ᠥᠪᠡᠷᠲᠡᠭᠡᠨ ᠵᠠᠰᠠᠬᠤ ᠣᠷᠣᠨ ᠤ ᠰᠢᠭᠤᠳ ᠬᠠᠷᠢᠶ᠎ᠠ ᠪᠠᠶᠢᠭᠤᠯᠭ᠎ᠠ ᠶᠢᠨ ᠠᠵᠢᠯᠯᠠᠬᠤ ᠬᠤᠷᠢᠶ᠎ᠠ ᠶᠢᠨ ᠬᠠᠷᠢᠭᠤᠴᠠᠯᠭᠠᠲᠠᠨ ︽ᠥᠪᠡᠷᠲᠡᠭᠡᠨ ᠵᠠᠰᠠᠬᠤ ᠣᠷᠣᠨ ᠤ ᠰᠢᠭᠤᠳ ᠬᠠᠷᠢᠶ᠎ᠠ ᠪᠠᠶᠢᠭᠤᠯᠭ᠎ᠠ ᠶᠢᠨ ᠡᠪ ᠬᠠᠮᠲᠤ ᠨᠠᠮ ᠤᠨ ᠭᠡᠰᠢᠭᠦᠨ ᠤᠳᠤᠷᠢᠳᠬᠤ ᠺᠠᠳ᠋ᠷ ᠤᠨ ᠬᠤᠷᠢᠮ ᠨᠠᠶᠢᠷ ᠤᠷᠤᠰᠢᠭᠤᠯᠭ᠎ᠠ ᠪᠠᠶᠠᠷ ᠳᠤᠷᠠᠰᠬᠠᠯ ᠤᠨ ᠠᠵᠢᠯᠯᠠᠭ᠎ᠠ ᠬᠢᠬᠦ ᠲᠣᠬᠠᠢ ᠬᠡᠷᠡᠭᠵᠢᠭᠦᠯᠬᠦ ᠠᠷᠭ᠎ᠠ ︾ ᠲᠣᠭᠲᠠᠭᠠᠨ ᠨᠡᠶᠢᠲᠡᠯᠡᠭᠰᠡᠨ ᠲᠣᠬᠠᠢ ᠰᠤᠷᠪᠤᠯᠵᠢᠯᠠᠭᠴᠢ ᠶᠢᠨ ᠠᠰᠠᠭᠤᠯᠲᠠ ᠶᠢ ᠬᠠᠷᠢᠭᠤᠯᠪᠠ
ᠨᠡᠶᠢᠲᠡᠯᠡᠭᠰᠡᠨ ᠴᠠᠭ᠄
2015/3/26
     2015 ᠣᠨ ᠤ 1  ᠳ᠋ᠤᠭᠠᠷ ᠰᠠᠷ᠎ᠠ ᠶᠢᠨ 7᠎ ᠤ ᠡᠳᠦᠷ᠂ ᠦᠪᠡᠷᠳᠡᠭᠡᠨ ᠵᠠᠰᠠᠬᠤ ᠤᠷᠤᠨ ᠤ ᠰᠢᠭᠤᠳ ᠬᠠᠷᠢᠶ᠎ᠠ  ᠪᠠᠶᠢᠭᠤᠯᠭ᠎ᠠ ᠶᠢᠨ ᠠᠵᠢᠯᠯᠠᠬᠤ ᠬᠤᠷᠢᠶ᠎ᠠ ︽ᠦᠪᠡᠷᠳᠡᠭᠡᠨ ᠵᠠᠰᠠᠬᠤ ᠤᠷᠤᠨ ᠤ ᠰᠢᠭᠤᠳ ᠬᠠᠷᠢᠶ᠎ᠠ ᠪᠠᠶᠢᠭᠤᠯᠭ᠎ᠠ ᠶᠢᠨ ᠡᠪ ᠬᠠᠮᠳᠦ ᠨᠠᠮ ᠤᠨ ᠭᠡᠰᠢᠬᠦᠨ ᠤᠳᠤᠷᠢᠳᠬᠤ ᠺᠠᠳ᠋ᠷ  ᠤᠨ ᠬᠤᠷᠢᠮ ᠨᠠᠶᠢᠷ ᠤᠷᠤᠰᠢᠭᠤᠯᠭ᠎ᠠ ᠪᠠᠶᠠᠷ ᠲᠣᠷᠠᠰᠬᠠᠯ  ᠤᠨ ᠠᠵᠢᠯᠯᠠᠭ᠎ᠠ ᠬᠢᠬᠦ ᠲᠣᠬᠠᠢ ᠭᠡᠷᠡᠭᠵᠢᠭᠦᠯᠬᠦ ᠠᠷᠭ᠎ᠠ︾ ᠲᠠᠷᠤᠮᠠᠯᠯᠠᠨ ᠲᠠᠷᠬᠠᠭᠠᠬᠰᠠᠠ ᠨᠢ ᠦᠪᠡᠷᠳᠡᠭᠡᠨ ᠵᠠᠰᠠᠬᠤ ᠤᠷᠤᠨ ᠤ ᠰᠢᠭᠤᠳ ᠬᠠᠷᠢᠶ᠎ᠠ ᠨᠠᠮ ᠤᠨ ᠭᠡᠰᠢᠬᠦᠨ ᠤᠳᠤᠷᠢᠳᠬᠤ ᠺᠠᠳ᠋ᠷ ᠤᠨ ᠬᠤᠷᠢᠮ ᠨᠠᠶᠢᠷ ᠤᠷᠤᠰᠢᠭᠤᠯᠭ᠎ᠠ ᠪᠠᠶᠠᠷ ᠲᠣᠷᠠᠰᠬᠠᠯ ᠤᠨ ᠠᠵᠢᠯᠯᠠᠭ᠎ᠠ ᠲᠤ ᠴᠢᠩᠭ᠎ᠠ ᠲᠤᠬᠳᠠᠭᠠᠯ ᠭᠠᠷᠭᠠᠨ ᠦᠭᠴᠦ ᠲᠤᠳᠤᠷᠬᠠᠢ ᠱᠠᠭᠠᠷᠳᠠᠯᠭ᠎ᠠ ᠲᠤᠷᠠᠳᠴᠠᠢ᠃ ᠤᠢᠢᠷ᠎ᠠ ᠶᠢᠨ ᠡᠳᠦᠷ ᠰᠢᠭᠤᠳ ᠬᠠᠷᠢᠶ᠎ᠠ  