2024 ᠣᠨ ᠤ ᠠᠵᠢᠯ ᠦᠢᠯᠡᠰ ᠤᠨ ᠨᠢᠭᠡᠴᠢ ᠶᠢᠨ ᠢᠯᠡ ᠪᠠᠷ ᠠᠵᠢᠯᠲᠠᠨ ᠡᠯᠰᠡᠬᠦ ᠬᠢᠷᠢ ᠬᠡᠮ ᠢ ᠳᠠᠬᠢᠨ ᠬᠢᠨᠠᠬᠤ ᠲᠤᠬᠠᠶ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠷᠠᠳᠢᠣ᠋ ᠲᠧᠯᠸᠢᠰ ᠤᠨ ᠲᠣᠪᠴᠢᠶ᠎ᠠ ᠶᠢᠨ ᠠᠯᠪᠠᠨ ᠵᠠᠷ
ᠨᠡᠶᠢᠲᠡᠯᠡᠭᠰᠡᠨ ᠴᠠᠭ᠄
2024/1/24
  ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ 2024 ᠣᠨ ᠤ ᠠᠵᠢᠯ ᠦᠢᠯᠡᠰ ᠤᠨ ᠨᠢᠭᠡᠴᠢ ᠶᠢᠨ ᠢᠯᠡ ᠪᠠᠷ ᠠᠵᠢᠯᠲᠠᠨ ᠡᠯᠰᠡᠬᠦ ᠠᠯᠪᠠᠨ ᠵᠠᠷ︾ ᠢ ᠦᠨᠳᠦᠰᠦᠯᠡᠨ᠂ ᠡᠳᠦᠭᠡ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠷᠠᠳᠢᠣ᠋ ᠲᠧᠯᠸᠢᠰ ᠤᠨ ᠲᠣᠪᠴᠢᠶ᠎ᠠ ᠶᠢᠨ 2024 ᠣᠨ ᠤ ᠠᠵᠢᠯ ᠦᠢᠯᠡᠰ ᠤᠨ ᠨᠢᠭᠡᠴᠢ ᠶᠢᠨ ᠢᠯᠡ ᠪᠠᠷ ᠠᠵᠢᠯᠲᠠᠨ ᠡᠯᠰᠡᠬᠦ ᠬᠢᠷᠢ ᠬᠡᠮ ᠢ ᠳᠠᠬᠢᠨ ᠬᠢᠨᠠᠬᠤ ᠬᠤᠯᠪᠣᠭᠳᠠᠯ ᠪᠥᠬᠦᠶ ᠵᠦᠢᠯᠡᠰ ᠢ ᠳᠣᠤᠷᠠᠬᠢ ᠮᠡᠲᠦ ᠮᠡᠳᠡᠭᠳᠡᠶ᠎ᠡ᠄  ᠨᠢᠭᠡ᠂ ᠬᠢᠷᠢ ᠬᠡᠮ ᠤᠨ ᠳᠠᠬᠢᠨ ᠬᠢᠨᠠᠭᠳᠠᠬᠤ ᠡᠲᠡᠭᠡᠳ  ᠪᠢᠷ ᠤᠨ ᠰᠢᠯᠭᠠᠯᠲᠠ ᠳᠤ ᠬᠢᠷᠢ ᠲᠡᠩᠴᠡᠭᠰᠡᠨ ᠰᠢᠯᠭᠠᠭᠰᠠᠳ ᠤᠨ ᠳᠣᠲᠣᠷ᠎ᠠ ᠠᠴᠠ ᠠᠵᠢᠯ ᠤᠨ ᠪᠠᠶᠢᠷᠢ ᠨᠢᠭᠡᠪᠦᠷᠢ ᠶᠢᠨ ᠨᠢᠭᠤᠷᠲᠠᠨ ᠰᠢᠯᠭᠠᠭᠰᠠᠨ ᠬᠥᠮᠦᠨ ᠤ ᠲᠤᠭ᠎ᠠ ᠬᠢᠭᠡᠳ ᠠᠵᠢᠯᠲᠠᠨ ᠡᠯᠰᠡᠬᠦ ᠲᠥᠯᠥᠪᠯᠡᠭᠡ ᠶᠢᠨ ᠲᠤᠭ᠎ᠠ ᠶᠢᠨ 3᠄ 1 ᠶᠢᠨ ᠬᠠᠷᠢᠴᠠᠯ ᠢᠶᠠᠷ ᠬᠢᠷᠢ ᠪᠦᠲᠦᠮᠵᠢ ᠶᠢᠨ ᠥᠨᠳᠥᠷ ᠬᠤᠪᠢ ᠠᠴᠠ ᠳᠣᠤᠷ᠎ᠠ ᠬᠤᠪᠢ ᠬᠦᠷᠲᠡᠯ᠎ᠡ ᠬᠢᠷᠢ ᠬᠡᠮ ᠢ ᠳᠠᠬᠢᠨ ᠬᠢᠨᠠᠬᠤ ᠬᠡᠪᠴᠢᠶ᠎ᠡ ᠶᠢ ᠲᠣᠭᠲᠠᠭᠠᠨ᠎ᠠ᠃ ᠪᠢᠷ ᠤᠨ ᠰᠢᠯᠭᠠᠯᠲᠠ ᠶᠢᠨ ᠬᠢᠷᠢ ᠪᠦᠲᠦᠮᠵᠢ ᠨᠢ ᠠᠳᠠᠯᠢ ᠪᠥᠭᠡᠳ 3᠄ 1 ᠠᠴᠠ ᠬᠡᠲᠦᠷᠡᠭᠰᠡᠨ ᠢ ᠪᠦᠬᠦᠨ ᠢ ᠬᠢᠷᠢ ᠬᠡᠮ ᠤᠨ ᠳᠠᠬᠢᠨ ᠬᠢᠨᠠᠬᠤ ᠬᠡᠪᠴᠢᠶᠡᠨ ᠳᠤ ᠣᠷᠣᠭᠤᠯᠤᠨ᠎ᠠ︔ ᠪᠢᠷ ᠤᠨ ᠰᠢᠯᠭᠠᠯᠲᠠ ᠳᠤ ᠬᠢᠷᠢ ᠲᠡᠩᠴᠡᠭᠰᠡᠨ ᠬᠥᠮᠦᠨ ᠤ ᠲᠤᠭ᠎ᠠ 3᠄ 1 ᠬᠦᠷᠬᠦ ᠦᠭᠡᠶ ᠪᠠᠶᠢᠪᠠᠯ᠂ ᠪᠣᠳᠠᠲᠠᠶ ᠬᠥᠮᠦᠨ ᠤ ᠲᠤᠭ᠎ᠠ ᠪᠠᠷ ᠬᠢᠷᠢ ᠬᠡᠮ ᠢ ᠳᠠᠬᠢᠨ ᠬᠢᠨᠠᠬᠤ ᠬᠡᠪᠴᠢᠶ᠎ᠡ ᠶᠢ ᠲᠣᠭᠲᠠᠭᠠᠨ᠎ᠠ᠃  ᠬᠤᠶᠠᠷ᠂ ᠬᠢᠷᠢ ᠬᠡᠮ ᠢ ᠳᠠᠬᠢᠨ ᠬᠢᠨᠠᠬᠤ ᠠᠷᠭ᠎ᠠ ᠮᠠᠶ᠋ᠢᠭ᠂ ᠴᠠᠭ ᠵᠢᠴᠢ ᠭᠠᠵᠠᠷ  ︵ᠨᠢᠭᠡ︶ ᠲᠣᠰ ᠤᠳᠠᠭᠠᠨ ᠤ ᠠᠵᠢᠯᠲᠠᠨ ᠡᠯᠰᠡᠬᠦ ᠬᠢᠷᠢ ᠬᠡᠮ ᠢ ᠳᠠᠬᠢᠨ ᠬᠢᠨᠠᠬᠤ ᠳᠤ ᠰᠦᠯᠵᠢᠶᠡᠨ ᠭᠠᠳᠠᠨ᠎ᠠ ᠬᠢᠨᠠᠨ ᠬᠠᠷᠭᠤᠭᠤᠯᠬᠤ ᠶᠢ ᠬᠡᠷᠡᠭᠵᠢᠭᠦᠯᠦᠨ᠎ᠡ᠃  ︵ᠬᠤᠶᠠᠷ︶ ᠴᠠᠭ᠄ 2024 ᠣᠨ ᠤ 1 ᠳ᠋ᠦ᠋ᠭᠡᠷ ᠰᠠᠷ᠎ᠠ ᠶᠢᠨ 30 ᠤ ᠡᠳᠦᠷ᠂ ᠦᠳᠡ ᠶᠢᠨ ᠡᠮᠦᠨ᠎ᠡ 9᠄ 30 - 12᠄ 00᠂ ᠦᠳᠡ ᠶᠢᠨ ᠬᠤᠶᠢᠨ᠎ᠠ  14 ᠄ 30 -17᠄ 00  ︵ᠭᠤᠷᠪᠠ︶ ᠭᠠᠵᠠᠷ᠄ ᠥᠪᠥᠷ ᠮᠣᠩᠭᠤᠯ ᠤᠨ ᠬᠥᠬᠡᠬᠤᠲᠠ ᠶᠢᠨ ᠢ ᠵᠢᠦᠢ ᠪᠠᠭᠤᠳᠠᠯ ᠤᠨ ᠬᠤᠶᠠᠳᠤᠭᠠᠷ ᠳᠠᠪᠬᠤᠷ ᠤᠨ ᠬᠤᠶᠠᠳᠤᠭᠠᠷ ᠲᠢᠩᠬᠢᠮ ︵ᠥᠪᠥᠷ ᠮᠣᠩᠭᠤᠯ ᠤᠨ ᠬᠥᠬᠡᠬᠤᠲᠠ ᠶᠢᠨ ᠰᠢᠨ᠎ᠡ ᠬᠤᠲᠠ ᠲᠣᠭᠤᠷᠢᠭ ᠤᠨ ᠬᠥᠯᠥᠨ ᠪᠤᠶᠢᠷ ᠬᠤᠶᠢᠲᠤ ᠵᠠᠮ ᠤᠨ 52 ᠳ᠋ᠤᠭᠠᠷ ᠨᠣᠮᠧᠷ︶  ᠭᠤᠷᠪᠠ᠂ ᠬᠢᠷᠢ ᠬᠡᠮ ᠢ ᠳᠠᠬᠢᠨ ᠬᠢᠨᠠᠬᠤ ᠳᠤ ᠬᠡᠷᠡᠭᠰᠡᠬᠦ ᠮᠠᠲ᠋ᠧᠷᠢᠶᠠᠯ  ︵ᠨᠢᠭᠡ︶ ︽ᠬᠢᠷᠢ ᠬᠡᠮ ᠢ ᠳᠠᠬᠢᠨ ᠬᠢᠨᠠᠬᠤ ᠮᠡᠳᠡᠭᠳᠡᠯ ᠤᠨ ᠪᠢᠴᠢᠭ︾ ︵ᠨᠢᠭᠡ ᠮᠠᠶ᠋ᠢᠭ ᠤᠨ ᠬᠤᠶᠠᠷ ᠬᠤᠪᠢ᠂ ᠬᠤᠪᠢ ᠪᠦᠷᠢ ᠶᠢ ᠨᠢᠭᠡ ᠬᠠᠭᠤᠳᠠᠰᠤ ᠴᠠᠭᠠᠰᠤᠨ ᠳᠡᠭᠡᠷ᠎ᠡ ᠳᠠᠷᠤᠮᠠᠯᠯᠠᠨ᠎ᠠ︶︔  ︵ᠬᠤᠶᠠᠷ︶ ︽ᠨᠡᠷ᠎ᠡ ᠮᠡᠳᠡᠭᠦᠯᠬᠦ ᠳᠠᠩᠰᠠᠯᠠᠯ ᠤᠨ ᠬᠦᠰᠦᠨᠦᠭᠲᠦ︾ ︵ᠨᠢᠭᠡ ᠮᠠᠶ᠋ᠢᠭ ᠤᠨ ᠬᠤᠶᠠᠷ ᠬᠤᠪᠢ᠂ ᠬᠤᠪᠢ ᠪᠦᠷᠢ ᠶᠢ ᠨᠢᠭᠡ ᠬᠠᠭᠤᠳᠠᠰᠤ ᠴᠠᠭᠠᠰᠤᠨ ᠳᠡᠭᠡᠷ᠎ᠡ ᠳᠠᠷᠤᠮᠠᠯᠯᠠᠨ᠎ᠠ︶︔  ︵ᠭᠤᠷᠪᠠ︶ ᠬᠤᠪᠢ ᠬᠦᠮᠦᠨ ᠤ ᠪᠡᠶ᠎ᠡ ᠶᠢᠨ ᠦᠨᠡᠮᠯᠡᠯ ᠤᠨ ᠤᠭ ᠪᠢᠴᠢᠭ ᠪᠠ ᠬᠠᠭᠤᠯᠪᠤᠷᠢ ︵ᠵᠥᠪ ᠪᠤᠷᠤᠭᠤ ᠲᠠᠯ᠎ᠠ︶︔  ︵ᠲᠦᠷᠪᠡ︶ ᠲᠡᠭᠦᠰᠬᠦ ᠦᠨᠡᠮᠯᠡᠯ ᠪᠠ ᠡᠷᠳᠡᠮ ᠤᠨ ᠴᠣᠯᠠ ᠶᠢᠨ ᠦᠨᠡᠮᠯᠡᠯ ᠤᠨ ᠤᠭ ᠪᠢᠴᠢᠭ᠂ ᠬᠠᠭᠤᠯᠪᠤᠷᠢ︔  2024 ᠣᠨ ᠳᠤ ᠲᠡᠭᠦᠰᠦᠭᠰᠡᠳ ᠲᠡᠭᠦᠰᠬᠦ ᠦᠨᠡᠮᠯᠡᠯ᠂ ᠡᠷᠳᠡᠮ ᠤᠨ ᠴᠣᠯᠠ ᠶᠢᠨ ᠦᠨᠡᠮᠯᠡᠯ ᠣᠯᠭᠤᠭ᠎ᠠ ᠦᠭᠡᠢ ᠪᠠᠶᠢᠪᠠᠯ᠂ ᠳᠡᠭᠡᠳᠦ ᠰᠤᠷᠭᠠᠭᠤᠯᠢ ︵ᠰᠠᠯᠪᠤᠷᠢ︶ ᠪᠠ ᠬᠢᠴᠢᠶᠡᠯ ᠬᠥᠮᠦᠵᠢᠯ ᠤᠨ ᠭᠠᠵᠠᠷ ︵ᠰᠤᠳᠤᠯᠬᠤ ᠰᠤᠷᠤᠭᠴᠢ ᠶᠢᠨ ᠳᠡᠭᠡᠳᠦ ᠰᠤᠷᠭᠠᠭᠤᠯᠢ᠂ ᠭᠠᠵᠠᠷ︶ ᠤᠨ ᠠᠯᠪᠠᠨ ᠲᠠᠮᠠᠭ᠎ᠠ ᠶᠢ ᠳᠠᠷᠤᠭᠰᠠᠨ ᠰᠤᠷᠤᠯᠭ᠎ᠠ ᠶᠢᠨ ᠨᠠᠮᠲᠠᠷ ᠡᠷᠳᠡᠮ ᠤᠨ ᠴᠣᠯᠠ ᠶᠢᠨ ᠭᠡᠷᠡᠴᠢ ᠪᠠ ᠬᠠᠭᠤᠯᠪᠤᠷᠢ᠂ ᠰᠤᠷᠭᠠᠨ ᠬᠥᠮᠦᠵᠢᠯ ᠤᠨ ᠶᠠᠮᠤᠨ ᠤ ᠰᠤᠷᠭᠠᠭᠤᠯᠢ ᠶᠢᠨ ᠬᠠᠷᠢᠶᠠᠯᠠᠯ ᠤᠨ ᠦᠨᠡᠮᠯᠡᠯ ᠤᠨ ᠡᠯᠧᠺᠲᠷᠣᠨ ᠳᠠᠩᠰᠠᠯᠠᠯᠲᠠ ᠶᠢᠨ ᠬᠦᠰᠦᠨᠦᠭᠲᠦ ᠶᠢ ᠬᠠᠩᠭᠠᠬᠤ ᠬᠡᠷᠡᠭᠲᠡᠢ︔   ᠲᠣᠰ ᠵᠢᠯ ᠤᠨ ᠪᠤᠰᠤ ᠲᠡᠭᠦᠰᠦᠭᠰᠡᠳ ᠡᠷᠬᠡᠪᠰᠢ ᠬᠦᠴᠦᠨ ᠲᠠᠢ ᠬᠤᠭᠤᠴᠠᠭᠠᠨ ᠳᠠᠬᠢ ᠰᠤᠷᠭᠠᠨ ᠬᠥᠮᠦᠵᠢᠯ ᠤᠨ ᠶᠠᠮᠤᠨ ᠤ ᠰᠤᠷᠤᠯᠭ᠎ᠠ ᠶᠢᠨ ᠨᠠᠮᠲᠠᠷ ᠤᠨ ᠦᠨᠡᠮᠯᠡᠯ ᠤᠨ ᠡᠯᠧᠺᠲᠷᠣᠨ ᠳᠠᠩᠰᠠᠯᠠᠭᠤᠯᠤᠨ ᠪᠦᠷᠢᠳᠬᠡᠭᠰᠡᠨ ᠬᠦᠰᠦᠨᠦᠭᠲᠦ ᠪᠤᠶᠤ ᠳᠤᠮᠳᠠᠳᠤ ᠤᠯᠤᠰ ᠤᠨ ᠳᠡᠭᠡᠳᠦ ᠵᠡᠷᠭᠡ ᠶᠢᠨ ᠰᠤᠷᠭᠠᠨ ᠬᠥᠮᠦᠵᠢᠯ ᠤᠨ ᠡᠷᠳᠡᠮ ᠤᠨ ᠴᠣᠯᠠ ᠶᠢᠨ ᠰᠦᠯᠵᠢᠶᠡᠨ ᠳᠡᠭᠡᠷᠡᠬᠢ ᠰᠢᠯᠭᠠᠨ ᠪᠠᠲᠤᠯᠠᠭᠰᠠᠨ ᠮᠡᠳᠡᠭᠦᠯᠦᠯᠲᠡ ᠶᠢ ᠬᠠᠩᠭᠠᠬᠤ ᠬᠡᠷᠡᠭᠲᠡᠢ᠂    ᠬᠤᠶᠠᠳᠤᠭᠠᠷ ᠡᠷᠳᠡᠮ ᠤᠨ ᠴᠣᠯᠠ᠂ ᠬᠤᠶᠠᠷ ᠡᠷᠳᠡᠮ ᠤᠨ ᠴᠣᠯᠠ ᠵᠢᠴᠢ ᠬᠠᠪᠰᠤᠷᠤᠭ᠎ᠠ ᠡᠷᠳᠡᠮ ᠤᠨ ᠴᠤᠯᠠ ᠲᠠᠢ ᠨᠢ ᠡᠷᠬᠡᠪᠰᠢ ᠬᠤᠶᠠᠷ ᠡᠷᠳᠡᠮ ᠤᠨ ᠴᠣᠯᠠ ᠶᠢᠨ ᠲᠤᠰᠬᠠᠢ ᠮᠡᠷᠭᠡᠵᠢᠯ ᠤᠨ ᠭᠡᠷᠡᠴᠢᠯᠡᠭᠡ ᠶᠢᠨ ᠮᠡᠳᠡᠭᠦᠯᠦᠯᠲᠡ ᠶᠢ ᠬᠠᠩᠭᠠᠬᠤ ᠬᠡᠷᠡᠭᠲᠡᠢ ︵ᠰᠤᠷᠭᠠᠨ ᠬᠥᠮᠦᠵᠢᠯ ᠤᠨ ᠶᠠᠮᠤᠨ ᠤ ᠰᠤᠷᠤᠯᠭ᠎ᠠ ᠶᠢᠨ ᠨᠠᠮᠲᠠᠷ ᠤᠨ ᠦᠨᠡᠮᠯᠡᠯ ᠤᠨ ᠡᠯᠧᠺᠲᠷᠣᠨ‌‍ᠲ᠋ᠠᠩᠰᠠᠯᠠᠭᠤᠯᠤᠨ ᠪᠦᠷᠢᠳᠬᠡᠭᠰᠡᠨ ᠬᠦᠰᠦᠨᠦᠭᠲᠦ ᠪᠤᠶᠤ ᠳᠤᠮᠳᠠᠳᠤ ᠤᠯᠤᠰ ᠤᠨ ᠳᠡᠭᠡᠳᠦ ᠵᠡᠷᠭᠡ ᠶᠢᠨ ᠰᠤᠷᠭᠠᠨ ᠬᠥᠮᠦᠵᠢᠯ ᠤᠨ ᠰᠤᠷᠤᠯᠭ᠎ᠠ ᠶᠢᠨ ᠨᠠᠮᠲᠠᠷ ᠤᠨ ᠦᠨᠡᠮᠯᠡᠯ ᠤᠨ ᠰᠢᠯᠭᠠᠨ ᠪᠠᠲᠤᠯᠠᠭᠰᠠᠨ ᠮᠡᠳᠡᠭᠦᠯᠦᠯᠲᠡ ᠶᠢ ᠳᠤᠮᠳᠠᠳᠤ ᠤᠯᠤᠰ ᠤᠨ ᠳᠡᠭᠡᠳᠦ ᠵᠡᠷᠭᠡ ᠶᠢᠨ ᠰᠤᠷᠭᠠᠨ ᠬᠥᠮᠦᠵᠢᠯ ᠤᠨ ᠰᠣᠷᠣᠭᠴᠢ ᠶᠢᠨ ᠮᠡᠳᠡᠭᠡ ᠵᠠᠩᠭᠢ ᠶᠢᠨ ᠰᠦᠯᠵᠢᠶ᠎ᠡ http://www.chsi.com.cn ᠠᠴᠠ ᠪᠠᠭᠤᠯᠭᠠᠨ ᠳᠠᠷᠤᠮᠠᠯᠯᠠᠵᠤ᠂ ᠬᠤᠶᠠᠳᠤᠭᠠᠷ ᠡᠷᠳᠡᠮ ᠤᠨ ᠴᠣᠯᠠ ᠶᠢᠨ ᠲᠤᠰᠬᠠᠢ ᠮᠡᠷᠭᠡᠵᠢᠯ ᠤᠨ ᠭᠡᠷᠡᠴᠢᠯᠡᠭᠡ ᠶᠢᠨ ᠮᠡᠳᠡᠭᠦᠯᠦᠯᠲᠡ ᠶᠢ    ᠳᠤᠮᠳᠠᠳᠤ ᠤᠯᠤᠰ ᠤᠨ ᠡᠷᠳᠡᠮ ᠤᠨ ᠴᠣᠯᠠ ᠪᠣᠯᠤᠨ ᠠᠰᠫᠢᠷᠠᠨᠲ ᠤᠨ ᠰᠤᠷᠭᠠᠨ ᠬᠥᠮᠦᠵᠢᠯ ᠤᠨ ᠮᠡᠳᠡᠭᠡ ᠵᠠᠩᠭᠢ ᠶᠢᠨ ᠰᠦᠯᠵᠢᠶ᠎ᠡ http://www.cdgdc.edu.cn ᠠᠴᠠ ᠪᠠᠭᠤᠯᠭᠠᠨ ᠳᠠᠷᠤᠮᠠᠯᠯᠠᠨ᠎ᠠ︶︔  ᠭᠠᠳᠠᠭᠠᠳᠤ ᠳᠤ ᠰᠤᠷᠤᠯᠴᠠᠭᠠᠳ ᠤᠯᠤᠰ ᠲᠠᠭᠠᠨ ᠪᠤᠴᠠᠵᠤ ᠢᠷᠡᠭᠰᠡᠳ ᠭᠠᠳᠠᠭᠠᠳᠤ ᠳᠤ ᠰᠤᠷᠤᠯᠴᠠᠭᠠᠳ ᠣᠯᠣᠭᠰᠠᠨ ᠰᠤᠷᠤᠯᠭ᠎ᠠ ᠶᠢᠨ ᠨᠠᠮᠲᠠᠷ ᠢᠶᠠᠷ ᠰᠢᠯᠭᠠᠭᠤᠯᠤᠭᠰᠠᠨ ᠪᠠᠶᠢᠪᠠᠯ᠂ ᠡᠷᠬᠡᠪᠰᠢ ︽ᠠᠯᠪᠠᠨ ᠵᠠᠷ︾ ᠪᠣᠯᠤᠨ ︽ᠠᠵᠢᠯ ᠤᠨ ᠪᠠᠶᠢᠷᠢ ᠶᠢᠨ ᠬᠦᠰᠦᠨᠦᠭᠲᠦ︾ ᠳᠤ ᠲᠣᠭᠲᠠᠭᠠᠭᠰᠠᠨ ᠮᠠᠲ᠋ᠧᠷᠢᠶᠠᠯ ᠢ ᠬᠠᠩᠭᠠᠬᠤ ᠠᠴᠠ ᠭᠠᠳᠠᠨ᠎ᠠ᠂ ᠪᠠᠰᠠ ᠰᠤᠷᠭᠠᠨ ᠬᠥᠮᠦᠵᠢᠯ ᠤᠨ ᠶᠠᠮᠤᠨ ᠤ ᠭᠠᠳᠠᠭᠠᠳᠤ ᠳᠤ ᠰᠤᠷᠤᠯᠴᠠᠬᠤ ᠦᠢᠯᠡᠴᠢᠯᠡᠭᠡᠨ ᠤ ᠲᠥᠪ ᠠᠴᠠ ᠭᠠᠷᠭᠠᠭᠰᠠᠨ ︽ᠭᠠᠳᠠᠭᠠᠳᠤ ᠶᠢᠨ ᠰᠤᠷᠤᠯᠭ᠎ᠠ ᠶᠢᠨ ᠨᠠᠮᠲᠠᠷ ᠡᠷᠳᠡᠮ ᠤᠨ ᠴᠣᠯᠠ ᠶᠢ ᠵᠥᠪᠰᠢᠶᠡᠷᠡᠭᠰᠡᠨ ᠦᠨᠡᠮᠯᠡᠯ︾ ᠪᠤᠶᠤ ᠪᠤᠰᠤᠳ ᠬᠤᠯᠪᠣᠭᠳᠠᠯ ᠪᠦᠬᠦᠢ ᠭᠡᠷᠡᠴᠢᠯᠡᠬᠦ ᠮᠠᠲ᠋ᠧᠷᠢᠶᠠᠯ ᠤᠨ ᠤᠭ ᠪᠢᠴᠢᠭ ᠵᠢᠴᠢ ᠬᠠᠭᠤᠯᠪᠤᠷᠢ ᠶᠢ ᠬᠠᠩᠭᠠᠬᠤ ᠬᠡᠷᠡᠭᠲᠡᠢ᠃ ᠤᠯᠤᠰ ᠤᠨ ᠳᠣᠲᠣᠭᠠᠳᠤ ᠶᠢᠨ ᠶᠡᠭᠡ ᠳᠡᠭᠡᠳᠦ ᠰᠤᠷᠭᠠᠭᠤᠯᠢ ᠬᠢᠭᠡᠳ ᠤᠯᠤᠰ ᠤᠨ ᠭᠠᠳᠠᠭᠠᠳᠤ ᠶᠢᠨ ᠶᠡᠭᠡ ᠳᠡᠭᠡᠳᠦ ᠰᠤᠷᠭᠠᠭᠤᠯᠢ ᠬᠠᠮᠲᠤᠷᠠᠨ ᠰᠤᠷᠭᠠᠭᠤᠯᠢ ᠡᠷᠭᠢᠯᠡᠬᠦ ᠳᠤ ᠬᠠᠷᠢᠶᠠᠯᠠᠭᠳᠠᠵᠤ᠂ ᠬᠢᠯᠢ ᠶᠢᠨ ᠭᠠᠳᠠᠨᠠᠬᠢ ᠰᠤᠷᠤᠯᠭ᠎ᠠ ᠶᠢᠨ ᠨᠠᠮᠲᠠᠷ ᠡᠷᠳᠡᠮ ᠤᠨ ᠴᠣᠯᠠ ᠣᠯᠣᠭᠰᠠᠨ ᠪᠠᠶᠢᠪᠠᠯ᠂ ᠡᠷᠬᠡᠪᠰᠢ ᠰᠤᠷᠭᠠᠨ ᠬᠥᠮᠦᠵᠢᠯ ᠤᠨ ᠶᠠᠮᠤᠨ ᠤ ᠭᠠᠳᠠᠭᠠᠳᠤ ᠳᠤ ᠰᠤᠷᠤᠯᠴᠠᠬᠤ ᠦᠢᠯᠡᠴᠢᠯᠡᠭᠡᠨ ᠤ ᠲᠥᠪ ᠤᠨ ᠭᠠᠷᠭᠠᠭᠰᠠᠨ ︽ᠬᠠᠮᠲᠤᠷᠠᠨ ᠰᠤᠷᠭᠠᠭᠤᠯᠢ ᠡᠷᠭᠢᠯᠡᠬᠦ ᠰᠤᠷᠤᠯᠭ᠎ᠠ ᠶᠢᠨ ᠨᠠᠮᠲᠠᠷ ᠡᠷᠳᠡᠮ ᠤᠨ ᠴᠣᠯᠠ ᠶᠢ ᠦᠨᠡᠯᠡᠨ ᠵᠢᠱᠢᠭᠰᠡᠨ ᠰᠠᠨᠠᠯ ᠤᠨ ᠪᠢᠴᠢᠭ︾ ᠪᠤᠶᠤ ︽ᠬᠠᠮᠲᠤᠷᠠᠨ ᠰᠤᠷᠭᠠᠭᠤᠯᠢ ᠡᠷᠭᠢᠯᠡᠬᠦ ᠰᠤᠷᠤᠯᠭ᠎ᠠ ᠶᠢᠨ ᠨᠠᠮᠲᠠᠷ ᠡᠷᠳᠡᠮ ᠤᠨ ᠴᠣᠯᠠ ᠶᠢ ᠵᠥᠪᠰᠢᠶᠡᠷᠡᠭᠰᠡᠨ ᠦᠨᠡᠮᠯᠡᠯ︾ ᠤᠨ ᠣᠭ ᠪᠢᠴᠢᠭ ᠵᠢᠴᠢ ᠬᠠᠭᠤᠯᠪᠤᠷᠢ ᠶᠢ ᠬᠠᠩᠭᠠᠬᠤ ᠬᠡᠷᠡᠭᠲᠡᠶ︔  ︵ᠲᠠᠪᠤ︶ ︽ᠲᠥᠷᠥᠯ ᠵᠦᠢᠯ ᠤᠨ ᠠᠵᠢᠯᠲᠠᠨ︾ ᠤ ᠠᠵᠢᠯ ᠤᠨ ᠪᠠᠶᠢᠷᠢ ᠶᠢᠨ ᠠᠵᠢᠯᠲᠠᠨ ᠢ ᠬᠠᠨᠳᠤᠯᠭ᠎ᠠ ᠲᠠᠢ ᠡᠯᠰᠡᠬᠦ᠂ ︽ᠦᠨᠳᠦᠰᠦᠨ ᠱᠠᠲᠤᠨ ᠳᠤ ᠦᠢᠯᠡᠴᠢᠯᠡᠬᠦ ᠲᠥᠷᠥᠯ ᠵᠦᠢᠯ ᠤᠨ ᠠᠵᠢᠯᠲᠠᠨ︾ ᠡᠯᠰᠡᠬᠦ ᠳᠤ ᠰᠢᠯᠭᠠᠭᠰᠠᠳ ᠨᠢ ᠡᠷᠬᠡᠪᠰᠢ ᠦᠢᠯᠡᠴᠢᠯᠡᠭᠡᠨ ᠤ ᠲᠥᠷᠥᠯ ᠵᠦᠢᠯ ᠤᠨ ᠦᠨᠡᠮᠯᠡᠯ ᠤᠨ ᠤᠭ ᠪᠢᠴᠢᠭ ᠪᠣᠯᠤᠨ ᠬᠠᠭᠤᠯᠪᠤᠷᠢ ᠪᠤᠶᠤ ᠦᠢᠯᠡᠴᠢᠯᠡᠭᠡᠨ ᠤ ᠲᠥᠷᠥᠯ ᠵᠦᠢᠯ ᠤᠨ ᠬᠤᠯᠪᠣᠭᠳᠠᠯ ᠪᠦᠬᠦᠢ ᠭᠤᠤᠯᠴᠢᠯᠠᠨ ᠬᠠᠮᠢᠶᠠᠷᠬᠤ ᠰᠠᠯᠠᠭ᠎ᠠ ᠮᠥᠴᠢᠷ ᠠᠴᠠ ᠭᠠᠷᠭᠠᠭᠰᠠᠨ ᠦᠢᠯᠡᠴᠢᠯᠡᠭᠡᠨ ᠤ ᠬᠤᠭᠤᠴᠠᠭ᠎ᠠ ᠨᠢ ᠭᠦᠢᠴᠡᠭᠰᠡᠨ᠂ ᠬᠢᠨᠠᠨ ᠰᠢᠯᠭᠠᠭᠠᠳ ᠬᠢᠷᠢ ᠲᠡᠩᠴᠡᠭᠰᠡᠨ ᠭᠡᠷᠡᠴᠢ ᠮᠠᠲ᠋ᠧᠷᠢᠶᠠᠯ ᠤᠨ ᠤᠭ ᠪᠢᠴᠢᠭ ᠵᠢᠴᠢ ᠬᠠᠭᠤᠯᠪᠤᠷᠢ ᠶᠢ ᠬᠠᠩᠭᠠᠬᠤ ᠬᠡᠷᠡᠭᠲᠡᠶ︔ ︽ᠴᠡᠷᠢᠭ ᠠᠴᠠ ᠬᠠᠯᠠᠭᠳᠠᠭᠰᠠᠨ ᠣᠶᠤᠲᠠᠨ︾ ᠡᠷᠬᠡᠪᠰᠢ ᠴᠡᠷᠢᠭ ᠠᠴᠠ ᠬᠠᠯᠠᠭᠳᠠᠭᠰᠠᠨ ᠦᠨᠡᠮᠯᠡᠯ ᠤᠨ ᠤᠭ ᠪᠢᠴᠢᠭ ᠪᠣᠯᠤᠨ ᠬᠠᠭᠤᠯᠪᠤᠷᠢ ᠶᠢ ᠬᠠᠩᠭᠠᠬᠤ ᠬᠡᠷᠡᠭᠲᠡᠶ︔  ︵ᠵᠢᠷᠭᠤᠭ᠎ᠠ︶ ︽ᠶᠡᠭᠡ ᠳᠡᠭᠡᠳᠦ ᠰᠤᠷᠭᠠᠭᠤᠯᠢ ᠲᠡᠭᠦᠰᠦᠭᠰᠡᠳ︾ ᠢ ᠬᠠᠨᠳᠤᠯᠭ᠎ᠠ ᠲᠠᠢ ᠡᠯᠰᠡᠬᠦ ᠠᠵᠢᠯ ᠤᠨ ᠪᠠᠶᠢᠷᠢ ᠳᠤ ᠰᠢᠯᠭᠠᠭᠤᠯᠤᠭᠰᠠᠨ 2022 ᠣᠨ ᠪᠠ 2023 ᠣᠨ ᠳᠤ ᠲᠡᠭᠦᠰᠦᠭᠰᠡᠳ᠂ ᠡᠷᠬᠡᠪᠰᠢ ᠲᠡᠭᠦᠰᠦᠭᠰᠡᠨ ᠳᠡᠭᠡᠳᠦ ᠰᠤᠷᠭᠠᠭᠤᠯᠢ ︵ᠰᠠᠯᠪᠤᠷᠢ᠂ ᠳᠡᠭᠡᠳᠦ ᠰᠤᠷᠭᠠᠭᠤᠯᠢ᠂ ᠬᠡᠯᠲᠡᠰ︶ ᠪᠤᠶᠤ ᠲᠠᠩᠰᠠ ᠡᠪᠬᠡᠮᠡᠯ ᠤᠨ ᠬᠠᠮᠢᠶᠠᠷᠤᠯᠲᠠ ᠶᠢᠨ ᠰᠠᠯᠠᠭ᠎ᠠ ᠮᠥᠴᠢᠷ ᠤᠨ ᠭᠠᠷᠭᠠᠭᠰᠠᠨ ᠲᠠᠩᠰᠠ ᠡᠪᠬᠡᠮᠡᠯ ᠢ ᠬᠠᠳᠠᠭᠠᠯᠠᠨ ᠬᠠᠮᠢᠶᠠᠷᠤᠭᠰᠠᠨ ᠭᠡᠷᠡᠴᠢ ᠬᠠᠩᠭᠠᠬᠤ ᠶᠢᠨ ᠬᠠᠮᠲᠤ ᠬᠠᠳᠠᠭᠠᠯᠠᠭᠰᠠᠨ ᠴᠠᠭ ᠢ ᠲᠣᠳᠣᠷᠬᠠᠶᠢᠯᠠᠬᠤ ᠬᠡᠷᠡᠭᠲᠡᠢ ︵ᠳᠠᠭᠠᠯᠳᠤᠭᠤᠯᠤᠯ 1 ᠶᠢ ᠯᠠᠪᠯᠠᠭᠠᠷᠠᠢ︶︔  ︵ᠳᠣᠯᠤᠭ᠎ᠠ︶ ᠰᠢᠯᠭᠠᠭᠰᠠᠳ ᠨᠢ ᠣᠷᠣᠨ ᠲᠤᠭ᠎ᠠ ᠳᠤ ᠪᠠᠶᠢᠭ᠎ᠠ ᠪᠠᠶᠢᠭᠤᠯᠭ᠎ᠠ ᠪᠤᠶᠤ ᠠᠵᠢᠯ ᠦᠢᠯᠡᠰ ᠤᠨ ᠨᠢᠭᠡᠴᠢ ᠶᠢᠨ ᠠᠵᠢᠯᠲᠠᠨ ᠪᠠᠶᠢᠪᠠᠯ᠂ ᠬᠢᠷᠢ ᠬᠡᠮ ᠢ ᠳᠠᠬᠢᠨ ᠬᠢᠨᠠᠬᠤ ᠳᠤ ᠣᠷᠣᠯᠴᠠᠬᠤ ᠳᠠᠭᠠᠨ ᠲᠤᠷᠰᠢᠨ ᠬᠡᠷᠡᠭᠯᠡᠬᠦ ᠬᠤᠭᠤᠴᠠᠭ᠎ᠠ᠂ ᠦᠢᠯᠡᠴᠢᠯᠡᠬᠦ ᠬᠠᠮᠤᠭ ᠤᠨ ᠳᠣᠣᠷ᠎ᠠ ᠵᠢᠯ ᠬᠤᠭᠤᠴᠠᠭ᠎ᠠ ᠨᠢ ᠭᠦᠢᠴᠡᠭᠰᠡᠨ ᠭᠡᠷᠡᠴᠢ ᠮᠠᠲ᠋ᠧᠷᠢᠶᠠᠯ ᠬᠠᠩᠭᠠᠬᠤ ᠬᠡᠷᠡᠭᠲᠡᠢ ︵ᠳᠠᠭᠠᠯᠳᠤᠭᠤᠯᠤᠯ 2 ᠢ ᠯᠠᠪᠯᠠᠭᠠᠷᠠᠢ︶︔  ︵ᠨᠠᠢᠮᠠ︶ ᠲᠣᠰ ᠬᠥᠮᠦᠨ ᠤ ᠭᠠᠷ ᠤᠨ ᠥᠰᠥᠭ ᠵᠢᠷᠤᠵᠤ ᠨᠤᠲᠠᠯᠠᠭᠰᠠᠨ ︽ᠰᠢᠯᠭᠠᠭᠰᠠᠳ ᠤᠨ ᠦᠨᠡᠨᠴᠢ ᠢᠲᠡᠭᠡᠮᠵᠢ ᠶᠢᠨ ᠠᠮᠠᠯᠠᠯᠲᠠ ᠶᠢᠨ ᠪᠢᠴᠢᠭ︾ ︵ᠳᠠᠭᠠᠯᠳᠤᠭᠤᠯᠤᠯ 3︶᠂ ︽ᠨᠢᠭᠤᠷᠲᠠᠨ ᠰᠢᠯᠭᠠᠬᠤ ᠬᠡᠯᠡᠨ ᠤ ᠲᠥᠷᠥᠯ ᠤᠨ ᠨᠤᠲᠠᠯᠠᠯᠲᠠ ᠶᠢᠨ ᠪᠢᠴᠢᠭ︾ ︵ᠳᠠᠭᠠᠯᠳᠤᠭᠤᠯᠤᠯ 4︶ ᠲᠤᠰ ᠪᠦᠷᠢ 1 ᠬᠤᠪᠢ᠃  ︵ᠶᠢᠰᠦ︶ ᠠᠵᠢᠯ ᠤᠨ ᠪᠠᠶᠢᠷᠢ ᠳᠤ ᠱᠠᠭᠠᠷᠳᠠᠭᠳᠠᠬᠤ ᠬᠤᠯᠪᠣᠭᠳᠠᠯ ᠪᠦᠬᠦᠢ ᠪᠤᠰᠤᠳ ᠭᠡᠷᠡᠴᠢ  ᠦᠨᠡᠮᠯᠡᠯ᠂ ᠤᠭ ᠪᠢᠴᠢᠭ ᠵᠢᠴᠢ ᠬᠠᠭᠤᠯᠪᠤᠷᠢ᠃  ᠳᠥᠷᠪᠡ᠂ ᠬᠢᠷᠢ ᠬᠡᠮ ᠢ ᠳᠠᠬᠢᠨ ᠬᠢᠨᠠᠬᠤ ᠱᠠᠭᠠᠷᠳᠠᠯᠭ᠎ᠠ  ︵ᠨᠢᠭᠡ︶ ᠡᠷᠬᠡᠪᠰᠢ ᠲᠣᠰ ᠬᠥᠮᠥᠨ ᠨᠢ ᠲᠤᠬᠠᠢ ᠶᠢᠨ ᠲᠠᠯᠠᠪᠤᠷ ᠲᠤ ᠮᠠᠲ᠋ᠧᠷᠢᠶᠠᠯ ᠢᠶᠠᠨ ᠲᠤᠰᠢᠶᠠᠬᠤ ᠬᠡᠷᠡᠭᠲᠡᠢ᠃  ︵ᠬᠤᠶᠠᠷ︶ ᠬᠢᠷᠢ ᠬᠡᠮ ᠢ ᠳᠠᠬᠢᠨ ᠬᠢᠨᠠᠬᠤ ᠬᠤᠭᠤᠴᠠᠭᠠᠨ ᠳᠤ᠂ ᠰᠢᠯᠭᠠᠭᠰᠠᠳ ᠡᠷᠬᠡᠪᠰᠢ ᠴᠢᠮᠡᠭᠡ ᠬᠤᠯᠪᠣᠭ᠎ᠠ ᠶᠢ ᠰᠠᠭᠠᠳ ᠥᠬᠡᠶ ᠨᠡᠪᠲᠡᠷᠡᠭᠦᠯᠬᠦ ᠶᠢᠨ ᠬᠠᠮᠲᠤ ᠨᠡᠷ᠎ᠡ ᠮᠡᠳᠡᠭᠦᠯᠬᠦ ᠰᠦᠯᠵᠢᠶ᠎ᠡ ᠶᠢ ᠴᠠᠭ ᠲᠤᠬᠠᠶ ᠳᠤᠨᠢ ᠠᠩᠬᠠᠷᠬᠤ ᠬᠡᠷᠡᠭᠲᠡᠶ᠃ ᠰᠢᠯᠭᠠᠭᠰᠠᠳ ᠤᠨ ᠬᠤᠪᠢ ᠬᠥᠮᠦᠨ ᠤ ᠰᠢᠯᠲᠠᠭᠠᠨ ᠠᠴᠠ ᠪᠣᠯᠵᠣ ᠬᠠᠷᠢᠯᠴᠠᠵᠤ ᠳᠡᠶᠢᠯᠦᠭᠰᠡᠨ ᠥᠬᠡᠶ ᠪᠤᠶᠤ ᠲᠣᠭᠲᠠᠭᠰᠠᠨ ᠴᠠᠭ ᠤᠨ ᠳᠣᠲᠣᠷ᠎ᠠ ᠬᠢᠷᠢ ᠬᠡᠮ ᠢ ᠳᠠᠬᠢᠨ ᠬᠢᠨᠠᠬᠤ ᠮᠠᠲ᠋ᠧᠷᠢᠶᠠᠯ ᠢᠶᠠᠨ ᠲᠤᠰᠢᠶᠠᠭᠰᠠᠨ ᠥᠬᠡᠶ ᠪᠠᠶᠢᠪᠠᠯ᠂ ᠥᠪᠡᠷ ᠢᠶᠠᠨ ᠬᠠᠶᠠᠭᠰᠠᠨ ᠢᠶᠠᠷ ᠰᠢᠢᠳᠪᠦᠷᠢᠯᠡᠵᠦ᠂ ᠨᠢᠭᠤᠷᠲᠠᠨ ᠰᠢᠯᠭᠠᠬᠤ ᠬᠢᠷᠢ ᠬᠡᠮ ᠢ ᠨᠢ ᠬᠦᠴᠦᠨ ᠥᠬᠡᠶ ᠪᠣᠯᠭᠠᠨ᠎ᠠ᠃ ᠰᠢᠯᠭᠠᠭᠰᠠᠳ ᠲᠠᠢ ᠬᠠᠷᠢᠯᠴᠠᠬᠤ ᠠᠷᠭ᠎ᠠ ᠮᠠᠶ᠋ᠢᠭ ᠨᠢ ᠬᠤᠪᠢᠷᠠᠯᠲᠠ ᠭᠠᠷᠪᠠᠯ ᠠᠵᠢᠯ ᠤᠨ ᠡᠳᠦᠷ ᠲᠤ ᠴᠠᠭ ᠲᠤᠬᠠᠶ ᠳᠤᠨᠢ ᠠᠵᠢᠯᠲᠠᠨ ᠡᠯᠰᠡᠬᠦ ᠨᠢᠭᠡᠴᠢ ᠲᠠᠢ ᠬᠠᠷᠢᠯᠴᠠᠭᠠᠷᠠᠢ᠃  ︵ᠭᠤᠷᠪᠠ︶ ᠬᠢᠷᠢ ᠭᠡᠮ ᠢ ᠨᠢ ᠳᠠᠬᠢᠨ ᠬᠢᠨᠠᠭᠰᠠᠨ ᠤ ᠳᠠᠷᠠᠭ᠎ᠠ ᠣᠷᠣᠨ ᠲᠤᠭ᠎ᠠ ᠳᠤᠲᠠᠭᠳᠠᠭᠰᠠᠨ ᠠᠵᠢᠯ ᠤᠨ ᠪᠠᠶᠢᠷᠢ ᠳᠤ᠂ ᠪᠢᠷ ᠤᠨ ᠰᠢᠯᠭᠠᠯᠲᠠ ᠳᠤ ᠬᠢᠷᠢ ᠲᠡᠩᠴᠡᠭᠰᠡᠨ ᠰᠢᠯᠭᠠᠭᠰᠠᠳ ᠤᠨ ᠳᠣᠲᠣᠷ᠎ᠠ ᠠᠴᠠ᠂ ᠨᠡᠷ᠎ᠡ ᠮᠡᠳᠡᠭᠦᠯᠦᠭᠰᠡᠨ ᠠᠵᠢᠯ ᠤᠨ ᠪᠠᠶᠢᠷᠢ ᠶᠢᠨ ᠪᠢᠷ ᠤᠨ ᠰᠢᠯᠭᠠᠯᠲᠠ ᠶᠢᠨ ᠶᠡᠷᠦᠩᠬᠡᠶ ᠬᠢᠷᠢ ᠪᠦᠲᠦᠮᠵᠢ ᠶᠢᠨ ᠥᠨᠳᠥᠷ ᠬᠤᠪᠢ ᠠᠴᠠ ᠳᠣᠤᠷ᠎ᠠ ᠬᠤᠪᠢ ᠬᠦᠷᠲᠡᠯᠡᠬᠢ ᠳᠡᠰ ᠳᠠᠷᠠᠭᠠᠯᠠᠯ ᠤᠨ ᠶᠣᠰᠣᠭᠠᠷ ᠨᠥᠬᠦᠪᠥᠷᠢᠯᠡᠵᠦ᠂ ᠨᠢᠭᠡ ᠯᠡ ᠤᠳᠠᠭ᠎ᠠ ᠨᠥᠬᠦᠪᠦᠷᠢᠯᠡᠨ᠎ᠡ᠃ ᠰᠢᠯᠭᠠᠭᠰᠠᠳ ᠤᠨ ᠬᠤᠪᠢ ᠬᠥᠮᠦᠨ ᠤ ᠰᠢᠯᠲᠠᠭᠠᠨ ᠠᠴᠠ ᠪᠣᠯᠵᠣ ᠬᠠᠷᠢᠯᠴᠠᠵᠤ ᠳᠡᠶᠢᠯᠦᠭᠰᠡᠨ ᠥᠬᠡᠶ ᠪᠤᠶᠤ ᠲᠣᠭᠲᠠᠭᠰᠠᠨ ᠴᠠᠭ ᠤᠨ ᠳᠣᠲᠣᠷ᠎ᠠ ᠬᠢᠷᠢ ᠬᠡᠮ ᠢ ᠳᠠᠬᠢᠨ ᠬᠢᠨᠠᠬᠤ ᠮᠠᠲ᠋ᠧᠷᠢᠶᠠᠯ ᠢᠶᠠᠨ ᠲᠤᠰᠢᠶᠠᠭᠰᠠᠨ ᠥᠬᠡᠶ ᠪᠣᠯ᠂ ᠥᠪᠡᠷ ᠢᠶᠠᠨ ᠬᠠᠶᠠᠭᠰᠠᠨ ᠢᠶᠠᠷ ᠰᠢᠢᠳᠪᠦᠷᠢᠯᠡᠵᠦ᠂ ᠨᠥᠬᠦᠪᠦᠷᠢᠯᠡᠬᠦ ᠬᠢᠷᠢ ᠬᠡᠮ ᠢ ᠨᠢ ᠬᠦᠴᠦᠨ ᠥᠬᠡᠶ ᠪᠣᠯᠭᠠᠨ᠎ᠠ᠃ ᠬᠢᠷᠢ ᠬᠡᠮ ᠢ ᠳᠠᠬᠢᠨ ᠬᠢᠨᠠᠬᠤ ᠵᠢᠴᠢ ᠨᠥᠬᠦᠪᠦᠷᠢᠯᠡᠭᠰᠡᠨ ᠤ ᠳᠠᠷᠠᠭ᠎ᠠ 3: 1 ᠨᠢᠭᠤᠷᠳᠠᠨ ᠰᠢᠯᠭᠠᠬᠤ ᠬᠠᠷᠢᠴᠠᠯ ᠳᠤ ᠬᠥᠷᠥᠭᠰᠡᠨ ᠥᠬᠡᠶ ᠪᠠᠶᠢᠪᠠᠯ᠂ ᠪᠣᠳᠠᠲᠠᠶ ᠬᠥᠮᠦᠨ ᠤ ᠲᠤᠭ᠎ᠠ ᠪᠠᠷ ᠨᠢᠭᠤᠷᠲᠠᠨ ᠰᠢᠯᠭᠠᠬᠤ ᠬᠡᠪᠴᠢᠶᠡᠨ ᠳᠤ ᠣᠷᠣᠭᠰᠠᠳ ᠢ ᠲᠣᠭᠲᠠᠭᠠᠨ᠎ᠠ᠃  ︵ᠲᠦᠷᠪᠡ︶ ᠬᠢᠷᠢ ᠭᠡᠮ ᠢ ᠳᠠᠬᠢᠨ ᠬᠢᠨᠠᠬᠤ ᠳᠤ ᠰᠢᠯᠭᠠᠭᠰᠠᠳ ᠤᠨ ᠲᠠᠭᠯᠠᠨ ᠮᠡᠳᠡᠭᠦᠯᠦᠭᠰᠡᠨ ᠮᠡᠳᠡᠭᠡ ᠵᠠᠩᠭᠢ ᠶᠢᠨ ᠦᠨᠡᠨ ᠪᠣᠳᠠᠲᠠᠢ ᠡᠰᠡᠬᠦ ᠶᠢ ᠭᠤᠣᠯᠳᠠᠯᠭ᠎ᠠ ᠲᠠᠢ ᠬᠢᠨᠠᠨ ᠬᠠᠷᠭᠤᠭᠤᠯᠤᠨ᠎ᠠ᠃ ᠡᠯᠰᠡᠬᠦ ᠨᠥᠬᠦᠴᠡᠯ ᠳᠤ ᠥᠯᠥ ᠨᠡᠶᠢᠴᠡᠬᠦ᠂ ᠬᠤᠪᠢ ᠬᠥᠮᠦᠨ ᠦᠨᠳᠦᠰᠦᠲᠡᠨ ᠢᠶᠠᠨ ᠪᠤᠷᠤᠭᠤ ᠲᠠᠭᠯᠠᠭᠰᠠᠨ ᠠᠴᠠ ᠪᠣᠯᠵᠤ ᠬᠤᠪᠢ ᠨᠡᠮᠡᠭᠰᠡᠨ᠂ ᠲᠠᠭᠯᠠᠨ ᠮᠡᠳᠡᠭᠦᠯᠦᠭᠰᠡᠨ ᠬᠤᠪᠢ ᠬᠥᠮᠦᠨ ᠤ ᠮᠡᠳᠡᠭᠡ ᠵᠠᠩᠭᠢ ᠨᠢ ᠦᠨᠡᠮᠯᠡᠯ ᠲᠠᠢ ᠪᠠᠨ ᠨᠡᠶᠢᠴᠡᠬᠦ ᠦᠭᠡᠶ ᠵᠢᠴᠢ ᠴᠢᠬᠤᠯᠠ ᠮᠡᠳᠡᠭᠡ ᠵᠠᠩᠭᠢ ᠪᠠᠨ ᠨᠢᠭᠤᠨ ᠳᠠᠯᠳᠠᠯᠠᠭᠰᠠᠨ ᠪᠤᠶᠤ ᠬᠤᠳᠠᠯ ᠬᠠᠭᠤᠷᠮᠠᠭ ᠭᠡᠷᠡᠴᠢ ᠮᠠᠲ᠋ᠧᠷᠢᠶᠠᠯ ᠬᠠᠩᠭᠠᠭᠰᠠᠨ ᠪᠠᠶᠢᠪᠠᠯ᠂ ᠨᠢᠭᠤᠷᠳᠠᠨ ᠰᠢᠯᠭᠠᠬᠤ ᠬᠢᠷᠢ ᠬᠡᠮ ᠢ ᠨᠢ ᠬᠦᠴᠦᠨ ᠦᠭᠡᠶ ᠪᠣᠯᠭᠠᠨ᠎ᠠ᠃  ᠲᠠᠪᠤ᠂ ᠠᠩᠬᠠᠷᠬᠤ ᠵᠦᠢᠯ  ᠰᠢᠯᠭᠠᠭᠰᠠᠳ ᠥᠪᠥᠷ ᠮᠣᠩᠭᠤᠯ ᠤᠨ ᠠᠵᠢᠯᠲᠠᠨ ᠤ ᠶᠠᠪᠤᠳᠠᠯ ᠤᠨ ᠰᠢᠯᠭᠠᠯᠲᠠ ᠶᠢᠨ ᠰᠦᠯᠵᠢᠶ᠎ᠡ ᠵᠢᠴᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠷᠠᠳᠢᠣ᠋ ᠲᠧᠯᠸᠢᠰ ᠤᠨ ᠲᠣᠪᠴᠢᠶᠠᠨ ᠤ ᠠᠯᠪᠠᠨ ᠤ ᠰᠦᠯᠵᠢᠶ᠎ᠡ ᠶᠢ ᠴᠠᠭ ᠢᠮᠠᠭᠲᠠ ᠠᠩᠬᠠᠷᠤᠭᠠᠷᠠᠢ᠃ ᠪᠤᠰᠤᠳ ᠵᠦᠢᠯᠡᠰ ᠢ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ 2024 ᠣᠨ ᠤ ᠠᠵᠢᠯ ᠦᠢᠯᠡᠰ ᠤᠨ ᠨᠢᠭᠡᠴᠢ ᠶᠢᠨ ᠢᠯᠡ ᠪᠠᠷ ᠠᠵᠢᠯᠲᠠᠨ ᠡᠯᠰᠡᠬᠦ ᠠᠯᠪᠠᠨ ᠵᠠᠷ︾ ᠤᠨ ᠱᠠᠭᠠᠷᠳᠠᠯᠭ᠎ᠠ ᠶᠣᠰᠣᠭᠠᠷ ᠬᠡᠷᠡᠭᠵᠢᠭᠦᠯᠵᠦ᠂ ᠲᠣᠰ ᠠᠯᠪᠠᠨ ᠵᠠᠷ ᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠷᠠᠳᠢᠣ᠋ ᠲᠧᠯᠸᠢᠰ ᠤᠨ ᠲᠣᠪᠴᠢᠶ᠎ᠠ ᠠᠴᠠ ᠬᠠᠷᠢᠭᠤᠴᠠᠨ ᠲᠠᠶᠢᠯᠪᠤᠷᠢᠯᠠᠨ᠎ᠠ᠃  ᠠᠰᠠᠭᠤᠨ ᠯᠠᠪᠯᠠᠬᠤ ᠤᠲᠠᠰᠤ᠄ 0471 - 4590026 ︵ᠠᠵᠢᠯᠯᠠᠬᠤ ᠡᠳᠦᠷ ᠤᠨ 9᠄ 00-12᠄ 00︔14᠄ 30-17᠄ 00︶    ᠳᠠᠭᠠᠯᠳᠤᠭᠤᠯᠤᠯ᠄附件1:内蒙古自治区广播电视局择业期内未落实工作单位的高校毕业生人事档案存放证明附件2:内蒙古自治区广播电视局已过试用期、最低服务年限证明附件3:内蒙古自治区广播电视局考生诚信承诺书 附件4:内蒙古自治区广播电视局面试语种确认书

 

  

  ᠦᠪᠦᠷ ᠮᠣᠩᠭᠤᠯ ᠤᠨ ᠦᠪᠡᠷᠲᠡᠭᠡᠨ ᠵᠠᠰᠠᠬᠤ ᠤᠷᠤᠨ ᠤ ᠷᠠᠳᠢᠣ᠋ ᠲᠧᠯᠸᠢᠰ ᠤᠨ ᠲᠤᠪᠴᠢᠶ᠎ᠠ

  2024 ᠣᠨ ᠤ 1 ᠳ᠋ᠦ᠋ᠭᠡᠷ ᠰᠠᠷ᠎ᠠ ᠶᠢᠨ 24 ᠤ ᠡᠳᠦᠷ

 

ᠢᠷᠡᠯᠲᠡ᠄ ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠷᠠᠳᠢᠤ᠋ ᠲᠧᠯᠸᠢᠰ ᠤᠨ ᠲᠤᠪᠴᠢᠶ᠎ᠠ
Baidu
map