᠶᠠᠩᠵᠤ ᠶᠢᠨ ᠪᠠᠶᠢᠵᠤ᠂ ᠳᠤᠮᠳᠠᠳᠤ ᠤᠯᠤᠰ ᠤᠨ ᠵᠦᠴᠦᠭᠡ ᠶᠢᠨ ᠲᠡᠭᠦᠪᠦᠷᠢ ᠭᠠᠳᠠᠭᠠᠳᠤ ᠶᠢᠨ ᠦᠵᠡᠭᠴᠢᠳ ᠤᠨ ᠮᠠᠭᠲᠠᠭᠠᠯ ᠰᠠᠶᠢᠰᠢᠶᠠᠯ ᠢ ᠲᠠᠰᠤᠷᠠᠯᠲᠠ ᠦᠭᠡᠢ ᠬᠦᠷᠲᠡᠵᠦ ᠪᠠᠶᠢᠨ᠎ᠠ  ᠰᠢᠨᠵᠢᠯᠡᠬᠦ ᠤᠬᠠᠭᠠᠨ ᠤ ᠵᠥᠩᠨᠡᠯ ᠤᠨ ᠵᠦᠴᠦᠭᠡ ᠨᠢ ᠭᠤᠶᠢᠲᠠ ᠰᠠᠶᠢᠬᠠᠨ ᠬᠠᠷᠠᠭᠠᠨ ᠰᠠᠷᠠᠯ ᠤᠨ ᠢᠯᠡᠷᠡᠯ ᠢᠶᠠᠷ᠂ ᠬᠥᠮᠦᠨ ᠨᠡᠶᠢᠭᠡᠮ᠋ ᠤᠨ ᠭᠦᠨ ᠭᠦᠨᠵᠡᠭᠡᠢ ᠬᠠᠶᠢᠷ᠎ᠠ ᠰᠡᠳᠭᠢᠯᠭᠡ ᠪᠠᠷ ᠢᠶᠠᠨ ᠭᠠᠳᠠᠭᠠᠳᠤ ᠶᠢᠨ ᠵᠠᠬ᠎ᠠ ᠳᠡᠯᠭᠡᠭᠦᠷ ᠤᠨ ᠵᠥᠪᠰᠢᠶᠡᠷᠡᠯ ᠢ ᠣᠯᠵᠠᠢ᠃ ᠲᠧᠩ ᠰᠢᠶᠦ᠋ᠨ ᠤ ︽ᠭᠤᠷᠪᠠᠨ ᠪᠡᠶᠡᠲᠦ︾ ᠶᠢ 2023 ᠣᠨ ᠤ 1 ᠳ᠋ᠦ᠋ᠭᠡᠷ ᠰᠠᠷ᠎ᠠ ᠳᠤ ᠨᠡᠪᠲᠡᠷᠡᠭᠦᠯᠦᠭᠰᠡᠨ ᠠᠴᠠ ᠨᠠᠭᠠᠰᠢ᠂ ᠤᠯᠤᠰ ᠤᠨ ᠳᠣᠲᠣᠭᠠᠳᠤ ᠶᠢᠨ ᠦᠵᠡᠭᠴᠢᠳ ᠤᠨ ᠠᠩᠬᠠᠷᠤᠯ ᠢ ᠶᠡᠭᠡ ᠪᠠᠷ ᠲᠠᠲᠠᠵᠤ᠂ ᠤᠮᠠᠷᠠᠲᠤ ᠠᠮᠧᠷᠢᠺᠠ᠂ ᠧᠦ᠋ᠷᠣᠫᠠ ᠲᠢᠪ ᠵᠡᠷᠭᠡ ᠣᠯᠠᠨ ᠭᠠᠵᠠᠷ ᠣᠷᠣᠨ ᠳᠤ ᠨᠡᠪᠲᠡᠷᠡᠭᠦᠯᠦᠭᠰᠡᠨ ᠬᠡᠮᠵᠢᠶ᠎ᠡ ᠨᠢ ᠴᠦ ᠡᠮᠦᠨ᠎ᠡ ᠡᠩᠨᠡᠭᠡᠨ ᠳᠤ ᠣᠷᠣᠵᠤ᠂ ᠭᠠᠳᠠᠭᠠᠳᠤ ᠶᠢᠨ ᠭᠤᠣᠯ ᠸᠢᠳᠢᠣ᠋ ᠲᠠᠪᠴᠠᠩ Viki ᠳᠡᠭᠡᠷᠡᠬᠢ ︽ᠭᠤᠷᠪᠠᠨ ᠪᠡᠶᠡᠲᠦ ︾ ᠶᠢᠨ ᠦᠨᠡᠯᠡᠯᠲᠡ  ᠨᠢ 9.2 ᠳᠤ ᠬᠦᠷᠴᠡᠢ᠃ 2023 ᠣᠨ ᠤ 9 ᠳ᠋ᠦ᠋ᠭᠡᠷ ᠰᠠᠷ᠎ᠠ ᠳᠤ ᠠᠮᠧᠷᠢᠺᠠ ᠶᠢᠨ PBS ᠲᠧᠯᠸᠢᠰ ᠤᠨ ᠰᠤᠪᠠᠭ ᠪᠠ ᠰᠢᠨ᠎ᠡ ᠵᠠᠭᠤᠴᠢᠯᠠᠭᠤᠷ ᠤᠨ ᠲᠠᠪᠴᠠᠩ ᠳᠤ ᠨᠡᠪᠲᠡᠷᠡᠭᠦᠯᠦᠭᠰᠡᠨ ᠤ ᠳᠠᠷᠠᠭ᠎ᠠ᠂ 2024 ᠣᠨ ᠤ 2 ᠳ᠋ᠤᠭᠠᠷ ᠰᠠᠷ᠎ᠠ ᠳᠤ ︽ᠭᠤᠷᠪᠠᠨ ᠪᠡᠶᠡᠲᠦ︾ ᠨᠢ ᠠᠮᠧᠷᠢᠺᠠ ᠶᠢᠨ NBCU ᠣᠷᠣᠰᠬᠠᠯ ᠤᠨ ᠵᠠᠭᠤᠴᠢᠯᠠᠭᠤᠷ ᠤᠨ ᠲᠠᠪᠴᠠᠩ ᠤᠨ Peacock ᠰᠦᠯᠵᠢᠶᠡᠨ ᠳᠡᠭᠡᠷ᠎ᠡ ᠨᠡᠪᠲᠡᠷᠡᠭᠦᠯᠦᠨ ᠮᠡᠳᠡᠭᠡᠯᠡᠵᠦ᠂ ᠷᠦᠲ᠋ᠧᠷ ᠬᠤᠷᠢᠶ᠎ᠠ᠂ ᠠᠮᠧᠷᠢᠺᠠ ᠶᠢᠨ ᠤᠲᠠᠰᠤᠲᠤ ᠲᠧᠯᠸᠢᠰ ᠤᠨ ᠰᠣᠨᠢᠨ ᠮᠡᠳᠡᠭᠡᠨ ᠤ ᠰᠦᠯᠵᠢᠶ᠎ᠡ ᠵᠡᠷᠭᠡ ᠧᠦ᠋ᠷᠣᠫᠠ ᠠᠮᠧᠷᠢᠺᠠ ᠶᠢᠨ ᠭᠤᠣᠯ ᠵᠠᠭᠤᠴᠢᠯᠠᠭᠤᠷ ᠤᠨ ᠮᠡᠳᠡᠭᠡᠯᠡᠭᠰᠡᠨ ᠢᠶᠠᠷ᠂ ︽ᠳᠤᠮᠳᠠᠳᠤ ᠤᠯᠤᠰ ᠤᠨ ᠬᠡᠪᠯᠡᠯ ᠤᠨ ︿ ᠭᠤᠷᠪᠠᠨ ᠪᠡᠶᠡᠲᠦ ﹀  ᠨᠢ ᠣᠭ ᠪᠦᠲᠦᠭᠡᠯ ᠲᠠᠢ ᠨᠡᠩ ᠣᠶᠢᠷᠠᠳᠴᠤ ᠂ ᠬᠡᠰᠡᠭ ᠦᠵᠡᠭᠴᠢᠳ ᠠᠮᠧᠷᠢᠺᠠ ᠶᠢᠨ ᠬᠡᠪᠯᠡᠯ ᠠᠴᠠ ᠴᠤ ᠰᠠᠶᠢᠬᠠᠨ ᠭᠡᠵᠦ ᠦᠵᠡᠵᠡᠭᠡᠪᠡ ᠃ ᠣᠷᠣᠰ ᠲᠤ᠂ ᠲᠤᠬᠠᠢ ᠶᠢᠨ ᠭᠠᠵᠠᠷ ᠤᠨ ᠨᠡᠷᠡᠰ ᠤᠨ ᠵᠢᠭᠰᠠᠭᠠᠯᠲᠠ ᠶᠢᠨ ᠡᠮᠦᠨ᠎ᠡ ᠭᠤᠷᠪᠠ ᠶᠢᠨ ᠤᠷᠤᠰᠬᠠᠯ ᠵᠠᠭᠤᠴᠢᠯᠠᠭᠤᠷ ᠤᠨ ᠲᠠᠪᠴᠠᠩ OKKO ︽ᠭᠤᠷᠪᠠᠨ ᠪᠡᠶᠡᠲᠦ ︾ ᠶᠢ ᠣᠷᠣᠭᠤᠯᠤᠨ ᠥᠪᠡᠷ ᠢᠶᠠᠨ ᠠᠪᠢᠶ᠎ᠠ ᠲᠠᠭᠠᠷᠠᠭᠤᠯᠤᠨ ᠨᠡᠪᠲᠡᠷᠡᠭᠦᠯᠵᠦ᠂ ᠲᠤᠰᠬᠠᠯ  ᠨᠢ ᠬᠠᠯᠠᠭᠤᠨ ᠪᠠᠶᠢᠵᠤ᠂ ᠦᠵᠡᠭᠴᠢᠳ ᠤᠨ ᠦᠨᠡᠯᠡᠯᠲᠡ ᠨᠢ 8.1 ᠪᠠᠶᠢᠪᠠ᠃ 2024 ᠣᠨ ᠤ 5 ᠳ᠋ᠤᠭᠠᠷ ᠰᠠᠷ᠎ᠠ ᠳᠤ ︽ᠭᠤᠷᠪᠠᠨ ᠪᠡᠶᠡᠲᠦ︾ ᠶᠢ ᠪᠧᠩᠭᠠᠯ ᠤᠨ ᠰᠢᠨ᠎ᠡ ᠵᠠᠭᠤᠴᠢᠯᠠᠭᠤᠷ ᠤᠨ ᠲᠠᠪᠴᠠᠩ Bongo ᠳᠤ ᠨᠡᠪᠲᠡᠷᠡᠭᠦᠯᠵᠦ᠂ ᠲᠡᠷᠡ ᠳᠠᠷᠤᠢ ᠳᠤ ᠨᠢ ᠨᠡᠶᠢᠭᠡᠮ ᠤᠨ ᠬᠠᠷᠢᠯᠴᠠᠭᠠᠨ ᠤ ᠵᠠᠭᠤᠴᠢᠯᠠᠭᠤᠷ ᠤᠨ ᠶᠡᠭᠡ ᠶᠠᠷᠢᠯᠴᠠᠭ᠎ᠠ ᠶᠢ ᠡᠭᠦᠰᠭᠡᠪᠡ᠂ ᠠᠯᠳᠠᠷᠲᠤ ᠵᠣᠬᠢᠶᠠᠯᠴᠢ ᠠᠪᠳᠤᠯᠯᠠ • ᠢᠪᠳᠧᠨ • ᠮᠠᠬᠠᠮᠦ᠋ᠳ ᠨᠢᠭᠤᠷ ᠨᠣᠮ ᠳᠡᠭᠡᠷ᠎ᠡ ᠰᠢᠭᠦᠮᠵᠢ ᠨᠡᠶᠢᠲᠡᠯᠡᠵᠦ᠂ ︽ᠭᠤᠷᠪᠠᠨ ᠪᠡᠶᠡᠲᠦ︾ ᠨᠢ ᠮᠢᠨᠦ ᠬᠠᠮᠤᠭ ᠤᠨ ᠳᠤᠷᠠᠲᠠᠢ ᠲᠧᠯᠸᠢᠰ ᠵᠦᠴᠦᠭᠡ ᠶᠢᠨ ᠨᠢᠭᠡ ᠪᠣᠯᠵᠣ᠂ ᠪᠧᠩᠭᠠᠯ ᠬᠡᠯᠡᠨ ᠳᠤ ᠣᠷᠴᠢᠭᠤᠯᠤᠭᠰᠠᠨ ᠬᠡᠪᠯᠡᠯ ᠢ ᠦᠵᠡᠭᠡᠳ ᠰᠡᠳᠬᠢᠯ ᠮᠠᠰᠢ ᠳᠣᠭᠳᠣᠯᠵᠠᠢ ᠭᠡᠵᠡᠢ᠃ ᠣᠳᠣᠬᠠᠨ ᠳᠤ᠂ ︽ᠭᠤᠷᠪᠠᠨ ᠪᠡᠶᠡᠲᠦ︾ ᠶᠢ ᠶᠸᠦ ᠲᠤ ᠲᠠᠪᠴᠠᠩ ᠳᠤ ᠨᠡᠪᠲᠡᠷᠡᠭᠦᠯᠦᠭᠰᠡᠨ ᠤᠳᠠᠭ᠎ᠠ ᠮᠢᠩᠭᠠᠨ ᠲᠦᠮᠡ ᠶᠢ ᠳᠠᠪᠠᠵᠤ᠂ ᠦᠵᠡᠭᠰᠡᠨ ᠴᠠᠭ ᠨᠢ 1 ᠳ᠋ᠦᠩᠰᠢᠭᠤᠷ ᠮᠢᠨᠦ᠋ᠲ ᠠᠴᠠ ᠳᠠᠪᠠᠵᠤ᠂ ᠨᠢᠭᠡᠨᠲᠡ ᠪᠦᠬᠦ ᠪᠥᠮᠪᠥᠷᠴᠡᠭ ᠤᠨ 20 ᠭᠠᠷᠤᠢ ᠭᠤᠣᠯ ᠵᠠᠭᠤᠴᠢᠯᠠᠭᠤᠷ ᠤᠨ ᠲᠠᠪᠴᠠᠩ ᠳᠤ ᠲᠠᠷᠬᠠᠭᠠᠭᠰᠠᠨ ᠪᠥᠭᠡᠳ ᠧᠦ᠋ᠷᠣᠫᠠ ᠲᠢᠪ᠂ ᠠᠹᠷᠢᠺᠠ ᠲᠢᠪ ᠪᠣᠯᠤᠨ ᠯᠠᠲ᠋ᠢᠨ ᠠᠮᠧᠷᠢᠺᠠ ᠶᠢᠨ ᠦᠵᠡᠭᠴᠢᠳ ᠲᠠᠢ ᠤᠳᠠᠬᠤ ᠦᠭᠡᠢ ᠠᠭᠤᠯᠵᠠᠬᠤ ᠪᠣᠯᠤᠨ᠎ᠠ᠃  ᠣᠳᠣ ᠦᠶ᠎ᠡ ᠶᠢᠨ ᠵᠦᠴᠦᠭᠡ ᠨᠢ ᠠᠩᠬᠠᠷᠤᠯ ᠲᠠᠯᠪᠢᠨ᠂ ᠠᠮᠢᠳᠤ ᠴᠣᠪᠣᠭᠤᠯᠢᠭ ᠪᠠᠶᠢᠵᠤ᠂ ᠭᠠᠳᠠᠭᠠᠳᠤ ᠶᠢᠨ ᠦᠵᠡᠭᠴᠢᠳ ᠤᠨ ᠰᠡᠳᠬᠢᠯ ᠵᠢᠷᠦᠬᠡ ᠶᠢ ᠴᠤᠤᠷᠢᠶᠠᠲᠤᠭᠤᠯᠪᠠ᠃ ︽ᠠᠯᠲᠠᠢ ᠮᠢᠨᠢ︾ ᠶᠢ 2024 ᠣᠨ ᠤ ᠹᠷᠠᠨᠼᠢ ᠶᠢᠨ ᠭᠠᠨᠠ ᠶᠢᠨ ᠲᠧᠯᠸᠢᠰ ᠤᠨ ᠨᠠᠶᠢᠷ ᠤᠨ ᠭᠤᠣᠯ ᠤᠷᠤᠯᠳᠤᠭᠠᠨ ᠤ ᠨᠢᠭᠡᠴᠢ ᠳᠤ ᠣᠷᠤᠭᠤᠯᠤᠭᠰᠠᠨ ᠪᠥᠭᠡᠳ ᠠᠮᠵᠢᠯᠲᠠ ᠲᠠᠢ ᠳᠡᠯᠭᠡᠨ ᠦᠵᠡᠭᠦᠯᠵᠦ᠂ ᠵᠦᠴᠦᠭᠡ ᠶᠢᠨ ᠳᠣᠲᠣᠷ᠎ᠠ ᠬᠥᠮᠦᠨ ᠤ ᠰᠡᠳᠭᠢᠯ ᠢ ᠵᠠᠰᠠᠵᠤ ᠴᠢᠳᠠᠬᠤ ᠬᠢᠯᠢ ᠬᠢᠵᠠᠭᠠᠷ ᠤᠨ ᠭᠤᠸ᠎ᠠ ᠰᠠᠶᠢᠬᠠᠨ᠂ ᠰᠤᠯᠠ ᠵᠠᠳᠠᠭᠠᠢ ᠠᠮᠢᠳᠤᠷᠠᠯ ᠤᠨ ᠠᠷᠭ᠎ᠠ ᠬᠡᠯᠪᠡᠷᠢ᠂ ᠨᠠᠷᠢᠯᠢᠭ ᠪᠣᠷᠣᠭᠵᠢᠭᠤᠨ ᠠᠮᠢ ᠨᠠᠰᠤᠨ ᠤ ᠬᠠᠶᠢᠨ ᠰᠦᠪᠡᠭᠴᠢᠯᠡᠯᠲᠡ ᠶᠢᠨ ᠶᠠᠪᠤᠴᠠ ᠳᠤ ᠣᠷᠣᠵᠤ᠂ ᠭᠠᠳᠠᠭᠠᠳᠤ ᠶᠢᠨ ᠲᠤᠰᠬᠠᠢ ᠮᠡᠷᠭᠡᠵᠢᠯ ᠤᠨ ᠵᠠᠭᠤᠴᠢᠯᠠᠭᠤᠷ ᠪᠣᠯᠤᠨ ᠦᠵᠡᠭᠴᠢᠳ ᠤᠨ ᠣᠯᠠᠨ ᠰᠢᠯᠢᠳᠡᠭ ᠦᠨᠡᠯᠡᠯᠲᠡ ᠶᠢ ᠣᠯᠵᠤ᠂ ᠭᠠᠨᠠ ᠶᠢᠨ ᠪᠠᠶᠠᠷ ᠤᠨ ᠵᠣᠬᠢᠶᠠᠨ ᠪᠠᠶᠢᠭᠤᠯᠤᠭᠰᠠᠨ ᠺᠣᠮᠢᠰ ᠠᠴᠠ ︽ᠡᠨᠡ ᠵᠦᠴᠦᠭᠡ ᠶᠢᠨ ᠦᠵᠡᠭᠳᠡᠯ ᠤᠨ ᠰᠠᠶᠢᠬᠠᠨ᠂ ᠬᠤᠱᠣᠩ ᠶᠥᠮᠦᠷᠯᠢᠭ᠂ ᠬᠤᠪᠢᠷᠠᠯᠲᠠ ᠶᠢᠨ ᠠᠶᠢᠵᠠᠮ ᠵᠢᠴᠢ ᠰᠢᠯᠦᠭ ᠤᠨ ᠰᠡᠳᠭᠢᠯ ᠤᠨ ᠳᠣᠲᠣᠭᠠᠳᠤ ᠴᠥᠮ᠎ᠡ ᠨᠢ ᠲᠠᠨ ᠳᠤ ᠪᠠᠶᠠᠷ ᠪᠠᠭ᠋ᠠᠳᠤᠯ ᠢ ᠬᠦᠷᠭᠡᠬᠦ ᠶᠤᠮ︾ ᠭᠡᠵᠡᠢ᠃ ᠠᠮᠧᠷᠢᠺᠠ ᠶᠢᠨ ︽ᠶᠡᠷᠦᠩᠬᠡᠶᠢᠯᠡᠭᠰᠡᠨ ᠤᠷᠠᠯᠢᠭ︾ ᠰᠡᠳᠬᠦᠯ ᠠᠴᠠ ︽ᠬᠥᠮᠦᠨ ᠢ ᠰᠣᠴᠢᠭᠠᠮ᠎ᠠ ᠪᠠᠶᠢᠭᠠᠯᠢ ᠶᠢᠨ ᠭᠤᠸ᠎ᠠ ᠰᠠᠶᠢᠬᠠᠨ ᠵᠢᠴᠢ ᠣᠯᠠᠨ ᠦᠨᠳᠦᠰᠦᠲᠡᠨ ᠤ ᠰᠣᠶᠣᠯ ᠤᠨ ᠷᠤᠮᠠᠨᠲ᠋ᠢᠭ ᠬᠠᠮᠲᠤ ᠶᠢᠨ ᠵᠦᠢᠯ ᠢ ᠵᠢᠷᠤᠭᠯᠠᠵᠠᠶ︾ ᠭᠡᠪᠡ᠃ ᠲᠡᠷᠢᠭᠦᠯᠡᠭᠴᠢ ᠰᠢ ᠶᠢᠨ ᠫᠢᠩ ᠺᠠᠽᠠᠭᠰᠲ᠋ᠠᠨ ᠳᠤ ᠠᠶᠢᠯᠴᠢᠯᠠᠵᠤ ᠪᠠᠶᠢᠭ᠎ᠠ ᠲᠠᠰᠢᠷᠠᠮ ᠳᠤ᠂ ︽ᠠᠯᠳᠠᠢ ᠮᠢᠨᠢ︾ ᠶᠢ ᠺᠠᠽᠠᠭᠰᠲ᠋ᠠᠨ ᠤ 7 ᠰᠤᠪᠠᠭ ᠲᠤ ᠡᠬᠢᠯᠡᠨ ᠨᠡᠪᠲᠡᠷᠡᠭᠦᠯᠵᠦ᠂ ᠰᠤᠪᠠᠭ ᠤᠨ ᠶᠡᠷᠦᠩᠬᠡᠶ ᠵᠠᠬᠢᠷᠤᠭᠴᠢ ᠢᠷᠬᠠᠮ • ᠡᠮᠪᠦᠷᠡᠭ ᠢᠯᠡᠷᠬᠡᠶᠢᠯᠡᠬᠦ ᠳᠤ ᠪᠠᠨ ᠂ ᠲᠤᠰ ᠵᠦᠴᠦᠭᠡ ᠨᠢ ᠦᠨᠳᠦᠰᠦᠲᠡᠨ ᠤ ᠢᠯᠡ ᠲᠣᠳᠣ ᠬᠡᠪ ᠨᠠᠮᠪᠠ ᠲᠠᠢ᠂ ᠪᠦᠲᠦᠭᠡᠯ ᠤᠨ ᠶᠠᠷᠢᠭᠰᠠᠨ ᠦᠯᠢᠭᠡᠷ ᠪᠠ ᠢᠯᠡᠷᠡᠭᠦᠯᠦᠭᠰᠡᠨ ᠰᠣᠶᠣᠯ ᠤᠨ ᠬᠠᠮᠲᠤ ᠶᠢᠨ ᠴᠢᠨᠠᠷ ᠢ ᠲᠤᠬᠠᠶ ᠶᠢᠨ ᠭᠠᠵᠠᠷ ᠤᠨ ᠦᠵᠡᠭᠴᠢᠳ ᠲᠤ ᠮᠠᠰᠢ ᠶᠡᠭᠡ ᠬᠦᠰᠡᠯ ᠨᠠᠶᠢᠳᠠᠯᠭ᠎ᠠ ᠲᠠᠯᠪᠢᠵᠤ ᠪᠠᠶᠢᠨ᠎ᠠ᠂ ᠡᠨᠡ ᠨᠢ ᠪᠠᠰᠠ ᠳᠤᠮᠳᠠᠳᠤ ᠺᠠᠽᠠᠭᠰᠲ᠋ᠠᠨ ᠬᠤᠶᠠᠷ ᠤᠯᠤᠰ ᠤᠨ ᠠᠷᠠᠳ ᠤᠨ ᠰᠡᠳᠬᠢᠯ ᠤᠨ ᠨᠡᠪᠲᠡᠷᠡᠯᠴᠡᠭᠡ ᠶᠢ ᠤᠯᠠᠮ ᠨᠢᠭᠡ ᠠᠯᠬᠤᠮ ᠠᠬᠢᠭᠤᠯᠬᠤ ᠪᠣᠯᠤᠨ᠎ᠠ ᠭᠡᠵᠡᠢ᠃ ᠣᠳᠣ ᠦᠶ᠎ᠡ ᠶᠢᠨ ᠰᠡᠵᠢᠭᠲᠦ ᠵᠦᠴᠦᠭᠡ ︽ᠤᠰᠤᠨ ᠤ ᠥᠩᠭᠡᠷᠡᠭᠰᠡᠨ ᠤ ᠶᠠᠪᠤᠳᠠᠯ︾ ᠨᠢ ᠶᠸᠦ ᠺᠦ᠋ ᠣᠯᠠᠨ ᠤᠯᠤᠰ ᠤᠨ ᠬᠡᠪᠯᠡᠯ ᠪᠠ YouTube ᠰᠤᠪᠠᠭ ᠨᠢ ᠠᠩᠭ᠍ᠯᠢ᠂ ᠢᠰᠫᠠᠨᠢ᠂ ᠫᠣᠷᠲ᠋ᠦ᠋ᠭᠠᠯ ᠂ ᠲᠠᠢ ᠤᠯᠤᠰ ᠂ ᠢᠨᠳᠣᠨᠧᠰᠢᠶ᠎ᠠ᠂ ᠮᠠᠯᠠᠶᠢᠰᠢᠶ᠎ᠠ᠂ ᠸᠢᠶᠧᠲᠨᠠᠮ ᠬᠡᠯᠡ ᠵᠡᠷᠭᠡ ᠣᠯᠠᠨ ᠬᠡᠯᠡᠨ ᠤ ᠦᠰᠦᠭ ᠤᠨ ᠳᠡᠯᠭᠡᠴᠡ ᠲᠠᠢ ᠶᠢ ᠵᠡᠷᠭᠡ ᠪᠠᠷ ᠨᠡᠪᠲᠡᠷᠡᠭᠦᠯᠵᠦ᠂ ᠭᠠᠳᠠᠭᠠᠳᠤ ᠶᠢᠨ ᠦᠵᠡᠭᠴᠢᠳ ᠤᠨ ᠥᠨᠳᠥᠷ ᠦᠨᠡᠯᠡᠯᠲᠡ ᠶᠢ ᠣᠯᠵᠠᠢ ᠂ ᠲᠤᠰ ᠵᠦᠴᠦᠭᠡ  ᠶᠢ ︽ᠰᠡᠳᠬᠢᠯ ᠵᠢᠷᠦᠬᠡ ᠶᠢ ᠳᠣᠭᠳᠤᠯᠤᠭᠤᠯᠤᠭᠰᠠᠨ ︾᠂ ︽ᠰᠡᠭᠦᠳᠡᠷᠯᠡᠬᠦ ᠠᠷᠭ᠎ᠠ ᠨᠢ ᠶᠡᠷᠦ ᠪᠤᠰᠤ ᠶᠢᠨ ︾᠂ ︽ᠠᠭᠤᠯᠭ᠎ᠠ ᠨᠢ ᠪᠠᠶᠠᠯᠢᠭ ᠪᠠᠶᠢᠵᠤ᠂ ᠬᠥᠮᠦᠰ ᠤᠨ ᠠᠩᠬᠠᠷᠤᠯ ᠢ ᠲᠠᠲᠠᠭᠰᠠᠨ ︾᠂ ︽ᠥᠨᠳᠦᠷᠴᠡ  ᠲᠠᠢ ᠵᠦᠴᠦᠭᠡ ᠶᠢᠨ ᠦᠢᠯᠡ ᠠᠵᠢᠯᠯᠠᠭ᠎ᠠ ᠨᠢ ᠬᠦᠮᠦᠰ ᠢ ᠮᠠᠰᠢ ᠰᠤᠭᠲᠤᠭᠤᠷᠠᠭᠤᠯᠤᠭᠰᠠᠨ ︾ ᠭᠡᠵᠦ ᠦᠵᠡᠵᠡᠭᠡᠪᠡ ᠃ ᠰᠡᠵᠢᠭᠲᠦ ᠵᠦᠴᠦᠭᠡ ᠶᠢᠨ ᠲᠡᠭᠦᠪᠦᠷᠢ  ᠨᠢ ᠪᠦᠲᠦᠭᠡᠯᠴᠢ ᠴᠢᠳᠠᠪᠤᠷᠢ ᠪᠠ ᠤᠷᠠᠯᠢᠭ ᠤᠨ ᠴᠢᠨᠠᠷ ᠢ ᠲᠦᠷᠭᠡᠨ ᠳᠡᠭᠡᠭᠰᠢᠯᠡᠭᠦᠯᠵᠦ᠂ ᠪᠣᠳᠠᠲᠤ ᠰᠡᠳᠦᠪᠲᠦ ᠵᠦᠴᠦᠭᠡ ᠶᠢᠨ ᠣᠯᠠᠨ ᠤᠯᠤᠰ ᠲᠤ ᠳᠠᠮᠵᠢᠭᠤᠯᠬᠤ ᠥᠪᠡᠷᠮᠢᠴᠡ ᠲᠥᠷᠥᠯ ᠬᠡᠯᠪᠡᠷᠢ ᠪᠣᠯᠵᠣ᠂ ᠬᠥᠮᠦᠰ ᠤᠨ ᠰᠡᠳᠬᠢᠯ ᠢ ᠲᠠᠲᠠᠭᠰᠠᠨ ᠥᠯᠢᠭᠡᠷ ᠤᠨ ᠦᠢᠯᠡ ᠶᠠᠪᠤᠳᠠᠯ᠂ ᠥᠳᠬᠡᠨ ᠵᠤᠵᠠᠭᠠᠨ ᠪᠣᠳᠠᠲᠤ ᠠᠬᠤᠢ ᠶᠢᠨ ᠰᠠᠭᠤᠷᠢ ᠥᠩᠭᠡ᠂ ᠨᠠᠷᠢᠯᠢᠭ ᠰᠠᠶᠢᠬᠠᠨ ᠦᠢᠯᠡᠳᠬᠦ ᠬᠢᠷᠢ ᠲᠦᠪᠰᠢᠨ ᠵᠢᠴᠢ ᠨᠡᠶᠢᠭᠡᠮ ᠤᠨ ᠠᠰᠠᠭᠤᠳᠠᠯ ᠢ ᠠᠮᠢᠳᠤᠯᠢᠭ ᠳᠦᠷᠰᠦᠯᠡᠨ ᠵᠢᠷᠤᠭᠯᠠᠬᠤ ᠪᠠ ᠭᠦᠨᠵᠡᠭᠡᠶ ᠪᠣᠳᠣᠯᠬᠢᠯᠠᠵᠤ᠂ ᠶᠡᠭᠡ ᠬᠡᠮᠵᠢᠶᠡᠨ ᠤ ᠭᠠᠳᠠᠭᠠᠳᠤ ᠶᠢᠨ ᠦᠵᠡᠭᠴᠢᠳ ᠢ ᠲᠠᠲᠠᠪᠠ ᠃  ᠡᠷᠲᠡᠨ ᠤ ᠰᠡᠳᠦᠪᠲᠦ ᠵᠦᠴᠦᠭᠡ ᠳᠤᠮᠳᠠᠳᠤ ᠤᠯᠤᠰ ᠤᠨ ᠰᠣᠶᠣᠯ ᠤᠨ ᠰᠢᠨ᠎ᠡ ᠡᠭᠦᠳᠦᠯᠲᠡ ᠶᠢᠨ ᠢᠯᠡᠳᠭᠡᠯ ᠪᠠ ᠡᠯᠪᠡᠭ ᠪᠠᠶᠠᠯᠢᠭ ᠰᠠᠭᠤᠷᠢ ᠪᠠᠷ ᠭᠠᠳᠠᠭᠠᠳᠤ ᠶᠢᠨ ᠦᠵᠡᠭᠴᠢᠳ ᠤᠨ ᠬᠦᠷᠢᠶᠡᠯᠡᠯ ᠢ ᠣᠯᠵᠠᠢ᠃ ᠡᠷᠲᠡᠨ ᠤ ᠰᠡᠳᠦᠪᠲᠦ ᠵᠦᠴᠦᠭᠡ ᠨᠢ ᠳᠤᠮᠳᠠᠳᠤ ᠶᠢᠨ ᠲᠡᠦᠬᠡ ᠶᠢᠨ ᠣᠢ ᠰᠠᠨᠠᠮᠵᠢ ᠪᠠ ᠦᠵᠡᠵᠦ ᠰᠣᠨᠣᠰᠬᠤ ᠤᠷᠠᠯᠢᠭ ᠢ ᠠᠭᠤᠰᠤᠯᠴᠠᠭᠤᠯᠵᠤ᠂ ᠰᠡᠳᠦᠪ ᠨᠢ ᠣᠯᠠᠨ ᠶᠠᠩᠵᠤ ᠶᠢᠨ᠂ ᠵᠢᠷᠤᠭ ᠨᠢ ᠭᠤᠶᠢᠲᠠ ᠰᠠᠶᠢᠬᠠᠨ ᠪᠠᠶᠢᠵᠤ᠂ ︽ᠳᠣᠷᠣᠨᠠᠳᠠᠬᠢᠨ ᠤ ᠭᠤᠸ᠎ᠠ ᠵᠦᠢ︾ ᠪᠠᠷ ᠲᠠᠰᠤᠷᠠᠯᠲᠠ ᠦᠭᠡᠢ ᠭᠠᠳᠠᠭᠠᠳᠤ ᠶᠢᠨ ᠰᠢᠨ᠎ᠡ ᠦᠵᠡᠭᠴᠢᠳ ᠢ ᠲᠠᠲᠠᠵᠤ᠂ ᠳᠤᠮᠳᠠᠳᠤ ᠶᠢᠨ ᠰᠢᠯᠢᠳᠡᠭ ᠰᠣᠶᠣᠯ ᠢ ᠳᠠᠮᠵᠢᠭᠤᠯᠬᠤ ᠴᠢᠬᠤᠯᠠ ᠠᠴᠢᠶᠠᠯᠠᠪᠤᠷᠢ ᠪᠣᠯᠤᠭᠰᠠᠨ ᠪᠠᠶᠢᠨ᠎ᠠ᠃ 2024 ᠣᠨ ᠤ 6 ᠳ᠋ᠤᠭᠠᠷ ᠰᠠᠷ᠎ᠠ ᠳᠤ᠂ ᠡᠷᠲᠡᠨ ᠤ ᠰᠡᠳᠦᠪᠲᠦ ᠬᠠᠶᠢᠷ᠎ᠠ ᠰᠡᠳᠭᠢᠯᠭᠡ ᠶᠢᠨ ᠵᠦᠴᠦᠭᠡ ︽ᠪᠠᠷᠠᠭᠠᠨ ᠪᠣᠷᠤᠭᠠᠨ ᠡᠭᠦᠯᠡᠨ ᠤ ᠳᠤᠮᠳᠠ︾ ᠶᠢ ᠠᠩᠭ᠍ᠯᠢ᠂ ᠢᠰᠫᠠᠨᠢ᠂ ᠫᠣᠷᠲ᠋ᠦ᠋ᠭᠠᠯ᠂ ᠲᠠᠢ ᠤᠯᠤᠰ᠂ ᠢᠨᠳᠦ᠋ᠨᠧᠰᠢᠶ᠎ᠠ᠂ ᠮᠠᠯᠠᠶᠢᠰᠢᠶ᠎ᠠ᠂ ᠸᠢᠶᠧᠲᠨᠠᠮ ᠬᠡᠯᠡ ᠵᠡᠷᠭᠡ ᠣᠯᠠᠨ ᠬᠡᠯᠡ ᠪᠠᠷ ᠣᠷᠴᠢᠭᠤᠯᠵᠤ᠂ ᠪᠦᠬᠦ ᠪᠥᠮᠪᠥᠷᠴᠡᠭ ᠤᠨ ᠤᠷᠤᠰᠬᠠᠯ ᠵᠠᠭᠤᠴᠢᠯᠠᠭᠤᠷ ᠤᠨ ᠲᠠᠪᠴᠠᠩ ᠨᠠᠢ ᠹᠧᠢ ᠵᠢᠴᠢ ᠤᠮᠠᠷᠠᠲᠤ ᠠᠮᠧᠷᠢᠺᠠ᠂ ᠲᠠᠢ ᠤᠯᠤᠰ᠂ ᠮᠠᠯᠠᠶᠢᠰᠢᠶ᠎ᠠ᠂ ᠶᠠᠫᠣᠨ᠂ ᠺᠣᠷᠢᠶᠠ ᠵᠡᠷᠭᠡ ᠣᠯᠠᠨ ᠣᠷᠣᠨ ᠪᠦᠰᠡ ᠶᠢᠨ ᠤᠷᠤᠰᠬᠠᠯ ᠵᠠᠭᠤᠴᠢᠯᠠᠭᠤᠷ ᠤᠨ ᠲᠠᠪᠴᠠᠩ ᠳᠡᠭᠡᠷ᠎ᠡ ᠨᠡᠪᠲᠡᠷᠡᠭᠦᠯᠵᠦ᠂ ᠣᠳᠣᠬᠠᠨ ᠳᠤ ᠭᠠᠳᠠᠭᠠᠳᠤ ᠶᠢᠨ ᠪᠦᠬᠦ ᠲᠠᠪᠴᠠᠩ ᠳᠤ ᠪᠠᠷᠤᠭ 2 ᠳ᠋ᠦᠩᠰᠢᠭᠤᠷ ᠰᠢᠬᠠᠮ ᠤᠳᠠᠭ᠎ᠠ ᠨᠡᠪᠲᠡᠷᠡᠭᠦᠯᠵᠦ᠂ ᠭᠠᠳᠠᠭᠠᠳᠤ ᠶᠢᠨ ᠲᠠᠪᠴᠠᠩ ᠳᠤ 4 ᠳ᠋ᠦᠩᠰᠢᠭᠤᠷ ᠰᠢᠬᠠᠮ ᠢᠯᠡᠴᠢᠯᠡᠵᠦ᠂ ᠤᠷᠢᠳ ᠬᠤᠵᠢᠳ ᠲᠠᠢ ᠤᠯᠤᠰ ᠤᠨ TrueID ᠲᠠᠪᠴᠠᠩ᠂ ᠺᠣᠷᠢᠶᠠ ᠶᠢᠨ MOA ᠲᠠᠪᠴᠠᠩ ᠵᠡᠷᠭᠡ ᠬᠤᠶᠠᠷ ᠶᠡᠭᠡ ᠲᠠᠪᠴᠠᠩ ᠳᠤ ᠨᠡᠪᠲᠡᠷᠡᠭᠦᠯᠵᠦ ᠂ ᠵᠠᠯᠭᠠᠭ᠎ᠠ ᠪᠠᠷ ᠣᠯᠠᠨ ᠡᠳᠦᠷ ᠶᠧᠦ ᠺᠦ᠋ ᠣᠯᠠᠨ ᠤᠯᠤᠰ ᠤᠨ ᠬᠡᠪᠯᠡᠯ ᠤᠨ ᠪᠦᠬᠦ ᠬᠡᠯᠡᠨ ᠤ ᠬᠠᠯᠠᠮᠰᠢᠯ ᠵᠦᠴᠦᠭᠡ ᠶᠢᠨ ᠲᠡᠭᠦᠪᠦᠷᠢ ᠶᠢᠨ ᠲᠡᠷᠢᠭᠦᠨ ᠪᠠᠶᠢᠷᠢ ᠶᠢ ᠡᠵᠡᠯᠡᠵᠦ᠂ IMDB ᠢᠨᠲ᠋ᠧᠷ ᠰᠦᠯᠵᠢᠶᠡᠨ ᠤ ᠺᠢᠨᠣ᠋ ᠶᠢᠨ ᠮᠠᠲ᠋ᠧᠷᠢᠶᠠᠯ ᠤᠨ ᠬᠥᠮᠥᠷᠭᠡ ᠳᠤ 8.6 ᠬᠤᠪᠢ ᠣᠯᠵᠤ᠂ ᠠᠽᠢᠶ᠎ᠠ ᠲᠢᠪ ᠤᠨ ᠵᠦᠴᠦᠭᠡ ᠶᠢᠨ ᠲᠡᠭᠦᠪᠦᠷᠢ ᠶᠢᠨ ᠰᠢᠭᠦᠮᠵᠢ ᠰᠦᠯᠵᠢᠶ᠎ᠡ MyDramaList ᠳᠤ 8.7 ᠬᠤᠪᠢ ᠣᠯᠪᠠ᠂ ᠨᠠᠢ ᠹᠧᠢ ᠠᠯᠪᠠᠨ ᠤ ᠲᠠᠯ᠎ᠠ ᠶᠢᠨ Instagram ᠳᠠᠩᠰᠠᠨ ᠨᠣᠮᠧᠷ ᠲᠤ ᠨᠡᠶᠢᠲᠡᠯᠡᠭᠰᠡᠨ ︽ ᠪᠠᠷᠠᠭᠠᠨ ᠪᠣᠷᠤᠭᠠᠨ ᠡᠭᠦᠯᠡᠨ ᠤ ᠳᠤᠮᠳᠠ ︾ ᠶᠢ ᠤᠬᠠᠭᠤᠯᠤᠨ ᠲᠠᠨᠢᠯᠴᠠᠭᠤᠯᠤᠭᠰᠠᠨ ᠮᠡᠳᠡᠭᠡ ᠵᠠᠩᠭᠢ ᠨᠢ ᠣᠯᠠᠨ ᠤ ᠮᠠᠭᠲᠠᠭᠠᠯ ᠢ ᠣᠯᠪᠠ᠃  ᠬᠤᠶᠠᠷ᠂ ︽ᠣᠡᠭᠭᠤᠴᠠ ᠦᠢᠯᠡᠳᠭᠦ︾ ᠪᠠ ︽ᠣᠡᠭᠭᠤᠴᠠ ᠵᠢᠭᠡᠯᠡᠬᠦ︾ ᠶᠢ ᠵᠡᠷᠭᠡ ᠪᠠᠷ ᠬᠡᠷᠡᠭᠵᠢᠭᠦᠯᠵᠦ᠂ ᠳᠤᠮᠳᠠᠳᠤ ᠤᠯᠤᠰ ᠤᠨ ᠵᠦᠴᠦᠭᠡ ᠶᠢᠨ ᠲᠡᠭᠦᠪᠦᠷᠢ ᠣᠯᠠᠨ ᠠᠷᠭ᠎ᠠ ᠵᠠᠮ ᠢᠶᠠᠷ ᠭᠠᠳᠠᠭᠠᠳᠤ ᠶᠢᠨ ᠦᠵᠡᠭᠴᠢᠳ ᠲᠠᠢ ᠣᠶᠢᠷᠠᠲᠤᠪᠠ  ᠪᠡᠶ᠎ᠡ ᠪᠠᠨ ᠳᠠᠭᠠᠭᠠᠭᠰᠠᠨ ᠰᠢᠨ᠎ᠡ ᠵᠠᠭᠤᠴᠢᠯᠠᠭᠤᠷ ᠤᠨ ᠲᠠᠪᠴᠠᠩ ᠤᠨ ᠪᠠᠶᠢᠭᠤᠯᠤᠯᠲᠠ ᠪᠠ ᠭᠠᠳᠠᠭᠠᠳᠤ ᠶᠢᠨ ᠰᠤᠪᠠᠭ ᠤᠨ ᠳᠠᠩᠰᠠᠨ ᠨᠣᠮᠧᠷ ᠤᠨ ᠪᠠᠶᠢᠭᠤᠯᠤᠯᠲᠠ ᠢᠵᠢᠯ ᠴᠢᠭᠯᠡᠯ ᠳᠤ ᠬᠦᠴᠦᠯᠡᠪᠡ᠃ ᠠᠢ ᠴᠢ ᠢ᠂ ᠶᠧᠦ ᠺᠦ᠋᠂ ᠲᠧᠩ ᠰᠢᠶᠦ᠋ᠨ᠂ ᠮᠠᠩᠭᠦ᠋ᠸᠧ TV ᠵᠡᠷᠭᠡ ᠳᠤᠮᠳᠠᠳᠤ ᠤᠯᠤᠰ ᠤᠨ ᠰᠦᠯᠵᠢᠶᠡᠨ ᠤ ᠦᠵᠡᠵᠦ ᠰᠣᠨᠣᠰᠬᠤ ᠲᠠᠪᠴᠠᠩ ᠨᠢ ᠭᠠᠳᠠᠭᠠᠳᠤ ᠶᠢᠨ ᠵᠠᠬ᠎ᠠ ᠳᠡᠯᠭᠡᠭᠦᠷ ᠢ ᠰᠠᠨᠠᠭᠠᠴᠢᠯᠠᠭ᠎ᠠ ᠠᠴᠠ ᠪᠠᠨ ᠪᠠᠶᠢᠷᠢᠯᠠᠭᠤᠯᠵᠤ ᠂ ᠲᠤᠰ ᠭᠠᠵᠠᠷ ᠣᠷᠣᠨ ᠤ ᠪᠠᠨ ᠰᠦᠯᠵᠢᠶᠡᠨ ᠲᠠᠪᠴᠠᠩ ᠪᠠ ᠰᠢᠨ᠎ᠡ ᠵᠠᠭᠤᠴᠢᠯᠠᠭᠤᠷ ᠤᠨ ᠬᠡᠷᠡᠭᠯᠡᠯᠲᠡ ᠶᠢ ᠢᠳᠡᠪᠬᠢᠲᠡᠢ ᠪᠠᠷ ᠪᠣᠢ ᠪᠣᠯᠭᠠᠵᠤ᠂ ᠵᠦᠴᠦᠭᠡ ᠶᠢᠨ ᠳᠠᠯᠠᠢ ᠳᠤ ᠭᠠᠷᠬᠤ ᠳᠤ ᠪᠡᠶ᠎ᠡ ᠪᠠᠨ ᠳᠠᠭᠠᠭᠠᠵᠤ ᠨᠡᠪᠲᠡᠷᠡᠭᠦᠯᠬᠦ ᠲᠠᠪᠴᠠᠩ ᠢ ᠪᠠᠶᠢᠭᠤᠯᠪᠠ ᠃ ᠡᠭᠦᠨ ᠤ ᠬᠠᠮᠲᠤ᠂ ᠭᠤᠤᠯᠳᠠᠯᠭ᠎ᠠ ᠲᠠᠢ ᠷᠠᠳᠢᠣ᠋ ᠲᠧᠯᠸᠢᠰ ᠤᠨ ᠦᠵᠡᠵᠦ ᠰᠣᠨᠣᠰᠬᠤ ᠫᠷᠤᠭ᠍ᠷᠠᠮ ᠲᠠᠷᠬᠠᠭᠠᠬᠤ ᠪᠠᠶᠢᠭᠤᠯᠤᠮᠵᠢ ᠨᠢ ᠭᠠᠳᠠᠭᠠᠳᠤ ᠶᠢᠨ ᠭᠤᠤᠯ ᠵᠠᠭᠤᠴᠢᠯᠠᠭᠤᠷ ᠤᠨ ᠲᠠᠪᠴᠠᠩ ᠳᠤ ᠰᠤᠪᠠᠭ ᠪᠠᠶᠢᠭᠤᠯᠵᠤ᠂ ᠲᠠᠩᠰᠠᠨ ᠨᠣᠮᠧᠷ ᠪᠠᠶᠢᠭᠤᠯᠵᠤ ᠂ ᠳᠤᠮᠳᠠᠳᠤ ᠤᠯᠤᠰ ᠤᠨ ᠠᠭᠤᠯᠭ᠎ᠠ ᠶᠢᠨ ︽ᠵᠡᠷᠭᠡ ᠪᠠᠷ ᠭᠠᠳᠠᠭᠠᠳᠤ ᠳᠤ ᠨᠡᠪᠲᠡᠷᠡᠭᠦᠯᠬᠦ︾ ᠶᠢ ᠠᠯᠬᠤᠮ ᠠᠯᠬᠤᠮ ᠢᠶᠠᠷ ᠳᠥᠯᠭᠢᠨ ᠠᠬᠢᠭᠤᠯᠪᠠ᠃ ᠵᠧᠵᠢᠶᠠᠩ ᠤᠨ ᠬᠤᠸᠠ ᠼᠧ᠂ ᠱᠢ ᠵᠢᠢ ᠶᠸᠦ ᠶᠸᠦ ᠂ ᠱᠧᠨᠵᠧᠨ ᠤ ᠶᠠ ᠸᠧᠨ ᠵᠡᠷᠭᠡ ᠠᠵᠤ ᠠᠬᠤᠶᠢᠯᠠᠯ ᠶᠸᠦ ᠲᠤ᠂ ᠨᠠᠶ ᠹᠸᠢ ᠵᠡᠷᠭᠡ ᠲᠠᠪᠴᠠᠩ ᠳᠤ ᠣᠯᠠᠨ ᠬᠡᠯᠡᠨ ᠤ ᠰᠤᠪᠠᠭ ᠢ ᠨᠡᠭᠡᠭᠡᠨ ᠡᠵᠡᠩᠨᠡᠵᠦ᠂ ︽ ᠤᠷᠢᠬᠠᠨ ᠰᠠᠯᠬᠢ ᠲᠠᠢ ᠭᠠᠵᠠᠷ ᠣᠴᠢᠶ᠎ᠠ ︾᠂ ︽ᠭᠤᠷᠪᠠᠨ ᠬᠤᠪᠢ ᠶᠢᠨ ᠬᠡᠭᠡᠷ᠎ᠡ ᠭᠠᠳᠠᠨ᠎ᠠ︾᠂ ︽ᠭᠡᠷ ᠤᠨ ᠬᠦᠮᠦᠨ ᠤ ᠨᠡᠷ᠎ᠡ ᠪᠠᠷ ︾ ᠵᠡᠷᠭᠡ ᠵᠦᠴᠦᠭᠡ ᠶᠢ ᠤᠯᠤᠰ ᠤᠨ ᠳᠣᠲᠣᠨ᠎ᠠ ᠭᠠᠳᠠᠨ᠎ᠠ ᠵᠡᠷᠭᠡ ᠪᠠᠷ ᠨᠡᠪᠲᠡᠷᠡᠭᠦᠯᠵᠦ᠂ ᠳᠤᠮᠳᠠᠳᠤ ᠤᠯᠤᠰ ᠤᠨ ᠵᠦᠴᠦᠭᠡ ᠶᠢᠨ ᠲᠡᠭᠦᠪᠦᠷᠢ ᠨᠢ ᠭᠠᠳᠠᠭᠠᠳᠤ ᠳᠤ ᠪᠠᠶᠢᠭ᠎ᠠ ᠳᠤᠮᠳᠠᠳᠤ ᠶᠢᠨ ᠬᠥᠮᠥᠨ ᠢᠶᠠᠷ ᠨᠤᠲᠤᠭ ᠣᠷᠣᠨ ᠤ ᠬᠡᠷᠡᠭᠯᠡᠭᠴᠢᠳ ᠤᠨ ᠬᠦᠷᠢᠶ᠎ᠡ ᠴᠠᠷᠠᠭ᠎ᠠ ᠶᠢ ᠡᠪᠳᠡᠬᠦ ᠶᠢ ᠢᠳᠡᠪᠬᠢᠲᠡᠶ ᠠᠬᠢᠭᠤᠯᠪᠠ ᠃  ᠰᠦᠯᠵᠢᠶᠡᠨ ᠤ ᠪᠢᠴᠢᠯ ᠣᠬᠤᠷ ᠵᠦᠴᠦᠭᠡ ᠨᠢ ᠣᠯᠠᠨ ᠤᠯᠤᠰ ᠲᠤ ᠳᠠᠮᠵᠢᠭᠤᠯᠤᠭᠳᠠᠵᠤ᠂ ᠭᠠᠳᠠᠭᠠᠳᠤ ᠶᠢᠨ ᠬᠢᠨ ᠢ ᠳᠠᠪᠠᠭ᠋ᠤ ᠪᠠᠶᠢᠳᠠᠯ ᠲᠠᠢ ᠪᠣᠯᠪᠠ᠃ ᠣᠶᠢᠷ᠎ᠠ ᠶᠢᠨ ᠵᠢᠯ ᠤᠨ ᠲᠤᠷᠰᠢ ᠣᠯᠠᠨ ᠤ ᠠᠩᠬᠠᠷᠤᠯ ᠢ ᠶᠡᠬᠡᠳᠡ ᠲᠠᠲᠠᠭᠰᠠᠨ ᠨᠢᠭᠡ ᠵᠦᠢᠯ ᠤᠨ ᠦᠵᠡᠵᠦ ᠰᠣᠨᠣᠰᠬᠤ ᠳᠠᠮᠵᠢᠭᠤᠯᠭ᠎ᠠ ᠶᠢᠨ ᠬᠡᠯᠪᠡᠷᠢ ᠪᠣᠯᠤᠭᠰᠠᠨ ᠤ ᠬᠤᠪᠢ ᠳᠤ᠂ ᠳᠤᠮᠳᠠᠳᠤ ᠤᠯᠤᠰ ᠤᠨ ᠪᠢᠴᠢᠯ ᠣᠬᠤᠷ ᠵᠦᠴᠦᠭᠡ ᠶᠢᠨ ᠡᠬᠢᠯᠡᠯᠲᠡ ᠨᠢ ᠨᠡᠯᠢᠶᠡᠳ ᠡᠷᠲᠡ ᠪᠠᠶᠢᠵᠤ᠂ ᠪᠦᠬᠦ ᠪᠥᠮᠪᠥᠷᠴᠡᠭ ᠤᠨ ᠵᠠᠬ᠎ᠠ ᠳᠡᠯᠭᠡᠭᠦᠷ ᠲᠤ ᠤᠷᠢᠳ ᠢᠶᠠᠷ ᠬᠥᠭᠵᠢᠬᠦ ᠳᠠᠪᠠᠭᠤᠯᠢᠭ ᠲᠠᠢ᠂ ᠥᠷᠢᠰᠦᠯᠳᠦᠬᠦ ᠬᠦᠴᠦᠨ ᠨᠢ ᠢᠯᠡᠷᠬᠡᠢ ᠪᠠᠶᠢᠵᠤ᠂ ᠳᠤᠮᠳᠠᠳᠤ ᠤᠯᠤᠰ ᠤᠨ ᠵᠦᠴᠦᠭᠡ ᠶᠢᠨ ᠣᠯᠠᠨ ᠤᠯᠤᠰ ᠲᠤ ᠳᠠᠮᠵᠢᠭᠤᠯᠤᠭᠳᠠᠬᠤ ᠰᠢᠨ᠎ᠡ ᠵᠠᠬ᠎ᠠ ᠳᠡᠯᠭᠡᠭᠦᠷ ᠪᠣᠯᠪᠠ᠃ ᠹᠧᠩ ᠶᠧ ᠬᠠᠷᠢᠯᠴᠠᠨ ᠬᠥᠳᠡᠯᠦᠯᠴᠡᠬᠦ ReelShort᠂ ᠠᠨ ᠶᠤᠸᠠᠢ ᠰᠦᠯᠵᠢᠶ᠎ᠡ FlexTV᠂ ᠳ᠋ᠢᠶᠠᠨ ᠵᠦᠩ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ DramaBox᠂ ᠰᠢᠨ ᠶᠤᠸᠠᠢ ᠴᠠᠭ ᠦᠶ᠎ᠡ GoodShort ᠵᠡᠷᠭᠡ ᠲᠠᠪᠴᠠᠩ ᠨᠢ ᠡᠩ ᠲᠡᠷᠢᠭᠦᠨ ᠳᠤ ᠭᠠᠳᠠᠭᠠᠳᠤ ᠶᠢᠨ ᠰᠦᠯᠵᠢᠶᠡᠨ ᠳᠤ ᠭᠠᠷᠭᠠᠵᠤ᠂ ᠭᠠᠳᠠᠭᠠᠳᠤ ᠶᠢᠨ ᠣᠯᠠᠨ ᠵᠠᠬ᠎ᠠ ᠳᠡᠯᠭᠡᠭᠦᠷ ᠳᠡᠭᠡᠷ᠎ᠡ ᠶᠡᠭᠡ ᠬᠡᠮᠵᠢᠶᠡᠨ ᠤ ᠬᠡᠷᠡᠭᠯᠡᠭᠴᠢ ᠣᠯᠵᠤ᠂ ᠨᠢᠳᠦ ᠭᠢᠯᠠᠰᠤᠭᠤᠯᠣᠮ᠎ᠠ ᠪᠠᠶᠢᠪᠠ᠃ ᠠᠩᠭ᠍ᠯᠢ ᠶᠢᠨ ︽ᠠᠵᠤ ᠠᠬᠤᠢ ᠶᠢᠨ ᠤᠬᠠᠭᠠᠨᠲᠠᠨ︾ ᠳᠤ ︽ReelShort ᠪᠤᠯ ᠳᠤᠮᠳᠠᠳᠤ ᠤᠯᠤᠰ ᠤᠨ ᠠᠮᠧᠷᠢᠺᠠ ᠤᠯᠤᠰ ᠢ ᠡᠷᠬᠡᠰᠢᠶᠡᠵᠦ ᠪᠠᠶᠢᠭ᠎ᠠ ᠬᠠᠮᠤᠭ ᠰᠢᠨ᠎ᠡ ᠭᠠᠳᠠᠭᠠᠳᠤ ᠳᠤ ᠭᠠᠷᠭᠠᠭᠰᠠᠨ ᠪᠦᠲᠦᠭᠡᠭᠳᠡᠬᠦᠨ ᠮᠥᠨ ︾ ᠭᠡᠵᠡᠢ ᠃ AppMagic ᠶᠢᠨ ᠲᠤᠭ᠎ᠠ ᠪᠠᠷᠢᠮᠲᠠ ᠶᠢᠨ ᠬᠠᠷᠠᠭᠤᠯᠤᠭᠰᠠᠨ  ᠢᠶᠠᠷ᠂ ReelShort 2024 ᠣᠨ ᠤ 1 ᠳ᠋ᠦ᠋ᠭᠡᠷ ᠰᠠᠷ᠎ᠠ ᠶᠢᠨ ᠳᠣᠲᠣᠷ᠎ᠠ ᠬᠤᠳᠠᠯᠳᠤᠨ ᠠᠪᠤᠭᠰᠠᠨ ᠣᠷᠣᠯᠭ᠎ᠠ ᠨᠢ ᠠᠩᠬ᠎ᠠ ᠤᠳᠠᠭ᠎ᠠ 1000 ᠲᠦᠮᠡᠨ ᠳ᠋ᠣᠯᠯᠠᠷ ᠠᠴᠠ ᠳᠠᠪᠠᠵᠤ᠂ ᠠᠳᠠᠯᠢ ᠬᠤᠭᠤᠴᠠᠭᠠᠨ ᠤ DramaBox ᠪᠠ ShortMax ᠤᠨ ᠲᠤᠰ ᠲᠤᠰ 400 ᠲᠦᠮᠡᠨ ᠳ᠋ᠣᠯᠯᠠᠷ ᠪᠠ 186 ᠲᠦᠮᠡᠨ ᠳ᠋ᠣᠯᠯᠠᠷ ᠪᠠᠶᠢᠪᠠ᠃ 2024 ᠣᠨ ᠤ 8 ᠳ᠋ᠤᠭᠠᠷ ᠰᠠᠷ᠎ᠠ ᠳᠤ᠂ ReelShort ᠪᠣᠯᠤᠨ DramaBox ᠨᠢ ᠨᠢᠭᠡᠨᠲᠡ 2000 ᠲᠦᠮᠡᠨ ᠳ᠋ᠣᠯᠯᠠᠷ ᠠᠴᠠ ᠳᠠᠪᠠᠭᠰᠠᠨ ᠣᠬᠤᠷ ᠵᠦᠴᠦᠭᠡ ᠶᠢᠨ App ᠪᠣᠯᠵᠤ᠂ ShortMax ᠨᠢ ᠪᠠᠰᠠ 1500 ᠭᠠᠷᠤᠢ ᠲᠦᠮᠡᠨ ᠳ᠋ᠣᠯᠯᠠᠷ ᠲᠤ ᠬᠦᠷᠪᠡ᠃  ᠭᠤᠷᠪᠠ᠂ ᠵᠡᠷᠭᠡ ᠳᠤ ᠨᠢ ᠤᠬᠠᠭᠤᠯᠵᠤ᠂ ᠵᠠᠬ᠎ᠠ ᠳᠡᠯᠭᠡᠭᠦᠷ ᠢ ᠨᠠᠷᠢᠨ ᠬᠤᠪᠢᠶᠠᠷᠢᠯᠠᠵᠤ᠂ ᠳᠤᠮᠳᠠᠳᠤ ᠤᠯᠤᠰ ᠤᠨ ᠵᠦᠴᠦᠭᠡ ᠶᠢᠨ ᠭᠠᠳᠠᠭᠠᠲᠤ ᠳᠤ ᠭᠠᠷᠬᠤ ᠬᠡᠪ ᠵᠠᠭᠪᠤᠷ ᠤᠨ ᠰᠢᠨ᠎ᠡ ᠶᠢ ᠡᠭᠦᠳᠦᠨ ᠲᠠᠰ ᠳᠡᠪᠰᠢᠭᠦᠯᠪᠡ  ᠤᠷᠢᠳᠴᠢᠯᠠᠨ ᠲᠥᠯᠥᠪᠯᠡᠵᠦ᠂ ᠬᠠᠮᠲᠤᠷᠠᠯᠴᠠᠭ᠎ᠠ ᠪᠠᠨ ᠴᠢᠩᠭᠠᠳᠬᠠᠵᠤ᠂ ᠤᠯᠤᠰ ᠤᠨ ᠳᠣᠲᠣᠭᠠᠳᠤ ᠭᠠᠳᠠᠭᠠᠳᠤ ᠶᠢᠨ ᠵᠡᠷᠭᠡ ᠪᠠᠷ ᠨᠡᠪᠲᠡᠷᠡᠭᠦᠯᠬᠦ ᠶᠢ ᠪᠡᠶᠡᠯᠡᠭᠦᠯᠪᠡ᠃ ᠣᠯᠠᠨ ᠵᠢᠯ ᠤᠨ ᠬᠤᠷᠠᠮᠳᠤᠭᠤᠯᠭ᠎ᠠ ᠪᠠᠷ ᠳᠤᠮᠳᠠᠳᠤ ᠤᠯᠤᠰ ᠤᠨ ᠵᠦᠴᠦᠭᠡ ᠶᠢᠨ ᠲᠡᠭᠦᠪᠦᠷᠢ ᠨᠢ ᠴᠢᠨᠠᠷ ᠰᠠᠶᠢᠲᠠᠶ ᠪᠠᠷ ᠢᠶᠠᠨ ᠭᠠᠳᠠᠭᠠᠳᠤ ᠶᠢᠨ ᠵᠠᠬ᠎ᠠ ᠳᠡᠯᠭᠡᠭᠦᠷ ᠤᠨ ᠢᠲᠡᠭᠡᠯ ᠢ ᠣᠯᠵᠤ᠂ ᠤᠯᠠᠮ ᠠᠴᠠ ᠤᠯᠠᠮ ᠣᠯᠠᠨ ᠳᠤᠮᠳᠠᠳᠤ ᠤᠯᠤᠰ ᠤᠨ ᠵᠦᠴᠦᠭᠡ ᠶᠢᠨ ᠲᠡᠭᠦᠪᠦᠷᠢ ᠶᠢ ᠤᠯᠤᠰ ᠤᠨ ᠳᠣᠲᠣᠭᠠᠳᠤ ᠭᠠᠳᠠᠭᠠᠳᠤ ᠳᠤ ᠵᠡᠷᠭᠡ ᠪᠠᠷ ᠨᠡᠪᠲᠡᠷᠡᠭᠦᠯᠵᠦ ᠪᠣᠢ᠃ ᠰᠢᠨ ᠯᠢ᠂ ᠲᠧᠩ ᠰᠢᠶᠦ᠋ᠨ᠂  ᠶᠸᠦ ᠺᠦ᠋᠂ ᠬᠤᠸᠠ ᠼᠧ ᠵᠡᠷᠭᠡ ᠤᠯᠤᠰ ᠤᠨ ᠳᠣᠲᠣᠭᠠᠳᠤ ᠶᠢᠨ ᠷᠠᠳᠢᠣ᠋ ᠲᠧᠯᠸᠢᠰ ᠤᠨ ᠦᠵᠡᠵᠦ ᠰᠣᠨᠣᠰᠬᠤ ᠪᠠᠶᠢᠭᠤᠯᠤᠮᠵᠢ ᠪᠣᠯᠤᠨ ᠳ᠋ᠢᠰᠨᠢ᠂ ᠨᠠᠢ ᠹᠸᠢ ᠵᠡᠷᠭᠡ ᠭᠠᠳᠠᠭᠠᠳᠤ ᠶᠢᠨ ᠭᠤᠣᠯ ᠵᠠᠭᠤᠴᠢᠯᠠᠭᠤᠷ ᠯᠤᠭ᠎ᠠ ᠭᠦᠨ ᠵᠤᠵᠠᠭᠠᠨ ᠬᠠᠮᠲᠤᠷᠠᠯᠴᠠᠭᠠᠨ ᠤ ᠬᠠᠷᠢᠴᠠᠭ᠎ᠠ ᠪᠠᠶᠢᠭᠤᠯᠵᠤ᠂ ︽ᠪᠠᠷᠠᠭᠠᠨ ᠪᠣᠷᠤᠭᠠᠨ ᠡᠭᠦᠯᠡᠨ ᠤ ᠳᠤᠮᠳᠠ︾᠂ ︽ᠹᠧᠩ ᠰᠢᠩ︾ ᠵᠡᠷᠭᠡ ᠵᠦᠴᠦᠭᠡ ᠶᠢᠨ ᠲᠡᠭᠦᠪᠦᠷᠢ ᠶᠢ ᠦᠢᠯᠡᠳᠬᠦ ᠡᠬᠢᠨ ᠤ ᠬᠤᠭᠤᠴᠠᠭᠠᠨ ᠳᠤ ᠭᠠᠳᠠᠭᠠᠳᠤ ᠶᠢᠨ ᠬᠠᠮᠲᠤᠷᠠᠯᠴᠠᠭᠠᠨ ᠤ ᠲᠠᠯ᠎ᠠ ᠲᠠᠢ ᠵᠡᠷᠭᠡ ᠪᠠᠷ ᠨᠡᠪᠲᠡᠷᠡᠭᠦᠯᠬᠦ ᠪᠠᠷ ᠲᠣᠭᠲᠠᠪᠠ᠃ ᠫᠷᠣᠭ᠍ᠷᠠᠮ ᠢ ᠨᠠᠶᠢᠷᠠᠭᠤᠯᠵᠤ ᠳᠠᠭᠤᠰᠬᠠᠭᠰᠠᠨ ᠤ ᠳᠠᠷᠠᠭ᠎ᠠ᠂ ᠭᠠᠳᠠᠭᠠᠳᠤ ᠶᠢᠨ ᠬᠠᠮᠲᠤᠷᠠᠨ ᠠᠵᠢᠯᠯᠠᠬᠤ ᠲᠠᠯ᠎ᠠ ᠶᠢᠨ ᠬᠢᠨ ᠨᠡᠪᠲᠡᠷᠡᠭᠦᠯᠭᠡ ᠶᠢ ᠤᠷᠢᠳ ᠢᠶᠠᠷ ᠲᠣᠬᠢᠷᠠᠭᠤᠯᠬᠤ ᠶᠢᠨ ᠬᠠᠮᠲᠤ ᠤᠯᠤᠰ ᠤᠨ ᠳᠣᠲᠣᠭᠠᠳᠤ ᠶᠢᠨ ᠨᠡᠪᠲᠡᠷᠡᠭᠦᠯᠭᠡ ᠳᠤ ᠪᠠᠨ ᠲᠣᠬᠢᠷᠠᠭᠤᠯᠤᠯᠲᠠ ᠬᠢᠵᠦ ᠨᠡᠪᠲᠡᠷᠡᠭᠦᠯᠬᠦ ᠲᠥᠯᠥᠪᠯᠡᠭᠡ ᠪᠠᠨ ᠦᠨᠳᠦᠰᠦᠯᠡᠨ᠂ ᠡᠴᠦᠰ ᠲᠤ ᠪᠠᠨ ᠤᠯᠤᠰ ᠤᠨ ᠳᠣᠲᠣᠭᠠᠳᠤ ᠭᠠᠳᠠᠭᠠᠳᠤ ᠶᠢᠨ ᠵᠡᠷᠭᠡ ᠪᠠᠷ ᠨᠡᠪᠲᠡᠷᠡᠭᠦᠯᠬᠦ ᠶᠢ ᠪᠡᠶᠡᠯᠡᠭᠦᠯᠵᠦ᠂ ᠤᠯᠤᠰ ᠤᠨ ᠳᠣᠲᠣᠭᠠᠳᠤ ᠭᠠᠳᠠᠭᠠᠳᠤ ᠶᠢᠨ ᠬᠢᠨ ᠤ ᠵᠦᠴᠦᠭᠡ ᠦᠵᠡᠬᠦ ︽ᠴᠠᠭ ᠤᠨ ᠵᠥᠷᠢᠶ᠎ᠡ︾ ᠶᠢ ᠪᠣᠭᠤᠨᠢᠰᠬᠠᠵᠤ᠂ ᠫᠷᠣᠭ᠍ᠷᠠᠮ ᠤᠨ ᠭᠠᠳᠠᠭᠠᠳᠤ ᠳᠤ ᠳᠠᠮᠵᠢᠭᠤᠯᠬᠤ ᠬᠦᠴᠦᠨ ᠲᠠᠢ ᠬᠤᠭᠤᠴᠠᠭ᠎ᠠ ᠶᠢ ᠳᠡᠭᠡᠭᠰᠢᠯᠡᠭᠦᠯᠪᠡ᠃  ᠵᠡᠷᠭᠡ ᠪᠠᠷ ᠤᠬᠠᠭᠤᠯᠤᠨ ᠳᠡᠯᠭᠡᠷᠡᠭᠦᠯᠵᠦ᠂ ᠢᠵᠢᠯ ᠳᠠᠪᠲᠠᠮᠵᠢ ᠪᠠᠷ ᠤᠷᠤᠭᠰᠢᠯᠠᠵᠤ᠂ ᠬᠠᠯᠠᠮᠰᠢᠯ ᠤᠨ ᠠᠩᠬᠠᠷᠤᠯ ᠲᠠᠯᠪᠢᠬᠤ ᠬᠡᠮᠵᠢᠶ᠎ᠡ ᠶᠢ ᠶᠡᠭᠡ ᠪᠠᠷ ᠳᠡᠭᠡᠭᠰᠢᠯᠡᠭᠦᠯᠪᠡ᠃ ᠳᠤᠮᠳᠠᠳᠤ ᠤᠯᠤᠰ ᠤᠨ ᠵᠦᠴᠦᠭᠡ ᠶᠢᠨ ᠲᠡᠭᠦᠪᠦᠷᠢ ᠨᠢ ᠭᠠᠳᠠᠭᠠᠳᠤ ᠳᠤ ᠤᠯᠠᠮ ᠠᠴᠠ ᠤᠯᠠᠮ ᠬᠦᠷᠢᠶᠡᠯᠡᠯ ᠣᠯᠬᠤ ᠶᠢ ᠳᠠᠭᠠᠯᠳᠤᠨ ᠬᠡᠪᠯᠡᠯ ᠬᠤᠯᠠᠭᠠᠶᠢᠯᠠᠬᠤ ᠦᠵᠡᠭᠳᠡᠯ ᠤᠯᠠᠮ ᠬᠦᠨᠳᠦ ᠨᠣᠴᠢᠲᠠᠢ ᠪᠣᠯᠵᠤ ᠪᠠᠶᠢᠨ᠎ᠠ᠃ ᠤᠯᠤᠰ ᠤᠨ ᠳᠣᠲᠣᠭᠠᠳᠤ ᠭᠠᠳᠠᠭᠠᠳᠤ ᠶᠢᠨ ᠬᠢᠨ ᠵᠡᠷᠭᠡ ᠪᠠᠷ ᠤᠬᠠᠭᠤᠯᠤᠨ ᠳᠡᠯᠭᠡᠷᠡᠭᠦᠯᠵᠦ ᠂ ᠢᠵᠢᠯ ᠳᠠᠪᠲᠠᠮᠵᠢ ᠪᠠᠷ ᠤᠷᠤᠭᠰᠢᠯᠠᠵᠤ᠂ ᠤᠯᠤᠰ ᠤᠨ ᠳᠣᠲᠣᠭᠠᠳᠤ ᠭᠠᠳᠠᠭᠠᠳᠤ ᠶᠢᠨ ᠦᠵᠡᠭᠴᠢᠳ ᠢᠳᠡᠪᠬᠢᠲᠡᠶ ᠪᠠᠷ ᠬᠠᠷᠢᠯᠴᠠᠨ ᠬᠥᠳᠡᠯᠦᠯᠴᠡᠵᠦ᠂ ᠫᠷᠤᠭ᠍ᠷᠠᠮ ᠤᠨ ᠬᠠᠯᠠᠮᠰᠢᠯ ᠤᠨ ᠬᠡᠮᠵᠢᠶ᠎ᠡ ᠪᠣᠯᠤᠨ ᠬᠤᠳᠠᠯᠳᠤᠭᠠᠨ ᠤ ᠠᠰᠢᠭ ᠣᠯᠵᠠᠪᠤᠷᠢ ᠶᠢ ᠬᠠᠮᠤᠭ ᠤᠨ ᠶᠡᠭᠡ ᠬᠡᠮᠵᠢᠶ᠎ᠡ ᠪᠠᠷ ᠪᠠᠲᠤᠯᠠᠵᠤ᠂ ᠭᠠᠳᠠᠭᠠᠳᠤ ᠶᠢᠨ ᠦᠵᠡᠭᠴᠢᠳ ᠤᠨ ᠬᠦᠯᠢᠶᠡᠨ ᠠᠪᠬᠤ ᠬᠡᠷᠡᠭᠴᠡᠭᠡ ᠶᠢ ᠨᠡᠩ ᠰᠠᠶᠢᠲᠤᠷ ᠬᠠᠩᠭᠠᠵᠤ᠂ ᠤᠯᠠᠨ ᠤᠯᠤᠰ ᠤᠨ ᠳᠠᠮᠵᠢᠭᠤᠯᠭ᠎ᠠ ᠶᠢᠨ ᠦᠷ᠎ᠡ ᠪᠦᠲᠦᠮᠵᠢ ᠶᠢ ᠬᠦᠴᠦᠲᠡᠢ ᠳᠡᠭᠡᠭᠰᠢᠯᠡᠭᠦᠯᠵᠦ ᠪᠠᠶᠢᠨ᠎ᠠ᠃ ︽ᠰᠢᠨ᠎ᠡ ᠰᠤᠷᠤᠭᠴᠢ︾ 5 ᠳ᠋ᠤᠭᠠᠷ ᠰᠠᠷ᠎ᠠ ᠶᠢᠨ 6 ᠤ ᠡᠳᠦᠷ ᠶᠧᠦ ᠺᠦ᠋ ᠵᠢᠴᠢ ᠶᠧᠦ ᠲᠤ ᠰᠤᠪᠠᠭ ᠲᠤ ᠨᠡᠪᠲᠡᠷᠡᠭᠦᠯᠦᠭᠰᠡᠨ ᠤ ᠳᠠᠷᠠᠭ᠎ᠠ᠂ 5 ᠳ᠋ᠤᠭᠠᠷ ᠰᠠᠷ᠎ᠠ ᠶᠢᠨ 7 ᠤ ᠡᠳᠦᠷ ᠨᠠᠢ ᠹᠧᠢ ᠲᠠᠪᠴᠠᠩ ᠳᠤ ᠭᠠᠷᠭᠠᠵᠤ᠂ ᠵᠠᠯᠭᠠᠭ᠎ᠠ ᠪᠠᠷ ᠬᠡᠳᠦᠨ ᠡᠳᠦᠷ ᠲᠠᠶᠢᠸᠠᠨ ᠣᠷᠣᠨ ᠤ ᠡᠳᠦᠷ ᠤᠨ ᠵᠢᠭᠰᠠᠭᠠᠯ ᠳᠤ ᠭᠠᠷᠴᠤ᠂ ᠣᠯᠠᠨ ᠤ ᠬᠦᠷᠢᠶᠡᠯᠡᠯ ᠢ ᠣᠯᠣᠭᠰᠠᠨ ᠺᠣᠷᠢᠶᠠ ᠵᠦᠴᠦᠭᠡ ︽ᠨᠢᠯᠪᠤᠰᠤ ᠠᠰᠬᠠᠷᠠᠭᠤᠯᠤᠭᠰᠠᠨ ᠡᠮᠡᠭᠲᠡᠢ ᠸᠠᠩ︾ ᠨᠢ ᠠᠽᠢᠶ᠎ᠠ ᠲᠢᠪ ᠤᠨ ᠵᠦᠴᠦᠭᠡ ᠶᠢᠨ ᠲᠡᠭᠦᠪᠦᠷᠢ ᠶᠢᠨ ᠰᠢᠭᠦᠮᠵᠢ ᠰᠦᠯᠵᠢᠶᠡᠨ ᠥᠷᠲᠡᠭᠡ MyDramaList ᠳᠡᠭᠡᠷ᠎ᠡ 8.4 ᠬᠤᠪᠢ ᠶᠢᠨ ᠦᠨᠡᠯᠡᠯᠲᠡ ᠶᠢ ᠣᠯᠣᠭᠰᠠᠨ ᠪᠠᠶᠢᠨ᠎ᠠ᠃  ᠵᠠᠬ᠎ᠠ ᠳᠡᠯᠭᠡᠭᠦᠷ ᠢ ᠨᠠᠷᠢᠨ ᠬᠤᠪᠢᠶᠠᠵᠤ᠂ ᠬᠡᠷᠡᠭᠴᠡᠭᠡ ᠳᠤ ᠣᠶᠢᠷᠠᠳᠴᠤ᠂ ᠨᠠᠷᠢᠯᠢᠭ ᠣᠨᠣᠪᠴᠢᠲᠠᠢ ᠪᠠᠷ ᠳᠠᠮᠵᠢᠭᠤᠯᠪᠠ᠃ ᠫᠷᠤᠭ᠍ᠷᠠᠮ ᠤᠨ ᠬᠠᠮᠤᠭ ᠤᠨ ᠶᠡᠭᠡ ᠬᠦᠷᠦᠯᠴᠡᠬᠦᠶᠢᠴᠡ ᠨᠤᠷᠮ᠎ᠠ ᠶᠢ ᠪᠠᠲᠤᠯᠠᠵᠤ᠂ ᠬᠠᠮᠤᠭ ᠤᠨ ᠰᠠᠶᠢᠨ ᠳᠠᠮᠵᠢᠭᠤᠯᠭ᠎ᠠ ᠶᠢᠨ ᠦᠷ᠎ᠡ ᠪᠦᠲᠦᠮᠵᠢ ᠶᠢ ᠪᠡᠶᠡᠯᠡᠭᠦᠯᠬᠦ ᠶᠢᠨ ᠲᠥᠯᠥᠭᠡ᠂ ᠵᠠᠬ᠎ᠠ ᠳᠡᠯᠭᠡᠭᠦᠷ ᠢ ᠨᠠᠷᠢᠨ ᠬᠤᠪᠢᠶᠠᠵᠤ᠂ ᠵᠠᠬ᠎ᠠ ᠳᠡᠯᠭᠡᠭᠦᠷ ᠤᠨ ᠬᠡᠷᠡᠭᠴᠡᠭᠡ ᠲᠠᠢ ᠣᠶᠢᠷᠠᠳᠬᠤ ᠨᠢ ᠨᠡᠶᠢᠳᠡᠮ ᠬᠡᠷᠡᠭᠯᠡᠬᠦ ᠠᠷᠭ᠎ᠠ ᠪᠣᠯᠤᠨ᠎ᠠ᠃ ︽ᠪᠠᠶᠠᠷᠲᠤ ᠣᠨ 2︾ ᠨᠢ ᠳ᠋ᠢᠰᠨᠢ ᠰᠢᠶᠠᠩᠭᠠᠩ ᠲᠠᠶᠢᠸᠠᠨ ᠤ ᠭᠠᠵᠠᠷ ᠣᠷᠣᠨ ᠳᠤ ᠲᠤᠰᠠᠭᠠᠷ ᠺᠢᠨᠣ᠋ ᠨᠡᠪᠲᠡᠷᠡᠭᠦᠯᠬᠦ ᠪᠠᠷ ᠡᠷᠬᠡ ᠣᠯᠭᠤᠵᠤ᠂ ᠨᠡᠪᠲᠡᠷᠡᠭᠦᠯᠬᠦ ᠠᠴᠠ ᠡᠮᠦᠨ᠎ᠡ ᠬᠠᠮᠲᠤᠷᠠᠨ ᠣᠯᠠᠨ ᠲᠠᠯᠠᠪᠤᠷ ᠰᠦᠯᠵᠢᠶᠡᠨ ᠭᠠᠳᠠᠨ᠎ᠠ ᠲᠠᠨᠢᠯᠴᠠᠭᠤᠯᠬᠤ ᠠᠵᠢᠯᠯᠠᠭ᠎ᠠ ᠶᠢ ᠵᠣᠬᠢᠶᠠᠨ ᠪᠠᠶᠢᠭᠤᠯᠵᠤ᠂ ᠨᠡᠶᠢᠲᠡ ᠶᠢᠨ ᠮᠠᠰᠢᠨ ᠲᠡᠷᠭᠡ᠂ ᠭᠠᠵᠠᠷ ᠳᠣᠣᠷᠠᠬᠢ ᠲᠡᠮᠦᠷ ᠵᠠᠮ᠂ ᠰᠢᠯᠵᠢᠮᠡᠯ ᠺᠢᠨᠣ᠋ ᠭᠠᠷᠭᠠᠬᠤ ᠲᠡᠷᠭᠡ ᠵᠡᠷᠭᠡ ᠵᠠᠷ ᠰᠤᠷᠲᠠᠯᠴᠢᠯᠠᠭ᠎ᠠ ᠲᠠᠢ ᠤᠶᠠᠯᠳᠤᠭᠤᠯᠤᠨ ᠤᠷᠢᠳᠴᠢᠯᠠᠨ ᠨᠡᠪᠲᠡᠷᠡᠭᠦᠯᠵᠦ᠂ ᠢᠳᠡᠪᠬᠢᠲᠡᠢ ᠲᠤᠰᠬᠠᠯ ᠭᠠᠷᠭᠠᠪᠠ᠃ 22 ᠳ᠋ᠤᠭᠠᠷ ᠤᠳᠠᠭᠠᠨ ᠤ ᠲᠠᠶᠢᠸᠠᠨ ᠬᠤᠭᠤᠯᠠᠶ ᠶᠢᠨ ᠵᠠᠯᠠᠭᠤᠴᠤᠳ ᠤᠨ ᠶᠠᠷᠢᠯᠴᠠᠭᠠᠨ ᠤ ᠲᠠᠪᠴᠠᠩ ᠳᠡᠭᠡᠷ᠎ᠡ᠂ ᠳᠤᠮᠳᠠᠳᠤ ᠤᠯᠤᠰ ᠤᠨ ᠭᠤᠮᠢᠨᠳᠠᠩ ᠨᠠᠮ ᠤᠨ ᠳᠡᠳ᠋ ᠲᠡᠷᠢᠭᠦᠯᠡᠭᠴᠢ ᠯᠢᠶᠠᠨ ᠱᠧᠩ ᠸᠧᠨ ᠬᠡᠯᠡᠬᠦ ᠳᠤ ᠪᠠᠨ᠂ ᠡᠨᠡ ᠤᠳᠠᠭ᠎ᠠ ᠡᠬᠡ ᠬᠠᠭᠤᠷᠠᠶ ᠳᠤ ᠢᠷᠡᠬᠦ ᠠᠴᠠ ᠡᠮᠦᠨ᠎ᠡ᠂ ︽ᠪᠠᠶᠠᠷᠲᠤ ᠣᠨ 2︾ ᠢ ᠦᠵᠡᠵᠦ ᠪᠠᠷᠠᠭᠠᠵᠠᠢ᠂ ᠡᠨᠡ ᠵᠦᠴᠦᠭᠡ ᠲᠠᠶᠢᠸᠠᠨ ᠤ ᠵᠠᠯᠠᠭᠤᠴᠤᠳ ᠤᠨ ᠳᠤᠮᠳᠠ ᠮᠠᠰᠢ ᠬᠠᠯᠠᠭᠤᠷᠠᠯ ᠲᠠᠢ ᠪᠠᠶᠢᠨ᠎ᠠ ᠭᠡᠪᠡ᠂ ᠲᠡᠷᠡ ᠵᠦᠴᠦᠭᠡ ᠳᠠᠬᠢ ︽ᠵᠥᠪᠬᠡᠨ ᠥᠪᠡᠷ ᠤᠨ ᠭᠡᠷᠡᠯ ᠭᠢᠯᠪᠠᠭ᠎ᠠ ᠪᠤᠰᠤᠳ ᠤᠨ ᠳᠡᠭᠡᠷ᠎ᠡ ᠲᠤᠰᠴᠣ ᠳᠡᠶᠢᠯᠬᠦ ᠦᠭᠡᠢ ᠠᠴᠠ ᠠᠶᠤᠨ᠎ᠠ︾ ᠭᠡᠰᠡᠨ ᠦᠭᠡ ᠶᠢ ᠠᠰᠢᠭᠯᠠᠨ ᠣᠯᠠᠨ ᠲᠠᠢ ᠬᠤᠪᠢᠶᠠᠯᠴᠠᠪᠠ᠃ ᠲᠤᠰ ᠵᠦᠴᠦᠭᠡ ᠨᠢ ᠪᠠᠰᠠ 16 ᠳ᠋ᠤᠭᠠᠷ ᠬᠤᠭᠤᠴᠠᠭᠠᠨ ᠤ ᠲᠠᠶᠢᠸᠠᠨ ᠬᠤᠭᠤᠯᠠᠶ ᠶᠢᠨ ᠶᠠᠷᠢᠯᠴᠠᠭᠠᠨ ᠤ ᠲᠠᠪᠴᠠᠩ • ᠲᠠᠶᠢᠸᠠᠨ ᠬᠤᠭᠤᠯᠠᠶ ᠶᠢᠨ ᠺᠢᠨᠣ᠋ ᠲᠧᠯᠸᠢᠰ ᠤᠨ ᠤᠯᠠᠷᠢᠯ ᠤᠨ ︽ᠲᠠᠶᠢᠸᠠᠨ ᠤ ᠦᠵᠡᠭᠴᠢᠳ ᠤᠨ ᠬᠠᠶᠢᠷ᠎ᠠ ᠶᠢ ᠬᠠᠮᠤᠭ ᠲᠠᠲᠠᠭᠰᠠᠨ ᠡᠬᠡ ᠬᠠᠭᠤᠷᠠᠶ ᠶᠢᠨ ᠲᠧᠯᠧᠢᠰ ᠵᠦᠴᠦᠭᠡ ᠶᠢᠨ ᠱᠠᠩᠨᠠᠯ︾ ᠢ ᠬᠦᠷᠲᠡᠵᠡᠢ᠃ ᠧᠦ᠋ᠷᠣᠫᠠ ᠠᠮᠧᠷᠢᠺᠠ ᠶᠢᠨ ᠭᠠᠵᠠᠷ ᠣᠷᠣᠨ ᠤ ᠬᠠᠮᠤᠭ ᠤᠨ ᠶᠡᠭᠡ ᠪᠦᠷᠬᠦᠴᠡ ᠶᠢ ᠪᠡᠶᠡᠯᠡᠭᠦᠯᠬᠦ ᠶᠢᠨ ᠲᠥᠯᠥᠭᠡ᠂ ︽ ᠪᠠᠶᠠᠷᠲᠤ ᠣᠨ 2︾ ᠢ ᠶᠸᠦ ᠲᠤ᠂ Viki ᠲᠠᠪᠴᠠᠩ ᠢᠶᠠᠷ ᠳᠠᠮᠵᠢᠭᠤᠯᠤᠨ ᠨᠡᠪᠲᠡᠷᠡᠭᠦᠯᠵᠦ᠂ ᠬᠤᠶᠠᠷ ᠰᠠᠷ᠎ᠠ ᠶᠢᠨ ᠳᠣᠲᠣᠷ᠎ᠠ ᠶᠸᠦ ᠲᠤ ᠲᠠᠪᠴᠠᠩ ᠳᠡᠭᠡᠷ᠎ᠡ ᠦᠵᠡᠭᠰᠡᠨ ᠲᠤᠭ᠎ᠠ 780 ᠲᠦᠮᠡᠨ ᠤᠳᠠᠭ᠎ᠠ ᠶᠢ ᠳᠠᠪᠠᠵᠤ᠂ Viki ᠲᠠᠪᠴᠠᠩ ᠳᠡᠭᠡᠷ᠎ᠡ ᠹᠷᠠᠨᠼᠢ ᠬᠡᠯᠡ᠂ ᠭᠧᠷᠮᠠᠨ ᠬᠡᠯᠡ᠂ ᠢᠲ᠋ᠠᠯᠢ ᠬᠡᠯᠡ᠂ ᠫᠤᠯᠠᠨᠳ᠋ ᠬᠡᠯᠡ ᠵᠡᠷᠭᠡ 13 ᠲᠦᠷᠦᠯ ᠤᠨ ᠬᠡᠯᠡ ᠪᠠᠷ ᠣᠷᠴᠢᠭᠤᠯᠵᠤ᠂ ᠨᠡᠪᠲᠡᠷᠡᠭᠦᠯᠦᠭᠰᠡᠨ ᠬᠡᠮᠵᠢᠶ᠎ᠡ ᠶᠢᠨ ᠨᠡᠷᠡᠰ ᠤᠨ ᠵᠢᠭᠰᠠᠭᠠᠯᠲᠠ ᠶᠢᠨ ᠡᠮᠦᠨ᠎ᠡ ᠲᠠᠪᠤ ᠳᠤ ᠣᠷᠤᠵᠤ᠂ ᠦᠨᠡᠯᠡᠯᠲᠡ ᠨᠢ 9.7 ᠬᠤᠪᠢ ᠳᠤ ᠬᠦᠷᠪᠡ᠃ 
ᠢᠷᠡᠯᠲᠡ᠄ ᠤᠯᠤᠰ ᠤᠨ ᠷᠠᠳᠢᠣ᠋ ᠲᠧᠯᠸᠢᠰ ᠤᠨ ᠤᠶᠤᠨ ᠤ ᠬᠦᠮᠦᠷᠭᠡ
Baidu
map