ᠪᠠᠶᠢᠭᠤᠯᠭ᠎ᠠ ᠶᠢᠨ ᠠᠵᠢᠯᠯᠠᠬᠤ ᠬᠤᠷᠢᠶ᠎ᠠ ᠶᠢᠨ ᠬᠠᠷᠢᠭᠤᠴᠠᠯᠭᠠᠳᠠᠨ ︽ᠭᠡᠷᠡᠭᠵᠢᠭᠦᠯᠬᠦ ᠠᠷᠭ᠎ᠠ︾ ᠲᠤᠬᠳᠠᠭᠠᠬᠰᠠᠠ ᠬᠤᠯᠪᠤᠬᠳᠠᠯ ᠪᠦᠬᠦᠢ ᠪᠠᠶᠢᠳᠠᠯ  ᠤᠨ ᠲᠤᠬᠠᠢ ᠲᠤᠰ ᠰᠤᠨᠢᠨ  ᠤ ᠰᠤᠷᠪᠤᠯᠵᠢᠯᠠᠬᠴᠢ ᠶᠢᠨ ᠲᠤᠰᠬᠠᠢ ᠰᠤᠷᠪᠤᠯᠵᠢᠯᠠᠭ᠎ᠠ  ᠶᠢ ᠬᠦᠯᠢᠶᠡᠯ᠎ᠠ᠃      ᠠᠰᠠᠭᠤᠯᠳᠠ᠄ ᠶᠠᠭᠠᠬᠢᠭᠠᠳ ︽ᠭᠡᠷᠡᠭᠵᠢᠭᠦᠯᠬᠦ ᠠᠷᠭ᠎ᠠ︾ ᠲᠤᠬᠳᠠᠭᠠᠬᠰᠠᠠ ᠪᠤᠢ︖      ᠬᠠᠷᠢᠭᠤᠯᠳᠠ᠄ ᠤᠢᠢᠷ᠎ᠠ ᠶᠢᠨ ᠵᠢᠯ ᠠᠴᠠ ᠨᠠᠰᠢ ᠪᠤᠯᠬᠢ ᠰᠣᠷᠳᠠᠯ ᠦᠵᠡᠯᠳᠡ ᠵᠢᠴᠢ ᠬᠤᠴᠤᠷᠤᠩᠭᠤᠢ ᠠᠮᠢᠳᠤᠷᠠᠯ  ᠤᠨ ᠭᠡᠯᠪᠡᠷᠢ ᠶᠢᠨ ᠨᠦᠯᠦᠭᠡᠯᠡᠯ ᠢᠶᠠᠷ ᠬᠤᠷᠢᠮ ᠨᠠᠶᠢᠷ ᠤᠷᠤᠰᠢᠭᠤᠯᠭ᠎ᠠ ᠵᠡᠷᠭᠡ ᠠᠵᠢᠯᠯᠠᠭ᠎ᠠ  ᠶᠢ ᠶᠡᠭᠡᠪᠡᠷ ᠬᠢᠬᠦ ᠭᠠᠵᠢᠭᠤ ᠰᠤᠷᠳᠠᠯ ᠲᠠᠷᠬᠠᠨ ᠲᠡᠯᠭᠡᠷᠡᠵᠦ᠂ ᠪᠠᠶᠠᠷ  ᠤᠨ ᠶᠠᠪᠤᠳᠠᠯ ᠤᠯᠠᠮ  ᠢᠶᠠᠷ ᠤᠯᠠᠰᠢᠷᠠᠨ᠂ ᠭᠡᠪᠴᠢᠶ᠎ᠠ ᠨᠢ ᠤᠯᠠᠮ  ᠢᠶᠠᠷ ᠦᠷᠭᠡᠵᠢᠨ᠂ ᠯᠠᠷᠵᠠ ᠲᠠᠳᠠᠵᠦ ᠰᠤᠷᠳᠤᠭᠠᠯᠠᠬᠤ ᠨᠢ ᠤᠯᠠᠨ ᠲᠦᠮᠡᠨ ᠤ ᠦᠵᠡᠯ ᠰᠠᠨᠠᠭ᠎ᠠ ᠠᠵᠦ ᠠᠬᠤᠢ ᠶᠢᠨ ᠡᠬᠦᠷᠭᠡᠯᠡᠯ ᠲᠠᠷᠤᠭᠠᠰᠦ  ᠶᠢ ᠬᠦᠨᠳᠦᠷᠡᠭᠦᠯᠦᠭᠰᠡᠡ ᠢᠶᠠᠷ ᠪᠠᠷᠠᠬᠤ ᠦᠭᠡᠢ ᠪᠠᠰᠠ ᠪᠦᠷᠢᠯᠭᠡᠨ ᠰᠦᠢᠳᠭᠡᠬᠦ ᠰᠤᠷᠳᠠᠯ  ᠢ ᠦᠷᠭᠡᠵᠢᠭᠦᠯᠵᠦ᠂ ᠨᠡᠶᠢᠭᠡᠮ ᠵᠢᠷᠦᠮ ᠤᠨ ᠶᠤᠰᠦ ᠰᠤᠷᠳᠠᠬᠤᠨ ᠠᠴᠠ ᠲᠡᠷᠰᠯᠡᠭᠰᠡᠡ ᠪᠠᠶᠢᠨ᠎ᠠ᠃ ᠴᠦᠭᠡᠨ ᠲᠤᠭᠠᠨ ᠤ ᠨᠠᠮ  ᠤᠨ ᠭᠡᠰᠢᠬᠦᠨ ᠤᠳᠤᠷᠢᠳᠬᠤ ᠺᠠᠳ᠋ᠷᠴᠤᠳ ᠰᠤᠬᠤᠷ ᠪᠠᠯᠠᠢ ᠪᠠᠷ ᠠᠳᠠᠯᠢᠳᠬᠠᠨ᠂ ᠬᠤᠨᠵᠢᠬᠳᠠᠪᠠᠯ ᠨᠦᠬᠦᠪᠦᠷᠢᠯᠡᠭᠦᠯᠵᠦ᠂ ᠴᠢᠨᠠᠬᠰᠢᠯᠡᠪᠡᠯ ᠵᠠᠪᠰᠢᠶᠠᠨ  ᠢ ᠲᠠᠯᠢᠮᠳᠠᠭᠤᠯᠤᠨ ᠤᠯᠵᠠ ᠤᠯᠬᠤ ᠵᠤᠷᠢᠯᠭ᠎ᠠ ᠎ ᠳᠠᠭᠠᠨ ᠬᠦᠷᠬᠦ ᠶᠢᠨ ᠲᠦᠯᠦᠭᠡ ᠠᠷᠭ᠎ᠠ ᠪᠦᠬᠦᠨ  ᠢ ᠰᠦᠪᠡᠭᠴᠢᠯᠡᠨ ᠨᠠᠷ᠎ᠠ ᠬᠠᠯᠳᠠᠭᠠᠬᠤ ᠰᠢᠯᠳᠠᠬ ᠡᠷᠢᠵᠦ ᠪᠠᠶᠢᠭᠠᠳ ᠬᠤᠷᠢᠮ ᠨᠠᠶᠢᠷ ᠤᠷᠤᠰᠢᠭᠤᠯᠭ᠎ᠠ ᠵᠡᠷᠭᠡ ᠶᠢ ᠶᠡᠭᠡᠪᠡᠷ ᠬᠢᠬᠦ ᠪᠤᠯᠤᠬᠰᠠᠠ ᠠᠴᠠ ᠡᠨᠡᠬᠦ ᠭᠠᠵᠢᠭᠤ ᠰᠤᠷᠳᠠᠯ  ᠢ ᠲᠠᠷᠬᠠᠨ ᠲᠡᠯᠭᠡᠷᠡᠭᠦᠯᠦᠨ ᠨᠠᠮ ᠪᠤᠯᠤᠨ ᠵᠠᠰᠠᠬ  ᠤᠨ ᠤᠷᠳᠤᠨ ᠤ ᠲᠦᠷᠢ ᠲᠦᠷᠬᠦ  ᠶᠢ ᠬᠤᠬᠢᠷᠠᠭᠤᠯᠤᠨ ᠨᠡᠶᠢᠭᠡᠮ  ᠤᠨ ᠭᠡᠪ ᠰᠤᠷᠳᠠᠯ  ᠢ ᠡᠪᠳᠡᠭᠰᠡᠡ ᠠᠴᠠ ᠤᠯᠠᠨ ᠲᠦᠮᠡᠨ ᠡᠬᠦᠨ ᠳᠤ ᠮᠠᠰᠢ ᠴᠢᠩᠭ᠎ᠠ ᠲᠤᠰᠬᠠᠯ ᠭᠠᠷᠭᠠᠵᠠᠢ᠃      2013 ᠤᠠ  ᠤ 12 ᠳ᠋ᠤᠭᠠᠷ ᠰᠠᠷ᠎ᠠ ᠶᠢᠨ 20 ᠎ ᠤ ᠡᠳᠦᠷ ᠦᠪᠡᠷᠳᠡᠬᠡᠡ ᠵᠠᠰᠠᠬᠤ ᠤᠷᠦᠠ  ᠤ ᠨᠠᠮ ᠎ ᠤᠨ ᠬᠤᠷᠢᠶ᠎ᠠ ᠶᠢᠨ ᠠᠯᠪᠡᠡ ᠳᠢᠩᠬᠢᠮ᠂ ᠵᠠᠰᠠᠬ ᠤᠨ ᠤᠷᠳᠦᠠ  ᠤ ᠠᠯᠪᠡᠡ ᠳᠢᠩᠬᠢᠮ ︽ᠡᠪ ᠬᠠᠮᠳᠦ ᠨᠠᠮ ᠤᠨ ᠬᠡᠰᠢᠬᠦᠡ᠂ ᠤᠯᠥᠰ  ᠤᠨ ᠠᠯᠪᠠᠳᠠᠠ ᠪᠡ ᠤᠯᠥᠰ ᠤᠨ ᠵᠠᠰᠠᠬ ᠵᠠᠬᠢᠷᠭᠠᠠ  ᠤ  ᠪᠠᠶᠢᠭᠤᠯᠭ᠎ᠠ ᠶᠢᠨ ᠳᠤᠮᠢᠯᠠᠬᠰᠠᠠ ᠪᠤᠰᠦᠳ ᠠᠵᠢᠯᠳᠠᠠ  ᠤ ᠪᠡᠯᠡᠭ  ᠤᠨ ᠵᠤᠭᠤᠰ ᠬᠤᠷᠢᠶᠠᠬᠤ ᠶᠢ ᠴᠢᠩᠭ᠎ᠠ ᠴᠠᠭᠠᠵᠠᠯᠠᠬᠤ᠂ ᠬᠤᠷᠢᠮ ᠨᠠᠶᠢᠷ ᠤᠷᠦᠰᠢᠭᠤᠯᠭ᠎ᠠ ᠪᠠᠶᠠᠷ ᠲᠣᠷᠠᠰᠬᠠᠯ ᠤᠨ ᠠᠵᠢᠯᠯᠠᠭ᠎ᠠ ᠬᠢᠬᠦ ᠶᠢ ᠴᠢᠩᠳᠠᠯᠠᠬᠤ ᠳᠤᠬᠠᠢ ᠳᠤᠬᠳᠠᠭᠠᠯ︾ ᠨᠠᠶᠢᠳᠠᠯᠠᠵᠦ᠂ ᠬᠠᠮᠢᠶ᠎ᠠ ᠪᠦᠬᠦᠢ ᠳᠤᠭᠳᠠᠭᠠᠯ  ᠤᠳ  ᠢ ᠴᠢᠨᠠᠬᠰᠢᠳᠠ ᠨᠠᠷᠢᠯᠢᠬᠵᠢᠭᠤᠯᠵᠦ᠂ ︽ᠳᠤᠮᠳᠠᠳᠦ ᠤᠯᠥᠰ ᠤᠨ ᠡᠪ ᠬᠠᠮᠳᠦ ᠨᠠᠮ ᠤᠨ ᠨᠠᠮ ᠤᠨ ᠬᠡᠰᠢᠬᠦᠡ ᠤᠳᠦᠷᠢᠳᠬᠤ ᠺᠡᠳ᠋ᠷ ᠤᠨ ᠠᠷᠢᠭᠤᠠ ᠴᠢᠭᠡᠴᠢ ᠪᠠᠷ ᠵᠠᠰᠠᠬ ᠤᠨ ᠠᠵᠢᠯ ᠬᠢᠬᠦ ᠳᠦᠷᠢᠮ︾ ᠂ ︽ᠳᠤᠮᠳᠠᠳᠦ ᠤᠯᠥᠰ ᠤᠨ ᠡᠪ ᠬᠠᠮᠳᠦ ᠨᠠᠮ  ᠤᠨ ᠰᠠᠬᠢᠯᠭ᠎ᠠ ᠪᠠᠳᠦ ᠶᠢᠨ ᠰᠢᠳᠬᠡᠯ ᠤᠨ ᠳᠦᠷᠢᠮ︾ ᠵᠡᠷᠬᠡ ᠳᠤᠬᠳᠠᠭᠠᠯ  ᠢ ᠦᠨᠳᠦᠰᠦᠯᠠᠠ ᠦᠪᠡᠷᠳᠡᠬᠡᠡ ᠵᠠᠰᠠᠬᠤ ᠤᠷᠦᠠ ᠤ ᠰᠢᠭᠤᠳ ᠬᠠᠷᠢᠶ᠎ᠠ  ᠪᠠᠶᠢᠭᠤᠯᠭ᠎ᠠ ᠶᠢᠨ ᠪᠤᠳᠠᠳᠤ ᠪᠠᠶᠢᠳᠠᠯ ᠲᠠᠢ ᠤᠶᠠᠯᠳᠤᠭᠤᠯᠤᠠ ︽ᠦᠪᠡᠷᠳᠡᠬᠡᠡ ᠵᠠᠰᠠᠬᠤ ᠤᠷᠦᠠ ᠤ ᠰᠢᠭᠤᠳ ᠬᠠᠷᠢᠶ᠎ᠠ  ᠪᠠᠶᠢᠭᠤᠯᠭ᠎ᠠ ᠶᠢᠨ ᠡᠪ ᠬᠠᠮᠳᠦ ᠨᠠᠮ ᠤᠨ ᠬᠡᠰᠢᠬᠦᠡ ᠤᠳᠦᠷᠢᠳᠬᠤ ᠺᠡᠳ᠋ᠷ ᠤᠨ ᠬᠤᠷᠢᠮ ᠨᠠᠶᠢᠷ ᠤᠷᠦᠰᠢᠭᠤᠯᠭ᠎ᠠ ᠪᠠᠶᠠᠷ ᠲᠣᠷᠠᠰᠬᠠᠯ  ᠤᠨ ᠠᠵᠢᠯᠯᠠᠭ᠎ᠠ ᠬᠢᠬᠦ ᠲᠣᠬᠠᠢ ᠬᠡᠷᠡᠭᠵᠢᠬᠦᠯᠬᠦ ᠠᠷᠭ᠎ᠠ︾᠎ ᠶᠢ ᠨᠠᠶᠢᠳᠠᠯᠡᠵᠡᠢ᠃      ᠠᠰᠠᠭᠤᠯᠳᠠ᠄ ︽ᠭᠡᠷᠡᠭᠵᠢᠬᠦᠯᠬᠦ ᠠᠷᠭ᠎ᠠ︾᠎ ᠨᠢ ᠶᠠᠮᠠᠷ ᠶᠠᠮᠠᠷ ᠬᠦᠮᠦᠠ ᠎ ᠳᠤ ᠳᠤᠬᠢᠷᠠᠬᠤ ᠪᠤᠢ︖      ᠬᠠᠷᠢᠭᠤᠯᠳᠠ᠄ ᠨᠠᠮ ᠤᠨ ᠵᠤᠬᠢᠶᠠᠠ ᠪᠠᠶᠢᠭᠤᠯᠤᠯᠳᠠ ᠶᠢᠨ ᠬᠠᠷᠢᠴᠠᠭ᠎ᠠ ᠨᠢ ᠦᠪᠡᠷᠳᠡᠬᠡᠡ ᠵᠠᠰᠠᠬᠤ ᠤᠷᠦᠠ  ᠤ ᠰᠢᠭᠤᠳ ᠬᠠᠷᠢᠶ᠎ᠠ  ᠪᠠᠶᠢᠭᠤᠯᠭ᠎ᠠ ᠶᠢᠨ ᠠᠵᠢᠯᠯᠠᠬᠤ ᠬᠤᠷᠢᠶ᠎ᠠ ᠎ ᠳᠤ ᠬᠠᠷᠢᠶᠠᠯᠠᠬᠳᠠᠬᠤ ᠦᠪᠡᠷᠳᠡᠬᠡᠡ ᠵᠠᠰᠠᠬᠤ ᠤᠷᠦᠠ  ᠤ ᠰᠢᠭᠤᠳ ᠬᠠᠷᠢᠶ᠎ᠠ  ᠪᠠᠶᠢᠭᠤᠯᠭ᠎ᠠ ︵ᠨᠢᠬᠡᠴᠡ︶᠎ ᠎ ᠳᠤ ᠳᠡᠳ᠋ ᠰᠠᠯᠠᠭᠠᠠ ᠳᠠᠰ ᠠᠴᠠ ᠳᠡᠭᠡᠭᠰᠢᠬᠢ ᠳᠤᠰᠢᠶᠠᠯ ᠡᠬᠦᠷᠬᠡᠯᠡᠵᠦ ᠪᠠᠶᠢᠭ᠎ᠠ ᠨᠠᠮ ᠤᠨ ᠬᠡᠰᠢᠬᠦᠡ ᠤᠳᠦᠷᠢᠳᠬᠤ ᠺᠡᠳ᠋ᠷ ︵ᠳᠠᠳ᠋ ᠭᠠᠵᠠᠷ ᠤᠨ ᠳᠠᠰ ᠠᠴᠠ ᠳᠡᠭᠡᠭᠰᠢᠬᠢ ᠤᠳᠦᠷᠢᠳᠤᠯᠭ᠎ᠠ ᠪᠤᠰᠦ ᠳᠤᠰᠢᠶᠠᠯ ᠪᠠᠭᠳᠠᠨ᠎ᠠ︶᠂ ᠠᠵᠢᠯ ᠦᠢᠯᠠᠰ ᠤᠨ ᠨᠢᠬᠡᠴᠡ᠂ ᠠᠷᠠᠳ ᠤᠨ ᠪᠦᠯᠬᠦᠮ ᠳᠤᠮᠳᠠᠬᠢ ᠳᠡᠳ᠋ ᠰᠠᠯᠠᠭᠠᠠ ᠳᠠᠰ ᠠᠴᠠ ᠳᠡᠭᠡᠭᠰᠢᠬᠢ ᠳᠤᠰᠢᠶᠠᠯ ᠲᠠᠢ ᠳᠠᠩᠴᠠᠬᠦ ᠨᠠᠮ ᠤᠨ ᠤᠳᠦᠷᠢᠳᠬᠤ ᠺᠡᠳ᠋ᠷ ︵ᠳᠠᠳ᠋ ᠭᠠᠵᠠᠷ ᠤᠨ ᠳᠠᠰ ᠠᠴᠠ ᠳᠡᠭᠡᠭᠰᠢᠬᠢ ᠤᠳᠦᠷᠢᠳᠤᠯᠭ᠎ᠠ ᠪᠤᠰᠦ ᠳᠤᠰᠢᠶᠠᠯ ᠪᠠᠭᠳᠠᠨ᠎ᠠ︶᠂ ᠤᠯᠥᠰ ᠤᠨ ᠦᠮᠴᠢᠯᠠᠯ ᠤᠨ ᠠᠵᠦ ᠠᠬᠤᠢᠢᠯᠠᠯ ᠤᠨ ᠳᠤᠮᠳᠠ ᠳᠠᠪᠬᠤᠷᠭ᠎ᠠ ᠠᠴᠠ ᠳᠡᠭᠡᠭᠰᠢᠬᠢ ᠨᠠᠮ ᠤᠨ ᠬᠡᠰᠢᠬᠦᠡ ᠤᠳᠦᠷᠢᠳᠬᠤ ᠺᠡᠳ᠋ᠷ ᠨᠢ ᠭᠡᠷᠡᠭᠵᠢᠬᠦᠯᠬᠦ ᠠᠷᠭ᠎ᠠ ᠶᠤᠰᠤᠭᠠᠷ ᠭᠡᠷᠡᠭᠵᠢᠬᠦᠯᠥᠨ᠎ᠠ᠃ ᠤᠷᠦᠠ  ᠤ ᠰᠢᠭᠤᠳ ᠬᠠᠷᠢᠶ᠎ᠠ  ᠪᠠᠶᠢᠭᠤᠯᠭ᠎ᠠ ᠶᠢᠨ ᠪᠤᠰᠦᠳ ᠨᠠᠮ ᠤᠨ ᠬᠡᠰᠢᠬᠦᠡ᠂ ᠺᠡᠳ᠋ᠷ ᠯᠠᠪᠯᠡᠡ ᠭᠡᠷᠡᠭᠵᠢᠬᠦᠯᠥᠨ᠎ᠠ᠃      ᠠᠰᠠᠭᠤᠯᠳᠠ᠄ ︽ᠭᠡᠷᠡᠭᠵᠢᠬᠦᠯᠬᠦ ᠠᠷᠭ᠎ᠠ︾᠎ ᠶᠢᠨ ᠭᠤᠤᠯ ᠠᠭᠤᠯᠭ᠎ᠠ  ᠳᠤ ᠶᠠᠭᠤ ᠶᠠᠭᠤ ᠪᠠᠶᠢᠬᠤ ᠪᠤᠢ︖      ᠬᠠᠷᠢᠭᠤᠯᠳᠠ᠄ ︽ᠭᠡᠷᠡᠭᠵᠢᠬᠦᠯᠬᠦ ᠠᠷᠭ᠎ᠠ︾᠎ ᠎ ᠳᠤ ᠭᠤᠤᠯᠳᠠᠭᠤ᠄ ᠨᠢᠬᠡ ᠎ ᠳᠤ᠂ ᠬᠤᠷᠢᠮ ᠤᠷᠦᠰᠢᠭᠤᠯᠭ᠎ᠠ ᠪᠠᠶᠠᠷ ᠲᠣᠷᠠᠰᠬᠠᠯ  ᠤᠨ ᠠᠵᠢᠯᠯᠠᠭ᠎ᠠ ᠬᠢᠬᠦ  ᠳᠤ ᠵᠠᠯᠠᠵᠦ ᠪᠤᠯᠬᠤ ᠡᠳᠡᠬᠡᠳ ᠤᠨ ᠬᠦᠷᠢᠶ᠎ᠠ ᠬᠡᠪᠴᠢᠶ᠎ᠠ᠂ ᠡᠷᠬᠢᠯᠡᠬᠦ ᠬᠡᠪᠴᠢᠶ᠎ᠠ ᠵᠡᠷᠬᠡ︔ ᠬᠤᠶᠠᠷ ᠲᠤ᠂ ᠡᠷᠬᠢᠯᠡᠡ ᠬᠢᠬᠦ ᠦᠶᠡᠰ ᠲᠤ ᠴᠢᠩᠭ᠎ᠠ ᠴᠠᠭᠠᠵᠠᠯᠠᠬᠤ ᠠᠵᠢᠯᠯᠠᠭ᠎ᠠ︔ ᠭᠤᠷᠪᠠ   ᠂ ᠳᠤᠬᠳᠠᠭᠠᠯ ᠎ ᠳᠤ ᠮᠠᠳᠠᠬᠦᠯᠥᠯᠳᠡ ᠶᠢᠨ ᠳᠦᠷᠢᠮ ᠳᠤᠬᠳᠠᠭᠠᠬᠤ ᠶᠢ ᠳᠤᠳᠤᠷᠬᠠᠢᠢᠯᠠᠬᠤ︔ ᠳᠦᠷᠪᠡ ᠎ ᠳᠤ ᠂ ᠳᠤᠬᠳᠠᠭᠠᠯ ᠠᠴᠠ ᠵᠦᠷᠢᠴᠡᠭᠰᠠᠳ ᠠᠴᠠ ᠬᠠᠷᠢᠭᠤᠴᠠᠯᠭ᠎ᠠ ᠨᠡᠬᠡᠮᠵᠢᠯᠡᠬᠦ ᠵᠡᠷᠬᠡ ᠠᠭᠤᠯᠭ᠎ᠠ ᠪᠠᠭᠳᠠᠨ᠎ᠠ᠃      ᠠᠰᠠᠭᠤᠯᠳᠠ᠄ ᠡᠨᠡ ᠤᠲᠠᠭ᠎ᠠ ᠲᠤᠭᠲᠠᠭᠠᠭᠰᠠᠠ ︽ᠭᠡᠷᠡᠭᠵᠢᠭᠦᠯᠬᠦ ᠠᠷᠭ᠎ᠠ︾ ᠎ ᠶᠢ ᠨᠡᠯᠢᠶᠡᠳ ᠪᠤᠲᠠᠲᠠᠢ ᠪᠦᠭᠡᠳ ᠴᠢᠩᠭ᠎ᠠ ᠲᠤᠭᠲᠠᠭᠠᠭᠰᠠᠠ ᠨᠢ ᠶᠠᠠᠮᠷ ᠶᠠᠮᠠᠷ ᠲᠠᠯ᠎ᠠ ᠠᠴᠠ ᠪᠤᠲᠤᠯᠬᠢᠯᠠᠭᠰᠠᠠ ᠪᠤᠢ︖      ᠬᠠᠷᠢᠭᠤᠯᠳᠠ᠄ ᠶᠡᠷᠦᠩᠭᠡᠢ ᠱᠦᠵᠢ ᠰᠢ ᠶᠢᠨ ᠫᠢᠩ  ᠪᠠᠶᠢᠭᠤᠯᠭ᠎ᠠ  ᠶᠢᠨ ᠰᠤᠷᠲᠠᠯ  ᠤᠨ ᠪᠠᠶᠢᠭᠤᠯᠤᠯᠲᠠ  ᠶᠢ ᠡᠮᠦᠨ᠎ᠠ ᠨᠢ ᠬᠢᠵᠦ᠂ ᠲᠠᠭᠤᠷᠢᠶᠠᠯ ᠪᠤᠯᠬᠤ ᠭᠡᠷᠡᠭᠲᠡᠢ ᠭᠡᠵᠦ ᠱᠠᠭᠠᠷᠲᠠᠵᠠᠢ᠃  ᠪᠠᠶᠢᠭᠤᠯᠭ᠎ᠠ ᠎ ᠶᠢᠨ ᠰᠤᠷᠲᠠᠯ  ᠤᠨ ᠪᠠᠶᠢᠭᠤᠯᠤᠯᠲᠠ ᠪᠠᠷᠢᠮᠵᠢᠶᠠᠠ  ᠤ ᠲᠠᠯ᠎ᠠ ᠪᠠᠷ ᠨᠡᠩ ᠦᠨᠲᠦᠷ ᠪᠠᠶᠢᠵᠦ᠂ ᠱᠠᠭᠠᠷᠲᠠᠯᠭ᠎ᠠ  ᠶᠢᠨ ᠲᠠᠯ᠎ᠠ ᠪᠠᠷ ᠨᠡᠩ ᠴᠢᠩᠭ᠎ᠠ ᠪᠠᠶᠢᠵᠦ᠂ ᠠᠷᠭ᠎ᠠ ᠵᠠᠮ  ᠤᠨ ᠲᠠᠯ᠎ᠠ ᠪᠠᠷ ᠤᠲᠤᠷᠢᠳᠬᠤ  ᠪᠠᠶᠢᠭᠤᠯᠭ᠎ᠠ᠂ ᠤᠲᠤᠷᠢᠳᠬᠤ ᠪᠠᠭ᠂ ᠤᠲᠤᠷᠢᠳᠬᠤ ᠺᠠᠳ᠋ᠷ ᠢᠶᠠᠷ ᠭᠤᠤᠯᠲᠠᠭᠤᠯᠵᠠᠢ᠃ ᠰᠤᠷᠲᠠᠯ  ᠢ ᠤᠷᠢᠲᠠᠪᠠᠷ ᠪᠤᠢ ᠪᠤᠯᠭᠠᠵᠤ ᠵᠠᠩᠰᠢᠯ  ᠢ ᠲᠠᠷᠠᠭᠠᠯᠠᠨ ᠰᠠᠶᠢᠵᠢᠷᠠᠭᠤᠯᠵᠦ᠂  ᠪᠠᠶᠢᠭᠤᠯᠭ᠎ᠠ  ᠶᠢᠨ ᠨᠠᠮ  ᠤᠨ ᠭᠡᠰᠢᠭᠦᠨ ᠤᠲᠤᠷᠢᠳᠬᠤ ᠺᠠᠳ᠋ᠷ  ᠤᠨ ᠰᠤᠷᠲᠠᠯ ᠎ ᠤᠨ ᠪᠠᠶᠢᠲᠠᠯ ᠨᠢ ᠲᠤᠰ ᠬᠦᠮᠦᠨ  ᠤ ᠵᠠᠩ ᠰᠤᠷᠲᠠᠯ ᠪᠤᠯᠤᠨ ᠲᠦᠷᠢ ᠲᠦᠷᠬᠦ ᠲᠠᠢ ᠬᠤᠯᠪᠤᠭᠲᠠᠬᠤ ᠪᠠᠷ ᠪᠠᠷᠠᠬᠤ ᠦᠭᠡᠢ ᠨᠡᠩ ᠴᠤ ᠨᠢᠭᠡ ᠭᠠᠵᠠᠷ ᠤᠷᠤᠨ᠂ ᠨᠢᠭᠡ ᠨᠢᠭᠡᠴᠡ  ᠶᠢᠨ ᠨᠠᠮ  ᠤᠨ ᠰᠤᠷᠲᠠᠯ ᠵᠠᠰᠠᠭ  ᠤᠨ ᠰᠤᠷᠲᠠᠯ ᠠᠷᠠᠳ ᠎ ᠤᠨ ᠵᠠᠩ ᠰᠤᠷᠲᠠᠯ ᠲᠠᠢ ᠬᠤᠯᠪᠤᠭᠲᠠᠵᠦ᠂ ᠨᠠᠮ  ᠤᠨ ᠤᠯᠠᠠ ᠲᠦᠮᠡᠡ  ᠤ ᠲᠤᠮᠲᠠᠬᠢ ᠢᠲᠡᠭᠡᠯ ᠪᠤᠯᠤᠨ ᠲᠦᠷᠢ ᠲᠦᠷᠬᠦ ᠲᠠᠢ ᠬᠤᠯᠪᠤᠭᠲᠠᠨ᠎ᠠ᠃ ᠰᠢᠭᠤᠳ ᠬᠠᠷᠢᠶ᠎ᠠ  ᠪᠠᠶᠢᠭᠤᠯᠭ᠎ᠠ  ᠶᠢᠨ ᠨᠠᠮ  ᠤᠨ ᠭᠡᠰᠢᠭᠦᠨ ᠤᠲᠤᠷᠢᠳᠬᠤ ᠺᠠᠳ᠋ᠷ ᠪᠡᠶ᠎ᠠ ᠪᠠᠨ ᠴᠢᠩᠭ᠎ᠠ ᠱᠠᠭᠠᠷᠲᠠᠵᠦ᠂ ᠪᠡᠶ᠎ᠠ ᠪᠠᠷ ᠢᠶᠠᠨ ᠦᠯᠢᠭᠡᠷ ᠲᠠᠭᠤᠷᠢᠶᠠᠯ ᠪᠤᠯᠵᠦ᠂ ᠪᠤᠰᠤᠳ  ᠢ ᠬᠢᠬᠦ ᠬᠡᠷᠡᠭᠲᠡᠢ ᠭᠡᠵᠦ ᠱᠠᠭᠠᠷᠲᠠᠭᠰᠠᠠ ᠶᠠᠪᠤᠲᠠᠯ  ᠢ ᠦᠪᠡᠷ ᠢᠶᠠᠨ ᠤᠷᠢᠲᠠᠪᠠᠷ ᠬᠢᠬᠦ ᠬᠡᠷᠡᠭᠲᠡᠢ︔ ᠪᠤᠰᠤᠳ ᠤᠨ ᠬᠢᠬᠦ  ᠶᠢ ᠴᠠᠭᠠᠵᠠᠯᠠᠭᠰᠠᠠ ᠶᠠᠪᠤᠲᠠᠯ  ᠢ ᠦᠪᠡᠷ ᠢᠶᠠᠨ ᠤᠭᠲᠤ ᠬᠢᠵᠦ ᠪᠤᠯᠬᠤ ᠦᠭᠡᠢ᠂ ᠪᠠᠶᠢᠭᠤᠯᠭ᠎ᠠ  ᠶᠢᠨ ᠨᠠᠮ ᠤᠨ ᠭᠡᠰᠢᠭᠦᠨ ᠤᠲᠤᠷᠢᠳᠬᠤ ᠺᠠᠳ᠋ᠷ ᠪᠠᠶᠢᠭᠤᠯᠭ᠎ᠠ  ᠶᠢᠨ ᠰᠤᠷᠲᠠᠯ  ᠤᠨ ᠪᠠᠶᠢᠭᠤᠯᠤᠯᠲᠠ ᠲᠤᠮᠲᠠ ᠲᠠᠭᠠᠭᠤᠯᠬᠤ ᠪᠠ ᠭᠤᠤᠯ ᠴᠤᠭᠴᠠ ᠶᠢᠨ ᠦᠢᠯᠡᠲᠦᠯ ᠢᠶᠠᠨ ᠦᠨᠡᠡᠬᠦ ᠪᠠᠲᠠᠷᠠᠭᠤᠯᠵᠦ᠂ ᠨᠡᠶᠢᠭᠡᠮ  ᠤᠨ ᠰᠠᠶᠢᠠ ᠰᠠᠶᠢᠬᠠᠠ ᠬᠡᠪ ᠰᠤᠷᠲᠠᠯ  ᠤᠨ ᠪᠦᠷᠢᠯᠲᠦᠬᠦ  ᠶᠢ ᠠᠬᠢᠭᠤᠯᠬᠤ ᠬᠡᠷᠡᠭᠲᠡᠢ᠃ ᠡᠲᠡᠭᠡᠷ  ᠢ ᠪᠦᠷ ᠴᠢᠩᠭ᠎ᠠ ᠪᠦᠭᠡᠳ ᠦᠨᠡᠡᠬᠦ ᠭᠡᠷᠡᠭᠵᠢᠭᠦᠯᠦᠬᠦᠰᠢᠲᠠᠢ ᠲᠦᠷᠢᠮ ᠳᠤ ᠲᠦᠰᠢᠭᠯᠡᠵᠦ ᠪᠠᠲᠤᠯᠠᠨ᠎ᠠ᠃      ᠠᠰᠠᠭᠤᠯᠳᠠ᠄ ︽ᠭᠡᠷᠡᠭᠵᠢᠭᠦᠯᠬᠦ ᠠᠷᠭ᠎ᠠ︾ ᠎ ᠶᠢ ᠲᠤᠤᠱᠯᠠᠭᠤᠯᠤᠨ ᠭᠡᠷᠡᠭᠵᠢᠭᠦᠯᠬᠦ  ᠶᠢ ᠭᠡᠷᠬᠢᠨ ᠰᠠᠶᠢᠲᠤᠷ ᠠᠳᠬᠤᠬᠤ ᠪᠤᠢ︖      ᠬᠠᠷᠢᠭᠤᠯᠳᠠ᠄ ︽ᠬᠡᠷᠡᠭᠵᠢᠭᠦᠯᠬᠦ ᠠᠷᠭ᠎ᠠ︾᠎ ᠶᠢ ᠲᠤᠭᠲᠠᠭᠠᠭᠰᠠᠠ  ᠤ ᠲᠠᠷᠠᠭ᠎ᠠ᠂ ᠪᠢᠲᠠ ᠲᠤᠤᠷᠠᠬᠢ ᠠᠷᠭ᠎ᠠ ᠬᠡᠮᠵᠢᠶ᠎ᠠ  ᠶᠢ ᠠᠪᠴᠤ᠂ ᠦᠪᠡᠷᠲᠡᠭᠡᠡ ᠵᠠᠰᠬᠠᠤ ᠤᠷᠤᠨ  ᠤ ᠰᠢᠭᠤᠳ ᠬᠠᠷᠢᠶ᠎ᠠ  ᠪᠠᠶᠢᠭᠤᠯᠭ᠎ᠠ  ᠶᠢᠨ ᠡᠯ᠎ᠠ ᠰᠠᠯᠠᠭ᠎ᠠ ᠮᠦᠴᠢᠷ ᠡᠯ᠎ᠠ ᠨᠢᠭᠡᠴᠡ  ᠶᠢᠨ ᠲᠤᠤᠱᠯᠠᠭᠤᠯᠤᠨ ᠨᠠᠶᠢᠲᠠᠪᠤᠷᠢᠵᠢᠭᠤᠯᠬᠤ  ᠶᠢ ᠰᠠᠶᠢᠲᠤᠷ ᠠᠳᠬᠤᠨ᠎ᠠ᠄ ᠨᠢᠭᠡ ᠳᠤ᠂ ᠰᠤᠷᠤᠯᠴᠠᠯᠭ᠎ᠠ᠂ ᠤᠬᠠᠭᠤᠯᠭ᠎ᠠ ᠪᠠ ᠬᠦᠮᠦᠵᠢᠯ  ᠢ ᠰᠠᠶᠢᠲᠤᠷ ᠠᠳᠬᠤᠵᠦ᠂ ᠤᠲᠤᠷᠢᠳᠬᠤ ᠺᠠᠳ᠋ᠷ  ᠢ ᠬᠦᠮᠦᠵᠢᠭᠦᠯᠵᠦ ᠬᠦᠲᠦᠯᠦᠨ ᠲᠠᠭᠠᠭᠤᠯᠵᠦ ᠪᠠᠶᠢᠭᠠᠳ ᠬᠡᠪ ᠵᠠᠩᠰᠢᠯ  ᠢ ᠲᠠᠭᠠᠭᠤᠯᠤᠨ ᠦᠭᠡᠷᠡᠴᠢᠯᠡᠵᠦ᠂ ᠭᠠᠵᠢᠭᠤ ᠮᠠᠭᠤᠬᠠᠢ ᠰᠤᠷᠲᠠᠯ  ᠢ ᠬᠢᠵᠠᠭᠠᠷᠯᠠᠵᠦ᠂ ᠰᠢᠨ᠎ᠠ ᠬᠡᠪ ᠰᠤᠷᠲᠠᠯ ᠲᠦᠪ ᠶᠤᠰᠤ  ᠶᠢ ᠪᠠᠲᠠᠷᠠᠭᠤᠯᠤᠨ᠎ᠠ᠃ ᠬᠤᠶᠠᠷ ᠲᠤ᠂ ᠡᠲᠦᠷ ᠲᠤᠲᠤᠮ  ᠤᠨ ᠢᠯᠡ ᠪᠠᠷ ᠪᠠᠶᠢᠴᠠᠭᠠᠵᠦ ᠲᠠᠯᠲᠠᠭᠤᠷ ᠰᠤᠷᠪᠤᠯᠵᠢᠯᠠᠬᠤ ᠠᠵᠢᠯ  ᠢ ᠴᠢᠩᠭᠠᠳᠬᠠᠨ᠎ᠠ᠃ ᠲᠤᠭᠲᠠᠮᠠᠯ ᠬᠤᠭᠤᠴᠠᠭ᠎ᠠ ᠲᠠᠢ ᠪᠤᠶᠤ ᠲᠤᠭᠲᠠᠮᠠᠯ ᠪᠤᠰᠤ ᠬᠤᠭᠤᠴᠠᠭ᠎ᠠ ᠲᠠᠢ ᠪᠠᠷ ︽ᠭᠡᠷᠡᠭᠵᠢᠭᠦᠯᠬᠦ ᠠᠷᠭ᠎ᠠ︾ ᠎ ᠶᠢ ᠭᠡᠷᠡᠭᠵᠢᠭᠦᠯᠦᠭᠰᠡᠡ ᠪᠠᠶᠢᠲᠠᠯ  ᠢ ᠢᠯᠡ ᠪᠠᠷ ᠪᠠᠶᠢᠴᠠᠭᠠᠵᠦ ᠲᠠᠯᠲᠠᠭᠤᠷ ᠰᠤᠷᠪᠤᠯᠵᠢᠯᠠᠠ ᠤᠷᠤᠰᠢᠵᠦ ᠪᠠᠶᠢᠭ᠎ᠠ ᠲᠤᠪᠤᠶᠢᠮ᠎ᠠ ᠠᠰᠠᠭᠤᠲᠠᠯ  ᠢ ᠴᠠᠭ ᠲᠤᠬᠠᠢ ᠳᠤᠨᠢ ᠢᠯᠡᠷᠡᠭᠦᠯᠤᠨ ᠵᠠᠯᠠᠷᠠᠭᠤᠯᠬᠤ ᠪᠦᠭᠡᠳ ᠰᠢᠢᠳᠪᠦᠷᠢᠯᠡᠵᠦ᠂ ︽ᠬᠡᠷᠡᠭᠵᠢᠭᠦᠯᠬᠦ ᠠᠷᠭ᠎ᠠ︾ ᠎ ᠶᠢ ᠪᠤᠲᠠᠲᠠᠢ ᠭᠡᠷᠡᠭᠵᠢᠭᠦᠯᠬᠦ  ᠶᠢ ᠱᠠᠯᠠᠪᠲᠠᠠ ᠱᠠᠭᠠᠷᠲᠠᠨ᠎ᠠ᠃ ᠭᠤᠷᠪᠠ ᠳᠤ᠂ ᠤᠯᠠᠠ ᠲᠦᠮᠡᠡ  ᠤ ᠬᠢᠨᠠᠯᠲᠠ ᠲᠠᠯᠪᠢᠯᠲᠠ ᠪᠤᠯᠤᠨ ᠰᠠᠬᠢᠯᠭ᠎ᠠ ᠪᠠᠲᠤ  ᠶᠢᠨ ᠬᠠᠷᠢᠭᠤᠴᠠᠯᠭ᠎ᠠ ᠨᠡᠭᠡᠮᠵᠢᠯᠡᠬᠦ  ᠶᠢ ᠴᠢᠩᠭᠠᠳᠬᠠᠵᠦ᠂ ᠢᠯᠡᠴᠢᠯᠡᠡ ᠮᠡᠲᠡᠭᠦᠯᠬᠦ ᠤᠲᠠᠰᠤ ᠪᠠ ᠢᠯᠡᠴᠢᠯᠡᠡ ᠮᠡᠲᠡᠭᠦᠯᠬᠦ ᠰᠢᠤᠲᠠᠠ  ᠤ ᠬᠠᠶᠢᠷᠴᠠᠭ ᠭᠠᠷᠭᠠᠵᠦ᠂ ᠪᠠᠶᠢᠴᠠᠭᠠᠠ ᠨᠤᠲᠠᠯᠠᠭᠰᠠᠠ ᠭᠡᠷᠡᠭ  ᠢ ᠰᠠᠬᠢᠯᠭ᠎ᠠ ᠪᠠᠲᠤ ᠲᠦᠷᠢᠮ ᠲᠤᠭᠲᠠᠭᠠᠯ ᠶᠤᠰᠤᠭᠠᠷ ᠴᠢᠩᠭ᠎ᠠ ᠰᠢᠢᠳᠪᠦᠷᠢᠯᠡᠨ᠎ᠠ᠃
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
Baidu
map