ᠦᠬᠠᠢ ᠬᠤᠲᠠ᠄ ᠤᠶᠤᠨᠳᠤ ᠬᠤᠲᠠ ᠶᠢᠨ ᠪᠦᠲᠦᠭᠡᠨ ᠪᠠᠶᠢᠭᠤᠯᠤᠯᠲᠠ ᠶᠢ ᠲᠦᠷᠭᠡᠳᠭᠡᠵᠦ ᠮᠡᠳᠡᠭᠡ ᠵᠠᠩᠭᠢ  ᠎ ᠪᠠᠷ ᠠᠷᠠᠳ ᠲᠤ ᠠᠰᠢᠭ ᠭᠦᠷᠳᠡᠭᠡᠬᠦ ᠠᠯᠬᠤᠮ ᠢ ᠠᠬᠢᠭᠤᠯᠤᠶ᠎ᠠ
ᠨᠡᠶᠢᠲᠡᠯᠡᠭᠰᠡᠨ ᠴᠠᠭ᠄
2015/3/17
ᠰᠤᠷᠪᠤᠯᠵᠢᠯᠠᠭ᠎ᠠ ᠶᠢᠨ ᠭᠤᠣᠯ ᠰᠡᠳᠦᠪ᠄       ᠦᠬᠠᠢ ᠬᠤᠲᠠ᠄ ᠤᠶᠤᠨᠳᠤ ᠬᠤᠲᠠ ᠶᠢᠨ ᠪᠦᠲᠦᠭᠡᠨ ᠪᠠᠶᠢᠭᠤᠯᠤᠯᠲᠠ ᠶᠢ ᠲᠦᠷᠭᠡᠳᠭᠡᠵᠦ       ᠮᠡᠳᠡᠭᠡ ᠵᠠᠩᠭᠢ ᠎ ᠪᠠᠷ ᠠᠷᠠᠳ ᠲᠤ ᠠᠰᠢᠭ ᠭᠦᠷᠳᠡᠭᠡᠬᠦ ᠠᠯᠬᠤᠮ ᠢ ᠠᠬᠢᠭᠤᠯᠤᠶ᠎ᠠᠰᠤᠷᠪᠤᠯᠵᠢᠯᠠᠭ᠎ᠠ  ᠎ ᠶᠢᠨ ᠴᠠᠭ :       2015 ᠣᠨ ᠤ 1 ᠳ᠋ᠦ᠋ᠭᠡᠷ ᠰᠠᠷ᠎ᠠ ᠶᠢᠨ 7᠎ ᠤ ᠡᠳᠦᠷ ᠤᠨ ᠦᠳᠡ ᠶᠢᠨ ᠡᠮᠦᠨᠡᠬᠢ 10 ᠴᠠᠭᠰᠣᠷᠪᠣᠯᠵᠢᠯᠠᠭ᠎ᠠ ᠬᠦᠯᠢᠶᠡᠭᠰᠡᠨ ᠵᠣᠴᠢᠨ :       ᠦᠬᠠᠢ ᠬᠤᠲᠠ ᠶᠢᠨ ᠵᠠᠰᠠᠭ ᠤᠨ ᠣᠷᠳᠣᠨ ᠤ ᠮᠡᠳᠡᠭᠡ  ᠵᠠᠩᠬᠢᠵᠢᠯᠠᠯᠳᠠ ᠶᠢᠨ ᠠᠯᠪᠠᠨ ᠭᠡᠷ ᠤᠨ ᠡᠷᠬᠢᠯᠡᠭᠴᠢ         ᠴᠢᠶᠠᠨ ᠵᠢᠶᠠᠨ ᠭᠦᠸᠧᠰᠣᠷᠪᠣᠯᠵᠢᠯᠠᠭ᠎ᠠ ᠶᠢᠨ ᠳᠣᠪᠴᠢ :      2013ᠣᠨ ᠳᠤ ᠦᠬᠠᠢ ᠬᠤᠲᠠ ᠨᠢ ᠤᠯᠤᠰ ᠤᠨ ᠠᠩᠬᠠᠳᠤᠭᠠᠷ ᠪᠦᠯᠦᠭ ︽ᠤᠶᠤᠨᠳᠤ ᠬᠤᠲᠠ︾᠎ ᠶᠢᠨ ᠲᠤᠷᠰᠢᠯᠲᠠ ᠶᠢᠨ ᠴᠢᠭ᠋ ᠪᠣᠯᠵᠤ᠂ 2014 ᠣᠨ ᠳᠤ ᠪᠠᠰᠠ ᠮᠡᠳᠡᠭᠡ ᠵᠠᠩᠭᠢ ᠪᠠᠷ ᠠᠷᠠᠳ ᠲᠤ ᠠᠰᠢᠭ ᠬᠦᠷᠳᠡᠭᠡᠬᠦ ᠤᠯᠤᠰ ᠤᠨ ᠵᠢᠱᠢᠶ᠎ᠡ ᠦᠵᠡᠭᠦᠯᠬᠦ ᠴᠢᠭ᠋ ᠤᠨ ᠬᠤᠲᠠ ᠪᠣᠯᠪᠠ᠃ ᠦᠬᠠᠢ ᠬᠤᠲᠠ ᠶᠢᠨ ᠤᠶᠤᠨᠳᠤ ᠬᠤᠲᠠ ᠪᠠ ᠮᠡᠳᠡᠭᠡ ᠵᠠᠩᠬᠢᠵᠢᠯᠠᠯᠳᠠ ᠪᠠᠷ ᠠᠷᠠᠳ ᠲᠤ ᠠᠰᠢᠭ ᠬᠦᠷᠳᠡᠭᠡᠬᠦ ᠪᠦᠳᠦᠭᠡᠨ ᠪᠠᠶᠢᠭᠤᠯᠤᠯᠲᠠ ᠶᠢᠨ ᠬᠤᠯᠪᠣᠭᠳᠠᠯ ᠪᠦᠬᠦᠢ ᠪᠠᠶᠢᠳᠠᠯ ᠢ ᠤᠯᠠᠮ ᠨᠢᠭᠡ ᠠᠯᠬᠤᠮ ᠣᠶᠢᠯᠠᠭᠠᠬᠤ ᠶᠢᠨ ᠲᠤᠰᠠᠳᠠ᠂ ᠣᠷᠴᠢᠮ ᠪᠢᠳᠡ ᠦᠬᠠᠢ ᠬᠤᠲᠠ ᠶᠢᠨ ᠵᠠᠰᠠᠭ ᠤᠨ ᠣᠷᠳᠣᠨ ᠤ ᠮᠡᠳᠡᠭᠡ ᠵᠠᠩᠭᠢ ᠶᠢᠨ ᠠᠯᠪᠠᠨ ᠭᠡᠷ ᠤᠨ ᠡᠷᠬᠢᠯᠡᠭᠴᠢ ᠴᠢᠶᠠᠨ ᠵᠢᠶᠠᠨ ᠭᠦᠸᠧ ᠶᠢ ᠤᠷᠢᠨ ᠵᠠᠯᠠᠵᠦ ︽ᠳᠤᠮᠳᠠᠳᠤ ᠤᠯᠤᠰ᠂ ᠥᠪᠦᠷ ᠮᠣᠩᠭᠤᠯ︾ ᠰᠦᠯᠵᠢᠶᠡᠨ ᠳᠡᠭᠡᠷ᠎ᠡ ᠰᠦᠯᠵᠢᠶᠡᠨ ᠠᠨᠳᠠ ᠨᠠᠷ ᠲᠠᠢ ᠵᠣᠭᠤᠭᠳᠠᠭᠤᠯᠬᠤ ᠪᠠᠷ ᠪᠤᠯᠪᠠ᠂ ᠥᠷᠭᠡᠨ ᠣᠯᠠᠨ ᠰᠦᠯᠵᠢᠶᠡᠨ ᠠᠨᠳᠠ ᠨᠠᠷ ᠲᠤᠬᠠᠢ  ᠶᠢᠨ ᠴᠠᠭ ᠲᠤ ᠢᠳᠡᠪᠬᠢᠲᠠᠢ ᠣᠷᠣᠯᠴᠠᠬᠤ ᠶᠢ ᠪᠠᠶᠠᠷᠯᠠᠨ ᠤᠭᠳᠤᠵᠦ ᠪᠣᠢ︕      ﹇ᠬᠦᠲᠦᠯᠦᠭᠴᠢ﹈ ᠰᠦᠯᠵᠢᠶᠡᠨ ᠠᠨᠳᠠ ᠨᠠᠷ ᠡ᠂ ᠰᠠᠶᠢᠨ ᠪᠠᠶᠢᠵᠠᠭᠠᠨ᠎ᠠ ᠤᠤ  ᠂  ᠲᠠ ᠪᠦᠭᠦᠨ ᠳᠣᠰ  ᠬᠤᠭᠤᠴᠠᠭᠠᠨ ᠤ  ︽ᠳᠣᠮᠳᠠᠳᠣ ᠣᠯᠣᠰ᠂ ᠥᠪᠥᠷ ᠮᠣᠩᠭᠤᠯ︾ ᠰᠥᠯᠵᠢᠶᠡᠨ ᠤ ᠰᠣᠷᠪᠣᠯᠵᠢᠯᠠᠭ᠎ᠠ ᠶᠠᠷᠢᠯᠴᠠᠭ᠎ᠠ ᠶᠢᠨ ᠪᠤᠯᠤᠩ ᠢ ᠬᠦᠯᠢᠶᠡᠨ ᠠᠪᠴᠥ ᠥᠵᠡᠭᠦ ᠶᠢ ᠪᠠᠶᠠᠷᠯᠠᠨ ᠣᠭᠳᠣᠵᠣ ᠪᠠᠶᠢᠨ᠎ᠠ᠂ ᠥᠨᠥᠳᠦᠷ ᠪᠢᠳᠡ ᠠᠵᠠ ᠵᠠᠪᠰᠢᠶᠠᠨ ᠲᠠᠢ ᠪᠠᠷ ᠦᠬᠠᠢ ᠬᠤᠲᠠ ᠶᠢᠨ ᠵᠠᠰᠠᠭ ᠤᠨ ᠣᠷᠳᠣᠨ ᠤ ᠮᠡᠳᠡᠭᠡ ᠵᠠᠩᠭᠢ ᠶᠢᠨ ᠠᠯᠪᠠᠨ ᠭᠡᠷ ᠤᠨ ᠡᠷᠬᠢᠯᠡᠭᠴᠢ ᠴᠢᠶᠠᠨ ᠵᠢᠶᠠᠨ ᠭᠦᠸᠧ ᠶᠢ ᠤᠷᠢᠨ ᠵᠠᠯᠠᠪᠠ  ᠂ ᠲᠡᠷᠡ ᠦᠬᠠᠢ ᠬᠤᠲᠠ ᠶᠢᠨ ᠤᠶᠤᠨᠳᠤ ᠬᠤᠲᠠ ᠪᠠ ᠮᠡᠳᠡᠭᠡ ᠵᠠᠩᠬᠢᠵᠢᠯᠠᠯᠳᠠ ᠪᠠᠷ ᠠᠷᠠᠳ ᠲᠤ ᠠᠰᠢᠭ ᠬᠦᠷᠳᠡᠭᠡᠬᠦ ᠪᠦᠳᠤᠭᠡᠨ ᠪᠠᠶᠢᠭᠤᠯᠤᠯᠳᠠ ᠶᠢᠨ ᠬᠤᠯᠪᠤᠭᠳᠠᠯ ᠪᠦᠬᠦᠢ ᠪᠠᠶᠢᠳᠠᠯ ᠤᠨ ᠲᠤᠬᠠᠢ ᠲᠠᠨᠠᠷ ᠲᠠᠢ ᠵᠣᠭᠤᠭᠳᠠᠬᠤ ᠶᠢᠨ ᠬᠠᠮᠲᠤ ᠰᠦᠯᠵᠢᠶᠡᠨ ᠠᠨᠳᠠ ᠨᠠᠷ ᠤᠨ ᠠᠰᠠᠭᠤᠯᠲᠠ ᠶᠢ ᠬᠠᠷᠢᠭᠤᠯᠬᠤ ᠪᠤᠯᠤᠨ᠎ᠠ᠃ ᠴᠢᠶᠠᠨ ᠡᠷᠬᠢᠯᠡᠭᠴᠢ ᠡ᠂ ᠲᠠᠨ ᠢ ᠪᠠᠶᠠᠷᠯᠠᠨ ᠤᠭᠳᠤᠵᠦ ᠪᠠᠶᠢᠨ᠎ᠠ︕      ﹇ ᠴᠢᠶᠠᠨ ᠵᠢᠶᠠᠨ ᠭᠦᠸᠧ﹈  ᠬᠥᠲᠦᠯᠦᠭᠴᠢ ᠳᠤ ᠲᠠᠯᠠᠷᠬᠠᠵᠤ ᠪᠠᠶᠢᠨ᠎ᠠ᠃ ᠰᠦᠯᠵᠢᠶᠡᠨ ᠠᠨᠳᠠ ᠨᠠᠷ ᠰᠠᠶᠢᠨ ᠪᠠᠶᠢᠴᠠᠭᠠᠨ᠎ᠠ ᠤᠤ︖᠂ ᠰᠦᠯᠵᠢᠶᠡᠨ ᠤ ᠰᠤᠷᠪᠤᠯᠵᠢᠯᠠᠭ᠎ᠠ  ᠎ ᠶᠢᠨ ᠪᠤᠯᠤᠩ ᠢᠶᠠᠷ ᠳᠠᠮᠵᠢᠨ ᠲᠠᠨᠠᠷ ᠲᠠᠢ ᠵᠣᠭᠤᠭᠳᠠᠬᠤ ᠪᠤᠯᠤᠭᠰᠠᠨ ᠳᠠᠭᠠᠨ ᠮᠠᠰᠢ ᠪᠠᠶᠠᠷᠯᠠᠵᠤ ᠪᠠᠶᠢᠨ᠎ᠠ᠃      ﹇ᠬᠦᠲᠦᠯᠦᠭᠴᠢ﹈ 2013ᠣᠨ ᠤ ᠦᠬᠠᠢ ᠬᠤᠲᠠ ᠤᠯᠤᠰ ᠤᠨ ᠠᠩᠬᠠᠳᠤᠭᠠᠷ ᠪᠦᠯᠦᠭ ︽ᠤᠶᠤᠨᠳᠤ ᠬᠤᠲᠠ︾᠎ ᠶᠢᠨ ᠲᠤᠷᠰᠢᠯᠲᠠ ᠶᠢᠨ ᠴᠢᠭ᠋ ᠪᠣᠯᠵᠤ᠂ 2014 ᠣᠨ ᠳᠤ ᠪᠠᠰᠠ ᠮᠡᠳᠡᠭᠡ ᠵᠠᠩᠭᠢ ᠪᠠᠷ ᠠᠷᠠᠳ ᠲᠤ ᠠᠰᠢᠭ ᠬᠦᠷᠳᠡᠭᠡᠬᠦ ᠤᠯᠤᠰ ᠤᠨ ᠵᠢᠱᠢᠶ᠎ᠡ ᠦᠵᠡᠭᠦᠯᠬᠦ ᠴᠢᠭ᠋ ᠤᠨ ᠬᠤᠲᠠ ᠪᠣᠯᠵᠤ᠂ ᠬᠤᠶᠠᠷ ᠵᠢᠯ ᠳᠠᠷᠠᠭᠠᠯᠠᠨ ᠮᠡᠳᠡᠭᠡ ᠵᠠᠩᠬᠢᠵᠢᠯᠠᠯᠳᠠ ᠶᠢᠨ ᠪᠠᠶᠢᠭᠤᠯᠤᠯᠲᠠ ᠶᠢᠨ ᠲᠠᠯ᠎ᠠ ᠪᠠᠷ ᠤᠯᠤᠰ ᠤᠨ ᠦᠨᠳᠦᠷ ᠦᠨᠡᠯᠡᠯᠲᠡ ᠶᠢ ᠤᠯᠪᠠ᠂ ᠴᠢᠶᠠᠨ ᠡᠷᠬᠢᠯᠡᠭᠴᠢ ᠡ᠂ ᠲᠠ ᠤᠳᠤ ᠦᠬᠠᠢ ᠬᠤᠲᠠ ᠶᠢᠨ ᠮᠡᠳᠡᠭᠡ  ᠵᠠᠩᠬᠢᠵᠢᠯᠠᠯᠳᠠ ᠶᠢᠨ ᠪᠠᠶᠢᠭᠤᠯᠤᠯᠲᠠ ᠶᠢᠨ ᠬᠠᠮᠢᠶᠠᠷᠤᠯᠳᠠ ᠶᠢᠨ ᠦᠯᠢᠭᠡᠷ ᠬᠡᠪ ᠢ  ᠪᠢᠳᠡᠨ ᠳᠤ ᠲᠠᠨᠢᠯᠴᠠᠭᠤᠯᠤᠭᠠᠳ ᠦᠭᠬᠦᠨ᠎ᠡ  ᠤᠤ︖      ﹇ᠴᠢᠶᠠᠨ ᠵᠢᠶᠠᠨ ᠭᠦᠸᠧ﹈  ᠵᠠ ᠳᠡᠭᠡᠶ᠎ᠡ  ᠃ ᠦᠬᠠᠢ ᠬᠤᠲᠠ ᠶᠢᠨ ᠨᠠᠮ ᠤᠨ ᠬᠤᠷᠢᠶ᠎ᠠ᠂ ᠵᠠᠰᠠᠭ ᠤᠨ ᠣᠷᠳᠣᠨ ᠮᠡᠳᠡᠭᠡ ᠵᠠᠩᠬᠢᠵᠢᠯᠠᠯᠳᠠ ᠶᠢᠨ ᠪᠦᠲᠦᠭᠡᠨ ᠪᠠᠶᠢᠭᠤᠯᠤᠯᠲᠠ ᠶᠢ ᠶᠡᠬᠡᠪᠡᠷ ᠴᠢᠬᠤᠯᠠᠴᠢᠯᠠᠨ ᠦᠵᠡᠵᠦ᠂ ᠮᠡᠳᠡᠭᠡ ᠵᠠᠩᠬᠢᠵᠢᠯᠠᠯᠳᠠ ᠶᠢᠨ ᠪᠠᠶᠢᠭᠤᠯᠤᠯᠲᠠ ᠶᠢᠨ ᠬᠠᠮᠢᠶᠠᠷᠤᠯᠲᠠ ᠶᠢᠨ ᠦᠯᠢᠭᠡᠷ ᠬᠡᠪ ᠢ ᠰᠦᠪᠡᠭᠴᠢᠯᠡᠨ ᠰᠢᠨᠡᠴᠢᠯᠡᠬᠦ ᠳᠤ ᠬᠦᠴᠦ ᠲᠠᠯᠪᠢᠭᠰᠠᠭᠠᠷ ᠢᠷᠡᠵᠠᠢ᠃ 2012 ᠣᠨ ᠤ ᠡᠬᠢ ᠪᠠᠷ᠂ ᠬᠤᠲᠠ ᠶᠢᠨ ᠵᠠᠰᠠᠭ ᠤᠨ ᠣᠷᠳᠣᠨ ︽ᠮᠡᠳᠡᠭᠡ ᠵᠠᠩᠬᠢᠵᠢᠯᠠᠯᠳᠠ ᠶᠢ ᠲᠦᠪᠯᠡᠷᠡᠭᠦᠯᠦᠨ ᠬᠠᠮᠢᠶᠠᠷᠬᠤ ᠠᠵᠢᠯ ᠢ ᠤᠯᠠᠮ ᠨᠢᠭᠡ ᠠᠯᠬᠤᠮ ᠴᠢᠩᠭᠠᠳᠬᠠᠬᠤ ᠲᠤᠬᠠᠢ ᠰᠠᠨᠠᠯ︾ ︵ᠦᠬᠠᠢ ᠵᠠᠰᠠᠭ ᠲᠠᠷᠬᠠᠭᠠᠭᠰᠠᠨ ﹇2012﹈ 17 ᠳ᠋ᠤᠭᠠᠷ ᠲᠣᠭᠠᠲᠤ︶᠎ ᠢ ᠪᠠᠭᠤᠯᠭᠠᠵᠤ᠂ ᠬᠤᠲᠠ ᠶᠢᠨ ᠵᠠᠰᠠᠭ ᠤᠨ ᠣᠷᠳᠣᠨ ᠤ ᠮᠡᠳᠡᠭᠡ ᠵᠠᠩᠭᠢ ᠶᠢᠨ ᠠᠯᠪᠠᠨ ᠭᠡᠷ ᠨᠢ ᠬᠤᠲᠠ ᠶᠢᠨ ᠡᠳ᠋ ᠤᠨ ᠵᠠᠰᠠᠭ ᠠᠴᠠ ᠪᠡᠯᠡ ᠤᠷᠤᠭᠤᠯᠬᠤ ᠪᠦᠬᠦ ᠬᠤᠲᠠ ᠶᠢᠨ ᠮᠡᠳᠡᠭᠡ ᠵᠠᠩᠬᠢᠵᠢᠯᠠᠯᠳᠠ ᠶᠢᠨ ᠪᠦᠲᠦᠭᠡᠨ ᠪᠠᠶᠢᠭᠤᠯᠣᠯᠲᠠ ᠶᠢᠨ ᠲᠦᠷᠦᠯ ᠵᠦᠢᠯ ᠢ ᠨᠢᠭᠡᠳᠦᠯᠲᠠᠢ ᠲᠦᠯᠦᠪᠵᠢᠭᠦᠯᠬᠦ᠂ ᠮᠡᠷᠭᠡᠵᠢᠯ ᠤᠨ ᠪᠤᠭᠤᠮᠲᠠ ᠶᠢ ᠠᠳᠬᠤᠬᠤ᠂ ᠬᠢᠨᠠᠯᠲᠠ ᠲᠠᠯᠪᠢᠬᠤ ᠪᠠ  ᠰᠢᠯᠭᠠᠨ ᠬᠤᠷᠢᠶᠠᠬᠤ ᠵᠡᠷᠭᠡ ᠠᠵᠢᠯ ᠢ ᠬᠠᠷᠢᠭᠤᠴᠠᠬᠤ ᠶᠢᠨ ᠬᠠᠮᠲᠤ᠂ ᠮᠡᠳᠡᠭᠡ ᠵᠠᠩᠬᠢᠵᠢᠯᠠᠯᠳᠠ ᠶᠢᠨ ᠲᠦᠷᠦᠯ ᠵᠦᠢᠯ ᠤᠨ ᠡᠬᠢ ᠪᠠᠶᠠᠯᠢᠭ ᠢ ᠬᠠᠮᠲᠤ ᠪᠠᠷ ᠬᠦᠷᠳᠡᠬᠦ ᠠᠵᠢᠯ ᠢ ᠰᠠᠶᠢᠳᠤᠷ ᠬᠢᠬᠦ ᠬᠡᠷᠡᠭᠲᠡᠢ ᠭᠡᠵᠦ ᠤᠯᠠᠮ ᠨᠢᠭᠡ ᠠᠯᠬᠤᠮ ᠲᠤᠳᠤᠷᠬᠠᠢ ᠱᠠᠭᠠᠷᠳᠠᠪᠠ᠃      ᠮᠠᠨ ᠤ ᠬᠤᠲᠠ ᠶᠢᠨ ᠪᠤᠳᠠᠳᠤ ᠪᠠᠶᠢᠳᠠᠯ ᠪᠠ ᠪᠦᠬᠦ ᠬᠤᠲᠠ ᠶᠢᠨ ᠮᠡᠳᠡᠭᠡ ᠵᠠᠩᠬᠢᠵᠢᠯᠠᠯᠳᠠ ᠶᠢᠨ ᠬᠦᠭᠵᠢᠯᠳᠡ ᠶᠢᠨ ᠱᠠᠭᠠᠷᠳᠠᠯᠭ᠎ᠠ ᠶᠢ ᠦᠨᠳᠦᠰᠦᠯᠡᠨ᠂ ᠬᠤᠲᠠ ᠶᠢᠨ ᠲᠣᠳᠣᠭᠠᠳᠣ ᠶᠢ ᠬᠠᠮᠠᠭᠠᠯᠠᠬᠤ ᠲᠣᠪᠴᠢᠶ᠎ᠠ ᠶᠢᠨ ᠳᠠᠷᠤᠭ᠎ᠠ ᠶᠢᠨ ᠲᠤᠰᠢᠶᠠᠯ ᠢ ᠬᠠᠪᠰᠤᠷᠭᠠᠭᠰᠠᠨ ᠬᠤᠲᠠ ᠵᠢᠨ‌‍ᠲ᠋ᠡᠳ᠋ ᠳᠠᠷᠤᠭ᠎ᠠ ᠠᠴᠠ ᠬᠤᠲᠠ ᠶᠢᠨ ᠵᠠᠰᠠᠭ ᠤᠨ ᠣᠷᠳᠣᠨ ᠤ ᠮᠡᠳᠡᠭᠡ ᠵᠠᠩᠭᠢ ᠶᠢᠨ ᠠᠯᠪᠠᠨ ᠭᠡᠷ ᠢ ᠬᠤᠪᠢᠶᠠᠷᠢᠯᠠᠨ ᠬᠠᠮᠢᠶᠠᠷᠴᠤ  ᠂ ᠪᠦᠬᠦ ᠬᠤᠲᠠ ᠶᠢᠨ ᠲᠤᠭ᠎ᠠ ᠪᠠᠷᠢᠮᠲᠠ ᠶᠢᠨ ᠡᠬᠢ ᠪᠠᠶᠠᠯᠢᠭ ᠢ ᠨᠢᠭᠡᠳᠦᠭᠦᠯᠵᠦ᠂ ᠤᠷᠤᠶᠢᠪᠴᠢ ᠵᠢᠷᠤᠭ ᠲᠦᠯᠦᠪᠯᠡᠭᠡ ᠶᠢ ᠰᠠᠶᠢᠳᠦᠷ ᠬᠢᠵᠦ᠂ ᠮᠠᠨ ᠤ ᠬᠤᠲᠠ ᠶᠢᠨ ᠤᠶᠤᠨᠳᠤ ᠬᠤᠲᠠ ᠪᠠ ᠠᠷᠠᠳ ᠲᠤ ᠠᠰᠢᠭ ᠬᠦᠷᠳᠡᠭᠡᠬᠦ ᠪᠠᠶᠢᠭᠤᠯᠤᠯᠲᠠ ᠶᠢ  ᠢᠳᠡᠭ ᠢᠳᠡᠭ ᠢᠶᠠᠷ ᠠᠬᠢᠭᠤᠯᠪᠠ᠃      ﹇ᠬᠦᠲᠦᠯᠦᠭᠴᠢ﹈ ᠦᠬᠠᠢ ᠬᠤᠲᠠ ᠨᠢ ᠮᠡᠳᠡᠭᠡ ᠵᠠᠩᠬᠢᠵᠢᠯᠠᠯᠳᠠ ᠶᠢᠨ ᠰᠠᠭᠤᠷᠢ ᠪᠦᠲᠦᠭᠡᠨ ᠪᠠᠶᠢᠭᠤᠯᠤᠯᠲᠠ ᠶᠢᠨ ᠲᠠᠯ᠎ᠠ ᠪᠠᠷ  ᠶᠠᠮᠠᠷ ᠶᠠᠮᠠᠷ ᠪᠤᠳᠠᠲᠠᠢ ᠦᠷ᠎ᠡ ᠪᠦᠳᠦᠮᠵᠢ ᠣᠯᠣᠭᠰᠠᠨ ᠪᠤᠢ︖      ﹇ ᠴᠢᠶᠠᠨ ᠵᠢᠶᠠᠨ ᠭᠦᠸᠧ﹈  ᠮᠡᠳᠡᠭᠡ ᠵᠠᠩᠬᠢᠵᠢᠯᠠᠯᠳᠠ ᠶᠢᠨ ᠰᠠᠭᠤᠷᠢ ᠪᠦᠲᠦᠭᠡᠨ ᠪᠠᠶᠢᠭᠤᠯᠤᠯᠲᠠ ᠶᠢᠨ ᠲᠠᠯ᠎ᠠ ᠪᠠᠷ᠂ ᠮᠠᠨ ᠤ ᠬᠤᠲᠠ ᠶᠢᠨ ᠪᠦᠳᠤᠭᠡᠨ ᠪᠠᠶᠢᠭᠤᠯᠤᠭᠰᠠᠨ ᠲᠣᠭᠤᠷᠢᠭ ᠨᠢ ᠨᠢᠭᠡᠨᠲᠡ ᠨᠡᠯᠢᠶᠡᠳ ᠪᠦᠷᠢᠨ ᠲᠥᠬᠦᠷ ᠴᠢᠮᠡᠭᠡ ᠨᠡᠪᠳᠡᠷᠡᠯᠬᠡ᠂ ᠤᠲᠠᠰᠣᠳᠤ ᠲᠧᠯᠸᠢᠰ᠂  ᠭᠡᠷᠡᠯᠯᠢᠭ ᠰᠢᠷᠬᠡᠭ ᠤᠨ ᠥᠷᠭᠡᠨ ᠪᠦᠰᠡ ᠪᠠᠷ ᠳᠠᠮᠵᠢᠭᠤᠯᠬᠤ ᠰᠦᠯᠵᠢᠶᠡᠨ ᠤ ᠰᠢᠰᠲ᠋ᠧᠮᠵᠢ ᠲᠠᠢ ᠪᠤᠯᠪᠠ᠃ ᠷᠠᠳᠢᠣ᠋᠂ ᠲᠧᠯᠸᠢᠰ᠂ ᠳ᠋ᠢᠶᠠᠩᠬᠤᠸᠠ᠂ ᠢᠨᠲ᠋ᠧᠷ ᠰᠦᠯᠵᠢᠶ᠎ᠡ ᠶᠢᠨ ᠶᠡᠷᠦᠩᠬᠡᠶᠢᠯᠡᠭᠰᠡᠨ ᠪᠦᠷᠬᠦᠴᠡ ᠶᠢᠨ ᠨᠣᠷᠮ᠎ᠠ ᠨᠢ ᠴᠦᠮ 100%᠎ ᠳᠤ ᠬᠦᠷᠦᠭᠰᠡᠨ ᠪᠠᠶᠢᠨ᠎ᠠ  ᠃ ᠦᠬᠠᠢ ᠬᠤᠲᠠ ᠶᠢᠨ ᠭᠡᠷᠡᠯᠯᠢᠭ ᠰᠢᠷᠬᠡᠭ ᠤᠨ ᠶᠡᠷᠦᠩᠭᠡᠢ ᠤᠷᠲᠤ ᠶᠢᠨ ᠬᠡᠮᠵᠢᠶ᠎ᠡ ᠨᠢ ᠪᠠᠷᠤᠭ 11 ᠲᠦᠮᠡᠨ ᠺᠢᠯᠤᠮᠧᠲᠷ ᠲᠤ ᠬᠦᠷᠴᠤ᠂ 20M ᠥᠷᠭᠡᠨ ᠪᠦᠰᠡ ᠶᠢᠨ ᠭᠡᠷᠡᠯᠯᠢᠭ ᠰᠢᠷᠬᠡᠭ ᠢ ᠡᠷᠦᠬᠡ ᠳᠤ ᠤᠷᠤᠭᠤᠯᠬᠤ ᠴᠢᠳᠠᠮᠵᠢ ᠶᠢ ᠪᠦᠬᠦ ᠲᠠᠯ᠎ᠠ ᠪᠠᠷ ᠪᠡᠶᠡᠯᠡᠭᠦᠯᠵᠦ᠂ ᠷᠠᠳᠢᠤ᠋ ᠰᠦᠯᠵᠢᠶ᠎ᠡ ᠶᠢᠨ 3G᠎ ᠶᠢᠨ ᠦᠢᠯᠡᠴᠢᠯᠡᠭᠡ ᠨᠢ ᠪᠦᠬᠦ ᠬᠤᠲᠠ ᠶᠢ ᠪᠥᠷᠬᠦᠵᠦ᠂ 4G᠎ ᠶᠢᠨ ᠰᠦᠯᠵᠢᠶ᠎ᠡ ᠨᠢ ᠡᠬᠢᠯᠡᠵᠦ ᠠᠵᠢᠯᠯᠠᠪᠠ᠃ 2014 ᠣᠨ ᠳᠤ᠂ ᠮᠠᠨ ᠤ ᠬᠤᠲᠠ ᠶᠢᠨ ᠡᠯᠧᠺᠲᠷᠤᠨ ᠵᠠᠰᠠᠭ ᠤᠨ ᠶᠠᠪᠤᠳᠠᠯ ᠤᠨ ᠳᠦᠷᠪᠡᠨ ᠳᠡᠰ ᠤᠨ ᠰᠦᠯᠵᠢᠶ᠎ᠡ ᠨᠢ ᠪᠦᠬᠦᠶᠢᠯᠡ ᠬᠡᠷᠡᠭ ᠡᠷᠬᠢᠯᠡᠬᠦ ᠭᠠᠵᠠᠷ ︵ᠪᠠᠯᠭᠠᠰᠤ︶᠂ ᠨᠡᠶᠢᠭᠡᠮ ᠲᠣᠭᠤᠷᠢᠭ ︵ᠲᠣᠰᠬᠤᠨ︶  ᠎ ᠲᠤ  ᠤᠷᠤᠵᠦ᠂ ᠵᠠᠭᠤᠨ ᠰᠠᠶ᠎ᠠ ᠡᠾᠧᠷᠼ ᠳᠤ ᠬᠦᠷᠴᠦ᠂ ᠬᠤᠲᠠ᠂ ᠲᠣᠭᠤᠷᠢᠭ ᠤᠨ ᠵᠦᠪᠯᠡᠯ ᠠᠯᠪᠠᠨ ᠭᠡᠷ ᠲᠣᠪᠴᠢᠶ᠎ᠠ ᠴᠦᠮ ᠡᠯᠧᠺᠲᠷᠤᠨ ᠵᠠᠰᠠᠭ ᠤᠨ ᠶᠠᠪᠤᠳᠠᠯ ᠤᠨ ᠭᠠᠳᠠᠭᠠᠳᠤ ᠰᠦᠯᠵᠢᠶ᠎ᠡ ᠵᠠᠯᠭᠠᠵᠤ᠂ ᠪᠦᠬᠦ ᠬᠤᠲᠠ ᠶᠢᠨ ᠢᠨᠲ᠋ᠧᠷ ᠰᠦᠯᠵᠢᠶ᠎ᠡ ᠶᠢᠨ ᠭᠠᠷᠭᠠᠯᠲᠠ ᠶᠢ ᠨᠢᠭᠡᠳᠬᠡᠪᠡ᠃       ᠮᠠᠨ ᠤ ᠬᠤᠲᠠ ᠪᠦᠬᠦ ᠬᠤᠲᠠ ᠪᠠᠷ ᠢᠶᠠᠨ ᠣᠷᠣᠨ ᠵᠠᠢ ᠶᠢᠨ ᠪᠣᠷᠣ ᠲᠦᠯᠦᠪ ᠤᠨ ᠲᠤᠭ᠎ᠠ ᠪᠠᠷᠢᠮᠲᠠ ᠶᠢᠨ ᠬᠦᠮᠦᠷᠭᠡ᠂ ᠠᠯᠤᠰ ᠠᠴᠠ ᠡᠵᠡᠮᠰᠢᠬᠦ ᠲᠦᠷᠰᠦᠲᠦ ᠪᠢᠴᠢᠯᠭᠡ ᠶᠢᠨ ᠲᠤᠭ᠎ᠠ ᠪᠠᠷᠢᠮᠲᠠ ᠶᠢᠨ ᠬᠦᠮᠦᠷᠭᠡ᠂ ᠲᠤᠭᠠᠴᠠᠭᠠᠯᠠᠭᠰᠠᠨ ᠡᠷᠭᠦᠭᠳᠡᠴᠡ ᠵᠠᠭᠪᠤᠷ ᠤᠨ ᠲᠤᠭ᠎ᠠ ᠪᠠᠷᠢᠮᠲᠠ ᠶᠢᠨ ᠬᠦᠮᠦᠷᠭᠡ᠂ ᠭᠤᠷᠪᠠᠨ ᠬᠡᠮᠵᠢᠯᠲᠦ ᠵᠠᠭᠪᠤᠷ ᠤᠨ ᠲᠤᠭ᠎ᠠ ᠪᠠᠷᠢᠮᠲᠠ ᠶᠢᠨ ᠬᠦᠮᠦᠷᠭᠡ᠂ ᠵᠠᠰᠠᠭ ᠤᠨ ᠶᠠᠪᠤᠳᠠᠯ ᠤᠨ ᠡᠯᠧᠺᠲᠷᠤᠨ ᠭᠠᠵᠠᠷ ᠤᠨ ᠵᠢᠷᠤᠭ ᠤᠨ ᠲᠤᠭ᠎ᠠ ᠪᠠᠷᠢᠮᠲᠠ ᠶᠢᠨ ᠬᠦᠮᠦᠷᠭᠡ ᠪᠠ ᠣᠯᠠᠨ ᠨᠡᠶᠢᠲᠡ ᠶᠢᠨ ᠡᠯᠧᠺᠲᠷᠤᠨ ᠭᠠᠵᠠᠷ ᠎ ᠤᠨ ᠵᠢᠷᠤᠭ ᠤᠨ ᠲᠤᠭ᠎ᠠ ᠪᠠᠷᠢᠮᠲᠠ ᠶᠢᠨ ᠬᠦᠮᠦᠷᠭᠡ ᠵᠡᠷᠭᠡ ᠵᠢᠷᠭᠤᠭᠠᠨ ᠲᠤᠮᠤ ᠲᠤᠭ᠎ᠠ ᠪᠠᠷᠢᠮᠲᠠ ᠶᠢᠨ ᠬᠦᠮᠦᠷᠭᠡ ᠪᠠ ᠬᠤᠶᠠᠷ ᠬᠡᠮᠵᠢᠯᠲᠦ  ᠤᠷᠤᠨ ᠵᠠᠢ ᠶᠢᠨ ᠮᠡᠳᠡᠭᠡ ᠵᠠᠩᠭᠢ ᠶᠢᠨ ᠦᠢᠯᠡᠴᠢᠯᠡᠭᠡᠨ ᠤ ᠲᠠᠪᠴᠠᠩ᠂ ᠭᠤᠷᠪᠠᠨ ᠬᠡᠮᠵᠢᠯᠲᠦ ᠤᠷᠤᠨ ᠵᠠᠢ ᠶᠢᠨ ᠮᠡᠳᠡᠭᠡ ᠵᠠᠩᠭᠢ ᠶᠢᠨ ᠦᠢᠯᠡᠴᠢᠯᠡᠭᠡᠨ ᠤ ᠲᠠᠪᠴᠠᠩ  ᠪᠤᠯᠤᠨ ᠣᠯᠠᠨ ᠨᠡᠶᠢᠲᠡ ᠶᠢᠨ ᠣᠷᠣᠨ ᠵᠠᠢ ᠶᠢᠨ ᠮᠡᠳᠡᠭᠡ ᠵᠠᠩᠭᠢ ᠶᠢᠨ ᠦᠢᠯᠡᠴᠢᠯᠡᠭᠡᠨ ᠎ ᠤ ᠲᠠᠪᠴᠠᠩ ᠵᠡᠷᠭᠡ ᠭᠤᠷᠪᠠᠨ ᠶᠡᠭᠡ ᠲᠠᠪᠴᠠᠩ ᠢ ᠪᠠᠭᠳᠠᠭᠠᠭᠰᠠᠨ ᠭᠠᠵᠠᠷ ᠵᠦᠢ ᠶᠢᠨ ᠣᠷᠣᠨ ᠵᠠᠢ ᠶᠢᠨ ᠮᠡᠳᠡᠭᠡ ᠵᠠᠩᠭᠢ ᠶᠢᠨ  ᠨᠢᠭᠡᠳᠤᠮᠡᠯ ᠲᠠᠪᠴᠠᠩ ᠢ ᠪᠠᠶᠢᠭᠤᠯᠵᠤ᠂  ᠂ ᠲᠦᠯᠦᠪᠵᠢᠭᠦᠯᠭᠡ᠂ ᠤᠯᠤᠰ ᠤᠨ ᠭᠠᠵᠠᠷ ᠰᠢᠷᠤᠢ᠂ ᠲᠣᠳᠤᠭᠠᠳᠤ ᠶᠢ ᠬᠠᠮᠠᠭᠠᠯᠠᠬᠤ ᠵᠡᠷᠭᠡ ᠰᠠᠯᠠᠭ᠎ᠠ ᠮᠦᠴᠢᠷ ᠲᠤ ᠭᠠᠵᠠᠷ ᠵᠦᠢ ᠶᠢᠨ ᠮᠡᠳᠡᠭᠡ ᠵᠠᠩᠭᠢ ᠶᠢᠨ ᠦᠢᠯᠡᠴᠢᠯᠡᠭᠡ ᠬᠠᠩᠭᠠᠵᠤ᠂ ᠭᠠᠵᠠᠷ ᠵᠦᠢ ᠶᠢᠨ ᠮᠡᠳᠡᠭᠡ ᠵᠠᠩᠭᠢ ᠶᠢᠨ ᠦᠷ᠎ᠡ ᠪᠦᠳᠦᠭᠡᠯ ᠢ ᠬᠠᠮᠲᠤ ᠪᠠᠷ  ᠬᠦᠷᠳᠡᠪᠠ᠃       ᠮᠠᠨ ᠤ ᠬᠤᠲᠠ ᠪᠦᠬᠦ ᠬᠤᠲᠠ ᠪᠠᠷ ᠢᠶᠠᠨ ᠨᠢᠭᠡᠳᠤᠮᠡᠯ ᠳᠦᠷᠰᠦᠲᠦ ᠪᠢᠴᠢᠯᠭᠡ ᠶᠢᠨ ᠲᠥᠪ᠂ ᠲᠤᠭ᠎ᠠ ᠪᠠᠷᠢᠮᠲᠠ ᠶᠢᠨ ᠲᠥᠪ ᠢ ᠪᠠᠶᠢᠭᠤᠯᠪᠠ᠃ ᠪᠦᠬᠦ ᠬᠤᠲᠠ ᠶᠢᠨ ᠡᠯ᠎ᠡ ᠰᠠᠯᠠᠭ᠎ᠠ ᠮᠦᠴᠢᠷ ᠤᠨ ᠳᠦᠷᠰᠦᠲᠦ ᠪᠢᠴᠢᠯᠭᠡ ᠶᠢᠨ ᠡᠬᠢ ᠪᠠᠶᠠᠯᠢᠭ ᠢ ᠨᠢᠭᠡᠳᠦᠭᠦᠯᠵᠦ᠂ ᠪᠦᠬᠦ ᠬᠤᠲᠠ ᠶᠢᠨ ᠳᠦᠷᠰᠦᠲᠦ ᠪᠢᠴᠢᠯᠭᠡ ᠶᠢᠨ ᠲᠥᠪ ᠲᠤ ᠨᠢᠭᠡᠳᠦᠯᠳᠡᠢ ᠵᠠᠯᠭᠠᠭᠤᠯᠵᠤ᠂ ᠳᠦᠷᠰᠦᠲᠦ ᠪᠢᠴᠢᠯᠭᠡ ᠶᠢᠨ ᠲᠤᠭ᠎ᠠ ᠪᠠᠷᠢᠮᠲᠠ ᠶᠢ ᠬᠠᠮᠲᠤ ᠪᠠᠷ ᠡᠳ᠋ᠯᠡᠬᠦ ᠶᠢ ᠪᠡᠶᠡᠯᠡᠭᠦᠯᠦᠨ᠂ ᠲᠣᠳᠤᠭᠠᠳᠤ ᠶᠢ ᠬᠠᠮᠠᠭᠠᠯᠠᠬᠤ᠂ ᠵᠠᠮ ᠬᠠᠷᠢᠯᠴᠠᠭ᠎ᠠ᠂ ᠪᠠᠴᠢᠮ ᠪᠠᠶᠢᠳᠠᠯ ᠢ ᠠᠷᠭᠠᠴᠠᠭᠠᠬᠤ᠂ ᠬᠤᠲᠠ ᠶᠢᠨ ᠶᠠᠪᠤᠳᠠᠯ ᠤᠨ ᠬᠠᠮᠢᠶᠠᠷᠤᠯᠲᠠ ᠵᠡᠷᠭᠡ ᠡᠯ᠎ᠡ ᠰᠠᠯᠠᠭ᠎ᠠ ᠮᠦᠴᠢᠷ ᠲᠤ ᠦᠢᠯᠡᠴᠢᠯᠡᠭᠡ ᠬᠠᠩᠭᠠᠪᠠ᠃ ᠠᠷᠠᠳ ᠤᠨ ᠠᠮᠢᠳᠤᠷᠠᠯ ᠤᠨ ᠦᠢᠯᠡᠴᠢᠯᠡᠭᠡᠨ ᠤ ᠲᠠᠪᠴᠠᠩ ᠳᠤ ᠲᠦᠰᠢᠭᠯᠡᠨ᠂ ᠪᠠᠶᠢᠩᠭᠤ ᠰᠠᠭᠤᠭ᠎ᠠ ᠬᠦᠮᠦᠨ ᠠᠮᠠ᠂ ᠲᠡᠷᠭᠡ ᠬᠦᠰᠭᠡ᠂ ᠨᠡᠶᠢᠭᠡᠮ ᠤᠨ ᠳᠠᠭᠠᠳᠬᠠᠯ᠂ ᠳᠣᠣᠷ᠎ᠠ ᠪᠠᠲᠤᠯᠠᠭ᠎ᠠ᠂ ᠵᠡᠮᠳᠡᠭᠴᠦᠳ᠂ ᠠᠵᠢᠯ ᠣᠯᠭᠤᠯᠲᠠ ᠵᠡᠷᠭᠡ ᠲᠤᠭ᠎ᠠ ᠪᠠᠷᠢᠮᠲᠠ ᠶᠢᠨ ᠬᠦᠮᠦᠷᠭᠡ ᠮᠡᠲᠦ ᠪᠦᠬᠦ ᠬᠤᠲᠠ ᠶᠢᠨ ᠡᠯ᠎ᠡ ᠰᠠᠯᠠᠭ᠎ᠠ ᠮᠦᠴᠢᠷ ᠤᠨ ᠵᠠᠰᠠᠭ ᠤᠨ ᠶᠠᠪᠤᠳᠠᠯ ᠤᠨ ᠨᠢᠭᠤᠴᠠ ᠪᠤᠰᠤ ᠲᠤᠭ᠎ᠠ ᠪᠠᠷᠢᠮᠲᠠ ᠶᠢ ᠲᠦᠪᠯᠡᠷᠡᠭᠦᠯᠦᠨ ᠬᠠᠮᠲᠤ ᠪᠠᠷ  ᠬᠦᠷᠳᠡᠬᠦ ᠪᠤᠯᠭᠠᠵᠦ᠂ ᠪᠦᠬᠦ ᠬᠤᠲᠠ ᠶᠢᠨ ᠲᠤᠭ᠎ᠠ ᠪᠠᠷᠢᠮᠲᠠ ᠶᠢᠨ ᠲᠥᠪ ᠪᠠᠶᠢᠭᠤᠯᠵᠤ᠂ ᠪᠦᠬᠦ ᠬᠤᠲᠠ ᠶᠢᠨ ᠡᠯ᠎ᠡ ᠰᠠᠯᠠᠭ᠎ᠠ ᠮᠦᠴᠢᠷ ᠲᠤ ᠲᠤᠭ᠎ᠠ ᠪᠠᠷᠢᠮᠲᠠ ᠶᠢᠨ ᠵᠠᠳᠠᠯᠤᠯᠲᠠ᠂ ᠬᠠᠷᠢᠴᠠᠭᠤᠯᠤᠯ᠂ ᠠᠰᠠᠭᠤᠵᠤ ᠯᠠᠪᠯᠠᠬᠤ ᠵᠡᠷᠭᠡ ᠦᠢᠯᠡᠴᠢᠯᠡᠭᠡ ᠬᠠᠩᠭᠠᠪᠠ᠃       ᠡᠭᠦᠨ ᠠᠴᠠ ᠭᠠᠳᠠᠨ᠎ᠠ᠂ ᠮᠠᠨ ᠤ ᠬᠤᠲᠠ ᠪᠠᠰᠠ᠂ ᠤᠶᠤᠨᠳᠤ ᠵᠠᠮ ᠬᠠᠷᠢᠯᠴᠠᠭᠠᠨ ᠤ ᠡᠵᠡᠮᠳᠡᠨ ᠬᠠᠮᠢᠶᠠᠷᠬᠤ ᠲᠠᠪᠴᠠᠩ ᠪᠠᠶᠢᠭᠤᠯᠵᠤ᠂ ᠬᠤᠲᠠ ᠲᠣᠲᠣᠷᠠᠬᠢ ᠵᠠᠮ ᠬᠠᠷᠢᠯᠴᠠᠭ᠎ᠠ ᠎ ᠶᠢ ᠬᠢᠨᠠᠨ ᠬᠠᠮᠢᠶᠠᠷᠬᠤ᠂ ᠲᠣᠬᠢᠷᠠᠭᠤᠯᠤᠨ ᠡᠵᠡᠮᠳᠡᠬᠦ ᠶᠢ ᠬᠡᠷᠡᠭᠵᠢᠭᠦᠯᠪᠡ︔ ᠭᠠᠵᠠᠷ ᠳᠣᠣᠷᠠᠬᠢ ᠬᠤᠭᠤᠯᠠᠢ ᠱᠤᠭᠤᠮ ᠤᠨ ᠬᠠᠮᠢᠶᠠᠷᠤᠯᠲᠠ ᠶᠢᠨ ᠰᠢᠰᠲ᠋ᠧᠮ ᠪᠠᠶᠢᠭᠤᠯᠵᠤ᠂ ᠭᠠᠵᠠᠷ ᠳᠣᠣᠷᠠᠬᠢ ᠬᠤᠭᠤᠯᠠᠢ ᠱᠤᠭᠤᠮ ᠳᠤ ᠬᠦᠳᠡᠯᠦᠩᠭᠦᠢ ᠪᠠᠶᠢᠳᠠᠯ ᠤᠨ ᠬᠠᠮᠢᠶᠠᠷᠤᠯᠲᠠ ᠬᠢᠵᠦ᠂ ᠰᠢᠷᠤᠢ ᠮᠣᠳᠣᠨ ᠤ ᠪᠠᠷᠢᠯᠭ᠎ᠠ ᠶᠢᠨ ᠰᠠᠯᠠᠭ᠎ᠠ ᠮᠦᠴᠢᠷ ᠲᠤ ᠲᠤᠭ᠎ᠠ ᠪᠠᠷᠢᠮᠲᠠ ᠶᠢᠨ ᠲᠦᠰᠢᠭ ᠲᠤᠯᠭᠠᠭᠤᠷᠢ ᠬᠠᠩᠭᠠᠵᠤ ᠦᠭᠪᠠ︔ ᠣᠷᠣᠨ ᠲᠤᠭᠤᠷᠢᠭ ᠤᠨ ᠡᠷᠡᠭᠦᠯ ᠬᠠᠮᠠᠭᠠᠯᠠᠯ ᠤᠨ ᠮᠡᠳᠡᠭᠡ ᠵᠠᠩᠭᠢ ᠶᠢᠨ ᠲᠠᠪᠴᠠᠩ ᠪᠠᠶᠢᠭᠤᠯᠵᠤ ᠂ ᠪᠦᠬᠦ ᠬᠤᠲᠠ ᠶᠢᠨ ᠡᠯᠧᠺᠲᠷᠤᠨ ᠡᠷᠡᠬᠦᠯ ᠴᠢᠬᠢᠷᠠᠭ ᠤᠨ ᠳᠠᠩᠰᠠ ᠡᠪᠬᠢᠮᠡᠯ ᠪᠠ ᠡᠯᠧᠺᠲᠷᠤᠨ ᠡᠪᠡᠳᠴᠢᠨ ᠤ ᠲᠡᠦᠬᠡ ᠶᠢᠨ ᠮᠡᠳᠡᠭᠡ ᠵᠠᠩᠭᠢ ᠶᠢᠨ ᠦᠢᠯᠡᠴᠢᠯᠡᠭᠡ ᠶᠢ ᠬᠠᠮᠲᠤ ᠪᠠᠷ  ᠬᠦᠷᠳᠡᠬᠦ ᠶᠢ ᠪᠡᠶᠡᠯᠡᠭᠦᠯᠵᠦ᠂ ᠠᠷᠠᠳ ᠤᠨ ᠡᠮᠨᠡᠯᠭᠡ ᠶᠢᠨ ᠬᠤᠷᠢᠶ᠎ᠠ᠂ ᠡᠬᠡ ᠨᠢᠯᠬᠠᠰ ᠤᠨ ᠡᠮᠨᠡᠯᠭᠡ ᠶᠢᠨ ᠬᠤᠷᠢᠶ᠎ᠠ ᠵᠢᠴᠢ ᠪᠣᠢ ᠪᠦᠬᠦᠢ ᠨᠡᠶᠢᠭᠡᠮ ᠲᠣᠭᠤᠷᠢᠭ ᠤᠨ ᠡᠮᠨᠡᠯᠭᠡ ᠶᠢᠨ ᠦᠢᠯᠡᠴᠢᠯᠡᠭᠡᠨ ᠤ ᠲᠥᠪ ᠢ ᠵᠠᠯᠭᠠᠵᠤ ᠣᠷᠣᠭᠤᠯᠪᠠ︔ ᠨᠡᠭᠦᠷᠡᠰᠦᠨ ᠠᠭᠤᠷᠬᠠᠢ ᠶᠢᠨ ᠬᠢᠨᠠᠨ ᠬᠠᠮᠢᠶᠠᠷᠤᠯᠲᠠ ᠶᠢᠨ ᠲᠠᠪᠴᠠᠩ ᠵᠡᠷᠭᠡ ᠮᠡᠳᠡᠭᠡ ᠵᠠᠩᠬᠢᠵᠢᠯᠠᠯᠳᠠ ᠶᠢᠨ ᠰᠢᠰᠲ᠋ᠧᠮ ᠢ ᠪᠠᠶᠢᠭᠤᠯᠪᠠ᠃      ﹇ᠬᠦᠲᠦᠯᠦᠭᠴᠢ﹈ ᠴᠢᠶᠠᠨ ᠡᠷᠬᠢᠯᠡᠭᠴᠢ ᠡ᠂ ᠣᠶᠢᠷ᠎ᠠ ᠶᠢᠨ ᠬᠡᠳᠦᠨ ᠵᠢᠯ ᠳᠤ ᠦᠬᠠᠢ ᠬᠤᠲᠠ ᠮᠡᠳᠡᠭᠡ  ᠵᠠᠩᠬᠢᠵᠢᠯᠠᠯᠳᠠ ᠶᠢᠨ ᠲᠠᠯ᠎ᠠ ᠪᠠᠷ ᠣᠯᠠᠨ ᠠᠷᠪᠢᠨ ᠠᠵᠢᠯ ᠬᠢᠵᠡᠢ᠂ ᠤᠯᠤᠰ ᠤᠨ ᠠᠷᠠᠳ ᠲᠤ ᠠᠰᠢᠭ ᠬᠦᠷᠳᠡᠭᠡᠬᠦ ᠦᠯᠢᠭᠡᠷ ᠳᠠᠭᠤᠷᠢᠶᠠᠯ ᠤᠨ ᠬᠤᠲᠠ ᠪᠣᠯᠣᠭᠰᠠᠨ ᠤ ᠬᠤᠪᠢ ᠳᠤ᠂ ᠬᠤᠲᠠ ᠶᠢᠨ ᠠᠷᠠᠳ ᠤᠨ ᠠᠮᠢᠳᠤᠷᠠᠯ ᠲᠤ ᠶᠠᠮᠠᠷ ᠬᠤᠪᠢᠷᠠᠯᠲᠠ ᠠᠪᠴᠢᠷᠠᠵᠤ ᠥᠭᠭᠦᠭᠰᠡᠨ ᠪᠣᠢ︖      ﹇ ᠴᠢᠶᠠᠨ ᠵᠢᠶᠠᠨ ᠭᠦᠸᠧ﹈   ᠪᠢ ᠬᠤᠲᠠ ᠶᠢᠨ ᠠᠷᠠᠳ ᠲᠤ ᠰᠢᠭᠤᠳ ᠲᠦᠷᠦᠭᠳᠡᠭᠰᠡᠨ ᠬᠤᠶᠠᠷ ᠬᠡᠰᠡᠭ ᠠᠭᠤᠯᠭ᠎ᠠ ᠶᠢ ᠲᠠᠨᠢᠯᠴᠠᠭᠤᠯᠤᠶ᠎ᠠ᠄ ᠨᠢᠭᠡ ᠳᠤ ᠪᠦᠬᠦ ᠬᠤᠲᠠ ᠶᠢᠨ ᠦᠢᠯᠡᠴᠢᠯᠡᠭᠡᠨ ᠤ ᠳ᠋ᠢᠶᠠᠩᠬᠤᠸᠠ ᠶᠢ ᠨᠢᠭᠡᠳᠭᠡᠵᠦ᠂ ︽ᠬᠤᠶᠠᠷ ᠱᠣᠭᠤᠮ ᠤᠨ ᠦᠢᠯᠡᠴᠢᠯᠡᠭᠡ︾᠎ ᠶᠢ ᠪᠦᠷᠢᠯᠳᠦᠭᠦᠯᠪᠡ᠃ ᠦᠬᠠᠢ ᠬᠤᠲᠠ ᠶᠢᠨ ᠠᠷᠠᠳ ᠵᠦᠪᠬᠡᠨ ᠬᠤᠶᠠᠷ ᠳ᠋ᠢᠶᠠᠩᠬᠤᠸᠠ ᠶᠢ ᠴᠡᠭᠡᠵᠢᠯᠡᠪᠡᠯ ᠪᠤᠯᠴᠢᠬᠠᠨ᠎ᠠ᠄ ᠲᠤᠬᠠᠶᠢᠯᠠᠪᠠᠯ ᠪᠠᠴᠢᠮ ᠦᠢᠯᠡᠴᠢᠯᠡᠭᠡᠨ ᠤ ᠳ᠋ᠢᠶᠠᠩᠬᠤᠸᠠ ︽110︾ ᠪᠠ ᠪᠠᠴᠢᠮ ᠪᠣᠰᠤ ᠦᠢᠯᠡᠴᠢᠯᠡᠭᠡᠨ ᠤ ᠳ᠋ᠢᠶᠠᠩᠬᠤᠸᠠ ︽12345︾ ᠪᠤᠯᠤᠨ᠎ᠠ᠃ 2013 ᠣᠨ ᠤ 11 ᠳ᠋ᠦ᠋ᠭᠡᠷ ᠰᠠᠷ᠎ᠠ ᠳᠤ᠂ ᠮᠠᠨ ᠤ ᠬᠤᠲᠠ ᠶᠢᠨ ᠠᠷᠠᠳ ᠤᠨ ᠦᠢᠯᠡᠴᠢᠯᠡᠭᠡᠨ ᠤ ᠰᠢᠭᠤᠳ ᠤᠲᠠᠰᠣ ︽12345︾ ᠨᠡᠪᠲᠡᠷᠡᠵᠦ᠂ ᠣᠯᠠᠨ ᠲᠦᠮᠡᠨ ᠤ ᠤᠴᠢᠷ ᠪᠠᠶᠢᠪᠠᠯ ᠠᠯᠢ ᠰᠠᠯᠠᠭ᠎ᠠ ᠮᠦᠴᠢᠷ ᠢ ᠡᠷᠢᠬᠦ ᠪᠠᠨ ᠮᠡᠳᠡᠬᠦ ᠦᠭᠡᠢ᠂ ᠰᠠᠯᠠᠭ᠎ᠠ ᠮᠦᠴᠢᠷ ᠢ ᠡᠷᠢᠬᠦ ᠳᠤ ᠠᠯᠢ ᠳ᠋ᠢᠶᠠᠩᠬᠤᠸᠠ ᠪᠠᠷ ᠤᠳᠠᠰᠤᠳᠠᠬᠤ ᠶᠢ ᠮᠡᠳᠡᠬᠦ ᠦᠭᠡᠢ ᠪᠠᠶᠢᠭᠰᠠᠨ ᠠᠰᠠᠭᠤᠳᠠᠯ ᠢ ᠰᠢᠢᠳᠪᠦᠷᠢᠯᠡᠵᠦ᠂ ᠬᠤᠲᠠ ᠶᠢᠨ ᠠᠷᠠᠳ ᠪᠠ ᠭᠠᠳᠠᠨ᠎ᠠ ᠣᠷᠣᠨ ᠠᠴᠠ ᠢᠷᠡᠭᠰᠡᠨ ᠬᠥᠮᠦᠰ ᠲᠤ 7 ×24 ᠴᠠᠭ ᠤᠨ ᠵᠠᠰᠠᠭ ᠤᠨ ᠶᠠᠪᠤᠳᠠᠯ ᠤᠨ ᠦᠢᠯᠡᠴᠢᠯᠡᠭᠡᠨ ᠢ ᠯᠠᠪᠯᠠᠬᠤ᠂ ᠠᠷᠠᠳ ᠲᠤ ᠳᠥᠭᠦᠮ ᠦᠵᠡᠭᠦᠯᠬᠦ ᠦᠢᠯᠡᠴᠢᠯᠡᠭᠡ ᠭᠦᠢᠴᠡᠳᠬᠡᠬᠦ᠂ ᠢᠯᠡᠴᠢᠯᠡᠨ ᠵᠠᠭᠠᠯᠳᠤᠬᠤ᠂ ᠬᠤᠲᠠ ᠶᠢᠨ ᠬᠠᠮᠢᠶᠠᠷᠤᠯᠲᠠ ᠶᠢᠨ ᠬᠤᠯᠪᠤᠭᠠᠯᠠᠬᠤ᠂ ᠭᠡᠷ ᠎ ᠳᠡᠭᠡᠨ ᠬᠤᠴᠤᠷᠤᠭᠰᠠᠨ ᠨᠠᠰᠤᠳᠠᠳ ᠢ ᠠᠰᠠᠷᠠᠬᠤ ᠦᠢᠯᠡᠴᠢᠯᠡᠭᠡ ᠵᠡᠷᠭᠡ ᠣᠯᠠᠨ ᠲᠦᠷᠦᠯ ᠤᠨ ᠦᠢᠯᠡᠴᠢᠯᠡᠭᠡ ᠬᠠᠩᠭᠠᠵᠤ᠂ ᠡᠭᠦᠨ ᠤ ᠬᠠᠮᠲᠤ ᠢᠨᠲ᠋ᠧᠷ ᠰᠦᠯᠵᠢᠶ᠎ᠡ ᠪᠠ ᠸᠢᠴᠠᠲ ᠤᠨ ᠰᠠᠭᠤᠳᠠᠯ ᠨᠡᠪᠲᠡᠷᠡᠭᠦᠯᠵᠦ᠂  ᠳ᠋ᠢᠶᠠᠩᠬᠤᠸᠠ ᠂ ᠰᠦᠯᠵᠢᠶ᠎ᠡ᠂  ᠸᠢᠴᠠᠲ ᠵᠡᠷᠭᠡ ᠣᠯᠠᠨ ᠠᠷᠭ᠎ᠠ ᠵᠠᠮ ᠤᠨ ᠦᠢᠯᠡᠴᠢᠯᠡᠭᠡ ᠶᠢ ᠪᠡᠶᠡᠯᠡᠭᠦᠯᠪᠡ᠃ 2014 ᠣᠨ ᠤ 12 ᠳ᠋ᠤᠭᠠᠷ ᠰᠠᠷ᠎ᠠ ᠶᠢᠨ 31᠎ ᠤ ᠡᠳᠦᠷ ᠪᠤᠯᠳᠠᠯ᠎ᠠ᠂ ᠲᠠᠪᠴᠠᠩ ᠨᠢ ᠨᠢᠭᠡᠨᠲᠠ 56 ᠵᠣᠷᠪᠣᠰ ᠰᠢᠭᠤᠳ ᠤᠳᠠᠰᠤ ᠎ ᠶᠢ ᠨᠢᠭᠡᠳᠭᠡᠪᠡ᠃  ᠬᠤᠲᠠ ᠶᠢᠨ ᠠᠷᠠᠳ ᠤᠨ ᠦᠢᠯᠡᠴᠢᠯᠡᠭᠡᠨ ᠤ ᠰᠢᠭᠤᠳ ᠤᠲᠠᠰᠤ  ︽12345︾᠎ ᠶᠢᠨ ᠳᠠᠭᠤᠳᠠᠯᠭ᠎ᠠ ᠶᠢᠨ ᠬᠡᠮᠵᠢᠶ᠎ᠡ ᠨᠢ ᠨᠢᠭᠡᠨᠲᠡ 65831 ᠬᠦᠮᠦᠨ ᠤᠳᠠᠭ᠎ᠠ ᠳᠤ ᠲᠤᠭ᠎ᠠ ᠬᠦᠷᠴᠦ᠂ ᠡᠭᠦᠨ ᠎ ᠳᠤ  34910  ᠎ ᠶᠢ ᠨᠢ ᠬᠦᠯᠢᠶᠡᠨ ᠠᠪᠴᠤ᠂ 30516  ᠎ ᠶᠢ ᠨᠢ ᠭᠠᠷᠳᠠᠨ ᠭᠦᠢᠴᠡᠳᠭᠡᠵᠦ᠂ ᠭᠠᠷᠳᠠᠨ ᠭᠦᠢᠴᠡᠳᠭᠡᠭᠰᠡᠨ  ᠨᠣᠷᠮ᠎ᠠ  ᠎ ᠨᠢ  87.41% ᠬᠦᠷᠪᠡ  ︔20096᠎ ᠶᠢ ᠨᠢ ᠰᠠᠯᠠᠭ᠎ᠠ ᠮᠦᠴᠢᠷ ᠲᠤ ᠭᠦᠢᠴᠡᠳᠭᠡᠯᠭᠡᠬᠦ ᠪᠠᠷ ᠰᠢᠯᠵᠢᠭᠦᠯᠵᠦ᠂  16039᠎ ᠶᠢ ᠨᠢ ᠭᠠᠷᠳᠠᠨ ᠭᠦᠢᠴᠡᠳᠭᠡᠵᠦ᠂ ᠭᠠᠷᠳᠠᠨ ᠭᠦᠢᠴᠡᠳᠭᠡᠭᠰᠡᠨ ᠨᠣᠷᠮ᠎ᠠ ᠨᠢ 79.81%᠎ ᠳᠤ ᠬᠦᠷᠪᠡ᠃ ᠡᠭᠦᠨ ᠤ ᠬᠠᠮᠲᠤ᠂  ᠬᠤᠲᠠ ᠶᠢᠨ ᠠᠷᠠᠳ ᠤᠨ ᠦᠢᠯᠡᠴᠢᠯᠡᠭᠡᠨ ᠤ ᠰᠢᠭᠤᠳ ᠤᠲᠠᠰᠤ  ︽12345︾᠎ ᠳᠤ ᠰᠠᠭᠤᠷᠢᠯᠠᠨ᠂ ᠠᠵᠤ ᠠᠬᠤᠶᠢᠯᠠᠯ ᠤᠨ ᠠᠵᠢᠯᠯᠠᠭ᠎ᠠ ᠳᠤ ᠲᠦᠰᠢᠭᠯᠡᠨ᠂ ᠬᠤᠲᠠ ᠶᠢᠨ ᠠᠷᠠᠳ ᠲᠤ ᠬᠤᠳᠠᠯᠳᠤᠭᠠᠨ ᠤ ᠶᠠᠪᠤᠳᠠᠯ ᠤᠨ ᠲᠣᠬᠢᠷᠠᠭᠤᠯᠤᠨ ᠬᠦᠷᠭᠡᠬᠦ ᠦᠢᠯᠡᠴᠢᠯᠡᠭᠡ ᠬᠠᠩᠭᠠᠪᠠ  ᠃ ᠲᠠᠪᠴᠠᠩ ᠨᠢ ᠬᠠᠪᠲᠠᠭᠠᠶᠢᠴᠢᠯᠠᠭᠰᠠᠨ ᠬᠠᠮᠢᠶᠠᠷᠤᠯᠲᠠ ᠶᠢᠨ ᠵᠠᠭᠪᠤᠷ ᠢ ᠠᠰᠢᠭᠯᠠᠵᠤ᠂ ᠲᠠᠪᠴᠠᠩ ᠠᠴᠠ ᠬᠤᠲᠠ᠂ ᠲᠣᠭᠤᠷᠢᠭ ᠤᠨ ᠡᠯ᠎ᠡ ᠰᠠᠯᠠᠭ᠎ᠠ ᠮᠦᠴᠢᠷ ᠢ ᠰᠢᠭᠤᠳ ᠵᠢᠯᠤᠭᠤᠳᠬᠤ ᠶᠢᠨ ᠳᠠᠭᠠᠤ᠂  ᠬᠢᠨᠠᠨ ᠰᠢᠯᠭᠠᠬᠤ᠂ ᠬᠢᠨᠠᠯᠲᠠ ᠲᠠᠯᠪᠢᠬᠤ ᠲᠣᠭᠲᠠᠴᠠ ᠶᠢ ᠪᠦᠷᠢᠯᠳᠦᠭᠦᠯᠪᠡ᠃ ᠣᠳᠣᠬᠠᠨ ᠳᠤ ᠬᠤᠲᠠ ᠶᠢᠨ ᠠᠷᠠᠳ ᠤᠨ ᠰᠢᠭᠤᠳ ᠤᠲᠠᠰᠤ ︽12345︾᠎ ᠶᠢᠨ ᠠᠵᠢᠯᠯᠠᠭ᠎ᠠ ᠨᠢ  ᠮᠠᠰᠢ ᠰᠠᠶᠢᠨ ᠪᠠᠶᠢᠵᠤ᠂ ᠣᠯᠠᠨ ᠲᠦᠮᠡᠨ ᠤ ᠤᠴᠢᠷ ᠶᠠᠪᠤᠳᠠᠯ ᠭᠦᠢᠴᠡᠳᠬᠡᠬᠦ ᠂ ᠯᠠᠪᠯᠠᠬᠤ ᠳᠤ ᠳᠦᠬᠦᠮ ᠦᠵᠡᠭᠦᠯᠵᠦ᠂ ᠣᠯᠠᠨ ᠲᠦᠮᠡᠨ ᠤ ᠰᠠᠶᠢᠨ ᠦᠨᠡᠯᠡᠯᠲᠡ ᠶᠢ ᠤᠯᠵᠢ ᠪᠠᠶᠢᠨ᠎ᠠ᠃       ᠬᠤᠶᠠᠷ ᠲᠤ ᠪᠣᠯ ᠣᠯᠠᠨ ᠨᠡᠶᠢᠲᠡ ᠶᠢᠨ ᠲᠠᠯᠠᠪᠤᠷ ᠤᠨ ᠦᠨ᠎ᠡ ᠲᠦᠯᠦᠪᠦᠷᠢ ᠦᠭᠡᠢ WLAN  ᠎ ᠨᠢ ᠮᠠᠨ ᠤ ᠬᠤᠲᠠ ᠶᠢᠨ ᠭᠠᠯᠲᠤ ᠲᠡᠷᠭᠡᠨ ᠦᠷᠲᠡᠭᠡ᠂ ᠨᠢᠰᠬᠡᠯ ᠤᠨ ᠪᠠᠭᠤᠳᠠᠯ᠂ ᠴᠡᠴᠡᠷᠯᠢᠭ ᠵᠡᠷᠭᠡ ᠣᠯᠠᠨ ᠨᠡᠶᠢᠲᠡ ᠶᠢᠨ12 ᠲᠤᠮᠤ ᠲᠠᠯᠠᠪᠤᠷ ᠢ ᠪᠦᠷᠬᠦᠵᠦ᠂ ᠣᠯᠠᠨ ᠨᠡᠶᠢᠲᠡ ᠶᠢᠨ ᠲᠠᠯᠠᠪᠤᠷ ᠪᠣᠯᠭᠠᠨ ᠳᠤ WIFI᠎ ᠶᠢᠨ ᠳᠣᠬᠢᠶᠠᠨ ᠤ ᠪᠦᠷᠬᠦᠴᠡ ᠶᠢ ᠪᠡᠶᠡᠯᠡᠭᠦᠯᠵᠦ᠂ ᠬᠡᠷᠡᠭᠯᠡᠭᠴᠢᠳ ᠦᠨ᠎ᠡ ᠲᠦᠯᠦᠪᠦᠷᠢ ᠦᠭᠡᠢ ᠪᠠᠷ ᠲᠦᠷᠭᠡᠨ ᠬᠤᠷᠳᠤᠴᠠᠲᠤ ᠰᠢᠯᠵᠢᠮᠡᠯ ᠢᠨᠲ᠋ᠧᠷ ᠰᠦᠯᠵᠢᠶᠡᠨ ᠤ ᠦᠢᠯᠡᠴᠢᠯᠡᠭᠡ ᠬᠦᠷᠳᠡᠬᠦ ᠪᠤᠯᠭᠠᠵᠠᠢ᠃  ᠢᠩᠬᠢᠭᠰᠡᠨ ᠢᠶᠠᠷ᠂ ᠬᠤᠲᠠ ᠶᠢᠨ ᠠᠷᠠᠳ ᠲᠤ ᠮᠡᠳᠡᠭᠡ ᠵᠠᠩᠬᠢᠵᠢᠯᠠᠯᠳᠠ ᠶᠢᠨ ᠦᠷ᠎ᠡ  ᠪᠦᠲᠦᠭᠡᠯ ᠢ ᠬᠦᠷᠳᠡᠭᠡᠭᠰᠡᠨ ᠢᠶᠠᠷ ᠪᠠᠷᠠᠬᠤ ᠦᠭᠡᠢ᠂ ᠪᠠᠰᠠ ᠬᠤᠲᠠ ᠶᠢᠨ ᠠᠷᠠᠳ ᠤᠨ ᠮᠡᠳᠡᠭᠡ  ᠵᠠᠩᠭᠢ ᠶᠢᠨ ᠬᠡᠷᠡᠭᠯᠡᠭᠡᠨ ᠤ ᠱᠠᠭᠠᠷᠳᠠᠯᠭ᠎ᠠ ᠶᠢ ᠪᠣᠶᠢᠵᠢᠭᠤᠯᠪᠠ᠃       ﹇ᠬᠦᠲᠦᠯᠦᠭᠴᠢ﹈ ᠦᠬᠠᠢ ᠬᠤᠲᠠ ᠨᠡᠶᠢᠭᠡᠮ ᠲᠣᠭᠤᠷᠢᠭ ᠤᠨ ᠮᠡᠳᠡᠭᠡ ᠵᠠᠩᠬᠢᠵᠢᠯᠠᠯᠳᠠ ᠶᠢᠨ ᠪᠦᠲᠦᠭᠡᠨ ᠪᠠᠶᠢᠭᠤᠯᠤᠯᠲᠠ ᠶᠢᠨ ᠲᠠᠯ᠎ᠠ ᠪᠠᠷ ᠶᠠᠮᠠᠷ ᠦᠷ᠎ᠡ ᠪᠦᠲᠦᠭᠡᠯ ᠣᠯᠣᠭᠰᠠᠨ ᠪᠣᠢ︖      ﹇ᠴᠢᠶᠠᠨ ᠵᠢᠶᠠᠨ ᠭᠦᠸᠧ﹈   ᠭᠤᠣᠯᠳᠠᠭᠤ ᠬᠤᠶᠠᠷ ᠲᠠᠪᠴᠠᠩ ᠪᠠᠶᠢᠭᠤᠯᠪᠠ᠄ ᠨᠢᠭᠡ ᠨᠢ ᠤᠶᠤᠨᠳᠤ ᠬᠤᠳᠠ ᠶᠢᠨ ᠠᠷᠠᠳ ᠤᠨ ᠠᠮᠢᠳᠤᠷᠠᠯ ᠤᠨ ᠦᠢᠯᠡᠴᠢᠯᠡᠭᠡᠨ ᠤ ᠲᠠᠪᠴᠠᠩ ᠪᠤᠯᠤᠨ᠎ᠠ᠃ ᠮᠠᠨ ᠤ ᠬᠤᠲᠠ ᠶᠢᠨ ᠮᠡᠳᠡᠭᠡ ᠵᠠᠩᠬᠢᠵᠢᠯᠠᠯᠳᠠ ᠶᠢᠨ ᠬᠦᠭᠵᠢᠯᠲᠡ ᠶᠢᠨ ᠦᠯᠢᠭᠡᠷ ᠬᠡᠪ ᠢ  ᠡᠭᠦᠳᠤᠨ ᠰᠢᠨᠡᠴᠢᠯᠡᠵᠦ᠂ ᠬᠤᠲᠠ ᠪᠠᠷ ᠬᠠᠮᠢᠶᠠᠷᠤᠯᠲᠠ ᠶᠢᠨ ᠨᠢᠭᠡᠴᠡ ᠪᠣᠯᠭᠠᠵᠤ᠂ ᠦᠬᠠᠢ ᠶᠢᠨ ᠤᠶᠤᠨᠳᠤ ᠬᠤᠲᠠ ᠶᠢᠨ ᠠᠷᠠᠳ ᠤᠨ ᠠᠮᠢᠳᠤᠷᠠᠯ ᠤᠨ ᠦᠢᠯᠡᠴᠢᠯᠡᠭᠡᠨ ᠤ ᠲᠠᠪᠴᠠᠩ ᠢ ᠪᠠᠶᠢᠭᠤᠯᠪᠠ᠃ ᠲᠠᠪᠴᠠᠩ ᠨᠢ ᠨᠡᠶᠢᠭᠡᠮ ᠲᠣᠭᠤᠷᠢᠭ᠂ ᠪᠠᠯᠭᠠᠰᠤ ᠶᠢᠨ ᠠᠯᠪᠠᠨ ᠭᠡᠷ᠂ ᠲᠤᠭᠤᠷᠢᠭ ᠤᠨ ᠱᠠᠳᠤ ᠪᠠ ᠬᠤᠲᠠ ᠶᠢᠨ ᠱᠠᠳᠤ ᠵᠡᠷᠭᠡ ᠳᠦᠷᠪᠡᠨ ᠱᠠᠳᠤᠨ ᠤ ᠪᠠᠶᠢᠭᠤᠯᠤᠮᠵᠢ ᠶᠢᠨ ᠡᠳᠦᠷ ᠲᠣᠲᠤᠮ ᠤᠨ ᠠᠵᠢᠯ ᠤᠨ ᠴᠤᠪᠤᠷᠠᠯ ᠶᠣᠰᠤᠭᠠᠷ᠂ ᠨᠡᠶᠢᠭᠡᠮ ᠲᠣᠭᠤᠷᠢᠭ ᠨᠢᠭᠡᠳᠦᠯᠳᠡᠢ ᠲᠤᠭ᠎ᠠ ᠪᠠᠷᠢᠮᠲᠠ ᠴᠤᠭᠯᠠᠭᠤᠯᠵᠤ ᠂ ᠪᠤᠰᠤᠳ ᠰᠠᠯᠠᠭ᠎ᠠ ᠮᠦᠴᠢᠷ ᠨᠢ ᠨᠡᠶᠢᠭᠡᠮ ᠲᠣᠭᠤᠷᠢᠭ ᠲᠤ ᠴᠤᠭᠯᠠᠭᠤᠯᠬᠤ ᠡᠭᠦᠷᠭᠡ ᠪᠠᠶᠢᠷᠢᠯᠠᠭᠤᠯᠬᠤ ᠪᠠᠨ ᠪᠤᠯᠢᠵᠦ᠂ ᠵᠦᠪᠬᠡᠨ ᠲᠤᠭ᠎ᠠ ᠪᠠᠷᠢᠮᠲᠠ ᠶᠢᠨ ᠬᠦᠮᠦᠷᠭᠡ ᠠᠴᠠ ᠲᠤᠭ᠎ᠠ ᠪᠠᠷᠢᠮᠲᠠ ᠭᠠᠷᠭᠠᠵᠤ ᠠᠪᠤᠪᠠᠯ ᠪᠣᠯᠴᠢᠬᠠᠨ᠎ᠠ᠂ ᠡᠨᠡ ᠨᠢ ᠨᠡᠶᠢᠭᠡᠮ ᠲᠣᠭᠤᠷᠢᠭ ᠤᠨ ᠠᠵᠢᠯ ᠤᠨ ᠬᠡᠮᠵᠢᠶ᠎ᠡ ᠶᠢ ᠶᠡᠬᠡᠪᠡᠷ ᠬᠦᠩᠭᠡᠯᠡᠵᠦ᠂ ᠲᠤᠭ᠎ᠠ ᠪᠠᠷᠢᠮᠲᠠ ᠶᠢᠨ ᠣᠨᠤᠪᠴᠢᠳᠤ ᠴᠢᠨᠠᠷ ᠢ ᠳᠡᠭᠡᠭᠰᠢᠯᠡᠭᠦᠯᠪᠡ᠃ ᠲᠠᠪᠴᠠᠩ ᠨᠢ ᠭᠤᠯᠳᠤ ᠴᠢᠭᠯᠡᠯ ᠤᠨ ᠳᠡᠭᠡᠳᠦ ᠱᠠᠲᠤᠨ ᠤ ᠲᠤᠬᠠᠶᠢᠯᠠᠭᠰᠠᠨ ᠠᠵᠢᠯ ᠤᠨ ᠰᠠᠯᠠᠭ᠎ᠠ ᠮᠦᠴᠢᠷ ᠢ ᠵᠤᠯᠭᠠᠯᠳᠤᠭᠤᠯᠵᠦ᠂ ᠱᠠᠭᠠᠷᠳᠠᠯᠭ᠎ᠠ ᠶᠣᠰᠣᠭᠠᠷ ᠲᠤᠭ᠎ᠠ ᠪᠠᠷᠢᠮᠲᠠ ᠶᠢᠨ ᠦᠢᠯᠡᠴᠢᠯᠡᠭᠡ ᠬᠠᠩᠭᠠᠪᠠ᠃ ᠲᠤᠭ᠎ᠠ ᠪᠠᠷᠢᠮᠲᠠ ᠶᠢᠨ ᠡᠬᠢ ᠪᠠᠶᠠᠯᠢᠭ ᠤᠨ ᠬᠦᠮᠦᠷᠭᠡ ᠨᠢ ᠣᠳᠤᠬᠠᠨ ᠳᠤ ᠪᠦᠬᠦ ᠬᠤᠲᠠ ᠶᠢᠨ ᠪᠠᠶᠢᠩᠭᠤ ᠰᠠᠭᠤᠭ᠎ᠠ ᠡᠷᠤᠬᠡ ᠠᠮᠠ᠂ ᠨᠡᠶᠢᠭᠡᠮ ᠤᠨ ᠳᠠᠭᠠᠳᠬᠠᠯ᠂ ᠲᠦᠯᠦᠪᠯᠡᠭᠡᠳᠦ ᠦᠷᠡᠵᠢᠯ᠂ ᠲᠡᠷᠭᠡ ᠬᠦᠰᠭᠡ᠂ ᠠᠭᠠᠷ ᠤᠨ ᠠᠶᠠᠯᠠᠯ ᠤᠨ ᠨᠢᠰᠤᠯᠳᠠ ᠵᠡᠷᠭᠡ ᠲᠤᠭ᠎ᠠ ᠪᠠᠷᠢᠮᠲᠠ ᠶᠢᠨ ᠡᠬᠢ ᠪᠠᠶᠠᠯᠢᠭ ᠢ ᠬᠠᠮᠤᠷᠴᠤ  ᠂ ᠬᠤᠲᠠ ᠲᠣᠭᠤᠷᠢᠭ ᠤᠨ ᠰᠠᠯᠠᠭ᠎ᠠ ᠮᠦᠴᠢᠷ ᠤᠨ ᠲᠣᠬᠠᠶᠢᠯᠠᠭᠰᠠᠨ ᠠᠵᠢᠯ ᠳᠤ ᠦᠢᠯᠡᠴᠢᠯᠡᠭᠡ ᠬᠠᠩᠭᠠᠵᠤ᠂ ᠲᠣᠬᠠᠶᠢᠯᠠᠪᠠᠯ ᠳᠣᠣᠷ᠎ᠠ ᠪᠠᠳᠤᠯᠠᠭ᠎ᠠ ᠶᠢᠨ ᠬᠢᠨᠠᠨ ᠵᠥᠪᠰᠢᠶᠡᠷᠡᠯ᠂ ᠶᠠᠳᠠᠭᠤ ᠶᠢ ᠳᠡᠳᠬᠦᠬᠦ᠂ ᠠᠵᠢᠯ ᠣᠯᠭᠤᠬᠤ᠂ ᠨᠡᠶᠢᠭᠡᠮ ᠤᠨ ᠳᠠᠭᠠᠳᠬᠠᠯ ᠵᠡᠷᠭᠡ ᠲᠣᠬᠠᠶᠢᠯᠠᠭᠰᠠᠨ ᠠᠵᠢᠯ ᠳᠤ  ᠳᠡᠮᠵᠢᠯᠭᠡ ᠬᠠᠩᠭᠠᠪᠠ᠃       ᠨᠦᠭᠦᠬᠡ ᠨᠢ  ᠤᠶᠤᠨᠳᠤ ᠬᠤᠳᠠ ᠶᠢᠨ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠠᠪᠴᠠᠩ ᠪᠤᠯᠤᠨ᠎ᠠ᠃ ᠮᠠᠨ ᠤ ᠬᠤᠲᠠ ᠨᠢ ᠬᠤᠲᠠ ᠲᠣᠭᠤᠷᠢᠭ ᠤᠨ ᠬᠤᠶᠠᠷ ᠱᠠᠲᠤᠨ ᠤ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠥᠪ ᠎ ᠢ ᠨᠢᠭᠡᠨᠲᠡ ᠪᠠᠶᠢᠭᠤᠯᠤᠭᠳᠠᠭᠰᠠᠨ ᠵᠠᠰᠠᠭ ᠵᠠᠬᠢᠷᠭᠠᠨ ᠤ ᠬᠢᠨᠠᠨ ᠵᠥᠪᠰᠢᠶᠡᠷᠡᠬᠦ ᠰᠢᠰᠲ᠋ᠧᠮ ᠎ ᠲᠠᠢ ᠨᠢᠭᠡᠳᠬᠡᠵᠦ᠂ ᠨᠢᠭᠡᠳᠦᠯᠳᠡᠢ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠠᠪᠴᠠᠩ ᠪᠠᠶᠢᠭᠤᠯᠤᠨ᠂ ᠵᠠᠰᠠᠭ ᠤᠨ ᠶᠠᠪᠤᠳᠠᠯ ᠤᠨ ᠲᠤᠭ᠎ᠠ ᠪᠠᠷᠢᠮᠲᠠ ᠶᠢᠨ ᠲᠥᠪ ᠢᠶᠠᠷ ᠳᠠᠮᠵᠢᠨ ᠡᠯ᠎ᠡ ᠵᠦᠪᠯᠡᠯ ᠠᠯᠪᠠᠨ ᠭᠡᠷ ᠲᠣᠪᠴᠢᠶ᠎ᠠ ᠶᠢᠨ ᠲᠤᠭ᠎ᠠ ᠪᠠᠷᠢᠮᠲᠠ ᠶᠢᠨ ᠭᠠᠭᠴᠠᠭᠠᠷᠳᠠᠯ ᠢ ᠦᠬᠡᠶᠢᠰᠭᠡᠵᠦ᠂ ᠬᠢᠨᠠᠨ ᠵᠥᠪᠰᠢᠶᠡᠷᠡᠬᠦ ᠲᠤᠭ᠎ᠠ ᠪᠠᠷᠢᠮᠲᠠ ᠶᠢ ᠬᠠᠷᠢᠯᠴᠠᠨ ᠨᠡᠪᠲᠡᠷᠡᠯᠴᠡᠨ ᠬᠠᠮᠲᠤ ᠪᠠᠷ ᠬᠦᠷᠳᠡᠬᠦ ᠶᠢ ᠪᠡᠶᠡᠯᠡᠭᠦᠯᠵᠦ᠂ ᠬᠤᠲᠠ ᠶᠢᠨ ᠠᠷᠠᠳ ᠤᠳ ᠣᠷᠣᠨ ᠪᠦᠰᠡ ᠠᠯᠤᠰᠯᠠᠨ ᠤᠴᠢᠷ  ᠶᠠᠪᠤᠳᠠᠯ ᠢ ᠬᠦᠢᠴᠡᠳᠭᠡᠵᠦ ᠪᠤᠯᠬᠤ ᠪᠤᠯᠭᠠᠪᠠ᠃ ᠡᠭᠦᠨ ᠤ ᠬᠠᠮᠲᠤ᠂ ᠲᠠᠪᠴᠠᠩ ᠨᠢ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠣᠬᠠᠶᠢᠯᠠᠭᠰᠠᠨ ᠠᠵᠢᠯ ᠤᠨ ᠦᠷᠭᠡᠵᠢᠬᠦ ᠴᠢᠨᠠᠷ ᠪᠠ ᠬᠤᠯᠪᠤᠭᠠᠯᠠᠨ ᠬᠦᠳᠡᠯᠦᠯᠴᠡᠬᠦ ᠴᠢᠨᠠᠷ ᠲᠠᠢ ᠪᠠᠶᠢᠵᠤ᠂ ᠵᠠᠰᠠᠭ ᠵᠠᠬᠢᠷᠭᠠᠨ ᠤ ᠬᠢᠨᠠᠨ ᠵᠥᠪᠰᠢᠶᠡᠷᠡᠬᠦ ᠵᠦᠢᠯᠡᠰ ᠢ ᠬᠡᠷᠡᠭ ᠡᠷᠬᠢᠯᠡᠬᠦ ᠭᠠᠵᠠᠷ᠂ ᠨᠡᠶᠢᠭᠡᠮ ᠲᠣᠭᠤᠷᠢᠭ ᠬᠦᠷᠲᠡᠯ᠎ᠡ ᠥᠷᠭᠡᠳᠭᠡᠨ ᠭᠦᠢᠴᠡᠳᠭᠡᠬᠦ ᠪᠤᠯᠭᠠᠵᠦ᠂ ᠬᠡᠷᠡᠭ ᠶᠠᠪᠤᠳᠠᠯ ᠭᠦᠢᠴᠡᠳᠭᠡᠬᠦ ᠴᠤᠪᠤᠷᠠᠯ ᠢ ᠬᠠᠮᠤᠭ ᠤᠨ ᠶᠡᠭᠡ ᠬᠡᠮᠵᠢᠶ᠎ᠡ ᠪᠠᠷ ᠪᠤᠭᠤᠨᠢᠰᠬᠠᠵᠦ᠂ ᠠᠷᠠᠳ ᠢᠷᠭᠡᠳ ᠤᠨ ᠤᠴᠢᠷ ᠶᠠᠪᠤᠳᠠᠯ ᠭᠦᠢᠴᠡᠳᠭᠡᠬᠦ ᠦᠷ᠎ᠡ ᠪᠦᠲᠦᠮᠵᠢ ᠶᠢ  ᠳᠡᠭᠡᠭᠰᠢᠯᠡᠭᠦᠯᠪᠠ᠃      ﹇ᠬᠦᠲᠦᠯᠦᠭᠴᠢ﹈  ᠤᠶᠤᠨᠳᠤ ᠬᠤᠲᠠ ᠠᠴᠠ ᠮᠡᠳᠡᠭᠡ ᠵᠠᠩᠭᠢ ᠪᠠᠷ ᠠᠷᠠᠳ ᠲᠤ ᠠᠰᠢᠭ ᠬᠦᠷᠳᠡᠬᠡᠬᠦ ᠬᠤᠲᠠ ᠪᠤᠯᠳᠠᠯ᠎ᠠ᠂ ᠲᠠᠨ ᠤ ᠦᠵᠡᠬᠦ ᠪᠠᠷ ᠦᠬᠠᠢ ᠬᠤᠲᠠ ᠶᠢᠨ ᠮᠡᠳᠡᠭᠡ ᠵᠠᠩᠭᠢᠵᠢᠯᠠᠯᠳᠠ ᠶᠢᠨ ᠪᠦᠲᠦᠭᠡᠨ ᠪᠠᠶᠢᠭᠤᠯᠤᠯᠲᠠ ᠳᠤ ᠪᠠᠰᠠ ᠶᠠᠮᠠᠷ ᠠᠰᠠᠭᠤᠳᠠᠯ ᠣᠷᠣᠰᠢᠵᠤ ᠪᠠᠶᠢᠭ᠎ᠠ ᠪᠤᠢ︖ ᠬᠡᠷᠬᠢᠨ ᠰᠢᠢᠳᠪᠦᠷᠢᠯᠡᠬᠦ ᠪᠤᠢ︖ ᠳᠠᠷᠠᠭᠠᠴᠢ ᠶᠢᠨ ᠠᠯᠬᠤᠮ ᠳᠤ᠂ ᠦᠬᠠᠢ ᠬᠤᠲᠠ ᠪᠠᠰᠠ ᠶᠠᠮᠠᠷ ᠶᠠᠩᠵᠤ ᠶᠢᠨ ᠲᠦᠷᠦᠯ ᠵᠦᠢᠯ ᠢ ᠪᠦᠲᠦᠭᠡᠨ ᠪᠠᠶᠢᠭᠤᠯᠵᠤ  ᠤᠶᠤᠨᠳᠤ ᠬᠤᠲᠠ ᠶᠢᠨ ᠪᠦᠲᠦᠭᠡᠨ ᠪᠠᠶᠢᠭᠤᠯᠤᠯᠲᠠ ᠶᠢ ᠪᠠᠶᠠᠯᠢᠭᠵᠢᠭᠤᠯᠬᠤ ᠪᠤᠢ︖      ﹇ ᠴᠢᠶᠠᠨ ᠵᠢᠶᠠᠨ ᠭᠦᠸᠧ﹈  ᠣᠷᠴᠢᠮ ᠤᠨ ᠵᠢᠯ ᠤᠳ ᠲᠤ᠂ ᠮᠠᠨ ᠤ ᠬᠤᠲᠠ ᠮᠡᠳᠡᠭᠡ ᠵᠠᠩᠭᠢ ᠪᠠᠷ ᠠᠷᠠᠳ ᠲᠤ ᠠᠰᠢᠭ ᠬᠦᠷᠳᠡᠭᠡᠬᠦ ᠠᠵᠢᠯ ᠤᠨ ᠲᠠᠯ᠎ᠠ ᠪᠠᠷ ᠨᠡᠯᠢᠶᠡᠳ ᠠᠮᠵᠢᠯᠲᠠ ᠤᠯᠪᠠ᠂ ᠭᠡᠪᠡᠴᠦ ᠪᠠᠰᠠ ᠰᠢᠢᠳᠪᠦᠷᠢᠯᠡᠬᠦ ᠴᠢᠬᠤᠯᠠᠲᠠᠢ ᠵᠠᠷᠢᠮ ᠠᠰᠠᠭᠤᠳᠠᠯ ᠪᠠ ᠬᠦᠴᠢᠷᠳᠡᠯ ᠮᠦᠨᠬᠦ ᠣᠷᠣᠰᠢᠵᠤ ᠪᠣᠢ᠄ ᠮᠡᠳᠡᠭᠡ ᠵᠠᠩᠭᠢ ᠶᠢᠨ ᠡᠬᠢ ᠪᠠᠶᠠᠯᠢᠭ ᠤᠨ ᠲᠠᠯ᠎ᠠ ᠪᠠᠷ ᠮᠦᠨᠬᠦ ᠬᠡᠰᠡᠭᠯᠡᠨ ᠬᠤᠪᠢᠶᠠᠵᠤ ᠪᠠᠶᠢᠭ᠎ᠠ ᠪᠠᠶᠢᠳᠠᠯ ᠣᠷᠣᠰᠢᠵᠤ᠂ ᠬᠤᠲᠠ ᠪᠠᠷ ᠪᠦᠬᠦᠯᠢ ᠴᠣᠭᠴᠠ ᠪᠣᠯᠭᠠᠭᠰᠠᠨ ᠮᠡᠳᠡᠭᠡ ᠵᠠᠩᠭᠢ ᠶᠢᠨ ᠡᠬᠢ ᠪᠠᠶᠠᠯᠢᠭ ᠢ ᠨᠢᠭᠡᠳᠭᠡᠬᠦ  ᠦᠯᠢᠭᠡᠷ ᠬᠡᠪ ᠨᠢ ᠳᠡᠭᠡᠳᠦ ᠱᠠᠲᠤᠨ ᠤ ᠡᠯ᠎ᠡ ᠭᠤᠯᠳᠤ ᠴᠢᠭᠯᠡᠯ ᠤᠨ ᠲᠣᠬᠠᠶᠢᠯᠠᠭᠰᠠᠨ ᠠᠵᠢᠯ ᠤᠨ ᠰᠠᠯᠠᠭ᠎ᠠ ᠮᠦᠴᠢᠷ ᠎ ᠯᠤᠭ᠎ᠠ ᠮᠡᠳᠡᠭᠡ ᠵᠠᠩᠭᠢ ᠶᠢᠨ ᠡᠬᠢ ᠪᠠᠶᠠᠯᠢᠭ ᠢ  ᠬᠠᠷᠢᠯᠴᠠᠨ ᠬᠠᠮᠲᠤᠪᠡᠷ ᠬᠦᠷᠳᠡᠬᠦ ᠪᠠ ᠨᠢᠭᠡᠳᠬᠡᠬᠦ ᠳᠤ ᠨᠡᠯᠢᠶᠡᠳ ᠶᠡᠭᠡ ᠬᠦᠴᠢᠷᠳᠠᠯ ᠲᠠᠢ ᠪᠠᠶᠢᠬᠤ ᠨᠢ  ᠮᠠᠨ ᠤ ᠬᠤᠲᠠ ᠶᠢᠨ ᠮᠡᠳᠡᠭᠡ ᠵᠠᠩᠭᠢ ᠪᠠᠷ ᠠᠷᠠᠳ ᠲᠤ ᠠᠰᠢᠭ ᠬᠦᠷᠳᠡᠭᠡᠬᠦ ᠠᠵᠢᠯ ᠳᠤ ᠲᠤᠯᠭᠠᠷᠠᠭᠰᠠᠨ ᠴᠢᠬᠤᠯᠠ ᠪᠣᠭᠤᠮᠢ ᠪᠠ ᠬᠦᠴᠢᠷᠳᠡᠯ ᠪᠣᠯᠣᠨ᠎ᠠ᠃ ᠳᠠᠷᠠᠭ᠎ᠠ ᠳᠤᠨᠢ᠂ ᠤᠯᠠᠮᠵᠢᠯᠠᠯᠲᠤ ᠲᠣᠬᠠᠶᠢᠯᠠᠭᠰᠠᠨ ᠠᠵᠢᠯ ᠳᠤ ᠰᠢᠨ᠎ᠡ ᠶᠢ ᠡᠭᠦᠳᠬᠦ ᠤᠬᠠᠮᠰᠠᠷ ᠲᠤᠲᠠᠭᠳᠠᠵᠤ᠂ ᠣᠳᠣ ᠦᠶ᠎ᠡ ᠶᠢᠨ ᠮᠡᠳᠡᠭᠡ ᠵᠠᠩᠭᠢ ᠶᠢᠨ ᠮᠡᠷᠭᠡᠵᠢᠯ ᠪᠠ ᠮᠡᠳᠡᠭᠡ ᠵᠠᠩᠭᠢ ᠶᠢᠨ ᠡᠬᠢ ᠪᠠᠶᠠᠯᠢᠭ ᠤᠨ ᠲᠤᠯᠭᠠᠭᠤᠷᠢᠯᠠᠯ ᠳᠣᠣᠷ᠎ᠠ᠂ ᠴᠤᠪᠤᠷᠠᠯ ᠨᠢ ᠪᠠᠰᠠ ᠯᠡ ᠶᠠᠷᠰᠢᠭ ᠪᠣᠳᠣᠯᠢᠶᠠᠨᠲᠠᠢ ᠪᠠᠶᠢᠵᠤ᠂ ᠴᠤᠪᠤᠷᠠᠯ ᠤᠨ ᠳᠠᠬᠢᠨ ᠡᠭᠦᠳᠬᠦ ᠴᠢᠬᠤᠯᠠᠲᠠᠢ ᠪᠠᠶᠢᠨ᠎ᠠ᠃ ᠡᠭᠦᠨ ᠤ ᠬᠠᠮᠲᠤ᠂ ᠰᠦᠯᠵᠢᠶ᠎ᠡ ᠶᠢᠨ ᠮᠡᠳᠡᠭᠡ ᠵᠠᠩᠭᠢ ᠶᠢᠨ ᠠᠮᠤᠷ ᠲᠦᠪᠰᠢᠨ ᠤ ᠤᠬᠠᠮᠰᠠᠷ ᠢᠶᠠᠨ ᠤᠯᠠᠮ ᠨᠢᠭᠡ ᠠᠯᠬᠤᠮ ᠴᠢᠩᠭᠠᠳᠬᠠᠬᠤ ᠴᠢᠬᠤᠯᠠᠲᠠᠢ ᠪᠠᠶᠢᠵᠤ᠂ ᠮᠡᠳᠡᠭᠡ ᠵᠠᠩᠭᠢ ᠶᠢᠨ ᠡᠬᠢ ᠪᠠᠶᠠᠯᠢᠭ ᠤᠨ ᠨᠢᠭᠤᠴᠠ ᠶᠢᠨ ᠬᠡᠮᠵᠢᠶ᠎ᠡ ᠳᠤ ᠨᠢᠭᠡᠳᠦᠯᠲᠡᠢ ᠪᠠᠷᠢᠮᠵᠢᠶ᠎ᠠ ᠪᠠ ᠪᠤᠳᠠᠲᠠᠢ ᠠᠵᠢᠯᠯᠠᠬᠤ ᠵᠦᠭᠯᠡᠭᠦᠷ ᠦᠭᠡᠢ ᠪᠠᠶᠢᠨ᠎ᠠ᠃       ᠮᠡᠳᠡᠭᠡ ᠵᠠᠩᠭᠢ ᠪᠠᠷ ᠠᠷᠠᠳ ᠲᠤ ᠠᠰᠢᠭ ᠬᠦᠷᠳᠡᠭᠡᠬᠦ ᠠᠵᠢᠯ ᠢ ᠦᠷᠨᠢᠬᠦᠯᠬᠦ ᠪᠠᠷ ᠳᠠᠮᠵᠢᠭᠤᠯᠤᠨ᠂  ᠮᠠᠨ ᠤ ᠬᠤᠲᠠ ᠬᠤᠲᠠ ᠪᠠᠷ ᠪᠦᠬᠦᠯᠢ ᠴᠣᠭᠴᠠ ᠪᠣᠯᠭᠠᠵᠤ᠂ ᠵᠠᠰᠠᠭ ᠤᠨ ᠶᠠᠪᠤᠳᠠᠯ ᠤᠨ ᠡᠭᠦᠯᠡᠨ ᠲᠥᠪ ᠪᠠ ᠲᠤᠮᠤ ᠲᠤᠭ᠎ᠠ ᠪᠠᠷᠢᠮᠲᠠ ᠶᠢᠨ ᠬᠠᠮᠢᠶᠠᠷᠤᠯᠲᠠ ᠶᠢᠨ ᠠᠷᠭ᠎ᠠ ᠪᠠᠷᠢᠯ ᠢᠶᠠᠷ ᠳᠠᠮᠵᠢᠨ᠂ ᠬᠡᠰᠡᠭᠯᠡᠨ ᠬᠤᠪᠢᠶᠠᠬᠤ ᠪᠠᠶᠢᠳᠠᠯ ᠢ ᠠᠯᠬᠤᠮ ᠠᠯᠬᠤᠮ ᠢᠶᠠᠷ ᠬᠤᠪᠢᠷᠠᠭᠤᠯᠵᠤ᠂ ᠬᠡᠰᠡᠭ ᠢᠶᠠᠷ ᠭᠤᠣᠯ ᠪᠣᠯᠭᠠᠨ᠂ ᠥᠨᠳᠦᠰᠦᠨ ᠱᠠᠳᠤᠨ ᠠᠴᠠ ᠨᠢᠭᠡᠳᠦᠯᠲᠡᠢ ᠲᠤᠭ᠎ᠠ ᠪᠠᠷᠢᠮᠲᠠ ᠴᠤᠭᠯᠠᠭᠤᠯᠵᠤ᠂ ᠡᠯ᠎ᠡ ᠰᠠᠯᠠᠭ᠎ᠠ ᠮᠦᠴᠢᠷ ᠤᠳ ᠲᠤᠭ᠎ᠠ ᠪᠠᠷᠢᠮᠲᠠ ᠶᠢ ᠬᠠᠮᠲᠤᠪᠠᠷ ᠬᠦᠷᠳᠡᠬᠦ ᠶᠢ ᠪᠡᠶᠡᠯᠡᠭᠦᠯᠦᠨ᠂ ᠮᠡᠳᠡᠭᠡ  ᠵᠠᠩᠭᠢᠵᠢᠯᠠᠯᠳᠠ ᠶᠢᠨ ᠴᠤᠪᠤᠷᠠᠯ ᠪᠠ ᠠᠵᠢᠯ ᠤᠨ ᠴᠤᠪᠤᠷᠠᠯ ᠢ ᠨᠢᠭᠡᠳᠤᠯᠲᠠᠢ ᠪᠠᠶᠢᠯᠭᠠᠵᠦ᠂ ᠥᠨᠳᠦᠰᠦᠨ ᠱᠠᠳᠤᠨ ᠤ ᠳᠠᠷᠣᠭᠠᠰᠤ ᠶᠢ ᠬᠥᠩᠭᠡᠯᠡᠨ᠂ ᠲᠤᠭ᠎ᠠ ᠪᠠᠷᠢᠮᠲᠠ ᠶᠢᠨ ᠣᠨᠣᠪᠴᠢ ᠶᠢᠨ ᠨᠣᠷᠮ᠎ᠠ ᠶᠢ ᠳᠡᠭᠡᠭᠰᠢᠯᠡᠭᠦᠯᠵᠦ᠂ ᠵᠠᠰᠠᠭ ᠤᠨ ᠣᠷᠳᠣᠨ ᠤ ᠰᠢᠢᠳᠪᠦᠷᠢᠲᠦ ᠪᠣᠳᠣᠯᠭ᠎ᠠ᠂ ᠣᠯᠠᠨ ᠨᠡᠶᠢᠲᠡ ᠶᠢᠨ ᠦᠢᠯᠡᠴᠢᠯᠡᠭᠡ᠂ ᠬᠤᠲᠠ ᠶᠢᠨ ᠬᠠᠮᠢᠶᠠᠷᠤᠯᠲᠠ ᠳᠤ ᠲᠦᠰᠢᠭ ᠲᠤᠯᠭᠠᠭᠤᠷᠢ ᠬᠠᠩᠭᠠᠬᠤ ᠬᠡᠷᠡᠭᠲᠡᠢ ᠪᠠᠶᠢᠨ᠎ᠠ᠃ ᠪᠦᠬᠦ ᠬᠤᠲᠠ ᠶᠢᠨ ᠰᠦᠯᠵᠢᠶᠡᠨ ᠤ ᠠᠮᠤᠷ ᠲᠦᠪᠰᠢᠨ ᠤ ᠰᠢᠰᠲ᠋ᠧᠮᠵᠢ ᠶᠢ ᠨᠢᠭᠡᠳᠦᠯᠳᠡᠢ ᠲᠦᠯᠦᠪᠵᠢᠭᠦᠯᠦᠡ ᠪᠠᠶᠢᠭᠤᠯᠵᠤ᠂ ᠠᠮᠤᠷ ᠲᠦᠪᠰᠢᠨ ᠢ ᠤᠷᠢᠳᠴᠢᠯᠠᠨ ᠰᠡᠷᠭᠡᠶᠢᠯᠡᠬᠦ ᠤᠬᠠᠮᠰᠠᠷ ᠢ ᠳᠡᠭᠡᠭᠰᠢᠯᠡᠭᠦᠯᠦᠨ᠎ᠡ︔ ᠮᠡᠳᠡᠭᠡ ᠵᠠᠩᠬᠢᠵᠢᠯᠠᠯᠳᠠ ᠶᠢᠨ ᠰᠡᠳᠬᠢᠬᠦᠢ ᠶᠢ ᠰᠢᠨᠡᠴᠢᠯᠡᠵᠦ᠂ ᠲᠤᠮᠤ ᠲᠤᠭ᠎ᠠ ᠪᠠᠷᠢᠮᠲᠠ ᠵᠡᠷᠭᠡ ᠰᠢᠨ᠎ᠡ ᠮᠡᠷᠭᠡᠵᠢᠯ ᠤᠨ ᠠᠷᠭ᠎ᠠ ᠪᠠᠷᠢᠯ ᠢ ᠭᠦᠢᠴᠡᠳ ᠠᠰᠢᠭᠯᠠᠨ᠂ ᠲᠣᠬᠠᠶᠢᠯᠠᠭᠰᠠᠨ ᠠᠵᠢᠯ ᠤᠨ ᠭᠡᠷᠡᠭ ᠶᠠᠪᠤᠳᠠᠯ ᠭᠦᠢᠴᠡᠳᠬᠡᠬᠦ ᠴᠤᠪᠤᠷᠠᠯ ᠢ ᠰᠢᠯᠢᠳᠡᠭᠵᠢᠬᠦᠯᠬᠦ ᠪᠠ ᠰᠢᠨᠡᠴᠢᠯᠡᠵᠦ᠂ ᠮᠡᠳᠡᠭᠡ ᠵᠠᠩᠭᠢ ᠶᠢᠨ ᠡᠬᠢ ᠪᠠᠶᠠᠯᠢᠭ ᠢ ᠠᠭᠤᠳᠠᠯᠠᠨ᠂ ᠠᠷᠠᠳ ᠲᠤ  ᠤᠴᠢᠷ  ᠶᠠᠪᠤᠳᠠᠯ ᠢ ᠨᠢ ᠰᠢᠢᠳᠪᠤᠷᠢᠯᠠᠵᠦ ᠦᠭᠬᠦ ᠪᠦᠳᠦᠮᠵᠢ ᠶᠢ ᠦᠨᠡᠨᠬᠦ ᠳᠡᠭᠡᠭᠰᠢᠯᠡᠭᠦᠯᠦᠨ᠎ᠠ᠃       2015 —2017 ᠣᠨ ᠪᠤᠯᠬᠤ ᠳᠤ᠂  ᠪᠢᠳᠡ ᠨᠡᠶᠢᠭᠡᠮ ᠤᠨ ᠪᠠᠳᠤᠯᠠᠭ᠎ᠠ ᠶᠢ ᠨᠢᠭᠡᠯᠡ ᠺᠠᠷᠲ ᠎ ᠢᠶᠠᠷ ᠨᠡᠪᠳᠡᠷᠡᠬᠦᠯᠬᠦ ᠲᠦᠷᠦᠯ ᠵᠦᠢᠯ ᠢ ᠲᠦᠯᠬᠢᠨ ᠠᠬᠢᠭᠤᠯᠵᠤ᠂ ᠪᠠᠶᠢᠭᠤᠯᠤᠭᠰᠠᠨ ᠤ ᠰᠡᠭᠦᠯᠡᠷ᠂ ᠬᠤᠲᠠ ᠶᠢᠨ ᠠᠷᠠᠳ ᠤᠨ ᠺᠠᠷᠲ ᠳᠤ ᠬᠤᠲᠠ ᠶᠢᠨ ᠠᠷᠠᠳ ᠤᠨ ᠮᠡᠳᠡᠭᠡ ᠵᠠᠩᠭᠢ ᠶᠢ ᠬᠠᠳᠠᠭᠠᠯᠠᠬᠤ ᠪᠤᠯᠭᠠᠵᠦ᠂ ᠪᠡᠶ᠎ᠡ ᠶᠢᠨ ᠭᠠᠷᠤᠯ ᠎ ᠢ ᠳᠤᠳᠤᠯᠬᠤ᠂ ᠡᠯᠧᠺᠲᠷᠤᠨ ᠭᠡᠷᠡᠴᠢ ᠪᠠᠷᠢᠮᠲᠠ᠂ ᠮᠡᠳᠡᠭᠡ ᠵᠠᠩᠭᠢ  ᠎ ᠶᠢᠨ ᠯᠠᠪᠯᠠᠭ᠎ᠠ ᠪᠠ ᠡᠯᠧᠺᠲᠷᠤᠨ ᠴᠥᠩᠬᠦ ᠵᠡᠷᠭᠡ ᠴᠢᠳᠠᠮᠵᠢ ᠶᠢ ᠪᠡᠶᠡᠯᠡᠭᠦᠯᠵᠦ᠂ ᠬᠤᠲᠠ ᠶᠢᠨ ᠠᠷᠠᠳ ᠤᠳ ᠲᠤ  ᠭᠠᠳᠠᠭᠰᠢ ᠠᠶᠠᠯᠠᠬᠤ᠂ ᠪᠡᠶ᠎ᠡ ᠶᠢᠨ ᠭᠠᠷᠤᠯ ᠢ ᠲᠣᠳᠣᠯᠬᠤ᠂ ᠰᠠᠭᠤᠭᠠᠯᠢ ᠠᠷᠠᠳ ᠤᠨ ᠡᠷᠡᠭᠦᠯ ᠮᠠᠨᠳᠤ ᠡᠮ ᠡᠮᠨᠡᠯᠭᠡ᠂ ᠴᠦᠬᠡᠨ ᠲᠣᠭᠠᠨ ᠤ ᠵᠣᠭᠤᠰ ᠥᠭᠬᠦ᠂ ᠠᠷᠠᠳ ᠲᠤ ᠠᠰᠢᠭ ᠬᠦᠷᠳᠡᠭᠡᠯ ᠤᠨ ᠣᠯᠭᠤᠮᠵᠢ ᠲᠠᠷᠬᠠᠭᠠᠬᠤ ᠵᠢᠴᠢ ᠪᠠᠩᠬᠢ ᠶᠢᠨ ᠬᠠᠮ ᠬᠡᠷᠡᠭᠯᠡᠭᠡ ᠵᠡᠷᠭᠡ ᠳᠦᠬᠦᠮ ᠳᠦᠳᠡ ᠣᠯᠠᠨ ᠨᠡᠶᠢᠲᠡ ᠶᠢᠨ ᠦᠢᠯᠡᠴᠢᠯᠡᠭᠡ ᠬᠠᠩᠭᠠᠨ᠎ᠠ᠃       ᠡᠭᠦᠨ ᠠᠴᠠ ᠭᠠᠳᠠᠨ᠎ᠠ᠂ ᠡᠮ ᠡᠮᠨᠡᠯᠭᠡ ᠡᠷᠡᠭᠦᠯ ᠬᠠᠮᠠᠭᠠᠯᠠᠯ᠂  ᠨᠠᠰᠤᠳᠠᠨ ᠤ ᠠᠰᠠᠷᠠᠯ᠂ ᠰᠤᠷᠭᠠᠨ ᠬᠥᠮᠦᠵᠢᠯ᠂ ᠢᠳᠡᠭᠡᠨ ᠤ ᠠᠮᠤᠷ ᠲᠦᠪᠰᠢᠨ ᠵᠡᠷᠭᠡ ᠲᠠᠯ᠎ᠠ ᠪᠠᠷ ᠪᠢᠳᠡ ᠪᠠᠰᠠ ᠮᠡᠳᠡᠭᠡ ᠵᠠᠩᠭᠢᠵᠢᠯᠠᠯᠳᠠ ᠶᠢᠨ ᠠᠷᠠᠳ ᠲᠤ ᠳᠥᠭᠦᠮ ᠦᠵᠡᠭᠦᠯᠬᠦ ᠡᠷᠴᠢᠮ ᠢ ᠴᠢᠩᠭᠠᠯᠠᠨ᠎ᠠ᠃ ᠬᠦᠲᠦᠯᠦᠭᠴᠢ ᠵᠢᠴᠢ ᠰᠦᠯᠵᠢᠶᠡᠨ ᠤ ᠠᠨᠳᠠ ᠨᠠᠷ ᠮᠠᠨ ᠤ ᠦᠬᠠᠢ ᠬᠤᠲᠠ ᠳᠤ ᠢᠷᠡᠵᠤ᠂ ᠮᠠᠨ ᠤ ᠮᠡᠳᠡᠭᠡ ᠵᠠᠩᠬᠢᠵᠢᠯᠠᠯᠳᠠ ᠶᠢᠨ ᠣᠷᠴᠢᠨ ᠪᠠᠶᠢᠳᠠᠯ ᠢ ᠠᠮᠳᠠᠷᠬᠠᠨ ᠰᠤᠨᠢᠷᠬᠠᠬᠤ ᠶᠢ ᠪᠢ ᠴᠢᠩ  ᠰᠡᠳᠬᠢᠯ ᠠᠴᠠ ᠪᠠᠨ ᠤᠷᠢᠨ ᠵᠠᠯᠠᠵᠤ ᠪᠤᠢ᠃      ﹇ᠰᠦᠯᠵᠢᠶᠡᠨ ᠤ ᠠᠨᠳᠠ  ᠬᠤᠸᠠ ᡁᠢ ᠼᠢ﹈ ᠴᠢᠶᠠᠨ ᠡᠷᠬᠢᠯᠡᠭᠴᠢ ᠡ᠂ ᠲᠠ ᠰᠠᠶᠢᠨ ᠪᠠᠶᠢᠨ᠎ᠠ ᠤᠤ  ︕ ᠪᠢ ᠪᠣᠯ ᠦᠬᠠᠢ ᠶᠢᠨ ᠬᠥᠮᠥᠨ ᠪᠠᠶᠢᠨ᠎ᠠ᠂ ᠭᠠᠳᠠᠷ ᠣᠷᠣᠨ ᠳᠤ ᠰᠣᠷᠤᠯᠴᠠᠵᠤ ᠪᠣᠢ᠂ ᠪᠢ ᠮᠠᠨ ᠤ ᠨᠤᠲᠤᠭ ᠲᠤ ᠣᠳᠣ ᠶᠡᠭᠡ ᠰᠤᠷᠭᠠᠭᠤᠯᠢ ᠶᠢᠨ ᠰᠤᠷᠤᠭᠴᠢ ᠶᠢ ᠳᠡᠮᠵᠢᠨ ᠠᠵᠢᠯ ᠣᠯᠭᠤᠬᠤ ᠲᠣᠬᠠᠢ ᠰᠢᠰᠲ᠋ᠧᠮ ᠪᠠᠶᠢᠬᠤ ᠡᠰᠡᠬᠦ ᠶᠢ ᠤᠶᠢᠯᠠᠭᠠᠶ᠎ᠠ ᠬᠡᠵᠦ ᠪᠣᠳᠣᠵᠤ ᠪᠠᠶᠢᠨ᠎ᠠ᠃      ﹇ᠴᠢᠶᠠᠨ ᠵᠢᠶᠠᠨ ᠭᠦᠸᠧ﹈ ᠰᠦᠯᠵᠢᠶᠡᠨ ᠤ ᠡᠨᠡ ᠠᠨᠳᠠ ᠠᠰᠠᠭᠤᠳᠠᠯ ᠳᠤᠷᠠᠳᠤᠭᠰᠠᠨ ᠳᠤ ᠲᠠᠯᠠᠷᠬᠠᠵᠤ ᠪᠠᠶᠢᠨ᠎ᠠ᠃ ᠢᠢᠮᠤ  ᠰᠢᠰᠲ᠋ᠧᠮ ᠪᠠᠶᠢᠨ᠎ᠠ᠂ ᠬᠤᠯᠪᠤᠭᠳᠠᠯ ᠪᠦᠬᠦᠢ ᠮᠡᠳᠡᠭᠡ ᠵᠠᠩᠭᠢ ᠶᠢ ᠲᠠ ᠦᠬᠠᠢ ᠬᠤᠲᠠ ᠶᠢᠨ ᠠᠵᠢᠯ ᠣᠯᠭᠤᠯᠲᠠ ᠶᠢᠨ ᠲᠣᠪᠴᠢᠶ᠎ᠠ ᠶᠢᠨ ᠰᠦᠯᠵᠢᠶᠡᠨ ᠳᠡᠭᠡᠷ᠎ᠡ ᠠᠰᠠᠭᠤᠨ ᠯᠠᠪᠯᠠᠵᠤ ᠪᠣᠯᠣᠨ᠎ᠠ᠂ ᠠᠵᠢᠯᠲᠠᠨ ᠡᠯᠰᠡᠬᠦ ᠬᠤᠯᠪᠣᠭᠳᠠᠯ ᠪᠦᠬᠦᠢ ᠲᠥᠷᠥ ᠶᠢᠨ ᠪᠣᠳᠣᠯᠭ᠎ᠠ ᠬᠠᠤᠯᠢ ᠲᠣᠭᠲᠠᠭᠠᠯ ᠪᠠᠶᠢᠬᠤ ᠪᠠᠷ ᠪᠠᠷᠠᠬᠤ ᠦᠭᠡᠢ  ᠪᠠᠰᠠ ᠠᠵᠢᠯᠲᠠᠨ ᠡᠯᠰᠡᠬᠦ ᠨᠢᠭᠡᠴᠡ ᠶᠢᠨ ᠮᠡᠳᠡᠭᠡ ᠵᠠᠩᠭᠢ  ᠪᠠᠶᠢᠨ᠎ᠠ᠂ ᠡᠭᠦᠨ ᠤ ᠬᠠᠮᠲᠤ ᠲᠠ ᠪᠠᠰᠠ ᠥᠪᠡᠷ ᠤᠨ ᠠᠵᠢᠯ ᠭᠤᠶᠤᠴᠢᠯᠠᠬᠤ ᠮᠡᠳᠡᠭᠡ ᠵᠠᠩᠭᠢ ᠪᠠᠨ ᠨᠡᠶᠢᠳᠡᠯᠡᠪᠡᠯ᠂ ᠲᠠᠨ ᠤ ᠠᠵᠢᠯ ᠣᠯᠬᠤ ᠳᠤ  ᠲᠤᠰᠠ ᠳᠠᠮ ᠦᠵᠡᠭᠦᠯᠬᠦ ᠪᠠᠶᠢᠬ᠎ᠠ᠃      ﹇ᠰᠦᠯᠵᠢᠶᠡᠨ ᠤ ᠠᠨᠳᠠ  ᠬᠠᠢ ᠨᠠ ᠪᠠᠢ ᠴᠤᠸᠠᠨ﹈  ᠬᠤᠲᠠ ᠶᠢᠨ ᠬᠠᠮᠢᠶᠠᠷᠤᠯᠲᠠ ᠪᠣᠯ ᠡᠵᠡᠮᠰᠢᠬᠦ ᠳᠤ ᠨᠡᠯᠢᠶᠡᠳ ᠬᠦᠴᠢᠷᠲᠠᠢ ᠠᠵᠢᠯ ᠪᠣᠯᠣᠨ᠎ᠠ᠂ ᠣᠳᠣᠬᠠᠨ ᠳᠤ ᠡᠨᠡ ᠠᠰᠠᠭᠤᠳᠠᠯ ᠢ ᠤᠯᠠᠨ ᠬᠦᠮᠤᠨ ᠶᠠᠷᠢᠯᠴᠠᠭᠠᠵᠦ ᠪᠠᠶᠢᠨ᠎ᠠ᠂ ᠡᠨᠡ ᠠᠰᠠᠭᠤᠳᠠᠯ ᠢ ᠮᠡᠳᠡᠭᠡ ᠵᠠᠩᠭᠢᠵᠢᠯᠠᠯᠳᠠ ᠶᠢᠨ ᠠᠷᠭ᠎ᠠ ᠪᠠᠷ ᠰᠢᠢᠳᠪᠦᠷᠢᠯᠡᠵᠦ ᠳᠡᠶᠢᠯᠤᠨ᠎ᠠ ᠤᠤ︖ ᠦᠬᠡᠢ ᠤᠤ  ︖      ﹇ᠴᠢᠶᠠᠨ ᠵᠢᠶᠠᠨ ᠭᠦᠸᠧ﹈ ᠡᠨᠡ ᠠᠰᠠᠭᠤᠳᠠᠯ ᠢ ᠮᠡᠳᠡᠭᠡ ᠵᠠᠩᠭᠢᠵᠢᠯᠠᠯᠳᠠ ᠶᠢᠨ ᠠᠷᠭ᠎ᠠ ᠪᠠᠷ ᠰᠢᠢᠳᠪᠦᠷᠢᠯᠡᠵᠦ ᠳᠡᠶᠢᠯᠤᠨ᠎ᠠ᠂ ᠦᠨᠡᠨᠳᠡᠭᠡᠨ ᠬᠤᠲᠠ ᠶᠢᠨ ᠬᠠᠮᠢᠶᠠᠷᠤᠯᠲᠠ ᠨᠢ ᠵᠦᠪᠬᠡᠨ ᠠᠯᠢ ᠨᠢᠭᠡᠨ ᠰᠠᠯᠠᠭ᠎ᠠ ᠮᠦᠴᠢᠷ ᠤᠨ ᠡᠭᠦᠷᠭᠡ ᠬᠠᠷᠢᠭᠤᠴᠠᠯᠭ᠎ᠠ ᠪᠠᠶᠢᠬᠤ ᠶᠣᠰᠣ ᠦᠭᠡᠢ᠂ ᠮᠠᠨ ᠤ ᠬᠤᠲᠠ ᠶᠢᠨ ᠠᠷᠠᠳ ᠪᠣᠯᠭᠠᠨ ᠪᠦᠷᠢ ᠣᠷᠣᠯᠴᠠᠬᠤ ᠶᠤᠰᠣᠲᠠᠢ᠃ ᠡᠨᠡ ᠰᠢᠯᠲᠠᠭᠠᠨ ᠢ ᠥᠨᠳᠦᠰᠦᠯᠡᠨ᠂ ᠪᠢᠳᠡᠨ  ︽12345︾ ᠬᠤᠲᠠ ᠶᠢᠨ ᠠᠷᠠᠳ ᠲᠤ ᠦᠢᠯᠡᠴᠢᠯᠡᠬᠦ ᠰᠢᠭᠤᠳ ᠤᠲᠠᠰᠣ ᠪᠠ ᠬᠤᠲᠠ ᠶᠢᠨ ᠬᠠᠮᠢᠶᠠᠷᠤᠯᠲᠠ ᠶᠢᠨ ᠳᠤᠭᠠᠴᠠᠭᠠᠯᠠᠭᠰᠠᠨ ᠲᠠᠪᠴᠠᠩ ᠪᠠᠶᠢᠭᠤᠯᠵᠤ᠂ ᠳᠤᠭᠠᠴᠠᠭᠠᠯᠠᠭᠰᠠᠨ‌ᠬᠤᠲᠠ ᠶᠢᠨ ᠬᠠᠮᠢᠶᠠᠷᠤᠯᠲᠠ ᠶᠢᠨ ᠠᠰᠠᠭᠤᠳᠠᠯ ᠢ ᠬᠤᠲᠠ ᠶᠢᠨ ᠬᠠᠮᠢᠶᠠᠷᠤᠯᠲᠠ ᠶᠢᠨ ᠲᠤᠭᠤᠷᠢᠨ ᠪᠠᠶᠢᠴᠠᠭᠠᠭᠴᠢ ᠢᠯᠡᠷᠡᠭᠦᠯᠵᠦ ᠪᠣᠯᠬᠤ ᠪᠠᠷ ᠪᠠᠷᠠᠬᠤ ᠦᠭᠡᠢ᠂ ᠪᠠᠰᠠ ᠬᠤᠲᠠ ᠶᠢᠨ ᠠᠷᠠᠳ ᠤᠨ ᠳ᠋ᠢᠶᠠᠩᠬᠤᠸᠠ ᠶᠢᠨ ᠠᠷᠭ᠎ᠠ ᠬᠡᠯᠪᠡᠷᠢ ᠪᠠᠷ ᠳᠠᠮᠵᠢᠨ ᠰᠢᠢᠳᠪᠦᠷᠢᠯᠡᠵᠦ ᠪᠤᠯᠬᠤ ᠪᠤᠯᠭᠠᠪᠠ᠃ ᠡᠭᠦᠨ ᠤ ᠬᠠᠮᠲᠤ᠂ ᠮᠠᠨ ᠤ ᠦᠬᠠᠢ ᠬᠤᠲᠠ ᠨᠢᠭᠡᠳᠦᠮᠡᠯ ᠳᠦᠷᠰᠦᠲᠦ ᠪᠢᠴᠢᠯᠭᠡ ᠶᠢᠨ ᠲᠥᠪ ᠪᠠᠶᠢᠭ᠎ᠠ ᠪᠣᠯᠬᠤᠷ᠂ ᠪᠦᠬᠦ ᠬᠤᠲᠠ ᠳᠤ ᠪᠠᠶᠢᠭᠤᠯᠤᠭᠰᠠᠨ ᠳᠦᠷᠰᠦᠲᠦ ᠪᠢᠴᠢᠯᠭᠡ ᠪᠠᠷ ᠬᠢᠨᠠᠨ ᠡᠵᠡᠮᠳᠡᠯ‌ᠨᠢ ᠬᠤᠲᠠ ᠲᠣᠭᠤᠷᠢᠭ ᠤᠨ ᠭᠤᠣᠯ ᠬᠡᠰᠡᠭ ᠎ ᠢ ᠪᠦᠷᠭᠦᠭᠰᠡᠨ ᠠᠴᠠ᠂ ᠬᠠᠤᠯᠢ ᠬᠡᠷᠡᠭᠵᠢᠭᠦᠯᠬᠦ ᠢᠯᠡ ᠲᠣᠳᠣ ᠴᠢᠨᠠᠷ ᠴᠤ ᠪᠠᠲᠤᠯᠠᠭ᠎ᠠ ᠲᠠᠢ ᠪᠣᠯᠣᠭᠰᠠᠨ ᠪᠠᠶᠢᠨ᠎ᠠ᠃      ﹇ᠬᠦᠲᠦᠯᠦᠭᠴᠢ﹈ ᠥᠷᠭᠡᠨ ᠣᠯᠠᠨ ᠰᠦᠯᠵᠢᠶᠡᠨ ᠤ ᠠᠨᠳᠠ ᠨᠠᠷ ᠤᠨ ᠢᠳᠡᠪᠬᠢᠲᠠᠢ ᠣᠷᠣᠯᠴᠠᠭᠰᠠᠨ ᠳᠤ ᠲᠠᠯᠠᠷᠬᠠᠵᠤ ᠪᠣᠢ᠂ ᠮᠦᠨ ᠴᠤ ᠴᠢᠶᠠᠨ ᠡᠷᠬᠢᠯᠡᠭᠴᠢ ᠶᠢᠨ ᠠᠰᠠᠭᠤᠯᠳᠠ ᠶᠢ ᠬᠠᠯᠠᠰᠢᠷᠠᠯ ᠦᠭᠡᠢ ᠪᠠᠷ ᠬᠠᠷᠢᠭᠤᠯᠵᠤ ᠦᠭᠭᠦᠭᠰᠡᠨ ᠳᠤ ᠲᠠᠯᠠᠷᠬᠠᠵᠤ ᠪᠠᠶᠢᠨ᠎ᠠ᠃  ᠠᠳᠡ ᠦᠬᠠᠢ ᠬᠤᠲᠠ ᠮᠡᠳᠡᠭᠡ ᠵᠠᠩᠭᠢ ᠪᠠᠷ ᠠᠷᠠᠳ ᠲᠤ ᠠᠰᠢᠭ ᠬᠦᠷᠳᠡᠭᠡᠬᠦ ᠲᠠᠯ᠎ᠠ ᠪᠠᠷ ᠠᠵᠢᠯ ᠢᠶᠠᠨ ᠤᠯᠠᠮ ᠰᠠᠶᠢᠨ ᠬᠢᠵᠦ᠂ ᠵᠠᠰᠠᠭ ᠤᠨ ᠣᠷᠳᠣᠨ ᠤ ᠣᠯᠠᠨ ᠨᠡᠶᠢᠲᠡ ᠳᠤ ᠦᠢᠯᠡᠴᠢᠯᠡᠬᠦ ᠬᠢᠷᠢ ᠲᠥᠪᠰᠢᠨ ᠪᠠ ᠨᠡᠶᠢᠭᠡᠮ ᠤᠨ ᠬᠠᠮᠢᠶᠠᠷᠤᠯᠲᠠ ᠶᠢᠨ ᠴᠢᠳᠠᠪᠤᠷᠢ ᠶᠢᠨ ᠲᠠᠰᠤᠷᠠᠯᠲᠠ ᠦᠭᠡᠢ ᠳᠡᠭᠡᠭᠰᠢᠯᠡᠬᠦ ᠶᠢ ᠵᠦᠩᠨᠡᠵᠦ ᠪᠠᠶᠢᠨ᠎ᠠ᠃ ᠡᠭᠦᠨ ᠤ ᠬᠠᠮᠲᠤ ᠪᠠᠰᠠ ᠮᠠᠨ ᠤ ᠣᠷᠣᠨ  ᠴᠢᠨᠠᠭᠰᠢᠯᠠᠪᠠᠯ ᠪᠦᠬᠦ ᠤᠯᠤᠰ ᠤᠨ ᠬᠡᠪᠴᠢᠶᠡᠨ ᠳᠤ ᠡᠷᠳᠡᠬᠡᠨ ᠳᠡᠯᠭᠡᠷᠡᠭᠦᠯᠵᠦ᠂ ᠨᠡᠩ ᠣᠯᠠᠨ ᠠᠷᠠᠳ ᠲᠥᠮᠡᠨ ᠳᠤ ᠠᠰᠢᠭ ᠬᠦᠷᠳᠡᠭᠡᠬᠦ ᠪᠤᠯᠳᠤᠭᠠᠢ︕ ᠴᠠᠭ ᠤᠨ ᠬᠠᠷᠠᠭ᠎ᠠ ᠠᠴᠠ ᠪᠣᠯᠵᠤ᠂ ᠥᠨᠥᠳᠦᠷ ᠤᠨ ᠰᠣᠷᠪᠣᠯᠵᠢᠯᠠᠭ᠎ᠠ ᠪᠠᠨ ᠠᠳᠡ  ᠬᠦᠷᠥᠬᠡᠳ ᠦᠨᠳᠤᠷᠯᠠᠶ᠎ᠡ᠂ ᠳᠠᠷᠠᠭᠠᠴᠢ ᠶᠢᠨ ᠫᠷᠤᠭ᠍ᠷᠠᠮ ᠳᠤ ᠪᠠᠶᠠᠷᠳᠠᠢ ᠵᠣᠯᠭᠠᠶ᠎ᠠ︕
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号
Baidu
map